ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -2>᠂ ᠣᠯᠠᠨ ᠤ ᠬᠥᠯ ᠦᠨ ᠲᠣᠭᠣᠰᠣ Бүргэд харьд үүрэлдэггүй – Ж᠂ Пүрэв <6-р бүлэг ~2>. олны хөлийн тоос
ᠬᠣᠶᠠᠷ᠂ ᠣᠯᠠᠨ ᠤ ᠬᠥᠯ ᠦᠨ ᠲᠣᠭᠣᠰᠣ
ᠬᠤᠪᠢᠯᠠᠢ ᠳᠠᠪᠬᠤᠷ ᠲᠣᠷᠭᠠᠨ ᠠᠰᠠᠷ ᠲᠤ ᠰᠠᠭᠤᠵᠤ ᠠᠷᠢᠬᠪᠥᠶ᠋ᠬᠡ ᠡᠴᠡ ᠢᠷᠡᠭᠦᠯᠦᠭᠰᠡᠨ ᠬᠠᠷᠢᠭᠤ ᠪᠢᠴᠢᠭ ᠢ᠋ ᠤᠩᠰᠢᠵᠤ ᠦᠵᠡᠭᠡᠳ᠂ ᠲᠣᠯᠣᠭᠠᠢ ᠰᠡᠭᠰᠦᠷᠦᠨ ᠪᠠᠢᠭᠰᠠᠨ ᠢ᠋ᠶ᠋ᠠᠨ᠄
— ᠠᠷᠢᠬᠪᠥᠶ᠋ᠬᠡ ᠭᠤᠳᠢᠭ ᠦᠭᠡᠢ ᠵᠠᠩ ᠢ᠋ᠶ᠋ᠠᠨ ᠲᠠᠲᠠᠬᠤ ᠪᠣᠯᠤᠭ᠎ᠠ ᠦᠭᠡᠢ ᠪᠠᠢᠵᠤ ᠳᠠ᠃ ᠴᠢ ᠮᠥᠳᠳᠥ ᠤᠳᠠᠬᠤ ᠦᠭᠡᠢ ᠮᠢᠨᠦ ᠡᠮᠦᠨ᠎ᠡ ᠴᠢᠷᠠᠢ ᠠᠯᠳᠠᠭᠠᠳ ᠵᠣᠭᠰᠣᠵᠤ ᠪᠠᠢᠬᠤ ᠴᠠᠭ ᠢᠷᠡᠬᠦ ᠪᠣᠢ ᠭᠡᠵᠦ ᠬᠡᠯᠡᠭᠡᠳ ᠢᠷᠡᠭᠰᠡᠨ ᠪᠢᠴᠢᠭ ᠢ᠋ ᠬᠤᠮᠢᠵᠤ ᠪᠠᠵᠠᠨ ᠬᠠᠶᠠᠭᠰᠠᠨ ᠢ᠋ᠶ᠋ᠠᠨ ᠪᠠᠷ᠎ᠠ ᠪᠣᠯᠤᠭᠴᠢ ᠪᠠᠨ ᠳᠠᠭᠤᠳᠠᠵᠤ᠂ ᠶᠢᠰᠦᠩᠭᠡ ᠨᠣᠶᠠᠨ ᠢ᠋ ᠢᠷᠡᠭᠦᠯ ᠭᠡᠯᠡ᠃
ᠤᠳᠠᠵᠤ ᠲᠦᠳᠡᠭᠰᠡᠨ ᠦᠭᠡᠢ ᠵᠠᠯᠮᠠᠭᠠᠢ ᠰᠢᠷ᠎ᠠ ᠴᠢᠷᠠᠢ ᠳ᠋ᠤ᠌ ᠪᠠᠨ ᠶᠡᠬᠡᠮᠰᠦᠭ ᠪᠠᠢᠳᠠᠯ ᠲᠤᠰᠬᠠᠭᠰᠠᠨ ᠰᠦᠷᠯᠢᠭ ᠲᠣᠮᠣ ᠪᠡᠶ᠎ᠡ ᠲᠡᠢ ᠡᠷ᠎ᠡ ᠦᠷᠭᠦᠭᠡᠨ ᠳ᠋ᠦ᠍ ᠣᠷᠣᠵᠤ ᠢᠷᠡᠭᠡᠳ᠂ ᠲᠠᠰᠢᠶᠠᠨ ᠳ᠋ᠠᠬᠢ ᠲᠠᠬᠢᠷ ᠰᠡᠯᠡᠮ᠎ᠡ ᠪᠡᠨ ᠭᠡᠳᠡᠷᠭᠦ ᠪᠠᠷᠢᠨ ᠪᠥᠬᠥᠢᠨ ᠶᠣᠰᠣ ᠬᠢᠵᠦ ᠠᠮᠤᠭᠤᠯᠠᠩ ᠡᠷᠢᠪᠡ᠃ ᠬᠠᠭᠠᠨ ᠳ᠋ᠤ᠌ ᠪᠠᠷᠠᠯᠬᠠᠬᠤ ᠳ᠋ᠤ᠌ ᠪᠠᠨ ᠪᠡᠶ᠎ᠡ ᠳ᠋ᠦ᠍ ᠪᠡᠨ ᠵᠡᠪᠰᠡᠭ ᠲᠡᠢ ᠪᠠᠢᠵᠤ ᠪᠣᠯᠳᠠᠭ ᠬᠡᠳᠦᠬᠡᠨ ᠬᠥᠮᠦᠨ ᠦ᠌ ᠨᠢᠭᠡ ᠨᠢ ᠶᠢᠰᠦᠩᠭᠡ ᠨᠣᠶᠠᠨ ᠪᠢᠯᠡ᠃ ᠬᠤᠪᠢᠯᠠᠢ ᠡᠨᠡ ᠡᠷ᠎ᠡ ᠶ᠋ᠢ ᠬᠠᠵᠠᠭᠤ ᠳ᠋ᠤ᠌ ᠪᠠᠨ ᠰᠠᠭᠤᠯᠭᠠᠵᠤ᠂ ᠨᠢᠭᠤᠷ ᠥᠭᠡᠳᠡ ᠨᠢ ᠡᠭᠴᠡᠯᠡᠨ ᠬᠠᠷᠠᠵᠤ ᠠᠵᠢᠭᠰᠠᠨ ᠢ᠋ᠶ᠋ᠠᠨ᠄
— ᠭᠠᠳᠠᠭᠤᠷ ᠴᠢᠬᠢᠨ ᠳ᠋ᠦ᠍ ᠴᠢᠮᠡᠭᠲᠡᠢ ᠶᠠᠭᠤ ᠰᠣᠨᠣᠰᠤᠭᠳᠠᠵᠤ ᠪᠠᠢᠨ᠎ᠠ ᠪᠣᠢ? ᠭᠡᠮᠡᠨ ᠠᠰᠠᠭᠤᠯ᠎ᠠ᠃ ᠲᠦᠮᠡᠲᠦ ᠶ᠋ᠢᠨ ᠨᠣᠶᠠᠨ ᠡᠵᠡᠨ ᠢ᠋ᠶ᠋ᠡᠨ ᠬᠦᠨᠳᠦᠯᠡᠭᠰᠡᠨ ᠪᠠᠢᠳᠠᠯ ᠢ᠋ᠶ᠋ᠠᠷ ᠪᠥᠬᠥᠢᠵᠦ᠄
— ᠪᠠᠢᠳᠠᠯ ᠲᠠᠢᠪᠤᠩ ᠰᠢᠨᠵᠢᠲᠡᠢ ᠪᠠᠢᠨ᠎ᠠ᠃ ᠠᠷᠢᠬᠪᠥᠶ᠋ᠬᠡ ᠶ᠋ᠢᠨ ᠬᠠᠲᠤᠳ ᠪᠠᠢᠳᠠᠷᠠᠭ ᠤ᠋ᠨ ᠭᠣᠣᠯ ᠣᠷᠣᠭᠰᠠᠨ ᠰᠤᠷᠠᠭ ᠲᠠᠢ᠃ ᠴᠡᠷᠢᠭᠯᠡᠨ ᠮᠣᠷᠳᠠᠪᠠᠯ ᠲᠡᠭᠦᠨ ᠢ᠋ ᠬᠥᠭᠡᠭᠡᠭᠡᠳ ᠪᠠᠷᠢᠭᠠᠳ ᠠᠪᠴᠤ ᠪᠣᠯᠬᠤ ᠪᠠᠢᠬᠤ᠃ ᠲᠦᠪᠡᠭ ᠤᠤ ᠳᠠ ᠭᠡᠵᠦ ᠪᠣᠳᠣᠵᠤ ᠪᠠᠢᠨ᠎ᠠ᠃ ᠲᠡᠭᠡᠬᠦ ᠳ᠋ᠦ᠍ ᠪᠡᠨ ᠳᠡᠭᠡᠳᠦᠰ ᠦ᠋ᠨ ᠲᠠᠭᠠᠯᠠᠯ ᠪᠣᠯᠭᠣᠭᠠᠬᠤ ᠬᠡᠷᠡᠭ ᠭᠡᠵᠦ ᠬᠠᠷᠢᠭᠤᠯᠪᠠ᠃ ᠬᠤᠪᠢᠯᠠᠢ ᠠᠢᠯᠠᠳᠬᠠᠯ ᠴᠢᠩᠨᠠᠵᠤ ᠰᠠᠭᠤᠭᠰᠠᠨ ᠢ᠋ᠶ᠋ᠠᠨ᠄
— ᠲᠦᠪᠡᠭ ᠭᠡᠳᠡᠭ ᠴᠢᠨᠢ ᠵᠥᠪ ᠪᠢᠵᠡ᠃ ᠠᠷᠢᠬᠪᠥᠶ᠋ᠬᠡ ᠲᠣᠮᠣ ᠳᠠᠭᠤ ᠭᠠᠷᠭᠠᠬᠤ ᠰᠠᠨᠠᠭᠠᠲᠠᠢ ᠬᠡᠪ ᠢ᠋ᠶ᠋ᠡᠷ ᠢ᠋ᠶ᠋ᠡᠨ ᠪᠠᠢᠭ᠎ᠠ ᠪᠣᠯᠪᠠᠴᠤ ᠲᠡᠭᠦᠨ ᠳ᠋ᠦ᠍ ᠴᠡᠷᠢᠭ᠂ ᠡᠳ᠋ ᠶᠠᠭᠤᠮ᠎ᠠ᠂ ᠰᠠᠨᠠᠭ᠎ᠠ ᠰᠡᠳᠬᠢᠯ ᠦ᠋ᠨ ᠲᠡᠩᠬᠡᠭᠡ ᠠᠯᠢ ᠨᠢ ᠴᠦ᠍ ᠪᠠᠢᠬᠤ ᠦᠭᠡᠢ ᠪᠣᠯᠤᠭᠰᠠᠨ᠃ ᠬᠠᠮᠤᠭ ᠴᠡᠷᠢᠭ ᠨᠢ ᠲᠠᠷᠬᠠᠵᠤ ᠪᠤᠲᠠᠷᠠᠭᠠᠳ ᠣᠷᠣᠨ ᠭᠡᠷ ᠢ᠋ᠶ᠋ᠡᠨ ᠪᠠᠷᠠᠳᠠᠭᠰᠠᠨ ᠰᠤᠷᠠᠭ ᠲᠠᠢ ᠪᠢᠯᠡ᠃ ᠲᠡᠷᠡ ᠬᠥᠮᠦᠨ ᠭᠠᠷ ᠮᠤᠬᠤᠷ ᠪᠣᠯᠵᠤ ᠨᠢᠭᠡ ᠵᠢᠯᠠᠭ᠎ᠠ ᠰᠠᠬᠢᠨ᠂ ᠮᠣᠳᠣᠨ ᠤ᠋ ᠮᠥᠴᠢᠷ ᠬᠤᠭᠤᠯᠵᠤ ᠲᠦᠯᠡᠭᠡᠳ ᠰᠠᠭᠤᠵᠤ ᠪᠠᠢᠭ᠎ᠠ ᠪᠣᠯᠤᠯᠲᠠᠢ᠃ ᠲᠡᠭᠦᠨ ᠦ᠌ ᠭᠠᠷ ᠲᠤ ᠮᠣᠳᠣ ᠬᠠᠭᠠᠯᠬᠤ ᠰᠦᠬᠡ ᠴᠦ᠍ ᠪᠠᠢᠬᠤ ᠦᠭᠡᠢ ᠭᠡᠨ᠎ᠡ᠃ ᠡᠢᠮᠦ ᠦᠶ᠎ᠡ ᠳ᠋ᠦ᠍ ᠡᠬᠡᠨᠡᠷ ᠬᠡᠦᠬᠡᠳ ᠡᠴᠡ ᠨᠢ ᠰᠠᠯᠭᠠᠵᠤ ᠲᠥᠭᠡᠷᠢᠭᠦᠯᠦᠭᠡᠳ ᠶᠠᠭᠠᠬᠢᠬᠤ ᠪᠣᠢ ᠪᠢᠵᠡ᠃ ᠬᠡᠳᠦᠢ ᠪᠡᠷ ᠨᠠᠳᠠᠳᠤ ᠳᠠᠢᠰᠤᠩᠨᠠᠵᠤ ᠶᠠᠪᠤᠭ᠎ᠠ ᠴᠦ᠍ ᠭᠡᠰᠡᠨ ᠪᠢ ᠳᠡᠭᠦᠦ ᠪᠡᠨ ᠭᠡᠵᠦ ᠪᠣᠳᠣᠬᠤ ᠰᠡᠳᠬᠢᠯ ᠲᠡᠢ ᠪᠠᠢᠭ᠎ᠠ᠁ ᠭᠡᠵᠦ ᠬᠡᠯᠡᠪᠡᠯ ᠶᠢᠰᠦᠩᠭᠡ ᠳᠠᠯᠤ ᠮᠥᠷᠥ ᠪᠡᠨ ᠬᠥᠳᠡᠯᠭᠡᠨ ᠪᠣᠳᠣᠯ ᠪᠣᠯᠤᠭᠰᠠᠨ ᠳᠦᠷᠢ ᠦᠵᠡᠭᠦᠯᠦᠭᠡᠳ᠄
— ᠳᠡᠭᠡᠳᠦᠰ ᠦ᠋ᠨ ᠲᠠᠭᠠᠯᠠᠯ ᠳ᠋ᠤ᠌ ᠪᠣᠭᠣᠯ ᠪᠢ ᠪᠢᠰᠢᠷᠡᠵᠦ ᠪᠠᠢᠨ᠎ᠠ ᠭᠡᠪᠡ᠃
ᠬᠤᠪᠢᠯᠠᠢ ᠳᠡᠷᠭᠡᠳᠡ ᠪᠡᠨ ᠪᠠᠢᠭ᠎ᠠ ᠮᠣᠳᠣᠨ ᠬᠤᠯᠤ ᠲᠠᠢ ᠬᠦᠢᠲᠡᠨ ᠠᠢᠷᠠᠭ ᠢ᠋ ᠠᠪᠴᠤ ᠬᠤᠷᠰᠢᠭᠠᠳ ᠵᠠᠯᠭᠢᠯᠠᠭᠰᠠᠨ ᠢ᠋ᠶ᠋ᠠᠨ ᠰᠠᠬᠠᠯ ᠢ᠋ᠶ᠋ᠠᠨ ᠰᠢᠮᠡᠵᠦ᠂ ᠪᠣᠳᠣᠯᠬᠢᠯᠠᠭᠠᠳ᠄
— ᠶᠢᠰᠦᠩᠭᠡ! ᠪᠢ ᠴᠢᠮᠠᠲᠤ ᠶᠡᠬᠡ ᠲᠣᠮᠣ ᠢᠲᠡᠭᠡᠯ ᠬᠦᠯᠢᠶᠡᠯᠭᠡᠬᠦ ᠭᠡᠵᠦ ᠰᠢᠢᠳᠦᠯ᠎ᠡ᠃ ᠲᠦᠮᠡᠲᠦ ᠶ᠋ᠢᠨ ᠨᠣᠶᠠᠨ ᠴᠢᠮᠠᠲᠤ ᠡᠨᠡ ᠬᠠᠷᠠᠬᠣᠷᠣᠮ ᠢ᠋ ᠵᠠᠬᠢᠷᠤᠨ ᠰᠠᠭᠤᠬᠤ ᠠᠯᠪᠠ ᠶ᠋ᠢ ᠡᠭᠦᠷᠦᠭᠦᠯᠬᠦ ᠨᠢ ᠠ᠋᠃ ᠡᠨᠡ ᠴᠢᠨᠢ ᠮᠣᠩᠭᠣᠯ ᠨᠤᠲᠤᠭ ᠢ᠋ᠶ᠋ᠠᠨ ᠪᠦᠬᠦᠯᠢ ᠳ᠋ᠦ᠍ ᠨᠢ ᠬᠠᠮᠤᠷᠤᠨ ᠴᠠᠭᠳᠠᠵᠤ ᠪᠠᠢᠬᠤ ᠭᠡᠰᠡᠨ ᠦᠭᠡ᠃ ᠪᠢ ᠱᠠᠩᠳᠤ ᠬᠣᠲᠠ ᠤᠷᠤᠭᠤ ᠲᠦᠷᠭᠡᠨ ᠪᠤᠴᠠᠬᠤ ᠶᠣᠰᠣᠲᠠᠢ ᠪᠣᠯᠤᠯ᠎ᠠ᠃ ᠲᠡᠨᠳᠡ ᠶᠠᠭᠤᠮ᠎ᠠ ᠶᠠᠭᠤᠮ᠎ᠠ ᠡᠵᠡᠨ ᠦᠭᠡᠢ᠃ ᠠᠷᠤ ᠬᠣᠲᠣᠷᠭᠠ ᠪᠠᠷ ᠬᠢᠲᠠᠳ ᠤ᠋ᠳ ᠶᠠᠭᠠᠬᠢᠵᠤ ᠴᠦ᠍ ᠮᠡᠳᠡᠨ᠎ᠡ᠃ ᠲᠡᠳᠡ ᠪᠥᠭᠰᠡ ᠥᠨᠳᠡᠢᠪᠡᠯ ᠤᠯᠠᠭᠠᠨ ᠴᠠᠴᠤᠭ ᠲᠠᠢ ᠮᠣᠳᠣᠨ ᠵᠢᠳᠠ ᠪᠠᠷᠢᠭᠠᠳ ᠪᠣᠰᠳᠠᠭ ᠢ᠋ ᠪᠢᠳᠡ ᠶᠠᠮᠠᠷ ᠮᠡᠳᠡᠬᠦ ᠦᠭᠡᠢ ᠪᠢᠰᠢ᠃ ᠡᠮᠦᠨ᠎ᠡ ᠭᠠᠵᠠᠷ ᠪᠠᠶᠠᠨ ᠵᠠᠩᠵᠤᠨ ᠪᠠᠢᠭ᠎ᠠ ᠴᠦ᠍ ᠭᠡᠰᠡᠨ ᠲᠡᠷᠡ ᠡᠷ᠎ᠡ ᠪᠦᠷ ᠡᠮᠦᠨ᠎ᠡ ᠵᠦᠭ ᠤᠷᠤᠭᠤ ᠯᠠ ᠰᠠᠨᠠᠭ᠎ᠠ ᠲᠠᠯᠪᠢᠵᠤ ᠶᠠᠪᠤᠭ᠎ᠠ᠃ ᠲᠡᠷᠡ ᠪᠡᠷ ᠳᠡᠪᠡᠯ ᠦ᠋ᠨ ᠢ᠋ᠶ᠋ᠡᠨ ᠬᠣᠢᠲᠤ ᠬᠣᠷᠮᠣᠢ ᠶ᠋ᠢ ᠰᠢᠳᠡᠵᠦ ᠪᠠᠢᠬᠤ ᠳ᠋ᠤ᠌ ᠮᠡᠳᠡᠬᠦ ᠦᠭᠡᠢ ᠬᠥᠮᠦᠨ ᠰᠢᠦ᠃ ᠲᠡᠭᠡᠭᠡᠳ ᠶᠡᠷᠦ ᠨᠢ ᠮᠠᠨ ᠤ᠋ ᠤᠯᠤᠰ ᠤ᠋ᠨ ᠨᠢᠭᠡ ᠲᠤᠯᠭᠠᠭᠤᠷᠢ ᠪᠣᠯᠵᠤ ᠪᠠᠢᠭ᠎ᠠ ᠬᠢᠲᠠᠳ ᠢ᠋ ᠪᠢᠳᠡ ᠳᠡᠷᠭᠡᠳᠡ ᠡᠴᠡ ᠨᠢ᠂ ᠪᠣᠯᠵᠤ ᠥᠭᠪᠡᠯ ᠪᠦᠷ ᠳᠣᠲᠣᠷ᠎ᠠ ᠠ᠋ᠴᠠ ᠨᠢ ᠵᠠᠬᠢᠷᠬᠤ ᠶᠣᠰᠣᠲᠠᠢ᠁ ᠭᠡᠮᠡᠨ ᠤᠷᠢᠳ ᠨᠢ ᠢᠩᠭᠢᠵᠦ ᠪᠠᠢᠭ᠎ᠠ ᠦᠭᠡᠢ ᠪᠡᠷ ᠤᠳᠠᠭᠠᠨ ᠲᠠᠢᠯᠪᠤᠷᠢᠯᠠᠪᠠ᠃
ᠶᠢᠰᠦᠩᠭᠡ ᠵᠠᠩᠵᠤᠨ ᠬᠤᠪᠢᠯᠠᠢ ᠶ᠋ᠢᠨ ᠦᠭᠡ ᠶ᠋ᠢ ᠨᠣᠮ ᠬᠦᠷᠲᠡᠵᠦ ᠪᠠᠢᠭ᠎ᠠ ᠠᠳᠠᠯᠢ ᠴᠢᠮᠡᠭᠡ ᠦᠭᠡᠢ ᠰᠠᠭᠤᠨ ᠴᠢᠩᠨᠠᠵᠤ ᠪᠠᠢᠯ᠎ᠠ᠃ ᠬᠤᠪᠢᠯᠠᠢ ᠴᠦ᠍ ᠰᠠᠬᠠᠯ ᠢ᠋ᠶ᠋ᠠᠨ ᠢᠯᠪᠢᠨ《ᠡᠨᠡ ᠶᠠᠭᠤ ᠭᠡᠳᠡᠭ ᠪᠣᠯ?》 ᠭᠡᠰᠡᠨ ᠶᠠᠩᠵᠤ ᠪᠠᠷ ᠳᠡᠷᠭᠡᠳᠡᠬᠢ ᠨᠣᠶᠠᠨ ᠤ᠋ ᠪᠠᠨ ᠨᠢᠭᠤᠷ ᠥᠭᠡᠳᠡ ᠡᠭᠴᠡ ᠬᠠᠷᠠᠵᠤ ᠪᠠᠬᠠᠨ ᠠᠵᠢᠭᠰᠠᠨ ᠢ᠋ᠶ᠋ᠠᠨ ᠰᠤᠯᠠᠬᠠᠨ ᠢᠨᠢᠶᠡᠵᠦ ᠠᠯᠠᠭ᠎ᠠ ᠪᠠᠨ ᠬᠣᠭᠣᠷᠣᠨᠳᠣ ᠨᠢ ᠦᠷᠦᠴᠢᠭᠡᠳ᠄
— ᠵᠠ᠂ ᠢᠩᠭᠢᠵᠦ ᠲᠣᠬᠢᠷᠠᠯ᠎ᠠ ᠰᠢᠦ ᠳᠡ᠃ ᠶᠢᠰᠦᠩᠭᠡ ᠮᠢᠨᠢ! ᠪᠠᠢᠳᠠᠯ ᠲᠠᠢᠪᠤᠰᠢᠷᠠᠵᠤ ᠳᠠᠭᠤᠰᠤᠭ᠎ᠠ ᠦᠭᠡᠢ ᠪᠠᠢᠭ᠎ᠠ᠃ ᠠᠷᠢᠬᠪᠥᠶ᠋ᠬᠡ ᠶ᠋ᠢ ᠪᠢᠳᠡ ᠣᠳᠣ ᠨᠢᠳᠦ ᠦᠵᠦᠭᠦᠷᠯᠡᠨ ᠳᠠᠭᠠᠷᠢᠵᠤ ᠪᠠᠢᠨ᠎ᠠ᠃ ᠭᠡᠲᠡᠯ᠎ᠡ ᠲᠡᠭᠦᠨ ᠦ᠌ ᠴᠠᠭᠠᠨ᠎ᠠ ᠬᠡᠪᠡᠯᠢ ᠳ᠋ᠦ᠍ ᠪᠡᠨ ᠪᠡᠯᠲᠡᠷᠭᠡ ᠳᠡᠭᠡᠬᠡᠨ᠂ ᠲᠡᠭᠦᠨ ᠢ᠋ ᠪᠡᠨ ᠭᠠᠷᠭᠠᠵᠤ ᠪᠣᠢᠵᠢᠭᠤᠯᠬᠤ ᠰᠠᠨᠠᠭᠠᠲᠠᠢ ᠠᠮᠢᠲᠠᠳ ᠪᠢᠰᠢᠭᠦᠢ ᠣᠯᠠᠨ ᠪᠣᠢ᠃ ᠲᠡᠢᠮᠦ ᠬᠥᠮᠦᠰ ᠯᠡ ᠠᠷᠢᠬᠪᠥᠶ᠋ᠬᠡ ᠶ᠋ᠢ ᠬᠠᠪᠢᠷᠭᠠᠨ ᠠ᠋ᠴᠠ ᠨᠢ ᠬᠠᠳᠬᠤᠭᠠᠳ ᠪᠠᠢᠭ᠎ᠠ ᠶ᠋ᠢ ᠪᠢ ᠠᠵᠢᠭᠯᠠᠭᠰᠠᠨ᠃ ᠠᠪᠠᠭ᠎ᠠ ᠠᠬ᠎ᠠ ᠥᠭᠡᠳᠡᠢ ᠶ᠋ᠢᠨ ᠠᠴᠢ ᠨᠠᠷ ᠶᠠᠭᠤ ᠪᠣᠳᠣᠵᠤ ᠪᠠᠢᠭ᠎ᠠ ᠶ᠋ᠢ ᠪᠢᠳᠡ ᠮᠠᠷᠲᠠᠬᠤ ᠤᠴᠢᠷ ᠦᠭᠡᠢ᠃ ᠲᠡᠳᠡ ᠪᠣᠯᠵᠤ ᠥᠭᠪᠡᠯ ᠮᠠᠨ ᠤ᠋ ᠠᠪᠤ ᠶ᠋ᠢᠨ ᠬᠠᠮᠤᠭ ᠦᠷ᠎ᠡ ᠤᠳᠤᠮ ᠢ᠋ ᠦᠨᠡᠰᠦ ᠰᠢᠷᠣᠢ ᠪᠣᠯᠭᠠᠨ ᠬᠡᠢᠰᠬᠡᠵᠦ ᠬᠠᠶᠠᠭᠠᠳ ᠮᠣᠩᠭᠣᠯ ᠭᠦᠷᠦᠨ ᠦ᠌ ᠡᠵᠡᠳ ᠪᠣᠯᠬᠤ ᠡᠷᠡᠮᠡᠯᠵᠡᠯ ᠲᠡᠢ ᠶᠠᠪᠤᠭ᠎ᠠ᠃ ᠡᠢᠮᠦ ᠦᠶ᠎ᠡ ᠳ᠋ᠦ᠍ ᠪᠢᠳᠡᠨ ᠦ᠌ ᠬᠡᠨ ᠨᠢ ᠴᠦ᠍ ᠢᠯᠭᠠᠭ᠎ᠠ ᠦᠭᠡᠢ ᠰᠡᠷᠡᠮᠵᠢ ᠠᠯᠳᠠᠪᠠᠯ ᠰᠦᠪᠡᠭᠡ ᠤᠷᠤᠭᠤ ᠪᠠᠨ ᠬᠢᠲᠤᠭ᠎ᠠ ᠰᠢᠭᠠᠯᠭᠠᠨᠠ ᠭᠡᠵᠦ ᠪᠣᠳᠣᠵᠤ ᠪᠠᠢᠬᠤ ᠨᠢ ᠠᠮᠢᠨ ᠳ᠋ᠤ᠌ ᠥᠯᠵᠡᠢᠲᠡᠢ᠂ ᠲᠥᠷᠥ ᠳ᠋ᠦ᠍ ᠬᠠᠯᠠᠮᠵᠢᠲᠠᠢ ᠬᠡᠷᠡᠭ ᠪᠣᠯᠬᠤ ᠪᠢᠵᠡ᠁ ᠭᠡᠵᠦ ᠪᠦᠷ ᠲᠠᠢᠪᠤᠩ ᠶᠠᠩᠵᠤ ᠪᠠᠷ ᠦᠭᠡ ᠪᠡᠨ ᠵᠥᠭᠡᠭᠡᠵᠦ ᠲᠠᠯᠪᠢᠨ ᠶᠠᠷᠢᠭᠠᠳ ᠠᠢᠷᠠᠭ ᠵᠠᠯᠭᠢᠯᠠᠨᠠ᠃
ᠶᠢᠰᠦᠩᠭᠡ ᠨᠣᠶᠠᠨ ᠰᠦᠷᠯᠢᠭ ᠲᠣᠮᠣ ᠴᠡᠭᠡᠵᠢ ᠪᠡᠨ ᠬᠥᠳᠡᠯᠭᠡᠨ ᠪᠠᠢᠵᠤ᠄
— ᠡᠵᠡᠨᠲᠡᠨ ᠮᠢᠨᠢ! ᠲᠠ ᠠᠭᠤᠵᠢᠮ ᠰᠠᠷᠠᠭᠤᠯ ᠤᠬᠠᠭᠠᠨ ᠢ᠋ᠶ᠋ᠠᠷ ᠵᠥᠪ ᠢ᠋ ᠪᠣᠯᠭᠣᠭᠠᠵᠤ ᠪᠠᠢᠨ᠎ᠠ᠃ ᠥᠭᠡᠳᠡᠢ ᠠᠬ᠎ᠠ ᠶ᠋ᠢᠨ ᠲᠠᠨᠢ ᠠᠴᠢ ᠬᠠᠢᠳᠤ ᠨᠣᠶᠠᠨ ᠣᠳᠣ ᠪᠠᠯᠴᠢᠷ ᠪᠢᠰᠢ ᠪᠣᠯᠤᠭᠰᠠᠨ᠃ ᠲᠡᠷᠡ ᠨᠣᠶᠠᠨ ᠶᠠᠭᠤ ᠪᠣᠳᠣᠵᠤ ᠪᠠᠢᠭ᠎ᠠ ᠶ᠋ᠢ ᠲᠠᠭᠠᠮᠠᠭᠯᠠᠬᠤ ᠳ᠋ᠤ᠌ ᠲᠦᠪᠡᠭᠲᠡᠢ ᠪᠢᠰᠢ ᠠ᠋᠃ ᠶᠡᠷᠦ ᠨᠢ ᠠᠬᠠᠨ ᠳᠡᠭᠦᠦ ᠬᠥᠮᠦᠰ ᠦ᠋ᠨ ᠬᠣᠭᠣᠷᠣᠨᠳᠣ ᠪᠤᠳᠠᠩ ᠬᠤᠳᠬᠤᠭᠴᠢᠳ ᠭᠠᠵᠠᠷ ᠰᠠᠢ ᠦᠭᠡᠢ ᠪᠠᠢᠳᠠᠭ ᠪᠣᠯᠤᠯᠲᠠᠢ᠃ ᠶᠡᠬᠡ ᠬᠠᠭᠠᠨᠲᠠᠨ ᠲᠠᠨ ᠤ᠋ ᠵᠠᠷᠯᠢᠭ ᠢ᠋ ᠪᠡᠶᠡᠯᠡᠭᠦᠯᠬᠦ ᠶ᠋ᠢᠨ ᠲᠤᠯᠠᠳᠠ ᠪᠣᠭᠣᠯ ᠨᠢ ᠬᠠᠮᠤᠭ ᠴᠢᠳᠠᠯ ᠢ᠋ᠶ᠋ᠠᠨ ᠰᠢᠪᠬᠠᠨ ᠵᠢᠳᠬᠦᠨ᠎ᠡ ᠭᠡᠵᠦ ᠠᠨᠳᠠᠭᠠᠢᠯᠠᠬᠤ ᠰᠢᠬᠠᠨ ᠬᠡᠯᠡᠬᠦ ᠳ᠋ᠦ᠍ ᠪᠡᠨ ᠥᠪᠡᠷ ᠢ᠋ ᠪᠡᠨ《ᠮᠣᠩᠭᠣᠯ ᠤ᠋ᠨ ᠨᠢᠭᠡ ᠡᠵᠡᠨ ᠪᠣᠯᠤᠯ᠎ᠠ》 ᠭᠡᠮᠡᠨ ᠳᠣᠲᠣᠷ᠎ᠠ ᠪᠠᠨ ᠪᠡᠶᠡᠰᠦᠨ᠂ ᠲᠡᠭᠦᠨ ᠢ᠋ ᠪᠡᠨ ᠭᠠᠷᠭᠠᠵᠤ ᠬᠡᠯᠡᠬᠦ ᠦᠭᠡ ᠪᠡᠨ ᠣᠯᠵᠤ ᠶᠠᠳᠠᠭᠰᠠᠨ ᠨᠢ ᠡᠨᠡ᠃
ᠬᠤᠪᠢᠯᠠᠢ ᠳᠡᠷᠭᠡᠳᠡᠬᠢ ᠨᠣᠶᠠᠨ ᠤ᠋ ᠪᠠᠨ ᠦᠭᠡᠨ ᠳ᠋ᠦ᠍ ᠳᠠᠭᠠᠯᠠᠭᠰᠠᠨ ᠪᠠᠢᠳᠠᠯ ᠢ᠋ᠶ᠋ᠠᠷ ᠢᠨᠢᠶᠡᠵᠦ᠄
— ᠴᠢ ᠠᠯᠤᠰ ᠢ᠋ ᠣᠪᠣᠭ᠎ᠠ ᠬᠣᠯᠠ ᠠ᠋ᠴᠠ ᠬᠠᠷᠠᠵᠤ ᠴᠢᠳᠠᠳᠠᠭ ᠪᠣᠯᠵᠤ ᠰᠢᠦ᠃ ᠬᠠᠢᠳᠤ ᠪᠠᠭ᠎ᠠ ᠪᠠᠯᠴᠢᠷ ᠬᠡᠦᠬᠡᠳ ᠪᠢᠰᠢ ᠭᠡᠳᠡᠭ ᠦᠨᠡᠨ ᠦᠭᠡ᠃ ᠲᠡᠷᠡ ᠬᠥᠮᠦᠨ ᠮᠥᠩᠬᠡ ᠠᠬ᠎ᠠ ᠶ᠋ᠢᠨ ᠵᠢᠭᠠᠵᠤ ᠥᠭᠭᠦᠭᠰᠡᠨ ᠭᠠᠵᠠᠷ ᠲᠤ ᠳᠡᠷᠭᠡᠳᠡ ᠪᠡᠨ ᠬᠡᠳᠦᠨ ᠪᠡᠯᠲᠡᠷᠭᠡ ᠲᠡᠵᠢᠭᠡᠵᠦ ᠪᠠᠢᠨ᠎ᠠ᠃ ᠠᠷᠢᠬᠪᠥᠶ᠋ᠬᠡ ᠲᠡᠭᠦᠨ ᠲᠡᠢ ᠨᠡᠢᠯᠡᠪᠡᠯ ᠬᠣᠲᠠ ᠶ᠋ᠢᠨ ᠵᠠᠬ᠎ᠠ ᠳ᠋ᠤ᠌ ᠲᠦᠢᠮᠡᠷ ᠠᠰᠠᠭᠠᠨ᠎ᠠ ᠭᠡᠰᠡᠨ ᠦᠭᠡ᠃ ᠭᠡᠬᠦ ᠳ᠋ᠦ᠍ ᠪᠡᠨ ᠣᠳᠣ ᠪᠠᠷ ᠠᠷᠠᠢ ᠴᠦ᠍ ᠲᠡᠭᠡᠵᠦ ᠠᠮᠵᠢᠬᠤ ᠦᠭᠡᠢ ᠪᠢᠵᠡ ᠠ᠋᠃ ᠠᠷᠢᠬᠪᠥᠶ᠋ᠬᠡ ᠰᠡᠳᠬᠢᠯ ᠦ᠋ᠨ ᠬᠥᠳᠡᠯᠦᠯ ᠶᠡᠬᠡ ᠲᠡᠢ ᠪᠣᠯᠬᠣᠷ ᠠᠮᠠᠷᠬᠠᠨ ᠭᠤᠳᠤᠷᠠᠳᠠᠭ ᠪᠠᠢᠵᠤ ᠮᠠᠭᠠᠳ ᠦᠭᠡᠢ᠃ ᠲᠡᠢᠮᠦ ᠪᠣᠯ ᠣᠳᠣ ᠰᠠᠨᠠᠭ᠎ᠠ ᠪᠠᠷ ᠤᠨᠠᠭᠠᠳ ᠨᠢᠭᠡ ᠬᠡᠰᠡᠭ ᠲᠦ᠍ ᠪᠡᠨ ᠶᠠᠭᠠᠬᠢᠬᠤ ᠴᠦ᠍ ᠤᠴᠢᠷ ᠢ᠋ᠶ᠋ᠠᠨ ᠣᠯᠬᠤ ᠦᠭᠡᠢ ᠪᠠᠯᠠᠮᠠᠭᠳᠠᠨ ᠲᠡᠨᠦᠭᠦᠴᠢᠯᠡᠬᠦ ᠪᠢᠵᠡ᠃ ᠭᠡᠬᠦ ᠳ᠋ᠦ᠍ ᠪᠡᠨ ᠲᠡᠭᠦᠨ ᠢ᠋《ᠬᠠᠭᠠᠨ》 ᠭᠡᠵᠦ ᠡᠷᠭᠦᠮᠵᠢᠯᠡᠭᠰᠡᠨ ᠨᠣᠶᠠᠳ ᠤ᠋ᠳ ᠲᠡᠪᠡᠨᠡ ᠤᠯᠠᠢᠰᠬᠠᠵᠤ ᠬᠠᠳᠬᠤᠬᠤ ᠪᠠᠨ ᠮᠡᠳᠡᠨ᠎ᠡ᠃ ᠪᠠᠷᠠᠭᠤᠨ ᠳᠤᠮᠳᠠᠳᠤ ᠣᠷᠣᠨ ᠤ᠋ ᠪᠣᠯᠤᠨ ᠢᠷᠡᠨ᠂ ᠠᠯᠲᠠᠨ ᠣᠷᠳᠣᠨ ᠤ᠋ ᠡᠵᠡᠨ ᠨᠣᠶᠠᠳ᠂ ᠬᠠᠨ ᠨᠤᠭᠤᠳ ᠪᠠᠰᠠ ᠠᠷᠢᠬᠪᠥᠶ᠋ᠬᠡ ᠶ᠋ᠢ ᠮᠥᠷᠥᠨ ᠳᠡᠭᠡᠷ᠎ᠡ ᠪᠡᠨ ᠰᠠᠭᠤᠯᠭᠠᠬᠤ ᠰᠠᠨᠠᠭᠠᠲᠠᠢ ᠪᠠᠢᠳᠠᠭ᠃ ᠬᠠᠷᠠᠬᠣᠷᠣᠮ ᠮᠢᠨᠦ ᠭᠠᠷ ᠲᠤ ᠣᠷᠣᠭᠰᠠᠨ ᠪᠣᠯᠬᠣᠷ ᠲᠡᠳᠡ ᠤᠭ ᠰᠠᠨᠠᠭ᠎ᠠ ᠪᠠᠨ ᠥᠭᠡᠷᠡᠴᠢᠯᠡᠵᠦ ᠮᠠᠭᠠᠳ ᠦᠭᠡᠢ᠃ ᠬᠥᠮᠦᠨ ᠶᠡᠬᠡ ᠪᠢᠯᠳᠠᠤᠴᠢ ᠪᠣᠯᠬᠣᠷ ᠲᠡᠳᠡ ᠨᠠᠮᠠᠶ᠋ᠢ ᠬᠦᠴᠦ ᠶᠡᠬᠡᠲᠡᠢ ᠪᠠᠢᠭ᠎ᠠ ᠶ᠋ᠢ ᠮᠡᠳᠡᠭᠡᠳ ᠨᠠᠭᠠᠰᠢ ᠨᠢ ᠰᠦ ᠴᠠᠢ ᠶ᠋ᠢᠨ ᠢ᠋ᠶ᠋ᠡᠨ ᠳᠡᠭᠡᠵᠢ ᠶ᠋ᠢ ᠡᠷᠭᠦᠳᠡᠭ ᠪᠣᠯᠵᠤ ᠪᠠᠢᠵᠤ ᠴᠦ᠍ ᠮᠠᠭᠠᠳ ᠦᠭᠡᠢ᠂ ᠶᠠᠮᠠᠷ ᠴᠦ᠍ ᠪᠣᠯᠤᠭᠰᠠᠨ ᠶᠢᠰᠦᠩᠭᠡ ᠮᠢᠨᠢ ᠪᠣᠯᠭᠣᠮᠵᠢᠲᠠᠢ᠂ ᠪᠣᠳᠣᠯᠭ᠎ᠠ ᠲᠠᠢ ᠪᠠᠢᠬᠤ ᠶᠣᠰᠣᠲᠠᠢ ᠰᠢᠦ᠃ ᠴᠢ ᠮᠡᠳᠡᠵᠦ ᠪᠠᠢᠨ᠎ᠠ ᠪᠢᠵᠡ ᠳᠡ᠃ ᠪᠢ ᠡᠮᠦᠨᠡᠲᠦ ᠬᠢᠲᠠᠳ ᠤ᠋ᠨ ᠬᠠᠭᠠᠨ ᠲᠠᠢ ᠵᠢᠭᠤᠷᠠᠯᠳᠤᠭᠠᠳ ᠴᠢᠮ᠎ᠠ ᠤᠷᠤᠭᠤ ᠨᠢᠳᠦ ᠬᠢᠯᠠᠮᠬᠢᠵᠤ ᠵᠠᠪᠳᠤᠬᠤ ᠦᠭᠡᠢ ᠶᠠᠪᠤᠬᠤ ᠪᠢᠵᠡ ᠭᠡᠵᠦ ᠦᠭᠡ ᠪᠡᠨ ᠤᠨᠵᠢᠷᠠᠭᠤᠯᠤᠨ ᠶᠠᠷᠢᠯ᠎ᠠ᠃
— ᠥᠷᠥᠰᠢᠶᠡᠯᠲᠦ ᠬᠠᠭᠠᠨᠲᠠᠨ ᠮᠢᠨᠢ! ᠪᠢ ᠪᠠᠢᠳᠠᠯ ᠢ᠋ ᠮᠡᠳᠡᠵᠦ ᠪᠠᠢᠨ᠎ᠠ᠂ ᠣᠳᠣ ᠰᠥᠩ ᠤᠯᠤᠰ ᠤ᠋ᠨ ᠬᠠᠭᠠᠨ ᠤ᠋ ᠱᠠᠬᠠᠢ ᠶ᠋ᠢ ᠮᠤᠯᠲᠤᠯᠤᠨ ᠮᠥᠯᠬᠥᠭᠦᠯᠪᠡᠯ ᠮᠠᠨ ᠤ᠋ ᠮᠣᠩᠭᠣᠯ ᠤ᠋ᠨ ᠬᠠᠮᠤᠭ ᠤ᠋ᠨ ᠲᠣᠮᠣ ᠢᠯᠠᠯᠲᠠ᠂ ᠡᠵᠡᠨ ᠲᠠᠨ ᠤ᠋ ᠨᠡᠷ᠎ᠡ ᠰᠦᠷ ᠢ᠋ ᠳᠡᠯᠡᠬᠡᠢ ᠳ᠋ᠠᠬᠢᠨ ᠳ᠋ᠤ᠌ ᠤᠯᠠᠮ ᠪᠠᠳᠠᠷᠠᠭᠠᠬᠤ ᠠᠤᠭ᠎ᠠ ᠦᠢᠯᠡ ᠪᠣᠯᠬᠤ ᠪᠢᠯᠡ᠃ ᠲᠡᠢᠮᠦ ᠪᠣᠯᠬᠣᠷ ᠡᠵᠡᠨ ᠳᠡᠭᠡᠳᠦᠰ ᠲᠠᠨ ᠤ᠋ ᠮᠡᠯᠮᠡᠢ ᠡᠮᠦᠨᠡᠲᠦ ᠶ᠋ᠢ ᠰᠢᠷᠲᠡᠵᠦ ᠪᠠᠢᠬᠤ ᠨᠢ ᠲᠩᠷᠢ ᠶ᠋ᠢᠨ ᠠᠪᠤᠷᠠᠯ ᠪᠢᠵᠡ ᠠ᠋ ᠭᠡᠵᠦ ᠶᠢᠰᠦᠩᠭᠡ ᠬᠠᠷᠢᠭᠤ ᠠᠢᠯᠠᠳᠬᠠᠭᠠᠳ ᠪᠥᠬᠥᠢᠨ ᠬᠦᠨᠳᠦᠳᠬᠡᠯ ᠢᠯᠡᠷᠬᠡᠢᠯᠡᠪᠡ᠃
ᠬᠤᠪᠢᠯᠠᠢ ᠶᠡᠬᠡᠮᠰᠦᠭ ᠢ᠋ᠶ᠋ᠡᠷ ᠳᠡᠭᠡᠭᠦᠷ ᠬᠠᠷᠠᠵᠤ᠄
— ᠠᠮᠠ ᠴᠢᠨᠢ ᠲᠣᠰᠣᠲᠠᠢ ᠪᠣᠯᠤᠭ! ᠪᠢ ᠴᠢᠮᠠᠲᠤ ᠨᠢᠭᠡ ᠯᠡ ᠲᠦᠮᠡᠲᠦ ᠴᠡᠷᠢᠭ ᠦᠯᠡᠳᠡᠭᠡᠭᠡᠳ ᠪᠤᠰᠤᠳ ᠪᠦᠬᠦ ᠴᠡᠷᠢᠭ ᠢ᠋ᠶ᠋ᠡᠨ ᠡᠮᠦᠨ᠎ᠡ ᠵᠦᠭ ᠬᠥᠳᠡᠯᠭᠡᠬᠦ ᠨᠢ ᠪᠠᠢᠨ᠎ᠠ ᠰᠢᠦ᠃ ᠠᠷᠢᠬᠪᠥᠶ᠋ᠬᠡ ᠶ᠋ᠢᠨ ᠴᠡᠷᠢᠭ ᠨᠢᠭᠡᠨᠲᠡ ᠲᠠᠮᠲᠤᠭ ᠢ᠋ᠶ᠋ᠠᠨ ᠠᠯᠲᠠᠨ ᠰᠠᠷᠨᠢᠭᠰᠠᠨ ᠪᠣᠯᠬᠣᠷ ᠴᠢᠮᠠᠲᠤ ᠣᠯᠠᠨ ᠴᠡᠷᠢᠭ ᠬᠡᠷᠡᠭ ᠦᠭᠡᠢ᠃ ᠲᠡᠭᠡᠬᠦ ᠳ᠋ᠦ᠍ ᠪᠡᠨ ᠴᠢ ᠴᠡᠷᠢᠭ ᠢ᠋ ᠳᠠᠢᠴᠢᠯᠠᠭ᠎ᠠ ᠶᠠᠪᠤᠭᠤᠯᠤᠭᠠᠳ᠂ ᠪᠠᠰᠠ ᠨᠢᠭᠡ ᠲᠦᠮᠡᠲᠦ ᠶ᠋ᠢ ᠨᠡᠮᠡᠨ ᠪᠠᠢᠭᠤᠯᠵᠤ᠂ ᠬᠠᠰᠢᠷᠬᠠᠨ ᠨᠣᠶᠠᠳ ᠢ᠋ᠶ᠋ᠠᠷ ᠲᠡᠭᠦᠨ ᠢ᠋ ᠪᠡᠨ ᠲᠡᠷᠢᠭᠦᠯᠡᠭᠦᠯᠬᠦ ᠬᠡᠷᠡᠭᠲᠡᠢ ᠪᠢᠵᠡ᠃ ᠵᠠ᠂ ᠨᠣᠶᠠᠳ ᠵᠠᠩᠵᠤᠨ ᠶᠠᠪᠤ! ᠮᠢᠨᠦ ᠴᠢᠮᠠᠲᠤ ᠪᠠᠭᠤᠯᠭᠠᠬᠤ ᠵᠠᠷᠯᠢᠭ ᠳᠠᠭᠤᠰᠪᠠ ᠪᠣᠯᠤᠯᠲᠠᠢ᠃ ᠶᠠᠪᠤᠬᠤ ᠠ᠋ᠴᠠ ᠪᠠᠨ ᠡᠮᠦᠨ᠎ᠡ ᠴᠢᠮᠠᠲᠠᠢ ᠳᠠᠬᠢᠵᠤ ᠨᠢᠭᠡ ᠠᠭᠤᠯᠵᠠᠬᠤ ᠪᠠᠢᠬᠤ᠃ ᠪᠢ ᠣᠳᠣ ᠦᠨᠡᠬᠡᠷ ᠵᠠᠪ ᠮᠠᠭᠤᠲᠠᠢ ᠪᠠᠢᠨ᠎ᠠ ᠭᠡᠵᠦ ᠬᠤᠪᠢᠯᠠᠢ ᠬᠡᠯᠡᠭᠡᠳ ᠶᠢᠰᠦᠩᠭᠡ ᠶ᠋ᠢ ᠦᠷᠭᠦᠭᠡᠨ ᠡᠴᠡ ᠭᠠᠷᠭᠠᠪᠠ᠃
ᠰᠢᠳᠠᠷ ᠨᠣᠶᠠᠨ ᠭᠠᠷᠤᠮᠠᠭᠴᠠ ᠡᠭᠦᠳᠡᠨ ᠦ᠌ ᠠᠰᠠᠷ ᠲᠤ ᠬᠦᠯᠢᠶᠡᠵᠦ ᠪᠠᠢᠭᠰᠠᠨ ᠯᠣᠯᠣᠢ ᠠᠪᠠᠭᠠᠢ ᠬᠤᠪᠢᠯᠠᠢ ᠳᠡᠭᠡᠷ᠎ᠡ ᠭᠦᠶᠦᠨ ᠣᠷᠣᠵᠤ ᠢᠷᠡᠭᠡᠳ ᠳᠠᠭᠤ ᠠᠯᠳᠠᠬᠤ ᠰᠢᠬᠠᠨ ᠲᠠᠯ᠎ᠠ ᠥᠭᠴᠦ ᠰᠥᠭᠥᠳᠦᠨ᠄
— ᠳᠡᠭᠡᠳᠦ ᠡᠵᠡᠨᠲᠡᠨ ᠮᠢᠨᠢ ᠠᠮᠤᠭᠤᠯᠠᠩ ᠮᠣᠷᠢᠯᠠᠵᠤ ᠪᠠᠢᠨ᠎ᠠ ᠤᠤ? ᠲᠠ ᠲᠠᠨᠢ ᠨᠠᠭᠠᠰᠢ ᠪᠠᠨ ᠶᠠᠪᠤᠵᠤ ᠮᠣᠷᠢᠯᠠᠬᠤ ᠪᠠᠨ ᠪᠣᠭᠣᠯ ᠨᠠᠳᠠᠳᠤ ᠠᠢᠯᠠᠳᠤᠭ᠎ᠠ ᠦᠭᠡᠢ ᠤᠴᠢᠷ ᠪᠢ ᠶᠣᠰᠣ ᠠᠯᠲᠠᠨ ᠲᠠᠨ ᠢ᠋ ᠤᠢᠳᠬᠠᠷᠯᠠᠭᠤᠯᠤᠨ ᠴᠢᠯᠡᠭᠦᠷᠯᠡᠭᠦᠯᠵᠦ ᠪᠠᠢᠭ᠎ᠠ ᠪᠢᠵᠡ ᠠ᠋᠃ ᠥᠷᠥᠰᠢᠶᠡᠯ ᠭᠤᠶᠤᠶ᠎ᠠ! ᠭᠡᠵᠦ ᠰᠥᠭᠥᠳᠦᠯ᠎ᠡ᠃
— ᠴᠢᠮᠠᠲᠤ ᠪᠢ ᠦᠭᠡ ᠬᠡᠯᠡᠬᠦ ᠲᠡᠢ ᠮᠠᠨ᠎ᠠ ᠲᠠᠢ᠃ ᠪᠢ ᠵᠢᠭᠠᠬᠠᠨ ᠠᠯᠭᠤᠷᠯᠠᠭᠰᠠᠨ ᠪᠣᠯ ᠪᠢᠳᠡ ᠴᠥᠮ ᠢ᠋ᠶ᠋ᠡᠷ ᠢ᠋ᠶ᠋ᠡᠨ ᠠᠮᠠ ᠪᠠᠷ ᠢ᠋ᠶ᠋ᠠᠨ ᠰᠢᠷᠣᠢ ᠡᠮᠬᠦᠵᠦ ᠮᠡᠳᠡᠬᠦ ᠪᠠᠢᠯ᠎ᠠ᠃ ᠡᠭᠦᠨ ᠢ᠋ ᠲᠡᠨᠡᠭ ᠠᠪᠠᠭᠠᠢ ᠴᠢ ᠣᠢᠯᠠᠭᠠᠭ᠎ᠠ ᠦᠭᠡᠢ ᠶᠦᠮ ᠤᠤ? ᠭᠡᠵᠦ ᠬᠤᠪᠢᠯᠠᠢ ᠥᠭᠦᠯᠡᠪᠡ᠃ ᠯᠣᠯᠣᠢ ᠭᠡᠳᠡᠭᠡᠷ ᠨᠠᠷᠢᠬᠠᠨ ᠨᠢᠷᠤᠭᠤ ᠪᠠᠨ ᠨᠠᠬᠢᠯᠵᠠᠭᠤᠯᠤᠨ ᠭᠠᠩᠬᠤᠵᠤ ᠬᠥᠳᠡᠯᠦᠭᠡᠳ᠄
— ᠶᠡᠬᠡ ᠡᠵᠡᠨᠲᠡᠨ ᠮᠢᠨᠢ ᠪᠢ ᠲᠠᠨ ᠳᠤ ᠪᠣᠯᠭᠣᠭᠠᠯᠭᠠᠬᠤ ᠨᠠᠨᠠᠭᠠᠲᠠᠢ ᠡᠨᠡ ᠬᠠᠷᠠᠬᠣᠷᠣᠮ ᠠᠴᠠ ᠰᠠᠪᠬ᠎ᠠ ᠰᠢᠭ᠋ ᠨᠢᠷᠤᠭᠤ ᠲᠠᠢ᠂ ᠠᠯᠢᠮ᠎ᠠ ᠠᠳᠠᠯᠢ ᠬᠠᠴᠠᠷ ᠲᠠᠢ ᠳᠥᠷᠪᠡᠨ ᠪᠦᠰᠡᠭᠦᠢ ᠶ᠋ᠢ ᠳᠠᠢᠴᠢᠯᠠᠭᠤᠯᠤᠨ ᠠᠪᠴᠢᠷᠠᠭᠠᠳ ᠪᠠᠢᠭ᠎ᠠ᠃ ᠲᠠ ᠲᠡᠳᠡᠨ ᠲᠡᠢ ᠤᠴᠠᠷᠠᠨ ᠪᠡᠶ᠎ᠡ ᠯᠠᠭᠱᠠᠨ ᠤ᠋ ᠴᠢᠯᠡᠭᠦᠷ ᠲᠠᠢᠯᠤᠨ ᠰᠡᠳᠬᠢᠯ ᠢ᠋ᠶ᠋ᠡᠨ ᠠᠮᠠᠷᠠᠭᠠᠵᠤ ᠪᠣᠯᠭᠣᠭᠠᠨ᠎ᠠ ᠤᠤ ᠭᠡᠳ ᠠᠶ᠎ᠠ ᠲᠠᠯᠪᠢᠨ ᠮᠡᠬᠦᠢᠵᠦ ᠬᠦᠨᠳᠦᠯᠡᠪᠡ᠃ ᠬᠤᠪᠢᠯᠠᠢ ᠪᠣᠳᠣᠯ ᠪᠣᠯᠤᠭᠰᠠᠨ ᠢ᠋ᠶ᠋ᠠᠨ ᠰᠤᠯᠠᠬᠠᠨ ᠢᠨᠢᠶᠡᠵᠦ
— ᠤᠭ ᠨᠢ ᠴᠢ ᠰᠢᠬᠢᠷ ᠰᠢᠭ ᠦᠭᠡ ᠬᠡᠯᠡᠯ᠎ᠡ᠃ ᠭᠡᠯᠡ ᠴᠦ᠍ ᠡᠨᠳᠡ ᠮᠢᠨᠦ ᠤᠯᠠ ᠶ᠋ᠢ ᠱᠠᠭᠠᠢᠬᠴᠢᠳ ᠡᠷᠭᠢᠨ ᠲᠣᠭᠣᠷᠢᠨ ᠪᠠᠢᠭ᠎ᠠ᠃ ᠨᠥᠭᠦᠭᠡ ᠭᠡᠪᠡᠯ ᠪᠢ ᠤᠷᠤᠭᠰᠢ ᠪᠠᠨ ᠪᠤᠴᠠᠬᠤ ᠪᠣᠯᠬᠣᠷ ᠥᠨᠥᠳᠥᠷ ᠠᠯᠪᠠ ᠨᠡᠯᠢᠶᠡᠳ ᠪᠠᠢᠨ᠎ᠠ᠃ ᠡᠢᠮᠦ ᠳ᠋ᠦ᠍ ᠴᠢ ᠲᠡᠷᠡ ᠥᠬᠢᠳ ᠢ᠋ᠶ᠋ᠡᠨ ᠱᠠᠩᠳᠤ ᠳ᠋ᠤ᠌ ᠠᠪᠤᠭᠠᠳ ᠣᠴᠢ! ᠲᠡᠨᠳᠡ ᠲᠠᠪᠠᠲᠠᠢ ᠲᠠᠭᠠᠯᠠᠮᠵᠢᠲᠠᠢ ᠰᠢᠦ ᠳᠡ᠃ ᠪᠢ ᠴᠢᠮ᠎ᠠ ᠠ᠋ᠴᠠ ᠭᠤᠶᠤᠶ᠎ᠠ᠃ ᠡᠨᠳᠡ ᠪᠠᠰᠠ ᠶᠡᠬᠡ ᠬᠠᠲᠤᠨ ᠮᠠᠨᠢ ᠢᠷᠡᠭᠡᠳ ᠨᠠᠳᠠᠲᠠᠢ ᠠᠭᠤᠯᠵᠠᠶ᠎ᠠ ᠭᠡᠳ ᠪᠠᠢᠭ᠎ᠠ᠃ ᠪᠢ ᠴᠢᠮᠠᠲᠤ ᠡᠨᠳᠡ ᠡᠴᠡ ᠠᠪᠠᠴᠢᠬᠤ ᠶᠣᠰᠣᠲᠠᠢ ᠨᠢᠭᠡ ᠡᠮ᠎ᠡ ᠶ᠋ᠢ ᠬᠡᠯᠡᠵᠦ ᠥᠭᠭᠦᠨ᠎ᠡ᠁ ᠭᠡᠮᠡᠨ ᠤᠴᠢᠷᠯᠠᠪᠠ᠃ ᠯᠣᠯᠣᠢ ᠬᠤᠪᠢᠯᠠᠢ ᠠ᠋ᠴᠠ ᠥᠪᠡᠷ ᠡᠴᠡ ᠨᠢ《ᠭᠤᠶᠤᠶ᠎ᠠ》 ᠭᠡᠳᠡᠭ ᠦᠭᠡ ᠶ᠋ᠢ ᠬᠡᠯᠡᠭᠦᠯᠦᠭᠰᠡᠨ ᠳ᠋ᠦ᠍ ᠪᠡᠨ ᠳᠣᠲᠣᠷ᠎ᠠ ᠪᠠᠨ ᠪᠡᠶᠡᠰᠦᠨ᠂ ᠲᠣᠯᠣᠭᠠᠢ ᠳᠡᠭᠡᠭᠦᠷ ᠪᠣᠯᠵᠤ᠄
— ᠡᠵᠡᠨ ᠲᠠᠨ ᠤ᠋ ᠪᠠᠨ ᠲᠠᠭᠠᠯᠠᠯ ᠳ᠋ᠤ᠌ ᠮᠥᠷᠭᠥᠶ᠎ᠡ! ᠡᠨᠳᠡ ᠪᠠᠢᠭ᠎ᠠ ᠳᠥᠷᠪᠡᠨ ᠪᠦᠰᠡᠭᠦᠢ ᠶ᠋ᠢᠨ ᠨᠢᠭᠡ ᠨᠢ ᠡᠬᠡ ᠡᠴᠢᠭᠡ ᠡᠴᠡ ᠰᠠᠯᠵᠤ ᠥᠭᠬᠦ ᠦᠭᠡᠢ ᠪᠠᠢᠭ᠎ᠠ ᠬᠠᠷᠠᠯᠠᠮᠠᠷ᠃ ᠲᠡᠭᠡᠭᠡᠳ ᠲᠡᠷᠡ ᠮᠠᠨᠢ ᠬᠠᠮᠤᠭ ᠤ᠋ᠨ ᠴᠡᠪᠡᠷᠬᠡᠨ ᠴᠢᠷᠠᠢᠲᠠᠢ ᠨᠢ ᠭᠡᠭᠴᠢ ᠭᠡᠵᠦ ᠬᠡᠯᠡᠭᠡᠳ ᠡᠭᠦᠳᠡ ᠤᠷᠤᠭᠤ ᠡᠷᠭᠢᠯ᠎ᠡ᠃
ᠬᠤᠪᠢᠯᠠᠢ ᠣᠷᠣᠢ ᠶ᠋ᠢᠨ ᠵᠣᠭᠣᠭ ᠳᠡᠭᠡᠷ᠎ᠡ ᠪᠡᠨ ᠴᠡᠪᠡᠷ ᠬᠠᠲᠤᠨ ᠢ᠋ᠶ᠋ᠠᠨ ᠤᠷᠢᠵᠤ ᠬᠠᠮᠲᠤ ᠰᠠᠭᠤᠯ᠎ᠠ᠃ ᠲᠡᠳᠡ ᠤᠷᠤᠭᠤᠯ ᠴᠢᠮᠴᠢᠷᠡᠭᠦᠯᠦᠭᠰᠡᠨ ᠠᠢᠷᠠᠭ ᠵᠠᠯᠭᠢᠯᠠᠵᠤ᠂ ᠬᠣᠨᠢᠨ ᠤ᠋ ᠰᠢᠷᠠᠭᠰᠠᠨ ᠮᠢᠬ᠎ᠠ ᠲᠣᠰᠣ ᠶ᠋ᠢ ᠨᠢ ᠭᠣᠭᠣᠵᠢᠭᠤᠯᠤᠭᠰᠠᠨ ᠭᠠᠷ ᠢ᠋ᠶ᠋ᠠᠷ ᠢ᠋ᠶ᠋ᠠᠨ ᠪᠠᠷᠢᠵᠤ ᠢᠳᠡᠪᠡ᠃ ᠬᠠᠩᠭᠠᠢ ᠶ᠋ᠢᠨ ᠠᠭᠯᠠᠭ ᠰᠣᠩᠭᠢᠨ᠎ᠠ ᠪᠠᠷ ᠬᠠᠴᠢᠷᠯᠠᠭᠰᠠᠨ ᠲᠡᠷᠡ ᠵᠣᠭᠣᠭ ᠤ᠋ᠨ ᠠᠮᠲᠠᠲᠠᠢ ᠶ᠋ᠢ ᠶᠠᠭᠠᠬᠢᠨ᠎ᠠ ᠭᠡᠬᠦ ᠪᠣᠢ᠃ ᠴᠡᠪᠡᠷ ᠬᠠᠲᠤᠨ ᠴᠢᠮᠡᠭᠡ ᠦᠭᠡᠢ ᠰᠠᠭᠤᠵᠤ ᠬᠣᠭᠣᠯᠠ ᠵᠣᠭᠣᠭᠯᠠᠨ᠎ᠠ᠃
— ᠮᠣᠩᠭᠣᠯ ᠨᠤᠲᠤᠭ ᠤ᠋ᠨ ᠮᠠᠯ ᠤ᠋ᠨ ᠮᠢᠬ᠎ᠠ ᠠᠷᠠᠢ ᠥᠭᠡᠷ᠎ᠡ ᠠᠮᠲᠠᠲᠠᠢ ᠰᠢᠦ ᠭᠡᠵᠦ ᠬᠤᠪᠢᠯᠠᠢ ᠳᠤᠤᠭᠠᠷᠪᠠ᠃
— ᠠᠷᠠᠢ ᠭᠡᠨ᠎ᠡ ᠰᠢᠦ᠃ ᠣᠭᠲᠣ ᠥᠭᠡᠷ᠎ᠡ ᠶᠦᠮ ᠴᠢᠨᠢ ᠳᠡ᠃ ᠡᠨᠡ ᠴᠢᠨᠢ ᠬᠢᠲᠠᠳ ᠲᠤ ᠪᠠᠢᠬᠤ ᠳ᠋ᠤ᠌ ᠪᠠᠨ ᠪᠢᠳᠡᠨ ᠦ᠌ ᠢᠳᠡᠵᠦ ᠪᠠᠢᠭᠰᠠᠨ ᠨᠢᠰᠳᠡᠭ ᠶᠦᠮ ᠤᠤ᠂ ᠤᠰᠤᠨ ᠤ᠋ ᠠᠮᠢᠲᠠᠨ ᠤ᠋ ᠮᠢᠬ᠎ᠠ ᠪᠢᠰᠢ᠂ ᠵᠢᠩᠬᠢᠨᠢ ᠠᠷᠤ ᠭᠠᠵᠠᠷ ᠤ᠋ᠨ ᠳᠠᠭᠠᠨ᠎ᠠ ᠬᠦᠮᠡᠯᠢ ᠵᠤᠯᠭᠠᠭᠠᠵᠤ ᠢᠳᠡᠳᠡᠭ ᠮᠣᠩᠭᠣᠯ ᠮᠠᠯ ᠤ᠋ᠨ ᠰᠢᠮ᠎ᠡ᠃ ᠲᠠᠨ ᠤ᠋ ᠲᠠᠭᠠᠯᠠᠯ ᠥᠭᠡᠷ᠎ᠡ ᠪᠢᠵᠡ ᠠ᠋᠃ ᠪᠣᠭᠣᠯ ᠨᠢ ᠴᠦ᠍ ᠲᠡᠷᠡ ᠤᠰᠤᠨ ᠤ᠋ ᠠᠮᠢᠲᠠᠨ ᠢ᠋ᠶ᠋ᠠᠷ ᠬᠣᠭᠣᠯᠠ ᠬᠢᠵᠦ ᠴᠢᠳᠠᠬᠤ ᠦᠭᠡᠢ ᠶᠠᠩᠵᠤᠲᠠᠢ ᠪᠠᠢᠳᠠᠭ᠃ ᠶᠠᠭᠠᠬᠢᠵᠤ ᠴᠦ᠍ ᠳᠠᠪᠤᠰᠤᠯᠠᠭᠰᠠᠨ᠂ ᠬᠠᠯᠠᠭᠤᠨ ᠨᠣᠭᠣᠭ᠎ᠠ ᠬᠣᠯᠢᠯᠠ ᠴᠦ᠍ ᠭᠡᠰᠡᠨ ᠲᠡᠭᠦᠨ ᠢ᠋ ᠢᠳᠡᠬᠦ ᠪᠡᠷ ᠵᠣᠪᠠᠯᠭ᠎ᠠ ᠠᠮᠲᠠᠭᠳᠠᠭᠠᠳ ᠪᠠᠢᠳᠠᠭ ᠬᠠᠷᠠᠯᠠᠮᠠᠷ ᠳᠠ ᠭᠡᠵᠦ ᠬᠠᠲᠤᠨ ᠠᠪᠠᠭᠠᠢ ᠨᠢᠳᠦ ᠪᠡᠨ ᠲᠣᠷᠮᠣᠯᠵᠠᠭᠤᠯᠤᠨ ᠬᠡᠯᠡᠯ᠎ᠡ᠃ ᠬᠤᠪᠢᠯᠠᠢ ᠳᠣᠭᠣᠭᠢ ᠲᠠᠢ ᠢᠨᠢᠶᠡᠪᠡ᠃ ᠲᠡᠳᠡ ᠰᠢᠭᠦᠰᠦ ᠪᠠᠷᠢᠵᠤ ᠳᠠᠭᠤᠰᠤᠭᠠᠳ ᠭᠠᠷ ᠢ᠋ᠶ᠋ᠠᠨ ᠬᠠᠯᠠᠭᠤᠨ ᠨᠣᠢᠲᠠᠨ ᠳᠠᠪᠤᠤ ᠳ᠋ᠤ᠌ ᠠᠷᠴᠢᠬᠤ ᠵᠠᠭᠤᠷ᠎ᠠ ᠴᠡᠪᠡᠷ ᠡᠵᠡᠨ ᠳ᠋ᠦ᠍ ᠪᠡᠨ ᠬᠠᠨᠳᠤᠵᠤ ᠵᠥᠭᠡᠯᠡᠬᠡᠨ ᠳᠠᠭᠤ ᠪᠠᠷ᠄
— ᠲᠠ ᠨᠠᠮᠠᠶ᠋ᠢ ᠥᠷᠥᠰᠢᠶᠡᠬᠦ ᠪᠢᠵᠡ ᠠ᠋! ᠭᠠᠳᠠᠭᠤᠷ ᠶᠡᠬᠡ ᠪᠠᠭ᠎ᠠ ᠬᠥᠮᠦᠰ ᠦ᠋ᠨ ᠶᠠᠷᠢᠶ᠎ᠠ ᠴᠢᠩᠨᠠᠬᠤ ᠳ᠋ᠤ᠌ ᠲᠠ ᠲᠥᠷᠥᠭᠰᠡᠨ ᠳᠡᠭᠦᠦ ᠠᠷᠢᠬᠪᠦ᠋ᠬᠡ ᠪᠡᠨ ᠪᠠᠷᠢᠵᠤ ᠠᠪᠴᠤ ᠴᠠᠭᠠᠵᠠᠯᠠᠬᠤ ᠭᠡᠳ ᠡᠯᠳᠡᠪ ᠣᠯᠠᠨ ᠲᠤᠷᠰᠢᠭᠤᠯ ᠭᠠᠷᠭᠠᠨ ᠵᠦᠭ ᠪᠦᠷᠢ ᠳ᠋ᠦ᠍ ᠴᠡᠷᠢᠭ ᠮᠣᠷᠳᠠᠭᠤᠯᠵᠤ ᠡᠷᠢᠭᠦᠯᠦᠨ ᠪᠠᠢᠭ᠎ᠠ ᠭᠡᠨ᠎ᠡ᠃ ᠰᠠᠢᠬᠠᠨ ᠡᠵᠢ ᠠᠪᠤ ᠶ᠋ᠢᠨ ᠢ᠋ᠶ᠋ᠡᠨ ᠵᠠᠶᠠᠭᠠᠵᠤ ᠬᠠᠢᠷᠠᠯᠠᠭᠰᠠᠨ ᠳᠡᠭᠦᠦ ᠳ᠋ᠦ᠍ ᠪᠡᠨ ᠲᠡᠭᠡᠵᠦ ᠬᠠᠨᠳᠤᠪᠠᠯ ᠲᠩᠷᠢ ᠬᠢᠯᠢᠩᠨᠡᠬᠦ ᠪᠢᠰᠢ ᠤᠤ ᠭᠡᠯᠡ᠃
ᠬᠤᠪᠢᠯᠠᠢ ᠡᠨᠡ ᠦᠭᠡ ᠶ᠋ᠢ ᠰᠣᠨᠣᠰᠤᠭᠠᠳ ᠴᠢᠷᠠᠢ ᠪᠠᠨ ᠬᠤᠪᠢᠷᠠᠭᠠᠨ᠂ ᠴᠡᠪᠡᠷ ᠢ᠋ ᠰᠢᠷᠦᠭᠦᠨ ᠬᠠᠷᠠᠵᠤ᠄
— ᠶᠠᠮᠠᠷ ᠠᠮᠢᠲᠠᠨ ᠴᠢᠨᠦ ᠴᠢᠬᠢᠨ ᠳ᠋ᠦ᠍ ᠡᠢᠮᠦ ᠦᠭᠡ ᠰᠢᠪᠡᠨᠡᠳᠡᠭ ᠪᠠᠢᠨ᠎ᠠ ᠪᠣᠢ? ᠲᠡᠷᠡ ᠡᠵᠡᠨ ᠢ᠋ ᠬᠡᠯᠡᠭᠡᠳ ᠠᠯᠢ! ᠪᠢ ᠴᠢᠨᠦ ᠨᠢᠳᠦᠨ ᠳᠡᠭᠡᠷ᠎ᠡ ᠲᠡᠷᠡ ᠬᠣᠪᠴᠢ ᠶ᠋ᠢ ᠴᠠᠭᠠᠵᠠᠯᠠᠭᠤᠯᠤᠶᠠ ᠭᠡᠯᠡ᠃ ᠴᠡᠪᠡᠷ ᠬᠠᠲᠤᠨ ᠬᠣᠭᠣᠯᠠᠢ ᠪᠠᠨ ᠴᠡᠴᠡᠷᠡᠭᠦᠯᠦᠨ᠄
— ᠥᠷᠥᠰᠢᠶᠡᠵᠦ ᠪᠣᠯᠭᠣᠭ᠎ᠠ ᠡᠵᠡᠨ ᠮᠢᠨᠢ! ᠲᠠ ᠠᠭᠤᠵᠢᠮ ᠰᠠᠷᠠᠭᠤᠯ ᠤᠬᠠᠭᠠᠨ ᠢ᠋ᠶ᠋ᠠᠷ ᠡᠭᠦᠨ ᠢ᠋ ᠪᠣᠯᠭᠣᠭᠠᠬᠤ ᠶᠣᠰᠣᠲᠠᠢ᠃ ᠡᠨᠡ ᠵᠣᠯᠪᠢᠩ ᠦᠭᠡᠨ ᠦ᠌ ᠡᠵᠡᠳ ᠢ᠋ ᠴᠠᠭᠠᠵᠠᠯᠠᠨ᠎ᠠ ᠭᠡᠪᠡᠯ ᠨᠠᠳᠠ ᠠ᠋ᠴᠠ ᠥᠭᠰᠥᠭᠦᠯᠦᠭᠡᠳ ᠥᠪᠡᠷ ᠲᠦ᠍ ᠪᠡᠨ ᠰᠢᠳᠠᠷᠯᠠᠨ ᠶᠠᠪᠤᠳᠠᠭ ᠪᠦᠬᠦ ᠬᠥᠮᠦᠨ ᠢ᠋ ᠲᠠ ᠴᠠᠭᠠᠵᠠᠯᠠᠬᠤ ᠪᠣᠯᠤᠨ᠎ᠠ᠃ ᠲᠠ ᠭᠣᠣᠯ ᠤ᠋ᠨ ᠬᠠᠢᠷᠠᠲᠠᠢ ᠬᠦᠦ ᠴᠢᠩᠭᠢᠮ ᠢ᠋ᠶ᠋ᠡᠨ ᠴᠦ᠍ ᠬᠣᠷᠣᠭᠠᠬᠤ ᠪᠣᠯᠤᠨ᠎ᠠ᠃ ᠣᠯᠠᠨ ᠤ᠋ ᠦᠭᠡ ᠣᠷᠣ ᠲᠠᠢ ᠭᠡᠳᠡᠭ᠃ ᠲᠠ ᠲᠥᠷᠥᠭᠰᠡᠨ ᠳᠡᠭᠦᠦ ᠠᠷᠢᠬᠪᠦ᠋ᠬᠡ ᠳ᠋ᠦ᠍ ᠲᠡᠢᠮᠦ ᠬᠡᠷᠴᠡᠭᠡᠢ ᠪᠡᠷ ᠬᠠᠨᠳᠤᠵᠤ ᠪᠣᠯᠬᠤ ᠦᠭᠡᠢ ᠳᠡ᠃ ᠠᠷᠢᠬᠪᠦ᠋ᠬᠡ ᠠᠬ᠎ᠠ ᠬᠠᠭᠠᠨ ᠠ᠋ᠴᠠ ᠲᠠᠨᠢ ᠬᠠᠷᠠᠬᠣᠷᠣᠮ ᠢ᠋ ᠵᠠᠬᠢᠷᠤᠭᠴᠢ ᠬᠡᠷᠬᠡᠮ ᠢ᠋ ᠠᠪᠤᠭ᠎ᠠ ᠪᠢᠵᠡ ᠳᠡ? ᠨᠡᠢᠰᠯᠡᠯ ᠦ᠋ᠨ ᠵᠠᠬᠢᠷᠤᠭᠴᠢ ᠣᠷᠣ ᠰᠠᠭᠤᠳᠠᠭ ᠵᠢᠷᠤᠮ ᠲᠠᠢ ᠪᠢᠰᠢ ᠭᠡᠵᠢ ᠤᠤ? ᠲᠡᠭᠡᠬᠦ ᠳ᠋ᠦ᠍ ᠪᠡᠨ ᠠᠷᠢᠬᠪᠦ᠋ᠬᠡ ᠳ᠋ᠦ᠍ ᠬᠠᠭᠠᠨ ᠳ᠋ᠤ᠌ ᠡᠷᠭᠦᠮᠵᠢᠯᠡᠭᠳᠡᠭᠰᠡᠨ ᠦ᠌ ᠪᠤᠷᠤᠭᠤ ᠶᠠᠭᠤ ᠪᠠᠢᠬᠤ ᠪᠢᠯᠡ᠃ ᠲᠠ ᠡᠭᠦᠨ ᠢ᠋ ᠪᠣᠯᠭᠣᠭᠠᠵᠤ᠂ ᠡᠨᠡ ᠦᠭᠡ ᠶ᠋ᠢ ᠬᠡᠯᠡᠭᠰᠡᠨ ᠦ᠌ ᠤᠴᠢᠷ ᠨᠠᠮᠠᠶ᠋ᠢ ᠴᠠᠭᠠᠵᠠᠯᠠᠵᠤ ᠪᠣᠯᠤᠨ᠎ᠠ᠃ ᠪᠢ ᠲᠠᠨ ᠢ᠋ ᠬᠠᠭᠠᠨ ᠤ᠋ ᠰᠠᠭᠤᠳᠠᠯ ᠢ᠋ᠶ᠋ᠠᠨ ᠲᠡᠭᠦᠨ ᠳ᠋ᠦ᠍ ᠥᠭ ᠭᠡᠵᠦ ᠪᠠᠢᠭ᠎ᠠ ᠶᠤᠮ ᠪᠢᠰᠢ᠃ ᠳᠡᠭᠦᠦ ᠪᠡᠨ ᠬᠠᠢᠷᠠᠯᠠᠨ ᠡᠨᠡᠷᠢᠵᠦ ᠪᠣᠯᠭᠣᠭᠠᠭᠠᠷᠠᠢ ᠭᠡᠵᠦ ᠰᠥᠭᠥᠳᠦᠨ ᠮᠥᠷᠭᠥᠵᠦ ᠪᠠᠢᠨ᠎ᠠ ᠭᠡᠮᠡᠨ ᠤᠷᠲᠤ ᠦᠭᠡ ᠤᠴᠢᠷᠯᠠᠨ ᠬᠡᠯᠡᠭᠡᠳ ᠲᠣᠷᠮᠣᠭᠣᠷ ᠰᠠᠢᠬᠠᠨ ᠨᠢᠳᠦ ᠡᠴᠡ ᠪᠡᠨ ᠳᠤᠰᠤᠯ ᠤᠨᠠᠭᠠᠯ᠎ᠠ᠃ ᠬᠤᠪᠢᠯᠠᠢ ᠴᠢᠷᠠᠢ ᠪᠠᠨ ᠪᠠᠷᠤᠢᠯᠭᠠᠨ᠄
— ᠴᠢᠩᠭᠢᠮ ᠲᠠ ᠬᠣᠶᠠᠷ ᠨᠠᠳᠠ ᠠ᠋ᠴᠠ ᠳᠠᠯᠳᠠᠭᠤᠷ ᠡᠢᠮᠦ ᠬᠤᠤᠪᠢᠯᠳᠤᠭᠠᠨ ᠬᠢᠵᠦ ᠪᠠᠢᠭ᠎ᠠ ᠪᠣᠢ᠃ ᠪᠢ ᠮᠡᠳᠡᠯ᠎ᠡ᠃ ᠪᠢ ᠲᠡᠷᠡ ᠠᠷᠢᠬᠪᠦ᠋ᠬᠡ ᠶ᠋ᠢ ᠴᠢᠨᠢ ᠬᠣᠷᠣᠭᠠᠨ᠎ᠠ ᠭᠡᠵᠦ ᠠᠮᠠ ᠠᠩᠭᠠᠢᠭᠠ ᠦᠭᠡᠢ ᠰᠢᠦ ᠭᠡᠵᠦ ᠰᠢᠵᠠᠭᠤᠷ ᠵᠠᠭᠤᠨ ᠬᠡᠯᠡᠪᠡ᠃ ᠴᠡᠪᠡᠷ ᠳᠠᠭᠤ ᠪᠠᠨ ᠦᠯᠦ ᠮᠡᠳᠡᠭ ᠥᠨᠳᠥᠷᠯᠡᠨ᠄
— ᠡᠵᠡᠨ ᠮᠢᠨᠢ ᠥᠷᠥᠰᠢᠶᠡ! ᠲᠠᠨ ᠤ᠋ ᠬᠠᠷ᠎ᠠ ᠬᠣᠣᠷ ᠳᠡᠩᠳᠡᠭᠦᠦ ᠶᠡᠬᠡ ᠪᠣᠯᠤᠭᠰᠠᠨ ᠪᠢᠰᠢ ᠪᠢᠵᠡ᠃ ᠲᠠ ᠲᠥᠷᠥᠭᠰᠡᠨ ᠦᠷ᠎ᠡ ᠪᠡᠨ ᠬᠣᠣᠷᠲᠤ ᠬᠡᠷᠡᠭ ᠲᠦ᠍ ᠬᠠᠷᠠᠳᠠᠳᠠᠭ ᠪᠣᠯᠬᠤ ᠨᠢ ᠤᠤ? ᠲᠠ ᠪᠢᠳᠡᠨ ᠢ᠋ ᠪᠢᠰᠢ᠂ ᠣᠪᠲᠠᠢ ᠵᠠᠯᠢᠲᠠᠢ ᠪᠠᠷ ᠨᠢ ᠬᠣᠢᠨ᠎ᠠ ᠤᠷᠲᠤ ᠪᠠᠨ ᠪᠥᠭᠴᠢᠭᠢᠨᠡᠨ ᠭᠦᠶᠦᠭᠡᠳ ᠪᠠᠢᠳᠠᠭ ᠬᠢᠲᠠᠳ ᠨᠣᠶᠠᠳ ᠢ᠋ᠶ᠋ᠠᠨ ᠯᠠ ᠰᠠᠢᠨ ᠰᠢᠨᠵᠢᠵᠦ ᠪᠠᠢᠪᠠᠯ ᠳᠡᠭᠡᠷ᠎ᠡ ᠪᠢᠵᠡ ᠠ᠋᠃ ᠲᠡᠳᠡ ᠲᠠᠨ ᠳ᠋ᠤ᠌ ᠡᠮ ᠤᠤᠭᠤᠭᠠᠳ ᠡᠳᠡᠭᠡᠬᠦ ᠦᠭᠡᠢ ᠬᠣᠣᠷᠲᠤ ᠪᠤᠵᠠᠷ ᠰᠠᠨᠠᠭ᠎ᠠ ᠶ᠋ᠢ ᠪᠦᠬᠦ ᠪᠡᠶ᠎ᠡ ᠰᠡᠳᠬᠢᠯ ᠳ᠋ᠦ᠍ ᠲᠠᠨᠢ ᠰᠢᠩᠭᠡᠭᠡᠵᠦ ᠳᠥᠩᠭᠡᠬᠦ ᠪᠢᠰᠢ ᠤᠤ᠃ ᠲᠠ ᠠᠯᠲᠠᠨ ᠤᠯᠤᠰ ᠤ᠋ᠨ ᠨᠣᠶᠠᠳ ᠶᠠᠮᠠᠷ ᠰᠠᠨᠠᠭᠠᠲᠠᠢ ᠪᠠᠢᠭᠰᠠᠨ ᠢ᠋ ᠤᠮᠠᠷᠲᠠᠯᠠ ᠭᠡᠵᠢ ᠤᠤ ᠭᠡᠵᠦ ᠬᠡᠯᠡᠭᠡᠳ ᠪᠣᠰᠴᠤ᠂ ᠪᠥᠬᠥᠢᠨ ᠶᠣᠰᠣ ᠬᠢᠯ ᠦᠭᠡᠢ ᠡᠭᠦᠳᠡ ᠤᠷᠤᠭᠤ ᠠᠯᠬᠤᠯ᠎ᠠ᠃ ᠬᠤᠪᠢᠯᠠᠢ ᠪᠣᠳᠣᠯ ᠳ᠋ᠤ᠌ ᠳᠠᠷᠤᠭᠳᠠᠨ ᠰᠠᠭᠤᠵᠤ ᠬᠣᠴᠣᠷᠪᠠ᠃
ᠬᠤᠪᠢᠯᠠᠢ ᠮᠠᠷᠭᠠᠰᠢ ᠤᠷᠤᠭᠰᠢ ᠪᠠᠨ ᠱᠠᠩᠳᠤ ᠤᠷᠤᠭᠤ ᠶᠠᠪᠤᠨ᠎ᠠ ᠭᠡᠵᠦ ᠪᠠᠢᠬᠤ ᠳ᠋ᠤ᠌ ᠪᠠᠨ ᠬᠠᠷᠠᠬᠣᠷᠣᠮ ᠬᠠᠪᠢ ᠶ᠋ᠢᠨ《ᠳᠡᠭᠡᠳᠦ ᠬᠡᠷᠭᠡᠮᠲᠡᠨ》 ᠭᠡᠭᠳᠡᠬᠦ ᠬᠣᠷᠢᠨ ᠲᠠᠪᠤᠨ ᠨᠣᠶᠠᠳ ᠢ᠋ ᠤᠷᠢᠨ ᠴᠤᠭᠯᠠᠭᠤᠯᠵᠤ ᠶᠡᠬᠡ ᠬᠠᠭᠠᠨ ᠤ᠋ ᠰᠢᠷ᠎ᠠ ᠣᠷᠳᠣᠨ ᠳ᠋ᠤ᠌ ᠠᠪᠴᠢᠷᠠᠵᠠᠢ᠃ ᠲᠡᠳᠡ ᠨᠡᠯᠢᠶᠡᠨ ᠬᠥᠯᠲᠡᠢ ᠵᠣᠭᠣᠭ ᠪᠡᠯᠡᠳᠬᠡᠨ ᠬᠡᠳᠦᠨ ᠦᠬᠡᠷ᠂ ᠬᠣᠨᠢ ᠲᠥᠬᠥᠭᠡᠷᠡᠭᠦᠯᠵᠦ᠂ ᠴᠢᠨᠠᠭᠰᠠᠨ ᠮᠢᠬ᠎ᠠ ᠲᠠᠪᠰᠢ ᠲᠠᠪᠰᠢ ᠪᠠᠷ ᠲᠠᠯᠪᠢᠭᠤᠯᠤᠨ᠂ ᠬᠥᠬᠦᠦᠷ ᠢ᠋ᠶ᠋ᠡᠷ ᠠᠢᠷᠠᠭ᠂ ᠬᠤᠪᠢᠩ ᠢ᠋ᠶ᠋ᠠᠷ ᠠᠷᠠᠵᠠ ᠬᠣᠣᠷᠠᠵᠠ ᠦᠷᠦᠭᠦᠯᠵᠡᠢ᠃ ᠵᠠᠯᠠᠭᠰᠠᠨ ᠨᠣᠶᠠᠳ ᠢ᠋ᠶ᠋ᠠᠨ ᠬᠦᠷᠦᠯᠴᠡᠨ ᠢᠷᠡᠬᠦ ᠳ᠋ᠦ᠍ ᠬᠤᠪᠢᠯᠠᠢ ᠬᠦᠨᠳᠦᠳᠬᠡᠯ ᠢᠯᠡᠷᠬᠡᠢᠯᠡᠬᠦ ᠪᠠᠢᠳᠠᠯ ᠢ᠋ᠶ᠋ᠠᠷ ᠤᠭᠲᠤᠨ ᠤᠴᠠᠷᠠᠵᠤ ᠰᠠᠭᠤᠳᠠᠯ ᠳ᠋ᠤ᠌ ᠰᠠᠭᠤᠯᠭᠠᠭᠠᠳ᠂ ᠮᠠᠯᠢᠯᠵᠠᠨ ᠢᠨᠢᠶᠡᠵᠦ ᠠᠶ᠎ᠠ ᠲᠠᠯᠪᠢᠨ᠄
— ᠶᠡᠬᠡᠰ ᠨᠣᠶᠠᠳ ᠮᠢᠨᠢ ᠠ᠋! ᠮᠠᠨ ᠤ᠋ ᠲᠩᠷᠢ ᠢᠵᠠᠭᠤᠷ ᠤ᠋ᠨ ᠶᠡᠬᠡ ᠤᠷᠤᠭ ᠲᠠ ᠣᠯᠠᠨ ᠨᠣᠶᠠᠳ ᠤ᠋ᠨ ᠳᠡᠮᠵᠢᠯᠭᠡ ᠲᠤᠰᠠᠯᠠᠯᠴᠠᠭ᠎ᠠ ᠲᠠᠢ ᠪᠠᠷ ᠪᠢᠳᠡ ᠮᠥᠩᠬᠡ ᠲᠩᠷᠢ ᠶ᠋ᠢᠨ ᠳᠣᠣᠷ᠎ᠠ ᠠᠷᠢᠭᠤᠨ ᠢ᠋ᠶ᠋ᠠᠷ ᠲᠥᠷᠥ ᠤᠯᠤᠰ ᠢ᠋ᠶ᠋ᠠᠨ ᠲᠡᠷᠢᠭᠦᠯᠡᠨ ᠶᠠᠪᠤᠬᠤ ᠶᠣᠰᠣᠲᠠᠢ᠃ ᠭᠡᠲᠡᠯ᠎ᠡ ᠵᠠᠷᠢᠮ ᠮᠥᠴᠢᠳ ᠰᠠᠨᠠᠭ᠎ᠠ ᠪᠦᠬᠦᠢ ᠬᠥᠮᠦᠰ ᠠᠬᠠᠨ ᠳᠡᠭᠦᠦ ᠪᠢᠳᠡᠨ ᠦ᠌ ᠳᠤᠮᠳᠠ ᠬᠠᠭᠠᠯᠤᠨ ᠰᠠᠷᠨᠢᠭᠤᠯᠬᠤ ᠶᠠᠪᠤᠭᠤᠯᠭ᠎ᠠ ᠬᠢᠨ ᠡᠪᠳᠡᠷᠡᠯ ᠦ᠋ᠨ ᠦᠷ᠎ᠡ ᠶ᠋ᠢ ᠲᠠᠷᠢᠯ᠎ᠠ᠃ ᠡᠭᠦᠨ ᠢ᠋ ᠪᠢᠳᠡ ᠰᠡᠷᠭᠡᠭ ᠰᠣᠷᠭᠣᠭ ᠪᠠᠢᠭᠰᠠᠨ ᠤ᠋ ᠪᠠᠨ ᠠᠴᠢ ᠪᠠᠷ᠂ ᠲᠩᠷᠢ ᠶ᠋ᠢᠨ ᠠᠪᠤᠷᠠᠯ ᠢ᠋ᠶ᠋ᠠᠷ ᠵᠠᠢᠯᠠᠭᠤᠯᠵᠤ ᠴᠢᠳᠠᠭᠰᠠᠨ ᠪᠣᠯᠤᠨ᠎ᠠ᠃ ᠣᠳᠣ ᠮᠣᠩᠭᠣᠯ ᠤ᠋ᠨ ᠶᠡᠬᠡ ᠲᠥᠷᠥ ᠡᠩᠬᠡᠵᠢᠨ ᠪᠡᠬᠢᠵᠢᠬᠦ ᠨᠢ ᠵᠠᠢᠯᠠᠰᠢ ᠦᠭᠡᠢ᠃ ᠡᠭᠦᠨ ᠦ᠌ ᠲᠤᠯᠠᠳᠠ ᠴᠦ᠍ ᠪᠢ ᠲᠩᠷᠢ ᠳ᠋ᠦ᠍ ᠮᠥᠷᠭᠥᠨ ᠴᠢᠳᠠᠬᠤ ᠴᠢᠨᠡᠭᠡ ᠪᠡᠷ ᠢ᠋ᠶ᠋ᠡᠨ ᠣᠯᠠᠨ ᠵᠦᠢᠯ ᠦ᠋ᠨ ᠬᠡᠷᠡᠭ ᠢ᠋ ᠡᠭᠦᠰᠬᠡᠨ ᠶᠠᠪᠤᠭᠤᠯᠤᠨ᠎ᠠ᠃ ᠮᠢᠨᠦ ᠳᠡᠭᠦᠦ ᠠᠷᠢᠬᠪᠦ᠋ᠬᠡ ᠲᠡᠷᠰᠡᠭᠦᠳ ᠰᠠᠨᠠᠭ᠎ᠠ ᠪᠦᠬᠦᠢ ᠡᠲᠡᠭᠡᠳ ᠦ᠋ᠳ ᠲᠦ᠍ ᠬᠣᠣᠷᠲᠤ ᠢᠳᠬᠠᠯᠭ᠎ᠠ ᠳ᠋ᠤ᠌ ᠠᠪᠲᠠᠨ ᠭᠡᠨᠡᠳᠡᠵᠡᠢ᠃ ᠪᠢ ᠲᠡᠭᠦᠨ ᠢ᠋ ᠥᠷᠥᠰᠢᠶᠡᠵᠦ ᠤᠴᠢᠷᠯᠠᠬᠤ ᠰᠡᠳᠬᠢᠯ ᠣᠶᠤᠨ ᠤ᠋ ᠲᠡᠩᠬᠡᠭᠡ ᠲᠡᠢ ᠪᠠᠢᠨ᠎ᠠ᠃ ᠠᠷᠢᠬᠪᠦ᠋ᠬᠡ ᠶ᠋ᠢ ᠡᠨᠡ ᠪᠠᠢᠳᠠᠯ ᠢ᠋ᠶ᠋ᠠᠨ ᠣᠢᠯᠠᠭᠠᠨ᠂ ᠨᠠᠳᠠᠳᠤ ᠢᠷᠡᠵᠦ ᠪᠤᠷᠤᠭᠤ ᠪᠠᠨ ᠬᠦᠯᠢᠶᠡᠪᠡᠯ ᠪᠢ ᠲᠡᠭᠦᠨ ᠢ᠋ ᠠᠭᠤᠴᠢᠯᠠᠨ᠎ᠠ᠃ ᠪᠢ ᠲᠩᠷᠢ ᠶ᠋ᠢᠨ ᠠᠪᠤᠷᠠᠯ ᠳ᠋ᠤ᠌ ᠮᠥᠷᠭᠥᠨ ᠮᠠᠷᠭᠠᠰᠢ ᠡᠮᠦᠨ᠎ᠡ ᠵᠦᠭ ᠵᠣᠷᠢᠬᠤ ᠳ᠋ᠤ᠌ ᠪᠠᠨ ᠰᠥᠩ ᠤᠯᠤᠰ ᠭᠡᠭᠴᠢ ᠶ᠋ᠢ ᠪᠠᠢᠬᠤ ᠦᠭᠡᠢ ᠪᠣᠯᠭᠠᠵᠤ᠂ ᠲᠡᠭᠦᠨ ᠢ᠋ ᠲᠦᠪᠰᠢᠳᠬᠡᠨ᠂ ᠲᠥᠷᠥ ᠳ᠋ᠦ᠍ ᠵᠠᠨᠤᠯ ᠤᠴᠠᠷᠠᠭᠤᠯᠳᠠᠭ ᠦᠨᠳᠦᠰᠦ ᠶ᠋ᠢ ᠲᠠᠰᠤᠯᠬᠤ ᠶ᠋ᠢ ᠴᠢᠷᠮᠠᠢᠵᠤ ᠪᠠᠢᠨ᠎ᠠ᠃ ᠲᠠ ᠣᠯᠠᠨ ᠨᠣᠶᠠᠳ ᠮᠢᠨᠦ ᠵᠠᠷᠯᠢᠭ ᠲᠤᠰᠢᠶᠠᠯ ᠢ᠋ ᠡᠷᠡᠭᠡᠯᠵᠡᠯ ᠦᠭᠡᠢ ᠳ᠋ᠡᠭᠡᠨ ᠪᠡᠶᠡᠯᠡᠭᠦᠯᠦᠭᠡᠴᠢ! ᠲᠠ ᠪᠦᠬᠦᠨ ᠡᠯᠳᠡᠪ ᠬᠤᠳᠠᠯ ᠦᠭᠡᠨ ᠳ᠋ᠦ᠍ ᠠᠪᠲᠠᠬᠤ ᠶᠣᠰᠣ ᠦᠭᠡᠢ᠃ ᠡᠵᠡᠨ ᠪᠣᠭᠳᠠ ᠡᠪᠦᠭᠡ ᠶ᠋ᠢᠨ ᠪᠠᠢᠭᠤᠯᠵᠤ ᠥᠭᠭᠦᠭᠰᠡᠨ ᠪᠦᠬᠦᠨ ᠢ᠋ ᠠᠷᠢᠭᠤᠨ ᠢ᠋ᠶ᠋ᠠᠷ ᠵᠠᠯᠭᠠᠮᠵᠢᠯᠠᠨ᠂ ᠴᠠᠭᠠᠰᠢᠳᠠ ᠪᠡᠬᠢᠵᠢᠭᠦᠯᠦᠨ ᠪᠠᠳᠠᠷᠠᠭᠠᠬᠤ ᠶᠣᠰᠣᠲᠠᠢ᠃ ᠡᠭᠦᠨ ᠦ᠌ ᠲᠤᠯᠠᠳᠠ ᠯᠠ ᠪᠢ ᠵᠢᠳᠬᠦᠨ᠎ᠡ᠃ ᠬᠠᠷᠠᠬᠣᠷᠣᠮ ᠳ᠋ᠤ᠌ ᠶᠢᠰᠦᠩᠭᠡ ᠨᠣᠶᠠᠨ ᠮᠢᠨᠦ ᠲᠥᠯᠥᠭᠡᠨ ᠦ᠌ ᠵᠠᠬᠢᠷᠤᠭᠴᠢ ᠪᠣᠯᠤᠨ ᠰᠠᠭᠤᠬᠤ ᠪᠣᠯᠤᠨ᠎ᠠ ᠭᠡᠳ ᠪᠥᠬᠥᠢᠬᠦ ᠳ᠋ᠦ᠍ ᠨᠢ ᠭᠠᠭᠴᠠ ᠨᠢᠭᠡᠬᠡᠨ ᠨᠣᠶᠠᠨ ᠬᠤᠪᠢᠯᠠᠢ ᠶ᠋ᠢ ᠳᠠᠭᠠᠨ ᠪᠥᠬᠥᠢᠪᠡ᠃ ᠬᠤᠪᠢᠯᠠᠢ ᠲᠡᠷᠡ ᠪᠠᠢᠳᠠᠯ ᠢ᠋ ᠠᠩᠵᠠᠭᠠᠷᠠᠵᠤ ᠦᠵᠡᠭᠡ ᠦᠭᠡᠢ ᠴᠢᠷᠠᠢ ᠵᠣᠷᠢᠭᠤᠳᠠ ᠭᠠᠷᠭᠠᠨ᠂ ᠬᠤᠷᠠᠭᠰᠠᠨ ᠨᠣᠶᠠᠳ ᠲᠤ ᠲᠣᠯᠣᠭᠠᠢ ᠳᠠᠷᠠᠭᠠᠯᠠᠭᠰᠠᠨ ᠬᠢᠲᠠᠳ ᠬᠠᠮᠪᠤ ᠲᠣᠷᠭ᠎ᠠ᠂ ᠬᠣᠷᠭᠣᠢ᠂ ᠠᠮᠲᠠᠲᠤ ᠳᠠᠷᠠᠰᠤ᠂ ᠨᠠᠨᠳᠢᠨ ᠴᠢᠪᠠᠭ᠎ᠠ ᠪᠣᠭᠣᠳᠠᠯ ᠢ᠋ᠶ᠋ᠠᠷ᠂ ᠪᠠᠰᠠ ᠪᠤᠰᠤ ᠮᠣᠩᠭᠣᠯ ᠭᠠᠵᠠᠷ ᠲᠤ ᠬᠣᠪᠣᠷ ᠪᠠᠢᠳᠠᠭ ᠡᠳ᠋ ᠶᠠᠭᠤᠮ᠎ᠠ᠂ ᠭᠣᠶᠣᠯ ᠴᠢᠮᠡᠭᠯᠡᠯ ᠦ᠋ᠨ ᠵᠦᠢᠯ ᠪᠡᠯᠡᠳᠬᠡᠨ ᠲᠠᠷᠬᠠᠭᠠᠵᠤ ᠥᠭᠭᠦᠭᠡᠳ᠂ ᠪᠡᠯᠡᠳᠬᠡᠭᠦᠯᠦᠭᠰᠡᠨ ᠢᠳᠡᠭᠡ ᠪᠤᠳᠠᠭ᠎ᠠ ᠪᠠᠷ ᠢ᠋ᠶ᠋ᠠᠨ ᠳᠠᠢᠯᠠᠨ《ᠶᠡᠬᠡ ᠨᠠᠢᠷ》 ᠮᠠᠶᠢᠭ ᠲᠠᠢ ᠶᠠᠭᠤᠮ᠎ᠠ ᠪᠣᠯᠤᠯ᠎ᠠ᠃ ᠡᠨᠡ ᠨᠢ ᠥᠷᠭᠡᠨ ᠣᠯᠠᠨ ᠢ᠋ᠶ᠋ᠠᠷ ᠥᠪᠡᠷ ᠢ᠋ ᠪᠡᠨ ᠡᠷᠭᠦᠮᠵᠢᠯᠡᠭᠦᠯᠬᠦ ᠭᠡᠰᠡᠨ ᠵᠦᠴᠦᠭᠡ ᠪᠠᠢᠯ᠎ᠠ᠃
ᠬᠤᠪᠢᠯᠠᠢ ᠶᠡᠬᠡ ᠴᠡᠷᠢᠭ ᠦ᠋ᠨ ᠬᠠᠮᠲᠤ ᠬᠠᠷᠠᠬᠣᠷᠣᠮ ᠠ᠋ᠴᠠ ᠡᠮᠦᠨ᠎ᠡ ᠵᠦᠭ ᠬᠥᠳᠡᠯᠪᠡ᠃ ᠣᠷᠬᠣᠨ ᠭᠣᠣᠯ ᠤ᠋ᠨ ᠬᠥᠪᠡᠭᠡ ᠪᠡᠷ ᠪᠠᠢᠷᠢᠯᠠᠭᠤᠯᠤᠭᠰᠠᠨ ᠴᠡᠷᠢᠭ ᠢ᠋ᠶ᠋ᠡᠨ ᠵᠣᠷᠢᠭᠤᠳᠠ ᠵᠢᠭᠰᠠᠭᠠᠨ ᠨᠡᠢᠰᠯᠡᠯ ᠦ᠋ᠨ ᠥᠨᠳᠥᠷ ᠬᠡᠷᠡᠮ ᠦ᠋ᠨ ᠬᠣᠢᠲᠤ ᠬᠠᠭᠠᠯᠭ᠎ᠠ ᠪᠠᠷ ᠣᠷᠣᠭᠤᠯᠤᠨ᠂ ᠡᠮᠦᠨᠡᠲᠦ ᠬᠠᠭᠠᠯᠭ᠎ᠠ ᠪᠠᠷ ᠭᠠᠷᠭᠠᠨ ᠰᠦᠷ ᠢ᠋ ᠪᠠᠳᠠᠷᠠᠭᠠᠬᠤ ᠳ᠋ᠤ᠌ ᠪᠠᠨ《ᠬᠡᠨ ᠴᠦ᠍ ᠬᠠᠯᠳᠠᠬᠤ ᠶ᠋ᠢᠨ ᠠᠷᠭ᠎ᠠ ᠦᠭᠡᠢ ᠶᠡᠬᠡ ᠬᠦᠴᠦ ᠬᠤᠪᠢᠯᠠᠢ ᠳ᠋ᠤ᠌ ᠪᠠᠢᠨ᠎ᠠ》 ᠭᠡᠰᠡᠨ ᠰᠠᠨᠠᠭ᠎ᠠ ᠶ᠋ᠢ ᠬᠠᠳᠠᠨ ᠵᠠᠩᠵᠤᠨ ᠭᠠᠷᠭᠠᠵᠤ᠂ ᠲᠡᠷᠡ ᠶᠣᠰᠣ ᠪᠠᠷ ᠬᠣᠶᠠᠷ ᠲᠦᠮᠡᠲᠦ ᠴᠡᠷᠢᠭ ᠲᠣᠭᠣᠰᠣ ᠬᠠᠲᠠᠭᠠᠨ ᠬᠣᠲᠠ ᠶ᠋ᠢᠨ ᠭᠤᠳᠤᠮᠵᠢ ᠪᠠᠷ ᠵᠠᠮᠨᠠᠪᠠ᠃ ᠴᠡᠷᠢᠭ ᠦ᠋ᠨ ᠲᠡᠷᠢᠭᠦᠨ ᠳ᠋ᠦ᠍ ᠬᠤᠪᠢᠯᠠᠢ ᠳᠥᠷᠪᠡᠨ ᠮᠣᠷᠢ ᠬᠣᠣᠰᠯᠠᠨ ᠬᠥᠯᠯᠡᠭᠰᠡᠨ ᠲᠣᠷᠭᠠᠨ ᠰᠡᠦᠬᠡᠨ ᠳ᠋ᠦ᠍ ᠭᠡᠳᠡᠢᠨ ᠰᠠᠭᠤᠵᠤ ᠪᠤᠰᠤᠳ ᠡᠷᠬᠡᠲᠡᠨ ᠳᠠᠷᠬᠠᠲᠠᠨ ᠢ᠋ᠶ᠋ᠠᠨ ᠳᠠᠭᠠᠭᠤᠯᠤᠨ ᠶᠠᠪᠤᠬᠤ ᠳ᠋ᠤ᠌ ᠪᠠᠨ ᠥᠪᠡᠷ ᠢ᠋ ᠪᠡᠨ《ᠳᠡᠯᠡᠬᠡᠢ ᠳ᠋ᠦ᠍ ᠬᠣᠣᠰ ᠦᠭᠡᠢ ᠶᠡᠬᠡ ᠬᠥᠮᠦᠨ ᠪᠣᠯᠤᠭᠰᠠᠨ》 ᠭᠡᠮᠡᠨ ᠬᠠᠷᠠᠭᠤᠯᠬᠤ ᠭᠡᠰᠡᠨ ᠪᠣᠯᠤᠯᠲᠠᠢ᠃ ᠡᠨᠡ ᠬᠠᠭᠠᠨ ᠢ᠋ ᠳᠠᠭᠠᠭᠴᠢ ᠨᠣᠶᠠᠳ ᠤ᠋ᠨ ᠣᠯᠠᠩᠬᠢ ᠨᠢ ᠪᠠᠰᠠ ᠰᠡᠦᠬᠡ ᠲᠡᠷᠭᠡ ᠬᠥᠯᠯᠡᠵᠡᠢ᠃ ᠳᠠᠭᠤᠴᠢ ᠡᠮ᠎ᠡ ᠯᠣᠯᠣᠢ ᠬᠦᠷᠲᠡᠯ᠎ᠡ ᠰᠡᠦᠬᠡ ᠡᠵᠡᠩᠨᠡᠭᠰᠡᠨ ᠨᠢ ᠭᠠᠢᠬᠠᠯ ᠲᠥᠷᠥᠭᠦᠯᠦᠨ᠎ᠡ᠃ ᠬᠤᠪᠢᠯᠠᠢ ᠬᠠᠷᠠᠬᠣᠷᠣᠮ ᠳ᠋ᠤ᠌ ᠪᠠᠢᠬᠤ ᠳ᠋ᠤ᠌ ᠪᠠᠨ ᠶᠡᠬᠡ ᠬᠠᠭᠠᠳ ᠤ᠋ᠨ ᠭᠣᠶᠣᠮᠰᠣᠭ ᠣᠷᠳᠣᠨ ᠳ᠋ᠤ᠌ ᠰᠠᠭᠤᠭ᠎ᠠ ᠦᠭᠡᠢ ᠪᠣᠯᠪᠠᠴᠤ ᠲᠡᠨᠳᠡ ᠬᠠᠳᠠᠭᠠᠯᠠᠭᠳᠠᠨ ᠪᠠᠢᠭᠰᠠᠨ ᠡᠷᠳᠡᠨᠢ ᠶ᠋ᠢᠨ ᠴᠢᠯᠠᠭᠤᠨ ᠠ᠋ᠴᠠ ᠥᠭᠰᠥᠭᠦᠯᠦᠭᠡᠳ᠂ ᠠᠯᠲᠠ ᠮᠥᠩᠭᠥᠨ ᠡᠳ᠋ᠯᠡᠯ᠂ ᠪᠤᠰᠤᠳ ᠣᠯᠵᠠ ᠣᠯᠪᠤᠷᠢ ᠶ᠋ᠢᠨ ᠨᠠᠨᠳᠢᠨ ᠵᠦᠢᠯ ᠦ᠋ᠳ ᠬᠠᠮᠤᠭ ᠰᠤᠳᠤᠷ ᠨᠣᠮ᠂ ᠠᠯᠪᠠᠨ ᠪᠢᠴᠢᠭ ᠦ᠋ᠳ ᠢ᠋ ᠴᠥᠯᠮᠥᠨ ᠠᠪᠴᠤ ᠲᠠᠭᠠᠷ ᠱᠤᠤᠳᠠᠢ ᠳ᠋ᠤ᠌ ᠬᠢᠨ ᠠᠴᠢᠭᠤᠯᠬᠤ ᠳ᠋ᠤ᠌ ᠪᠠᠨ《ᠣᠳᠣ ᠡᠨᠳᠡ ᠤᠯᠤᠰ ᠤ᠋ᠨ ᠲᠥᠷᠥ ᠲᠥᠪᠯᠡᠷᠡᠬᠦ ᠦᠭᠡᠢ ᠪᠣᠯᠵᠤ ᠬᠤᠪᠢᠷᠠᠬᠤ ᠤᠴᠢᠷ ᠬᠣᠪᠣᠷ ᠣᠯᠳᠠᠪᠤᠷᠢ ᠨᠤᠭᠤᠳ ᠪᠤᠰᠤᠳ ᠤ᠋ᠨ ᠢᠳᠡᠰᠢ ᠪᠣᠯᠵᠤ᠂ ᠬᠠᠭᠠᠨ ᠤ᠋ ᠰᠠᠩ ᠬᠥᠮᠥᠷᠭᠡ ᠬᠣᠭᠣᠰᠣᠷᠠᠬᠤ ᠪᠣᠯᠤᠨ᠎ᠠ᠃ ᠡᠳᠡ ᠪᠦᠭᠦᠳᠡ ᠶ᠋ᠢ ᠪᠢ ᠳᠡᠷᠭᠡᠳᠡ ᠪᠡᠨ ᠠᠪᠴᠤ ᠬᠠᠳᠠᠭᠠᠯᠠᠨ ᠬᠠᠮᠠᠭᠠᠯᠠᠭᠰᠠᠨ ᠨᠢ ᠠᠰᠢᠭᠲᠠᠢ》 ᠭᠡᠮᠡᠨ ᠬᠡᠯᠡᠭᠰᠡᠨ ᠪᠠᠢᠨ᠎ᠠ᠃
ᠶᠡᠬᠡ ᠴᠡᠷᠢᠭ ᠦ᠋ᠨ ᠬᠥᠯ ᠦ᠋ᠨ ᠲᠣᠭᠣᠰᠣ ᠨᠡᠢᠰᠯᠡᠯ ᠦ᠋ᠨ ᠣᠯᠠᠨ ᠥᠩᠭᠡᠲᠦ ᠤᠷᠲᠤ ᠨᠤᠭᠤᠳ ᠢ᠋ ᠳᠠᠷᠤᠵᠤ ᠪᠦᠳᠡᠭᠢᠷᠡᠭᠦᠯᠦᠭᠰᠡᠨ ᠨᠢ ᠡᠵᠡᠨ ᠳ᠋ᠦ᠍ ᠪᠡᠨ ᠭᠡᠭᠡᠭᠳᠡᠨ ᠬᠣᠭᠣᠰᠣᠷᠠᠭᠰᠠᠨ ᠭᠡᠷ ᠮᠡᠲᠦ ᠰᠦᠷ ᠵᠢᠪᠬᠤᠭ᠎ᠠ ᠨᠢ ᠪᠠᠭᠤᠷᠠᠩᠭᠤᠢ ᠬᠠᠷᠠᠭᠳᠠᠵᠤ ᠪᠠᠢᠯ᠎ᠠ᠃ ᠶᠡᠬᠡ ᠬᠠᠭᠠᠨ ᠤ᠋ ᠰᠢᠷ᠎ᠠ᠂ ᠬᠥᠬᠡ ᠤᠷᠲᠤ ᠬᠣᠭᠣᠰᠣᠷᠠᠵᠠᠢ᠃ ᠬᠠᠷᠢᠨ ᠭᠡᠢᠴᠢᠳ ᠦ᠋ᠨ᠂ ᠬᠥᠭᠵᠢᠮ ᠦ᠋ᠨ᠂ ᠳᠡᠭᠡᠳᠦᠰ ᠦ᠋ᠳ ᠦ᠋ᠨ ᠪᠤᠰᠤᠳ ᠭᠢᠯᠠᠯᠵᠠᠭᠰᠠᠨ ᠫᠠᠯᠠᠩ ᠲᠠᠢ ᠣᠷᠳᠣᠨ ᠨᠤᠭᠤᠳ ᠡᠵᠡᠩᠨᠡᠬᠦ ᠡᠵᠡᠨ ᠲᠡᠢ᠂ ᠳᠤᠤᠭᠠᠷᠬᠤ ᠬᠥᠭ ᠠᠶᠠᠯᠭᠤ ᠲᠠᠢ ᠬᠡᠪ ᠢ᠋ᠶ᠋ᠡᠷ ᠢ᠋ᠶ᠋ᠡᠨ ᠦᠯᠡᠳᠡᠪᠡ᠃ ᠬᠤᠪᠢᠯᠠᠢ ᠠ᠋ᠴᠠ ᠪᠤᠰᠤᠳ ᠣᠯᠠᠨ ᠲᠡᠷᠡ ᠤᠷᠲᠤ ᠬᠠᠷᠰᠢ ᠪᠠᠨ ᠥᠪᠡᠷ ᠦ᠋ᠨ ᠶᠠᠭᠤᠮ᠎ᠠ ᠭᠡᠵᠦ ᠨᠠᠨᠳᠢᠩᠨᠠᠨ ᠦᠵᠡᠭᠰᠡᠭᠡᠷ ᠪᠢᠯᠡ᠃
ᠬᠤᠪᠢᠯᠠᠢ ᠶ᠋ᠢ ᠶᠢᠰᠦᠩᠭᠡ ᠨᠣᠶᠠᠨ ᠲᠦᠮᠡᠲᠦ ᠪᠡᠨ ᠵᠢᠭᠰᠠᠭᠠᠨ ᠶᠠᠪᠤᠵᠤ ᠰᠢᠩᠬᠤ ᠶ᠋ᠢᠨ ᠲᠠᠯ᠎ᠠ ᠬᠦᠷᠭᠡᠨ ᠦᠳᠡᠬᠦ ᠶᠣᠰᠣ ᠬᠢᠵᠦ ᠭᠠᠷᠭᠠᠯ᠎ᠠ᠃ ᠲᠡᠨᠳᠡ ᠬᠡᠭᠡᠷ᠎ᠡ ᠪᠠᠰᠠ ᠲᠣᠮᠣ ᠨᠠᠢᠷ ᠬᠢᠬᠦ ᠪᠣᠯᠵᠠᠢ᠃ ᠦᠳᠡᠭᠰᠡᠳ ᠦ᠋ᠨ ᠳᠣᠲᠣᠷ᠎ᠠ ᠶᠠᠭ ᠬᠥᠳᠡᠭᠡᠨ ᠦ᠌ ᠮᠠᠯᠴᠢᠨ ᠠᠳᠠᠯᠢ ᠪᠣᠯᠵᠤ ᠬᠤᠪᠢᠯᠤᠨ ᠰᠠᠬᠠᠯ ᠲᠠᠯᠪᠢᠵᠤ ᠵᠢᠰᠦ ᠬᠤᠪᠢᠷᠠᠭᠠᠭᠰᠠᠨ ᠪᠢᠯᠢᠭᠦᠨ ᠭᠤᠷᠪᠠᠭᠤᠯᠠ ᠪᠠᠢᠯᠴᠠᠵᠤ ᠪᠠᠢᠳᠠᠯ ᠢ᠋ ᠠᠵᠢᠵᠤ ᠬᠠᠷᠠᠭᠰᠠᠨ ᠪᠠᠢᠨ᠎ᠠ᠃ ᠡᠨᠡ ᠡᠷ᠎ᠡ ᠨᠡᠢᠰᠯᠡᠯ ᠦ᠋ᠨ ᠪᠠᠢᠳᠠᠯ ᠢ᠋ ᠳᠠᠬᠢᠨ ᠰᠤᠳᠤᠯᠵᠤ ᠮᠡᠳᠡᠬᠦ ᠵᠠᠷᠯᠢᠭ ᠢ᠋ ᠬᠦᠯᠢᠶᠡᠬᠦ ᠶ᠋ᠢᠨ ᠬᠠᠮᠲᠤ ᠲᠥᠷᠥᠭᠰᠡᠨ ᠠᠬ᠎ᠠ ᠶ᠋ᠢ ᠪᠡᠨ ᠣᠯᠵᠤ ᠠᠭᠤᠯᠵᠠᠬᠤ᠂ ᠭᠡᠷᠭᠡᠢ ᠬᠡᠦᠬᠡᠳ ᠦ᠋ᠨ ᠢ᠋ᠶ᠋ᠡᠨ ᠪᠠᠷ᠎ᠠ ᠰᠤᠷᠠᠭ ᠢ᠋ ᠰᠣᠨᠣᠰᠬᠤ᠂ ᠠᠬ᠎ᠠ ᠶ᠋ᠢᠨ ᠭᠡᠷᠭᠡᠢ ᠬᠣᠰᠢᠮᠤᠭᠲᠤ ᠶ᠋ᠢᠨ ᠬᠠᠮᠢᠭ᠎ᠠ ᠶᠠᠪᠤᠭ᠎ᠠ ᠶ᠋ᠢ ᠣᠯᠵᠤ ᠮᠡᠳᠡᠬᠦ ᠶ᠋ᠢ ᠵᠣᠷᠢᠨ᠂ ᠪᠠᠷ᠎ᠠ ᠰᠤᠷᠠᠭ ᠪᠠᠭᠠᠲᠠᠢ ᠬᠠᠷᠠᠭᠳᠠᠬᠤ ᠶ᠋ᠢᠨ ᠲᠤᠯᠠᠳᠠ ᠬᠣᠶᠠᠷᠬᠠᠨ ᠴᠡᠷᠢᠭ ᠳᠠᠭᠠᠭᠤᠯᠤᠭᠠᠳ ᠳᠠᠬᠢᠨ ᠡᠷᠭᠢᠵᠦ ᠢᠷᠡᠭᠰᠡᠨ ᠠᠵᠢ᠃ ᠪᠢᠯᠢᠭᠦᠨ ᠬᠤᠪᠢᠯᠠᠢ ᠶ᠋ᠢ ᠶᠠᠪᠤᠬᠤ ᠠ᠋ᠴᠠ ᠭᠤᠷᠪᠠᠨ ᠬᠣᠨᠣᠭ ᠤ᠋ᠨ ᠡᠮᠦᠨ᠎ᠡ ᠬᠠᠷᠠᠬᠣᠷᠣᠮ ᠳ᠋ᠤ᠌ ᠣᠷᠣᠵᠤ ᠢᠷᠡᠭᠡᠳ᠂ ᠵᠢᠰᠦ ᠪᠡᠨ ᠪᠦᠷᠢᠨ ᠬᠤᠪᠢᠷᠠᠭᠠᠭᠰᠠᠨ ᠪᠣᠯᠬᠣᠷ ᠪᠠᠷᠤᠭ ᠬᠥᠮᠦᠨ ᠲᠣᠭᠣᠵᠤ ᠬᠠᠷᠠᠬᠤ ᠪᠠᠷ ᠦᠭᠡᠢ ᠪᠠᠢᠯ᠎ᠠ᠃ ᠡᠨᠡ ᠡᠷ᠎ᠡ ᠰᠠᠮᠪᠠᠭᠠᠴᠢᠯᠠᠨ ᠭᠦᠶᠦᠵᠦ ᠬᠡᠳᠦ ᠬᠡᠳᠦᠨ ᠲᠠᠨᠢᠬᠤ ᠬᠥᠮᠦᠨ ᠲᠡᠢ ᠪᠡᠨ ᠠᠭᠤᠯᠵᠠᠨ᠂ ᠢᠲᠡᠭᠡᠯ ᠢ᠋ ᠢᠯᠡᠷᠬᠡᠢᠯᠡᠨ ᠶᠠᠷᠢᠯᠴᠠᠭᠠᠳ ᠴᠤᠬᠠᠭ ᠲᠤ ᠲᠣᠭᠠᠴᠠᠭᠳᠠᠬᠤ ᠮᠡᠳᠡᠭᠡ ᠨᠡᠯᠢᠶᠡᠳ ᠢ᠋ ᠰᠣᠨᠣᠰᠤᠭᠰᠠᠨ ᠪᠠᠢᠪᠠ᠃ ᠲᠤᠬᠠᠢᠯᠠᠪᠠᠯ ᠬᠤᠪᠢᠯᠠᠢ ᠤᠪ ᠮᠡᠬᠡ ᠭᠠᠷᠭᠠᠨ ᠠᠷᠢᠬᠪᠥ᠋ᠬᠡ ᠶ᠋ᠢ ᠮᠠᠭᠤ ᠬᠡᠯᠡᠵᠦ ᠴᠢᠳᠠᠬᠤ ᠦᠭᠡᠢ ᠪᠠᠢᠭ᠎ᠠ᠃ ᠲᠡᠷᠡ ᠨᠢ ᠴᠡᠪᠡᠷ ᠬᠠᠲᠤᠨ ᠤ᠋ ᠨᠥᠯᠥᠭᠡᠯᠡᠯ ᠦ᠋ᠨ ᠠᠪᠤᠷᠠᠯ ᠠᠵᠢ᠃ ᠬᠤᠪᠢᠯᠠᠢ ᠥᠪᠡᠷ ᠢ᠋ ᠪᠡᠨ ᠶᠡᠬᠡ ᠬᠠᠭᠠᠨ ᠭᠡᠵᠦ ᠦᠨᠳᠦᠰᠦᠨ ᠳ᠋ᠦ᠍ ᠪᠡᠨ ᠬᠠᠷᠠᠬᠣᠷᠣᠮ ᠤ᠋ᠨ ᠨᠣᠶᠠᠳ ᠢ᠋ᠶ᠋ᠠᠷ ᠵᠥᠪᠰᠢᠶᠡᠷᠡᠭᠦᠯᠵᠡᠢ᠃ ᠡᠨᠡ ᠨᠢ ᠲᠡᠭᠦᠨ ᠦ᠌ ᠨᠡᠢᠰᠯᠡᠯ ᠳ᠋ᠦ᠍ ᠬᠦᠷᠴᠦ ᠢᠷᠡᠭᠰᠡᠨ ᠭᠣᠣᠯ ᠵᠣᠷᠢᠯᠲᠠ ᠨᠢ ᠪᠠᠢᠭᠰᠠᠨ ᠭᠡᠨ᠎ᠡ᠃ ᠲᠡᠷᠡ ᠪᠡᠷ ᠶᠡᠬᠡ ᠬᠠᠭᠠᠳ ᠤ᠋ᠨ ᠣᠷᠳᠣᠨ ᠳ᠋ᠤ᠌ ᠪᠠᠢᠭᠰᠠᠨ ᠨᠠᠨᠳᠢᠨ ᠵᠦᠢᠯᠡᠰ ᠢ᠋ ᠬᠠᠮᠤᠵᠤ ᠠᠪᠤᠭᠰᠠᠨ ᠢ᠋ᠶ᠋ᠠᠷ ᠢ᠋ᠶ᠋ᠠᠨ ᠬᠥᠮᠦᠨ ᠣᠯᠠᠨ ᠳ᠋ᠤ᠌ ᠰᠢᠨᠤᠬᠠᠢ ᠰᠤᠪᠳᠠᠭ ᠢ᠋ᠶ᠋ᠠᠨ ᠬᠠᠷᠠᠭᠤᠯᠵᠠᠢ᠃ ᠲᠡᠷᠡ ᠨᠢ ᠨᠡᠢᠰᠯᠡᠯ ᠦ᠋ᠨ ᠴᠠᠷ᠎ᠠ ᠬᠡᠮᠵᠢᠶ᠎ᠡ᠂ ᠨᠡᠷ᠎ᠡ ᠰᠦᠷ ᠢ᠋ ᠪᠠᠭᠤᠷᠠᠭᠤᠯᠬᠤ ᠪᠠᠰᠠ ᠨᠢᠭᠡᠨ ᠵᠦᠢᠯ ᠪᠣᠯᠤᠭᠰᠠᠨ ᠨᠢ ᠬᠡᠨ ᠪᠦᠬᠦᠨ ᠳ᠋ᠦ᠍ ᠢᠯᠡᠷᠬᠡᠢ ᠬᠡᠷᠡᠭ᠃
ᠪᠢᠯᠢᠭᠦᠨ ᠬᠤᠪᠢᠯᠠᠢ ᠶ᠋ᠢ ᠬᠠᠷ᠎ᠠ ᠬᠣᠷᠣᠮ ᠠ᠋ᠴᠠ ᠶᠠᠪᠤᠭᠰᠠᠨ ᠤ᠋ ᠳᠠᠷᠠᠭ᠎ᠠ ᠬᠣᠲᠠ ᠶ᠋ᠢᠨ ᠳᠣᠲᠣᠷ᠎ᠠ ᠪᠣᠯᠤᠨ ᠬᠦᠷᠢᠶ᠎ᠡ ᠵᠠᠬ᠎ᠠ ᠪᠠᠷ ᠬᠣᠶᠠᠷ ᠬᠣᠨᠣᠭ ᠵᠣᠭᠰᠣᠯᠲᠠ ᠦᠭᠡᠢ ᠶᠠᠪᠤᠯ᠎ᠠ᠃ ᠲᠡᠷᠡ ᠪᠡᠷ ᠬᠣᠶᠠᠷ ᠬᠥᠮᠦᠨ ᠦ᠌ ᠠᠮᠠᠨ ᠠ᠋ᠴᠠ ᠬᠦᠯᠦᠭ ᠢ᠋᠂ ᠬᠦᠦ ᠪᠡᠨ᠂ ᠬᠣᠰᠢᠮᠤᠭᠲᠤ ᠶ᠋ᠢ ᠳᠡᠷᠭᠡᠳᠡ ᠪᠡᠨ ᠳᠠᠭᠠᠭᠤᠯᠤᠨ ᠫᠧᠷᠰ ᠬᠤᠳᠠᠯᠳᠤᠭᠠᠴᠢᠨ ᠤ᠋ ᠠᠷᠪᠠ ᠰᠢᠬᠠᠮ ᠲᠡᠮᠡᠭᠡᠨ ᠦ᠌ ᠠᠴᠢᠶ᠎ᠠ ᠶ᠋ᠢ ᠬᠥᠲᠥᠯᠦᠭᠡᠳ᠂ ᠬᠤᠪᠢᠯᠠᠢ ᠶ᠋ᠢᠨ ᠴᠡᠷᠢᠭ ᠬᠣᠲᠠ ᠳ᠋ᠤ᠌ ᠢᠷᠡᠬᠦ ᠶ᠋ᠢᠨ ᠤᠷᠲᠤ ᠡᠳᠦᠷ ᠪᠠᠷᠠᠭᠤᠨ ᠵᠦᠭ ᠪᠠᠷᠢᠨ ᠬᠣᠢᠲᠤ ᠵᠠᠮ ᠢ᠋ᠶ᠋ᠠᠷ ᠶᠠᠪᠤᠭᠰᠠᠨ᠃ ᠶᠡᠬᠡ ᠰᠢᠭᠤᠷᠬᠠᠢ ᠬᠥᠳᠡᠯᠦᠭᠰᠡᠨ᠃ ᠬᠠᠮᠢᠭ᠎ᠠ ᠬᠦᠷᠬᠦ ᠭᠡᠵᠦ ᠪᠠᠢᠭ᠎ᠠ ᠶ᠋ᠢ ᠮᠡᠳᠡᠬᠦ ᠦᠭᠡᠢ᠃ ᠲᠡᠳᠡ ᠡᠨᠡ ᠬᠠᠪᠢ ᠳ᠋ᠤ᠌ ᠯᠠ ᠯᠠᠪ ᠪᠠᠢᠬᠤ ᠦᠭᠡᠢ ᠪᠠᠷᠤᠭ ᠬᠣᠭᠣᠷᠣᠨᠳᠣ ᠪᠠᠨ ᠵᠥᠷᠢᠬᠦ ᠦᠭᠡᠢ ᠦᠭᠡ ᠰᠣᠨᠣᠰᠴᠠᠢ᠃ ᠬᠠᠷᠢᠨ ᠮᠣᠷᠢᠨᠱᠠᠭᠠᠢ᠂ ᠬᠦᠦ ᠬᠣᠶᠠᠷ ᠢ᠋ ᠪᠡᠨ ᠬᠠᠮᠢᠭ᠎ᠠ ᠶᠠᠪᠤᠭ᠎ᠠ ᠶ᠋ᠢ ᠣᠯᠵᠤ ᠮᠡᠳᠡᠬᠦ ᠦᠭᠡᠢ ᠪᠠᠢᠪᠠ᠃ ᠲᠡᠳᠡ ᠬᠣᠮᠢᠨᠢ ᠨᠠᠷ ᠲᠠᠢ ᠬᠠᠮᠲᠤ ᠶᠠᠪᠤᠭ᠎ᠠ ᠦᠭᠡᠢ ᠨᠢ ᠢᠯᠡ ᠪᠣᠯᠤᠯ᠎ᠠ᠃ ᠨᠢᠭᠡ ᠬᠣᠨᠣᠭ ᠤ᠋ᠨ ᠳᠠᠷᠠᠭ᠎ᠠ ᠪᠦᠷ ᠰᠠᠢᠨ ᠲᠠᠨᠢᠯ ᠨᠢᠭᠡ ᠡᠷ᠎ᠡ ᠲᠡᠢ ᠪᠡᠨ ᠠᠭᠤᠯᠵᠠᠨ ᠰᠡᠮᠬᠡᠨ ᠢ᠋ᠶ᠋ᠡᠷ ᠠᠰᠠᠭᠤᠪᠠᠯ《ᠮᠣᠷᠢᠨᠱᠠᠭᠠᠢ ᠡᠴᠢᠭᠡ ᠶ᠋ᠢ ᠪᠡᠨ᠂ ᠬᠦᠦ ᠪᠡᠨ ᠠᠪᠤᠭᠠᠳ ᠵᠢᠵᠢᠭ ᠭᠡᠷ ᠦᠬᠡᠷ ᠲᠦ᠍ ᠠᠴᠢᠨ ᠣᠷᠠᠠᠣᠨ ᠭᠣᠣᠯ ᠢ᠋ ᠥᠭᠰᠥᠵᠦ ᠵᠠᠢᠯᠠᠨ ᠣᠳᠤᠭᠰᠠᠨ᠃ ᠪᠣᠳᠣᠪᠠᠯ ᠲᠡᠳᠡ ᠰᠢᠷᠡᠭᠡᠲᠦ ᠠᠭᠤᠯᠠᠨ ᠤ᠋ ᠨᠢᠷᠤᠭᠤᠨ ᠳ᠋ᠤ᠌ ᠪᠠᠢᠬᠤ ᠶᠣᠰᠣᠲᠠᠢ᠃ ᠲᠡᠨᠳᠡ ᠬᠣᠯᠠ ᠶ᠋ᠢᠨ ᠬᠠᠮᠢᠶᠠᠲᠠᠨ ᠨᠢᠭᠡ ᠠᠢᠯ ᠨᠢ ᠨᠤᠲᠤᠭᠯᠠᠳᠠᠭ ᠢ᠋ ᠴᠢ ᠶᠠᠭᠤ ᠡᠰᠡ ᠠᠭᠳᠠᠬᠤ ᠪᠢᠯᠡ》 ᠭᠡᠵᠦ ᠬᠡᠯᠡᠪᠡ᠃ ᠡᠨᠡ ᠦᠭᠡ ᠪᠠᠲᠤᠲᠠᠢ ᠪᠣᠯᠬᠤ ᠨᠢ ᠡᠷᠡᠭᠡᠯᠵᠡᠭᠡ ᠦᠭᠡᠢ᠃ ᠪᠢᠯᠢᠭᠦᠨ ᠬᠡᠳᠦᠨ ᠵᠢᠯ ᠦ᠋ᠨ ᠡᠮᠦᠨ᠎ᠡ ᠡᠬᠡᠨᠡᠷ ᠦ᠋ᠨ ᠢ᠋ᠶ᠋ᠡᠨ ᠠᠪᠠᠭ᠎ᠠ ᠠᠬ᠎ᠠ ᠪᠣᠯᠬᠤ ᠲᠡᠷᠡ ᠠᠢᠯ ᠳ᠋ᠤ᠌ ᠣᠴᠢᠵᠤ ᠪᠠᠢᠭᠰᠠᠨ ᠤᠳᠠᠭ᠎ᠠ ᠲᠠᠢ ᠪᠢᠯᠡ᠃
ᠰᠤᠷᠠᠭ ᠭᠠᠷᠭᠠᠨ ᠶᠠᠷᠢᠵᠤ ᠪᠠᠢᠭ᠎ᠠ ᠡᠷ᠎ᠡ ᠴᠦ᠍ ᠬᠤᠤᠳᠤᠤ ᠦᠭᠡᠢ᠂ ᠡᠷᠲᠡᠨ ᠡᠴᠡ ᠥᠪᠡᠷ ᠲᠦ᠍ ᠨᠢ ᠦᠨᠡᠨᠴᠢ ᠪᠠᠢᠳᠠᠯ ᠲᠠᠢ ᠶ᠋ᠢ ᠬᠡᠯᠡᠬᠦ ᠶᠠᠭᠤᠨ᠃ ᠪᠢᠯᠢᠭᠦᠨ ᠪᠤᠴᠠᠬᠤ ᠵᠠᠮ ᠳ᠋ᠤ᠌ ᠪᠠᠨ ᠣᠷᠠᠠᠣᠨ ᠥᠭᠰᠥᠵᠦ ᠡᠬᠡᠨᠡᠷ ᠬᠡᠦᠬᠡᠳ ᠢ᠋ᠶ᠋ᠡᠨ ᠡᠷᠢᠬᠦ ᠪᠡᠷ ᠰᠢᠢᠳᠪᠡ᠃ ᠮᠠᠨᠢ ᠡᠷ᠎ᠡ ᠡᠨᠡ ᠲᠠᠨᠢᠯ ᠲᠠᠢ ᠪᠠᠨ ᠴᠠᠭ ᠵᠠᠭᠤᠷ᠎ᠠ ᠶ᠋ᠢᠨ ᠶᠠᠪᠤᠳᠠᠯ ᠢ᠋ ᠶᠠᠷᠢᠯᠴᠠᠯ᠎ᠠ᠃
— ᠣᠳᠣ ᠶᠠᠭᠤ ᠪᠣᠯᠤᠨ᠎ᠠ ᠭᠡᠵᠦ ᠴᠢ ᠪᠣᠳᠣᠵᠤ ᠶᠠᠪᠤᠨ᠎ᠠ ᠪᠣᠢ? ᠭᠡᠮᠡᠨ ᠲᠠᠨᠢᠯ ᠨᠢ ᠪᠢᠯᠢᠭᠦᠨ ᠡᠴᠡ ᠠᠰᠠᠭᠤᠪᠠ᠃ ᠪᠠᠭ᠎ᠠ ᠲᠦᠰᠢᠮᠡᠯ ᠡᠷᠡᠰᠬᠡᠨ ᠪᠠᠢᠳᠠᠯ ᠢ᠋ᠶ᠋ᠠᠷ᠄
— ᠬᠤᠪᠢᠯᠠᠢ᠂ ᠠᠷᠢᠬᠪᠥ᠋ᠬᠡ ᠬᠠᠭᠠᠨ ᠬᠣᠶᠠᠷ ᠤ᠋ᠨ ᠬᠣᠭᠣᠷᠣᠨᠳᠣ ᠶ᠋ᠢᠨ ᠲᠠᠩᠭᠠᠷᠢᠭ ᠦᠭᠡᠢ ᠶᠠᠪᠤᠳᠠᠯ ᠡᠭᠦᠨ ᠢ᠋ᠶ᠋ᠡᠷ ᠳᠠᠭᠤᠰᠬᠤ ᠦᠭᠡᠢ᠃ ᠤᠴᠢᠷ ᠨᠢ ᠶᠡᠬᠡ ᠭᠦᠨᠵᠡᠭᠡᠢ ᠡᠪᠳᠡᠷᠡᠯ ᠰᠢᠦ᠃ ᠪᠠᠷᠤᠭ ᠯᠠ ᠨᠢᠭᠡ ᠨᠢ ᠨᠥᠭᠦᠭᠡ ᠪᠡᠨ ᠬᠥᠨᠥᠭᠡᠵᠦ ᠪᠠᠢᠵᠤ ᠨᠢᠭᠡ ᠲᠠᠢᠰᠢ ᠪᠠᠨ ᠪᠣᠯᠬᠤ ᠪᠢᠵᠡ᠃ ᠡᠳᠡᠨ ᠦ᠌ ᠵᠠᠮ ᠳ᠋ᠤ᠌ ᠪᠢᠳᠡ ᠯᠠ ᠶᠡᠬᠡ ᠬᠣᠬᠢᠷᠠᠬᠤ ᠪᠠᠢᠬᠤ ᠳᠠ᠃
— ᠲᠡᠭᠡᠪᠡᠯ ᠪᠢᠳᠡ ᠶᠠᠭᠠᠬᠢᠵᠤ ᠪᠠᠢᠬᠤ ᠶᠣᠰᠣᠲᠠᠢ ᠪᠣᠢ?
— ᠡᠨᠡ ᠶᠣᠰᠣᠲᠠᠢ ᠬᠡᠴᠡᠭᠦᠦ ᠬᠡᠷᠡᠭ᠃ ᠮᠣᠩᠭᠣᠯ ᠤ᠋ᠨ ᠢ᠋ᠶ᠋ᠠᠨ ᠭᠠᠯ ᠭᠣᠯᠣᠮᠲᠠ ᠶ᠋ᠢ ᠠᠷᠢᠭᠤᠨ ᠢ᠋ᠶ᠋ᠠᠷ ᠰᠠᠬᠢᠨ ᠬᠠᠳᠠᠭᠠᠯᠠᠵᠤ ᠪᠠᠢᠶ᠎ᠠ ᠭᠡᠪᠡᠯ ᠠᠷᠢᠬᠪᠥ᠋ᠬᠡ ᠬᠠᠭᠠᠨ ᠤ᠋ ᠲᠠᠯ᠎ᠠ ᠳ᠋ᠤ᠌ ᠶᠠᠪᠤᠵᠤ ᠪᠠᠢᠬᠤ ᠠ᠋ᠴᠠ ᠥᠭᠡᠷ᠎ᠡ ᠵᠠᠮ ᠪᠠᠢᠬᠤ ᠦᠭᠡᠢ᠃ ᠬᠤᠪᠢᠯᠠᠢ ᠵᠠᠬᠢᠷᠤᠭᠴᠢ ᠶ᠋ᠢ ᠬᠢᠲᠠᠳ ᠨᠣᠶᠠᠳ ᠡᠯᠳᠡᠪ ᠢ᠋ᠶ᠋ᠡᠷ ᠢᠳᠬᠠᠵᠤ ᠪᠠᠢᠭᠠᠳ ᠬᠢᠲᠠᠳ ᠰᠠᠨᠠᠭᠠᠲᠠᠢ ᠪᠣᠯᠭᠠᠵᠤ ᠬᠤᠪᠢᠷᠠᠭᠠᠭᠰᠠᠨ ᠪᠢᠵᠡ ᠳᠡ᠃ ᠪᠢ ᠡᠭᠦᠨ ᠢ᠋ ᠲᠥᠰᠦᠭᠡᠯᠡᠵᠦ ᠪᠠᠢᠨ᠎ᠠ᠃ ᠬᠢᠲᠠᠳ ᠤ᠋ᠳ ᠲᠡᠭᠡᠬᠦ ᠤᠬᠠᠭᠠᠨ ᠭᠠᠷᠭᠠᠵᠤ ᠴᠢᠳᠠᠨ᠎ᠠ ᠰᠢᠦ ᠳᠡ᠃
— ᠴᠢ ᠨᠠᠯᠢᠶᠠᠨ ᠬᠡᠳᠦᠨ ᠵᠢᠯ ᠬᠠᠭᠠᠳ ᠲᠤ ᠣᠢᠷ᠎ᠠ ᠶᠠᠪᠤᠵᠤ ᠦᠵᠡᠭᠰᠡᠨ ᠪᠣᠯᠬᠣᠷ ᠲᠡᠳᠡᠨ ᠢ᠋ ᠲᠠᠨᠢᠵᠤ ᠮᠡᠳᠡᠭᠰᠡᠨ ᠪᠠᠢᠬᠤ ᠤᠴᠢᠷᠲᠠᠢ᠃ ᠬᠤᠪᠢᠯᠠᠢ ᠶ᠋ᠢ ᠬᠤᠪᠢ ᠪᠠᠨ ᠶᠡᠬᠡᠳᠡ ᠬᠢᠴᠢᠶᠡᠭᠰᠡᠨ᠂ ᠬᠥᠮᠦᠨ ᠴᠢᠨᠠᠷ ᠢ᠋ᠶ᠋ᠠᠷ ᠲᠠᠭᠠᠷᠠᠤᠬᠠᠨ ᠨᠣᠶᠠᠨ ᠭᠡᠵᠦ ᠣᠯᠠᠨ ᠳᠠᠶᠠᠭᠠᠷ ᠬᠡᠯᠡᠯᠴᠡᠬᠦ ᠪᠣᠯᠤᠭᠰᠠᠨ᠃ ᠳᠡᠭᠦᠦ ᠪᠡᠨ ᠨᠤᠬᠤᠴᠢᠨ ᠳᠠᠷᠤᠵᠤ ᠠᠪᠬᠤ ᠭᠡᠵᠦ ᠢᠩᠭᠢᠵᠦ ᠳᠠᠪᠬᠢᠵᠤ ᠪᠠᠢᠭ᠎ᠠ ᠨᠢ ᠬᠠᠷᠠᠬᠤ ᠳ᠋ᠤ᠌ ᠣᠯᠠᠨ ᠤ᠋ ᠦᠭᠡ ᠦᠨᠡᠨ ᠪᠣᠯᠤᠯᠲᠠᠢ ᠰᠠᠨᠠᠭᠳᠠᠵᠤ ᠪᠠᠢᠨ᠎ᠠ᠃
— ᠲᠡᠢᠮᠦ ᠠ᠋᠃ ᠣᠯᠠᠨ ᠠ᠋ᠴᠠ ᠮᠡᠷᠭᠡᠨ ᠬᠡᠨ ᠪᠠᠢᠬᠤ ᠪᠣᠢ᠃
— ᠬᠤᠪᠢᠯᠠᠢ ᠥᠪᠡᠷ ᠢ᠋ ᠪᠡᠨ ᠶᠡᠬᠡ ᠬᠠᠭᠠᠨ ᠭᠡᠵᠦ ᠵᠠᠷᠯᠢᠭᠯᠠᠭᠠᠳ᠂ ᠤᠯᠤᠰ ᠤ᠋ᠨ ᠨᠡᠢᠰᠯᠡᠯ ᠢ᠋ ᠡᠮᠦᠨ᠎ᠡ ᠵᠦᠭ ᠤᠷᠤᠭᠤ ᠠᠪᠠᠴᠢᠨ᠎ᠠ ᠭᠡᠵᠦ ᠮᠡᠳᠡᠭᠳᠡᠭᠰᠡᠨ ᠭᠡᠨ᠎ᠡ ᠭᠡᠰᠡᠨ ᠥᠯᠵᠡᠢ ᠮᠠᠭᠤ ᠲᠠᠢ ᠦᠭᠡ ᠰᠣᠨᠣᠰᠤᠭᠳᠠᠵᠤ ᠪᠠᠢᠨ᠎ᠠ᠃ ᠡᠭᠦᠨ ᠳ᠋ᠦ᠍ ᠬᠥᠮᠦᠰ ᠶᠡᠬᠡ ᠳᠤᠷ᠎ᠠ ᠦᠭᠡᠢᠴᠡᠵᠦ ᠪᠠᠢᠬᠤ ᠰᠢᠪ᠃
— ᠬᠥᠮᠦᠰ ᠨᠡᠢᠯᠡᠩᠭᠦᠢ ᠳ᠋ᠦ᠍ ᠪᠡᠨ ᠳᠤᠷ᠎ᠠ ᠦᠭᠡᠢᠴᠡᠵᠦ ᠪᠠᠢᠭ᠎ᠠ ᠪᠣᠢ᠃ ᠶᠠᠭᠠᠮᠠᠢ ᠳᠠ᠃ ᠬᠤᠪᠢᠯᠠᠢ ᠱᠠᠩᠳᠤ ᠭᠡᠳᠡᠭ ᠰᠢᠨ᠎ᠡ ᠬᠣᠲᠠ ᠶ᠋ᠢ ᠨᠡᠢᠰᠯᠡᠯ ᠪᠣᠯᠭᠠᠨ᠎ᠠ ᠭᠡᠵᠦ ᠪᠠᠢᠭ᠎ᠠ᠃ ᠡᠨᠡ ᠴᠢᠨᠢ ᠤᠭ ᠴᠢᠨᠠᠷ ᠲᠤ ᠪᠠᠨ ᠤᠯᠤᠰ ᠤ᠋ᠨ ᠵᠢᠷᠦᠬᠡ ᠤᠷᠤᠭᠤ ᠬᠢᠲᠤᠭ᠎ᠠ ᠰᠢᠭᠠᠵᠤ ᠪᠠᠢᠭ᠎ᠠ ᠬᠡᠷᠡᠭ᠃ ᠪᠤᠵᠠᠷ ᠮᠠᠭᠤᠬᠠᠢ ᠤᠷᠪᠠᠯᠲᠠ ᠳᠠ᠃ ᠤᠭ ᠬᠣᠲᠠ ᠨᠢ ᠲᠡᠢᠮᠦ ᠴᠦ᠍ ᠮᠠᠭᠤ ᠪᠢᠰᠢ᠂ ᠰᠠᠢᠬᠠᠨ ᠣᠷᠳᠣᠨ ᠲᠠᠢ᠂ ᠬᠤᠪᠢᠯᠠᠢ ᠣᠯᠠᠨ ᠬᠠᠲᠤᠳ᠂ ᠡᠮᠡᠰ ᠦ᠋ᠳ ᠲᠦ᠍ ᠪᠡᠨ ᠪᠠᠰᠠ ᠲᠤᠰᠬᠠᠢ ᠤᠷᠲᠤ ᠪᠠᠷᠢᠭᠤᠯᠤᠭᠰᠠᠨ᠃ ᠥᠪᠡᠷ ᠢ᠋ᠶ᠋ᠡᠨ ᠲᠡᠳᠡᠨ ᠳᠣᠲᠣᠷ᠎ᠠ ᠪᠠᠨ ᠨᠣᠭᠣᠭᠠᠨ ᠳ᠋ᠤ᠌ ᠴᠠᠳᠤᠭᠰᠠᠨ ᠪᠤᠬ᠎ᠠ ᠠᠳᠠᠯᠢ ᠭᠦᠶᠦᠵᠦ ᠪᠠᠢᠬᠤ ᠳ᠋ᠤ᠌ ᠨᠢ ᠲᠠᠭᠠᠲᠠᠢ ᠪᠠᠢᠭ᠎ᠠ ᠪᠠᠢᠯ ᠦᠭᠡᠢ᠃ ᠪᠢ ᠬᠤᠪᠢ ᠪᠠᠨ ᠬᠤᠪᠢᠯᠠᠢ ᠠ᠋ᠴᠠ ᠬᠣᠯᠠᠬᠠᠨ ᠦᠬᠦᠶ᠎ᠡ ᠭᠡᠵᠦ ᠪᠣᠳᠣᠭᠰᠠᠨ᠃ ᠲᠡᠷᠡ ᠱᠠᠩᠳᠤ ᠬᠣᠲᠠ ᠪᠣᠯ ᠭᠣᠶᠣᠮᠰᠣᠭ ᠴᠤ᠌ ᠭᠡᠰᠡᠨ ᠬᠠᠷ᠎ᠠ ᠬᠣᠷᠣᠮ ᠰᠢᠭ᠋ ᠲᠤᠬᠠᠲᠠᠢ᠂ ᠰᠠᠢᠬᠠᠨ ᠨᠦᠮᠵᠦᠭᠲᠡᠢ ᠪᠢᠰᠢ᠃ ᠶᠡᠬᠡ ᠭᠦᠷᠦᠨ ᠦ᠌ ᠨᠡᠢᠰᠯᠡᠯ ᠪᠣᠯᠬᠣᠷ ᠮᠠᠨ ᠤ᠋ ᠡᠨᠡ ᠬᠣᠲᠠ ᠶ᠋ᠢ ᠬᠠᠷᠢ ᠶ᠋ᠢᠨ ᠶᠠᠭᠤᠮ᠎ᠠ ᠶᠠᠭᠠᠬᠢᠵᠤ ᠭᠦᠢᠴᠡᠬᠦ ᠪᠣᠢ᠃ ᠬᠠᠷᠢᠨ ᠣᠳᠣ ᠲᠣᠭᠣᠰᠣᠨ ᠳ᠋ᠤ᠌ ᠳᠠᠷᠤᠭᠳᠠᠬᠤ ᠨᠢ ᠤᠤ᠃ ᠮᠠᠨ ᠤ᠋ ᠲᠦᠮᠡᠨ ᠣᠯᠠᠨ ᠨᠡᠢᠰᠯᠡᠯ ᠢ᠋ᠶ᠋ᠡᠨ ᠶᠡᠬᠡ ᠬᠦᠨᠳᠦᠯᠡᠨ ᠪᠡᠯᠭᠡᠰᠢᠶᠡᠨ ᠦᠵᠡᠳᠡᠭ ᠨᠢ ᠤᠴᠢᠷᠲᠠᠢ ᠬᠡᠷᠡᠭ ᠭᠡᠰᠡᠨ ᠶᠠᠷᠢᠶ᠎ᠠ ᠬᠣᠶᠠᠷ ᠡᠷ᠎ᠡ ᠶ᠋ᠢᠨ ᠳᠤᠮᠳᠠ ᠪᠣᠯᠵᠤ᠂ ᠪᠢᠯᠢᠭᠦᠨ ᠲᠡᠷᠡ ᠠᠢᠯ ᠳ᠋ᠤ᠌ ᠠᠭᠠᠭ ᠲᠠᠢ ᠴᠠᠢ ᠴᠢᠨᠠᠭᠤᠯᠵᠤ ᠤᠤᠭᠤᠭᠠᠳ ᠰᠡᠮᠬᠡᠨ ᠭᠠᠷᠴᠤ ᠣᠳᠤᠯ᠎ᠠ᠃ ᠲᠡᠷᠡ ᠪᠡᠷ ᠭᠠᠳᠠᠭᠤᠷ ᠪᠠᠰᠠ ᠶᠠᠪᠤᠵᠤ ᠶᠢᠰᠦᠩᠬᠡ ᠨᠣᠶᠠᠨ ᠤ᠋ ᠰᠠᠭᠤᠵᠤ ᠪᠠᠢᠭ᠎ᠠ ᠭᠠᠵᠠᠷ᠂ ᠬᠠᠷᠠᠭᠤᠯ ᠮᠠᠨᠠᠭ᠎ᠠ᠂ ᠲᠡᠭᠦᠨ ᠦ᠌ ᠬᠢᠵᠦ ᠪᠠᠢᠭ᠎ᠠ ᠬᠡᠷᠡᠭ ᠶᠠᠪᠤᠳᠠᠯ ᠢ᠋ ᠵᠣᠷᠢᠭᠤᠳᠠ ᠠᠵᠢᠭᠯᠠᠨ ᠪᠠᠢᠭᠠᠳ᠂ ᠮᠠᠷᠭᠠᠰᠢ ᠨᠢ ᠬᠣᠶᠠᠷ ᠴᠡᠷᠢᠭ ᠢ᠋ᠶ᠋ᠡᠨ ᠳᠠᠭᠠᠭᠤᠯᠤᠨ ᠮᠣᠷᠳᠠᠵᠤ ᠮᠣᠷᠢᠨᠱᠠᠭᠠᠢ᠂ ᠬᠦᠦ ᠨᠠᠷ ᠲᠠᠢ ᠪᠠᠨ ᠠᠭᠤᠯᠵᠠᠬᠤ ᠪᠠᠷ ᠤᠷᠠᠠᠤᠨ ᠭᠣᠣᠯ ᠢ᠋ ᠥᠭᠰᠥᠵᠡᠢ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ᠂ ᠭᠠᠷᠮ᠎ᠠ᠂ ᠪᠠᠭᠠᠲᠤᠷ
