ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠲᠠᠪᠤᠳᠤᠭᠠᠷ ᠪᠦᠯᠦᠭ> ᠨᠢᠭᠡ Дайчин улсын үеийн монголын түүх-Намсрай 5-1
ᠲᠠᠪᠤᠳᠤᠭᠠᠷ ᠪᠦᠯᠦᠭ᠂ ᠵᠡᠭᠦᠨᠭᠠᠷ ᠬᠠᠭᠠᠨᠲᠤ ᠤᠯᠤᠰ ᠤ᠋ᠨ ᠮᠠᠨᠳᠤᠯ ᠪᠠ ᠮᠥᠬᠥᠯ
ᠨᠢᠭᠡᠳᠦᠭᠡᠷ ᠬᠡᠰᠡᠭ - ᠭᠠᠯᠳᠠᠨᠴᠡᠷᠡᠩ ᠬᠠᠨ ᠤ᠋ ᠵᠡᠭᠦᠨᠭᠠᠷ ᠢ᠋ ᠮᠠᠨᠳᠤᠭᠤᠯᠤᠨ ᠬᠥᠭᠵᠢᠭᠦᠯᠦᠭᠰᠡᠨ ᠨᠢ
ᠭᠠᠯᠳᠠᠨᠴᠠᠷᠢᠩ ᠬᠠᠨ ᠰᠠᠭᠤᠭᠰᠠᠨ ᠨᠢ
ᠵᠡᠭᠦᠨᠭᠠᠷ ᠬᠠᠭᠠᠨᠲᠤ ᠤᠯᠤᠰ ᠬᠡᠳᠦᠢᠪᠡᠷ ᠳᠠᠢᠴᠢᠩ ᠤᠯᠤᠰ ᠲᠠᠢ ᠡᠪᠰᠡᠨ ᠨᠠᠢᠷᠠᠮᠳᠠᠭᠰᠠᠨ ᠪᠣᠯᠪᠠᠴᠤ᠂ ᠣᠷᠣᠰ ᠤ᠋ᠨ ᠬᠠᠷᠢᠶᠠᠲᠤ ᠪᠣᠯᠬᠤ ᠶ᠋ᠢ ᠵᠣᠷᠢᠭᠰᠠᠨ ᠨᠢᠭᠡᠨ ᠪᠦᠯᠦᠭ ᠨᠥᠯᠥᠭᠡ ᠲᠡᠢ ᠬᠥᠮᠦᠰ ᠨᠢ ᠳᠠᠯᠳᠠ ᠨᠠᠮ ᠪᠦᠯᠬᠦᠮ ᠪᠣᠯᠵᠤ ᠪᠦᠷᠢᠯᠳᠦᠵᠡᠢ᠃ ᠲᠡᠳᠡ ᠰᠸᠳᠣᠷᠵᠠᠪ ᠬᠠᠲᠤᠨ ᠤ᠋ ᠳᠣᠬᠢᠯᠲᠠ ᠳᠣᠣᠷ᠎ᠠ᠂ ᠲᠣᠬᠢᠶᠠᠯ ᠢ᠋ ᠦᠵᠡᠵᠦ ᠲᠥᠷᠥ ᠶ᠋ᠢᠨ ᠡᠷᠬᠡ ᠶ᠋ᠢ ᠣᠯᠬᠤ ᠪᠠᠷ ᠣᠷᠣᠯᠳᠣᠭᠰᠠᠨ ᠪᠠᠢᠨ᠎ᠠ᠃
ᠴᠠᠧᠠᠩᠷᠠᠪᠳᠠᠨ ᠤ᠋ ᠨᠣᠶᠠᠷᠬᠠᠯ ᠤ᠋ᠨ ᠦᠶ᠎ᠡ ᠳ᠋ᠦ᠍᠂ ᠵᠡᠭᠦᠨᠭᠠᠷ ᠤ᠋ᠨ ᠪᠠᠷᠠᠭᠤᠨ ᠬᠣᠢᠲᠤ ᠲᠠᠯ᠎ᠠ ᠳ᠋ᠤ᠌ ᠪᠠᠢᠬᠤ ᠬᠠᠰᠠᠭᠴᠤᠳ ᠬᠠᠶᠠ ᠳᠠᠭᠠᠵᠤ ᠬᠠᠶᠠ ᠤᠷᠪᠠᠭᠠᠳ ᠪᠠᠢᠨ ᠪᠠᠢᠨ ᠶᠠᠷᠰᠢᠭ ᠲᠠᠲᠠᠵᠤ ᠪᠠᠢᠪᠠ᠃ 1715 ᠣᠨ ᠤ᠋ ᠦᠶ᠎ᠡ ᠪᠡᠷ ᠴᠠᠧᠠᠩᠷᠠᠪᠳᠠᠨ ᠬᠠᠨ ᠲᠡᠳᠡᠨ ᠢ᠋ ᠰᠡᠷᠭᠡᠢᠯᠡᠬᠦ ᠭᠡᠮᠡᠨ ᠥᠪᠡᠷ ᠦ᠋ᠨ ᠬᠣᠶᠠᠳᠤᠭᠠᠷ ᠬᠥᠪᠡᠭᠦᠨ ᠯᠣᠪᠰᠠᠩᠰᠣᠨᠤ(ᠰᠸᠳᠣᠷᠵᠠᠪ ᠠ᠋ᠴᠠ ᠲᠥᠷᠥᠭᠰᠡᠨ) ᠢ᠋ ᠠᠯᠢᠮᠠᠲᠤ ᠪᠣᠯᠤᠨ ᠰᠢᠷ᠎ᠠ ᠭᠣᠣᠯ ᠳ᠋ᠤ᠌ ᠰᠠᠭᠤᠯᠭᠠᠭᠰᠠᠨ ᠪᠠᠢᠨ᠎ᠠ᠃
ᠳᠠᠢᠴᠢᠩ ᠤᠯᠤᠰ ᠤ᠋ᠨ ᠴᠡᠷᠢᠭ ᠵᠡᠭᠦᠨᠭᠠᠷ ᠲᠤ᠌ ᠳᠠᠷᠤᠯᠲᠠ ᠦᠵᠡᠭᠦᠯᠬᠦ ᠳ᠋ᠦ᠍ ᠨᠢᠭᠡᠨᠲᠡ ᠨᠣᠮᠣᠬᠠᠷᠠᠭᠠᠳ ᠪᠠᠢᠭᠰᠠᠨ ᠬᠠᠰᠠᠭᠴᠤᠳ ᠳᠠᠬᠢᠨ ᠤᠷᠪᠠᠬᠤ ᠰᠠᠨᠠᠭ᠎ᠠ ᠣᠷᠣᠪᠠ᠃ 1716 ᠣᠨ ᠤ᠋ ᠡᠬᠢ ᠪᠡᠷ ᠬᠠᠰᠠᠭ ᠤ᠋ᠨ ᠬᠠᠨ ᠠ᠋ᠴᠠ ᠰᠢᠪᠡᠷᠢ ᠶ᠋ᠢᠨ ᠪᠦᠭᠦᠳᠡ ᠶ᠋ᠢ ᠵᠠᠬᠢᠷᠤᠭᠴᠢ ᠺᠠᠺᠠᠷᠢᠨ ᠳ᠋ᠤ᠌ ᠪᠢᠴᠢᠭ ᠥᠭᠴᠦ᠂ ᠬᠠᠮᠲᠤᠪᠠᠷ ᠴᠠᠧᠠᠩᠷᠠᠪᠳᠠᠨ ᠢ᠋ ᠴᠣᠬᠢᠰᠤᠭᠠᠢ ᠭᠡᠵᠡᠢ [1] ᠃ ᠭᠡᠲᠡᠯ᠎ᠡ ᠵᠡᠭᠦᠨᠭᠠᠷ ᠲᠠᠢ ᠰᠢᠭᠤᠳ ᠮᠥᠷᠭᠥᠯᠳᠦᠬᠦ ᠶ᠋ᠢ ᠴᠢᠳᠠᠬᠤ ᠶ᠋ᠢᠨ ᠬᠢᠷᠢ ᠳ᠋ᠦ᠍ ᠪᠣᠯᠭᠣᠮᠵᠢᠯᠠᠵᠤ ᠪᠠᠢᠭᠰᠠᠨ ᠺᠠᠺᠠᠷᠢᠨ ᠡᠨᠡᠬᠦ ᠰᠠᠨᠠᠯ ᠢ᠋ ᠬᠦᠯᠢᠶᠡᠨ ᠠᠪᠤᠭᠰᠠᠨ ᠦᠭᠡᠢ᠃ 1723 ᠣᠨ ᠳ᠋ᠤ᠌᠂ ᠵᠡᠭᠦᠨᠭᠠᠷ ᠪᠣᠯᠤᠨ ᠲᠠᠢᠴᠢᠩ᠂ ᠣᠷᠣᠰ ᠤ᠋ᠨ ᠬᠣᠭᠣᠷᠣᠨᠳᠣᠬᠢ ᠪᠠᠴᠢᠮ ᠪᠠᠢᠳᠠᠯ ᠲᠦᠷ ᠨᠠᠮᠳᠠᠬᠤ ᠳ᠋ᠤ᠌ ᠴᠠᠧᠠᠩᠷᠠᠪᠳᠠᠨ ᠬᠠᠨ ᠡᠨᠡᠬᠦ ᠲᠣᠬᠢᠶᠠᠯ ᠢ᠋ ᠠᠰᠢᠭᠯᠠᠨ ᠤᠷᠪᠠᠭ᠎ᠠ ᠬᠥᠷᠪᠡᠭᠡ ᠲᠡᠢ ᠬᠠᠰᠠᠭᠴᠤᠳ ᠢ᠋ ᠳᠠᠢᠯᠠᠨ ᠳᠠᠭᠠᠭᠤᠯᠬᠤ ᠪᠠᠷ ᠰᠢᠢᠳᠴᠡᠢ᠃ ᠲᠡᠭᠦᠨᠴᠡ ᠵᠠᠷᠯᠢᠭ ᠪᠠᠭᠤᠯᠭᠠᠨ ᠠᠯᠢᠮᠠᠲᠤ ᠣᠷᠴᠢᠮ ᠢ᠋ᠶ᠋ᠠᠷ ᠰᠡᠷᠭᠡᠢᠯᠡᠨ ᠰᠠᠭᠤᠭ᠎ᠠ ᠯᠣᠪᠰᠠᠩᠰᠤᠨᠤ ᠶ᠋ᠢ ᠴᠡᠷᠢᠭ ᠳᠠᠢᠴᠢᠯᠠᠨ ᠣᠷᠣᠭᠲᠤᠨ ᠭᠡᠪᠡ᠃ ᠯᠣᠪᠰᠠᠩᠰᠤᠨᠤ ᠮᠥᠨ ᠠᠰᠤᠷᠤ ᠤᠬᠠᠭᠠᠨ ᠴᠢᠳᠠᠪᠤᠷᠢ ᠲᠠᠢ ᠬᠥᠮᠦᠨ ᠶᠦᠮ᠃ ᠲᠡᠷᠡ ᠬᠠᠰᠠᠭ ᠤ᠋ᠨ ᠶᠡᠬᠡ ᠣᠷᠳᠣᠨ᠂ ᠳᠤᠮᠳᠠᠳᠤ ᠣᠷᠳᠣᠨ ᠢ᠋ ᠳᠠᠭᠠᠷᠢᠵᠤ ᠵᠡᠭᠦᠨ ᠬᠠᠰᠠᠭ᠂ ᠪᠠᠷᠠᠭᠤᠨ ᠬᠠᠰᠠᠭ ᠤ᠋ᠨ ᠶᠡᠬᠡᠩᠬᠢ ᠭᠠᠵᠠᠷ ᠢ᠋ ᠡᠵᠡᠯᠡᠭᠡᠳ᠂ ᠲᠡᠳᠡᠨ ᠢ᠋ ᠵᠡᠭᠦᠨᠭᠠᠷ ᠤ᠋ᠨ ᠬᠠᠷᠢᠶᠠᠲᠤ ᠪᠣᠯᠭᠠᠵᠠᠢ[2]᠃ ᠲᠡᠭᠦᠨ ᠦ᠌ ᠡᠨᠡᠬᠦ ᠢᠯᠠᠯᠲᠠ ᠨᠢ ᠲᠡᠭᠦᠨ ᠦ᠌ ᠨᠡᠷ᠎ᠡ ᠬᠦᠨᠳᠦ ᠶ᠋ᠢ ᠶᠡᠬᠡᠳᠡ ᠮᠠᠨᠳᠤᠭᠤᠯᠪᠠ᠃ ᠲᠡᠷᠡ ᠡᠨᠡᠬᠦ ᠨᠡᠷ᠎ᠡ ᠨᠥᠯᠥᠭᠡ ᠪᠣᠯᠤᠨ ᠪᠠᠢᠷᠢ ᠰᠠᠭᠤᠷᠢ ᠪᠠᠨ ᠠᠰᠢᠭᠯᠠᠵᠤ᠂ ᠡᠴᠢᠭᠡ ᠶ᠋ᠢᠨ ᠰᠠᠭᠤᠷᠢᠨ ᠢ᠋ ᠵᠠᠯᠭᠠᠮᠵᠢᠯᠠᠬᠤ ᠪᠠᠷ ᠭᠣᠷᠢᠳᠠᠵᠤ ᠪᠠᠢᠵᠠᠢ᠃1723 ᠣᠨ ᠤ᠋ ᠳᠣᠯᠣᠳᠤᠭᠠᠷ ᠰᠠᠷ᠎ᠠ ᠳ᠋ᠤ᠌᠂ ᠤᠷᠲᠤ ᠬᠤᠭᠤᠴᠠᠭ᠎ᠠ ᠪᠠᠷ ᠡᠪᠡᠳᠴᠢᠨ ᠳ᠋ᠦ᠍ ᠳᠠᠷᠤᠭᠳᠠᠭᠰᠠᠨ ᠰᠣᠩᠭᠣᠷᠠᠪᠲᠠᠨ ᠬᠠᠲᠤᠨ ᠨᠠᠰᠤ ᠪᠠᠷᠠᠵᠤ [3] ᠴᠠᠧᠠᠩᠷᠠᠪᠳᠠᠨ ᠬᠠᠨ ᠤ᠋ ᠪᠡᠶ᠎ᠡ ᠴᠦ᠍ ᠮᠠᠭᠤ ᠪᠠᠢᠪᠠ᠃ ᠲᠡᠭᠦᠨᠴᠡ ᠬᠣᠶᠠᠳᠤᠭᠠᠷ ᠬᠠᠲᠤᠨ ᠰᠧᠳᠤᠷᠵᠠᠪ ᠤ᠋ᠨ ᠪᠠᠢᠷᠢ ᠰᠠᠭᠤᠷᠢ᠂ ᠨᠥᠯᠥᠭᠡ ᠪᠣᠯᠤᠨ ᠦᠢᠯᠡᠳᠦᠯ ᠨᠢ ᠠᠶᠠᠨᠳᠠᠭᠠᠨ ᠳᠣᠪᠣᠢᠵᠤ᠂ ᠬᠥᠪᠡᠭᠦᠨ ᠯᠣᠪᠰᠠᠩᠰᠤᠨᠤ ᠪᠠᠨ ᠬᠠᠨ ᠰᠠᠭᠤᠷᠢᠨ ᠳ᠋ᠤ᠌ ᠰᠠᠭᠤᠯᠭᠠᠬᠤ ᠪᠠᠷ ᠢᠳᠡᠪᠬᠢᠲᠡᠢ ᠬᠥᠳᠡᠯᠭᠡᠭᠡᠨ ᠬᠢᠵᠦ ᠡᠯ᠎ᠡ ᠣᠲᠣᠭ ᠤ᠋ᠨ ᠨᠡᠷ᠎ᠡ ᠨᠥᠯᠥᠭᠡ ᠲᠡᠢ ᠵᠠᠢᠰᠠᠩ ᠪᠣᠯᠤᠨ ᠵᠢᠰᠢᠶ᠎ᠠ ᠯᠠᠮᠠ ᠨᠠᠷ ᠢ᠋ ᠪᠡᠶ᠎ᠡ ᠳ᠋ᠡᠭᠡᠨ ᠲᠠᠲᠠᠵᠠᠢ᠃ ᠡᠭᠦᠨ ᠦ᠌ ᠬᠠᠮᠲᠤ ᠬᠥᠬᠡᠨᠠᠭᠤᠷ ᠤ᠋ᠨ ᠯᠤᠪᠰᠠᠩᠳᠠᠨᠵᠢᠨ ᠬᠣᠩ ᠲᠠᠢᠵᠢ ᠪᠣᠯᠤᠨ ᠴᠠᠧᠠᠩᠷᠠᠪᠳᠠᠨ ᠤ᠋ ᠬᠦᠷᠭᠡᠨ ᠬᠣᠱᠤᠳ ᠤ᠋ᠨ ᠳᠣᠷᠵᠢ ᠲᠠᠢᠵᠢ ᠶ᠋ᠢᠨ ᠣᠮᠪᠣᠯᠣ᠂ ᠯᠣᠪᠰᠠᠩᠴᠡᠷᠢᠩ ᠲᠠᠪᠤᠨᠠᠩ ᠨᠠᠷ ᠤ᠋ᠨ ᠳᠡᠮᠵᠢᠯᠭᠡ ᠶ᠋ᠢ ᠣᠯᠵᠤ᠂ ᠪᠠᠰᠠ ᠲᠡᠭᠦᠨ ᠦ᠌ ᠲᠥᠷᠬᠥᠮ ᠦ᠋ᠨ ᠲᠠᠯ᠎ᠠ ᠶ᠋ᠢᠨ ᠳᠡᠮᠵᠢᠯᠭᠡ ᠶ᠋ᠢ ᠣᠯᠤᠭᠰᠠᠨ ᠪᠠᠢᠨ᠎ᠠ [4] ᠃ 1722 ᠣᠨ ᠳ᠋ᠤ᠌᠂ ᠠᠶᠤᠰᠢ ᠬᠠᠨ (ᠰᠧᠳᠤᠷᠵᠠᠪ ᠤ᠋ᠨ ᠡᠴᠢᠭᠡ)ᠨᠠᠰᠤ ᠪᠠᠷᠠᠵᠤ ᠴᠠᠷᠢᠩᠳᠤᠨᠳᠤᠭ ᠬᠠᠨ ᠪᠣᠯᠤᠭᠰᠠᠨ ᠪᠣᠯᠪᠠᠴᠤ᠂ ᠲᠣᠷᠭᠤᠳ ᠤ᠋ᠨ ᠴᠣᠬᠣᠮ ᠡᠷᠬᠡ ᠶ᠋ᠢ ᠠᠶᠤᠰᠢ ᠬᠠᠨ ᠤ᠋ ᠬᠠᠲᠤᠨ ᠲᠡᠷᠮᠡᠪᠡᠯᠡ ᠪᠣᠯᠤᠨ ᠣᠮᠪᠣᠯᠣ ᠳ᠋ᠣᠨᠳᠣᠭ ᠣᠮᠪᠣ ᠪᠠᠷᠢᠵᠤ ᠪᠠᠢᠪᠠ [5]᠃ ᠲᠡᠳᠡ ᠰᠧᠳᠤᠷᠵᠠᠪ ᠢ᠋ ᠳᠡᠮᠵᠢᠵᠦ᠂ ᠯᠣᠪᠰᠠᠩᠰᠤᠨᠤ ᠶ᠋ᠢ ᠬᠠᠨ ᠰᠠᠭᠤᠯᠭᠠᠬᠤ ᠭᠡᠮᠡᠨ ᠵᠡᠭᠦᠨᠭᠠᠷ ᠤ᠋ᠨ ᠬᠡᠷᠡᠭ ᠲᠦ᠍ ᠭᠠᠷ ᠲᠥᠷᠥᠵᠦ ᠡᠬᠢᠯᠡᠵᠡᠢ᠃ ᠮᠥᠨ ᠰᠧᠳᠤᠷᠵᠠᠪ ᠬᠠᠲᠤᠨ ᠤ᠋ ᠨᠥᠯᠥᠭᠡ ᠪᠡᠷ ᠴᠠᠧᠠᠩᠷᠠᠪᠳᠠᠨ ᠬᠠᠨ ᠥᠪᠡᠷ ᠦ᠋ᠨ ᠬᠡᠳᠦᠨ ᠥᠬᠢᠨ ᠢ᠋ᠶ᠋ᠡᠨ ᠲᠣᠷᠭᠤᠳ ᠲᠤ᠌ ᠭᠡᠷᠯᠡᠭᠦᠯᠬᠦ ᠪᠡᠷ ᠪᠣᠳᠣᠵᠤ ᠪᠠᠢᠪᠠ᠃ 1724 ᠣᠨ ᠳ᠋ᠤ᠌᠂ ᠰᠧᠳᠤᠷᠵᠠᠪ ᠬᠠᠲᠤᠨ ᠤ᠋ ᠠᠵᠢᠯᠯᠠᠭ᠎ᠠ ᠶ᠋ᠢ ᠳᠡᠮᠵᠢᠬᠦ ᠵᠣᠷᠢᠯᠭ᠎ᠠ ᠪᠠᠷ ᠲᠡᠷᠮᠡᠪᠡᠯᠡ ᠪᠣᠯᠤᠨ ᠵᠣᠨᠳᠣᠭ ᠣᠮᠪᠣ ᠠ᠋ᠴᠠ ᠶᠡᠬᠡ ᠠᠪᠤᠭᠠᠢ ᠬᠡᠮᠡᠬᠦ ᠵᠠᠢᠰᠠᠩ ᠢ᠋ ᠲᠣᠮᠢᠯᠠᠨ᠂ ᠴᠡᠷᠢᠩᠳᠣᠨᠳᠣᠭ ᠬᠠᠨ ᠳ᠋ᠤ᠌ ᠴᠠᠧᠠᠩᠷᠠᠪᠳᠠᠨ ᠤ᠋ ᠥᠬᠢᠨ ᠢ᠋ ᠬᠡᠯᠡᠯᠴᠡᠵᠦ ᠥᠭᠬᠦ ᠪᠡᠷ ᠵᠠᠭᠤᠴᠢ ᠢᠯᠡᠭᠡᠵᠡᠢ᠃1725 ᠣᠨ ᠳ᠋ᠤ᠌᠂ ᠲᠣᠷᠭᠤᠳ ᠠ᠋ᠴᠠ ᠬᠣᠶᠠᠷ ᠮᠢᠩᠭᠠᠨ ᠴᠡᠷᠢᠭ ᠢᠯᠡᠭᠡᠵᠦ᠂ ᠴᠠᠧᠠᠩᠷᠠᠪᠳᠠᠨ ᠤ᠋ ᠥᠬᠢᠨ ᠢ᠋ ᠪᠠᠭᠤᠯᠭᠠᠵᠤ ᠠᠪᠠᠴᠢᠭᠰᠠᠨ ᠪᠣᠯᠪᠠᠴᠤ ᠶᠡᠬᠡ ᠠᠪᠤᠭᠠᠢ ᠬᠣᠴᠣᠷᠴᠤ ᠰᠧᠳᠤᠷᠵᠠᠪ ᠬᠠᠲᠤᠨ ᠢ᠋ ᠳᠡᠮᠵᠢᠪᠡ᠃ ᠲᠡᠷᠡ ᠬᠢᠷᠢ ᠳ᠋ᠦ᠍ ᠴᠠᠸᠠᠩᠷᠠᠪᠲᠠᠨ ᠬᠠᠨ ᠤ᠋ ᠪᠡᠶ᠎ᠡ ᠮᠠᠭᠤ ᠲᠤᠯᠠ ᠲᠥᠷᠥ ᠶ᠋ᠢᠨ ᠬᠡᠷᠡᠭ ᠢ᠋ ᠠᠬᠠᠮᠠᠳ ᠬᠥᠪᠡᠭᠦᠨ ᠭᠠᠯᠳᠠᠨᠴᠡᠷᠢᠩ ᠡᠷᠬᠢᠯᠡᠵᠦ ᠪᠠᠢᠵᠠᠢ᠃ ᠲᠡᠷᠡ ᠬᠠᠨ ᠰᠠᠭᠤᠷᠢᠨ ᠢ᠋ ᠣᠯᠬᠤ ᠪᠠᠷ ᠲᠡᠮᠡᠴᠡᠵᠦ ᠪᠠᠢᠭᠰᠠᠨ ᠳᠡᠭᠦᠦ ᠯᠣᠪᠰᠠᠩᠰᠤᠨᠤ ᠲᠠᠢ ᠡᠴᠦᠰ ᠲᠡᠭᠡᠨ ᠵᠥᠷᠢᠴᠡᠯ ᠡᠭᠦᠰᠴᠦ᠂ ᠲᠡᠭᠦᠨ ᠦ᠌ ᠨᠠᠮ ᠰᠦᠯᠪᠡᠭᠡ ᠪᠠᠢᠭᠤᠯᠤᠨ ᠡᠷᠬᠡ ᠨᠥᠯᠥᠭᠡ ᠪᠡᠨ ᠥᠷᠭᠡᠳᠬᠡᠵᠦ ᠪᠠᠢᠭ᠎ᠠ ᠶ᠋ᠢ ᠡᠴᠢᠭᠡ ᠬᠠᠨ ᠳ᠋ᠠᠭᠠᠨ ᠠᠢᠯᠠᠳᠬᠠᠨ ᠮᠡᠳᠡᠭᠦᠯᠪᠡ᠃ ᠴᠠᠸᠠᠩᠷᠠᠪᠲᠠᠨ ᠬᠠᠨ ᠡᠭᠦᠨ ᠢ᠋ ᠰᠣᠨᠣᠰᠤᠭᠠᠳ ᠲᠤᠢᠯ ᠢ᠋ᠶ᠋ᠠᠷ ᠬᠢᠯᠢᠩᠨᠡᠵᠦ᠂ ᠲᠥᠷᠥ ᠶ᠋ᠢ ᠡᠪᠳᠡᠬᠦ ᠭᠡᠵᠦ ᠪᠠᠢᠭ᠎ᠠ ᠯᠤᠪᠰᠠᠩᠰᠤᠨᠤ ᠶ᠋ᠢ ᠪᠠᠷᠢᠵᠤ ᠠᠯᠠᠭᠲᠤᠨ ᠭᠡᠵᠡᠢ᠃ ᠰᠧᠳᠤᠷᠵᠠᠪ ᠬᠠᠲᠤᠨ ᠤ᠋ ᠨᠢᠳᠦ ᠴᠢᠬᠢ ᠣᠯᠠᠨ ᠲᠤᠯᠠ᠂ ᠪᠠᠢᠳᠠᠯ ᠮᠠᠭᠤ ᠪᠣᠯᠤᠭᠰᠠᠨ ᠢ᠋ ᠯᠣᠪᠰᠠᠩᠰᠤᠨᠤ ᠮᠡᠳᠡᠭᠡᠳ ᠰᠢᠳᠠᠷ ᠨᠠᠢ᠍ᠮᠠᠨ ᠬᠥᠮᠦᠨ ᠢ᠋ᠶ᠋ᠡᠨ ᠳᠠᠭᠠᠭᠤᠯᠤᠨ ᠢᠵᠢᠯ ᠵᠠᠢ ᠳ᠋ᠤ᠌ ᠳᠤᠲᠠᠭᠠᠨ ᠣᠴᠢᠪᠠ᠃ ᠡᠭᠦᠨ ᠳ᠋ᠦ᠍ ᠰᠧᠳᠤᠷᠵᠠᠪ ᠬᠠᠲᠤᠨ ᠪᠠᠰᠠ ᠵᠢᠷᠦᠬᠡ ᠦᠬᠦᠭᠰᠡᠨ ᠦᠭᠡᠢ᠂ ᠶᠡᠬᠡ ᠠᠪᠤᠭᠠᠢ ᠲᠠᠢ ᠬᠤᠤᠪᠢᠯᠳᠤᠵᠤ ᠭᠠᠯᠳᠠᠨᠴᠠᠷᠢᠩ ᠢ᠋ ᠬᠣᠣᠷᠯᠠᠬᠤ ᠪᠠᠷ ᠪᠡᠯᠡᠳᠬᠡᠵᠡᠢ᠃ ᠭᠡᠲᠡᠯ᠎ᠡ ᠭᠠᠯᠳᠠᠨᠴᠠᠷᠢᠩ ᠢ᠋ ᠬᠣᠣᠷᠯᠠᠬᠤ ᠲᠣᠬᠢᠶᠠᠯ ᠣᠯᠬᠤ ᠦᠭᠡᠢ ᠲᠤᠯᠠ ᠲᠡᠷᠡ ᠴᠠᠸᠠᠩᠷᠠᠪᠲᠠᠨ ᠬᠠᠨ ᠢ᠋ ᠬᠣᠣᠷᠯᠠᠨ ᠠᠯᠠᠵᠤ[8] ᠪᠠᠰᠠ ᠯᠣᠪᠰᠠᠩᠴᠡᠷᠢᠩ ᠲᠠᠪᠤᠨᠠᠩ ᠪᠣᠯᠤᠨ ᠯᠣᠪᠰᠠᠩᠳᠠᠨᠵᠢᠨ ᠬᠣᠩ ᠲᠠᠢᠵᠢ ᠬᠣᠶᠠᠭᠤᠯᠠ ᠪᠠᠷ ᠭᠠᠯᠳᠠᠨᠴᠡᠷᠢᠩ ᠲᠠᠢᠵᠢ ᠶ᠋ᠢ ᠠᠯᠠᠭᠤᠯᠬᠤ ᠭᠡᠪᠡ [9] ᠃
ᠰᠧᠳᠤᠷᠵᠠᠪ ᠤ᠋ᠨ ᠨᠠᠮ ᠪᠦᠯᠦᠭ ᠢ᠋ ᠡᠷᠲᠡ ᠡᠴᠡ ᠰᠡᠷᠭᠡᠢᠯᠡᠵᠦ ᠪᠠᠢᠭᠰᠠᠨ ᠭᠠᠯᠳᠠᠨᠴᠠᠷᠢᠩ ᠲᠠᠢᠵᠢ ᠬᠠᠭᠤᠴᠢᠨ ᠲᠦᠰᠢᠮᠡᠯ ᠶᠡᠬᠡ ᠴᠡᠷᠢᠩᠳᠦᠨᠳᠦᠪ ᠦ᠋ᠨ ᠳᠡᠮᠵᠢᠯᠭᠡ ᠪᠡᠷ ᠤᠷᠢᠳᠠᠪᠡᠷ ᠭᠠᠷ ᠬᠥᠳᠡᠯᠦᠨ ᠰᠧᠳᠤᠷᠵᠠᠪ᠂ ᠯᠣᠪᠰᠠᠩᠴᠡᠷᠢᠩ᠂ ᠯᠣᠪᠰᠠᠩᠳᠠᠨᠵᠢᠨ ᠨᠠᠷ ᠢ᠋ ᠪᠠᠷᠢᠵᠤ ᠠᠪᠤᠭᠠᠳ ᠲᠡᠳᠡᠨ ᠦ᠌ ᠲᠥᠷᠥ ᠶ᠋ᠢᠨ ᠬᠤᠪᠢᠰᠤᠯ ᠢ᠋ ᠪᠣᠳᠠ ᠨᠢᠷᠬᠡᠵᠡᠶ᠃ ᠲᠡᠭᠡᠭᠡᠳ ᠰᠧᠳᠤᠷᠵᠠᠪ ᠬᠠᠲᠤᠨ ᠢ᠋ ᠭᠤᠷᠪᠠᠨ ᠥᠬᠢᠨ ᠦ᠌ ᠬᠢᠨ ᠬᠠᠮᠲᠤ ᠴᠠᠭᠠᠵᠠ ᠪᠠᠷ ᠰᠢᠳᠬᠡᠵᠦ᠂ ᠶᠡᠬᠡ ᠠᠪᠤᠭᠠᠢ ᠶ᠋ᠢ ᠭᠢᠨᠳᠠᠨ ᠳ᠋ᠤ᠌ ᠬᠣᠷᠢᠨ᠂ ᠯᠣᠪᠰᠠᠩᠴᠡᠷᠢᠩ ᠲᠠᠪᠤᠨᠠᠩ ᠪᠣᠯᠤᠨ ᠯᠣᠪᠰᠠᠩᠳᠠᠨᠵᠢᠨ ᠬᠣᠩ ᠲᠠᠢᠵᠢ ᠶ᠋ᠢ ᠵᠠᠷᠭᠤᠴᠢ ᠳ᠋ᠤ᠌ ᠲᠤᠰᠢᠶᠠᠵᠤ ᠰᠢᠭᠦᠯᠭᠡᠪᠡ᠃ ᠲᠡᠳᠡ ᠶᠠᠯ᠎ᠠ ᠳ᠋ᠠᠭᠠᠨ ᠭᠡᠮᠰᠢᠵᠦ᠂ ᠰᠧᠳᠤᠷᠵᠠᠪ ᠬᠠᠲᠤᠨ ᠳ᠋ᠤ᠌ ᠲᠠᠲᠠᠭᠳᠠᠭᠰᠠᠨ ᠢ᠋ᠶ᠋ᠠᠨ ᠦᠨᠡᠨᠴᠢ ᠪᠡᠷ ᠥᠴᠢᠭᠯᠡᠭᠰᠡᠨ ᠲᠤᠯᠠ ᠠᠭᠤᠴᠢᠯᠠᠵᠤ ᠯᠣᠪᠰᠠᠩᠴᠠᠷᠢᠩ ᠲᠠᠪᠤᠨᠠᠩ ᠢ᠋ ᠬᠠᠷᠢᠶᠠᠲᠤ ᠲᠦᠮᠡᠨ ᠡᠷᠦᠬᠡ ᠲᠡᠢ ᠨᠢ ᠬᠠᠮᠲᠤ ᠠᠯᠢᠮᠠᠲᠤ ᠳ᠋ᠤ᠌ ᠢᠯᠡᠭᠡᠵᠦ ᠬᠠᠰᠠᠭ ᠢ᠋ ᠰᠡᠷᠭᠡᠢᠯᠡᠭᠲᠦᠨ ᠭᠡᠵᠡᠢ᠃ ᠭᠡᠲᠡᠯ᠎ᠡ ᠯᠣᠪᠰᠠᠩᠴᠠᠷᠢᠩ ᠲᠠᠪᠤᠨᠠᠩ ᠥᠷᠥᠰᠢᠶᠡᠯ ᠬᠠᠢᠷ᠎ᠠ ᠶ᠋ᠢ ᠤᠮᠠᠷᠲᠠᠵᠤ᠂ ᠬᠠᠷᠢᠶᠠᠲᠤ ᠪᠠᠨ ᠳᠠᠭᠠᠭᠤᠯᠤᠨ ᠢᠵᠢᠯ ᠵᠠᠢ ᠵᠦᠭ ᠳᠤᠲᠠᠭᠠᠪᠠ [10]᠃ ᠭᠠᠯᠳᠠᠨᠴᠡᠷᠢᠩ ᠬᠣᠶᠠᠷ ᠤᠳᠠᠭ᠎ᠠ ᠬᠥᠮᠦᠨ ᠲᠣᠮᠢᠯᠠᠨ ᠨᠡᠬᠡᠬᠦᠯᠵᠦ ᠯᠣᠪᠰᠠᠩᠴᠡᠷᠢᠩ ᠢ᠋ ᠪᠠᠷᠢᠵᠤ ᠠᠪᠴᠢᠷᠠᠭᠠᠳ᠂ ᠲᠡᠭᠦᠨ ᠦ᠌ ᠬᠠᠲᠤᠨ ᠳ᠋ᠠᠰᠢᠰᠠᠪᠳᠠᠨ ᠢ᠋ ᠰᠠᠯᠭᠠᠵᠤ ᠥᠷᠥᠳ ᠣᠲᠣᠭ ᠤ᠋ᠨ ᠬᠣᠢᠳ ᠦᠢᠵᠡᠩ ᠬᠣᠰᠢᠭᠤᠴᠢ (ᠠᠮᠤᠷᠰᠠᠨᠠᠭ᠎ᠠ ᠶ᠋ᠢᠨ ᠡᠴᠢᠭᠡ) ᠳ᠋ᠦ᠍ ᠥᠭᠴᠦ᠂ ᠬᠣᠶᠠᠷ ᠬᠡᠦᠬᠡᠳ ᠢ᠋ ᠨᠢ ᠪᠠᠰᠠ ᠦᠷᠦᠳ ᠣᠲᠣᠭ ᠲᠤ᠌ ᠦᠯᠡᠳᠡᠭᠡᠵᠡᠢ᠃ 1727 ᠣᠨ ᠳ᠋ᠤ᠌᠂ ᠭᠠᠯᠳᠠᠨᠴᠡᠷᠢᠩ ᠲᠠᠢᠵᠢ ᠡᠴᠢᠭᠡ ᠶ᠋ᠢᠨ ᠰᠠᠭᠤᠷᠢᠨ ᠢ᠋ ᠵᠠᠯᠭᠠᠮᠵᠢᠯᠠᠨ ᠵᠡᠭᠦᠨᠭᠠᠷ ᠤ᠋ᠨ ᠬᠠᠨ ᠪᠣᠯᠪᠠ᠃
