ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ - ( 2026 . 09 )
ᠬᠠᠮᠪᠤ ᠪᠯᠡᠮᠡ ᠳ᠋ᠠᠮᠪᠠ ᠠᠶᠤᠰᠢᠶᠸᠪ/
ᠢᠲᠡᠭᠡᠯᠲᠦ ᠬᠠᠮᠪᠤ ᠪᠯᠡᠮᠡ ᠶ᠋ᠢᠨ ᠵᠠᠯᠪᠠᠷᠢᠯ
ᠰᠠᠢᠨ ᠴᠢᠮᠡᠭ ᠲᠡᠢ ᠯᠠᠭᠱᠠᠨ ᠤ᠋ ᠮᠠᠨᠳᠠᠯ ᠳᠡᠯᠭᠡᠷᠡᠭᠰᠡᠨ
ᠥᠯᠵᠡᠢ ᠲᠡᠢ ᠵᠠᠷᠯᠢᠭ ᠢ᠋ᠶ᠋ᠠᠷ ᠮᠠᠨ ᠤ᠋ ᠰᠡᠳᠬᠢᠯ ᠨᠣᠮᠣᠬᠠᠷᠠᠭᠰᠠᠨ
ᠸᠴᠢᠷ ᠮᠡᠲᠦ ᠭᠦᠨᠵᠡᠭᠡᠢ ᠲᠠᠭᠠᠯᠠᠯ ᠡᠷᠬᠡᠰᠢᠶᠡᠭᠰᠡᠨ
ᠢᠲᠡᠭᠡᠯᠲᠦ ᠬᠠᠮᠪᠤ ᠪᠯᠡᠮᠡ ᠶ᠋ᠢᠨ ᠥᠯᠮᠡᠢ ᠳ᠋ᠦ᠍ ᠵᠠᠯᠪᠠᠷᠢᠨᠠᠮ
ᠣᠸᠮ᠎ᠠ ᠬᠦᠷᠦ ᠱᠠᠱᠠ ᠳ᠋ᠠᠷ᠎ᠠ ᠳᠢ ᠮᠠᠮ ᠰᠤᠬ᠎ᠠ
ᠣᠸᠮ᠎ᠠ ᠬᠦᠷᠦ ᠱᠠᠱᠠ ᠳ᠋ᠠᠷ᠎ᠠ ᠳᠢ ᠮᠠᠮ ᠰᠤᠬ᠎ᠠ
ᠣᠸᠮ᠎ᠠ ᠬᠦᠷᠦ ᠱᠠᠱᠠ ᠳ᠋ᠠᠷ᠎ᠠ ᠳᠢ ᠮᠠᠮ ᠰᠤᠬ᠎ᠠ
2026 . 09 . 01
ᠮᠣᠷᠢ ᠵᠢᠯ ᠂ ᠪᠡᠴᠢ ᠰᠠᠷ᠎ᠠ ᠶ᠋ᠢᠨ 19 ᠦ᠌ ᠰᠢᠷ᠎ᠠ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠪᠡᠶ᠎ᠡ ᠳ᠋ᠦ᠍ ᠬᠦᠨᠳᠦ ᠤᠴᠢᠷ ᠠ᠋ᠴᠠ ᠬᠡᠲᠦᠷᠡᠭᠰᠡᠨ ᠬᠥᠮᠦᠨ ᠢ᠋ ᠢᠲᠡᠭᠡᠯᠲᠦ ᠪᠠᠭᠰᠢ ᠦᠵᠡᠭᠡᠳ ᠄ 《 ᠵᠦᠩ ᠪᠢᠯᠢᠭ ᠢ᠋ᠶ᠋ᠡᠷ ᠮᠡᠳᠡᠷᠡᠵᠦ ᠵᠠᠮ ᠳ᠋ᠤ᠌ ᠨᠢ ᠵᠠᠯᠠᠬᠤ ᠬᠡᠷᠡᠭᠲᠡᠢ 》 ᠭᠡᠮᠡᠨ ᠠᠢᠯᠠᠳᠤᠯ᠎ᠠ᠃
2026 . 09 . 02
ᠮᠣᠷᠢ ᠵᠢᠯ ᠂ ᠪᠠᠴᠢ ᠰᠠᠷ᠎ᠠ ᠶ᠋ᠢᠨ 21 ᠦ᠌ ᠰᠢᠷᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
13 ᠲᠡᠭᠷᠢ ᠳ᠋ᠦ᠍ ᠲᠠᠬᠢᠯ ᠤ᠋ᠨ ᠡᠭᠦᠯᠡᠨ ᠪᠠᠢᠭᠤᠯ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄ 《 ᠳᠣᠲᠣᠭᠠᠳᠤ ᠶᠢᠷᠲᠢᠨᠴᠦ ᠳ᠋ᠦ᠍ ᠰᠦᠮᠪᠦᠷ ᠠᠭᠤᠯᠠ ᠪᠦᠲᠦᠭᠡ 》 ᠭᠡᠮᠡᠨ ᠠᠢᠯᠠᠳᠤᠯ᠎ᠠ᠃
2026 . 09 . 03
ᠮᠣᠷᠢ ᠵᠢᠯ ᠂ ᠪᠡᠴᠢ ᠰᠠᠷ᠎ᠠ ᠶ᠋ᠢᠨ 22 ᠊ᠤᠨ ᠴᠠᠭᠠᠨ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ᠄ 《 ᠦᠢᠯᠡ ᠪᠦᠲᠦᠭᠡᠬᠦ ᠶ᠋ᠢᠨ ᠲᠥᠯᠥᠭᠡ ᠶᠠᠭᠤ ᠬᠡᠷᠡᠭᠲᠡᠢ ᠶᠤᠮ》 ᠭᠡᠵᠦ ᠠᠰᠠᠭᠤᠨ᠎ᠠ ᠃ ᠢᠲᠡᠭᠡᠯᠲᠦ ᠪᠠᠭᠰᠢ ᠄ 《 ᠠᠷᠢᠭᠤᠨ ᠦᠢᠯᠡ ᠶ᠋ᠢᠨ ᠨᠡᠷ᠎ᠡ ᠳᠡᠭᠡᠭᠰᠢᠯᠡ 》 ᠭᠡᠮᠡᠨ ᠠᠢᠯᠠᠳᠤᠯ᠎ᠠ᠃
2026 . 09 . 04
ᠮᠣᠷᠢ ᠵᠢᠯ ᠂ ᠪᠠᠴᠢ ᠰᠠᠷ᠎ᠠ ᠶ᠋ᠢᠨ 23 ᠤ᠋ ᠴᠠᠭᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠵᠣᠷᠢᠭ ᠶᠡᠬᠡ ᠲᠡᠢ ᠬᠥᠮᠦᠨ ᠳ᠋ᠦ᠍ ᠢᠲᠡᠭᠡᠯᠲᠦ ᠪᠠᠭᠰᠢ ᠄ 《 ᠪᠣᠳᠢ ᠮᠥᠷ ᠲᠦ᠍ ᠣᠷᠣᠭᠰᠠᠨ ᠳᠠᠷᠠᠭ᠎ᠠ ᠵᠠᠪᠠᠯ ᠪᠤᠷᠬᠠᠨ ᠪᠣᠯᠬᠤ 》 ᠭᠡᠮᠡᠨ ᠠᠢᠯᠠᠳᠤᠯ᠎ᠠ᠃
2026 . 09 . 05
ᠮᠣᠷᠢ ᠵᠢᠯ ᠂ ᠪᠠᠴᠢ ᠰᠠᠷ᠎ᠠ ᠶ᠋ᠢᠨ 24 ᠦ᠌ ᠬᠠᠷ᠎ᠠ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠭᠱᠠᠨ ᠳᠣᠲᠣᠷ᠎ᠠ ᠭᠠᠳᠠᠭᠠᠳᠤ ᠶᠢᠷᠲᠢᠨᠴᠦ ᠣᠯᠠᠨ ᠶᠠᠩᠵᠤ ᠪᠠᠷ ᠦᠵᠡᠭᠳᠡᠨ᠎ᠡ ᠃ ᠢᠲᠡᠭᠡᠯᠲᠦ ᠪᠠᠭᠰᠢ ᠄ 《 ᠬᠥᠮᠦᠨ ᠦ᠌ ᠳᠣᠲᠣᠷ᠎ᠠ ᠪᠣᠯᠵᠤ ᠬᠤᠪᠢᠷᠠᠵᠤ ᠪᠠᠢᠭ᠎ᠠ ᠶᠠᠭᠤᠮᠠᠨ ᠭᠠᠳᠠᠭᠠᠳᠤ ᠶᠢᠷᠲᠢᠨᠴᠦ ᠪᠣᠯᠤᠭᠠᠳ ᠦᠵᠡᠭᠳᠡᠨ᠎ᠡ 》 ᠭᠡᠮᠡᠨ ᠠᠢᠯᠠᠳᠤᠯ᠎ᠠ᠃
2026 . 09 . 06
ᠮᠣᠷᠢ ᠵᠢᠯ ᠂ ᠪᠡᠴᠢ ᠰᠠᠷ᠎ᠠ ᠶ᠋ᠢᠨ 25 ᠤ᠋ ᠬᠠᠷᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ ᠵᠦᠯᠳᠡ ᠰᠠᠬᠢᠭᠴᠢ ᠶ᠋ᠢᠨ ᠠᠮᠢ ᠲᠡᠭᠷᠢ ᠳ᠋ᠦ᠍ ᠵᠠᠯᠪᠠᠷᠢᠨ᠎ᠠ ᠃ ᠢᠲᠡᠭᠡᠯᠲᠦ ᠪᠠᠭᠰᠢ ᠄ 《 ᠰᠡᠳᠬᠢᠯ ᠳ᠋ᠦ᠍ ᠮᠥᠨ ᠴᠢᠨᠠᠷ ᠭᠡᠵᠦ ᠦᠭᠡᠢ 》 ᠭᠡᠮᠡᠨ ᠠᠢᠯᠠᠳᠤᠯ᠎ᠠ᠃
2026 . 09 . 07
ᠮᠣᠷᠢ ᠵᠢᠯ ᠂ ᠪᠡᠴᠢ ᠰᠠᠷ᠎ᠠ ᠶ᠋ᠢᠨ 26 ᠤ᠋ ᠬᠥᠬᠡ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠨᠤᠲᠤᠭ ᠲᠤ᠌ ᠣᠯᠠᠨ ᠴᠠᠭᠠᠨ ᠢᠮᠠᠭ᠎ᠠ ᠨᠤᠭᠤᠳ ᠲᠠᠢ ᠡᠪᠦᠭᠡᠳ ᠳᠡᠭᠡᠵᠢ ᠰᠠᠴᠤᠵᠤ ᠪᠠᠢᠨ᠎ᠠ ᠃ ᠢᠲᠡᠭᠡᠯᠲᠦ ᠪᠠᠭᠰᠢ ᠄ 《 ᠡᠨᠡ ᠦᠢᠯᠡ ᠪᠡᠷ ᠠᠮᠢᠲᠠᠨ ᠪᠦᠭᠦᠳᠡ ᠶ᠋ᠢᠨ ᠬᠡᠷᠡᠭ ᠪᠦᠲᠦᠬᠦ ᠨᠢ ᠪᠣᠯᠲᠤᠭᠠᠢ 》 ᠭᠡᠮᠡᠨ ᠠᠢᠯᠠᠳᠤᠯ᠎ᠠ᠃
2026 . 09 . 08
ᠮᠣᠷᠢ ᠵᠢᠯ ᠂ ᠪᠠᠴᠢ ᠰᠠᠷ᠎ᠠ ᠶ᠋ᠢᠨ 27 ᠤ᠋ ᠬᠥᠬᠡᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠵᠣᠷᠢᠭ ᠲᠠᠢ ᠬᠥᠮᠦᠨ ᠦ᠌ ᠲᠤᠬᠠᠢ ᠢᠲᠡᠭᠡᠯᠲᠦ ᠪᠠᠭᠰᠢ ᠄ 《 ᠬᠣᠶᠠᠷ ᠲᠠᠯ᠎ᠠ ᠳ᠋ᠤ᠌ ᠬᠦᠴᠦ ᠲᠡᠢ 》 ᠭᠡᠮᠡᠨ ᠠᠢᠯᠠᠳᠤᠯ᠎ᠠ᠃
2026 . 09 . 09
ᠮᠣᠷᠢ ᠵᠢᠯ ᠂ ᠪᠡᠴᠢ ᠰᠠᠷ᠎ᠠ ᠶ᠋ᠢᠨ 28 ᠤ᠋ ᠤᠯᠠᠭᠠᠨ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠡᠯᠢᠭᠡ ᠨᠢᠮᠭᠡᠨ ᠲᠠᠢ ᠬᠥᠮᠦᠨ ᠲᠤᠬᠠᠢ ᠢᠲᠡᠭᠡᠯᠲᠦ ᠪᠠᠭᠰᠢ ᠄ 《 ᠪᠢᠯᠢᠭ ᠤᠬᠠᠭᠠᠨ ᠨᠢ ᠡᠷᠡᠭᠦᠯ ᠭᠡᠭᠡᠨ ᠦ᠌ ᠭᠡᠰᠢᠭᠦᠨ ᠪᠣᠯᠬᠤ 》 ᠭᠡᠮᠡᠨ ᠠᠢᠯᠠᠳᠤᠯ᠎ᠠ᠃
2026 . 09 . 10
ᠮᠣᠷᠢ ᠵᠢᠯ ᠂ ᠪᠠᠴᠢ ᠰᠠᠷ᠎ᠠ ᠶ᠋ᠢᠨ 29 ᠦ᠌ ᠤᠯᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠪᠤᠷᠬᠠᠨ ᠪᠠᠭᠰᠢ ᠶ᠋ᠢᠨ ᠨᠣᠮ ᠪᠠ ᠴᠢᠭᠤᠯᠭᠠᠨ ᠤ᠋ ᠳᠡᠭᠡᠳᠦ ᠨᠦ᠍ᠭᠦᠳ ᠲᠣᠷ ᠮᠥᠷᠭᠥᠮᠦᠢ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄ 《 ᠲᠤᠰᠠ ᠡᠷᠳᠡᠮ ᠦ᠋ᠨ ᠰᠢᠯᠲᠠᠭᠠᠨ ᠢ᠋ᠶ᠋ᠠᠷ ᠳᠡᠭᠡᠳᠦ ᠣᠷᠣᠨ ᠳ᠋ᠤ᠌ ᠶᠠᠪᠤᠬᠤ 》 ᠭᠡᠮᠡᠨ ᠠᠢᠯᠠᠳᠤᠯ᠎ᠠ᠃
2026 . 09 . 11
ᠮᠣᠷᠢ ᠵᠢᠯ ᠂ ᠪᠡᠴᠢ ᠰᠠᠷ᠎ᠠ ᠶ᠋ᠢᠨ 30 ᠤ᠋ ᠰᠢᠷ᠎ᠠ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠥᠪᠡᠷ ᠦ᠋ᠨ ᠪᠤᠶᠠᠨ ᠬᠡᠰᠢᠭ ᠲᠡᠢ ᠬᠥᠮᠦᠨ ᠳ᠋ᠦ᠍ ᠢᠲᠡᠭᠡᠯᠲᠦ ᠪᠠᠭᠰᠢ ᠄ 《 ᠲᠡᠭᠷᠢ ᠰᠢᠲᠦᠭᠴᠢᠳ ᠬᠥᠮᠦᠰ ᠣᠷᠴᠢᠯᠠᠩ ᠠ᠋ᠴᠠ ᠭᠡᠲᠦᠯᠬᠦ ᠵᠠᠶᠠᠭ᠎ᠠ ᠦᠭᠡᠢ 》 ᠭᠡᠮᠡᠨ ᠠᠢᠯᠠᠳᠤᠯ᠎ᠠ᠃
2026 . 09 . 12
ᠮᠣᠷᠢ ᠵᠢᠯ ᠂ ᠲᠠᠬᠢᠶ᠎ᠠ ᠰᠠᠷ᠎ᠠ ᠶ᠋ᠢᠨ 1 ᠦ᠌ ᠰᠢᠷᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ᠄ 《 ᠶᠢᠷᠲᠢᠨᠴᠦ ᠳ᠋ᠦ᠍ ᠣᠭᠲᠠᠷᠭᠤᠢ ᠠ᠋ᠴᠠ ᠪᠢᠰᠢ ᠮᠥᠩᠬᠡ ᠶᠠᠭᠤᠮᠠᠨ ᠦᠭᠡᠢ 》 ᠭᠡᠨ᠎ᠡ ᠃ ᠢᠲᠡᠭᠡᠯᠲᠦ ᠪᠠᠭᠰᠢ ᠄ 《 ᠰᠡᠳᠬᠢᠯ ᠦ᠋ᠨ ᠭᠠᠳᠠᠭᠤᠷ < ᠪᠢ > ᠭᠡᠳᠡᠭ ᠣᠭᠲᠠᠷᠭᠤᠢ ᠮᠡᠲᠦ ᠣᠷᠣᠰᠢᠨ᠎ᠠ 》 ᠭᠡᠮᠡᠨ ᠠᠢᠯᠠᠳᠤᠯ᠎ᠠ᠃
2026 . 09 . 13
ᠮᠣᠷᠢ ᠵᠢᠯ ᠂ ᠲᠠᠬᠢᠶ᠎ᠠ ᠰᠠᠷ᠎ᠠ ᠶ᠋ᠢᠨ 2 ᠊ᠤᠨ ᠴᠠᠭᠠᠨ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠣᠯᠠᠨ ᠯᠠᠮᠠ ᠪᠠᠳᠮ᠎ᠠ ᠭᠠᠷᠪᠤ ᠶ᠋ᠢᠨ ᠰᠤᠳᠤᠷ( ᠴᠠᠭᠠᠨ ᠪᠠᠳᠮᠠᠯᠢᠩᠬᠤ᠎ᠠ ᠰᠤᠳᠤᠷ ) ᠠᠢᠯᠠᠳᠴᠤ ᠪᠠᠢᠨ᠎ᠠ ᠃ ᠢᠲᠡᠭᠡᠯᠲᠦ ᠪᠠᠭᠰᠢ ᠄ 《 ᠥᠩᠭᠡᠷᠡᠭᠰᠡᠨ ᠨᠠᠰᠤ ᠴᠠᠭᠠᠨ ᠯᠢᠩᠬᠤ᠎ᠠ ᠪᠠᠷ ᠰᠠᠯᠪᠠᠷᠠᠵᠤ ᠢᠷᠡᠳᠡᠭ 》 ᠭᠡᠮᠡᠨ ᠠᠢᠯᠠᠳᠤᠯ᠎ᠠ᠃
2026 . 09 . 14
ᠮᠣᠷᠢ ᠵᠢᠯ ᠂ ᠲᠠᠬᠢᠶ᠎ᠠ ᠰᠠᠷ᠎ᠠ ᠶ᠋ᠢᠨ 3 ᠤ᠋ ᠴᠠᠭᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠣᠯᠠᠨ ᠤ᠋ ᠲᠥᠯᠥᠭᠡ ᠵᠢᠳᠬᠦᠵᠦ ᠶᠠᠪᠤᠭᠰᠠᠨ ᠬᠥᠮᠦᠰ ᠲᠦ᠍ ᠢᠲᠡᠭᠡᠯᠲᠦ ᠪᠠᠭᠰᠢ ᠄ 《 ᠣᠶᠤᠨ ᠰᠠᠨᠠᠭᠠᠲᠠᠨ ᠠᠷᠢᠭᠤᠨ ᠵᠠᠮ ᠳ᠋ᠤ᠌ ᠤᠷᠤᠭ 〔 орог 〕》 ᠭᠡᠮᠡᠨ ᠠᠢᠯᠠᠳᠤᠯ᠎ᠠ ᠃
2026 . 09 . 15
ᠮᠣᠷᠢ ᠵᠢᠯ ᠂ ᠲᠠᠬᠢᠶ᠎ᠠ ᠰᠠᠷ᠎ᠠ ᠶ᠋ᠢᠨ 4 ᠦ᠌ ᠬᠠᠷ᠎ᠠ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠶᠡᠬᠡ ᠨᠠᠢᠷ ᠪᠣᠯᠵᠤ ᠪᠠᠢᠨ᠎ᠠ ᠃ ᠢᠲᠡᠭᠡᠯᠲᠦ ᠪᠠᠭᠰᠢ ᠄ 《 ᠬᠡᠨ ᠴᠦ᠍ ᠪᠠᠢᠭᠠᠳ ᠣᠳᠣ ᠠᠳᠠ ᠭᠱᠠᠨ ᠳᠣᠲᠣᠷ᠎ᠠ ᠪᠣᠳᠢ ᠰᠡᠳᠬᠢᠯ ᠲᠥᠷᠥᠭᠦᠯᠦᠭᠡᠳ ᠠᠪᠤᠨ᠎ᠠ 》 ᠭᠡᠮᠡᠨ ᠠᠢᠯᠠᠳᠤᠯ᠎ᠠ᠃
2026 . 09 . 16
ᠮᠣᠷᠢ ᠵᠢᠯ ᠂ ᠲᠠᠬᠢᠶ᠎ᠠ ᠰᠠᠷ᠎ᠠ ᠶ᠋ᠢᠨ 5 ᠤ᠋ ᠬᠠᠷᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠣᠮ ᠰᠤᠳᠤᠷ ᠤ᠋ᠨ ᠳᠠᠭᠤ ᠰᠣᠨᠣᠰᠤᠭᠳᠠᠨ᠎ᠠ ᠃ ᠢᠲᠡᠭᠡᠯᠲᠦ ᠪᠠᠭᠰᠢ ᠄ 《 ᠠᠮᠤᠭᠤᠯᠠᠩ ᠪᠠᠢᠳᠠᠯ ᠨᠣᠮ ᠤ᠋ᠨ ᠬᠦᠷᠢᠶᠡᠨ ᠳ᠋ᠦ᠍ 》 ᠭᠡᠮᠡᠨ ᠠᠢᠯᠠᠳᠤᠯ᠎ᠠ᠃
2026 . 09 . 17
ᠮᠣᠷᠢ ᠵᠢᠯ ᠂ ᠲᠠᠬᠢᠶ᠎ᠠ ᠰᠠᠷ᠎ᠠ ᠶ᠋ᠢᠨ 6 ᠤ᠋ ᠬᠥᠬᠡ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠶᠡᠬᠡ ᠪᠡᠷ ᠡᠪᠡᠳᠴᠢᠨ ᠵᠣᠪᠠᠯᠠᠩ ᠳ᠋ᠤ᠌ ᠠᠪᠲᠠᠭᠰᠠᠨ ᠪᠠᠢᠨᠠᠪ ᠭᠡᠰᠡᠨ ᠭᠣᠮᠣᠳᠠᠯ ᠲᠠᠢ ᠬᠥᠮᠦᠨ ᠳ᠋ᠦ᠍ ᠢᠲᠡᠭᠡᠯᠲᠦ ᠪᠠᠭᠰᠢ ᠄ 《 ᠵᠣᠷᠢᠭᠤᠳᠠ ᠬᠣᠣᠷᠯᠠᠭᠳᠠᠵᠤ ᠵᠣᠪᠠᠵᠤ ᠪᠠᠢᠬᠤ ᠬᠡᠨ ᠴᠦ᠍ ᠦᠭᠡᠢ ᠬᠠᠮᠤᠭ ᠵᠣᠪᠠᠯᠠᠩ ᠥᠪᠡᠷ ᠦ᠋ᠨ ᠰᠢᠯᠲᠠᠭᠠᠨ ᠠ᠋ᠴᠠ ᠭᠠᠷᠤᠨ᠎ᠠ 》 ᠭᠡᠮᠡᠨ ᠠᠢᠯᠠᠳᠤᠯ᠎ᠠ᠃
2026 . 09 . 18
ᠮᠣᠷᠢ ᠵᠢᠯ ᠂ ᠲᠠᠬᠢᠶ᠎ᠠ ᠰᠠᠷ᠎ᠠ ᠶ᠋ᠢᠨ 7 ᠤ᠋ ᠬᠥᠬᠡᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ᠄ 《 ᠥᠪᠡᠷ ᠦ᠋ᠨ ᠪᠤᠷᠤᠭᠤ ᠶᠠᠪᠤᠳᠠᠯ ᠠ᠋ᠴᠠ ᠶᠢᠷᠲᠢᠨᠴᠦ ᠪᠦᠲᠦᠳᠡᠭ 》 ᠭᠡᠨ᠎ᠡ ᠃ ᠢᠲᠡᠭᠡᠯᠲᠦ ᠪᠠᠭᠰᠢ᠄ 《 ᠰᠡᠳᠬᠢᠯ ᠦ᠋ᠨ ᠨᠢᠭᠤᠴᠠ ᠲᠠᠨᠢᠬᠤ ᠦᠭᠡᠢ ᠳ᠋ᠦ᠍ ᠪᠡᠨ ᠵᠣᠪᠠᠯᠠᠩ ᠬᠡᠵᠢᠶ᠎ᠡ ᠴᠦ᠍ ᠠᠷᠢᠯᠭᠠᠬᠤ ᠦᠭᠡᠢ 》 ᠭᠡᠮᠡᠨ ᠠᠢᠯᠠᠳᠤᠯ᠎ᠠ᠃
2026 . 09 . 19
ᠮᠣᠷᠢ ᠵᠢᠯ ᠂ ᠲᠠᠬᠢᠶ᠎ᠠ ᠰᠠᠷ᠎ᠠ ᠶ᠋ᠢᠨ 8 ᠤ᠋ ᠤᠯᠠᠭᠠᠨ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠰᠠᠬᠢᠯ ᠰᠠᠨᠸᠠᠷ ᠠᠪᠬᠤ ᠰᠠᠨᠠᠭ᠎ᠠ ᠲᠠᠢ ᠬᠥᠮᠦᠰ ᠲᠦ᠍ ᠢᠲᠡᠭᠡᠯᠲᠦ ᠪᠠᠭᠰᠢ ᠄ 《 ᠨᠣᠮ ᠤ᠋ᠨ ᠶᠣᠰᠣ ᠪᠠᠷ ᠶᠠᠪᠤᠬᠤ ᠭᠡᠪᠡᠯ ᠤᠬᠠᠭᠠᠨ ᠰᠡᠳᠬᠢᠯ ᠢ᠋ ᠬᠠᠮᠠᠭᠠᠯᠠᠨ᠎ᠠ 》 ᠭᠡᠮᠡᠨ ᠠᠢᠯᠠᠳᠤᠯ᠎ᠠ᠃
2026 . 09 . 20
ᠮᠣᠷᠢ ᠵᠢᠯ ᠂ ᠲᠠᠬᠢᠶ᠎ᠠ ᠰᠠᠷ᠎ᠠ ᠶ᠋ᠢᠨ 9 ᠦ᠌ ᠤᠯᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ᠄ 《 ᠥᠪᠡᠷ ᠢ᠋ᠶ᠋ᠡᠨ ᠬᠡᠬᠡᠷᠡᠭᠡ ᠦᠭᠡᠢ ᠪᠠᠢᠭᠠᠳ ᠠᠮᠢᠲᠠᠨ ᠳ᠋ᠤ᠌ ᠲᠤᠰᠠᠯᠠᠨ᠎ᠠ ᠭᠡᠳᠡᠭ ᠬᠤᠳᠠᠯ 》 ᠭᠡᠨ᠎ᠡ ᠃ ᠢᠲᠡᠭᠡᠯᠲᠦ ᠪᠠᠭᠰᠢ ᠄ 《 ᠡᠨᠡ ᠪᠡᠶ᠎ᠡ ᠳ᠋ᠡᠭᠡᠨ ᠰᠢᠨᠤᠵᠤ ᠪᠠᠷᠢᠴᠠᠯᠳᠤᠬᠤ ᠪᠣᠯ ᠥᠪᠡᠷ ᠦ᠋ᠨ ᠡᠷᠬᠡ ᠦᠭᠡᠢ ᠠᠶᠤᠯ ᠳ᠋ᠤ᠌ ᠠᠪᠲᠠᠨ᠎ᠠ 》 ᠭᠡᠮᠡᠨ ᠠᠢᠯᠠᠳᠤᠯ᠎ᠠ᠃
2026 . 09 . 21
ᠮᠣᠷᠢ ᠵᠢᠯ ᠂ ᠲᠠᠬᠢᠶ᠎ᠠ ᠰᠠᠷ᠎ᠠ ᠶ᠋ᠢᠨ 10 ᠤ᠋ ᠰᠢᠷ᠎ᠠ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ ᠥᠭᠯᠢᠭᠡ ᠶ᠋ᠢᠨ ᠡᠵᠡᠳ ᠲᠦ᠍ ᠪᠠᠶᠠᠷ ᠬᠦᠷᠭᠡᠪᠡ ᠃ ᠢᠲᠡᠭᠡᠯᠲᠦ ᠪᠠᠭᠰᠢ ᠄ 《 ᠦᠭᠡᠢᠷᠡᠯ ᠪᠦᠭᠦᠳᠡ ᠶ᠋ᠢ ᠠᠷᠢᠯᠭᠠᠵᠤ ᠥᠭᠯᠢᠭᠡ ᠶ᠋ᠢᠨ ᠴᠢᠨᠠᠳᠤ ᠳ᠋ᠤ᠌ ᠬᠦᠷᠬᠦ 》 ᠭᠡᠮᠡᠨ ᠠᠢᠯᠠᠳᠤᠯ᠎ᠠ᠃
2026 . 09 . 22
ᠮᠣᠷᠢ ᠵᠢᠯ ᠂ ᠲᠠᠬᠢᠶ᠎ᠠ ᠰᠠᠷ᠎ᠠ ᠶ᠋ᠢᠨ 11 ᠦ᠌ ᠰᠢᠷᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ ᠰᠤᠳᠤᠷ ᠰᠠᠢᠨ ᠮᠡᠳᠡᠬᠦ ᠶ᠋ᠢᠨ ᠲᠤᠯᠠ ᠮᠥᠷᠭᠥᠵᠦ ᠶᠠᠪᠤᠨ᠎ᠠ ᠃ ᠢᠲᠡᠭᠡᠯᠲᠦ ᠪᠠᠭᠰᠢ ᠄ 《 ᠰᠤᠳᠤᠷ ᠲᠠᠷᠨᠢ ᠶ᠋ᠢᠨ ᠤᠳᠬ᠎ᠠ ᠶ᠋ᠢ ᠰᠠᠢᠨ ᠮᠡᠳᠡᠬᠦ ᠶ᠋ᠢᠨ ᠡᠭᠡᠭᠡ ᠯᠡ( ᠬᠠᠮᠤᠭ ) ᠴᠢᠬᠤᠯᠠ ᠪᠣᠯ ᠡᠨᠡᠷᠢᠬᠦᠢ ᠰᠡᠳᠬᠢᠯ 》 ᠭᠡᠮᠡᠨ ᠠᠢᠯᠠᠳᠤᠯ᠎ᠠ᠃
2026 . 09 . 23
ᠮᠣᠷᠢ ᠵᠢᠯ ᠂ ᠲᠠᠬᠢᠶ᠎ᠠ ᠰᠠᠷ᠎ᠠ ᠶ᠋ᠢᠨ 12 ᠊ᠤᠨ ᠴᠠᠭᠠᠨ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠬᠤᠪᠢᠯᠭᠠᠨ ᠨᠠᠷ ᠦᠵᠡᠭᠳᠡᠪᠡ ᠃ ᠢᠲᠡᠭᠡᠯᠲᠦ ᠪᠠᠭᠰᠢ ᠄ 《 ᠣᠷᠴᠢᠯᠠᠩ ᠬᠤᠪᠢᠷᠠᠳᠠᠭ ᠰᠡᠳᠬᠢᠯ ᠬᠤᠪᠢᠯᠳᠠᠭ 》 ᠭᠡᠮᠡᠨ ᠠᠢᠯᠠᠳᠤᠯ᠎ᠠ᠃
2026 . 09 . 24
ᠮᠣᠷᠢ ᠵᠢᠯ ᠂ ᠲᠠᠬᠢᠶ᠎ᠠ ᠰᠠᠷ᠎ᠠ ᠶ᠋ᠢᠨ 13 ᠤ᠋ ᠴᠠᠭᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠡᠷᠳᠡᠮ ᠰᠢᠨᠵᠢᠯᠡᠬᠦ ᠤᠬᠠᠭᠠᠨᠲᠠᠨ ᠪᠤᠳ᠋ᠳ᠋ᠾᠠ ᠪᠠᠭᠰᠢ ᠶ᠋ᠢᠨ ᠰᠤᠳᠤᠷ ᠦᠵᠡᠵᠦ ᠪᠠᠢᠨ᠎ᠠ ᠃ ᠢᠲᠡᠭᠡᠯᠲᠦ ᠪᠠᠭᠰᠢ ᠄ 《 ᠡᠷᠳᠡᠨᠢ ᠰᠡᠳᠬᠢᠯ ᠦ᠋ᠨ ᠨᠣᠮ ᠤ᠋ᠨ ᠳᠠᠯᠠᠢ 》 ᠭᠡᠮᠡᠨ ᠠᠢᠯᠠᠳᠤᠯ᠎ᠠ᠃
2026 . 09 . 25
ᠮᠣᠷᠢ ᠵᠢᠯ ᠂ ᠲᠠᠬᠢᠶ᠎ᠠ ᠰᠠᠷ᠎ᠠ ᠶ᠋ᠢᠨ 14 ᠦ᠌ ᠬᠠᠷ᠎ᠠ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ᠄ 《 ᠶᠢᠷᠲᠢᠨᠴᠦ ᠶ᠋ᠢᠨ ᠶᠣᠰᠣᠭᠠᠷ ᠮᠠᠨ ᠤ᠋ ᠮᠡᠳᠡᠬᠦ ᠦᠢᠯᠡᠳᠬᠦ ᠶᠠᠭᠤ ᠴᠤ᠌ ᠦᠭᠡᠢ 》 ᠭᠡᠨ᠎ᠡ ᠃ ᠢᠲᠡᠭᠡᠯᠲᠦ ᠪᠠᠭᠰᠢ ᠄ 《 ᠪᠦᠭᠦᠳᠡ ᠶ᠋ᠢ ᠦᠵᠡᠭᠴᠢ ᠮᠡᠯᠮᠡᠢ 》 ᠭᠡᠮᠡᠨ ᠠᠢᠯᠠᠳᠤᠯ᠎ᠠ᠃
2026 . 09 . 26
ᠮᠣᠷᠢ ᠵᠢᠯ ᠂ ᠲᠠᠬᠢᠶ᠎ᠠ ᠰᠠᠷ᠎ᠠ ᠶ᠋ᠢᠨ 15 ᠤ᠋ ᠬᠠᠷᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
10 ᠬᠠᠷ᠎ᠠ ᠬᠢᠯᠢᠨᠴᠡ ᠲᠡᠪᠴᠢᠵᠦ ᠶᠠᠪᠤᠭᠰᠠᠨ ᠬᠥᠮᠦᠨ ᠳ᠋ᠦ᠍ ᠢᠲᠡᠭᠡᠯᠲᠦ ᠪᠠᠭᠰᠢ ᠄ 《 ᠮᠠᠭᠤ ᠰᠠᠢᠨ ᠦᠢᠯᠡ ᠶ᠋ᠢᠨ ᠰᠢᠯᠲᠠᠭᠠᠨ ᠠ᠋ᠴᠠ ᠬᠣᠢᠲᠤ ᠨᠠᠰᠤᠨ ᠤ᠋ ᠬᠤᠪᠢ ᠵᠠᠶᠠᠭ᠎ᠠ ᠲᠣᠭᠲᠠᠳᠠᠭ》 ᠭᠡᠮᠡᠨ ᠠᠢᠯᠠᠳᠤᠯ᠎ᠠ᠃
2026 . 09 . 27
ᠮᠣᠷᠢ ᠵᠢᠯ ᠂ ᠲᠠᠬᠢᠶ᠎ᠠ ᠰᠠᠷ᠎ᠠ ᠶ᠋ᠢᠨ 16 ᠤ᠋ ᠬᠥᠬᠡ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ ᠄ 《 ᠣᠷᠴᠢᠨ ᠪᠠᠢᠭᠠᠯᠢ ᠶ᠋ᠢᠨ ᠲᠤᠬᠠᠢ 》 ᠭᠡᠨ᠎ᠡ ᠃ ᠢᠲᠡᠭᠡᠯᠲᠦ ᠪᠠᠭᠰᠢ ᠄ 《 ᠤᠭᠤᠷᠠᠭ ᠲᠠᠷᠢᠬᠢ ᠥᠪᠡᠷ ᠢ᠋ᠶ᠋ᠡᠨ ᠶᠠᠭᠤᠮ᠎ᠠ ᠦᠢᠯᠡᠳᠴᠦ ᠴᠢᠳᠠᠯ ᠦᠭᠡᠢ ᠰᠡᠳᠬᠢᠯ ᠡᠴᠡ ᠭᠠᠷᠤᠭᠰᠠᠨ ᠤᠬᠠᠭᠠᠨ ᠢ᠋ ᠴᠠᠭᠠᠰᠢ ᠨᠢ ᠳᠠᠮᠵᠢᠭᠤᠯᠤᠨ᠎ᠠ 》 ᠭᠡᠮᠡᠨ ᠠᠢᠯᠠᠳᠤᠯ᠎ᠠ᠃
2026 . 09 . 28
ᠮᠣᠷᠢ ᠵᠢᠯ ᠂ ᠲᠠᠬᠢᠶ᠎ᠠ ᠰᠠᠷ᠎ᠠ ᠶ᠋ᠢᠨ 17 ᠤ᠋ ᠬᠥᠬᠡᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠵᠦᠩ ᠪᠢᠯᠢᠭᠲᠡᠨ ᠳ᠋ᠦ᠍ ᠢᠲᠡᠭᠡᠯᠲᠦ ᠪᠠᠭᠰᠢ ᠄ 《 ᠨᠢᠳᠦ ᠪᠡᠷ ᠦᠵᠡᠭᠡᠳ ᠭᠠᠷ ᠢ᠋ᠶ᠋ᠠᠷ ᠪᠠᠷᠢᠬᠤ ᠪᠣᠯ ᠶᠢᠯᠸᠢ ᠶ᠋ᠢᠨ ᠦᠵᠡᠭᠳᠡᠯ ᠦ᠋ᠨ ᠵᠡᠭᠦᠳᠦᠨ ᠪᠣᠯᠤᠨ᠎ᠠ 》 ᠭᠡᠮᠡᠨ ᠠᠢᠯᠠᠳᠤᠯ᠎ᠠ᠃
2026 . 09 . 29
ᠮᠣᠷᠢ ᠵᠢᠯ ᠂ ᠲᠠᠬᠢᠶ᠎ᠠ ᠰᠠᠷ᠎ᠠ ᠶ᠋ᠢᠨ 18 ᠤ᠋ ᠤᠯᠠᠭᠠᠨ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ ᠄ 《 ᠥᠪᠡᠷ ᠲᠡᠭᠡᠨ ᠲᠤᠰᠠᠯᠠᠬᠤ ᠠᠷᠭ᠎ᠠ ᠦᠭᠡᠢ ᠶᠢᠷᠲᠢᠨᠴᠦ ᠶ᠋ᠢᠨ ᠠᠮᠢᠲᠠᠳ ᠶᠠᠭᠠᠬᠢᠵᠤ ᠠᠮᠢᠲᠠᠳ ᠢ᠋ ᠠᠪᠤᠷᠠᠬᠤ ᠶᠤᠮ》 ᠭᠡᠵᠦ ᠠᠰᠠᠭᠤᠨ᠎ᠠ ᠃ ᠢᠲᠡᠭᠡᠯᠲᠦ ᠪᠠᠭᠰᠢ ᠄ 《 ᠥᠪᠡᠷ ᠢ᠋ᠶ᠋ᠡᠨ ᠥᠪᠡᠷ ᠲᠡᠭᠡᠨ ᠢᠲᠡᠭᠡᠬᠦ ᠬᠡᠷᠡᠭᠲᠡᠢ 》 ᠭᠡᠮᠡᠨ ᠠᠢᠯᠠᠳᠤᠯ᠎ᠠ᠃
2026 . 09 . 30
ᠮᠣᠷᠢ ᠵᠢᠯ ᠂ ᠲᠠᠬᠢᠶ᠎ᠠ ᠰᠠᠷ᠎ᠠ ᠶ᠋ᠢᠨ 19 ᠦ᠌ ᠤᠯᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠡᠮᠡ ᠶ᠋ᠢᠨ ᠰᠤᠷᠭᠠᠯ᠄
ᠨᠢᠭᠡ ᠬᠥᠮᠦᠨ ᠳᠣᠲᠣᠭᠠᠳᠤ ᠶᠢᠷᠲᠢᠨᠴᠦ ᠳ᠋ᠦ᠍ ᠲᠠᠬᠢᠯ ᠡᠷᠭᠦᠨ᠎ᠡ ᠃ ᠢᠲᠡᠭᠡᠯᠲᠦ ᠪᠠᠭᠰᠢ ᠄ 《 ᠢᠵᠠᠭᠤᠷ ᠲᠤ᠌ ᠬᠣᠭᠣᠰᠣᠨ ᠪᠣᠯᠤᠭᠠᠳ ᠴᠠᠭᠠᠨ᠎ᠠ ᠴᠢᠨᠠᠷ ᠨᠢ ᠨᠢᠷᠸᠠᠨ ᠪᠣᠯᠤᠨ᠎ᠠ 》 ᠭᠡᠮᠡᠨ ᠠᠢᠯᠠᠳᠤᠯ᠎ᠠ᠃
ᠢᠷᠡᠯᠲᠡ᠄ ᠢᠪᠠᠯᠭ᠎ᠠ ᠶ᠋ᠢᠨ ᠳ᠋ᠠᠼᠠᠩ《 ᠬᠠᠮᠪᠤ ᠶ᠋ᠢᠨ ᠬᠦᠷᠢᠶ᠎ᠡ》
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠨᠰᠣ᠎ᠠ
