ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠳᠥᠷᠪᠡᠳᠦᠭᠡᠷ ᠪᠦᠯᠦᠭ> ᠭᠤᠷᠪᠠ Дайчин улсын үеийн монголын түүх-Намсрай 4-3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠳᠥᠷᠪᠡᠳᠦᠭᠡᠷ ᠪᠦᠯᠦᠭ> ᠭᠤᠷᠪᠠ Дайчин улсын үеийн монголын түүх-Намсрай 4-3

ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠳᠥᠷᠪᠡᠳᠦᠭᠡᠷ ᠪᠦᠯᠦᠭ> ᠭᠤᠷᠪᠠ Дайчин улсын үеийн монголын түүх-Намсрай 4-3

ᠠᠩᠭᠢᠯᠠᠯ:ᠲᠡᠦᠬᠡ ᠰᠣᠶᠣᠯ
2026-09-13

17

ᠳᠥᠷᠪᠡᠳᠦᠭᠡᠷ ᠪᠦᠯᠦᠭ᠂ ᠴᠠᠸᠠᠩᠷᠠᠪᠳᠠᠨ ᠤ᠋ ᠨᠣᠶᠠᠷᠬᠠᠯ ᠳ᠋ᠠᠬᠢ ᠵᠡᠭᠦᠨᠭᠠᠷ ᠬᠠᠭᠠᠨᠲᠤ ᠤᠯᠤᠰ ᠪᠠ ᠬᠥᠬᠡᠨᠠᠭᠤᠷ ᠲᠥᠪᠡᠳ ᠦ᠋ᠨ ᠬᠣᠱᠤᠳ

ᠭᠤᠷᠪᠠᠳᠤᠭᠠᠷ ᠬᠡᠰᠡᠭ - ᠵᠡᠭᠦᠨᠭᠠᠷ ᠲᠤ ᠦᠵᠡᠭᠦᠯᠦᠭᠰᠡᠨ ᠳᠠᠷᠤᠯᠲᠠ ᠬᠢᠭᠡᠳ ᠴᠠᠸᠠᠩᠷᠠᠪᠳᠠᠨ ᠤ᠋ ᠡᠴᠦᠰ ᠦ᠋ᠨ ᠰᠢᠢᠳᠪᠦᠷᠢ


               ᠨᠢᠭᠡ᠂ ᠵᠡᠭᠦᠨᠭᠠᠷ ᠬᠠᠭᠠᠨᠲᠤ ᠤᠯᠤᠰ ᠲᠤ᠌ ᠦᠵᠡᠭᠦᠯᠦᠭᠰᠡᠨ ᠳᠠᠷᠤᠯᠲᠠ  

       ᠠᠯᠢ ᠡᠷᠲᠡ ᠡᠴᠡ ᠲᠠᠢᠴᠢᠩ ᠤᠯᠤᠰ ᠤ᠋ᠨ ᠡᠩᠬᠡ ᠠᠮᠤᠭᠤᠯᠠᠩ ᠬᠠᠭᠠᠨ ᠠᠷᠭ᠎ᠠ ᠪᠦᠬᠦᠨ ᠢ᠋  ᠰᠦᠪᠡᠭᠴᠢᠯᠡᠨ᠂  ᠵᠡᠭᠦᠨᠭᠠᠷ ᠬᠠᠭᠠᠨᠲᠤ ᠤᠯᠤᠰ ᠢ᠋ ᠥᠪᠡᠷ ᠦ᠋ᠨ ᠰᠢᠭᠤᠳ ᠬᠠᠷᠢᠶᠠᠲᠤ ᠪᠣᠯᠭᠠᠬᠤ ᠪᠠᠷ ᠵᠣᠷᠢᠵᠤ ᠪᠠᠢᠭᠰᠠᠨ ᠶᠤᠮ᠃ 
       1712 ᠣᠨ ᠳ᠋ᠤ᠌᠂ ᠡᠩᠬᠡ ᠠᠮᠤᠭᠤᠯᠠᠩ ᠬᠠᠭᠠᠨ ᠲᠦᠯᠢᠱᠧᠨ ᠢ᠋ ᠢᠵᠢᠯ ᠵᠠᠢ ᠶ᠋ᠢᠨ ᠲᠣᠷᠭᠤᠳ ᠲᠤ᠌ ᠢᠯᠡᠭᠡᠵᠦ ᠠᠶᠤᠰᠢ ᠬᠠᠨ ᠪᠣᠯᠤᠨ ᠴᠠᠸᠠᠩᠷᠠᠪᠲᠠᠨ ᠬᠣᠶᠠᠷ ᠢ᠋ ᠬᠠᠳᠬᠤᠯᠳᠤᠭᠤᠯᠵᠠᠢ᠃ ᠭᠡᠪᠡᠴᠦ ᠠᠶᠤᠰᠢ ᠬᠠᠨ ᠠᠷᠭ᠎ᠠ ᠳ᠋ᠤ᠌ ᠦᠯᠦ ᠣᠷᠣᠨ ᠲᠡᠭᠦᠨ ᠦ᠌ ᠰᠠᠨᠠᠭ᠎ᠠ ᠶ᠋ᠢ ᠬᠣᠭᠣᠰᠣᠷᠠᠭᠤᠯᠪᠠ᠃ 1715 ᠣᠨ ᠳ᠋ᠤ᠌᠂ ᠶᠡᠬᠡ ᠴᠠᠷᠢᠩᠳᠤᠨᠳᠤᠪ ᠬᠠᠮᠢ ᠬᠣᠲᠠ ᠶ᠋ᠢ ᠳᠣᠪᠲᠣᠯᠤᠭᠰᠠᠨ ᠨᠢ ᠡᠩᠬᠡ ᠠᠮᠤᠭᠤᠯᠠᠩ ᠬᠠᠭᠠᠨ ᠳ᠋ᠤ᠌ ᠨᠢᠭᠡᠨ ᠵᠠᠪᠰᠢᠶᠠᠨ ᠣᠯᠭᠣᠵᠤ᠂ ᠲᠡᠷᠡ ᠡᠭᠦᠨ ᠢ᠋ᠶ᠋ᠡᠷ ᠳᠡᠮᠵᠢᠵᠦ ᠵᠡᠭᠦᠨᠭᠠᠷ ᠬᠠᠭᠠᠨᠲᠤ ᠤᠯᠤᠰ ᠢ᠋ ᠥᠪᠡᠷ ᠦ᠋ᠨ ᠬᠠᠷᠢᠶᠠᠲᠤ ᠪᠣᠯᠭᠠᠬᠤ ᠪᠠᠷ ᠭᠣᠷᠢᠳᠠᠵᠠᠢ᠃ 
       1715 ᠣᠨ ᠤ᠋ ᠬᠠᠪᠤᠷ᠂ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠶᠠᠮᠤᠨ ᠬᠠᠯᠬ᠎ᠠ ᠶ᠋ᠢᠨ ᠵᠢᠪᠽᠦ᠋ᠨᠳᠠᠮᠪᠠ ᠬᠤᠲᠤᠭᠲᠤ ᠶ᠋ᠢᠨ ᠨᠡᠷ᠎ᠡ ᠪᠡᠷ ᠨᠢᠭᠡᠨ ᠬᠠᠭᠤᠳᠠᠰᠤ ᠪᠢᠴᠢᠭ ᠵᠣᠬᠢᠶᠠᠵᠤ᠂ ᠲᠤᠰᠠᠯᠠᠭᠴᠢ ᠲᠦᠰᠢᠮᠡᠯ  ᠪᠤᠤ ᠵᠣ᠌ ᠪᠣᠯᠤᠨ ᠵᠢᠪᠽᠦ᠋ᠨᠳᠠᠮᠪᠠ ᠶ᠋ᠢᠨ ᠱᠠᠪᠢ ᠴᠤᠶᠠᠩ ᠲᠣᠢᠨ ᠢ᠋ ᠵᠡᠭᠦᠨᠭᠠᠷ ᠵᠦᠭ ᠢᠯᠡᠭᠡᠪᠡ᠃ ᠲᠡᠳᠡ ᠨᠠᠢ᠍ᠮᠠᠳᠤᠭᠠᠷ ᠰᠠᠷ᠎ᠠ ᠳ᠋ᠤ᠌ ᠪᠣᠷᠣ ᠲᠠᠯ᠎ᠠ ᠳ᠋ᠤ᠌ ᠬᠦᠷᠦᠭᠡᠳ᠂ ᠴᠠᠸᠠᠩᠷᠠᠪᠳᠠᠨ ᠬᠠᠨ ᠲᠠᠢ ᠠᠭᠤᠯᠵᠠᠵᠤ ᠪᠢᠴᠢᠭ ᠢ᠋ᠶ᠋ᠡᠨ ᠭᠠᠷᠳᠠᠭᠤᠯᠵᠠᠢ᠃ ᠲᠡᠷᠡ ᠪᠢᠴᠢᠭ ᠲᠦ᠍᠄ ᠰᠣᠨᠣᠰᠪᠠᠰᠤ ᠲᠠᠢᠵᠢ ᠴᠢ ᠤᠴᠢᠷ ᠦᠭᠡᠢ ᠴᠡᠷᠢᠭ ᠬᠥᠳᠡᠯᠭᠡᠵᠦ ᠲᠠᠢᠴᠢᠩ ᠤᠯᠤᠰ ᠤ᠋ᠨ ᠬᠠᠮᠢ ᠶ᠋ᠢ ᠬᠠᠯᠳᠠᠭᠰᠠᠨ ᠲᠤᠯᠠ ᠲᠡᠳᠡ ᠣᠳᠣ ᠶᠡᠬᠡ ᠴᠡᠷᠢᠭ ᠢᠯᠡᠭᠡᠵᠦ ᠶᠠᠯ᠎ᠠ ᠠᠰᠠᠭᠤᠮᠤᠢ ᠬᠡᠮᠡᠮᠦ᠃ ᠬᠤᠷᠳᠤᠨ ᠪᠤᠷᠤᠭᠤ ᠶ᠋ᠢ ᠬᠦᠯᠢᠶᠡᠨ ᠶᠠᠯ᠎ᠠ ᠪᠠᠨ ᠭᠤᠶᠤᠬᠤ ᠦᠭᠡᠢ ᠪᠣᠯᠬᠤᠯ᠎ᠠ᠂ ᠣᠯᠠᠨ ᠠᠮᠢᠲᠠᠨ ᠳ᠋ᠤᠷ ᠭᠠᠯ ᠤᠰᠤᠨ ᠤ᠋ ᠵᠣᠪᠠᠯᠠᠩ ᠪᠣᠯᠤᠮᠤᠢ ᠭᠡᠪᠡ [54] ᠃ ᠴᠠᠸᠠᠩᠷᠠᠪᠳᠠᠨ ᠪᠢᠴᠢᠭ ᠢ᠋ ᠦᠵᠡᠭᠡᠳ᠄ ᠡᠨᠡ ᠪᠣᠯ ᠲᠠᠨ ᠤ᠋ ᠮᠣᠩᠭᠣᠯ ᠵᠤᠷᠭᠠᠨ ᠤ᠋ ᠪᠢᠴᠢᠭ᠂ ᠬᠠᠷᠢᠨ ᠡᠩᠬᠡ ᠠᠮᠤᠭᠤᠯᠠᠩ ᠬᠠᠭᠠᠨ ᠤ᠋ ᠪᠢᠴᠢᠭ ᠪᠤᠰᠤ᠃ ᠪᠢ ᠲᠠᠨ ᠤ᠋ ᠮᠣᠩᠭᠣᠯ  ᠵᠤᠷᠭᠠᠨ ᠤ᠋ ᠥᠴᠦᠬᠡᠨ ᠲᠦᠰᠢᠮᠡᠯ ᠲᠡᠢ ᠶᠠᠭᠠᠬᠢᠨ ᠬᠣᠶᠠᠷ ᠤᠯᠤᠰ ᠤ᠋ᠨ ᠶᠡᠬᠡ ᠶᠠᠪᠤᠳᠠᠯ ᠢ᠋ ᠬᠡᠯᠡᠯᠴᠡᠮᠦᠢ [55]  ᠭᠡᠮᠡᠨ ᠪᠤᠤ ᠵᠣ᠌ ᠨᠠᠷ ᠢ᠋ ᠪᠤᠴᠠᠭᠠᠵᠠᠢ᠃ ᠡᠭᠦᠨ ᠳ᠋ᠦ᠍ ᠡᠩᠬᠡ ᠠᠮᠤᠭᠤᠯᠠᠩ ᠬᠠᠭᠠᠨ ᠶᠡᠬᠡᠳᠡ ᠠᠭᠤᠷᠯᠠᠵᠤ ᠲᠦᠰᠢᠮᠡᠯ ᠦ᠋ᠨ ᠶᠠᠪᠤᠳᠠᠯ ᠤ᠋ᠨ ᠶᠠᠮᠤᠨ ᠤ᠋ ᠡᠷᠭᠢᠨ ᠰᠠᠢᠳ ᠪᠦᠨᠢᠩᠬᠠᠨ ᠢ᠋ ᠲᠡᠷᠰᠯᠡᠭᠰᠡᠨ ᠢ᠋ ᠠᠷᠢᠯᠭᠠᠭᠴᠢ ᠵᠠᠩᠵᠤᠨ ᠡᠷᠭᠦᠮᠵᠢᠯᠡᠨ ᠮᠠᠨᠵᠤ᠂ ᠮᠣᠩᠭᠣᠯ᠂ ᠬᠦᠨᠳᠦ ᠴᠡᠷᠢᠭ ᠲᠦᠮᠡ ᠳᠣᠯᠣᠭᠠᠨ ᠮᠢᠩᠭᠠᠨ ᠬᠥᠮᠦᠨ ᠢ᠋ ᠳᠠᠢᠴᠢᠯᠠᠨ ᠪᠠᠷᠠᠭᠤᠨ ᠵᠠᠮ ᠪᠣᠯᠵᠤ᠂ ᠬᠢᠶ᠎ᠡ ᠶ᠋ᠢ ᠵᠠᠬᠢᠷᠬᠤ ᠳᠣᠲᠣᠭᠠᠳᠤ ᠰᠠᠢᠳ ᠪᠥᠷᠲᠡ  ᠶ᠋ᠢ ᠴᠣᠭ ᠪᠠᠳᠠᠷᠠᠭᠤᠯᠤᠭᠴᠢ ᠵᠠᠩᠵᠤᠨ ᠡᠷᠭᠦᠮᠵᠢᠯᠡᠨ᠂ ᠭᠠᠳᠠᠭᠠᠳᠤ ᠳᠣᠲᠣᠭᠠᠳᠤ ᠵᠠᠰᠠᠭ ᠤ᠋ᠨ ᠮᠣᠩᠭᠣᠯ ᠴᠡᠷᠢᠭ ᠵᠢᠴᠢ ᠮᠠᠨᠵᠤ ᠴᠡᠷᠢᠭ ᠬᠣᠶᠠᠷ ᠲᠦᠮᠡ ᠭᠤᠷᠪᠠᠨ ᠮᠢᠩᠭᠠᠨ ᠬᠥᠮᠦᠨ ᠢ᠋ ᠳᠠᠢᠴᠢᠯᠠᠨ ᠤᠮᠠᠷᠠᠲᠤ ᠵᠠᠮ ᠪᠣᠯᠵᠤ᠂ ᠪᠠᠷᠰ ᠬᠥᠯ ᠪᠣᠯᠤᠨ ᠠᠯᠲᠠᠢ ᠳ᠋ᠤ᠌ ᠲᠤᠰ ᠲᠤᠰ ᠬᠦᠯᠢᠶᠡᠨ ᠰᠠᠭᠤᠭᠲᠤᠨ ᠭᠡᠪᠡ᠃  
       ᠶᠠᠭ ᠡᠨᠡ ᠦᠶ᠎ᠡ ᠳ᠋ᠦ᠍᠂ ᠶᠡᠬᠡ ᠴᠡᠷᠢᠩᠳᠣᠨᠳᠤᠪ ᠵᠢᠷᠭᠤᠭᠠᠨ ᠮᠢᠩᠭᠠᠨ ᠴᠡᠷᠢᠭ ᠳᠠᠢᠴᠢᠯᠠᠨ ᠲᠥᠪᠡᠳ ᠵᠦᠭ ᠠᠶᠠᠯᠠᠵᠠᠢ᠃ ᠴᠡᠸᠡᠩᠷᠠᠪᠳᠠᠨ ᠬᠠᠨ ᠨᠡᠢᠰᠯᠡᠯ ᠦ᠋ᠨ ᠠᠮᠤᠷ ᠲᠦᠪᠰᠢᠨ ᠢ᠋ ᠪᠣᠳᠣᠯᠬᠢᠯᠠᠵᠤ᠂ ᠪᠣᠷᠣ ᠲᠠᠯ᠎ᠠ ᠠ᠋ᠴᠠ ᠢᠯᠢ ᠳ᠋ᠦ᠍ ᠨᠡᠭᠦᠯᠭᠡᠪᠡ᠃ ᠲᠡᠭᠡᠭᠡᠳ ᠢᠯᠢ ᠶ᠋ᠢᠨ ᠵᠡᠭᠦᠨᠳᠡᠬᠢ ᠡᠷᠢᠶᠡᠨ ᠬᠠᠪᠢᠷᠭ᠎ᠠ᠂ ᠲᠡᠯᠡᠴᠢ ᠶ᠋ᠢᠨ ᠳᠠᠪᠠᠭ᠎ᠠ ᠪᠠᠷ ᠬᠠᠯᠬᠠᠪᠴᠢ ᠪᠣᠯᠭᠠᠵᠤ ᠦᠯᠡᠮᠵᠢ ᠴᠡᠷᠢᠭ ᠢᠯᠡᠬᠡᠨ ᠪᠠᠲᠤᠯᠠᠨ ᠰᠠᠬᠢᠵᠠᠢ᠃ ᠮᠥᠨ ᠬᠠᠭᠠᠨᠲᠤ ᠣᠷᠣᠰ ᠤ᠋ᠨ ᠡᠮᠦᠨᠡᠰᠢ ᠲᠥᠷᠥᠬᠦ ᠶ᠋ᠢ ᠰᠡᠷᠭᠡᠢᠯᠡᠵᠦ᠂ ᠠᠬᠠᠮᠠᠳ ᠬᠥᠪᠡᠭᠦᠨ ᠭᠠᠯᠲᠠᠨᠴᠡᠷᠢᠭ ᠲᠦ᠍ ᠲᠦᠮᠡᠨ ᠴᠡᠷᠢᠭ ᠥᠭᠴᠦ ᠵᠠᠢᠰᠠᠩ ᠨᠠᠭᠤᠷ ᠤ᠋ᠨ ᠠᠷᠤ ᠳ᠋ᠤ᠌ ᠰᠠᠭᠤᠯᠭᠠᠵᠤ᠂ ᠪᠠᠷᠠᠭᠤᠨ ᠬᠣᠢᠲᠤᠬᠢ ᠬᠠᠰᠠᠭ ᠬᠥᠮᠦᠨ ᠢ᠋ ᠰᠡᠷᠭᠡᠢᠯᠡᠬᠦ ᠭᠡᠮᠡᠨ ᠬᠣᠶᠠᠳᠤᠭᠠᠷ ᠬᠥᠪᠡᠭᠦᠨ ᠯᠤᠪᠰᠠᠩᠰᠣᠨᠤ ᠳ᠋ᠤ᠌ ᠨᠢᠭᠡᠨ ᠰᠠᠯᠠᠭ᠎ᠠ ᠴᠡᠷᠢᠭ ᠥᠭᠴᠦ ᠠᠯᠢᠮᠠᠲᠤ᠂ ᠰᠢᠷ᠎ᠠ ᠭᠣᠣᠯ᠂ ᠴᠦᠢ ᠭᠣᠣᠯ ᠳ᠋ᠤ᠌ ᠰᠠᠭᠤᠯᠭᠠᠪᠠ᠃ ᠪᠠᠰᠠ ᠵᠡᠭᠦᠨᠭᠠᠷ ᠤ᠋ᠨ ᠵᠡᠭᠦᠨ ᠬᠢᠯᠢ ᠪᠣᠯᠤᠨ ᠵᠡᠭᠦᠨ ᠡᠮᠦᠨᠡᠲᠦ ᠬᠢᠯᠢ ᠳ᠋ᠦ᠍ ᠴᠥᠭᠡᠨ ᠲᠣᠭᠠᠨ ᠤ᠋ ᠬᠠᠷᠠᠭᠤᠯ ᠤ᠋ᠨ ᠴᠡᠷᠢᠭ ᠢ᠋ ᠢᠯᠡᠭᠡᠵᠦ᠂ ᠳᠠᠢᠴᠢᠩ ᠤᠯᠤᠰ ᠤ᠋ᠨ ᠴᠡᠷᠢᠭ ᠦ᠋ᠨ ᠬᠥᠳᠡᠯᠭᠡᠭᠡᠨ ᠢ᠋ ᠠᠩᠬᠠᠷᠴᠠᠢ᠃  
       ᠲᠠᠢᠴᠢᠩ ᠤᠯᠤᠰ ᠤ᠋ᠨ ᠭᠠᠷᠭᠠᠭᠰᠠᠨ ᠪᠠᠷᠰ ᠬᠥᠯ᠂ ᠠᠯᠲᠠᠢ ᠬᠣᠶᠠᠷ ᠵᠠᠮ ᠤ᠋ᠨ ᠴᠡᠷᠢᠭ ᠨᠢ ᠵᠢᠯ ᠢᠯᠡᠭᠦᠦ ᠪᠡᠯᠡᠳᠬᠡᠵᠦ᠂1716 ᠣᠨ ᠤ᠋ ᠡᠴᠦᠰ ᠢ᠋ᠶ᠋ᠡᠷ ᠵᠡᠭᠦᠨᠭᠠᠷ ᠤ᠋ᠨ ᠬᠢᠯᠢ ᠶ᠋ᠢ ᠰᠦᠷᠳᠡᠭᠦᠯᠪᠡ[56]᠃ ᠡᠨᠡᠬᠦ ᠠᠷᠭ᠎ᠠ ᠪᠠᠷ ᠵᠡᠭᠦᠨᠭᠠᠷ ᠲᠤ᠌ ᠳᠠᠷᠤᠯᠲᠠ ᠦᠵᠡᠭᠦᠯᠦᠨ ᠴᠠᠧᠠᠩᠷᠠᠪᠳᠠᠨ ᠢ᠋ ᠣᠷᠣᠭᠤᠯᠵᠤ ᠠᠪᠬᠤ ᠭᠡᠵᠡᠢ ᠃1717 ᠣᠨ ᠳ᠋ᠤ᠌᠂ ᠵᠠᠩᠵᠤᠨ ᠪᠦᠨᠢᠩᠬᠠᠨ ᠴᠡᠷᠢᠭ ᠢ᠋ᠶ᠋ᠡᠨ ᠭᠤᠷᠪᠠᠨ ᠵᠠᠮ ᠬᠤᠪᠢᠶᠠᠨ ᠤᠯᠠᠭᠠᠨ ᠤᠰᠤ᠂ ᠠᠭᠲᠠᠰ᠂ ᠦᠷᠦᠮᠴᠢ ᠶ᠋ᠢ ᠳᠠᠭᠠᠷᠢᠵᠤ᠂ ᠵᠠᠩᠵᠤᠨ ᠪᠦᠷᠲᠠᠨ ᠪᠠᠰᠠ ᠬᠠᠷᠢᠶᠠᠲᠤ ᠴᠡᠷᠢᠭ ᠢ᠋ᠶ᠋ᠡᠨ ᠳᠠᠢᠴᠢᠯᠠᠨ ᠬᠤᠸᠠ ᠡᠷᠴᠢᠰ ᠮᠥᠷᠡᠨ ᠦ᠌ ᠬᠠᠪᠢ ᠳ᠋ᠠᠬᠢ ᠪᠣᠷᠣ ᠪᠤᠷᠭᠠᠰᠤᠲᠠᠢ ᠵᠡᠷᠭᠡ ᠭᠠᠵᠠᠷ ᠢ᠋ ᠳᠠᠭᠠᠷᠢᠵᠤ᠂ ᠨᠢᠭᠡᠨ ᠵᠡᠷᠭᠡ ᠪᠤᠯᠢᠶᠠᠵᠤ ᠳᠡᠭᠡᠷᠡᠮᠳᠡᠭᠡᠳ ᠪᠤᠴᠠᠪᠠ᠃ ᠢᠩᠭᠢᠭᠡᠳ ᠳᠡᠮᠡᠢ ᠤᠳᠠᠯ ᠦᠭᠡᠢ ᠡᠩᠬᠡ ᠠᠮᠤᠭᠤᠯᠠᠩ ᠬᠠᠭᠠᠨ ᠮᠣᠩᠭᠣᠯ ᠵᠤᠷᠭᠠᠨ ᠤ᠋ ᠪᠦᠦ ᠵᠣ᠌᠂ ᠬᠡᠰᠢᠭᠲᠦ ᠨᠠᠷ ᠢ᠋ ᠶᠡᠬᠡ ᠰᠠᠢᠳ ᠡᠷᠭᠦᠮᠵᠢᠯᠡᠵᠦ ᠴᠤᠶᠠᠩ ᠲᠣᠢᠨ ᠤ᠋ ᠬᠠᠮᠲᠤ ᠵᠡᠭᠦᠨᠭᠠᠷ ᠵᠦᠭ ᠢᠯᠡᠭᠡᠵᠡᠢ᠃ ᠴᠠᠧᠠᠩᠷᠠᠪᠳᠠᠨ ᠬᠠᠨ ᠲᠡᠳᠡᠨ ᠢ᠋ ᠬᠦᠯᠢᠶᠡᠨ ᠠᠪᠴᠤ ᠠᠭᠤᠯᠵᠠᠭᠠᠳ 《ᠠᠮᠤᠭᠤᠯᠠᠩ ᠬᠠᠭᠠᠨ ᠮᠢᠨᠦ ᠡᠨᠳᠡᠭᠦᠦ ᠶ᠋ᠢ ᠠᠭᠤᠴᠢᠯᠠᠵᠤ᠂ ᠳᠠᠢᠯᠠᠷ᠎ᠠ ᠢᠷᠡᠭᠰᠡᠨ ᠵᠠᠩᠵᠤᠨ ᠴᠡᠷᠢᠭ ᠢ᠋ᠶ᠋ᠡᠨ ᠭᠦᠨ᠎ᠡ ᠣᠷᠣᠭᠤᠯᠤᠭᠰᠠᠨ ᠦᠭᠡᠢ ᠳ᠋ᠦ᠍ᠷ ᠮᠠᠰᠢ ᠪᠠᠶᠠᠷᠯᠠᠪᠠᠢ》[57] ᠭᠡᠮᠡᠨ ᠶᠣᠰᠣᠨ ᠤ᠋ ᠲᠡᠳᠦᠢ ᠥᠭᠦᠯᠡᠪᠡ᠃ 
       1718 ᠣᠨ ᠪᠣᠯᠤᠨ 1719 ᠣᠨ ᠳ᠋ᠤ᠌᠂ ᠡᠩᠬᠡ ᠠᠮᠤᠭᠤᠯᠠᠩ ᠬᠠᠭᠠᠨ ᠵᠡᠭᠦᠨᠭᠠᠷ ᠤ᠋ᠨ ᠬᠢᠯᠢ ᠶ᠋ᠢ ᠦᠢᠮᠡᠭᠦᠯᠬᠦ ᠪᠡᠨ ᠵᠣᠭᠰᠣᠵᠤ᠂ ᠬᠠᠮᠤᠭ ᠠᠩᠬᠠᠷᠤᠯ ᠢ᠋ᠶ᠋ᠠᠨ ᠬᠥᠬᠡᠨᠠᠭᠤᠷ ᠲᠥᠪᠡᠳ ᠦ᠋ᠨ ᠬᠡᠷᠡᠭ ᠲᠦ᠍ ᠲᠠᠯᠪᠢᠵᠠᠢ᠃ ᠴᠢᠩᠭᠢᠭᠡᠳ ᠬᠣᠶᠠᠳᠠᠬᠢ ᠤᠳᠠᠭ᠎ᠠ ᠶᠡᠬᠡ ᠴᠡᠷᠢᠭ ᠢᠯᠡᠭᠡᠵᠦ᠂ ᠭᠠᠯᠰᠠᠩᠵᠠᠮᠰᠤ ᠶ᠋ᠢ ᠬᠦᠷᠭᠡᠬᠦ ᠶ᠋ᠢᠨ ᠬᠠᠮᠲᠤ ᠶᠡᠬᠡ ᠴᠡᠷᠢᠩᠳᠣᠨᠳᠣᠪ ᠢ᠋ ᠳᠠᠢᠯᠠᠬᠤ ᠪᠠᠷ ᠰᠢᠢᠳᠪᠡ᠃ ᠴᠠᠧᠠᠩᠷᠠᠪᠳᠠᠨ ᠬᠠᠨ ᠡᠨᠡᠬᠦ ᠲᠣᠬᠢᠶᠠᠯ ᠢ᠋ ᠠᠰᠢᠭᠯᠠᠨ ᠬᠢᠯᠢ ᠶ᠋ᠢᠨ ᠰᠡᠷᠭᠡᠢᠯᠡᠯᠲᠡ ᠪᠡᠨ ᠱᠠᠯᠠᠪᠳᠠᠨ ᠬᠢᠵᠡᠢ᠃ ᠲᠦᠷᠫᠠᠨ ᠨᠢ ᠢᠯᠢ ᠳ᠋ᠦ᠍ ᠨᠡᠪᠲᠡᠷᠡᠬᠦ ᠵᠠᠮ ᠬᠠᠷᠢᠯᠴᠠᠭᠠᠨ ᠤ᠋ ᠴᠢᠬᠤᠯᠠ ᠪᠣᠭᠣᠮᠲᠠ ᠲᠤᠯᠠ ᠲᠡᠭᠦᠨ ᠦ᠌ ᠲᠣᠭᠣᠷᠢᠨ ᠳ᠋ᠠᠬᠢ ᠰᠡᠷᠭᠡᠢᠯᠡᠯ ᠢ᠋ ᠴᠢᠩᠭᠠᠳᠬᠠᠬᠤ ᠨᠢ ᠲᠤᠩ ᠴᠢᠬᠤᠯᠠ ᠪᠢᠯᠡ᠃ ᠲᠡᠷᠡ ᠢᠯᠢ ᠶ᠋ᠢᠨ ᠵᠡᠭᠦᠨᠳᠡᠬᠢ ᠪᠣᠷᠣ ᠪᠤᠷᠭᠠᠰᠤ ᠠᠭᠤᠯᠠ᠂ ᠠᠪᠤᠯᠠᠯ᠂ ᠡᠷᠢᠶᠡᠨ ᠬᠠᠪᠢᠷᠭ᠎ᠠ᠂ ᠢᠯᠢ ᠶ᠋ᠢᠨ ᠵᠡᠭᠦᠨ ᠡᠮᠦᠨᠡᠲᠦ ᠳ᠋ᠡᠬᠢ ᠨᠡᠷᠡᠲᠦ᠂ ᠳᠠᠯᠠᠨ ᠳᠠᠪᠠᠭ᠎ᠠ᠂ ᠣᠯᠠᠨ ᠳᠠᠪᠠᠭ᠎ᠠ ᠵᠡᠷᠭᠡ ᠭᠠᠵᠠᠷ ᠲᠤ᠌ ᠴᠡᠷᠢᠭ ᠲᠣᠮᠢᠯᠠᠵᠤ ᠪᠠᠲᠤᠯᠠᠨ ᠰᠠᠬᠢᠬᠤ ᠶ᠋ᠢᠨ ᠬᠠᠮᠲᠤ ᠲᠦᠷᠫᠠᠨ ᠬᠣᠲᠠ ᠶ᠋ᠢᠨ ᠬᠣᠲᠣᠩᠴᠤᠳ ᠢ᠋ ᠬᠠᠷ᠎ᠠ ᠰᠢᠷ᠎ᠠ ᠪᠠᠯᠭᠠᠰᠤᠨ ᠳ᠋ᠤ᠌ ᠨᠡᠭᠦᠯᠭᠡᠭᠡᠳ᠂ ᠲᠤᠰ ᠭᠠᠵᠠᠷ ᠲᠤ᠌ ᠨᠤᠲᠤᠭᠯᠠᠬᠤ ᠵᠡᠭᠦᠨᠭᠠᠷ ᠤ᠋ᠨ ᠣᠢᠷᠠᠳ᠂ ᠬᠡᠷᠡᠢᠳ᠂ ᠬᠦᠷᠪᠦᠰ ᠭᠤᠷᠪᠠᠨ ᠣᠲᠣᠭ ᠲᠤ᠌ ᠵᠠᠬᠢᠷᠭᠠᠵᠠᠢ᠃ 
       1720 ᠣᠨ ᠤ᠋ ᠳᠣᠯᠣᠳᠤᠭᠠᠷ ᠰᠠᠷ᠎ᠠ ᠳ᠋ᠤ᠌᠂ ᠳᠠᠢᠴᠢᠩ ᠤᠯᠤᠰ ᠲᠥᠪᠡᠳ ᠢ᠋ ᠳᠠᠢᠯᠠᠬᠤ ᠴᠡᠷᠢᠭ ᠦ᠋ᠨ ᠬᠥᠳᠡᠯᠭᠡᠭᠡᠨ ᠲᠡᠢ ᠪᠡᠨ ᠤᠶᠠᠯᠳᠤᠭᠤᠯᠤᠨ ᠪᠠᠷᠰ ᠬᠥᠯ᠂ ᠠᠯᠲᠠᠢ ᠬᠣᠶᠠᠷ ᠵᠠᠮ ᠤ᠋ᠨ ᠴᠡᠷᠢᠭ ᠲᠦ᠍ ᠵᠠᠷᠯᠢᠭ ᠪᠠᠭᠤᠯᠭᠠᠨ᠂ ᠵᠡᠭᠦᠨᠭᠠᠷ ᠤ᠋ᠨ ᠬᠢᠯᠢ ᠶ᠋ᠢ ᠬᠣᠶᠠᠳᠠᠬᠢ ᠤᠳᠠᠭ᠎ᠠ ᠳᠠᠭᠠᠷᠢᠵᠤ ᠳᠠᠷᠤᠯᠲᠠ ᠦᠵᠡᠭᠦᠯᠦᠭᠲᠦᠨ ᠭᠡᠪᠡ᠃ ᠮᠥᠨ ᠰᠠᠷ᠎ᠠ ᠳ᠋ᠤ᠌ ᠪᠠᠷᠰ ᠬᠥᠯ ᠳ᠋ᠡᠬᠢ ᠪᠠᠷᠠᠭᠤᠨ ᠵᠠᠮ ᠤ᠋ᠨ ᠴᠡᠷᠢᠭ ᠦ᠋ᠨ ᠵᠠᠩᠵᠤᠨ ᠪᠦᠨᠢᠩᠬᠠᠨ ᠳᠣᠯᠣᠭᠠᠨ ᠮᠢᠩᠭᠠᠨ ᠴᠡᠷᠢᠭ ᠤᠳᠤᠷᠢᠳᠤᠨ ᠦᠷᠦᠮᠴᠢ ᠵᠦᠭ ᠣᠷᠣᠵᠠᠢ᠃ ᠰᠤᠯᠠ ᠰᠠᠢᠳ ᠠᠷᠭ᠎ᠠ ᠳᠥᠷᠪᠡᠨ ᠮᠢᠩᠭᠠᠨ ᠰᠢᠯᠢᠳᠡᠭ ᠴᠡᠷᠢᠭ ᠳᠠᠢᠴᠢᠯᠠᠨ ᠲᠦᠷᠫᠠᠨ ᠢ᠋ ᠪᠠᠢᠯᠳᠤᠬᠤ ᠪᠠᠷ ᠪᠠᠷᠠᠭᠤᠨᠰᠢ ᠮᠣᠷᠳᠠᠵᠤ᠂ ᠳᠣᠯᠣᠭᠠᠨ ᠤ᠋ ᠡᠳᠦᠷ ᠪᠠᠷᠰ ᠬᠥᠯ ᠦ᠋ᠨ ᠳᠠᠪᠠᠭ᠎ᠠ ᠶ᠋ᠢ ᠳᠠᠪᠠᠵᠤ ᠤᠯᠠᠭᠠᠨ ᠤᠰᠤ ᠳ᠋ᠤ᠌ ᠬᠦᠷᠢᠶ᠎ᠡ ᠪᠠᠭᠤᠭᠠᠳ ᠲᠡᠷᠢᠭᠦᠨ ᠳᠡᠰ ᠦ᠋ᠨ ᠬᠢᠶ᠎ᠡ ᠵᠡᠭᠡᠷᠳᠡ᠂ ᠠᠶᠤᠰᠢ᠂ ᠳᠡᠳ᠋ ᠵᠡᠷᠭᠡ ᠶ᠋ᠢᠨ ᠬᠢᠶ᠎ᠡ ᠬᠡᠰᠢᠭᠲᠦ ᠨᠠᠷ ᠢ᠋ᠶ᠋ᠠᠷ ᠠᠭᠲᠠᠰ᠂ ᠢᠯᠠᠪᠤᠷ ᠬᠣᠰᠢᠭᠤ ᠶ᠋ᠢ ᠳᠣᠪᠲᠣᠯᠤᠭᠤᠯᠪᠠ᠃ ᠵᠠᠷᠯᠢᠭ ᠢ᠋ᠶ᠋ᠠᠷ ᠢᠯᠠᠪᠤᠷ ᠬᠣᠰᠢᠭᠤ ᠶ᠋ᠢ ᠪᠠᠲᠤᠯᠠᠨ ᠰᠠᠬᠢᠵᠤ ᠪᠠᠢᠭᠰᠠᠨ ᠳᠥᠷᠪᠡᠳ ᠦ᠋ᠨ ᠴᠣᠢᠮᠫᠢᠯ ᠲᠠᠢᠵᠢ ᠠᠭᠤᠯᠠ ᠰᠢᠭᠤᠢ ᠶ᠋ᠢᠨ ᠪᠠᠷᠲᠠᠭ᠎ᠠ ᠶ᠋ᠢ ᠲᠦᠰᠢᠭᠯᠡᠨ ᠪᠠᠢᠯᠳᠤᠭᠰᠠᠨ ᠪᠣᠯᠪᠠᠴᠤ ᠰᠢᠷᠬ᠎ᠠ ᠣᠯᠵᠤ ᠪᠠᠷᠢᠭᠳᠠᠵᠠᠢ [58] ᠃ ᠠᠷᠪᠠᠨ ᠨᠠᠢ᠍ᠮᠠᠨ ᠤ᠋ ᠡᠳᠦᠷ ᠪᠦᠨᠢᠩᠬᠠᠨ ᠤ᠋ ᠴᠡᠷᠢᠭ ᠦᠷᠦᠮᠴᠢ ᠶ᠋ᠢ ᠳᠣᠪᠲᠣᠯᠤᠭᠰᠠᠨ ᠳ᠋ᠤ᠌᠂ ᠲᠡᠨᠳᠡ ᠰᠠᠬᠢᠵᠤ ᠪᠠᠢᠭᠰᠠᠨ ᠵᠡᠭᠦᠨᠭᠠᠷ ᠤ᠋ᠨ ᠴᠡᠭᠡᠷᠳᠡ ᠲᠠᠢᠵᠢ ᠬᠦᠴᠦᠨ ᠮᠡᠬᠦᠰᠳᠡᠵᠦ ᠦᠷᠦᠮᠴᠢ ᠡᠴᠡ ᠤᠬᠤᠷᠢᠨ ᠭᠠᠷᠪᠠ᠃ ᠳᠣᠯᠣᠳᠤᠭᠠᠷ ᠰᠠᠷ᠎ᠠ ᠶ᠋ᠢᠨ ᠠᠷᠪᠠᠨ ᠤ᠋ ᠡᠳᠦᠷ᠂ ᠠᠷᠠᠨ᠎ᠠ ᠶ᠋ᠢᠨ ᠴᠡᠷᠢᠭ ᠲᠦᠷᠫᠠᠨ ᠤ᠋ ᠵᠡᠭᠦᠨᠳᠡᠬᠢ ᠫᠢᠵᠠᠨ ᠬᠣᠲᠠ ᠶ᠋ᠢ ᠰᠠᠬᠢᠵᠤ ᠪᠠᠢᠭᠰᠠᠨ ᠭᠤᠷᠪᠠᠨ ᠵᠠᠭᠤᠨ ᠬᠣᠲᠣᠩ ᠴᠡᠷᠢᠭ ᠢ᠋ ᠪᠠᠭᠤᠯᠭᠠᠨ ᠠᠪᠴᠤ᠂ ᠠᠷᠪᠠᠨ ᠭᠤᠷᠪᠠᠨ ᠤ᠋ ᠡᠳᠦᠷ ᠴᠢᠨᠠᠭᠰᠢ ᠲᠠᠪᠰᠢᠨ ᠲᠦᠷᠫᠠᠨ ᠬᠣᠲᠠ ᠶ᠋ᠢ ᠪᠦᠰᠡᠯᠡᠨ ᠪᠠᠢᠯᠳᠤᠪᠠ᠃ ᠲᠦᠷᠫᠠᠨ ᠢ᠋ ᠰᠠᠬᠢᠭᠰᠠᠨ ᠪᠦᠭᠦᠳᠡ ᠶ᠋ᠢᠨ ᠳᠠᠷᠤᠭ᠎ᠠ ᠱᠠᠭᠵᠠᠪᠠᠷ ᠡᠷᠡᠯᠬᠡᠭᠯᠡᠨ ᠪᠠᠢᠯᠳᠤᠭᠰᠠᠨ ᠪᠣᠯᠪᠠᠴᠤ ᠡᠴᠦᠰ ᠲᠡᠭᠡᠨ ᠬᠦᠴᠦᠨ ᠮᠡᠬᠦᠰᠳᠡᠵᠦ ᠬᠣᠲᠠ ᠪᠠᠨ ᠡᠷᠭᠦᠨ ᠪᠠᠭᠤᠵᠤ ᠥᠭᠴᠡᠢ ᠃ ᠢᠩᠭᠢᠭᠡᠳ ᠨᠠᠢ᠍ᠮᠠᠳᠤᠭᠠᠷ ᠰᠠᠷ᠎ᠠ ᠶ᠋ᠢᠨ ᠡᠬᠢ ᠪᠡᠷ ᠵᠠᠩᠵᠤᠨ ᠪᠦᠨᠢᠩᠬᠠᠨ ᠤ᠋ ᠴᠡᠷᠢᠭ ᠨᠢ ᠪᠠᠷᠰ ᠬᠥᠯ ᠵᠦᠭ ᠢ᠋ᠶ᠋ᠡᠨ ᠡᠷᠭᠢᠪᠡ᠃ 
       ᠤᠮᠠᠷᠠᠲᠤ ᠵᠠᠮ ᠠᠯᠳᠠᠷ ᠤ᠋ᠨ ᠵᠠᠩᠵᠤᠨ ᠪᠦᠷᠳᠡᠨ ᠴᠡᠷᠢᠭ ᠢ᠋ᠶ᠋ᠡᠨ ᠬᠣᠶᠠᠷ ᠵᠠᠮ ᠬᠤᠪᠢᠶᠠᠵᠤ᠂ ᠪᠢᠯᠢᠭ ᠦ᠋ᠨ ᠤᠯᠠᠷᠢᠯ ᠤ᠋ᠨ ᠵᠢᠷᠭᠤᠳᠤᠭᠠᠷ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ ᠡᠴᠡ ᠡᠬᠢᠯᠡᠵᠦ ᠳᠠᠭᠠᠷᠢᠯᠲᠠ ᠬᠢᠵᠡᠢ᠃ ᠲᠡᠷᠡ ᠥᠪᠡᠷ ᠢ᠋ᠶ᠋ᠡᠨ ᠨᠠᠢ᠍ᠮᠠᠨ ᠮᠢᠩᠭᠠᠨ ᠴᠡᠷᠢᠭ ᠤᠳᠤᠷᠢᠳᠤᠨ ᠪᠣᠯᠭᠠᠨ ᠭᠣᠣᠯ ᠢ᠋ᠶ᠋ᠠᠷ ᠲᠠᠪᠰᠢᠵᠤ᠂ ᠲᠤᠰᠠᠯᠠᠭᠴᠢ ᠵᠠᠩᠵᠤᠨ ᠴᠠᠷᠢᠳᠠ ᠳᠣᠯᠣᠭᠠᠨ ᠮᠢᠩᠭᠠᠨ ᠴᠡᠷᠢᠭ ᠳᠠᠢᠴᠢᠯᠠᠨ ᠪᠣᠯᠣᠷ ᠬᠡᠮᠡᠬᠦ ᠭᠠᠵᠠᠷ ᠢ᠋ᠶ᠋ᠠᠷ ᠳᠣᠲᠣᠭᠰᠢ ᠣᠷᠣᠪᠠ᠃ ᠴᠠᠷᠢᠳᠠ ᠶ᠋ᠢᠨ ᠴᠡᠷᠢᠭ ᠵᠡᠭᠦᠨᠭᠠᠷ ᠤ᠋ᠨ ᠬᠣᠲᠣᠭᠣᠷ ᠤ᠋ᠨ ᠡᠮᠦᠨᠡᠭᠦᠷ ᠪᠠᠷᠠᠭᠤᠨᠰᠢ ᠲᠥᠷᠥᠵᠦ᠂ ᠳᠥᠷᠪᠡᠯᠵᠢᠨ ᠬᠣᠲᠠ ᠪᠠᠷ ᠥᠩᠭᠡᠷᠡᠵᠦ ᠵᠢᠩᠭᠠᠷ ᠭᠣᠣᠯ ᠳ᠋ᠤ᠌ ᠬᠦᠷᠴᠦ ᠢᠷᠡᠵᠡᠢ᠃ ᠰᠠᠬᠢᠵᠤ ᠪᠠᠢᠭᠰᠠᠨ ᠵᠠᠢᠰᠠᠩ ᠰᠠᠪᠳᠠᠨ ᠬᠠᠷᠢᠶᠠᠲᠤ ᠣᠯᠠᠨ ᠢ᠋ᠶ᠋ᠠᠨ ᠵᠣᠬᠢᠶᠠᠨ ᠪᠠᠢᠭᠤᠯᠵᠤ ᠬᠦᠴᠦᠯᠡᠨ ᠪᠠᠢᠯᠳᠤᠭᠰᠠᠨ ᠪᠣᠯᠪᠠᠴᠤ ᠬᠥᠮᠦᠨ ᠴᠥᠭᠡᠨ ᠂ ᠬᠦᠴᠦ  ᠪᠠᠭᠤᠷᠠᠢ ᠲᠤᠯᠠ ᠪᠦᠰᠡᠯᠡᠯᠲᠡ ᠶ᠋ᠢ ᠰᠢᠪᠲᠤᠯᠤᠨ ᠭᠠᠷᠴᠤ ᠴᠢᠳᠠᠭᠰᠠᠨ ᠦᠭᠡᠢ᠂ ᠬᠠᠷᠢᠶᠠᠲᠤ ᠬᠣᠶᠠᠷ ᠮᠢᠩᠭ᠎ᠠ ᠢᠯᠡᠭᠦᠦ ᠬᠥᠮᠦᠨ ᠢ᠋ᠶ᠋ᠡᠨ ᠳᠠᠭᠠᠭᠤᠯᠤᠨ ᠪᠠᠭᠤᠵᠤ ᠥᠭᠴᠡᠢ [59]᠃  ᠪᠦᠷᠲᠠᠨ ᠵᠠᠩᠵᠤᠨ ᠤ᠋ ᠨᠠᠢ᠍ᠮᠠᠨ ᠮᠢᠩᠭᠠᠨ ᠴᠡᠷᠢᠭ ᠭᠡᠷ ᠡᠷᠭᠢ ᠳ᠋ᠦ᠍ ᠳᠠᠪᠰᠢᠨ ᠣᠷᠣᠭᠰᠠᠨ ᠳ᠋ᠤ᠌ ᠡᠨᠳᠡ ᠰᠡᠷᠭᠡᠢᠯᠡᠨ ᠰᠠᠭᠤᠭᠰᠠᠨ ᠵᠠᠢᠰᠠᠩ ᠪᠠᠰᠠ ᠡᠰᠡᠷᠭᠦᠴᠡᠯ ᠪᠣᠯᠵᠤ ᠴᠢᠳᠠᠭᠰᠠᠨ ᠦᠭᠡᠢ᠂ ᠥᠷᠥᠭᠡ ᠮᠠᠢᠬᠠᠨ᠂ ᠦᠬᠡᠷ ᠬᠣᠨᠢ ᠪᠠᠨ ᠣᠷᠬᠢᠵᠤ ᠵᠢᠭᠤᠲᠠᠪᠠ᠃ ᠳᠠᠢᠴᠢᠩ ᠤ᠋ᠨ ᠴᠡᠷᠢᠭ ᠪᠣᠷᠪᠢᠳᠠᠨ ᠨᠡᠬᠡᠮᠵᠢᠯᠡᠵᠦ᠂ ᠵᠠᠢᠰᠠᠩ ᠲᠡᠷᠢᠭᠦᠲᠡᠢ ᠭᠤᠷᠪᠠᠨ ᠵᠠᠭᠤᠨ ᠬᠥᠮᠦᠨ ᠢ᠋ ᠪᠠᠷᠢᠵᠤ ᠠᠪᠴᠠᠢ [60] ᠃ ᠪᠦᠷᠲᠡᠨ ᠦ᠌ ᠴᠡᠷᠢᠭ ᠴᠢᠨᠠᠭᠰᠢ ᠴᠥᠮᠥᠷᠡᠨ ᠣᠷᠣᠵᠤ᠂ ᠥᠷᠥᠩᠬᠦ ᠨᠠᠭᠤᠷ ᠤ᠋ᠨ ᠪᠠᠷᠠᠭᠤᠨ ᠬᠣᠢᠲᠤ ᠳ᠋ᠠᠬᠢ ᠤᠯᠠᠭᠠᠨ ᠬᠤᠵᠢᠷ ᠢ᠋ ᠳᠣᠪᠲᠣᠯᠵᠤ ᠲᠡᠨᠳᠡᠬᠢ ᠲᠠᠷᠢᠶ᠎ᠠ ᠲᠥᠮᠥᠰᠥ ᠶ᠋ᠢ ᠭᠢᠰᠬᠢᠯᠡᠨ᠂ ᠠᠮᠤ ᠬᠦᠨᠡᠰᠦ ᠶ᠋ᠢ ᠨᠢ ᠭᠠᠯᠳᠠᠭᠠᠳ ᠪᠤᠴᠠᠪᠠ᠃ 
       1721 ᠣᠨ ᠤ᠋ ᠨᠠᠢ᠍ᠮᠠᠳᠤᠭᠠᠷ ᠰᠠᠷ᠎ᠠ ᠳ᠋ᠤ᠌᠂ ᠪᠠᠷᠠᠭᠤᠨ ᠵᠠᠮ ᠤ᠋ᠨ ᠴᠡᠷᠢᠭ ᠦ᠋ᠨ ᠰᠤᠯᠠ ᠰᠠᠢᠳ ᠠᠷᠠᠨ᠎ᠠ ᠨᠠᠢ᠍ᠮᠠᠨ ᠮᠢᠩᠭᠠᠨ ᠴᠡᠷᠢᠭ ᠳᠠᠢᠴᠢᠯᠠᠨ ᠲᠦᠷᠫᠠᠨ ᠬᠣᠲᠠ ᠶ᠋ᠢ ᠳᠠᠬᠢᠨ ᠡᠵᠡᠯᠡᠵᠡᠢ᠃ ᠶᠢᠰᠦᠳᠦᠭᠡᠷ ᠰᠠᠷ᠎ᠠ ᠳ᠋ᠤ᠌ ᠴᠠᠧᠠᠩᠷᠠᠪᠳᠠᠨ ᠬᠣᠶᠠᠷ ᠮᠢᠩᠭᠠᠨ ᠴᠡᠷᠢᠭ ᠲᠣᠮᠢᠯᠠᠵᠤ ᠡᠭᠡᠭᠦᠯᠦᠨ ᠠᠪᠬᠤ ᠭᠡᠵᠦ ᠣᠷᠣᠯᠳᠣᠭᠰᠠᠨ ᠪᠣᠯᠪᠠᠴᠤ ᠳᠡᠢᠯᠦᠭᠰᠡᠨ ᠦᠭᠡᠢ[61]᠃ ᠲᠠᠢᠴᠢᠩ ᠤᠯᠤᠰ ᠤ᠋ᠨ ᠳᠠᠷᠤᠯᠲᠠ ᠪᠣᠯᠤᠨ ᠶᠡᠬᠡ ᠴᠡᠷᠢᠩᠳᠣᠨᠳᠣᠪ ᠤ᠋ᠨ ᠳᠡᠢᠯᠦᠭᠳᠡᠭᠡᠳ ᠪᠤᠷᠤᠭᠤᠯᠠᠵᠤ ᠢᠷᠡᠭᠰᠡᠨ ᠶᠠᠪᠤᠳᠠᠯ ᠨᠢ ᠵᠡᠭᠦᠨᠭᠠᠷ ᠳᠠᠶᠠᠭᠠᠷ ᠢ᠋ ᠰᠣᠴᠢᠭᠠᠵᠤ ᠠᠷᠠᠳ ᠢᠷᠭᠡᠳ ᠦ᠋ᠨ ᠠᠮᠤᠷ ᠲᠦᠪᠰᠢᠨ ᠳ᠋ᠦ᠍ ᠰᠦᠷᠳᠡᠭᠦᠯᠦᠯ ᠤᠴᠠᠷᠠᠭᠤᠯᠪᠠ᠃  

               ᠬᠣᠶᠠᠷ᠂ ᠴᠠᠧᠠᠩᠷᠠᠪᠳᠠᠨ ᠬᠠᠨ ᠤ᠋ ᠡᠴᠦᠰ ᠦ᠋ᠨ ᠰᠢᠢᠳᠪᠦᠷᠢ  

       ᠳᠠᠢᠴᠢᠩ ᠤᠯᠤᠰ ᠳᠠᠷᠤᠯᠲᠠ ᠦᠵᠡᠭᠦᠯᠦᠨ ᠰᠢᠬᠠᠮᠳᠠᠭᠤᠯᠵᠤ ᠪᠠᠢᠬᠤ ᠳ᠋ᠤ᠌ ᠵᠡᠭᠦᠨᠭᠠᠷ ᠤ᠋ᠨ ᠠᠷᠤ ᠳ᠋ᠠᠬᠢ ᠬᠠᠭᠠᠨᠲᠤ ᠣᠷᠣᠰ ᠪᠠᠰᠠ ᠵᠦᠭᠡᠷ ᠰᠠᠭᠤᠭᠰᠠᠨ ᠦᠭᠡᠢ᠃ ᠲᠡᠳᠡ ᠮᠥᠨ ᠵᠡᠭᠦᠨᠭᠠᠷ ᠢ᠋ ᠥᠪᠡᠷ ᠦ᠋ᠨ ᠬᠠᠷᠢᠶᠠᠲᠤ ᠪᠠᠨ ᠪᠣᠯᠭᠠᠬᠤ ᠰᠠᠨᠠᠭ᠎ᠠ ᠡᠪᠦᠷᠯᠡᠵᠦ ᠪᠠᠢᠵᠠᠢ᠃ 
       1714 ᠣᠨ ᠳ᠋ᠤ᠌᠂ ᠰᠢᠪᠡᠷᠢ ᠣᠷᠣᠨ ᠤ᠋ ᠪᠦᠭᠦᠳᠡ ᠶ᠋ᠢ ᠵᠠᠬᠢᠷᠤᠭᠴᠢ ᠺᠠᠺᠠᠷᠢᠨ ᠠ᠋ᠴᠠ ᠫᠸᠲ᠋ᠷ ᠬᠠᠭᠠᠨ ᠳ᠋ᠤ᠌ ᠮᠡᠳᠡᠭᠦᠯᠦᠯᠲᠡ ᠪᠢᠴᠢᠵᠦ᠂ ᠵᠡᠭᠦᠨᠭᠠᠷ ᠤ᠋ᠨ ᠡᠷᠴᠢᠰ ᠮᠥᠷᠡᠨ ᠡᠴᠡ ᠪᠠᠷᠠᠭᠤᠨ ᠡᠮᠦᠨᠡᠰᠢ ᠢᠷᠬᠢᠶᠠᠩ ᠬᠦᠷᠲᠡᠯᠡᠬᠢ ᠥᠷᠭᠡᠨ ᠠᠭᠤᠳᠠᠮ ᠣᠷᠣᠨ ᠳ᠋ᠤ᠌ ᠠᠯᠲᠠᠨ ᠤ᠋ ᠠᠭᠤᠷᠬᠠᠢ ᠡᠯᠪᠡᠭ  ᠪᠣᠢ ᠭᠡᠪᠡ[62]᠃ ᠲᠡᠭᠡᠭᠡᠳ ᠬᠡᠯᠡᠯᠴᠡᠭᠡᠷ ᠬᠢᠬᠦ᠂ ᠠᠷᠭᠠᠳᠠᠨ ᠲᠠᠲᠠᠬᠤ᠂ ᠬᠦᠴᠦ ᠪᠡᠷ ᠰᠦᠷᠳᠡᠭᠦᠯᠬᠦ ᠮᠡᠲᠦ ᠶ᠋ᠢᠨ ᠠᠷᠭ᠎ᠠ ᠪᠠᠷ ᠲᠤᠰ ᠣᠷᠣᠨ ᠢ᠋ ᠡᠵᠡᠷᠬᠡᠵᠦ ᠪᠣᠯᠤᠨ᠎ᠠ ᠭᠡᠮᠡᠨ ᠰᠠᠨᠠᠯ ᠳᠡᠪᠰᠢᠭᠦᠯᠵᠡᠢ᠃ ᠫᠧᠲ᠋ᠷ ᠬᠠᠭᠠᠨ ᠠ᠋ᠴᠠ ᠬᠡᠺᠡᠷᠢᠨ ᠦ᠌ ᠲᠥᠯᠥᠪᠯᠡᠭᠡ ᠶ᠋ᠢ ᠵᠥᠪᠰᠢᠶᠡᠷᠡᠵᠦ᠂ ᠢᠵᠠᠭᠤᠷᠲᠠᠨ ᠪᠥᠭᠡᠭᠡᠯᠢᠽᠢ ᠶ᠋ᠢ ᠠᠭᠤᠷᠬᠠᠢ ᠬᠠᠢᠬᠤ ᠳᠠᠷᠤᠭ᠎ᠠ ᠪᠠᠷ ᠲᠣᠮᠢᠯᠠᠪᠠ᠃ 1715 ᠣᠨ ᠳ᠋ᠤ᠌᠂ ᠪᠥᠭᠡᠺᠡᠯᠢᠽᠢ ᠭᠤᠷᠪᠠᠨ ᠮᠢᠩᠭ᠎ᠠ ᠰᠢᠬᠠᠮ ᠵᠡᠪᠰᠡᠭᠲᠦ ᠠᠩᠭᠢ ᠶ᠋ᠢ ᠳᠠᠢᠴᠢᠯᠠᠨ᠂ ᠡᠷᠴᠢᠰ ᠢ᠋ ᠥᠭᠰᠥᠵᠦ ᠶᠠᠮᠤᠰᠢ ᠨᠠᠭᠤᠷ ᠲᠤ᠌ ᠢᠷᠡᠵᠦ ᠡᠪᠦᠯᠵᠢᠪᠡ᠃ ᠣᠷᠣᠰᠴᠤᠳ ᠠᠯᠲᠠ᠂ ᠮᠥᠩᠭᠥ᠂ ᠵᠡᠰ ᠦ᠋ᠨ ᠠᠭᠤᠷᠬᠠᠢ ᠡᠷᠢᠬᠦ  ᠨᠡᠷ᠎ᠡ ᠪᠡᠷ ᠡᠷᠴᠢᠰ ᠦ᠋ᠨ ᠳᠡᠭᠡᠳᠦ ᠤᠷᠤᠰᠬᠠᠯ ᠪᠣᠯᠤᠨ ᠵᠠᠢᠰᠠᠩ ᠨᠠᠭᠤᠷ ᠣᠷᠣᠨ ᠢ᠋ ᠡᠵᠡᠯᠡᠬᠦ ᠰᠠᠨᠠᠭ᠎ᠠ ᠲᠠᠢ ᠭᠡᠳᠡᠭ ᠢ᠋ ᠴᠠᠧᠠᠩᠷᠠᠪᠳᠠᠨ ᠬᠠᠨ ᠮᠡᠳᠡᠭᠡᠳ᠂ 1716 ᠣᠨ ᠤ᠋ ᠬᠣᠶᠠᠳᠤᠭᠠᠷ ᠰᠠᠷ᠎ᠠ ᠳ᠋ᠤ᠌ ᠶᠡᠬᠡ ᠴᠡᠷᠢᠩᠳᠣᠨᠳᠣᠪ ᠲᠤ᠌ ᠲᠦᠮᠡ ᠰᠢᠬᠠᠮ ᠴᠡᠷᠢᠭ ᠥᠭᠴᠦ ᠶᠠᠮᠤᠰᠢ ᠨᠠᠭᠤᠷ ᠳᠠᠬᠢ ᠣᠷᠣᠰ ᠴᠡᠷᠢᠭ ᠢ᠋ ᠴᠣᠬᠢᠭᠤᠯᠵᠠᠢ [63] ᠃ ᠺᠠᠺᠠᠷᠢᠨ ᠪᠠᠴᠢᠮᠳᠠᠵᠤ ᠨᠢᠭᠡᠨ ᠰᠠᠯᠠᠭ᠎ᠠ ᠲᠤᠰᠠᠯᠠᠬᠤ ᠴᠡᠷᠢᠭ ᠢᠯᠡᠭᠡᠭᠰᠡᠨ ᠪᠣᠯᠪᠠᠴᠤ ᠶᠡᠬᠡ ᠴᠡᠷᠢᠩᠳᠣᠨᠳᠣᠪ ᠲᠤ᠌ ᠤᠰᠠᠳᠬᠠᠭᠳᠠᠪᠠ᠃ ᠲᠡᠷᠡ ᠳᠠᠬᠢᠨ ᠴᠧᠯᠧᠳᠦᠪ ᠢ᠋ ᠡᠯᠴᠢ ᠪᠡᠷ ᠢᠯᠡᠭᠡᠵᠦ᠂ ᠬᠡᠷᠡᠭ ᠶᠠᠪᠤᠳᠠᠯ ᠢ᠋ᠶ᠋ᠠᠨ ᠲᠠᠢᠯᠪᠤᠷᠢᠯᠠᠬᠤ ᠭᠡᠰᠡᠨ ᠳ᠋ᠦ᠍ ᠴᠠᠧᠠᠩᠷᠠᠪᠳᠠᠨ ᠬᠦᠯᠢᠶᠡᠨ ᠠᠭᠤᠯᠵᠠᠭᠰᠠᠨ ᠦᠭᠡᠢ ᠮᠥᠷᠲᠡᠭᠡᠨ ᠭᠡᠳᠡᠷᠭᠦ  ᠪᠠᠷᠢᠵᠤ ᠬᠣᠷᠢᠵᠠᠢ᠃ 1717 ᠣᠨ ᠤ᠋ ᠳᠥᠷᠪᠡᠳᠦᠭᠡᠷ ᠰᠠᠷ᠎ᠠ ᠳ᠋ᠤ᠌᠂ ᠵᠢᠯ ᠢᠯᠡᠭᠦᠦ ᠪᠦᠰᠡᠯᠡᠭᠰᠡᠨ ᠣᠷᠣᠰ ᠴᠡᠷᠢᠭ ᠢ᠋ ᠲᠠᠯᠪᠢᠨ ᠶᠠᠪᠤᠭᠤᠯᠬᠤ ᠦᠶ᠎ᠡ ᠳ᠋ᠦ᠍ ᠥᠯᠥᠰᠬᠦᠯᠡᠩ ᠪᠠ ᠡᠪᠡᠳᠴᠢᠨ ᠲᠠᠬᠤᠯ ᠢ᠋ᠶ᠋ᠠᠷ ᠣᠯᠠᠩᠬᠢ ᠨᠢ ᠦᠬᠦᠵᠦ᠂ ᠵᠥᠪᠬᠡᠨ ᠳᠣᠯᠣᠭᠠᠨ ᠵᠠᠭᠤ ᠰᠢᠬᠠᠮ ᠬᠥᠮᠦᠨ ᠠᠮᠢᠳᠤ ᠪᠤᠴᠠᠪᠠ᠃ 
       1720 ᠣᠨ ᠤ᠋ ᠲᠠᠪᠤᠳᠤᠭᠠᠷ ᠰᠠᠷ᠎ᠠ ᠳ᠋ᠤ᠌᠂ ᠬᠠᠭᠠᠨᠲᠤ ᠣᠷᠣᠰ ᠤ᠋ᠨ ᠵᠠᠰᠠᠭ ᠤ᠋ᠨ ᠭᠠᠵᠠᠷ ᠠ᠋ᠴᠠ ᠳᠠᠬᠢᠨ ᠯᠧᠬᠠᠷᠸᠪ ᠢ᠋ ᠲᠣᠮᠢᠯᠠᠪᠠ᠃ ᠲᠡᠷᠡ ᠳᠥᠷᠪᠡᠨ ᠵᠠᠭᠤ ᠲᠠᠪᠢᠨ ᠬᠥᠮᠦᠨ ᠦ᠌ ᠵᠡᠪᠰᠡᠭᠲᠦ ᠠᠩᠭᠢ ᠳᠠᠢᠴᠢᠯᠠᠨ ᠣᠩᠭᠣᠴᠠ ᠪᠠᠷ ᠡᠷᠴᠢᠰ ᠢ᠋ ᠥᠭᠰᠥᠵᠦ ᠵᠠᠢᠰᠠᠩ ᠨᠠᠭᠤᠷ ᠲᠤ᠌ ᠬᠦᠷᠴᠦ ᠢᠷᠡᠵᠡᠢ᠃ ᠨᠠᠢ᠍ᠮᠠᠳᠤᠭᠠᠷ ᠰᠠᠷ᠎ᠠ ᠶ᠋ᠢᠨ ᠨᠢᠭᠡᠨ ᠦ᠌ ᠡᠳᠦᠷ᠂ ᠵᠡᠭᠦᠨᠭᠠᠷ ᠤ᠋ᠨ ᠴᠡᠷᠢᠭ ᠠᠷᠠᠳ ᠬᠣᠶᠠᠷ ᠲᠦᠮᠡ ᠰᠢᠬᠠᠮ ᠬᠥᠮᠦᠨ ᠭᠠᠯᠳᠠᠨᠴᠠᠷᠢᠩ ᠤ᠋ᠨ ᠳᠠᠢᠴᠢᠯᠠᠯ ᠤ᠋ᠨ ᠳᠣᠣᠷ᠎ᠠ ᠣᠷᠣᠰ ᠴᠡᠷᠢᠭ ᠢ᠋ ᠴᠣᠬᠢᠨ ᠤᠬᠤᠷᠢᠭᠤᠯᠪᠠ [64] ᠃ ᠭᠡᠲᠡᠯ᠎ᠡ ᠮᠧᠬᠠᠷᠸᠪ ᠬᠥᠮᠦᠨ ᠵᠠᠷᠤᠵᠤ ᠬᠡᠯᠡᠯᠴᠡᠭᠡᠷ ᠬᠢᠬᠦ ᠶ᠋ᠢ ᠬᠦᠰᠡᠭᠰᠡᠨ ᠳ᠋ᠦ᠍ ᠭᠠᠯᠳᠠᠨᠴᠠᠷᠢᠩ ᠬᠦᠯᠢᠶᠡᠨ ᠠᠪᠴᠤ ᠂ ᠲᠠᠪᠤᠨ ᠵᠢᠯ ᠰᠢᠬᠠᠮ ᠬᠣᠷᠢᠭᠰᠠᠨ ᠴᠧᠮᠧᠳᠦᠪ ᠢ᠋ ᠭᠠᠷᠭᠠᠵᠤ ᠴᠠᠧᠠᠩᠷᠠᠪᠳᠠᠨ ᠬᠠᠨ ᠲᠠᠢ ᠠᠭᠤᠯᠵᠠᠭᠤᠯᠪᠠ᠃ ᠡᠭᠦᠨ ᠳ᠋ᠦ᠍ ᠴᠠᠧᠠᠩᠷᠠᠪᠳᠠᠨ ᠬᠠᠭᠠᠨᠲᠤ ᠣᠷᠣᠰ ᠬᠡᠷᠪᠡ ᠴᠡᠷᠢᠭ ᠭᠠᠷᠭᠠᠨ ᠵᠡᠭᠦᠨᠭᠠᠷ ᠤ᠋ᠨ ᠠᠮᠤᠷ ᠲᠦᠪᠰᠢᠨ ᠢ᠋ ᠬᠠᠮᠠᠭᠠᠯᠠᠵᠤ ᠥᠭᠭᠦᠪᠡᠰᠦ᠂ ᠠᠭᠤᠷᠬᠠᠢ ᠶ᠋ᠢᠨ ᠪᠤᠯᠠᠭᠳᠠᠴᠠ ᠡᠷᠢᠬᠦ ᠶ᠋ᠢ ᠬᠣᠷᠢᠭᠯᠠᠬᠤ ᠦᠭᠡᠢ [65] ᠭᠡᠮᠡᠨ ᠢᠯᠡᠷᠬᠡᠢᠯᠡᠵᠡᠢ᠃ ᠡᠯᠴᠢ ᠴᠧᠯᠧᠳᠣᠪ ᠡᠨᠡᠬᠦ ᠬᠡᠷᠡᠭ ᠢ᠋ ᠲᠣᠯᠣᠭᠠᠢ ᠮᠡᠳᠡᠵᠦ ᠴᠢᠳᠠᠬᠤ ᠦᠭᠡᠢ ᠲᠤᠯᠠ ᠬᠠᠷᠢᠯᠴᠠᠨ ᠰᠠᠢᠳ ᠲᠦᠰᠢᠮᠡᠯ ᠲᠣᠮᠢᠯᠠᠨ ᠬᠡᠯᠡᠯᠴᠡᠭᠡᠷ ᠬᠢᠬᠦ ᠴᠢᠬᠤᠯᠠᠲᠠᠢ ᠪᠠᠢᠪᠠ᠃ ᠭᠡᠲᠡᠯ᠎ᠡ ᠡᠨᠡ ᠶᠠᠪᠤᠳᠠᠯ ᠨᠢ ᠵᠡᠭᠦᠨᠭᠠᠷ ᠤ᠋ᠨ ᠡᠷᠬᠡ ᠮᠠᠲᠠᠯ᠂ ᠨᠤᠲᠤᠭ ᠳᠡᠪᠢᠰᠬᠡᠷ ᠲᠡᠢ ᠬᠣᠯᠪᠣᠭᠳᠠᠬᠤ ᠶᠡᠬᠡ ᠠᠰᠠᠭᠤᠳᠠᠯ ᠪᠣᠯᠬᠤ ᠲᠤᠯᠠ 《ᠵᠠᠷᠭᠤ》 ᠶ᠋ᠢᠨ ᠵᠥᠪᠯᠡᠯ ᠢ᠋ᠶ᠋ᠡᠷ ᠶᠠᠷᠢᠯᠴᠠᠭᠤᠯᠤᠨ ᠲᠣᠭᠲᠠᠭᠠᠬᠤ ᠬᠡᠷᠡᠭᠲᠡᠢ ᠶᠦᠮ᠃ ᠡᠭᠦᠨ ᠳ᠋ᠦ᠍ ᠰᠠᠨᠵᠢ ᠲᠡᠷᠢᠭᠦᠲᠡᠢ ᠬᠡᠳᠦᠨ ᠲᠦᠰᠢᠮᠡᠯ ᠲᠣᠷᠭᠤᠳ ᠤ᠋ᠨ ᠠᠶᠤᠰᠢ ᠬᠠᠨ ᠤ᠋ ᠮᠡᠲᠦ ᠪᠡᠷ ᠣᠷᠣᠰ ᠤ᠋ᠨ ᠬᠠᠷᠢᠶᠠᠲᠤ  ᠪᠣᠯᠴᠢᠬᠠᠪᠠᠯ ᠳᠠᠢᠴᠢᠩ ᠤᠯᠤᠰ ᠠ᠋ᠴᠠ ᠠᠶᠤᠬᠤ ᠭᠠᠵᠠᠷ ᠦᠭᠡᠢ ᠬᠡᠮᠡᠪᠡ᠃ ᠭᠡᠲᠡᠯ᠎ᠡ ᠶᠡᠬᠡ ᠴᠡᠷᠢᠩᠳᠣᠨᠳᠣᠪ ᠵᠡᠷᠭᠡ ᠲᠦᠰᠢᠮᠡᠯ ᠬᠠᠷᠢᠨ ᠣᠷᠣᠰ ᠤ᠋ᠨ ᠬᠠᠷᠢᠶᠠᠲᠤ ᠪᠣᠯᠴᠢᠬᠠᠪᠠᠯ ᠥᠪᠡᠷ ᠦ᠋ᠨ ᠲᠤᠰᠠᠭᠠᠷ ᠡᠷᠬᠡ ᠮᠠᠲᠠᠯ ᠢ᠋ᠶ᠋ᠠᠨ ᠠᠯᠳᠠᠮᠤᠢ ᠬᠡᠮᠡᠬᠦ ᠰᠠᠨᠠᠯ ᠭᠠᠷᠭᠠᠵᠠᠢ᠃ ᠤᠳᠠᠲᠠᠯ᠎ᠠ ᠮᠠᠷᠭᠤᠯᠳᠤᠭᠰᠠᠨ ᠪᠣᠯᠪᠠᠴᠤ ᠲᠣᠬᠢᠷᠠᠮᠵᠢᠲᠠᠢ ᠰᠢᠢᠳᠪᠦᠷᠢ ᠭᠠᠷᠭᠠᠵᠤ ᠳᠡᠢᠯᠦᠭᠰᠡᠨ ᠦᠭᠡᠢ ᠪᠣᠯᠬᠣᠷ᠂ ᠨᠢᠭᠡᠨ ᠴᠢᠳᠠᠪᠤᠷᠢᠲᠠᠢ ᠡᠯᠴᠢ ᠶ᠋ᠢ ᠲᠣᠮᠢᠯᠠᠨ ᠬᠠᠭᠠᠨᠲᠤ ᠣᠷᠣᠰ ᠤ᠋ᠨ ᠣᠪᠣᠷ ᠢ᠋ ᠲᠤᠷᠰᠢᠬᠤ ᠪᠠᠷ ᠪᠣᠯᠪᠠ᠃ 
       1721 ᠣᠨ ᠤ᠋ ᠴᠠᠭᠠᠨ ᠰᠠᠷ᠎ᠠ᠂ ᠵᠡᠭᠦᠨᠭᠠᠷ ᠤ᠋ᠨ ᠡᠯᠴᠢ ᠪᠣᠯᠭᠠᠷᠬᠠᠨ ᠵᠠᠷᠯᠢᠭ ᠢ᠋ᠶ᠋ᠠᠷ ᠴᠧᠯᠧᠳᠣᠪ ᠤ᠋ᠨ ᠬᠠᠮᠲᠤ ᠢᠯᠢ ᠡᠴᠡ ᠮᠣᠷᠳᠠᠵᠤ᠂ ᠣᠷᠣᠰ ᠤ᠋ᠨ ᠨᠡᠢᠰᠯᠡᠯ ᠢ᠋ ᠴᠢᠭᠯᠡᠵᠡᠢ᠃ ᠶᠢᠰᠦᠳᠦᠭᠡᠷ ᠰᠠᠷ᠎ᠠ ᠳ᠋ᠤ᠌ ᠲᠡᠷᠡ ᠫᠸᠲ᠋ᠧᠷᠪᠦ᠋ᠷᠢᠭ ᠲᠦ᠍ ᠬᠦᠷᠦᠭᠡᠳ ᠫᠧᠲ᠋ᠷ ᠬᠠᠭᠠᠨ ᠲᠠᠢ ᠠᠭᠤᠯᠵᠠᠵᠤ᠂ ᠤᠯᠤᠰ ᠤ᠋ᠨ ᠪᠢᠴᠢᠭ ᠢ᠋ᠶ᠋ᠡᠨ ᠳᠠᠮᠵᠢᠭᠤᠯᠤᠨ ᠴᠠᠧᠠᠩᠷᠠᠪᠳᠠᠨ ᠬᠠᠨ ᠤ᠋ ᠰᠠᠨᠠᠭ᠎ᠠ ᠶ᠋ᠢ ᠤᠯᠠᠮᠵᠢᠯᠠᠵᠠᠢ᠃ ᠵᠡᠭᠦᠨᠭᠠᠷ ᠢ᠋ ᠬᠠᠷᠢᠶᠠᠲᠤ ᠪᠠᠨ ᠪᠣᠯᠭᠠᠬᠤ ᠣᠯᠳᠠᠰᠢ ᠦᠭᠡᠢ ᠰᠠᠢᠨ ᠲᠣᠬᠢᠶᠠᠯ ᠭᠡᠮᠡᠨ ᠫᠸᠲ᠋ᠷ ᠬᠠᠭᠠᠨ ᠮᠠᠰᠢ ᠪᠠᠶᠠᠷᠯᠠᠵᠤ᠂ ᠦᠩᠸᠪᠰᠺᠢ ᠶ᠋ᠢ ᠡᠯᠴᠢ ᠪᠡᠷ ᠲᠣᠮᠢᠯᠠᠪᠠ᠃ 
       ᠬᠠᠭᠠᠨᠲᠤ ᠣᠷᠣᠰ ᠤᠤᠯ ᠠ᠋ᠴᠠ ᠬᠦᠵᠦᠭᠦᠦ ᠨᠢ ᠪᠦᠳᠦᠭᠦᠨ᠂ ᠬᠣᠭᠣᠯᠠᠢ ᠨᠢ ᠶᠡᠬᠡ ᠭᠡᠳᠡᠭ ᠢ᠋ ᠴᠠᠧᠠᠩᠷᠠᠪᠳᠠᠨ ᠬᠠᠨ ᠣᠢᠯᠠᠭᠠᠬᠤ ᠲᠤᠯᠠ ᠬᠣᠶᠠᠷ ᠲᠠᠯ᠎ᠠ ᠶ᠋ᠢᠨ ᠪᠡᠯᠡᠳᠬᠡᠯ ᠲᠡᠢ ᠪᠠᠢᠬᠤ ᠶ᠋ᠢᠨ ᠲᠥᠯᠥᠭᠡ ᠵᠢᠪᠽᠦ᠋ᠨᠳᠠᠮᠪᠠ ᠬᠤᠲᠤᠭᠲᠤ ᠪᠠᠷ ᠳᠠᠮᠵᠢᠭᠤᠯᠵᠤ᠂ ᠡᠩᠬᠡ ᠠᠮᠤᠭᠤᠯᠠᠩ ᠬᠠᠭᠠᠨ ᠲᠠᠢ ᠡᠪᠰᠡᠬᠦ ᠶ᠋ᠢ ᠬᠦᠰᠡᠵᠦ ᠴᠤᠢᠨᠠᠮᠬ᠎ᠠ ᠶ᠋ᠢ ᠬᠠᠯᠬ᠎ᠠ ᠵᠦᠭ ᠢᠯᠡᠭᠡᠵᠡᠢ᠃ 1722 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌᠂ ᠣᠷᠣᠰ ᠤ᠋ᠨ ᠡᠯᠴᠢ ᠪᠣᠯᠭᠠᠷᠬᠠᠨ ᠤ᠋ ᠬᠠᠮᠲᠤ ᠢᠯᠢ ᠳ᠋ᠦ᠍ ᠬᠦᠷᠴᠦ ᠢᠷᠡᠪᠡ᠃ ᠴᠠᠧᠠᠩᠷᠠᠪᠳᠠᠨ ᠬᠠᠨ ᠵᠡᠭᠦᠨᠭᠠᠷ ᠤ᠋ᠨ ᠳᠠᠳᠬᠠᠯ ᠶᠣᠰᠣᠯᠠᠯ ᠢ᠋ᠶ᠋ᠠᠷ ᠣᠷᠣᠰ ᠤ᠋ᠨ ᠡᠯᠴᠢ ᠶ᠋ᠢ ᠬᠦᠯᠢᠶᠡᠨ ᠠᠪᠴᠤ ᠠᠭᠤᠯᠵᠠᠪᠠ᠃ ᠲᠡᠭᠡᠬᠦ ᠳ᠋ᠦ᠍ ᠥᠩᠸᠪᠰᠬᠢ ᠭᠠᠭᠴᠠ ᠬᠦ᠌ ᠭᠡᠷ᠎ᠡ ᠪᠢᠴᠢᠭ ᠳᠡᠭᠡᠷ᠎ᠡ ᠭᠠᠷ ᠤ᠋ᠨ ᠦᠰᠦᠭ ᠵᠢᠷᠤᠪᠠᠯ ᠰᠠᠶᠢ ᠬᠠᠭᠠᠨᠲᠤ ᠣᠷᠣᠰ ᠤ᠋ᠨ ᠬᠠᠮᠠᠭᠠᠯᠠᠯ ᠢ᠋ ᠬᠦᠷᠲᠡᠵᠦ ᠴᠢᠳᠠᠨ᠎ᠠ ᠭᠡᠵᠦ [66] ᠳᠠᠬᠢᠨ ᠳᠠᠪᠲᠠᠨ ᠢᠯᠡᠷᠬᠡᠢᠯᠡᠵᠡᠢ ᠃ ᠭᠡᠲᠡᠯ᠎ᠡ ᠴᠠᠧᠠᠩᠷᠠᠪᠳᠠᠨ ᠬᠠᠨ ᠰᠠᠨᠠᠭ᠎ᠠ ᠪᠠᠨ ᠦᠯᠦ ᠢᠯᠡᠳᠬᠡᠵᠦ ᠪᠠᠢᠳᠠᠯ ᠤ᠋ᠨ ᠬᠤᠪᠢᠷᠠᠯᠲᠠ ᠶ᠋ᠢ ᠬᠦᠯᠢᠴᠡᠩᠭᠦᠢ ᠪᠡᠷ ᠠᠵᠢᠭᠯᠠᠵᠤ ᠪᠠᠢᠪᠠ᠃ ᠡᠭᠦᠨ ᠳ᠋ᠦ᠍ ᠥᠨᠺᠸᠪᠰᠺᠢ ᠢᠳᠡᠪᠬᠢᠲᠡᠢ ᠬᠥᠳᠡᠯᠭᠡᠭᠡᠨ ᠬᠢᠵᠦ ᠴᠠᠧᠠᠩᠷᠠᠪᠳᠠᠨ ᠤ᠋ ᠬᠣᠶᠠᠳᠤᠭᠠᠷ ᠬᠠᠲᠤᠨ ᠰᠧᠳᠤᠷᠵᠠᠪ(ᠠᠶᠤᠰᠢ ᠬᠠᠨ ᠤ᠋ ᠥᠬᠢᠨ) ᠵᠢᠴᠢ ᠬᠥᠪᠡᠭᠦᠨ ᠯᠣᠪᠰᠠᠩᠰᠣᠨᠣ᠂ ᠰᠠᠨᠵᠢ ᠵᠠᠢᠰᠠᠩ ᠨᠠᠷ ᠲᠤ᠌ ᠬᠦᠨᠳᠦ ᠪᠡᠯᠡᠭ ᠲᠠᠯ᠎ᠠ ᠬᠦᠷᠭᠡᠵᠦ᠂ ᠲᠡᠳᠡᠨ ᠢ᠋ᠶ᠋ᠡᠷ ᠴᠠᠧᠠᠩᠷᠠᠪᠳᠠᠨ ᠬᠠᠨ ᠢ᠋ ᠢᠳᠬᠠᠭᠤᠯᠵᠤ ᠣᠷᠣᠰ ᠤ᠋ᠨ ᠬᠠᠷᠢᠶᠠᠲᠤ ᠪᠣᠯᠭᠠᠬᠤ ᠪᠠᠷ ᠣᠷᠣᠯᠳᠣᠵᠠᠢ[67] ᠃ ᠡᠷᠬᠡ ᠮᠠᠲᠠᠯ ᠢ᠋ᠶ᠋ᠠᠨ ᠠᠯᠳᠠᠵᠤ ᠣᠷᠣᠰ ᠤ᠋ᠨ ᠬᠠᠷᠢᠶᠠᠲᠤ ᠪᠣᠯᠬᠤ ᠰᠠᠨᠠᠯ ᠢ᠋ ᠶᠡᠬᠡ ᠴᠡᠷᠢᠩᠳᠣᠨᠳᠣᠪ᠂ ᠭᠠᠯᠳᠠᠨᠴᠠᠷᠢᠩ ᠨᠠᠷ ᠡᠷᠡᠰ ᠡᠰᠡᠷᠭᠦᠴᠡᠭᠰᠡᠨ ᠪᠥᠭᠡᠳ ᠴᠠᠧᠠᠩᠷᠠᠪᠳᠠᠨ ᠤ᠋ ᠶᠡᠬᠡ ᠬᠠᠲᠤᠨ ᠰᠣᠩᠭᠣᠷᠠᠪᠲᠠᠨ ᠤ᠋ ᠳᠡᠮᠵᠢᠯᠭᠡ ᠶ᠋ᠢ ᠣᠯᠪᠠ [68] ᠃ ᠲᠡᠭᠦᠨᠴᠡ ᠵᠡᠭᠦᠨᠭᠠᠷ ᠤ᠋ᠨ ᠳᠡᠭᠡᠳᠦ ᠳᠠᠪᠬᠤᠷᠭ᠎ᠠ ᠳ᠋ᠤ᠌ ᠬᠣᠶᠠᠷ ᠪᠦᠯᠦᠭ ᠪᠣᠯᠵᠤ ᠰᠢᠷᠦᠭᠦᠨ ᠮᠠᠷᠭᠤᠯᠳᠤᠵᠠᠢ᠃ ᠢᠯᠠᠩᠭᠤᠶ᠎ᠠ ᠶᠡᠬᠡ ᠴᠡᠷᠢᠩᠳᠣᠨᠳᠣᠪ ᠪᠣᠯᠤᠨ ᠰᠠᠨᠵᠢ ᠵᠠᠢᠰᠠᠩ ᠬᠣᠶᠠᠭᠤᠯᠠ ᠶᠡᠬᠡᠯ᠎ᠡ ᠮᠠᠷᠭᠤᠯᠳᠤᠵᠤ ᠬᠢᠲᠤᠭ᠎ᠠ ᠰᠡᠯᠡᠮ᠎ᠡ ᠬᠥᠳᠡᠯᠭᠡᠬᠦ ᠳ᠋ᠦ᠍ ᠬᠦᠷᠪᠡ᠃ ᠬᠣᠶᠠᠷ ᠵᠦᠢᠯ ᠦ᠋ᠨ ᠰᠠᠨᠠᠯ ᠬᠡᠳᠦᠢ ᠰᠢᠷᠦᠭᠦᠨ ᠪᠠᠢᠭᠰᠠᠨ ᠴᠤ᠌ ᠴᠠᠧᠠᠩᠷᠠᠪᠳᠠᠨ ᠬᠠᠨ ᠳᠠᠭᠠᠭᠠᠮᠠᠭᠠᠢ ᠲᠡᠰᠪᠦᠷᠢᠯᠡᠵᠦ᠂ ᠬᠠᠯᠬ᠎ᠠ ᠳ᠋ᠤ᠌ ᠲᠣᠮᠢᠯᠠᠭᠰᠠᠨ ᠡᠯᠴᠢ ᠴᠤᠢᠨᠠᠮᠬ᠎ᠠ ᠶ᠋ᠢᠨ ᠦᠷ᠎ᠡ ᠳ᠋ᠦᠩ ᠶᠠᠭᠤ ᠪᠣᠯᠬᠤ ᠶ᠋ᠢ ᠬᠦᠯᠢᠶᠡᠵᠡᠢ᠃ ᠡᠨᠡ ᠦᠶ᠎ᠡ ᠳ᠋ᠦ᠍ ᠣᠷᠣᠰ ᠤ᠋ᠨ ᠡᠯᠴᠢ ᠵᠡᠭᠦᠨᠭᠠᠷ ᠲᠤ᠌ ᠢᠷᠡᠭᠡᠳ ᠨᠢᠭᠡᠨᠲᠡ ᠠᠷᠪᠠᠨ ᠰᠠᠷ᠎ᠠ ᠰᠢᠬᠠᠮ ᠪᠣᠯᠵᠤ᠂ ᠴᠠᠧᠠᠩᠷᠠᠪᠳᠠᠨ ᠬᠠᠨ ᠲᠠᠢ ᠠᠷᠪᠠᠨ ᠬᠡᠳᠦ ᠤᠳᠠᠭ᠎ᠠ ᠶᠠᠷᠢᠯᠴᠠᠭᠰᠠᠨ ᠪᠣᠯᠪᠠᠴᠤ ᠲᠡᠷᠡ ᠬᠠᠷᠢᠶᠠᠲᠤ ᠪᠣᠯᠬᠤ ᠲᠤᠬᠠᠢ ᠥᠴᠦᠬᠡᠨ ᠴᠦ᠍ ᠳᠤᠷᠠᠳᠬᠤ ᠦᠭᠡᠢ ᠪᠠᠢᠪᠠ᠃ 
       ᠬᠠᠯᠬ᠎ᠠ ᠵᠦᠭ ᠣᠳᠤᠭᠰᠠᠨ ᠴᠤᠢᠨᠠᠮᠬ᠎ᠠ 1721 ᠣᠨ ᠤ᠋ ᠡᠪᠦᠯ  ᠶᠡᠬᠡ ᠬᠦᠷᠢᠶᠡᠨ ᠳ᠋ᠦ᠍ ᠢᠷᠡᠵᠦ᠂ ᠳᠠᠷᠠᠭ᠎ᠠ ᠵᠢᠯ ᠦ᠋ᠨ ᠵᠤᠨ ᠤ᠋ ᠲᠡᠷᠢᠭᠦᠨ ᠰᠠᠷ᠎ᠠ ᠳ᠋ᠤ᠌ ᠵᠢᠪᠽᠦ᠋ᠨᠳᠠᠮᠪᠠ ᠬᠤᠲᠤᠭᠲᠤ ᠶ᠋ᠢᠨ ᠬᠠᠮᠲᠤ ᠶᠡᠬᠡ ᠬᠦᠷᠢᠶᠡᠨ ᠡᠴᠡ ᠮᠣᠷᠳᠠᠵᠤ᠂ ᠵᠡᠭᠦᠨᠭᠠᠷ ᠲᠠᠢ ᠨᠠᠢᠷᠠᠮᠳᠠᠨ ᠡᠶᠡᠳᠡᠮᠦ ᠭᠡᠮᠡᠨ [69] ᠠᠢᠯᠠᠳᠬᠠᠨ ᠭᠤᠶᠤᠪᠠ᠃ᠲᠡᠭᠦᠨ ᠦ᠌ ᠭᠤᠶᠤᠳᠠᠯ ᠢ᠋ ᠡᠩᠬᠡ ᠠᠮᠤᠭᠤᠯᠠᠩ ᠬᠠᠭᠠᠨ ᠵᠥᠪᠰᠢᠶᠡᠷᠡᠵᠦ᠂ ᠴᠠᠧᠠᠩᠷᠠᠪᠳᠠᠨ ᠳ᠋ᠤ᠌ ᠬᠡᠰᠢᠭ ᠬᠦᠷᠲᠡᠭᠡᠵᠦ ᠨᠠᠢᠷᠠᠮᠳᠠᠮᠤᠢ ᠬᠡᠮᠡᠬᠦ ᠭᠡᠷᠢᠶᠡᠰᠦ ᠦᠯᠡᠳᠡᠭᠡᠭᠡᠳ ᠨᠠᠰᠤ ᠪᠠᠷᠠᠵᠠᠢ᠃ ᠨᠠᠢᠷᠠᠯᠲᠤ ᠲᠥᠪ ᠬᠠᠭᠠᠨ ᠲᠡᠭᠦᠨ ᠦ᠌ ᠡᠴᠢᠭᠡ ᠬᠠᠭᠠᠨ ᠤ᠋ ᠭᠡᠷᠢᠶᠡᠰᠦ ᠶ᠋ᠢ ᠵᠢᠷᠤᠮᠯᠠᠵᠤ᠂ ᠵᠡᠭᠦᠨᠭᠠᠷ ᠲᠠᠢ ᠡᠪᠰᠡᠬᠦ ᠭᠡᠮᠡᠨ ᠴᠤᠢᠨᠠᠮᠬ᠎ᠠ ᠶ᠋ᠢ ᠬᠣᠲᠠ ᠠ᠋ᠴᠠ ᠭᠠᠷᠬᠤ ᠳ᠋ᠤ᠌ ᠭᠤᠷᠪᠠᠨ ᠵᠡᠷᠭᠡ ᠫᠤᠤ ᠲᠠᠯᠪᠢᠵᠤ ᠦᠳᠡᠨ ᠮᠣᠷᠳᠠᠭᠤᠯᠪᠠ᠃ 1723 ᠣᠨ ᠤ᠋ ᠲᠠᠪᠤᠳᠤᠭᠠᠷ ᠰᠠᠷ᠎ᠠ ᠳ᠋ᠤ᠌᠂ ᠡᠯᠴᠢ ᠴᠤᠢᠨᠠᠮᠬ᠎ᠠ ᠳᠠᠢᠴᠢᠩ ᠤᠯᠤᠰ ᠤ᠋ᠨ ᠨᠠᠢᠷᠠᠮᠳᠠᠯ ᠤ᠋ᠨ ᠪᠢᠴᠢᠭ ᠢ᠋ ᠠᠪᠴᠤ ᠢᠯᠢ ᠳ᠋ᠦ᠍ ᠬᠦᠷᠴᠦ ᠢᠷᠡᠵᠡᠢ᠃ ᠴᠠᠧᠠᠩᠷᠠᠪᠳᠠᠨ ᠬᠠᠨ ᠡᠨᠡᠬᠦ ᠴᠢᠮᠡᠭᠡ ᠶ᠋ᠢ ᠰᠣᠨᠣᠰᠤᠭᠠᠳ ᠶᠡᠬᠡᠳᠡ ᠪᠠᠶᠠᠷᠯᠠᠵᠤ᠂ ᠲᠡᠷᠡ ᠳᠣᠣᠷ᠎ᠠ ᠨᠢ ᠥᠩᠸᠪᠰᠺᠢ ᠲᠡᠢ ᠠᠭᠤᠯᠵᠠᠵᠤ ᠣᠷᠣᠰ ᠤ᠋ᠨ ᠬᠠᠷᠢᠶᠠᠲᠤ ᠪᠣᠯᠬᠤ ᠦᠭᠡᠢ ᠪᠡᠨ ᠠᠯᠪᠠᠨ ᠶᠣᠰᠣᠭᠠᠷ ᠮᠡᠳᠡᠭᠳᠡᠪᠡ᠃  

         ᠵᠡᠭᠦᠯᠲᠡ       
[1]《ᠪᠠᠷᠠᠭᠤᠨ ᠬᠢᠵᠠᠭᠠᠷ ᠤ᠋ᠨ ᠲᠡᠮᠳᠡᠭᠯᠡᠯ》47 ᠳ᠋ᠤᠭᠠᠷ ᠪᠣᠳᠢ᠂ ᠰᠤᠯᠠ ᠲᠡᠮᠳᠡᠭᠯᠡᠯ ᠨᠢᠭᠡ᠃      
[2]《ᠲᠠᠢᠴᠢᠩ ᠤᠯᠤᠰ ᠤ᠋ᠨ ᠱᠸᠩᠽᠤ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠨ ᠳᠥᠷᠪᠡᠳᠦᠭᠡᠷ ᠣᠨ ᠤ᠋ ᠳᠥᠷᠪᠡᠨ ᠰᠠᠷ᠎ᠠ ᠶ᠋ᠢᠨ ᠴᠠᠭᠠᠨ ᠬᠤᠯᠤᠭᠠᠨ᠎ᠠ ᠡᠳᠦᠷ ᠦ᠋ᠨ ᠵᠤᠷᠪᠤᠰ᠃
[3] [4]《ᠬᠠᠭᠠᠨ ᠲᠥᠷᠥ ᠶ᠋ᠢᠨ  ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂30 ᠳ᠋ᠤᠭᠠᠷ ᠪᠣᠳᠢ᠃    
[5] [6] [7]《ᠲᠠᠢᠴᠢᠩ ᠤᠯᠤᠰ ᠤ᠋ᠨ ᠱᠸᠩᠽᠤ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠨ ᠳᠣᠯᠣᠳᠤᠭᠠᠷ ᠣᠨ ᠤ᠋ ᠳᠥᠷᠪᠡᠨ ᠰᠠᠷ᠎ᠠ ᠶ᠋ᠢᠨ ᠬᠠᠷᠠᠭᠴᠢᠨ ᠭᠠᠬᠠᠢ ᠡᠳᠦᠷ ᠦ᠋ᠨ ᠵᠤᠷᠪᠤᠰ᠃   
[8]《ᠲᠣᠷᠭᠤᠳ ᠬᠠᠳ ᠤ᠋ᠨ ᠲᠣᠭᠣᠵᠠᠢ》᠂ ᠲᠣᠳᠣ ᠦᠰᠦᠭ ᠦ᠋ᠨ᠃   
[9] ᠢ᠂ ᠶ ᠂  ᠽᠠᠯᠠᠲ᠋ᠺᠢᠨ᠄《ᠵᠡᠬᠥᠨᠭᠠᠷ ᠬᠠᠭᠠᠨᠲᠤ ᠤᠯᠤᠰ ᠤ᠋ᠨ ᠲᠡᠦᠬᠡ》᠂316 ᠨᠢᠭᠤᠷ᠃   
[10] ᠭᠠᠪᠠᠩ  ᠰᠢᠷᠠᠪ᠄《ᠳᠥᠷᠪᠡᠨ ᠣᠢᠷᠠᠳ ᠤ᠋ᠨ ᠲᠡᠦᠬᠡ》 ᠲᠣᠳᠣ ᠦᠰᠦᠭ ᠦ᠋ᠨ᠃   
[11]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂27 ᠳ᠋ᠤᠭᠠᠷ ᠪᠣᠳᠢ᠃   
[12]《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠨ ᠵᠢᠷᠭᠤᠳᠤᠭᠠᠷ ᠣᠨ ᠤ᠋ ᠭᠤᠷᠪᠠᠨ ᠰᠠᠷ᠎ᠠ ᠶ᠋ᠢᠨ ᠴᠠᠭᠠᠭᠴᠢᠨ ᠬᠣᠨᠢᠨ ᠡᠳᠦᠷ ᠦ᠋ᠨ ᠵᠤᠷᠪᠤᠰ᠃ 
[13] [14] [15] ᠵᠢᠮᠪᠠᠳᠣᠷᠵᠢ᠄《ᠪᠣᠯᠣᠷ ᠲᠣᠯᠢ》᠃   
[16] [17]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠳᠥᠴᠢᠨ ᠲᠠᠪᠤᠳᠤᠭᠠᠷ ᠣᠨ ᠤ᠋ ᠠᠷᠪᠠᠨ ᠰᠠᠷ᠎ᠠ ᠶ᠋ᠢᠨ ᠬᠥᠬᠩᠴᠢᠨ ᠮᠣᠭᠠᠢ ᠡᠳᠦᠷ ᠦ᠋ᠨ ᠵᠤᠷᠪᠤᠰ᠃  
[18]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠳᠥᠴᠢᠨ ᠲᠠᠪᠤᠳᠤᠭᠠᠷ ᠣᠨ ᠤ᠋ ᠠᠷᠪᠠᠨ ᠬᠣᠶᠠᠷ ᠰᠠᠷ᠎ᠠ ᠶ᠋ᠢᠨ ᠤᠯᠠᠭᠴᠢᠨ ᠭᠠᠬᠠᠢ ᠡᠳᠦᠷ ᠦ᠋ᠨ ᠵᠤᠷᠪᠤᠰ᠃   
[19] [20] [21] ᠵᠢᠮᠪᠠᠳᠣᠷᠵᠢ ᠄ 《ᠪᠣᠯᠣᠷ ᠲᠣᠯᠢ》᠃  
[22]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠳᠥᠷᠪᠡᠳᠦᠭᠡᠷ ᠣᠨ ᠤ᠋ ᠳᠥᠷᠪᠡᠨ ᠰᠠᠷ᠎ᠠ ᠶ᠋ᠢᠨ ᠴᠠᠭᠠᠭᠴᠢᠨ ᠬᠣᠨᠢᠨ ᠡᠳᠦᠷ ᠦ᠋ᠨ ᠵᠤᠷᠪᠤᠰ᠃  
[23]《ᠳᠥᠷᠪᠡᠨ ᠣᠢᠷᠠᠳ ᠤ᠋ᠨ ᠲᠡᠦᠬᠡ》᠂ ᠵᠣᠬᠢᠶᠠᠭᠴᠢ ᠶ᠋ᠢᠨ ᠨᠡᠷ᠎ᠡ ᠦᠭᠡᠢ᠃  
[24]  ᠵᠢᠮᠪᠠᠳᠣᠷᠵᠢ᠄ 《ᠪᠣᠯᠣᠷ ᠲᠣᠯᠢ》᠃  
[25] 《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠳᠥᠷᠪᠡᠳᠦᠭᠡᠷ ᠣᠨ ᠤ᠋ ᠶᠢᠰᠦᠨ ᠰᠠᠷ᠎ᠠ ᠶ᠋ᠢᠨ ᠴᠠᠭᠠᠭᠴᠢᠨ ᠲᠠᠬᠢᠶ᠎ᠠ ᠡᠳᠦᠷ ᠦ᠋ᠨ ᠵᠤᠷᠪᠤᠰ᠃ 
[26]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠵᠢᠷᠭᠤᠳᠤᠭᠠᠷ ᠣᠨ ᠤ᠋ ᠨᠠᠢ᠍ᠮᠠᠨ ᠰᠠᠷ᠎ᠠ ᠶ᠋ᠢᠨ ᠤᠯᠠᠭᠴᠢᠨ ᠬᠣᠨᠢᠨ ᠡᠳᠦᠷ ᠦ᠋ᠨ ᠵᠤᠷᠪᠤᠰ᠃  
[27]  ᠵᠢᠮᠪᠠᠳᠣᠷᠵᠢ᠄ 《ᠪᠣᠯᠣᠷ ᠲᠣᠯᠢ》᠃  
[28] 《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠳᠣᠯᠣᠳᠤᠭᠠᠷ ᠣᠨ ᠤ᠋ ᠲᠠᠪᠤᠨ ᠰᠠᠷ᠎ᠠ ᠶ᠋ᠢᠨ ᠬᠠᠷ᠎ᠠ ᠪᠡᠴᠢᠨ ᠡᠳᠦᠷ ᠦ᠋ᠨ ᠵᠤᠷᠪᠤᠰ ᠃  
[29]《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂ 17 ᠳ᠋ᠤᠭᠠᠷ ᠪᠣᠳᠢ᠃  
[30]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠵᠢᠷᠭᠤᠳᠤᠭᠠᠷ ᠣᠨ ᠤ᠋ ᠶᠢᠰᠦᠨ ᠰᠠᠷ᠎ᠠ ᠶ᠋ᠢᠨ ᠬᠠᠷ᠎ᠠ ᠬᠤᠯᠤᠭᠠᠨ᠎ᠠ ᠡᠳᠦᠷ ᠦ᠋ᠨ ᠵᠤᠷᠪᠤᠰ᠃  
[31]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠳᠣᠯᠣᠳᠤᠭᠠᠷ ᠣᠨ ᠤ᠋ ᠬᠣᠶᠠᠷ ᠰᠠᠷ᠎ᠠ ᠶ᠋ᠢᠨ ᠴᠠᠭᠠᠨ ᠪᠠᠷᠰ ᠡᠳᠦᠷ ᠦ᠋ᠨ ᠵᠤᠷᠪᠤᠰ᠃   
[32] 《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠳᠣᠯᠣᠳᠤᠭᠠᠷ ᠣᠨ ᠤ᠋ ᠵᠢᠷᠭᠤᠭᠠᠨ ᠰᠠᠷ᠎ᠠ ᠶ᠋ᠢᠨ ᠬᠥᠬᠡ ᠮᠣᠷᠢᠨ ᠡᠳᠦᠷ ᠦ᠋ᠨ ᠵᠤᠷᠪᠤᠰ᠃  
[33] 《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠳᠣᠯᠣᠳᠤᠭᠠᠷ ᠣᠨ ᠤ᠋ ᠢᠯᠡᠭᠦᠦ ᠨᠠᠢ᠍ᠮᠠᠨ ᠰᠠᠷ᠎ᠠ ᠶ᠋ᠢᠨ ᠤᠯᠠᠭᠠᠨ ᠮᠣᠷᠢᠨ ᠡᠳᠦᠷ ᠦ᠋ᠨ ᠵᠤᠷᠪᠤᠰ᠃  
[34]  ᠸᠠᠩ ᠰᠢᠶᠠᠨ ᠴᠢᠶᠠᠨ ᠄ 《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ 20 ᠳ᠋ᠤᠭᠠᠷ ᠪᠣᠳᠢ᠃  
[35]  ᠸᠧᠢ ᠶᠤᠸᠠᠨ ᠄ 《ᠪᠣᠭᠳᠠ ᠪᠠᠭᠠᠲᠤᠷ ᠤ᠋ᠨ ᠪᠡᠶ᠎ᠡ ᠪᠡᠷ ᠳᠠᠢᠯᠠᠭᠰᠠᠨ ᠲᠡᠮᠳᠡᠭᠯᠡᠯ》᠂ ᠵᠥᠩᠬᠤᠸᠠ ᠨᠣᠮ ᠤ᠋ᠨ ᠲᠣᠪᠴᠢᠶ᠎ᠠ᠂ 205 ᠨᠢᠭᠤᠷ᠃  
[36]《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂17 ᠳ᠋ᠤᠭᠠᠷ ᠪᠣᠳᠢ᠃  
[37]  ᠳᠡᠭᠡᠷᠡᠬᠢ ᠲᠡᠢ ᠠᠳᠠᠯᠢ᠂ ᠠᠷᠪᠠᠳᠤᠭᠠᠷ ᠪᠣᠳᠢ ᠃  
[38] [39] [40] [41] 《ᠦᠢ ᠽᠠᠩ ᠤ᠋ᠨ ᠪᠦᠷᠢᠨ ᠲᠡᠮᠳᠡᠭᠯᠡᠯ 》 ᠂13 ᠳ᠋ᠤᠭᠠᠷ ᠪᠣᠳᠢ ᠃  
[42]《ᠳᠠᠢᠴᠢᠩ ᠤᠯᠤᠰ ᠤ᠋ᠨ ᠰᠢᠽᠥ᠋ᠩ ᠬᠠᠭᠠᠨ ᠤ᠋ ᠮᠠᠭᠠᠳ ᠬᠠᠤᠯᠢ》᠂ ᠨᠠᠢᠷᠠᠯᠲᠤ ᠲᠥᠪ ᠦ᠋ᠨ ᠲᠡᠷᠢᠭᠦᠨ ᠣᠨ ᠤ᠋ ᠬᠣᠶᠠᠷ ᠰᠠᠷ᠎ᠠ ᠶ᠋ᠢᠨ ᠬᠥᠬᠡᠭᠴᠢᠨ ᠭᠠᠬᠠᠢ ᠡᠳᠦᠷ ᠦ᠋ᠨ ᠵᠤᠷᠪᠤᠰ᠃  
[43]《ᠳᠠᠢᠴᠢᠩ ᠤᠯᠤᠰ ᠤ᠋ᠨ ᠱᠢᠽᠦ᠋ᠩ ᠬᠠᠭᠠᠨ ᠤ᠋ ᠮᠠᠭᠠᠳ ᠬᠠᠤᠯᠢ》᠂ ᠨᠠᠢᠷᠠᠯᠲᠤ ᠲᠥᠪ ᠦ᠋ᠨ ᠲᠡᠷᠢᠭᠦᠨ ᠣᠨ ᠤ᠋ ᠵᠢᠷᠭᠤᠭᠠᠨ ᠰᠠᠷ᠎ᠠ ᠶ᠋ᠢᠨ ᠬᠥᠬᠡ ᠬᠤᠯᠤᠭᠠᠨ᠎ᠠ ᠡᠳᠦᠷ ᠦ᠋ᠨ ᠵᠤᠷᠪᠤᠰ᠃  
[44]《ᠳᠠᠢᠴᠢᠩ ᠤᠯᠤᠰ ᠤ᠋ᠨ ᠱᠢᠽᠦ᠋ᠩ ᠬᠠᠭᠠᠨ ᠤ᠋ ᠮᠠᠭᠠᠳ ᠬᠠᠤᠯᠢ》᠂ ᠨᠠᠢᠷᠠᠯᠲᠤ ᠲᠥᠪ ᠦ᠋ᠨ ᠲᠡᠷᠢᠭᠦᠨ ᠣᠨ ᠤ᠋ ᠳᠣᠯᠣᠭᠠᠨ ᠰᠠᠷ᠎ᠠ ᠶ᠋ᠢᠨ ᠰᠢᠷᠠᠭᠴᠢᠨ ᠲᠠᠤᠯᠠᠢ ᠡᠳᠦᠷ ᠦ᠋ᠨ ᠵᠤᠷᠪᠤᠰ᠃  
[45] 《ᠸᠠᠩ ᠬᠦᠩ ᠦ᠋ᠨ ᠢᠯᠡᠳᠬᠡᠯ ᠱᠠᠰᠲᠢᠷ》᠂ 82 ᠳ᠋ᠤᠭᠠᠷ ᠪᠣᠳᠢ᠃  
[46] [47] 《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》 ᠂ ᠨᠠᠢᠷᠠᠯᠲᠤ ᠲᠥᠪ ᠦ᠋ᠨ ᠲᠡᠷᠢᠭᠦᠨ ᠣᠨ ᠤ᠋ ᠨᠠᠢ᠍ᠮᠠᠨ ᠰᠠᠷ᠎ᠠ ᠶ᠋ᠢᠨ ᠴᠠᠭᠠᠨ ᠮᠣᠷᠢᠨ ᠡᠳᠦᠷ ᠦ᠋ᠨ  ᠵᠤᠷᠪᠤᠰ᠃  
[48] [49] [50]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠨᠠᠢᠷᠠᠯᠲᠤ ᠲᠥᠪ ᠦ᠋ᠨ ᠲᠡᠷᠢᠭᠦᠨ ᠣᠨ ᠤ᠋ ᠨᠠᠢ᠍ᠮᠠᠨ ᠰᠠᠷ᠎ᠠ ᠶ᠋ᠢᠨ ᠬᠥᠬᠡ ᠨᠣᠬᠠᠢ ᠡᠳᠦᠷ ᠦ᠋ᠨ ᠵᠤᠷᠪᠤᠰ᠃  
[51] 《ᠳᠠᠢᠴᠢᠩ ᠤᠯᠤᠰ ᠤ᠋ᠨ ᠰᠢᠽᠦ᠋ᠩ ᠬᠠᠭᠠᠨ ᠤ᠋ ᠮᠠᠭᠠᠳ ᠬᠠᠤᠯᠢ》᠂ ᠨᠠᠢᠷᠠᠯᠲᠤ ᠲᠥᠪ ᠦ᠋ᠨ ᠲᠡᠷᠢᠭᠦᠨ ᠣᠨ ᠤ᠋ ᠠᠷᠪᠠᠨ ᠬᠣᠶᠠᠷ ᠰᠠᠷ᠎ᠠ ᠶ᠋ᠢᠨ ᠰᠢᠷᠠᠭᠴᠢᠨ ᠮᠣᠷᠢᠨ ᠡᠳᠦᠷ ᠦ᠋ᠨ ᠵᠤᠷᠪᠤᠰ᠃  
[52] 《ᠲᠠᠢᠴᠢᠩ ᠤᠯᠤᠰ ᠤ᠋ᠨ ᠰᠢᠽᠦ᠋ᠩ ᠬᠠᠭᠠᠨ ᠤ᠋ ᠮᠠᠭᠠᠳ ᠬᠠᠤᠯᠢ》᠂ ᠨᠠᠢᠷᠠᠯᠲᠤ ᠲᠥᠪ ᠦ᠋ᠨ ᠬᠣᠶᠠᠳᠤᠭᠠᠷ ᠣᠨ ᠤ᠋ ᠴᠠᠭᠠᠨ ᠰᠠᠷ᠎ᠠ ᠶ᠋ᠢᠨ ᠬᠥᠬᠡ ᠮᠣᠷᠢᠨ ᠡᠳᠦᠷ ᠦ᠋ᠨ ᠵᠤᠷᠪᠤᠰ᠃  
[53]《ᠳᠠᠢᠴᠢᠩ ᠤᠯᠤᠰ ᠤ᠋ᠨ ᠰᠢᠽᠦ᠋ᠩ ᠬᠠᠭᠠᠨ ᠤ᠋ ᠮᠠᠭᠠᠳ ᠬᠠᠤᠯᠢ》᠂  ᠨᠠᠢᠷᠠᠯᠲᠤ ᠲᠥᠪ ᠦ᠋ᠨ ᠬᠣᠶᠠᠳᠤᠭᠠᠷ ᠣᠨ ᠤ᠋  ᠭᠤᠷᠪᠠᠨ ᠰᠠᠷ᠎ᠠ ᠶ᠋ᠢᠨ ᠬᠠᠷᠠᠭᠴᠢᠨ ᠬᠣᠨᠢᠨ ᠡᠳᠦᠷ ᠦ᠋ᠨ ᠵᠤᠷᠪᠤᠰ᠃   
[54]《ᠳᠠᠢᠴᠢᠩ ᠤᠯᠤᠰ ᠤ᠋ᠨ ᠱᠧᠩᠴᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠳᠥᠷᠪᠡᠳᠦᠭᠡᠷ ᠣᠨ ᠤ᠋ ᠳᠥᠷᠪᠡᠨ ᠰᠠᠷ᠎ᠠ ᠶ᠋ᠢᠨ ᠬᠥᠬᠡ ᠪᠡᠴᠢᠨ ᠡᠳᠦᠷ ᠦ᠋ᠨ ᠵᠤᠷᠪᠤᠰ᠃   
[55] 《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠬᠠᠭᠠᠨ ᠤ᠋ ᠲᠠᠪᠢᠨ ᠲᠠᠪᠤᠳᠤᠭᠠᠷ ᠣᠨ ᠤ᠋ ᠭᠤᠷᠪᠠᠨ ᠰᠠᠷ᠎ᠠ ᠶ᠋ᠢᠨ ᠴᠠᠭᠠᠭᠴᠢᠨ ᠦᠬᠡᠷ ᠡᠳᠦᠷ ᠦ᠋ᠨ ᠵᠤᠷᠪᠤᠰ᠃   
[56] 《ᠲᠠᠢᠴᠢᠩ ᠤᠯᠤᠰ ᠤ᠋ᠨ ᠱᠸᠩᠽᠤ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠲᠠᠪᠤᠳᠤᠭᠠᠷ ᠣᠨ ᠤ᠋ ᠠᠷᠪᠠᠨ ᠨᠢᠭᠡᠨ ᠰᠠᠷ᠎ᠠ ᠶ᠋ᠢᠨ ᠴᠠᠭᠠᠭᠴᠢᠨ ᠲᠠᠬᠢᠶ᠎ᠠ ᠡᠳᠦᠷ ᠦ᠋ᠨ ᠵᠤᠷᠪᠤᠰ᠃  
[57] 《ᠲᠠᠢᠴᠢᠩ ᠤᠯᠤᠰ ᠤ᠋ᠨ ᠱᠸᠩᠽᠦ᠍ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠳᠣᠯᠣᠳᠤᠭᠠᠷ ᠣᠨ ᠤ᠋ ᠵᠢᠷᠭᠤᠭᠠᠨ ᠰᠠᠷ᠎ᠠ ᠶ᠋ᠢᠨ ᠬᠠᠷ᠎ᠠ ᠮᠣᠷᠢᠨ ᠡᠳᠦᠷ ᠦ᠋ᠨ ᠵᠤᠷᠪᠤᠰ᠃  
[58]《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠶᠢᠰᠦᠳᠦᠭᠡᠷ ᠣᠨ ᠤ᠋ ᠨᠠᠢ᠍ᠮᠠᠨ ᠰᠠᠷ᠎ᠠ ᠶ᠋ᠢᠨ ᠬᠥᠬᠡ ᠯᠤᠤ ᠡᠳᠦᠷ ᠦ᠋ᠨ ᠵᠤᠷᠪᠤᠰ᠃  
[59] 《ᠬᠠᠭᠠᠨ ᠲᠥᠷᠥ ᠶ᠋ᠢᠨ ᠭᠠᠳᠠᠭᠠᠳᠤ  ᠠᠢᠮᠠᠭ ᠤ᠋ᠨ ᠴᠢᠬᠤᠯᠠ ᠲᠣᠪᠴᠢ》᠂ ᠠᠷᠪᠠᠳᠤᠭᠠᠷ ᠪᠣᠳᠢ᠃  
[60]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠲᠠᠪᠢᠨ ᠶᠢᠰᠦᠳᠦᠭᠡᠷ ᠣᠨ ᠤ᠋ ᠶᠢᠰᠦᠨ ᠰᠠᠷ᠎ᠠ ᠶ᠋ᠢᠨ ᠬᠠᠷ᠎ᠠ ᠮᠣᠷᠢᠨ ᠡᠳᠦᠷ ᠦ᠋ᠨ ᠵᠤᠷᠪᠤᠰ᠃  
[61]《ᠲᠠᠢᠴᠢᠩ ᠤᠯᠤᠰ ᠤ᠋ᠨ ᠱᠸᠩᠽᠤ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠵᠢᠷᠠᠳᠤᠭᠠᠷ ᠣᠨ ᠤ᠋ ᠶᠢᠰᠦᠨ ᠰᠠᠷ᠎ᠠ ᠶ᠋ᠢᠨ ᠬᠠᠷᠠᠭᠴᠢᠨ ᠦᠬᠡᠷ ᠡᠳᠦᠷ ᠦ᠋ᠨ ᠵᠤᠷᠪᠤᠰ᠃  
[62] [63] [64] [65]  ᠢ·  ᠶ᠂ ᠽᠯᠠᠲ᠋ᠺᠢᠨ᠄《ᠵᠡᠭᠦᠨᠭᠠᠷ ᠬᠠᠭᠠᠨᠲᠤ ᠤᠯᠤᠰ ᠤ᠋ᠨ ᠲᠡᠦᠬᠡ》᠂ 324᠂ 326᠂ 329᠂ 330  ᠨᠢᠭᠤᠷ᠃  
[67] [68] 《ᠫᠸᠲ᠋ᠷ ᠬᠠᠭᠠᠨ ᠤ᠋ ᠦᠶ᠎ᠡ ᠳ᠋ᠡᠬᠢ ᠣᠷᠣᠰ ᠬᠢᠲᠠᠳ ᠤ᠋ᠨ ᠬᠠᠷᠢᠴᠠᠭᠠᠨ ᠤ᠋ ᠲᠡᠦᠬᠡ》᠂ ᠱᠠᠩ ᠡᠦ ᠬᠡᠪᠯᠡᠯ᠂ 1980 ᠣᠨ ᠂ 150 ᠨᠢᠭᠤᠷ᠃  
[69]《ᠳᠠᠢᠴᠢᠩ ᠤᠯᠤᠰ ᠤ᠋ᠨ ᠰᠢᠽᠥ᠋ᠩ ᠬᠠᠭᠠᠨ ᠤ᠋ ᠮᠠᠭᠠᠳ ᠬᠠᠤᠯᠢ》᠂  ᠨᠠᠢᠷᠠᠯᠲᠤ ᠲᠥᠪ ᠦ᠋ᠨ ᠲᠡᠷᠢᠭᠦᠨ ᠣᠨ ᠤ᠋ ᠴᠠᠭᠠᠨ ᠰᠠᠷ᠎ᠠ ᠶ᠋ᠢᠨ ᠤᠯᠠᠭᠠᠨ ᠮᠣᠷᠢᠨ ᠡᠳᠦᠷ ᠦ᠋ᠨ ᠵᠤᠷᠪᠤᠰ᠃