ᠮᠣᠩᠭᠣᠯ ᠠᠭᠤᠯᠠᠰ- ᠬᠣᠯᠪᠣᠭ᠎ᠠ-ᠣᠶᠤᠨᠰᠠᠩМонгол уулс-холбоо-Оюунсан ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠠᠭᠤᠯᠠᠰ- ᠬᠣᠯᠪᠣᠭ᠎ᠠ-ᠣᠶᠤᠨᠰᠠᠩМонгол уулс-холбоо-Оюунсан

ᠮᠣᠩᠭᠣᠯ ᠠᠭᠤᠯᠠᠰ- ᠬᠣᠯᠪᠣᠭ᠎ᠠ-ᠣᠶᠤᠨᠰᠠᠩМонгол уулс-холбоо-Оюунсан

2026-09-29

48

ᠮᠣᠩᠭᠣᠯ ᠠᠭᠤᠯᠠᠰ

     
            ᠬᠣᠯᠪᠣᠭ᠎ᠠ 

     ᠦᠭᠡ᠄ ᠨᠠᠰᠤᠨ 
     ᠬᠤᠭᠤᠷᠴᠢᠨ᠄ ᠣᠶᠤᠨᠰᠠᠩ 

ᠲᠡᠷᠲᠡᠭᠡ ᠬᠣᠯᠠ ᠶ᠋ᠢᠨ ᠪᠠᠷ᠎ᠠ ᠠ᠋ᠴᠠ ᠴᠡᠴᠡᠭᠡᠢ ᠪᠠᠶᠠᠰᠬᠠᠨ ᠳᠠᠯᠠᠯᠤᠭᠰᠠᠨ 
ᠲᠩᠷᠢ ᠶ᠋ᠢᠨ ᠬᠠᠶᠠᠭ᠎ᠠ ᠴᠢᠮᠡᠭᠡᠳ ᠴᠡᠭᠡᠵᠢᠨ ᠦ᠌ ᠪᠠᠬᠠᠷᠬᠠᠯ ᠲᠥᠷᠥᠭᠦᠯᠦᠭᠰᠡᠨ 
ᠲᠡᠭᠰᠢ ᠳᠥᠷᠪᠡᠨ ᠤᠯᠠᠷᠢᠯ ᠳ᠋ᠤ᠌ ᠪᠠᠨ ᠥᠩᠭᠡ ᠥᠩᠭᠡ ᠪᠡᠷ ᠭᠠᠩᠭᠠᠷᠠᠭᠰᠠᠨ 
ᠲᠡᠨᠢᠭᠡᠷ ᠮᠣᠩᠭᠣᠯ ᠨᠤᠲᠤᠭ ᠤ᠋ᠨ ᠮᠢᠨᠢ ᠳᠠᠨᠠᠭᠠᠷ ᠰᠠᠢᠬᠠᠨ ᠠᠭᠤᠯᠠᠰ ᠳᠠ 

ᠡᠳᠦᠷ ᠡᠳᠦᠷ ᠦ᠋ᠨ ᠠᠯᠲᠠᠨ ᠨᠠᠷᠠ ᠨᠢ ᠵᠤᠯᠠᠢ ᠶ᠋ᠢ ᠨᠢ ᠲᠠᠭᠠᠯᠠᠵᠤ ᠮᠢᠰᠢᠶᠡᠭᠰᠡᠨ 
ᠥᠨᠵᠢᠵᠦ ᠬᠣᠨᠣᠬᠤ ᠮᠥᠩᠭᠥᠨ ᠰᠠᠷᠠ ᠨᠢ ᠵᠣ ᠶ᠋ᠢ ᠨᠢ ᠳᠡᠷᠡᠯᠡᠵᠦ ᠡᠷᠬᠡᠯᠡᠭᠰᠡᠨ 
ᠦᠯᠢᠭᠡᠷ ᠳᠣᠮᠣᠭ ᠤ᠋ᠨ ᠬᠣᠷᠸ᠎ᠠ ᠳ᠋ᠤ᠌ ᠳᠠᠭᠤᠤ ᠬᠤᠭᠤᠷ ᠢ᠋ᠶ᠋ᠠᠷ ᠦᠷᠭᠦᠯᠵᠢᠯᠡᠭᠰᠡᠨ 
ᠥᠪᠥᠷ ᠮᠣᠩᠭᠣᠯ ᠣᠷᠣᠨ ᠤ᠋ ᠮᠢᠨᠢ ᠦᠨᠡᠬᠡᠷ ᠰᠠᠢᠬᠠᠨ ᠠᠭᠤᠯᠠᠰ ᠳᠠ 

ᠰᠠᠴᠤᠯᠢ ᠶ᠋ᠢᠨ ᠰᠦᠨ ᠦ᠌ ᠥᠭᠭᠦᠭᠡᠵᠢ ᠪᠡᠷ ᠣᠷᠭᠢᠯ ᠤ᠋ᠨ ᠴᠠᠰᠤ ᠨᠢ ᠮᠥᠩᠬᠡᠷᠡᠭᠰᠡᠨ
ᠴᠠᠭ ᠴᠠᠭ ᠤ᠋ᠨ ᠢᠷᠦᠭᠡᠯ ᠢ᠋ᠶ᠋ᠡᠷ ᠪᠠᠯ ᠤ᠋ᠨ ᠴᠡᠴᠡᠭ ᠨᠢ ᠳᠡᠯᠭᠡᠷᠡᠭᠰᠡᠨ
ᠴᠠᠭᠯᠠᠰᠢ ᠦᠭᠡᠢ ᠠᠮᠤᠭᠤᠯᠠᠩ ᠢ᠋ᠶ᠋ᠠᠷ ᠡᠩᠭᠡᠷ ᠬᠣᠷᠮᠣᠢ ᠨᠢ ᠨᠠᠯᠠᠢᠭᠰᠠᠨ
ᠴᠠᠢᠯᠭᠠᠨ ᠮᠣᠩᠭᠣᠯ ᠲᠦᠮᠡᠨ ᠦ᠌ ᠮᠢᠨᠢ ᠰᠢᠲᠦᠵᠦ ᠤᠴᠠᠷᠠᠭᠰᠠᠨ ᠠᠭᠤᠯᠠᠰ ᠳᠠ

ᠬᠠᠢᠯᠵᠤ ᠤᠶᠠᠷᠠᠬᠤ ᠴᠠᠭ᠎ᠲᠤ ᠪᠠᠨ ᠪᠠᠷ᠎ᠠ ᠶ᠋ᠢ ᠨᠢ ᠬᠠᠷᠠᠵᠤ ᠲᠠᠢᠳᠬᠤᠷᠠᠭᠰᠠᠨ
ᠬᠠᠲᠠᠭᠤᠵᠢᠵᠤ ᠲᠡᠪᠴᠢᠵᠦ ᠶᠠᠪᠤᠬᠤ ᠳ᠋ᠤ᠌ ᠪᠠᠨ ᠣᠷᠣᠢ ᠶ᠋ᠢ ᠨᠢ ᠰᠢᠲᠦᠵᠦ ᠠᠭᠤᠵᠢᠷᠠᠭᠰᠠᠨ
ᠬᠠᠨ ᠬᠣᠷᠸ᠎ᠠ ᠶ᠋ᠢᠨ ᠠᠮᠢᠳᠤᠷᠠᠯ ᠢ᠋ ᠳᠡᠷᠭᠡᠳᠡ ᠨᠢ ᠥᠴᠢᠵᠦ ᠤᠬᠠᠭᠠᠷᠠᠭᠰᠠᠨ
ᠬᠠᠮᠢᠭ᠎ᠠ ᠪᠠᠢᠭᠰᠠᠨ᠎ᠴᠤ ᠢᠪᠡᠭᠡᠯ ᠲᠡᠢ ᠮᠢᠨᠦ ᠮᠣᠩᠭᠣᠯ ᠠᠭᠤᠯᠠᠰ ᠳᠠ

ᠬᠠᠯᠢᠭᠤ ᠪᠤᠯᠠᠭ᠎ᠠ ᠶ᠋ᠢᠨ ᠥᠩᠭᠡ ᠪᠡᠷ ᠡᠪᠦᠯ ᠦ᠋ᠨ ᠡᠳᠦᠷ ᠲᠦ᠍ ᠪᠡᠨ ᠥᠯᠴᠢᠷᠬᠡᠨ
ᠬᠠᠰ ᠪᠣᠯᠣᠷ ᠡᠷᠳᠡᠨᠢ ᠪᠡᠷ ᠬᠠᠪᠤᠷ ᠤ᠋ᠨ ᠨᠠᠷᠠᠨ ᠳ᠋ᠤ᠌ ᠪᠠᠨ ᠬᠡᠭᠡᠨᠴᠢᠷᠬᠡᠨ
ᠬᠠᠮᠤᠭ ᠪᠠᠢᠭᠠᠯᠢ ᠶ᠋ᠢᠨ ᠲᠠᠩᠰᠤᠭ ᠢ᠋ᠶ᠋ᠠᠷ ᠵᠤᠨ ᠤ᠋ ᠴᠠᠭ᠎ᠲᠤ ᠪᠠᠨ ᠲᠡᠨᠢᠭᠡᠷᠬᠡᠨ
ᠬᠠᠨ ᠬᠣᠷᠸ᠎ᠠ ᠶ᠋ᠢᠨ ᠪᠠᠶᠠᠨ ᠳ᠋ᠤ᠌ ᠪᠠᠨ ᠨᠠᠮᠤᠷ ᠤ᠋ᠨ ᠰᠠᠷ᠎ᠠ ᠳ᠋ᠤ᠌ ᠪᠠᠨ ᠨᠠᠯᠠᠭᠠᠷᠬᠠᠨ

ᠳᠠᠭᠤᠯᠠᠶ᠎ᠠ ᠭᠡᠰᠡᠨ ᠳᠠᠭᠤᠤ ᠶ᠋ᠢᠨ ᠮᠢᠨᠢ ᠡᠭᠡᠰᠢᠭ ᠢ᠋ ᠪᠣᠳᠣᠭᠳᠠᠭᠤᠯᠵᠤ ᠴᠡᠩᠬᠡᠷᠯᠡᠭᠰᠡᠨ
ᠳᠤᠷᠠᠰᠬᠤ ᠭᠡᠰᠡᠨ ᠦᠯᠢᠭᠡᠷ ᠦ᠋ᠨ ᠮᠢᠨᠢ ᠡᠬᠢᠯᠡᠯ ᠢ᠋ ᠰᠠᠨᠠᠭᠤᠯᠵᠤ ᠤᠨᠢᠶᠠᠷᠲᠤᠭᠰᠠᠨ
ᠳᠤᠲᠠᠬᠤ ᠶᠠᠭᠤᠮ᠎ᠠ ᠦᠭᠡᠢ ᠠᠮᠢᠳᠤᠷᠠᠯ ᠤ᠋ᠨ ᠮᠢᠨᠢ ᠢᠲᠡᠭᠡᠯ ᠢ᠋ ᠲᠦᠰᠢᠵᠦ ᠲᠦᠩᠬᠦᠢᠭᠰᠡᠨ
ᠲᠤᠤᠯᠢᠮ᠎ᠠ ᠬᠣᠷᠸ᠎ᠠ ᠳ᠋ᠤ᠌ ᠨᠥᠮᠦᠷᠢᠯᠢᠭ ᠮᠢᠨᠦ ᠮᠣᠩᠭᠣᠯ ᠠᠭᠤᠯᠠᠰ ᠳᠠ

ᠲᠡᠮᠡᠦᠯᠬᠦ ᠭᠡᠰᠡᠨ ᠬᠦᠰᠡᠯ ᠦ᠋ᠨ ᠮᠢᠨᠢ ᠳᠥᠷᠥᠭᠡ ᠶ᠋ᠢ ᠡᠷᠭᠦᠵᠦ ᠰᠦᠮᠪᠦᠷᠯᠡᠭᠰᠡᠨ
ᠲᠡᠮᠡᠴᠡᠬᠦ ᠭᠡᠰᠡᠨ ᠵᠣᠷᠢᠭ ᠤ᠋ᠨ ᠮᠢᠨᠢ ᠵᠢᠯᠣᠭᠣ ᠶ᠋ᠢ ᠲᠡᠭᠰᠢᠯᠡᠵᠦ ᠬᠠᠨᠠᠢᠭᠰᠠᠨ
ᠲᠡᠨᠢᠭᠡᠷ ᠶᠠᠪᠤᠬᠤ ᠰᠡᠳᠬᠢᠯ ᠦ᠋ᠨ ᠮᠢᠨᠢ ᠲᠡᠩᠬᠡᠭᠡ ᠶ᠋ᠢ ᠲᠤᠯᠵᠤ ᠬᠥᠬᠡᠷᠡᠭᠰᠡᠨ
ᠲᠩᠷᠢᠯᠢᠭ ᠬᠡᠢᠮᠣᠷᠢ ᠰᠡᠷᠭᠦᠭᠡᠭᠰᠡᠨ ᠮᠢᠨᠦ ᠮᠣᠩᠭᠣᠯ ᠠᠭᠤᠯᠠᠰ ᠳᠠ

ᠽᠠᠮᠪᠤᠯᠢᠩ ᠲᠢᠪ ᠦ᠋ᠨ ᠠᠭᠤᠳᠠᠮ ᠳ᠋ᠤ᠌ ᠰᠠᠢᠬᠠᠨ ᠪᠦᠬᠦᠨ ᠢ᠋ ᠢᠪᠡᠭᠡᠭᠰᠡᠨ
ᠵᠠᠯᠪᠠᠷᠢᠵᠤ ᠰᠦᠵᠢᠷᠡᠵᠦ ᠳᠡᠭᠡᠳᠦᠯᠡᠬᠦ ᠠᠭᠤᠤ ᠪᠦᠬᠦᠨ ᠢ᠋ ᠰᠣᠶᠣᠷᠬᠠᠭᠰᠠᠨ
ᠽᠠᠨᠳᠠᠨ ᠬᠦᠷᠡᠩ ᠬᠠᠳᠠ ᠲᠠᠢ ᠮᠣᠩᠭᠣᠯ ᠤ᠋ᠨ ᠴᠡᠩᠬᠡᠷ ᠠᠭᠤᠯᠠᠰ ᠢ᠋ᠶ᠋ᠠᠨ
ᠵᠠᠶᠠᠭᠠᠭᠰᠠᠨ ᠡᠨᠡ ᠨᠠᠰᠤᠨ ᠳ᠋ᠤ᠌ ᠪᠠᠨ ᠳᠠᠭᠤᠯᠠᠵᠤ ᠰᠢᠯᠦᠭᠯᠡᠭᠡᠳ ᠬᠠᠨᠤᠰᠢ ᠦᠭᠡᠢ ᠳᠡ ᠬᠦ

ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ