ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -1>᠂ ᠬᠠᠷᠠᠬᠤᠷᠤᠮ ᠳᠤ ᠨᠠᠷᠠ ᠭᠬᠢᠷᠲᠦᠪᠡ Бүргэд харьд үүрэлдэггүй – Ж᠂ Пүрэв <6-р бүлэг ~1>. хархоромд нар хиртэв ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -1>᠂ ᠬᠠᠷᠠᠬᠤᠷᠤᠮ ᠳᠤ ᠨᠠᠷᠠ ᠭᠬᠢᠷᠲᠦᠪᠡ Бүргэд харьд үүрэлдэггүй – Ж᠂ Пүрэв <6-р бүлэг ~1>. хархоромд нар хиртэв

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -1>᠂ ᠬᠠᠷᠠᠬᠤᠷᠤᠮ ᠳᠤ ᠨᠠᠷᠠ ᠭᠬᠢᠷᠲᠦᠪᠡ Бүргэд харьд үүрэлдэггүй – Ж᠂ Пүрэв <6-р бүлэг ~1>. хархоромд нар хиртэв

ᠠᠩᠭᠢᠯᠠᠯ:ᠲᠤᠭᠤᠵᠢ ᠷᠣᠮᠠᠨ
2026-09-01

65

ᠵᠢᠷᠭᠤᠳᠤᠭᠠᠷ ᠪᠦᠯᠦᠭ᠂ ᠡᠭᠦᠷ ᠡᠴᠡ ᠪᠡᠨ ᠬᠠᠭᠠᠴᠠᠭᠰᠠᠨ ᠪᠦᠷᠭᠦᠳ ᠦᠨ ᠵᠤᠯᠵᠠᠭ᠎ᠠ

ᠨᠢᠭᠡ᠂ ᠬᠠᠷᠠᠬᠤᠷᠤᠮ ᠳᠤ ᠨᠠᠷᠠ ᠭᠬᠢᠷᠲᠦᠪᠡ


       ᠪᠤᠲᠠᠯᠢᠭ ᠤᠷᠭᠤᠮᠠᠯ ᠪᠦᠷᠬᠦᠭᠰᠡᠨ ᠭᠣᠪᠢ ᠶ᠋ᠢᠨ ᠬᠥᠷᠥᠰᠥᠨ ᠳᠡᠭᠡᠷ᠎ᠡ ᠪᠣᠯᠤᠭᠰᠠᠨ ᠲᠤᠯᠤᠯᠳᠤᠭᠠᠨ ᠢ᠋ ᠥᠪᠡᠷ ᠦ᠋ᠨ ᠢ᠋ᠶ᠋ᠡᠨ ᠢᠯᠠᠯᠲᠠ ᠪᠠᠷ ᠲᠡᠭᠦᠰᠦᠯ᠎ᠡ ᠭᠡᠵᠦ ᠬᠤᠪᠢᠯᠠᠢ ᠪᠣᠳᠣᠨ᠂ ᠶᠡᠬᠡ ᠴᠡᠷᠢᠭ ᠢ᠋ᠶ᠋ᠡᠨ ᠤᠮᠠᠷ᠎ᠠ ᠶ᠋ᠢ ᠵᠣᠷᠢᠭᠤᠯᠤᠨ ᠠᠶᠠᠯᠠᠭᠤᠯᠵᠤ᠂ ᠨᠢᠭᠡᠨ ᠲᠦᠮᠡᠲᠦ ᠪᠡᠷ ᠪᠡᠶ᠎ᠡ ᠪᠡᠨ ᠬᠠᠮᠠᠭᠠᠯᠠᠭᠤᠯᠤᠨ᠂ ᠰᠡᠦᠬᠡ ᠲᠡᠷᠭᠡᠨ ᠳ᠋ᠦ᠍ ᠪᠡᠨ ᠭᠡᠳᠡᠢᠵᠦ ᠰᠠᠭᠤᠭᠠᠳ ᠬᠠᠷᠠᠬᠣᠷᠣᠮ ᠢ᠋ ᠵᠣᠷᠢᠯ᠎ᠠ᠃ ᠲᠡᠭᠦᠨ ᠦ᠌ ᠵᠠᠩᠵᠤᠨ ᠨᠤᠭᠤᠳ ᠪᠠᠰᠠ ᠯᠠ ᠪᠠᠷᠳᠠᠮ ᠪᠠᠢᠳᠠᠯᠲᠠᠢ ᠪᠠᠷ ᠬᠦᠯᠦᠭ ᠦ᠋ᠨ ᠰᠠᠢᠨ ᠢ᠋ ᠬᠥᠯᠯᠡᠭᠰᠡᠨ ᠪᠥᠬᠡᠭᠡᠭᠲᠦ ᠲᠡᠷᠭᠡᠨ ᠳ᠋ᠦ᠍ ᠰᠠᠭᠤᠵᠤ᠂ ᠮᠢᠩᠭᠠᠲᠤ ᠵᠠᠭᠤᠲᠤ ᠪᠠᠷ ᠪᠡᠶ᠎ᠡ ᠪᠡᠨ ᠬᠠᠮᠠᠭᠠᠯᠠᠭᠤᠯᠤᠭᠰᠠᠨ ᠪᠠᠢᠪᠠ᠃  
       ᠠᠷᠢᠬᠪᠦᠢ᠍ᠬᠡ ᠬᠠᠭᠠᠨ ᠤ᠋ ᠴᠡᠷᠢᠭ ᠲᠡᠭᠦᠨ ᠡᠴᠡ ᠥᠭᠡᠷ᠎ᠡ ᠪᠠᠢᠳᠠᠯᠲᠠᠢ ᠪᠠᠷ ᠪᠠᠷᠠᠭᠤᠨ ᠬᠣᠢᠲᠤ ᠵᠦᠭ ᠢ᠋ ᠪᠠᠷᠢᠨ᠂ ᠡᠮᠬᠢ ᠵᠠᠮᠪᠠᠷᠠᠭ᠎ᠠ ᠦᠭᠡᠢ ᠵᠠᠢᠯᠠᠨ ᠶᠠᠪᠤᠵᠤ ᠪᠠᠢᠯ᠎ᠠ᠃ ᠡᠨᠡ ᠴᠡᠷᠢᠭ ᠦ᠋ᠨ ᠨᠡᠯᠢᠶᠡᠳ ᠬᠡᠰᠡᠭ ᠨᠢ ᠲᠣᠢᠨ ᠭᠣᠣᠯ ᠢ᠋ ᠥᠭᠰᠥᠵᠡᠢ᠃ ᠪᠦᠷ ᠤᠳᠬᠤᠨ ᠲᠩᠷᠢ ᠠᠭᠤᠯᠠᠰ᠂ ᠶᠠᠪᠠᠬᠠᠨ ᠭᠣᠣᠯ ᠢ᠋ ᠵᠣᠷᠢᠨ ᠶᠠᠪᠤᠭ᠎ᠠ ᠴᠤ᠌ ᠪᠣᠢ᠃ ᠢᠩᠭᠢᠵᠦ ᠪᠤᠲᠠᠷᠠᠭᠰᠠᠨ ᠴᠡᠷᠢᠭ ᠢᠶᠡᠨ ᠲᠦᠷᠭᠡᠨ ᠵᠠᠭᠤᠷ᠎ᠠ ᠡᠮᠬᠢᠯᠡᠨ ᠠᠪᠬᠤ ᠪᠣᠯᠤᠮᠵᠢ ᠠᠷᠢᠬᠪᠦᠢ᠍ᠬᠡ ᠪᠣᠯᠤᠨ ᠲᠡᠭᠦᠨ ᠦ᠌ ᠰᠢᠳᠠᠷ ᠵᠠᠩᠵᠤᠨ ᠨᠤᠭᠤᠳ ᠲᠤ ᠠᠯᠠᠭ᠎ᠠ ᠪᠠᠢᠪᠠ᠃ ᠡᠨᠡ ᠤᠳᠠᠭ᠎ᠠ ᠳ᠋ᠤ᠌ ᠬᠠᠭᠠᠨ ᠴᠣᠬᠣᠮ ᠢᠩᠭᠢᠶ᠎ᠡ᠂ ᠲᠡᠭᠡᠶ᠎ᠡ ᠭᠡᠰᠡᠨ ᠨᠠᠷᠢᠨ ᠪᠣᠳᠣᠯᠭ᠎ᠠ ᠪᠣᠯᠪᠠᠰᠤᠷᠠᠭᠤᠯᠬᠤ ᠪᠣᠯᠤᠮᠵᠢ ᠶ᠋ᠢ ᠠᠯᠳᠠᠭᠰᠠᠨ ᠠᠵᠢ᠃ ᠡᠢᠨ ᠬᠦ᠌ ᠶᠡᠬᠡ ᠬᠠᠭᠠᠨ ᠤ᠋ ᠴᠡᠷᠢᠭ ᠦ᠋ᠨ ᠭᠣᠣᠯ ᠬᠦᠴᠦᠨ ᠨᠢᠭᠡᠨᠲᠡ ᠡᠪᠳᠡᠷᠡᠭᠰᠡᠨ ᠪᠣᠯᠪᠠᠴᠤ ᠣᠯᠠᠩᠬᠢ ᠨᠢ ᠪᠡᠶ᠎ᠡ ᠪᠡᠶ᠎ᠡ ᠪᠡᠨ ᠡᠷᠢᠵᠦ᠂ ᠨᠤᠲᠤᠭ ᠤ᠋ᠨ ᠣᠯᠠᠨ ᠤ᠋ ᠳᠡᠮᠵᠢᠯᠭᠡ ᠪᠡᠷ ᠠᠮᠢ ᠬᠣᠷᠭᠣᠲᠠᠯ᠎ᠠ᠃ 
       ᠠᠷᠢᠬᠪᠦᠢ᠍ᠬᠡ ᠬᠠᠭᠠᠨ ᠪᠠᠢᠳᠠᠷᠠᠭ ᠤ᠋ᠨ ᠭᠣᠣᠯ ᠤ᠋ᠨ ᠡᠬᠢ ᠥᠪᠥᠷ ᠰᠢᠪᠠᠷᠲᠠᠢ ᠶ᠋ᠢᠨ ᠦᠵᠡᠰᠬᠦᠯᠡᠩᠲᠦ ᠰᠠᠢᠬᠠᠨ ᠬᠥᠨᠳᠡᠢ ᠳ᠋ᠦ᠍ ᠢᠷᠡᠵᠦ ᠪᠠᠭᠤᠳᠠᠯᠯᠠᠨ ᠠᠰᠠᠷ ᠢ᠋ᠶ᠋ᠠᠨ ᠪᠣᠰᠬᠠᠭᠤᠯᠵᠠᠢ᠃ ᠬᠠᠭᠠᠨ ᠤ᠋ ᠰᠢᠭᠦᠰᠦᠨ ᠳ᠋ᠦ᠍ ᠬᠡᠷᠡᠭᠯᠡᠳᠡᠭ ᠮᠠᠯ᠂ ᠠᠢᠷᠠᠭ ᠢᠰᠬᠡᠳᠡᠭ ᠭᠡᠭᠦᠦ ᠶ᠋ᠢᠨ ᠨᠡᠯᠢᠶᠡᠳ ᠬᠡᠰᠡᠭ ᠨᠢ ᠬᠤᠪᠢᠯᠠᠢ ᠶ᠋ᠢᠨ ᠴᠡᠷᠢᠭ ᠲᠦ᠍ ᠪᠤᠯᠢᠶᠠᠭᠳᠠᠭᠰᠠᠨ ᠪᠣᠯᠪᠠᠴᠤ ᠵᠣᠭᠣᠭ ᠳᠤ ᠬᠦᠷᠦᠯᠴᠡᠭᠡᠲᠡᠢ ᠬᠡᠰᠡᠭ ᠢ᠋ ᠶᠡᠬᠡ ᠭᠣᠣᠯ ᠤ᠋ᠨ ᠰᠠᠪᠠ ᠳ᠋ᠤ᠌ ᠠᠪᠠᠴᠢᠵᠠᠢ᠃ ᠲᠡᠭᠦᠨ ᠦ᠌ ᠴᠡᠷᠢᠭ ᠦ᠋ᠨ ᠬᠡᠰᠡᠭ ᠨᠢ ᠬᠤᠸᠠᠷᠠᠨ ᠠ᠋ᠴᠠ ᠪᠠᠨ ᠴᠥᠭᠡᠨ ᠴᠥᠭᠡᠨ ᠢ᠋ᠶ᠋ᠡᠷ ᠰᠡᠮᠬᠡᠨ ᠭᠠᠷᠴᠤ ᠭᠡᠷ ᠣᠷᠣᠨ ᠤᠷᠤᠭᠤ ᠪᠠᠨ ᠶᠠᠪᠤᠭᠰᠠᠨ ᠨᠢ ᠬᠦᠴᠦ ᠶ᠋ᠢ ᠤᠯᠠᠮ ᠰᠤᠯᠠᠷᠠᠭᠤᠯᠵᠤ ᠪᠠᠢᠪᠠ᠃ ᠠᠷᠢᠬᠪᠦᠢ᠍ᠬᠡ ᠶ᠋ᠢᠨ ᠡᠢᠮᠦ ᠪᠠᠢᠳᠠᠯ ᠢ᠋ ᠬᠤᠪᠢᠯᠠᠢ ᠲᠠᠢ ᠡᠨᠡ ᠤᠳᠠᠭ᠎ᠠ ᠳ᠋ᠤ᠌ ᠳᠠᠢᠳᠤᠬᠤ ᠪᠣᠯᠤᠮᠵᠢ ᠶ᠋ᠢ ᠪᠠᠢᠬᠤ ᠦᠭᠡᠢ ᠪᠣᠯᠭᠠᠭᠰᠠᠨ ᠠᠵᠢ᠃ 
       ᠴᠠᠭ ᠤ᠋ᠨ ᠬᠠᠲᠠᠭᠤ ᠴᠠᠰᠤᠨ ᠬᠠᠭᠠᠷᠢᠭᠤ ᠴᠤ᠌ ᠣᠢᠷᠠᠳᠪᠠ ᠪᠣᠯᠤᠯᠲᠠᠢ᠃ ᠨᠠᠷᠢᠨ ᠭᠣᠣᠯ ᠤ᠋ᠳ ᠤ᠋ᠨ ᠵᠠᠬ᠎ᠠ ᠪᠠᠷ ᠮᠥᠰᠥ ᠬᠠᠳᠠᠭᠠᠯᠠᠨ ᠬᠣᠨᠣᠭᠯᠠᠬᠤ ᠪᠣᠯᠪᠠ᠃ ᠪᠠᠢᠳᠠᠯ ᠡᠢᠮᠦ ᠡᠴᠡ ᠴᠡᠷᠢᠭ ᠦ᠋ᠨ ᠭᠣᠣᠯ ᠭᠣᠣᠯ ᠠᠩᠭᠢ ᠨᠤᠭᠤᠳ ᠤ᠋ᠳ ᠲᠠᠷᠠᠬᠠᠢ ᠪᠤᠲᠠᠷᠬᠠᠢ ᠬᠡᠪ ᠢ᠋ᠶ᠋ᠡᠷ ᠨᠢ ᠡᠪᠦᠯ ᠦ᠋ᠨ ᠬᠦᠢᠲᠡᠨ ᠢ᠋ ᠯᠢ ᠠᠪᠬᠤ ᠪᠡᠯᠡᠳᠬᠡᠯ ᠶᠠᠭᠠᠷᠠᠨ ᠬᠢᠯᠭᠡᠵᠦ ᠡᠬᠢᠯᠡᠪᠡ᠃ 
       ᠠᠷᠢᠬᠪᠦᠢ᠍ᠬᠡ ᠬᠠᠭᠠᠨ ᠨᠡᠢᠰᠯᠡᠯ ᠦ᠋ᠨ ᠪᠠᠢᠳᠠᠯ᠂ ᠥᠪᠡᠷ ᠦ᠋ᠨ ᠭᠡᠷ ᠣᠷᠣᠨ ᠳ᠋ᠤ᠌ ᠶᠠᠭᠤ ᠪᠣᠯᠵᠤ ᠪᠠᠢᠭ᠎ᠠ ᠶ᠋ᠢ ᠮᠡᠳᠡᠬᠦ ᠰᠠᠨᠠᠭᠠᠲᠠᠢ᠂ ᠪᠡᠶ᠎ᠡ ᠳ᠋ᠦ᠍ ᠪᠡᠨ ᠣᠢᠷ᠎ᠠ ᠶᠠᠪᠤᠵᠤ ᠪᠠᠢᠭ᠎ᠠ ᠪᠢᠯᠢᠭᠦᠨ ᠢ᠋ ᠬᠡᠳᠦᠨ ᠰᠢᠯᠢᠮᠡᠯ ᠡᠷ᠎ᠡ ᠶ᠋ᠢᠨ ᠬᠠᠮᠲᠤ ᠬᠠᠩᠭᠠᠢ ᠶ᠋ᠢᠨ ᠢᠷᠠᠭᠤ ᠶ᠋ᠢ ᠳᠠᠪᠠᠭᠤᠯᠤᠨ ᠵᠠᠷᠤᠯ᠎ᠠ᠃ 
       ᠲᠡᠳᠡ ᠮᠠᠰᠢ ᠶᠡᠬᠡ ᠪᠣᠯᠭᠣᠮᠵᠢᠲᠠᠢ᠂ ᠨᠤᠲᠤᠭ ᠤ᠋ᠨ ᠮᠠᠯᠴᠢᠨ ᠬᠥᠮᠦᠨ ᠦ᠌ ᠬᠤᠪᠴᠠᠰᠤ ᠡᠮᠦᠰᠴᠦ᠂ ᠲᠡᠢᠮᠦ ᠡᠮᠡᠭᠡᠯ ᠮᠣᠷᠢᠨ ᠳ᠋ᠤ᠌ ᠪᠠᠨ ᠳᠤᠬᠤᠨ ᠣᠳᠤᠭᠰᠠᠨ ᠪᠠᠢᠨ᠎ᠠ  ᠠᠷᠢᠬᠪᠦᠢ᠍ᠬᠡ ᠪᠢᠯᠢᠭᠦᠨ ᠢ᠋ ᠮᠣᠷᠳᠠᠬᠤ ᠶ᠋ᠢᠨ ᠡᠮᠦᠨ᠎ᠡ ᠪᠡᠶ᠎ᠡ ᠪᠡᠷ ᠠᠭᠤᠯᠵᠠᠵᠤ ᠴᠥᠭᠡᠨ ᠦᠭᠡ ᠶᠠᠷᠢᠯᠴᠠᠬᠤ ᠳ᠋ᠤ᠌ ᠪᠠᠨ ᠰᠠᠢᠬᠠᠨ ᠪᠡᠶ᠎ᠡ ᠶ᠋ᠢᠨ ᠬᠢᠨᠢ ᠬᠡᠢ ᠮᠣᠷᠢ ᠵᠣᠯᠪᠣᠭ᠎ᠠ ᠪᠠᠨ ᠬᠠᠳᠠᠭᠠᠯᠠᠭᠰᠠᠨ ᠬᠡᠪ ᠢ᠋ᠶ᠋ᠡᠷ ᠪᠠᠢᠵᠤ᠂ ᠬᠠᠯᠢᠯ ᠤ᠋ᠨ ᠣᠷᠣᠢ ᠳ᠋ᠠᠬᠢ ᠡᠭᠦᠷ ᠡᠴᠡ ᠪᠡᠨ ᠬᠠᠯᠢᠨ ᠰᠠᠯᠵᠤ ᠨᠢᠰᠳᠡᠭ ᠪᠦᠷᠭᠦᠳ ᠦ᠋ᠨ ᠵᠤᠯᠵᠠᠭ᠎ᠠ ᠠᠳᠠᠯᠢ ᠬᠠᠮᠤᠭ ᠬᠦᠴᠦ ᠪᠡᠨ ᠪᠡᠶ᠎ᠡ ᠳ᠋ᠦ᠍ ᠪᠡᠨ ᠲᠡᠭᠡᠭᠡᠵᠦ ᠰᠢᠩᠭᠡᠭᠡᠭᠰᠡᠨ ᠮᠡᠲᠦ ᠬᠠᠷᠠᠭᠳᠠᠵᠤ ᠪᠠᠢᠭ᠎ᠠ ᠳ᠋ᠤ᠌ ᠵᠠᠷᠤᠭᠤᠯ ᠤ᠋ᠨ ᠡᠷ᠎ᠡ ᠳᠣᠲᠣᠷ᠎ᠠ ᠪᠠᠨ ᠰᠦᠰᠦᠭᠯᠡᠵᠦ ᠪᠢᠯᠡ᠃ 
       — ᠪᠢ ᠴᠢᠮᠢ᠋ᠢ ᠨᠡᠢᠰᠯᠡᠯ ᠳ᠋ᠦ᠍ ᠣᠷᠣᠭᠤᠯᠤᠶ᠎ᠠ ᠭᠡᠵᠦ ᠪᠣᠳᠣᠭᠰᠠᠨ᠃ ᠴᠢ ᠣᠯᠠᠨ ᠶᠠᠭᠤᠮᠠᠨ ᠳ᠋ᠤ᠌ ᠶᠠᠪᠤᠵᠤ ᠴᠢᠬᠤᠯᠠ ᠬᠡᠷᠡᠭ ᠦ᠋ᠨ ᠠᠷᠭ᠎ᠠ ᠡᠪ ᠢ᠋ ᠣᠯᠬᠤ ᠳᠠᠳᠤᠯᠭ᠎ᠠ ᠲᠠᠢ ᠪᠣᠯᠤᠭᠰᠠᠨ ᠪᠠᠢᠭ᠎ᠠ᠃ ᠲᠡᠭᠡᠭᠡᠳ ᠴᠢ ᠨᠡᠢᠰᠯᠡᠯ ᠦ᠋ᠨ ᠪᠠᠢᠳᠠᠯ ᠢ᠋ ᠠᠵᠢᠵᠤ ᠮᠡᠳᠡ᠂ ᠬᠥᠮᠦᠨ ᠣᠯᠠᠨ ᠶᠠᠮᠠᠷ ᠰᠢᠦ ᠠᠮᠠ ᠲᠠᠢ᠂ ᠶᠠᠭᠤ ᠭᠡᠵᠦ ᠪᠠᠢᠨ᠎ᠠ ᠪᠣᠢ? ᠬᠤᠪᠢᠯᠠᠢ ᠶ᠋ᠢ ᠠᠮᠢᠲᠠᠳ ᠶᠠᠭᠠᠬᠢᠵᠤ ᠤᠭᠲᠤᠭ᠎ᠠ ᠪᠣᠢ? ᠴᠠᠭᠠᠰᠢᠳᠠ ᠪᠠᠨ ᠬᠤᠪᠢᠯᠠᠢ ᠶᠠᠭᠠᠬᠢᠬᠤ ᠰᠠᠨᠠᠭᠠᠲᠠᠢ ᠪᠠᠢᠨ᠎ᠠ ᠪᠣᠢ? ᠡᠭᠦᠨ ᠢ᠋ ᠮᠡᠳᠡ! ᠮᠢᠨᠦ ᠶᠡᠬᠡ᠂ ᠪᠠᠭ᠎ᠠ ᠬᠣᠶᠠᠷ ᠬᠠᠲᠤᠨ ᠢ᠋ ᠬᠡᠦᠬᠡᠳ ᠦ᠋ᠨ ᠬᠠᠮᠲᠤ ᠠᠪᠤᠭᠠᠳ ᠢᠷᠡᠬᠦ ᠠᠷᠭ᠎ᠠ ᠪᠠᠢᠨ᠎ᠠ ᠤᠤ᠃ ᠲᠣᠮᠣ ᠬᠦᠦ ᠮᠠᠨᠢ ᠠᠷᠪᠠᠨ ᠨᠠᠰᠤ ᠥᠩᠭᠡᠷᠡᠵᠦ ᠪᠠᠢᠭ᠎ᠠ ᠪᠣᠯᠬᠣᠷ ᠮᠣᠷᠢ ᠪᠠᠷ ᠵᠡᠬᠡᠭᠰᠡᠨ ᠳᠠᠪᠬᠢᠳᠠᠭ ᠪᠣᠯᠤᠭᠰᠠᠨ ᠶᠤᠮ ᠳ᠋ᠠᠭ᠃ ᠬᠦᠯᠦᠭ ᠦ᠋ᠨ ᠪᠡᠶ᠎ᠡ ᠶᠠᠮᠠᠷ ᠪᠠᠢᠭ᠎ᠠ ᠪᠣᠯ᠂ ᠠᠬ᠎ᠠ ᠶ᠋ᠢ ᠪᠡᠨ ᠪᠠᠰᠠ ᠨᠠᠭᠠᠰᠢ ᠠᠪᠤᠭᠠᠳ ᠢᠷᠡᠪᠡᠯ ᠬᠡᠷᠡᠭᠲᠡᠢ ᠶᠦᠮ ᠰᠠᠨ᠃ ᠵᠠ ᠡᠢᠮᠦ ᠬᠡᠷᠡᠭ ᠢ᠋ᠶ᠋ᠡᠷ ᠴᠢ ᠶᠠᠪᠤᠭᠠᠳ᠂ ᠪᠣᠯᠪᠠᠯ ᠤᠳᠠᠯ ᠦᠭᠡᠢ ᠡᠷᠭᠢᠬᠦ ᠶ᠋ᠢ ᠪᠣᠳᠣᠭᠠᠷᠠᠢ᠃ ᠵᠠᠮ ᠳ᠋ᠤ᠌ ᠪᠠᠨ ᠪᠣᠯᠭᠣᠮᠵᠢᠲᠠᠢ᠂ ᠪᠥᠭᠡᠮ ᠢ᠋ᠶ᠋ᠡᠷ ᠢ᠋ᠶ᠋ᠡᠨ ᠪᠢᠰᠢ᠂ ᠭᠠᠭᠴᠠ ᠬᠣᠶᠠᠷ ᠢ᠋ᠶ᠋ᠠᠷ ᠢ᠋ᠶ᠋ᠠᠨ ᠰᠠᠯᠵᠤ ᠶᠠᠪᠤᠵᠤ ᠴᠤ᠌ ᠪᠣᠯᠤᠨ᠎ᠠ ᠰᠢᠦ᠃ ᠲᠡᠭᠦᠨ ᠢ᠋ ᠪᠡᠨ ᠴᠢ ᠥᠪᠡᠷ ᠢ᠋ᠶ᠋ᠡᠨ ᠮᠡᠳᠡ᠃ ᠬᠤᠪᠢᠯᠠᠢ ᠶ᠋ᠢᠨ ᠴᠡᠷᠢᠭ ᠳᠠᠭᠠᠭᠠᠮᠠᠯ ᠤ᠋ᠳ ᠳᠡᠢᠯᠦᠭᠰᠡᠨ ᠭᠡᠳ ᠪᠠᠬᠠᠨ ᠣᠩᠭᠢᠷᠠᠭᠠᠳ᠂ ᠰᠤᠯᠠᠪᠲᠤᠷ ᠪᠠᠢᠵᠤ ᠮᠠᠭᠠᠳ ᠦᠭᠡᠢ᠃ ᠲᠡᠢᠮᠦ ᠪᠠᠢᠭ᠎ᠠ ᠭᠡᠵᠦ ᠲᠠ ᠨᠠᠷ ᠠᠯᠮᠠᠢᠷᠠᠵᠤ ᠪᠣᠯᠬᠤ ᠦᠭᠡᠢ᠃ ᠬᠢᠲᠠᠳ ᠨᠤᠲᠤᠭ ᠢ᠋ᠶ᠋ᠠᠷ ᠳᠠᠭᠠᠷᠢᠵᠤ ᠶᠠᠪᠤᠭᠰᠠᠨ ᠴᠡᠷᠢᠭ ᠦ᠋ᠳ ᠣᠷᠣᠨ ᠭᠠᠵᠠᠷ ᠢ᠋ᠶ᠋ᠠᠨ ᠢᠷᠡᠭᠡᠳ ᠡᠬᠡ ᠡᠴᠢᠭᠡ᠂ ᠡᠬᠡᠨᠡᠷ ᠬᠡᠦᠬᠡᠳ ᠤᠷᠤᠭᠤ ᠪᠠᠨ ᠶᠠᠪᠤᠬᠤ ᠭᠡᠵᠦ ᠲᠡᠮᠦᠯᠦᠨ ᠪᠣᠢ ᠨᠢ ᠯᠠᠪᠲᠠᠢ᠃ ᠡᠨᠡ ᠪᠠᠢᠳᠠᠯ ᠢ᠋ ᠨᠢ ᠴᠢ ᠠᠰᠢᠭᠯᠠᠵᠤ ᠦᠵᠡ! ᠭᠡᠵᠦ ᠪᠦᠷ ᠡᠩ ᠦ᠋ᠨ ᠪᠠᠢᠳᠠᠯᠲᠠᠢ ᠵᠦᠢᠯ ᠢ᠋ ᠵᠠᠷᠯᠢᠭ ᠶᠤᠮ ᠤᠤ᠂ ᠵᠥᠪᠯᠡᠮᠵᠢ ᠴᠤ᠌ ᠶᠤᠮ ᠤᠤ ᠭᠡᠮᠡᠷ ᠬᠡᠯᠡᠵᠦ ᠡᠰᠡ ᠮᠡᠨᠳᠦ ᠶᠠᠪᠤᠭᠠᠳ ᠢᠷᠡᠬᠦ ᠶ᠋ᠢ ᠢᠷᠦᠭᠡᠵᠦ ᠬᠣᠴᠣᠷᠤᠯ᠎ᠠ᠃ ᠠᠷᠢᠬᠪᠦᠢ᠍ᠬᠡ ᠶ᠋ᠢᠨ ᠬᠡᠯᠡᠭᠰᠡᠨ ᠡᠨᠡ ᠦᠭᠡᠰ ᠪᠢᠯᠢᠭᠦᠨ ᠨᠠᠷ ᠲᠤ ᠤᠷᠮ᠎ᠠ ᠶ᠋ᠢ ᠬᠠᠢᠷᠠᠯᠠᠬᠤ ᠳ᠋ᠤ᠌ ᠪᠠᠨ ᠭᠣᠣᠯ ᠨᠢ ᠬᠠᠨ ᠪᠦᠷᠭᠦᠳ ᠦ᠋ᠨ ᠵᠤᠯᠵᠠᠭ᠎ᠠ ᠠᠳᠠᠯᠢ ᠲᠡᠭᠦᠨ ᠦ᠌ ᠴᠣᠭ ᠵᠣᠯᠪᠣᠭ᠎ᠠ ᠨᠢᠭᠤᠷ ᠲᠤ ᠨᠢ ᠲᠣᠳᠣᠷᠠᠨ᠂ ᠨᠢᠳᠦᠨ ᠦ᠌ ᠬᠢᠨᠢ ᠭᠠᠯ ᠪᠠᠳᠠᠷᠠᠵᠤ ᠪᠠᠢᠭ᠎ᠠ ᠨᠢ ᠢᠲᠡᠭᠡᠯ ᠥᠭᠬᠦ ᠮᠡᠲᠦ ᠪᠣᠯᠪᠠ᠃ 
       ᠪᠢᠯᠢᠭᠦᠨ ᠠᠷᠪᠠᠭᠠᠳ ᠡᠷ᠎ᠡ ᠶ᠋ᠢᠨ ᠬᠠᠮᠲᠤ ᠡᠭ ᠦ᠋ᠨ ᠳᠠᠪᠠᠭ᠎ᠠ ᠪᠠᠷ ᠬᠡᠳᠦ ᠭᠤᠷᠪᠠ ᠪᠠᠷ ᠢ᠋ᠶ᠋ᠠᠨ ᠰᠠᠯᠤᠨ᠂ ᠨᠢᠳᠦᠨ ᠪᠠᠷ᠎ᠠ ᠲᠠᠰᠤᠷᠠᠯᠲᠠ ᠦᠭᠡᠢ ᠶᠠᠪᠤᠵᠤ ᠳᠠᠪᠠᠭᠠᠳ᠂ ᠴᠢᠯᠠᠭᠤᠲᠤ ᠶ᠋ᠢᠨ ᠭᠣᠣᠯ ᠢ᠋ ᠤᠷᠤᠭᠤᠳᠠᠨ ᠳᠣᠪᠲᠣᠯᠪᠠ᠃ ᠭᠠᠭᠴᠠ ᠨᠢᠭᠡ ᠬᠥᠮᠦᠨ ᠲᠠᠭᠠᠷᠠᠯᠳᠤᠬᠤ ᠳ᠋ᠤ᠌ ᠠᠯᠳᠠᠭᠤᠯ ᠮᠠᠯ ᠡᠷᠢᠨ ᠶᠠᠪᠤᠭ᠎ᠠ ᠭᠡᠳ ᠬᠥᠯ ᠬᠣᠯᠠ ᠠᠵᠢᠷᠭ᠎ᠠ ᠲᠠᠢ ᠬᠡᠳᠦᠨ ᠪᠥᠭᠡᠮ ᠠᠳᠤᠭᠤ ᠰᠤᠷᠠᠭᠯᠠᠭᠰᠠᠭᠠᠷ ᠬᠥᠪᠡᠨᠡᠵᠤ ᠪᠠᠢᠯ᠎ᠠ᠃ ᠲᠡᠳᠡ ᠵᠠᠮ ᠳ᠋ᠤ᠌ ᠡᠰᠡᠨ ᠮᠡᠨᠳᠦ ᠶᠠᠪᠤᠭᠰᠠᠭᠠᠷ ᠬᠠᠷᠠᠩᠭᠤᠢ ᠰᠥᠨᠢ ᠬᠠᠷᠠᠬᠣᠷᠣᠮ ᠳ᠋ᠤ᠌ ᠰᠡᠮᠬᠡᠨ ᠣᠷᠣᠵᠠᠢ᠃ ᠬᠤᠪᠢᠯᠠᠢ ᠶ᠋ᠢᠨ ᠴᠡᠷᠢᠭ ᠬᠥᠮᠦᠨ ᠣᠯᠠᠨ ᠤ᠋ ᠠᠮᠤᠭᠤᠯᠠᠩ ᠪᠠᠢᠳᠠᠯ ᠢ᠋ ᠡᠪᠳᠡᠭᠰᠡᠨ ᠤᠴᠢᠷ ᠲᠠᠨᠢᠬᠤ ᠮᠡᠳᠡᠬᠦ ᠠᠢᠯ ᠤ᠋ᠳ ᠭᠡᠷ ᠬᠠᠰᠢᠶᠠᠨ ᠳ᠋ᠤ᠌ ᠪᠠᠨ ᠪᠠᠢᠬᠤ ᠦᠭᠡᠢ᠂ ᠡᠢᠰᠢ ᠲᠠᠢᠰᠢ ᠪᠠᠨ ᠨᠡᠭᠦᠭᠰᠡᠨ ᠪᠣᠯᠤᠯᠲᠠᠢ᠃ ᠪᠢᠯᠢᠭᠦᠨ ᠬᠠᠮᠲᠤ ᠶᠠᠪᠤᠵᠤ ᠪᠠᠢᠭ᠎ᠠ ᠬᠥᠮᠦᠰ ᠲᠦ᠍ ᠪᠡᠨ ᠴᠤᠭᠯᠠᠷᠠᠬᠤ ᠭᠠᠵᠠᠷ᠂ ᠴᠠᠭ ᠢ᠋ ᠲᠣᠪᠯᠠᠨ ᠲᠣᠭᠲᠠᠭᠠᠵᠤ ᠬᠡᠯᠡᠭᠡᠳ ᠴᠢᠯᠥᠭᠡ ᠣᠯᠭᠣᠨ ᠥᠪᠡᠷ ᠢ᠋ᠶ᠋ᠡᠨ ᠠᠭᠤᠯᠠ ᠶ᠋ᠢᠨ ᠪᠠᠯ ᠰᠤᠳᠠᠭ ᠲᠤ ᠭᠡᠷ ᠪᠠᠷᠢᠵᠤ ᠰᠠᠭᠤᠵᠤ ᠪᠠᠢᠭ᠎ᠠ᠂ ᠬᠦᠦ ᠨᠢ ᠬᠡᠳᠦᠬᠡᠨ ᠵᠢᠯ ᠦ᠋ᠨ ᠡᠮᠦᠨ᠎ᠡ ᠲᠡᠢᠨ ᠳ᠋ᠦ᠍ ᠶᠠᠪᠤᠭᠠᠳ ᠡᠷᠭᠢᠨ ᠢᠷᠡᠭᠡ ᠦᠭᠡᠢ᠂ ᠲᠠᠨᠢᠵᠤ ᠮᠡᠳᠡᠬᠦ ᠭᠠᠭᠴᠠ ᠪᠡᠶ᠎ᠡ ᠡᠪᠦᠭᠡᠨ ᠦ᠌ ᠨᠣᠣᠷᠬᠠᠢ ᠭᠡᠷ ᠲᠦ᠍ ᠣᠴᠢᠵᠤ ᠪᠠᠭᠤᠨ᠂ ᠮᠣᠷᠢ ᠪᠠᠨ ᠴᠢᠳᠦᠷᠯᠡᠨ ᠲᠠᠯᠪᠢᠵᠠᠢ᠃ ᠭᠡᠷ ᠦ᠋ᠨ ᠡᠵᠡᠨ ᠡᠪᠦᠭᠡᠨ ᠤᠬᠠᠭᠠᠨ ᠰᠠᠷᠠᠭᠤᠯ᠂ ᠨᠢᠳᠦᠨ ᠦ᠌ ᠬᠠᠷᠠᠭ᠎ᠠ ᠵᠡᠬᠡᠭᠰᠡᠨ ᠲᠡᠢ ᠤᠴᠢᠷ ᠪᠠᠢᠳᠠᠯ ᠢ᠋ ᠲᠣᠢᠮᠣᠯᠠᠨ ᠶᠠᠷᠢᠵᠤ᠂ ᠰᠦ ᠲᠡᠢ ᠴᠠᠢ ᠪᠠᠷ ᠤᠮᠳᠠᠯᠠᠪᠠ᠃ 
       — ᠬᠡᠴᠡᠭᠦᠦ ᠯᠡ ᠶᠠᠭᠤᠮ᠎ᠠ ᠪᠣᠯᠤᠭᠰᠠᠨ ᠳᠠ᠃ ᠬᠤᠪᠢᠯᠠᠢ ᠶ᠋ᠢᠨ ᠴᠡᠷᠢᠭ ᠢ᠋ ᠬᠣᠲᠠ ᠳ᠋ᠤ᠌ ᠣᠷᠣᠵᠤ ᠢᠷᠡᠬᠦ ᠳ᠋ᠦ᠍ ᠯᠠᠮᠠ ᠬᠤᠸᠠᠷᠠᠭ᠂ ᠮᠠᠢᠮᠠᠢ ᠶ᠋ᠢᠨ ᠬᠥᠮᠦᠰ᠂ ᠡᠩ ᠦ᠋ᠨ ᠢᠷᠡᠭᠡᠳ ᠬᠡᠨ ᠨᠢ ᠴᠤ᠌ ᠲᠡᠭᠦᠨ ᠢ᠋ ᠤᠭᠲᠤᠭ᠎ᠠ ᠦᠭᠡᠢ᠂ ᠥᠭᠡᠳᠡ ᠡᠴᠡ ᠨᠢ ᠰᠢᠷᠣᠢ ᠴᠠᠴᠤᠬᠤ ᠨᠢ ᠬᠣᠯᠠ ᠦᠭᠡᠢ ᠪᠠᠢᠭᠰᠠᠨ᠃ ᠲᠡᠭᠦᠨ ᠦ᠌ ᠵᠠᠷᠢᠮ ᠴᠡᠷᠢᠭ ᠴᠤ᠌ ᠬᠡᠷᠴᠡᠭᠡᠢᠯᠡᠨ ᠳᠠᠪᠬᠢᠵᠤ ᠠᠢᠯ ᠠᠮᠢᠲᠠᠨ ᠢ᠋ ᠨᠡᠩᠵᠢᠨ ᠦᠵᠡᠭᠡᠳ᠂ ᠪᠠᠢᠭ᠎ᠠ ᠨᠤᠮᠤ ᠰᠠᠭᠠᠳᠠᠭ ᠲᠡᠷᠢᠭᠦᠲᠡᠢ ᠶ᠋ᠢ ᠬᠤᠷᠢᠶᠠᠭᠰᠠᠨ᠃ ᠠᠷᠢᠬᠪᠦᠢ᠍ᠬᠡ ᠬᠠᠭᠠᠨ ᠳ᠋ᠤ᠌ ᠲᠠᠯᠠᠷᠬᠠᠳᠠᠭ ᠶᠠᠮᠠᠷ ᠬᠥᠮᠦᠨ ᠪᠠᠢᠭ᠎ᠠ ᠶ᠋ᠢ ᠰᠤᠷᠠᠭᠯᠠᠨ᠂ ᠵᠠᠷᠢᠮ ᠨᠢᠭᠡ ᠶ᠋ᠢ ᠪᠠᠷᠢᠪᠴᠢᠯᠠᠨ ᠠᠪᠠᠴᠢᠵᠤ ᠪᠠᠢᠴᠠᠭᠠᠨ ᠮᠤᠰᠬᠢᠬᠰᠠᠨ ᠳᠠ᠃ ᠡᠢᠮᠦ ᠦᠭᠡ ᠰᠣᠨᠣᠰᠳᠠᠭᠰᠠᠨ᠃ ᠲᠡᠭᠡᠭᠡᠳ ᠴᠡᠷᠢᠭ ᠦ᠋ᠳ ᠨᠢ ᠦᠢᠮᠡᠵᠦ ᠪᠤᠵᠢᠭᠢᠨᠠᠭᠠᠳ᠂ ᠬᠣᠶᠠᠷ ᠣᠷᠬᠣᠨ ᠤ᠋ ᠬᠣᠭᠣᠷᠣᠨᠳᠣ ᠬᠤᠸᠠᠷᠠᠩᠨᠠᠭᠰᠠᠨ ᠪᠠᠢᠬᠤ᠃ ᠮᠢᠨᠦ ᠮᠡᠳᠡᠬᠦ ᠶᠠᠭᠤᠮ᠎ᠠ ᠳ᠋ᠤ᠌ ᠪᠠᠨ ᠯᠠ ᠡᠨᠡ ᠭᠡᠰᠡᠨ ᠦᠭᠡ ᠶ᠋ᠢ ᠪᠢᠯᠢᠭᠦᠨ ᠲᠡᠷᠡ ᠠᠩᠬᠠᠨ ᠤ᠋ ᠠᠢᠯ ᠠ᠋ᠴᠠ ᠰᠣᠨᠣᠰᠴᠠᠢ᠃ ᠡᠨᠡ ᠡᠷ᠎ᠡ ᠮᠠᠷᠭᠠᠰᠢ ᠨᠢ ᠡᠪᠦᠭᠡᠨ ᠦ᠌ ᠨᠣᠣᠷᠬᠠᠢ ᠳᠡᠪᠡᠯ ᠢ᠋ ᠡᠮᠦᠰᠦᠭᠡᠳ ᠬᠣᠲᠠ ᠣᠷᠣᠵᠤ ᠠᠬ᠎ᠠ ᠶ᠋ᠢ ᠪᠡᠨ᠂ ᠥᠪᠡᠷ ᠦ᠋ᠨ ᠭᠡᠷ ᠣᠷᠣᠨ ᠢ᠋ᠶ᠋ᠠᠨ ᠡᠷᠭᠢᠪᠡ᠃ ᠪᠠᠢᠳᠠᠭ ᠭᠠᠵᠠᠷ ᠲᠤ ᠪᠠᠨ ᠲᠡᠳᠡ ᠠᠯᠠᠭ᠎ᠠ᠃ ᠮᠣᠷᠢᠨᠱᠠᠭᠠᠢ ᠬᠡᠦᠬᠡᠨ ᠬᠡᠦᠬᠡᠳ ᠦ᠋ᠳ ᠢ᠋ᠶ᠋ᠡᠨ ᠬᠥᠲᠥᠯᠦᠭᠡᠳ ᠰᠠᠨᠳᠤᠷᠤᠭᠰᠠᠨ ᠶᠠᠩᠵᠤᠲᠠᠢ ᠶᠠᠪᠤᠬᠤ ᠶ᠋ᠢ ᠬᠡᠳᠦ ᠬᠣᠨᠣᠭ ᠤ᠋ᠨ ᠡᠮᠦᠨ᠎ᠡ ᠲᠠᠨᠢᠳᠠᠭ ᠬᠥᠮᠦᠨ ᠨᠢ ᠦᠵᠡᠭᠰᠡᠨ ᠭᠡᠬᠦ ᠡᠴᠡ ᠥᠭᠡᠷ᠎ᠡ ᠰᠤᠷᠠᠭ ᠠᠯᠠᠭ᠎ᠠ᠃ ᠳᠠᠭᠠᠵᠤ ᠪᠣᠳᠣᠪᠠᠯ ᠲᠡᠳᠡ ᠨᠢᠭᠡᠨ ᠲᠠᠢᠰᠢ ᠳᠠᠢᠵᠢᠵᠤ ᠭᠠᠷᠤᠭᠰᠠᠨ ᠪᠣᠯᠤᠯᠲᠠᠢ᠃ ᠠᠮᠢᠳᠤ ᠮᠡᠨᠳᠦ ᠯᠠ ᠶᠠᠪᠤᠵᠤ ᠪᠠᠢᠭ᠎ᠠ ᠪᠣᠯᠪᠠ ᠤᠤ ᠭᠡᠮᠡᠷ ᠠᠵᠢ᠃ ᠠᠬ᠎ᠠ ᠬᠦᠯᠦᠭ ᠬᠣᠰᠢᠮᠣᠭᠲᠦ ᠨᠠᠷ ᠤ᠋ᠨ ᠰᠤᠷᠠᠭ ᠠᠯᠠᠭ᠎ᠠ᠃ ᠫᠧᠷᠰ ᠦ᠋ᠨ ᠬᠤᠳᠠᠯᠳᠤᠭᠠᠴᠢᠨ ᠬᠣᠮᠢᠨᠢ ᠪᠠᠷ᠎ᠠ ᠰᠤᠷᠠᠭ ᠦᠭᠡᠢ᠃  
       ᠶᠡᠬᠡ ᠵᠠᠬᠢᠷᠤᠭᠴᠢ ᠬᠠᠷᠠᠬᠣᠷᠣᠮ ᠳ᠋ᠤ᠌ ᠢᠷᠡᠭᠡᠳ ᠭᠤᠷᠪᠠ ᠬᠣᠨᠣᠭᠰᠠᠨ ᠤ᠋ ᠳᠠᠷᠠᠭ᠎ᠠ ᠣᠯᠠᠨ ᠨᠣᠶᠠᠳ᠂ ᠡᠨᠳᠡ ᠪᠠᠢᠳᠠᠭ ᠰᠦᠮ᠎ᠡ ᠳᠤᠭᠠᠩ ᠤ᠋ᠨ ᠲᠡᠷᠢᠭᠦᠨ ᠨᠠᠷ ᠢ᠋ ᠴᠤᠭᠯᠠᠭᠤᠯᠵᠤ ᠵᠢᠭᠠᠬᠠᠨ ᠵᠣᠭᠣᠭ ᠮᠠᠢᠭ ᠤ᠋ᠨ ᠶᠠᠭᠤᠮ᠎ᠠ ᠪᠠᠷᠢᠭᠠᠳ᠂ ᠥᠪᠡᠷ ᠢ᠋ ᠪᠡᠨ 
       — ᠪᠢ ᠶᠡᠬᠡ ᠬᠠᠭᠠᠨ᠃ 《ᠣᠯᠠᠨ ᠨᠣᠶᠠᠳ ᠤ᠋ᠨ ᠬᠤᠷᠠᠯᠲᠠᠢ ᠨᠠᠮᠠᠶ᠋ᠢ ᠡᠷᠭᠦᠮᠵᠢᠯᠡᠭᠰᠡᠨ》ᠭᠡᠵᠦ ᠮᠡᠳᠡᠭᠳᠡᠨ ᠬᠡᠯᠡᠭᠰᠡᠨ᠂ ᠪᠠᠭᠤᠯᠭᠠᠭᠰᠠᠨ ᠵᠠᠷᠯᠢᠭ ᠢ᠋ᠶ᠋ᠠᠨ ᠪᠡᠶᠡᠯᠡᠭᠦᠯᠵᠦ ᠪᠣᠢ ᠭᠡᠮᠡᠨ ᠥᠭᠦᠯᠡᠭᠰᠡᠨ ᠭᠡᠨ᠎ᠡ᠃  ᠪᠠᠰᠠ ᠲᠡᠷᠡ ᠬᠥᠮᠦᠨ ᠴᠡᠷᠢᠭ ᠢ᠋ᠶ᠋ᠡᠨ ᠵᠢᠭᠰᠠᠭᠠᠵᠤ ᠪᠠᠢᠭᠠᠳ᠂ ᠲᠣᠭᠲᠠᠭᠠᠭᠰᠠᠨ ᠵᠢᠷᠤᠮ ᠲᠢᠭ ᠢ᠋ ᠵᠥᠷᠢᠴᠡᠭᠰᠡᠨ᠂ ᠣᠷᠭᠣᠳᠠᠭᠤᠯ ᠠᠷᠢᠭᠪᠥ᠋ᠬᠡ ᠶ᠋ᠢ ᠲᠠᠯᠠᠷᠬᠠᠨ ᠲᠡᠳᠬᠦᠭᠰᠡᠨ᠂ ᠮᠢᠨᠦ ᠥᠭᠡᠳᠡ ᠡᠴᠡ ᠡᠯᠳᠡᠪ ᠲᠡᠷᠰᠬᠦᠳ ᠶᠠᠪᠤᠳᠠᠯ ᠦᠵᠡᠭᠦᠯᠦᠭᠰᠡᠨ ᠬᠥᠮᠦᠨ ᠪᠠᠢᠪᠠᠯ ᠴᠡᠭᠡᠷᠯᠡᠯ ᠦᠵᠡᠭᠦᠯᠵᠦ ᠪᠠᠢ ᠭᠡᠵᠦ ᠲᠤᠰᠢᠶᠠᠭᠰᠠᠨ ᠪᠠᠢᠨ᠎ᠠ᠃ 
       ᠪᠢᠯᠢᠭᠦᠨ ᠨᠠᠷ ᠬᠠᠷ᠎ᠠ ᠬᠣᠷᠣᠮ ᠳ᠋ᠤ᠌ ᠢᠷᠡᠭᠡᠳ ᠭᠠᠪᠢᠲᠠᠢ ᠶᠠᠭᠤᠮ᠎ᠠ ᠣᠯᠵᠤ ᠮᠡᠳᠡᠵᠦ ᠴᠢᠳᠠᠬᠤ ᠦᠭᠡᠢ᠂ ᠭᠠᠭᠴᠠ ᠨᠢᠭᠡᠬᠡᠨ ᠲᠠᠨᠢᠬᠤ ᠮᠡᠳᠡᠬᠦ ᠬᠥᠮᠦᠨ ᠲᠡᠢ ᠠᠭᠤᠯᠵᠠᠯ᠎ᠠ᠃ ᠠᠷᠢᠭᠪᠥ᠋ᠬᠡ ᠬᠠᠭᠠᠨ ᠤ᠋ ᠬᠣᠶᠠᠷ ᠬᠠᠲᠤᠨ᠂ ᠬᠡᠦᠬᠡᠳ ᠦ᠋ᠳ ᠢ᠋ ᠲᠡᠭᠦᠨ ᠢ᠋ ᠬᠠᠮᠠᠭᠠᠯᠠᠵᠤ ᠪᠠᠢᠭᠰᠠᠨ ᠴᠡᠷᠢᠭ ᠦ᠋ᠳ ᠨᠢ ᠬᠤᠪᠢᠯᠠᠢ ᠶ᠋ᠢᠨ ᠴᠡᠷᠢᠭ ᠬᠣᠲᠠ ᠳ᠋ᠤ᠌ ᠣᠷᠣᠵᠤ ᠢᠷᠡᠬᠦ ᠶ᠋ᠢᠨ ᠤᠷᠲᠤ ᠡᠳᠦᠷ ᠨᠢ ᠠᠪᠤᠭᠠᠳ ᠡᠰᠡ ᠮᠡᠳᠡᠭᠳᠡᠬᠦ ᠵᠦᠭ ᠣᠳᠤᠭᠰᠠᠨ ᠰᠤᠷᠠᠭ ᠲᠠᠢ᠃  ᠲᠡᠭᠦᠨ ᠢ᠋ ᠬᠠᠳᠠᠨ ᠵᠠᠩᠵᠤᠨ ᠡᠷᠢᠭᠦᠯᠵᠦ ᠪᠠᠢᠭ᠎ᠠ ᠪᠣᠯᠪᠠᠴᠤ ᠪᠠᠷ᠎ᠠ ᠰᠤᠷᠠᠭ ᠭᠠᠷᠭᠠᠵᠤ ᠴᠢᠳᠠᠭ᠎ᠠ ᠦᠭᠡᠢ ᠭᠡᠨ᠎ᠡ᠃  ᠭᠠᠭᠴᠠ ᠨᠢᠭᠡ ᠬᠥᠮᠦᠨ ᠮᠡᠳᠡᠵᠦ ᠪᠠᠢᠭ᠎ᠠ ᠪᠣᠯᠪᠠᠴᠤ ᠡᠰᠡ ᠬᠡᠯᠡᠵᠡᠢ᠃ ᠬᠠᠭᠠᠨ ᠤ᠋ ᠭᠡᠷ ᠪᠦᠯᠢ ᠶ᠋ᠢᠨ ᠬᠢᠨ ᠶᠠᠮᠠᠷ ᠴᠤ᠌ ᠪᠣᠯᠤᠭᠰᠠᠨ ᠳᠠᠢᠰᠤᠨ ᠤ᠋ ᠭᠠᠷ ᠲᠤ᠌ ᠣᠷᠣᠭ᠎ᠠ ᠦᠭᠡᠢ ᠶᠠᠩᠵᠤᠲᠠᠢ ᠠᠵᠢ᠃ 
       ᠬᠤᠪᠢᠯᠠᠢ ᠥᠪᠡᠷ ᠢ᠋ ᠪᠡᠨ ᠬᠠᠭᠠᠨ ᠭᠡᠵᠦ ᠵᠠᠷᠯᠠᠵᠤ ᠪᠠᠢᠭ᠎ᠠ ᠠᠲᠠᠯ᠎ᠠ ᠶᠡᠬᠡ ᠬᠠᠭᠠᠨ ᠤ᠋ ᠣᠷᠳᠣᠨ ᠳ᠋ᠤ᠌ ᠪᠠᠭᠤᠬᠤ ᠦᠭᠡᠢ ᠪᠠᠢᠭ᠎ᠠ ᠨᠢ ᠬᠣᠣᠷᠯᠠᠬᠤ ᠬᠡᠷᠡᠭᠯᠡᠯ ᠂ ᠡᠯᠳᠡᠪ ᠵᠠᠰᠠᠭ᠎ᠠ ᠵᠠᠩᠭ᠎ᠠ ᠨᠢᠭᠤᠨ ᠲᠠᠯᠪᠢᠭᠰᠠᠨ ᠪᠠᠢᠵᠤ ᠮᠠᠭᠠᠳ ᠦᠭᠡᠢ ᠭᠡᠮᠡᠨ ᠮᠠᠭᠤ ᠰᠠᠨᠠᠭᠠᠯᠠᠨ ᠪᠣᠢ ᠶ᠋ᠢᠨ ᠭᠡᠷᠡᠴᠢ ᠪᠢᠵᠡ᠃ ᠬᠤᠪᠢᠯᠠᠢ ᠪᠦᠷ ᠪᠠᠭ᠎ᠠ ᠵᠠᠯᠠᠭᠤ ᠳ᠋ᠤ᠌ ᠪᠠᠨ ᠠᠳᠠ ᠪᠠᠢᠬᠤ ᠳ᠋ᠤ᠌ ᠪᠠᠨ ᠣᠷᠬᠣᠨ ᠭᠣᠣᠯ ᠢ᠋ ᠥᠭᠰᠥᠵᠦ ᠤᠷᠤᠭᠤᠳᠠᠨ ᠬᠡᠭᠡᠷ᠎ᠡ ᠶᠡᠬᠡ ᠶᠠᠪᠤᠳᠠᠭ᠂ ᠭᠣᠣᠯ ᠤ᠋ᠨ ᠵᠠᠬ᠎ᠠ ᠳ᠋ᠤ᠌ ᠠᠰᠠᠷ ᠪᠠᠷᠢᠭᠤᠯᠤᠨ ᠬᠡᠳᠦᠨ ᠬᠣᠨᠣᠭ ᠢ᠋ᠶ᠋ᠠᠷ ᠪᠠᠢᠳᠠᠭ ᠪᠠᠢᠭᠰᠠᠨ ᠢ᠋ᠶ᠋ᠠᠨ ᠠᠳᠠ ᠢᠷᠡᠭᠡᠳ ᠰᠠᠨᠠᠵᠤ ᠪᠠᠢᠵᠤ ᠴᠤ᠌ ᠮᠠᠭᠠᠳ ᠦᠭᠡᠢ᠃  ᠲᠡᠷᠡ ᠪᠡᠷ ᠬᠢᠲᠠᠳ ᠬᠣᠭᠣᠯᠠ᠂ ᠬᠢᠲᠠᠳ ᠶᠠᠮᠪᠠᠨ ᠳ᠋ᠤ᠌ ᠠᠪᠲᠠᠭᠰᠠᠨ ᠪᠣᠯᠪᠠᠴᠤ ᠱᠠᠩᠳᠤ ᠬᠣᠲᠠ ᠳ᠋ᠤ᠌ ᠪᠠᠢᠬᠤ ᠳ᠋ᠤ᠌ ᠪᠠᠨ ᠦᠶ᠎ᠡ ᠦᠶ᠎ᠡ ᠬᠡᠭᠡᠷ᠎ᠡ ᠭᠠᠷᠴᠤ᠂ ᠠᠭᠠᠷ ᠤ᠋ᠨ ᠰᠢᠩᠭᠡᠨ᠂ ᠤᠰᠤᠨ ᠤ᠋ ᠲᠤᠩᠭᠠᠯᠠᠭ ᠢ᠋ ᠳᠠᠭᠠᠨ ᠬᠡᠳᠦ ᠬᠡᠳᠦᠨ ᠬᠣᠨᠣᠭ ᠢ᠋ᠶ᠋ᠠᠷ ᠶᠠᠪᠤᠳᠠᠭ᠂ ᠠᠩ ᠬᠣᠷᠣᠮ ᠵᠣᠬᠢᠶᠠᠨ ᠭᠠᠷᠭᠠᠳᠠᠭ ᠪᠢᠯᠡ᠃  ᠡᠨᠡ ᠨᠢ ᠮᠣᠩᠭᠣᠯ ᠬᠥᠮᠦᠨ ᠪᠣᠯᠬᠣᠷ ᠢ᠋ᠶ᠋ᠠᠨ ᠡᠪᠦᠭᠡ ᠳᠡᠭᠡᠳᠦᠰ ᠦ᠋ᠳ ᠦ᠋ᠨ ᠵᠠᠩ ᠵᠠᠩᠰᠢᠯ ᠠ᠋ᠴᠠ ᠪᠦᠷᠢᠮᠦᠰᠦᠨ ᠰᠠᠯᠵᠤ ᠴᠢᠳᠠᠬᠤ ᠦᠭᠡᠢ ᠪᠠᠢᠭ᠎ᠠ ᠶᠤᠮ ᠤᠤ᠂  ᠮᠣᠩᠭᠣᠯᠴᠤᠳ ᠲᠤ᠌ ᠥᠪᠡᠷ ᠢ᠋ ᠪᠡᠨ ᠲᠡᠭᠡᠵᠦ ᠬᠠᠷᠠᠭᠤᠯᠬᠤ ᠭᠡᠰᠡᠨ ᠤᠤ᠂ ᠲᠡᠭᠦᠨ ᠦ᠌ ᠠᠯᠢ ᠨᠢᠭᠡ ᠨᠢ ᠪᠠᠢᠵᠤ ᠮᠠᠭᠠᠳ ᠦᠭᠡᠢ᠃ 
       ᠬᠤᠪᠢᠯᠠᠢ ᠬᠡᠳᠦ ᠬᠡᠳᠦᠨ ᠤᠳᠠᠭ᠎ᠠ ᠰᠢᠳᠠᠷ ᠵᠠᠩᠵᠤᠨ ᠨᠤᠭᠤᠳ᠂ ᠨᠣᠶᠠᠳ ᠢ᠋ ᠴᠤᠭᠯᠠᠭᠤᠯᠤᠨ ᠵᠠᠷᠯᠢᠭ ᠮᠠᠢᠭ ᠤ᠋ᠨ ᠵᠦᠢᠯ ᠬᠡᠯᠡᠭᠰᠡᠨ ᠪᠠᠢᠨ᠎ᠠ᠃ ᠲᠡᠷᠡ ᠪᠡᠷ ᠥᠭᠦᠯᠡᠬᠦ ᠳ᠋ᠦ᠍᠄ 
       — ᠪᠢᠳᠡ ᠵᠠᠳᠠᠷᠠᠨ ᠳᠣᠷᠣᠢᠲᠠᠵᠤ ᠪᠠᠢᠭ᠎ᠠ ᠤᠯᠤᠰ ᠭᠦᠷᠦᠨ ᠢ᠋ᠶ᠋ᠡᠨ ᠰᠡᠬᠡᠭᠡᠨ ᠲᠡᠩᠬᠡᠷᠡᠭᠦᠯᠬᠦ ᠶᠣᠰᠣᠲᠠᠢ ᠪᠣᠯᠤᠯ᠎ᠠ᠃ ᠮᠣᠩᠭᠣᠯ ᠤ᠋ᠨ ᠶᠡᠬᠡ ᠤᠯᠤᠰ ᠤ᠋ᠨ ᠨᠢᠭᠡ ᠳᠡᠪᠢᠰᠬᠡᠷ ᠨᠢ ᠬᠢᠲᠠᠳ ᠣᠷᠣᠨ ᠮᠥᠨ᠃  ᠪᠢ ᠲᠡᠭᠦᠨ ᠳ᠋ᠦ᠍ ᠣᠢᠷ᠎ᠠ ᠪᠠᠢᠵᠤ ᠪᠦᠷ ᠳᠡᠷᠭᠡᠳᠡ ᠡᠴᠡ ᠨᠢ ᠬᠢᠲᠠᠳ ᠢ᠋ ᠤᠳᠤᠷᠢᠳᠤᠨ ᠵᠠᠯᠠᠵᠤ ᠪᠠᠢᠬᠤ ᠪᠣᠯᠤᠨ᠎ᠠ᠃ ᠢᠩᠭᠢᠬᠦ ᠦᠭᠡᠢ ᠪᠡᠷ ᠬᠢᠲᠠᠳ ᠢ᠋ ᠡᠦᠲᠦ ᠪᠡᠷ ᠪᠠᠷᠢᠵᠤ ᠴᠢᠳᠠᠬᠤ ᠦᠭᠡᠢ᠃ ᠬᠠᠷᠠᠬᠣᠷᠣᠮ ᠢ᠋ ᠪᠠᠰᠠ ᠲᠣᠮᠣ ᠮᠣᠵᠢ ᠪᠠᠢᠯᠭᠠᠬᠤ ᠶᠣᠰᠣᠲᠠᠢ᠃ ᠲᠡᠢᠮᠦ ᠠᠷᠭ᠎ᠠ ᠶ᠋ᠢ ᠪᠢ ᠪᠣᠳᠣᠵᠤ ᠣᠯᠤᠭᠰᠠᠨ᠃ ᠮᠣᠩᠭᠣᠯ ᠮᠣᠩᠭᠣᠯ ᠢ᠋ᠶ᠋ᠠᠷ ᠢ᠋ᠶ᠋ᠠᠨ᠂ ᠬᠢᠲᠠᠳ ᠬᠢᠲᠠᠳ ᠢ᠋ᠶ᠋ᠠᠷ ᠢ᠋ᠶ᠋ᠠᠨ᠂ ᠪᠠᠷᠠᠭᠤᠨ ᠳᠤᠮᠳᠠᠳᠤ ᠣᠷᠣᠨ (ᠳᠤᠮᠳᠠᠳᠤ ᠠᠽᠢᠶ᠎ᠠ) ᠥᠪᠡᠷ ᠦ᠋ᠨ ᠬᠢ ᠪᠡᠷ᠂ ᠢᠷᠡᠨ ᠢᠷᠡᠨ ᠢ᠋ᠶ᠋ᠡᠷ ᠢ᠋ᠶ᠋ᠡᠨ᠂ ᠠᠯᠲᠠᠨ ᠣᠷᠳᠣᠨ ᠪᠠᠰᠠ ᠥᠪᠡᠷ ᠦ᠋ᠨ ᠬᠢ ᠪᠡᠷ ᠪᠠᠢᠵᠤ᠂ ᠲᠡᠷᠡ ᠭᠠᠵᠠᠷ ᠤ᠋ᠨ ᠶᠣᠰᠣ ᠵᠠᠩᠰᠢᠯ ᠢ᠋ ᠪᠢᠳᠡ ᠬᠡᠪ ᠢ᠋ᠶ᠋ᠡᠷ ᠨᠢ ᠰᠠᠬᠢᠭᠤᠯᠰᠤ ᠶᠣᠰᠣᠲᠠᠢ᠃  ᠲᠡᠭᠡᠵᠦ ᠪᠠᠢᠮᠠᠨᠵᠢᠨ ᠨᠢ ᠣᠯᠠᠨ ᠶᠠᠰᠤᠨ ᠤ᠋ ᠬᠥᠮᠦᠰ ᠨᠢᠭᠡᠨ ᠭᠦᠷᠦᠨ ᠦ᠌ ᠳᠣᠲᠣᠷ᠎ᠠ ᠬᠠᠮᠲᠤ ᠣᠷᠣᠰᠢᠨ ᠪᠠᠢᠵᠤ ᠴᠢᠳᠠᠨ᠎ᠠ᠃ ᠡᠭᠦᠨ ᠦ᠌ ᠲᠥᠯᠥᠭᠡ ᠪᠢ ᠬᠦᠴᠦᠨ ᠵᠢᠳᠬᠦᠨ᠎ᠡ᠃ ᠠᠷᠢᠭᠪᠥ᠋ᠬᠡ ᠡᠭᠦᠨ ᠢ᠋ ᠬᠢᠵᠦ ᠴᠢᠳᠠᠬᠤ ᠦᠭᠡᠢ ᠤᠴᠢᠷ ᠠ᠋ᠴᠠ ᠪᠢ ᠲᠡᠭᠦᠨ ᠲᠡᠢ ᠳᠠᠢᠳᠤᠵᠤ ᠮᠥᠩᠬᠡ ᠲᠡᠭᠷᠢ ᠶ᠋ᠢᠨ ᠠᠪᠤᠷᠠᠯ ᠢ᠋ᠶ᠋ᠠᠷ ᠢᠯᠠᠨ ᠳᠡᠢᠯᠦᠯ᠎ᠡ᠃ ᠠᠷᠢᠭᠪᠥ᠋ᠬᠡ ᠶ᠋ᠢ ᠲᠦᠮᠡᠨ ᠶᠠᠯ᠎ᠠ ᠬᠦᠯᠢᠶᠡᠨ ᠪᠥᠬᠥᠢᠪᠡᠯ ᠪᠢ ᠥᠷᠥᠰᠢᠶᠡᠵᠦ᠂ ᠲᠡᠭᠦᠨ ᠦ᠌ ᠵᠡᠷᠭᠡ ᠶ᠋ᠢ ᠬᠠᠯᠳᠠᠰᠢ ᠦᠭᠡᠢ ᠪᠠᠢᠯᠭᠠᠨ᠎ᠠ᠃ ᠬᠠᠷᠢᠨ ᠲᠡᠭᠷᠢ ᠢᠵᠠᠭᠤᠷ ᠲᠠᠢ ᠮᠢᠨᠢ ᠤᠷᠤᠭ ᠡᠦᠲᠦᠮ ᠢ᠋ ᠡᠪᠳᠡᠬᠦ ᠭᠡᠵᠦ ᠠᠬᠠᠨ ᠳᠡᠭᠦᠦ ᠬᠥᠮᠦᠰ ᠢ᠋ ᠬᠠᠭᠠᠷᠠᠯᠳᠤᠭᠤᠯᠤᠭᠰᠠᠨ ᠨᠢᠭᠡ ᠴᠤ᠌ ᠡᠲᠡᠭᠡᠳ ᠢ᠋ ᠪᠢ ᠠᠭᠤᠴᠢᠯᠠᠨ ᠥᠷᠥᠰᠢᠶᠡᠵᠦ ᠴᠢᠳᠠᠬᠤ ᠦᠭᠡᠢ ᠁ ᠭᠡᠵᠦ ᠬᠡᠯᠡᠭᠰᠡᠨ ᠪᠠᠢᠨ᠎ᠠ᠃ ᠡᠨᠡ ᠦᠭᠡ ᠶ᠋ᠢ ᠴᠢᠬᠢ ᠪᠡᠷ ᠢ᠋ᠶ᠋ᠡᠨ ᠰᠣᠨᠣᠰᠤᠭᠰᠠᠨ ᠬᠥᠮᠦᠨ ᠪᠢᠯᠢᠭᠦᠨ ᠳ᠋ᠦ᠍ ᠬᠡᠯᠡᠯ᠎ᠡ᠃ 
       ᠬᠤᠪᠢᠯᠠᠢ ᠠᠷᠢᠭᠪᠥ᠋ᠬᠡ ᠶ᠋ᠢᠨ ᠬᠠᠭᠠᠨ ᠤ᠋ ᠣᠷᠣ ᠰᠠᠭᠤᠭᠰᠠᠨ ᠬᠡᠷᠡᠭ ᠢ᠋ ᠳᠡᠮᠵᠢᠭᠰᠡᠨ ᠬᠡᠨ ᠢ᠋ ᠴᠤ᠌ ᠪᠣᠯᠪᠠ ᠥᠷᠥᠰᠢᠶᠡᠬᠦ ᠦᠭᠡᠢ ᠭᠡᠵᠦ ᠪᠠᠰᠠ ᠵᠠᠨᠤᠨ᠂ ᠬᠠᠷᠠᠬᠣᠷᠣᠮ ᠠ᠋ᠴᠠ ᠵᠠᠢᠯᠠᠨ ᠭᠠᠷᠴᠤ ᠵᠠᠪᠳᠤᠭ᠎ᠠ ᠦᠭᠡᠢ ᠪᠠᠢᠭᠰᠠᠨ ᠵᠠᠷᠢᠮ ᠨᠣᠶᠠᠳ ᠲᠠᠢᠵᠢ ᠨᠠᠷ ᠢ᠋ ᠭᠡᠷ ᠣᠷᠣᠨ ᠠ᠋ᠴᠠ ᠨᠢ ᠪᠠᠷᠢᠪᠴᠢᠯᠠᠨ᠂ ᠬᠠᠷ᠎ᠠ ᠭᠡᠷ ᠲᠦ᠍ ᠬᠠᠲᠠᠭᠤ ᠬᠠᠷᠠᠭᠠᠯᠵᠠᠭᠠᠨ ᠳᠤ ᠬᠣᠷᠢᠵᠤ ᠪᠠᠢᠭ᠎ᠠ ᠲᠡᠳᠦᠢ ᠦᠭᠡᠢ᠂ ᠳᠠᠬᠢᠨ ᠲᠡᠢᠮᠦ ᠶᠠᠪᠤᠳᠠᠯ ᠭᠠᠷᠭᠠᠭᠤᠯᠬᠤ ᠦᠭᠡᠢ ᠶ᠋ᠢᠨ ᠲᠤᠯᠠᠳᠠ ᠲᠡᠳᠡᠭᠡᠷ ᠨᠣᠶᠠᠳ ᠲᠦᠰᠢᠮᠡᠳ ᠨᠠᠷ ᠢ᠋ ᠴᠡᠷᠢᠭ ᠦ᠋ᠨ ᠶᠣᠰᠣ ᠪᠠᠷ ᠴᠠᠭᠠᠵᠠ ᠪᠠᠷ ᠠᠪᠤᠨ᠎ᠠ ᠭᠡᠵᠦ ᠮᠡᠳᠡᠭᠳᠡᠵᠦ ᠪᠠᠢᠭ᠎ᠠ ᠰᠤᠷᠠᠭ ᠲᠠᠢ᠃ ᠡᠨᠡ ᠴᠤ᠌ ᠦᠨᠡᠨ ᠬᠡᠷᠡᠭ ᠠᠵᠢ᠃ ᠪᠢᠯᠢᠭᠦᠨ ᠬᠠᠷ᠎ᠠ ᠬᠣᠷᠣᠮ ᠳ᠋ᠤ᠌ ᠪᠠᠢᠭᠰᠠᠨ ᠪᠣᠯ ᠡᠦᠲᠦ ᠪᠠᠷᠢᠭᠳᠠᠨ ᠴᠠᠭᠠᠵᠠᠯᠠᠭᠤᠯᠬᠤ ᠨᠢ ᠭᠠᠷᠴᠠᠭ᠎ᠠ ᠦᠭᠡᠢ ᠪᠣᠯᠬᠤ ᠨᠢ ᠠᠶᠠᠨᠳᠠᠭᠠᠨ ᠮᠡᠳᠡᠭᠳᠡᠵᠦ ᠪᠠᠢᠪᠠ᠃ ᠭᠡᠯ᠎ᠡ ᠴᠤ᠌ ᠡᠨᠡ ᠡᠷ᠎ᠡ ᠵᠣᠷᠢᠭ ᠰᠢᠨᠲᠠᠷᠠᠯ ᠦᠭᠡᠢ ᠶᠠᠪᠤᠵᠤ ᠪᠠᠢᠳᠠᠯ ᠢ᠋ ᠠᠵᠢᠭᠰᠠᠭᠠᠷ ᠪᠠᠢᠯ᠎ᠠ᠃ ᠪᠢᠯᠢᠭᠦᠨ ᠪᠣᠯᠵᠣᠭᠰᠠᠨ ᠭᠠᠵᠠᠷ ᠲᠤ᠌ ᠪᠠᠨ ᠰᠥᠨᠢ ᠳᠤᠮᠳᠠ ᠣᠴᠢᠵᠤ ᠳᠠᠭᠠᠭᠤᠯᠤᠨ ᠶᠠᠪᠤᠭ᠎ᠠ ᠬᠥᠮᠦᠰ ᠲᠡᠢ ᠪᠡᠨ ᠠᠭᠤᠯᠵᠠᠬᠤ ᠳ᠋ᠤ᠌ ᠬᠣᠶᠠᠷ ᠬᠥᠮᠦᠨ ᠡᠷᠭᠢᠨ ᠢᠷᠡᠬᠦ ᠦᠭᠡᠢ ᠠᠯᠠᠭ᠎ᠠ ᠪᠣᠯᠵᠤ ᠪᠣᠢ ᠨᠢ ᠲᠡᠳᠡ ᠬᠠᠳᠠᠨ ᠵᠠᠩᠵᠤᠨ ᠤ᠋ ᠭᠠᠷᠭᠠᠭᠰᠠᠨ ᠲᠤᠷᠰᠢᠭᠤᠯ ᠳ᠋ᠤ᠌ ᠪᠠᠷᠢᠭᠳᠠᠵᠤ ᠪᠠᠢᠭ᠎ᠠ ᠨᠢ ᠢᠯᠡᠳᠲᠡ ᠪᠣᠯᠪᠠ᠃ ᠨᠢᠭᠡ ᠣᠯᠵᠠᠭᠤᠷᠬᠠᠮᠠᠷ ᠵᠦᠢᠯ ᠰᠣᠨᠣᠰᠤᠭᠰᠠᠨ ᠨᠢ᠄ ᠠᠷᠢᠭᠪᠥ᠋ᠬᠡ ᠶ᠋ᠢᠨ ᠬᠠᠲᠤᠨ᠂ ᠬᠡᠦᠬᠡᠳ ᠦ᠋ᠳ ᠴᠡᠷᠢᠭ ᠢ᠋ᠶ᠋ᠡᠷ ᠬᠠᠮᠠᠭᠠᠯᠠᠭᠤᠯᠤᠨ᠂ ᠨᠡᠢᠰᠯᠡᠯ ᠡᠴᠡ ᠭᠠᠷᠴᠤ ᠪᠠᠷᠠᠭᠤᠨ ᠬᠣᠢᠲᠤ ᠵᠦᠭ ᠮᠥᠷ ᠪᠤᠷᠤᠭᠤᠯᠠᠨ ᠣᠳᠤᠭᠰᠠᠨ ᠨᠢ ᠭᠠᠷᠴᠠᠭ᠎ᠠ ᠦᠭᠡᠢ᠃  ᠪᠣᠳᠣᠪᠠᠯ ᠲᠡᠳᠡ ᠡᠵᠡᠨ ᠳᠡᠭᠡᠷ᠎ᠡ ᠪᠡᠨ ᠡᠰᠡᠨ ᠮᠡᠨᠳᠦ ᠣᠴᠢᠭᠰᠠᠨ ᠪᠣᠯᠪᠠ ᠤᠤ ᠭᠡᠬᠦ ᠲᠥᠯᠥᠪᠲᠡᠢ ᠲᠤᠯᠠ ᠨᠢᠭᠡ ᠡᠷᠢᠯ  ᠳᠠᠭᠤᠰᠬᠤ ᠨᠢ ᠲᠡᠷᠡ ᠠ᠋᠃ 
       ᠬᠤᠪᠢᠯᠠᠢ ᠬᠣᠶᠠᠷ ᠬᠣᠨᠣᠭ ᠤ᠋ᠨ ᠡᠮᠦᠨ᠎ᠡ ᠨᠡᠯᠢᠶᠡᠳ ᠲᠦᠷᠦᠭᠦᠨ ᠥᠩᠭᠡᠷᠡᠭᠰᠡᠨ ᠰᠤᠷᠬᠤᠭᠳᠠᠨᠢ ① ᠶ᠋ᠢᠨ ᠣᠷᠣᠰᠢᠭᠤᠯᠤᠭᠰᠠᠨ ᠰᠢᠩᠬᠤ ᠠᠭᠤᠯᠠ ᠶ᠋ᠢᠨ  ᠪᠠᠷᠠᠭᠤᠨ ᠰᠤᠭᠤᠨ ᠳ᠋ᠤ᠌ ᠣᠴᠢᠵᠤ ᠳᠠᠢᠯᠭ᠎ᠠ ᠬᠢᠭᠰᠡᠨ ᠭᠡᠨ᠎ᠡ᠃ ᠲᠡᠭᠡᠬᠦ ᠳ᠋ᠦ᠍ ᠪᠡᠨ ᠮᠣᠩᠭᠣᠯ ᠶᠣᠰᠣ ᠪᠠᠷ ᠰᠦ ᠴᠠᠭᠠᠨ ᠢᠳᠡᠭᠡ ᠭᠠᠵᠠᠷ ᠳᠡᠯᠡᠬᠡᠢ ᠳ᠋ᠦ᠍ ᠡᠷᠭᠦᠵᠦ᠂ ᠬᠢᠲᠠᠳ ᠶᠣᠰᠣ ᠪᠠᠷ ᠴᠠᠭᠠᠰᠤ ᠰᠢᠲᠠᠭᠠᠨ᠂ ᠲᠡᠢᠮᠦ ᠴᠡᠴᠡᠭ ᠴᠠᠴᠤᠭᠰᠠᠨ ᠪᠠᠢᠨ᠎ᠠ᠃  ᠡᠭᠦᠨ ᠢ᠋ ᠨᠢ ᠬᠠᠷᠠᠭᠰᠠᠨ ᠬᠥᠮᠦᠰ ᠬᠤᠪᠢᠯᠠᠢ ᠶ᠋ᠢ 《ᠮᠣᠩᠭᠣᠯ ᠬᠢᠲᠠᠳ ᠤ᠋ᠨ ᠬᠣᠭᠣᠷᠣᠨᠳᠣ ᠶ᠋ᠢᠨ ᠰᠠᠭᠠᠷᠮᠠᠭ ᠠᠮᠢᠲᠠᠨ ᠪᠣᠯᠵᠠᠢ》 ᠭᠡᠵᠦ ᠬᠡᠯᠡᠵᠦ ᠪᠠᠢᠭᠰᠠᠨ ᠴᠢᠮᠡᠭᠡ ᠲᠡᠢ᠃ ᠲᠡᠭᠡᠵᠦ ᠳᠠᠢᠯᠭ᠎ᠠ ᠦᠢᠯᠡᠳᠬᠦ ᠳ᠋ᠦ᠍ ᠪᠡᠨ ᠬᠤᠪᠢᠯᠠᠢ 《ᠪᠢ ᠤᠳᠠᠬᠤ ᠦᠭᠡᠢ ᠡᠷᠭᠢᠵᠦ ᠱᠠᠩᠳᠤ ᠬᠣᠲᠠ ᠳ᠋ᠤ᠌ ᠣᠴᠢᠵᠤ ᠡᠮᠦᠨᠡᠲᠦ ᠰᠥᠩ ᠢ᠋ ᠪᠠᠢᠯᠳᠤᠨ ᠳᠠᠭᠠᠭᠤᠯᠬᠤ ᠬᠡᠷᠡᠭ ᠢ᠋ᠶ᠋ᠡᠨ ᠳᠠᠭᠤᠰᠬᠠᠬᠤ ᠶ᠋ᠢ ᠴᠢᠷᠮᠠᠢᠨ᠎ᠠ᠃ ᠲᠡᠭᠦᠨ ᠢ᠋ ᠮᠢᠨᠢ ᠲᠡᠭᠷᠢ ᠥᠷᠥᠰᠢᠶᠡᠲᠦᠭᠡᠢ!  ᠪᠢ ᠬᠠᠷᠠᠬᠣᠷᠣᠮ ᠳ᠋ᠤ᠌ ᠥᠭᠡᠷ᠎ᠡ ᠰᠢᠨ᠎ᠡ ᠵᠠᠬᠢᠷᠤᠭᠴᠢ ᠲᠠᠯᠪᠢᠵᠤ ᠵᠠᠬᠢᠷᠤᠭᠤᠯᠤᠨ᠎ᠠ᠃ ᠲᠡᠷᠡ ᠨᠣᠶᠠᠨ ᠨᠠᠮᠠᠶ᠋ᠢ ᠪᠦᠷᠢᠨ ᠲᠥᠯᠥᠭᠡᠯᠡᠬᠦ ᠲᠤᠯᠠ ᠲᠡᠭᠦᠨ ᠦ᠌ ᠦᠭᠡ ᠮᠢᠨᠦ ᠬᠡᠯᠡᠭᠰᠡᠨ ᠦᠭᠡ ᠪᠠᠢᠬᠤ ᠶᠣᠰᠣᠲᠠᠢ᠃ ᠡᠭᠦᠨ ᠢ᠋ ᠨᠣᠶᠠᠳ ᠤ᠋ᠳ ᠰᠠᠨᠠᠭᠲᠤᠨ!  ᠪᠢ ᠤᠯᠤᠰ ᠢ᠋ᠶ᠋ᠠᠨ ᠰᠢᠨᠡᠴᠢᠯᠡᠨ᠎ᠡ᠃ ᠪᠦᠬᠦ ᠵᠦᠢᠯ ᠢ᠋ ᠰᠢᠨᠡᠴᠢᠯᠡᠨ᠎ᠡ᠃ ᠰᠢᠨ᠎ᠡ ᠪᠡᠷ ᠭᠦᠷᠦᠨ ᠦ᠌ ᠬᠡᠷᠡᠭ ᠢ᠋ ᠵᠢᠯᠣᠭᠣᠳᠤᠨ᠎ᠠ᠃ ᠨᠠᠳᠠᠳᠤ ᠲᠡᠭᠡᠬᠦ ᠳ᠋ᠦ᠍ ᠴᠡᠷᠢᠭ ᠦ᠋ᠨ᠂ ᠡᠳ᠋ ᠶᠠᠭᠤᠮᠠᠨ ᠤ᠋᠂ ᠣᠶᠤᠨ ᠪᠣᠳᠣᠯ ᠤ᠋ᠨ ᠡᠨᠡ ᠭᠤᠷᠪᠠᠨ ᠬᠦᠴᠦᠨ ᠪᠣᠢ》 ᠭᠡᠵᠦ ᠡᠬᠡ ᠶ᠋ᠢ ᠪᠡᠨ ᠣᠷᠣᠰᠢᠭᠤᠯᠤᠭᠰᠠᠨ ᠭᠠᠵᠠᠷ ᠳᠡᠭᠡᠷ᠎ᠡ ᠲᠠᠩᠭᠠᠷᠢᠭ ᠡᠷᠭᠦᠵᠦ ᠪᠠᠢᠭ᠎ᠠ ᠪᠠᠢᠳᠠᠯ ᠢ᠋ᠶ᠋ᠠᠷ ᠬᠡᠯᠡᠵᠡᠢ᠃ ᠡᠨᠡ ᠦᠭᠡ ᠶ᠋ᠢ ᠪᠠᠰᠠ ᠴᠢᠬᠢ ᠪᠡᠷ ᠢ᠋ᠶ᠋ᠡᠨ ᠰᠣᠨᠣᠰᠤᠭᠰᠠᠨ ᠬᠥᠮᠦᠨ ᠪᠢᠯᠢᠭᠦᠨ ᠳ᠋ᠦ᠍ ᠶᠠᠷᠢᠪᠠ᠃ 
       ᠵᠠᠷᠯᠢᠭ ᠶᠣᠰᠣᠭᠠᠷ ᠪᠠᠭ᠎ᠠ ᠲᠦᠰᠢᠮᠡᠯ ᠬᠠᠭᠠᠨ ᠤ᠋ ᠥᠷᠭᠥᠭᠡ ᠤᠷᠤᠭᠤ ᠶᠠᠭᠠᠷᠠᠯᠲᠠᠢ ᠪᠤᠴᠠᠬᠤ ᠶᠣᠰᠣᠲᠠᠢ ᠪᠣᠯᠤᠯ᠎ᠠ᠃ ᠳᠠᠭᠠᠭᠤᠯᠵᠤ ᠶᠠᠪᠤᠭ᠎ᠠ ᠴᠡᠷᠢᠭ ᠦ᠋ᠨ ᠢ᠋ᠶ᠋ᠡᠨ ᠳᠠᠬᠢᠨ ᠪᠦᠷᠢᠳᠬᠡᠨ ᠦᠵᠡᠪᠡᠯ ᠭᠤᠷᠪᠠ ᠨᠢ ᠪᠠᠢᠳᠠᠭ ᠦᠭᠡᠢ᠃ ᠲᠡᠳᠡ ᠪᠠᠷᠢᠭᠳᠠᠭᠰᠠᠨ ᠶᠤᠮ ᠤᠤ᠂ ᠠᠯᠢ ᠠᠬᠠᠨ ᠳᠡᠭᠦᠦ ᠨᠠᠷ ᠯᠤᠭ᠎ᠠ ᠪᠠᠨ ᠶᠠᠪᠤᠭᠰᠠᠨ ᠪᠠᠢᠵᠤ ᠪᠣᠯᠬᠤ ᠪᠣᠯᠪᠠᠴᠤ ᠬᠦᠯᠢᠶᠡᠬᠦ ᠠᠷᠭ᠎ᠠ ᠦᠭᠡᠢ ᠤᠴᠢᠷ ᠠᠨᠠᠢ ᠯᠠ ᠰᠥᠨᠢ ᠬᠠᠭᠠᠰᠯᠠᠭᠠᠳ ᠬᠠᠷᠠᠬᠣᠷᠣᠮ ᠠ᠋ᠴᠠ ᠭᠠᠷᠴᠠᠢ᠃ ᠪᠢᠯᠢᠭᠦᠨ ᠨᠠᠷ ᠢᠷᠡᠭᠰᠡᠨ ᠵᠠᠮ ᠢ᠋ᠶ᠋ᠠᠷ ᠢ᠋ᠶ᠋ᠠᠨ ᠠᠭᠤᠯᠠ ᠶ᠋ᠢᠨ ᠬᠢᠷ᠎ᠠ᠂ ᠬᠠᠳᠠ ᠴᠢᠯᠠᠭᠤ ᠲᠠᠢ ᠭᠠᠵᠠᠷ᠂ ᠣᠢ ᠶ᠋ᠢᠨ ᠰᠢᠭᠤᠢ ᠳᠤᠮᠳᠠᠭᠤᠷ ᠮᠥᠷ ᠪᠤᠷᠤᠭᠤᠯᠠᠨ᠂ ᠬᠣᠶᠠᠷ ᠭᠤᠷᠪᠠ ᠪᠠᠷ ᠰᠠᠯᠵᠤ ᠶᠠᠪᠤᠯ᠎ᠠ᠃ ᠴᠤᠭᠯᠠᠭᠤᠯᠤᠭᠰᠠᠨ ᠮᠡᠳᠡᠭᠡ ᠪᠠᠭ᠎ᠠ ᠪᠣᠯᠪᠠᠴᠤ ᠬᠤᠪᠢᠯᠠᠢ ᠶ᠋ᠢᠨ ᠦᠢᠯᠡᠳᠴᠦ ᠪᠠᠢᠭ᠎ᠠ ᠬᠡᠷᠡᠭ ᠵᠦᠢᠯ ᠢ᠋ ᠣᠯᠵᠤ ᠠᠪᠤᠭᠰᠠᠨ ᠭᠡᠵᠦ ᠲᠦᠰᠢᠮᠡᠯ ᠪᠣᠳᠣᠵᠤ ᠶᠠᠪᠤᠭ᠎ᠠ ᠪᠢᠯᠡ᠃ 
       ᠪᠠᠭ᠎ᠠ ᠦᠳᠡ ᠶ᠋ᠢᠨ ᠬᠢᠷᠢ ᠳ᠋ᠦ᠍ ᠪᠢᠯᠢᠭᠦᠨ ᠬᠣᠶᠠᠷ ᠴᠡᠷᠢᠭ ᠦ᠋ᠨ ᠬᠠᠮᠲᠤ ᠬᠦᠷᠡᠩ ᠠᠵᠢᠷᠭ᠎ᠠ ᠶ᠋ᠢᠨ ᠭᠣᠣᠯ ᠳᠡᠭᠡᠷ᠎ᠡ ᠢᠷᠡᠵᠦ ᠲᠦᠷ ᠰᠠᠭᠠᠳᠤᠨ ᠮᠣᠷᠢ ᠪᠠᠨ ᠤᠰᠤᠯᠠᠵᠤ ᠪᠠᠢᠲᠠᠯ᠎ᠠ ᠨᠢ ᠬᠠᠵᠠᠭᠤ ᠲᠠᠯ᠎ᠠ ᠶ᠋ᠢᠨ ᠪᠤᠷᠭᠠᠰᠤᠨ ᠰᠢᠭᠤᠢ ᠳᠣᠲᠣᠷ᠎ᠠ ᠠ᠋ᠴᠠ ᠭᠡᠨᠡᠳᠲᠡ ᠲᠠᠪᠤᠨ ᠮᠣᠷᠢᠲᠤ ᠴᠡᠷᠢᠭ ᠭᠠᠷᠴᠤ ᠢᠷᠡᠭᠡᠳ ᠰᠢᠭᠤᠳ ᠢᠯᠳᠦ ᠲᠤᠯᠭᠠᠨ ᠪᠡᠶ᠎ᠡ ᠳ᠋ᠦ᠍ ᠨᠢ ᠬᠠᠯᠳᠠᠭᠠᠳ᠂ ᠰᠤᠷ ᠤ᠋ᠨ ᠬᠦᠯᠢᠭ ᠢ᠋ᠶ᠋ᠡᠷ ᠭᠠᠷ ᠢ᠋ ᠨᠢ ᠬᠦᠯᠢᠵᠦ ᠡᠬᠢᠯᠡᠪᠡ᠃ ᠭᠤᠷᠪᠠᠨ ᠬᠥᠮᠦᠨ ᠵᠡᠪᠰᠡᠭᠯᠡᠵᠦ ᠪᠡᠯᠡᠳᠬᠡᠭᠰᠡᠨ ᠲᠠᠪᠤᠨ ᠬᠥᠮᠦᠨ ᠲᠡᠢ ᠲᠡᠩᠴᠡᠵᠦ ᠲᠤᠯᠤᠯᠳᠤᠬᠤ ᠠᠷᠭ᠎ᠠ ᠦᠭᠡᠢ ᠪᠣᠯᠵᠤ ᠪᠠᠷᠢᠭᠳᠠᠯ᠎ᠠ᠃  ᠪᠢᠯᠢᠭᠦᠨ ᠰᠠᠮᠪᠠᠭ᠎ᠠ ᠭᠠᠷᠭᠠᠨ ᠬᠡᠳᠦᠨ ᠦᠭᠡ ᠰᠣᠯᠢᠬᠤ ᠪᠠᠷ ᠠᠶ᠎ᠠ ᠲᠠᠯᠪᠢᠨ ᠪᠠᠢᠵᠤ᠄
       — ᠪᠢᠳᠡᠨ ᠢ᠋ᠶ᠋ᠡᠷ ᠲᠠ ᠨᠠᠷ ᠶᠠᠭᠠᠬᠢᠬᠤ ᠭᠡᠬᠦ ᠪᠣᠢ? ᠮᠠᠯ ᠡᠷᠢᠵᠦ ᠶᠠᠪᠤᠭ᠎ᠠ ᠬᠥᠮᠦᠰ ᠢ᠋ ᠪᠠᠷᠢᠵᠤ ᠠᠪ ᠭᠡᠰᠡᠨ ᠬᠠᠭᠠᠨ ᠤ᠋ ᠵᠠᠷᠯᠢᠭ ᠦᠭᠡᠢ ᠪᠠᠢᠯᠲᠠᠢ ᠪᠢᠯᠡ ᠭᠡᠵᠦ ᠬᠡᠯᠡᠪᠡᠯ ᠬᠤᠪᠢᠯᠠᠢ ᠶ᠋ᠢᠨ ᠴᠡᠷᠢᠭ ᠦ᠋ᠨ ᠠᠷᠪᠠᠲᠤ ᠶ᠋ᠢᠨ ᠳᠠᠷᠤᠭ᠎ᠠ ᠪᠣᠯᠪᠠ ᠤᠤ ᠭᠡᠮᠡᠷ ᠰᠢᠷᠪᠡᠭᠡ ᠰᠠᠬᠠᠯ ᠲᠠᠢ ᠨᠢᠭᠡ ᠡᠷ᠎ᠡ ᠰᠢᠵᠠᠷᠠᠭᠤᠨ ᠪᠠᠢᠳᠠᠯᠲᠠᠢ ᠪᠠᠷ ᠬᠥᠮᠥᠭᠡᠢ ᠵᠠᠭᠤᠨ ᠬᠠᠷᠠᠵᠤ ᠪᠠᠢᠭᠰᠠᠨ ᠢ᠋ᠶ᠋ᠠᠨ ᠳᠠᠭᠤ ᠪᠠᠨ ᠥᠨᠳᠥᠷᠯᠡᠵᠦ᠄ 
       — ᠪᠢᠳᠡ ᠬᠡᠨ ᠢ᠋ ᠶᠠᠭᠠᠬᠢᠬᠤ ᠪᠠᠨ ᠮᠡᠳᠡᠨ᠎ᠡ᠃ ᠲᠠ ᠨᠠᠷ ᠪᠣᠯ ᠤᠷᠤᠭᠤᠳᠠᠯ ᠠᠷᠢᠬᠪᠥᠶ᠋ᠬᠡ ᠶ᠋ᠢᠨ ᠲᠥᠯᠥᠭᠡᠨ ᠦ᠌ ᠡᠲᠡᠭᠡᠳ ᠦ᠋ᠳ ᠭᠠᠷᠴᠠᠭ᠎ᠠ ᠦᠭᠡᠢ ᠮᠥᠨ᠃《ᠮᠠᠯ ᠡᠷᠢᠵᠦ ᠶᠠᠪᠤᠭ᠎ᠠ》 ᠭᠡᠳᠡᠭ ᠴᠢᠨᠢ ᠬᠤᠳᠠᠯ᠃ ᠦᠨᠡᠨ ᠢ᠋ᠶ᠋ᠡᠨ ᠬᠡᠯᠡᠪᠡᠯ ᠲᠠ ᠨᠠᠷ ᠢ᠋ ᠬᠡᠷᠬᠢᠬᠦ ᠪᠡᠨ ᠪᠢᠳᠡ ᠥᠪᠡᠷᠰᠡᠳ ᠢ᠋ᠶ᠋ᠡᠨ ᠮᠡᠳᠡᠵᠦ ᠰᠢᠢᠳᠬᠡᠬᠦ ᠪᠣᠯᠤᠨ᠎ᠠ᠃ ᠬᠠᠷᠠᠭᠰᠠᠭᠠᠷ ᠪᠠᠢᠲᠠᠯ᠎ᠠ ᠲᠠ ᠨᠠᠷ ᠪᠣᠰᠬᠠᠭᠤᠯ ᠬᠥᠮᠦᠰ᠃ ᠲᠠ ᠨᠠᠷ ᠤ᠋ᠨ ᠤᠨᠤᠭᠰᠠᠨ ᠮᠣᠷᠢᠳ ᠶᠠᠭᠠᠬᠢᠭᠠᠳ ᠢᠩᠭᠢᠵᠦ ᠬᠥᠯᠥᠷᠡᠨ ᠰᠢᠷᠠᠯᠠᠭ᠎ᠠ ᠪᠣᠢ? ᠭᠡᠮᠡᠨ ᠠᠮᠠ ᠲᠠᠭᠯᠠᠵᠤ᠂ ᠬᠠᠮᠢᠭᠠᠰᠢ ᠨᠢ ᠴᠤ᠌ ᠬᠥᠳᠡᠯᠭᠡᠬᠦ ᠦᠭᠡᠢ ᠪᠡᠷ ᠮᠣᠷᠢᠨ ᠳ᠋ᠤ᠌ ᠨᠢ ᠮᠣᠷᠳᠠᠭᠤᠯᠤᠭᠠᠳ ᠠᠪᠴᠤ ᠶᠠᠪᠤᠨ᠎ᠠ ᠭᠡᠯ᠎ᠡ᠃ ᠪᠢᠯᠢᠭᠦᠨ ᠲᠡᠳᠡᠨ ᠢ᠋ ᠠᠯᠢ ᠪᠣᠯᠬᠤ ᠪᠠᠷ ᠰᠠᠭᠠᠳᠠᠭᠤᠯᠤᠨ ᠪᠠᠢᠬᠤ ᠰᠠᠨᠠᠭ᠎ᠠ ᠪᠠᠷ ᠶᠠᠷᠢᠶ᠎ᠠ ᠬᠡᠯᠡᠯᠴᠡᠭᠡᠷ ᠡᠭᠦᠰᠬᠡᠨ᠄ 
       — ᠪᠢᠳᠡ ᠴᠢᠨᠢ ᠠᠳᠠᠯᠢᠬᠠᠨ ᠮᠣᠩᠭᠣᠯ ᠡᠷᠡᠴᠦᠳ ᠪᠠᠢᠨ᠎ᠠ ᠳᠠ᠃ ᠪᠡᠶ᠎ᠡ ᠪᠡᠶ᠎ᠡ ᠳ᠋ᠦ᠍ ᠪᠡᠨ ᠢᠲᠡᠭᠡᠬᠦ ᠦᠭᠡᠢ ᠪᠠᠢᠬᠤ ᠤᠴᠢᠷ ᠦᠭᠡᠢ᠃ ᠪᠢᠳᠡ ᠪᠣᠯ ᠨᠢᠭᠡ ᠵᠢᠯ ᠦ᠋ᠨ ᠡᠮᠦᠨ᠎ᠡ《ᠣᠷᠬᠣᠨ ᠲᠦᠮᠡᠲᠦ ᠡᠴᠡ》 ᠬᠠᠯᠠᠭᠳᠠᠭᠰᠠᠨ ᠴᠡᠷᠢᠭ ᠬᠥᠮᠦᠰ ᠰᠢᠦ᠃ ᠲᠠ ᠨᠠᠷ ᠪᠢᠳᠡᠨ ᠢ᠋ ᠥᠷᠥᠰᠢᠶᠡ᠂ ᠡᠷᠢᠯ ᠳ᠋ᠦ᠍ ᠮᠢᠨᠢ ᠶᠠᠪᠤᠭᠤᠯᠤᠭᠠᠴᠢ ᠭᠡᠪᠡ᠃ ᠠᠷᠪᠠᠲᠤ ᠶ᠋ᠢᠨ ᠳᠠᠷᠤᠭ᠎ᠠ ᠰᠠᠬᠠᠯ ᠢ᠋ᠶ᠋ᠠᠨ ᠵᠢᠯᠠᠮᠳᠠᠨ᠂ ᠰᠢᠵᠠᠷᠠᠭᠤᠨ ᠴᠢᠷᠠᠢ ᠭᠠᠷᠭᠠᠵᠤ᠄  
       — ᠬᠠᠷᠠᠬᠣᠷᠣᠮ ᠳ᠋ᠤ᠌ ᠠᠷᠢᠬᠪᠥᠶ᠋ᠬᠡ ᠶ᠋ᠢᠨ ᠲᠤᠷᠰᠢᠭᠤᠯ ᠢᠷᠡᠭᠰᠡᠨ ᠢ᠋ ᠪᠢᠳᠡ ᠮᠡᠳᠡᠭᠰᠡᠨ᠃ ᠪᠤᠤ ᠠᠭᠠᠰᠢᠯᠠ᠃ ᠲᠠ ᠨᠠᠷ ᠤ᠋ᠨ ᠵᠠᠷᠢᠮ ᠢ᠋ ᠪᠢᠳᠡ ᠪᠠᠷᠢᠵᠤ ᠠᠪᠴᠤ ᠥᠴᠢᠭ ᠢ᠋ ᠨᠢ ᠰᠣᠨᠣᠰᠤᠭᠰᠠᠨ ᠭᠡᠵᠦ ᠬᠠᠩᠭᠢᠨᠠᠨ᠂ ᠡᠳᠡᠨ ᠢ᠋ ᠮᠣᠷᠢᠨ ᠳ᠋ᠤ᠌ ᠨᠢ ᠮᠣᠷᠳᠠᠭᠤᠯᠤᠭᠠᠳ ᠬᠦᠯᠢᠵᠦ ᠪᠠᠭᠯᠠᠨ ᠠᠪᠴᠤ ᠶᠠᠪᠤ! ᠭᠡᠵᠦ ᠳᠠᠭᠠᠭᠤᠯ ᠴᠡᠷᠢᠭ ᠦ᠋ᠳ ᠲᠦ᠍ ᠪᠡᠨ ᠲᠤᠰᠢᠶᠠᠯ᠎ᠠ᠃ ᠪᠢᠯᠢᠭᠦᠨ ᠨᠠᠷ ᠬᠢᠷᠢ ᠶᠡᠬᠡ ᠲᠠᠮᠤᠯᠠᠭᠤᠯᠳᠠᠭ ᠪᠣᠯ ᠭᠡᠵᠦ ᠠᠶᠤᠨ᠂ ᠭᠠᠷ ᠤ᠋ᠨ ᠢ᠋ᠶ᠋ᠠᠨ ᠬᠦᠯᠢᠭ ᠢ᠋ ᠰᠤᠯᠠᠯᠠᠬᠤ ᠠᠷᠭ᠎ᠠ ᠬᠠᠢᠵᠤ᠂ ᠨᠢᠭᠡ ᠶ᠋ᠢ ᠬᠦᠯᠢᠶᠡᠨ᠎ᠡ᠃ 
       ᠪᠠᠷᠢᠭᠰᠠᠳ ᠪᠠᠷᠢᠬᠳᠠᠭᠴᠢᠳ ᠢ᠋ ᠮᠣᠷᠢᠨ ᠳ᠋ᠤ᠌ ᠨᠢ ᠮᠣᠷᠳᠠᠭᠤᠯᠬᠤ ᠭᠡᠵᠦ ᠨᠣᠴᠣᠯᠳᠤᠨ᠂ ᠵᠠᠪ ᠵᠠᠢ ᠦᠭᠡᠢ ᠪᠠᠢᠬᠤ ᠵᠠᠭᠤᠷ᠎ᠠ ᠳ᠋ᠤ᠌ ᠪᠢᠯᠢᠭᠦᠨ ᠦ᠌ ᠳᠠᠭᠠᠭᠤᠯ ᠳᠥᠷᠪᠡᠨ ᠴᠡᠷᠢᠭ ᠭᠡᠨᠡᠳᠲᠡ ᠭᠣᠣᠯ ᠤ᠋ᠨ ᠰᠢᠭᠤᠢ ᠳᠣᠲᠣᠷ᠎ᠠ ᠠ᠋ᠴᠠ ᠳᠠᠭᠠᠷᠢᠨ ᠭᠠᠷᠴᠤ ᠢᠷᠡᠵᠦ᠂ ᠬᠣᠷᠣᠮᠬᠠᠨ ᠵᠠᠭᠤᠷ᠎ᠠ ᠳ᠋ᠤ᠌ ᠬᠠᠷᠪᠤᠯᠳᠤᠨ ᠲᠤᠯᠤᠯᠳᠤᠪᠠ᠃ 
       ᠲᠡᠳᠡᠨ ᠦ᠌ ᠨᠢᠭᠡ ᠨᠢ ᠰᠠᠮᠪᠠᠭ᠎ᠠ ᠭᠠᠷᠭᠠᠨ ᠪᠢᠯᠢᠭᠦᠨ ᠨᠠᠷ ᠤ᠋ᠨ ᠭᠠᠷ ᠤ᠋ᠨ ᠬᠦᠯᠢᠭ ᠢ᠋ ᠲᠠᠰᠤ ᠣᠭᠲᠣᠯᠤᠨ ᠰᠤᠯᠠᠯᠠᠵᠠᠢ᠃ ᠲᠦᠷᠭᠡᠨ ᠵᠠᠭᠤᠷ᠎ᠠ ᠳ᠋ᠤ᠌ ᠪᠣᠯᠤᠭᠰᠠᠨ ᠡᠨᠡ ᠨᠣᠴᠣᠯᠳᠤᠭᠠᠨ ᠤ᠋ ᠦᠶ᠎ᠡ ᠪᠡᠷ ᠬᠤᠪᠢᠯᠠᠢ ᠶ᠋ᠢᠨ ᠴᠡᠷᠢᠭ ᠦ᠋ᠨ ᠬᠣᠶᠠᠷ ᠨᠢ ᠬᠦᠨᠳᠦ ᠰᠢᠷᠠᠭᠳᠠᠨ ᠭᠠᠵᠠᠷ ᠲᠤ ᠤᠨᠠᠵᠤ᠂ ᠦᠯᠡᠳᠡᠭᠰᠡᠨ ᠭᠤᠷᠪᠠ ᠶ᠋ᠢ ᠪᠢᠯᠢᠭᠦᠨ ᠦ᠌ ᠴᠡᠷᠢᠭ ᠪᠠᠷᠢᠵᠤ ᠠᠪᠴᠤ ᠬᠦᠯᠢᠪᠡ᠃ ᠡᠳᠡᠨ ᠦ᠌ ᠲᠠᠯ᠎ᠠ ᠠ᠋ᠴᠠ ᠴᠤᠯᠴᠠᠭᠠᠷ ᠨᠡᠷ᠎ᠡ ᠲᠡᠢ ᠨᠢᠭᠡ ᠵᠣᠷᠢᠮᠠᠭ ᠡᠷ᠎ᠡ ᠨᠢ ᠠᠮᠢᠨ ᠭᠣᠣᠯ ᠢ᠋ᠶ᠋ᠠᠷ ᠢ᠋ᠶ᠋ᠠᠨ ᠵᠢᠳᠠᠯᠠᠭᠤᠯᠤᠨ ᠲᠡᠷᠡ ᠳᠣᠣᠷ᠎ᠠ ᠪᠠᠨ ᠠᠮᠢᠰᠬᠤᠭ᠎ᠠ ᠬᠤᠷᠢᠶᠠᠯ᠎ᠠ᠃ ᠶᠠᠮᠠᠷ ᠴᠤ᠌ ᠪᠣᠯᠤᠭᠰᠠᠨ ᠡᠨᠳᠡ ᠡᠴᠡ ᠲᠦᠷᠭᠡᠨ ᠵᠠᠢᠯᠠᠬᠤ ᠶᠣᠰᠣᠲᠠᠢ ᠪᠣᠯᠪᠠ᠃ 
       — ᠵᠠ ᠪᠤᠰᠢᠭᠤᠯᠠ᠃ ᠨᠠᠭᠠᠳᠤ ᠠᠮᠢᠳᠤ ᠭᠤᠷᠪᠠ ᠶ᠋ᠢ ᠪᠡᠨ ᠬᠦᠯᠢᠭᠡᠳ ᠮᠣᠷᠢᠨ ᠳ᠋ᠤ᠌ ᠨᠢ ᠮᠣᠷᠳᠠᠭᠤᠯᠤᠨ ᠠᠪᠤᠭᠠᠳ ᠶᠠᠪᠤ! ᠰᠢᠷᠬ᠎ᠠ ᠲᠠᠢ ᠬᠣᠶᠠᠷ ᠢ᠋ ᠡᠨᠳᠡ ᠨᠢ ᠦᠯᠡᠳᠡᠭᠡ᠂ ᠲᠩᠷᠢ ᠠᠪᠤᠷᠠᠬᠤ ᠪᠢᠵᠡ᠃ ᠴᠤᠯᠴᠠᠭᠠᠷ ᠢ᠋ ᠠᠪᠴᠤ ᠶᠠᠪᠤᠭᠠᠳ ᠠᠶᠠᠲᠠᠢᠬᠠᠨ ᠭᠠᠵᠠᠷ ᠲᠤ ᠣᠷᠣᠰᠢᠭᠤᠯᠤᠨ᠎ᠠ ᠭᠡᠵᠦ ᠪᠢᠯᠢᠭᠦᠨ ᠥᠪᠡᠷ ᠦ᠋ᠨ ᠴᠡᠷᠢᠭ ᠲᠦ᠍ ᠲᠤᠰᠢᠶᠠᠯ ᠥᠭᠭᠦᠭᠡᠳ᠂ ᠲᠡᠷᠡ ᠶᠣᠰᠣᠭᠠᠷ ᠬᠥᠳᠡᠯᠵᠡᠢ᠃ ᠲᠡᠳᠡ ᠪᠦᠲᠦᠨ ᠡᠳᠦᠷ ᠰᠥᠨᠢ ᠶᠠᠪᠤᠭᠠᠳ ᠬᠠᠩᠭᠠᠢ ᠨᠢᠷᠤᠭᠤᠨ ᠳ᠋ᠤ᠌ ᠭᠠᠷᠴᠤ᠂ ᠡᠭ ᠦ᠋ᠨ ᠳᠠᠪᠠᠭᠠᠨ ᠳᠡᠭᠡᠷ᠎ᠡ ᠬᠦᠷᠴᠦ ᠢᠷᠡᠯ᠎ᠡ᠃ ᠴᠤᠯᠴᠠᠭᠠᠷ ᠤ᠋ᠨ ᠱᠠᠷᠢᠯ ᠢ᠋ ᠡᠨᠳᠡ ᠶᠣᠰᠣᠯᠠᠨ ᠲᠠᠯᠪᠢᠪᠠ᠃ ᠡᠭᠦᠨ ᠡᠴᠡ ᠪᠠᠷᠠᠭᠤᠨ ᠲᠡᠢᠰᠢ ᠵᠠᠮ ᠰᠠᠭᠠᠳ ᠦᠭᠡᠢ ᠶ᠋ᠢ ᠮᠡᠳᠡᠬᠦ ᠪᠥᠯᠥᠭᠡ᠃ ᠠᠷᠪᠠᠲᠤ ᠶ᠋ᠢᠨ ᠳᠠᠭᠠᠭᠠᠮᠠᠯ ᠰᠠᠬᠠᠯᠲᠤ ᠡᠷ᠎ᠡ ᠥᠷᠥᠰᠢᠶᠡᠯ ᠭᠤᠶᠤᠭᠰᠠᠭᠠᠷ ᠶᠠᠪᠤᠭᠰᠠᠨ ᠪᠣᠯᠪᠠᠴᠤ ᠲᠡᠭᠦᠨ ᠢ᠋ ᠠᠮᠢᠳᠤ ᠬᠡᠯᠡ ᠪᠣᠯᠭᠠᠨ ᠠᠷᠢᠬᠪᠥᠶ᠋ᠬᠡ ᠶ᠋ᠢᠨ ᠴᠡᠷᠢᠭ ᠦ᠋ᠨ ᠬᠤᠸᠠᠷᠠᠨ ᠳ᠋ᠤ᠌ ᠬᠦᠷᠭᠡᠭᠰᠡᠨ ᠪᠠᠢᠨ᠎ᠠ᠃  
       ᠬᠡᠳᠦ ᠬᠣᠨᠣᠭ ᠤ᠋ᠨ ᠳᠠᠷᠠᠭ᠎ᠠ ᠬᠤᠪᠢᠯᠠᠢ ᠶ᠋ᠢᠨ ᠵᠦᠭ ᠡᠴᠡ ᠬᠥᠬᠡ ᠳᠠᠷᠴᠠᠭ᠂ ᠮᠥᠩᠭᠥᠨ ᠬᠡᠷᠡᠭᠡ ᠪᠠᠷᠢᠭᠰᠠᠨ ᠠᠷᠪᠠᠭᠠᠳ ᠮᠣᠷᠢᠲᠠᠨ ᠠᠷᠢᠬᠪᠥᠶ᠋ᠬᠡ ᠶ᠋ᠢᠨ ᠬᠤᠸᠠᠷᠠᠨ ᠳ᠋ᠤ᠌ ᠳᠠᠪᠬᠢᠨ ᠢᠷᠡᠵᠦ᠂ ᠬᠠᠷᠠᠭᠤᠯ ᠤ᠋ᠨ ᠴᠡᠷᠢᠭ ᠲᠦ᠍ ᠡᠭᠡᠷᠡᠭᠳᠡᠨ᠂《ᠠᠬ᠎ᠠ ᠨᠢ ᠳᠡᠭᠦᠦ ᠳ᠋ᠦ᠍ ᠪᠡᠨ ᠢᠷᠡᠭᠦᠯᠵᠦ ᠪᠠᠢᠭ᠎ᠠ ᠪᠢᠴᠢᠭ ᠢ᠋ ᠭᠠᠷᠳᠠᠨ ᠪᠠᠷᠢᠬᠤ ᠪᠠᠷ ᠶᠠᠪᠤᠭ᠎ᠠ》 ᠭᠡᠮᠡᠨ ᠤᠴᠢᠷᠯᠠᠭᠰᠠᠨ ᠪᠠᠢᠨ᠎ᠠ᠃ ᠡᠭᠦᠨ ᠢ᠋ ᠡᠵᠡᠨ ᠠᠷᠢᠬᠪᠥᠶ᠋ᠬᠡ ᠰᠣᠨᠣᠰᠤᠭᠠᠳ᠄ 
       — ᠪᠢ ᠲᠡᠷᠡ ᠬᠥᠮᠦᠰ ᠲᠡᠢ ᠠᠭᠤᠯᠵᠠᠨ᠂ ᠢᠳᠬᠠᠯᠭ᠎ᠠ ᠰᠣᠨᠣᠰᠬᠤ ᠦᠭᠡᠢ᠃ ᠢᠷᠡᠭᠦᠯᠦᠭᠰᠡᠨ ᠪᠢᠴᠢᠭ ᠢ᠋ ᠨᠢ ᠠᠪᠤᠭᠠᠳ ᠢᠷ᠎ᠡ! ᠭᠡᠵᠡᠢ᠃ ᠡᠨᠡ ᠬᠠᠭᠠᠨ ᠤ᠋ ᠡᠬᠡᠨᠡᠷ ᠬᠡᠦᠬᠡᠳ ᠦ᠋ᠳ ᠡᠷᠭᠢᠵᠦ ᠮᠤᠩᠭᠠᠨᠢᠭᠰᠠᠭᠠᠷ ᠶᠠᠪᠤᠭᠠᠳ ᠰᠠᠶᠢᠬᠠᠨ ᠡᠰᠡᠨ ᠮᠡᠨᠳᠦ ᠬᠤᠸᠠᠷᠠᠨ ᠳ᠋ᠤ᠌ ᠬᠦᠷᠦᠯᠴᠡᠨ ᠢᠷᠡᠭᠰᠡᠨ ᠪᠠᠢᠪᠠ᠃  
       ᠠᠷᠢᠬᠪᠥᠶ᠋ᠬᠡ ᠳᠤᠯᠠᠭᠠᠬᠠᠨ᠂ ᠲᠣᠮᠣ ᠥᠷᠭᠥᠭᠡ ᠭᠡᠷ ᠲᠦ᠍ ᠲᠠᠪᠠᠯᠠᠨ ᠰᠠᠭᠤᠵᠤ ᠪᠠᠢᠭᠠᠳ ᠬᠤᠪᠢᠯᠠᠢ ᠠ᠋ᠴᠠ ᠢᠷᠡᠭᠦᠯᠦᠭᠰᠡᠨ ᠪᠢᠴᠢᠭ ᠢ᠋ ᠨᠡᠭᠡᠭᠡᠨ ᠦᠵᠡᠪᠡᠯ ᠶᠡᠬᠡᠳᠡ ᠳᠡᠭᠡᠷᠡᠯᠬᠡᠭᠰᠡᠨ ᠪᠠᠢᠵᠠᠢ᠃ ᠥᠭᠦᠯᠡᠭᠰᠡᠨ ᠨᠢ《᠁ ᠴᠢ ᠨᠠᠳᠠ ᠳ᠋ᠤ᠌ ᠳᠡᠢᠯᠦᠭᠳᠡᠯ᠎ᠡ᠃ ᠢᠩᠭᠢᠬᠦ ᠶᠣᠰᠣᠲᠠᠢ ᠪᠠᠢᠭᠰᠠᠨ᠃ ᠪᠢ ᠴᠢᠨᠦ ᠠᠬ᠎ᠠ ᠰᠢᠦ ᠳᠡ᠃ ᠴᠢ ᠮᠢᠨᠦ ᠥᠭᠡᠳᠡ ᠡᠴᠡ ᠵᠡᠪᠰᠡᠭ ᠪᠠᠷᠢᠨ ᠵᠣᠭᠰᠣᠨ᠎ᠠ ᠭᠡᠳᠡᠭ ᠪᠠᠢᠵᠤ ᠪᠣᠯᠣᠰᠢ ᠦᠭᠡᠢ ᠵᠦᠢᠯ᠃ ᠰᠠᠢᠲᠤᠷ ᠪᠣᠳᠣᠵᠤ ᠦᠵᠡᠭᠰᠡᠨ ᠪᠣᠯ ᠮᠠᠨ ᠤ᠋ ᠤᠯᠤᠰ ᠤ᠋ᠨ ᠬᠠᠮᠤᠭ ᠰᠢᠯᠢᠳᠡᠭ ᠴᠡᠷᠢᠭ ᠡᠮᠦᠨ᠎ᠡ ᠵᠦᠭ ᠲᠦ᠍ ᠬᠤᠷᠠᠯᠳᠤᠨ᠂ ᠲᠡᠨᠳᠡ ᠳᠣᠯᠣᠭᠠᠨ ᠳ᠋ᠤ᠌ ᠬᠠᠲᠠᠭᠤᠵᠢᠨ ᠶᠠᠪᠤᠭ᠎ᠠ ᠶ᠋ᠢ ᠴᠢ ᠣᠢᠯᠠᠭᠠᠬᠤ ᠪᠠᠢᠭᠰᠠᠨ᠃ ᠪᠢ ᠴᠢᠨᠦ ᠡᠨᠡ ᠭᠡᠨᠡᠬᠡᠨ ᠪᠠᠢᠳᠠᠯ ᠳ᠋ᠤ᠌ ᠶᠡᠬᠡᠳᠡ ᠭᠠᠢᠬᠠᠵᠤ ᠪᠠᠢᠨ᠎ᠠ᠃ ᠤᠭ ᠨᠢ ᠪᠢ ᠴᠢᠮᠠᠶ᠋ᠢ ᠣᠪᠣᠭ᠎ᠠ ᠤᠬᠠᠭᠠᠨ ᠲᠠᠢ ᠭᠡᠵᠦ ᠡᠨᠳᠡᠭᠦᠷᠡᠨ ᠪᠣᠳᠣᠵᠤ ᠪᠠᠢᠵᠠᠢ᠃ ᠭᠡᠬᠦ ᠳ᠋ᠦ᠍ ᠪᠡᠨ ᠪᠢᠳᠡ ᠬᠣᠶᠠᠷ ᠤ᠋ᠨ ᠬᠣᠭᠣᠷᠣᠨᠳᠣ ᠪᠣᠯᠤᠭᠰᠠᠨ ᠲᠤᠯᠤᠯᠳᠤᠭᠠᠨ ᠴᠢᠮᠠᠲᠤ ᠰᠤᠷᠭᠠᠮᠵᠢᠲᠠᠢ ᠵᠦᠢᠯ ᠪᠣᠯᠵᠤ ᠲᠡᠭᠦᠰᠦᠯ᠎ᠡ᠃ ᠨᠠᠳᠠᠳᠤ ᠵᠥᠪᠬᠡᠨ ᠴᠡᠷᠢᠭ ᠦ᠋ᠨ ᠴᠤ᠌ ᠪᠢᠰᠢ᠂ ᠡᠳ᠋ ᠪᠠᠶᠠᠯᠢᠭ ᠤ᠋ᠨ ᠪᠣᠯᠤᠨ ᠣᠢ ᠣᠶᠤᠨ ᠤ᠋ ᠬᠦᠴᠦ ᠲᠡᠩᠬᠡᠭᠡ ᠶᠡᠬᠡ ᠪᠣᠢ ᠶ᠋ᠢ ᠴᠢ ᠮᠠᠷᠲᠠᠬᠤ ᠦᠭᠡᠢ ᠪᠠᠢᠬᠤ ᠪᠢᠵᠡ᠃ ᠡᠷ᠎ᠡ ᠬᠥᠮᠦᠨ ᠭᠡᠮ ᠢ᠋ᠶ᠋ᠡᠨ ᠭᠡᠭᠡᠵᠦ ᠴᠢᠳᠠᠪᠠᠯ ᠤᠬᠠᠭᠠᠨ ᠲᠠᠢ ᠪᠣᠯᠳᠠᠭ ᠭᠡᠳᠡᠭ᠃ ᠴᠢ ᠣᠳᠣ ᠨᠠᠳᠠ ᠳᠡᠭᠡᠷ᠎ᠡ ᠲᠦᠷᠭᠡᠨ ᠢᠷᠡᠵᠦ ᠠᠭᠤᠯᠵᠠ! ᠴᠢᠮᠠᠶ᠋ᠢ ᠪᠢ ᠠᠪᠤᠷᠠᠬᠤ ᠰᠡᠳᠬᠢᠯ ᠬᠦᠴᠦᠲᠡᠢ ᠪᠠᠢᠨ᠎ᠠ᠃ ᠪᠢ ᠤᠳᠠᠬᠤ ᠦᠭᠡᠢ ᠪᠤᠴᠠᠵᠤ᠂ ᠱᠠᠩᠳᠤ ᠳ᠋ᠤ᠌ ᠣᠴᠢᠭᠠᠳ᠂ ᠡᠮᠦᠨᠡᠲᠦ ᠬᠢᠲᠠᠳ ᠢ᠋ ᠲᠦᠪᠰᠢᠳᠬᠡᠬᠦ ᠬᠡᠷᠡᠭ ᠢ᠋ ᠳᠠᠭᠤᠰᠬᠠᠬᠤ ᠪᠤᠳᠤᠯᠲᠠᠢ᠃ ᠲᠡᠭᠡᠬᠦ ᠳ᠋ᠦ᠍ ᠪᠡᠨ ᠬᠠᠷᠠᠬᠣᠷᠣᠮ ᠳ᠋ᠤ᠌ ᠴᠢᠮᠠᠶ᠋ᠢ ᠪᠢᠰᠢ᠂ ᠥᠭᠡᠷ᠎ᠡ ᠰᠢᠨ᠎ᠡ ᠵᠠᠬᠢᠷᠤᠭᠴᠢ ᠲᠣᠮᠢᠯᠠᠨ ᠰᠠᠭᠤᠯᠭᠠᠨ᠎ᠠ᠃ ᠴᠢ ᠡᠭᠦᠨ ᠳ᠋ᠦ᠍ ᠳᠤᠷ᠎ᠠ ᠦᠭᠡᠢᠴᠡᠬᠦ ᠶᠣᠰᠣ ᠦᠭᠡᠢ᠃ ᠴᠢᠨᠦ ᠲᠥᠯᠥᠭᠡ᠂ ᠴᠢᠨᠦ ᠡᠬᠡᠨᠡᠷ ᠬᠡᠦᠬᠡᠳ ᠦ᠋ᠨ ᠲᠥᠯᠥᠭᠡ᠂ ᠤᠯᠤᠰ ᠭᠦᠷᠦᠨ ᠦ᠌ ᠪᠡᠨ ᠡᠷᠬᠡ ᠰᠦᠷ ᠦ᠋ᠨ ᠲᠥᠯᠥᠭᠡ᠂ ᠥᠪᠡᠷ ᠦ᠋ᠨ ᠠᠷᠢᠭᠤᠨ ᠳᠡᠭᠡᠳᠦ ᠤᠷᠤᠭ ᠰᠠᠳᠤᠨ ᠤ᠋ ᠲᠥᠯᠥᠭᠡ ᠴᠢᠮᠠᠶ᠋ᠢ ᠢᠷᠡᠵᠦ ᠨᠠᠳᠠᠲᠠᠢ ᠠᠭᠤᠯᠵᠠ ᠭᠡᠵᠦ ᠪᠢ ᠬᠡᠯᠡᠵᠦ ᠪᠠᠢᠨ᠎ᠠ᠃ ᠴᠢ ᠨᠠᠳᠠ ᠠ᠋ᠴᠠ ᠠᠶᠤᠬᠤ ᠵᠦᠢᠯ ᠦᠭᠡᠢ ᠡᠭᠦᠨ ᠢ᠋ ᠮᠡᠳᠡᠲᠦᠭᠡᠢ᠁ 
       ᠠᠷᠢᠬᠪᠥᠶ᠋ᠬᠡ ᠴᠢᠨᠦ ᠲᠥᠷᠥᠭᠰᠡᠨ ᠠᠬ᠎ᠠ᠂ ᠮᠣᠩᠭᠣᠯ ᠤᠯᠤᠰ ᠤ᠋ᠨ ᠶᠡᠬᠡ ᠬᠠᠭᠠᠨ ᠬᠤᠪᠢᠯᠠᠢ ᠠ᠋ᠴᠠ ᠢᠯᠡᠭᠡᠪᠡ᠃ ᠮᠥᠩᠬᠡ ᠲᠩᠷᠢ ᠠᠬᠠᠨ ᠳᠡᠭᠦᠦ ᠪᠢᠳᠡᠨ ᠢ᠋ ᠥᠷᠥᠰᠢᠶᠡᠨ ᠲᠡᠳᠬᠦᠲᠦᠭᠡᠢ!》 ᠭᠡᠵᠡᠢ᠃ ᠪᠢᠴᠢᠭ ᠢ᠋ ᠠᠷᠢᠬᠪᠥᠶ᠋ᠬᠡ ᠬᠣᠶᠠᠷ ᠳᠠᠬᠢᠨ ᠤᠩᠰᠢᠵᠤ ᠦᠵᠡᠭᠡᠳ ᠲᠣᠭᠰᠢᠭᠤᠷ ᠴᠣᠬᠢᠨ ᠪᠠᠷ᠎ᠠ ᠪᠣᠯᠤᠭᠴᠢ ᠪᠢᠴᠢᠭᠡᠴᠢ ᠪᠡᠨ ᠢᠷᠡᠭᠦᠯᠵᠦ 
       — ᠴᠠᠭᠠᠰᠤ ᠠᠪ! ᠪᠢᠴᠢᠭᠡᠷᠡᠢ! ᠭᠡᠵᠦ ᠬᠡᠯᠡᠭᠡᠳ ᠥᠭᠦᠯᠡᠭᠰᠡᠨ ᠨᠢ《᠁ ᠨᠠᠮᠠᠶ᠋ᠢ ᠳᠣᠷᠣᠮᠵᠢᠯᠠᠭᠰᠠᠨ ᠴᠢᠨᠦ ᠪᠢᠴᠢᠭ ᠢ᠋ ᠦᠵᠡᠭᠡᠳ ᠪᠢ ᠰᠡᠳᠬᠢᠯ ᠬᠥᠭᠡᠷᠦᠭᠰᠡᠨ ᠦᠭᠡᠢ᠃ ᠴᠢ ᠥᠪᠡᠷ ᠢ᠋ ᠪᠡᠨ ᠬᠡᠲᠦᠷᠬᠡᠢ ᠶᠡᠬᠡ ᠳ᠋ᠦ᠍ ᠪᠣᠳᠣᠳᠠᠭ ᠴᠢᠨᠢ ᠬᠡᠪ ᠢ᠋ᠶ᠋ᠡᠷ ᠢ᠋ᠶ᠋ᠡᠨ ᠠᠵᠢ᠃ ᠪᠢ ᠴᠢᠮᠠᠶ᠋ᠢ ᠤᠯᠤᠰ ᠤ᠋ᠨ ᠡᠵᠡᠨ ᠶᠡᠬᠡ ᠬᠠᠭᠠᠨ ᠭᠡᠵᠦ ᠶᠠᠭᠠᠬᠢᠵᠤ ᠦᠵᠡᠬᠦ ᠪᠣᠢ᠃ ᠡᠪᠦᠭᠡ ᠡᠴᠢᠭᠡ ᠡᠵᠡᠨ ᠪᠣᠭᠳᠠ ᠶ᠋ᠢᠨ ᠲᠣᠭᠲᠠᠭᠠᠵᠤ ᠬᠠᠢᠷᠠᠯᠠᠭᠰᠠᠨ〈ᠶᠡᠬᠡ ᠵᠠᠰᠠᠭ〉 ᠬᠠᠤᠯᠢ᠂ ᠲᠡᠭᠦᠨ ᠦ᠌ ᠵᠢᠭᠠᠵᠤ ᠥᠭᠭᠦᠭᠰᠡᠨ ᠵᠢᠷᠤᠮ ᠤ᠋ᠨ ᠶᠣᠰᠣᠭᠠᠷ ᠣᠯᠠᠨ ᠨᠣᠶᠠᠳ ᠤ᠋ᠨ ᠶᠡᠬᠡ ᠬᠤᠷᠠᠯᠳᠠᠢ ᠠ᠋ᠴᠠ ᠨᠠᠮᠠᠶ᠋ᠢ ᠬᠠᠭᠠᠨ ᠳ᠋ᠤ᠌ ᠡᠷᠭᠦᠮᠵᠢᠯᠡᠨ ᠰᠢᠷᠡᠭᠡᠨ ᠳ᠋ᠦ᠍ ᠰᠠᠭᠤᠯᠭᠠᠭᠰᠠᠨ ᠢ᠋ ᠴᠢ ᠥᠨᠥ ᠪᠣᠯᠲᠠᠯ᠎ᠠ ᠣᠢᠯᠠᠭᠠᠵᠤ ᠮᠡᠳᠡᠬᠦ ᠦᠭᠡᠢ᠂ ᠨᠢᠳᠦ ᠠᠨᠢᠨ ᠶᠠᠪᠤᠭ᠎ᠠ ᠳ᠋ᠤ᠌ ᠪᠢ ᠬᠠᠷᠠᠮᠰᠠᠵᠤ ᠪᠠᠷᠠᠬᠤ ᠦᠭᠡᠢ ᠪᠠᠢᠨ᠎ᠠ᠃ ᠮᠥᠩᠬᠡ ᠲᠩᠷᠢ ᠡᠭᠦᠨ ᠢ᠋ ᠪᠣᠯᠭᠣᠭᠠᠨ ᠲᠠᠭᠠᠯᠠᠵᠤ ᠪᠣᠢ ᠨᠢ ᠯᠠᠪᠲᠠᠢ᠂ ᠪᠢ ᠴᠢᠮᠠᠶ᠋ᠢ ᠬᠢᠲᠠᠳ ᠪᠣᠯᠤᠭᠰᠠᠨ ᠭᠡᠵᠦ ᠮᠠᠲᠠᠯ ᠦᠭᠡᠢ ᠶᠠᠭᠠᠬᠢᠬᠤ ᠪᠣᠢ᠂ ᠲᠡᠷᠡ ᠤᠷᠲᠤ ᠳᠡᠪᠡᠯᠲᠡᠨ ᠨᠦ᠍ᠭᠦᠳ ᠴᠢᠨᠢ ᠴᠢᠮᠠᠲᠤ ᠲᠡᠢᠮᠦ ᠴᠦ᠍ ᠶᠡᠬᠡ ᠰᠢᠯᠢᠳᠡᠭ ᠠᠨᠳᠠ ᠴᠢᠨᠢ ᠪᠣᠯᠵᠤ ᠤᠳᠠᠭᠠᠨ ᠶᠠᠪᠤᠬᠤ ᠦᠭᠡᠢ ᠪᠢᠵᠡ ᠠ᠋᠃ ᠡᠭᠦᠨ ᠢ᠋ ᠠᠶᠠᠨᠳᠠᠭᠠᠨ ᠲᠡᠭᠦᠨ ᠦ᠌ ᠦᠢᠯᠡ ᠬᠡᠷᠡᠭ ᠬᠠᠷᠠᠭᠤᠯᠤᠨ᠎ᠠ ᠪᠢᠵᠡ᠃ ᠬᠠᠷᠢᠨ ᠴᠢ ᠪᠢᠳᠡ ᠬᠣᠶᠠᠷ ᠤ᠋ᠨ ᠠᠯᠢ ᠨᠢ ᠴᠦ᠍ ᠲᠡᠭᠦᠨ ᠢ᠋ ᠦᠵᠡᠬᠦ ᠦᠭᠡᠢ ᠪᠠᠢᠵᠤ ᠮᠠᠭᠠᠳ ᠦᠭᠡᠢ᠂ ᠮᠣᠩᠭᠣᠯ ᠲᠦᠮᠡᠨ᠂ ᠪᠢᠳᠡᠨ ᠦ᠌ ᠦᠷ᠎ᠡ ᠰᠠᠲᠤ ᠬᠠᠷᠠᠬᠤ ᠪᠣᠯᠤᠨ᠎ᠠ᠃ ᠡᠭᠦᠨ ᠢ᠋ ᠴᠢ ᠣᠢᠯᠠᠭᠠᠪᠠᠯ ᠵᠣᠬᠢᠨ᠎ᠠ᠃ 
       ᠪᠢ ᠴᠢᠮᠠᠲᠤ ᠣᠴᠢᠵᠤ〈ᠭᠡᠮ ᠢ᠋ᠶ᠋ᠡᠨ〉 ᠨᠠᠮᠠᠨᠴᠢᠯᠠᠬᠤ ᠭᠡᠵᠦ ᠶᠠᠪᠤᠬᠤ ᠦᠭᠡᠢ᠃ ᠴᠢ ᠨᠠᠳᠠᠳᠤ ᠪᠠᠷᠠᠯᠠᠬᠤ ᠶᠣᠰᠣᠲᠠᠢ᠃ ᠤᠴᠢᠷ ᠨᠢ ᠪᠢ ᠤᠯᠠᠮᠵᠢᠯᠠᠯ ᠶᠣᠰᠣ ᠪᠠᠷ ᠣᠯᠠᠨ ᠨᠣᠶᠠᠳ ᠤ᠋ᠨ ᠬᠦᠨᠳᠦᠳᠬᠡᠯ ᠢ᠋ ᠬᠦᠯᠢᠶᠡᠵᠦ ᠣᠷᠣ ᠰᠠᠭᠤᠭᠰᠠᠨ ᠬᠠᠭᠠᠨ ᠪᠢᠯᠡ᠂ ᠴᠢᠨᠦ ᠰᠤᠳᠠᠰᠤ ᠪᠠᠷ ᠮᠠᠨ ᠤ᠋ ᠠᠯᠲᠠᠨ ᠤᠷᠤᠭ ᠤ᠋ᠨ ᠴᠢᠰᠤ ᠭᠦᠶᠦᠵᠦ ᠪᠠᠢᠭ᠎ᠠ ᠪᠣᠯ ᠴᠢ ᠡᠭᠦᠨ ᠢ᠋ ᠣᠢᠯᠠᠭᠠᠬᠤ ᠶᠣᠰᠣᠲᠠᠢ》 ᠭᠡᠵᠦ ᠪᠢᠴᠢᠭᠦᠯᠦᠭᠡᠳ 
       — ᠪᠢᠴᠢᠭ ᠢ᠋ ᠬᠦᠷᠭᠡᠵᠦ ᠢᠷᠡᠭᠰᠡᠨ ᠳᠠᠭᠠᠭᠠᠮᠠᠯ ᠨᠣᠶᠠᠨ ᠳ᠋ᠤ᠌ ᠡᠭᠦᠨ ᠢ᠋ ᠬᠤᠪᠢᠯᠠᠢ ᠶ᠋ᠢᠨ ᠭᠠᠷ ᠲᠤ ᠥᠭ ᠭᠡᠵᠦ ᠬᠡᠯᠡᠭᠡᠳ ᠲᠡᠳᠡᠨ ᠢ᠋ ᠡᠷᠭᠢᠭᠦᠯᠦᠨ ᠶᠠᠪᠤᠭᠤᠯ ᠭᠡᠯ᠎ᠡ᠃ ᠥᠭᠡᠷ᠎ᠡ ᠣᠯᠠᠨ ᠦᠭᠡ ᠬᠡᠷᠡᠭ ᠦᠭᠡᠢ᠃《ᠤᠷᠲᠤ ᠬᠣᠷᠮᠣᠢ ᠬᠥᠯ ᠣᠷᠢᠶᠠᠬᠤ᠂ ᠤᠷᠲᠤ ᠬᠣᠩᠰᠢᠶᠠᠷ ᠬᠦᠵᠦᠭᠦᠦ ᠣᠷᠢᠶᠠᠬᠤ》 ᠭᠡᠳᠡᠭ ᠦᠭᠡ ᠪᠣᠢ ᠪᠢᠵᠡ ᠭᠡᠵᠦ ᠠᠷᠢᠬᠪᠥᠶ᠋ᠬᠡ ᠪᠢᠴᠢᠭᠡᠴᠢ ᠳ᠋ᠦ᠍ ᠪᠡᠨ ᠬᠡᠯᠡᠭᠡᠳ ᠭᠠᠷᠭᠠᠵᠠᠢ᠃ 
       ᠪᠢᠯᠢᠭᠦᠨ ᠠᠷᠢᠬᠪᠥᠶ᠋ᠬᠡ ᠡᠵᠡᠨ ᠳ᠋ᠦ᠍ ᠪᠡᠨ ᠪᠠᠷᠠᠯᠬᠠᠨ ᠦᠵᠡᠭᠰᠡᠨ᠂ ᠰᠣᠨᠣᠰᠤᠭᠰᠠᠨ ᠢ᠋ᠶ᠋ᠠᠨ ᠲᠣᠭᠠᠴᠢᠨ ᠠᠢᠯᠠᠳᠬᠠᠭᠠᠳ᠂ ᠵᠠᠮ ᠳ᠋ᠤ᠌ ᠪᠠᠨ ᠪᠠᠷᠢᠵᠤ ᠢᠷᠡᠭᠰᠡᠨ ᠠᠮᠢᠳᠤ ᠬᠡᠯᠡ ᠶ᠋ᠢ ᠬᠡᠷᠬᠢᠬᠦ ᠲᠤᠬᠠᠢ ᠠᠰᠠᠭᠤᠪᠠᠯ 
       — ᠶᠠᠭᠠᠬᠢᠬᠤ ᠶ᠋ᠢ ᠮᠡᠷᠭᠡᠨ ᠴᠢᠩᠰᠠᠩ ᠤ᠋ᠨ ᠤᠬᠠᠭᠠᠨ ᠮᠡᠳᠡᠲᠦᠭᠡᠢ᠂ ᠴᠠᠭᠠᠳᠤᠭᠤᠯᠠ ᠪᠠᠨ ᠴᠢᠩᠰᠠᠩ ᠳ᠋ᠤ᠌ ᠲᠤᠰᠢᠶᠠᠵᠤ ᠥᠭ ᠭᠡᠳ ᠪᠣᠳᠣᠯ ᠪᠣᠯᠭᠠᠨ ᠰᠠᠭᠤᠬᠤ ᠨᠢ᠂《ᠡᠷ᠎ᠡ ᠬᠥᠮᠦᠨ ᠦ᠌ ᠳᠣᠲᠣᠷ᠎ᠠ ᠡᠮᠡᠭᠡᠯᠲᠦ ᠮᠣᠷᠢ ᠪᠠᠭᠲᠠᠨ᠎ᠠ》 ᠭᠡᠭᠴᠢ ᠪᠡᠷ ᠶᠡᠬᠡ ᠶᠠᠭᠤᠮ᠎ᠠ ᠶ᠋ᠢ ᠲᠠᠢᠪᠤᠩ ᠪᠠᠢᠳᠠᠯ ᠢ᠋ᠶ᠋ᠠᠷ ᠲᠤᠩᠭᠠᠵᠤ ᠪᠠᠢᠭ᠎ᠠ ᠪᠣᠯᠪᠠ ᠤᠤ ᠭᠡᠬᠦ ᠪᠡᠷ ᠳᠥᠯᠭᠡᠬᠡᠨ ᠬᠠᠷᠠᠴᠠ ᠲᠠᠢ ᠪᠠᠢᠪᠠ᠃ 
       ᠠᠷᠢᠬᠪᠥᠶ᠋ᠬᠡ ᠪᠢᠯᠢᠭᠦᠨ ᠳ᠋ᠦ᠍ ᠬᠠᠨᠳᠤᠵᠤ᠄ 
       — ᠨᠡᠢᠰᠯᠡᠯ ᠦ᠋ᠨ ᠥᠩᠭᠡ ᠵᠢᠪᠬᠤᠭ᠎ᠠ ᠶᠠᠮᠠᠷ ᠬᠠᠷᠠᠭᠳᠠᠵᠤ ᠪᠠᠢᠨ᠎ᠠ ᠪᠣᠢ? ᠭᠡᠮᠡᠨ ᠠᠰᠠᠭᠤᠯ᠎ᠠ᠃ ᠲᠦᠰᠢᠮᠡᠯ ᠤᠷᠲᠤ ᠪᠠᠷ ᠠᠮᠢᠰᠬᠤᠭᠠᠯᠠᠨ᠄ 
       — ᠡᠳᠦᠷ ᠪᠦᠷᠢ ᠤᠯᠠᠭᠠᠨ ᠲᠣᠭᠣᠰᠣ ᠬᠠᠳᠠᠨ᠂ ᠲᠩᠷᠢ ᠪᠦᠦᠳᠡᠢᠭᠡᠳ᠂ ᠬᠠᠷᠠᠬᠣᠷᠣᠮ ᠳ᠋ᠤ᠌ ᠨᠠᠷᠠ ᠭᠬᠢᠷᠲᠦᠭᠰᠡᠨ ᠰᠢᠨᠵᠢᠲᠡᠢ ᠪᠠᠢᠨ᠎ᠠ ᠪᠢᠯᠡ ᠭᠡᠵᠦ ᠬᠠᠷᠢᠭᠤ ᠠᠢᠯᠠᠳᠬᠠᠪᠠ᠃  

— — — —
① ᠬᠡᠷᠡᠢᠳ ᠠᠢᠮᠠᠭ ᠤ᠋ᠨ ᠸᠠᠩ ᠬᠠᠨ ᠤ᠋ ᠳᠡᠭᠦᠦ ᠵᠠᠬ᠎ᠠ ᠬᠠᠮᠪᠤ ᠶ᠋ᠢᠨ ᠬᠣᠶᠠᠳᠤᠭᠠᠷ ᠥᠬᠢᠨ ᠰᠤᠷᠬᠤᠭᠳᠠᠨᠢ  ᠪᠡᠬᠢ ᠨᠢ ᠾᠷᠢᠰᠲ᠋ᠣᠰ ᠱᠠᠰᠢᠨ ᠰᠢᠲᠦᠳᠡᠭ᠃ ᠢᠰᠯᠠᠮ ᠱᠠᠰᠢᠨ ᠢ᠋ ᠪᠠᠰᠠ ᠬᠠᠮᠠᠭᠠᠯᠠᠳᠠᠭ ᠪᠠᠢᠭᠰᠠᠨ᠃ ᠡᠨᠡ ᠬᠠᠲᠤᠨ ᠠ᠋ᠴᠠ ᠮᠥᠩᠬᠡ᠂ ᠬᠤᠪᠢᠯᠠᠢ᠂ ᠢᠷᠡᠨ ᠦ᠌ ᠬᠠᠨ ᠬᠥᠯᠡᠬᠦ᠂ ᠠᠷᠢᠭᠪᠥ᠋ᠬᠡ ᠲᠥᠷᠥᠭᠰᠡᠨ᠂ ᠥᠪᠡᠷ ᠢ᠋ᠶ᠋ᠡᠨ ᠰᠡᠷᠭᠦᠯᠡᠩ ᠤᠬᠠᠭᠠᠨ ᠲᠠᠢ᠂ ᠲᠤᠬᠠᠢ ᠶ᠋ᠢᠨ ᠴᠠᠭ ᠲᠤ᠌ ᠪᠠᠨ ᠪᠣᠯᠪᠠᠰᠤᠷᠠᠯᠲᠠᠢ᠂ ᠥᠨᠳᠥᠷ ᠶᠣᠰᠣ ᠰᠤᠷᠲᠠᠬᠤᠨ ᠲᠠᠢ ᠬᠠᠲᠤᠨ ᠪᠠᠢᠭᠰᠠᠨ᠃  ᠡᠷ᠎ᠡ ᠨᠥᠬᠥᠷ ᠲᠤᠯᠤᠢ ᠪᠠᠨ ᠨᠠᠰᠤ ᠪᠠᠷᠠᠬᠤ ᠳ᠋ᠤ᠌ ᠬᠠᠮᠤᠭ ᠬᠡᠷᠡᠭ ᠢ᠋ ᠨᠢ ᠬᠠᠮᠢᠶᠠᠷᠤᠨ ᠶᠠᠪᠤᠭᠤᠯᠵᠤ᠂ ᠵᠦᠴᠢ ᠶ᠋ᠢᠨ ᠬᠦᠦ ᠪᠠᠲᠤ ᠬᠠᠨ ᠲᠠᠢ ᠠᠮᠢᠨ ᠬᠣᠯᠪᠣᠭ᠎ᠠ ᠲᠠᠢ ᠪᠠᠢᠭᠰᠠᠨ᠃ ᠰᠤᠷᠬᠤᠭᠳᠠᠨᠢ ᠶ᠋ᠢ ᠨᠠᠰᠤ ᠪᠠᠷᠠᠭᠰᠠᠨ ᠢ᠋ ᠲᠡᠦᠬᠡ ᠰᠤᠳᠤᠷ ᠲᠤ᠌ ᠪᠠᠰᠠ ᠵᠥᠷᠢᠶ᠎ᠡ ᠲᠡᠢ ᠪᠢᠴᠢᠭᠰᠡᠨ ᠪᠠᠢᠨ᠎ᠠ᠃ ᠠᠯᠲᠠᠨᠱᠠ ᠶ᠋ᠢᠨ ᠪᠢᠴᠢᠭᠰᠡᠨ 《ᠮᠣᠩᠭᠣᠯ ᠤ᠋ᠨ ᠭᠤᠷᠪᠠᠨ ᠬᠠᠭᠠᠨ》 ᠨᠣᠮ ᠳ᠋ᠤ᠌ ᠲᠡᠷᠡ ᠬᠠᠲᠤᠨ ᠢ᠋ ᠮᠥᠩᠬᠡ ᠶ᠋ᠢ ᠬᠠᠭᠠᠨ ᠰᠠᠭᠤᠭᠰᠠᠨ ᠤ᠋ ᠳᠠᠷᠠᠭᠠᠬᠠᠨ ᠨᠢ 1252 ᠣᠨ ᠤ᠋ ᠨᠠᠮᠤᠷ ᠨᠠᠰᠤ ᠪᠠᠷᠠᠭᠰᠠᠨ ᠪᠠᠢᠲᠠᠯᠲᠠᠢ ᠥᠭᠦᠯᠡᠭᠰᠡᠨ᠃ ᠪᠢ ᠡᠨᠡ ᠵᠣᠬᠢᠶᠠᠯ ᠳ᠋ᠤ᠌ ᠲᠡᠭᠦᠨ ᠢ᠋ ᠨᠡᠯᠢᠶᠡᠨ ᠬᠣᠢᠨ᠎ᠠ ᠰᠡᠷᠡᠭᠦᠨ ᠪᠠᠢᠭᠰᠠᠨ ᠢ᠋ᠶ᠋ᠠᠷ ᠳᠦᠷᠰᠦᠯᠡᠪᠡ᠃ ᠡᠨᠡ ᠨᠢ ᠪᠠᠰᠠ ᠥᠭᠡᠷ᠎ᠡ ᠲᠡᠦᠬᠡᠨ ᠳ᠋ᠦ᠍ ᠲᠤᠯᠭᠠᠭᠤᠷᠢᠯᠠᠭᠰᠠᠨ ᠢ᠋ᠶ᠋ᠠᠨ ᠠᠳᠠ ᠥᠴᠢᠶ᠎ᠡ᠃

      ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠳᠠᠪᠰᠢᠯᠲᠦ᠂ ᠴᠣᠯᠮᠣᠨᠲᠤᠶᠠᠭ᠎ᠠ