ᠰᠡᠳᠬᠢᠯ ᠮᠢᠨᠢ ᠬᠥᠯᠥᠭ ᠮᠢᠨᠢ -ᠤᠴᠠᠷᠠᠯ Сэтгэл минь хөлөг минь-Учрал
ᠰᠡᠳᠬᠢᠯ ᠮᠢᠨᠢ ᠬᠦᠯᠦᠭ ᠮᠢᠨᠢ
ᠦᠭᠡ: ᠪᠠᠶᠠᠭᠤᠳ᠂ ᠴᠤᠭᠵᠢᠯᠲᠤ
ᠠᠶ᠎ᠠ: ᠲᠦ· ᠤᠯᠠᠭᠠᠨᠪᠠᠭᠠᠲᠤᠷ
ᠳᠠᠭᠤᠴᠢᠨ: ᠤᠴᠠᠷᠠᠯ
ᠡᠷᠡᠮᠡᠭ ᠴᠠᠭᠠᠭᠴᠢ ᠶᠢᠨ ᠤᠳᠤᠮ ᠤᠭᠰᠢᠯ ᠡᠨᠳᠡ ᠯᠡ ᠪᠠᠢᠨ᠎ᠠ
ᠡᠷᠡᠯᠬᠡᠭ ᠪᠠᠭᠠᠲᠤᠷ ᠤᠨ ᠳᠣᠮᠣᠭᠲᠤ ᠬᠦᠯᠦᠭ ᠦᠳ ᠡᠨᠳᠡ ᠯᠡ ᠪᠠᠢᠨ᠎ᠠ
ᠢᠵᠢᠯᠢ ᠳᠡᠭᠡᠨ ᠢᠷᠡᠳᠡᠭ ᠨᠤᠲᠤᠭᠴᠢ ᠬᠡᠭᠡᠷ ᠡᠨᠳᠡ ᠯᠡ ᠪᠠᠢᠨ᠎ᠠ
ᠡᠷᠡᠮᠡᠬᠡᠢ ᠰᠢᠨᠳᠠᠰᠤᠲᠤ ᠮᠣᠩᠭᠣᠯ ᠠᠵᠢᠨᠠᠢ ᠡᠨᠳᠡ ᠯᠡ ᠪᠠᠢᠨ᠎ᠠ᠃
ᠰᠡᠮᠡᠷᠡᠨ ᠰᠡᠮᠡᠷᠡᠨ ᠤᠶᠠᠷᠠᠬᠤ ᠰᠡᠳᠬᠢᠯ ᠦᠨ ᠮᠢᠨᠢ ᠦᠵᠦᠭᠦᠷ ᠡᠴᠡ
ᠳᠡᠭᠦᠯᠢᠨ ᠳᠡᠭᠦᠯᠢᠨ ᠢᠷᠡᠬᠦ ᠳᠣᠮᠣᠭᠲᠤ ᠮᠣᠩᠭᠣᠯ ᠬᠦᠯᠦᠭ ᠮᠢᠨᠢ᠃
ᠠᠷᠠᠳ ᠤᠨ ᠨᠠᠭᠠᠳᠤᠮ ᠤᠨ ᠮᠠᠩᠯᠠᠢ ᠲᠦᠷᠭᠡᠨ ᠡᠨᠳᠡ ᠯᠡ ᠪᠠᠢᠨ᠎ᠠ
ᠠᠷᠠᠨᠵᠠᠯ ᠬᠤᠭᠤᠷ ᠤᠨ ᠢᠨᠴᠠᠭᠠᠬᠤ ᠡᠭᠡᠰᠢᠭ ᠡᠨᠳᠡ ᠯᠡ ᠪᠠᠢᠨ᠎ᠠ
ᠠᠯᠲᠠᠨ ᠲᠡᠦᠬᠡ ᠶᠢᠨ ᠰᠦᠯᠳᠡ ᠬᠡᠢᠮᠣᠷᠢ ᠡᠨᠳᠡ ᠯᠡ ᠪᠠᠢᠨ᠎ᠠ
ᠠᠮᠠᠭᠠᠢ ᠬᠠᠵᠠᠭᠠᠷ ᠤᠨ ᠱᠠᠷᠭᠢᠬᠤ ᠴᠢᠮᠡᠭᠡ ᠡᠨᠳᠡ ᠯᠡ ᠪᠠᠢᠨ᠎ᠠ
ᠰᠡᠮᠡᠷᠡᠨ ᠰᠡᠮᠡᠷᠡᠨ ᠤᠶᠠᠷᠠᠬᠤ ᠰᠡᠳᠬᠢᠯ ᠦᠨ ᠮᠢᠨᠢ ᠦᠵᠦᠭᠦᠷ ᠡᠴᠡ
ᠳᠡᠭᠦᠯᠢᠨ ᠳᠡᠭᠦᠯᠢᠨ ᠢᠷᠡᠬᠦ ᠳᠣᠮᠣᠭᠲᠤ ᠮᠣᠩᠭᠣᠯ ᠬᠦᠯᠦᠭ ᠮᠢᠨᠢ᠃
ᠤᠴᠠᠷᠠᠯᠲᠤ ᠬᠣᠶᠠᠷ ᠤᠨ ᠽᠠᠨᠳᠠᠨ ᠬᠦᠷᠡᠩ ᠡᠨᠳᠡ ᠯᠠ ᠪᠠᠢᠨ᠎ᠠ
ᠤᠷᠳᠤ ᠶᠢᠨ ᠳᠠᠭᠤᠨ ᠤ ᠵᠢᠭᠠᠬᠠᠨ ᠰᠢᠷᠭ᠎ᠠ ᠡᠨᠳᠡ ᠯᠠ ᠪᠠᠢᠨ᠎ᠠ
ᠤᠶᠠᠷᠠᠬᠤ ᠰᠡᠳᠬᠢᠯ ᠦᠨ ᠡᠭᠦᠯᠡᠨ ᠬᠥᠬᠡ ᠡᠨᠳᠡ ᠯᠡ ᠪᠠᠢᠨ᠎ᠠ
ᠤᠷᠮ᠎ᠠ ᠬᠥᠪᠴᠢᠯᠡᠬᠦ ᠵᠢᠷᠤᠭ᠎ᠠ ᠶᠢᠨ ᠵᠢᠷᠤᠭ᠎ᠠ ᠡᠨᠳᠡ ᠯᠠ ᠪᠠᠢᠨ᠎ᠠ
ᠰᠡᠮᠡᠷᠡᠨ ᠰᠡᠮᠡᠷᠡᠨ ᠤᠶᠠᠷᠠᠬᠤ ᠰᠡᠳᠬᠢᠯ ᠦᠨ ᠮᠢᠨᠢ ᠦᠵᠦᠭᠦᠷ ᠡᠴᠡ
ᠳᠡᠭᠦᠯᠢᠨ ᠳᠡᠭᠦᠯᠢᠨ ᠢᠷᠡᠬᠦ ᠳᠣᠮᠣᠭᠲᠤ ᠮᠣᠩᠭᠣᠯ ᠬᠦᠯᠦᠭ ᠮᠢᠨᠢ ᠃
ᠠᠯᠳᠠᠨ ᠤᠨᠠᠭ᠎ᠠ ᠶᠢᠨ ᠣᠩᠭᠣᠨ ᠦᠦᠷᠰᠡᠭᠡ ᠡᠨᠳᠡ ᠯᠠ ᠪᠠᠢᠨ᠎ᠠ
ᠠᠯᠮᠠᠰ ᠲᠤᠭᠤᠷᠠᠢ ᠶᠢᠨ ᠣᠴᠢᠯᠠᠬᠤ ᠲᠦᠪᠡᠷᠭᠡᠨ ᠡᠨᠳᠡ ᠯᠡ ᠪᠠᠢᠨ᠎ᠠ
ᠠᠯᠳᠠᠷᠲᠤ ᠵᠠᠩᠭᠠᠷ ᠤᠨ ᠠᠷᠠᠨᠵᠠᠯ ᠵᠡᠭᠡᠷᠳᠡ ᠡᠨᠳᠡ ᠯᠡ ᠪᠠᠢᠨ᠎ᠠ
ᠠᠮᠤᠭᠤᠯᠠᠩᠲᠤ ᠲᠦᠷᠥ ᠶᠢᠨ ᠡᠷᠳᠡᠨᠢᠲᠦ ᠰᠦᠷᠦᠭ ᠡᠨᠳᠡ ᠯᠡ ᠪᠠᠢᠨ᠎ᠠ᠃
ᠰᠡᠮᠡᠷᠡᠨ ᠰᠡᠮᠡᠷᠡᠨ ᠤᠶᠠᠷᠠᠬᠤ ᠰᠡᠳᠬᠢᠯ ᠦᠨ ᠮᠢᠨᠢ ᠦᠵᠦᠭᠦᠷ ᠡᠴᠡ
ᠳᠡᠭᠦᠯᠢᠨ ᠳᠡᠭᠦᠯᠢᠨ ᠢᠷᠡᠬᠦ ᠳᠣᠮᠣᠭᠲᠤ ᠮᠣᠩᠭᠣᠯ ᠬᠦᠯᠦᠭ ᠮᠢᠨᠢ
ᠰᠡᠮᠡᠷᠡᠨ ᠰᠡᠮᠡᠷᠡᠨ ᠤᠶᠠᠷᠠᠬᠤ ᠰᠡᠳᠬᠢᠯ ᠦᠨ ᠮᠢᠨᠢ ᠦᠵᠦᠭᠦᠷ ᠡᠴᠡ
ᠳᠡᠭᠦᠯᠢᠨ ᠳᠡᠭᠦᠯᠢᠨ ᠢᠷᠡᠬᠦ ᠳᠣᠮᠣᠭᠲᠤ ᠮᠣᠩᠭᠣᠯ ᠬᠦᠯᠦᠭ ᠮᠢᠨᠢ ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
