ᠪᠣᠷᠣ ᠪᠣᠷᠣ ᠶ᠋ᠢᠨ ᠪᠢᠯᠵᠤᠤᠬᠠᠢ- ᠯ· ᠴᠢᠯᠠᠭᠤᠨᠪᠠᠭᠠᠲᠤᠷ Bor boriin byalzuuhai- Chuluunbaatar -Бор борын бялзуухай- Л.Чулуунбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠣ ᠪᠣᠷᠣ ᠶ᠋ᠢᠨ ᠪᠢᠯᠵᠤᠤᠬᠠᠢ- ᠯ· ᠴᠢᠯᠠᠭᠤᠨᠪᠠᠭᠠᠲᠤᠷ Bor boriin byalzuuhai- Chuluunbaatar -Бор борын бялзуухай- Л.Чулуунбаатар

ᠪᠣᠷᠣ ᠪᠣᠷᠣ ᠶ᠋ᠢᠨ ᠪᠢᠯᠵᠤᠤᠬᠠᠢ- ᠯ· ᠴᠢᠯᠠᠭᠤᠨᠪᠠᠭᠠᠲᠤᠷ Bor boriin byalzuuhai- Chuluunbaatar -Бор борын бялзуухай- Л.Чулуунбаатар

ᠠᠩᠭᠢᠯᠠᠯ:ᠳᠠᠭᠤᠤ ᠬᠥᠭᠵᠢᠮ
2026-10-05

38

ᠪᠣᠷᠣ ᠪᠣᠷᠣ ᠶ᠋ᠢᠨ ᠪᠢᠯᠵᠤᠤᠬᠠᠢ


   ᠦᠭᠡ᠄ ᠦ᠊· ᠬᠦᠷᠡᠯᠪᠠᠭᠠᠲᠤᠷ 
   ᠠᠶ᠎ᠠ᠄ ᠲ· ᠰᠠᠷᠠᠣ᠋ᠳᠣ 
   ᠳᠠᠭᠤᠴᠢᠨ᠄ ᠯ· ᠴᠢᠯᠠᠭᠤᠨᠪᠠᠭᠠᠲᠤᠷ 

ᠪᠣᠳᠣᠯ ᠳ᠋ᠤ᠌ ᠪᠠᠨ ᠤᠶᠠᠭᠠᠲᠠᠢ ᠨᠤᠲᠤᠭ ᠮᠢᠨᠢ 
ᠪᠣᠲᠣᠭᠣᠨ ᠨᠢᠯᠪᠤᠰᠤ ᠲᠠᠢ 
ᠪᠣᠷᠣ ᠪᠣᠷᠣ ᠶ᠋ᠢᠨ ᠪᠢᠯᠵᠤᠤᠬᠠᠢ ᠲᠩᠷᠢ ᠶ᠋ᠢᠨ ᠠᠮᠢ ᠲᠠᠢ 
ᠪᠣᠢᠲᠣᠭ ᠤ᠋ᠨ ᠬᠣᠩᠬᠣ ᠰᠢᠭ᠋ ᠪᠠᠯᠴᠢᠷ ᠨᠠᠰᠤ 
ᠵᠡᠭᠦᠳᠦᠨ ᠳ᠋ᠦ᠍ ᠠᠷᠭᠠᠮᠵᠢᠶ᠎ᠠ ᠲᠠᠢ 
ᠪᠣᠷᠣᠬᠠᠨ ᠲᠠᠯ᠎ᠠ ᠶ᠋ᠢᠨ ᠲᠤᠯᠤᠭᠠᠳ ᠢᠩᠭᠡᠨ ᠪᠤᠢᠯᠠᠭ᠎ᠠ ᠲᠠᠢ 

ᠪᠣᠲᠣᠭᠣᠨ ᠪᠣᠲᠣᠭᠣᠨ ᠨᠢᠯᠪᠤᠰᠤ ᠪᠣᠷᠳᠣᠭ ᠪᠣᠷᠳᠣᠭ ᠳᠦᠭᠦᠷᠦᠨ᠎ᠡ
ᠪᠣᠷᠣ ᠪᠣᠷᠣ ᠶ᠋ᠢᠨ ᠪᠢᠯᠵᠤᠤᠬᠠᠢ ᠪᠣᠳᠣᠯ ᠰᠠᠨᠠᠭᠠᠨ ᠳ᠋ᠤ᠌ ᠵᠢᠷᠭᠢᠨ᠎ᠡ

ᠳᠤᠷᠠᠯᠠᠯ ᠳ᠋ᠤ᠌ ᠪᠠᠨ ᠤᠶᠠᠭᠠᠲᠠᠢ ᠵᠢᠷᠦᠬᠡ ᠮᠢᠨᠢ
ᠳᠤᠰᠤᠯ ᠨᠢᠯᠪᠤᠰᠤ ᠲᠠᠢ
ᠳᠠᠭᠤᠤ ᠳᠠᠭᠤᠨ ᠤ᠋ ᠠᠶᠠᠯᠭᠤ ᠨᠠᠷᠠᠨ ᠤ᠋ ᠤᠶᠠᠩᠭ᠎ᠠ ᠲᠠᠢ
ᠳᠤᠷᠳᠤᠩ ᠲᠡᠷᠯᠢᠭ ᠰᠢᠭ ᠵᠠᠯᠠᠭᠤ ᠨᠠᠰᠤ
ᠪᠣᠯᠵᠣᠭᠠᠨ ᠳ᠋ᠤ᠌ ᠠᠷᠭᠠᠮᠵᠢᠶ᠎ᠠ ᠲᠠᠢ
ᠳᠠᠭᠤ ᠦᠭᠡᠢ ᠨᠡᠭᠦᠳᠡᠯᠯᠡᠬᠦ ᠡᠭᠦᠯᠡᠰ ᠰᠠᠷᠠᠨ ᠪᠦᠪᠡᠢ ᠲᠡᠢ

ᠳᠤᠰᠤᠯ ᠳᠤᠰᠤᠯ ᠨᠢᠯᠪᠤᠰᠤ ᠲᠤᠨᠲᠠᠷᠠᠨ ᠲᠤᠨᠲᠠᠷᠠᠨ ᠰᠢᠷᠭᠢᠨ᠎ᠡ
ᠳᠠᠭᠤ ᠳᠠᠭᠤᠨ ᠤ᠋ ᠪᠢᠯᠵᠤᠤᠬᠠᠢ ᠳᠤᠷᠠᠰᠤᠮᠵᠢ ᠴᠠᠯᠭᠢᠨ ᠵᠢᠷᠭᠢᠨ᠎ᠡ

ᠮᠥᠷᠥᠭᠡᠳᠦᠯ ᠳ᠋ᠦ᠍ ᠤᠶᠠᠭᠠᠲᠠᠢ ᠰᠡᠳᠬᠢᠯ ᠮᠢᠨᠢ ᠮᠥᠩᠭᠥᠨ ᠨᠢᠯᠪᠤᠰᠤ ᠲᠠᠢ
ᠮᠥᠷ ᠮᠥᠷ ᠦ᠋ᠨ ᠵᠠᠶᠠᠭ᠎ᠠ ᠨᠢ ᠣᠷᠴᠢᠯᠠᠩ ᠤ᠋ᠨ ᠲᠠᠪᠢᠯᠠᠩ ᠲᠠᠢ
ᠮᠥᠩᠬᠡ ᠶ᠋ᠢᠨ ᠳᠠᠭᠤᠤ ᠰᠢᠭ᠋ ᠬᠣᠩᠭᠣᠷ ᠨᠠᠰᠤ ᠠᠮᠢᠳᠤᠷᠠᠯ ᠳ᠋ᠤ᠌ ᠠᠷᠭᠠᠮᠵᠢᠶ᠎ᠠ ᠲᠠᠢ
ᠮᠥᠭᠥ ᠶ᠋ᠢᠨ ᠴᠠᠭᠠᠨ ᠬᠦᠷᠢᠶ᠎ᠡ ᠨᠢ ᠡᠷ᠎ᠡ ᠶ᠋ᠢᠨ ᠬᠡᠢᠮᠣᠷᠢ ᠲᠠᠢ

ᠮᠥᠩᠭᠥᠨ ᠮᠥᠩᠭᠥᠨ ᠨᠢᠯᠪᠤᠰᠤ ᠮᠥᠷᠡᠨ ᠮᠥᠷᠡᠨ ᠳ᠋ᠦ᠍ ᠪᠡᠨ ᠴᠢᠳᠬᠤᠨ᠎ᠠ
ᠮᠥᠷ ᠮᠥᠷ ᠦ᠋ᠨ ᠪᠢᠯᠵᠤᠤᠬᠠᠢ
ᠮᠥᠷᠥᠭᠡᠳᠦᠯ ᠳᠠᠯᠠᠯᠤᠨ ᠵᠢᠷᠭᠢᠨ᠎ᠡ

ᠮᠥᠩᠭᠥᠨ ᠮᠥᠩᠭᠥᠨ ᠨᠢᠯᠪᠤᠰᠤ ᠮᠥᠷᠡᠨ ᠮᠥᠷᠡᠨ ᠳ᠋ᠦ᠍ ᠪᠡᠨ ᠴᠢᠳᠬᠤᠨ᠎ᠠ
ᠮᠥᠷ ᠮᠥᠷ ᠦ᠋ᠨ ᠪᠢᠯᠵᠤᠤᠬᠠᠢ
ᠮᠥᠷᠥᠭᠡᠳᠦᠯ ᠳᠠᠯᠠᠯᠤᠨ ᠵᠢᠷᠭᠢᠨ᠎ᠡ
ᠮᠥᠷᠥᠭᠡᠳᠦᠯ ᠳᠠᠯᠠᠯᠤᠨ ᠵᠢᠷᠭᠢᠨ᠎ᠡ

ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ