ᠵᠡᠭᠦᠳᠦᠨ ᠬᠥᠯᠥᠭ -ᠬᠠᠯᠢᠨЗүүдэн хөлөг-Халин
ᠵᠡᠭᠦᠳᠦᠨ ᠬᠦᠯᠦᠭ
ᠦᠭᠡ᠄ ᠷᠠᠰᠢᠶᠠᠨ ᠬᠠᠮᠲᠤᠯᠢᠭ
ᠠᠶ᠎ᠠ᠄ᠭᠡᠷᠡᠯᠲᠦ
ᠳᠠᠭᠤᠴᠢᠨ᠄ ᠬᠠᠯᠢᠨ
ᠬᠠᠮᠢᠭ᠎ᠠ ᠬᠣᠯᠠ ᠶ᠋ᠢᠨ ᠰᠠᠯᠬᠢᠨ ᠲᠩᠷᠢ ᠡᠵᠡᠩᠨᠡᠭᠡᠳ
ᠬᠡᠢᠮᠣᠷᠢ ᠴᠠᠴᠠᠯᠤᠨ ᠴᠠᠴᠠᠯᠤᠩᠬᠠᠨ ᠳᠠᠪᠬᠢᠨ᠎ᠠ
ᠭᠠᠩ ᠲᠠᠢ ᠳᠥᠷᠪᠡᠨ ᠲᠤᠭᠤᠷᠠᠢ ᠪᠠᠨ ᠴᠠᠪᠴᠢᠯᠠᠬᠤ ᠳ᠋ᠤᠨᠢ
ᠭᠠᠯ ᠴᠠᠬᠢᠯᠤᠨ ᠲᠩᠷᠢ ᠶ᠋ᠢ ᠲᠡᠮᠡᠦᠯᠦᠨ ᠳᠣᠪᠲᠣᠯᠤᠨ᠎ᠠ
ᠶᠡᠬᠡ ᠭᠦᠯᠭᠡᠨ ᠰᠤᠳᠤᠷ ᠡᠪᠬᠡᠭᠡᠳ
ᠡᠷ᠎ᠡ ᠴᠢᠳᠠᠯ ᠮᠡᠳᠡᠨ ᠳᠡᠭᠦᠯᠢᠭᠡᠳ
ᠭᠠᠵᠠᠷ ᠳᠡᠭᠡᠷ᠎ᠡ ᠲᠥᠷᠥᠭᠰᠡᠨ ᠪᠣᠯᠪᠠᠴᠤ
ᠭᠠᠷᠴᠠᠭ᠎ᠠ ᠦᠭᠡᠢ ᠲᠩᠷᠢ ᠶ᠋ᠢᠨ ᠰᠢᠪᠠᠭᠤ
ᠬᠥᠬᠡ ᠲᠡᠭᠷᠢ ᠶ᠋ᠢᠨ ᠬᠦᠴᠦᠨ ᠳᠣᠣᠷ᠎ᠠ
ᠬᠥᠮᠦᠨ ᠦ᠌ ᠠᠯᠳᠠᠷ ᠢ᠋ ᠡᠷᠭᠦᠭᠰᠡᠨ
ᠬᠡᠢᠮᠣᠷᠢ ᠰᠦᠯᠳᠡ ᠪᠡᠨ ᠰᠦᠰᠦᠭᠯᠡᠨ ᠳᠠᠭᠠᠳᠬᠠᠬᠤ
ᠬᠦᠯᠦᠭ ᠮᠢᠨᠢ ᠬᠤᠪᠢ ᠵᠠᠶᠠᠭ᠎ᠠ ᠮᠢᠨᠢ
ᠬᠥᠬᠡ ᠲᠩᠷᠢ ᠶ᠋ᠢᠨ ᠬᠦᠴᠦᠨ ᠳᠣᠣᠷ᠎ᠠ
ᠬᠦᠰᠡᠯ ᠵᠣᠷᠢᠭ ᠢ᠋ ᠮᠢᠨᠢ ᠪᠠᠳᠠᠷᠠᠭᠤᠯᠤᠭᠰᠠᠨ
ᠬᠡᠢᠮᠣᠷᠢ ᠰᠦᠯᠳᠡ ᠪᠡᠨ ᠰᠦᠰᠦᠭᠯᠡᠨ ᠳᠠᠭᠠᠳᠬᠠᠬᠤ
ᠬᠦᠯᠦᠭ ᠮᠢᠨᠢ ᠬᠤᠪᠢ ᠵᠠᠶᠠᠭ᠎ᠠ ᠮᠢᠨᠢ᠃
ᠳᠡᠯ ᠰᠡᠭᠦᠯ ᠢ᠋ᠶ᠋ᠡᠨ ᠴᠠᠴᠤᠯᠠᠨ ᠡᠷᠭᠢᠨ ᠬᠤᠷᠳᠤᠯᠠᠬᠤ ᠳ᠋ᠤ᠌ ᠪᠠᠨ
ᠳᠡᠯᠡᠬᠡᠢ ᠳ᠋ᠠᠬᠢᠨ ᠢ᠋ ᠲᠣᠭᠣᠰᠣᠨ ᠳ᠋ᠤ᠌ ᠪᠠᠨ ᠦᠯᠡᠳᠡᠭᠡᠨ᠎ᠡ
ᠳᠡᠯᠡᠬᠡᠢ ᠳᠦᠭᠦᠷᠡᠩ ᠲᠠᠯ᠎ᠠ ᠨᠤᠲᠤᠭ ᠤ᠋ᠨ ᠢ᠋ᠶ᠋ᠠᠨ ᠡᠩᠭᠡᠷ ᠲᠦ᠍ ᠪᠡᠨ
ᠳᠡᠩᠳᠡᠭᠦᠦ ᠣᠮᠣᠭᠯᠠᠩ ᠡᠷᠬᠡ ᠳᠤᠷ᠎ᠠ ᠪᠠᠷ ᠢ᠋ᠶ᠋ᠠᠨ
ᠨᠠᠷᠠ ᠰᠠᠷ᠎ᠠ ᠬᠣᠶᠠᠷ ᠤ᠋ᠨ ᠵᠠᠭᠠᠭ ᠢ᠋ᠶ᠋ᠠᠷ
ᠨᠠᠰᠤ ᠪᠤᠶᠠᠨ ᠬᠣᠶᠠᠷ ᠤ᠋ᠨ ᠳᠤᠮᠳᠠ ᠠ᠋ᠴᠠ
ᠡᠵᠡᠨ ᠳ᠋ᠦ᠍ ᠪᠡᠨ ᠡᠭᠡᠯᠢ ᠨᠢ ᠪᠣᠯᠤᠭᠰᠠᠨ
ᠡᠷᠡᠮᠡᠬᠡᠢ ᠲᠩᠷᠢ ᠶ᠋ᠢᠨ ᠰᠢᠪᠠᠭᠤ
ᠬᠥᠬᠡ ᠲᠡᠭᠷᠢ ᠶ᠋ᠢᠨ ᠬᠦᠴᠦᠨ ᠳᠣᠣᠷ᠎ᠠ
ᠬᠥᠮᠦᠨ ᠦ᠌ ᠠᠯᠳᠠᠷ ᠢ᠋ ᠡᠷᠭᠦᠭᠰᠡᠨ
ᠬᠡᠢᠮᠣᠷᠢ ᠰᠦᠯᠳᠡ ᠪᠡᠨ ᠰᠦᠰᠦᠭᠯᠡᠨ ᠳᠠᠭᠠᠳᠬᠠᠬᠤ
ᠬᠦᠯᠦᠭ ᠮᠢᠨᠢ ᠬᠤᠪᠢ ᠵᠠᠶᠠᠭ᠎ᠠ ᠮᠢᠨᠢ
ᠬᠥᠬᠡ ᠲᠡᠭᠷᠢ ᠶ᠋ᠢᠨ ᠬᠦᠴᠦᠨ ᠳᠣᠣᠷ᠎ᠠ
ᠬᠦᠰᠡᠯ ᠵᠣᠷᠢᠭ ᠢ᠋ ᠮᠢᠨᠢ ᠪᠠᠳᠠᠷᠠᠭᠤᠯᠤᠭᠰᠠᠨ
ᠬᠡᠢᠮᠣᠷᠢ ᠰᠦᠯᠳᠡ ᠪᠡᠨ ᠰᠦᠰᠦᠭᠯᠡᠨ ᠳᠠᠭᠠᠳᠬᠠᠬᠤ
ᠬᠦᠯᠦᠭ ᠮᠢᠨᠢ ᠬᠤᠪᠢ ᠵᠠᠶᠠᠭ᠎ᠠ ᠮᠢᠨᠢ᠃
ᠵᠡᠭᠦᠳᠦᠨ ᠦ᠌ ᠮᠢᠨᠢ ᠬᠦᠯᠦᠭ ᠮᠢᠨᠢ
ᠵᠢᠷᠦᠬᠡᠨ ᠳ᠋ᠦ᠍ ᠮᠢᠨᠢ ᠳᠡᠭᠦᠯᠢᠭᠰᠡᠭᠡᠷ ᠢᠷᠡᠯ᠎ᠡ
ᠣᠷᠣᠭᠰᠢ ᠪᠠᠨ ᠣᠷᠣᠭᠰᠢ ᠪᠠᠨ
ᠤᠤᠬᠠᠢ ᠶ᠋ᠢᠨ ᠳᠠᠭᠤᠤ ᠴᠤᠤᠷᠢᠶᠠᠲᠤᠨ ᠪᠠᠢᠨ᠎ᠠ ᠤᠤᠬᠠᠢ
ᠬᠥᠬᠡ ᠲᠩᠷᠢ ᠶ᠋ᠢᠨ ᠬᠦᠴᠦᠨ ᠳᠣᠣᠷ᠎ᠠ
ᠬᠥᠮᠦᠨ ᠦ᠌ ᠠᠯᠳᠠᠷ ᠢ᠋ ᠡᠷᠭᠦᠭᠰᠡᠨ
ᠬᠡᠢᠮᠣᠷᠢ ᠰᠦᠯᠳᠡ ᠪᠡᠨ ᠰᠦᠰᠦᠭᠯᠡᠨ ᠳᠠᠭᠠᠳᠬᠠᠬᠤ
ᠬᠦᠯᠦᠭ ᠮᠢᠨᠢ ᠬᠤᠪᠢ ᠵᠠᠶᠠᠭ᠎ᠠ ᠮᠢᠨᠢ
ᠬᠥᠬᠡ ᠲᠡᠭᠷᠢ ᠶ᠋ᠢᠨ ᠬᠦᠴᠦᠨ ᠳᠣᠣᠷ᠎ᠠ
ᠬᠦᠰᠡᠯ ᠵᠣᠷᠢᠭ ᠢ᠋ ᠮᠢᠨᠢ ᠪᠠᠳᠠᠷᠠᠭᠤᠯᠤᠭᠰᠠᠨ
ᠬᠡᠢᠮᠣᠷᠢ ᠰᠦᠯᠳᠡ ᠪᠡᠨ ᠰᠦᠰᠦᠭᠯᠡᠨ ᠳᠠᠭᠠᠳᠬᠠᠬᠤ
ᠬᠦᠯᠦᠭ ᠮᠢᠨᠢ ᠬᠤᠪᠢ ᠵᠠᠶᠠᠭ᠎ᠠ ᠮᠢᠨᠢ
ᠤᠤᠬᠠᠢ ᠤᠤᠬᠠᠢ ᠬᠦᠯᠦᠭ ᠮᠢᠨᠢ ᠤᠷᠤᠭᠰᠢ ᠪᠠᠨ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
