ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠠᠷᠰᠢ ᠰᠠᠬᠢᠭᠤᠯᠰᠤᠨ ᠤ᠋ ᠡᠮ ᠠᠳᠢᠰ 3 Идээ ундааны жинхэнэ товч– Хүсэхүй ᠂Хөхлуу нар – <2-р боть>Арш сахиусны эм адис 3
ᠠᠷᠰᠢ ᠰᠠᠬᠢᠭᠤᠯᠰᠤᠨ ᠤ᠋ ᠡᠮ ᠠᠳᠢᠰ – 3
ᠭᠠᠵᠠᠷ ᠤ᠋ᠨ ᠠᠷᠰᠢ ᠪᠣᠯᠤᠭᠰᠠᠨ ᠠᠨᠤ
ᠡᠷᠲᠡᠨ ᠦ᠌ ᠦᠶ᠎ᠡ ᠳ᠋ᠦ᠍ᠷ ᠯᠢᠨ ᠴᠤᠸᠠᠨ ᠭᠠᠵᠠᠷ᠎ᠠ ᠨᠢᠭᠡᠨ ᠪᠢᠴᠢᠭ ᠦ᠋ᠨ ᠬᠥᠮᠦᠨ ᠪᠠᠢᠭᠰᠠᠨ ᠠᠵᠢ᠃ ᠲᠡᠷᠡ ᠢᠨᠦ ᠵᠠᠷᠤᠳᠠᠰᠤᠨ ᠢᠨᠵᠢ ᠳ᠋ᠡᠭᠡᠨ ᠬᠠᠯᠠ ᠦᠵᠡᠭᠦᠯᠦᠭᠰᠡᠨ ᠡᠴᠡ ᠢᠨᠵᠢ ᠢᠨᠦ ᠵᠢᠭᠤᠲᠠᠨ ᠣᠷᠭᠣᠭᠠᠳ ᠠᠭᠤᠯᠠ ᠳ᠋ᠤ᠌ ᠭᠠᠷᠪᠠ᠃ ᠡᠳᠦᠷ ᠤᠳᠠᠭᠠᠨ ᠳ᠋ᠠᠭᠠᠨ ᠬᠡᠭᠡᠷ᠎ᠡ ᠶ᠋ᠢᠨ ᠡᠪᠡᠰᠦ ᠤᠷᠭᠤᠮᠠᠯ ᠤ᠋ᠨ ᠰᠠᠯᠠᠭ᠎ᠠ ᠮᠥᠴᠢᠷ ᠨᠠᠪᠴᠢ ᠨᠠᠬᠢᠶ᠎ᠠ ᠶ᠋ᠢ ᠶᠡᠬᠡᠯ᠎ᠡ ᠪᠠᠬᠠᠳᠤᠨ ᠰᠣᠨᠢᠷᠬᠠᠭᠠᠳ ᠦᠭᠲᠡᠭᠡᠵᠦ ᠠᠪᠤᠭᠠᠳ ᠢᠳᠡᠵᠦ ᠠᠮᠲᠠᠯᠠᠭᠰᠠᠨ ᠳ᠋ᠤᠷ ᠮᠠᠰᠢ ᠠᠮᠲᠠᠲᠠᠢ ᠰᠠᠨᠠᠭᠳᠠᠪᠠ᠃ ᠡᠭᠦᠨ ᠡᠴᠡ ᠬᠣᠢᠰᠢ ᠦᠷᠭᠦᠯᠵᠢ ᠲᠡᠭᠦᠵᠦ ᠢᠳᠡᠭᠰᠡᠭᠡᠷ ᠥᠯᠥᠰᠬᠦ ᠦᠭᠡᠢ ᠪᠣᠯᠤᠭᠰᠠᠨ ᠪᠥᠭᠡᠳ ᠪᠡᠶ᠎ᠡ ᠮᠠᠬᠠᠪᠣᠳ ᠠᠨᠤ ᠮᠥᠨ ᠬᠥᠩᠭᠡᠨ ᠴᠢᠭᠢᠷᠠᠭ ᠪᠣᠯᠵᠤᠬᠤᠢ᠃ ᠰᠥᠨᠢ ᠳ᠋ᠡᠭᠡᠨ ᠪᠦᠳᠦᠭᠦᠨ ᠮᠣᠳᠣᠨ ᠳᠣᠣᠷ᠎ᠠ ᠣᠷᠣᠰᠢᠵᠤ ᠠᠮᠤᠰᠬᠢᠬᠦᠶᠡ᠂ ᠡᠪᠡᠰᠦ ᠱᠠᠷᠴᠢᠭᠢᠨᠠᠬᠤ ᠶ᠋ᠢ ᠰᠣᠨᠣᠰᠤᠭᠠᠳ ᠪᠠᠷᠰ ᠢᠷᠡᠭᠰᠡᠨ ᠪᠣᠢ ᠭᠡᠮᠡᠨ ᠠᠶᠤᠵᠤ ᠰᠣᠴᠢᠭᠠᠳ ᠭᠱᠠᠨ᠎ᠠ ᠬᠠᠷᠠᠢᠯᠬᠢᠯᠠᠨ ᠮᠣᠳᠣᠨ ᠳᠡᠭᠡᠷ᠎ᠡ ᠭᠠᠷᠤᠭᠠᠳ ᠵᠠᠢᠯᠵᠤ᠂ ᠵᠢᠴᠢ ᠮᠠᠨᠠᠭᠠᠷ ᠤ᠋ᠨ ᠥᠷᠯᠥᠭᠡᠭᠦᠷ ᠮᠥᠨ ᠬᠠᠷᠠᠢᠯᠬᠢᠯᠠᠨ ᠮᠣᠳᠣᠨ᠂ ᠳᠡᠭᠡᠷᠡᠴᠡ ᠭᠠᠵᠠᠷ᠎ᠠ ᠪᠠᠭᠤᠭᠰᠠᠨ ᠠᠨᠤ ᠣᠭᠣ ᠬᠥᠩᠭᠡᠨ ᠭᠠᠪᠰᠢᠭᠠᠢ ᠪᠣᠯᠤᠭᠰᠠᠨ ᠢ᠋ᠶ᠋ᠠᠷ ᠬᠡᠢ ᠠᠭᠠᠷ ᠳᠡᠭᠡᠭᠦᠷ ᠦᠰᠦᠷᠬᠢᠯᠡᠨ ᠶᠠᠪᠤᠵᠤ᠂ ᠡᠰᠡᠬᠦᠯ᠎ᠡ ᠬᠠᠯᠢᠨ ᠨᠢᠰᠬᠦ ᠰᠢᠪᠠᠭᠤ ᠮᠡᠲᠦ ᠪᠡᠷ ᠠᠭᠤᠯᠠᠨ ᠣᠷᠭᠢᠯ ᠳᠡᠭᠡᠷ᠎ᠡ ᠶᠠᠮᠠᠷᠴᠤ ᠰᠠᠭᠠᠲᠤᠯ ᠦᠭᠡᠢ ᠪᠡᠷ ᠪᠠᠭᠤᠵᠤ ᠭᠠᠷᠤᠮᠤᠢ᠃ ᠬᠡᠴᠢᠨᠡᠨ ᠣᠨ ᠵᠢᠯ ᠢ᠋ ᠥᠩᠭᠡᠷᠡᠭᠡᠭᠡᠳ ᠲᠡᠭᠦᠨ ᠦ᠌ ᠭᠡᠷ ᠦ᠋ᠨ ᠤᠯᠤᠰ ᠠᠨᠤ ᠲᠡᠷᠡᠬᠦ ᠠᠭᠤᠯᠠᠨ᠎ᠠ ᠮᠣᠳᠣ ᠲᠦᠯᠡᠭᠡ ᠠᠪᠬᠤ ᠳ᠋ᠠᠭᠠᠨ ᠲᠡᠭᠦᠨ ᠢ᠋ ᠣᠯᠵᠤ ᠦᠵᠡᠭᠡᠳ ᠭᠡᠷ ᠦ᠋ᠨ ᠡᠵᠡᠨ ᠳ᠋ᠡᠭᠡᠨ ᠬᠡᠯᠡᠵᠦ ᠦᠭᠭᠦᠭᠰᠡᠨ ᠳ᠋ᠦ᠍᠂ ᠡᠵᠡᠨ ᠢᠨᠤ ᠪᠠᠷᠢᠪᠴᠢᠯᠠᠭᠲᠤᠨ ᠭᠡᠮᠡᠨ ᠲᠤᠰᠢᠶᠠᠭᠰᠠᠨ ᠪᠣᠯᠪᠠᠴᠤ ᠪᠠᠷᠢᠪᠴᠢᠯᠠᠵᠤ ᠴᠢᠳᠠᠭᠰᠠᠨ ᠦᠭᠡᠢ ᠪᠥᠯᠥᠭᠡ᠃ ᠲᠡᠭᠦᠨᠴᠡ ᠪᠠᠰᠠ ᠨᠢᠭᠡᠨ ᠡᠳᠦᠷ᠎ᠡ ᠴᠠᠪᠴᠢᠮ᠎ᠠ ᠬᠠᠳᠠᠨ ᠳᠣᠣᠷ᠎ᠠ ᠲᠡᠷᠡ ᠢᠨᠵᠢ ᠯᠦᠭᠡ ᠤᠴᠠᠷᠠᠭᠰᠠᠨ ᠳ᠋ᠤᠷ ᠳᠠᠷᠤᠢ ᠥᠭᠡᠰᠢ ᠲᠣᠣᠷ ᠲᠠᠯᠪᠢᠵᠤ ᠭᠤᠷᠪᠠᠨ ᠲᠠᠯ᠎ᠠ ᠪᠠᠷ ᠪᠦᠰᠡᠯᠡᠵᠦ ᠪᠠᠷᠢᠪᠴᠢᠯᠠᠬᠤᠢ ᠳ᠋ᠤᠷ ᠢᠨᠵᠢ ᠢᠨᠤ ᠨᠢᠭᠡᠨᠲᠡ ᠬᠠᠷᠠᠢᠯᠬᠢᠯᠠᠨ ᠳᠡᠭᠳᠡᠵᠦ ᠠᠭᠤᠯᠠᠨ ᠣᠷᠣᠢ ᠳ᠋ᠤ᠌ ᠨᠢᠰᠦᠯᠬᠢᠯᠡᠨ ᠭᠠᠷᠴᠤᠬᠤᠢ᠃ ᠢᠩᠭᠢᠭᠰᠡᠨ ᠳ᠋ᠦ᠍ ᠲᠡᠭᠦᠨ ᠦ᠌ ᠭᠡᠷ ᠦ᠋ᠨ ᠡᠵᠡᠨ ᠢᠨᠤ ᠶᠡᠬᠡᠯ᠎ᠡ ᠭᠠᠢᠬᠠᠪᠠᠢ᠃ ᠵᠠᠷᠢᠮ ᠬᠥᠮᠦᠨ ᠢᠨᠤ ᠡᠨᠡ ᠢᠨᠵᠢ ᠢᠨᠤ ᠠᠷᠰᠢ ᠰᠠᠬᠢᠭᠤᠯᠰᠤᠨ ᠤ᠋ ᠶᠠᠰᠤ ᠴᠢᠨᠠᠷ ᠪᠠᠢᠬᠤ ᠪᠠᠷ ᠶᠠᠭᠤᠨ᠂ ᠯᠠᠪ᠂ ᠭᠠᠢᠬᠠᠮᠰᠢᠭᠲᠤ ᠬᠣᠪᠣᠷ ᠡᠷᠳᠡᠨᠢᠲᠦ ᠡᠮ ᠠᠳᠢᠰ ᠢ᠋ ᠢᠳᠡᠭᠰᠡᠨ ᠲᠡᠳᠦᠢ ᠯᠡ ᠪᠤᠢ ᠊ᠢ ᠠ ᠬᠡᠮᠡᠭᠡᠳ᠂ ᠳᠠᠷᠤᠢ ᠲᠠᠪᠤᠨ ᠠᠮᠲᠠ ᠪᠦᠷᠢᠳᠦᠭᠰᠡᠨ ᠠᠷᠢᠬᠢ ᠳᠠᠷᠠᠰᠤ ᠨᠣᠭᠣᠭ᠎ᠠ᠂ ᠵᠤᠭᠤᠰᠢ ᠨᠤᠭᠤᠳ ᠢ᠋ ᠲᠡᠭᠦᠨ ᠦ᠌ ᠦᠷᠭᠦᠯᠵᠢ ᠢᠨᠠᠭᠰᠢ ᠴᠢᠨᠠᠭᠰᠢ ᠶᠠᠪᠤᠬᠤ ᠵᠠᠮ ᠳᠡᠭᠡᠷ᠎ᠡ ᠲᠠᠯᠪᠢᠭᠠᠳ ᠲᠡᠭᠦᠨ ᠦ᠌ ᠢᠳᠡᠬᠦ ᠡᠰᠡᠬᠦ ᠶ᠋ᠢ ᠠᠵᠢᠭᠯᠠᠵᠤ ᠪᠠᠢᠭᠰᠠᠨ ᠳ᠋ᠤᠷ᠂ ᠦᠵᠡᠵᠦ ᠪᠠᠢᠲᠠᠯ᠎ᠠ ᠦᠨᠡᠬᠡᠷ ᠢᠷᠡᠵᠦ ᠢᠳᠡᠭᠡᠳ ᠣᠳᠣ ᠥᠩᠭᠡᠷᠡᠭᠰᠡᠨ ᠦ᠌ ᠮᠡᠲᠦ ᠪᠡᠷ ᠰᠠᠨᠠᠭᠠᠨ ᠲᠠᠪᠠ ᠪᠠᠷ ᠢ᠋ᠶ᠋ᠠᠨ ᠬᠠᠯᠢᠨ ᠳᠡᠭᠳᠡᠵᠦ ᠴᠢᠳᠠᠬᠤ ᠦᠭᠡᠢ ᠪᠣᠯᠤᠭᠠᠳ ᠪᠠᠷᠢᠪᠴᠢᠯᠠᠭᠳᠠᠪᠠ᠃ ᠵᠢᠴᠢ ᠲᠡᠭᠦᠨ ᠡᠴᠡ ᠯᠠᠪᠯᠠᠨ ᠠᠰᠠᠭᠤᠭᠰᠠᠨ ᠲᠣᠷ ᠦᠵᠡᠰᠡ ᠲᠡᠭᠦᠨ ᠦ᠌ ᠢᠳᠡᠭᠰᠡᠨ ᠡᠪᠡᠰᠦ ᠤᠷᠭᠤᠮᠠᠯ ᠠᠨᠤ ᠥᠭᠡᠷ᠎ᠡ ᠶᠠᠭᠤᠮ᠎ᠠ ᠪᠤᠰᠤ ᠬᠠᠷᠢᠨ ᠷᠠᠨᠢ ᠮᠥᠨ ᠠᠵᠤᠭᠤ᠃ ᠤᠤᠯ ᠠ᠋ᠴᠠ ᠷᠠᠨᠢ ᠪᠣᠯᠪᠠᠰᠤ ᠳᠣᠲᠣᠷ ᠢ᠋ ᠠᠭᠤᠵᠢᠷᠠᠭᠤᠯᠤᠨ ᠲᠠᠮᠢᠷ ᠢ᠋ ᠰᠠᠢᠵᠢᠷᠠᠭᠤᠯᠵᠤ᠂ ᠲᠡᠭᠦᠨ ᠴᠤᠯᠤ ᠶ᠋ᠢ ᠲᠥᠯᠵᠢᠭᠦᠯᠦᠨ ᠪᠤᠯᠴᠢᠩ ᠮᠢᠬ᠎ᠠ ᠶ᠋ᠢ ᠵᠣᠬᠢᠴᠠᠭᠤᠯᠤᠨ ᠲᠡᠭᠰᠢᠷᠡᠭᠦᠯᠵᠦ᠂ ᠶᠠᠰᠤᠨ ᠺᠠᠮᠢ ᠶ᠋ᠢ ᠴᠢᠨᠠᠷᠵᠢᠭᠤᠯᠤᠨ᠂ ᠶᠠᠰᠤ ᠰᠢᠷᠪᠥᠰᠥ ᠶ᠋ᠢ ᠴᠢᠭᠢᠷᠠᠭᠵᠢᠭᠤᠯᠵᠤ᠂ ᠨᠠᠰᠤ ᠶ᠋ᠢ ᠤᠷᠲᠤᠳᠬᠠᠵᠤ ᠦᠯᠦ ᠥᠲᠡᠯᠥᠭᠦᠯᠦᠨ᠂ ᠥᠩᠭᠡ ᠵᠢᠰᠦ ᠶ᠋ᠢ ᠰᠢᠮᠡᠴᠢᠭᠦᠯᠦᠨ ᠭᠢᠯᠪᠠᠯᠵᠢᠭᠤᠯᠵᠤ᠂ ᠦᠰᠦ ᠴᠠᠢᠭᠰᠠᠨ ᠢ᠋ ᠳᠠᠬᠢᠨ ᠬᠠᠷᠠᠯᠠᠭᠤᠯᠵᠤ᠂ ᠰᠢᠳᠦ ᠤᠨᠠᠭᠰᠠᠨ ᠢ᠋ ᠳᠠᠪᠲᠠᠨ ᠰᠢᠨ᠎ᠡ ᠰᠢᠲᠦ ᠤᠷᠭᠤᠭᠤᠯᠬᠤ ᠴᠢᠳᠠᠯ ᠪᠣᠢ ᠠᠵᠤᠭᠤ᠃
ᠰᠠᠬᠢᠭᠤᠯᠰᠤᠨ ᠳᠡᠷᠡ ᠶ᠋ᠢᠨ ᠤᠴᠢᠷ
ᠡᠷᠲᠡᠨ ᠦ᠌ ᠬᠠᠨ ᠤᠯᠤᠰ ᠤ᠋ᠨ ᠡᠦ ᠳᠢ ᠬᠠᠭᠠᠨ ᠠᠨᠤ ᠵᠡᠭᠦᠨᠰᠢ ᠮᠣᠷᠢᠯᠠᠨ ᠲᠠᠢ ᠱᠠᠨ ᠠᠭᠤᠯᠠ ᠪᠠᠷ ᠲᠣᠭᠣᠷᠢᠨ ᠠᠵᠢᠭᠯᠠᠷᠠ ᠶᠠᠪᠤᠬᠤ ᠳ᠋ᠠᠭᠠᠨ᠂ ᠨᠢᠭᠡᠨ ᠬᠥᠭᠰᠢᠨ ᠡᠪᠦᠭᠡᠨ ᠵᠠᠮ ᠤ᠋ᠨ ᠬᠠᠵᠠᠭᠤ ᠲᠠᠷᠢᠶ᠎ᠠ ᠠᠷᠴᠢᠵᠤ ᠠᠲᠠᠯ᠎ᠠ ᠬᠠᠷᠢᠨ ᠲᠡᠭᠦᠨ ᠦ᠌ ᠨᠢᠷᠤᠭᠤᠨ ᠠ᠋ᠴᠠ ᠠᠨᠤ ᠬᠡᠴᠢᠨᠡᠨ ᠲᠣᠬᠣᠢ ᠥᠨᠳᠥᠷ ᠴᠠᠭᠠᠨ ᠭᠡᠷᠡᠯ ᠰᠠᠴᠤᠷᠠᠵᠤ ᠪᠦᠬᠦᠢ ᠶ᠋ᠢ ᠠᠵᠢᠵᠤ ᠬᠠᠷᠠᠭᠠᠳ ᠭᠠᠢᠬᠠᠭᠰᠠᠨ ᠳ᠋ᠠᠭᠠᠨ ᠠᠷᠰᠢ ᠰᠠᠬᠢᠭᠤᠯᠰᠤᠨ ᠤ᠋ ᠭᠠᠢᠬᠠᠮᠰᠢᠭᠲᠤ ᠤᠪᠠᠳᠢᠰ ᠪᠣᠢ ᠪᠤᠶᠤ ᠭᠡᠮᠡᠨ ᠡᠪᠦᠭᠡᠨ ᠡᠴᠡ ᠠᠰᠠᠭᠤᠭᠰᠠᠨ ᠳ᠋ᠤᠷ᠂ ᠬᠥᠭᠰᠢᠨ ᠡᠪᠦᠭᠡᠨ ᠥᠴᠢᠷᠦᠨ᠄ ᠳᠣᠣᠷᠠᠲᠤ ᠠᠷᠠᠳ ᠪᠢ ᠠᠯᠢ ᠡᠷᠲᠡ ᠨᠠᠶᠠᠨ ᠲᠠᠪᠤᠨ ᠨᠠᠰᠤᠲᠠᠢ ᠦᠶ᠎ᠡ ᠲᠦᠷ ᠨᠢᠭᠡᠨᠲᠡ ᠬᠥᠭᠰᠢᠷᠡᠨ ᠮᠠᠭᠤᠵᠢᠷᠠᠭᠠᠳ ᠦᠰᠦ ᠮᠢᠨᠢ ᠴᠠᠢᠵᠤ ᠰᠢᠲᠦ ᠮᠢᠨᠢ ᠤᠨᠠᠭᠠᠳ ᠦᠬᠦᠯ ᠦ᠋ᠨ ᠳᠠᠪᠠᠭᠠᠨ ᠳᠡᠭᠡᠷ᠎ᠡ ᠬᠦᠷᠦᠭᠰᠡᠨ ᠠᠵᠢ᠂ ᠵᠠᠪᠰᠢᠶᠠᠨ᠎ᠠ ᠨᠢᠭᠡᠨ ᠪᠣᠮᠪᠣ ᠪᠠᠭᠰᠢ ᠠᠨᠤ ᠠᠷᠠᠳ ᠨᠠᠮᠠᠲᠤᠷ ᠴᠢᠪᠠᠭ᠎ᠠ ᠢᠳᠡᠵᠦ ᠤᠰᠤ ᠤᠤᠭᠤ᠂ ᠲᠠᠪᠤᠨ ᠲᠠᠷᠢᠶᠠᠨ ᠦᠷ᠎ᠡ ᠢᠳᠡᠬᠦ ᠪᠡᠨ ᠪᠤᠯᠢᠲᠤᠭᠠᠢ ᠬᠡᠮᠡᠭᠡᠳ ᠪᠠᠰᠠ ᠰᠠᠬᠢᠭᠤᠯᠰᠤᠨ ᠳᠡᠷᠡ ᠬᠡᠷᠡᠭᠯᠡᠬᠦ ᠠᠷᠭ᠎ᠠ ᠶ᠋ᠢ ᠵᠢᠭᠠᠨ ᠰᠤᠷᠭᠠᠵᠤ ᠰᠣᠶᠣᠷᠬᠠᠭᠰᠠᠨ ᠪᠥᠯᠥᠭᠡ᠃ ᠡᠨᠡᠬᠦ ᠳᠡᠷᠡ ᠶ᠋ᠢᠨ ᠳᠣᠲᠣᠷ᠎ᠠ ᠭᠤᠴᠢᠨ ᠬᠣᠶᠠᠷ ᠵᠦᠢᠯ ᠦ᠋ᠨ ᠶᠠᠭᠤᠮ᠎ᠠ ᠶ᠋ᠢ ᠠᠬᠤᠭᠤᠯᠬᠤ ᠪᠥᠭᠡᠳ ᠲᠡᠭᠦᠨ ᠦ᠌ ᠬᠣᠷᠢᠨ ᠳᠥᠷᠪᠡᠨ ᠰᠠᠢᠨ ᠵᠦᠢᠯ ᠪᠣᠯᠪᠠᠰᠤ ᠬᠣᠷᠢᠨ ᠳᠥᠷᠪᠡᠨ ᠤᠯᠠᠷᠢᠯ ᠤ᠋ᠨ ᠴᠠᠭ ᠠᠭᠤᠷ ᠲᠤ᠌ ᠲᠣᠬᠢᠷᠠᠭᠤᠯᠤᠨ ᠨᠡᠢᠯᠡᠭᠦᠯᠵᠦ᠂ ᠪᠤᠰᠤᠳ ᠨᠠᠢ᠍ᠮᠠᠨ ᠵᠦᠢᠯ ᠦ᠋ᠨ ᠬᠣᠣᠷᠲᠤ ᠪᠣᠳᠠᠰ ᠠᠨᠤ ᠨᠠᠢ᠍ᠮᠠᠨ ᠵᠣᠪᠬᠢᠰ ᠤ᠋ᠨ ᠭᠠᠵᠢᠭᠤ ᠰᠠᠯᠬᠢ ᠶ᠋ᠢ ᠬᠣᠷᠢᠭᠯᠠᠬᠤ ᠠᠴᠢ ᠲᠤᠰᠠ ᠲᠠᠢ᠃ ᠥᠴᠦᠬᠡᠨ ᠠᠷᠠᠳ ᠪᠢ ᠡᠨᠡᠬᠦ ᠠᠷᠭ᠎ᠠ ᠪᠠᠷ ᠶᠣᠰᠣᠴᠢᠯᠠᠨ ᠭᠦᠢᠴᠡᠳᠬᠡᠭᠰᠡᠨᠡ ᠦᠨᠡᠬᠡᠷ ᠳᠠᠬᠢᠨ ᠵᠠᠯᠠᠭᠤᠰᠢᠷᠠᠭᠠᠳ ᠬᠠᠷ᠎ᠠ ᠦᠰᠦ ᠰᠢᠨ᠎ᠡ ᠪᠡᠷ ᠤᠷᠭᠤᠵᠤ ᠬᠠᠰ ᠴᠠᠭᠠᠨ ᠰᠢᠳᠦ ᠳᠠᠬᠢᠨ ᠣᠷᠭᠣᠭᠠᠳ ᠬᠠᠷ᠎ᠠ ᠡᠳᠦᠷ ᠢ᠋ᠶ᠋ᠡᠷ ᠭᠤᠷᠪᠠᠨ ᠵᠠᠭᠤᠨ ᠭᠠᠵᠠᠷ ᠶᠠᠪᠤᠬᠤ ᠳ᠋ᠤ᠌ ᠬᠠᠷᠰᠢ ᠰᠠᠭᠠᠳ ᠦᠭᠡᠢ᠃ ᠭᠡᠪᠡᠴᠦ ᠳᠣᠣᠷᠠᠲᠤ ᠪᠢ ᠥᠨᠥᠳᠥᠷ ᠨᠢᠭᠡᠨᠲᠡ ᠵᠠᠭᠤ ᠨᠠᠶᠠᠨ ᠨᠠᠰᠤᠨ ᠤ᠋ ᠨᠢᠭᠤᠷ ᠢ᠋ ᠦᠵᠡᠵᠦ ᠠᠭᠠᠳ ᠤᠯᠠᠭᠠᠨ ᠲᠣᠭᠣᠰᠣᠨ ᠠ᠋ᠴᠠ ᠠᠩᠵᠢᠷᠠᠵᠤ ᠠᠭᠤᠯᠠᠨ ᠳ᠋ᠤᠷ ᠣᠷᠣᠰᠢᠨ ᠰᠠᠭᠤᠵᠤ ᠦᠯᠦ ᠴᠢᠳᠠᠨ᠂ ᠬᠡᠦᠬᠡᠨ ᠦᠷ᠎ᠡ ᠠᠴᠢ ᠳ᠋ᠠᠭᠠᠨ ᠲᠠᠲᠠᠭᠠᠯᠵᠠᠭᠳᠠᠭᠠᠳ ᠬᠡᠪ ᠦ᠋ᠨ ᠶᠣᠰᠣᠭᠠᠷ ᠲᠠᠪᠤᠨ ᠲᠠᠷᠢᠶ᠎ᠠ ᠶ᠋ᠢᠨ ᠦᠷ᠎ᠡ ᠶ᠋ᠢ ᠢᠳᠡᠵᠦ ᠠᠮᠰᠠᠭᠠᠳ ᠬᠡᠳᠦᠢᠪᠡᠷ ᠬᠣᠷᠢᠭᠠᠳ ᠢᠯᠡᠭᠦᠦ ᠣᠨ ᠪᠣᠯᠵᠤ ᠪᠠᠢᠬᠤ ᠪᠣᠯᠪᠠᠴᠤ᠂ ᠮᠥᠨ ᠬᠦ ᠰᠠᠬᠢᠭᠤᠯᠰᠤᠨ ᠤ᠋ ᠳᠡᠷᠡ ᠶ᠋ᠢᠨ ᠠᠴᠢ ᠲᠤᠰᠠ ᠪᠠᠷ ᠳᠠᠬᠢᠨ ᠳᠡᠮᠡᠢ ᠯᠡ ᠥᠲᠡᠯᠦᠭᠰᠡᠨ ᠦᠭᠡᠢ ᠪᠠᠢᠭᠰᠠᠭᠠᠷ ᠠᠵᠢ ᠭᠡᠮᠡᠨ ᠨᠢᠭᠡᠨ ᠵᠡᠷᠭᠡ ᠬᠠᠷᠢᠭᠤ ᠠᠢᠯᠠᠳᠬᠠᠭᠰᠠᠨ ᠳ᠋ᠤᠷ᠂ ᠡᠦ ᠳᠢ ᠬᠠᠭᠠᠨ ᠲᠡᠷᠡ ᠡᠪᠦᠭᠡᠨ ᠢ᠋ ᠰᠠᠢᠲᠤᠷ ᠰᠢᠨᠵᠢᠯᠡᠨ ᠠᠵᠢᠭᠯᠠᠪᠠᠰᠤ ᠥᠩᠭᠡ ᠪᠠᠢᠳᠠᠯ ᠠᠨᠤ ᠮᠥᠨ ᠲᠠᠪᠢᠭᠠᠳ ᠨᠠᠰᠤᠨ ᠤ᠋ ᠬᠥᠮᠦᠨ ᠲᠡᠳᠦᠢ ᠮᠡᠲᠦ᠂ ᠠᠢᠯ ᠠᠢᠮᠠᠭ ᠤ᠋ᠨ ᠬᠥᠮᠦᠰ ᠡᠴᠡ ᠯᠠᠪᠯᠠᠨ ᠠᠰᠠᠭᠠᠪᠠᠰᠤ ᠴᠥᠮ ᠦᠨᠡᠨ ᠮᠠᠭᠠᠳ ᠬᠡᠮᠡᠮᠦᠢ᠃ ᠬᠠᠭᠠᠨ ᠳᠠᠷᠤᠢ ᠡᠪᠦᠭᠡᠨ ᠦ᠌ ᠳᠤᠷᠠᠳᠤᠭᠰᠠᠨ ᠶᠣᠰᠣᠭᠠᠷ ᠰᠠᠬᠢᠭᠤᠯᠰᠤᠨ ᠤ᠋ ᠳᠡᠷᠡ ᠶ᠋ᠢ ᠦᠢᠯᠡᠳᠦᠭᠰᠡᠨ ᠪᠣᠯᠪᠠᠴᠤ ᠬᠠᠷᠢᠨ ᠲᠠᠪᠤᠨ ᠲᠠᠷᠢᠶᠠᠨ ᠦᠷ᠎ᠡ ᠢᠳᠡᠬᠦ ᠶ᠋ᠢ ᠪᠣᠯᠢᠵᠤ ᠴᠢᠪᠠᠭ᠎ᠠ ᠢᠳᠡᠵᠦ ᠤᠰᠤ ᠤᠤᠭᠤᠬᠤ ᠵᠡᠷᠭᠡ ᠶ᠋ᠢ ᠭᠦᠢᠴᠡᠳᠬᠡᠵᠦ ᠴᠢᠳᠠᠭᠰᠠᠨ ᠦᠭᠡᠢ ᠪᠥᠯᠥᠭᠡ᠃
ᠰᠠᠬᠢᠭᠤᠯᠰᠤᠨ ᠳᠡᠷᠡ ᠶ᠋ᠢ ᠦᠢᠯᠡᠳᠬᠦ ᠠᠷᠭ᠎ᠠ
ᠲᠠᠪᠤᠨ ᠰᠠᠷ᠎ᠠ ᠶ᠋ᠢᠨ ᠲᠠᠪᠤᠨ ᠪᠠ ᠳᠣᠯᠣᠭᠠᠨ ᠰᠠᠷ᠎ᠠ ᠶ᠋ᠢᠨ ᠳᠣᠯᠣᠭᠠᠨ᠎ᠠ ᠠᠭᠤᠯᠠᠨ ᠰᠢᠭᠤᠢ ᠠ᠋ᠴᠠ ᠠᠷᠴᠠ ᠶ᠋ᠢ ᠠᠪᠴᠤ ᠳᠡᠷᠡ ᠦᠢᠯᠡᠳᠬᠦ ᠳ᠋ᠡᠭᠡᠨ ᠨᠢᠭᠡᠨ ᠲᠣᠬᠣᠢ ᠬᠣᠶᠠᠷ ᠢᠮᠠᠬᠤ ᠤᠷᠲᠤ᠂ ᠳᠥᠷᠪᠡᠨ ᠢᠮᠠᠬᠤ ᠥᠨᠳᠥᠷ ᠬᠢᠵᠦ᠂ ᠳᠣᠲᠣᠷ᠎ᠠ ᠨᠢᠭᠡᠨ ᠳ᠋ᠧᠦ ᠬᠣᠶᠠᠷ ᠱᠧᠩ ᠪᠠᠭᠲᠠᠭᠠᠮᠵᠢᠲᠠᠢ᠂ ᠠᠷᠴᠠ ᠶ᠋ᠢᠨ ᠤᠯᠠᠭᠠᠨ ᠭᠣᠣᠯ ᠲᠠᠢ ᠮᠣᠳᠣ ᠪᠠᠷ ᠬᠣᠶᠠᠷ ᠹᠦᠨ ᠲᠡᠳᠦᠢ ᠵᠤᠵᠠᠭᠠᠨ ᠤ᠋ ᠪᠦᠲᠡᠭᠡᠯᠭᠡ ᠶ᠋ᠢ ᠨᠢᠭᠲᠠ ᠴᠢᠩᠭ᠎ᠠ ᠪᠥᠭᠡᠳ ᠬᠠᠭᠠᠭᠠᠵᠤ ᠨᠡᠭᠡᠭᠡᠵᠦ ᠪᠣᠯᠬᠤ ᠪᠠᠷ ᠦᠢᠯᠡᠳᠦᠮᠦᠢ᠃ ᠵᠢᠴᠢ ᠪᠦᠲᠡᠭᠡᠯᠭᠡ᠂ ᠬᠠᠪᠲᠠᠰᠤᠨ ᠳᠡᠭᠡᠷ᠎ᠡ ᠢᠨᠤ ᠬᠣᠨᠣᠭ ᠪᠤᠳᠠᠭᠠᠨ ᠤ᠋ ᠴᠢᠨᠡᠭᠡᠨ ᠨᠦᠬᠡ ᠶ᠋ᠢ ᠭᠤᠷᠪᠠᠨ ᠮᠥᠷ᠂ ᠮᠥᠷ ᠪᠦᠷᠢ ᠳ᠋ᠦ᠍ ᠳᠥᠴᠢᠨ ᠶᠢᠰᠦᠨ ᠨᠦᠬᠡ ᠨᠡᠢᠲᠡ ᠵᠠᠭᠤ ᠳᠥᠴᠢᠨ ᠳᠣᠯᠣᠭᠠᠨ ᠨᠦᠬᠡ ᠭᠠᠷᠭᠠᠨ ᠥᠷᠥᠮᠳᠡᠮᠦᠢ᠃
ᠬᠡᠷᠡᠭᠯᠡᠬᠦ ᠡᠮ ᠦ᠋ᠳ ᠳᠠᠷᠠᠭᠠᠬᠢ ᠮᠡᠲᠦ᠄
ᠷᠢᠮᠢᠽᠠᠸᠠ᠂ ᠳ᠋ᠠᠩᠭᠦᠨ᠂ ᠰᠦᠭᠪᠠ᠂ ᠪᠦᠰᠪᠠᠭᠧᠰᠧᠷ (ᠪᠠᠰᠠ ᠳ᠋ᠠᠭ᠍ᠴᠦ᠋ᠩ)᠃ ᠳ᠋ᠦᠸ᠎ᠠ᠂ ᠭᠠᠷᠪᠤᠶ᠂ ᠬᠠᠷ᠎ᠠ ᠪᠠᠯᠴᠢᠷᠭᠠᠨ᠎ᠠ ᠶ᠋ᠢᠨ ᠦᠨᠳᠦᠰᠦ᠂ ᠮᠣᠳᠣᠨ ᠴᠢᠬᠢᠷᠮᠡ᠂ ᠵᠠᠶᠧᠷᠮᠠ᠂ ᠲᠤᠸᠠᠽᠠ᠂ ᠵᠠᠭ᠎ᠠ᠂ ᠰᠤᠷᠤᠯᠤᠰᠧᠷᠪᠤ᠂ ᠣᠷᠬᠣᠳᠠᠢ᠂ ᠬᠤᠷᠳᠤᠨ ᠴᠠᠭᠠᠨ᠂ ᠰᠦᠭᠷᠡ᠂ ᠢᠮᠠᠭᠠᠨ ᠬᠥᠬᠥ᠂ ᠵᠢᠷᠦ᠋ᠭᠪᠦᠷᠦ᠂ ᠤᠯᠠᠭᠠᠨ ᠭᠤᠶᠠᠨ᠂ ᠵᠠᠩᠽᠸᠷᠨᠠᠬᠪᠤ᠂ ᠶᠠᠪᠠᠭᠠᠨ ᠠᠷᠴᠠ ᠶ᠋ᠢᠨ ᠦᠷ᠎ᠡ᠃ ᠬᠣᠯᠢᠮ᠎ᠠ (ᠬᠣᠯᠢᠮᠪᠠ)᠂ ᠭᠠᠩᠭᠠᠴᠦ᠋ᠩ᠂ ᠪᠠᠢ ᠾᠦᠩ᠂ ᠪᠠᠷᠪᠠᠳᠠ᠂ ᠮᠠᠭ᠎ᠠ᠃
ᠳᠡᠭᠡᠷᠡᠬᠢ ᠬᠣᠷᠢᠨ ᠳᠥᠷᠪᠡᠨ ᠬᠥᠯ ᠡᠮ ᠪᠣᠯᠪᠠᠰᠤ ᠬᠣᠷᠢᠨ ᠳᠥᠷᠪᠡᠨ ᠤᠯᠠᠷᠢᠯ ᠤ᠋ᠨ ᠴᠠᠭ ᠠᠭᠤᠷ ᠲᠤ᠌ ᠲᠣᠬᠢᠷᠠᠭᠤᠯᠤᠨ ᠨᠡᠢᠯᠡᠭᠦᠯᠦᠭᠰᠡᠨ ᠠᠵᠢ᠃
ᠪᠣᠩᠨᠠᠭ᠂ ᠯᠠᠭᠠᠩ᠂ ᠳ᠋ᠦᠷᠵᠢᠳ᠂ ᠳ᠋ᠣᠩᠭ᠎ᠠ᠂ ᠮᠡᠯᠡᠬᠡᠢ ᠶ᠋ᠢᠨ ᠲᠠᠷᠢᠶ᠎ᠠ᠂ ᠼᠦᠷᠳᠣ᠋᠂ ᠪᠠᠨᠽᠧ᠂ ᠬᠠᠷ᠎ᠠ ᠮᠢᠩᠵᠠᠨ᠃ ᠳᠡᠭᠡᠷᠡᠬᠢ ᠨᠠᠢ᠍ᠮᠠᠨ ᠬᠥᠯ ᠡᠮ ᠪᠣᠯᠪᠠᠰᠤ ᠨᠠᠢ᠍ᠮᠠᠨ ᠵᠣᠪᠬᠢᠰ ᠤ᠋ᠨ ᠭᠠᠵᠢᠭᠤ ᠰᠠᠯᠬᠢ ᠶ᠋ᠢ ᠬᠣᠷᠢᠭᠯᠠᠬᠤ ᠪᠠᠷ ᠲᠣᠬᠢᠷᠠᠭᠤᠯᠤᠭᠰᠠᠨ ᠠᠵᠢ᠃ ᠳᠡᠭᠡᠷᠡᠬᠢ ᠭᠤᠴᠢᠨ ᠬᠣᠶᠠᠷ ᠬᠥᠯ ᠡᠮ ᠲᠣᠰᠪᠣᠷᠢ ᠨᠢᠭᠡᠨ ᠯᠠᠩ ᠢ᠋ ᠲᠡᠭᠰᠢ ᠬᠡᠮᠬᠡᠴᠢᠨ᠂ ᠳᠡᠷᠡ ᠶ᠋ᠢᠨ ᠳᠣᠲᠣᠷ᠎ᠠ ᠠᠬᠤᠭᠤᠯᠬᠤ ᠳ᠋ᠠᠭᠠᠨ ᠬᠣᠣᠷᠠᠲᠤ ᠵᠦᠢᠯ ᠦ᠋ᠳ ᠢ᠋ ᠳᠡᠭᠡᠷ᠎ᠡ ᠲᠠᠯ᠎ᠠ ᠳ᠋ᠤᠷ ᠲᠠᠯᠪᠢᠭᠠᠳ ᠤᠭᠤᠲᠠ ᠣᠶᠣᠭᠠᠳ ᠠᠷᠴᠠᠲᠤ ᠳᠡᠷᠡ ᠪᠡᠨ ᠤᠭᠤᠲᠠᠯᠠᠮᠤᠢ᠃ ᠡᠨᠡᠬᠦ ᠳᠡᠷᠡ ᠶ᠋ᠢ ᠵᠠᠭᠤᠨ ᠬᠣᠨᠣᠭ ᠳᠡᠷᠡᠯᠡᠪᠡᠰᠦ ᠥᠩᠭᠡ ᠵᠢᠰᠦ ᠭᠢᠯᠪᠡᠯᠵᠡᠨ᠂ ᠨᠢᠭᠡᠨ ᠵᠢᠯ ᠪᠣᠯᠪᠠᠰᠤ ᠠᠷᠬᠠᠭ ᠡᠪᠡᠳᠴᠢᠨ ᠨᠢᠭᠡᠳ ᠨᠢᠭᠡᠨ ᠢ᠋ᠶ᠋ᠡᠷ ᠠᠷᠢᠯᠵᠤ ᠪᠦᠬᠦ ᠪᠡᠶ᠎ᠡ ᠡᠴᠡ ᠰᠠᠢᠬᠠᠨ ᠦᠨᠦᠷ ᠠᠩᠬᠢᠯᠬᠤ ᠪᠥᠭᠡᠳ᠂ ᠳᠥᠷᠪᠡᠨ ᠵᠢᠯ ᠪᠣᠯᠪᠠᠰᠤ ᠪᠤᠭᠤᠷᠤᠯ ᠦᠰᠦ ᠢᠨᠤ ᠬᠠᠷᠠᠯᠠᠵᠤ ᠰᠢᠳᠦ ᠤᠨᠠᠭᠠᠳ ᠳᠠᠬᠢᠨ ᠰᠢᠨ᠎ᠡ ᠰᠢᠲᠦ ᠤᠷᠭᠤᠵᠤ᠂ ᠴᠢᠬᠢ ᠰᠣᠨᠣᠷ ᠨᠢᠳᠦ ᠭᠡᠭᠡᠭᠡᠳᠦᠮᠦᠶ᠃ ᠡᠢᠮᠦ ᠭᠠᠢᠬᠠᠮᠰᠢᠭᠲᠤ ᠲᠤᠷᠰᠢᠯᠭᠠᠲᠤ ᠨᠢᠭᠤᠴᠠ ᠵᠣᠷ ᠢ᠋ ᠪᠤᠰᠤᠳ ᠲᠤᠷ ᠡᠰᠡ ᠤᠯᠠᠮᠵᠢᠯᠠᠪᠠᠰᠤ ᠬᠥᠮᠦᠨ ᠪᠣᠯᠵᠤ ᠲᠥᠷᠥᠭᠰᠡᠨ ᠦ᠌ ᠠᠴᠢ ᠶᠠᠭᠤᠨ ᠬᠡᠮᠡᠪᠡ᠃ ᠲᠡᠭᠦᠨᠴᠡ ᠡᠦ ᠳᠢ ᠬᠠᠭᠠᠨ ᠳ᠋ᠦᠩ ᠹᠠᠩ ᠰᠦᠸᠧ ᠡᠴᠡ ᠠᠰᠠᠭᠤᠭᠰᠠᠨ ᠳ᠋ᠤᠷ ᠬᠠᠷᠢᠭᠤᠯᠤᠷᠤᠨ᠄ ᠡᠷᠲᠡ ᠴᠠᠭ ᠲᠤᠷ ᠡᠨᠡᠬᠦ ᠠᠷᠭ᠎ᠠ ᠶ᠋ᠢ ᠨᠢᠦᠢ ᠯᠢᠶᠠᠨ ᠠ᠋ᠴᠠ ᠢᠦᠢ ᠴᠢᠩ ᠳ᠋ᠦ᠍ᠷ ᠤᠯᠠᠮᠵᠢᠯᠠᠵᠤ᠂ ᠢᠦᠢ ᠴᠢᠩ ᠡᠴᠡ ᠭᠤᠸᠠᠩ ᠴᠧᠩ ᠽᠢ ᠳ᠋ᠦ᠍ᠷ ᠤᠯᠠᠮᠵᠢᠯᠠᠵᠤ᠂ ᠭᠤᠸᠠᠩ ᠴᠧᠩ ᠽᠢ ᠡᠴᠡ ᠬᠤᠸᠠᠩᠳᠢ ᠳ᠋ᠤᠷ ᠤᠯᠠᠮᠵᠢᠯᠠᠭᠰᠠᠨ ᠠᠵᠤᠭᠤ᠃ ᠣᠷᠴᠢᠨ ᠳ᠋ᠤᠷ ᠬᠦ ᠴᠧᠩ ᠭᠠᠵᠠᠷ ᠤ᠋ᠨ ᠪᠣᠮᠪᠣ ᠴᠦᠨ ᠢᠦᠢ ᠬᠦᠩ ᠬᠡᠮᠡᠭᠴᠢ ᠡᠨᠡᠬᠦ ᠡᠮᠲᠦ ᠳᠡᠷᠡ ᠶ᠋ᠢ ᠳᠡᠷᠡᠯᠡᠭᠰᠡᠨ ᠡᠴᠡ ᠵᠠᠭᠤ ᠭᠠᠷᠤᠢ ᠨᠠᠰᠤᠯᠠᠲᠠᠯ᠎ᠠ ᠭᠡᠵᠢᠭᠡ ᠦᠰᠦ ᠢᠨᠤ ᠣᠭᠲᠣ ᠦᠯᠦ ᠴᠠᠢᠭᠰᠠᠨ ᠪᠥᠯᠥᠭᠡ᠃ ᠠᠶ᠎ᠠ ᠡᠪᠡᠳᠴᠢᠨ ᠡᠮᠭᠡᠭ ᠬᠡᠮᠡᠭᠴᠢ ᠴᠥᠮ ᠠᠷᠭ᠎ᠠ ᠶ᠋ᠢᠨ ᠰᠤᠳᠠᠯ ᠠ᠋ᠴᠠ ᠡᠭᠦᠰᠬᠦ ᠪᠤᠢ ᠊ᠢ ᠠ᠃ ᠡᠳᠦᠭᠡ ᠡᠮᠲᠦ ᠳᠡᠷᠡ ᠶ᠋ᠢ ᠳᠡᠷᠡᠯᠡᠬᠦ ᠢᠨᠤ ᠭᠠᠵᠢᠭᠤ ᠰᠠᠯᠬᠢ ᠭᠠᠢᠲᠤ ᠠᠮᠢᠰᠬᠤᠯ ᠳ᠋ᠤᠷ ᠡᠯᠡᠭᠳᠡᠬᠦ ᠦᠭᠡᠢ ᠪᠣᠯᠤᠭᠰᠠᠨ ᠪᠣᠯᠠᠢ᠃ ᠭᠡᠪᠡᠰᠦ ᠳᠡᠷᠡ ᠶ᠋ᠢ ᠪᠥᠰ ᠦ᠋ᠨ ᠤᠭᠤᠲᠠ ᠪᠠᠷ ᠭᠡᠷᠯᠡᠵᠦ ᠳᠡᠷᠡᠯᠡᠵᠦ ᠠᠬᠤ ᠪᠣᠯᠪᠠᠴᠤ ᠪᠠᠰᠠ ᠬᠥᠰᠢᠭᠡᠯᠢᠭ ᠤᠭᠤᠲᠠ ᠪᠠᠷ ᠪᠠᠭᠯᠠᠵᠤ ᠤᠭᠤᠲᠠᠯᠠᠭᠠᠳ᠂ ᠬᠡᠵᠢᠶ᠎ᠡ ᠬᠡᠪᠲᠡᠵᠦ ᠳᠡᠷᠡᠯᠡᠰᠦᠭᠡᠢ ᠬᠡᠮᠡᠬᠦ ᠦᠶ᠎ᠡ ᠲᠦᠷ ᠭᠠᠳᠠᠷ ᠪᠦᠷᠬᠦᠪᠴᠢ ᠶ᠋ᠢ ᠲᠠᠢᠯᠵᠤ ᠬᠠᠶᠠᠪᠠᠰᠤ ᠪᠣᠯᠤᠮᠤᠢ ᠊ᠢ ᠠ ᠬᠡᠮᠡᠪᠡ᠃ ᠲᠡᠭᠦᠨᠴᠡ ᠡᠦ ᠳᠢ ᠬᠠᠭᠠᠨ ᠲᠡᠷᠡ ᠬᠥᠭᠰᠢᠨ ᠡᠪᠦᠭᠡᠨ ᠲᠦᠷ ᠲᠣᠷᠭ᠎ᠠ ᠳᠤᠷᠳᠤᠩ ᠤ᠋ᠨ ᠵᠦᠢᠯ ᠥᠷᠥᠰᠢᠶᠡᠨ ᠱᠠᠩᠨᠠᠨ ᠰᠣᠶᠣᠷᠬᠠᠭᠰᠠᠨᠠ ᠡᠪᠦᠭᠡᠨ ᠮᠠᠷᠭᠤᠵᠤ ᠠᠢᠯᠠᠳᠬᠠᠷᠤᠨ᠄ ᠰᠠᠢᠳ ᠪᠣᠯᠤᠭᠴᠢ ᠠᠨᠤ ᠡᠵᠡᠨ ᠳ᠋ᠦ᠍ᠷ ᠶᠦ᠍ᠭᠡᠨ ᠴᠢᠪ ᠭᠡᠮᠡᠨ ᠬᠥᠪᠡᠭᠦᠳ ᠪᠣᠯᠤᠭᠴᠢ ᠠᠨᠤ ᠡᠴᠢᠭᠡ ᠲᠦᠷ ᠢ᠋ᠶ᠋ᠡᠨ ᠦᠢᠯᠡᠴᠢᠯᠡᠬᠦ ᠮᠡᠲᠦ ᠪᠣᠯᠠᠢ᠃ ᠬᠥᠪᠡᠭᠦᠨ ᠢᠨᠤ ᠶᠣᠰᠣᠯᠠᠯ ᠢ᠋ ᠪᠠᠷᠢᠮᠲᠠᠯᠠᠵᠤ ᠳᠡᠭᠡᠭᠰᠢ ᠡᠴᠢᠭᠡ ᠶ᠋ᠢᠨ ᠵᠢᠷᠤᠮ ᠳ᠋ᠤᠷ ᠭᠦᠢᠴᠡᠳᠬᠡᠪᠡᠰᠦ ᠵᠣᠬᠢᠬᠤᠢ ᠠᠲᠠᠯ᠎ᠠ ᠱᠠᠩᠨᠠᠯ ᠢ᠋ᠶ᠋ᠠᠷ ᠶᠠᠭᠤᠬᠢᠮᠤᠢ᠃ ᠵᠢᠴᠢ ᠠᠷᠠᠳ ᠪᠢ ᠪᠠᠰᠠ ᠶᠠᠮᠠᠷᠴᠤ ᠤᠷᠠᠨ ᠤᠪᠠᠳᠢᠰ ᠠᠷᠠᠯᠵᠢᠶᠠᠯᠠᠭᠴᠢ ᠪᠤᠰᠤ ᠪᠥᠭᠡᠳ ᠭᠠᠭᠴᠠᠬᠦ ᠳᠡᠭᠡᠳᠦ ᠡᠵᠡᠨ ᠲᠠᠨ ᠤ᠋ ᠰᠠᠢᠨ ᠦᠢᠯᠡ ᠳ᠋ᠦ᠍ ᠪᠠᠬᠠᠳᠤᠬᠤ ᠶ᠋ᠢ ᠪᠣᠳᠣᠵᠤ ᠡᠨᠡᠬᠦ ᠠᠷᠭ᠎ᠠ ᠶ᠋ᠢ ᠡᠷᠭᠦᠭᠰᠡᠨ ᠪᠠᠬᠠᠨᠠ ᠬᠡᠮᠡᠭᠰᠡᠨ ᠲᠦᠷ᠂ ᠬᠠᠭᠠᠨ ᠳᠠᠷᠤᠢ ᠲᠣᠷᠭ᠎ᠠ ᠳᠤᠷᠳᠤᠩ ᠱᠠᠩᠨᠠᠨ ᠣᠯᠭᠣᠬᠤ ᠶ᠋ᠢ ᠵᠣᠭᠰᠣᠭᠠᠳ ᠥᠭᠡᠷᠡᠴᠢᠯᠡᠵᠦ ᠡᠯᠳᠡᠪ ᠡᠷᠳᠡᠨᠢᠲᠦ ᠡᠮ ᠢ᠋ ᠱᠠᠩᠨᠠᠵᠤ ᠥᠭᠭᠦᠭᠰᠡᠨ ᠪᠥᠯᠥᠭᠡ᠃
ᠠᠷᠰᠢᠲᠦ ᠢᠳᠡᠭᠡᠨ
ᠱᠤᠳᠠᠭᠭᠠᠷᠪᠤ (ᠴᠠᠭᠠᠨ ᠱᠤᠳᠠᠭ᠂ ᠶᠢᠰᠦᠨ ᠦᠶ᠎ᠡ ᠪᠦᠬᠦᠢ ) ᠶ᠋ᠢ ᠰᠡᠭᠦᠳᠡᠷ ᠭᠠᠵᠠᠷ᠎ᠠ ᠵᠠᠭᠤᠨ ᠡᠳᠦᠷ ᠬᠠᠲᠠᠭᠠᠭᠠᠳ ᠲᠠᠯᠠᠭᠳᠠᠵᠤ ᠡᠳᠦᠷ ᠪᠦᠷᠢ ᠭᠤᠷᠪᠠᠨ ᠤᠳᠠᠭ᠎ᠠ᠂ ᠤᠳᠠᠭᠠᠨ ᠡᠳᠦᠷ ᠢᠳᠡᠪᠡᠰᠦ ᠴᠢᠬᠢ ᠰᠣᠨᠣᠷ ᠨᠢᠳᠦ ᠭᠡᠭᠡᠭᠡᠳᠦᠭᠡᠳ ᠤᠷᠲᠤ ᠨᠠᠰᠤᠯᠠᠮᠤᠢ᠃
ᠠᠷᠰᠢᠲᠦ ᠢᠳᠡᠭᠡᠨ
ᠽᠠᠷᠮᠠ ᠮᠠᠭᠠᠯᠢᠩᠭᠤ ᠶ᠋ᠢ ᠢᠳᠡᠪᠡᠰᠦ ᠠᠯᠢᠪᠠ ᠠᠷᠬᠠᠭ ᠡᠪᠡᠳᠴᠢᠨ ᠢ᠋ ᠠᠷᠢᠯᠭᠠᠬᠤ ᠪᠥᠭᠡᠳ ᠤᠳᠠᠭᠠᠨ ᠢᠳᠡᠪᠡᠰᠦ ᠪᠡᠶ᠎ᠡ ᠮᠠᠬᠠᠪᠣᠳ ᠢ᠋ ᠲᠥᠯᠵᠢᠭᠦᠯᠦᠨ ᠴᠢᠭᠢᠷᠠᠭᠵᠢᠭᠤᠯᠵᠤ ᠨᠠᠰᠤ ᠶ᠋ᠢ ᠤᠷᠲᠤᠳᠬᠠᠨ ᠦᠯᠦ ᠬᠥᠭᠰᠢᠷᠡᠮᠦᠢ᠃
ᠪᠦᠦ ᠫᠠᠶᠤᠤ ᠽᠢ ᠢᠨᠤ
ᠳ᠋ᠠᠷᠪᠤ (ᠤᠯᠠᠯᠵᠢᠭᠠᠨ᠎ᠠ ᠶ᠋ᠢᠨ ᠦᠷ᠎ᠡ) ᠶ᠋ᠢ ᠠᠷᠪᠠᠨ ᠵᠢᠷᠭᠤᠭᠠᠨ ᠵᠢᠯ ᠢᠳᠡᠭᠡᠳ ᠥᠩᠭᠡ ᠵᠢᠰᠦ ᠬᠠᠰ ᠮᠡᠲᠦ ᠪᠣᠯᠵᠤ᠂ ᠭᠠᠯ ᠳ᠋ᠤᠷ ᠣᠷᠣᠪᠠᠴᠤ ᠲᠦᠯᠡᠭᠳᠡᠬᠦ ᠦᠭᠡᠢ᠂ ᠤᠰᠤᠨ ᠳ᠋ᠤᠷ ᠣᠷᠣᠪᠠᠴᠤ ᠨᠣᠷᠬᠤ ᠦᠭᠡᠢ᠃
ᠪᠦᠦ ᠫᠢᠶᠣᠣ ᠽᠢ ᠶ᠋ᠢᠨ ᠥᠭᠦᠯᠡᠭᠰᠡᠨ ᠢᠨᠤ
ᠬᠠᠨ ᠵᠢᠦᠢ ᠬᠡᠮᠡᠬᠦ ᠬᠥᠮᠦᠨ ᠱᠤᠳᠠᠭ ᠢ᠋ ᠠᠷᠪᠠᠨ ᠭᠤᠷᠪᠠᠨ ᠵᠢᠯ ᠢᠳᠡᠭᠡᠳ ᠪᠡᠶ᠎ᠡ ᠶ᠋ᠢᠨ ᠳᠡᠭᠡᠷ᠎ᠡ ᠢᠨᠤ ᠦᠰᠦ ᠤᠷᠭᠤᠵᠤ᠂ ᠨᠢᠭᠡᠨ ᠡᠳᠦᠷ ᠲᠦᠮᠡᠨ ᠥᠭᠦᠯᠡᠪᠦᠷᠢ ᠶ᠋ᠢ ᠴᠡᠭᠡᠵᠢ ᠪᠡᠷ ᠤᠩᠰᠢᠵᠤ᠂ ᠡᠪᠦᠯ ᠦ᠋ᠨ ᠬᠦᠢᠲᠡᠨ ᠳ᠋ᠦ᠍ ᠨᠢᠴᠦᠭᠦᠯᠡᠪᠡᠴᠦ ᠦᠯᠦ ᠲᠠᠭᠠᠷᠠᠮᠤᠢ᠃ ᠭᠡᠪᠡᠴᠦ ᠡᠷᠬᠡᠪᠰᠢ ᠴᠢᠯᠠᠭᠤᠨ ᠳᠡᠭᠡᠷ᠎ᠡ ᠤᠷᠭᠤᠵᠤ ᠶᠢᠰᠦᠨ ᠦᠶ᠎ᠡ ᠪᠦᠬᠦᠢ ᠪᠥᠭᠡᠳ ᠦᠶ᠎ᠡ ᠪᠦᠷᠢ ᠢᠮᠠᠬᠤ ᠲᠡᠳᠦᠢ ᠶ᠋ᠢ ᠣᠯᠬᠤ ᠬᠡᠷᠡᠭᠲᠡᠢ᠂ ᠬᠡᠷᠪᠡ ᠬᠦᠷᠡᠩ ᠴᠡᠴᠡᠭᠲᠡᠢ ᠪᠣᠯᠪᠠᠰᠤ ᠨᠡᠩ ᠰᠠᠢᠨ ᠶᠤᠮ᠃
ᠢᠳᠡᠭᠡᠨ ᠦ᠌ ᠵᠠᠰᠠᠯ ᠤ᠋ᠨ ᠵᠢᠷᠦᠬᠡᠨ ᠲᠣᠯᠢ ᠬᠡᠮᠡᠬᠦ ᠨᠣᠮ ᠳ᠋ᠤᠷ ᠲᠡᠮᠳᠡᠭᠯᠡᠭᠰᠡᠨ ᠢᠨᠤ
ᠯᠢᠩᠬᠤ᠎ᠠ ᠶ᠋ᠢᠨ ᠦᠨᠳᠦᠰᠦ ᠪᠣᠯᠪᠠᠰᠤ ᠠᠮᠲᠠᠯᠢᠭ ᠲᠡᠭᠰᠢ ᠴᠢᠨᠠᠷᠲᠠᠢ ᠪᠥᠭᠡᠳ ᠬᠣᠣᠷ᠎ᠠ ᠦᠭᠡᠢ᠃ ᠡᠨᠡ ᠪᠣᠯᠪᠠᠰᠤ ᠬᠣᠳᠣᠭᠣᠳᠣ ᠳᠡᠯᠢᠭᠦᠦ ᠶ᠋ᠢ ᠰᠡᠯᠪᠢᠨ ᠲᠡᠮᠦᠷ ᠊ᠢ ᠲᠡᠵᠢᠭᠡᠨ᠂ ᠣᠶᠤᠨ ᠤᠬᠠᠭᠠᠨ ᠊ᠢ ᠰᠡᠷᠭᠡᠭ ᠪᠣᠯᠭᠠᠨ᠂ ᠡᠪᠡᠳᠴᠢᠨ ᠪᠦᠬᠦᠨ ᠊ᠢ ᠠᠷᠢᠯᠭᠠᠨ᠂ ᠤᠳᠠᠭᠠᠨ ᠡᠳᠦᠷ ᠢᠳᠡᠪᠡᠰᠦ ᠤᠮᠳᠠᠭᠠᠰᠬᠤ ᠶ᠋ᠢ ᠵᠣᠭᠰᠣᠭᠠᠨ᠂ ᠴᠣᠭ ᠵᠢᠪᠬᠤᠯᠠᠩ ᠊ᠢ ᠰᠠᠶ᠋ᠢᠵᠢᠷᠠᠭᠤᠯᠤᠮᠤᠢ᠃
ᠿᠢ ᠬᠤᠸᠠ ᠽᠢ ᠶ᠋ᠢᠨ ᠥᠭᠦᠯᠡᠭᠰᠡᠨ ᠢᠨᠤ
ᠪᠠᠳᠪᠠᠷᠠᠶ ᠬᠢᠭᠡᠳ ᠰᠠᠪᠠᠷᠠᠢ ᠶ᠋ᠢᠨ ᠭᠣᠣᠯ ᠢ᠋ ᠠᠨᠤ ᠠᠪᠴᠤ ᠬᠠᠶᠠᠭᠠᠳ ᠤᠳᠠᠭᠠᠨ ᠡᠳᠦᠷ ᠢᠳᠡᠪᠡᠰᠦ ᠰᠡᠳᠬᠢᠯ ᠪᠡᠶᠡᠰᠴᠦ ᠲᠠᠮᠢᠷ ᠢ᠋ ᠰᠠᠢᠵᠢᠷᠠᠭᠤᠯᠤᠨ᠂ ᠤᠮᠳᠠᠭᠠᠰᠬᠤ ᠶ᠋ᠢ ᠵᠣᠭᠰᠣᠭᠠᠵᠤ᠂ ᠪᠡᠯᠬᠡᠭᠦᠰᠦ ᠪᠡᠷ ᠡᠪᠡᠳᠴᠦ ᠬᠥᠷᠥᠩᠭᠡ ᠴᠤᠪᠤᠷᠠᠨ ᠰᠠᠭᠤᠯᠭᠠᠬᠤ ᠶ᠋ᠢ ᠵᠠᠰᠠᠮᠤᠢ ᠬᠡᠮᠡᠵᠦᠬᠦᠢ᠃
ᠿᠢ ᠬᠤᠸᠠ ᠽᠢ ᠶ᠋ᠢᠨ ᠥᠭᠦᠯᠡᠭᠰᠡᠨ ᠢᠨᠦ
ᠯᠢᠩᠬᠤ᠎ᠠ ᠶ᠋ᠢᠨ ᠴᠣᠮᠣᠷᠯᠢᠭ ᠢ᠋ ᠤᠳᠠᠭᠠᠨ ᠡᠳᠦᠷ ᠢᠳᠡᠪᠡᠰᠦ ᠵᠢᠷᠦᠬᠡ ᠶ᠋ᠢ ᠲᠠᠢᠪᠤᠰᠢᠷᠠᠭᠤᠯᠤᠨ ᠥᠩᠭᠡ ᠵᠢᠰᠦ ᠶ᠋ᠢ ᠰᠠᠢᠵᠢᠷᠠᠭᠤᠯᠤᠨ ᠪᠡᠶ᠎ᠡ ᠶ᠋ᠢ ᠬᠥᠩᠭᠡᠷᠡᠭᠦᠯᠦᠮᠦᠢ ᠬᠡᠮᠡᠪᠡ᠃
ᠿᠢ ᠬᠤᠸᠠ ᠽᠢ ᠶ᠋ᠢᠨ ᠥᠭᠦᠯᠡᠭᠰᠡᠨ ᠢᠨᠤ
ᠰᠠᠽᠣᠩ ᠪᠣᠯᠪᠠᠰᠤ ᠠᠮᠲᠠᠯᠢᠭ ᠠᠮᠲᠠᠲᠠᠢ᠂ ᠬᠣᠣᠷ᠎ᠠ ᠦᠭᠡᠢ᠂ ᠡᠭᠦᠨ ᠢ᠋ ᠤᠳᠠᠭᠠᠨ ᠡᠳᠦᠷ ᠢᠳᠡᠪᠡᠰᠦ ᠶᠠᠰᠤ ᠰᠢᠷᠪᠥᠰᠥ ᠶ᠋ᠢ ᠴᠢᠭᠢᠷᠠᠭᠵᠢᠭᠤᠯᠤᠨ ᠳᠤᠰᠤᠯ ᠴᠢᠮᠥᠭᠡ ᠶ᠋ᠢ ᠨᠡᠮᠡᠭᠳᠡᠭᠦᠯᠵᠦ᠂ ᠦᠰᠦ ᠭᠡᠵᠢᠭᠡ ᠶ᠋ᠢ ᠬᠠᠷᠠᠯᠠᠭᠤᠯᠤᠨ ᠬᠡᠦᠬᠡᠳ ᠲᠡᠢ ᠪᠣᠯᠭᠠᠮᠤᠢ ᠬᠡᠮᠡᠪᠡ᠃
ᠦᠰᠦᠭ ᠠᠮᠢᠯᠠᠭᠤᠯᠤᠭᠰᠠᠨ ᠨᠢ᠄ ᠭᠠᠸᠠ
