ᠠᠩᠭᠢᠷ ᠴᠠᠭᠠᠨ ᠬᠤᠨ - ᠰ · ᠰᠠᠷᠠᠨᠮᠠᠨᠳᠤᠬᠤ Ангир цагаан хун-С ·Сараанамандуху ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠩᠭᠢᠷ ᠴᠠᠭᠠᠨ ᠬᠤᠨ - ᠰ · ᠰᠠᠷᠠᠨᠮᠠᠨᠳᠤᠬᠤ Ангир цагаан хун-С ·Сараанамандуху

ᠠᠩᠭᠢᠷ ᠴᠠᠭᠠᠨ ᠬᠤᠨ - ᠰ · ᠰᠠᠷᠠᠨᠮᠠᠨᠳᠤᠬᠤ Ангир цагаан хун-С ·Сараанамандуху

ᠠᠩᠭᠢᠯᠠᠯ:ᠳᠠᠭᠤᠤ ᠬᠥᠭᠵᠢᠮ
2026-09-22

4

ᠠᠩᠭᠢᠷ ᠴᠠᠭᠠᠨ ᠬᠤᠨ

        ᠦᠭᠡ᠄ ᠷᠠ᠊· ᠴᠢᠯᠠᠭᠤ 
        ᠠᠶ᠎ᠠ᠄ ᠪ· ᠴᠢᠷᠮᠠᠢᠯᠲᠠ 
        ᠳᠠᠭᠤᠴᠢᠨ᠄ ᠰ · ᠰᠠᠷᠠᠨᠮᠠᠨᠳᠤᠬᠤ 

ᠲᠠᠯᠮᠢᠶᠠᠷᠠᠩᠬᠠᠨ ᠮᠡᠯᠲᠡᠷᠡᠬᠦ ᠮᠡᠯᠮᠡᠢ ᠴᠢᠨᠢ 
ᠲᠠᠨᠢᠯ ᠳᠠᠰᠤᠯᠬᠠᠨ ᠢᠷᠮᠡᠯᠵᠡᠭᠡᠳ ᠯᠡ ᠪᠠᠢᠨ᠎ᠠ ᠤᠤ 
ᠲᠠᠩᠬᠢᠯ ᠡᠩᠬᠦᠷᠡᠢᠬᠡᠨ ᠴᠢᠮ᠎ᠠ ᠲᠠᠢ ᠪᠠᠨ 
ᠲᠠᠪᠢᠯᠠᠩ ᠵᠠᠶᠠᠭ᠎ᠠ ᠬᠣᠣᠰᠯᠠᠭᠤᠯᠤᠨ ᠰᠠᠭᠤᠮᠠᠷ ᠪᠠᠢᠨ᠎ᠠ 
ᠡᠩᠭᠡᠷ ᠨᠠᠭᠤᠷ ᠲᠠᠭᠠᠨ ᠱᠤᠮᠪᠠᠨ ᠡᠷᠬᠡᠯᠡᠬᠦ 
ᠠᠩᠭᠢᠷ ᠴᠠᠭᠠᠨ ᠬᠤᠨ ᠮᠢᠨᠦ ᠵᠧ 

ᠦᠶᠡᠷᠬᠡᠵᠦ ᠨᠢᠯᠬᠠᠷᠠᠨ ᠲᠣᠭᠯᠠᠭᠰᠠᠨ 
ᠦᠨᠡᠨᠴᠢ ᠬᠠᠢᠷ᠎ᠠ ᠶ᠋ᠢᠨ ᠳᠤᠷᠠᠳᠬᠠᠯ ᠲᠠᠢ 
ᠥᠩᠭᠡᠲᠦ ᠴᠡᠴᠡᠭᠡᠰ ᠦ᠋ᠨ ᠳᠡᠯᠪᠡᠭᠡ ᠰᠢᠭ 
ᠦᠵᠡᠰᠬᠦᠯᠡᠩᠲᠦ ᠭᠤᠸ᠎ᠠ ᠬᠣᠩᠭᠣᠷ ᠮᠢᠨᠦ ᠵᠧ
ᠡᠩᠭᠡᠷ ᠨᠠᠭᠤᠷ ᠲᠠᠭᠠᠨ ᠱᠤᠮᠪᠠᠨ ᠡᠷᠬᠡᠯᠡᠬᠦ
ᠠᠩᠭᠢᠷ ᠴᠠᠭᠠᠨ ᠬᠤᠨ ᠮᠢᠨᠦ ᠵᠧ

ᠠᠯᠠᠭ ᠡᠷᠢᠶᠡᠨ ᠣᠷᠴᠢᠯᠠᠩ ᠤ᠋ᠨ
ᠠᠯᠳᠠᠩᠬᠠᠨ ᠬᠠᠷᠭᠤᠢ ᠶ᠋ᠢ ᠲᠤᠭᠤᠯᠤᠩᠬᠠᠨ ᠪᠠᠢᠨ᠎ᠠ
ᠠᠮᠢᠳᠤᠷᠠᠯ ᠤ᠋ᠨ ᠠᠮᠲᠠ ᠶ᠋ᠢ ᠮᠡᠳᠡᠷᠡᠭᠦᠯᠦᠨ
ᠠᠷᠭᠠᠳᠠᠨ ᠪᠠᠶᠠᠰᠬᠠᠭᠠᠳ ᠠᠯᠢᠶᠠᠷᠬᠠᠨ ᠰᠠᠭᠤᠮᠠᠷ ᠪᠠᠢᠨ᠎ᠠ
ᠡᠩᠭᠡᠷ ᠨᠠᠭᠤᠷ ᠲᠠᠭᠠᠨ ᠱᠤᠮᠪᠠᠨ ᠡᠷᠬᠡᠯᠡᠬᠦ
ᠠᠩᠭᠢᠷ ᠴᠠᠭᠠᠨ ᠬᠤᠨ ᠮᠢᠨᠦ ᠵᠧ
ᠡᠩᠭᠡᠷ ᠨᠠᠭᠤᠷ ᠲᠠᠭᠠᠨ ᠱᠤᠮᠪᠠᠨ ᠡᠷᠬᠡᠯᠡᠬᠦ
ᠠᠩᠭᠢᠷ ᠴᠠᠭᠠᠨ ᠬᠤᠨ ᠮᠢᠨᠦ ᠵᠧ
ᠬᠤᠨ ᠮᠢᠨᠦ ᠵᠧ

       ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
       ᠦᠰᠦᠭ ᠬᠠᠳᠠᠭᠴᠢ᠄ ᠪᠠᠢ᠂ ᠰᠠᠷᠠᠨ᠎ᠠ
       ᠬᠢᠨᠠᠭᠴᠢ᠄ ᠰᠣᠨᠢᠨᠪᠠᠶᠠᠷ