ᠥᠴᠥᠭᠡᠳᠦᠷ ᠰᠥᠨᠢ ᠶ᠋ᠢᠨ ᠵᠡᠭᠦᠳᠦ- ᠮᠥᠴᠡᠯᠭᠡ ᠰᠢᠯᠦᠭ- ᠨᠠ‍ ᠂ ᠬᠦᠬᠡᠰᠢᠭᠤᠢӨчигдөр шөнийн зүүд-мөчлөг шүлэг-На ,Хийшугуй ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠴᠥᠭᠡᠳᠦᠷ ᠰᠥᠨᠢ ᠶ᠋ᠢᠨ ᠵᠡᠭᠦᠳᠦ- ᠮᠥᠴᠡᠯᠭᠡ ᠰᠢᠯᠦᠭ- ᠨᠠ‍ ᠂ ᠬᠦᠬᠡᠰᠢᠭᠤᠢӨчигдөр шөнийн зүүд-мөчлөг шүлэг-На ,Хийшугуй

ᠥᠴᠥᠭᠡᠳᠦᠷ ᠰᠥᠨᠢ ᠶ᠋ᠢᠨ ᠵᠡᠭᠦᠳᠦ- ᠮᠥᠴᠡᠯᠭᠡ ᠰᠢᠯᠦᠭ- ᠨᠠ‍ ᠂ ᠬᠦᠬᠡᠰᠢᠭᠤᠢӨчигдөр шөнийн зүүд-мөчлөг шүлэг-На ,Хийшугуй

2026-10-02

41

ᠥᠴᠥᠭᠡᠳᠦᠷ ᠰᠥᠨᠢ ᠶ᠋ᠢᠨ ᠵᠡᠭᠦᠳᠦ 


            (  ᠮᠥᠴᠡᠯᠭᠡ ᠰᠢᠯᠦᠭ ) 

         ᠵᠣᠬᠢᠶᠠᠭᠴᠢ᠄  ᠨᠠ‍  ᠂ ᠬᠦᠬᠡᠰᠢᠭᠤᠢ 
       
         ᠲᠠᠭᠠᠮᠠᠭᠯᠠᠯ 

ᠮᠥᠰᠥ ᠪᠣᠯᠵᠤ ᠬᠥᠯᠳᠡᠬᠦ ᠳ᠋ᠦ᠍  
ᠤᠰᠤ ᠬᠡᠴᠢᠨᠡᠭᠡᠨ ᠲᠠᠭᠠᠷᠠᠭᠰᠠᠨ ᠪᠣᠯ 
ᠮᠥᠩᠭᠥ ᠪᠣᠯᠵᠤ ᠬᠠᠢᠯᠠᠬᠤ ᠳ᠋ᠤ᠌  
ᠬᠦᠳᠡᠷ ᠬᠡᠴᠢᠨᠡᠭᠡᠨ ᠬᠠᠯᠠᠭᠰᠠᠨ ᠪᠣᠯ 

ᠮᠥᠷᠥᠭᠡᠳᠦᠯ ᠪᠣᠯᠵᠤ ᠵᠤᠵᠠᠭᠠᠷᠠᠬᠤ ᠳ᠋ᠤ᠌  
ᠰᠡᠳᠬᠢᠯ ᠬᠡᠴᠢᠨᠡᠭᠡᠨ ᠡᠮᠵᠡᠭᠯᠡᠭᠰᠡᠨ ᠪᠣᠯ 
ᠮᠦᠮᠢ ᠪᠣᠯᠵᠤ ᠦᠯᠡᠳᠡᠬᠦ ᠳ᠋ᠦ᠍  
ᠬᠡᠭᠦᠷ ᠬᠡᠴᠢᠨᠡᠭᠡᠨ ᠤᠳᠠᠭᠰᠠᠨ ᠪᠣᠯ 

ᠠᠷᠢᠬᠢ ᠪᠣᠯᠵᠤ ᠢᠰᠬᠦ ᠳ᠋ᠦ᠍ 
ᠠᠢᠷᠠᠭ ᠬᠡᠳᠦᠢ ᠰᠢᠨᠠᠯᠤᠭᠰᠠᠨ ᠪᠣᠯ
ᠡᠯᠡᠰᠦ ᠪᠣᠯᠵᠤ ᠬᠡᠢᠰᠬᠦ ᠳ᠋ᠦ᠍ 
ᠬᠦᠷᠦᠰᠦ ᠬᠡᠳᠦᠢ ᠵᠣᠪᠠᠭᠰᠠᠨ ᠪᠣᠯ

ᠨᠠᠮᠤᠷ ᠪᠣᠯᠵᠤ ᠰᠢᠷᠠᠯᠠᠬᠤ ᠳ᠋ᠤ᠌ 
ᠨᠠᠪᠴᠢ ᠬᠡᠳᠦᠢ ᠤᠬᠢᠯᠠᠭᠰᠠᠨ ᠪᠣᠯ
ᠨᠠᠭᠤᠷ ᠪᠣᠯᠵᠤ ᠰᠢᠷᠭᠢᠬᠦ ᠳ᠋ᠦ᠍ 
ᠨᠤᠭᠤᠰᠤ ᠬᠡᠳᠦᠢ ᠤᠶᠠᠷᠠᠭᠰᠠᠨ ᠪᠣᠯ

ᠨᠡᠭᠦᠷᠡᠰᠦ ᠪᠣᠯᠵᠤ ᠪᠤᠯᠠᠭᠳᠠᠬᠤ ᠳ᠋ᠤ᠌ 
ᠮᠣᠳᠣ ᠬᠡᠳᠦᠢ ᠰᠣᠴᠢᠭᠰᠠᠨ ᠪᠣᠯ
ᠨᠡᠭᠦᠳᠡᠯ ᠪᠣᠯᠵᠤ ᠬᠥᠳᠡᠯᠬᠦ ᠳ᠋ᠦ᠍ 
ᠨᠢᠯᠪᠤᠰᠤ ᠬᠡᠳᠦᠢ ᠪᠥᠮᠪᠥᠷᠢᠭᠰᠡᠨ ᠪᠣᠯ

       ᠤᠬᠠᠭᠠᠷᠠᠯ

ᠵᠡᠷᠭᠡᠯᠭᠡᠨ ᠲᠠᠭᠤᠭᠰᠠᠨ ᠪᠠᠭ᠎ᠠ ᠨᠠᠰᠤ 
ᠵᠡᠭᠦᠨ ᠮᠠᠩᠬᠠᠨ ᠤ᠋ ᠴᠠᠭᠠᠨ᠎ᠠ ᠪᠠᠯᠠᠷᠠᠪᠠ
ᠵᠡᠭᠦᠳᠦ ᠮᠠᠨᠠᠭᠰᠠᠨ ᠵᠠᠯᠠᠭᠤ ᠨᠠᠰᠤ
ᠡᠮᠦᠨ᠎ᠡ ᠠᠢᠯ ᠤ᠋ᠨ ᠨᠠᠭᠠᠨ᠎ᠠ ᠵᠠᠮᠬᠠᠷᠠᠪᠠ
ᠠᠮᠢᠳᠤᠷᠠᠯ ᠠᠴᠢᠶᠠᠯᠠᠭᠰᠠᠨ ᠢᠳᠡᠷ ᠨᠠᠰᠤ 
ᠠᠯᠳᠠᠷ ᠭᠠᠪᠢᠶ᠎ᠠ ᠬᠥᠪᠡᠭᠡᠳᠡᠭᠡᠳ ᠵᠣᠭᠰᠣᠪᠠ
ᠡᠷᠭᠢᠴᠡᠭᠦᠯᠦᠯ ᠳ᠋ᠦ᠍ ᠤᠨᠠᠭᠰᠠᠨ ᠥᠲᠡᠯᠦᠭᠡ ᠨᠠᠰᠤ 
ᠡᠨᠡ ᠶᠢᠷᠲᠢᠨᠴᠦ ᠶ᠋ᠢᠨ ᠬᠣᠭᠣᠰᠣᠨ ᠢ᠋ ᠤᠬᠠᠭᠠᠷᠠᠪᠠ

      ᠥᠴᠥᠭᠡᠳᠦᠷ ᠰᠥᠨᠢ ᠶ᠋ᠢᠨ ᠵᠡᠭᠦᠳᠦ 

ᠥᠴᠥᠭᠡᠳᠦᠷ ᠰᠥᠨᠢ ᠶ᠋ᠢᠨ ᠵᠡᠭᠦᠳᠦ
ᠣᠯᠣᠰᠣᠨ ᠤᠲᠠᠰᠤ ᠰᠢᠭ᠋ ᠰᠢᠷᠢᠯᠳᠦᠭᠡᠳ 
ᠡᠷᠦᠢ ᠬᠤᠷᠤᠢ ᠦᠭᠡᠢ ᠬᠥᠭᠯᠡᠷᠡᠨ᠎ᠡ

ᠥᠨᠥ ᠥᠷᠯᠥᠭᠡ ᠡᠷᠭᠢᠴᠡᠭᠦᠯᠬᠦ ᠳ᠋ᠦ᠍ 
ᠣᠯᠤᠭᠰᠠᠨ ᠠᠯᠳᠠᠭᠰᠠᠨ ᠰᠢᠭ᠋ ᠰᠠᠨᠠᠭᠳᠠᠭᠠᠳ
ᠡᠬᠢ ᠠᠳᠠᠭ ᠦᠭᠡᠢ ᠦᠷᠭᠦᠯᠵᠢᠯᠡᠨ᠎ᠡ

         ᠪᠣᠯᠳᠠᠭ ᠪᠣᠯ ᠦᠦ

ᠮᠣᠳᠤᠨ ᠦᠨᠳᠦᠰᠦ ᠶ᠋ᠢ
ᠲᠡᠭᠷᠢ ᠳ᠋ᠦ᠍ ᠡᠯᠭᠦᠪᠡᠯ
ᠠᠶᠤᠩᠭ᠎ᠠ ᠪᠣᠯᠳᠠᠭ ᠪᠣᠯ ᠦᠦ

ᠮᠣᠷᠢᠨ ᠬᠢᠯᠭᠠᠰᠤ ᠶ᠋ᠢ
ᠭᠠᠵᠠᠷ ᠲᠤ᠌ ᠵᠠᠯᠭᠠᠪᠠᠯ
ᠤᠶᠠᠩᠭ᠎ᠠ ᠪᠣᠯᠳᠠᠭ ᠪᠣᠯ ᠦᠦ

ᠮᠥᠰᠥᠨ ᠰᠢᠯ ᠢ᠋
ᠴᠣᠩᠬᠣᠨ ᠳ᠋ᠤ᠌ ᠳᠠᠭᠠᠷᠠᠭᠤᠯᠪᠠᠯ
ᠡᠪᠦᠯ ᠪᠣᠯᠳᠠᠭ ᠪᠣᠯ ᠦᠦ

ᠮᠥᠷᠥᠭᠡᠳᠦᠯ ᠬᠠᠢᠷ᠎ᠠ ᠶ᠋ᠢ
ᠴᠢᠮ᠎ᠠ ᠳ᠋ᠤ᠌ ᠢᠯᠡᠭᠡᠪᠡᠯ
ᠬᠠᠪᠤᠷ ᠪᠣᠯᠳᠠᠭ ᠪᠣᠯ ᠦᠦ

      ᠬᠠᠪᠤᠷ 

ᠬᠠᠭᠳᠠ ᠶ᠋ᠢᠨ ᠳᠣᠣᠷ᠎ᠠ
ᠬᠡᠳᠦᠢ ᠤᠨᠲᠠᠭᠰᠠᠨ ᠢ᠋ᠶ᠋ᠠᠨ ᠮᠡᠳᠡᠬᠦ ᠦᠭᠡᠢ
ᠬᠠᠰᠢᠶᠠᠨ ᠳ᠋ᠤ᠌ ᠮᠠᠢᠯᠠᠬᠤ
ᠲᠦᠯ ᠦ᠋ᠨ ᠳᠠᠭᠤ ᠪᠠᠷ
ᠨᠢᠯᠬ᠎ᠠ ᠨᠣᠭᠣᠭ᠎ᠠ ᠰᠡᠷᠡᠪᠡ

ᠮᠥᠰᠥᠨ ᠦ᠌ ᠳᠣᠣᠷ᠎ᠠ
ᠬᠡᠳᠦᠢ ᠤᠳᠠᠭᠰᠠᠨ ᠢ᠋ᠶ᠋ᠠᠨ ᠮᠡᠳᠡᠬᠦ ᠦᠭᠡᠢ
ᠮᠡᠯᠮᠡᠷᠡᠨ ᠤᠷᠤᠰᠬᠤ
ᠬᠠᠢᠯ ᠤ᠋ᠨ ᠴᠢᠮᠡᠭᠡ ᠪᠡᠷ
ᠮᠥᠷᠭᠥ ᠵᠢᠭᠠᠰᠤ ᠵᠢᠷᠪᠢᠯᠵᠡᠪᠡ

ᠡᠭᠦᠯᠡᠨ ᠦ᠌ ᠳᠣᠣᠷ᠎ᠠ
ᠬᠡᠳᠦᠢ ᠬᠡᠪᠲᠡᠭᠰᠡᠨ ᠢ᠋ᠶ᠋ᠡᠨ ᠮᠡᠳᠡᠬᠦ ᠦᠭᠡᠢ
ᠥᠷᠪᠥᠯᠵᠡᠨ ᠬᠡᠢᠰᠬᠦ ᠬᠣᠩᠭᠣᠷ ᠰᠠᠯᠬᠢᠨ ᠢ᠋ᠶ᠋ᠠᠷ
ᠲᠠᠯ᠎ᠠ ᠶ᠋ᠢᠨ ᠵᠡᠷᠭᠡᠯᠭᠡᠨ ᠲᠣᠭᠯᠠᠪᠠ

ᠠᠭᠤᠯᠠᠨ ᠤ᠋ ᠳᠣᠣᠷ᠎ᠠ
ᠬᠡᠳᠦᠢ ᠳᠤᠭᠵᠢᠷᠠᠭᠰᠠᠨ ᠢ᠋ᠶ᠋ᠠᠨ ᠮᠡᠳᠡᠬᠦ ᠦᠭᠡᠢ
ᠤᠶᠠᠰᠤᠨ ᠪᠥᠵᠢᠭᠯᠡᠬᠦ
ᠤᠳᠠᠨ ᠤ᠋ ᠨᠠᠮᠠᠭ᠎ᠠ ᠪᠠᠷ 
ᠤᠶᠠᠬᠠᠨ ᠬᠥᠬᠥᠭᠡ ᠳᠣᠩᠭᠣᠳᠪᠠ

       ᠡᠪᠦᠯ ᠦ᠋ᠨ ᠲᠤᠢᠯ

ᠪᠡᠭᠡᠷᠡᠭᠰᠡᠨ ᠮᠣᠳᠤᠨ ᠤ᠋ ᠰᠠᠯᠠᠭᠠᠨ ᠳ᠋ᠤ᠌
ᠲᠥᠭᠡᠷᠢᠭᠰᠡᠨ ᠰᠢᠪᠠᠭᠤ ᠰᠠᠭᠤᠨ᠎ᠠ
ᠪᠡᠷᠪᠡᠢᠭᠰᠡᠨ ᠦᠬᠡᠷ ᠦ᠋ᠨ ᠨᠢᠷᠤᠭᠤᠨ ᠳ᠋ᠤ᠌
ᠳᠡᠷᠪᠡᠭᠰᠡᠨ ᠪᠣᠯᠵᠣᠮᠣᠷ ᠨᠠᠭᠠᠳᠤᠨ᠎ᠠ

ᠲᠤᠢᠯ  ᠳ᠋ᠤ᠌ ᠪᠠᠨ ᠲᠤᠯᠤᠭᠰᠠᠨ ᠡᠪᠦᠯ
ᠲᠦᠯ ᠦ᠋ᠨ ᠮᠠᠢᠯᠠᠭᠠᠨ ᠳ᠋ᠤ᠌ ᠤᠶᠠᠰᠤᠨ᠎ᠠ
ᠳᠡᠰ ᠬᠥᠯᠳᠡᠭᠰᠡᠨ ᠭᠣᠣᠯ
ᠲᠣᠢᠭ ᠤ᠋ᠨ ᠳᠠᠭᠤᠤ ᠳ᠋ᠤ᠌ ᠬᠠᠢᠯᠤᠨ᠎ᠠ

       ᠴᠠᠭ ᠤ᠋ᠨ ᠵᠡᠭᠦᠦ

ᠪᠠᠭ᠎ᠠ ᠳ᠋ᠤ᠌ ᠪᠠᠨ ᠪᠢ
ᠭᠠᠷ ᠤ᠋ᠨ ᠪᠠᠭᠤᠤ ᠳ᠋ᠤ᠌ ᠪᠠᠨ
ᠴᠠᠭ ᠵᠢᠷᠤᠭᠠᠳ 《  ᠵᠡᠭᠦᠳᠡᠭ 》  ᠪᠠᠢᠯ᠎ᠠ
ᠪᠠᠷᠠᠭᠤᠨ ᠠᠢᠯ ᠤ᠋ᠨ ᠨᠢᠰᠤᠩᠬᠠᠢ ᠬᠡᠦᠬᠡᠨ ᠳ᠋ᠦ᠍
《  ᠦᠵᠡ ᠡ 》  ᠭᠡᠳ ᠭᠠᠢᠬᠠᠭᠤᠯᠳᠠᠭ ᠪᠠᠢᠯ᠎ᠠ

ᠪᠠᠯ ᠮᠡᠲᠦ ᠡᠷᠭᠢᠴᠡᠭᠦᠯᠦᠯ ᠳ᠋ᠦ᠍
ᠴᠠᠭ ᠤ᠋ᠨ ᠵᠡᠭᠦᠦ ᠨᠢ
ᠣᠷᠣᠨ ᠠ᠋ᠴᠠ ᠪᠡᠨ ᠶᠡᠷᠦ
ᠬᠥᠳᠡᠯᠳᠡᠭ ᠦᠭᠡᠢ ᠪᠠᠢᠯ᠎ᠠ
ᠪᠠᠯᠠᠯᠵᠤ ᠬᠠᠶᠠᠭᠠᠳ ᠮᠠᠷᠭᠠᠰᠢ ᠨᠢ ᠪᠢ 
ᠪᠠᠰᠠ ᠯᠠ ᠳᠠᠬᠢᠭᠠᠳ ᠵᠢᠷᠤᠳᠠᠭ ᠪᠠᠢᠯ᠎ᠠ 

ᠭᠠᠷ ᠲᠤ᠌ ᠵᠡᠭᠦᠭᠰᠡᠨ ᠦᠨᠡᠨ ᠴᠠᠭ ᠢ᠋ᠶ᠋ᠠᠨ
ᠪᠢ ᠬᠡᠳᠦᠢᠨ ᠦ᠌ ᠦᠵᠡᠬᠦ ᠪᠡᠨ ᠪᠠᠢᠵᠠᠢ
ᠭᠠᠷ ᠤᠲᠠᠰᠤ ᠳ᠋ᠤ᠌ ᠢᠯᠡᠷᠡᠬᠦ ᠴᠠᠭ
ᠠᠯᠢᠪᠠ ᠪᠦᠬᠦᠨ ᠢ᠋ ᠣᠷᠣᠯᠠᠬᠤ ᠪᠣᠯᠵᠠᠢ
ᠣᠳᠣ ᠪᠣᠳᠣᠬᠣ ᠳ᠋ᠤ᠌
ᠮᠢᠨᠦ ᠵᠢᠷᠤᠭᠰᠠᠨ ᠴᠠᠭ
ᠡᠳᠦᠢ ᠪᠣᠯᠲᠠᠯ᠎ᠠ ᠶᠠᠪᠤᠭᠠᠳ ᠪᠠᠢᠵᠠᠢ
ᠤᠩᠭᠤᠨ ᠪᠠᠭ᠎ᠠ ᠨᠠᠰᠤ ᠶ᠋ᠢ ᠠᠪᠤᠭᠠᠳ
ᠡᠷᠭᠢᠯᠲᠡ ᠦᠭᠡᠢ ᠴᠠᠭᠠᠰᠢ ᠪᠠᠨ ᠣᠳᠴᠠᠢ᠁ 

      ᠵᠥᠷᠢᠴᠡᠯ

ᠬᠠᠶᠠ ᠨᠢᠭᠡ
ᠰᠢᠯᠦᠭ ᠪᠢᠴᠢᠶ᠎ᠡ ᠭᠡᠵᠦ ᠰᠠᠨᠠᠨ᠎ᠠ
ᠬᠠᠯᠠᠭᠤᠨ ᠵᠠᠯᠠᠭᠤ ᠨᠠᠰᠤ ᠪᠠᠨ
ᠳᠤᠷᠠᠰᠤᠶ᠎ᠠ ᠭᠡᠵᠦ ᠪᠤᠳᠤᠨ᠎ᠠ
ᠭᠡᠨᠡᠳᠲᠡ ᠪᠠᠰᠠ ᠪᠢᠷ ᠢ᠋ᠶ᠋ᠡᠨ
ᠬᠤᠷᠢᠶᠠᠶ᠎ᠠ ᠭᠡᠵᠦ ᠰᠠᠨᠠᠨ᠎ᠠ
ᠭᠡᠮᠰᠢᠯ ᠬᠠᠷᠠᠮᠰᠠᠯ ᠢ᠋ᠶ᠋ᠠᠨ ᠲᠠᠬᠢᠵᠤ
ᠬᠦᠨᠳᠡᠬᠦ ᠦᠭᠡᠢ ᠭᠡᠵᠦ ᠪᠣᠳᠤᠨ᠎ᠠ

ᠬᠠᠶᠠ ᠨᠢᠭᠡ
ᠠᠷᠢᠬᠢ ᠤᠤᠭᠤᠶ᠎ᠠ ᠭᠡᠵᠦ ᠰᠠᠨᠠᠨ᠎ᠠ
ᠬᠠᠯᠠᠰᠠᠭᠤ ᠰᠣᠭᠲᠣᠭᠤ ᠪᠠᠷ
ᠦᠨᠡᠨ ᠢ᠋ᠶ᠋ᠡᠨ ᠬᠡᠯᠡᠶ᠎ᠡ ᠭᠡᠵᠦ ᠪᠣᠳᠣᠨ᠎ᠠ
ᠭᠡᠨᠡᠳᠲᠡ ᠪᠠᠰᠠ ᠰᠡᠳᠬᠢᠯ ᠢ᠋ᠶ᠋ᠡᠨ
ᠪᠠᠷᠢᠶ᠎ᠠ ᠭᠡᠵᠦ ᠰᠠᠨᠠᠨ᠎ᠠ
ᠬᠠᠮᠤᠭ ᠪᠦᠬᠦᠨ ᠢ᠋ ᠠᠭᠤᠴᠢᠯᠠᠵᠤ
ᠶᠠᠪᠤᠶ᠎ᠠ ᠭᠡᠵᠦ ᠪᠤᠳᠤᠨ᠎ᠠ

ᠬᠠᠶᠠ ᠨᠢᠭᠡ
ᠳᠠᠭᠤᠤ ᠳᠠᠭᠤᠯᠠᠶ᠎ᠠ ᠭᠡᠵᠦ ᠰᠠᠨᠠᠨ᠎ᠠ
ᠬᠠᠮᠢᠭ᠎ᠠ ᠨᠢᠭᠡ ᠣᠴᠢᠭᠠᠳ
ᠬᠡᠨ ᠨᠢᠭᠡᠨ ᠲᠡᠢ ᠨᠠᠢᠷᠯᠠᠶ᠎ᠠ ᠭᠡᠵᠦ ᠪᠤᠳᠤᠨ᠎ᠠ
ᠭᠡᠨᠡᠳᠲᠡ ᠪᠠᠰᠠ
ᠨᠠᠮ ᠵᠢᠮ ᠠᠮᠢᠳᠤᠷᠠᠶ᠎ᠠ ᠭᠡᠵᠦ ᠰᠠᠨᠠᠨ᠎ᠠ
ᠬᠠᠨ ᠬᠣᠷᠸ᠎ᠠ ᠶ᠋ᠢᠨ ᠵᠢᠮ᠎ᠡ ᠶ᠋ᠢ
ᠠᠶᠠᠯᠳᠤᠶ᠎ᠠ ᠭᠡᠵᠦ ᠪᠤᠳᠤᠨ᠎ᠠ

ᠬᠠᠶᠠ ᠨᠢᠭᠡ
ᠬᠠᠨᠲᠠᠯ᠎ᠠ ᠤᠨᠲᠠᠶ᠎ᠠ ᠭᠡᠵᠦ ᠪᠤᠳᠤᠨ᠎ᠠ
ᠬᠠᠪᠤᠷ ᠤ᠋ᠨ ᠨᠣᠢᠷ ᠢ᠋ᠶ᠋ᠠᠨ
ᠬᠠᠷᠠᠮᠯᠠᠶ᠎ᠠ ᠭᠡᠵᠦ ᠰᠠᠨᠠᠨ᠎ᠠ
ᠭᠡᠨᠡᠳᠲᠡ ᠪᠠᠰᠠ
ᠡᠷᠲᠡ ᠪᠣᠰᠤᠶ᠎ᠠ ᠭᠡᠵᠦ ᠪᠤᠳᠤᠨ᠎ᠠ
ᠬᠠᠰᠢᠶᠠᠨ ᠤ᠋ ᠨᠣᠭᠣᠭ᠎ᠠ ᠪᠠᠨ
ᠤᠰᠤᠯᠠᠶ᠎ᠠ ᠭᠡᠵᠦ ᠰᠠᠨᠠᠨ᠎ᠠ

        ᠬᠠᠶᠠᠭ: ᠲᠦᠩᠯᠢᠶᠣᠣ ᠬᠣᠲᠠ ᠶ᠋ᠢᠨ ᠵᠠᠷᠤᠳ ᠬᠤᠰᠢᠭᠤᠨ ᠤ᠋ ᠤᠯᠤᠰ ᠲᠥᠷᠥ ᠶ᠋ᠢᠨ ᠵᠥᠪᠯᠡᠯᠭᠡᠨ 
       
       ᠢᠷᠡᠯᠲᠡ᠄ ᠰᠦᠯᠵᠢᠶ᠎ᠡ
       ᠦᠰᠦᠭ ᠠᠮᠢᠯᠠᠭᠤᠯᠤᠭᠰᠠᠨ ᠨᠢ ᠄  ᠭᠠᠸᠠ