ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠨᠠᠢ᠍ᠮᠠ> Элсэнд булагдсан сувдаа – П.Оюунгэрэл <8>
ᠨᠠᠢ᠍ᠮᠠ
— ᠰᠦ ᠠᠪᠤᠶ᠎ᠠ᠃
— ᠬᠡᠳᠦᠢ ᠠᠪᠬᠤ ᠪᠣᠢ?
— ᠳᠦᠭᠦᠷᠭᠡᠴᠢᠬᠡ ᠳᠡ᠂ ᠴᠠᠯᠢᠩ ᠢ᠋ᠶ᠋ᠠᠨ ᠢᠷᠡᠬᠦᠯᠡᠷ ᠪᠦᠬᠦᠨ ᠢ᠋ ᠪᠣᠳᠣᠶ᠎ᠠ᠃
— ᠴᠢᠨᠦ ᠳᠠᠩᠰᠠ ᠴᠦ᠍ ᠨᠡᠯᠢᠶᠡᠳ ᠪᠣᠯᠴᠢᠬᠠᠯ᠎ᠠ ᠰᠢᠦ᠂ ᠨᠢᠭᠡ ᠴᠠᠢᠷᠠᠭᠤᠯᠵᠤ ᠥᠭᠭᠦᠮᠡᠷ ᠰᠠᠨ ᠳᠠ ᠭᠡᠵᠦ ᠱᠠᠯᠬᠠᠭᠠᠷ ᠲᠠᠷᠭᠤᠨ ᠬᠢᠲᠠᠳ ᠠᠪᠠᠭᠠᠢ ᠪᠠᠬᠠᠨ ᠲᠠᠭᠠᠯᠠᠮᠵᠢ ᠦᠭᠡᠢ ᠥᠭᠦᠯᠡᠭᠡᠳ
— ᠰᠦ ᠬᠤᠳᠠᠯᠳᠤᠨ ᠠᠪᠬᠤ ᠮᠥᠩᠭᠥ ᠬᠦᠷᠬᠦ ᠦᠭᠡᠢ ᠶᠦᠮ ᠭᠡᠵᠦ ᠳᠠᠪᠲᠠᠪᠠ᠃
— ᠲᠡᠢᠮᠦ ᠠ᠋᠂ ᠲᠡᠢᠮᠦ᠂ ᠤᠳᠠᠬᠤ ᠦᠭᠡᠢ ᠠᠷᠭᠠᠯᠠᠵᠤ ᠥᠭᠭᠦᠶ᠎ᠡ ᠭᠡᠵᠦ ᠭᠠᠪᠢᠷ᠎ᠠ ᠴᠢᠷᠠᠢ ᠪᠠᠨ ᠤᠯᠠᠢᠯᠭᠠᠨ ᠥᠭᠦᠯᠡᠪᠡ᠃ ᠯᠣᠩᠬᠣ ᠲᠠᠢ ᠰᠦ ᠪᠡᠨ ᠲᠡᠪᠡᠷᠢᠭᠡᠳ ᠶᠠᠪᠤᠬᠤ ᠳ᠋ᠤ᠌ ᠰᠦ ᠨᠢ ᠤᠯᠠᠮ ᠢ᠋ᠶ᠋ᠠᠷ ᠬᠦᠨᠳᠦᠷᠡᠵᠦ ᠪᠠᠢᠬᠤ ᠰᠢᠭ᠋ ᠰᠠᠨᠠᠭᠳᠠᠪᠠ᠃ ᠭᠡᠷ ᠲᠡᠭᠡᠨ ᠣᠷᠣᠵᠤ ᠬᠡᠳᠦᠨ ᠬᠡᠦᠬᠡᠳ ᠢ᠋ᠶ᠋ᠡᠨ ᠳᠠᠭᠤᠳᠠᠨ ᠪᠣᠰᠬᠠᠵᠤ ᠤᠬᠢᠶᠠᠵᠤ ᠴᠡᠪᠡᠷᠯᠡᠨ ᠨᠡᠯᠢᠶᠡᠳ ᠶᠠᠭᠠᠷᠠᠭᠠᠳ ᠬᠣᠭᠣᠯᠠᠨ ᠤ᠋ ᠪᠠᠨ ᠳᠤᠭᠤᠷᠠᠭ ᠮᠣᠳᠣᠨ ᠰᠢᠷᠡᠭᠡ ᠲᠠᠯᠪᠢᠨ᠂ ᠬᠡᠦᠬᠡᠳ ᠲᠡᠭᠡᠨ ᠬᠠᠯᠠᠭᠤᠨ ᠪᠤᠳᠠᠭᠠᠨ ᠳᠡᠭᠡᠷ᠎ᠡ ᠨᠢ ᠬᠦᠢᠲᠡᠨ ᠰᠦ ᠬᠢᠵᠦ ᠢᠳᠡᠭᠦᠯᠪᠡ᠃ ᠲᠡᠷᠡ ᠥᠪᠡᠷ ᠢ᠋ᠶ᠋ᠡᠨ ᠬᠣᠳᠣᠭᠣᠳᠣ ᠮᠠᠭᠤ ᠪᠣᠯᠬᠣᠷ ᠰᠦ ᠳᠡᠮᠡᠢ ᠵᠣᠬᠢᠷᠠᠳᠠᠭ ᠦᠭᠡᠢ᠂ ᠬᠠᠭᠠᠰ ᠠᠶᠠᠭ᠎ᠠ ᠪᠤᠳᠠᠭᠠᠨ ᠳᠡᠭᠡᠷ᠎ᠡ ᠬᠠᠯᠠᠭᠤᠨ ᠤᠰᠤ ᠬᠢᠵᠦ ᠳᠠᠪᠤᠰᠤ ᠲᠠᠢ ᠨᠣᠭᠣᠭ᠎ᠠ ᠵᠠᠭᠤᠵᠤ ᠢᠳᠡᠨ᠎ᠡ᠃ ᠠᠯᠢᠶ᠎ᠠ ᠦᠭᠡᠨᠴᠢᠷ ᠬᠣᠶᠠᠳᠤᠭᠠᠷ ᠥᠬᠢᠨ ᠨᠢ
— ᠪᠢ ᠡᠮᠧ ᠶ᠋ᠢᠨ ᠬᠢᠭᠰᠡᠨ ᠰᠢᠷᠠᠭᠰᠠᠨ ᠲᠠᠬᠢᠶ᠎ᠠ ᠵᠢᠭᠠᠰᠤ ᠶ᠋ᠢ ᠢᠳᠡᠶ᠎ᠡ ᠭᠡᠵᠦ ᠰᠠᠨᠠᠵᠤ ᠪᠠᠢᠨ᠎ᠠ᠃ ᠴᠢ ᠢᠳᠡᠶ᠎ᠡ ᠭᠡᠵᠦ ᠪᠣᠳᠣᠵᠤ ᠪᠠᠢᠨ᠎ᠠ ᠤᠤ? ᠭᠡᠵᠦ ᠥᠬᠢᠨ ᠳᠡᠭᠦᠦ ᠡᠴᠡ ᠪᠡᠨ ᠠᠰᠠᠭᠤᠨ᠎ᠠ᠃
— ᠪᠣᠳᠣᠬᠤ ᠦᠭᠡᠢ ᠶᠠᠭᠠᠬᠢᠬᠤᠪ᠂ ᠪᠦᠷ ᠢᠳᠡᠵᠦ ᠪᠠᠢᠨ᠎ᠠ ᠭᠡᠵᠦ ᠵᠡᠭᠦᠳᠦᠯᠡᠭᠰᠡᠨ ᠰᠢᠦ ᠭᠡᠳ ᠳᠡᠭᠦᠦ ᠨᠢ ᠤᠷᠤᠭᠤᠯ ᠢ᠋ᠶ᠋ᠠᠨ ᠲᠠᠮᠰᠢᠶᠠᠯᠠᠪᠠ᠃
— ᠪᠢ ᠡᠮᠧ ᠶ᠋ᠢᠨ ᠬᠢᠭᠰᠡᠨ ᠭᠣᠶᠣ ᠱᠥᠯᠥ ᠲᠡᠢ ᠪᠤᠤᠰᠠ ᠶ᠋ᠢ ᠢᠳᠡᠶ᠎ᠡ ᠭᠡᠵᠦ ᠪᠣᠳᠣᠵᠤ ᠪᠠᠢᠨ᠎ᠠ ᠭᠡᠳ ᠵᠢᠭᠠᠯ ᠬᠦᠦ ᠨᠢ ᠰᠢᠯᠦᠰᠦ ᠪᠡᠨ ᠭᠤᠷᠳ᠋ ᠬᠢᠲᠡᠯ᠎ᠡ ᠵᠠᠯᠭᠢᠪᠠ᠃ ᠠᠷᠪᠠ ᠬᠦᠷᠴᠦ ᠤᠬᠠᠭᠠᠨ ᠣᠷᠣᠵᠤ ᠪᠠᠢᠭ᠎ᠠ ᠶᠡᠬᠡ ᠥᠬᠢᠨ ᠨᠢ ᠳᠡᠭᠦᠦ ᠨᠠᠷ ᠢ᠋ᠶ᠋ᠠᠨ ᠭᠢᠯᠤᠢᠨ ᠬᠠᠷᠠᠵᠤ
— ᠬᠣᠪᠳᠣᠭ ᠶᠠᠭᠤᠮᠠᠰ ᠢ᠋ ᠬᠠᠷ᠎ᠠ ᠯᠠ ᠳᠠ᠂ ᠡᠮᠧ ᠶ᠋ᠢᠨ ᠴᠠᠯᠢᠩ ᠪᠠᠭᠤᠬᠤ ᠦᠭᠡᠢ ᠪᠣᠯ ᠶᠠᠭᠤ ᠪᠠᠷ ᠢ᠋ᠶ᠋ᠠᠨ ᠲᠠᠨᠠᠷ ᠲᠤ᠌ ᠢᠳᠡᠭᠦᠯᠬᠦ ᠶᠦᠮ ᠪᠣᠢ? ᠭᠡᠨ᠎ᠡ᠃ ᠭᠠᠪᠢᠷ᠎ᠠ᠂ ᠬᠡᠦᠬᠡᠳ ᠦ᠋ᠳ ᠢ᠋ᠶ᠋ᠡᠨ ᠦᠷᠦ ᠡᠪᠡᠳᠦᠩᠭᠦᠢ ᠬᠠᠷᠠᠵᠤ
— ᠴᠠᠯᠢᠩ ᠢ᠋ᠶ᠋ᠠᠨ ᠪᠠᠭᠤᠮᠠᠭᠴᠠ ᠡᠮᠧ ᠨᠢ ᠲᠠᠨᠠᠷ ᠲᠤ᠌ ᠰᠠᠨᠠᠭᠰᠠᠨ ᠪᠦᠬᠦᠨ ᠢ᠋ ᠴᠢᠨᠢ ᠬᠢᠵᠦ ᠢᠳᠡᠭᠦᠯᠦᠶ᠎ᠡ ᠭᠡᠵᠦ ᠠᠷᠭᠠᠳᠠᠪᠠ᠃ ᠦᠨᠡᠨᠳᠡᠭᠡᠨ ᠡᠨᠡ ᠨᠢ ᠬᠡᠦᠬᠡᠳ ᠦ᠋ᠳ ᠢ᠋ᠶ᠋ᠡᠨ ᠬᠠᠭᠤᠷᠴᠤ ᠪᠠᠢᠭ᠎ᠠ ᠲᠡᠳᠦᠢ᠃ ᠬᠡᠳᠦᠨ ᠰᠠᠷ᠎ᠠ ᠪᠣᠯᠤᠭᠠᠳ ᠨᠢᠭᠡ ᠤᠳᠠᠭ᠎ᠠ ᠲᠠᠯᠪᠢᠳᠠᠭ ᠴᠠᠯᠢᠩ ᠢ᠋ᠶ᠋ᠠᠷ ᠢ᠋ᠶ᠋ᠠᠨ ᠤᠷᠢᠳ ᠢ᠋ᠶ᠋ᠠᠷ ᠵᠢᠭᠡᠯᠡᠵᠦ ᠤᠷᠢᠳᠴᠢᠯᠠᠭᠰᠠᠨ ᠥᠷᠢ ᠪᠡᠨ ᠪᠤᠴᠠᠭᠠᠨ᠎ᠠ᠃ ᠦᠯᠡᠳᠡᠭᠰᠡᠨ ᠢ᠋ᠶ᠋ᠡᠷ ᠨᠢ ᠠᠷᠭᠠᠯ ᠲᠦᠯᠡᠰᠢ ᠪᠠᠵᠠᠭᠠᠵᠤ᠂ ᠬᠡᠦᠬᠡᠳ ᠦ᠋ᠳ ᠦ᠋ᠨ ᠢ᠋ᠶ᠋ᠡᠨ ᠨᠢᠴᠦᠭᠦᠨ ᠬᠥᠯ ᠢ᠋ ᠪᠥᠭᠯᠡᠬᠦ ᠬᠡᠷᠡᠭᠲᠡᠢ᠃ ᠬᠤᠪᠴᠠᠰᠤ ᠬᠤᠨᠠᠷ ᠪᠣᠯ ᠭᠠᠢᠭᠤᠢ᠂ ᠶᠡᠬᠡ ᠶ᠋ᠢᠨ ᠬᠢ ᠶ᠋ᠢ ᠨᠢ ᠪᠠᠭ᠎ᠠ ᠳ᠋ᠤᠨᠢ ᠵᠠᠰᠠᠭᠠᠳ ᠥᠭᠴᠢᠬᠡᠨᠡ᠃ ᠶᠡᠬᠡ ᠳ᠋ᠦ᠍ᠨᠢ ᠥᠪᠡᠷ ᠦ᠋ᠨ ᠬᠠᠭᠤᠴᠢᠨ ᠬᠤᠪᠴᠠᠰᠤ ᠪᠠᠨ ᠵᠠᠰᠠᠭᠠᠳ ᠡᠮᠦᠰᠬᠡᠴᠢᠬᠡᠨᠡ᠃ ᠬᠡᠦᠬᠡᠳ ᠦ᠋ᠳ ᠡᠳᠦᠷᠵᠢᠨ ᠭᠦᠶᠦᠬᠦ ᠪᠣᠯᠬᠣᠷ ᠠᠷᠪᠠ ᠬᠣᠨᠣᠬᠤ ᠦᠭᠡᠢ ᠨᠢᠭᠡ ᠱᠠᠬᠠᠢ ᠤᠷᠠᠵᠤ ᠬᠠᠶᠠᠨ᠎ᠠ᠃ ᠲᠡᠭᠡᠬᠦᠯᠡᠷ ᠬᠡᠦᠬᠡᠳ ᠦ᠋ᠳ ᠲᠡᠭᠡᠨ ᠱᠠᠬᠠᠢ ᠢᠯᠡᠭᠦᠦ ᠬᠡᠳᠦ ᠶ᠋ᠢ ᠪᠡᠯᠡᠳᠬᠡᠵᠦ ᠲᠠᠯᠪᠢᠬᠤ ᠬᠡᠷᠡᠭᠲᠡᠢ ᠪᠠᠢᠳᠠᠭ᠃ ᠲᠡᠷᠡ ᠦᠶ᠎ᠡ ᠳ᠋ᠦ᠍ ᠭᠠᠭᠴᠠ ᠭᠠᠪᠢᠷ᠎ᠠ ᠶ᠋ᠢᠨ ᠬᠢ ᠡᠢᠮᠦ ᠪᠢᠰᠢ᠂ ᠠᠮᠢᠳᠤᠷᠠᠯ ᠬᠦᠴᠢᠷ ᠲᠡᠢ ᠣᠯᠠᠨ ᠬᠡᠦᠬᠡᠳ ᠲᠡᠢ ᠠᠢᠯ ᠤ᠋ᠳ ᠶᠡᠷᠦ ᠳ᠋ᠡᠭᠡᠨ ᠯᠡ ᠡᠢᠮᠦ ᠪᠠᠢᠳᠠᠭ ᠠᠵᠢ᠃
ᠡᠯ᠎ᠡ ᠰᠤᠷᠭᠠᠭᠤᠯᠢ ᠶ᠋ᠢᠨ ᠵᠠᠬᠢᠷᠤᠯ ᠠᠯᠢ ᠪᠣᠯᠬᠣᠷ ᠪᠠᠭᠰᠢᠨᠠᠷ ᠤ᠋ᠨ ᠢ᠋ᠶ᠋ᠠᠨ ᠬᠦᠴᠢᠷᠳᠡᠯ ᠢ᠋ ᠰᠢᠢᠳᠪᠦᠷᠢᠯᠡᠬᠦ ᠭᠡᠵᠦ ᠶᠠᠩᠵᠤ ᠪᠦᠷᠢ ᠶ᠋ᠢᠨ ᠠᠷᠭ᠎ᠠ ᠬᠡᠮᠵᠢᠶ᠎ᠡ ᠠᠪᠴᠤ ᠪᠠᠢᠯ᠎ᠠ᠃ ᠬᠤᠪᠢ ᠬᠥᠮᠦᠨ ᠦ᠌ ᠠᠮᠤ ᠬᠦᠨᠡᠰᠦᠨ ᠦ᠌ ᠳᠡᠯᠭᠡᠭᠦᠷ ᠲᠡᠢ ᠬᠠᠷᠢᠯᠴᠠᠨ ᠰᠤᠷᠭᠠᠭᠤᠯᠢ ᠶ᠋ᠢᠨ ᠲᠠᠮᠠᠭ᠎ᠠ ᠲᠠᠢ ᠴᠠᠭᠠᠨ ᠪᠠᠷᠢᠮᠲᠠ ᠪᠠᠷ ᠪᠤᠳᠠᠭ᠎ᠠ ᠭᠤᠯᠢᠷ᠂ ᠮᠢᠬ᠎ᠠ ᠲᠣᠰᠣ᠂ ᠥᠨᠳᠡᠭᠡ ᠵᠢᠮᠢᠰ ᠵᠡᠷᠭᠡ ᠶ᠋ᠢ ᠵᠢᠭᠡᠯᠡᠭᠡ ᠪᠡᠷ ᠠᠪᠴᠤ ᠥᠭᠭᠦᠨ ᠴᠠᠯᠢᠩ ᠨᠢ ᠢᠷᠡᠬᠦᠯᠡᠷ ᠰᠠᠭᠤᠯᠭᠠᠨ ᠪᠣᠳᠣᠵᠤ ᠠᠪᠤᠨ᠎ᠠ᠃ ᠨᠡᠭᠦᠷᠡᠰᠦ ᠲᠦᠯᠡᠰᠢᠨ ᠳ᠋ᠡᠭᠡᠨ ᠵᠥᠪ ᠦᠭᠡᠢ ᠪᠣᠯᠤᠭᠰᠠᠨ ᠵᠠᠷᠢᠮ ᠤ᠋ᠳ ᠲᠤᠨᠢ ᠮᠥᠨ ᠡᠢᠮᠦᠷᠬᠦᠦ ᠠᠷᠭ᠎ᠠ ᠪᠠᠷ ᠲᠦᠷ ᠴᠠᠭ ᠤ᠋ᠨ ᠠᠰᠠᠭᠤᠳᠠᠯ ᠤ᠋ᠳ ᠢ᠋ ᠰᠢᠢᠳᠪᠦᠷᠢᠯᠡᠵᠦ ᠥᠭᠳᠡᠭ ᠪᠠᠢᠭᠰᠠᠨ ᠨᠢ ᠭᠠᠴᠢᠭᠳᠠᠭᠰᠠᠨ ᠬᠥᠮᠦᠰ ᠲᠦ᠍ ᠵᠥᠩᠳᠡᠭᠡᠨ ᠲᠤᠰᠠ ᠳᠠᠮ ᠪᠣᠯᠵᠤ ᠪᠠᠢᠭᠰᠠᠨ ᠪᠢᠯᠡ᠃ ᠡᠢᠮᠦ ᠶᠦᠮ ᠴᠢᠨᠢ ᠭᠠᠪᠢᠷ᠎ᠠ ᠳ᠋ᠤ᠌ ᠬᠡᠦᠬᠡᠳ ᠦ᠋ᠳ ᠲᠡᠭᠡᠨ ᠬᠠᠮᠢᠭᠠᠠ᠋ᠴᠠ ᠰᠢᠷᠠᠭᠰᠠᠨ ᠲᠠᠬᠢᠶ᠎ᠠ ᠵᠢᠭᠠᠰᠤ ᠢᠳᠡᠭᠦᠯᠬᠦ ᠮᠥᠩᠭᠥ ᠦᠯᠡᠳᠡᠬᠦ ᠪᠢᠯᠡ᠃ ᠠᠮᠠᠯᠠᠯᠲᠠ ᠪᠠᠨ ᠪᠡᠶᠡᠯᠡᠭᠦᠯᠬᠦ ᠭᠡᠵᠦ ᠴᠢᠷᠮᠠᠢᠨ ᠨᠣᠭᠣᠭ᠎ᠠ ᠭᠣᠣᠯᠳᠠᠭᠤ ᠱᠥᠯᠦᠨ ᠲᠣᠰᠣ ᠪᠠᠷ ᠠᠮᠲᠠᠯᠠᠭᠰᠠᠨ ᠪᠤᠤᠰᠠ ᠪᠠᠩᠰᠢ ᠬᠢᠵᠦ ᠰᠠᠢᠨ ᠨᠢᠭᠡ ᠴᠠᠳᠬᠠᠭᠠᠳ ᠳᠠᠬᠢᠭᠠᠳ ᠯᠠ ᠳᠠᠷᠠᠭᠠᠴᠢ ᠶ᠋ᠢᠨ ᠢᠷᠡᠬᠦ ᠴᠠᠯᠢᠩ ᠢ᠋ᠶ᠋ᠠᠨ ᠬᠦᠯᠢᠶᠡᠬᠦ ᠤᠷᠲᠤ ᠡᠳᠦᠷ ᠦ᠋ᠳ ᠡᠬᠢᠯᠡᠨ᠎ᠡ᠃
ᠲᠩᠷᠢ ᠨᠡᠲᠦᠢᠨ ᠪᠣᠷᠣᠭᠠᠨ ᠮᠥᠨ ᠬᠦ᠌ ᠰᠢᠪᠡᠷᠡᠭᠰᠡᠭᠡᠷ᠃ ᠭᠠᠪᠢᠷ᠎ᠠ᠂ ᠭᠤᠷᠪᠠᠨ ᠥᠬᠢᠨ ᠢ᠋ᠶ᠋ᠡᠨ ᠰᠤᠷᠭᠠᠭᠤᠯᠢ ᠳ᠋ᠤᠨᠢ ᠶᠠᠪᠤᠭᠤᠯᠤᠭᠠᠳ᠂ ᠬᠦᠦ ᠪᠡᠨ ᠪᠤᠯᠤ ᠶ᠋ᠢᠨ ᠢ᠋ᠶ᠋ᠡᠨ ᠠᠷᠤ ᠳ᠋ᠤ᠌ ᠰᠤᠨᠳᠠᠯᠠᠨ ᠰᠤᠷᠭᠠᠭᠤᠯᠢ ᠵᠦᠭ ᠢ᠋ᠶ᠋ᠡᠨ ᠵᠢᠷᠢᠢᠯᠭᠡᠵᠦ ᠭᠠᠷᠤᠯ᠎ᠠ᠃ ᠰᠥᠨᠢᠵᠢᠨ ᠤᠨᠲᠠᠭᠰᠠᠨ ᠦᠭᠡᠢ ᠡᠴᠡ ᠴᠢᠷᠠᠢ ᠨᠢ ᠬᠤᠵᠢᠢᠵᠤ᠂ ᠨᠢᠳᠦ ᠨᠢ ᠰᠦᠮᠡᠢᠵᠦ᠂ ᠭᠡᠷ ᠦ᠋ᠨ ᠢ᠋ᠶ᠋ᠡᠨ ᠣᠷᠣᠢ ᠶ᠋ᠢ ᠶᠠᠭᠠᠬᠢᠵᠤ ᠪᠥᠭᠯᠡᠬᠦ ᠪᠢᠯᠡ ᠭᠡᠮᠡᠨ ᠪᠣᠳᠣᠵᠤ ᠶᠠᠪᠤᠨ᠎ᠠ᠃
ᠥᠷᠯᠥᠭᠡᠨ ᠦ᠌ ᠬᠣᠰᠢᠭᠤ ᠷᠠᠳᠢᠣ᠋ ᠲᠧᠯᠸᠢᠰ ᠬᠣᠷᠢᠶᠠᠨ ᠤ᠋ ᠡᠷᠲᠡ ᠶ᠋ᠢᠨ ᠮᠡᠳᠡᠭᠡᠨ ᠳ᠋ᠦ᠍ ᠬᠤᠰᠢᠭᠤᠨ ᠤ᠋ ᠵᠢᠷᠭᠤᠭᠠᠨ ᠪᠠᠭ ᠤ᠋ᠨ ᠳᠠᠷᠤᠭ᠎ᠠ ᠨᠠᠷ ᠪᠣᠷᠣᠭᠠᠨ ᠤ᠋ ᠳᠤᠮᠳᠠᠭᠤᠷ ᠴᠤᠪᠠ ᠤᠰᠤᠨ ᠭᠤᠲᠤᠯ ᠡᠮᠦᠰᠴᠢᠬᠡᠭᠰᠡᠨ ᠦᠶᠡᠷ ᠤᠰᠤᠨ ᠤ᠋ ᠪᠠᠢᠳᠠᠯ ᠢ᠋ ᠣᠢᠯᠠᠭᠠᠨ ᠠᠢᠯ ᠡᠷᠦᠬᠡ ᠪᠡᠷ ᠶᠠᠪᠤᠵᠤ ᠪᠠᠢᠭ᠎ᠠ ᠶ᠋ᠢ ᠰᠦᠷᠡᠬᠡᠢ ᠶᠠᠭᠤᠮ᠎ᠠ ᠪᠣᠯᠭᠠᠨ ᠮᠡᠳᠡᠭᠡᠯᠡᠵᠦ ᠪᠠᠢᠭᠰᠠᠨ ᠪᠣᠯᠪᠠᠴᠤ ᠭᠡᠷ ᠨᠢ ᠭᠣᠭᠣᠵᠢᠵᠤ ᠣᠷᠣᠢ ᠨᠢ ᠴᠥᠮᠥᠷᠡᠨ ᠣᠷᠣᠭᠰᠠᠨ ᠨᠡᠯᠢᠶᠡᠳ ᠠᠢᠯ ᠤ᠋ᠳ ᠪᠠᠢᠭᠰᠠᠨ ᠤ᠋ ᠠᠯᠢᠨ ᠳ᠋ᠤᠨᠢ ᠴᠤ᠌ ᠲᠠᠭᠠᠷᠠᠵᠤ ᠣᠷᠣᠭ᠎ᠠ ᠦᠭᠡᠢ ᠨᠢ ᠶᠡᠬᠡ ᠰᠣᠨᠢᠨ᠃ ᠨᠡᠩ ᠴᠦ᠍ ᠭᠠᠪᠢᠷ᠎ᠠ ᠪᠣᠯ ᠪᠠᠯᠭᠠᠰᠤᠨ ᠤ᠋ ᠪᠠᠨ ᠪᠠᠷᠠᠭᠤᠨ ᠬᠣᠢᠨ᠎ᠠ ᠬᠣᠰᠢᠭᠤ ᠳᠠᠷᠤᠭ᠎ᠠ ᠨᠠᠷ ᠤ᠋ᠨ ᠰᠠᠯᠬᠢᠨ ᠳᠣᠣᠷ᠎ᠠ ᠰᠠᠭᠤᠳᠠᠭ ᠪᠥᠭᠡᠳ ᠲᠡᠳᠡᠨ ᠦ᠌ ᠬᠣᠢᠰᠢ ᠤᠷᠤᠭᠰᠢ ᠶᠠᠪᠤᠳᠠᠭ ᠶᠡᠬᠡ ᠵᠡᠭᠡᠯᠢ ᠶ᠋ᠢᠨ ᠬᠠᠵᠠᠭᠤᠬᠠᠨ ᠲᠠᠯ᠎ᠠ ᠳ᠋ᠤ᠌ ᠪᠠᠭᠰᠢᠨᠠᠷ ᠤ᠋ᠨ ᠲᠥᠪᠯᠡᠷᠡᠭᠰᠡᠨ ᠰᠠᠭᠤᠴᠠ ᠳ᠋ᠤ᠌ ᠪᠠᠢᠳᠠᠭ ᠠᠵᠢ᠃ ᠨᠢᠯᠬ᠎ᠠ ᠬᠡᠦᠬᠡᠳ ᠦ᠋ᠳ ᠲᠡᠢ ᠪᠡᠨ ᠰᠥᠨᠢᠵᠢᠨ ᠰᠠᠪᠠ ᠰᠠᠭᠤᠯᠠᠭ᠎ᠠ ᠪᠠᠷ ᠭᠠᠳᠠᠭᠰᠢ ᠪᠠᠨ ᠤᠰᠤ ᠵᠥᠭᠡᠭᠡᠵᠦ ᠪᠠᠢᠬᠤ ᠳ᠋ᠤ᠌ ᠳᠠᠷᠤᠭ᠎ᠠ ᠨᠠᠷ ᠮᠢᠨᠢ ᠬᠠᠮᠢᠭᠠᠭᠤᠷ ᠨᠢ ᠭᠠᠷᠤᠭᠠᠳ ᠶᠠᠪᠤᠴᠢᠬᠠᠭᠰᠠᠨ ᠶᠤᠮ ᠳᠠ ᠭᠡᠵᠦ ᠪᠣᠳᠣᠭᠠᠳ ᠭᠠᠪᠢᠷ᠎ᠠ ᠶ᠋ᠢᠨ ᠢᠨᠢᠶᠡᠳᠦ ᠬᠦᠷᠪᠡ᠃
ᠲᠡᠷᠡ᠂ ᠠᠯᠪᠠᠨ ᠳ᠋ᠠᠭᠠᠨ ᠣᠴᠢᠭᠠᠳ ᠬᠠᠮᠲᠤ ᠠᠵᠢᠯᠯᠠᠭᠰᠠᠳ ᠲᠠᠭᠠᠨ ᠥᠩᠭᠡᠷᠡᠭᠴᠢ ᠰᠥᠨᠢ ᠪᠣᠷᠣᠭᠠᠨ ᠭᠣᠭᠣᠵᠢᠵᠤ ᠭᠡᠷ ᠢ᠋ᠶ᠋ᠡᠷ ᠢ᠋ᠶ᠋ᠡᠨ ᠨᠣᠢᠷ ᠦᠭᠡᠢ ᠬᠣᠨᠣᠭᠰᠠᠨ᠂ ᠭᠡᠷ ᠦ᠋ᠨ ᠬᠠᠮᠤᠭ ᠶᠠᠭᠤᠮ᠎ᠠ ᠨᠢ ᠨᠣᠷᠴᠤ ᠴᠢᠭᠢᠭᠲᠦᠭᠰᠡᠨ᠂ ᠭᠠᠯ ᠨᠣᠴᠣᠭᠠᠬᠤ ᠠᠷᠭᠠᠯ ᠴᠤ᠌ ᠦᠭᠡᠢ ᠪᠣᠯᠤᠭᠰᠠᠨ ᠢ᠋ᠶ᠋ᠠᠨ ᠶᠠᠷᠢᠬᠤ ᠳ᠋ᠤ᠌᠂ ᠠᠬᠠᠮᠠᠳ ᠪᠠᠭᠰᠢ ᠭᠠᠵᠢᠳ ᠭᠤᠸᠠᠢ᠂ ᠰᠠᠢᠨ ᠨᠠᠢᠵᠠ ᠰᠢᠯᠢᠩᠬᠤᠸᠠ᠂ ᠦᠷᠴᠠᠢᠬᠤ ᠵᠡᠷᠭᠡ ᠠᠷᠪᠠᠭᠠᠳ ᠪᠠᠭᠰᠢ ᠮᠥᠩᠭᠥ ᠵᠣᠭᠣᠰ ᠢ᠋ᠶ᠋ᠠᠨ ᠢᠯᠡᠭᠦᠴᠢᠯᠡᠨ ᠭᠠᠷᠭᠠᠵᠤ ᠭᠡᠷ ᠦ᠋ᠨ ᠣᠷᠣᠢ ᠶ᠋ᠢ ᠨᠢ ᠸᠠᠭᠠᠷᠯᠠᠵᠤ ᠥᠭᠬᠦ ᠪᠡᠷ ᠪᠣᠯᠪᠠ᠃ ᠰᠠᠢᠬᠠᠨ ᠰᠡᠳᠬᠢᠯ ᠲᠡᠢ ᠡᠳᠡᠭᠡᠷ ᠪᠠᠭᠰᠢᠨᠠᠷ ᠨᠢ ᠥᠨᠥᠴᠢᠨ ᠪᠡᠯᠪᠡᠰᠦᠨ ᠣᠯᠠᠨ ᠬᠡᠦᠬᠡᠳ ᠲᠡᠢ ᠭᠠᠪᠢᠷ᠎ᠠ ᠶ᠋ᠢ ᠭᠠᠴᠢᠭᠳᠠᠵᠤ ᠶᠠᠳᠠᠷᠠᠬᠤ ᠦᠶ᠎ᠡ ᠳ᠋ᠦ᠍ᠨᠢ ᠬᠡᠵᠢᠶᠡᠳᠡ ᠬᠠᠯᠠᠮᠵᠢ ᠶ᠋ᠢᠨ ᠬᠠᠯᠠᠭᠤᠨ ᠭᠠᠷ ᠢ᠋ᠶ᠋ᠠᠨ ᠰᠤᠩᠭᠠᠵᠤ᠂ ᠡᠳ᠋ ᠪᠣᠳᠠᠰ ᠵᠣᠭᠣᠰ ᠢ᠋ᠶ᠋ᠠᠷ ᠲᠤᠰᠠᠯᠠᠨ ᠳᠡᠮᠵᠢᠳᠡᠭ ᠠᠵᠢ᠃ ᠬᠡᠦᠬᠡᠳ ᠪᠣᠯᠤᠨ ᠥᠪᠡᠷ ᠦ᠋ᠨ ᠪᠡᠶ᠎ᠡ ᠨᠢ ᠡᠪᠡᠳᠴᠦ ᠨᠢᠭᠡ ᠦᠶ᠎ᠡ ᠲᠤᠢᠯ ᠢ᠋ᠶ᠋ᠠᠷ ᠭᠠᠴᠢᠭᠳᠠᠵᠤ ᠪᠠᠢᠬᠤ ᠳ᠋ᠤ᠌ ᠮᠥᠨ ᠬᠦ᠌ ᠡᠳᠡᠭᠡᠷ ᠪᠠᠭᠰᠢᠨᠠᠷ ᠣᠯᠠᠨ ᠢ᠋ ᠳᠠᠢᠴᠢᠯᠠᠨ ᠪᠡᠯᠡ ᠮᠥᠩᠭᠥ ᠬᠤᠷᠠᠮᠳᠤᠭᠤᠯᠵᠤ ᠲᠤᠰᠠᠯᠠᠵᠤ ᠪᠠᠢᠭᠰᠠᠨ ᠪᠢᠯᠡ᠃ ᠲᠡᠭᠡᠬᠦᠯᠡᠷ ᠭᠠᠪᠢᠷ᠎ᠠ ᠬᠠᠮᠲᠤ ᠠᠵᠢᠯᠯᠠᠭᠰᠠᠳ ᠪᠣᠯᠤᠨ ᠨᠠᠢᠵᠠ ᠨᠠᠷ ᠲᠠᠭᠠᠨ《ᠣᠯᠠᠨ ᠤ᠋ ᠮᠢᠨᠢ ᠬᠠᠯᠠᠮᠵᠢ ᠳᠡᠮᠵᠢᠯᠭᠡ ᠪᠠᠢᠭᠰᠠᠨ ᠦᠭᠡᠢ ᠪᠣᠯ ᠮᠢᠨᠦ ᠥᠨᠥᠳᠥᠷ ᠴᠦ᠍ ᠪᠠᠢᠬᠤ ᠦᠭᠡᠢ᠃ ᠨᠢᠭᠡ ᠬᠥᠮᠦᠨ ᠬᠡᠴᠢᠨᠡᠨ ᠴᠢᠳᠠᠯ ᠲᠠᠢ ᠪᠠᠢᠯ᠎ᠠ ᠴᠤ᠌ ᠬᠠᠮᠢᠭ᠎ᠠ ᠬᠦᠷᠬᠦ ᠪᠣᠢ᠂ ᠬᠠᠷᠢᠨ ᠣᠯᠠᠨ ᠲᠠᠢ ᠪᠠᠨ ᠪᠠᠢᠬᠤ ᠰᠠᠢᠬᠠᠨ ᠠ᠋》 ᠭᠡᠮᠡᠨ ᠦᠷᠭᠦᠯᠵᠢ ᠶᠠᠷᠢᠳᠠᠭ ᠪᠠᠢᠯ᠎ᠠ᠃ ᠬᠣᠵᠢᠮ ᠨᠢ ᠲᠡᠷᠡ ᠦᠷ᠎ᠡ ᠬᠡᠦᠬᠡᠳ ᠢ᠋ᠶ᠋ᠡᠨ ᠴᠦ᠍《ᠶᠠᠳᠠᠬᠤ ᠦᠶ᠎ᠡ ᠳ᠋ᠦ᠍ ᠬᠥᠮᠦᠨ ᠦ᠌ ᠲᠤᠰᠠ ᠪᠠᠭ᠎ᠠ ᠴᠤ᠌ ᠪᠠᠭᠠᠳᠠᠬᠤ ᠦᠭᠡᠢ᠂ ᠬᠠᠮᠤᠭ ᠤ᠋ᠨ ᠬᠦᠴᠢᠷ ᠵᠣᠪᠠᠭᠤᠷᠢ ᠲᠠᠢ ᠦᠶ᠎ᠡ ᠳ᠋ᠦ᠍ ᠴᠢᠨᠢ ᠬᠠᠯᠠᠮᠵᠢ ᠶ᠋ᠢᠨ ᠬᠠᠯᠠᠭᠤᠨ ᠭᠠᠷ ᠰᠤᠩᠭᠠᠭᠰᠠᠨ ᠬᠥᠮᠦᠨ ᠦ᠌ ᠰᠠᠢᠬᠠᠨ ᠰᠡᠳᠬᠢᠯ ᠦ᠋ᠨ ᠬᠠᠷᠢᠭᠤ ᠶ᠋ᠢ ᠬᠡᠵᠢᠶᠡᠳᠡ ᠬᠠᠷᠢᠭᠤᠯᠠᠬᠤ ᠶ᠋ᠢ ᠰᠠᠨᠠᠵᠤ ᠶᠠᠪᠤᠭᠠᠷᠠᠢ》 ᠭᠡᠮᠡᠨ ᠰᠤᠷᠭᠠᠳᠠᠭ ᠪᠠᠢᠯ᠎ᠠ᠃
ᠬᠡᠳᠦᠨ ᠡᠳᠦᠷ ᠦᠷᠭᠦᠯᠵᠢᠯᠡᠭᠰᠡᠨ ᠰᠢᠷᠦᠭᠦᠨ ᠪᠣᠷᠣᠭᠠᠨ ᠳᠥᠩᠭᠡᠵᠦ ᠨᠢᠭᠡ ᠵᠣᠭᠰᠣᠵᠤ ᠹᠦ ᠶ᠋ᠢᠨ ᠬᠠᠯᠠᠭᠤᠨ ᠨᠠᠷᠠ ᠰᠢᠷᠠᠵᠤ ᠪᠠᠢᠭᠰᠠᠨ ᠴᠤ᠌ ᠡᠪᠡᠰᠦ ᠤᠷᠭᠤᠮᠠᠯ ᠴᠡᠯᠭᠡᠷᠡᠨ ᠨᠣᠭᠣᠭᠠᠷᠠᠵᠤ ᠠᠭᠤᠷ ᠠᠮᠢᠰᠬᠤᠯ ᠴᠢᠭᠢᠭᠯᠢᠭ ᠰᠠᠢᠬᠠᠨ᠃ ᠥᠨᠥᠳᠥᠷ ᠪᠦᠲᠦᠨ ᠰᠠᠢᠨ ᠡᠳᠦᠷ ᠲᠤᠯᠠ ᠭᠠᠪᠢᠷ᠎ᠠ ᠰᠢᠪᠠᠷᠴᠢᠨ ᠣᠯᠵᠤ ᠭᠡᠷ ᠦ᠋ᠨ ᠣᠷᠣᠢ ᠪᠠᠨ ᠸᠠᠭᠠᠷᠯᠠᠵᠤ ᠢᠯᠢᠭᠦᠯᠪᠡ᠃ ᠲᠡᠭᠡᠭᠡᠳ ᠨᠤᠷᠠᠵᠤ ᠴᠢᠭᠢᠭᠲᠦᠭᠰᠡᠨ ᠶᠠᠭᠤᠮᠠᠰ ᠢ᠋ᠶ᠋ᠠᠨ ᠨᠠᠷᠠᠨ ᠳ᠋ᠤ᠌ ᠭᠠᠷᠭᠠᠨ ᠳᠡᠯᠭᠡᠵᠦ ᠬᠠᠲᠠᠭᠠᠨ᠎ᠠ᠃ ᠨᠣᠢᠲᠠᠨ ᠠᠷᠭᠠᠯ ᠢ᠋ᠶ᠋ᠠᠨ ᠭᠠᠷᠭᠠᠨ ᠨᠠᠷᠠᠨ ᠳ᠋ᠤ᠌ ᠳᠡᠯᠭᠡᠭᠰᠡᠨ ᠳ᠋ᠦ᠍ ᠬᠠᠭᠠᠰ ᠡᠳᠦᠷ ᠪᠣᠯᠤᠯ ᠦᠭᠡᠢ ᠬᠠᠯᠠᠭᠤᠨ ᠨᠠᠷᠠᠨ ᠤ᠋ ᠢᠯᠴᠢᠨ ᠳ᠋ᠦ᠍ ᠡᠭᠡᠭᠡᠵᠦ ᠬᠠᠲᠠᠴᠢᠬᠠᠭᠰᠠᠨ ᠪᠣᠯᠬᠣᠷ ᠲᠡᠷᠡ ᠵᠤᠤᠬ᠎ᠠ ᠪᠠᠨ ᠠᠰᠠᠭᠠᠵᠤ ᠣᠷᠣᠢ ᠶ᠋ᠢᠨ ᠬᠣᠭᠣᠯᠠ ᠪᠡᠯᠡᠳᠬᠡᠨ᠎ᠡ᠃ ᠭᠡᠷ ᠦ᠋ᠨ ᠳᠡᠭᠡᠪᠦᠷ ᠢ᠋ᠶ᠋ᠡᠨ ᠸᠠᠭᠠᠷᠯᠠᠭᠠᠳ ᠪᠠᠰᠠ ᠠᠷᠪᠠᠨ ᠬᠡᠳᠦᠨ ᠲᠥᠭᠥᠷᠢᠭ ᠦᠯᠡᠳᠡᠭᠰᠡᠨ ᠲᠤᠯᠠ ᠬᠡᠦᠬᠡᠳ ᠦ᠋ᠳ ᠲᠡᠭᠡᠨ ᠮᠢᠬ᠎ᠠ ᠲᠠᠢ ᠵᠠᠭᠤᠰᠢ ᠢᠳᠡᠭᠦᠯᠬᠦ ᠭᠡᠵᠦ ᠶᠠᠭᠠᠷᠠᠵᠤ ᠠᠵᠢᠯᠯᠠᠨ᠎ᠠ᠃ ᠥᠨᠥᠳᠥᠷ ᠲᠡᠷᠡ ᠮᠠᠰᠢ ᠪᠠᠶᠠᠷᠲᠠᠢ ᠪᠠᠢᠵᠤ ᠡᠴᠡᠵᠦ ᠶᠠᠳᠠᠷᠠᠭᠰᠠᠨ ᠴᠣᠩᠬᠢᠭᠠᠷ ᠴᠢᠷᠠᠢ ᠨᠢ ᠥᠩᠭᠡ ᠲᠡᠳᠡᠨ ᠭᠢᠯᠠᠯᠵᠠᠵᠤ ᠳᠠᠭᠤᠤ ᠠᠶᠠᠯᠴᠢᠬᠠᠭᠰᠠᠨ ᠨᠣᠭᠣᠭ᠎ᠠ ᠤᠬᠢᠶᠠᠨ᠎ᠠ᠃ ᠬᠡᠦᠬᠡᠳ ᠦ᠋ᠳ ᠨᠢ ᠬᠦᠷᠢᠶᠡᠨ ᠳ᠋ᠡᠭᠡᠨ ᠡᠯᠡᠰᠦ ᠰᠢᠪᠡᠷ ᠨᠤᠬᠤᠨ ᠬᠥᠭᠵᠢᠯᠲᠡᠢ ᠲᠣᠭᠯᠠᠵᠤ ᠪᠠᠢᠯ᠎ᠠ᠃ ᠶᠡᠬᠡ ᠥᠬᠢᠨ ᠨᠢ ᠨᠢᠭ ᠰᠢᠪᠠᠷ ᠢ᠋ᠶ᠋ᠠᠷ ᠡᠯᠳᠡᠪ ᠦ᠋ᠨ ᠳᠦᠷᠰᠦ ᠲᠡᠢ ᠶᠠᠭᠤᠮ᠎ᠠ ᠶ᠋ᠢ ᠶᠡᠬᠡ ᠯᠡ ᠰᠡᠳᠬᠢᠯ ᠢ᠋ᠶ᠋ᠡᠨ ᠲᠥᠪᠯᠡᠷᠡᠭᠦᠯᠦᠨ ᠪᠠᠷᠢᠵᠤ ᠰᠠᠭᠤᠨ᠎ᠠ᠃ ᠬᠣᠶᠠᠳᠤᠭᠠᠷ ᠥᠬᠢᠨ ᠨᠢ ᠥᠬᠢᠨ ᠳᠡᠭᠦᠦ ᠲᠡᠢ ᠪᠡᠨ《ᠬᠣᠲᠠ ᠬᠦᠷᠢᠶ᠎ᠡ》 ᠮᠠᠶᠢᠭ ᠲᠠᠢ ᠶᠠᠭᠤᠮ᠎ᠠ ᠶ᠋ᠢ ᠪᠣᠨᠴᠣᠭᠣᠷ ᠲᠠᠷᠭᠤᠨ ᠬᠤᠷᠤᠭᠤ ᠪᠠᠷ ᠢ᠋ᠶ᠋ᠠᠨ ᠰᠢᠪᠠᠷ ᠲᠤ᠌ ᠪᠢᠯᠳᠠᠨ ᠪᠠᠷᠢᠵᠤ ᠪᠠᠢᠭᠰᠠᠨ ᠢ᠋ᠶ᠋ᠠᠨ ᠵᠢᠵᠢᠭᠬᠡᠨ ᠪᠣᠰᠤᠭ᠎ᠠ ᠬᠠᠮᠠᠷ ᠢ᠋ᠶ᠋ᠠᠨ ᠰᠠᠷᠬᠠᠯᠵᠠᠭᠤᠯᠤᠨ ᠦᠨᠦᠷᠯᠡᠭᠡᠳ
— ᠸᠠ᠂ ᠰᠠᠢᠬᠠᠨ ᠦᠨᠦᠷ ᠭᠠᠷᠴᠤ ᠪᠠᠢᠨ᠎ᠠ᠂ ᠥᠨᠥᠳᠥᠷ ᠡᠮᠧ ᠭᠣᠶᠣ ᠮᠢᠬ᠎ᠠ ᠲᠠᠢ ᠵᠠᠭᠤᠰᠢ ᠬᠢᠵᠦ ᠪᠠᠢᠨ᠎ᠠ ᠭᠡᠰᠡᠨ ᠳ᠋ᠦ᠍ ᠥᠬᠢᠨ ᠳᠡᠭᠦᠦ ᠨᠢ ᠲᠣᠯᠣᠭᠠᠢ ᠪᠠᠨ ᠭᠢᠯᠵᠢᠢᠯᠭᠡᠨ ᠬᠠᠮᠠᠷ ᠢ᠋ᠶ᠋ᠠᠨ ᠰᠠᠷᠲᠠᠢᠯᠭᠠᠨ ᠭᠦᠨ ᠠᠮᠢᠰᠬᠤᠨ ᠦᠨᠦᠷᠯᠡᠭᠡᠳ
— ᠲᠡᠢᠮᠦ ᠪᠠᠢᠨ᠎ᠠ᠃ ᠭᠣᠶᠣ ᠦᠨᠦᠷ ᠭᠠᠷᠴᠤ ᠪᠠᠢᠨ᠎ᠠ ᠭᠡᠬᠦ ᠳ᠋ᠦ᠍ ᠪᠢᠴᠢᠬᠠᠨ ᠬᠣᠳᠣᠭᠣᠳᠣ ᠨᠢ ᠬᠤᠷᠴᠢᠭᠢᠨᠠᠨ ᠳᠤᠤᠭᠠᠷᠪᠠ᠃ ᠣᠪᠣᠭᠠᠯᠠᠵᠤ ᠲᠠᠯᠪᠢᠭᠰᠠᠨ ᠡᠯᠡᠰᠦᠨ ᠳ᠋ᠦ᠍ ᠣᠷᠣᠵᠤ ᠰᠠᠭᠤᠭᠠᠳ ᠮᠣᠨᠴᠣᠭᠣᠷ ᠲᠠᠷᠭᠤᠨ ᠬᠥᠯ ᠦ᠋ᠨ ᠢ᠋ᠶ᠋ᠡᠨ ᠬᠤᠷᠤᠭᠤᠨ ᠤ᠋ ᠰᠠᠯᠠᠭ᠎ᠠ ᠪᠠᠷ ᠡᠯᠡᠰᠦ ᠭᠣᠭᠣᠵᠢᠭᠤᠯᠤᠨ ᠲᠣᠭᠯᠠᠵᠤ ᠪᠠᠢᠭᠰᠠᠨ ᠬᠦᠦ ᠳᠡᠭᠦᠦ ᠨᠢ《ᠣᠳᠣ ᠨᠠᠭᠠᠳᠬᠤ ᠪᠠᠨ ᠪᠣᠯᠢᠶ᠎ᠠ᠃ ᠭᠡᠷ ᠲᠦ᠍ ᠪᠡᠨ ᠣᠷᠣᠶ᠎ᠠ》 ᠭᠡᠪᠡᠯ᠂ ᠲᠣᠮᠣ ᠡᠭᠡᠴᠢ ᠨᠢ《ᠡᠵᠢ ᠳᠠᠭᠤᠳᠠᠭ᠎ᠠ ᠦᠭᠡᠢ ᠪᠠᠢᠬᠤ ᠳ᠋ᠤ᠌ ᠴᠢᠨᠢ》 ᠭᠡᠳ ᠭᠠᠷ ᠳᠠᠬᠢ ᠪᠠᠷᠢᠮᠠᠯ ᠢ᠋ᠶ᠋ᠠᠨ ᠤᠷᠤᠯᠳᠤᠵᠤ ᠰᠠᠭᠤᠨ᠎ᠠ᠃ ᠡᠵᠢ ᠨᠢ ᠲᠡᠳᠡᠨ ᠢ᠋ ᠪᠠᠭ᠎ᠠ ᠠ᠋ᠴᠠ ᠨᠢ ᠵᠣᠴᠢᠨ ᠭᠡᠢᠴᠢᠨ ᠦ᠌ ᠬᠠᠵᠠᠭᠤ ᠳ᠋ᠤ᠌ ᠵᠡᠷᠭᠡᠴᠡᠨ ᠠᠶᠠᠭ᠎ᠠ ᠫᠢᠯᠠᠠ᠋ᠴᠠ ᠰᠢᠭᠦᠷᠡᠵᠦ ᠢᠳᠡᠬᠦ ᠪᠤᠶᠤ ᠠᠬᠠᠮᠠᠳ ᠡᠴᠡ ᠪᠡᠨ ᠤᠷᠢᠳᠴᠢᠯᠠᠨ ᠠᠶᠠᠭ᠎ᠠ ᠰᠠᠪᠬ᠎ᠠ ᠪᠠᠷᠢᠬᠤ᠂ ᠭᠡᠢᠴᠢᠨ ᠵᠣᠴᠢᠨ ᠤ᠋ ᠬᠠᠵᠠᠭᠤ ᠳ᠋ᠤ᠌ ᠦᠢᠮᠡᠭᠦᠯᠵᠦ ᠳᠡᠪᠵᠢᠶᠡᠷᠡᠬᠦ᠂ ᠢᠳᠡᠬᠦ ᠳ᠋ᠡᠭᠡᠨ ᠳᠠᠭᠤ ᠴᠢᠮᠡᠭᠡ ᠭᠠᠷᠭᠠᠨ ᠱᠠᠯᠴᠢᠭᠢᠨᠠᠭᠤᠯᠬᠤ ᠶ᠋ᠢ ᠴᠢᠩᠭ᠎ᠠ ᠬᠣᠷᠢᠭᠯᠠᠳᠠᠭ᠃ ᠲᠡᠭᠡᠬᠦᠯᠡᠷ ᠡᠨᠡ ᠨᠢ ᠠᠭᠠᠵᠢᠮ ᠢ᠋ᠶ᠋ᠠᠷ ᠲᠡᠳᠡᠨ ᠦ᠌ ᠠᠮᠢᠳᠤᠷᠠᠯ ᠳ᠋ᠤ᠌ ᠬᠡᠪᠰᠢᠭᠰᠡᠨ ᠵᠠᠩᠰᠢᠯ ᠪᠣᠯᠴᠢᠬᠠᠵᠠᠢ᠃
ᠡᠳᠡᠨ ᠦ᠌ ᠬᠢ ᠬᠡᠳᠦᠢᠪᠡᠷ ᠣᠷᠴᠢᠮ ᠤ᠋ᠨ ᠬᠡᠳᠦᠨ ᠵᠢᠯ ᠳ᠋ᠦ᠍ ᠠᠮᠢᠳᠤᠷᠠᠯ ᠨᠢ ᠬᠦᠴᠢᠷ ᠲᠡᠢ ᠴᠦ᠍ ᠡᠳᠡᠨ ᠦ᠌ ᠳ᠋ᠦ᠍ ᠰᠠᠳᠤᠨ ᠲᠥᠷᠥᠯ ᠦ᠋ᠳ ᠨᠢ᠂ ᠨᠠᠢᠵᠠ ᠨᠥᠬᠥᠳ᠂ ᠬᠠᠮᠲᠤ ᠠᠵᠢᠯᠯᠠᠭᠰᠠᠳ ᠨᠢ ᠴᠤᠭᠯᠠᠷᠠᠬᠤ ᠳᠤᠷᠠᠲᠠᠢ᠃ ᠲᠡᠭᠦᠨ ᠦ᠌ ᠰᠠᠢᠬᠠᠨ ᠰᠢᠷᠭᠠᠯ ᠴᠠᠢ᠂ ᠠᠮᠲᠠᠲᠤ ᠨᠣᠭᠣᠭ᠎ᠠ ᠵᠠᠭᠤᠰᠢ ᠶ᠋ᠢ ᠢᠳᠡᠨ ᠵᠣᠴᠢᠨᠰᠠᠭ ᠵᠠᠩ ᠢ᠋ ᠲᠠᠭᠠᠯᠠᠨ᠂ ᠤᠬᠠᠭᠠᠯᠢᠭ ᠰᠠᠢᠬᠠᠨ ᠶᠠᠷᠢᠶ᠎ᠠ ᠶ᠋ᠢ ᠰᠣᠨᠣᠰᠴᠤ ᠰᠠᠭᠤᠬᠤ ᠳᠤᠷᠠᠲᠠᠢ᠃ ᠲᠡᠷᠡ ᠬᠣᠭᠣᠯᠠ ᠵᠠᠭᠤᠰᠢ ᠶ᠋ᠢᠨ ᠥᠩᠭᠡ ᠦᠨᠦᠷ ᠠᠮᠲᠠ ᠶ᠋ᠢ ᠵᠣᠬᠢᠴᠠᠭᠤᠯᠤᠨ ᠭᠣᠴᠣ ᠰᠠᠢᠬᠠᠨ ᠬᠢᠨ᠎ᠡ᠃ ᠭᠠᠭᠴᠠᠬᠠᠨ ᠲᠥᠮᠥᠰᠥ ᠪᠠᠢᠬᠤ ᠳ᠋ᠤ᠌ ᠯᠠ ᠬᠠᠯᠠᠭᠤᠨ ᠬᠦᠢᠲᠡᠨ ᠵᠢᠷᠭᠤᠭᠠᠨ ᠨᠣᠭᠣᠭ᠎ᠠ ᠭᠠᠷᠭᠠᠴᠢᠬᠠᠨ᠎ᠠ᠃ ᠵᠢᠵᠢᠭ ᠪᠣᠳᠣᠩ ᠳ᠋ᠤ᠌ ᠨᠣᠭᠣᠭ᠎ᠠ ᠳᠠᠷᠤᠳᠠᠭᠠ᠋ᠴᠠ ᠵᠠᠷᠢᠮ ᠳ᠋ᠠᠭᠠᠨ ᠭᠡᠢᠴᠢᠨ ᠢᠷᠡᠵᠦ ᠭᠠᠴᠢᠭᠳᠠᠪᠠᠯ ᠨᠠᠢ᠍ᠮᠠᠨ ᠳᠠᠪᠤᠰᠤᠯᠠᠭᠰᠠᠨ ᠨᠣᠭᠣᠭ᠎ᠠ ᠪᠠᠷ ᠰᠢᠷᠡᠭᠡ ᠵᠠᠰᠠᠵᠤ ᠪᠠᠢᠭᠰᠠᠨ ᠴᠤ᠌ ᠤᠳᠠᠭ᠎ᠠ ᠲᠠᠢ᠃ ᠬᠣᠪᠣᠷ ᠳᠤᠲᠠᠮᠠᠭ ᠴᠤ᠌ ᠪᠠᠢᠭ᠎ᠠ ᠶᠠᠭᠤᠮ᠎ᠠ ᠪᠠᠨ ᠡᠪᠲᠡᠢᠬᠡᠨ ᠵᠣᠬᠢᠴᠠᠭᠤᠯᠤᠨ ᠪᠤᠰᠤᠳ ᠢ᠋ ᠰᠡᠳᠬᠢᠯ ᠬᠠᠩᠭᠠᠮᠵᠢᠲᠠᠢ ᠠᠶᠠᠲᠠᠢᠬᠠᠨ ᠳᠠᠢᠯᠠᠭᠠᠳ ᠶᠠᠪᠤᠭᠤᠯᠴᠢᠬᠠᠳᠠᠭ ᠨᠢ ᠲᠡᠭᠦᠨ ᠦ᠌ ᠪᠠᠰᠠ ᠨᠢᠭᠡᠨ ᠭᠠᠷᠮᠠᠭᠠᠢ ᠲᠠᠯ᠎ᠠ ᠪᠣᠯᠬᠤ ᠶᠤᠮ᠃ ᠡᠵᠢ ᠨᠢ ᠭᠡᠷ ᠡᠴᠡ
— ᠬᠡᠦᠬᠡᠳ ᠦ᠋ᠳ ᠠ᠋᠂ ᠭᠠᠷ ᠢ᠋ᠶ᠋ᠠᠨ ᠤᠬᠢᠶᠠᠭᠠᠳ ᠣᠷᠣᠵᠤ ᠬᠣᠭᠣᠯᠠ ᠪᠠᠨ ᠢᠳᠡ ᠭᠡᠵᠦ ᠳᠠᠭᠤᠳᠠᠪᠠ᠃
ᠶᠡᠬᠡ ᠡᠭᠡᠴᠢ ᠨᠢ ᠳᠡᠭᠦᠦ ᠨᠠᠷ ᠲᠠᠭᠠᠨ ᠳᠠᠷᠤᠭᠤᠯ ᠬᠤᠳᠳᠤᠭᠠ᠋ᠴᠠ ᠤᠰᠤ ᠳᠠᠷᠤᠨ ᠥᠭᠴᠦ ᠭᠠᠷ ᠨᠢᠭᠤᠷ ᠢ᠋ ᠨᠢ ᠤᠬᠢᠶᠠᠯᠭᠠᠵᠤ᠂ ᠬᠠᠮᠤᠭ ᠪᠡᠶ᠎ᠡ ᠡᠴᠡ ᠨᠢ ᠡᠯᠡᠰᠦ ᠭᠣᠭᠣᠵᠢᠬᠤ ᠪᠠᠯᠴᠢᠷ ᠳᠡᠭᠦᠦ ᠶ᠋ᠢᠨ ᠢ᠋ᠶ᠋ᠡᠨ ᠬᠤᠪᠴᠠᠰᠤ ᠶ᠋ᠢ ᠲᠠᠢᠯᠤᠨ ᠭᠦᠪᠢᠵᠦ ᠰᠡᠭᠰᠦᠷᠦᠨ᠂ ᠬᠤᠳᠳᠤᠭ ᠤ᠋ᠨ ᠬᠦᠢᠲᠡᠨ ᠤᠰᠤ ᠪᠠᠷ ᠦᠰᠦ ᠲᠣᠯᠣᠭᠠᠢ ᠶ᠋ᠢ ᠨᠢ ᠤᠬᠢᠶᠠᠨ ᠴᠡᠪᠡᠷᠯᠡᠨ᠎ᠡ᠃ ᠠᠪᠤ ᠨᠢ ᠨᠠᠰᠤ ᠪᠠᠷᠠᠬᠤ ᠦᠶ᠎ᠡ ᠳ᠋ᠦ᠍ ᠳᠣᠯᠣᠭᠠᠲᠠᠢ ᠪᠠᠢᠭᠰᠠᠨ ᠡᠨᠡ ᠥᠬᠢᠨ ᠲᠡᠷᠡ ᠡᠳᠦᠷ ᠡᠴᠡ ᠡᠬᠢᠯᠡᠨ ᠬᠡᠦᠬᠡᠳ ᠡᠷᠬᠡ ᠪᠡᠨ ᠬᠠᠰᠤᠭᠳᠠᠵᠤ ᠶᠡᠬᠡ ᠨᠢ ᠭᠡᠳᠡᠭ ᠢ᠋ᠶ᠋ᠡᠷ ᠢ᠋ᠶ᠋ᠡᠨ ᠡᠵᠢ ᠪᠡᠨ ᠬᠠᠮᠵᠢᠨ ᠳᠡᠭᠦᠦ ᠨᠠᠷ ᠢ᠋ᠶ᠋ᠠᠨ ᠠᠷᠠᠴᠢᠯᠠᠨ ᠬᠠᠷᠠᠭᠠᠯᠵᠠᠬᠤ ᠪᠣᠯᠵᠠᠢ᠃ ᠭᠡᠷ ᠵᠠᠭᠤᠷ᠎ᠠ ᠶ᠋ᠢᠨ ᠠᠵᠢᠯ ᠳ᠋ᠤ᠌ ᠡᠵᠢ ᠳ᠋ᠡᠭᠡᠨ ᠵᠥᠩᠳᠡᠭᠡᠨ ᠲᠤᠰᠠ ᠨᠡᠮᠡᠷᠢ ᠪᠣᠯᠳᠠᠭ ᠪᠠᠢᠯ᠎ᠠ᠃ ᠳᠥᠩᠭᠡᠵᠦ ᠠᠷᠪᠠ ᠬᠦᠷᠴᠦ ᠪᠠᠢᠭ᠎ᠠ ᠪᠣᠯᠪᠠᠴᠤ ᠲᠡᠷᠡ ᠥᠪᠡᠷ ᠦ᠋ᠨ ᠢ᠋ᠶ᠋ᠡᠨ ᠪᠣᠯᠤᠨ ᠳᠡᠭᠦᠦ ᠨᠠᠷ ᠤ᠋ᠨ ᠢ᠋ᠶ᠋ᠠᠨ ᠬᠤᠪᠴᠠᠰᠤ ᠶ᠋ᠢ ᠤᠬᠢᠶᠠᠬᠤ᠂ ᠪᠤᠳᠠᠭ᠎ᠠ ᠠᠭᠰᠢᠭᠠᠬᠤ᠂ ᠳᠥᠭᠥᠮ ᠨᠣᠭᠣᠭ᠎ᠠ ᠵᠠᠭᠤᠰᠢ ᠬᠢᠬᠦ ᠶ᠋ᠢ ᠴᠦ᠍ ᠰᠤᠷᠴᠢᠬᠠᠭᠰᠠᠨ ᠠᠵᠢ᠃ ᠡᠵᠢ ᠨᠢ ᠦᠷᠭᠦᠯᠵᠢ《ᠴᠢ ᠪᠣᠯ ᠶᠡᠬᠡ ᠨᠢ ᠰᠢᠦ》 ᠭᠡᠵᠦ ᠬᠡᠯᠡᠳᠡᠭ ᠦᠭᠡ ᠲᠡᠭᠦᠨ ᠢ᠋《ᠬᠡᠦᠬᠡᠳ ᠪᠢᠰᠢ ᠬᠠᠷᠢᠨ ᠲᠣᠮᠣ ᠬᠥᠮᠦᠨ ᠪᠠᠢᠬᠤ ᠶᠣᠰᠣᠲᠠᠢ 》ᠭᠡᠳᠡᠭ ᠢ᠋ ᠨᠢᠯᠬ᠎ᠠ ᠪᠠᠯᠴᠢᠷ ᠤᠬᠠᠭᠠᠨ ᠢ᠋ᠶ᠋ᠠᠷ ᠢ᠋ᠶ᠋ᠠᠨ ᠣᠢᠯᠠᠭᠠᠨ ᠮᠡᠳᠡᠷᠡᠭᠦᠯᠵᠦ ᠥᠪᠡᠷ ᠲᠤᠨᠢ ᠣᠨᠣᠭᠳᠠᠭᠰᠠᠨ《ᠬᠦᠨᠳᠦ ᠬᠠᠷᠢᠭᠤᠴᠠᠯᠭ᠎ᠠ》 ᠪᠠᠨ ᠳᠤᠷᠠᠲᠠᠶ᠎ᠠ ᠪᠡᠶᠡᠯᠡᠭᠦᠯᠬᠦ ᠪᠡᠷ ᠴᠢᠳᠠᠯ ᠢ᠋ᠶ᠋ᠠᠷ ᠢ᠋ᠶ᠋ᠠᠨ ᠴᠢᠷᠮᠠᠢᠨ᠎ᠠ᠃ ᠭᠡᠪᠡᠴᠦ ᠬᠡᠦᠬᠡᠳ ᠪᠣᠯ ᠬᠠᠰᠢᠯᠠ ᠬᠡᠦᠬᠡᠳ ᠪᠣᠯᠬᠣᠷ ᠠᠯᠳᠠᠭᠳᠠᠯ ᠳᠤᠲᠠᠭᠳᠠᠯ ᠲᠠᠢ ᠵᠦᠢᠯ ᠦᠷᠭᠦᠯᠵᠢ ᠭᠠᠷᠴᠤ ᠡᠵᠢ ᠪᠡᠷ ᠢ᠋ᠶ᠋ᠡᠨ ᠴᠢᠩᠭ᠎ᠠ ᠵᠢᠮᠡᠯᠡᠭᠦᠯᠦᠨᠡ᠃ ᠲᠡᠭᠡᠭᠡᠳ ᠡᠵᠢ ᠡᠴᠡ ᠪᠡᠨ ᠨᠢᠭᠤᠨ ᠭᠣᠮᠣᠳᠠᠯ ᠤ᠋ᠨ ᠨᠢᠯᠪᠤᠰᠤ ᠪᠥᠮᠪᠥᠷᠢᠭᠦᠯᠳᠡᠭ ᠴᠦ᠍ ᠠᠯᠳᠠᠭ᠎ᠠ ᠪᠠᠨ ᠳᠠᠪᠲᠠᠬᠤ ᠦᠭᠡᠢ ᠶ᠋ᠢ ᠬᠢᠴᠢᠶᠡᠨ ᠦᠷᠭᠦᠯᠵᠢᠯᠡᠨ ᠴᠢᠷᠮᠠᠢᠨ᠎ᠠ᠃ ᠨᠢᠭᠡᠨ ᠥᠰᠪᠥᠷᠢ ᠶ᠋ᠢᠨ ᠪᠠᠭ᠎ᠠ ᠬᠡᠦᠬᠡᠳ ᠲᠦ᠍ ᠠᠪᠴᠤ ᠬᠡᠯᠡᠪᠡᠯ ᠡᠨᠡ ᠨᠢ ᠳᠡᠩᠳᠡᠭᠦᠦ ᠭᠣᠣᠯᠴᠢ ᠪᠤᠰᠤ ᠤᠴᠠᠷᠠᠯ ᠴᠤ᠌ ᠶᠤᠮ ᠤᠤ᠃
ᠨᠢᠭᠡ ᠭᠡᠷ ᠦ᠋ᠨ ᠬᠠᠯᠠᠭᠤᠨ ᠪᠦᠯᠢ ᠪᠡᠷ ᠢ᠋ᠶ᠋ᠡᠨ ᠳᠤᠭᠤᠢ ᠰᠢᠷᠡᠭᠡ ᠪᠡᠨ ᠲᠣᠭᠣᠷᠢᠨ ᠰᠠᠭᠤᠵᠤ ᠳᠠᠭᠤ ᠴᠢᠮᠡᠭᠡ ᠦᠭᠡᠢ ᠬᠣᠭᠣᠯᠠ ᠪᠠᠨ ᠢᠳᠡᠨ᠎ᠡ᠃ ᠭᠠᠪᠢᠷ᠎ᠠ᠂ ᠨᠣᠭᠣᠭ᠎ᠠ ᠵᠠᠭᠤᠰᠢ ᠶ᠋ᠢ ᠠᠮᠠ ᠪᠠᠨ ᠣᠯᠵᠤ ᠶᠠᠳᠠᠨ ᠡᠮᠬᠦᠯᠡᠬᠦ ᠬᠡᠦᠬᠡᠳ ᠦ᠋ᠳ ᠢ᠋ᠶ᠋ᠡᠨ ᠬᠠᠷᠠᠭᠠᠳ ᠵᠢᠷᠦᠬᠡ ᠰᠢᠮᠰᠢᠷᠡᠨ ᠵᠠᠯᠭᠢᠭᠰᠠᠨ ᠨᠢᠭᠡ ᠡᠮᠬᠦ ᠪᠤᠳᠠᠭ᠎ᠠ ᠨᠢ ᠬᠣᠭᠣᠯᠠᠢ ᠳ᠋ᠤᠨᠢ ᠵᠠᠩᠭᠢᠷᠠᠨ ᠨᠢᠳᠦᠨ ᠳ᠋ᠦ᠍ᠨᠢ ᠨᠢᠯᠪᠤᠰᠤ ᠴᠡᠢᠯᠡᠭᠡᠨᠡᠪᠡ᠃ ᠦᠨᠡᠨ ᠳ᠋ᠡᠭᠡᠨ ᠭᠠᠪᠢᠷ᠎ᠠ ᠡᠳᠦᠷ ᠪᠦᠷᠢ ᠳ᠋ᠡᠭᠡᠨ ᠭᠤᠴᠢᠨ ᠲᠥᠭᠥᠷᠢᠭ ᠦ᠋ᠨ ᠪᠡᠯᠡ ᠮᠥᠩᠭᠥ ᠪᠠᠢᠬᠤ ᠳ᠋ᠤ᠌ ᠬᠦᠷᠪᠡᠯ ᠬᠡᠦᠬᠡᠳ ᠦ᠋ᠳ ᠦ᠋ᠨ ᠢ᠋ᠶ᠋ᠡᠨ ᠭᠤᠷᠪᠠᠨ ᠡᠷᠢᠨ ᠦ᠌ ᠬᠣᠭᠣᠯᠠ ᠶ᠋ᠢ ᠡᠯᠪᠡᠭ ᠰᠠᠢᠬᠠᠨ ᠢᠳᠡᠭᠦᠯᠴᠢᠬᠡᠬᠦ ᠪᠠᠢᠯ᠎ᠠ᠃ ᠭᠡᠪᠡᠴᠦ ᠣᠷᠴᠢᠮ ᠤ᠋ᠨ ᠬᠡᠳᠦᠨ ᠰᠠᠷ᠎ᠠ ᠳ᠋ᠤ᠌ ᠬᠠᠷᠮᠠᠨ ᠳ᠋ᠤᠨᠢ ᠭᠤᠷᠪᠠᠨ ᠮᠥᠩᠭᠥ ᠴᠦ᠍ ᠦᠭᠡᠢ ᠶᠠᠪᠤᠬᠤ ᠨᠢ ᠣᠯᠠᠨᠲᠠᠢ᠃ ᠤᠭᠠ᠋ᠴᠠ ᠠᠭᠤᠵᠢᠮ ᠲᠡᠨᠢᠭᠦᠬᠡᠨ ᠠᠷᠠᠨᠰᠢᠨ ᠲᠠᠢ ᠲᠡᠷᠡ《ᠭᠠᠭᠴᠠ ᠨᠠᠳᠠᠳᠤ ᠲᠣᠬᠢᠶᠠᠯᠳᠤᠵᠤ ᠪᠠᠢᠭ᠎ᠠ ᠴᠤ᠌ ᠤᠴᠢᠷ ᠪᠢᠰᠢ᠂ ᠤᠬᠠᠭᠠᠨ ᠨᠢ ᠣᠯᠳᠠᠬᠤ ᠪᠠᠢᠯᠭᠦᠢ》᠂ 《ᠮᠠᠷᠭᠠᠰᠢ ᠪᠣᠯᠬᠤ ᠳ᠋ᠤ᠌ ᠡᠪ ᠨᠢ ᠣᠯᠳᠠᠬᠤ ᠪᠢᠵᠡ》 ᠭᠡᠮᠡᠨ ᠥᠪᠡᠷ ᠢ ᠪᠡᠨ ᠲᠠᠢᠳᠬᠤᠷᠠᠭᠤᠯᠵᠤ᠂ ᠪᠠᠷᠠᠭᠳᠠᠰᠢ ᠦᠭᠡᠢ ᠣᠯᠠᠨ ᠮᠠᠷᠭᠠᠰᠢ ᠳ᠋ᠠᠭᠠᠨ ᠢᠲᠡᠭᠡᠯ ᠲᠡᠭᠦᠯᠳᠡᠷ ᠢ᠋ᠶ᠋ᠡᠷ ᠡᠳᠦᠷ ᠦ᠋ᠨ ᠠᠵᠢᠯ ᠢ᠋ᠶ᠋ᠠᠨ ᠡᠬᠢᠯᠡᠭᠦᠯᠦᠨ᠎ᠡ᠃《ᠠᠮᠠᠨ ᠪᠡᠯᠭᠡ ᠬᠠᠮᠢᠭᠠᠰᠢ ᠪᠠᠨ ᠪᠣᠯ ᠠᠰᠢᠳᠠ ᠶ᠋ᠢᠨ ᠪᠡᠯᠭᠡ ᠲᠠᠰᠢ ᠪᠠᠨ》 ᠭᠡᠳᠡᠭᠴᠢᠯᠡᠨ ᠠᠷᠭ᠎ᠠ ᠪᠠᠷᠠᠭᠳᠠᠭᠤᠯᠤᠭᠰᠠᠨ ᠬᠣᠨᠣᠭ ᠡᠳᠦᠷ ᠦ᠋ᠳ ᠨᠢ ᠠᠷᠤ ᠬᠣᠢᠨ᠎ᠠ ᠨᠢ ᠡᠨᠡ ᠮᠡᠲᠦᠴᠢᠯᠡᠨ ᠬᠣᠴᠣᠷᠤᠨ ᠦᠯᠡᠳᠡᠭᠰᠡᠭᠡᠷ ᠴᠣ ᠰᠢᠨ᠎ᠡ ᠮᠠᠷᠭᠠᠰᠢ ᠨᠤᠭᠤᠳ ᠢ᠋ ᠤᠭᠲᠤᠭᠰᠠᠭᠠᠷ ᠪᠠᠢᠯ᠎ᠠ᠃
