ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠠᠷᠰᠢ ᠰᠠᠬᠢᠭᠤᠯᠰᠤᠨ ᠤ᠋ ᠡᠮ ᠠᠳᠢᠰ 2 Идээ ундааны жинхэнэ товч– Хүсэхүй ᠂Хөхлуу нар – <2-р боть>Арш сахиусны эм адис 2
ᠡᠨᠡᠬᠦ ᠰᠢᠷᠭᠢᠭᠡᠮᠡᠯ ᠡᠮ ᠪᠣᠯᠪᠠᠰᠤ ᠪᠡᠯᠬᠡᠭᠦᠰᠦ ᠡᠪᠦᠳᠦᠭ ᠢ᠋ᠶ᠋ᠡᠷ ᠡᠪᠡᠳᠬᠦ᠂ ᠬᠡᠪᠡᠯᠢ ᠬᠦᠢᠲᠡᠨ ᠡᠪᠡᠳᠴᠢᠨ ᠢ᠋ ᠵᠠᠰᠠᠵᠤ᠂ ᠥᠩᠭᠡ ᠵᠢᠰᠦ ᠶ᠋ᠢ ᠰᠢᠮᠡᠵᠢᠭᠦᠯᠦᠨ ᠭᠡᠷᠡᠯᠲᠦᠭᠦᠯᠵᠦ᠂ ᠶᠠᠰᠤ ᠴᠢᠮᠥᠭᠡ ᠶ᠋ᠢ ᠪᠡᠬᠢᠵᠢᠭᠦᠯᠦᠨ᠂ ᠠᠯᠬᠤᠵᠤ ᠭᠢᠰᠬᠢᠬᠦ ᠶ᠋ᠢ ᠮᠣᠷᠢᠨ ᠳᠠᠪᠬᠢᠭ᠎ᠠ ᠮᠡᠲᠦ ᠪᠣᠯᠭᠠᠮᠤᠢ᠃
ᠨᠠᠩᠭᠢ ᠴᠠᠭᠠᠨ ᠨᠢᠭᠡᠨ ᠵᠢᠩ᠂ ᠭᠦᠢᠯᠡᠰᠦ ᠶ᠋ᠢᠨ ᠴᠥᠮ᠎ᠡ ᠨᠢᠭᠡᠨ ᠱᠧᠩ ᠢ᠋ ᠪᠤᠴᠠᠯᠤᠭᠰᠠᠨ ᠤᠰᠤᠨ ᠳ᠋ᠤᠷ ᠳᠡᠪᠲᠦᠭᠡᠭᠡᠳ ᠬᠠᠯᠢᠰᠤ ᠪᠠ ᠦᠵᠦᠭᠦᠷ ᠢ᠋ ᠠᠪᠴᠤ ᠬᠠᠶᠠᠨ᠂ ᠲᠦᠭᠦᠬᠡᠢ ᠦᠨᠢᠶᠡᠨ ᠰᠦ ᠬᠣᠶᠠᠷ ᠱᠧᠩ᠃
ᠳᠡᠭᠡᠷᠡᠬᠢ ᠵᠦᠢᠯ ᠦ᠋ᠳ ᠡᠴᠡ ᠭᠦᠢᠯᠡᠰᠦ ᠶ᠋ᠢᠨ ᠴᠥᠮ᠎ᠡ ᠶ᠋ᠢ ᠨᠠᠷᠢᠨ ᠲᠠᠯᠠᠭᠳᠠᠭᠠᠳ ᠦᠨᠢᠶᠡᠨ ᠰᠦ ᠪᠠ ᠨᠠᠩᠭᠢ ᠴᠠᠭᠠᠨ ᠯᠤᠭ᠎ᠠ ᠨᠡᠢᠯᠡᠭᠦᠯᠦᠨ ᠬᠤᠳᠬᠤᠵᠤ ᠰᠢᠭᠦᠰᠦ ᠶ᠋ᠢ ᠠᠨᠤ ᠰᠢᠪᠬᠠᠵᠤ ᠠᠪᠤᠭᠠᠳ ᠂ ᠰᠢᠨ᠎ᠡ ᠱᠠᠭᠠᠵᠠᠩ ᠯᠣᠩᠬᠣᠨ ᠳ᠋ᠤᠷ ᠠᠬᠤᠭᠤᠯᠵᠤ ᠨᠢᠭᠲᠠ ᠪᠢᠲᠡᠭᠦᠮᠵᠢᠯᠡᠨ ᠤᠰᠤ ᠲᠠᠢ ᠲᠣᠭᠣᠭᠠᠨ ᠳ᠋ᠤ᠌ ᠨᠢᠭᠡ ᠡᠳᠦᠷ ᠪᠤᠴᠠᠯᠭᠠᠮᠤᠢ ᠃ ᠡᠭᠦᠨ ᠢ᠋ ᠡᠳᠦᠷ ᠪᠦᠷᠢ ᠨᠢᠭᠡ ᠬᠠᠯᠪᠠᠭ᠎ᠠ ᠶ᠋ᠢ ᠠᠷᠢᠬᠢᠨ ᠳ᠋ᠤᠷ ᠵᠢᠭᠤᠷᠠᠭᠠᠳ ᠥᠯᠥᠨ ᠢ᠋ᠶ᠋ᠡᠷ ᠢᠳᠡᠮᠦᠢ᠃
ᠠᠯᠲᠠᠨ ᠴᠢᠮᠥᠭᠡᠲᠦ ᠬᠠᠨᠳᠠ
ᠨᠠᠰᠤᠨ ᠬᠤᠲᠤᠭ ᠢ᠋ ᠤᠷᠲᠤᠳᠬᠠᠨ᠂ ᠳᠤᠰᠤᠯ ᠴᠢᠮᠥᠭᠡ ᠶ᠋ᠢ ᠲᠥᠯᠵᠢᠭᠦᠯᠦᠨ᠂ ᠤᠳᠠᠭᠠᠨ ᠡᠳᠦᠷ ᠢᠳᠡᠪᠡᠰᠦ ᠴᠠᠢᠭᠰᠠᠨ ᠦᠰᠦ ᠭᠡᠵᠢᠭᠡ ᠶ᠋ᠢ ᠬᠠᠷᠠᠯᠠᠭᠤᠯᠵᠤ ᠂ ᠠᠬᠠᠰᠢᠷᠠᠵᠤ᠂ ᠥᠲᠡᠯᠦᠭᠰᠡᠳ ᠢ᠋ ᠳᠠᠬᠢᠨ ᠵᠠᠯᠠᠭᠤᠷᠬᠠᠭ ᠪᠣᠯᠭᠠᠮᠤᠢ᠃
ᠫᠠᠩᠮᠠᠢᠪᠦᠷᠤ ᠶ᠋ᠢ ᠬᠡᠴᠢᠨᠡᠨ ᠴᠦ᠍ ᠪᠣᠯᠲᠤᠭᠠᠢ᠂ ᠭᠠᠭᠴᠠᠬᠦ ᠤᠯᠠᠢᠵᠤ ᠪᠣᠯᠪᠠᠰᠤᠷᠠᠭᠰᠠᠨ ᠢ᠋ ᠠᠨᠤ ᠲᠡᠭᠦᠵᠦ ᠬᠡᠷᠡᠭᠯᠡᠮᠦᠢ᠃
ᠳᠡᠭᠡᠷᠡᠬᠢ ᠡᠮ ᠢ᠋ ᠴᠡᠪᠡᠷ ᠠᠷᠢᠬᠢᠨ ᠳ᠋ᠤᠷ ᠳᠡᠪᠲᠦᠭᠡᠵᠦ᠂ ᠡᠪᠦᠯ ᠳ᠋ᠦ᠍ ᠵᠢᠷᠭᠤᠭᠠᠨ ᠡᠳᠦᠷ᠂ ᠵᠤᠨ ᠳ᠋ᠤ᠌ ᠭᠤᠷᠪᠠᠨ ᠡᠳᠦᠷ ᠳᠡᠪᠲᠦᠭᠡᠭᠡᠳ᠂ ᠸᠠᠭᠠᠷ ᠤ᠋ᠨ ᠫᠧᠩᠰᠡᠨ ᠳ᠋ᠦ᠍ᠷ ᠨᠢᠰᠢᠷᠡᠳᠡᠯᠡ ᠨᠠᠷᠢᠯᠢᠭ ᠵᠢᠭᠤᠷᠠᠭᠰᠠᠨ ᠤ᠋ ᠳᠠᠷᠠᠭ᠎ᠠ ᠪᠥᠰ ᠤᠭᠤᠲᠠᠨ ᠳ᠋ᠤᠷ ᠬᠢᠵᠦ ᠰᠢᠪᠬᠠᠨ ᠰᠢᠭᠦᠰᠦ ᠶ᠋ᠢ ᠠᠪᠤᠭᠠᠳ ᠥᠨᠥᠬᠢ ᠠᠷᠢᠬᠢᠨ ᠳ᠋ᠤᠷ ᠲᠠᠯᠪᠢᠵᠤ ᠵᠥᠭᠡᠯᠡᠨ ᠭᠠᠯ ᠳᠡᠭᠡᠷ᠎ᠡ ᠪᠤᠴᠠᠯᠭᠠᠭᠰᠠᠭᠠᠷ ᠬᠠᠨᠳᠠ ᠪᠣᠯᠭᠠᠮᠤᠢ᠃ ᠡᠨᠡᠬᠦ ᠬᠠᠨᠳᠠ ᠶ᠋ᠢ ᠴᠡᠪᠡᠷ ᠱᠠᠭᠠᠵᠠᠩ ᠰᠠᠪᠠᠨ ᠳ᠋ᠤᠷ ᠠᠬᠤᠭᠤᠯᠤᠨ ᠪᠢᠲᠡᠭᠦᠮᠵᠢᠯᠡᠭᠡᠳ ᠣᠷᠭᠢᠯᠤᠮ᠎ᠠ ᠪᠤᠴᠠᠯᠤᠭᠰᠠᠨ ᠣᠰᠤᠨ᠎ᠠ ᠪᠤᠴᠠᠯᠭᠠᠮᠤᠢ ᠃ ᠡᠭᠦᠨ ᠢ᠋ ᠤᠳᠠᠭ᠎ᠠ ᠪᠦᠷᠢ ᠨᠢᠭᠡᠨ ᠬᠠᠯᠪᠠᠭ᠎ᠠ ᠠᠪᠴᠤ ᠰᠢᠷ᠎ᠠ ᠲᠣᠰᠣ ᠶ᠋ᠢ ᠥᠴᠦᠬᠡᠨ ᠲᠡᠳᠦᠢ ᠨᠡᠮᠡᠵᠦ ᠪᠦᠯᠢᠶᠡᠨ ᠠᠷᠢᠬᠢ ᠪᠠᠷ ᠳᠠᠷᠤᠭᠤᠯᠵᠤ ᠢᠳᠡᠮᠦᠢ᠃
ᠪᠠᠰᠪᠤᠷᠤ ᠶ᠋ᠢᠨ ᠬᠠᠨᠳᠠ
ᠪᠠᠰᠪᠤᠷᠤ ᠭᠡᠳᠡᠭ ᠨᠢ ᠬᠣᠣᠷ᠎ᠠ ᠦᠭᠡᠢ᠂ ᠰᠢᠷ᠎ᠠ ᠪᠣᠩ ᠠ ᠪᠣᠯᠠ᠃ ᠵᠠᠷᠢᠮ ᠮᠠᠲ᠋ᠧᠷᠢᠶᠠᠯ ᠳ᠋ᠤ᠌ ᠪᠠᠰᠠ ᠪᠠᠰᠪᠤᠷᠤ ᠭᠡᠵᠦ ᠴᠦ᠍ ᠪᠢᠴᠢᠵᠦ ᠪᠠᠢᠳᠠᠭ ᠃ ᠶᠠᠭᠤ ᠴᠤ᠌ ᠭᠡᠰᠡᠨ ᠤᠭ ᠵᠣᠬᠢᠶᠠᠯ ᠳ᠋ᠤ᠌ ᠲᠢᠶᠠᠨ ᠮᠸᠨ ᠳ᠋ᠦᠩ ᠭᠡᠰᠡᠨ ᠶᠦ᠍ᠮ᠃
ᠡᠨᠡᠬᠦ ᠬᠠᠨᠳᠠ ᠪᠣᠯᠪᠠᠰᠤ ᠬᠡᠢ ᠪᠠᠳᠬᠠᠨ ᠬᠤᠷᠠᠵᠤ᠂ ᠰᠣᠯᠢᠶᠠᠷᠠᠬᠤ᠂ ᠪᠡᠶ᠎ᠡ ᠳ᠋ᠦ᠍ ᠬᠣᠷᠣᠬᠠᠢ ᠣᠷᠣᠰᠢᠬᠤ ᠵᠡᠷᠭᠡ ᠶ᠋ᠢ ᠡᠮᠨᠡᠨ ᠠᠷᠢᠯᠭᠠᠬᠤ ᠪᠥᠭᠡᠳ ᠬᠢᠵᠢᠭ ᠡᠪᠡᠳᠴᠢᠨ ᠢ᠋ ᠵᠠᠰᠠᠵᠤ ᠲᠠᠮᠢᠷ ᠢ᠋ ᠰᠠᠢᠵᠢᠷᠠᠭᠤᠯᠤᠨ ᠪᠡᠶ᠎ᠡ ᠶ᠋ᠢ ᠬᠥᠩᠭᠡᠷᠡᠭᠦᠯᠵᠦ ᠥᠯᠦᠰᠦᠭᠦᠯᠬᠦ ᠦᠭᠡᠢ ᠪᠣᠯᠭᠠᠨ ᠠᠮᠢ ᠨᠠᠰᠤ ᠶ᠋ᠢ ᠤᠷᠲᠤᠳᠬᠠᠵᠤ ᠥᠲᠡᠯᠥᠭᠦᠯᠬᠦ ᠦᠭᠡᠢ ᠪᠣᠯᠭᠠᠮᠤᠢ᠃
ᠪᠠᠰᠪᠤᠷᠤ ᠬᠡᠴᠢᠨᠡᠨ ᠴᠦ᠍ ᠬᠠᠮᠢᠶ᠎ᠠ ᠦᠭᠡᠢ᠂ ᠲᠡᠭᠦᠨ ᠦ᠌ ᠬᠠᠯᠢᠰᠤ ᠦᠨᠳᠦᠰᠦ ᠰᠠᠬᠠᠯ ᠢ᠋ ᠠᠪᠴᠤ ᠬᠠᠶᠠᠭᠠᠳ ᠴᠡᠪᠡᠷᠯᠡᠨ ᠤᠬᠢᠶᠠᠮᠤᠢ᠃
ᠳᠡᠭᠡᠷᠡᠬᠢ ᠵᠦᠢᠯ ᠢ᠋ ᠨᠦᠳᠦᠵᠦ ᠬᠡᠮᠬᠡᠴᠢᠭᠡᠳ ᠪᠥᠰ ᠲᠣᠷ ᠪᠠᠭᠯᠠᠵᠤ ᠰᠢᠪᠬᠠᠨ ᠰᠢᠭᠦᠰᠦ ᠶ᠋ᠢ ᠨᠢ ᠠᠪᠴᠤ ᠱᠦᠭᠦᠵᠦ ᠲᠤᠩᠭᠠᠭᠰᠠᠨ ᠤ᠋ ᠰᠡᠭᠦᠯᠡᠷ ᠱᠠᠭᠠᠵᠠᠩ ᠰᠠᠪᠠ ᠪᠤᠶᠤ ᠸᠠᠭᠠᠷ ᠤ᠋ᠨ ᠲᠣᠭᠣᠭ᠎ᠠ᠂ ᠡᠰᠡᠬᠦᠯ᠎ᠡ ᠮᠥᠩᠭᠥᠨ ᠰᠠᠪᠠᠨ ᠳ᠋ᠤᠷ ᠠᠬᠤᠭᠤᠯᠵᠤ ᠵᠥᠭᠡᠯᠡᠨ ᠭᠠᠯ ᠳᠡᠭᠡᠷ᠎ᠡ ᠬᠠᠨᠳᠠ ᠪᠣᠯᠭᠠᠨ ᠪᠤᠴᠠᠯᠭᠠᠮᠤᠢ ᠃ ᠡᠭᠦᠨ ᠢ᠋ ᠤᠳᠠᠭ᠎ᠠ ᠪᠦᠷᠢ ᠨᠢᠭᠡᠨ ᠬᠠᠯᠪᠠᠭ᠎ᠠ ᠶ᠋ᠢ ᠪᠦᠯᠢᠶᠡᠨ ᠠᠷᠢᠬᠢ ᠪᠠᠷ ᠳᠠᠷᠤᠭᠤᠯᠵᠤ ᠥᠯᠥᠨ ᠢ᠋ᠶ᠋ᠡᠷ ᠤᠤᠭᠤᠮᠤᠢ᠃
ᠪᠣᠮᠪᠣ ᠶ᠋ᠢᠨ ᠰᠤᠳᠤᠷ ᠤ᠋ᠨ ᠨᠠᠢ᠍ᠮᠠᠨ ᠬᠠᠭᠠᠨᠲᠤ ᠬᠡᠮᠡᠬᠦ ᠨᠣᠮ ᠳ᠋ᠤᠷ ᠥᠭᠦᠯᠡᠭᠰᠡᠨ ᠢᠨᠤ
ᠲᠠᠭᠠᠷᠠᠵᠤ ᠵᠢᠬᠢᠭᠦᠴᠡᠬᠦ ᠳ᠋ᠦ᠍ ᠲᠡᠰᠪᠦᠷᠢᠲᠡᠢ ᠪᠣᠯᠬᠤ ᠶ᠋ᠢ ᠬᠦᠰᠡᠪᠡᠰᠦ᠂ ᠪᠠᠰᠪᠤᠷᠤ ᠪᠠ ᠮᠠᠭ ᠢ᠋ ᠨᠠᠷᠢᠨ ᠲᠠᠯᠬᠠᠳᠠᠵᠤ ᠡᠳᠦᠷ ᠪᠦᠷᠢ ᠣᠯᠠᠨ ᠳᠠᠬᠢᠨ ᠤᠤᠭᠤᠪᠠᠰᠤ ᠶᠡᠬᠡ ᠬᠦᠢᠲᠡᠨ ᠦ᠌ ᠴᠠᠭ ᠲᠤ᠌ ᠴᠤ᠌ ᠭᠡᠮᠡᠨ ᠬᠥᠯᠥᠷᠡᠬᠦ ᠪᠥᠭᠡᠳ ᠳᠠᠩ ᠬᠤᠪᠴᠠᠰᠤ ᠡᠮᠦᠰᠦᠮᠦᠢ ᠬᠡᠮᠡᠪᠡ᠃
ᠪᠤᠤ ᠫᠢᠶᠣᠣ ᠽᠢ ᠶ᠋ᠢᠨ ᠥᠭᠦᠯᠡᠭᠰᠡᠨ ᠢᠨᠤ
ᠳ᠋ᠤ᠌ ᠽᠢ ᠸᠧᠢ ᠬᠡᠮᠡᠭᠴᠢ ᠬᠥᠮᠦᠨ ᠪᠠᠰᠪᠤᠷᠤ ᠶ᠋ᠢ ᠢᠳᠡᠭᠡᠳ ᠪᠠᠭ᠎ᠠ ᠬᠠᠲᠤᠨ ᠨᠠᠶᠠᠨ ᠬᠥᠮᠦᠨ ᠢ᠋ ᠵᠠᠯᠠᠭᠠᠳ ᠵᠠᠭᠤ ᠳᠥᠴᠢ ᠬᠡᠦᠬᠡᠳ ᠲᠡᠢ ᠪᠣᠯᠤᠭᠰᠠᠨ ᠪᠥᠭᠡᠳ ᠡᠳᠦᠷ ᠲᠦ᠍ ᠭᠤᠷᠪᠠᠨ ᠵᠠᠭᠤᠨ ᠭᠠᠵᠠᠷ ᠶᠠᠪᠤᠮᠤᠢ ᠬᠡᠮᠡᠪᠡ᠃
ᠯᠢᠶᠧ ᠰᠢᠶᠠᠨ ᠽᠢ ᠶ᠋ᠢᠨ ᠥᠭᠦᠯᠡᠭᠰᠡᠨ ᠢᠨᠤ
ᡂᠢ ᠰᠥᠩ ᠽᠢ ᠬᠡᠮᠡᠭᠴᠢ ᠢᠨᠤ ᠪᠠᠰᠪᠤᠷᠤ ᠶ᠋ᠢ ᠢᠳᠡᠭᠡᠳ ᠰᠢᠳᠦ ᠢᠨᠦ ᠤᠨᠠᠭᠠᠳ ᠳᠠᠬᠢᠨ ᠡᠨᠡ ᠰᠢᠨ᠎ᠡ ᠪᠡᠷ ᠤᠷᠭᠤᠵᠤ ᠂ ᠭᠡᠵᠢᠭᠡ ᠦᠰᠦ ᠢᠨᠦ ᠮᠥᠨ ᠳᠠᠬᠢᠨ ᠤᠷᠭᠤᠪᠠ ᠬᠡᠮᠡᠪᠡ᠃
ᠠᠷᠰᠢ ᠰᠠᠬᠢᠭᠤᠯᠰᠤᠨ ᠤ᠋ ᠨᠠᠮᠲᠠᠷ ᠲᠤᠷ ᠲᠡᠮᠳᠡᠭᠯᠡᠭᠰᠡᠨ ᠢᠨᠤ
ᠭᠠᠨ ᠱᠢ ᠬᠡᠮᠡᠭᠴᠢ ᠲᠡᠢ ᠶᠤᠸᠠᠨ ᠭᠠᠵᠠᠷ ᠤ᠋ᠨ ᠬᠥᠮᠦᠨ᠂ ᠲᠡᠷᠡ ᠪᠠᠰᠪᠤᠷᠤ ᠶ᠋ᠢ ᠢᠳᠡᠭᠡᠳ ᠭᠤᠷᠪᠠᠨ ᠵᠠᠭᠤ ᠨᠠᠰᠤᠯᠠᠪᠠ ᠬᠡᠮᠡᠵᠦᠬᠦᠢ᠃
ᠲᠠᠮᠢᠷ ᠢ᠋ ᠪᠣᠯᠪᠠᠰᠤᠷᠠᠭᠤᠯᠬᠤ ᠨᠢᠭᠤᠴᠠ ᠲᠣᠪᠴᠢᠶᠠᠨ ᠳ᠋ᠤ᠌ ᠲᠡᠮᠳᠡᠭᠯᠡᠭᠰᠡᠨ ᠢᠨᠤ
ᠠᠷᠰᠢ ᠰᠠᠬᠢᠭᠤᠯᠰᠤᠨ ᠪᠠᠰᠪᠤᠷᠤ ᠶ᠋ᠢ ᠢᠳᠡᠭᠡᠳ ᠵᠠᠭᠤᠨ ᠬᠣᠨᠣᠭ ᠠ᠋ᠴᠠ ᠬᠣᠢᠰᠢ ᠠᠮᠥᠷᠯᠢᠯᠠᠨ ᠡᠩᠬᠡᠵᠢᠨ ᠨᠢᠭᠤᠷ ᠴᠢᠷᠠᠢ ᠴᠣᠭ ᠭᠡᠷᠡᠯᠲᠡᠢ ᠪᠣᠯᠵᠤ᠂ ᠡᠴᠡᠩᠬᠡᠢ ᠪᠠᠭᠤᠷᠠᠢ ᠠᠨᠤ ᠬᠦᠴᠦᠵᠢᠨ ᠴᠢᠭᠢᠷᠠᠭᠵᠢᠵᠤ᠂ ᠭᠤᠷᠪᠠᠨ ᠵᠠᠭᠤᠨ ᠡᠳᠦᠷ ᠢᠳᠡᠪᠡᠰᠦ ᠪᠡᠶ᠎ᠡ ᠬᠥᠩᠭᠡᠷᠡᠵᠦ᠂ ᠭᠤᠷᠪᠠᠨ ᠵᠢᠯ ᠢᠳᠡᠪᠡᠰᠦ ᠠᠯᠬᠤᠵᠤ ᠭᠢᠰᠬᠢᠬᠦ ᠢᠨᠦ ᠨᠢᠰᠬᠦ ᠮᠡᠲᠦ ᠪᠣᠯᠤᠮᠤᠢ ᠬᠡᠮᠡᠪᠡ᠃
ᠪᠤᠤ ᠫᠢᠶᠣᠣ ᠽᠢ ᠶ᠋ᠢᠨ ᠥᠭᠦᠯᠡᠭᠰᠡᠨ ᠢᠨᠤ
ᠴᠤ᠌ ᠸᠸᠨ ᠽᠢ ᠬᠡᠮᠡᠭᠴᠢ ᠬᠥᠮᠦᠨ ᠰᠠᠨᠰᠸᠷ ᠢ᠋ ᠨᠠᠢ᠍ᠮᠠᠨ ᠵᠢᠯ ᠢᠳᠡᠭᠡᠳ ᠰᠥᠨᠢ ᠬᠠᠷᠠᠪᠠᠰᠤ ᠪᠡᠶ᠎ᠡ ᠡᠴᠡ ᠭᠡᠷᠡᠯ ᠰᠠᠴᠤᠷᠠᠵᠤ᠂ ᠭᠠᠷ ᠠᠨᠤ ᠬᠥᠪᠴᠢᠯᠡᠨ ᠬᠦᠴᠦᠲᠡᠢ ᠪᠣᠯᠪᠠ ᠬᠡᠮᠡᠪᠡ᠃
ᠪᠤᠤ ᠫᠢᠶᠣᠣ ᠽᠢ ᠶ᠋ᠢᠨ ᠥᠭᠦᠯᠡᠭᠰᠡᠨ ᠢᠨᠤ
ᠨᠠᠨ ᠶᠠᠩ ᠭᠠᠵᠠᠷ ᠤ᠋ᠨ ᠸᠧᠨ ᠣᠪᠣᠭᠲᠠᠨ ᠠᠨᠤ ᠭᠠᠢ ᠰᠠᠮᠠᠭᠤᠷᠠᠯ ᠤ᠋ᠨ ᠳᠤᠮᠳᠠ ᠬᠣ ᠱᠠᠨ ᠠᠭᠤᠯᠠᠨ ᠳ᠋ᠤᠷ ᠵᠠᠢᠯᠠᠵᠤ ᠳᠤᠲᠠᠭᠠᠳ ᠥᠯᠥᠰᠴᠦ ᠥᠯᠪᠡᠷᠡᠵᠦ ᠠᠬᠤᠢ ᠳ᠋ᠤᠷ ᠵᠠᠷᠢᠮ ᠬᠥᠮᠦᠨ ᠲᠡᠭᠦᠨ ᠳ᠋ᠦ᠍ᠷ ᠣᠨᠪᠣᠢ (ᠬᠥᠬᠡ ᠬᠦᠵᠢ) ᠶ᠋ᠢ ᠢᠳᠡᠲᠦᠭᠡᠢ ᠭᠡᠮᠡᠨ ᠰᠠᠨᠠᠭᠤᠯᠤᠭᠰᠠᠨ ᠳ᠋ᠤ᠌᠂ ᠲᠡᠭᠦᠨ ᠢ᠋ ᠢᠳᠡᠭᠰᠡᠨ ᠴᠢᠨᠢ ᠨᠡᠭᠡᠷᠡᠨ ᠥᠯᠥᠰᠬᠦ ᠦᠭᠡᠢ ᠪᠣᠯᠪᠠ᠃ ᠬᠡᠴᠢᠨᠡᠨ ᠵᠢᠯ ᠥᠩᠭᠡᠷᠡᠭᠡᠳ ᠬᠠᠭᠤᠴᠢᠨ ᠨᠤᠲᠤᠭ ᠲᠠᠭᠠᠨ ᠪᠤᠴᠠᠵᠤ ᠢᠷᠡᠬᠦ ᠳ᠋ᠡᠭᠡᠨ ᠥᠩᠭᠡ ᠵᠢᠪᠬᠤᠭ᠎ᠠ ᠠᠨᠤ ᠨᠡᠩ ᠵᠠᠯᠠᠭᠤᠰᠢᠷᠠᠭᠰᠠᠨ ᠪᠥᠭᠡᠳ ᠬᠦᠴᠦᠨ ᠲᠠᠮᠢᠷ ᠨᠢ ᠴᠦ᠍ ᠨᠡᠩ ᠰᠠᠢᠵᠢᠷᠠᠭᠰᠠᠨ ᠪᠥᠯᠥᠭᠡ ᠬᠡᠮᠡᠪᠡ᠃
ᠡᠮ ᠦ᠋ᠨ ᠨᠣᠮ ᠳ᠋ᠤᠷ ᠲᠡᠮᠳᠡᠭᠯᠡᠭᠰᠡᠨ ᠢᠨᠤ
ᠤᠷᠲᠤ ᠨᠠᠰᠤᠯᠠᠬᠤ ᠶ᠋ᠢ ᠬᠦᠰᠡᠪᠡᠰᠦ ᠣᠨᠪᠣᠢ ᠶ᠋ᠢ ᠢᠳᠡᠪᠡᠰᠦ ᠵᠣᠬᠢᠮᠤᠢ ᠬᠡᠮᠡᠪᠡ᠃
ᠪᠤᠤ ᠫᠢᠶᠣᠣ ᠽᠢ ᠶ᠋ᠢᠨ ᠥᠭᠦᠯᠡᠭᠰᠡᠨ ᠢᠨᠤ
ᠷᠧᠨ ᠵᠢᠢ ᠬᠡᠮᠡᠭᠴᠢ ᠬᠥᠮᠦᠨ ᠠᠷᠪᠠᠨ ᠨᠠᠢ᠍ᠮᠠᠨ ᠵᠢᠯ ᠮᠠᠭ ᠢ᠋ ᠢᠳᠡᠭᠡᠳ ᠲᠠᠪᠤᠨ ᠲᠠᠷᠢᠶ᠎ᠠ ᠢᠳᠡᠬᠦ ᠦᠭᠡᠢ ᠪᠣᠯᠪᠠᠴᠤ ᠥᠩᠭᠡ ᠵᠢᠰᠦ ᠢᠨᠦ ᠭᠡᠷᠡᠯᠲᠡᠢ ᠬᠡᠮᠡᠪᠡ᠃
ᠰᠦᠨ ᠵᠧᠨ ᠷᠧᠨ ᠪᠠᠭᠰᠢ ᠶ᠋ᠢᠨ ᠵᠧᠨ ᠵᠦᠩ ᠵᠢᠢ ᠬᠡᠮᠡᠬᠦ ᠨᠣᠮ ᠳ᠋ᠠᠭᠠᠨ ᠲᠡᠮᠳᠡᠭᠯᠡᠭᠰᠡᠨ ᠢᠨᠤ
ᠮᠠᠭ ᠢ᠋ ᠤᠳᠠᠭᠠᠨ ᠡᠳᠦᠷ ᠤᠤᠭᠤᠪᠠᠰᠤ ᠵᠠᠭᠤᠨ ᠬᠣᠨᠣᠭ ᠪᠣᠯᠬᠤ ᠳ᠋ᠤ᠌ ᠡᠪᠡᠳᠴᠢᠨ ᠪᠦᠬᠦᠨ ᠠᠷᠢᠯᠵᠤ᠂ ᠬᠣᠶᠠᠷ ᠵᠠᠭᠤᠨ ᠬᠣᠨᠣᠭ ᠲᠤ᠌ ᠡᠳᠦᠷ ᠰᠥᠨᠢ ᠬᠣᠶᠠᠷ ᠤᠳᠠᠭ᠎ᠠ ᠤᠤᠭᠤᠪᠠᠰᠤ ᠴᠢᠳᠬᠥᠷ ᠰᠠᠬᠢᠭᠤᠯᠰᠤᠨ ᠢ᠋ ᠵᠠᠷᠤᠮᠤᠢ ᠬᠡᠮᠡᠪᠡ᠃
ᠪᠦᠦ ᠫᠢᠶᠣᠣ ᠽᠢ ᠶ᠋ᠢᠨ ᠥᠭᠦᠯᠡᠭᠰᠡᠨ ᠢᠨᠦ
ᠯᠢᠩ ᠶᠠᠩ ᠭᠠᠵᠠᠷ ᠤ᠋ᠨ ᠵᠦᠩ ᠽᠢ ᠬᠡᠮᠡᠭᠴᠢ ᠬᠥᠮᠦᠨ ᠢᠨᠤ ᠪᠠᠶᠠᠭᠽᠠᠸᠠ ᠶ᠋ᠢ ᠬᠣᠷᠢᠨ ᠵᠢᠯ ᠤᠤᠭᠤᠭᠰᠠᠨᠠ ᠭᠤᠴᠢᠨ ᠬᠡᠦᠬᠡᠳ ᠲᠡᠢ ᠪᠣᠯᠤᠭᠰᠠᠨ ᠪᠥᠭᠡᠳ ᠨᠣᠮ ᠪᠢᠴᠢᠭ ᠢ᠋ ᠳᠡᠯᠭᠡᠵᠦ ᠬᠠᠷᠠᠮᠠᠭᠴᠠ ᠮᠠᠷᠲᠠᠰᠢ ᠦᠭᠡᠢ ᠴᠡᠭᠡᠵᠢᠯᠡᠮᠦᠢ ᠬᠡᠮᠡᠪᠡ᠃
ᠳ᠋ᠦᠩ ᠬᠤᠸᠠ ᠵᠧᠨ ᠷᠧᠨ ᠪᠠᠭᠰᠢ ᠶ᠋ᠢᠨ ᠵᠣ᠌ ᠱᠢ ᠵᠢᠩ ᠬᠡᠮᠡᠬᠦ ᠨᠣᠮ ᠳ᠋ᠤᠷ ᠲᠡᠮᠳᠡᠭᠯᠡᠭᠰᠡᠨ ᠢᠨᠤ
ᠡᠷᠲᠡᠨ ᠦ᠌ ᠰᠦᠨ ᠬᠠᠭᠠᠨ ᠠᠨᠤ ᠦᠷᠭᠦᠯᠵᠢ ᠽᠠᠩ ᠡᠦ ᠱᠠᠨ ᠠᠭᠤᠯᠠᠨ ᠳ᠋ᠤᠷ ᠭᠠᠷᠬᠤ ᠳ᠋ᠠᠭᠠᠨ ᠥᠭᠦᠯᠡᠭᠰᠡᠨ ᠢᠨᠤ
ᠲᠡᠷᠡᠬᠦ ᠠᠯᠲᠠᠨ ᠬᠠᠰ ᠤ᠋ᠨ ᠠᠩᠬᠢᠯᠤᠮᠠᠯ ᠡᠪᠡᠰᠦ ᠪᠣᠯᠪᠠᠰᠤ ᠳᠠᠷᠤᠢ ᠳᠣᠪᠣᠯᠭᠠᠨ᠎ᠠ ᠪᠣᠯᠠᠢ ᠬᠡᠮᠡᠵᠦᠬᠦᠢ᠃ ᠡᠭᠦᠨ ᠢ᠋ ᠤᠤᠭᠤᠪᠠᠰᠤ ᠠᠮᠢ ᠨᠠᠰᠤ ᠶ᠋ᠢ ᠤᠷᠲᠤᠳᠬᠠᠬᠤ ᠤᠴᠢᠷ ᠠ᠋ᠴᠠ ᠶᠡᠷᠦ ᠶ᠋ᠢᠨ ᠦᠭᠡᠨ ᠲᠦᠷ 《ᠨᠢᠭᠡᠨ ᠠᠳᠬᠤ ᠳᠣᠪᠣᠯᠭᠠᠨ᠎ᠠ ᠶ᠋ᠢ ᠣᠯᠬᠤ ᠳᠤᠷᠠᠲᠠᠢ ᠠ᠋ᠴᠠ ᠪᠢᠰᠢ᠂ ᠲᠡᠷᠭᠡ ᠳᠦᠭᠦᠷᠡᠩ ᠠᠯᠲᠠᠨ ᠬᠠᠰ ᠢ᠋ᠶ᠋ᠠᠷ ᠶᠠᠭᠤᠬᠢᠮᠤᠢ᠂ ᠨᠢᠭᠡᠨ ᠵᠢᠩ ᠴᠦᠴᠦ᠋ᠩᠪᠠ ᠶ᠋ᠢ ᠣᠯᠬᠤ ᠳᠤᠷᠠᠲᠠᠢ ᠠ᠋ᠴᠠ ᠪᠢᠰᠢ᠂ ᠬᠡᠷᠡᠯᠳᠦᠵᠦ ᠭᠢᠯᠲᠠᠭᠠᠨᠠᠭᠰᠠᠨ ᠰᠤᠪᠤᠳ ᠲᠠᠨ᠎ᠠ ᠪᠠᠷ ᠶᠠᠭᠤᠬᠢᠮᠤᠢ》 ᠬᠡᠮᠡᠵᠦᠬᠦᠢ᠃ ᠡᠷᠲᠡᠨ ᠦ᠌ ᠯᠦ᠍ ᠤᠯᠤᠰ ᠤ᠋ᠨ ᠳ᠋ᠢᠩ ᠬᠦᠩ ᠡᠵᠡᠨ ᠦ᠌ ᠡᠬᠡ ᠢᠨᠤ ᠭᠠᠭᠴᠠᠬᠦ ᠮᠥᠨ ᠡᠦ ᠵᠢᠶᠠ ᠫᠢ (ᠳᠣᠪᠣᠯᠭᠠᠨ᠎ᠠ) ᠠᠷᠢᠬᠢ ᠶ᠋ᠢ ᠤᠤᠭᠤᠭᠰᠠᠭᠠᠷ ᠤᠷᠲᠤ ᠨᠠᠰᠤᠯᠠᠭᠰᠠᠨ ᠶᠤᠮ᠃ ᠲᠡᠭᠦᠨᠴᠢᠯᠡᠨ ᠵᠠᠩ ᠽᠢ ᠱᠧᠩ᠂ ᠶᠠᠩ ᠱᠢ ᠵᠢᠶᠠ᠂ ᠸᠠᠩ ᠱᠤ᠌ ᠵᠣ᠌ ᠼᠠᠢ ᠂ ᠢᠦᠢ ᠱᠢ ᠶᠠᠨ ᠮᠡᠲᠦ ᠶ᠋ᠢᠨ ᠬᠥᠮᠦᠰ ᠢᠨᠤ ᠴᠥᠮ ᠡᠷᠲᠡᠨ ᠦ᠌ ᠬᠥᠮᠦᠰ ᠪᠥᠯᠥᠭᠡ᠃ ᠲᠡᠳᠡᠨᠡᠷ ᠡᠦ ᠵᠢᠶᠠ ᠫᠢ ᠬᠡᠮᠡᠬᠦ ᠠᠷᠢᠬᠢ ᠶ᠋ᠢ ᠤᠤᠭᠤᠭᠰᠠᠨ ᠢ᠋ᠶ᠋ᠠᠷ ᠭᠡᠷᠭᠡᠢ ᠬᠠᠲᠤᠨ ᠦᠯᠦ ᠲᠠᠰᠤᠷᠠᠨ᠂ ᠴᠥᠮ ᠭᠤᠷᠪᠠᠨ ᠵᠠᠭᠤ ᠨᠠᠰᠤᠯᠠᠭᠰᠠᠨ ᠪᠥᠭᠡᠳ ᠬᠣᠷᠢ ᠭᠤᠴᠢᠨ ᠬᠡᠦᠬᠡᠳ ᠲᠡᠢ ᠪᠣᠯᠤᠭᠰᠠᠨ ᠤᠤᠭᠤ᠃ ᠵᠢᠴᠢ ᠦᠶ᠎ᠡ ᠤᠯᠠᠷᠢᠨ ᠡᠦ ᠵᠢᠶᠠ ᠫᠢ ᠠᠷᠢᠬᠢ ᠶ᠋ᠢ ᠤᠤᠭᠤᠭᠠᠳ ᠤᠷᠲᠤ ᠨᠠᠰᠤᠯᠠᠭᠰᠠᠳ ᠠᠯᠢ ᠣᠯᠠᠨ ᠪᠠᠢᠭᠰᠠᠨ ᠠᠵᠢ ᠬᠡᠮᠡᠪᠡ᠃
ᠪᠦᠦ ᠫᠢᠶᠣᠣ ᠽᠢ ᠶ᠋ᠢᠨ ᠥᠭᠦᠯᠡᠭᠰᠡᠨ ᠢᠨᠤ
ᠵᠣᠣ ᠲᠠ ᠽᠢ ᠬᠡᠮᠡᠭᠴᠢ ᠬᠥᠮᠦᠨ ᠢᠨᠦ ᠳ᠋ᠣᠸᠠᠼᠠ (ᠭᠠᠪᠢᠷ᠎ᠠ) ᠶ᠋ᠢ ᠬᠣᠷᠢᠨ ᠵᠢᠯ ᠤᠤᠭᠤᠭᠰᠠᠭᠠᠷ ᠬᠥᠯ ᠳ᠋ᠦ᠍ᠷ ᠦᠰᠦ ᠤᠷᠭᠤᠵᠤ᠂ ᠡᠳᠦᠷ ᠲᠦ᠍ ᠲᠠᠪᠤᠨ ᠵᠠᠭᠤᠨ ᠭᠠᠵᠠᠷ ᠶᠠᠪᠤᠬᠤ ᠪᠥᠭᠡᠳ ᠮᠢᠩᠭᠠᠨ ᠵᠢᠩ ᠦ᠋ᠨ ᠬᠦᠨᠳᠦ ᠶ᠋ᠢ ᠡᠷᠭᠦᠬᠦ ᠬᠦᠴᠦ ᠲᠡᠢ ᠪᠣᠯᠪᠠ ᠬᠡᠮᠡᠪᠡ᠃
ᠣᠯᠠᠨ ᠠᠷᠰᠢ ᠶ᠋ᠢᠨ ᠨᠠᠮᠲᠠᠷ ᠯᠢᠶᠧ ᠰᠢᠶᠠᠨ ᠵᠤᠸᠠᠨ ᠬᠡᠮᠡᠬᠦ ᠪᠢᠴᠢᠭ ᠲᠣᠷ ᠲᠡᠮᠳᠡᠭᠯᠡᠭᠰᠡᠨ ᠢᠨᠦ
ᠸᠧ ᠴᠢᠤᠸᠠᠨ ᠬᠡᠮᠡᠭᠴᠢ ᠰᠠᠮᠤᠷ ᠢ᠋ ᠢᠳᠡᠭᠰᠡᠨ ᠡᠴᠡ ᠪᠣᠯᠵᠤ᠂ ᠨᠢᠰᠦᠯᠬᠢᠯᠡᠨ ᠶᠠᠪᠤᠬᠤ ᠠᠨᠤ ᠮᠣᠷᠢᠨ ᠳᠠᠪᠬᠢᠭ᠎ᠠ ᠮᠡᠲᠦ ᠬᠡᠮᠡᠪᠡ᠃
ᠠᠷᠰᠢ ᠰᠠᠬᠢᠭᠤᠯᠰᠤᠨ ᠤ᠋ ᠨᠠᠮᠲᠠᠷ ᠱᠧᠨ ᠰᠢᠶᠠᠨ ᠵᠤᠸᠠᠨ ᠬᠡᠮᠡᠬᠦ ᠪᠢᠴᠢᠭ ᠲᠣᠷ ᠲᠡᠮᠳᠡᠭᠯᠡᠭᠰᠡᠨ ᠢᠨᠦ
ᠨᠠᠷᠠᠰᠤᠨ ᠤ᠋ ᠰᠠᠮᠤᠷ ᠢ᠋ ᠬᠡᠴᠢᠨᠡᠨ ᠴᠦ᠍ ᠪᠣᠯᠲᠤᠭᠠᠢ᠂ ᠲᠡᠭᠦᠨ ᠢ᠋ ᠵᠢᠭᠤᠷᠠᠵᠤ ᠬᠡᠮᠬᠡᠴᠢᠨ ᠬᠠᠨᠳᠠ ᠪᠣᠯᠭᠠᠭᠠᠳ ᠡᠳᠦᠷ ᠪᠦᠷᠢ ᠭᠤᠷᠪᠠᠨ ᠤᠳᠠᠭ᠎ᠠ᠂ ᠤᠳᠠᠭ᠎ᠠ ᠪᠦᠷᠢ ᠨᠢᠭᠡᠨ ᠬᠠᠯᠪᠠᠭ᠎ᠠ ᠶ᠋ᠢ ᠪᠦᠯᠢᠶᠡᠨ ᠠᠷᠢᠬᠢ ᠪᠠᠷ ᠳᠠᠷᠤᠭᠤᠯᠵᠤ ᠤᠤᠭᠤᠪᠠᠰᠤ ᠥᠯᠥᠰᠴᠦ ᠤᠮᠳᠠᠭᠠᠰᠬᠤ ᠦᠭᠡᠢ ᠪᠣᠯᠵᠤ ᠂ ᠡᠳᠦᠷ ᠲᠦ᠍ ᠲᠠᠪᠤᠨ ᠵᠠᠭᠤᠨ ᠭᠠᠵᠠᠷ ᠶᠠᠪᠤᠬᠤ ᠪᠥᠭᠡᠳ ᠪᠡᠶ᠎ᠡ ᠮᠠᠬᠠᠪᠣᠳ ᠬᠥᠩᠭᠡᠨ ᠴᠢᠭᠢᠷᠠᠭ ᠪᠣᠯᠤᠮᠤᠢ ᠬᠡᠮᠵᠢᠬᠦᠢ᠃
(ᠲᠠᠢᠯᠪᠤᠷᠢ᠄ ᠪᠤᠤ ᠫᠢᠶᠣᠣ ᠽᠢ ᠬᠡᠮᠡᠭᠴᠢ ᠶ᠋ᠢᠨ ᠦᠨᠡᠨ ᠨᠡᠷ᠎ᠡ ᠨᠢ ᠭᠧ ᠾᠦᠩ ᠬᠡᠮᠡᠮᠦᠢ᠃ ᠵᠡᠭᠦᠨ ᠦ᠌ ᠤᠯᠤᠰ ᠤ᠋ᠨ ᠦᠶ᠎ᠡ ᠶ᠋ᠢᠨ ᠡᠮ ᠡᠮᠨᠡᠯᠭᠡ ᠶ᠋ᠢᠨ ᠠᠯᠳᠠᠷᠲᠤ ᠡᠷᠳᠡᠮᠲᠡᠨ ᠪᠥᠭᠡᠳ ᠪᠣᠮᠪᠣ ᠮᠥᠨ ᠂ ᠥᠪᠡᠰᠦᠪᠡᠨ ᠪᠦᠦ ᠫᠢᠶᠣᠣ ᠭᠡᠮᠡᠨ ᠴᠣᠯᠠᠳᠠᠪᠠ ᠃ ᠡᠳᠦᠭᠡ ᠶ᠋ᠢᠨ ᠵᠢᠶᠠᠩᠰᠦ ᠮᠣᠵᠢ ᠶ᠋ᠢᠨ ᠵᠢᠦᠢ ᠷᠦᠩ ᠭᠠᠵᠠᠷ ᠤ᠋ᠨ ᠬᠥᠮᠦᠨ ᠪᠣᠯᠠᠢ ᠃ ᠡᠮ ᠡᠮᠨᠡᠯᠭᠡ ᠶ᠋ᠢᠨ ᠲᠤᠬᠠᠢ ᠠᠷᠪᠠᠨ ᠵᠣᠬᠢᠶᠠᠯ ᠥᠭᠦᠯᠡᠯ ᠪᠢᠴᠢᠭᠰᠡᠨ ᠪᠣᠯᠪᠠᠴᠤ ᠣᠯᠠᠩᠬᠢ ᠨᠢ ᠨᠢᠭᠡᠨᠲᠡ ᠣᠷᠬᠢᠭᠳᠠᠵᠠᠢ᠂ ᠲᠡᠭᠦᠨ ᠦ᠌ ᠪᠢᠴᠢᠭᠰᠡᠨ ᠵᠧᠦ ᠾᠧᠦ ᠪᠧᠢ ᠵᠢᠢ ᠹᠠᠩ (ᠲᠦᠷᠭᠡᠨ ᠲᠤᠰᠠᠯᠠᠮᠵᠢ ᠶ᠋ᠢᠨ ᠵᠣᠷ ) ᠭᠡᠳᠡᠭ ᠵᠣᠬᠢᠶᠠᠯ ᠨᠢ ᠪᠣᠯᠪᠠᠯ ᠣᠯᠠᠩᠬᠢ ᠨᠢ ᠠᠷᠠᠳ ᠤ᠋ᠨ ᠳ᠋ᠠᠩ ᠵᠣᠷ᠂ ᠲᠤᠷᠰᠢᠯᠭᠠᠲᠤ ᠵᠣᠷ ᠤ᠋ᠳ ᠢ᠋ ᠴᠤᠭᠯᠠᠭᠤᠯᠤᠨ ᠡᠮᠬᠢᠳᠬᠡᠭᠰᠡᠨ ᠪᠥᠭᠡᠳ ᠡᠨᠡ ᠨᠢ ᠬᠡᠷᠡᠭᠯᠡᠬᠦ ᠳ᠋ᠦ᠍ ᠳᠥᠭᠥᠮ ᠦᠨ᠎ᠡ ᠪᠡᠷ ᠬᠢᠮᠳᠠ ᠂ ᠠᠴᠢ ᠲᠤᠰᠠ ᠪᠠᠷ ᠰᠠᠢᠨ ᠭᠡᠬᠦ ᠵᠡᠷᠭᠡ ᠣᠨᠴᠠᠯᠢᠭ ᠲᠠᠢ ᠭᠡᠵᠦ ᠮᠠᠲ᠋ᠧᠷᠢᠶᠠᠯ ᠳ᠋ᠤ᠌ ᠲᠠᠨᠢᠯᠴᠠᠭᠤᠯᠤᠭᠰᠠᠨ ᠪᠠᠢᠨ᠎ᠠ᠃
ᠿᠢ ᠬᠤᠸᠠ ᠽᠢ ᠬᠡᠮᠡᠭᠴᠢ ᠳᠠᠩ ᠤᠯᠤᠰ ᠤ᠋ᠨ ᠦᠶ᠎ᠡ ᠶ᠋ᠢᠨ ᠡᠮ ᠦ᠋ᠨ ᠰᠤᠳᠤᠯᠤᠯ ᠤ᠋ᠨ ᠠᠯᠳᠠᠷᠲᠤ ᠡᠷᠳᠡᠮᠲᠡᠨ᠂ ᠤᠭ ᠣᠪᠣᠭ ᠨᠢ ᠳᠡ᠂ ᠨᠡᠷ᠎ᠡ ᠨᠢ ᠮᠢᠩ᠃ ᠡᠳᠦᠭᠡ ᠶ᠋ᠢᠨ ᠵᠧᠵᠢᠶᠠᠩ ᠮᠣᠵᠢ ᠶ᠋ᠢᠨ ᠨᠢᠩ ᠪᠦᠸᠧ ᠭᠠᠵᠠᠷ ᠤ᠋ᠨ ᠬᠥᠮᠦᠨ ᠃ ᠳ᠋ᠠ ᠮᠢᠩ ᠦ᠋ᠨ ᠡᠪᠡᠰᠦᠨ ᠡᠮ ᠦ᠋ᠨ ᠪᠢᠴᠢᠭ ᠬᠡᠮᠡᠬᠦ ᠶ᠋ᠢ ᠨᠠᠢᠷᠠᠭᠤᠯᠤᠨ ᠪᠢᠴᠢᠭᠰᠡᠨ ᠪᠣᠯᠪᠠᠴᠤ ᠨᠢᠭᠡᠨᠲᠡ ᠣᠷᠬᠢᠭᠳᠠᠪᠠ᠃ ᠭᠡᠪᠡᠴᠦ ᠲᠡᠭᠦᠨ ᠦ᠌ ᠠᠯᠢ ᠣᠯᠠᠨ ᠬᠡᠰᠡᠭ ᠪᠣᠰᠤᠭ ᠵᠦᠢᠯ ᠢ᠋ ᠮᠥᠨ ᠯᠢ ᠱᠢ ᠵᠧᠨ ᠪᠠᠭᠰᠢ ᠶ᠋ᠢᠨ ᠡᠪᠡᠰᠦᠨ ᠡᠮ ᠦ᠋ᠨ ᠲᠣᠪᠴᠢ ᠬᠡᠮᠡᠬᠦ ᠪᠢᠴᠢᠭ ᠲᠣᠷ ᠲᠡᠮᠳᠡᠭᠯᠡᠭᠡᠰᠦᠲᠡᠢ ᠪᠠᠢᠳᠠᠭ ᠶᠤᠮ᠃)
ᠱᠧᠨ ᠰᠢᠶᠠᠨ ᠵᠤᠸᠠᠨ ᠬᠡᠮᠡᠬᠦ ᠪᠢᠴᠢᠭ ᠲᠣᠷ ᠲᠡᠮᠳᠡᠭᠯᠡᠭᠰᠡᠨ
ᠦᠶ᠎ᠡ ᠭᠡᠰᠢᠭᠦᠨ ᠪᠦᠬᠦᠨ ᠤᠳᠠᠭᠠᠨ ᠡᠳᠦᠷ᠎ᠡ ᠡᠪᠡᠷᠰᠢᠶᠡᠵᠦ᠂ ᠬᠡᠢ ᠶ᠋ᠢᠨ ᠭᠡᠮ ᠢ᠋ᠶ᠋ᠡᠷ ᠲᠠᠮᠢᠷ ᠳᠣᠷᠣᠢ ᠠᠷᠬᠠᠭ ᠪᠠ ᠬᠥᠯ ᠮᠢᠨᠴᠦᠭᠦᠷᠡᠨ ᠡᠪᠡᠳᠬᠦ ᠵᠡᠷᠭᠡ ᠶ᠋ᠢ ᠡᠮᠨᠡᠬᠦᠢ ᠲᠦᠷ᠂ ᠨᠠᠷᠠᠰᠤᠨ ᠤ᠋ ᠳᠠᠪᠠᠷᠬᠠᠢ ᠪᠠᠷ ᠠᠷᠢᠬᠢ ᠨᠡᠷᠡᠵᠦ ᠤᠤᠭᠤᠪᠠᠰᠤ ᠮᠠᠰᠢ ᠲᠤᠰᠠᠯᠠᠮᠤᠢ ᠬᠡᠮᠡᠪᠡ᠃
ᠱᠧᠨ ᠰᠢᠶᠠᠨ ᠵᠤᠸᠠᠨ ᠬᠡᠮᠡᠬᠦ ᠪᠢᠴᠢᠭ ᠲᠣᠷ ᠲᠡᠮᠳᠡᠭᠯᠡᠭᠰᠡᠨ
ᠬᠣᠩᠭᠣᠷᠴᠣᠭᠲᠤ ᠶ᠋ᠢᠨ ᠦᠷ᠎ᠡ ᠶ᠋ᠢ ᠦᠬᠡᠷ ᠦ᠋ᠨ ᠰᠥᠰᠥᠨ ᠳ᠋ᠦ᠍ᠷ ᠵᠠᠭᠤᠨ ᠬᠣᠨᠣᠭ ᠳᠡᠪᠲᠦᠭᠡᠭᠡᠳ᠂ ᠰᠡᠭᠦᠳᠡᠷ ᠭᠠᠵᠠᠷ᠎ᠠ ᠬᠠᠲᠠᠭᠠᠮᠤᠢ᠃ ᠡᠭᠦᠨ ᠢ᠋ ᠡᠳᠦᠷ ᠪᠦᠷᠢ ᠨᠢᠭᠡᠨ ᠮᠥᠬᠥᠯᠢᠭ ᠢ᠋ ᠢᠳᠡᠪᠡᠰᠦ᠂ ᠠᠷᠪᠠᠨ ᠬᠣᠨᠣᠭ ᠪᠣᠯᠬᠤ ᠳ᠋ᠤ᠌ ᠪᠡᠶ᠎ᠡ ᠬᠥᠩᠭᠡᠷᠡᠵᠦ ᠂ ᠬᠣᠷᠢᠨ ᠬᠣᠨᠣᠭ ᠳᠡᠭᠡᠷ᠎ᠡ ᠴᠠᠢᠭᠰᠠᠨ ᠦᠰᠦ ᠬᠠᠷᠠᠯᠠᠵᠤ᠂ ᠵᠠᠭᠤᠨ ᠬᠣᠨᠣᠭ ᠪᠤᠯᠬᠤᠢ ᠳ᠋ᠤᠷ ᠶᠠᠭᠤ ᠪᠦᠬᠦᠨ ᠢ᠋ ᠲᠥᠰᠦᠭᠯᠡᠬᠦ ᠪᠣᠯᠤᠮᠤᠢ ᠬᠡᠮᠡᠪᠡ᠃
ᠢᠳᠡᠭᠡᠨ ᠦ᠌ ᠵᠠᠰᠠᠯᠭ᠎ᠠ ᠬᠡᠮᠡᠬᠦ ᠨᠣᠮ ᠳ᠋ᠤᠷ ᠲᠡᠮᠳᠡᠭᠯᠡᠭᠰᠡᠨ
ᠫᠠᠩᠮᠠᠢ ᠶ᠋ᠢᠨ ᠨᠠᠪᠴᠢ ᠪᠣᠯᠪᠠᠰᠤ ᠶᠠᠰᠤ ᠰᠢᠷᠪᠥᠰᠥ ᠶ᠋ᠢ ᠴᠢᠭᠢᠷᠠᠭᠵᠢᠭᠤᠯᠤᠨ᠂ ᠰᠠᠯᠬᠢ ᠶ᠋ᠢᠨ ᠭᠡᠮ ᠢ᠋ ᠠᠷᠢᠯᠭᠠᠨ᠂ ᠲᠠᠮᠢᠷ ᠢ᠋ ᠰᠠᠢᠵᠢᠷᠠᠭᠤᠯᠤ᠂ ᠤᠵᠢᠭ ᠠᠷᠬᠠᠭ ᠢ᠋ ᠲᠡᠩᠬᠡᠷᠡᠭᠦᠯᠵᠦ᠂ ᠬᠤᠷᠢᠴᠠᠯᠳᠤᠬᠤ ᠴᠢᠳᠠᠯ ᠢ᠋ ᠨᠡᠮᠡᠭᠳᠡᠭᠦᠯᠦᠮᠦᠢ᠃ ᠡᠭᠦᠨ ᠢ᠋ ᠬᠠᠪᠤᠷ ᠵᠤᠨ ᠨᠠᠮᠤᠷ ᠲᠤ᠌ ᠨᠠᠪᠴᠢ ᠶ᠋ᠢ ᠲᠡᠭᠦᠵᠦ᠂ ᠡᠪᠦᠯ ᠳ᠋ᠦ᠍ ᠦᠷ᠎ᠡ ᠶ᠋ᠢ ᠠᠪᠤᠭᠠᠳ ᠤᠳᠠᠭᠠᠨ ᠬᠣᠨᠣᠭ ᠢ᠋ᠶ᠋ᠠᠷ ᠢᠳᠡᠵᠦ ᠪᠣᠯᠤᠮᠤᠢ ᠬᠡᠮᠡᠪᠡ᠃
ᠲᠠᠢ ᠴᠢᠩ ᠦ᠋ᠨ ᠡᠪᠡᠰᠦᠨ ᠡᠮ ᠦ᠋ᠨ ᠪᠢᠴᠢᠭ ᠦ᠋ᠳ ᠲᠣᠷ ᠲᠡᠮᠳᠡᠭᠯᠡᠭᠰᠡᠨ ᠢᠨᠤ
ᠳᠣᠯᠣᠭᠠᠨ ᠰᠠᠷ᠎ᠠ ᠶ᠋ᠢᠨ ᠳᠣᠯᠣᠭᠠᠨ ᠤ᠋ ᠡᠳᠦᠷ᠎ᠡ ᠯᠢᠩᠬᠤ᠎ᠠ ᠴᠡᠴᠡᠭ ᠢ᠋ ᠳᠣᠯᠣᠭᠠᠨ ᠬᠤᠪᠢ ᠲᠡᠭᠦᠵᠦ᠂ ᠨᠠᠢ᠍ᠮᠠᠨ ᠰᠠᠷ᠎ᠠ ᠶ᠋ᠢᠨ ᠨᠠᠢ᠍ᠮᠠᠨᠠ ᠯᠢᠩᠬᠤ᠎ᠠ ᠶ᠋ᠢᠨ ᠦᠨᠳᠦᠰᠦ ᠶ᠋ᠢ ᠨᠠᠢ᠍ᠮᠠᠨ ᠬᠤᠪᠢ ᠲᠡᠭᠦᠵᠦ᠂ ᠶᠢᠰᠦᠨ ᠰᠠᠷ᠎ᠠ ᠶ᠋ᠢᠨ ᠶᠢᠰᠦᠨ᠎ᠡ ᠯᠢᠩᠬᠤ᠎ᠠ ᠶ᠋ᠢᠨ ᠦᠷ᠎ᠡ ᠶ᠋ᠢ ᠶᠢᠰᠦᠨ ᠬᠤᠪᠢ ᠲᠡᠭᠦᠭᠡᠳ ᠴᠥᠮ ᠰᠡᠭᠦᠳᠡᠷ ᠭᠠᠵᠠᠷ᠎ᠠ ᠬᠠᠲᠠᠭᠠᠭᠠᠳ ᠢᠳᠡᠪᠡᠰᠦ ᠬᠥᠮᠦᠨ ᠢ᠋ ᠥᠲᠡᠯᠥᠭᠦᠯᠬᠦ ᠦᠭᠡᠢ ᠪᠣᠯᠭᠠᠮᠤᠢ ᠬᠡᠮᠡᠪᠡ᠃
ᠢᠳᠡᠭᠡᠨ ᠦ᠌ ᠵᠠᠰᠠᠯᠭ᠎ᠠ ᠶ᠋ᠢᠨ ᠨᠣᠮ ᠳ᠋ᠤᠷ ᠲᠡᠮᠳᠡᠭᠯᠡᠭᠰᠡᠨ
ᠪᠥᠭᠡᠷ᠎ᠡ ᠶ᠋ᠢᠨ ᠲᠠᠮᠢᠷ ᠳᠣᠷᠣᠢᠲᠠᠭᠰᠠᠨ ᠳ᠋ᠤ᠌ ᠲᠦᠭᠦᠬᠡᠢ ᠲᠠᠤᠯᠠᠢ ᠶ᠋ᠢᠨ ᠪᠥᠭᠡᠷ᠎ᠡ ᠶ᠋ᠢ ᠬᠡᠴᠢᠨᠡᠨ ᠴᠦ᠍ ᠬᠠᠮᠢᠶ᠎ᠠ ᠦᠭᠡᠢ᠂ ᠡᠭᠦᠨ ᠢ᠋ ᠰᠠᠯᠬᠢᠨ ᠳᠡᠭᠡᠷ᠎ᠡ ᠬᠠᠲᠠᠭᠠᠭᠠᠳ᠂ ᠡᠳᠦᠷ ᠪᠦᠷᠢ ᠥᠯᠥᠨ ᠢ᠋ᠶ᠋ᠡᠷ ᠭᠤᠷᠪᠠ ᠪᠤᠶᠤ ᠲᠠᠪᠤ ᠶ᠋ᠢ ᠨᠠᠷᠢᠨ ᠵᠠᠵᠢᠯᠵᠤ ᠠᠭᠠᠵᠢᠮ ᠢ᠋ᠶ᠋ᠠᠷ ᠢᠳᠡᠪᠡᠰᠦ ᠲᠤᠰᠠᠯᠠᠮᠤᠢ ᠬᠡᠮᠡᠪᠡ᠃
ᠦᠰᠦᠭ ᠠᠮᠢᠯᠠᠭᠤᠯᠤᠭᠰᠠᠨ ᠨᠢ ᠄ ᠭᠠᠸᠠ
