ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠲᠠᠪᠤᠨ ᠠᠮᠲᠠ ᠶ᠋ᠢᠨ ᠭᠦᠶᠦᠳᠡᠯ Идээ ундааны жинхэнэ товч– Хүсэхүй ᠂Хөхлуу нар – <2-р боть>таван амтын гүйдэл
ᠲᠠᠪᠤᠨ ᠠᠮᠲᠠ ᠶ᠋ᠢᠨ ᠭᠦᠶᠦᠳᠡᠯ
ᠭᠠᠰᠢᠭᠤᠨ ᠬᠠᠭᠤᠷᠠᠢ ᠪᠣᠯ ᠪᠠᠲᠤ ᠡᠷᠳᠡᠮ ᠲᠡᠢ ᠲᠤᠯᠠ ᠬᠡᠲᠦᠷᠬᠡᠢ ᠢᠳᠡᠪᠡᠰᠦ ᠭᠤᠷᠪᠠᠨ ᠪᠡᠯᠴᠢᠭᠡᠷ ᠬᠠᠭᠠᠭᠠᠳᠠᠵᠦ ᠪᠥᠭᠡᠯᠵᠢᠵᠦ ᠣᠭᠰᠢᠬᠤ ᠪᠣᠯᠤᠮᠤᠢ᠃
ᠭᠤᠱᠤᠭᠤᠨ ᠠᠮᠲᠠ ᠪᠣᠯᠪᠠᠰᠤ ᠥᠭᠡᠳᠡᠯᠡᠨ ᠪᠠᠳᠠᠷᠠᠬᠤ ᠡᠷᠳᠡᠮ ᠪᠦᠬᠦᠢ ᠲᠤᠯᠠ ᠬᠡᠲᠦᠷᠬᠡᠢ ᠢᠳᠡᠪᠡᠰᠦ ᠳᠡᠭᠡᠭᠰᠢ ᠠᠭᠤᠰᠬᠢᠨ ᠳ᠋ᠤᠷ ᠭᠦᠶᠦᠭᠰᠡᠨ ᠡᠴᠡ ᠪᠣᠯᠵᠤ᠂ ᠠᠷᠠᠰᠤ ᠮᠢᠬᠠᠨ ᠤ᠋ ᠰᠢᠮ᠎ᠡ ᠲᠠᠮᠢᠷ ᠬᠥᠨᠥᠭᠡᠭᠳᠡᠵᠦ᠂ ᠵᠢᠷᠦᠬᠡᠨ ᠲᠠᠮᠢᠷ ᠢ᠋ ᠬᠣᠭᠣᠰᠣᠷᠠᠭᠤᠯᠤᠮᠤᠢ᠃
ᠳᠠᠪᠤᠰᠤᠯᠢᠭ ᠠᠮᠲᠠ ᠪᠣᠯ ᠣᠷᠭᠢᠯᠤᠨ ᠰᠠᠷᠨᠢᠭᠤᠯᠬᠤ ᠡᠷᠳᠡᠮ ᠲᠡᠢ ᠲᠤᠯᠠ ᠢᠯᠡᠭᠦᠦ ᠢᠳᠡᠪᠡᠰᠦ ᠭᠠᠳᠠᠭᠰᠢᠯᠠᠨ ᠰᠤᠳᠠᠯ ᠳ᠋ᠤᠷ ᠰᠢᠨᠤᠵᠤ ᠬᠣᠳᠣᠭᠣᠳᠣᠨ ᠲᠠᠮᠢᠷ ᠪᠠᠷᠠᠭᠳᠠᠨ ᠬᠣᠭᠣᠯᠠᠢ ᠬᠠᠲᠠᠩᠭᠢᠷᠠᠨ ᠤᠮᠳᠠᠭᠠᠰᠬᠤ ᠭᠡᠮ ᠣᠯᠤᠮᠤᠢ᠃
ᠠᠮᠲᠠᠯᠢᠭ ᠠᠮᠲᠠ ᠪᠣᠯᠪᠠᠰᠤ ᠳᠣᠷᠣᠢ ᠪᠠᠭᠤᠷᠠᠢ ᠴᠢᠨᠠᠷᠲᠠᠢ᠂ ᠢᠯᠡᠭᠦᠦ ᠢᠳᠡᠪᠡᠰᠦ ᠬᠣᠳᠣᠭᠣᠳᠣ ᠶ᠋ᠢᠨ ᠲᠠᠮᠢᠷ ᠰᠤᠯᠠᠷᠠᠬᠤ ᠲᠤᠯᠠ ᠬᠣᠷᠣᠬᠠᠢ ᠣᠷᠣᠰᠢᠭᠰᠠᠨ ᠠ᠋ᠴᠠ ᠪᠣᠯᠵᠤ ᠳᠣᠲᠣᠷ ᠳᠦᠭᠦᠷᠴᠦ ᠰᠡᠳᠬᠢᠯ ᠤᠢᠮᠤᠷᠠᠮᠤᠢ᠃ ᠭᠤᠱᠤᠭᠤᠨ ᠠᠮᠲᠠ ᠪᠣᠯᠪᠠᠰᠤ ᠬᠡᠢ ᠳ᠋ᠦ᠍ᠷ ᠭᠦᠶᠦᠳᠡᠭ ᠪᠣᠯᠬᠣᠷ ᠬᠡᠢ ᠡᠪᠡᠳᠴᠢᠨ ᠲᠡᠢ ᠬᠥᠮᠦᠨ ᠭᠤᠱᠤᠭᠤᠨ ᠢ᠋ ᠪᠢᠲᠡᠭᠡᠢ ᠢᠯᠡᠭᠦᠦ ᠢᠳᠡᠭᠲᠦᠨ᠃
ᠭᠠᠰᠢᠭᠤᠨ ᠠᠮᠲᠠ ᠶᠠᠰᠤᠨ ᠳ᠋ᠤ᠌ ᠭᠦᠶᠦᠳᠡᠭ ᠪᠣᠯᠬᠣᠷ ᠶᠠᠰᠤᠨ ᠡᠪᠡᠳᠴᠢᠨ ᠲᠡᠢ ᠬᠥᠮᠦᠨ ᠭᠠᠰᠢᠭᠤᠨ ᠢ᠋ ᠪᠢᠲᠡᠭᠡᠢ ᠢᠯᠡᠭᠦᠦ ᠢᠳᠡᠭᠲᠦᠨ᠃
ᠠᠮᠲᠠᠯᠢᠭ ᠠᠮᠲᠠ ᠠᠨᠤ ᠮᠢᠬᠠᠨ ᠳ᠋ᠤᠷ ᠪᠠᠭᠤᠬᠤ ᠪᠣᠯᠬᠣᠷ ᠮᠢᠬᠠᠨ ᠤ᠋ ᠡᠪᠡᠳᠴᠢᠨ ᠲᠡᠢ ᠬᠥᠮᠦᠨ ᠠᠮᠲᠠᠯᠢᠭ ᠢ᠋ ᠪᠢᠲᠡᠭᠡᠢ ᠢᠯᠡᠭᠦᠦ ᠢᠳᠡᠭᠲᠦᠨ᠃
ᠢᠰᠬᠦᠯᠡᠩ ᠠᠮᠲᠠ ᠠᠨᠤ ᠰᠢᠷᠪᠦᠰᠦᠨ ᠳ᠋ᠦ᠍ᠷ ᠪᠠᠭᠤᠬᠤ ᠪᠣᠯᠬᠣᠷ ᠰᠢᠷᠪᠦᠰᠦᠨ ᠡᠪᠡᠳᠴᠢᠨ ᠲᠡᠢ ᠬᠥᠮᠦᠨ ᠢᠨᠦ ᠢᠰᠬᠦᠯᠡᠩ ᠢ᠋ ᠪᠢᠲᠡᠭᠡᠢ ᠢᠳᠡᠭᠲᠦᠨ᠃
ᠡᠯᠢᠭᠡᠨ ᠡᠪᠡᠳᠴᠢᠨ ᠲᠡᠢ ᠬᠥᠮᠦᠨ ᠭᠤᠱᠤᠭᠤᠨ ᠢ᠋ ᠴᠡᠭᠡᠷᠯᠡᠵᠦ᠂ ᠲᠤᠲᠤᠷᠭ᠎ᠠ᠂ ᠦᠬᠡᠷ ᠦ᠋ᠨ ᠮᠢᠬ᠎ᠠ᠂ ᠤᠯᠠᠭᠠᠨ ᠬᠠᠯᠤᠮᠠ ᠪᠠ ᠴᠢᠪᠠᠭ᠎ᠠ ᠶ᠋ᠢᠨ ᠵᠦᠢᠯ ᠢ᠋ ᠢᠳᠡᠪᠡᠰᠦ ᠵᠣᠬᠢᠮᠤᠢ᠃
ᠵᠢᠷᠦᠬᠡᠨ ᠦ᠌ ᠡᠪᠡᠳᠴᠢᠨ ᠲᠡᠢ ᠬᠥᠮᠦᠨ ᠢᠨᠦ ᠳᠠᠪᠤᠰᠤᠯᠢᠭ ᠢ᠋ ᠴᠡᠭᠡᠷᠯᠡᠵᠦ᠂ ᠡᠷᠰᠡ ᠪᠤᠷᠴᠠᠭ᠂ ᠨᠣᠬᠠᠢ ᠶ᠋ᠢᠨ ᠮᠢᠬ᠎ᠠ᠃ ᠤᠯᠠᠭᠠᠨ ᠭᠦᠢᠯᠡᠰᠦ ᠪᠠ ᠭᠣᠭᠣᠳ ᠤ᠋ᠨ ᠵᠦᠢᠯ ᠢ᠋ ᠢᠳᠡᠪᠡᠰᠦ ᠵᠣᠬᠢᠮᠤᠢ᠃
ᠳᠡᠯᠢᠭᠦᠦ ᠶ᠋ᠢᠨ ᠡᠪᠡᠳᠴᠢᠨ ᠲᠡᠢ ᠬᠥᠮᠦᠨ ᠢᠨᠦ ᠢᠰᠬᠦᠯᠡᠩ ᠢ᠋ ᠴᠡᠭᠡᠷᠯᠡᠵᠦ᠂ ᠰᠢᠷ᠎ᠠ ᠪᠤᠷᠴᠠᠭ᠂ ᠭᠠᠬᠠᠢ ᠶ᠋ᠢᠨ ᠮᠢᠬ᠎ᠠ᠂ ᠲᠠᠤᠯᠠᠢ ᠶ᠋ᠢᠨ ᠪᠥᠭᠡᠷ᠎ᠡ ᠬᠢᠭᠡᠳ ᠦᠨᠦᠷᠬᠡᠨᠡ ᠶ᠋ᠢᠨ ᠵᠦᠢᠯ ᠢ᠋ ᠢᠳᠡᠪᠡᠰᠦ ᠵᠣᠬᠢᠮᠤᠢ᠃
ᠠᠭᠤᠰᠬᠢᠨ ᠡᠪᠡᠳᠴᠢᠨ ᠳ᠋ᠦ᠍ᠷ ᠭᠠᠰᠢᠭᠤᠨ ᠠᠮᠲᠠ ᠶ᠋ᠢ ᠴᠡᠭᠡᠷᠯᠡᠵᠦ᠂ ᠬᠠᠷᠢᠨ ᠪᠤᠭᠤᠳᠠᠢ᠂ ᠬᠣᠨᠢᠨ ᠮᠢᠬ᠎ᠠ᠂ ᠭᠦᠢᠯᠡᠰᠦ ᠬᠢᠭᠡᠳ ᠲᠣᠭᠳᠠᠤᠰᠤ ᠶ᠋ᠢᠨ ᠵᠦᠢᠯ ᠢ᠋ ᠢᠳᠡᠪᠡᠰᠦ ᠵᠣᠬᠢᠮᠤᠢ᠃
ᠪᠥᠭᠡᠷ᠎ᠡ ᠶ᠋ᠢᠨ ᠡᠪᠡᠳᠴᠢᠨ ᠳ᠋ᠦ᠍ᠷ ᠠᠮᠲᠠᠯᠢᠭ ᠠᠮᠲᠠ ᠶ᠋ᠢ ᠴᠡᠭᠡᠷᠯᠡᠵᠦ᠂ ᠬᠠᠷᠢᠨ ᠰᠢᠷ᠎ᠠ ᠨᠠᠩᠭᠢ ᠪᠤᠳᠠᠭ᠎ᠠ᠂ ᠲᠠᠬᠢᠶᠠᠨ ᠮᠢᠬ᠎ᠠ᠂ ᠲᠣᠭᠣᠷ ᠬᠢᠭᠡᠳ ᠰᠣᠩᠭᠢᠨ᠎ᠠ ᠶ᠋ᠢᠨ ᠵᠦᠢᠯ ᠢ᠋ ᠢᠳᠡᠪᠡᠰᠦ ᠵᠣᠬᠢᠮᠤᠢ᠃
ᠬᠦᠴᠢᠯᠢᠭ ᠢ᠋ ᠢᠯᠡᠭᠦᠦ ᠢᠳᠡᠪᠡᠰᠦ ᠡᠯᠢᠭᠡᠨ ᠦ᠌ ᠰᠢᠮ᠎ᠡ ᠰᠢᠭᠦᠰᠦ ᠠᠷᠪᠢᠳᠴᠤ᠂ ᠳᠡᠯᠢᠭᠦᠨ ᠲᠠᠮᠢᠷ ᠪᠠᠷᠠᠭᠳᠠᠭᠰᠠᠨ ᠠ᠋ᠴᠠ ᠪᠣᠯᠵᠤ ᠪᠤᠯᠴᠢᠩ ᠮᠢᠬ᠎ᠠ ᠰᠠᠭᠠᠷᠢᠲᠤᠨ ᠬᠤᠨᠢᠶᠠᠰᠤᠯᠠᠵᠤ ᠤᠷᠤᠭᠤᠯ ᠬᠦᠷᠡᠭᠳᠡᠮᠦᠢ᠃
ᠳᠠᠪᠤᠰᠤᠯᠢᠭ ᠢ᠋ ᠢᠯᠡᠭᠦᠦ ᠢᠳᠡᠪᠡᠰᠦ ᠶᠠᠰᠤᠨ ᠤ᠋ ᠰᠢᠮ᠎ᠡ ᠲᠠᠮᠢᠷ ᠬᠣᠬᠢᠷᠠᠭᠲᠤᠨ ᠰᠢᠮ᠎ᠡ ᠰᠢᠭᠦᠰᠦ ᠪᠠᠷᠠᠭᠳᠠᠬᠤ ᠲᠤᠯᠠ ᠰᠤᠳᠠᠯ ᠠᠨᠤ ᠴᠡᠷᠴᠡᠩᠭᠢᠯᠡᠨ ᠬᠠᠲᠠᠭᠤᠷᠠᠬᠤ ᠤᠴᠢᠷ ᠠ᠋ᠴᠠ ᠥᠩᠭᠡ ᠵᠢᠰᠦ ᠬᠤᠪᠢᠷᠠᠮᠤᠢ᠃
ᠠᠮᠲᠠᠯᠢᠭ ᠢ᠋ ᠢᠯᠡᠭᠦᠦ ᠢᠳᠡᠪᠡᠰᠦ ᠠᠶᠤᠤᠯᠢᠬᠠᠢ ᠴᠡᠭᠡᠵᠢ ᠳᠦᠭᠦᠷᠵᠦ ᠠᠭᠰᠠᠵᠤ ᠣᠭᠣᠭᠢᠯᠠᠬᠤ᠂ ᠥᠩᠭᠡ ᠵᠢᠰᠦ ᠬᠠᠷᠠᠯᠠᠨ᠂ ᠪᠥᠭᠡᠷ᠎ᠡ ᠶ᠋ᠢᠨ ᠲᠠᠮᠢᠷ ᠲᠡᠭᠰᠢ ᠪᠡᠨ ᠠᠯᠳᠠᠵᠤ᠂ ᠶᠠᠰᠤ ᠡᠪᠡᠷᠰᠢᠶᠡᠨ ᠭᠡᠵᠢᠭᠡ ᠦᠰᠦ ᠬᠠᠯᠴᠠᠷᠠᠮᠤᠢ᠃
ᠭᠠᠰᠢᠭᠤᠨ ᠢ᠋ ᠢᠯᠡᠭᠦᠦ ᠢᠳᠡᠪᠡᠰᠦ ᠳᠡᠯᠢᠭᠦᠨ ᠢᠨᠦ ᠰᠢᠮ᠎ᠡ ᠰᠢᠭᠦᠰᠦ ᠳᠤᠲᠠᠭᠳᠠᠨ ᠬᠣᠳᠣᠭᠣᠳᠣᠨ ᠲᠠᠮᠢᠷ ᠠᠷᠪᠢᠳᠤᠭᠰᠠᠨ ᠠ᠋ᠴᠠ ᠠᠷᠠᠰᠤ ᠬᠥᠷᠥᠰᠥ ᠬᠠᠲᠠᠩᠭᠢᠷᠠᠨ ᠦᠰᠦ ᠵᠤᠯᠭᠠᠷᠠᠮᠤᠢ᠃
ᠭᠤᠱᠤᠭᠤᠨ ᠢ᠋ ᠢᠯᠡᠭᠦᠦ ᠢᠳᠡᠪᠡᠰᠦ ᠰᠤᠳᠠᠯ ᠰᠢᠷᠪᠥᠰᠥ ᠭᠡᠮᠲᠦᠨ ᠰᠤᠯᠠᠷᠠᠵᠤ ᠲᠠᠮᠢᠷ ᠬᠦᠴᠦᠨ ᠬᠥᠨᠥᠭᠡᠭᠳᠡᠭᠰᠡᠨ ᠡᠴᠡ ᠪᠣᠯᠵᠤ ᠰᠢᠷᠪᠥᠰᠥ ᠲᠠᠲᠠᠯᠲᠠᠨ ᠬᠢᠮᠤᠰᠤ ᠬᠠᠲᠠᠩᠭᠢᠷᠠᠮᠤᠢ᠃
ᠲᠠᠪᠤᠨ ᠲᠠᠷᠢᠶᠠᠨ ᠦᠷ᠎ᠡ ᠪᠣᠯᠪᠠᠰᠤ ᠭᠣᠣᠯ ᠢᠳᠡᠭᠡᠨ ᠪᠣᠯᠤᠮᠤᠢ᠃ ᠲᠠᠪᠤᠨ ᠲᠥᠷᠥᠯ ᠦ᠋ᠨ ᠵᠢᠮᠢᠰ ᠪᠣᠯᠪᠠᠰᠤ ᠲᠤᠰᠠᠯᠠᠮᠵᠢ ᠪᠣᠯᠤᠮᠤᠢ᠃ ᠲᠠᠪᠤᠨ ᠲᠥᠷᠥᠯ ᠦ᠋ᠨ ᠮᠢᠬ᠎ᠠ ᠪᠣᠯᠪᠠᠰᠤ ᠲᠡᠳᠬᠦᠮᠵᠢ ᠪᠣᠯᠤᠮᠤᠢ᠃ ᠲᠠᠪᠤᠨ ᠲᠥᠷᠥᠯ ᠦ᠋ᠨ ᠨᠣᠭᠣᠭ᠎ᠠ ᠪᠣᠯᠪᠠᠰᠤ ᠬᠠᠩᠭᠠᠮᠵᠢ ᠪᠣᠯᠤᠮᠤᠢ᠃ ᠦᠨᠦᠷ ᠠᠮᠲᠠ ᠶ᠋ᠢ ᠨᠡᠢᠴᠡᠭᠦᠯᠦᠨ ᠵᠣᠬᠢᠴᠠᠭᠤᠯᠤᠭᠠᠳ ᠢᠳᠡᠵᠦ ᠤᠤᠭᠤᠪᠠᠰᠤ ᠬᠦᠴᠦᠨ ᠲᠠᠮᠢᠷ ᠢ᠋ ᠰᠡᠯᠪᠢᠨ ᠰᠠᠢᠵᠢᠷᠠᠭᠤᠯᠤᠮᠤᠢ᠃
ᠬᠡᠳᠦᠢᠪᠡᠷ ᠲᠠᠪᠤᠨ ᠠᠮᠲᠠ ᠶ᠋ᠢ ᠰᠠᠢᠲᠤᠷ ᠵᠣᠬᠢᠴᠠᠭᠤᠯᠤᠨ ᠨᠠᠢᠷᠠᠭᠤᠯᠤᠭᠠᠳ ᠢᠳᠡᠵᠦ ᠤᠤᠭᠤᠪᠠᠰᠤ ᠵᠣᠬᠢᠬᠤ ᠪᠣᠯᠪᠠᠴᠤ᠂ ᠬᠠᠷᠢᠨ ᠳᠤᠷᠠᠰᠢᠯ ᠤ᠋ᠨ ᠲᠠᠪᠠ ᠪᠠᠷ ᠬᠡᠲᠦᠷᠡᠭᠦᠯᠦᠨ ᠡᠳ᠋ᠯᠡᠵᠦ ᠦᠯᠦ ᠪᠣᠯᠤᠮᠤᠢ ᠊ᠢ ᠠ᠃ ᠬᠡᠲᠦᠷᠬᠡᠢ ᠡᠳ᠋ᠯᠡᠪᠡᠰᠦ ᠡᠪᠡᠳᠴᠢᠯᠡᠵᠦ᠂ ᠲᠠᠲᠠᠭᠤ ᠡᠳ᠋ᠯᠡᠪᠡᠰᠦ ᠲᠤᠰᠠᠯᠠᠮᠤᠢ᠃ ᠦᠨᠦᠷ ᠠᠮᠲᠠ ᠪᠦᠷᠢᠳᠦᠭᠰᠡᠨ ᠦᠨᠡᠲᠦ ᠨᠠᠨᠳᠢᠨ ᠢᠳᠡᠰᠢ ᠤᠤᠭᠤᠰᠢ ᠶ᠋ᠢ ᠦᠨᠡᠨ ᠬᠦ᠌ ᠬᠡᠮᠵᠢᠶ᠎ᠡ ᠳᠠᠮᠵᠢᠶ᠎ᠠ ᠲᠠᠢ ᠪᠠᠷ ᠡᠳ᠋ᠯᠡᠬᠦ ᠢᠨᠦ ᠡᠷᠬᠢᠮ ᠳᠡᠭᠡᠳᠦ ᠪᠣᠯᠠᠢ᠃
ᠦᠰᠦᠭ ᠠᠮᠢᠯᠠᠭᠤᠯᠤᠭᠰᠠᠨ ᠨᠢ ᠄ ᠭᠠᠸᠠ
