ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠳᠥᠷᠪᠡᠳᠦᠭᠡᠷ ᠪᠦᠯᠦᠭ> ᠬᠣᠶᠠᠷ Дайчин улсын үеийн монголын түүх-Намсрай 4-2
ᠳᠥᠷᠪᠡᠳᠦᠭᠡᠷ ᠪᠦᠯᠦᠭ᠂ ᠴᠠᠸᠠᠩᠷᠠᠪᠳᠠᠨ ᠤ᠋ ᠨᠣᠶᠠᠷᠬᠠᠯ ᠳ᠋ᠠᠬᠢ ᠵᠡᠭᠦᠨᠭᠠᠷ ᠬᠠᠭᠠᠨᠲᠤ ᠤᠯᠤᠰ ᠪᠠ ᠬᠥᠬᠡᠨᠠᠭᠤᠷ ᠲᠥᠪᠡᠳ ᠦ᠋ᠨ ᠬᠣᠱᠤᠳ
ᠬᠣᠶᠠᠳᠤᠭᠠᠷ ᠬᠡᠰᠡᠭ - ᠬᠥᠬᠡᠨᠠᠭᠤᠷ ᠬᠣᠱᠤᠳ ᠵᠢᠴᠢ ᠯᠣᠪᠰᠠᠩᠳᠠᠨᠵᠢᠨ ᠤ᠋ ᠬᠤᠪᠢᠰᠤᠯ
ᠡᠷᠲᠡ ᠡᠳᠦᠷ ᠬᠣᠱᠤᠳ ᠠᠢᠮᠠᠭ ᠤ᠋ᠨ ᠲᠥᠷᠥᠪᠠᠢᠬᠤ ᠭᠦᠦᠰᠢ ᠬᠠᠨ ᠬᠥᠬᠡᠨᠠᠭᠤᠷ ᠲᠥᠪᠡᠳ ᠢ᠋ ᠡᠵᠡᠯᠡᠭᠰᠡᠨ ᠦ᠌ ᠳᠠᠷᠠᠭ᠎ᠠ᠂ ᠲᠡᠭᠦᠨ ᠦ᠌ ᠬᠡᠦᠬᠡᠳ ᠠᠴᠢᠨᠠᠷ ᠡᠨᠳᠡ ᠤᠷᠲᠤ ᠬᠤᠭᠤᠴᠠᠭ᠎ᠠ ᠪᠠᠷ ᠡᠵᠡᠯᠡᠨ ᠰᠠᠭᠤᠭᠰᠠᠨ ᠪᠢᠯᠡ᠃
ᠭᠦᠦᠰᠢ ᠬᠠᠨ ᠠᠷᠪᠠᠨ ᠬᠥᠪᠡᠭᠦᠨ ᠲᠡᠢ᠃ ᠠᠬᠠᠮᠠᠳ ᠨᠢ ᠲᠢᠶᠠᠨ ᠸᠴᠢᠷ᠂ ᠬᠣᠶᠠᠳᠤᠭᠠᠷ ᠨᠢ ᠣᠮᠪᠣ᠂ ᠭᠤᠲᠠᠭᠠᠷ ᠳᠠᠯᠠᠨᠲᠠᠢ᠂ ᠳᠥᠲᠥᠭᠡᠷ ᠨᠢ ᠪᠠᠶᠠᠨ ᠠᠪᠤᠭᠠᠢ ᠠᠶᠤᠰᠢ᠂ ᠲᠠᠪᠤᠳᠤᠭᠠᠷ ᠨᠢ ᠢᠯᠳᠦᠴᠢ᠂ ᠵᠢᠷᠭᠤᠳᠤᠭᠠᠷ ᠨᠢ ᠳᠣᠷᠵᠢ᠂ ᠳᠣᠯᠣᠳᠤᠭᠠᠷ ᠨᠢ ᠬᠦᠷᠦᠮᠦᠰᠢ᠂ ᠨᠠᠢ᠍ᠮᠠᠳᠤᠭᠠᠷ ᠨᠢ ᠰᠠᠩᠬᠠᠷᠵᠠ᠂ ᠶᠢᠰᠦᠳᠦᠭᠡᠷ ᠨᠢ ᠬᠥᠮᠪᠦᠴᠡᠬᠤᠨ᠂ ᠠᠷᠪᠠᠳᠤᠭᠠᠷ ᠨᠢ ᠳ᠋ᠠᠰᠢᠪᠠᠭᠠᠲᠤᠷ ᠪᠣᠯᠤᠨ᠎ᠠ᠃
ᠭᠦᠦᠰᠢ ᠬᠠᠨ ᠲᠡᠭᠦᠨ ᠦ᠌ ᠠᠷᠪᠠᠨ ᠬᠥᠪᠡᠭᠦᠨ ᠳ᠋ᠡᠭᠡᠨ ᠬᠥᠬᠡᠨᠠᠭᠤᠷ ᠤ᠋ᠨ ᠭᠠᠵᠠᠷ ᠢ᠋ ᠣᠯᠭᠣᠵᠤ᠂ ᠵᠡᠭᠦᠨ ᠪᠠᠷᠠᠭᠤᠨ ᠭᠠᠷ ᠬᠤᠪᠢᠶᠠᠵᠤ ᠮᠠᠯᠵᠢᠭᠤᠯᠤᠭᠰᠠᠨ ᠶᠤᠮ᠃ ᠵᠡᠭᠦᠨ ᠭᠠᠷ ᠳᠤ ᠲᠡᠭᠦᠨ ᠦ᠌ ᠠᠬᠠᠮᠠᠳ ᠬᠥᠪᠡᠭᠦᠨ ᠲᠢᠶᠠᠨ᠂ ᠬᠣᠶᠠᠳᠤᠭᠠᠷ ᠬᠥᠪᠡᠭᠦᠨ ᠣᠮᠪᠣ᠂ ᠭᠤᠲᠠᠭᠠᠷ ᠬᠥᠪᠡᠭᠦᠨ ᠲᠠᠯᠠᠲᠠᠢ᠂ ᠳᠥᠲᠥᠭᠡᠷ ᠬᠥᠪᠡᠭᠦᠨ ᠪᠠᠶᠠᠨ ᠠᠪᠤᠭᠠᠢ ᠠᠶᠤᠰᠢ ᠨᠤᠲᠤᠭᠯᠠᠵᠤ᠂ ᠠᠬᠠᠮᠠᠳ ᠬᠥᠪᠡᠭᠦᠨ ᠲᠢᠶᠠᠨ ᠸᠴᠢᠷ ᠢ᠋ᠶ᠋ᠡᠷ ᠵᠡᠭᠦᠨ ᠭᠠᠷᠤᠨ ᠳᠠᠷᠤᠭ᠎ᠠ ᠪᠣᠯᠭᠠᠨ ᠭᠦᠦᠰᠢ ᠬᠠᠨ ᠳ᠋ᠤ᠌ ᠬᠠᠪᠰᠤᠷᠴᠤ ᠲᠥᠪᠡᠳ ᠦ᠋ᠨ ᠭᠡᠷᠡᠯ ᠶᠠᠪᠤᠳᠠᠯ ᠢ᠋ ᠡᠷᠭᠢᠯᠡᠭᠦᠯᠵᠡᠢ᠃ ᠪᠠᠷᠠᠭᠤᠨ ᠭᠠᠷ ᠲᠤ᠌ ᠲᠠᠪᠤᠳᠤᠭᠠᠷ ᠬᠥᠪᠡᠭᠦᠨ ᠢᠯᠳᠦᠴᠢ᠂ ᠵᠢᠷᠭᠤᠳᠤᠭᠠᠷ ᠬᠥᠪᠡᠭᠦᠨ ᠳᠣᠷᠵᠢ᠂ ᠳᠣᠯᠣᠳᠤᠭᠠᠷ ᠬᠥᠪᠡᠭᠦᠨ ᠬᠦᠷᠦᠮᠦᠰᠢ᠂ ᠨᠠᠢ᠍ᠮᠠᠳᠤᠭᠠᠷ ᠬᠥᠪᠡᠭᠦᠨ ᠰᠠᠩᠬᠠᠷᠠ᠂ ᠶᠢᠰᠦᠳᠦᠭᠡᠷ ᠬᠥᠪᠡᠭᠦᠨ ᠬᠥᠮᠪᠦᠴᠡᠬᠤᠨ᠂ ᠠᠷᠪᠠᠳᠤᠭᠠᠷ ᠬᠥᠪᠡᠭᠦᠨ ᠳ᠋ᠠᠰᠢᠪᠠᠭᠠᠲᠤᠷ ᠨᠤᠲᠤᠭᠯᠠᠵᠤ᠂ ᠵᠢᠷᠭᠤᠳᠤᠭᠠᠷ ᠬᠥᠪᠡᠭᠦᠨ ᠳᠣᠷᠵᠢ ᠪᠠᠷ ᠪᠠᠷᠠᠭᠤᠨ ᠭᠠᠷᠤᠨ ᠳᠠᠷᠤᠭ᠎ᠠ ᠪᠣᠯᠭᠠᠭᠰᠠᠨ ᠪᠠᠢᠪᠠ᠃ ᠭᠦᠦᠰᠢ ᠬᠠᠨ ᠨᠠᠰᠤ ᠪᠠᠷᠠᠭᠰᠠᠨ ᠤ᠋ ᠳᠠᠷᠠᠭ᠎ᠠ᠂ ᠠᠬᠠᠮᠠᠳ ᠬᠥᠪᠡᠭᠦᠨ ᠲᠢᠶᠠᠨ ᠸᠴᠢᠷ ᠲᠥᠪᠡᠳ ᠣᠷᠣᠨ ᠢ᠋ ᠨᠣᠶᠠᠷᠬᠠᠨ ᠰᠠᠭᠤᠵᠤ᠂ ᠶᠢᠰᠦᠳᠦᠭᠡᠷ ᠬᠥᠪᠡᠭᠦᠨ ᠬᠥᠮᠪᠦᠴᠡᠬᠤᠨ ᠳ᠋ᠤ᠌ ᠦᠷ᠎ᠡ ᠦᠨᠳᠦᠰᠦ ᠦᠭᠡᠢ ᠲᠤᠯᠠ ᠲᠡᠭᠦᠨᠴᠡ ᠬᠥᠬᠡᠨᠠᠭᠤᠷ ᠲᠤ᠌ ᠦᠯᠡᠳᠡᠭᠰᠡᠨ ᠨᠠᠢ᠍ᠮᠠᠨ ᠬᠥᠪᠡᠭᠦᠨ ᠢ᠋ ᠨᠢ ᠬᠣᠱᠤᠳ ᠤ᠋ᠨ ᠨᠠᠢ᠍ᠮᠠᠨ ᠶᠡᠬᠡ ᠲᠠᠢᠵᠢ ᠭᠡᠵᠦ ᠥᠭᠦᠯᠡᠳᠡᠭ ᠪᠣᠯᠵᠠᠢ᠃
1716 ᠣᠨ ᠳ᠋ᠤ᠌᠂ ᠬᠥᠬᠡᠨᠠᠭᠤᠷ ᠤ᠋ᠨ ᠳ᠋ᠠᠰᠢᠪᠠᠭᠠᠲᠤᠷ ᠤ᠋ᠨ ᠬᠥᠪᠡᠭᠦᠨ ᠯᠣᠪᠰᠠᠩᠳᠠᠨᠵᠢᠨ ᠪᠣᠯᠤᠨ ᠪᠣᠱᠣᠭᠲᠤ ᠵᠢᠨᠦᠩ (ᠢᠯᠳᠦᠴᠢ ᠶ᠋ᠢᠨ ᠬᠣᠶᠠᠳᠤᠭᠠᠷ ᠬᠦᠦ) ᠶ᠋ᠢᠨ ᠭᠤᠲᠠᠭᠠᠷ ᠬᠥᠪᠡᠭᠦᠨ ᠴᠠᠭᠠᠨᠳᠠᠨᠵᠢᠨ ᠵᠡᠷᠭᠡ ᠬᠥᠮᠦᠰ ᠯᠢᠳᠡᠩ ᠳ᠋ᠦ᠍ ᠢᠯᠡᠷᠡᠭᠰᠡᠨ ᠭᠠᠯᠰᠠᠩᠵᠠᠮᠰᠤ ᠶ᠋ᠢ ᠳᠠᠯᠠᠢ ᠯᠠᠮᠠ ᠪᠠᠷ ᠵᠠᠯᠠᠬᠤ ᠪᠠᠷ ᠢᠳᠡᠪᠬᠢᠲᠡᠢ ᠬᠥᠳᠡᠯᠭᠡᠭᠡᠨ ᠬᠢᠪᠡ᠃ ᠲᠡᠳᠡᠨ ᠦ᠌ ᠡᠨᠡᠬᠦ ᠠᠵᠢᠯᠯᠠᠭ᠎ᠠ ᠨᠢ ᠳᠠᠢᠴᠢᠩ ᠤᠯᠤᠰ ᠤ᠋ᠨ ᠲᠥᠷᠥ ᠶ᠋ᠢᠨ ᠪᠣᠳᠣᠯᠭ᠎ᠠ ᠲᠠᠢ ᠬᠠᠷᠰᠢᠯᠳᠤᠵᠤ᠂ ᠡᠩᠬᠡ ᠠᠮᠤᠭᠤᠯᠠᠩ ᠬᠠᠭᠠᠨ ᠤ᠋ ᠠᠩᠬᠠᠷᠤᠯ ᠢ᠋ ᠲᠠᠲᠠᠵᠠᠢ᠃ ᠲᠡᠷᠡ ᠵᠠᠷᠯᠢᠭ ᠪᠠᠭᠤᠯᠭᠠᠨ ᠰᠢᠨᠢᠩ᠂ ᠪᠣᠯᠣᠩᠭᠢᠷ᠂ ᠳᠠ ᠵᠢᠶᠠᠨ ᠯᠦ᠍ ᠳ᠋ᠦ᠍ ᠰᠠᠭᠤᠭ᠎ᠠ ᠮᠠᠨᠵᠤ ᠴᠡᠷᠢᠭ ᠢ᠋ᠶ᠋ᠡᠷ ᠲᠡᠳᠡᠨ ᠦ᠌ ᠬᠥᠳᠡᠯᠭᠡᠭᠡᠨ ᠢ᠋ ᠬᠢᠵᠠᠭᠠᠷᠯᠠᠬᠤ ᠶ᠋ᠢᠨ ᠬᠠᠮᠲᠤ᠂ ᠬᠥᠬᠡᠨᠠᠭᠤᠷ ᠤ᠋ᠨ ᠲᠠᠢᠵᠢ ᠨᠠᠷ ᠤ᠋ᠨ ᠬᠦᠴᠦᠨ ᠢ᠋ ᠰᠠᠯᠭᠠᠵᠤ ᠬᠤᠪᠢᠶᠠᠷᠢᠯᠠᠨ ᠵᠠᠬᠢᠷᠬᠤ ᠠᠷᠭ᠎ᠠ ᠠᠪᠤᠪᠠ᠃ ᠴᠢᠩᠭᠢᠭᠡᠳ ᠬᠥᠬᠡᠨᠠᠭᠤᠷ ᠤ᠋ᠨ ᠵᠡᠭᠦᠨ ᠪᠠᠷᠠᠭᠤᠨ ᠭᠠᠷ ᠲᠤ᠌ ᠲᠣᠰᠪᠣᠷᠢ ᠨᠢᠭᠡ ᠳᠠᠷᠤᠭ᠎ᠠ ᠪᠠᠢᠭᠰᠠᠨ ᠵᠤᠷᠰᠢᠯ ᠢ᠋ ᠡᠪᠳᠡᠵᠦ ᠯᠣᠪᠰᠠᠩᠳᠠᠨᠵᠢᠨ᠂ ᠴᠠᠭᠠᠨᠳᠠᠨᠵᠢᠨ᠂ ᠳᠠᠶᠠᠨ (ᠪᠠᠷᠠᠭᠤᠨ ᠭᠠᠷᠤᠨ ᠳᠣᠷᠵᠢ ᠶ᠋ᠢᠨ ᠬᠥᠪᠡᠭᠦᠨ ᠰᠠᠴᠤᠭᠤ ᠮᠡᠷᠭᠡᠨ ᠲᠠᠢᠵᠢ ᠶ᠋ᠢᠨ ᠬᠣᠶᠠᠳᠤᠭᠠᠷ ᠬᠥᠪᠡᠭᠦᠨ) ᠢ᠋ ᠪᠠᠷᠠᠭᠤᠨ ᠭᠠᠷᠤᠨ ᠳᠠᠷᠤᠭ᠎ᠠ ᠪᠠᠷ ᠲᠣᠮᠢᠯᠠᠨ᠂ ᠡᠷᠳᠡᠨᠢ ᠡᠷᠬᠡ ᠳᠣᠭᠲᠤᠭᠨᠠᠢ᠂ ᠠᠷᠠᠪᠲᠠᠨ ᠣᠮᠪᠣ ᠶ᠋ᠢ ᠵᠡᠭᠦᠨ ᠭᠠᠷᠤᠨ ᠳᠠᠷᠤᠭ᠎ᠠ ᠪᠠᠷ ᠲᠣᠮᠢᠯᠠᠵᠤ᠂ ᠡᠭᠦᠨ ᠢ᠋ᠶ᠋ᠡᠷ ᠵᠡᠭᠦᠨ ᠪᠠᠷᠠᠭᠤᠨ ᠭᠠᠷᠤᠨ ᠳᠠᠷᠤᠭ᠎ᠠ ᠨᠠᠷ ᠢ᠋ ᠬᠠᠷᠢᠯᠴᠠᠨ ᠦᠯᠦ ᠬᠠᠷᠢᠶᠠᠯᠠᠭᠳᠠᠬᠤ ᠪᠣᠯᠭᠠᠨ ᠥᠪᠡᠷ ᠵᠠᠭᠤᠷ᠎ᠠ ᠨᠢ ᠬᠢᠨᠠᠭᠤᠯᠤᠭᠰᠠᠨ ᠪᠠᠢᠨ᠎ᠠ᠃ ᠡᠩᠬᠡ ᠠᠮᠤᠭᠤᠯᠠᠩ ᠬᠠᠭᠠᠨ ᠤ᠋ ᠡᠨᠡ ᠬᠦ᠌ ᠲᠥᠷᠥ ᠶ᠋ᠢᠨ ᠪᠣᠳᠣᠯᠭ᠎ᠠ ᠬᠥᠬᠡᠨᠠᠭᠤᠷ ᠤ᠋ᠨ ᠬᠣᠶᠠᠷ ᠭᠠᠷᠤᠨ ᠲᠠᠢᠵᠢ ᠨᠠᠷ ᠤ᠋ᠨ ᠤᠤᠯ ᠠ᠋ᠴᠠ ᠪᠠᠢᠭᠰᠠᠨ ᠵᠥᠷᠢᠴᠡᠯ ᠲᠡᠮᠡᠴᠡᠯ ᠢ᠋ ᠤᠯᠠᠮ ᠢ᠋ᠶ᠋ᠠᠷ ᠬᠤᠷᠴᠠᠳᠬᠠᠪᠠ᠃
ᠤᠤᠯ ᠨᠢ ᠭᠦᠦᠰᠢ ᠬᠠᠨ ᠤ᠋ ᠵᠢᠷᠭᠤᠳᠤᠭᠠᠷ ᠬᠥᠪᠡᠭᠦᠨ ᠳᠣᠷᠵᠢ ᠳᠠᠯᠠᠢ ᠪᠠᠭᠠᠲᠤᠷ ᠪᠠᠷᠠᠭᠤᠨ ᠭᠠᠷᠤᠨ ᠳᠠᠷᠤᠭ᠎ᠠ ᠪᠠᠢᠵᠠᠢ᠃ ᠳᠣᠷᠵᠢ ᠦᠬᠦᠭᠰᠡᠨ ᠦ᠌ ᠳᠠᠷᠠᠭ᠎ᠠ ᠲᠡᠭᠦᠨ ᠦ᠌ ᠭᠤᠲᠠᠭᠠᠷ ᠬᠥᠪᠡᠭᠦᠨ ᠴᠠᠸᠠᠩᠷᠠᠪᠲᠠᠨ ᠵᠠᠯᠭᠠᠮᠵᠢᠯᠠᠵᠤ ᠪᠠᠷᠠᠭᠤᠨ ᠭᠠᠷᠤᠨ ᠳᠠᠷᠤᠭ᠎ᠠ ᠪᠣᠯᠪᠠ᠃ 1697 ᠣᠨ ᠳ᠋ᠤ᠌᠂ ᠬᠥᠬᠡᠨᠠᠭᠤᠷ ᠤ᠋ᠨ ᠳ᠋ᠠᠰᠢᠪᠠᠭᠠᠲᠤᠷ ᠲᠡᠷᠢᠭᠦᠲᠡᠢ ᠨᠢᠭᠡᠨ ᠪᠦᠯᠦᠭ ᠲᠠᠢᠵᠢ ᠨᠠᠷ ᠪᠡᠭᠡᠵᠢᠩ ᠳ᠋ᠦ᠍ ᠬᠦᠷᠴᠦ᠂ ᠡᠩᠬᠡ ᠠᠮᠤᠭᠤᠯᠠᠩ ᠬᠠᠭᠠᠨ ᠳ᠋ᠤ᠌ ᠪᠠᠷᠠᠯᠬᠠᠵᠤ ᠬᠡᠷᠬᠡᠮ ᠡᠷᠭᠦᠮᠵᠢᠯᠡᠯ ᠬᠦᠷᠲᠡᠵᠡᠢ᠃ ᠭᠡᠲᠡᠯ᠎ᠡ ᠪᠠᠷᠠᠭᠤᠨ ᠭᠠᠷᠤᠨ ᠴᠠᠸᠠᠩᠷᠠᠪᠳᠠᠨ᠂ ᠪᠣᠱᠣᠭᠲᠤ ᠵᠢᠨᠦᠩ᠂ ᠬᠠᠳᠠᠨ ᠪᠠᠭᠠᠲᠤᠷ ᠵᠡᠷᠭᠡ ᠨᠥᠯᠥᠭᠡ ᠲᠡᠢ ᠲᠠᠢᠵᠢ ᠨᠠᠷ ᠡᠭᠦᠨ ᠢ᠋ ᠦᠯᠦ ᠣᠢᠰᠢᠶᠠᠨ ᠪᠡᠭᠡᠵᠢᠩ ᠳ᠋ᠦ᠍ ᠣᠴᠢᠵᠤ ᠪᠠᠷᠠᠯᠬᠠᠭᠰᠠᠨ ᠦᠭᠡᠢ ᠲᠤᠯᠠ ᠡᠩᠬᠡ ᠠᠮᠤᠭᠤᠯᠠᠩ ᠬᠠᠭᠠᠨ ᠰᠠᠴᠤᠭᠤ ᠮᠡᠷᠭᠡᠨ ᠦ᠌ ᠬᠥᠪᠡᠭᠦᠨ ᠳᠠᠶᠠᠨ ᠢ᠋ ᠪᠠᠷᠠᠭᠤᠨ ᠭᠠᠷᠤᠨ ᠳᠠᠷᠤᠭ᠎ᠠ ᠪᠠᠷ ᠲᠣᠮᠢᠯᠠᠵᠤ ᠴᠠᠸᠠᠩᠷᠠᠪᠲᠠᠨ ᠢ᠋ ᠣᠷᠣᠯᠠᠪᠠ᠃ ᠲᠡᠭᠦᠨ ᠦ᠌ ᠡᠨᠡ ᠬᠦ᠌ ᠶᠠᠪᠤᠳᠠᠯ ᠨᠢ ᠳᠣᠷᠵᠢ ᠳᠠᠯᠠᠢ ᠪᠠᠭᠠᠲᠤᠷ(ᠴᠠᠸᠠᠩᠷᠠᠪᠲᠠᠨ ᠤ᠋ ᠡᠴᠢᠭᠡ) ᠶ᠋ᠢᠨ ᠠᠢᠮᠠᠭ ᠲᠥᠷᠥᠯ ᠦ᠋ᠨ ᠡᠰᠡᠷᠭᠦᠴᠡᠯ ᠢ᠋ ᠣᠯᠤᠭᠰᠠᠨ ᠢ᠋ᠶ᠋ᠠᠷ ᠦᠯᠦ ᠪᠠᠷᠠᠨ ᠪᠠᠷᠠᠭᠤᠨ ᠭᠠᠷᠤᠨ ᠯᠤᠪᠰᠠᠩᠳᠠᠨᠵᠢᠨ᠂ ᠴᠠᠭᠠᠨᠳᠠᠨᠵᠢᠨ ᠨᠠᠷ ᠤ᠋ᠨ ᠳᠤᠷ᠎ᠠ ᠦᠭᠡᠢᠴᠡᠯ ᠢ᠋ ᠬᠦᠷᠭᠡᠵᠡᠢ᠃ ᠴᠠᠸᠠᠩᠷᠠᠪᠲᠠᠨ ᠤ᠋ ᠣᠮᠪᠣᠯᠣ ᠬᠥᠪᠡᠭᠦᠨ ᠫᠣᠩᠰᠣᠭ ᠸᠠᠩᠴᠢᠯ(ᠡᠷᠬᠡ ᠪᠠᠯᠵᠤᠤᠷ ᠤ᠋ᠨ ᠬᠥᠪᠡᠭᠦᠨ) ᠡᠨᠡ ᠶᠠᠪᠤᠳᠠᠯ ᠳ᠋ᠤ᠌ ᠮᠠᠰᠢ ᠬᠣᠷᠣᠰᠴᠤ ᠡᠴᠢᠭᠡ ᠡᠷᠬᠡ ᠪᠣᠯᠵᠣᠣᠷ ᠤ᠋ᠨ ᠬᠣᠣᠷᠯᠠᠭᠳᠠᠭᠰᠠᠨ ᠬᠡᠷᠡᠭ ᠲᠦ᠍ ᠬᠣᠯᠪᠣᠭᠳᠠᠭᠰᠠᠨ ᠳᠠᠶᠠᠨ ᠢ᠋ ᠯᠤᠪᠰᠠᠩᠳᠠᠨᠵᠢᠨ ᠪᠣᠯᠤᠨ ᠴᠠᠭᠠᠨᠳᠠᠨᠵᠢᠨ ᠨᠠᠷ ᠲᠤ᠌ ᠵᠠᠭᠠᠯᠳᠤᠪᠠ᠃ ᠠᠩᠬ᠎ᠠ ᠭᠠᠯᠰᠠᠩᠵᠠᠮᠰᠤ ᠶ᠋ᠢ ᠳᠠᠯᠠᠢ ᠯᠠᠮᠠ ᠭᠡᠮᠡᠨ ᠲᠤᠰᠠᠯᠠᠬᠤ ᠴᠠᠭ ᠲᠤ᠌ ᠲᠠᠢᠵᠢ ᠳᠠᠶᠠᠨ ᠨᠢᠭᠤᠴᠠ ᠶ᠋ᠢ ᠵᠠᠳᠠᠷᠠᠭᠤᠯᠤᠨ ᠡᠩᠬᠡ ᠠᠮᠤᠭᠤᠯᠠᠩ ᠳ᠋ᠤ᠌ ᠰᠣᠶᠣᠷᠬᠠᠭᠳᠠᠵᠤ᠂ ᠲᠥᠷᠥ ᠶ᠋ᠢᠨ ᠪᠡᠢᠯᠡ ᠶ᠋ᠢᠨ ᠬᠡᠷᠬᠡᠮ ᠬᠦᠷᠲᠡᠵᠦ ᠪᠠᠷᠠᠭᠤᠨ ᠭᠠᠷᠤᠨ ᠳᠠᠷᠤᠭ᠎ᠠ ᠪᠣᠯᠵᠠᠢ᠃ ᠲᠡᠭᠦᠨ ᠦ᠌ ᠡᠳᠡᠭᠡᠷ ᠶᠠᠪᠤᠳᠠᠯ ᠳ᠋ᠤ᠌ ᠯᠤᠪᠰᠠᠩᠳᠠᠨᠵᠢᠨ᠂ ᠴᠠᠭᠠᠨᠳᠠᠨᠵᠢᠨ ᠨᠠᠷ ᠲᠤᠢᠯ ᠢ᠋ᠶ᠋ᠠᠷ ᠳᠤᠷ᠎ᠠ ᠦᠭᠡᠢᠴᠡᠵᠦ᠂ ᠡᠩᠬᠡ ᠠᠮᠤᠭᠤᠯᠠᠩ ᠳ᠋ᠤ᠌ ᠠᠢᠯᠠᠳᠬᠠᠯ ᠡᠷᠭᠦᠵᠦ ᠫᠣᠩᠰᠣᠭ ᠸᠠᠩᠵᠢᠯ ᠤ᠋ᠨ ᠡᠴᠢᠭᠡ ᠡᠷᠬᠡ ᠪᠠᠯᠵᠣᠣᠷ ᠢ᠋ ᠬᠣᠣᠷᠯᠠᠪᠠ ᠭᠡᠮᠡᠨ ᠵᠠᠭᠠᠯᠳᠤᠪᠠ᠃ ᠡᠨᠡ ᠬᠦ᠌ ᠰᠢᠯᠲᠠᠭᠠᠨ ᠢ᠋ᠶ᠋ᠠᠷ ᠲᠠᠢᠵᠢ ᠳᠠᠶᠠᠨ ᠪᠡᠭᠡᠵᠢᠩ ᠳ᠋ᠦ᠍ ᠬᠦᠷᠭᠡᠭᠳᠡᠵᠦ᠂ ᠨᠢᠭᠡᠨ ᠬᠤᠭᠤᠴᠠᠭ᠎ᠠ ᠭᠢᠨᠳᠠᠨ ᠳ᠋ᠤ᠌ ᠰᠠᠭᠤᠵᠠᠢ᠃ ᠡᠨᠡ ᠬᠦ᠌ ᠬᠡᠷᠡᠭ ᠨᠢ ᠰᠠᠶᠢ ᠨᠠᠮᠳᠠᠲᠠᠯᠠ ᠯᠤᠪᠰᠠᠩᠳᠠᠨᠵᠢᠨ ᠪᠣᠯᠤᠨ ᠴᠠᠭᠠᠨᠳᠠᠨᠵᠢᠨ ᠤ᠋ ᠬᠣᠭᠣᠷᠣᠨᠳᠣ ᠪᠠᠰᠠ ᠡᠪᠳᠡᠷᠡᠯ ᠭᠠᠷᠪᠠ ᠃ ᠠᠩᠬ᠎ᠠ ᠭᠠᠯᠰᠠᠩᠵᠠᠮᠰᠤ ᠶ᠋ᠢᠨ ᠬᠡᠷᠡᠭ ᠲᠦ᠍ ᠴᠠᠭᠠᠨᠳᠠᠨᠵᠢᠨ ᠮᠠᠰᠢ ᠢᠳᠡᠪᠬᠢᠲᠡᠢ ᠣᠷᠣᠯᠴᠠᠵᠤ᠂ ᠳᠣᠣᠷᠠᠬᠢ ᠵᠠᠢᠰᠠᠩ ᠢ᠋ᠶ᠋ᠠᠨ ᠲᠣᠮᠢᠯᠠᠨ ᠲᠡᠭᠦᠨ ᠢ᠋ ᠬᠠᠮᠠᠭᠠᠯᠠᠵᠤ ᠪᠠᠢᠭᠰᠠᠨ ᠪᠥᠭᠡᠳ ᠬᠣᠵᠢᠮ ᠨᠢ ᠶᠡᠬᠡ ᠴᠡᠷᠢᠩᠳᠣᠨᠳᠣᠪ ᠲᠠᠢ ᠪᠠᠰᠠ ᠳᠠᠯᠳᠠᠭᠤᠷ ᠬᠠᠷᠢᠯᠴᠠᠭᠰᠠᠨ ᠪᠠᠢᠨ᠎ᠠ᠃ ᠲᠡᠭᠦᠨ ᠦ᠌ ᠡᠳᠡᠭᠡᠷ ᠶᠠᠪᠤᠳᠠᠯ ᠢ᠋ ᠨᠢ ᠡᠩᠬᠡ ᠠᠮᠤᠭᠤᠯᠠᠩ ᠬᠠᠭᠠᠨ ᠮᠡᠳᠡᠵᠦ᠂ 1718 ᠣᠨ ᠤ᠋ ᠨᠠᠢ᠍ᠮᠠᠳᠤᠭᠠᠷ ᠰᠠᠷ᠎ᠠ ᠳ᠋ᠤ᠌ ᠵᠠᠷᠯᠢᠭ ᠢ᠋ᠶ᠋ᠠᠷ ᠪᠡᠭᠡᠵᠢᠩ ᠳ᠋ᠦ᠍ ᠢᠷᠡᠭᠦᠯᠪᠡ᠃ ᠴᠠᠭᠠᠨᠳᠠᠨᠵᠢᠨ ᠮᠠᠰᠢ ᠠᠶᠤᠵᠤ᠂ ᠠᠯᠢᠪᠠ ᠶᠠᠪᠤᠳᠠᠯ ᠢ᠋ᠶ᠋ᠠᠨ ᠥᠴᠢᠭᠯᠡᠵᠦ᠂ ᠬᠡᠷᠡᠭ ᠢ᠋ᠶ᠋ᠡᠨ ᠴᠥᠮ ᠯᠤᠪᠰᠠᠩᠳᠠᠨᠵᠢᠨ ᠤ᠋ ᠳᠡᠭᠡᠷ᠎ᠡ ᠲᠦᠯᠬᠢᠵᠡᠢ᠃ ᠴᠠᠭᠠᠨᠳᠠᠨᠵᠢᠨ ᠬᠡᠷᠡᠭ ᠡᠴᠡ ᠵᠠᠢᠯᠠᠵᠤ᠂ᠪᠡᠶ᠎ᠡ ᠪᠡᠨ ᠠᠷᠢᠭᠤᠳᠬᠠᠨ᠂ ᠬᠡᠰᠢᠭ ᠬᠦᠷᠲᠡᠭᠡᠳ ᠢᠷᠡᠭᠰᠡᠨ ᠢ᠋ ᠯᠤᠪᠰᠠᠩᠳᠠᠨᠵᠢᠨ ᠰᠣᠨᠣᠰᠤᠭᠠᠳ ᠳᠣᠲᠣᠷ᠎ᠠ ᠪᠠᠨ ᠮᠠᠰᠢ ᠵᠢᠭᠰᠢᠪᠡ᠃ ᠲᠡᠷᠡ ᠦᠶ᠎ᠡ ᠳ᠋ᠦ᠍᠂ ᠴᠠᠭᠠᠨᠳᠠᠨᠵᠢᠨ ᠤ᠋ ᠠᠴᠢ ᠬᠥᠪᠡᠭᠦᠨ ᠯᠠᠵᠠᠪ (ᠮᠡᠷᠭᠡᠨ ᠨᠣᠶᠠᠨ ᠤ᠋ ᠬᠥᠪᠡᠭᠦᠨ) ᠠᠪᠠᠭ᠎ᠠ ᠲᠠᠢ ᠪᠠᠨ ᠮᠠᠭᠤᠳᠠᠯᠴᠠᠭᠠᠳ ᠯᠤᠪᠰᠠᠩᠳᠠᠨᠵᠢᠨ ᠢ᠋ ᠲᠦᠰᠢᠭᠰᠡᠨ ᠶᠠᠪᠤᠳᠠᠯ ᠨᠢ ᠲᠡᠷᠡ ᠬᠣᠶᠠᠷ ᠤ᠋ᠨ ᠵᠥᠷᠢᠴᠡᠯ ᠢ᠋ ᠤᠯᠠᠮ ᠬᠤᠷᠴᠠᠳᠬᠠᠵᠠᠢ᠃
ᠬᠥᠬᠡᠨᠠᠭᠤᠷ ᠤ᠋ᠨ ᠵᠡᠭᠦᠨ ᠭᠠᠷ ᠲᠤ᠌ ᠬᠠᠷᠢᠯᠴᠠᠨ ᠦᠯᠦ ᠬᠠᠷᠢᠶᠠᠯᠠᠭᠳᠠᠬᠤ ᠬᠣᠶᠠᠷ ᠳᠠᠷᠤᠭ᠎ᠠ ᠲᠣᠮᠢᠯᠠᠭᠰᠠᠨ ᠨᠢ ᠮᠥᠨ ᠵᠥᠷᠢᠴᠡᠯ ᠦ᠋ᠨ ᠦᠨᠳᠦᠰᠦ ᠪᠣᠯᠪᠠ᠃ ᠣᠮᠪᠣ ᠶ᠋ᠢᠨ ᠣᠮᠪᠣᠯᠣ ᠬᠥᠪᠡᠭᠦᠨ ᠠᠷᠠᠪᠲᠠᠨ ᠣᠮᠪᠣ (ᠮᠡᠷᠭᠡᠨ ᠲᠠᠢᠵᠢ ᠶ᠋ᠢᠨ ᠬᠦᠦ) ᠶ᠋ᠢ ᠵᠡᠭᠦᠨ ᠭᠠᠷᠤᠨ ᠳᠠᠷᠤᠭ᠎ᠠ ᠪᠠᠷ ᠲᠣᠮᠢᠯᠠᠬᠤ ᠨᠢ ᠠᠢᠮᠠᠭ ᠲᠥᠷᠥᠯ ᠦ᠋ᠨ ᠳᠣᠲᠣᠷᠠᠬᠢ ᠢᠲᠡᠭᠡᠯ ᠬᠦᠨᠳᠦ᠂ ᠨᠡᠷ᠎ᠡ ᠨᠥᠯᠥᠭᠡ ᠶ᠋ᠢᠨ ᠲᠠᠯ᠎ᠠ ᠪᠠᠷ ᠪᠦᠷ ᠵᠦᠢ ᠪᠢᠯᠡ᠃ ᠭᠡᠲᠡᠯ᠎ᠡ ᠡᠩᠬᠡ ᠠᠮᠤᠭᠤᠯᠠᠩ ᠬᠠᠭᠠᠨ ᠵᠣᠷᠢᠭᠤᠳᠠ ᠳᠠᠯᠠᠨᠲᠠᠢ ᠶ᠋ᠢᠨ ᠣᠮᠪᠣᠯᠣ ᠡᠷᠳᠡᠨᠢ ᠡᠷᠬᠡ ᠲᠣᠭᠲᠣᠭᠨᠠᠢ ᠶ᠋ᠢ ᠵᠡᠭᠦᠨ ᠭᠠᠷᠤᠨ ᠴᠢᠬᠤᠯᠠ ᠳᠠᠷᠤᠭ᠎ᠠ ᠪᠠᠷ ᠲᠣᠮᠢᠯᠠᠭᠠᠳ ᠠᠷᠠᠪᠳᠠᠨ ᠣᠮᠪᠣ ᠶ᠋ᠢᠨ ᠡᠷᠬᠡ ᠶ᠋ᠢ ᠬᠤᠪᠢᠶᠠᠷᠢᠯᠠᠵᠠᠢ᠃ ᠡᠷᠳᠡᠨᠢ ᠡᠷᠬᠡ ᠲᠣᠭᠲᠣᠭᠨᠠᠢ ᠶ᠋ᠢᠨ ᠡᠴᠢᠭᠡ ᠠᠴᠢ ᠪᠠᠭᠠᠲᠤᠷ ᠠᠢᠮᠠᠭ ᠲᠥᠷᠥᠯ ᠦ᠋ᠨ ᠳᠣᠲᠣᠷ᠎ᠠ ᠪᠠᠨ ᠢᠲᠡᠭᠡᠯ ᠨᠥᠯᠥᠭᠡ ᠪᠡᠷ ᠮᠠᠭᠤ ᠪᠠᠢᠪᠠ᠃1697 ᠣᠨ ᠳ᠋ᠤ᠌ ᠡᠹᠦ᠋ ᠠᠷᠠᠪᠳᠠᠨ ᠬᠥᠬᠡᠨᠠᠭᠤᠷ ᠲᠤ᠌ ᠢᠷᠡᠵᠦ ᠵᠠᠷᠯᠢᠭ ᠢ᠋ᠶ᠋ᠠᠷ ᠴᠠᠭᠠᠨ ᠲᠣᠯᠣᠭᠠᠢ ᠳ᠋ᠤ᠌ ᠴᠢᠭᠤᠯᠭᠠᠨ ᠬᠢᠯᠭᠡᠬᠦ ᠳ᠋ᠦ᠍ ᠠᠴᠢ ᠪᠠᠭᠠᠲᠤᠷ ᠠ᠋ᠴᠠ ᠲᠡᠭᠦᠨ ᠦ᠌ ᠳᠣᠣᠷᠠᠬᠢ ᠵᠠᠢᠰᠠᠩ ᠮᠠᠮᠤᠳ ᠢ᠋ ᠢᠯᠡᠭᠡᠵᠦ ᠡᠹᠦ᠋ ᠠᠷᠠᠪᠳᠠᠨ ᠲᠠᠢ ᠬᠠᠷᠢᠯᠴᠠᠨ᠂ ᠬᠠᠮᠤᠭ ᠤ᠋ᠨ ᠡᠮᠦᠨ᠎ᠡ ᠲᠠᠢᠴᠢᠩ ᠤᠯᠤᠰ ᠲᠤ᠌ ᠳᠠᠭᠠᠭᠰᠠᠨ ᠪᠢᠯᠡ᠃ ᠲᠡᠭᠦᠨᠴᠡ ᠡᠩᠬᠡ ᠠᠮᠤᠭᠤᠯᠠᠩ ᠬᠠᠭᠠᠨ ᠰᠣᠶᠣᠷᠬᠠᠵᠤ ᠲᠡᠭᠦᠨ ᠦ᠌ ᠬᠥᠪᠡᠭᠦᠨ ᠡᠷᠳᠡᠨᠢ ᠡᠷᠬᠡ ᠲᠣᠭᠲᠣᠭᠨᠠᠢ ᠶ᠋ᠢ ᠵᠡᠭᠦᠨ ᠭᠠᠷᠤᠨ ᠳᠠᠷᠤᠭ᠎ᠠ ᠪᠣᠯᠭᠠᠪᠠ᠃ ᠠᠴᠢ ᠪᠠᠭᠠᠲᠤᠷ ᠤ᠋ᠨ ᠦᠢᠯᠡ ᠠᠵᠢᠯᠯᠠᠭ᠎ᠠ ᠶ᠋ᠢ ᠵᠡᠭᠦᠨ ᠭᠠᠷᠤᠨ ᠠᠷᠠᠪᠳᠠᠨ ᠣᠮᠪᠣ ᠲᠡᠷᠢᠭᠦᠲᠡᠢ ᠲᠠᠢᠵᠢ ᠨᠠᠷ ᠮᠠᠰᠢ ᠵᠢᠭᠰᠢᠵᠦ ᠪᠠᠢᠭᠰᠠᠨ ᠨᠢ ᠪᠠᠷᠠᠭᠤᠨ ᠭᠠᠷᠤᠨ ᠳᠠᠷᠤᠭ᠎ᠠ ᠯᠤᠪᠰᠠᠩᠳᠠᠨᠵᠢᠨ ᠤ᠋ ᠳᠠᠯᠳᠠ ᠳᠡᠮᠵᠢᠯᠭᠡ ᠶ᠋ᠢ ᠣᠯᠵᠠᠢ᠃
1722 ᠣᠨ ᠤ᠋ ᠡᠪᠦᠯ᠂ ᠡᠩᠬᠡ ᠠᠮᠤᠭᠤᠯᠠᠩ ᠬᠠᠭᠠᠨ ᠨᠠᠰᠤ ᠪᠠᠷᠠᠪᠠ᠃ ᠡᠩᠬᠡ ᠠᠮᠤᠭᠤᠯᠠᠩ ᠢ᠋ ᠠᠮᠢᠳᠤ ᠰᠡᠷᠡᠭᠦᠨ ᠪᠠᠢᠬᠤ ᠴᠠᠭ ᠲᠤ᠌ ᠲᠡᠭᠦᠨ ᠦ᠌ ᠣᠯᠠᠨ ᠬᠥᠪᠡᠭᠦᠳ ᠰᠠᠭᠤᠷᠢᠨ ᠢ᠋ ᠵᠠᠯᠭᠠᠮᠵᠢᠯᠠᠬᠤ ᠶ᠋ᠢᠨ ᠲᠥᠯᠥᠭᠡ ᠬᠤᠪᠢ ᠬᠣᠪᠢᠨ ᠳ᠋ᠠᠭᠠᠨ ᠨᠠᠮ ᠰᠦᠯᠪᠡᠭᠡ ᠪᠠᠢᠭᠤᠯᠤᠨ ᠥᠪᠡᠷ ᠬᠣᠭᠣᠷᠣᠨᠳᠣ ᠪᠠᠨ ᠲᠡᠮᠡᠴᠡᠯᠳᠦᠵᠦ ᠪᠠᠢᠵᠠᠢ᠃ ᠡᠩᠬᠡ ᠠᠮᠤᠭᠤᠯᠠᠩ ᠬᠠᠭᠠᠨ ᠲᠡᠭᠦᠨ ᠦ᠌ ᠠᠷᠪᠠᠨ ᠳᠥᠷᠪᠡᠳᠦᠭᠡᠷ ᠬᠥᠪᠡᠭᠦᠨ ᠶᠦᠨ ᠲᠢ ᠶ᠋ᠢ ᠬᠦᠨᠳᠦ ᠪᠡᠷ ᠬᠡᠷᠡᠭᠯᠡᠵᠦ᠂ ᠬᠣᠯᠠᠳᠠᠬᠢᠨ ᠢ᠋ ᠳᠠᠭᠠᠭᠤᠯᠤᠭᠴᠢ ᠶᠡᠬᠡ ᠵᠠᠩᠵᠤᠨ ᠡᠷᠭᠦᠮᠵᠢᠯᠡᠨ ᠬᠥᠬᠡᠨᠠᠭᠤᠷ ᠵᠦᠭ ᠢᠯᠡᠭᠡᠵᠦ ᠪᠠᠢᠭᠰᠠᠨ ᠨᠢ ᠪᠠᠷᠤᠭ ᠰᠠᠭᠤᠷᠢᠨ ᠢ᠋ ᠵᠠᠯᠭᠠᠮᠵᠢᠯᠠᠬᠤ ᠨᠥᠬᠥᠴᠡᠯ ᠣᠯᠭᠣᠵᠤ ᠪᠠᠢᠭᠰᠠᠨ ᠪᠣᠯᠤᠯᠲᠠᠢ᠃ ᠡᠩᠬᠡ ᠠᠮᠤᠭᠤᠯᠠᠩ ᠬᠠᠭᠠᠨ ᠨᠠᠰᠤ ᠪᠠᠷᠠᠭᠰᠠᠨ ᠳ᠋ᠤ᠌᠂ ᠲᠡᠭᠦᠨ ᠦ᠌ ᠳᠥᠲᠥᠭᠡᠷ ᠬᠥᠪᠡᠭᠦᠨ ᠰᠠᠭᠤᠷᠢᠨ ᠢ᠋ ᠡᠵᠡᠯᠡᠵᠦ ᠶᠦᠨ ᠲᠢ ᠶ᠋ᠢ ᠬᠥᠬᠡᠨᠠᠭᠤᠷ ᠠ᠋ᠴᠠ ᠳᠠᠭᠤᠳᠠᠨ ᠠᠪᠴᠢᠷᠠᠭᠠᠳ᠂ ᠴᠡᠷᠢᠭ ᠦ᠋ᠨ ᠡᠷᠬᠡ ᠶ᠋ᠢ ᠨᠢ ᠬᠠᠰᠤᠵᠤ ᠭᠢᠨᠳᠠᠨ ᠳ᠋ᠤ᠌ ᠬᠣᠷᠢᠪᠠ᠃ ᠲᠡᠭᠡᠭᠡᠳ ᠲᠡᠭᠦᠨ ᠦ᠌ ᠨᠠᠮ ᠪᠦᠯᠦᠭ ᠲᠦ᠍ ᠪᠠᠢᠭᠰᠠᠨ ᠰᠧᠴᠤᠸᠠᠨ ᠤ᠋ ᠪᠦᠭᠦᠳᠡ ᠶ᠋ᠢ ᠵᠠᠬᠢᠷᠤᠭᠴᠢ ᠰᠠᠢᠳ ᠨᠢᠶᠠᠨ ᠭᠧᠩ ᠶᠣᠣ ᠳ᠋ᠤ᠌ ᠰᠢ ᠠᠨ᠂ ᠰᠧᠴᠤᠸᠠᠨ᠂ ᠭᠠᠨᠰᠦ ᠶ᠋ᠢᠨ ᠴᠡᠷᠢᠭ ᠵᠠᠰᠠᠭ ᠤ᠋ᠨ ᠡᠷᠬᠡ ᠶ᠋ᠢ ᠲᠤᠰᠢᠶᠠᠵᠤ ᠪᠠᠷᠠᠭᠤᠨ ᠬᠣᠢᠲᠤ ᠶ᠋ᠢ ᠵᠠᠬᠢᠷᠤᠭᠤᠯᠵᠠᠢ᠃
1723 ᠣᠨ ᠤ᠋ ᠬᠣᠶᠠᠳᠤᠭᠠᠷ ᠰᠠᠷ᠎ᠠ ᠳ᠋ᠤ᠌ ᠂ ᠰᠠᠭᠤᠷᠢᠨ ᠢ᠋ ᠵᠠᠯᠭᠠᠮᠵᠢᠯᠠᠭᠰᠠᠨ ᠨᠠᠢᠷᠠᠯᠲᠤ ᠲᠥᠪ ᠬᠠᠭᠠᠨ ᠠ᠋ᠴᠠ ᠰᠧᠴᠤᠸᠠᠨ᠂ ᠱᠠᠨᠰᠢ ᠶ᠋ᠢᠨ ᠪᠦᠭᠦᠳᠡ ᠶ᠋ᠢ ᠵᠠᠬᠢᠷᠤᠭᠴᠢ ᠰᠠᠢᠳ ᠨᠢᠶᠠᠨ ᠭᠧᠩ ᠶᠣᠣ ᠶ᠋ᠢᠨ ᠰᠠᠨᠠᠯ ᠢ᠋ᠶ᠋ᠠᠷ ᠬᠥᠬᠡᠨᠠᠭᠤᠷ ᠤ᠋ᠨ ᠪᠠᠷᠠᠭᠤᠨ ᠭᠠᠷᠤᠨ ᠳᠠᠷᠤᠭ᠎ᠠ ᠪᠥᠭᠡᠳ ᠲᠥᠷᠥ ᠶ᠋ᠢᠨ ᠵᠢᠶᠦ᠋ᠨ ᠸᠠᠩ ᠴᠠᠭᠠᠨᠳᠠᠨᠵᠢᠨ ᠢ᠋ ᠳᠡᠪᠰᠢᠭᠦᠯᠵᠦ ᠴᠢᠨ ᠸᠠᠩ ᠡᠷᠭᠦᠮᠵᠢᠯᠡᠵᠦ᠂ ᠵᠡᠭᠦᠨ ᠭᠠᠷᠤᠨ ᠳᠠᠷᠤᠭ᠎ᠠ ᠪᠥᠭᠡᠳ ᠲᠥᠷᠥ ᠶ᠋ᠢᠨ ᠪᠡᠢᠯᠡ ᠡᠷᠳᠡᠨᠢ ᠡᠷᠬᠡ ᠲᠣᠭᠲᠣᠭᠨᠠᠶ ᠢ᠋ ᠳᠠᠪᠰᠢᠭᠤᠯᠤᠨ ᠲᠥᠷᠥ ᠶ᠋ᠢᠨ ᠵᠢᠶᠦ᠋ᠨ ᠸᠠᠩ ᠡᠷᠭᠦᠮᠵᠢᠯᠡᠪᠡ [42] ᠃ ᠢᠩᠭᠢᠵᠦ ᠵᠣᠷᠢᠭᠤᠳᠠ ᠪᠠᠷ ᠬᠡᠰᠢᠭ ᠬᠦᠷᠲᠡᠭᠡᠵᠦ ᠡᠷᠭᠦᠮᠵᠢᠯᠡᠭᠰᠡᠨ ᠨᠢ ᠵᠡᠭᠦᠨ ᠭᠠᠷᠤᠨ ᠲᠠᠢᠵᠢ ᠨᠠᠷ ᠤ᠋ᠨ ᠳᠣᠲᠣᠭᠠᠳᠤ ᠶ᠋ᠢᠨ ᠵᠥᠷᠢᠴᠡᠯ ᠢ᠋ ᠤᠯᠠᠮ ᠶᠡᠬᠡᠳᠬᠡᠵᠦ ᠨᠢᠭᠡ ᠪᠦᠯᠦᠭ ᠲᠠᠢᠵᠢ ᠨᠠᠷ ᠠᠷᠠᠪᠲᠠᠨ ᠣᠮᠪᠣ ᠶ᠋ᠢ ᠳᠥᠰᠢᠨ᠂ ᠳᠣᠷᠵᠢ ᠶ᠋ᠢᠨ ᠣᠮᠪᠣᠯᠣ ᠭᠠᠯᠳᠠᠨᠳᠠᠰᠢ(ᠴᠦᠬᠦᠷ ᠦ᠋ᠨ ᠬᠦᠦ)ᠵᠡᠷᠭᠡ ᠬᠥᠮᠦᠰ ᠡᠷᠳᠡᠨᠢ ᠡᠷᠬᠡ ᠲᠣᠭᠲᠣᠭᠨᠠᠶ ᠢ᠋ ᠲᠦᠰᠢᠵᠡᠢ᠃ ᠡᠭᠦᠨ ᠳ᠋ᠦ᠍ ᠵᠡᠭᠦᠨ ᠭᠠᠷᠤᠨ ᠳᠠᠷᠤᠭ᠎ᠠ ᠠᠷᠠᠪᠲᠠᠨ ᠣᠮᠪᠣ ᠠᠭᠤᠷᠯᠠᠵᠤ᠂ ᠣᠯᠠᠨ ᠠᠬ᠎ᠠ ᠳᠡᠭᠦᠦ ᠨᠠᠷ ᠪᠠ ᠴᠡᠷᠢᠭ ᠮᠣᠷᠢ ᠪᠠᠨ ᠳᠠᠢᠴᠢᠯᠠᠨ ᠳᠠ ᠲᠦᠩ ᠾᠧ ᠭᠣᠣᠯ ᠣᠷᠴᠢᠮ ᠬᠦᠷᠦᠭᠡᠳ ᠭᠠᠯᠳᠠᠨᠳᠠᠰᠢ ᠳ᠋ᠤ᠌ ᠳᠠᠷᠤᠯᠲᠠ ᠦᠵᠡᠭᠦᠯᠦᠨ ᠳᠠᠭᠠᠭᠤᠯᠬᠤ ᠭᠡᠪᠡ [43] ᠃ ᠭᠠᠯᠳᠠᠨᠳᠠᠰᠢ ᠲᠠᠢᠵᠢ ᠪᠣᠯᠤᠨ ᠲᠡᠭᠦᠨ ᠦ᠌ ᠳᠡᠭᠦᠦ ᠸᠴᠢᠷ᠂ ᠠᠸᠠᠩᠳᠠᠭᠪᠠ ᠨᠠᠷ ᠴᠡᠷᠢᠭ ᠮᠣᠷᠢ ᠪᠠᠨ ᠵᠠᠰᠠᠵᠤ ᠨᠢᠭᠡᠨ ᠵᠡᠷᠭᠡ ᠦᠵᠡᠯᠴᠡᠭᠰᠡᠨ ᠪᠣᠯᠪᠠᠴᠤ ᠡᠰᠡᠷᠭᠦᠴᠡᠯ ᠪᠣᠯᠵᠤ ᠴᠢᠳᠠᠭᠰᠠᠨ ᠦᠭᠡᠢ᠂ ᠠᠷᠭ᠎ᠠ ᠪᠤᠰᠤ ᠡᠷᠳᠡᠨᠢ ᠡᠷᠬᠡ ᠲᠣᠭᠲᠣᠭᠨᠠᠶ ᠠ᠋ᠴᠠ ᠲᠤᠰᠠᠯᠠᠮᠵᠢ ᠭᠤᠶᠤᠵᠠᠢ᠃ ᠡᠷᠳᠡᠨᠢ ᠡᠷᠬᠡ ᠲᠣᠭᠲᠣᠭᠨᠠᠢ ᠬᠥᠪᠡᠭᠦᠨ ᠠᠷᠠᠪᠵᠠᠢ ᠪᠣᠯᠤᠨ ᠰᠣᠨᠣᠮᠳᠠᠰᠢ ᠪᠠᠷ ᠴᠡᠷᠢᠭ ᠳᠠᠢᠴᠢᠯᠠᠭᠤᠯᠤᠨ ᠭᠠᠯᠳᠠᠨᠳᠠᠰᠢ ᠶ᠋ᠢ ᠲᠤᠰᠠᠯᠠᠬᠤ ᠪᠠᠷ ᠢᠯᠡᠭᠡᠭᠰᠡᠨ ᠳ᠋ᠦ᠍ ᠠᠷᠠᠪᠲᠠᠨ ᠣᠮᠪᠣ ᠬᠦᠴᠦᠨ ᠬᠦᠷᠦᠯᠴᠡᠬᠦ ᠦᠭᠡᠢ ᠡᠴᠡ ᠪᠣᠯᠭᠣᠮᠵᠢᠯᠠᠵᠤ ᠯᠣᠪᠰᠠᠩᠳᠠᠨᠵᠢᠨ ᠠ᠋ᠴᠠ ᠴᠡᠷᠢᠭ ᠭᠤᠶᠤᠪᠠ᠃ 1723 ᠣᠨ ᠤ᠋ ᠵᠢᠷᠭᠤᠳᠤᠭᠠᠷ ᠰᠠᠷ᠎ᠠ ᠳ᠋ᠤ᠌᠂ ᠯᠣᠪᠰᠠᠩᠳᠠᠨᠵᠢᠨ ᠪᠣᠯᠤᠨ ᠫᠣᠩᠰᠣᠭ ᠸᠠᠩᠵᠢᠯ ᠨᠠᠷ ᠳᠥᠷᠪᠡᠨ ᠮᠢᠩᠭᠠᠨ ᠴᠡᠷᠢᠭ ᠵᠣᠬᠢᠶᠠᠨ ᠪᠠᠢᠭᠤᠯᠤᠭᠠᠳ[44]ᠠᠷᠠᠪᠲᠠᠨ ᠣᠮᠪᠣ ᠶ᠋ᠢ ᠲᠤᠰᠠᠯᠠᠨ ᠡᠷᠳᠡᠨᠢ ᠡᠷᠬᠡ ᠲᠣᠭᠲᠣᠭᠨᠠᠶ ᠪᠣᠯᠤᠨ ᠭᠠᠯᠳᠠᠨᠳᠠᠰᠢ ᠶ᠋ᠢ ᠳᠣᠪᠲᠣᠯᠵᠠᠢ᠃ ᠲᠡᠳᠡ ᠯᠣᠪᠰᠠᠩᠳᠠᠨᠵᠢᠨ ᠤ᠋ ᠴᠡᠷᠢᠭ ᠲᠦ᠍ ᠳᠡᠢᠯᠦᠭᠳᠡᠭᠡᠳ᠂ ᠳᠣᠲᠣᠭᠰᠢ ᠬᠢᠵᠠᠭᠠᠷ ᠤ᠋ᠨ ᠳᠣᠲᠣᠷ᠎ᠠ ᠰᠢᠷᠭᠤᠨ ᠳᠠᠢᠴᠢᠩ ᠤᠯᠤᠰ ᠤ᠋ᠨ ᠬᠠᠮᠠᠭᠠᠯᠠᠯ ᠢ᠋ ᠬᠦᠷᠲᠡᠪᠡ᠃ ᠡᠨᠡᠬᠦ ᠦᠢᠮᠡᠭᠡᠨ ᠢ᠋ ᠳᠠᠯᠢᠮᠳᠠᠭᠤᠯᠤᠨ᠂ ᠴᠠᠭᠠᠨᠳᠠᠨᠵᠢᠨ ᠤ᠋ ᠠᠬ᠎ᠠ ᠮᠡᠷᠭᠡᠨ ᠨᠣᠶᠠᠨ ᠤ᠋ ᠬᠥᠪᠡᠭᠦᠨ ᠯᠠᠵᠠᠪ ᠪᠠᠰᠠ ᠬᠠᠷᠢᠶᠠᠲᠤ ᠴᠡᠷᠢᠭ ᠮᠣᠷᠢ ᠪᠠᠨ ᠳᠠᠢᠴᠢᠯᠠᠨ ᠴᠠᠭᠠᠨᠳᠠᠨᠵᠢᠨ ᠢ᠋ ᠭᠡᠨᠡᠳᠡᠭᠦᠯᠦᠨ ᠳᠣᠪᠲᠣᠯᠵᠠᠢ [45] ᠃ ᠲᠡᠷᠡ ᠡᠨᠡ ᠶᠠᠪᠤᠳᠠᠯ ᠢ᠋ ᠯᠣᠪᠰᠠᠩᠳᠠᠨᠵᠢᠨ ᠤ᠋ ᠥᠳᠥᠭᠡᠯᠭᠡ ᠡᠴᠡ ᠪᠣᠯᠵᠠᠢ ᠭᠡᠮᠡᠨ ᠰᠡᠵᠢᠭᠯᠡᠵᠦ᠂ ᠡᠷᠳᠡᠨᠢ ᠡᠷᠬᠡ ᠲᠣᠭᠲᠣᠭᠨᠠᠢ ᠨᠠᠷ ᠲᠠᠢ ᠬᠤᠷᠰᠢᠵᠤ ᠯᠣᠪᠰᠠᠩᠳᠠᠨᠵᠢᠨ ᠢ᠋《ᠵᠡᠭᠦᠨᠭᠠᠷ ᠤ᠋ᠨ ᠴᠠᠸᠠᠩᠷᠠᠪᠲᠠᠨ ᠲᠠᠢ ᠬᠠᠷᠢᠯᠴᠠᠵᠤ ᠤᠷᠪᠠᠬᠤ ᠰᠠᠨᠠᠭ᠎ᠠ ᠲᠠᠢ》 [46] ᠭᠡᠮᠡᠨ ᠳᠡᠭᠡᠭᠰᠢ ᠪᠡᠨ ᠵᠠᠭᠠᠯᠳᠤᠪᠠ᠃ ᠳᠣᠯᠣᠳᠤᠭᠠᠷ ᠰᠠᠷ᠎ᠠ ᠳ᠋ᠤ᠌᠂ ᠨᠠᠢᠷᠠᠯᠲᠤ ᠲᠥᠪ ᠬᠠᠭᠠᠨ ᠤ᠋ ᠵᠠᠷᠯᠢᠭ ᠢ᠋ᠶ᠋ᠠᠷ ᠰᠧᠴᠤᠸᠠᠨ᠂ ᠱᠠᠨᠰᠢ ᠶ᠋ᠢᠨ ᠪᠦᠭᠦᠳᠡ ᠶ᠋ᠢ ᠵᠠᠬᠢᠷᠤᠭᠴᠢ ᠨᠢᠶᠠᠨ ᠭᠧᠩ ᠶᠣᠣ ᠬᠥᠬᠡᠨᠠᠭᠤᠷ ᠤ᠋ᠨ ᠬᠣᠶᠠᠷ ᠭᠠᠷᠤᠨ ᠲᠠᠢᠵᠢ ᠶ᠋ᠢ ᠡᠪᠰᠡᠭᠦᠯᠬᠦ ᠭᠡᠵᠦ ᠰᠢᠨᠢᠩ ᠦ᠋ᠨ ᠴᠡᠷᠢᠭ ᠦ᠋ᠨ ᠶᠠᠪᠤᠳᠠᠯ ᠤ᠋ᠨ ᠶᠠᠮᠤᠨ ᠤ᠋ ᠵᠢᠭᠦᠷ ᠦ᠋ᠨ ᠰᠠᠢᠳ ᠴᠠᠩ ᠱᠧᠦ ᠶ᠋ᠢ ᠰᠢᠷᠢᠲᠦ ᠳ᠋ᠦ᠍ ᠨᠤᠲᠤᠭᠯᠠᠬᠤ ᠯᠣᠪᠰᠠᠩᠳᠠᠨᠵᠢᠨ ᠤ᠋ ᠲᠡᠨᠳᠡ ᠵᠠᠷᠤᠵᠠᠢ᠃ ᠯᠣᠪᠰᠠᠩᠳᠠᠨᠵᠢᠨ ᠬᠡᠷᠡᠭ ᠶᠠᠪᠤᠳᠠᠯ ᠤ᠋ᠨ ᠡᠭᠦᠰᠦᠯ ᠲᠡᠭᠦᠰᠦᠯ ᠢ᠋ ᠬᠤᠳᠤᠮ ᠮᠣᠩᠭᠣᠯ ᠦᠰᠦᠭ ᠢ᠋ᠶ᠋ᠡᠷ ᠬᠣᠶᠠᠷ ᠳᠡᠪᠲᠡᠷ ᠪᠢᠴᠢᠵᠦ᠂ ᠴᠠᠩ ᠱᠧᠦ ᠳ᠋ᠦ᠍ ᠲᠤᠰᠢᠶᠠᠭᠠᠳ ᠶᠡᠬᠡ ᠬᠠᠭᠠᠨ ᠤ᠋ ᠭᠣᠣᠯᠴᠢ ᠪᠠᠷ ᠲᠠᠰᠤᠯᠵᠤ ᠥᠭᠬᠦ ᠶ᠋ᠢ ᠬᠦᠰᠡᠵᠡᠢ ᠃ ᠭᠡᠲᠡᠯ᠎ᠡ ᠴᠠᠩ ᠱᠧᠦ ᠬᠠᠷᠢᠨ 《ᠯᠣᠪᠰᠠᠩᠳᠠᠨᠵᠢᠨ ᠶᠠᠭᠤᠨ ᠤ᠋ ᠤᠷᠢᠳ ᠡᠷᠳᠡᠨᠢ ᠡᠷᠬᠡ ᠲᠣᠭᠲᠣᠭᠨᠠᠶ ᠢ᠋ ᠤᠰᠠᠳᠬᠠᠨ ᠳᠠᠬᠢᠨ ᠴᠠᠭᠠᠨᠳᠠᠨᠵᠢᠨ ᠢ᠋ ᠰᠥᠨᠥᠭᠡᠵᠦ ᠬᠥᠬᠡᠨᠠᠭᠤᠷ ᠢ᠋ ᠡᠵᠡᠷᠬᠡᠬᠦ ᠰᠠᠨᠠᠭ᠎ᠠ ᠲᠠᠢ》[47] ᠬᠡᠮᠡᠬᠦ ᠴᠠᠭᠠᠨᠳᠠᠨᠵᠢᠨ ᠨᠠᠷ ᠤ᠋ᠨ ᠵᠠᠭᠠᠯᠳᠤᠯᠭ᠎ᠠ ᠶ᠋ᠢ ᠨᠢᠶᠠᠨ ᠭᠸᠡᠭ ᠶᠣᠣ ᠳ᠋ᠤ᠌ ᠮᠡᠳᠡᠭᠦᠯᠪᠡ᠃
ᠬᠣᠶᠠᠷ᠂ ᠯᠣᠪᠰᠠᠩᠳᠠᠨᠵᠢᠨ ᠤ᠋ ᠬᠤᠪᠢᠰᠤᠯ
ᠬᠡᠷᠡᠭᠦᠯ ᠮᠠᠷᠭᠤᠭᠠᠨ ᠢ᠋ ᠵᠣᠭᠰᠣᠭᠠᠬᠤ ᠪᠠᠷ ᠢᠷᠡᠭᠰᠡᠨ ᠵᠢᠭᠦᠷ ᠦ᠋ᠨ ᠰᠠᠢᠳ ᠴᠠᠩ ᠱᠧᠦ ᠯᠣᠪᠰᠠᠩᠳᠠᠨᠵᠢᠨ ᠢ᠋ ᠪᠤᠷᠤᠭᠤᠰᠢᠶᠠᠵᠤ᠂ ᠴᠠᠭᠠᠨᠳᠠᠨᠵᠢᠨ ᠵᠡᠷᠭᠡ ᠬᠥᠮᠦᠰ ᠢ᠋ ᠳᠡᠮᠵᠢᠪᠡ᠃ ᠡᠢᠮᠦ ᠡᠴᠡ ᠴᠠᠭᠠᠨᠳᠠᠨᠵᠢᠨ ᠥᠮᠥᠭ ᠲᠦᠰᠢᠭ ᠲᠡᠢ ᠪᠣᠯᠤᠭᠰᠠᠨ ᠪᠣᠯᠬᠣᠷ ᠲᠣᠬᠢᠶᠠᠯ ᠢ᠋ ᠳᠠᠯᠢᠮᠳᠠᠭᠤᠯᠤᠨ ᠯᠣᠪᠰᠠᠩᠳᠠᠨᠵᠢᠨ ᠲᠠᠢ ᠦᠵᠡᠯᠴᠡᠬᠦ ᠪᠡᠷ ᠦ᠋ ᠰᠡᠪ ᠡᠷᠢᠬᠦ ᠪᠣᠯᠵᠠᠢ᠃
1723 ᠣᠨ ᠤ᠋ ᠨᠠᠢ᠍ᠮᠠᠳᠤᠭᠠᠷ ᠰᠠᠷ᠎ᠠ ᠳ᠋ᠤ᠌᠂ ᠴᠠᠭᠠᠨᠳᠠᠨᠵᠢᠨ ᠠᠴᠢ ᠯᠠᠵᠠᠪ ᠢ᠋ ᠲᠠᠲᠠᠪᠠ ᠭᠡᠮᠡᠨ ᠯᠣᠪᠰᠠᠩᠳᠠᠨᠵᠢᠨ ᠢ᠋ ᠳᠣᠪᠲᠣᠯᠵᠠᠢ[48]᠃ ᠲᠡᠷᠡ ᠬᠠᠷᠢᠶᠠᠲᠤ ᠣᠯᠠᠨ ᠢ᠋ᠶ᠋ᠠᠨ ᠵᠣᠬᠢᠶᠠᠨ ᠪᠠᠢᠭᠤᠯᠵᠤ ᠭᠡᠳᠡᠷᠭᠦ ᠴᠣᠬᠢᠬᠤ ᠳ᠋ᠤ᠌ ᠴᠠᠭᠠᠨᠳᠠᠨᠵᠢᠨ ᠡᠰᠡᠷᠭᠦᠴᠡᠯ ᠪᠣᠯᠵᠤ᠂ ᠴᠢᠳᠠᠭᠰᠠᠨ ᠦᠭᠡᠢ᠃ᠡᠬᠡᠨᠡᠷ ᠬᠡᠦᠬᠡᠳ ᠢ᠋ᠶ᠋ᠡᠨ ᠳᠠᠭᠠᠭᠤᠯᠤᠨ ᠬᠢᠵᠠᠭᠠᠷ ᠤ᠋ᠨ ᠳᠣᠲᠣᠷ᠎ᠠ ᠣᠷᠣᠪᠠ᠃ ᠡᠭᠦᠨ ᠳ᠋ᠦ᠍ ᠨᠢᠶᠠᠨ ᠭᠧᠩ ᠶᠣᠣ ᠬᠠᠷ᠎ᠠ ᠴᠠᠭᠠᠨ ᠢ᠋ ᠦᠯᠦ ᠢᠯᠭᠠᠵᠤ᠂ ᠯᠣᠪᠰᠠᠩᠳᠠᠨᠵᠢᠨ ᠢ᠋ ᠬᠡᠷᠡᠭ ᠡᠳᠦᠪᠡ ᠭᠡᠮᠡᠨ ᠨᠠᠢᠷᠠᠯᠲᠤ ᠲᠥᠪ ᠬᠠᠭᠠᠨ ᠳ᠋ᠤ᠌ ᠠᠢᠯᠠᠳᠬᠠᠨ ᠮᠡᠳᠡᠭᠦᠯᠵᠡᠢ᠃ ᠪᠡᠭᠡᠵᠢᠩ ᠦ᠋ᠨ ᠵᠠᠰᠠᠭ ᠤ᠋ᠨ ᠭᠠᠵᠠᠷᠠ᠋ᠴᠠ ᠴᠠᠭᠠᠨᠳᠠᠨᠵᠢᠨ ᠪᠣᠯᠤᠨ ᠡᠷᠳᠡᠨᠢ ᠡᠷᠬᠡ ᠲᠣᠭᠲᠤᠭᠨᠠᠢ ᠶ᠋ᠢ ᠶᠠᠪᠤᠳᠠᠯ ᠪᠦᠬᠦᠨ ᠳ᠋ᠦ᠍ ᠥᠮᠥᠭᠯᠡᠵᠦ᠂ ᠯᠣᠪᠰᠠᠩᠳᠠᠨᠵᠢᠨ ᠢ᠋《ᠤᠤᠯ ᠠ᠋ᠴᠠ ᠣᠨᠳᠣᠣ ᠰᠡᠳᠬᠢᠯ ᠡᠪᠦᠷᠯᠡᠨ᠂ ᠣᠯᠠᠨ ᠢ᠋ ᠴᠤᠭᠯᠠᠭᠤᠯᠤᠨ ᠬᠡᠷᠡᠭ ᠡᠳᠦᠮᠦᠢ》[49] ᠭᠡᠮᠡᠨ ᠭᠦᠳᠬᠡᠪᠡ᠃
ᠯᠣᠪᠰᠠᠩᠳᠠᠨᠵᠢᠨ ᠤᠤᠯᠠ᠋ᠴᠠ ᠵᠣᠷᠢᠭ ᠵᠢᠷᠦᠬᠡ ᠲᠡᠢ ᠪᠥᠭᠡᠳ ᠬᠡᠷᠡᠭ ᠶᠠᠪᠤᠳᠠᠯ ᠳ᠋ᠤ᠌ ᠡᠷᠡᠰ ᠰᠢᠭᠤᠷᠬᠠᠢ ᠬᠥᠮᠦᠨ ᠶᠦᠮ᠃ ᠲᠡᠷᠡ ᠭᠠᠳᠠᠭᠠᠳᠤ ᠳᠣᠲᠣᠭᠠᠳᠤ ᠶ᠋ᠢᠨ ᠬᠠᠪᠴᠢᠯᠲᠠ ᠳᠠᠷᠤᠯᠲᠠ ᠶ᠋ᠢ ᠲᠡᠰᠪᠦᠷᠢᠯᠡᠬᠦ ᠶ᠋ᠢᠨ ᠠᠷᠭ᠎ᠠ ᠦᠭᠡᠢ ᠪᠣᠯᠬᠤ ᠳ᠋ᠠᠭᠠᠨ᠂ ᠬᠤᠪᠢᠰᠤᠯ ᠭᠠᠷᠭᠠᠵᠤ ᠡᠰᠡᠷᠭᠦᠴᠡᠬᠦ ᠪᠣᠳᠣᠯ ᠣᠷᠣᠵᠠᠢ᠃ ᠲᠡᠭᠦᠨ ᠦ᠌ ᠡᠨᠡᠬᠦ ᠰᠠᠨᠠᠭ᠎ᠠ ᠶ᠋ᠢ ᠭᠦᠮᠪᠦᠮ ᠰᠦᠮ᠎ᠡ ᠶ᠋ᠢᠨ ᠡᠷᠬᠢᠯᠡᠭᠴᠢ ᠯᠠᠮᠠ ᠺᠠᠮᠪᠤ ᠴᠠᠭᠠᠨ ᠨᠣᠮᠣᠨ ᠬᠠᠨ ᠮᠠᠰᠢ ᠳᠡᠮᠵᠢᠵᠦ ᠪᠠᠢᠪᠠ [50] ᠃ ᠺᠠᠮᠪᠤ ᠴᠠᠭᠠᠨ ᠨᠣᠮᠣᠨ ᠬᠠᠨ ᠤ᠋ ᠨᠥᠯᠥᠭᠡ ᠪᠡᠷ ᠬᠥᠬᠡᠨᠠᠭᠤᠷ ᠤ᠋ᠨ ᠵᠡᠭᠦᠨ ᠬᠡᠰᠡᠭ ᠦ᠋ᠨ ᠰᠦᠮ᠎ᠡ ᠬᠡᠢᠳ ᠦ᠋ᠨ ᠮᠣᠩᠭᠣᠯ ᠲᠥᠪᠡᠳ ᠯᠠᠮᠠ ᠨᠠᠷ ᠴᠥᠮ ᠯᠣᠪᠰᠠᠩᠳᠠᠨᠵᠢᠨ ᠢ᠋ ᠳᠡᠮᠵᠢᠵᠦ ᠡᠬᠢᠯᠡᠵᠡᠢ᠃ ᠲᠡᠭᠦᠨ ᠦ᠌ ᠬᠦᠴᠦᠲᠡᠢ ᠳᠡᠮᠵᠢᠯᠭᠡ ᠨᠢ ᠯᠤᠪᠰᠠᠩᠳᠠᠨᠵᠢᠨ ᠤ᠋ ᠬᠤᠪᠢᠰᠤᠯ ᠭᠠᠷᠭᠠᠬᠤ ᠢᠲᠡᠭᠡᠯ ᠵᠣᠷᠢᠭ ᠢ᠋ ᠤᠯᠠᠮ ᠴᠢᠩᠭᠠᠳᠬᠠᠪᠠ᠃
1723 ᠣᠨ ᠤ᠋ ᠨᠠᠢ᠍ᠮᠠᠳᠤᠭᠠᠷ ᠰᠠᠷ᠎ᠠ ᠳ᠋ᠤ᠌᠂ ᠬᠥᠬᠡᠨᠠᠭᠤᠷ ᠤ᠋ᠨ ᠵᠡᠭᠦᠨ ᠪᠠᠷᠠᠭᠤᠨ ᠭᠠᠷᠤᠨ ᠯᠤᠪᠰᠠᠩᠳᠠᠨᠵᠢᠨ᠂ ᠠᠷᠠᠪᠳᠠᠨ ᠣᠮᠪᠣ᠂ ᠫᠣᠩᠰᠣᠭ ᠸᠠᠩᠵᠢᠯ᠂ ᠯᠠᠵᠠᠪ᠂ ᠴᠣᠢᠯᠠᠭ ᠨᠤᠮᠤᠴᠢ᠂ ᠽᠠᠩᠪᠠᠵᠠᠪ᠂ ᠴᠡᠷᠢᠩ᠂ ᠨᠣᠷᠪᠤ᠂ ᠯᠤᠪᠰᠠᠩ ᠴᠠᠭᠠᠨ᠂ ᠴᠡᠷᠢᠩᠳᠣᠨᠳᠣᠪ᠂ ᠵᠢᠭᠵᠢᠵᠡᠪ᠂ ᠭᠣᠮᠪᠤᠰᠠᠪᠳᠠᠨ᠂ ᠨᠠᠮᠬᠠᠨ ᠢᠰᠢ᠂ ᠪᠠᠯᠵᠤᠤᠷ ᠠᠷᠠᠪᠲᠠᠨ᠂ ᠳ᠋ᠠᠰᠢᠳᠤᠨᠳᠤᠪ᠂ ᠬᠡᠯᠩ᠂ ᠠᠷᠠᠪᠲᠠᠨ ᠪᠡᠰᠦᠲᠡᠢ ᠵᠡᠷᠭᠡ ᠴᠢᠬᠤᠯᠠ ᠲᠠᠢᠵᠢ ᠨᠠᠷ ᠴᠠᠭᠠᠨ ᠲᠣᠯᠣᠭᠠᠢ ᠳ᠋ᠤ᠌ ᠦᠪᠡᠳᠡᠭᠰᠢ ᠶᠡᠬᠡ ᠴᠢᠭᠤᠯᠭᠠᠨ ᠬᠢᠵᠦ ᠬᠤᠪᠢᠰᠤᠯ ᠭᠠᠷᠭᠠᠨ ᠂ ᠯᠤᠪᠰᠠᠩᠳᠠᠨᠵᠢᠨ ᠢ᠋ ᠡᠷᠭᠦᠵᠦ ᠣᠯᠠᠨ ᠤ᠋ ᠲᠡᠷᠢᠭᠦᠯᠡᠭᠴᠢ ᠳᠠᠯᠠᠢ ᠬᠣᠩ ᠲᠠᠢᠵᠢ ᠬᠡᠮᠡᠬᠦ [51] ᠴᠣᠯᠠ ᠣᠯᠭᠤᠵᠠᠢ᠃ ᠡᠨᠡᠬᠦ ᠴᠢᠭᠤᠯᠭᠠᠨ ᠳᠡᠭᠡᠷ᠎ᠡ ᠣᠯᠠᠨ ᠲᠠᠢᠵᠢ ᠨᠠᠷ ᠡᠩᠬᠡ ᠠᠮᠤᠭᠤᠯᠠᠩ ᠬᠠᠭᠠᠨ ᠤ᠋ ᠣᠯᠭᠣᠭᠰᠠᠨ ᠴᠢᠨ ᠸᠠᠩ᠂ ᠵᠢᠶᠦ᠋ᠨ ᠸᠠᠩ᠂ ᠪᠡᠢᠯᠡ᠂ ᠪᠠᠢᠰᠠ᠂ ᠬᠦᠩ ᠬᠡᠮᠡᠬᠦ ᠴᠣᠯᠠ ᠶ᠋ᠢ ᠲᠡᠪᠴᠢᠭᠡᠳ ᠮᠣᠩᠭᠣᠯ ᠤ᠋ᠨ ᠬᠠᠭᠤᠴᠢᠨ ᠬᠡᠷᠬᠡᠮ ᠴᠣᠯᠠ ᠶ᠋ᠢ ᠰᠡᠷᠭᠦᠭᠡᠨ ᠬᠡᠷᠡᠭᠯᠡᠪᠡ᠃ ᠯᠤᠪᠰᠠᠩᠳᠠᠨᠵᠢᠨ ᠵᠢᠴᠢ ᠣᠯᠠᠨ ᠲᠠᠢᠵᠢ ᠨᠠᠷ ᠮᠣᠩᠭᠣᠯ᠂ ᠲᠥᠪᠡᠳ ᠦ᠋ᠨ ᠬᠠᠷ᠎ᠠ ᠰᠢᠷ᠎ᠠ ᠶ᠋ᠢᠨ ᠣᠯᠠᠨ ᠢ᠋ ᠳᠠᠢᠴᠢᠯᠠᠨ᠂ ᠮᠠᠨᠵᠤ ᠶ᠋ᠢᠨ ᠴᠡᠷᠢᠭ ᠢ᠋ ᠳᠣᠪᠲᠣᠯᠤᠨ ᠰᠢᠨᠢᠩ ᠦ᠋ᠨ ᠨᠠᠨ ᠴᠤᠸᠠᠨ᠂ ᠪᠧᠢ ᠴᠤᠸᠠᠨ᠂ ᠰᠢ ᠴᠤᠸᠠᠨ᠂ ᠵᠧᠨ ᠬᠠᠢ ᠬᠣᠷᠭᠣ᠂ ᠱᠧᠨ ᠵᠦᠩ ᠬᠣᠷᠭᠣ᠂ ᠬᠦᠢ ᠳᠧ ᠵᠡᠷᠭᠡ ᠪᠠᠯᠭᠠᠰᠤᠨ ᠢ᠋ ᠡᠵᠡᠯᠡᠵᠦ ᠰᠦᠷ ᠬᠦᠴᠦᠨ ᠢ᠋ᠶ᠋ᠡᠨ ᠰᠧᠴᠤᠸᠠᠨ᠂ ᠱᠠᠨᠰᠢ᠂ ᠯᠢᠶᠠᠩ ᠵᠧᠦ᠂ ᠭᠠᠨᠰᠦ ᠵᠡᠷᠭᠡ ᠣᠷᠣᠨ ᠬᠦᠷᠲᠡᠯ᠎ᠡ ᠥᠷᠭᠡᠳᠬᠡᠵᠡᠢ᠃
ᠠᠷᠪᠠᠳᠤᠭᠠᠷ ᠰᠠᠷ᠎ᠠ ᠳ᠋ᠤ᠌᠂ ᠨᠠᠢᠷᠠᠯᠲᠤ ᠲᠥᠪ ᠬᠠᠭᠠᠨ ᠵᠠᠷᠯᠢᠭ ᠪᠠᠭᠤᠯᠭᠠᠨ ᠪᠦᠭᠦᠳᠡ ᠶ᠋ᠢ ᠵᠠᠬᠢᠷᠤᠭᠴᠢ ᠰᠠᠢᠳ ᠨᠢᠶᠠᠨ ᠭᠧᠩ ᠶᠣᠣ ᠶ᠋ᠢ ᠬᠣᠯᠠᠳᠠᠬᠢᠨ ᠢ᠋ ᠳᠠᠭᠠᠭᠤᠯᠤᠭᠴᠢ ᠶᠡᠬᠡ ᠵᠠᠩᠵᠤᠨ ᠭᠡᠮᠡᠨ ᠡᠷᠭᠦᠮᠵᠢᠯᠡᠨ᠂ ᠰᠧᠴᠤᠸᠠᠨ ᠤ᠋ ᠳᠠᠢᠴᠢᠯᠠᠨ ᠵᠠᠬᠢᠷᠤᠭᠴᠢ ᠶᠣᠣ ᠵᠦᠩ ᠴᠢ ᠶ᠋ᠢ ᠰᠦᠷ ᠪᠠᠳᠠᠷᠠᠭᠤᠯᠤᠭᠴᠢ ᠵᠠᠩᠵᠤᠨ ᠪᠥᠭᠡᠳ ᠵᠥᠪᠯᠡᠯ ᠦ᠋ᠨ ᠰᠠᠢᠳ ᠪᠣᠯᠭᠠᠨ ᠴᠡᠷᠢᠭ ᠳᠠᠢᠴᠢᠯᠠᠨ ᠳᠠᠢᠯᠠᠲᠤᠭᠠᠢ ᠭᠡᠪᠡ᠃ ᠪᠠᠰᠠ ᠰᠢ ᠠᠨ᠂ ᠭᠦᠶᠤᠸᠠᠨ᠂ ᠨᠢᠩᠰᠢᠶᠠ᠂ ᠰᠧᠴᠤᠸᠠᠨ᠂ ᠲᠦᠮᠡᠳ᠂ ᠣᠷᠳᠣᠰ ᠵᠡᠷᠭᠡ ᠭᠠᠵᠠᠷ ᠠ᠋ᠴᠠ ᠬᠣᠶᠠᠷ ᠲᠦᠮᠡ ᠢᠯᠡᠭᠦᠦ ᠴᠡᠷᠢᠭ ᠲᠠᠲᠠᠵᠠᠢ᠃ ᠶᠡᠬᠡ ᠵᠠᠩᠵᠤᠨ ᠨᠢᠶᠠᠨ ᠭᠧᠩ ᠶᠣᠣ ᠪᠦᠬᠦ ᠴᠡᠷᠢᠭ ᠢ᠋ᠶ᠋ᠡᠨ ᠭᠤᠷᠪᠠᠨ ᠵᠠᠮ ᠬᠤᠪᠢᠶᠠᠵᠤ᠂ ᠨᠢᠭᠡᠨ ᠵᠠᠮ ᠤ᠋ᠨ ᠴᠡᠷᠢᠭ ᠢ᠋ᠶ᠋ᠡᠷ ᠪᠣᠯᠤᠩᠭᠢᠷ ᠢ᠋ ᠰᠠᠬᠢᠭᠤᠯᠤᠨ᠂ ᠨᠥᠭᠦᠭᠡ ᠵᠠᠮ ᠤ᠋ᠨ ᠴᠡᠷᠢᠭ ᠢ᠋ᠶ᠋ᠡᠷ ᠯᠢᠳᠠᠩ᠂ ᠪᠠᠳᠠᠩ᠂ ᠴᠠᠮᠲᠤᠤ ᠣᠷᠣᠨ ᠢ᠋ ᠰᠠᠬᠢᠭᠤᠯᠪᠠ᠃ ᠭᠣᠣᠯ ᠬᠦᠴᠦᠨ ᠢ᠋ ᠰᠦᠷ ᠪᠠᠳᠠᠷᠠᠭᠤᠯᠤᠭᠴᠢ ᠵᠠᠩᠵᠤᠨ ᠶᠣᠣ ᠵᠦᠩ ᠴᠢ ᠳᠠᠢᠴᠢᠯᠠᠨ ᠰᠢᠨᠢᠩ᠂ ᠰᠥᠩ ᠫᠠᠨ᠂ ᠭᠠᠨᠵᠸᠦ ᠡᠴᠡ ᠵᠠᠮ ᠬᠤᠪᠢᠶᠠᠨ ᠳᠠᠪᠰᠢᠵᠠᠢ᠃
ᠠᠷᠪᠠᠳᠤᠭᠠᠷ ᠰᠠᠷ᠎ᠠ ᠶ᠋ᠢᠨ ᠬᠣᠷᠢᠨ ᠤ᠋ ᠡᠳᠦᠷ᠂ ᠳᠠᠢᠴᠢᠩ ᠤᠯᠤᠰ ᠤ᠋ᠨ ᠴᠡᠷᠢᠭ ᠵᠧᠨ ᠬᠠᠢ ᠬᠣᠷᠭᠣ ᠶ᠋ᠢ ᠳᠣᠪᠲᠣᠯᠤᠭᠰᠠᠨ ᠳ᠋ᠤ᠌ ᠯᠤᠪᠰᠠᠩᠳᠠᠨᠵᠢᠨ ᠬᠣᠩ ᠲᠠᠢᠵᠢ ᠭᠤᠷᠪᠠᠨ ᠮᠢᠩᠭᠠᠨ ᠴᠡᠷᠢᠭ ᠢᠯᠡᠭᠡᠵᠦ ᠲᠤᠰᠠᠯᠠᠪᠠ᠃ ᠮᠠᠨᠵᠤ ᠶ᠋ᠢᠨ ᠨᠣᠭᠣᠭᠠᠨ ᠲᠤᠭᠲᠤ ᠴᠡᠷᠢᠭ ᠪᠣᠯᠤᠨ ᠴᠠᠬᠠᠷ ᠴᠡᠷᠢᠭ ᠠᠮᠢ ᠲᠡᠮᠡᠴᠡᠨ ᠪᠠᠢᠯᠳᠤᠭᠰᠠᠨ ᠲᠤᠯᠠ ᠪᠠᠰᠠ ᠭᠤᠷᠪᠠᠨ ᠮᠢᠩᠭᠠᠨ ᠴᠡᠷᠢᠭ ᠲᠣᠮᠢᠯᠠᠨ᠂ ᠳᠠᠢᠴᠢᠩ ᠤᠯᠤᠰ ᠤ᠋ᠨ ᠴᠡᠷᠢᠭ ᠲᠡᠢ ᠵᠠᠯᠭᠠᠪᠠᠷ ᠲᠠᠪᠤᠨ ᠡᠳᠦᠷ ᠰᠢᠷᠦᠭᠦᠨ ᠲᠤᠯᠤᠯᠳᠤᠵᠠᠢ᠃ ᠵᠧᠨ ᠬᠠᠢ ᠬᠣᠷᠭᠣ ᠶ᠋ᠢ ᠠᠯᠳᠠᠭᠰᠠᠨ ᠳ᠋ᠤ᠌ ᠯᠣᠪᠰᠠᠩᠳᠠᠨᠵᠢᠨ ᠬᠣᠩ ᠲᠠᠢᠵᠢ ᠥᠪᠡᠷ ᠦ᠋ᠨ ᠪᠡᠶ᠎ᠡ ᠪᠡᠷ ᠲᠠᠪᠤᠨ ᠮᠢᠩᠭᠠᠨ ᠴᠡᠷᠢᠭ ᠳᠠᠢᠴᠢᠯᠠᠨ ᠱᠧᠨ ᠵᠦᠩ ᠬᠣᠷᠭᠣ ᠶ᠋ᠢ ᠬᠠᠮᠠᠭᠠᠯᠠᠨ ᠳᠠᠢᠴᠢᠩ ᠤᠯᠤᠰ ᠤ᠋ᠨ ᠴᠡᠷᠢᠭ ᠲᠡᠢ ᠰᠢᠷᠦᠭᠦᠨ ᠪᠠᠢᠯᠳᠤᠵᠤ᠂ ᠵᠧᠨ ᠬᠠᠢ ᠬᠣᠷᠭᠣ ᠳ᠋ᠠᠬᠢ ᠬᠡᠳᠦᠨ ᠮᠢᠩᠭᠠᠨ ᠨᠣᠭᠣᠭᠠᠨ ᠲᠤᠭᠲᠤ ᠴᠡᠷᠢᠭ ᠲᠤᠰᠠᠯᠠᠷ᠎ᠠ ᠢᠷᠡᠭᠰᠡᠨ ᠳ᠋ᠦ᠍ ᠴᠥᠭᠡᠨ ᠢ᠋ᠶ᠋ᠡᠷ ᠣᠯᠠᠨ ᠢ᠋ ᠳᠡᠢᠯᠬᠦ ᠳ᠋ᠦ᠍ ᠬᠦᠴᠢᠷ ᠲᠤᠯᠠ ᠠᠷᠭ᠎ᠠ ᠪᠤᠰᠤ ᠱᠧᠨ ᠵᠦᠩ ᠬᠣᠷᠭᠣ ᠠ᠋ᠴᠠ ᠤᠬᠤᠷᠢᠨ ᠭᠠᠷᠴᠠᠢ᠃ ᠡᠭᠦᠨ ᠦ᠌ ᠬᠠᠮᠲᠤ᠂ ᠰᠢᠨᠢᠩ ᠦ᠋ᠨ ᠪᠧᠢ ᠴᠤᠸᠠᠨ ᠳ᠋ᠠᠬᠢ ᠰᠢᠨ ᠴᠧᠩ ᠬᠣᠷᠭᠣ᠂ ᠳᠡᠭᠡᠳᠦ ᠰᠤᠪᠤᠷᠭ᠎ᠠ᠂ ᠳᠣᠣᠷᠠᠲᠤ ᠰᠤᠪᠤᠷᠭ᠎ᠠ ᠶ᠋ᠢᠨ ᠣᠯᠠᠨ ᠯᠠᠮᠠ ᠨᠠᠷ ᠪᠠᠰᠠ ᠬᠢᠲᠤᠭ᠎ᠠ ᠢᠯᠳᠦ ᠪᠠᠷᠢᠵᠤ ᠳᠠᠢᠴᠢᠩ ᠤᠯᠤᠰ ᠤ᠋ᠨ ᠴᠡᠷᠢᠭ ᠢ᠋ ᠡᠰᠡᠷᠭᠦᠴᠡᠭᠰᠡᠨ ᠪᠠᠢᠨ᠎ᠠ᠃ 1724 ᠣᠨ ᠤ᠋ ᠴᠠᠭᠠᠨ ᠰᠠᠷ᠎ᠠ ᠳ᠋ᠤ᠌᠂ ᠶᠣᠣ ᠵᠦᠩ ᠴᠢ ᠶ᠋ᠢᠨ ᠳᠤᠮᠳᠠᠳᠤ ᠵᠠᠮ ᠤ᠋ᠨ ᠴᠡᠷᠢᠭ ᠦ᠋ᠨ ᠲᠤᠭ ᠤ᠋ᠨ ᠵᠠᠩᠭᠢ ᠰᠦᠳᠠᠨ᠂ ᠮᠡᠢᠷᠡᠨ ᠦ᠌ ᠵᠠᠩᠭᠢ ᠬᠢᠶᠣᠷᠤ ᠢᠵᠠᠪ ᠤ᠋ᠨ ᠠᠩᠭᠢ ᠰᠢᠨᠢᠩ ᠦ᠋ᠨ ᠵᠡᠭᠦᠨ ᠬᠣᠢᠲᠤᠬᠢ ᠭᠦᠸᠧ ᠯᠦᠩ ᠰᠧ ᠰᠦᠮ᠎ᠡ ᠵᠦᠭ ᠳᠣᠪᠲᠣᠯᠬᠤ ᠳ᠋ᠤ᠌ ᠲᠤᠰ ᠭᠠᠵᠠᠷ ᠤ᠋ᠨ ᠯᠠᠮᠠ ᠨᠠᠷ ᠪᠣᠰᠤᠯᠴᠠᠨ ᠡᠰᠡᠷᠭᠦᠴᠡᠪᠡ᠃ ᠮᠠᠨᠵᠤ ᠴᠡᠷᠢᠭ ᠦ᠋ᠳ ᠭᠦᠸᠧ ᠯᠦᠩ ᠰᠧ ᠰᠦᠮ᠎ᠡ ᠶ᠋ᠢ ᠳᠠᠭᠠᠷᠢᠵᠤ ᠳ᠋ᠠᠭᠮᠠ ᠬᠤᠲᠤᠭᠲᠤ ᠲᠡᠷᠢᠭᠦᠲᠡᠢ ᠵᠢᠷᠭᠤᠭᠠᠨ ᠮᠢᠩᠭᠠᠨ ᠯᠠᠮᠠ ᠶ᠋ᠢ ᠰᠥᠨᠥᠭᠡᠭᠡᠳ᠂ ᠭᠦᠸᠧ ᠯᠦᠩ ᠰᠧ ᠶ᠋ᠢ ᠡᠪᠳᠡᠵᠦ ᠬᠠᠶᠠᠵᠠᠢ [52]᠃
ᠳᠠᠢᠴᠢᠩ ᠤᠯᠤᠰ ᠤ᠋ᠨ ᠴᠡᠷᠢᠭ ᠶᠡᠬᠡ ᠬᠡᠮᠵᠢᠶ᠎ᠡ ᠪᠡᠷ ᠲᠦᠯᠬᠢᠯᠡᠨ ᠢᠷᠡᠭᠰᠡᠨ ᠳ᠋ᠦ᠍᠂ ᠯᠣᠪᠰᠠᠩᠳᠠᠨᠵᠢᠨ ᠲᠡᠷᠢᠭᠦᠲᠡᠢ ᠣᠯᠠᠨ ᠲᠠᠢᠵᠢ ᠨᠠᠷ ᠰᠢᠨᠢᠩ ᠣᠷᠴᠢᠮ ᠤ᠋ᠨ ᠡᠵᠡᠮᠰᠢᠯ ᠭᠠᠵᠠᠷ ᠢ᠋ᠶ᠋ᠠᠨ ᠠᠯᠳᠠᠭᠠᠳ ᠠᠷᠭ᠎ᠠ ᠪᠤᠰᠤ ᠪᠠᠷᠠᠭᠤᠨᠰᠢ ᠤᠬᠤᠷᠢᠵᠠᠢ᠃ 1724 ᠣᠨ ᠤ᠋ ᠬᠣᠶᠠᠳᠤᠭᠠᠷ ᠰᠠᠷ᠎ᠠ ᠳ᠋ᠤ᠌ ᠶᠣᠣ ᠵᠦᠩ ᠴᠢ ᠴᠡᠷᠢᠭ ᠢ᠋ᠶ᠋ᠡᠨ ᠭᠤᠷᠪᠠᠨ ᠵᠠᠮ ᠬᠤᠪᠢᠶᠠᠵᠤ ᠬᠥᠬᠡ ᠨᠠᠭᠤᠷ ᠤ᠋ᠨ ᠤᠮᠠᠷᠠᠲᠤ ᠡᠷᠭᠢ ᠳ᠋ᠡᠬᠢ ᠶᠡᠬᠡ ᠬᠠᠯᠵᠢ ᠶ᠋ᠢ ᠳᠣᠪᠲᠣᠯᠤᠭᠠᠳ᠂ ᠠᠷᠠᠪᠲᠠᠨ ᠣᠮᠪᠣ ᠪᠣᠯᠤᠨ ᠪᠠᠯᠵᠤᠤᠷ ᠠᠷᠠᠪᠳᠠᠨ ᠲᠠᠢᠵᠢ ᠶ᠋ᠢ ᠪᠠᠷᠢᠵᠤ᠂ ᠵᠠᠯᠭᠠᠪᠠᠷ ᠪᠠᠷᠠᠭᠤᠨᠰᠢ ᠳᠣᠪᠲᠣᠯᠤᠨ ᠠᠭᠠᠩ ᠲᠡᠷᠢᠭᠦᠲᠡᠢ ᠬᠡᠳᠦᠨ ᠠᠢᠮᠠᠭ ᠵᠢᠴᠢ ᠳᠠᠷᠤᠭ᠎ᠠ ᠠᠷ ᠢ᠋ ᠰᠥᠨᠥᠭᠡᠵᠡᠢ᠃ ᠮᠥᠨ ᠰᠠᠷ᠎ᠠ ᠶ᠋ᠢᠨ ᠳᠤᠮᠳᠠᠴᠢ ᠪᠠᠷ ᠮᠠᠨᠵᠤ ᠴᠡᠷᠢᠭ ᠴᠢᠨᠠᠭᠰᠢ ᠲᠠᠪᠰᠢᠵᠤ᠂ ᠬᠥᠬᠡᠨᠠᠭᠤᠷ ᠤ᠋ᠨ ᠪᠠᠷᠠᠭᠤᠨ ᠬᠣᠢᠲᠤ ᠡᠷᠭᠢ ᠳ᠋ᠡᠬᠢ ᠰᠢᠷᠭ᠎ᠠ ᠬᠣᠣᠯ ᠳ᠋ᠤ᠌ ᠬᠦᠷᠴᠦ ᠲᠢᠶᠠᠨ ᠴᠢᠩ ᠴᠠᠭᠠᠨ ᠬᠠᠳᠠ ᠳ᠋ᠤ᠌ ᠪᠠᠢᠭᠰᠠᠨ ᠴᠤᠢᠯᠠᠭ ᠨᠣᠮᠴᠢ ᠲᠠᠢᠵᠢ ᠶ᠋ᠢ ᠳᠠᠢᠯᠠᠪᠠ᠃ ᠲᠡᠷᠡ ᠬᠠᠷᠢᠶᠠᠲᠤ ᠭᠤᠷᠪᠠᠨ ᠵᠠᠭᠤᠨ ᠬᠥᠮᠦᠨ ᠦ᠌ ᠬᠠᠮᠲᠤ ᠤᠯᠠᠭᠠᠨ ᠪᠠᠢᠭ ᠭᠡᠳᠡᠭ ᠭᠠᠵᠠᠷ ᠲᠤ᠌ ᠪᠠᠷᠢᠭᠳᠠᠵᠤ᠂ ᠦᠯᠡᠳᠡᠭᠰᠡᠨ ᠬᠠᠷᠢᠶᠠᠲᠤ ᠶ᠋ᠢ ᠨᠢ ᠫᠣᠩᠰᠤᠭ ᠸᠠᠩᠵᠢᠯ ᠪᠠᠷᠢᠵᠤ ᠮᠠᠨᠵᠤ ᠴᠡᠷᠢᠭ ᠲᠦ᠍ ᠲᠤᠰᠢᠶᠠᠵᠠᠢ᠃ ᠮᠠᠨᠵᠤ ᠴᠡᠷᠢᠭ ᠴᠢᠨᠠᠭᠰᠢ ᠬᠠᠷ᠎ᠠ ᠨᠠᠭᠤᠷ ᠵᠦᠭ ᠣᠷᠣᠬᠤ ᠳ᠋ᠤ᠌ ᠲᠠᠢᠵᠢ ᠠᠷᠪᠢᠳᠠᠨ ᠪᠡᠰᠦᠲᠡᠢ ᠡᠰᠡᠷᠭᠦᠴᠡᠯ ᠦᠯᠦ ᠪᠣᠯᠤᠨ ᠦᠬᠡᠷ ᠬᠣᠨᠢ ᠪᠠᠨ ᠣᠷᠬᠢᠭᠠᠳ ᠵᠢᠭᠤᠲᠠᠪᠠ᠃
ᠬᠣᠶᠠᠳᠤᠭᠠᠷ ᠰᠠᠷ᠎ᠠ ᠶ᠋ᠢᠨ ᠰᠡᠭᠦᠯᠴᠢ ᠪᠡᠷ ᠶᠣᠣ ᠵᠦᠩ ᠴᠢ ᠥᠪᠡᠷ ᠦ᠋ᠨ ᠪᠡᠶ᠎ᠡ ᠪᠡᠷ ᠲᠠᠪᠤᠨ ᠮᠢᠩᠭᠠᠨ ᠰᠢᠯᠢᠳᠡᠭ ᠴᠡᠷᠢᠭ ᠳᠠᠢᠴᠢᠯᠠᠨ ᠪᠣᠷᠣ ᠬᠠᠳᠠ᠂ ᠴᠠᠭᠠᠨ ᠬᠠᠳᠠ᠂ ᠬᠠᠷ᠎ᠠ ᠨᠠᠭᠤᠷ ᠢ᠋ᠶ᠋ᠠᠷ ᠳᠠᠭᠠᠷᠢᠨ ᠴᠠᠢᠳᠠᠮ ᠤ᠋ᠨ ᠬᠣᠲᠣᠭᠣᠷ ᠤ᠋ᠨ ᠵᠡᠭᠦᠨ ᠳ᠋ᠡᠬᠢ ᠤᠯᠠᠭᠠᠨ ᠮᠦᠬᠦᠷ ᠲᠦ᠍ ᠬᠦᠷᠴᠦ ᠢᠷᠡᠵᠡᠢ᠃ ᠲᠡᠷᠡ ᠡᠨᠳᠡ ᠬᠣᠷᠭᠣᠳᠠᠵᠤ ᠪᠠᠢᠭᠰᠠᠨ ᠯᠣᠪᠰᠠᠩᠳᠠᠨᠵᠢᠨ ᠤ᠋ ᠡᠬᠡ ᠠᠯᠲᠠᠢ ᠬᠠᠲᠤᠨ᠂ ᠳᠡᠭᠦᠦ ᠬᠦᠷᠭᠡᠨ ᠬᠡᠯᠡᠭ ᠵᠢᠨᠦᠩ ᠵᠢᠴᠢ ᠦᠬᠡᠷ ᠬᠣᠨᠢ ᠶ᠋ᠢ ᠣᠯᠵᠠᠯᠠᠵᠤ[53] ᠂ ᠯᠤᠪᠰᠠᠩ ᠴᠠᠭᠠᠨ ᠲᠠᠢᠵᠢ᠂ ᠭᠤᠮᠪᠤᠰᠠᠪᠲᠠᠨ᠂ ᠴᠡᠷᠢᠩᠳᠤᠨᠳᠤᠪ᠂ ᠯᠠᠵᠠᠪ ᠤ᠋ᠨ ᠬᠥᠪᠡᠭᠦᠨ ᠸᠠᠩᠴᠤᠭᠷᠠᠪᠳᠠᠨ᠂ ᠴᠠᠰᠠᠭᠠᠨ ᠠᠷᠠᠪᠳᠠᠨ᠂ ᠨᠣᠶᠠᠨ ᠭᠡᠯᠦᠩ᠂ ᠨᠣᠷᠪᠤ᠂ ᠳ᠋ᠠᠰᠢᠲᠣᠨᠲᠣᠭ ᠵᠡᠷᠭᠡ ᠬᠥᠮᠦᠰ ᠢ᠋ ᠳᠠᠭᠠᠭᠤᠯᠤᠨ ᠠᠪᠤᠪᠠ᠃ ᠢᠩᠭᠢᠭᠡᠳ ᠬᠣᠷᠢᠨ ᠬᠣᠶᠠᠷ ᠤ᠋ᠨ ᠡᠳᠦᠷ᠂ ᠴᠠᠢᠳᠠᠮ ᠳ᠋ᠤ᠌ ᠯᠤᠪᠰᠠᠩᠳᠠᠨᠵᠢᠨ ᠢ᠋ ᠭᠡᠨᠡᠳᠲᠡ ᠪᠡᠷ ᠳᠠᠭᠠᠷᠢᠵᠠᠢ᠃ ᠲᠡᠷᠡ ᠪᠡᠯᠡᠳᠬᠡᠵᠦ ᠠᠮᠵᠢᠭᠰᠠᠨ ᠦᠭᠡᠢ ᠲᠤᠯᠠ ᠬᠣᠶᠠᠷ ᠵᠠᠭᠤ ᠰᠢᠬᠠᠮ ᠬᠥᠮᠦᠨ ᠢ᠋ᠶ᠋ᠡᠨ ᠳᠠᠭᠠᠭᠤᠯᠤᠨ ᠪᠠᠷᠠᠭᠤᠨᠰᠢ ᠵᠢᠭᠤᠲᠠᠪᠠ᠃ ᠶᠣᠣ ᠵᠦᠩ ᠴᠢ ᠶ᠋ᠢᠨ ᠴᠡᠷᠢᠭ ᠬᠡᠳᠦᠨ ᠡᠳᠦᠷ ᠨᠡᠬᠡᠮᠵᠢᠯᠡᠭᠡᠳ᠂ ᠲᠥᠪᠡᠳ ᠬᠥᠬᠡᠨᠠᠭᠤᠷ ᠤ᠋ᠨ ᠵᠠᠬ᠎ᠠ ᠳ᠋ᠤ᠌ ᠬᠦᠷᠴᠡᠢ᠃ ᠡᠨᠡ ᠭᠠᠵᠠᠷ ᠲᠤ᠌ ᠤᠯᠠᠭᠠᠨ ᠰᠤᠬᠠᠢ ᠶᠠᠭᠰᠢᠷᠠᠲᠠᠯ᠎ᠠ ᠤᠷᠭᠤᠵᠤ ᠳᠠᠢᠴᠢᠩ ᠤᠯᠤᠰ ᠤ᠋ᠨ ᠴᠡᠷᠢᠭ ᠦ᠋ᠨ ᠵᠠᠮ ᠢ᠋ ᠬᠠᠯᠬᠠᠯᠠᠭᠰᠠᠨ ᠳ᠋ᠤ᠌ ᠯᠤᠪᠰᠠᠩᠳᠠᠨᠵᠢᠨ ᠭᠦᠶᠦᠳᠡᠯ ᠰᠠᠢᠲᠠᠢ ᠴᠠᠭᠠᠨ ᠲᠡᠮᠡᠭᠡᠨ ᠦ᠌ ᠰᠠᠢᠨ ᠢ᠋ᠶ᠋ᠠᠷ ᠳᠤᠲᠠᠭᠠᠨ ᠭᠠᠷᠴᠤ ᠵᠡᠭᠦᠨᠭᠠᠷ ᠤ᠋ᠨ ᠴᠠᠸᠠᠩᠷᠠᠪᠲᠠᠨ ᠢ᠋ ᠲᠦᠰᠢᠭᠯᠡᠷᠡ ᠣᠳᠪᠠ᠃
