ᠡᠯᠡᠰᠦᠨ ᠳᠦ ᠪᠤᠯᠠᠭᠳᠠᠭᠰᠠᠨ ᠰᠤᠪᠤᠳ – <ᠵᠢᠷᠭᠤᠭᠠ>
ᠭᠠᠪᠢᠷᠠ ᠨᠥᠬᠥᠷ ᠦ᠋ᠨ ᠢ᠋ᠶ᠋ᠡᠨ ᠳᠥᠴᠢ ᠶᠢᠰᠦᠨ ᠬᠣᠨᠣᠭ ᠢ᠋ ᠥᠩᠭᠡᠷᠡᠭᠡᠭᠡᠳ ᠠᠵᠢᠯ ᠳ᠋ᠠᠭᠠᠨ ᠭᠠᠷᠤᠯᠠ᠃ ᠬᠣᠰᠢᠭᠤ ᠮᠣᠩᠭᠣᠯ ᠰᠤᠷᠭᠠᠭᠤᠯᠢ ᠳ᠋ᠤ᠌ ᠨᠡᠷᠡ ᠨᠢ ᠠᠯᠢ ᠬᠡᠳᠦᠢᠨ ᠣᠴᠢᠭᠠᠳ ᠵᠢᠯ ᠢᠯᠡᠭᠦᠦ ᠪᠣᠯᠤᠭᠰᠠᠨ ᠴᠤ᠌ ᠥᠨᠥᠳᠥᠷ ᠰᠠᠶᠢ ᠰᠢᠨᠡ ᠠᠵᠢᠯ ᠤ᠋ᠨ ᠪᠠᠢᠷᠢᠨ ᠳ᠋ᠠᠭᠠᠨ ᠬᠦᠷᠴᠦ ᠪᠠᠢᠭᠠ ᠶᠤᠮ᠃
ᠲᠠᠪᠢᠭᠠᠳ ᠣᠨ ᠤ᠋ ᠡᠬᠢᠨ ᠳ᠋ᠦ᠍ ᠪᠠᠢᠭᠤᠯᠤᠭᠳᠠᠭᠰᠠᠨ ᠡᠨᠡᠬᠦ ᠬᠣᠰᠢᠭᠤ ᠱᠠᠲᠤᠨ ᠤ᠋ ᠴᠣᠷ ᠤ᠋ᠨ ᠭᠠᠭᠴᠠ ᠦᠨᠳᠦᠰᠦᠲᠡᠨ ᠦ᠌ ᠮᠣᠩᠭᠣᠯ ᠪᠠᠭᠠ ᠰᠤᠷᠭᠠᠭᠤᠯᠢ ᠨᠢ ᠲᠤᠬᠠᠢ ᠶ᠋ᠢᠨ ᠦᠶᠡ ᠳ᠋ᠦ᠍ ᠨᠠᠶᠠ ᠭᠠᠷᠤᠢ ᠪᠠᠭᠰᠢ ᠠᠵᠢᠯᠲᠠᠨ ᠲᠠᠢ᠂ ᠲᠠᠪᠤᠨ ᠵᠠᠭᠤ ᠰᠢᠬᠠᠮ ᠰᠤᠷᠤᠭᠴᠢ ᠲᠠᠢ ᠪᠠᠢᠵᠤ᠂ ᠠᠭᠤᠳᠠᠮ ᠰᠠᠷᠠᠭᠤᠯ ᠬᠦᠷᠢᠶᠡ ᠲᠡᠢ᠂ ᠪᠠᠢᠷᠢ᠂ ᠬᠣᠭᠣᠯᠠᠨ ᠭᠡᠷ᠂ ᠬᠢᠴᠢᠶᠡᠯ ᠦ᠋ᠨ ᠭᠡᠷ ᠭᠡᠳ ᠠᠷᠪᠠᠭᠠᠳ ᠮᠥᠷ ᠸᠠᠭᠠᠷ ᠲᠣᠭᠣᠰᠬᠠᠨ ᠪᠠᠢᠰᠢᠩ ᠲᠠᠢ᠃ ᠰᠤᠮᠤ ᠱᠠᠲᠤᠨ ᠤ᠋ ᠰᠤᠷᠭᠠᠭᠤᠯᠢ ᠶ᠋ᠢ ᠪᠣᠳᠣᠪᠠᠯ ᠨᠥᠬᠥᠴᠡᠯ ᠢ᠋ᠶ᠋ᠡᠷ ᠴᠦ᠍ ᠰᠠᠢᠨ ᠲᠣᠮᠣᠬᠠᠨ ᠰᠤᠷᠭᠠᠭᠤᠯᠢ ᠳ᠋ᠤ᠌ ᠪᠠᠭᠲᠠᠨᠠ᠃
ᠡᠨᠡ ᠥᠷᠯᠥᠭᠡ ᠭᠠᠪᠢᠷᠠ ᠨᠢᠭᠡ ᠪᠡᠶᠡ ᠪᠣᠷᠣ ᠥᠩᠭᠡᠲᠡᠢ ᠲᠠᠮᠢᠷᠴᠢᠨ ᠤ᠋ ᠬᠤᠪᠴᠠᠰᠤ ᠡᠮᠦᠰᠴᠦ᠂ ᠴᠠᠭᠠᠨ ᠲᠠᠮᠢᠷ ᠤ᠋ᠨ ᠱᠠᠬᠠᠢ ᠡᠮᠦᠰᠦᠭᠰᠡᠨ ᠨᠢ ᠡᠴᠡᠩᠬᠡᠢ ᠲᠤᠷᠠᠩᠬᠠᠢ ᠪᠡᠶᠡ ᠳ᠋ᠦ᠍ᠨᠢ ᠡᠪᠯᠢᠭ ᠵᠣᠬᠢᠴᠠᠵᠤ᠂ ᠠᠷᠤ ᠤᠷᠤᠭᠤ ᠪᠠᠨ ᠤᠶᠠᠭᠰᠠᠨ ᠤᠷᠲᠤ ᠬᠦᠷᠡᠩ ᠭᠡᠵᠢᠭᠡ ᠨᠢ ᠰᠤᠭᠳᠠᠭᠠᠷ ᠨᠠᠷᠢᠬᠠᠨ ᠨᠢᠷᠤᠭᠤ ᠶ᠋ᠢ ᠨᠢ ᠳ᠋ᠡᠭᠡᠨ ᠰᠡᠲᠡᠷᠡᠵᠦ ᠨᠠᠷᠠᠨ ᠤ᠋ ᠭᠡᠷᠡᠯ ᠳ᠋ᠦ᠍ ᠭᠢᠯᠲᠠᠭᠠᠨᠠᠨᠠ᠃ ᠣᠯᠠᠨ ᠬᠣᠨᠣᠭ ᠨᠣᠢᠷ ᠬᠣᠭᠣᠯᠠ ᠦᠭᠡᠢ ᠵᠣᠪᠠᠵᠤ ᠰᠢᠨᠠᠯᠵᠤ ᠶᠠᠪᠤᠭᠰᠠᠨᠠ᠋ᠴᠠ ᠨᠢᠮᠭᠡᠨ ᠴᠠᠭᠠᠨ ᠴᠢᠷᠠᠢ ᠨᠢ ᠤᠯᠠᠮ ᠴᠤ᠌ ᠬᠤᠵᠢᠭᠠᠷ ᠴᠠᠭᠠᠨ ᠬᠠᠷᠠᠭᠳᠠᠵᠤ᠂ ᠬᠤᠷᠴᠠ ᠪᠣᠷᠣ ᠨᠢᠳᠦᠨ ᠳ᠋ᠦ᠍ᠨᠢ ᠭᠤᠨᠢᠭ ᠤ᠋ᠨ ᠮᠠᠨᠠᠨ ᠲᠤᠨᠤᠷᠠᠵᠤ ᠤᠰᠤᠨ ᠬᠦᠷᠢᠶᠡ ᠲᠠᠲᠠᠨᠠ᠃
ᠰᠤᠷᠭᠠᠭᠤᠯᠢ ᠶ᠋ᠢᠨ ᠲᠣᠮᠣ ᠲᠡᠮᠦᠷ ᠡᠭᠦᠳᠡᠨ ᠦ᠌ ᠳᠡᠷᠭᠡᠳᠡ ᠪᠠᠬᠠᠨ ᠵᠣᠭᠰᠣᠪᠠ᠃ ᠲᠡᠷᠡ ᠰᠢᠨᠡ ᠠᠵᠢᠯ ᠤ᠋ᠨ ᠪᠠᠢᠷᠢ ᠳ᠋ᠠᠬᠢ ᠳᠠᠷᠤᠭᠠ ᠳᠠᠭᠠᠭᠰᠠᠳ ᠲᠠᠭᠠᠨ ᠠᠷᠠᠴᠢᠭᠠ ᠦᠭᠡᠢ ᠵᠤᠲᠠᠷᠠᠭᠤ ᠬᠠᠷᠠᠭᠳᠠᠬᠤ ᠦᠭᠡᠢ ᠶ᠋ᠢ ᠬᠢᠴᠢᠶᠡᠨᠡ᠃ ᠨᠥᠬᠥᠷ ᠦ᠋ᠨ ᠬᠢᠨᠢ ᠲᠤᠬᠠᠢ ᠪᠣᠯ ᠥᠪᠡᠷ ᠢ᠋ ᠨᠢ ᠦᠷᠦ ᠡᠪᠡᠳᠴᠦ ᠬᠠᠯᠠᠮᠵᠢᠯᠠᠭᠰᠠᠨ ᠦᠭᠡ ᠶ᠋ᠢ ᠰᠣᠨᠣᠰᠬᠤ ᠪᠦᠷᠢ ᠥᠪᠡᠷ ᠦ᠋ᠨ ᠮᠠᠲᠠᠯ ᠦᠭᠡᠢ ᠤᠷᠤᠰᠤᠭᠠᠳ ᠪᠠᠢᠳᠠᠭ ᠨᠢᠯᠪᠤᠰᠤ ᠪᠠᠨ ᠥᠨᠥᠳᠥᠷ ᠲᠡᠷᠡ ᠡᠨᠳᠡ ᠶᠠᠭᠠᠬᠢᠭᠰᠠᠨ ᠴᠤ᠌ ᠤᠨᠠᠭᠠᠬᠤ ᠦᠭᠡᠢ ᠭᠡᠵᠦ ᠵᠣᠷᠢᠭ ᠢ᠋ᠶ᠋ᠠᠨ ᠴᠢᠩᠭᠠᠯᠠᠵᠤ ᠪᠠᠢᠭᠠᠳ ᠵᠢᠪᠬᠤᠭᠠᠯᠢᠭ ᠠᠯᠬᠤᠨ ᠵᠠᠬᠢᠷᠤᠯ ᠤ᠋ᠨ ᠢ᠋ᠶ᠋ᠠᠨ ᠠᠯᠪᠠᠨ ᠭᠡᠷ ᠢ᠋ ᠴᠢᠭᠯᠡᠪᠡ᠃
ᠵᠠᠬᠢᠷᠤᠯ ᠤ᠋ᠨ ᠠᠯᠪᠠᠨ ᠭᠡᠷ ᠨᠡᠯᠢᠶᠡᠳ ᠲᠣᠮᠣ᠂ ᠲᠠᠪᠤ ᠵᠢᠷᠭᠤᠭᠠᠨ ᠬᠥᠮᠦᠨ ᠨᠢᠭᠡ ᠠᠯᠪᠠᠨ ᠭᠡᠷ ᠲᠦ᠍ ᠰᠠᠭᠤᠳᠠᠭ ᠠᠵᠢ᠃ ᠭᠠᠪᠢᠷᠠ ᠣᠷᠣᠵᠤ ᠣᠴᠢᠨ ᠣᠯᠠᠨ ᠲᠠᠢ ᠮᠡᠨᠳᠦ ᠮᠡᠳᠡᠪᠡ᠃
ᠵᠠᠬᠢᠷᠤᠯ ᠨᠢ ᠭᠡᠵᠦ ᠳᠥᠴᠢ ᠭᠠᠷᠤᠢ ᠨᠠᠰᠤ ᠲᠠᠢ ᠥᠨᠳᠥᠷ ᠬᠦᠳᠡᠷ ᠪᠡᠶᠡ ᠲᠡᠢ᠃ ᠳᠠᠩ ᠵᠣᠪᠬᠢ ᠲᠠᠢ ᠲᠣᠮᠣ ᠬᠠᠷᠠ ᠨᠢᠳᠦ ᠲᠡᠢ᠂ ᠥᠷᠭᠡᠨ ᠴᠠᠭᠠᠨ ᠰᠢᠳᠦ ᠲᠡᠢ᠂ ᠣᠷᠣᠢ ᠠ᠋ᠴᠠ ᠪᠠᠨ ᠦᠯᠦ ᠮᠡᠳᠡᠭ ᠰᠢᠩᠭᠡᠷᠡᠵᠦ ᠬᠤᠢᠬᠠ ᠨᠢ ᠭᠡᠷᠡᠯᠲᠦᠭᠰᠡᠨ ᠰᠢᠩᠭᠡᠨ ᠬᠠᠯᠢᠮᠠᠭ ᠲᠠᠢ ᠬᠥᠮᠦᠨ ᠪᠠᠢᠯᠠ᠃ ᠲᠡᠷᠡ ᠭᠠᠪᠢᠷᠠ ᠶ᠋ᠢ ᠭᠠᠷ ᠠᠳᠬᠤᠨ ᠤᠭᠲᠤᠯᠠ᠃ ᠡᠨᠡ ᠬᠥᠮᠦᠨ ᠢ᠋ ᠡᠯᠪᠡᠭ ᠭᠡᠳᠡᠭ᠃
ᠳᠡᠳ᠋ ᠵᠠᠬᠢᠷᠤᠯ ᠰᠠᠵᠢᠮᠠ ᠭᠡᠵᠦ ᠳᠠᠪᠬᠤᠷᠠ ᠠᠯᠠᠭ ᠨᠢᠳᠦ ᠲᠡᠢ ᠮᠠᠷᠢᠶᠠᠯᠢᠭ ᠪᠠᠳᠠᠷᠠᠭᠤᠨ ᠪᠡᠶᠡ ᠲᠡᠢ ᠡᠶᠡᠯᠳᠡᠭᠬᠡᠨ ᠰᠠᠢᠬᠠᠨ ᠢᠨᠢᠶᠡᠮᠰᠦᠭᠯᠡᠭᠰᠡᠨ ᠳᠥᠴᠢ ᠭᠠᠷᠤᠢ ᠨᠠᠰᠤᠨ ᠤ᠋ ᠪᠦᠰᠡᠭᠦᠢ ᠮᠥᠨ ᠬᠦ ᠭᠠᠷ ᠠᠳᠬᠤᠨ ᠮᠡᠨᠳᠦᠯᠡᠭᠡᠳ
一 ᠬᠦᠷᠦᠭᠡᠳ ᠢᠷᠡᠴᠢᠬᠡᠪᠡ ᠤᠤ? ᠬᠡᠦᠬᠡᠳ ᠦ᠋ᠳ ᠴᠢᠨᠢ ᠰᠠᠢᠨ ᠪᠢᠵᠡ? ᠭᠡᠵᠦ ᠬᠠᠯᠠᠮᠵᠢᠯᠠᠨ ᠠᠰᠠᠭᠤᠨᠠ᠃
ᠬᠢᠴᠢᠶᠡᠯ ᠬᠥᠮᠦᠵᠢᠯ ᠦ᠋ᠨ ᠡᠷᠬᠢᠯᠡᠭᠴᠢ ᠭᠡᠵᠦ ᠭᠢᠯᠠᠯᠵᠠᠭᠰᠠᠨ ᠰᠢᠷᠦᠭᠦᠨ ᠬᠠᠷᠠ ᠨᠢᠳᠦ ᠲᠡᠢ ᠭᠤᠴᠢᠨ ᠲᠠᠪᠤ ᠵᠢᠷᠭᠤᠭᠠᠨ ᠨᠠᠰᠤᠨ ᠤ᠋ ᠡᠷᠡᠭᠲᠡᠢ ᠪᠡᠶᠡ ᠪᠡᠨ ᠲᠠᠨᠢᠯᠴᠠᠭᠤᠯᠤᠨ《ᠨᠠᠩᠵᠢᠳ》 ᠭᠡᠳ ᠮᠡᠨᠳᠦᠴᠢᠯᠡᠪᠡ᠃
ᠨᠠᠮ ᠤ᠋ᠨ ᠡᠭᠦᠷ ᠦ᠋ᠨ ᠱᠦᠵᠢ ᠭᠡᠵᠦ ᠲᠠᠪᠢ ᠡᠷᠭᠢᠮᠡ ᠨᠠᠰᠤᠨ ᠤ᠋ ᠫᠠᠯᠬᠠᠭᠠᠷ ᠪᠦᠳᠦᠭᠦᠨ ᠴᠢᠷᠠᠢ ᠲᠠᠢ᠂ ᠬᠠᠭᠠᠰ ᠪᠤᠭᠤᠷᠤᠯᠲᠤᠭᠰᠠᠨ ᠰᠢᠩᠭᠡᠨ ᠰᠢᠷᠠ ᠬᠠᠯᠢᠮᠠᠭ ᠲᠠᠢ᠃ ᠲᠡᠷᠡ ᠣᠢᠷᠠ ᠬᠠᠷᠠᠭᠠᠨ ᠤ᠋ ᠰᠢᠯ ᠵᠡᠭᠦᠵᠦ ᠰᠣᠨᠢᠨ ᠱᠠᠭᠠᠢᠨ ᠰᠠᠭᠤᠵᠤ ᠪᠠᠢᠭᠰᠠᠨ ᠢ᠋ᠶ᠋ᠠᠨ ᠲᠠᠯᠪᠢᠵᠤ
一 ᠦ᠂ ᠭᠠᠪᠢᠷᠠ ᠬᠦᠷᠦᠭᠡᠳ ᠢᠷᠡᠪᠡ ᠤᠤ? ᠪᠢᠳᠡ ᠴᠢᠨᠢ ᠬᠠᠭᠤᠴᠢᠨ ᠲᠠᠨᠢᠯ ᠰᠢᠦ ᠭᠡᠳ ᠬᠦᠩᠭᠢᠨᠡᠨ ᠢᠨᠢᠶᠡᠨᠡ᠃ ᠡᠨᠡ ᠭᠠᠢᠳᠠᠪ ᠪᠠᠭᠰᠢ ᠨᠠᠮᠤᠷ ᠤ᠋ᠨ ᠠᠵᠢᠯ ᠤ᠋ᠨ ᠪᠠᠢᠴᠠᠭᠠᠯᠲᠠ ᠪᠠᠷ ᠬᠠᠷᠭᠠᠨᠠᠲᠠᠢ᠂ ᠰᠣᠩᠭᠢᠨᠠᠲᠤ ᠪᠠᠷ ᠴᠥᠮ ᠣᠴᠢᠵᠤ ᠪᠠᠢᠭᠰᠠᠨ ᠪᠥᠭᠡᠳ ᠭᠠᠪᠢᠷᠠ ᠶ᠋ᠢᠨ ᠨᠡᠭᠡᠭᠡᠯᠲᠡ ᠶ᠋ᠢᠨ ᠬᠢᠴᠢᠶᠡᠯ ᠢ᠋ ᠴᠦ᠍ ᠰᠣᠨᠣᠰᠴᠤ ᠪᠠᠢᠭᠰᠠᠨ ᠶᠤᠮ᠃ ᠭᠠᠪᠢᠷᠠ ᠡᠪᠦᠭᠡᠨ ᠱᠦᠵᠢ ᠲᠡᠢ ᠮᠡᠨᠳᠦᠴᠢᠯᠡᠪᠡ᠃
ᠡᠭᠦᠨ ᠡᠴᠡ ᠭᠠᠳᠠᠨᠠ᠂ ᠨᠢᠭᠲᠠᠯᠠᠨ ᠪᠣᠳᠣᠭᠴᠢ ᠬᠠᠨ ᠴᠢᠮᠡᠭ᠂ ᠪᠡᠯᠡ ᠮᠥᠩᠭᠥ ᠬᠠᠮᠢᠶᠠᠷᠤᠭᠴᠢ ᠰᠢᠯᠢᠩᠭᠣᠣᠠ ᠥᠬᠢᠨ ᠴᠦ᠍ ᠡᠳᠡᠨ ᠲᠡᠢ ᠨᠢᠭᠡ ᠠᠯᠪᠠᠨ ᠭᠡᠷ ᠲᠦ᠍ ᠪᠠᠢᠳᠠᠭ ᠪᠠᠢᠯᠠ᠃ ᠡᠯᠪᠡᠭ ᠵᠠᠬᠢᠷᠤᠯ᠄
一 ᠪᠠᠭᠰᠢᠨᠠᠷ ᠤ᠋ᠨ ᠠᠯᠪᠠᠨ ᠭᠡᠷ ᠪᠦᠷ ᠳᠦᠭᠦᠷᠴᠢᠬᠡᠭᠰᠡᠨ᠂ ᠲᠡᠭᠡᠬᠦᠯᠡᠷ ᠲᠦᠷ ᠴᠠᠭ ᠡᠨᠡ ᠠᠯᠪᠠᠨ ᠭᠡᠷ ᠲᠦ᠍ ᠲᠣᠬᠢᠷᠠᠭᠤᠯᠤᠶᠠ᠃ ᠴᠢᠮᠠ ᠳ᠋ᠤ᠌ ᠨᠢᠭᠡᠳᠦᠭᠡᠷ ᠣᠨ ᠤ᠋ ᠬᠣᠶᠠᠳᠤᠭᠠᠷ ᠠᠩᠭᠢ ᠶ᠋ᠢ ᠥᠭᠬᠦ ᠪᠡᠷ ᠲᠣᠭᠲᠠᠭᠠᠳ ᠪᠠᠢᠭᠰᠠᠨ ᠶᠤᠮ᠃ ᠶᠠᠮᠠᠷ ᠪᠣᠢ? ᠠᠰᠠᠭᠤᠳᠠᠯ ᠦᠭᠡᠢ ᠪᠢᠵᠡ ᠳᠡ? ᠭᠡᠨᠡ᠃ ᠭᠠᠪᠢᠷᠠ᠄
一 ᠠᠰᠠᠭᠤᠳᠠᠯ ᠦᠭᠡᠢ᠂ ᠪᠣᠯᠤᠨᠠ ᠭᠡᠪᠡ᠃ ᠰᠡᠵᠢᠮᠡ ᠳᠡᠳ᠋ ᠵᠠᠬᠢᠷᠤᠯ᠄
一 ᠨᠢᠭᠡ ᠶ᠋ᠢᠨ ᠬᠣᠶᠠᠷ ᠠᠩᠭᠢ ᠳ᠋ᠤ᠌ ᠪᠠᠭᠰᠢ ᠦᠭᠡᠢ ᠪᠣᠯᠬᠣᠷ ᠪᠢ ᠲᠦᠷ ᠠᠪᠴᠤ ᠪᠠᠢᠭᠰᠠᠨ ᠶᠤᠮ᠃ ᠮᠠᠷᠭᠠᠰᠢ ᠠᠩᠭᠢ ᠶ᠋ᠢ ᠴᠢᠨᠢ ᠲᠤᠰᠢᠶᠠᠵᠤ ᠥᠭᠭᠦᠶᠡ ᠭᠡᠰᠡᠨ ᠳ᠋ᠦ᠍ ᠬᠢᠴᠢᠶᠡᠯ ᠬᠥᠮᠦᠵᠢᠯ ᠦ᠋ᠨ ᠡᠷᠬᠢᠯᠡᠭᠴᠢ ᠨᠠᠩᠵᠢᠳ᠄
一 ᠭᠠ ᠪᠠᠭᠰᠢ ᠶ᠋ᠢ ᠬᠡᠯᠡᠨ ᠦ᠌ ᠰᠠᠢᠨ ᠪᠠᠭᠰᠢ ᠭᠡᠵᠦ ᠰᠣᠨᠣᠰᠤᠭᠠᠳ᠃ ᠨᠢᠭᠡ ᠶ᠋ᠢᠨ ᠬᠣᠶᠠᠷ ᠠᠩᠭᠢ ᠶ᠋ᠢᠨ ᠬᠡᠯᠡ ᠪᠢᠴᠢᠭ ᠢ᠋ ᠵᠢᠭᠠᠵᠤ᠂ ᠳᠠᠭᠤᠤ ᠲᠠᠮᠢᠷ ᠢ᠋ ᠴᠦ᠍ ᠥᠪᠡᠷ ᠢ᠋ᠶ᠋ᠡᠨ ᠣᠷᠣᠨᠠ᠃ ᠲᠣᠭᠠᠨ ᠤ᠋ ᠬᠢᠴᠢᠶᠡᠯ ᠢ᠋ ᠰᠠᠶᠢᠬᠠᠨ ᠲᠡᠭᠦᠰᠴᠦ ᠢᠷᠡᠭᠰᠡᠨ ᠤᠷᠠᠨ ᠭᠡᠳᠡᠭ ᠪᠠᠭᠰᠢ ᠵᠢᠭᠠᠵᠤ ᠪᠠᠢᠭᠠ᠃ ᠣᠳᠣ ᠰᠠ ᠪᠠᠭᠰᠢ ᠲᠠᠢ ᠪᠠᠨ ᠬᠠᠮᠲᠤ ᠣᠴᠢᠵᠤ ᠰᠤᠷᠤᠭᠴᠢᠳ ᠪᠣᠯᠤᠨ ᠬᠢᠴᠢᠶᠡᠯ ᠦ᠋ᠨ ᠪᠠᠭᠰᠢ ᠨᠠᠷ ᠲᠠᠢ ᠪᠠᠨ ᠲᠠᠨᠢᠯᠴᠠᠭᠠᠷᠠᠢ! ᠭᠡᠪᠡ᠃
ᠭᠠᠪᠢᠷᠠ᠂ ᠰᠠᠵᠢᠮᠠ ᠪᠠᠭᠰᠢ ᠶ᠋ᠢ ᠳᠠᠭᠠᠵᠤ ᠠᠩᠭᠢ ᠶ᠋ᠢᠨ ᠰᠤᠷᠤᠭᠴᠢ ᠲᠠᠢ ᠪᠠᠨ ᠤᠴᠠᠷᠠᠬᠤ ᠪᠠᠷ ᠣᠴᠢᠯᠠ᠃ ᠲᠠᠪᠢ ᠭᠠᠷᠤᠢ ᠪᠢᠴᠢᠬᠠᠨ ᠰᠤᠷᠤᠭᠴᠢᠳ ᠲᠡᠭᠦᠨ ᠢ᠋ ᠱᠤᠤᠭᠢᠯᠳᠤᠨ ᠤᠭᠲᠤᠯᠠ᠃
— ᠬᠡᠦᠬᠡᠳ ᠦ᠋ᠳ ᠮᠢᠨᠢ᠂ ᠰᠠᠢᠬᠠᠨ ᠰᠠᠭᠤᠭᠠᠷᠠᠢ! ᠪᠠᠭᠰᠢ ᠨᠢ ᠲᠠᠨᠠᠷ ᠲᠤ᠌ ᠰᠢᠨᠡ ᠢᠷᠡᠭᠰᠡᠨ ᠠᠩᠭᠢ ᠶ᠋ᠢᠨ ᠡᠷᠬᠢᠯᠡᠭᠴᠢ ᠪᠠᠭᠰᠢ ᠶ᠋ᠢ ᠴᠢᠨᠢ ᠲᠠᠨᠢᠯᠴᠠᠭᠤᠯᠤᠶᠠ ᠭᠡᠰᠡᠨ ᠳ᠋ᠦ᠍ ᠲᠠᠪᠢᠨ ᠲᠠᠪᠤᠨ ᠪᠢᠴᠢᠬᠠᠨ ᠬᠡᠦᠬᠡᠳ ᠲᠠᠯᠠ ᠪᠦᠷᠢ ᠡᠴᠡ 《ᠪᠠᠭᠰᠢ ᠰᠠᠢᠨ ᠤᠤ?》᠂《ᠪᠠᠭᠰᠢ ᠰᠠᠢᠨ ᠤᠤ?》 ᠭᠡᠮᠡᠨ ᠬᠠᠰᠬᠢᠷᠤᠯᠳᠤᠨᠠ᠃ ᠭᠠᠪᠢᠷᠠ ᠵᠢᠷᠦᠬᠡ ᠰᠡᠳᠬᠢᠯ ᠡᠴᠡ ᠪᠡᠨ ᠳᠣᠭᠳᠣᠯᠤᠨ ᠪᠠᠶᠠᠷᠯᠠᠵᠤ ᠬᠠᠴᠠᠷ ᠤ᠋ᠨ ᠢ᠋ᠶ᠋ᠠᠨ ᠬᠤᠨᠳᠠᠭᠠ ᠶ᠋ᠢ ᠬᠣᠲᠣᠢᠯᠭᠠᠨ ᠢᠷᠠᠯᠵᠠᠲᠠᠯᠠ ᠢᠨᠢᠶᠡᠮᠰᠦᠭᠯᠡᠨ
— ᠰᠤᠷᠤᠭᠴᠢᠳ ᠲᠠᠨᠠᠷ ᠰᠠᠢᠨ ᠪᠠᠢᠨᠠ ᠤᠤ? ᠮᠠᠷᠭᠠᠰᠢᠠ᠋ᠴᠠ ᠡᠬᠢᠯᠡᠭᠡᠳ ᠪᠠᠭᠰᠢ ᠨᠢ ᠡᠳᠦᠷ ᠪᠦᠷᠢ ᠲᠠᠨᠠᠷ ᠲᠠᠢ ᠬᠠᠮᠲᠤ ᠪᠠᠢᠬᠤ ᠪᠣᠯᠤᠨᠠ᠃ ᠲᠠᠨᠠᠷ ᠳᠤᠷᠠᠲᠠᠢ ᠤᠤ? ᠭᠡᠪᠡᠯ᠂ ᠬᠡᠦᠬᠡᠳ ᠦ᠋ᠳ᠄
— ᠳᠤᠷᠠᠲᠠᠢ ᠠ᠋ ᠪᠠᠶᠠᠷᠯᠠᠨ ᠤᠭᠲᠤᠵᠤ ᠪᠠᠢᠨᠠ ᠭᠡᠵᠦ ᠳᠠᠭᠤ ᠨᠢᠭᠡᠲᠡᠢ ᠬᠠᠷᠢᠭᠤᠯᠪᠠ᠃
ᠪᠠᠭᠰᠢ ᠬᠥᠮᠦᠨ ᠳ᠋ᠦ᠍ ᠠᠪᠴᠤ ᠬᠡᠯᠡᠪᠡᠯ ᠬᠡᠦᠬᠡᠳ ᠦ᠋ᠳ ᠦ᠋ᠨ ᠬᠥᠭᠡᠷᠦᠬᠦᠨ ᠪᠣᠨᠲᠣᠭᠣᠷ ᠴᠢᠷᠠᠢ ᠨᠤᠭᠤᠳ᠂ ᠬᠥᠭᠵᠢᠯᠲᠡᠢ ᠴᠠᠭᠠᠪᠤᠷ ᠢᠨᠢᠶᠡᠳᠦ ᠨᠢ ᠶᠠᠮᠠᠷᠪᠠ ᠰᠡᠳᠬᠢᠯ ᠦ᠋ᠨ ᠭᠤᠨᠢᠭ ᠭᠤᠲᠤᠷᠠᠯ᠂ ᠲᠣᠬᠢᠶᠠᠯᠳᠤᠵᠤ ᠮᠡᠳᠡᠬᠦ ᠵᠣᠯ ᠪᠤᠰᠤ ᠤᠴᠠᠷᠠᠯ ᠤ᠋ᠳ ᠢ᠋ ᠠᠷᠢᠭᠤᠳᠬᠠᠨ ᠲᠠᠢᠪᠤᠰᠢᠷᠠᠭᠤᠯᠳᠠᠭ ᠣᠶᠤᠨ ᠤ᠋ ᠲᠡᠵᠢᠭᠡᠯ ᠪᠣᠯᠳᠠᠭ ᠶᠤᠮ ᠠ᠋᠃ ᠡᠭᠦᠨ ᠢ᠋ ᠪᠠᠭᠠ ᠪᠠᠯᠴᠢᠷ ᠬᠡᠦᠬᠡᠳ ᠦ᠋ᠳ ᠲᠡᠢ ᠨᠠᠰᠤᠨ ᠲᠤᠷᠰᠢᠳᠠ ᠨᠣᠣᠷᠠᠯᠳᠤᠭᠰᠠᠨ ᠪᠠᠭᠰᠢ ᠬᠥᠮᠦᠨ ᠯᠡ ᠰᠠᠶᠢ ᠮᠡᠳᠡᠳᠡᠭ᠃
ᠭᠠᠪᠢᠷᠠ ᠶ᠋ᠢᠨ ᠰᠢᠨᠡ ᠠᠵᠢᠯ ᠤ᠋ᠨ ᠪᠠᠢᠷᠢ ᠳ᠋ᠠᠬᠢ ᠠᠩᠬᠠᠨ ᠤ᠋ ᠨᠢᠭᠡᠨ ᠡᠳᠦᠷ ᠡᠢᠨᠬᠦ ᠡᠬᠢᠯᠡᠯᠡ᠃
ᠲᠡᠷᠡ ᠰᠠᠵᠢᠮᠠ ᠪᠠᠭᠰᠢ ᠲᠠᠢ ᠬᠣᠶᠠᠭᠤᠯᠠ ᠠᠩᠭᠢ ᠶ᠋ᠢᠨ ᠭᠡᠷ ᠲᠦ᠍ ᠰᠤᠷᠤᠭᠴᠢᠳ ᠲᠠᠢ ᠪᠠᠨ ᠬᠡᠰᠡᠭ ᠪᠤᠵᠢᠭᠢᠨᠠᠯᠳᠤᠭᠠᠳ ᠨᠡᠷᠡᠰ ᠦ᠋ᠨ ᠪᠦᠷᠢᠳᠬᠡᠯ᠂ ᠮᠠᠷᠭᠠᠰᠢ ᠵᠠᠯᠭᠠᠵᠤ ᠣᠷᠣᠬᠤ ᠬᠢᠴᠢᠶᠡᠯ ᠵᠡᠷᠭᠡ ᠪᠡᠨ ᠮᠡᠳᠡᠵᠦ ᠠᠪᠤᠭᠠᠳ ᠳᠠᠷᠤᠭᠠ ᠨᠠᠷ ᠤ᠋ᠨ ᠠᠯᠪᠠᠨ ᠭᠡᠷ ᠲᠦ᠍ ᠪᠤᠴᠠᠵᠤ ᠢᠷᠡᠪᠡᠯ ᠴᠣᠩᠬᠣᠨ ᠤ᠋ ᠲᠤᠰᠢᠶᠠ ᠪᠠᠢᠷᠢᠯᠠᠭᠰᠠᠨ ᠨᠢᠭᠲᠠᠯᠠᠨ ᠪᠣᠳᠣᠭᠴᠢ ᠪᠣᠯᠤᠨ ᠪᠡᠯᠡ ᠮᠥᠩᠭᠥ ᠬᠠᠮᠢᠶᠠᠷᠤᠭᠴᠢ ᠶ᠋ᠢᠨ ᠰᠢᠷᠡᠭᠡ ᠲᠡᠢ ᠵᠡᠷᠭᠡᠴᠡᠭᠦᠯᠦᠨ ᠥᠪᠡᠷ ᠲᠦ᠋ᠨᠢ ᠠᠯᠪᠠᠨ ᠰᠢᠷᠡᠭᠡ ᠪᠣᠯᠤᠨ ᠰᠠᠨᠳᠠᠯᠢ ᠲᠣᠬᠢᠷᠠᠭᠤᠯᠵᠤ ᠲᠠᠯᠪᠢᠭᠰᠠᠨ ᠪᠠᠢᠯᠠ᠃
ᠭᠠᠪᠢᠷᠠ᠂ ᠣᠯᠠᠨ ᠢ᠋ ᠬᠠᠷᠠᠨ ᠡᠶᠡᠯᠳᠡᠩᠬᠡᠨ ᠢᠨᠢᠶᠡᠮᠰᠦᠭᠯᠡᠭᠡᠳ ᠮᠠᠷᠭᠠᠰᠢ ᠶ᠋ᠢᠨ ᠬᠢᠴᠢᠶᠡᠯ ᠢ᠋ᠶ᠋ᠡᠨ ᠪᠡᠯᠡᠳᠬᠡᠵᠦ ᠡᠬᠢᠯᠡᠪᠡ᠃ ᠡᠨᠡ ᠦᠶᠡ ᠳ᠋ᠦ᠍ ᠵᠠᠷᠢᠮ ᠪᠠᠭᠰᠢ ᠨᠠᠷ ᠵᠠᠬᠢᠷᠤᠯ ᠤ᠋ᠨ ᠠᠯᠪᠠᠨ ᠭᠡᠷ ᠢ᠋ᠶ᠋ᠡᠷ ᠣᠷᠣᠵᠤ ᠭᠠᠷᠤᠨ ᠰᠢᠨᠡ ᠢᠷᠡᠭᠰᠡᠨ ᠪᠠᠭᠰᠢ ᠶ᠋ᠢ ᠰᠣᠨᠢᠭᠤᠴᠢᠯᠠᠨᠠ᠃
— ᠳᠠᠷᠤᠭᠠ ᠶ᠋ᠢᠨ ᠠᠯᠪᠠᠨ ᠭᠡᠷ ᠲᠦ᠍ ᠥᠨᠳᠥᠷ ᠨᠠᠷᠢᠬᠠᠨ ᠪᠡᠶᠡ ᠲᠡᠢ᠂ ᠰᠢᠷᠠᠮᠠᠩ ᠴᠠᠭᠠᠨ ᠵᠢᠰᠦ ᠲᠡᠢ ᠰᠠᠢᠬᠠᠨ ᠪᠦᠰᠡᠭᠦᠢ ᠢᠷᠡᠴᠢᠬᠡᠭᠡᠳ ᠪᠠᠢᠨᠠ᠃
— ᠲᠡᠷᠡ ᠴᠢᠨᠢ ᠬᠡᠯᠡ ᠪᠢᠴᠢᠭ ᠰᠠᠢᠬᠠᠨ ᠵᠢᠭᠠᠳᠠᠭ ᠭᠡᠨᠡ ᠯᠠᠢ᠃
— ᠥᠨᠳᠥᠷ ᠳᠡᠰ ᠦ᠋ᠨ ᠴᠣᠯᠠ ᠲᠠᠢ ᠪᠠᠭᠰᠢ ᠭᠡᠰᠡᠨ ᠭᠡᠵᠦ ᠶᠠᠭᠤᠮᠠ ᠶ᠋ᠢ ᠲᠠᠩᠳᠠ ᠰᠠᠢᠨ ᠲᠠᠯᠠ᠂ ᠰᠠᠢᠬᠠᠨ ᠥᠩᠭᠡ ᠪᠡᠷ ᠨᠢ ᠬᠠᠷᠠᠳᠠᠭ ᠬᠥᠮᠦᠰ ᠢᠩᠭᠢᠵᠦ ᠶᠠᠷᠢᠵᠤ ᠪᠠᠢᠬᠤ ᠳ᠋ᠤ᠌᠂ ᠥ ᠰᠡᠪ ᠬᠠᠢᠵᠤ ᠶᠠᠪᠤᠳᠠᠭ ᠴᠥᠭᠡᠨ ᠲᠣᠭᠠᠨ ᠤ᠋ ᠬᠡᠳᠦᠨ ᠬᠥᠮᠦᠨ ᠨᠢ
— ᠨᠥᠭᠦᠭᠡ ᠡᠷᠡ ᠨᠢ ᠰᠠᠶᠢᠬᠠᠨ ᠥᠩᠭᠡᠷᠡᠭᠰᠡᠨ ᠪᠡᠯᠪᠡᠰᠦᠨ ᠪᠦᠰᠡᠭᠦᠢ ᠢᠷᠡᠴᠢᠬᠡᠭᠡᠳ ᠰᠠᠭᠤᠵᠤ ᠪᠠᠢᠨᠠ᠃
— ᠡᠢᠮᠦ ᠵᠠᠯᠠᠭᠤ ᠪᠠᠷ ᠢ᠋ᠶ᠋ᠠᠨ ᠪᠡᠯᠪᠡᠰᠦᠷᠡᠵᠦ᠂ ᠪᠠᠰᠠ ᠳᠥᠷᠪᠡ ᠪᠡᠷ ᠴᠦ᠍ ᠬᠡᠦᠬᠡᠳ ᠲᠡᠢ ᠭᠡᠨᠡ ᠰᠢᠦ᠃
— ᠶᠠᠮᠠᠷ ᠴᠤ᠌ ᠵᠠᠶᠠᠭᠠ ᠮᠠᠭᠤᠲᠠᠢ ᠪᠦᠰᠡᠭᠦᠢ ᠶᠦᠮ ᠳᠡ᠃ ᠬᠡᠦᠬᠡᠳ ᠨᠢ ᠴᠥᠮ ᠪᠠᠭᠠ ᠭᠡᠰᠡᠨ᠂ ᠬᠣᠵᠢᠮ ᠶᠠᠭᠠᠬᠢᠵᠤ ᠴᠦ᠍ ᠠᠮᠢᠳᠤᠷᠠᠳᠠᠭ ᠬᠥᠮᠦᠨ ᠪᠢᠯᠡ ᠳᠠ ᠭᠡᠮᠡᠨ ᠠᠮᠠᠨ ᠤ᠋ ᠵᠤᠭᠠ ᠪᠣᠯᠭᠠᠨᠠ᠃
ᠲᠡᠭᠡᠭᠡᠳ ᠴᠦ᠍ ᠨᠢᠭᠡ ᠬᠥᠮᠦᠨ ᠦ᠌ ᠡᠭᠦᠰᠦᠯ ᠭᠠᠷᠤᠯᠠ᠋ᠴᠠ ᠨᠢ ᠡᠬᠢᠯᠡᠭᠡᠳ ᠦᠦᠬᠡ ᠲᠡᠦᠬᠡ ᠦᠯᠢᠭᠡᠷ ᠨᠠᠮᠲᠠᠷ ᠢ᠋ ᠨᠢ ᠤᠬᠤᠴᠢᠯᠠᠨ ᠮᠠᠯᠲᠠᠳᠠᠭ ᠨᠢ ᠬᠥᠳᠡᠭᠡ ᠲᠣᠰᠬᠣᠨ ᠪᠤᠶᠤ ᠵᠢᠵᠢᠭ ᠬᠣᠲᠠ ᠪᠠᠯᠭᠠᠳ ᠤ᠋ᠨ ᠬᠥᠮᠦᠰ ᠦ᠋ᠨ ᠨᠢᠭᠡᠨ ᠵᠤᠷᠰᠢᠯ ᠭᠡᠯᠲᠡᠢ᠃ ᠭᠠᠪᠢᠷᠠ ᠡᠭᠦᠨ ᠡᠴᠡ ᠬᠡᠷᠬᠢᠨ ᠮᠤᠯᠲᠤᠷᠠᠵᠤ ᠴᠢᠳᠠᠬᠤ ᠠᠵᠢ᠃ ᠬᠡᠳᠦᠨ ᠡᠳᠦᠷ ᠦ᠋ᠨ ᠲᠤᠷᠰᠢᠬᠢ ᠰᠤᠯᠠ ᠶᠠᠷᠢᠯᠴᠠᠭᠠᠨ ᠤ᠋ ᠰᠡᠳᠦᠪ ᠪᠣᠯᠤᠨ《ᠲᠡᠭᠡᠳᠡᠭ ᠭᠡᠰᠡᠨ》᠂《ᠲᠡᠭᠡᠭᠰᠡᠨ ᠶᠦᠮ ᠭᠡᠨᠡ ᠯᠠᠢ》᠂《ᠬᠠᠷᠢᠨ ᠪᠦᠷ ᠲᠡᠭᠡᠭᠰᠡᠨ ᠭᠡᠰᠡᠨ》 ᠭᠡᠬᠦ ᠮᠡᠲᠦ ᠶ᠋ᠢᠨ ᠨᠡᠯᠢᠶᠡᠳ ᠬᠤᠭᠤᠴᠠᠭᠠ ᠦᠷᠭᠦᠯᠵᠢᠯᠡᠵᠡᠢ᠃
ᠭᠡᠪᠡᠴᠦ ᠭᠠᠪᠢᠷᠠ ᠥᠪᠡᠷ ᠦ᠋ᠨ ᠢ᠋ᠶ᠋ᠡᠨ ᠳᠠᠯᠳᠠ ᠪᠣᠳᠣᠯ ᠲᠠᠢ᠂ ᠬᠡᠨ ᠬᠥᠮᠦᠨ ᠦ᠌ ᠬᠡᠯᠡᠭᠰᠡᠨ ᠢ᠋ᠶ᠋ᠡᠷ ᠬᠡᠯᠪᠡᠯᠵᠡᠨ ᠨᠠᠢᠭᠤᠳᠠᠭ ᠲᠠᠪᠲᠤᠷ ᠦᠭᠡᠢ ᠨᠢᠭᠡᠨ ᠪᠢᠰᠢ᠃ ᠲᠡᠭᠦᠨ ᠳ᠋ᠦ᠍ ᠰᠠᠢᠨ ᠮᠠᠭᠤ ᠶ᠋ᠢ ᠢᠯᠭᠠᠨ ᠲᠠᠨᠢᠬᠤ ᠬᠤᠷᠴᠠ ᠬᠠᠷᠠᠭᠠ᠂ ᠰᠡᠷᠭᠡᠭ ᠮᠡᠳᠡᠷᠡᠮᠵᠢ ᠲᠡᠢ᠃ ᠵᠠᠩᠭᠢᠯᠠᠭᠠ ᠶ᠋ᠢᠨ ᠴᠠᠭ ᠲᠤ᠌ ᠥᠪᠡᠷ ᠢ ᠪᠡᠨ ᠠᠪᠴᠤ ᠭᠠᠷᠬᠤ ᠠᠪᠬᠠᠯᠵᠢ ᠰᠡᠷᠭᠦᠯᠡᠩ᠂ ᠠᠭᠤᠴᠢ ᠲᠡᠨᠢᠭᠦᠨ ᠪᠣᠳᠣᠯᠭᠠ ᠲᠠᠢ ᠪᠦᠰᠡᠭᠦᠢ ᠪᠢᠯᠡ᠃
ᠰᠢᠨᠡ ᠣᠷᠴᠢᠨ ᠲᠣᠭᠣᠷᠢᠨ ᠨᠢ ᠲᠡᠭᠦᠨ ᠳ᠋ᠦ᠍ ᠲᠡᠢᠮᠦ ᠴᠦ᠍ ᠪᠣᠯᠵᠤ ᠶᠠᠳᠠᠮᠠᠷ ᠵᠦᠢᠯ ᠪᠠᠢᠭᠰᠠᠨ ᠦᠭᠡᠢ᠂ ᠲᠡᠷᠡ ᠬᠠᠮᠢᠭᠠ ᠣᠴᠢᠭᠰᠠᠨ ᠴᠤ᠌ ᠲᠡᠭᠦᠨ ᠳ᠋ᠡᠭᠡᠨ ᠵᠣᠬᠢᠴᠠᠨ ᠠᠮᠢᠳᠤᠷᠠᠬᠤ ᠪᠦᠷᠢᠨ ᠴᠢᠳᠠᠪᠬᠢ ᠲᠠᠢ᠃