ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠳᠥᠷᠪᠡᠨ ᠤᠯᠠᠷᠢᠯ ᠤ᠋ᠨ ᠲᠣᠬᠢᠷᠠᠮᠵᠢᠲᠠᠢ ᠢᠳᠡᠭᠡᠨ ᠤᠮᠳᠠᠭᠠᠨ Идээ ундааны жинхэнэ товч– Хүсэхүй ᠂Хөхлуу нар – <2-р боть>дөрвөн улирлын тохи
ᠳᠥᠷᠪᠡᠨ ᠤᠯᠠᠷᠢᠯ ᠤ᠋ᠨ ᠲᠣᠬᠢᠷᠠᠮᠵᠢᠲᠠᠢ ᠢᠳᠡᠭᠡᠨ ᠤᠮᠳᠠᠭᠠᠨ
ᠵᠤᠨ ᠤ᠋ ᠭᠤᠷᠪᠠᠨ ᠰᠠᠷ᠎ᠠ ᠪᠣᠯᠪᠠᠰᠤ ᠳᠡᠯᠭᠡᠷᠡᠯᠲᠡ ᠴᠡᠴᠡᠭᠯᠡᠯᠲᠡ ᠶ᠋ᠢᠨ ᠤᠯᠠᠷᠢᠯ ᠪᠣᠯᠠᠢ᠃ ᠡᠨᠡ ᠦᠶ᠎ᠡ ᠳ᠋ᠦ᠍ᠷ ᠲᠡᠭᠷᠢ ᠭᠠᠵᠠᠷ ᠤ᠋ᠨ ᠠᠭᠤᠷ ᠵᠤᠯᠭᠠᠯᠴᠠᠵᠤ ᠲᠦᠮᠡᠨ ᠪᠣᠳᠠᠰ ᠭᠤᠶᠤᠮᠰᠣᠭᠵᠢᠨ ᠦᠷᠡᠯᠡᠮᠦᠢ᠃ ᠣᠷᠣᠢ ᠳ᠋ᠠᠭᠠᠨ ᠤᠨᠲᠠᠵᠤ ᠡᠷᠲᠡ ᠪᠣᠰᠴᠤ᠂ ᠡᠳᠦᠷ ᠲᠤᠵᠢ ᠦᠯᠦ ᠡᠭᠳᠡᠭᠦᠴᠡᠨ᠂ ᠰᠠᠨᠠᠭ᠎ᠠ ᠰᠡᠳᠬᠢᠯ ᠢ᠋ᠶ᠋ᠡᠨ ᠲᠡᠵᠢᠭᠡᠵᠦ ᠦᠯᠦ ᠤᠨᠲᠤᠭᠤᠴᠠᠨ᠂ ᠴᠡᠴᠡᠭᠯᠡᠨ ᠥᠷᠨᠢᠭᠰᠡᠨ ᠢ᠋ ᠦᠷ᠎ᠡ ᠪᠦᠲᠦᠭᠡᠯ ᠲᠡᠢ ᠪᠣᠯᠭᠠᠨ᠂ ᠪᠦᠷᠢᠯᠳᠦᠭᠰᠡᠨ ᠬᠡᠢ ᠶ᠋ᠢ ᠳᠣᠭᠣᠯᠤᠭᠤᠯᠤᠨ ᠭᠠᠳᠠᠷ ᠣᠷᠴᠢᠨᠠ ᠬᠠᠢᠷ᠎ᠠ ᠪᠠᠬᠠᠳᠤᠯ ᠪᠦᠬᠦᠢ ᠮᠡᠲᠦ ᠪᠣᠯᠭᠠᠪᠠᠰᠤ᠂ ᠡᠨᠡ ᠢᠨᠦ ᠵᠤᠨ ᠤ᠋ ᠴᠠᠭ ᠠᠭᠤᠷ ᠲᠤᠷ ᠨᠡᠢᠴᠡᠭᠦᠯᠦᠭᠰᠡᠨ ᠶᠠᠪᠤᠳᠠᠯ ᠮᠥᠨ ᠪᠥᠭᠡᠳ ᠪᠡᠶ᠎ᠡ ᠶ᠋ᠢᠨ ᠠᠷᠠᠴᠢᠯᠠᠯᠲᠠ ᠶ᠋ᠢᠨ ᠤᠷᠲᠤ ᠤᠳᠠᠭᠠᠨ ᠤ᠋ ᠶᠣᠰᠣ ᠮᠥᠨ ᠠᠵᠢ᠃ ᠡᠭᠦᠨ ᠢ᠋ ᠲᠡᠷᠰᠯᠡᠨ ᠵᠥᠷᠢᠴᠡᠪᠡᠰᠦ ᠵᠢᠷᠦᠬᠡᠨ ᠳ᠋ᠦ᠍ᠷ ᠭᠡᠮ ᠪᠣᠯᠵᠤ᠂ ᠨᠠᠮᠤᠷ ᠪᠣᠯᠪᠠᠰᠤ ᠱᠦᠯᠬᠦᠭᠡ ᠬᠢᠵᠢᠭ ᠲᠦ᠍ ᠨᠡᠷᠪᠡᠭᠳᠡᠭᠡᠳ ᠠᠷᠠᠴᠢᠯᠠᠯᠲᠠ ᠶ᠋ᠢᠨ ᠣᠯᠤᠯᠲᠠ ᠬᠣᠮᠰᠠᠳᠠᠬᠤ ᠮᠥᠷᠲᠡᠭᠡᠨ ᠡᠪᠦᠯ ᠦ᠋ᠨ ᠲᠤᠢᠯ ᠳ᠋ᠤᠷ ᠬᠦᠷᠪᠡᠰᠦ ᠬᠦᠨᠳᠦ ᠡᠪᠡᠳᠴᠢᠨ ᠲᠤᠰᠬᠤ ᠮᠠᠭᠠᠳ᠃
ᠵᠤᠨ ᠤ᠋ ᠠᠭᠤᠷ ᠠᠮᠢᠰᠬᠤᠯ ᠬᠠᠯᠠᠭᠤᠨ ᠤᠴᠢᠷ ᠠ᠋ᠴᠠ ᠪᠤᠷᠴᠠᠭ ᠤ᠋ᠨ ᠵᠦᠢᠯ ᠢ᠋ ᠰᠢᠲᠦᠵᠦ ᠬᠦᠢᠲᠡᠷᠡᠭᠦᠯᠪᠡᠰᠦ ᠵᠣᠬᠢᠬᠤ ᠠᠲᠠᠯ᠎ᠠ ᠳᠠᠩ ᠭᠠᠭᠴᠠ ᠬᠠᠯᠠᠭᠤᠨ ᠴᠢᠨᠠᠷ ᠲᠠᠢ ᠵᠦᠢᠯ ᠢ᠋ ᠡᠳ᠋ᠯᠡᠵᠦ ᠦᠯᠦ ᠪᠣᠯᠤᠮᠤᠢ᠃ ᠲᠡᠢᠨ ᠬᠦ᠌ ᠡᠨᠡ ᠦᠶ᠎ᠡ ᠳ᠋ᠦ᠍ᠷ ᠪᠦᠯᠢᠶᠡᠨ ᠢᠳᠡᠭᠡᠨ ᠤᠮᠳᠠᠭᠠᠨ ᠢ᠋ ᠴᠡᠭᠡᠷᠯᠡᠪᠡᠰᠦ ᠵᠣᠬᠢᠬᠤ ᠪᠥᠭᠡᠳ ᠬᠡᠲᠦᠷᠬᠡᠢ ᠴᠠᠳᠬᠤᠯᠠᠩ ᠪᠣᠯᠬᠤ᠂ ᠴᠢᠭᠢᠭᠲᠡᠢ ᠭᠠᠵᠠᠷ ᠪᠠ ᠨᠣᠢᠲᠠᠨ ᠬᠤᠪᠴᠠᠰᠤ ᠬᠤᠨᠠᠷ ᠡᠮᠦᠰᠬᠦ ᠵᠡᠷᠭᠡ ᠶᠠᠪᠤᠳᠠᠯ ᠳ᠋ᠤᠷ ᠴᠡᠭᠡᠷᠯᠡᠬᠦ ᠬᠡᠷᠡᠭᠲᠡᠢ᠃
ᠨᠠᠮᠤᠷ ᠤ᠋ᠨ ᠭᠤᠷᠪᠠᠨ ᠰᠠᠷ᠎ᠠ ᠪᠣᠯᠪᠠᠰᠤ ᠲᠡᠭᠰᠢᠷᠡᠨ᠂ ᠪᠠᠭᠲᠠᠭᠠᠮᠵᠢᠷᠠᠬᠤ ᠤᠯᠠᠷᠢᠯ ᠪᠣᠯᠠᠢ᠃ ᠡᠨᠡ ᠦᠶ᠎ᠡ ᠳ᠋ᠦ᠍ᠷ ᠲᠩᠷᠢ ᠶ᠋ᠢᠨ ᠠᠭᠤᠷ ᠬᠤᠷᠴᠠᠳᠤᠷᠤᠨ᠂ ᠭᠠᠵᠠᠷ ᠤ᠋ᠨ ᠠᠭᠤᠷ ᠲᠤᠩᠭᠠᠯᠠᠭᠰᠢᠬᠤ ᠲᠤᠯᠠ ᠡᠷᠲᠡ ᠤᠨᠲᠠᠨ ᠡᠷᠲᠡ ᠪᠣᠰᠴᠤ ᠲᠠᠬᠢᠶᠠᠨ ᠳᠠᠭᠤᠨ ᠤ᠋ ᠦᠶ᠎ᠡ ᠡᠴᠡ ᠴᠣᠭ ᠰᠦᠯᠳᠡ ᠪᠡᠨ ᠪᠠᠳᠠᠷᠠᠭᠤᠯᠤᠨ᠂ ᠰᠠᠨᠠᠭ᠎ᠠ ᠰᠡᠳᠬᠢᠯ ᠢ᠋ᠶ᠋ᠡᠨ ᠠᠮᠤᠷᠯᠢᠩᠭᠤᠢ ᠪᠣᠯᠭᠠᠨ ᠨᠠᠮᠤᠷ ᠳᠠᠬᠢ ᠪᠡᠶ᠎ᠡ ᠮᠠᠬᠠᠪᠣᠳ ᠢ᠋ᠶ᠋ᠠᠨ ᠨᠠᠮᠵᠢᠭᠤᠳᠠᠭᠤᠯᠤᠨ᠂ ᠲᠠᠮᠢᠷ ᠢ᠋ᠶ᠋ᠠᠨ ᠬᠤᠷᠢᠶᠠᠵᠤ᠂ ᠨᠠᠮᠤᠷ ᠤ᠋ᠨ ᠠᠭᠤᠷ ᠢ᠋ ᠲᠡᠭᠰᠢᠷᠡᠭᠦᠯᠦᠨ ᠵᠣᠷᠢᠭ ᠰᠦᠯᠳᠡ ᠪᠡᠨ ᠰᠠᠷᠨᠢᠭᠤᠯᠬᠤ ᠦᠭᠡᠢ᠂ ᠠᠭᠤᠰᠬᠢ ᠶ᠋ᠢᠨ ᠲᠠᠮᠢᠷ ᠢ᠋ ᠴᠡᠪᠡᠷᠵᠢᠭᠦᠯᠦᠨ ᠰᠠᠢᠵᠢᠷᠠᠭᠤᠯᠪᠠᠰᠤ᠂ ᠡᠨᠡ ᠢᠨᠦ ᠨᠠᠮᠤᠷ ᠤ᠋ᠨ ᠠᠭᠤᠷ ᠠᠮᠢᠰᠬᠤᠯ ᠳ᠋ᠤᠷ ᠨᠡᠢᠴᠡᠭᠦᠯᠵᠦ᠂ ᠲᠣᠬᠢᠷᠠᠭᠤᠯᠤᠭᠰᠠᠨ ᠶᠠᠪᠤᠳᠠᠯ ᠮᠥᠨ ᠪᠣᠯᠬᠤ ᠪᠥᠭᠡᠳ ᠮᠠᠬᠠᠪᠣᠳ ᠤ᠋ᠨ ᠲᠠᠮᠢᠷ ᠢ᠋ᠶ᠋ᠠᠨ ᠠᠷᠠᠴᠢᠯᠠᠨ ᠬᠤᠷᠢᠶᠠᠭᠰᠠᠨ ᠶᠣᠰᠣ ᠪᠣᠯᠠᠢ᠃ ᠡᠭᠦᠨ ᠡᠴᠡ ᠰᠥᠷᠭᠡᠦᠯᠡᠨ᠂ ᠵᠥᠷᠢᠴᠡᠪᠡᠰᠦ ᠠᠭᠤᠰᠬᠢ ᠳ᠋ᠦ᠍ᠷ ᠭᠡᠮᠳᠣᠭᠡᠯ ᠣᠯᠭᠣᠵᠤ ᠡᠪᠦᠯ ᠪᠣᠯᠬᠤᠶ᠎ᠠ ᠢᠳᠡᠭᠰᠡᠨ ᠦ᠌ ᠥᠩᠭᠡ ᠪᠡᠷ ᠰᠠᠭᠤᠯᠭᠠᠬᠤ ᠲᠤᠯᠠ ᠨᠥᠭᠡᠴᠡ ᠬᠣᠮᠰᠠᠳᠠᠬᠤ ᠪᠣᠯᠤᠮᠤᠢ᠃
ᠨᠠᠮᠤᠷ ᠤ᠋ᠨ ᠠᠭᠤᠷ ᠠᠮᠢᠰᠬᠤᠯ ᠠᠨᠤ ᠬᠠᠭᠤᠷᠠᠢ ᠬᠠᠲᠠᠩᠭᠢᠷ ᠤᠴᠢᠷ ᠠ᠋ᠴᠠ ᠡᠷᠡᠨᠳᠠ (ᠠᠯᠠᠭ ᠮᠠᠭᠠᠵᠢ) ᠶ᠋ᠢᠨ ᠵᠦᠢᠯ ᠢ᠋ ᠢᠳᠡᠵᠦ ᠬᠠᠲᠠᠬᠤ ᠶ᠋ᠢ ᠰᠢᠮᠡᠵᠢᠭᠦᠯᠦᠨ ᠴᠢᠭᠢᠭᠯᠡᠭᠦᠯᠪᠡᠰᠦ ᠵᠣᠬᠢᠬᠤ ᠪᠥᠭᠡᠳ ᠬᠦᠢᠲᠡᠨ ᠴᠢᠨᠠᠷᠲᠠᠢ ᠢᠳᠡᠭᠡᠨ ᠤᠮᠳᠠᠭᠠᠨ ᠪᠠ ᠬᠦᠢᠲᠡᠨ ᠬᠤᠪᠴᠠᠰᠤ ᠬᠤᠨᠠᠷ ᠢ᠋ ᠴᠡᠭᠡᠷᠯᠡᠪᠡᠰᠦ ᠵᠣᠬᠢᠮᠤᠢ᠃
ᠡᠪᠦᠯ ᠦ᠋ᠨ ᠭᠤᠷᠪᠠᠨ ᠰᠠᠷ᠎ᠠ ᠪᠣᠯᠪᠠᠰᠤ ᠬᠠᠬᠠᠭᠠᠵᠤ ᠬᠠᠳᠠᠭᠠᠯᠠᠯᠲᠠ ᠶ᠋ᠢᠨ ᠤᠯᠠᠷᠢᠯ ᠪᠣᠯᠠᠢ᠃ ᠡᠨᠡ ᠦᠶ᠎ᠡ ᠳ᠋ᠦ᠍ᠷ ᠮᠥᠰᠥ ᠬᠥᠯᠲᠡᠨ ᠭᠠᠵᠠᠷ ᠬᠠᠭᠠᠷᠠᠭᠠᠳ ᠠᠷᠭ᠎ᠠ ᠶ᠋ᠢᠨ ᠠᠭᠤᠷ ᠢ᠋ ᠦᠯᠦ ᠬᠥᠨᠥᠭᠡᠮᠦᠢ᠃ ᠡᠷᠲᠡ ᠬᠡᠪᠲᠡᠵᠦ᠂ ᠣᠷᠣᠢ ᠪᠣᠰᠤᠨ ᠨᠠᠷᠠᠨ ᠮᠠᠨᠳᠤᠬᠤ ᠶ᠋ᠢ ᠬᠦᠯᠢᠶᠡᠨ ᠰᠠᠨᠠᠭ᠎ᠠ ᠵᠣᠷᠢᠭ ᠢ᠋ᠶ᠋ᠠᠨ ᠡᠴᠢᠨ᠎ᠡ ᠨᠢᠭᠤᠰᠢᠷᠠᠭᠤᠯᠤᠨ ᠲᠡᠵᠢᠭᠡᠵᠦ᠂ ᠶᠠᠮᠠᠷᠴᠤ ᠭᠣᠶᠠᠴᠢ ᠰᠠᠨᠠᠭ᠎ᠠ ᠬᠢᠭᠡᠳ ᠣᠯᠤᠯᠲᠠ ᠲᠠᠢ ᠪᠣᠯᠤᠭᠰᠠᠨ ᠰᠢᠭ᠋ ᠪᠠᠢᠵᠤ᠂ ᠬᠦᠢᠲᠡᠨ ᠢ᠋ ᠲᠡᠪᠴᠢᠨ ᠪᠦᠯᠢᠶᠡᠨ ᠳ᠋ᠦ᠍ᠷ ᠰᠢᠲᠦᠵᠦ᠂ ᠠᠷᠠᠰᠤ ᠬᠥᠷᠥᠰᠥᠨ ᠦ᠌ ᠰᠢᠮ᠎ᠡ ᠲᠠᠮᠢᠷ ᠢ᠋ ᠰᠠᠷᠨᠢᠭᠤᠯᠬᠤ ᠦᠭᠡᠢ ᠪᠠᠢᠯᠭᠠᠵᠤ᠂ ᠳᠠᠷᠤᠢ ᠲᠠᠮᠢᠷ ᠪᠠᠷᠠᠭᠳᠠᠬᠤ ᠪᠣᠯᠤᠭᠤᠵᠠᠢ ᠬᠡᠮᠡᠭᠰᠡᠨ ᠤᠳᠬ᠎ᠠ ᠪᠣᠯᠠᠢ᠃ ᠡᠨᠡ ᠪᠣᠯᠪᠠᠰᠤ ᠴᠥᠮ ᠡᠪᠦᠯ ᠦ᠋ᠨ ᠠᠭᠤᠷ ᠠᠮᠢᠰᠬᠤᠯ ᠳ᠋ᠤᠷ ᠨᠡᠢᠴᠡᠭᠦᠯᠦᠨ ᠲᠣᠬᠢᠷᠠᠭᠤᠯᠤᠭᠰᠠᠨ ᠶᠠᠪᠤᠳᠠᠯ ᠮᠥᠷ ᠪᠣᠯᠬᠤ ᠪᠥᠭᠡᠳ ᠪᠡᠶ᠎ᠡ ᠮᠠᠬᠠᠪᠣᠳ ᠢ᠋ᠶ᠋ᠠᠨ ᠠᠷᠠᠴᠢᠯᠠᠨ ᠬᠠᠲᠠᠭᠤᠵᠢᠭᠤᠯᠬᠤ ᠶ᠋ᠢᠨ ᠶᠣᠰᠣ ᠪᠣᠯᠠᠢ᠃ ᠬᠡᠷᠪᠡ ᠡᠭᠦᠨ ᠢ᠋ ᠵᠥᠷᠢᠴᠡᠪᠡᠰᠦ ᠪᠥᠭᠡᠷ᠎ᠡ ᠶ᠋ᠢᠨ ᠲᠠᠮᠢᠷ ᠢ᠋ ᠬᠣᠣᠷᠯᠠᠵᠤ ᠬᠠᠪᠤᠷ ᠬᠦᠷᠦᠮᠡᠭᠴᠡ ᠦᠶ᠎ᠡ ᠭᠡᠰᠢᠭᠦᠨ ᠢᠨᠦ ᠰᠤᠯᠠᠷᠠᠵᠤ ᠲᠤᠭᠤᠯᠬᠤ ᠳ᠋ᠤ᠌ ᠬᠦᠷᠬᠦ ᠲᠤᠯᠠ ᠡᠷᠡᠭᠦᠯ ᠮᠡᠨᠳᠦ ᠳ᠋ᠦ᠍ ᠪᠠᠭ᠎ᠠ ᠪᠤᠰᠤ ᠨᠥᠯᠥᠭᠡᠯᠡᠮᠦᠢ᠃ ᠡᠪᠦᠯ ᠦ᠋ᠨ ᠠᠭᠤᠷ ᠠᠮᠢᠰᠬᠤᠯ ᠬᠦᠢᠲᠡᠨ ᠲᠤᠯᠠ ᠮᠣᠩᠭᠣᠯ ᠠᠮᠤ ᠢᠳᠡᠪᠡᠰᠦ ᠵᠣᠬᠢᠬᠤ ᠶᠠᠪᠤᠳᠠᠯ ᠠᠨᠤ ᠬᠠᠯᠠᠭᠤᠨ ᠴᠢᠨᠠᠷᠲᠠᠢ ᠪᠠᠷ ᠬᠦᠢᠲᠡᠨ ᠢ᠋ ᠵᠠᠰᠠᠭᠰᠠᠨ ᠶᠣᠰᠣ ᠶᠤᠮ᠃ ᠲᠡᠭᠦᠨᠴᠢᠯᠡᠨ ᠬᠡᠲᠦᠷᠬᠡᠢ ᠬᠠᠯᠠᠭᠤᠨ ᠢᠳᠡᠭᠡᠨ ᠤᠮᠳᠠᠭᠠᠨ ᠪᠠ ᠬᠤᠪᠴᠠᠰᠤ ᠬᠤᠨᠠᠷ ᠢ᠋ ᠴᠡᠭᠡᠷᠯᠡᠪᠡᠰᠦ ᠵᠣᠬᠢᠮᠤᠢ᠃
ᠦᠰᠦᠭ ᠠᠮᠢᠯᠠᠭᠤᠯᠤᠭᠰᠠᠨ ᠨᠢ ᠄ ᠭᠠᠸᠠ
