ᠠᠯᠠᠭ ᠳᠡᠯᠡᠬᠡᠢ ᠳᠦ ᠲᠥᠷᠥᠭᠰᠡᠨ ᠮᠢᠨᠢ ᠤᠴᠢᠷ ᠲᠠᠢ-ᠪ᠂ ᠶᠠᠪᠤᠭᠤᠬᠤᠯᠠᠨ Алаг дэлхийд төрсөн минь очиртой-Б. Явуухулан
ᠠᠯᠠᠭ ᠲᠡᠯᠡᠬᠡᠢ ᠳᠦ ᠲᠦᠷᠦᠭᠰᠡᠨ ᠮᠢᠨᠢ ᠤᠴᠢᠷ ᠲᠠᠢ
ᠵᠤᠬᠢᠶᠠᠬᠴᠢ : ᠪ᠂ ᠶᠠᠪᠤᠭᠤᠬᠤᠯᠠᠨ
ᠤᠶᠠᠩᠭᠠᠯᠠᠬᠴᠢ:ᠰᠤᠰᠤᠷᠪᠠᠷᠠᠮ
ᠠᠯᠳᠠᠨ ᠲᠡᠯᠡᠬᠡᠢ ᠳᠦ
ᠲᠦᠷᠦᠭᠰᠡᠨ ᠮᠢᠨᠢ ᠤᠴᠢᠷ ᠲᠠᠢ
ᠠᠪᠤ ᠶᠢᠨ ᠬᠡᠷ ᠦᠨ
ᠠᠮᠤᠷ ᠲᠠᠢᠪᠤᠩ ᠢ ᠡᠪᠳᠡᠬᠡᠳ ᠪᠢ
ᠠᠴᠢᠳᠤ ᠡᠬᠡ ᠪᠡᠨ
ᠠᠷᠪᠠᠨ ᠰᠠᠷ᠎ᠠ ᠵᠤᠪᠠᠭᠠᠬᠰᠠᠨ ᠤ ᠡᠴᠤᠰ ᠲᠤ
ᠠᠯᠠᠭ ᠦᠷ᠎ᠡ ᠨᠢ ᠪᠤᠯᠵᠤ
ᠪᠠᠶᠠᠷᠯᠠᠭᠤᠯᠬᠤ ᠬᠡᠰᠡᠨ ᠶᠤᠮ
ᠠᠯᠳᠠᠨ ᠲᠡᠯᠡᠬᠡᠢ ᠳᠦ
ᠲᠦᠷᠦᠭᠰᠡᠨ ᠮᠢᠨᠢ ᠤᠴᠢᠷ ᠲᠠᠢ
ᠬᠡᠷᠡᠯᠳᠤ ᠤᠷᠴᠢᠯᠠᠩ ᠳᠤ
ᠲᠦᠷᠦᠭᠰᠡᠨ ᠮᠢᠨᠢ ᠤᠴᠢᠷ ᠲᠠᠢ
ᠬᠡᠮ ᠦᠭᠡᠢ
ᠰᠢᠪᠠᠭᠤᠳ ᠤᠨ ᠡᠭᠦᠷ ᠢ ᠡᠪᠳᠡᠵᠤ ᠦᠨᠳᠡᠭᠡ ᠶᠢ ᠨᠢᠴᠠᠯᠤᠭᠠᠳ
ᠬᠡᠷᠰᠡᠦ ᠰᠠᠭᠤᠵᠦ
ᠤᠬᠠᠭᠠᠨ ᠤᠷᠤᠬᠰᠠᠨ ᠤ ᠪᠠᠨ ᠡᠴᠤᠰ ᠲᠤ ᠯᠡ
ᠭᠡᠨᠡᠨ ᠨᠠᠰᠤ ᠪᠠᠨ ᠦᠷᠦ
ᠡᠪᠡᠳᠴᠤ ᠵᠤᠪᠠᠵᠤ ᠶᠠᠪᠤᠬᠤ ᠬᠡᠰᠡᠨ ᠶᠤᠮ ᠪᠢ
ᠬᠡᠷᠡᠯᠳᠤ ᠤᠷᠴᠢᠯᠠᠩ ᠳᠤ
ᠲᠦᠷᠦᠭᠰᠡᠨ ᠮᠢᠨᠢ ᠤᠴᠢᠷ ᠲᠠᠢ
ᠠᠯᠠᠬ ᠲᠡᠯᠡᠬᠡᠢ ᠳᠦ
ᠲᠦᠷᠦᠭᠰᠡᠨ ᠮᠢᠨᠢ ᠤᠴᠢᠷ ᠲᠠᠢ
ᠠᠳᠤᠭᠤ ᠮᠠᠨᠠᠵᠤ
ᠦᠰᠦᠭᠰᠡᠨ ᠠᠳᠠᠷᠬᠠᠨ ᠲᠠᠯ᠎ᠠ ᠨᠤᠳᠤᠭ ᠲᠤ ᠪᠠᠨ
ᠠᠩᠬᠠᠨ ᠤ ᠪᠠᠨ
ᠲᠤᠷᠠᠯᠠᠯ ᠲᠠᠢ ᠪᠠᠨ ᠤᠴᠠᠷᠠᠵᠤ ᠡᠮᠵᠢᠭ ᠰᠡᠳᠬᠢᠯ ᠢᠶᠠᠨ ᠤᠶᠠᠷᠠᠭᠠᠭᠠᠳ
ᠠᠵᠠ ᠲᠤᠳᠠᠵᠤ
ᠠᠮᠢ᠋ᠳᠤᠷᠠᠯ ᠤᠨ ᠲᠤᠷᠰᠢ ᠮᠦᠷᠦᠭᠡᠳᠬᠦ ᠬᠡᠰᠡᠨ ᠶᠤᠮ ᠪᠢ
ᠠᠯᠠᠬ ᠲᠡᠯᠡᠬᠡᠢ ᠳᠦ
ᠲᠦᠷᠦᠭᠰᠡᠨ ᠮᠢᠨᠢ ᠤᠴᠢᠷ ᠲᠠᠢ
ᠲᠤᠭᠤᠰᠤᠳᠤ ᠬᠤᠷᠤ᠎ᠠ ᠳᠤ
ᠲᠦᠷᠦᠭᠰᠡᠨ ᠮᠢᠨᠢ ᠤᠴᠢᠷ ᠲᠠᠢ
ᠲᠤᠬᠤᠢ ᠶᠢᠨ ᠴᠢᠨᠡᠭᠡ
ᠦᠷ᠎ᠡ ᠶᠢᠨ ᠢᠶᠠᠨ ᠰᠦᠨᠢ ᠶᠢᠨ ᠤᠬᠢᠯᠠᠬᠤ ᠶᠢ ᠰᠤᠨᠤᠰᠴᠤ
ᠲᠦᠷᠦᠭᠰᠡᠨ ᠡᠴᠢᠭᠡ ᠶᠢᠨ
ᠳ᠋ᠡᠬᠡᠨ ᠠᠪᠴᠢᠷᠠᠬᠰᠠᠨ ᠵᠤᠪᠠᠯᠠᠩ ᠪᠠᠶᠠᠷ ᠬᠤᠶᠠᠷ ᠢ
ᠲᠤᠭ᠎ᠠ ᠶᠤᠰᠤᠭᠠᠷ ᠨᠢ
ᠦᠪᠡᠷ ᠢᠶᠠᠨ ᠠᠮᠰᠠᠵᠤ ᠮᠡᠳᠡᠬᠦ ᠬᠡᠰᠡᠨ ᠶᠤᠮ ᠪᠢ
ᠲᠤᠭᠤᠰᠤᠳᠤ ᠬᠤᠷᠤ᠎ᠠ ᠳᠤ
ᠲᠦᠷᠦᠭᠰᠡᠨ ᠮᠢᠨᠢ ᠤᠴᠢᠷ ᠲᠠᠢ
ᠤᠬᠢᠯᠠᠮᠠ ᠬᠤᠷᠤ᠎ᠠ ᠳᠤ
ᠲᠦᠷᠦᠭᠰᠡᠨ ᠮᠢᠨᠢ ᠤᠴᠢᠷ ᠲᠠᠢ
ᠲᠠᠭᠤᠯᠠᠵᠤ ᠰᠠᠭᠤᠭᠠᠳ
ᠡᠵᠢ ᠶᠢᠨ ᠢᠶᠠᠨ ᠤᠬᠢᠯᠠᠬᠤ ᠶᠢ ᠨᠢ ᠦᠵᠡᠬᠦ ᠭᠡᠵᠤ
ᠲᠠᠭᠤᠨ ᠳᠤ ᠲᠡᠢᠮᠤ
ᠴᠢᠳᠠᠯ ᠰᠢᠩᠬᠡᠵᠤ ᠪᠠᠢᠳᠠᠬ ᠢ ᠮᠡᠳᠡᠭᠡᠳ
ᠲᠠᠭᠤᠤ ᠦᠪᠡᠷ ᠢᠶᠠᠨ
ᠵᠤᠬᠢᠶᠠᠵᠤ ᠲᠠᠭᠤᠤ ᠲᠠᠢ ᠬᠠᠮᠳᠤ ᠠᠮᠢᠳᠤᠷᠠᠬᠤ ᠭᠡᠰᠡᠨ ᠶᠤᠮ ᠪᠢ
ᠲᠤᠤᠯᠢᠮ᠎ᠠ ᠬᠤᠷᠤ᠎ᠠ ᠳᠤ
ᠲᠦᠷᠦᠭᠰᠡᠨ ᠮᠢᠨᠢ ᠤᠴᠢᠷ ᠲᠠᠢ
ᠬᠦᠷᠦᠰᠦᠳᠦ
ᠲᠡᠯᠡᠬᠡᠢ ᠳᠦ ᠲᠦᠷᠦᠭᠰᠡᠨ ᠮᠢᠨᠢ ᠤᠴᠢᠷ ᠲᠠᠢ
ᠬᠦᠯᠦᠭ ᠦᠨ ᠵᠤ᠋ ᠪᠤᠯᠤᠬᠰᠠᠨ ᠲᠦᠷᠦᠭᠰᠡᠨ ᠨᠤᠳᠤᠭ ᠲᠤ ᠪᠠᠨ ᠠᠮᠢᠳᠤᠷᠠᠬᠤ ᠭᠡᠵᠤ
ᠬᠦᠦ ᠶᠢᠨ ᠰᠡᠳᠬᠢᠯ ᠢᠶᠠᠷ
ᠡᠬᠡ ᠤᠷᠤᠨ ᠳᠤ ᠪᠠᠨ ᠬᠠᠢᠷᠠᠳᠠᠢ ᠪᠠᠢᠬᠰᠠᠨ ᠬᠡᠵᠤ
ᠬᠤᠢᠴᠢ ᠦᠶ᠎ᠡ ᠪᠡᠷ ᠢᠶᠠᠨ
ᠠᠮᠠ ᠪᠠᠷᠳᠠᠮ ᠬᠡᠯᠡᠭᠦᠯᠬᠦ ᠭᠡᠰᠡᠨ ᠶᠤᠮ ᠪᠢ
ᠬᠦᠷᠦᠰᠦᠳᠦ
ᠲᠡᠯᠡᠬᠡᠢ ᠳᠦ ᠲᠦᠷᠦᠭᠰᠡᠨ ᠮᠢᠨᠢ ᠤᠴᠢᠷ ᠲᠠᠢ
