ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠲᠠᠪᠤ> Элсэнд булагдсан сувдаа – П.Оюунгэрэл <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠲᠠᠪᠤ> Элсэнд булагдсан сувдаа – П.Оюунгэрэл <5>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠲᠠᠪᠤ> Элсэнд булагдсан сувдаа – П.Оюунгэрэл <5>

ᠠᠩᠭᠢᠯᠠᠯ:ᠲᠤᠭᠤᠵᠢ ᠷᠣᠮᠠᠨ
2026-08-30

9

ᠡᠯᠡᠰᠦᠨ ᠳᠦ ᠪᠤᠯᠠᠭᠳᠠᠭᠰᠠᠨ ᠰᠤᠪᠤᠳ –<ᠲᠠᠪᠤ>


               ᠲᠠᠪᠤ  

       ᠰᠠᠢᠰᠢᠶᠠᠯᠲᠤ ᠶ᠋ᠢ ᠠᠯᠤᠰ ᠬᠣᠯᠠ ᠪᠣᠢᠳᠠ ᠪᠥᠭᠯᠡᠭᠦᠦ ᠭᠠᠵᠠᠷ ᠪᠣᠯᠬᠤ ᠰᠣᠩᠭᠢᠨᠠᠲᠤ ᠰᠤᠮᠤᠨ ᠤ᠋ ᠪᠠᠭ᠎ᠠ ᠰᠤᠷᠭᠠᠭᠤᠯᠢ ᠳ᠋ᠤ᠌ ᠵᠠᠬᠢᠷᠤᠯ ᠢ᠋ᠶ᠋ᠠᠷ ᠳᠡᠪᠰᠢᠭᠦᠯᠦᠨ ᠰᠢᠯᠵᠢᠭᠦᠯᠵᠡᠢ᠃ ᠬᠡᠴᠢᠨᠡᠨ ᠣᠯᠠᠨ ᠬᠦᠴᠢᠷ ᠪᠡᠷᠬᠡᠰᠢᠶᠡᠯ ᠢ᠋ ᠲᠤᠭᠤᠯᠤᠨ ᠠᠵᠢᠯ ᠠᠮᠢᠳᠤᠷᠠᠯ ᠨᠢ ᠳᠥᠩᠭᠡᠵᠦ ᠲᠣᠭᠲᠠᠪᠤᠷᠢ ᠲᠠᠢ ᠪᠣᠯᠵᠤ ᠢᠷᠡᠬᠦ ᠳ᠋ᠦ᠍ ᠬᠠᠷᠢᠨ ᠣᠨᠳᠣᠣ ᠭᠠᠵᠠᠷ ᠲᠤ᠌ ᠣᠴᠢᠭᠤᠯᠬᠤ ᠪᠣᠯᠤᠭᠰᠠᠨ ᠨᠢ ᠭᠠᠪᠢᠷ᠎ᠠ ᠳ᠋ᠤ᠌ ᠬᠦᠯᠢᠶᠡᠬᠦ ᠳ᠋ᠦ᠍ ᠪᠡᠷᠬᠡ ᠲᠡᠢ ᠰᠠᠨᠠᠭᠳᠠᠨ᠎ᠠ᠃ ᠬᠡᠵᠢᠶᠡᠳᠡ ᠠᠷᠠᠯ ᠳ᠋ᠤ᠌ ᠰᠤᠷᠮᠠᠭᠠᠢ ᠨᠣᠮᠣᠬᠠᠨ ᠱᠠᠷ ᠰᠢᠭ᠋ ᠬᠠᠮᠢᠭ᠎ᠠ ᠵᠢᠭᠠᠭᠰᠠᠨ ᠭᠠᠵᠠᠷ ᠤᠷᠤᠭᠤ ᠨᠢ ᠵᠢᠳᠬᠦᠵᠦ ᠶᠠᠪᠤᠳᠠᠭ ᠰᠠᠢᠰᠢᠶᠠᠯᠳᠤ ᠳ᠋ᠤ᠌ ᠠᠪᠴᠤ ᠬᠡᠯᠡᠪᠡᠯ ᠲᠡᠢᠮᠦ ᠴᠦ᠍ ᠲᠦᠪᠡᠭᠲᠡᠢ ᠰᠠᠨᠠᠭᠳᠠᠭᠰᠠᠨ ᠦᠭᠡᠢ ᠨᠢ ᠮᠡᠳᠡᠭᠡᠵᠢ ᠶ᠋ᠢᠨ ᠬᠡᠷᠡᠭ᠃ ᠭᠡᠲᠡᠯ᠎ᠡ ᠭᠠᠪᠢᠷ᠎ᠠ ᠲᠤᠢᠯ ᠢ᠋ᠶ᠋ᠠᠷ ᠠᠭᠤᠷᠯᠠᠨ ᠪᠠᠴᠢᠮᠳᠠᠪᠠ᠃ 
       — ᠡᠨᠡ ᠰᠤᠷᠭᠠᠭᠤᠯᠢ ᠶ᠋ᠢ ᠪᠠᠢᠭᠤᠯᠬᠤ ᠭᠡᠵᠦ ᠴᠢ ᠪᠢᠳᠡ ᠬᠣᠶᠠᠷ ᠬᠡᠴᠢᠨᠡᠨ ᠣᠯᠠᠨ ᠬᠦᠴᠢᠷ ᠢ᠋ ᠳᠤᠭᠤᠯᠪᠠ? ᠠᠷᠠᠢ ᠭᠡᠵᠦ ᠬᠥᠯ ᠤᠯᠠ ᠪᠠᠨ ᠣᠯᠵᠤ ᠲᠠᠪᠠᠯᠠᠵᠤ ᠰᠠᠭᠤᠷᠢᠰᠢᠭᠠᠳ ᠢᠷᠡᠬᠦᠯᠡᠷ ᠪᠠᠰᠠ ᠥᠭᠡᠷ᠎ᠡ ᠭᠠᠵᠠᠷ ᠶᠠᠪᠤᠭᠤᠯᠴᠢᠬᠠᠨ᠎ᠠ ᠭᠡᠳᠡᠭ ᠴᠢᠨᠢ᠂ ᠲᠡᠷᠡ ᠵᠠᠬᠢᠷᠤᠯ ᠢ᠋ ᠨᠢ ᠰᠠᠭᠤᠬᠤ ᠬᠡᠷᠡᠭ ᠦᠭᠡᠢ᠃ ᠡᠨᠳᠡ ᠪᠡᠨ ᠡᠩ ᠦ᠋ᠨ ᠪᠠᠭᠰᠢ ᠪᠠᠷ ᠢ᠋ᠶ᠋ᠠᠨ ᠪᠠᠢᠬᠤ ᠶ᠋ᠢ ᠭᠤᠶᠤᠪᠠᠯ ᠶᠠᠭᠠᠬᠢᠭᠰᠠᠨ ᠪᠣᠢ?《ᠵᠢᠳᠬᠦᠭᠰᠡᠨ ᠦᠬᠡᠷ ᠦ᠋ᠨ ᠵᠢᠷᠦᠬᠡ ᠶ᠋ᠢ》 ᠭᠡᠭᠴᠢ ᠪᠡᠷ ᠡᠨᠡ ᠳᠠᠷᠤᠭ᠎ᠠ ᠨᠠᠷ ᠨᠡᠭᠡᠷᠡᠨ ᠪᠣᠯᠵᠤ ᠪᠠᠢᠨ᠎ᠠ ᠠ᠋! ᠠᠯᠠᠭᠠᠨ ᠴᠢᠨᠡᠭᠡᠨ ᠭᠠᠵᠠᠷ ᠤ᠋ᠨ ᠬᠡᠳᠦᠬᠡᠨ ᠬᠥᠮᠦᠨ ᠲᠡᠢ ᠰᠤᠷᠭᠠᠭᠤᠯᠢ ᠳ᠋ᠤ᠌ ᠵᠠᠬᠢᠷᠤᠯ ᠨᠡᠷ᠎ᠡ ᠵᠡᠭᠦᠵᠦ ᠶᠠᠪᠤᠬᠤ ᠶ᠋ᠢᠨ ᠣᠷᠣᠨ ᠳ᠋ᠤ᠌ ᠡᠨᠳᠡ ᠪᠡᠨ ᠪᠠᠢᠭᠰᠠᠨ ᠳᠡᠭᠡᠷ᠎ᠡ ᠪᠢᠰᠢ ᠤᠤ?  
       ᠲᠡᠷᠡ ᠬᠣᠶᠠᠷ ᠬᠤᠷᠢᠮᠯᠠᠭᠠᠳ ᠨᠠᠢ᠍ᠮᠠᠨ ᠵᠢᠯ ᠪᠣᠯᠲᠠᠯ᠎ᠠ ᠰᠠᠢᠰᠢᠶᠠᠯᠳᠤ ᠠᠩᠬ᠎ᠠ ᠤᠳᠠᠭ᠎ᠠ ᠪᠠᠨ ᠪᠦᠰᠡᠭᠦᠢ ᠶ᠋ᠢᠨ ᠢ᠋ᠶ᠋ᠡᠨ ᠢᠩᠭᠢᠵᠦ ᠠᠭᠤᠷᠯᠠᠬᠤ ᠶ᠋ᠢ ᠬᠠᠷᠠᠵᠤ ᠪᠣᠢ᠃ ᠲᠡᠭᠦᠨ ᠦ᠌ ᠬᠡᠯᠡᠬᠦ ᠶᠣᠰᠣ ᠦᠭᠡᠢ ᠪᠢᠰᠢ ᠶᠦᠮ᠃ 
       ᠲᠡᠷᠡ ᠭᠡᠷᠭᠡᠢ ᠶ᠋ᠢᠨ ᠢ᠋ᠶ᠋ᠡᠨ ᠲᠠᠢᠪᠤᠰᠢᠷᠠᠬᠤ ᠶ᠋ᠢ ᠬᠦᠯᠢᠶᠡᠵᠦ ᠤᠳᠠᠲᠠᠯ᠎ᠠ ᠳᠠᠭᠤ ᠦᠭᠡᠢ ᠰᠠᠭᠤᠭᠰᠠᠨ ᠢ᠋ᠶ᠋ᠠᠨ 
       — ᠪᠢᠳᠡ ᠬᠣᠶᠠᠷ ᠠᠵᠢᠯ ᠳ᠋ᠤ᠌ ᠭᠠᠷᠤᠭᠠᠳ ᠰᠠᠶᠢ ᠬᠡᠳᠦᠬᠡᠨ ᠵᠢᠯ ᠪᠣᠯᠵᠤ ᠪᠠᠢᠨ᠎ᠠ ᠪᠣᠢ! ᠵᠣᠬᠢᠶᠠᠨ ᠪᠠᠢᠭᠤᠯᠤᠯᠲᠠ ᠶ᠋ᠢᠨ ᠬᠤᠪᠢᠶᠠᠷᠢᠯᠠᠯᠲᠠ ᠶ᠋ᠢ ᠳᠠᠭᠠᠬᠤ ᠦᠭᠡᠢ ᠪᠣᠯᠤᠨ᠎ᠠ ᠤᠤ? ᠪᠢ ᠤᠷᠢᠳ ᠢ᠋ᠶ᠋ᠠᠷ ᠣᠴᠢᠵᠤ ᠣᠷᠣᠨ ᠪᠠᠢᠷᠢ ᠪᠠᠨ ᠲᠥᠪᠬᠢᠨᠡᠭᠦᠯᠦᠭᠡᠳ ᠢᠷᠡᠬᠦ ᠵᠢᠯ ᠡᠴᠡ ᠭᠡᠷ ᠪᠦᠯᠢ ᠪᠡᠨ ᠠᠪᠠᠴᠢᠶ᠎ᠠ ᠭᠡᠰᠡᠨ ᠳ᠋ᠦ᠍ ᠵᠥᠪᠰᠢᠶᠡᠷᠡᠭᠰᠡᠨ ᠶᠦᠮ ᠭᠡᠯ᠎ᠡ᠃ ᠭᠠᠪᠢᠷ᠎ᠠ ᠳᠠᠬᠢᠭᠠᠳ ᠶᠠᠭᠤ ᠴᠤ᠌ ᠳᠤᠤᠭᠠᠷᠤᠭᠰᠠᠨ ᠦᠭᠡᠢ ᠨᠢᠳᠦᠨ ᠳ᠋ᠦ᠍ᠨᠢ ᠨᠢᠯᠪᠤᠰᠤ ᠮᠡᠯᠲᠡᠯᠵᠡᠵᠦ ᠤᠷᠤᠭᠤᠯ ᠨᠢ ᠴᠡᠴᠡᠷᠬᠢᠯᠡᠨ᠎ᠡ᠃ 
       ᠬᠡᠳᠦᠨ ᠡᠳᠦᠷ ᠦ᠋ᠨ ᠬᠢᠨᠢ ᠳᠠᠷᠠᠭ᠎ᠠ ᠰᠠᠢᠰᠢᠶᠠᠯᠳᠤ ᠬᠡᠦᠬᠡᠳ ᠦ᠋ᠳ ᠲᠡᠭᠡᠨ ᠲᠠᠷᠢᠶᠠᠯᠠᠩ ᠪᠠᠷᠢᠭᠠᠳᠠ᠎ᠠ᠋ᠴᠠ ᠨᠢᠭᠡᠨ ᠠᠰᠠᠷᠠᠭᠴᠢ ᠣᠯᠵᠤ ᠥᠭᠭᠦᠭᠰᠡᠨ ᠰᠢᠨ᠎ᠡ ᠠᠵᠢᠯ ᠤ᠋ᠨ ᠪᠠᠢᠷᠢ ᠳ᠋ᠠᠭᠠᠨ ᠶᠠᠪᠤᠬᠤ ᠪᠣᠯᠪᠠ᠃ 
       ᠰᠤᠮᠤᠨ ᠤ᠋ ᠤᠳᠤᠷᠢᠳᠤᠯᠭ᠎ᠠ᠂ ᠡᠯ᠎ᠡ ᠭᠠᠴᠠᠭᠠᠨ ᠤ᠋ ᠳᠠᠷᠤᠭ᠎ᠠ ᠨᠠᠷ ᠴᠤ᠌ ᠣᠷᠣᠯᠴᠠᠭᠰᠠᠨ ᠦᠳᠡᠬᠦ ᠶᠣᠰᠣᠯᠠᠯ ᠢ᠋ ᠰᠤᠷᠭᠠᠭᠤᠯᠢ᠎ᠠ᠋ᠴᠠ ᠨᠢ ᠨᠢᠵᠢᠭᠢᠷ ᠬᠢᠪᠡ᠃ ᠣᠯᠠᠨ ᠴᠤ᠌ ᠭᠡᠷ ᠦ᠋ᠨ ᠠᠬᠠᠮᠠᠳ ᠵᠠᠯᠠᠯᠭ᠎ᠠ ᠦᠭᠡᠢ ᠪᠡᠷ ᠬᠦᠷᠦᠯᠴᠡᠨ ᠢᠷᠡᠵᠡᠢ᠃《ᠬᠠᠢᠷᠠᠨ ᠰᠠᠢᠨ ᠪᠠᠭᠰᠢ ᠶ᠋ᠢ ᠶᠠᠪᠤᠭᠤᠯᠴᠢᠬᠠᠯ᠎ᠠ》 ᠭᠡᠵᠦ ᠣᠯᠠᠨ ᠢ᠋ᠶ᠋ᠠᠷ ᠢ᠋ᠶ᠋ᠠᠨ ᠬᠠᠷᠠᠮᠰᠠᠵᠤ ᠪᠠᠢᠯ᠎ᠠ᠃ ᠡᠨᠡ ᠦᠳᠡᠯᠲᠡ ᠡᠴᠦᠰ ᠦ᠋ᠨ ᠪᠠᠢᠭᠰᠠᠨ ᠭᠡᠳᠡᠭ ᠢ᠋ ᠬᠡᠨ ᠰᠠᠨᠠᠵᠤ ᠣᠯᠬᠤ ᠠᠵᠢ᠃  
       ᠰᠠᠢᠰᠢᠶᠠᠯᠲᠤ ᠰᠢᠨ᠎ᠡ ᠭᠠᠵᠠᠷ ᠲᠠᠭᠠᠨ ᠣᠴᠢᠵᠤ ᠰᠠᠷ᠎ᠠ ᠪᠣᠯᠤᠭᠰᠠᠨ ᠤ᠋ ᠬᠢᠨᠢ ᠳᠠᠷᠠᠭ᠎ᠠ ᠭᠠᠪᠢᠷ᠎ᠠ ᠶ᠋ᠢ ᠴᠦ᠍ ᠠᠵᠢᠯ ᠰᠢᠯᠵᠢᠭᠦᠯᠦᠭᠰᠡᠨ ᠮᠡᠳᠡᠭᠳᠡᠯ ᠨᠢ ᠪᠠᠭᠤᠭᠰᠠᠨ ᠪᠠᠢᠯ᠎ᠠ᠃ ᠡᠳᠡᠨ ᠦ᠌ ᠬᠢ ᠳᠠᠷᠠᠭ᠎ᠠ ᠵᠢᠯ ᠢ᠋ ᠬᠦᠯᠢᠶᠡᠬᠦ ᠪᠣᠯᠤᠯᠴᠠᠭ᠎ᠠ ᠦᠭᠡᠢ ᠪᠣᠯᠵᠠᠢ᠃ ᠳᠡᠮᠡᠢ ᠬᠡᠳᠦᠨ ᠡᠳᠦᠷ ᠪᠣᠯᠤᠭᠰᠠᠨ ᠦᠭᠡᠢ ᠰᠠᠢᠰᠢᠶᠠᠯᠲᠤ ᠭᠡᠷ ᠢ᠋ᠶ᠋ᠡᠨ ᠨᠡᠭᠦᠯᠭᠡᠬᠦ ᠲᠡᠷᠭᠡ ᠲᠡᠢ ᠪᠡᠨ ᠬᠦᠷᠴᠦ ᠢᠷᠡᠵᠡᠢ᠃ 
       ᠰᠢᠨ᠎ᠡ ᠠᠮᠢᠳᠤᠷᠠᠯ ᠤ᠋ᠨ ᠢ᠋ᠶ᠋ᠠᠨ ᠠᠩᠬᠠᠨ ᠤ᠋ ᠠᠯᠬᠤᠮ ᠢ᠋ ᠡᠬᠢᠯᠡᠭᠦᠯᠦᠭᠰᠡᠨ ᠡᠨᠡᠬᠦ ᠳᠤᠷᠠᠰᠤᠯᠲᠤ ᠰᠠᠢᠬᠠᠨ ᠨᠤᠲᠤᠭ ᠪᠣᠯᠤᠨ ᠲᠠᠨᠢᠯᠴᠠᠵᠤ ᠳᠠᠰᠤᠯᠴᠠᠭᠰᠠᠨ ᠳᠣᠲᠣᠨᠣ ᠬᠥᠮᠦᠰ᠂ ᠬᠠᠢᠷᠠᠲᠤ ᠣᠯᠠᠨ ᠰᠤᠷᠤᠭᠴᠢᠳ᠎ᠠ᠋ᠴᠠ ᠪᠠᠨ ᠭᠠᠪᠢᠷ᠎ᠠ ᠰᠠᠯᠵᠤ ᠶᠠᠳᠠᠨ ᠨᠢᠯᠪᠤᠰᠤ ᠠᠰᠬᠠᠷᠠᠭᠤᠯᠤᠨ ᠪᠠᠢᠯ᠎ᠠ᠃ ᠡᠳᠡᠨ ᠦ᠌ ᠬᠢ ᠨᠡᠭᠦᠵᠦ ᠶᠠᠪᠤᠬᠤ ᠳ᠋ᠤ᠌ ᠪᠠᠷᠤᠭ ᠪᠦᠬᠦ ᠰᠤᠮᠤᠨ ᠤ᠋ ᠬᠥᠮᠦᠰ ᠪᠦᠭᠦᠳᠡᠭᠡᠷ ᠢᠷᠡᠵᠦ ᠦᠳᠡᠨ ᠮᠣᠷᠳᠠᠭᠤᠯᠵᠠᠢ᠃ ᠲᠡᠷᠭᠡᠨ ᠦ᠌ ᠬᠢᠨᠢ ᠬᠣᠶᠠᠷ ᠲᠠᠯ᠎ᠠ ᠪᠠᠷ ᠮᠥᠷᠯᠡᠨ ᠵᠣᠭᠰᠣᠭᠰᠠᠨ ᠰᠤᠷᠤᠭᠴᠢᠳ《ᠰᠠᠢ᠍ᠢ᠍᠊ ᠪᠠᠭᠰᠢ ᠠ᠋᠂ ᠭᠠ‍ ᠪᠠᠭᠰᠢ ᠠ᠋᠂ ᠪᠠᠶᠠᠷᠲᠠᠢ!》 ᠭᠡᠳ ᠤᠬᠢᠯᠠᠯᠳᠤᠨ ᠪᠠᠢᠵᠤ ᠦᠳᠡᠭᠰᠡᠨ ᠪᠢᠯᠡ᠃ 
       ᠰᠣᠩᠭᠢᠨᠠᠲᠤ ᠭᠡᠵᠦ ᠶᠣᠰᠣᠲᠠᠢ ᠶᠢᠷᠲᠢᠨᠴᠦ ᠡᠴᠡ ᠲᠤᠰᠠᠭᠠᠷᠯᠠᠭᠳᠠᠭᠰᠠᠨ ᠶᠤᠮ ᠰᠢᠭ᠋ ᠡᠵᠡᠭᠦᠢ ᠵᠡᠯᠢᠭᠦᠳ ᠶᠡᠬᠡ ᠲᠠᠯ᠎ᠠ ᠶ᠋ᠢᠨ ᠳᠤᠮᠳᠠᠬᠢ ᠥᠴᠦᠬᠡᠨ ᠬᠡᠰᠡᠭ ᠳᠠᠷᠠᠰᠤᠲᠠᠢ ᠬᠣᠩᠬᠣᠷ ᠲᠤ᠌ ᠪᠠᠢᠷᠢᠰᠢᠭᠰᠠᠨ ᠪᠠᠭᠠᠬᠠᠨ ᠰᠤᠮᠤ ᠠᠵᠢ᠃ ᠪᠦᠬᠦ ᠰᠤᠮᠤ ᠪᠠᠷ ᠢ᠋ᠶ᠋ᠠᠨ ᠭᠤᠷᠪᠠᠨ ᠵᠠᠭᠤᠭᠠᠳ ᠯᠠ ᠬᠥᠮᠦᠨ ᠠᠮᠠ ᠲᠠᠢ᠃ ᠬᠣᠷᠰᠢᠶ᠎ᠠ᠂ ᠠᠮᠤ ᠪᠤᠳᠠᠭᠠᠨ ᠤ᠋ ᠥᠷᠲᠡᠭᠡ ᠭᠡᠵᠦ ᠳᠥᠷᠪᠡᠨ ᠥᠨᠴᠥᠭ ᠢ᠋ ᠨᠢ ᠲᠣᠭᠣᠰᠬ᠎ᠠ ᠪᠠᠷ ᠥᠨᠴᠥᠭᠯᠡᠭᠰᠡᠨ ᠨᠢᠭᠡᠨ ᠪᠠᠢᠰᠢᠩ ᠲᠠᠢ᠃ ᠪᠤᠰᠤᠳ ᠨᠢ ᠴᠥᠮ ᠨᠠᠮᠬᠠᠨ ᠴᠠᠭᠠᠨ ᠰᠢᠪᠡᠷ ᠪᠠᠢᠰᠢᠩ ᠤ᠋ᠳ᠃ ᠰᠤᠷᠭᠠᠭᠤᠯᠢ ᠨᠢ ᠭᠡᠪᠡᠯ ᠭᠤᠷᠪᠠᠨ ᠮᠥᠷ ᠨᠠᠪᠲᠠᠭᠠᠷ ᠬᠠᠭᠤᠴᠢᠨ ᠰᠢᠪᠡᠷ ᠪᠠᠢᠰᠢᠩ᠂ ᠪᠦᠭᠦᠳᠡ ᠵᠢᠷᠠ ᠭᠠᠷᠤᠢᠬᠠᠨ ᠰᠤᠷᠤᠭᠴᠢ ᠲᠠᠢ᠂ ᠨᠠᠢ᠍ᠮᠠᠨ ᠪᠠᠭᠰᠢ ᠠᠵᠢᠯᠲᠠᠨ ᠲᠠᠢ᠃ ᠬᠠᠮᠢᠭ᠎ᠠ᠎ᠠ᠋ᠴᠠ ᠨᠢ ᠬᠠᠷᠠᠭᠰᠠᠨ ᠴᠤ᠌ ᠳᠠᠮᠫᠤᠷᠠᠵᠤ ᠳᠠᠮᠳᠤᠭᠷᠠᠭᠰᠠᠨ ᠠᠷᠠᠴᠢᠭ᠎ᠠ ᠦᠭᠡᠢ ᠪᠠᠢᠳᠠᠯ ᠲᠠᠢ ᠪᠣᠯᠤᠭᠰᠠᠨ ᠰᠤᠷᠭᠠᠭᠤᠯᠢ ᠪᠠᠢᠯ᠎ᠠ᠃ ᠡᠨᠳᠡ ᠬᠣᠶᠠᠷᠬᠠᠨ ᠮᠠᠯᠵᠢᠬᠤ ᠭᠠᠴᠠᠭ᠎ᠠ ᠲᠠᠢ᠃ ᠪᠡᠯᠴᠢᠭᠡᠷ ᠶᠡᠬᠡᠲᠡᠢ ᠪᠣᠯᠪᠠᠴᠤ ᠤᠰᠤ ᠬᠣᠪᠣᠷ ᠪᠣᠯᠬᠣᠷ ᠶᠡᠬᠡᠩᠬᠢ ᠨᠢ ᠡᠵᠡᠭᠦᠢ ᠲᠠᠯᠪᠢᠭᠳᠠᠵᠤ ᠪᠠᠢᠯ᠎ᠠ᠃ 
       ᠰᠠᠢᠰᠢᠶᠠᠯᠳᠤ ᠳ᠋ᠤ᠌ ᠣᠨᠣᠭᠳᠠᠭᠰᠠᠨ ᠭᠡᠷ ᠪᠣᠯ ᠬᠣᠶᠠᠷᠬᠠᠨ ᠵᠢᠵᠢᠭ ᠲᠠᠰᠤᠯᠭ᠎ᠠ ᠲᠠᠢ ᠨᠠᠪᠰᠠᠭᠠᠷ ᠴᠢᠬᠤᠯ ᠰᠢᠪᠡᠷ ᠪᠠᠢᠰᠢᠩ᠃ ᠭᠡᠷ ᠦ᠋ᠨ ᠠᠳᠠᠭᠠᠷ ᠲᠤᠨᠢ ᠥᠨᠳᠥᠷ ᠪᠡᠶ᠎ᠡ ᠲᠡᠢ ᠰᠠᠢᠰᠢᠶᠠᠯᠳᠤ ᠶ᠋ᠢᠨ ᠲᠣᠯᠣᠭᠠᠢ ᠲᠤᠯᠤᠨ᠎ᠠ᠃ ᠰᠣᠨᠢᠨ ᠢ᠋ᠶ᠋ᠠᠷ ᠨᠠᠭᠠᠭᠰᠠᠨ ᠫᠧᠩ ᠲᠡᠢ᠃ ᠴᠣᠬᠣᠢᠳᠠᠭᠰᠠᠨ ᠦᠭᠡᠢ ᠤᠳᠠᠭᠰᠠᠨ᠎ᠠ᠋ᠴᠠ ᠬᠡᠷᠡᠮ ᠬᠠᠨ᠎ᠠ ᠨᠢ ᠬᠠᠪ ᠬᠠᠷ᠎ᠠ᠃ ᠳᠥᠩᠭᠡᠵᠦ ᠭᠡᠷᠡᠯ ᠲᠣᠰᠬᠤᠢᠴᠠ ᠵᠢᠵᠢᠭᠬᠡᠨ ᠴᠣᠩᠬᠣ ᠲᠠᠢ᠃ ᠡᠭᠦᠳᠡ ᠬᠠᠭᠠᠯᠭ᠎ᠠ ᠨᠢ ᠴᠦ᠍ ᠭᠠᠵᠢᠴᠢᠬᠠᠵᠠᠢ᠃ 
       ᠲᠡᠳᠡ ᠬᠣᠶᠠᠷ ᠡᠨᠳᠡᠬᠢ ᠶ᠋ᠢᠨ ᠤᠤᠯ ᠤ᠋ᠨ ᠡᠪᠦᠭᠡᠨ ᠵᠠᠬᠢᠷᠤᠯ ᠤ᠋ᠨ ᠳ᠋ᠤ᠌ ᠬᠡᠦᠬᠡᠳ ᠦ᠋ᠳ ᠢ᠋ᠶ᠋ᠡᠨ ᠬᠡᠳᠦᠨ ᠡᠳᠦᠷ ᠰᠠᠭᠤᠯᠭᠠᠭᠠᠳ ᠵᠤᠳᠠᠷᠠᠭᠰᠠᠨ ᠪᠠᠢᠰᠢᠩ ᠢ᠋ᠶ᠋ᠠᠨ ᠵᠠᠰᠠᠵᠤ ᠰᠡᠯᠪᠢᠨ᠂ ᠴᠣᠬᠣᠢᠳᠠᠵᠤ᠂ ᠫᠧᠩ ᠢ᠋ ᠨᠢ ᠴᠠᠭᠠᠨ ᠴᠠᠭᠠᠰᠤ ᠪᠠᠷ ᠨᠠᠭᠠᠵᠤ ᠴᠣᠩᠬᠣ ᠶ᠋ᠢ ᠨᠢ ᠲᠡᠯᠡᠵᠦ᠂ ᠡᠭᠦᠳᠡ ᠬᠠᠭᠠᠯᠭ᠎ᠠ ᠶ᠋ᠢ ᠨᠢ ᠰᠣᠯᠢᠬᠤ ᠵᠡᠷᠭᠡ ᠪᠡᠷ ᠨᠡᠯᠢᠶᠡᠳ ᠡᠳᠦᠷ ᠠᠮᠤᠰᠬᠢᠬᠦ ᠴᠢᠯᠥᠭᠡ ᠦᠭᠡᠢ ᠠᠵᠢᠯᠯᠠᠭᠰᠠᠨ ᠤ᠋ ᠳ᠋ᠦᠩ ᠳ᠋ᠦ᠍ ᠳᠥᠩᠭᠡᠵᠦ ᠨᠢᠭᠡ ᠨᠡᠭᠦᠵᠦ ᠣᠷᠣᠨ ᠲᠥᠪᠬᠢᠨᠡᠬᠦ ᠳᠠᠰᠢ ᠪᠣᠯᠪᠠ᠃ ᠲᠣᠮᠣ ᠪᠢᠴᠢᠭ ᠦ᠋ᠨ ᠬᠣᠷᠭᠣ ᠨᠢ ᠣᠷᠣᠭᠤᠯᠵᠤ ᠪᠠᠭᠲᠠᠭᠰᠠᠨ ᠦᠭᠡᠢ ᠲᠤᠯᠠ ᠠᠢᠯ ᠤ᠋ᠨ ᠰᠠᠩ ᠬᠥᠮᠥᠷᠭᠡ ᠳ᠋ᠦ᠍ ᠭᠤᠶᠤᠵᠤ ᠲᠠᠯᠪᠢᠯ᠎ᠠ᠃ ᠨᠢᠭᠡ ᠲᠠᠰᠤᠯᠭ᠎ᠠ ᠶ᠋ᠢ ᠨᠢ ᠪᠢᠴᠢᠭ ᠦ᠋ᠨ ᠭᠡᠷ ᠮᠠᠶᠢᠭ ᠲᠠᠢ ᠵᠠᠰᠠᠵᠤ᠂ ᠪᠢᠴᠢᠭ ᠨᠣᠮ ᠤ᠋ᠨ ᠬᠡᠷᠡᠭᠰᠡᠯ᠂ ᠲᠣᠮᠣ ᠪᠢᠴᠢᠭ ᠦ᠋ᠨ ᠰᠢᠷᠡᠭᠡ ᠪᠡᠨ ᠣᠷᠣᠭᠤᠯᠤᠨ ᠲᠠᠯᠪᠢᠬᠤ ᠳ᠋ᠤ᠌ ᠯᠠ ᠨᠢᠭᠡ ᠲᠠᠰᠤᠯᠭ᠎ᠠ ᠳᠦᠭᠦᠷᠴᠦ᠂ ᠬᠣᠶᠠᠷ ᠲᠣᠮᠣ ᠥᠬᠢᠨ ᠦ᠌ ᠬᠢᠨᠢ ᠄ ᠮᠣᠳᠣᠨ ᠣᠷᠣ ᠣᠷᠣᠵᠤ ᠪᠠᠭᠲᠠᠬᠤ ᠦᠭᠡᠢ ᠪᠣᠯᠬᠣᠷ ᠠᠷᠭ᠎ᠠ ᠦᠭᠡᠢ ᠮᠣᠳᠣᠨ ᠬᠠᠪᠲᠠᠰᠤ ᠶ᠋ᠢ ᠨᠢ ᠰᠠᠯᠭᠠᠨ ᠠᠪᠴᠤ ᠳᠣᠣᠷ᠎ᠠ ᠨᠢ ᠲᠣᠭᠣᠰᠬ᠎ᠠ ᠵᠡᠷᠭᠡᠯᠡᠨ ᠲᠠᠯᠪᠢᠵᠤ ᠡᠪᠯᠡᠭᠦᠯᠪᠡ ᠃ ᠨᠥᠭᠦᠭᠡ ᠲᠠᠰᠤᠯᠭ᠎ᠠ ᠳ᠋ᠤᠨᠢ ᠱᠠᠹᠠ ᠪᠣᠯᠤᠨ ᠲᠡᠷᠡ ᠬᠣᠶᠠᠷ ᠤ᠋ᠨ ᠣᠷᠣ ᠶ᠋ᠢ ᠣᠷᠣᠭᠤᠯᠤᠭᠠᠳ ᠪᠥᠭᠰᠡ ᠡᠷᠭᠢᠬᠦ ᠵᠠᠢ ᠦᠭᠡᠢ ᠳᠦᠭᠦᠷᠴᠢᠬᠡᠯ᠎ᠡ᠃ 
       ᠦᠷᠭᠦᠭᠡᠨ ᠦ᠌ ᠳᠣᠲᠣᠷ᠎ᠠ ᠬᠡᠳᠦᠢ ᠢᠪᠴᠤᠤ ᠴᠢᠬᠤᠯ ᠴᠤ᠌᠂ ᠲᠡᠷᠡ ᠬᠣᠶᠠᠷ ᠤ᠋ᠨ ᠠᠵᠢᠯᠴᠢ ᠭᠠᠷ ᠢ᠋ᠶ᠋ᠠᠷ ᠡᠪ ᠵᠦᠢ ᠲᠡᠢ ᠲᠣᠬᠢᠷᠠᠭᠤᠯᠤᠭᠰᠠᠨ ᠤ᠋ ᠦᠷ᠎ᠡ ᠳ᠋ᠦᠩ ᠳ᠋ᠦ᠍ ᠡᠳᠡᠨ ᠦ᠌ ᠬᠢ ᠬᠡᠨ ᠬᠠᠷᠠᠭᠰᠠᠨ ᠴᠤ᠌ ᠴᠡᠪᠡᠷ ᠴᠡᠮᠴᠡᠭᠡᠷ ᠲᠣᠬᠢᠯᠢᠭ ᠰᠠᠢᠬᠠᠨ ᠬᠠᠷᠠᠭᠳᠠᠵᠤ ᠪᠠᠢᠯ᠎ᠠ᠃  
       ᠡᠨᠳᠡ ᠢᠷᠡᠭᠰᠡᠨ ᠡᠴᠡ ᠬᠣᠢᠰᠢ ᠭᠠᠪᠢᠷ᠎ᠠ ᠶ᠋ᠢᠨ ᠠᠭᠤᠷᠯᠠᠵᠤ ᠤᠴᠠᠭᠠᠷᠳᠠᠬᠤ ᠨᠢ ᠣᠯᠠᠳᠠᠵᠤ᠂ ᠨᠢᠭᠡᠯᠡ ᠲᠦᠩᠰᠦᠭᠡᠷ ᠪᠣᠯᠵᠤ ᠬᠤᠪᠢᠷᠠᠪᠠ᠃ ᠨᠢᠭᠡᠨ ᠦᠳᠡᠰᠢ ᠣᠷᠣᠨ ᠳ᠋ᠠᠭᠠᠨ ᠣᠷᠣᠭᠰᠠᠨ ᠤ᠋ ᠳᠠᠷᠠᠭ᠎ᠠ ᠰᠠᠢᠰᠢᠶᠠᠯᠲᠤ ᠲᠡᠭᠦᠨ ᠢ᠋ ᠡᠯᠢᠭᠡᠨ ᠳ᠋ᠡᠭᠡᠨ ᠨᠠᠭᠠᠯᠳᠤᠭᠤᠯᠤᠨ ᠲᠡᠪᠡᠷᠢᠵᠦ 
       — ᠤᠷᠮᠠᠲᠠᠢᠬᠠᠨ ᠪᠠᠢᠭᠠᠴᠢ ᠳᠠ᠂ ᠬᠥᠭᠰᠢᠨ ᠮᠢᠨᠢ! ᠶᠠᠭᠠᠬᠢᠭᠰᠠᠨ ᠪᠣᠢ? ᠤᠷᠤᠭᠤ ᠴᠢᠷᠠᠢᠯᠠᠭᠠᠳ ᠯᠠ᠁ 
       — ᠶᠠᠭᠠᠬᠢᠯ᠎ᠠ ᠴᠤ᠌ ᠭᠡᠬᠦ ᠶᠦᠮ ᠳᠡ᠃ ᠡᠨᠡ ᠭᠠᠵᠠᠷ ᠨᠠᠳᠠ ᠨᠢᠭᠡ ᠯᠡ ᠬᠠᠴᠢᠨ ᠰᠠᠨᠠᠭᠳᠠᠭᠠᠳ ᠪᠠᠢᠬᠤ ᠶᠤᠮ᠃ ᠪᠢ ᠲᠠᠩᠳᠠ ᠠᠶᠤᠵᠤ ᠰᠣᠴᠢᠨ ᠨᠣᠢᠷ ᠬᠤᠯᠵᠢᠵᠤ᠂ ᠵᠢᠪᠡᠭᠦᠨ ᠮᠠᠭᠤᠬᠠᠢ ᠵᠡᠭᠦᠳᠦ ᠵᠡᠭᠦᠳᠦᠯᠡᠨ᠎ᠡ᠃ ᠵᠠᠷᠢᠮ ᠦᠶ᠎ᠡ ᠳ᠋ᠦ᠍ ᠬᠠᠷᠠᠩᠭᠤᠢ ᠰᠥᠨᠢ ᠡᠵᠡᠭᠦᠢ ᠵᠡᠯᠢᠭᠦᠳ ᠬᠡᠭᠦᠷ ᠣᠩᠭᠣᠨ ᠤ᠋ ᠭᠠᠵᠠᠷ ᠲᠤ᠌ ᠭᠠᠭᠴᠠᠭᠠᠷ ᠢ᠋ᠶ᠋ᠠᠨ ᠪᠠᠢᠭ᠎ᠠ ᠶᠤᠮ ᠰᠢᠭ᠋ ᠠᠢᠳᠠᠰ ᠲᠠᠢ ᠰᠠᠨᠠᠭᠳᠠᠭᠠᠳ ᠪᠠᠢᠬᠤ ᠪᠣᠯᠴᠢᠬᠠᠯ᠎ᠠ᠃ 
       — ᠶᠠᠭᠤᠨ ᠳ᠋ᠤ᠌ ᠲᠡᠭᠡᠵᠦ ᠪᠠᠢᠭ᠎ᠠ ᠪᠣᠢ? ᠪᠡᠶ᠎ᠡ ᠴᠢᠨᠢ ᠵᠦᠭᠡᠷ ᠪᠢᠵᠡ ᠳᠡ? ᠪᠠᠷᠤᠭ ᠲᠡᠷᠡ ᠣᠷᠣᠢ ᠰᠣᠭᠲᠣᠭᠤ ᠵᠢᠭᠮᠢᠳ ᠢᠷᠡᠵᠦ ᠠᠶᠤᠯᠭᠠᠭᠰᠠᠨ᠎ᠠ᠋ᠴᠠ ᠪᠣᠯᠤᠭᠰᠠᠨ ᠪᠠᠢᠬ᠎ᠠ᠂ ᠮᠠᠷᠭᠠᠰᠢ ᠵᠠᠮᠪᠠᠯ ᠮᠠᠮᠠ ᠳ᠋ᠤ᠌ ᠦᠵᠡᠭᠦᠯᠦᠨ ᠡᠮ ᠠᠪᠴᠤ ᠤᠤᠭᠤ ᠳᠠ᠃ ᠮᠢᠨᠦ ᠬᠥᠭᠰᠢᠨ ᠰᠠᠨᠠᠭ᠎ᠠ ᠵᠣᠪᠠᠬᠤ ᠬᠡᠷᠡᠭ ᠦᠭᠡᠢ᠃ ᠡᠪᠦᠭᠡᠨ ᠨᠢ ᠤᠳᠠᠯ ᠦᠭᠡᠢ ᠡᠨᠡ ᠰᠤᠷᠭᠠᠭᠤᠯᠢ ᠶ᠋ᠢ ᠴᠣ ᠰᠢᠨ᠎ᠡ ᠪᠡᠷ ᠪᠠᠢᠭᠤᠯᠤᠨ ᠬᠤᠪᠢᠷᠠᠭᠤᠯᠤᠨ᠎ᠠ᠃ ᠬᠠᠷᠠᠵᠤ ᠪᠠᠢᠭᠠᠷᠠᠢ!  ᠭᠠᠪᠢᠷ᠎ᠠ ᠬᠥᠩᠭᠡᠬᠡᠨ ᠰᠠᠨᠠᠭ᠎ᠠ ᠠᠯᠳᠠᠵᠤ 
       — ᠣᠳᠣ ᠶ᠋ᠢᠨ ᠵᠠᠷᠢᠮ ᠪᠠᠢᠳᠠᠯ ᠨᠡᠭᠡᠷᠡᠨ ᠱᠣᠭᠲᠠᠢ᠃ ᠡᠢᠮᠦ ᠨᠢᠭᠡ ᠭᠠᠵᠠᠷ  ᠲᠤ᠌ ᠬᠥᠮᠦᠨ ᠢ᠋ ᠠᠪᠴᠢᠷᠠᠴᠢᠬᠠᠭᠠᠳ ᠪᠠᠰᠠ ᠶᠡᠬᠡ ᠳᠡᠪᠰᠢᠭᠦᠯᠵᠦ ᠬᠡᠷᠡᠭᠯᠡᠭᠰᠡᠨ ᠪᠣᠯᠴᠢᠬᠠᠵᠠᠢ᠃ ᠴᠢ ᠪᠢᠳᠡ ᠬᠣᠶᠠᠷ ᠴᠤ᠌ ᠪᠠᠢᠬᠤ ᠦᠭᠡᠢ ᠶᠠᠭᠤᠮ᠎ᠠ ᠶ᠋ᠢ ᠪᠠᠢᠭᠤᠯᠬᠤ ᠪᠢᠰᠢ ᠪᠣᠯ ᠴᠤᠴᠠᠷᠠᠵᠤ ᠬᠠᠭᠤᠴᠢᠷᠠᠭᠰᠠᠨ ᠢ᠋ ᠰᠡᠯᠪᠢᠬᠦ ᠯᠡ ᠵᠠᠶᠠᠭ᠎ᠠ ᠲᠠᠢ ᠤᠯᠤᠰ ᠶᠤᠮ ᠪᠠᠢᠨ᠎ᠠ ᠠ᠋᠃ 
       — ᠲᠡᠭᠡᠵᠦ ᠪᠣᠳᠣᠵᠤ ᠪᠣᠯᠬᠤ ᠦᠭᠡᠢ᠃ ᠤᠳᠤᠷᠢᠳᠤᠯᠭ᠎ᠠ᠎ᠠ᠋ᠴᠠ ᠨᠠᠮ᠎ᠠ ᠶ᠋ᠢ ᠡᠨᠡ ᠠᠵᠢᠯ ᠢ᠋ ᠬᠢᠵᠦ ᠴᠢᠳᠠᠨ᠎ᠠ ᠭᠡᠳᠡᠭ  ᠲᠦ᠍ ᠢᠲᠡᠭᠡᠵᠦ ᠢᠷᠡᠭᠦᠯᠦᠭᠰᠡᠨ ᠪᠠᠢᠯᠭᠦᠢ ᠳᠡ᠃ ᠪᠢᠳᠡ ᠪᠦᠷ ᠭᠠᠯ ᠵᠠᠯᠠᠭᠤ ᠨᠠᠰᠤᠨ ᠳ᠋ᠠᠭᠠᠨ ᠪᠠᠢᠭ᠎ᠠ ᠪᠣᠯᠬᠣᠷ ᠪᠠᠬᠠᠨ ᠬᠦᠴᠢᠷ ᠠᠮᠰᠠᠬᠤ ᠶᠠᠭᠤ ᠯᠠ ᠪᠠᠢᠬᠤᠪ᠃ ᠮᠢᠨᠦ ᠬᠠᠢᠷᠠᠲᠤ ᠪᠦᠰᠡᠭᠦᠢ᠂ ᠡᠪᠦᠭᠡᠨ ᠳ᠋ᠡᠭᠡᠨ ᠨᠢᠭᠡᠨ ᠮᠣᠷᠢᠨ ᠤ᠋ ᠬᠦᠴᠦ ᠪᠣᠯᠬᠤ ᠬᠡᠷᠡᠭᠲᠡᠢ ᠰᠢᠦ ᠳᠡ᠃ ᠬᠣᠶᠠᠭᠤᠯᠠ ᠪᠠᠨ ᠮᠥᠨ ᠭᠢᠯᠠᠯᠵᠠᠲᠠᠯ᠎ᠠ ᠠᠵᠢᠯᠯᠠᠶ᠎ᠠ᠃ ᠢᠷ᠎ᠡ᠂ ᠡᠪᠦᠭᠡᠨ ᠢ᠋ᠶ᠋ᠡᠨ ᠦᠨᠦᠰ! ᠭᠡᠳ ᠡᠬᠡᠨᠡᠷ ᠦ᠋ᠨ ᠢ᠋ᠶ᠋ᠡᠨ ᠵᠥᠭᠡᠯᠡᠨ ᠬᠠᠯᠠᠭᠤᠨ ᠪᠡᠶ᠎ᠡ ᠶ᠋ᠢ ᠴᠡᠭᠡᠵᠢᠨ ᠳ᠋ᠡᠭᠡᠨ ᠬᠤᠮᠢᠨ ᠳᠠᠷᠤᠪᠠ᠃ 
       ᠰᠣᠩᠭᠢᠨᠠᠲᠤ ᠪᠠᠭ᠎ᠠ ᠰᠤᠷᠭᠠᠭᠤᠯᠢ ᠶ᠋ᠢᠨ ᠪᠠᠭᠰᠢᠨᠠᠷ ᠤ᠋ᠨ ᠣᠯᠠᠩᠬᠢ ᠨᠢ ᠲᠥᠷᠥ ᠶ᠋ᠢᠨ ᠪᠣᠳᠣᠯᠭ᠎ᠠ ᠲᠤᠤᠱᠯᠠᠭᠤᠯᠤᠨ ᠣᠷᠣᠨ ᠲᠣᠭ᠎ᠠ ᠪᠠᠷ ᠠᠵᠢᠯ ᠳ᠋ᠤ᠌ ᠣᠷᠣᠭᠰᠠᠳ᠃ ᠭᠠᠭᠴᠠ ᠠᠵᠢᠯᠴᠢᠨ ᠲᠠᠷᠢᠶᠠᠴᠢᠨ ᠤ᠋ ᠶᠡᠬᠡ ᠰᠤᠷᠭᠠᠭᠤᠯᠢ᠎ᠠ᠋ᠴᠠ ᠵᠢᠷᠤᠭ ᠤ᠋ᠨ ᠮᠡᠷᠭᠡᠵᠢᠯ ᠢ᠋ᠶ᠋ᠡᠷ ᠲᠡᠭᠦᠰᠦᠭᠰᠡᠨ ᠵᠢᠭᠮᠢᠳ ᠭᠡᠭᠴᠢ ᠪᠠᠭᠰᠢ ᠣᠶᠤᠲᠠᠨ ᠪᠠᠢᠭᠰᠠᠨ ᠴᠣ ᠣᠶᠤᠲᠠᠨ ᠤ᠋ ᠮᠠᠶᠢᠭ ᠳᠠᠩᠴᠤ ᠦᠭᠡᠢ᠃ ᠠᠷᠢᠬᠢ ᠳᠠᠷᠠᠰᠤ ᠤᠤᠭᠤᠵᠤ ᠠᠭᠰᠤᠮ ᠲᠠᠯᠪᠢᠨ ᠠᠢᠯ ᠬᠣᠲᠠ ᠶ᠋ᠢ ᠦᠢᠮᠡᠭᠦᠯᠦᠨ ᠬᠡᠷᠡᠭᠦᠯ ᠵᠣᠳᠣᠭᠠᠨ ᠡᠭᠦᠰᠬᠡᠵᠦ᠂ ᠶᠣᠰᠣᠲᠠᠢ ᠨᠡᠷ᠎ᠡ ᠨᠢᠳᠡᠷ ᠲᠡᠭᠡᠨ ᠨᠡᠢᠴᠡᠭᠰᠡᠨ ᠳᠠᠯᠠ ᠨᠠᠶᠠᠭᠠᠳ ᠣᠨ ᠤ᠋ ᠲᠠᠩᠬᠠᠢ ᠯᠤᠢᠪᠠᠷᠴᠢᠨ ᠤ᠋ ᠲᠥᠯᠥᠭᠡᠯᠡᠭᠴᠢ ᠳᠦᠷᠢ ᠭᠡᠯᠲᠡᠢ᠃ ᠡᠢᠮᠦ ᠬᠥᠮᠦᠨ ᠶᠠᠭᠠᠬᠢᠭᠠᠳ ᠪᠠᠭᠰᠢ ᠶ᠋ᠢᠨ ᠡᠩᠨᠡᠭᠡᠨ ᠳ᠋ᠦ᠍ ᠣᠷᠣᠭᠰᠠᠨ ᠢ᠋ ᠬᠡᠨ ᠴᠦ᠍ ᠭᠠᠢᠬᠠᠮᠠᠷ᠃ ᠰᠢᠨ᠎ᠡ ᠢᠷᠡᠭᠰᠡᠨ ᠵᠠᠬᠢᠷᠤᠯ ᠤ᠋ᠨ ᠢ᠋ᠶ᠋ᠠᠨ ᠰᠦᠷ ᠢ᠋ ᠳᠠᠷᠤᠬᠤ ᠭᠡᠵᠦ ᠲᠡᠳᠡᠨ ᠦ᠌ ᠳ᠋ᠦ᠍ ᠰᠣᠭᠲᠣᠭᠤ ᠪᠠᠷ ᠬᠢᠲᠤᠭ᠎ᠠ ᠪᠣᠣᠳᠤᠤ ᠪᠠᠷᠢᠵᠤ ᠣᠴᠢᠨ᠄《 ᠰᠠᠢ ᠣᠪᠣᠭᠲᠤ ᠠ᠋᠂ ᠡᠨᠡ ᠭᠠᠵᠠᠷ ᠢᠷᠡᠪᠡᠯ ᠤᠷᠢᠳ ᠢ᠋ᠶ᠋ᠠᠷ ᠡᠪᠦᠭᠡ ᠪᠡᠨ ᠲᠠᠨᠢᠵᠤ ᠠᠪᠬᠤ ᠬᠡᠷᠡᠭᠲᠡᠢ᠃ ᠡᠨᠡ ᠡᠪᠦᠭᠡ ᠪᠡᠨ ᠠᠭᠤᠷᠯᠠᠭᠤᠯᠪᠠᠯ ᠤᠤ᠂ ᠰᠠᠢᠨ ᠢ᠋ᠶ᠋ᠠᠨ ᠦᠵᠡᠬᠦ ᠦᠭᠡᠢ ᠭᠡᠵᠦ ᠮᠡᠳᠡᠭᠡᠷᠡᠢ!》 ᠭᠡᠮᠡᠨ ᠰᠦᠷᠳᠡᠭᠦᠯᠵᠡᠢ᠃ ᠡᠢᠮᠦ ᠶᠣᠰᠣ ᠪᠤᠰᠤ ᠬᠥᠨᠳᠡᠯᠡᠨ ᠠᠮᠢᠲᠠᠨ ᠲᠠᠢ ᠠᠩᠬ᠎ᠠ ᠬᠠᠷᠭᠤᠵᠤ ᠪᠠᠢᠭ᠎ᠠ ᠭᠠᠪᠢᠷ᠎ᠠ ᠨᠡᠭᠡᠷᠡᠨ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠭᠰᠠᠨ ᠶᠤᠮ᠃ ᠰᠠᠢᠰᠢᠶᠠᠯᠳᠤ ᠠᠵᠢᠭ ᠴᠤ᠌ ᠦᠭᠡᠢ᠂ ᠴᠢ ᠲᠡᠭᠡᠵᠦ ᠯᠡ ᠪᠠᠢ ᠭᠠᠢᠭᠤᠢ᠂ ᠰᠠᠢᠬᠠᠨ ᠬᠡᠯᠡᠭᠡᠳ ᠮᠡᠳᠡᠬᠦ ᠦᠭᠡᠢ ᠪᠣᠯ ᠥᠪᠡᠷ ᠦ᠋ᠨ ᠴᠢᠨᠢ ᠠᠷᠭ᠎ᠠ ᠶ᠋ᠢ ᠥᠪᠡᠷ ᠲᠦ᠍ ᠴᠢᠨᠢ ᠬᠡᠷᠡᠭᠯᠡᠬᠦ ᠳ᠋ᠦ᠍ ᠨᠠᠮ᠎ᠠ ᠬᠠᠷᠢᠭᠤᠴᠠᠬᠤ ᠲᠡᠩᠬᠡᠭᠡ ᠴᠢᠮ᠎ᠠ ᠳ᠋ᠤ᠌ ᠪᠠᠢᠬᠤ ᠡᠰᠡᠬᠦ ᠶ᠋ᠢ ᠪᠤᠤ ᠮᠡᠳᠡ ᠭᠡᠵᠦ ᠪᠣᠳᠣᠵᠤ ᠶᠠᠪᠤᠨ᠎ᠠ᠃ ᠲᠡᠷᠡ ᠭᠣᠣᠯ ᠠᠵᠢᠯ ᠳ᠋ᠠᠭᠠᠨ ᠣᠮ ᠬᠣᠮ ᠦᠭᠡᠢ ᠶᠠᠭᠠᠷᠠᠤ ᠪᠣᠯᠬᠣᠷ ᠠᠷᠢᠭᠴᠢᠢᠨ ᠵᠢᠭᠮᠢᠳ ᠢ᠋ ᠲᠦᠷ ᠬᠣᠢᠰᠢ ᠲᠠᠯᠪᠢᠪᠠ᠃ 
       ᠡᠨᠳᠡᠬᠢ ᠪᠠᠭᠰᠢᠨᠠᠷ ᠤ᠋ᠨ ᠪᠦᠷᠢᠯᠳᠦᠬᠦᠨ ᠨᠡᠭᠡᠷᠡᠨ ᠴᠦ᠍ ᠪᠤᠳᠤᠯᠢᠶᠠᠨ ᠲᠠᠢ ᠪᠠᠢᠯ᠎ᠠ᠃ ᠨᠣᠭᠣᠭᠠᠨ ᠨᠢᠳᠦᠲᠡᠢ ᠪᠠᠶᠠᠷᠲᠤ᠂ ᠢᠮᠠᠭᠠᠨ ᠰᠠᠬᠠᠯᠲᠤ ᠪᠠᠽᠠᠷ᠂ ᠠᠯᠠᠭ ᠲᠣᠯᠣᠭᠠᠢᠲᠤ ᠪᠠᠶᠠᠨᠳᠦᠭᠦᠷᠡᠩ᠂ ᠲᠣᠭᠰᠢᠨ ᠵᠠᠭᠠᠨ ᠰᠦᠯᠳᠡ ᠭᠡᠳ ᠪᠦᠭᠦᠳᠡ ᠠᠷᠢᠬᠢᠴᠢᠨ ᠮᠥᠷᠲᠡᠭᠡᠨ ᠠᠭᠠᠰᠢ ᠵᠠᠩ ᠲᠦᠯᠬᠢᠨ ᠲᠣᠭᠰᠢᠨ ᠬᠥᠮᠦᠰ᠃ ᠢᠮᠠᠭᠠᠨ ᠰᠠᠬᠠᠯᠲᠤ ᠶ᠋ᠢᠨ ᠡᠬᠡᠨᠡᠷ ᠲᠤᠩᠭᠠᠯᠠᠭ ᠭᠡᠵᠦ ᠣᠪᠣᠭ᠎ᠠ ᠬᠥᠭᠡᠷᠦᠬᠦᠨ ᠪᠦᠰᠡᠭᠦᠢ᠃ ᠭᠡᠪᠡᠴᠦ ᠪᠠᠽᠠᠷ ᠠᠷᠢᠬᠢ ᠤᠤᠭᠤᠪᠠᠯ ᠡᠬᠡᠨᠡᠷ ᠢ᠋ᠶ᠋ᠡᠨ ᠭᠡᠷ ᠲᠡᠭᠡᠨ ᠬᠣᠷᠢᠵᠤ ᠡᠭᠦᠳᠡ ᠪᠡᠨ ᠳᠣᠲᠣᠷ᠎ᠠ᠎ᠠ᠋ᠴᠠ ᠨᠢ ᠴᠦᠳᠡᠵᠦ ᠪᠠᠢᠭᠠᠳ ᠵᠠᠨᠴᠢᠨ᠎ᠠ᠃ ᠭᠡᠪᠡᠴᠦ ᠡᠷᠡᠭᠦᠯ ᠦᠶ᠎ᠡ ᠳ᠋ᠡᠭᠡᠨ ᠠᠪᠠᠭᠠᠢ ᠳ᠋ᠠᠭᠠᠨ ᠪᠡᠷᠬᠡ ᠰᠠᠢᠨ᠃ ᠲᠤᠯᠭᠤᠷ ᠭᠡᠵᠦ ᠮᠠᠷᠠᠩ ᠪᠦᠳᠦᠭᠦᠨ᠂ ᠬᠠᠷ᠎ᠠ ᠴᠢᠷᠠᠢ ᠲᠠᠢ᠂ ᠳᠠᠷᠪᠠᠭᠠᠷ ᠪᠦᠳᠦᠭᠦᠨ ᠠᠮᠠ᠂ ᠣᠨᠢᠭᠠᠷ ᠰᠢᠬᠢᠢᠭᠡᠷ ᠨᠢᠳᠦ ᠲᠡᠢ᠂ ᠶᠠᠭ ᠯᠠ ᠲᠡᠮᠡᠭᠡ ᠰᠢᠶᠠᠩᠽᠢ ᠭᠡᠬᠦ ᠷᠣᠮᠠᠨ ᠳ᠋ᠠᠬᠢ ᠬᠤ᠌ ᠨᠢᠦ ᠰᠢᠭ ᠥᠬᠢᠨ᠃ ᠵᠢᠷᠭᠠᠯᠲᠤ ᠭᠡᠵᠦ ᠫᠠᠭᠳᠠᠭᠠᠷ ᠲᠠᠷᠭᠤᠨ ᠪᠡᠶ᠎ᠡ ᠲᠡᠢ᠂ ᠵᠢᠵᠢᠭᠬᠡᠨ ᠬᠤᠷᠴᠠ ᠬᠠᠷ᠎ᠠ ᠨᠢᠳᠦ ᠲᠡᠢ᠂ ᠢᠷᠠᠢᠭᠰᠠᠨ ᠴᠠᠭᠠᠨ ᠰᠢᠳᠦ ᠲᠡᠢ ᠵᠠᠯᠠᠭᠤ᠃ ᠠᠵᠢᠯ ᠳ᠋ᠠᠭᠠᠨ ᠶᠡᠬᠡ ᠬᠢᠨᠠᠮᠠᠭᠠᠢ ᠬᠠᠷᠢᠭᠤᠴᠠᠯᠭ᠎ᠠ ᠲᠠᠢ᠃ ᠪᠠᠰᠠ ᠣᠬᠣᠷ ᠴᠢᠮᠡᠭᠡ ᠮᠡᠳᠡᠭᠡᠯᠡᠯ᠂ ᠰᠢᠯᠦᠭ ᠨᠠᠢᠷᠠᠭ ᠴᠤ᠌ ᠪᠢᠴᠢᠴᠢᠬᠡᠨ᠎ᠡ᠃ ᠪᠠᠬᠠᠨ ᠪᠠᠷᠳᠠᠮ ᠶᠡᠬᠡᠷᠬᠡᠭ ᠵᠠᠩ ᠲᠠᠢ ᠠ᠋ᠴᠠ ᠪᠢᠰᠢ᠂ ᠡᠳᠡᠨᠥᠰ ᠦ᠋ᠨ ᠢ᠋ᠶ᠋ᠡᠨ ᠳᠣᠲᠣᠷ᠎ᠠ ᠠ᠋ᠴᠠ ᠨᠡᠯᠢᠶᠡᠳ ᠵᠦᠭᠡᠷ ᠲᠦ᠍ ᠲᠣᠭᠠᠴᠠᠭᠳᠠᠨ᠎ᠠ᠃  
       ᠰᠠᠢᠰᠢᠶᠠᠯᠲᠤ ᠡᠨᠳᠡ ᠢᠷᠡᠭᠡᠳ ᠰᠤᠷᠭᠠᠭᠤᠯᠢ ᠶ᠋ᠢᠨ ᠳᠦᠷᠢᠮ ᠲᠣᠭᠲᠠᠭᠠᠯ ᠢ᠋ ᠰᠠᠢᠵᠢᠷᠠᠭᠤᠯᠤᠨ ᠪᠠᠭᠰᠢᠨᠠᠷ ᠢ᠋ ᠠᠵᠢᠯ ᠤ᠋ᠨ ᠴᠠᠭ ᠲᠤ᠌ ᠠᠷᠢᠬᠢ ᠳᠠᠷᠠᠰᠤ ᠤᠤᠭᠤᠬᠤ ᠶ᠋ᠢ ᠴᠢᠩᠭ᠎ᠠ ᠬᠣᠷᠢᠭᠯᠠᠵᠤ᠂ ᠠᠵᠢᠯ ᠤ᠋ᠨ ᠪᠠᠢᠷᠢ ᠪᠠᠨ ᠴᠢᠩᠭ᠎ᠠ ᠰᠠᠬᠢᠬᠤ ᠶ᠋ᠢ ᠡᠩ ᠲᠡᠷᠢᠭᠦᠨ ᠳ᠋ᠦ᠍ ᠱᠠᠭᠠᠷᠳᠠᠵᠤ ᠬᠤᠪᠢ ᠲᠡᠮᠳᠡᠭᠯᠡᠵᠦ᠂ ᠱᠠᠩᠨᠠᠵᠤ ᠲᠣᠷᠭᠠᠬᠤ ᠳᠦᠷᠢᠮ ᠢ᠋ ᠭᠠᠷᠭᠠᠵᠤ ᠠᠵᠢᠯ ᠤ᠋ᠨ ᠰᠤᠷᠲᠠᠯ ᠢ᠋ ᠳᠡᠭᠡᠭᠰᠢᠯᠡᠭᠦᠯᠬᠦ ᠳ᠋ᠦ᠍ ᠬᠦᠴᠦ ᠲᠠᠯᠪᠢᠨ᠎ᠠ᠃ ᠣᠷᠴᠢᠨ ᠲᠣᠭᠣᠷᠢᠨ᠂ ᠬᠣᠭᠣᠯᠠᠨ ᠭᠡᠷ ᠦ᠋ᠨ ᠠᠷᠢᠭᠤᠨ ᠴᠡᠪᠡᠷ᠂ ᠢᠳᠡᠭᠡ ᠵᠠᠭᠤᠰᠢ ᠶ᠋ᠢ ᠬᠢᠬᠦ ᠡᠴᠡ ᠡᠬᠢᠯᠡᠭᠡᠳ ᠠᠰ ᠠᠰ ᠲᠤᠨᠢ ᠬᠡᠷᠡᠭᠵᠢᠭᠦᠯᠬᠦ ᠳᠦᠷᠢᠮ ᠭᠣᠷᠢᠮ ᠭᠠᠷᠭᠠᠪᠠ᠃ 
       ᠡᠨᠡᠬᠦ ᠶᠢᠷᠲᠢᠨᠴᠦ ᠡᠴᠡ ᠲᠤᠰᠠᠭᠠᠷᠯᠠᠭᠳᠠᠭᠰᠠᠨ ᠰᠢᠭ᠋ ᠠᠯᠤᠰ ᠵᠡᠯᠢᠭᠦᠳ ᠬᠥᠳᠡᠭᠡ ᠶ᠋ᠢᠨ ᠬᠡᠳᠦᠬᠡᠨ ᠠᠷᠪᠠᠨ ᠬᠥᠮᠦᠨ ᠲᠡᠢ ᠰᠤᠮᠤᠨ ᠤ᠋ ᠬᠣᠲᠣᠭᠣᠷ ᠲᠤ᠌ ᠢᠷᠡᠭᠰᠡᠨ ᠰᠠᠢᠰᠢᠶᠠᠯᠳᠤ ᠭᠠᠪᠢᠷ᠎ᠠ ᠬᠣᠶᠠᠷ ᠤ᠋ᠨ ᠲᠤᠬᠠᠢ ᠬᠡᠰᠡᠭᠬᠡᠨ ᠬᠤᠭᠤᠴᠠᠭ᠎ᠠ ᠶᠠᠭ ᠯᠠ ᠬᠣᠨᠢᠨ ᠳ᠋ᠤᠨᠢ ᠴᠢᠨᠣ᠎ᠠ ᠣᠷᠣᠴᠢᠬᠠᠭᠰᠠᠨ ᠶᠤᠮ ᠰᠢᠭ᠋ ᠱᠤᠤᠭᠢᠯᠳᠤᠵᠤ ᠮᠡᠳᠡᠭᠡ ᠴᠢᠮᠡᠭᠡᠨ ᠦ᠌ ᠭᠣᠣᠯ ᠰᠡᠳᠦᠪ ᠪᠣᠯᠤᠨ ᠠᠢᠯ ᠠ᠋ᠴᠠ ᠠᠢᠯ ᠳ᠋ᠤ᠌᠂ ᠠᠮᠠᠨ ᠠ᠋ᠴᠠ ᠠᠮᠠ ᠳᠠᠮᠵᠢᠨ ᠶᠠᠷᠢᠭᠳᠠᠬᠤ ᠭᠣᠣᠯ ᠰᠡᠳᠦᠪ ᠪᠣᠯᠵᠤ ᠪᠠᠢᠯ᠎ᠠ᠃  ᠰᠠᠢᠰᠢᠶᠠᠯᠳᠤ ᠶ᠋ᠢ ᠡᠢᠮᠦ ᠵᠠᠯᠠᠭᠤ ᠪᠠᠷ ᠢ᠋ᠶ᠋ᠠᠨ ᠵᠠᠬᠢᠷᠤᠯ ᠪᠣᠯᠤᠭᠰᠠᠨ ᠢ᠋ ᠦᠵᠡᠬᠦ ᠳ᠋ᠦ᠍᠂ ᠠᠯᠢ ᠨᠢᠭᠡᠨ ᠳᠠᠷᠤᠭ᠎ᠠ ᠶ᠋ᠢᠨ ᠬᠢᠨᠢ ᠬᠡᠦᠬᠡᠳ ᠪᠤᠶᠤ ᠰᠠᠳᠤᠨ ᠲᠥᠷᠥᠯ ᠪᠠᠢᠬ᠎ᠠ ᠳᠠ ᠭᠡᠵᠦ ᠪᠦᠷ 《ᠲᠡᠢᠮᠦ ᠶᠦᠮ ᠭᠡᠨ᠎ᠡ ᠬᠡᠯᠡᠢ 》ᠭᠡᠳ ᠨᠡᠮᠡᠵᠦ ᠣᠷᠬᠢᠨ᠎ᠠ᠃ ᠭᠠᠳᠠᠨ᠎ᠠ ᠠ᠋ᠴᠠ ᠨᠢ ᠬᠠᠷᠠᠬᠤ ᠳ᠋ᠤ᠌ ᠶᠡᠬᠡ ᠨᠣᠮᠣᠬᠠᠨ ᠳᠠᠷᠤᠤ ᠰᠢᠭ᠋ ᠪᠣᠯᠪᠠᠴᠤ ᠠᠢᠬᠤᠪᠲᠤᠷ ᠴᠢᠩᠭ᠎ᠠ ᠬᠠᠲᠠᠭᠤ ᠭᠡᠰᠡᠨ᠃ ᠨᠥᠭᠦᠭᠡ ᠬᠡᠳᠦᠨ ᠠᠷᠢᠬᠢᠴᠢᠨ ᠪᠠᠭᠰᠢᠨᠠᠷ ᠢ᠋ᠶ᠋ᠠᠨ ᠬᠠᠮᠢᠶᠠᠷᠤᠭᠠᠳ ᠲᠠᠢᠯᠵᠤ ᠪᠠᠢᠬᠤ ᠴᠢᠨᠢ ᠨᠡᠭᠡᠷᠡᠨ ᠬᠢᠯᠪᠠᠷ ᠦᠭᠡᠢ᠃ ᠵᠢᠭᠮᠢᠳ ᠭᠡᠷ  ᠲᠦ᠋ᠨᠢ ᠣᠴᠢᠵᠤ ᠠᠭᠰᠤᠮᠨᠠᠭᠠᠳ ᠡᠬᠡᠨᠡᠷ ᠨᠢ ᠠᠶᠤᠵᠤ ᠡᠪᠡᠳᠴᠢᠬᠡᠵᠡᠢ ᠭᠡᠨ᠎ᠡ᠃ ᠭᠡᠷ ᠪᠠᠢᠰᠢᠩ ᠢ᠋ᠶ᠋ᠠᠨ ᠭᠣᠶᠣ ᠵᠠᠰᠠᠵᠤ ᠭᠢᠯᠠ ᠴᠢᠯᠡ ᠪᠣᠯᠭᠠᠭᠰᠠᠨ ᠳᠥᠷᠪᠡᠨ ᠬᠡᠦᠬᠡᠳ ᠲᠡᠢ ᠠᠢᠯ ᠭᠡᠵᠦ ᠦᠵᠡᠵᠦ ᠭᠠᠷᠬᠤ ᠦᠭᠡᠢ ᠴᠡᠮᠴᠡᠭᠡᠷ᠂ ᠣᠷᠣᠬᠤ ᠠ᠋ᠴᠠ ᠬᠠᠯᠠᠰᠢᠷᠠᠮᠠᠷ ᠰᠠᠢᠬᠠᠨ ᠰᠠᠭᠤᠳᠠᠭ ᠠᠢᠯ ᠪᠠᠢᠨ᠎ᠠ ᠯᠠᠢ᠃ ᠡᠬᠡᠨᠡᠷ ᠨᠢ ᠡᠯᠪᠡᠭ ᠳᠡᠯᠪᠡᠭ ᠭᠠᠷ ᠲᠠᠢ ᠶᠡᠬᠡ ᠵᠣᠴᠢᠨᠰᠠᠭ ᠰᠠᠢᠬᠠᠨ ᠠᠭᠠᠯᠢ ᠲᠠᠢ ᠪᠦᠰᠡᠭᠦᠢ ᠭᠡᠨ᠎ᠡ ᠭᠡᠬᠦ ᠵᠡᠷᠭᠡ ᠪᠡᠷ ᠶᠠᠷᠢᠵᠠᠭᠠᠨ᠎ᠠ᠃  
       ᠨᠡᠩ ᠴᠦ᠍ ᠬᠠᠷ᠎ᠠ ᠲᠤᠯᠭᠤᠷ᠂ ᠲᠤᠩᠭᠠᠯᠠᠭ ᠬᠣᠶᠠᠷ ᠡᠳᠡᠨ ᠦ᠌ ᠬᠢ ᠪᠡᠷ ᠡᠳᠦᠷ ᠦ᠋ᠨ ᠬᠡᠳᠦ ᠤᠳᠠᠭ᠎ᠠ ᠣᠷᠣᠵᠤ ᠭᠠᠷᠤᠨ ᠬᠠᠭᠤᠴᠢᠨ ᠵᠠᠬᠢᠷᠤᠯ ᠪᠣᠯᠤᠨ ᠪᠠᠭᠰᠢ ᠨᠠᠷ ᠤ᠋ᠨ ᠢ᠋ᠶ᠋ᠠᠨ ᠲᠤᠬᠠᠢ ᠵᠥᠩᠳᠡᠭᠡᠨ ᠣᠯᠠᠨ ᠶᠠᠭᠤᠮ᠎ᠠ ᠶᠠᠷᠢᠬᠤ ᠪᠥᠭᠡᠳ ᠰᠢᠨ᠎ᠡ ᠵᠠᠬᠢᠷᠤᠯ ᠪᠣᠯᠤᠨ ᠭᠡᠷᠭᠡᠢ ᠶ᠋ᠢᠨ ᠬᠢᠨᠢ ᠠᠮᠠᠨ ᠠ᠋ᠴᠠ ᠶᠠᠭᠤ ᠨᠢᠭᠡ ᠶ᠋ᠢ ᠰᠣᠨᠣᠰᠴᠤ ᠴᠠᠭᠠᠰᠢ ᠳᠡᠯᠭᠡᠷᠡᠭᠦᠯᠬᠦ《ᠰᠤᠷᠠᠭ ᠵᠠᠩᠭᠢ》 ᠣᠯᠬᠤ ᠭᠡᠵᠦ ᠶᠠᠭᠠᠷᠠᠨ᠎ᠠ᠃ ᠭᠡᠬᠦ ᠳ᠋ᠦ᠍ ᠰᠢᠨ᠎ᠡ ᠵᠠᠬᠢᠷᠤᠯ ᠨᠢ ᠲᠠᠭ ᠳᠤᠭᠤᠢ᠃ ᠭᠡᠷᠭᠡᠢ ᠨᠢ ᠰᠠᠢᠬᠠᠨ ᠰᠢᠷᠭᠠᠯ ᠴᠠᠢ᠂ ᠰᠢᠬᠢᠷ ᠪᠣᠭᠣᠷᠰᠣᠭ ᠢ᠋ᠶ᠋ᠠᠷ ᠵᠣᠴᠢᠯᠠᠭᠠᠳ ᠭᠠᠷᠭᠠᠬᠤ ᠠ᠋ᠴᠠ ᠥᠭᠡᠷ᠎ᠡ ᠢᠯᠡᠭᠦᠦ ᠳᠤᠲᠠᠭᠤ ᠦᠭᠡ ᠦᠭᠡᠢ ᠳ᠋ᠦ᠍ ᠲᠡᠳᠡ ᠪᠠᠬᠠᠨ ᠤᠷᠮ᠎ᠠ ᠬᠤᠭᠤᠷᠠᠪᠠ᠃ ᠬᠠᠷ᠎ᠠ ᠲᠤᠯᠭᠤᠷ ᠪᠣᠯ ᠡᠨᠡᠬᠦ《ᠳᠡᠷᠡᠰᠦᠨ ᠬᠣᠲᠣᠭᠣᠷ》 ᠤ᠋ᠨ ᠮᠡᠳᠡᠭᠡ ᠴᠢᠮᠡᠭᠡᠨ ᠦ᠌ ᠭᠣᠣᠯ ᠵᠠᠭᠤᠴᠢᠯᠠᠭᠤᠷ ᠪᠣᠯᠬᠤ ᠶᠤᠮ᠃ ᠲᠡᠭᠦᠨ ᠦ᠌ ᠣᠷᠣᠳᠠᠭ ᠦᠭᠡᠢ ᠠᠢᠯ᠂ ᠶᠠᠷᠢᠳᠠᠭ ᠦᠭᠡᠢ ᠵᠣᠭᠣᠭ ᠭᠡᠵᠦ ᠦᠭᠡᠢ᠃ ᠬᠣᠪ ᠬᠣᠩᠰᠢᠶᠠᠷ ᠵᠥᠭᠡᠭᠡᠭᠰᠡᠨ ᠦ᠌ ᠬᠢᠨᠢ ᠤᠷᠰᠢᠭ ᠢ᠋ᠶ᠋ᠠᠷ ᠠᠢᠯ ᠰᠠᠭᠠᠬᠠᠯᠲᠠ ᠶ᠋ᠢᠨ ᠬᠣᠭᠣᠷᠣᠨᠳᠣ ᠬᠡᠷᠡᠭᠦᠯ ᠴᠤᠤᠭᠢᠶᠠᠨ ᠡᠭᠦᠰᠬᠡᠳᠡᠭ ᠴᠦ᠍ ᠤᠳᠠᠭ᠎ᠠ ᠲᠠᠢ᠃ ᠬᠠᠷ᠎ᠠ ᠲᠤᠯᠭᠤᠷ ᠭᠠᠪᠢᠷ᠎ᠠ ᠶ᠋ᠢᠨ ᠪᠡᠶ᠎ᠡ ᠭᠠᠯᠪᠢᠷ᠂ ᠡᠮᠦᠰᠴᠦ ᠵᠡᠭᠦᠬᠦ᠂ ᠶᠠᠪᠤᠵᠤ ᠰᠠᠭᠤᠬᠤ ᠶ᠋ᠢ ᠨᠢ ᠠᠵᠢᠭᠯᠠᠨ ᠥᠪᠡᠷ ᠦ᠋ᠨ ᠮᠤᠨᠳᠠᠭ ᠥᠨᠳᠥᠷ ᠪᠦᠳᠦᠭᠦᠨ ᠪᠡᠶ᠎ᠡ ᠬᠠᠷᠠᠭ᠎ᠠ ᠲᠠᠢ ᠪᠠᠨ ᠬᠠᠷᠢᠴᠠᠭᠤᠯᠤᠨ ᠪᠣᠳᠣᠬᠤ ᠳ᠋ᠤ᠌ ᠠᠲᠠᠭ᠎ᠠ ᠵᠢᠲᠥᠭᠡᠨ ᠦ᠌ ᠬᠢᠨᠢ ᠭᠠᠯ ᠦᠷᠪᠢᠰᠦᠨ ᠨᠣᠴᠣᠨ᠎ᠠ᠃ 
       ᠲᠡᠷᠡ ᠭᠠᠪᠢᠷ᠎ᠠ ᠶ᠋ᠢᠨ ᠪᠡᠶ᠎ᠡ ᠳᠡᠭᠡᠷ᠎ᠡ ᠡᠴᠡ ᠦ᠋ ᠰᠡᠪ ᠣᠯᠬᠤ ᠭᠡᠵᠦ ᠬᠡᠴᠡᠭᠦᠦ ᠶᠠᠭᠠᠷᠠᠨ᠎ᠠ᠃ 
      ᠰᠠᠢᠰᠢᠶᠠᠯᠲᠤ᠂ ᠵᠢᠭᠠᠨ ᠰᠤᠷᠭᠠᠬᠤ ᠠᠵᠢᠯ ᠳ᠋ᠠᠭᠠᠨ ᠮᠠᠰᠢ ᠨᠠᠷᠢᠨ ᠲᠥᠯᠥᠪᠯᠡᠯᠭᠡ ᠲᠣᠬᠢᠷᠠᠭᠤᠯᠤᠯᠲᠠ ᠬᠢᠵᠦ᠂ ᠪᠠᠭᠰᠢᠨᠠᠷ ᠤ᠋ᠨ ᠠᠵᠢᠯᠯᠠᠵᠤ ᠰᠤᠷᠤᠯᠴᠠᠬᠤ ᠤᠷᠮ᠎ᠠ ᠰᠡᠳᠬᠢᠯ ᠢ᠋ ᠬᠥᠭᠵᠢᠭᠡᠵᠦ᠂ ᠨᠢᠭᠡ ᠨᠢᠭᠡᠨ ᠦ᠌ ᠪᠡᠨ ᠬᠢᠴᠢᠶᠡᠯ ᠢ᠋ ᠰᠣᠨᠣᠰᠤᠭᠤᠯᠤᠨ ᠰᠠᠨᠠᠯ ᠵᠥᠪᠯᠡᠯᠭᠡ ᠪᠡᠨ ᠰᠣᠯᠢᠯᠴᠠᠬᠤ ᠵᠡᠷᠭᠡ ᠠᠯᠢ ᠣᠯᠠᠨ ᠪᠦᠲᠦᠮᠵᠢ ᠲᠡᠢ ᠠᠷᠭ᠎ᠠ ᠶ᠋ᠢ ᠰᠦᠪᠡᠭᠴᠢᠯᠡᠨ᠂ ᠳᠡᠭᠡᠳᠦ ᠱᠠᠲᠤ ᠪᠣᠯᠤᠨ ᠰᠤᠮᠤ ᠭᠠᠴᠠᠭᠠᠨ ᠤ᠋ ᠤᠳᠤᠷᠢᠳᠤᠯᠭ᠎ᠠ ᠲᠠᠢ ᠬᠠᠷᠢᠴᠠᠭ᠎ᠠ ᠪᠠᠨ ᠨᠢᠭᠲᠠᠷᠠᠭᠤᠯᠵᠤ᠂ ᠰᠠᠨᠠᠯ ᠵᠥᠪᠯᠡᠯᠭᠡ ᠶ᠋ᠢ ᠨᠢ ᠰᠣᠨᠣᠰᠴᠤ᠂ ᠰᠤᠷᠭᠠᠭᠤᠯᠢ ᠪᠠᠨ ᠰᠢᠨ᠎ᠡ ᠪᠡᠷ ᠪᠦᠲᠦᠭᠡᠨ ᠪᠠᠢᠭᠤᠯᠬᠤ ᠲᠥᠰᠥᠪ ᠲᠥᠯᠥᠪᠯᠡᠭᠡ ᠲᠣᠭᠲᠠᠭᠠᠬᠤ ᠭᠡᠳ ᠲᠣᠯᠣᠭᠠᠢ ᠥᠨᠳᠡᠢᠬᠦ ᠦᠭᠡᠢ ᠶᠠᠭᠠᠷᠠᠵᠤ᠂ ᠣᠳᠣᠬᠢ ᠪᠠᠢᠳᠠᠯ ᠢ᠋ᠶ᠋ᠠᠨ ᠥᠭᠡᠷᠡᠴᠢᠯᠡᠵᠦ ᠰᠠᠢᠵᠢᠷᠠᠭᠤᠯᠬᠤ ᠠᠷᠭ᠎ᠠ ᠰᠦᠪᠡᠭᠴᠢᠯᠡᠨ᠎ᠡ᠃ 
       ᠨᠣᠭᠣᠭᠠᠨ ᠨᠢᠳᠦᠲᠦ ᠪᠠᠶᠠᠷᠲᠤ ᠠ᠋ᠴᠠ ᠡᠬᠢᠯᠡᠨ ᠪᠦᠬᠦ ᠪᠠᠭᠰᠢ ᠶ᠋ᠢᠨ ᠬᠢᠴᠢᠶᠡᠯ ᠢ᠋ ᠰᠣᠨᠣᠰᠴᠤ᠂ ᠬᠠᠮᠤᠭ ᠰᠡᠭᠦᠯ ᠳ᠋ᠦ᠍ ᠭᠠᠪᠢᠷ᠎ᠠ ᠶ᠋ᠢᠨ ᠨᠡᠭᠡᠭᠡᠯᠲᠡ ᠶ᠋ᠢᠨ ᠬᠢᠴᠢᠶᠡᠯ ᠢ᠋ ᠰᠣᠨᠣᠰᠪᠠ᠃ 
       ᠰᠢᠨ᠎ᠡ ᠵᠠᠬᠢᠷᠤᠯ ᠤ᠋ᠨ ᠢ᠋ᠶ᠋ᠠᠨ ᠠᠪᠠᠭᠠᠢ ᠶ᠋ᠢᠨ《ᠦ ᠶ᠋ᠢ ᠡᠷᠢᠬᠦ》 ᠪᠣᠯᠤᠭᠰᠠᠨ ᠳ᠋ᠠᠭᠠᠨ ᠲᠡᠳᠡ ᠶᠡᠬᠡᠯ᠎ᠡ ᠤᠷᠮ᠎ᠠ ᠲᠠᠢ ᠪᠠᠢᠯ᠎ᠠ᠃ ᠨᠡᠩ ᠴᠦ᠍ ᠬᠠᠷ᠎ᠠ ᠲᠤᠯᠭᠤᠷ ᠢ᠋ ᠶᠠᠭᠤᠨ ᠥᠭᠦᠯᠡᠬᠦ ᠪᠣᠢ᠃ ᠲᠣᠮᠣ ᠠᠮᠠ ᠪᠠᠨ ᠳᠠᠷᠪᠠᠢᠯᠭᠠᠨ ᠨᠠᠷᠢᠬᠠᠨ ᠨᠢᠳᠦ ᠪᠡᠨ ᠵᠢᠷᠲᠠᠢᠯᠭᠠᠨ ᠬᠠᠷᠠᠵᠤ ᠰᠠᠭᠤᠬᠤ ᠪᠥᠭᠡᠳ ᠶᠠᠭᠤ ᠨᠢᠭᠡ ᠶᠢ ᠬᠡᠯᠡᠬᠦ ᠭᠡᠬᠦ ᠡᠴᠡ ᠵᠠᠪᠠᠵᠢᠨ ᠳ᠋ᠤᠨᠢ ᠰᠢᠯᠦᠰᠦ ᠬᠤᠷᠠᠨ᠎ᠠ᠃  ᠬᠣᠩᠬᠣ ᠳᠤᠤᠭᠠᠷᠴᠤ ᠭᠠᠪᠢᠷ᠎ᠠ ᠣᠷᠣᠵᠤ ᠢᠷᠡᠯ᠎ᠡ᠃ ᠲᠡᠷᠡ ᠨᠠᠷᠢᠬᠠᠨ ᠪᠡᠯᠬᠡᠭᠦᠰᠦ ᠶ᠋ᠢ ᠪᠠᠷᠢᠭᠰᠠᠨ ᠪᠠᠩᠵᠠᠯ ᠬᠡᠯᠪᠡᠷᠢ ᠲᠡᠢ ᠬᠥᠬᠡ ᠥᠩᠭᠡ ᠶ᠋ᠢᠨ ᠰᠠᠯᠬᠢᠨ ᠰᠢᠨᠧᠯ ᠡᠮᠦᠰᠴᠦ᠂ ᠳᠣᠲᠣᠷ᠎ᠠ ᠪᠠᠨ ᠪᠣᠰᠤᠭ᠎ᠠ ᠵᠠᠭᠠᠮ᠎ᠠ ᠲᠠᠢ ᠴᠠᠭᠠᠨ ᠤᠲᠠᠰᠤᠨ ᠴᠠᠮᠴᠠ ᠲᠣᠬᠢᠷᠠᠭᠤᠯᠵᠤ᠂ ᠬᠠᠯᠢᠭᠤᠨ ᠬᠦᠷᠡᠩ ᠦᠰᠦ ᠪᠡᠨ ᠠᠷᠤ ᠤᠷᠤᠭᠤ ᠪᠠᠨ ᠬᠣᠯᠪᠣᠨ ᠤᠨᠵᠢᠭᠤᠯᠵᠠᠢ᠃ ᠢᠷ ᠭᠠᠷᠲᠠᠯ᠎ᠠ ᠢᠯᠢᠭᠦᠷᠳᠡᠭᠰᠡᠨ ᠰᠢᠷᠭᠠᠯ ᠥᠩᠭᠡ ᠶ᠋ᠢᠨ ᠥᠮᠥᠳᠥ ᠲᠡᠢ᠂ ᠬᠦᠯᠲᠦᠭᠡᠨᠡᠲᠡᠯ᠎ᠡ ᠵᠦᠯᠭᠦᠭᠰᠡᠨ ᠬᠠᠷ᠎ᠠ ᠠᠷᠠᠰᠤᠨ ᠱᠠᠬᠠᠢ ᠤᠭᠯᠠᠭᠰᠠᠨ ᠨᠢ ᠴᠣᠪᠣᠭᠣ ᠬᠥᠭᠵᠢᠭᠦᠨ ᠬᠠᠷᠠᠭᠳᠠᠨ᠎ᠠ᠃ ᠰᠠᠭᠤᠯᠴᠠᠭᠰᠠᠨ ᠬᠥᠮᠦᠰ ᠲᠡᠭᠦᠨ ᠢ᠋ ᠶᠡᠬᠡᠯ᠎ᠡ ᠱᠣᠬᠣᠭᠣᠷᠬᠠᠨ ᠰᠢᠷᠲᠡᠵᠦ ᠰᠠᠭᠤᠵᠠᠭᠠᠨ᠎ᠠ᠃  ᠭᠠᠪᠢᠷ᠎ᠠ᠂ ᠪᠠᠭᠰᠢ ᠰᠤᠷᠤᠭᠴᠢᠳ ᠲᠤ᠌ ᠲᠣᠯᠣᠭᠠᠢ ᠳᠣᠬᠢᠨ ᠮᠡᠨᠳᠦᠯᠡᠭᠡᠳ ᠴᠡᠭᠡᠯᠬᠡᠨ ᠲᠤᠩᠭᠠᠯᠠᠭ ᠬᠣᠭᠣᠯᠠᠢ ᠪᠠᠷ ᠬᠢᠴᠢᠶᠡᠯ ᠢ᠋ᠶ᠋ᠡᠨ ᠲᠠᠢᠯᠪᠤᠷᠢᠯᠠᠵᠤ ᠡᠬᠢᠯᠡᠯ᠎ᠡ᠃ ᠰᠠᠮᠪᠠᠷ᠎ᠠ ᠳ᠋ᠤ᠌《ᠬᠥᠬᠡ ᠮᠣᠩᠭᠣᠯ ᠨᠤᠲᠤᠭ》 ᠭᠡᠬᠦ ᠭᠠᠷᠴᠠᠭ ᠢ᠋ ᠭᠣᠴᠣ ᠰᠠᠢᠬᠠᠨ ᠦᠰᠦᠭ ᠢ᠋ᠶ᠋ᠡᠷ ᠳᠤᠷᠠᠢᠲᠠᠯ᠎ᠠ ᠪᠢᠴᠢᠨ᠎ᠡ᠃  ᠭᠠᠪᠢᠷ᠎ᠠ ᠶ᠋ᠢᠨ ᠨᠡᠭᠡᠭᠡᠯᠲᠡ ᠶ᠋ᠢᠨ ᠬᠢᠴᠢᠶᠡᠯ ᠦᠭᠡᠯᠡᠮᠡᠷ ᠦᠭᠡᠢ ᠠᠮᠵᠢᠯᠲᠠ ᠣᠯᠵᠠᠢ᠃  ᠭᠠᠷᠠᠭ ᠤ᠋ᠨ ᠰᠡᠭᠦᠯ ᠳ᠋ᠦ᠍᠂ ᠪᠦᠬᠦ ᠪᠠᠭᠰᠢ ᠨᠠᠷ ᠤ᠋ᠨ ᠨᠡᠭᠡᠭᠡᠯᠲᠡ ᠶ᠋ᠢᠨ ᠬᠢᠴᠢᠶᠡᠯ ᠢ᠋ ᠬᠠᠮᠲᠤ ᠪᠠᠷ ᠶᠠᠷᠢᠯᠴᠠᠬᠤ ᠪᠣᠯᠤᠯ᠎ᠠ᠃ ᠭᠠᠪᠢᠷ᠎ᠠ ᠶ᠋ᠢᠨ ᠬᠢᠴᠢᠶᠡᠯ ᠢ᠋ ᠶᠠᠷᠢᠯᠴᠠᠬᠤ ᠪᠣᠯᠤᠭᠰᠠᠨ ᠳ᠋ᠤ᠌ ᠪᠠᠭᠰᠢᠨᠠᠷ ᠲᠡᠭᠦᠨ ᠦ᠌ ᠬᠢᠴᠢᠶᠡᠯ ᠡᠴᠡ ᠡᠷᠢᠮᠡᠷ ᠦ ᠣᠯᠤᠭᠰᠠᠨ ᠦᠭᠡᠢ ᠮᠥᠷᠲᠡᠭᠡᠨ ᠮᠠᠭᠲᠠᠬᠤ ᠵᠦᠢᠯ ᠠᠷᠪᠢᠨ ᠪᠠᠢᠯ᠎ᠠ᠃ ᠭᠡᠶ᠎ᠡ ᠲᠡᠳᠡ ᠰᠠᠢᠨ ᠲᠠᠢ ᠲᠠᠯ᠎ᠠ ᠶ᠋ᠢ ᠨᠢ ᠮᠠᠭᠲᠠᠶ᠎ᠠ ᠭᠡᠬᠦ ᠳ᠋ᠦ᠍ ᠠᠮᠠᠨ ᠠ᠋ᠴᠠ ᠨᠢ ᠶᠡᠷᠦ ᠯᠡ ᠭᠠᠷᠴᠤ ᠥᠭᠬᠦ ᠦᠭᠡᠢ ᠠᠮᠠ ᠨᠢ ᠲᠠᠭᠯᠠᠷᠠᠭᠠᠳ ᠳᠣᠮᠪᠣᠢᠵᠤ ᠰᠠᠭᠤᠨ᠎ᠠ᠃  ᠭᠠᠪᠢᠷ᠎ᠠ ᠲᠡᠳᠦᠢ ᠴᠦ᠍ ᠶᠠᠭᠤᠮ᠎ᠠ ᠪᠣᠯᠭᠠᠭᠰᠠᠨ ᠦᠭᠡᠢ᠃ ᠲᠡᠷᠡ ᠪᠣᠯ ᠠᠯᠳᠠᠰᠢ ᠠᠮᠵᠢᠯᠲᠠ ᠬᠣᠶᠠᠷ ᠢ᠋ᠶ᠋ᠠᠨ ᠲᠤᠩᠭᠠᠵᠤ ᠳ᠋ᠦᠩᠨᠡᠵᠦ ᠴᠢᠳᠠᠳᠠᠭ ᠤ᠋ᠨ ᠨᠢᠭᠡᠨ ᠪᠢᠯᠡ᠃  ᠰᠠᠢᠰᠢᠶᠠᠯᠲᠤ᠂ ᠪᠤᠰᠤᠳ ᠪᠠᠭᠰᠢᠨᠠᠷ ᠤ᠋ᠨ ᠠᠮᠵᠢᠯᠲᠠ ᠲᠠᠢ ᠲᠠᠯ᠎ᠠ ᠶ᠋ᠢ ᠢᠯᠡᠭᠦᠦ ᠮᠠᠭᠲᠠᠵᠤ᠂ ᠶᠡᠷᠦᠩᠬᠡᠢ ᠳ᠋ᠦ᠍ᠨᠢ ᠠᠩᠬᠠᠷᠤᠭᠤᠯᠤᠭᠰᠠᠨ ᠬᠡᠳᠦᠨ ᠤᠴᠢᠷ ᠢ᠋ ᠶᠠᠷᠢᠭᠠᠳ᠂ ᠬᠠᠷᠢᠨ ᠠᠪᠠᠭᠠᠢ ᠶ᠋ᠢᠨ ᠢ᠋ᠶ᠋ᠡᠨ ᠬᠢᠴᠢᠶᠡᠯ ᠡᠴᠡ ᠪᠠᠭ᠎ᠠ ᠦᠭᠡᠢ ᠠᠰᠠᠭᠤᠳᠠᠯ ᠭᠠᠷᠭᠠᠵᠤ ᠶᠠᠷᠢᠵᠠᠢ᠃ ᠡᠨᠡ ᠨᠢ ᠪᠤᠰᠤᠳ ᠢ᠋ ᠰᠡᠷᠡᠮᠵᠢᠯᠡᠭᠦᠯᠵᠦ ᠪᠠᠢᠭ᠎ᠠ ᠭᠡᠳᠡᠭ ᠢ᠋ ᠭᠠᠪᠢᠷ᠎ᠠ ᠮᠡᠳᠡᠵᠦ ᠪᠠᠢᠭᠰᠠᠨ ᠴᠤ᠌ ᠵᠥᠭᠡᠯᠡᠨ ᠬᠦᠷᠡᠩ ᠨᠢᠳᠦ ᠪᠡᠷ ᠢ᠋ᠶ᠋ᠡᠨ ᠨᠥᠬᠥᠷ ᠢ᠋ᠶ᠋ᠡᠨ ᠭᠣᠮᠣᠳᠠᠩᠭᠤᠢ ᠬᠠᠷᠠᠵᠤ ᠰᠠᠭᠤᠨ᠎ᠠ᠃ ᠭᠡᠷ ᠲᠡᠭᠡᠨ ᠬᠠᠷᠢᠭᠰᠠᠨ ᠤ᠋ ᠳᠠᠷᠠᠭ᠎ᠠ 
       — ᠨᠠᠮ᠎ᠠ ᠶ᠋ᠢ ᠣᠯᠠᠨ ᠤ᠋ ᠡᠮᠦᠨ᠎ᠡ ᠦᠭᠡᠯᠡᠭᠡᠳ ᠯᠡ᠂ ᠮᠢᠨᠦ ᠬᠢᠴᠢᠶᠡᠯ ᠨᠡᠭᠡᠷᠡᠨ ᠪᠣᠯᠤᠭᠰᠠᠨ ᠦᠭᠡᠢ ᠤᠤ? ᠭᠡᠰᠡᠨ ᠳ᠋ᠦ᠍᠂ ᠰᠠᠢᠰᠢᠶᠠᠯᠲᠤ᠄ 
       — ᠬᠠᠨᠠᠰᠠ ᠳᠠ᠂ ᠴᠢᠨᠦ ᠬᠢᠴᠢᠶᠡᠯ ᠲᠤᠩ ᠴᠤ᠌ ᠰᠠᠢᠬᠠᠨ ᠪᠣᠯᠤᠭᠰᠠᠨ᠃ ᠭᠡᠲᠡᠯ᠎ᠡ ᠡᠳᠡᠨᠥᠰ ᠴᠢᠨᠢ ᠮᠡᠳᠡᠬᠦ ᠦᠭᠡᠢ ᠭᠡᠳᠡᠭ ᠢ᠋ᠶ᠋ᠡᠨ ᠮᠡᠳᠡᠷᠡᠳᠡᠭ ᠦᠭᠡᠢ ᠬᠥᠮᠦᠰ᠃ ᠪᠠᠬᠠᠨ ᠤᠷᠮ᠎ᠠ ᠬᠠᠢᠷᠠᠯᠠᠵᠤ ᠪᠠᠢᠪᠠᠯ ᠳᠠᠷᠠᠭᠠᠴᠢ ᠶ᠋ᠢᠨ ᠠᠵᠢᠯ ᠳ᠋ᠤ᠌ ᠮᠢᠨᠢ ᠲᠤᠰᠠᠲᠠᠢ ᠪᠣᠯ ᠤᠤ ᠭᠡᠵᠦ ᠪᠣᠳᠣᠬᠤ ᠶᠤᠮ ᠭᠡᠯ᠎ᠡ᠃ 
       ᠬᠠᠷ᠎ᠠ ᠲᠤᠯᠭᠤᠷ᠂ ᠲᠤᠩᠭᠠᠯᠠᠭ ᠬᠣᠶᠠᠷ ᠴᠢᠯᠥᠭᠡ ᠯᠡ ᠭᠠᠷᠪᠠᠯ ᠬᠦᠵᠦᠭᠦᠦ ᠲᠣᠯᠣᠭᠠᠢ ᠬᠣᠯᠪᠣᠭᠠᠰᠤᠲᠠᠢ᠂ ᠴᠢᠬᠢ ᠴᠢᠬᠢᠨ ᠳ᠋ᠡᠭᠡᠨ ᠶᠠᠭᠤ ᠨᠢᠭᠡ ᠶ᠋ᠢ ᠰᠢᠪᠡᠭᠡᠨᠡᠨ ᠭᠠᠪᠢᠷ᠎ᠠ ᠲᠡᠳᠡᠨ  ᠳ᠋ᠦ᠍ ᠠᠷᠭ᠎ᠠ ᠦᠭᠡᠢ 《ᠬᠥᠩᠭᠡᠨ ᠰᠦᠷᠳᠡᠭᠦᠯᠦᠯ》 ᠪᠣᠯᠵᠤ ᠪᠠᠢᠯ᠎ᠠ᠃ ᠲᠡᠭᠡᠬᠦ ᠮᠥᠷᠲᠡᠭᠡᠨ ᠭᠠᠳᠠᠨ᠎ᠠ ᠠ᠋ᠴᠠ ᠨᠢ ᠬᠠᠷᠠᠬᠤ ᠳ᠋ᠤ᠌ ᠳᠤᠭᠤᠢ ᠨᠣᠮᠣᠬᠠᠨ ᠳᠦᠷᠢ ᠲᠡᠢ ᠴᠦ᠍ ᠮᠠᠰᠢ ᠴᠢᠩᠭ᠎ᠠ ᠬᠠᠲᠠᠭᠤ ᠠᠷᠠᠨᠰᠢᠨ ᠲᠠᠢ ᠵᠠᠯᠠᠭᠤ ᠵᠠᠬᠢᠷᠤᠯ ᠨᠢ ᠤᠤᠯ ᠤ᠋ᠨ ᠡᠪᠦᠭᠡᠨ ᠵᠠᠬᠢᠷᠤᠯ ᠸᠠᠩᠲᠠᠨ ᠭᠤᠸᠠᠢ ᠲᠠᠢ ᠣᠭᠲᠣ ᠠᠳᠠᠯᠢ ᠦᠭᠡᠢ᠃ ᠢᠯᠡ ᠳᠠᠯᠳᠠ ᠤᠯᠠᠷᠢᠭᠤᠯᠤᠨ ᠬᠡᠷᠡᠭᠯᠡᠳᠡᠭ 《ᠣᠪᠵᠢᠩ ᠬᠠᠭᠤᠷᠮᠠᠴᠢ ᠤᠬᠠᠭᠠᠨ》 ᠢ᠋  ᠡᠳᠡᠨ  ᠳ᠋ᠦ᠍ ᠬᠡᠷᠡᠭᠯᠡᠭᠡᠳ ᠬᠡᠷᠡᠭ ᠲᠦ᠍ ᠬᠦᠷᠬᠦ ᠦᠭᠡᠢ ᠭᠡᠳᠡᠭ ᠢ᠋ ᠤᠬᠠᠭᠠᠷᠠᠭᠰᠠᠨ ᠲᠡᠷᠡ ᠪᠡᠷ ᠠᠯᠢ ᠪᠣᠯᠬᠤ ᠪᠠᠷ ᠠᠶᠠᠯᠳᠠᠨ ᠳᠠᠭᠠᠬᠤ ᠶ᠋ᠢ ᠬᠢᠴᠢᠶᠡᠨ᠎ᠡ᠃ 
       ᠪᠦᠲᠦᠨ ᠰᠠᠢᠨ ᠡᠳᠦᠷ᠃ ᠰᠠᠢᠰᠢᠶᠠᠯᠲᠤ ᠭᠠᠪᠢᠷ᠎ᠠ ᠬᠣᠶᠠᠷ ᠭᠡᠷ ᠦ᠋ᠨ ᠢ᠋ᠶ᠋ᠡᠨ ᠰᠢᠪᠡᠷ ᠬᠦᠷᠢᠶ᠎ᠡ ᠶ᠋ᠢ ᠥᠨᠳᠥᠷᠲᠡᠭᠡᠨ ᠵᠠᠰᠠᠵᠤ ᠪᠠᠢᠯ᠎ᠠ᠃ ᠭᠤᠷᠪᠠᠨ ᠥᠬᠢᠨ ᠨᠢ ᠳᠤᠷᠠᠲᠠᠢ ᠳᠤᠷᠠᠲᠠᠢ ᠪᠠᠷ ᠢ᠋ᠶ᠋ᠠᠨ ᠲᠣᠭᠯᠠᠨ᠎ᠠ᠃  ᠵᠢᠷᠭᠤᠭᠠᠨ ᠨᠠᠰᠤᠲᠠᠢ ᠶᠡᠬᠡ ᠥᠬᠢᠨ ᠠᠷᠤᠷ᠎ᠠ ᠨᠢ ᠭᠠᠷ ᠠᠯᠴᠢᠭᠤᠷ ᠢ᠋ᠶ᠋ᠠᠨ ᠨᠢᠭᠤᠷ ᠤ᠋ᠨ ᠭᠠᠳᠤᠷ᠎ᠠ ᠳ᠋ᠤ᠌ ᠬᠢᠵᠦ ᠬᠥᠭᠡᠰᠦ ᠰᠠᠬᠠᠷᠠᠲᠠᠯ᠎ᠠ ᠰᠠᠪᠤᠩ ᠳᠦᠷᠭᠢᠭᠡᠳ ᠤᠬᠢᠶᠠᠵᠤ ᠵᠣᠭᠰᠣᠨ᠎ᠠ᠃ ᠲᠠᠪᠤᠨ ᠨᠠᠰᠤᠲᠠᠢ ᠬᠣᠶᠠᠳᠤᠭᠠᠷ ᠥᠬᠢᠨ ᠣᠴᠢ ᠨᠢ ᠬᠦᠷᠢᠶᠡᠨ ᠳ᠋ᠡᠭᠡᠨ ᠦᠰᠦᠷᠴᠦ ᠳᠡᠭᠳᠡᠨ ᠠᠯᠢᠶᠠᠷᠬᠠᠨ᠎ᠠ᠃ ᠲᠡᠷᠡ ᠪᠣᠯ ᠡᠴᠢᠭᠡ ᠡᠬᠡ ᠶ᠋ᠢᠨ ᠢ᠋ᠶ᠋ᠡᠨ ᠰᠠᠢᠬᠠᠨ ᠪᠦᠭᠦᠳᠡ ᠶ᠋ᠢ ᠠᠪᠴᠤ ᠲᠥᠷᠥᠭᠰᠡᠨ ᠪᠣᠮᠪᠣᠭᠣᠷ ᠴᠠᠭᠠᠨ ᠴᠢᠷᠠᠢ ᠲᠠᠢ᠂ ᠬᠤᠷᠴᠠ ᠰᠡᠷᠭᠦᠯᠡᠩ ᠪᠣᠷᠣ ᠨᠢᠳᠦ ᠲᠡᠢ ᠥᠬᠢᠨ᠃ ᠭᠡᠬᠦ ᠳ᠋ᠡᠭᠡᠨ ᠬᠦᠦ ᠰᠢᠭ ᠠᠯᠢᠶᠠᠷᠬᠠᠭ ᠳᠡᠭᠵᠢᠨ᠃ ᠨᠢᠯᠬ᠎ᠠ ᠶ᠋ᠢᠨ ᠮᠠᠷᠢᠶ᠎ᠠ ᠨᠢ ᠰᠢᠭᠤᠷᠠᠭ᠎ᠠ ᠦᠭᠡᠢ ᠪᠠᠭ᠎ᠠ ᠥᠬᠢᠨ ᠮᠠᠢᠯᠠᠰᠤ ᠨᠢ ᠳᠥᠩᠭᠡᠵᠦ ᠭᠤᠷᠪᠠ ᠬᠦᠷᠴᠦ ᠪᠠᠢᠭ᠎ᠠ᠂ ᠳᠠᠪ ᠲᠠᠷᠭᠤᠨ᠂  ᠲᠡᠷᠡ ᠮᠠᠨᠢ ᠴᠠᠭᠠᠬᠠᠨ ᠵᠢᠰᠦ ᠲᠡᠢ᠂ ᠣᠷᠣᠰ ᠬᠡᠦᠬᠡᠳ ᠰᠢᠭ ᠠᠯᠲᠠᠨ ᠰᠢᠷ᠎ᠠ ᠦᠰᠦ ᠲᠡᠢ ᠥᠬᠢᠨ᠃ ᠲᠡᠷᠡ ᠪᠣᠨᠲᠣᠭᠣᠷ ᠵᠢᠭᠠᠬᠠᠨ ᠭᠠᠷ ᠢ᠋ᠶ᠋ᠠᠷ ᠢ᠋ᠶ᠋ᠠᠨ ᠰᠢᠪᠡᠷ ᠨᠤᠬᠤᠵᠤ ᠲᠣᠭᠯᠠᠨ᠎ᠠ᠃ 
       ᠵᠢᠭᠮᠡᠳ᠂ ᠪᠠᠶᠠᠷᠲᠤ᠂ ᠪᠠᠽᠠᠷ ᠭᠤᠷᠪᠠᠭᠤᠯᠠ ᠨᠡᠯᠢᠶᠡᠳ ᠬᠠᠯᠠᠮᠴᠠᠭᠤ ᠲᠡᠳᠡᠨ ᠣ ᠳ᠋ᠤ᠌ ᠢᠷᠡᠯ᠎ᠡ᠃  ᠵᠢᠭᠮᠢᠳ ᠴᠠᠪᠴᠢᠭᠤᠯᠤᠭᠰᠠᠨ ᠰᠣᠷᠪᠢ ᠲᠠᠢ ᠮᠤᠬᠤᠷ ᠲᠣᠯᠣᠭᠠᠢ ᠪᠠᠨ ᠢᠯᠪᠢᠨ᠂ ᠰᠢᠷ᠎ᠠ ᠨᠢᠳᠦ ᠪᠡᠨ ᠭᠢᠯᠠᠮᠠᠯᠵᠠᠭᠤᠯᠤᠨ 
       — ᠭᠠᠷᠠᠭ ᠤ᠋ᠨ ᠡᠳᠦᠷ ᠴᠦ᠍ ᠠᠮᠠᠷᠠᠳᠠᠭ ᠦᠭᠡᠢ᠂ ᠨᠡᠭᠡᠷᠡᠨ ᠴᠦ᠍ ᠠᠵᠢᠯᠰᠠᠭ ᠠ᠋᠃  ᠣᠳᠣ ᠭᠡᠷ ᠲᠡᠭᠡᠨ ᠣᠷᠣᠵᠠᠭ᠎ᠠ᠂ ᠲᠠᠨ  ᠤ᠋  ᠳ᠋ᠤ᠌ ᠬᠣᠶᠠᠷ ᠬᠤᠨᠳᠠᠭ᠎ᠠ ᠤᠤᠭᠤᠶ᠎ᠠ᠂ ᠪᠣᠯᠤᠨ᠎ᠠ ᠪᠢᠵᠡ ᠳᠡ ᠪᠢ ᠭᠡᠵᠦ ᠳᠡᠭᠡᠷᠡᠩᠭᠦᠢᠯᠡᠨ ᠵᠠᠩᠳᠤᠷᠬᠤ ᠰᠢᠬᠠᠭᠤ ᠥᠭᠦᠯᠡᠨ᠎ᠡ᠃ ᠰᠠᠢᠰᠢᠶᠠᠯᠲᠤ ᠢᠨᠢᠶᠡᠰᠬᠢᠭᠡᠳ 
       — ᠠᠢᠯ ᠭᠡᠷ ᠪᠣᠯᠵᠤ ᠠᠪᠠᠭᠠᠢ ᠬᠡᠦᠬᠡᠳ ᠲᠡᠢ ᠪᠣᠯᠴᠢᠬᠠᠪᠠᠯ ᠠᠮᠢᠳᠤᠷᠠᠨ᠎ᠠ ᠭᠡᠵᠦ ᠵᠢᠳᠬᠦᠬᠦ ᠦᠭᠡᠢ ᠴᠦ᠍ ᠪᠣᠢ ᠳᠠ᠃ ᠵᠠ᠂ ᠭᠡᠷ ᠲᠦ᠍ ᠣᠷᠣᠵᠠᠭ᠎ᠠ! ᠭᠡᠯ᠎ᠡ᠃ ᠡᠨᠡ ᠦᠶ᠎ᠡ ᠳ᠋ᠦ᠍᠂ ᠵᠢᠭᠠᠯ ᠣᠴᠢ ᠨᠢᠳᠦ ᠪᠡᠨ ᠲᠣᠮᠣᠷᠠᠭᠤᠯᠤᠨ ᠭᠠᠷ ᠢ᠋ᠶ᠋ᠠᠨ ᠠᠯᠳᠠᠯᠠᠨ ᠵᠢᠭᠮᠢᠳ ᠦ᠋ᠨ ᠡᠮᠦᠨ᠎ᠡ ᠵᠣᠭᠰᠣᠵᠤ 
       — ᠮᠠᠨ ᠤ᠋ ᠳ᠋ᠤ᠌ ᠣᠷᠣᠵᠤ ᠪᠣᠯᠬᠤ ᠦᠭᠡᠢ᠃ ᠴᠢ ᠮᠢᠨᠦ ᠠᠪᠤ ᠶ᠋ᠢ ᠬᠠᠷᠢᠶᠠᠯ᠎ᠠ ᠪᠠ? ᠳᠠᠬᠢᠭᠠᠳ ᠮᠠᠨ ᠤ᠋ ᠳ᠋ᠤ᠌ ᠠᠷᠢᠬᠢ ᠤᠤᠭᠤᠵᠤ ᠮᠢᠨᠦ ᠠᠪᠤ ᠶ᠋ᠢ ᠬᠠᠷᠢᠶᠠᠪᠠᠯ ᠤᠤ᠂ ᠴᠢᠮ᠎ᠠ ᠶ᠋ᠢ ᠪᠢ ᠰᠢᠭᠦᠰᠦᠯᠡᠵᠦ ᠣᠷᠬᠢᠨ᠎ᠠ ᠰᠢᠦ ! ᠭᠡᠳ ᠪᠢᠴᠢᠬᠠᠨ ᠨᠢᠳᠤᠷᠭ᠎ᠠ ᠪᠠᠨ ᠵᠠᠩᠭᠢᠳᠤᠨ ᠳᠠᠯᠠᠢᠪᠠ᠃  ᠲᠡᠷᠡ ᠭᠤᠷᠪᠠᠭᠤᠯᠠ 《ᠬᠠ — ᠬᠠ》 ᠭᠡᠮᠡᠨ ᠬᠠᠳᠠᠭᠠᠨᠠᠨ ᠢᠨᠢᠶᠡᠯᠴᠡᠵᠦ
       — ᠶᠠᠮᠠᠷ ᠠᠢᠬᠤᠪᠲᠤᠷ ᠥᠬᠢᠨ ᠪᠣᠢ! ᠴᠢᠮ᠎ᠠ ᠶ᠋ᠢ ᠪᠢᠰᠢᠷᠡᠯ᠎ᠡ᠃ ᠳᠠᠬᠢᠭᠠᠳ ᠲᠡᠭᠡᠵᠦ ᠠᠭᠠᠰᠢᠯᠠᠬᠤ ᠦᠭᠡᠢ᠃ ᠪᠤᠷᠤᠭᠤ ᠬᠦᠯᠢᠶᠡᠶ᠎ᠡ᠂ ᠪᠣᠯᠤᠨ᠎ᠠ ᠪᠠ? ᠭᠡᠰᠡᠨ ᠳ᠋ᠦ᠍
       — ᠵᠠ᠂ ᠲᠡᠢᠮᠦ ᠪᠣᠯ ᠣᠷᠣᠭᠠᠷᠠᠢ᠂ ᠬᠡᠯᠡᠭᠰᠡᠨ ᠳ᠋ᠡᠭᠡᠨ ᠰᠠᠭᠤᠨ᠎ᠠ ᠰᠢᠦ! ᠭᠡᠳ ᠵᠢᠭᠮᠢᠳ ᠢ᠋ ᠢᠲᠡᠭᠡᠵᠦ ᠶᠠᠳᠠᠭᠰᠠᠨ ᠪᠠᠢᠳᠠᠯ ᠲᠠᠢ ᠨᠢᠳᠦ ᠪᠡᠨ ᠴᠠᠪᠴᠢᠯᠠᠨ ᠰᠢᠷᠳᠡᠨ᠎ᠡ᠃
       — ᠮᠢᠨᠦ ᠥᠬᠢᠨ᠂ ᠠᠪᠠᠭ᠎ᠠ ᠨᠠᠷ ᠲᠠᠭᠠᠨ ᠲᠡᠭᠡᠵᠦ ᠪᠣᠯᠬᠤ ᠦᠭᠡᠢ ᠰᠢᠦ ᠭᠡᠳ ᠭᠠᠪᠢᠷ᠎ᠠ ᠲᠡᠳᠡᠨ ᠦ᠌ ᠠᠷᠤ ᠠ᠋ᠴᠠ ᠨᠢ ᠳ᠋ᠡᠭᠡᠨ ᠣᠷᠣᠯ᠎ᠠ᠃  ᠤᠳᠠᠵᠤ ᠲᠦᠳᠡᠯ ᠦᠭᠡᠢ ᠭᠠᠪᠢᠷ᠎ᠠ ᠬᠦᠢᠲᠡᠨ ᠬᠠᠯᠠᠭᠤᠨ ᠵᠠᠭᠤᠰᠢ ᠥᠷᠥᠵᠦ᠂ ᠰᠠᠢᠰᠢᠶᠠᠯᠳᠤ ᠨᠢᠭᠡ ᠰᠢᠯ ᠠᠷᠢᠬᠢ ᠵᠠᠳᠠᠯᠵᠤ ᠬᠡᠮᠨᠡᠯ᠎ᠡ᠃ ᠵᠢᠭᠮᠢᠳ᠂ ᠠᠩᠭᠠᠭᠰᠠᠨ ᠦᠬᠡᠷ ᠤᠰᠤ ᠦᠵᠡᠭᠰᠡᠨ ᠮᠡᠲᠦ ᠠᠷᠤ ᠠᠷᠤ ᠠ᠋ᠴᠠ ᠨᠢ ᠵᠠᠯᠭᠢᠬᠤ ᠶ᠋ᠢᠨ ᠳᠠᠭᠠᠤ ᠰᠠᠢᠰᠢᠶᠠᠯᠲᠤ ᠶ᠋ᠢ ᠴᠦ᠍ ᠤᠤᠭᠤᠯᠭᠠᠬᠤ ᠭᠡᠵᠦ ᠰᠢᠬᠠᠨ᠎ᠠ᠃ ᠰᠠᠢᠰᠢᠶᠠᠯᠲᠤ ᠠᠷᠢᠬᠢ ᠳᠡᠮᠡᠢ ᠤᠤᠭᠤᠵᠤ ᠴᠢᠳᠠᠳᠠᠭ ᠦᠭᠡᠢ᠃ ᠬᠠᠶᠠ ᠲᠤᠯᠭᠠᠮᠳᠠᠪᠠᠯ ᠬᠡᠳᠦᠨ ᠬᠤᠨᠳᠠᠭ᠎ᠠ ᠤᠤᠭᠤᠨ᠎ᠠ᠃ ᠭᠡᠪᠡᠴᠦ ᠭᠠᠭᠴᠠ ᠬᠤᠨᠳᠠᠭᠠᠨ ᠳ᠋ᠤ᠌ ᠯᠠ ᠴᠢᠷᠠᠢ ᠨᠢ ᠤᠯᠠᠢᠵᠤ᠂ ᠢᠯᠡᠭᠦᠦ ᠬᠣᠶᠠᠷ ᠬᠤᠨᠳᠠᠭ᠎ᠠ ᠤᠤᠭᠤᠴᠢᠬᠠᠪᠠᠯ ᠬᠣᠳᠣᠭᠣᠳᠣ ᠪᠠᠨ ᠤᠷᠪᠠᠲᠠᠯ᠎ᠠ ᠪᠠᠨ ᠪᠥᠭᠡᠯᠵᠢᠵᠦ ᠶᠡᠬᠡ ᠵᠣᠪᠠᠳᠠᠭ ᠠ᠋ᠴᠠ ᠠᠷᠢᠬᠢ ᠤᠤᠭᠤᠬᠤ ᠳ᠋ᠤ᠌ ᠴᠠᠭᠠᠨ᠎ᠠ ᠡᠴᠡ ᠪᠡᠨ ᠳᠤᠷ᠎ᠠ ᠦᠭᠡᠢ᠃ ᠵᠢᠭᠮᠢᠳ ᠥᠨᠥᠳᠥᠷ ᠰᠠᠢᠰᠢᠶᠠᠯᠳᠤ ᠶ᠋ᠢ ᠵᠠᠪᠠᠯ ᠨᠢᠭᠡ ᠰᠣᠭᠲᠣᠭᠠᠶ᠎ᠠ ᠭᠡᠵᠦ ᠪᠣᠳᠣᠬᠤ ᠪᠥᠭᠡᠳ ᠤᠤᠭᠤᠬᠤ ᠦᠭᠡᠢ ᠳ᠋ᠦ᠍ ᠬᠦᠷᠪᠡᠯ ᠨᠥᠭᠦᠭᠡ ᠪᠠᠯᠠᠮᠠᠳ ᠵᠠᠩ ᠢ᠋ᠶ᠋ᠠᠨ ᠭᠠᠷᠭᠠᠬᠤ ᠭᠡᠰᠡᠨ ᠲᠥᠯᠥᠪᠯᠡᠭᠡ ᠲᠡᠢ ᠢᠷᠡᠵᠡᠢ᠃ ᠨᠥᠭᠦᠭᠡ ᠬᠣᠶᠠᠷ ᠨᠢ ᠬᠠᠵᠠᠭᠤ ᠠ᠋ᠴᠠ ᠨᠢ ᠬᠠᠷᠠᠵᠤ ᠶᠧᠨᠦᠦ ᠦᠵᠡᠬᠦ ᠪᠣᠳᠣᠯ ᠲᠠᠢ᠃ ᠵᠢᠭᠮᠢᠳ ᠪᠦᠳᠦᠭᠦᠨ ᠠᠮᠠ ᠪᠠᠨ ᠳᠠᠷᠪᠠᠯᠵᠠᠭᠤᠯᠤᠨ ᠴᠠᠭᠠᠨ ᠬᠥᠭᠡᠰᠦ ᠰᠠᠬᠠᠷᠠᠭᠤᠯᠤᠨ᠂ ᠬᠠᠮᠢᠭ᠎ᠠ ᠬᠡᠵᠢᠶ᠎ᠡ ᠬᠡᠨ ᠬᠡᠨ ᠢ᠋ ᠶᠠᠭᠠᠬᠢᠵᠤ ᠠᠶᠤᠯᠭᠠᠵᠤ ᠰᠦᠷᠳᠡᠭᠦᠯᠵᠦ᠂ ᠲᠠᠢᠯᠵᠤ ᠪᠠᠢᠭᠰᠠᠨ 《ᠪᠠᠭᠠᠲᠤᠷᠯᠢᠭ ᠭᠠᠢᠬᠠᠮᠰᠢᠭᠲᠤ》 ᠲᠡᠦᠬᠡ ᠪᠡᠨ ᠮᠠᠵᠤᠤᠯᠠᠨ᠂ ᠪᠦᠷ ᠰᠡᠭᠦᠯ ᠳ᠋ᠡᠭᠡᠨ ᠰᠠᠢᠰᠢᠶᠠᠯᠳᠤ ᠤᠷᠤᠭᠤ ᠨᠢᠳᠦ ᠡᠷᠡᠢᠯᠭᠡᠵᠦ 《ᠡᠷ᠎ᠡ ᠬᠥᠮᠦᠨ ᠪᠣᠯ ᠴᠢ ᠤᠤᠭᠤ》 ᠭᠡᠳ ᠠᠷᠢᠬᠢ ᠶ᠋ᠢ ᠠᠮᠠᠨ ᠳ᠋ᠤ᠌ ᠨᠢ ᠴᠢᠳᠬᠤᠮᠠᠷ ᠠᠭᠠᠰᠢᠯᠠᠨ᠎ᠠ᠃  ᠰᠠᠢᠰᠢᠶᠠᠯᠲᠤ ᠡᠬᠢᠨ ᠳ᠋ᠡᠭᠡᠨ ᠳᠤᠭᠤᠢ ᠯᠠ ᠰᠠᠭᠤᠵᠤ ᠪᠠᠢᠪᠠ᠃ ᠲᠡᠭᠡᠭᠡᠳ ᠤᠯᠠᠮ ᠲᠡᠰᠬᠦ ᠳᠣᠳᠣᠮ ᠤᠯᠠᠮ ᠴᠤ᠌ ᠳᠠᠪᠠᠭᠤᠷᠠᠨ ᠠᠭᠠᠰᠢᠯᠠᠬᠤ ᠳ᠋ᠤᠨᠢ ᠡᠭᠳᠡᠭᠦᠦ ᠬᠦᠷᠴᠦ 
       — ᠡᠷ᠎ᠡ ᠶ᠋ᠢᠨ ᠰᠠᠢᠨ ᠢ᠋ ᠠᠷᠢᠬᠢ ᠪᠠᠷ ᠢᠯᠭᠠᠬᠤ ᠶᠤᠮ ᠪᠢᠰᠢ ᠴᠢ ᠨᠡᠭᠡᠷᠡᠨ ᠲᠡᠢᠮᠦ ᠰᠠᠢᠨ ᠡᠷ᠎ᠡ ᠪᠣᠯ ᠬᠣᠶᠠᠭᠤᠯᠠ ᠭᠠᠳᠠᠨ᠎ᠠ ᠭᠠᠷᠤᠭᠠᠳ ᠦᠵᠡᠯᠴᠡᠵᠦ ᠦᠵᠡᠶ᠎ᠡ ᠭᠡᠪᠡ᠃ ᠵᠢᠭᠮᠢᠳ ᠡᠯᠦᠨᠴᠡ ᠡᠪᠦᠭᠡ ᠶ᠋ᠢᠨ ᠢ᠋ᠶ᠋ᠡᠨ ᠨᠡᠷ᠎ᠡ ᠶ᠋ᠢ ᠳᠠᠭᠤᠳᠠᠭᠤᠯᠤᠭᠰᠠᠨ ᠶᠤᠮ ᠰᠢᠭ᠋ ᠠᠷᠠᠭ᠎ᠠ ᠰᠢᠲᠦ ᠬᠠᠪᠢᠷᠤᠨ᠂ ᠨᠢᠳᠦ ᠪᠡᠨ ᠵᠢᠷᠲᠠᠢᠯᠭᠠᠨ 
       — ᠪᠣᠯᠤᠨ᠎ᠠ᠂ ᠬᠡᠷᠪᠡ ᠪᠢ ᠴᠢᠮ᠎ᠠ ᠳ᠋ᠤ᠌ ᠳᠡᠢᠯᠦᠭᠳᠡᠪᠡᠯ ᠬᠦᠦ ᠴᠢᠨᠢ ᠪᠣᠯᠤᠶ᠎ᠠ᠂ ᠴᠢ ᠳᠡᠢᠯᠦᠭᠳᠡᠪᠡᠯ ᠨᠠᠮ᠎ᠠ ᠶ᠋ᠢ ᠡᠪᠦᠭᠡ ᠭᠡᠵᠦ ᠳᠠᠭᠤᠳᠠ! ᠭᠡᠵᠦ ᠠᠭᠰᠤᠷᠤᠨ᠎ᠠ᠃ ᠲᠡᠳᠡ ᠬᠣᠶᠠᠷ ᠬᠦᠷᠢᠶᠡᠨ ᠡᠴᠡ ᠭᠠᠷᠴᠤ ᠠᠭᠤᠵᠢᠮ ᠰᠢᠭ᠋ ᠭᠠᠵᠠᠷ ᠲᠤ᠌ ᠥᠭᠡᠳᠡ ᠥᠭᠡᠳᠡ ᠪᠡᠨ ᠬᠠᠷᠠᠵᠤ ᠵᠣᠭᠰᠣᠯ᠎ᠠ᠃ ᠰᠠᠢᠰᠢᠶᠠᠯᠳᠤ ᠶᠣᠵᠣᠲᠠᠢᠬᠠᠨ ᠢᠨᠢᠶᠡᠴᠢᠬᠡᠭᠡᠳ 
       — ᠨᠢᠳᠤᠷᠭᠠᠨ ᠡᠷᠳᠡᠮ ᠲᠡᠢ ᠭᠡᠳᠡᠭ ᠢ᠋ᠶ᠋ᠡᠷ ᠢ᠋ᠶ᠋ᠡᠨ ᠲᠠ ᠤᠷᠢᠳ ᠢ᠋ᠶ᠋ᠠᠷ ᠡᠬᠢᠯᠡ ᠭᠡᠪᠡ᠃  ᠡᠨᠡ ᠳᠡᠷᠡᠰᠦᠨ ᠬᠣᠲᠣᠭᠣᠷ ᠲᠤ᠌ ᠪᠤᠤ ᠬᠡᠯᠡ᠂ ᠬᠠᠪᠢ ᠣᠢᠷᠠᠯᠴᠠᠭ᠎ᠠ ᠭᠠᠵᠠᠷ ᠤ᠋ᠳ ᠢ᠋ᠶ᠋ᠠᠷ ᠲᠡᠭᠦᠨ ᠦ᠌ ᠥᠭᠡᠳᠡ ᠡᠴᠡ ᠢᠩᠭᠢᠵᠦ ᠵᠣᠷᠢᠭ ᠲᠠᠢ ᠡᠰᠡᠷᠭᠦᠴᠡᠭᠴᠢ ᠶᠡᠷᠦ ᠲᠠᠭᠠᠷᠠᠯᠳᠤᠭ᠎ᠠ ᠦᠭᠡᠢ ᠪᠣᠯᠬᠣᠷ ᠣᠮᠣᠭ ᠨᠢ ᠰᠢᠳᠡᠵᠦ ᠠᠷᠢᠬᠢ ᠨᠢ ᠨᠢᠭᠡᠨᠲᠡ ᠰᠡᠷᠭᠦᠵᠦ᠂ ᠮᠥᠷᠭᠥᠯᠳᠦᠬᠦ ᠭᠡᠵᠦ ᠬᠡᠷᠡᠵᠦ ᠪᠠᠢᠭ᠎ᠠ ᠪᠤᠬ᠎ᠠ ᠰᠢᠭ᠋ ᠨᠢᠳᠦ ᠨᠢ ᠤᠯᠠᠭᠠᠨ ᠢ᠋ᠶ᠋ᠠᠷ ᠡᠷᠭᠢᠯᠳᠦᠨ᠎ᠡ᠃  ᠲᠡᠷᠡ ᠬᠦᠴᠦ ᠪᠡᠷ ᠢ᠋ᠶ᠋ᠡᠨ ᠨᠢᠳᠤᠷᠭᠠᠳᠠᠬᠤ ᠭᠡᠵᠦ ᠳᠠᠭᠠᠷᠢᠨ ᠣᠷᠣᠲᠠᠯ᠎ᠠ ᠰᠠᠢᠰᠢᠶᠠᠯᠳᠤ ᠲᠡᠭᠦᠨ ᠦ᠌ ᠬᠦᠴᠦᠨ ᠳ᠋ᠦ᠍ᠨᠢ ᠲᠠᠭᠠᠷᠠᠭᠤᠯᠤᠨ ᠭᠠᠭᠴᠠᠬᠠᠨ ᠳᠡᠯᠡᠰᠴᠦ ᠰᠢᠷᠣᠢ ᠡᠮᠬᠦᠭᠦᠯᠪᠡ᠃ ᠵᠢᠭᠮᠢᠳ ᠭᠠᠯᠵᠠᠭᠤᠷᠠᠭᠰᠠᠨ ᠶᠤᠮ ᠰᠢᠭ᠋ ᠣᠷᠢᠯᠠᠨ᠂ ᠳᠠᠬᠢᠭᠠᠳ ᠳᠠᠭᠠᠷᠢᠭᠰᠠᠨ ᠳ᠋ᠤ᠌᠂ ᠰᠠᠢᠰᠢᠶᠠᠯᠲᠤ ᠵᠠᠢᠯᠠᠰᠬᠢᠮᠡᠭᠴᠡ ᠬᠤᠯᠬᠢ ᠤᠷᠤᠭᠤ ᠨᠢ ᠰᠢᠭᠠᠵᠤ ᠣᠷᠬᠢᠭᠰᠠᠨ ᠳ᠋ᠤ᠌ ᠨᠢᠭᠤᠷ ᠢ᠋ᠶ᠋ᠠᠷ ᠢ᠋ᠶ᠋ᠠᠨ ᠭᠠᠵᠠᠷ ᠲᠤᠯᠤᠨ ᠡᠪᠬᠡᠷᠡᠨ ᠤᠨᠠᠭᠠᠳ ᠰᠤᠯᠳᠠᠢᠨ ᠬᠡᠪᠲᠡᠯ᠎ᠡ᠃ ᠠᠮᠠᠨ ᠳ᠋ᠤᠨᠢ ᠴᠢᠰᠤ ᠠᠮᠲᠠᠯᠠᠭᠳᠠᠨ᠂ ᠴᠢᠬᠢᠨ ᠡᠴᠡ ᠨᠢ ᠴᠢᠰᠤ ᠭᠠᠷᠤᠨ᠎ᠠ᠃ ᠠᠷᠠᠢ ᠭᠡᠵᠦ ᠮᠡᠳᠡᠭᠡ ᠣᠷᠣᠭᠰᠠᠨ ᠵᠢᠭᠮᠢᠳ᠄ 
       — ᠪᠢᠰᠢᠷᠡᠯ᠎ᠡ᠂ ᠪᠢᠰᠢᠷᠡᠯ᠎ᠡ ᠠ᠋᠂ ᠴᠢ ᠨᠡᠭᠡᠷᠡᠨ ᠬᠡᠴᠡᠭᠦᠦ ᠵᠠᠯᠢᠲᠠᠢ ᠵᠣᠳᠣᠯᠳᠤᠳᠠᠭ ᠬᠥᠮᠦᠨ ᠪᠠᠢᠨ᠎ᠠ᠃ ᠬᠣᠵᠢᠮ ᠴᠢᠮ᠎ᠠ ᠶ᠋ᠢ ᠡᠪᠦᠭᠡ ᠰᠢᠭ ᠢ᠋ᠶ᠋ᠡᠨ ᠬᠦᠨᠳᠦᠯᠡᠵᠦ ᠶᠠᠪᠤᠶ᠎ᠠ ᠭᠡᠯ᠎ᠡ᠃ ᠰᠠᠢᠰᠢᠶᠠᠯᠳᠤ᠂ ᠵᠢᠭᠮᠢᠳ ᠢ᠋ ᠲᠡᠳᠡᠨ ᠪᠤᠰᠬᠠᠭᠠᠳ 
       — ᠬᠣᠵᠢᠮ ᠬᠡᠷᠡᠭᠦᠯ ᠵᠣᠳᠣᠭᠠᠨ ᠬᠢᠵᠦ ᠠᠢᠯ ᠠᠢᠮᠠᠭ ᠢ᠋ ᠦᠢᠮᠡᠭᠦᠯᠵᠦ ᠶᠠᠪᠤᠳᠠᠭ ᠢ᠋ᠶ᠋ᠠᠨ ᠪᠣᠯᠢᠵᠤ ᠦᠵᠡ᠃ ᠴᠢ ᠪᠠᠭᠰᠢ ᠬᠥᠮᠦᠨ ᠰᠢᠦ ᠳᠡ᠃ ᠳᠦᠷᠢ ᠲᠥᠷᠬᠦ ᠪᠡᠨ ᠬᠢᠴᠢᠶᠡᠬᠦ ᠶᠦᠮ ᠰᠢᠦ ᠭᠡᠳ ᠮᠥᠷᠥ ᠶ᠋ᠢ ᠨᠢ ᠠᠯᠠᠭᠠᠳᠠᠪᠠ᠃ 
       ᠲᠡᠷᠡ ᠬᠣᠶᠠᠷ ᠤ᠋ᠨ ᠵᠣᠳᠣᠭᠠᠨ ᠢ᠋ ᠵᠢᠷᠦᠬᠡ ᠲᠦᠭᠰᠢᠨ ᠬᠠᠷᠠᠵᠤ ᠵᠣᠭᠰᠣᠭᠰᠠᠨ ᠪᠠᠶᠠᠷᠲᠤ᠂ ᠪᠠᠽᠠᠷ ᠬᠣᠶᠠᠷ ᠪᠦᠯᠡᠬᠡ ᠵᠠᠯᠭᠢᠴᠢᠬᠠᠭᠰᠠᠨ ᠶᠤᠮ ᠰᠢᠭ᠋ ᠠᠩᠭᠠᠢᠨ ᠮᠡᠯᠡᠷᠡᠵᠡᠢ᠃ ᠡᠨᠡᠬᠦ ᠳᠤᠭᠤᠢ ᠳᠠᠷᠤᠤᠬᠠᠨ᠂ ᠨᠢᠮᠭᠡᠨ ᠴᠠᠭᠠᠨ ᠠᠷᠠᠰᠤ ᠬᠥᠷᠥᠰᠥ ᠲᠡᠢ ᠡᠴᠡᠩᠬᠡᠢ ᠥᠨᠳᠥᠷ ᠵᠠᠯᠠᠭᠤ ᠶ᠋ᠢ ᠡᠢᠮᠦ ᠰᠢᠷᠪᠥᠰᠥᠯᠢᠭ ᠬᠠᠲᠠᠭᠤ ᠡᠷ᠎ᠡ ᠭᠡᠵᠦ ᠪᠣᠳᠣᠭᠰᠠᠨ ᠦᠭᠡᠢ᠃ ᠬᠤᠷᠳᠤᠨ ᠪᠣᠰᠢᠭᠣ ᠬᠥᠳᠡᠯᠭᠡᠭᠡᠨ᠂ ᠣᠨᠣᠴᠢᠲᠠᠢ ᠰᠢᠷᠦᠭᠦᠨ ᠳᠠᠭᠠᠷᠢᠯᠲᠠ᠂ ᠢᠳᠡ ᠬᠣᠷᠣᠲᠠᠢ ᠴᠣᠬᠢᠭ᠎ᠠ ᠶ᠋ᠢ ᠭᠤᠷᠪᠠᠨ ᠵᠢᠭᠮᠢᠳ ᠴᠦ᠍ ᠳᠡᠢᠯᠬᠦ ᠪᠡᠷ ᠦᠭᠡᠢ ᠳᠠᠯᠳᠠ ᠨᠢᠭᠤᠴᠠᠭᠠᠢ ᠬᠦᠴᠦᠨ ᠲᠡᠢ ᠠᠵᠢ᠃ ᠵᠢᠭᠠᠯ ᠣᠴᠢ ᠠᠯᠠᠭ᠎ᠠ ᠲᠡᠰᠢᠨ ᠦᠰᠦᠴᠢᠨ ᠪᠠᠶᠠᠷᠯᠠᠵᠤ 
       — ᠮᠢᠨᠦ ᠠᠪᠤ ᠠᠶᠤᠮᠠᠷ ᠪᠠᠢᠭ᠎ᠠ ᠪᠢᠵᠡ᠂ ᠳᠠᠬᠢᠭᠠᠳ ᠮᠠᠨ ᠤ᠋ ᠳ᠋ᠤ᠌ ᠢᠷᠡᠵᠦ ᠠᠭᠠᠰᠢᠯᠠᠨ᠎ᠠ ᠤᠤ? ᠭᠡᠨ᠎ᠡ᠃ 
       — ᠠᠪᠤ ᠠ᠋ᠴᠠ ᠴᠢᠨᠢ ᠠᠶᠤᠭᠰᠠᠨ ᠦᠭᠡᠢ᠂ ᠬᠠᠷᠢᠨ ᠴᠢᠮ᠎ᠠ᠎ᠠ᠋ᠴᠠ ᠯᠠ ᠠᠶᠤᠴᠢᠬᠠᠯ᠎ᠠ᠃ ᠬᠣᠵᠢᠮ ᠠᠪᠠᠭ᠎ᠠ ᠨᠢ ᠠᠷᠢᠬᠢ ᠤᠤᠭᠤᠬᠤ ᠦᠭᠡᠢ ᠭᠡᠳ ᠵᠢᠭᠮᠢᠳ ᠨᠢᠭᠤᠷ ᠤ᠋ᠨ ᠭᠠᠳᠤᠷ᠎ᠠ ᠳ᠋ᠤ᠌ ᠤᠰᠤ ᠬᠢᠯᠭᠡᠨ ᠨᠢᠭᠤᠷ ᠤ᠋ᠨ ᠢ᠋ᠶ᠋ᠠᠨ ᠴᠢᠰᠤ ᠰᠢᠷᠣᠢ ᠶ᠋ᠢ ᠴᠡᠪᠡᠷᠯᠡᠨ᠎ᠡ᠃ ᠪᠠᠶᠠᠷᠲᠤ ᠵᠤᠵᠠᠭᠠᠨ ᠤᠷᠤᠭᠤᠯ ᠢ᠋ᠶ᠋ᠠᠨ ᠳᠣᠷᠪᠣᠢᠯᠭᠠᠨ ᠢᠨᠢᠶᠡᠵᠦ ᠵᠢᠭᠮᠢᠳ  ᠲᠦ᠍ 
       — ᠴᠢᠮ᠎ᠠ ᠶ᠋ᠢ ᠴᠢᠨᠢ ᠶᠠᠭ ᠦᠭᠡᠢ ᠵᠣᠳᠣᠭᠠᠴᠢᠨ ᠭᠡᠵᠦ ᠪᠣᠳᠣᠭᠰᠠᠨ ᠴᠢᠨᠢ ᠰᠠᠢ ᠭᠤᠸᠠᠢ ᠶ᠋ᠢᠨ ᠬᠠᠵᠠᠭᠤ ᠳ᠋ᠤ᠌ ᠪᠣᠯ ᠶᠠᠭᠤ ᠴᠤ᠌ ᠪᠢᠰᠢ ᠶᠦᠮ ᠪᠠᠢᠨ᠎ᠠ ᠭᠡᠯ᠎ᠡ᠃ ᠡᠨᠡ ᠦᠭᠡᠨ ᠳ᠋ᠦ᠍ ᠰᠠᠢᠰᠢᠶᠠᠯᠲᠤ ᠶ᠋ᠢ《ᠠᠮᠠᠷ ᠦᠭᠡᠢ ᠵᠣᠳᠣᠭᠠᠴᠢᠨ》 ᠭᠡᠵᠦ ᠶᠥᠭᠡᠳᠡᠭᠰᠡᠨ ᠦᠭᠡ ᠢᠯᠡᠬᠡᠨ᠃ ᠰᠠᠢᠰᠢᠶᠠᠯᠲᠤ ᠶ᠋ᠢᠨ ᠡᠭᠳᠡᠭᠦᠦ ᠬᠦᠷᠴᠦ 
       — ᠪᠢ ᠵᠣᠳᠣᠭᠠᠴᠢᠨ ᠪᠢᠰᠢ ᠠ᠋᠂ ᠡᠬᠡ ᠡᠴᠡ ᠲᠥᠷᠥᠭᠰᠡᠨ ᠡᠴᠡ ᠪᠡᠨ ᠠᠪᠤᠭᠠᠳ ᠬᠡᠨ ᠲᠡᠢ ᠴᠦ᠍ ᠬᠡᠷᠡᠭᠦᠯ ᠵᠣᠳᠣᠭᠠᠨ ᠬᠢᠵᠦ ᠪᠠᠢᠭ᠎ᠠ ᠦᠭᠡᠢ᠃ ᠵᠦᠭᠡᠷ ᠪᠠᠢᠬᠤ ᠳ᠋ᠤ᠌ ᠴᠢᠨᠢ ᠲᠠᠩᠳᠠ ᠬᠠᠯᠳᠠᠵᠤ ᠣᠷᠣᠯᠳᠣᠭᠠᠳ ᠪᠠᠢᠬᠤᠯᠠᠷ ᠨᠢ ᠠᠷᠭ᠎ᠠ ᠳ᠋ᠤᠨᠢ ᠠᠷᠭ᠎ᠠ ᠬᠡᠷᠡᠭᠯᠡᠭᠰᠡᠨ ᠯᠡ ᠲᠡᠳᠦᠢ᠃ ᠬᠠᠮᠠᠷ ᠵᠢᠭᠠᠭᠠᠳ ᠢᠷᠡᠬᠦ ᠳ᠋ᠦ᠍ ᠠᠷᠠᠢ ᠴᠤ᠌ ᠬᠠᠷᠠᠵᠤ ᠪᠠᠢᠭᠠᠳ ᠴᠣᠬᠢᠭᠤᠯᠴᠢᠬᠠᠳᠠᠭ ᠲᠡᠢᠮᠦ ᠴᠦ᠍ ᠶᠠᠳᠠᠭᠰᠠᠨ ᠡᠷ᠎ᠡ ᠪᠢᠰᠢ ᠠ᠋᠃  ᠪᠠᠶᠠᠷᠲᠤ ᠠᠷᠭ᠎ᠠ ᠪᠠᠷᠠᠭᠳᠠᠨ ᠢᠨᠢᠶᠡᠭᠰᠡᠨ ᠮᠠᠶᠢᠭᠲᠠᠢ ᠢᠷᠪᠠᠢᠯ᠎ᠠ᠃  《ᠬᠣᠣᠷ ᠢ᠋ ᠬᠣᠣᠷ ᠢ᠋ᠶ᠋ᠠᠷ》 ᠭᠡᠭᠴᠢ ᠪᠡᠷ ᠵᠢᠭᠮᠢᠳ ᠲᠡᠢᠨ ᠬᠦ᠌ ᠨᠢᠭᠡ ᠠᠪᠲᠠᠭᠰᠠᠨ᠎ᠠ᠋ᠴᠠ ᠬᠣᠢᠰᠢ ᠰᠠᠢᠰᠢᠶᠠᠯᠳᠤ ᠳ᠋ᠤ᠌ ᠶᠡᠬᠡᠯ᠎ᠡ ᠰᠠᠢᠮᠰᠤᠷᠬᠠᠨ ᠠᠭᠠᠰᠢᠯᠠᠬᠤ ᠪᠣᠯᠵᠤ᠂ ᠠᠷᠤ ᠬᠣᠢᠨ᠎ᠠ ᠨᠢ《ᠲᠡᠨᠡᠭ ᠵᠢᠭᠮᠢᠳ》 ᠢ᠋ ᠥᠳᠥᠭᠡᠳᠡᠭ ᠬᠥᠮᠦᠰ ᠴᠦ᠍ ᠬᠢᠷᠢ ᠪᠡᠨ ᠮᠡᠳᠡᠨ ᠳᠤᠭᠤᠢ ᠶᠠᠪᠤᠬᠤ ᠪᠣᠯᠵᠠᠢ᠃ 
       ᠰᠣᠩᠭᠢᠨᠠᠲᠤ ᠭᠡᠳᠡᠭ ᠭᠠᠵᠠᠷ ᠬᠥᠮᠦᠨ ᠠᠮᠠ ᠪᠠᠷ ᠴᠥᠭᠡᠨ ᠴᠦ᠍ ᠪᠠᠭᠠᠳᠠᠬᠤ ᠪᠠᠷ ᠦᠭᠡᠢ ᠪᠤᠳᠤᠯᠢᠶᠠᠨ ᠲᠠᠢ ᠣᠷᠴᠢᠨ ᠭᠡᠵᠦ ᠪᠣᠯᠬᠤ ᠪᠣᠯᠪᠠᠴᠤ ᠭᠠᠪᠢᠷ᠎ᠠ ᠶᠠᠮᠠᠷ ᠴᠤ᠌ ᠬᠥᠮᠦᠨ ᠲᠡᠢ ᠡᠪ ᠵᠦᠢ ᠲᠡᠢ ᠬᠠᠷᠢᠴᠠᠵᠤ ᠴᠢᠳᠠᠨ᠎ᠠ᠃ ᠲᠡᠭᠡᠪᠡᠴᠦ ᠳᠣᠲᠣᠷ᠎ᠠ ᠪᠠᠨ ᠪᠣᠳᠣᠯᠭ᠎ᠠ ᠬᠠᠲᠠᠭᠤ᠃ ᠶᠠᠮᠠᠷ ᠬᠥᠮᠦᠨ ᠳ᠋ᠦ᠍ ᠶᠠᠭᠠᠬᠢᠵᠤ ᠬᠠᠨᠳᠤᠬᠤ ᠬᠡᠷᠬᠢᠨ ᠠᠷᠭᠠᠴᠠᠬᠤ ᠤᠬᠠᠭᠠᠨ ᠢ᠋ ᠨᠠᠷᠢᠯᠢᠭ ᠪᠢᠰᠢᠯᠭᠠᠵᠤ ᠪᠠᠢᠳᠠᠭ᠃ ᠲᠡᠷᠡ ᠨᠥᠬᠥᠷ ᠰᠢᠭ ᠢ᠋ᠶ᠋ᠡᠨ ᠳᠠᠭᠠᠭᠠᠮᠠᠭᠠᠢ ᠬᠦᠯᠢᠴᠡᠩᠭᠦᠢ ᠪᠢᠰᠢ᠃ ᠬᠡᠷᠪᠡ ᠦᠨᠡᠨ ᠶᠣᠰᠣᠨ ᠤ᠋ ᠲᠥᠯᠥᠭᠡ ᠯᠡ ᠶᠦᠮ ᠪᠣᠯ ᠬᠡᠨ ᠳ᠋ᠦ᠍ ᠴᠦ᠍ ᠢᠯᠳᠠᠷ ᠬᠠᠶᠠᠬᠤ ᠦᠭᠡᠢ ᠠᠰ ᠲᠤᠯᠤᠨ ᠠᠪᠤᠨ ᠬᠠᠷᠢᠭᠤᠴᠠᠬᠤ᠎ᠠ᠋ᠴᠠ ᠪᠤᠴᠠᠬᠤ ᠦᠭᠡᠢ᠃ ᠵᠠᠷᠢᠮ ᠬᠥᠮᠦᠨ ᠲᠠᠩᠳᠠ ᠪᠤᠰᠤᠳ ᠤ᠋ᠨ ᠦ᠋ ᠰᠡᠪ ᠢ᠋ ᠬᠠᠢᠵᠤ᠂ ᠬᠣᠷᠣ ᠬᠣᠨᠵᠢᠩ ᠢ᠋ᠶ᠋ᠠᠷ ᠠᠮᠢᠰᠬᠤᠯᠯᠠᠨ ᠶᠠᠪᠤᠳᠠᠭ ᠪᠣᠯ ᠭᠠᠪᠢᠷ᠎ᠠ ᠬᠡᠵᠢᠶᠡᠳᠡ ᠪᠤᠰᠤᠳ ᠤ᠋ᠨ ᠰᠠᠢᠨ ᠲᠠᠯ᠎ᠠ᠂ ᠵᠥᠪ ᠲᠠᠯ᠎ᠠ ᠶ᠋ᠢ ᠣᠢᠯᠠᠭᠠᠨ ᠮᠡᠳᠡᠷᠡᠵᠦ᠂ ᠤᠴᠢᠷ ᠶᠠᠪᠤᠳᠠᠯ ᠢ᠋ ᠰᠠᠢᠨ ᠰᠠᠢᠬᠠᠨ ᠲᠡᠰᠢ ᠬᠥᠭᠵᠢᠬᠦ ᠶ᠋ᠢ ᠬᠦᠰᠡᠨ ᠡᠷᠡᠮᠡᠯᠵᠡᠯᠡᠨ᠎ᠡ᠃ 《ᠨᠢᠭᠡ ᠬᠥᠮᠦᠨ ᠠᠷᠪᠠᠨ ᠮᠠᠭᠤ ᠲᠠᠢ ᠴᠤ᠌ ᠯᠠᠪ ᠨᠢᠭᠡ ᠳᠠᠪᠠᠭᠤᠯᠢᠭ ᠲᠠᠯ᠎ᠠ ᠲᠠᠢ᠃ ᠪᠤᠰᠤᠳ ᠢ᠋ ᠰᠠᠢᠨ ᠲᠠᠢ ᠲᠠᠯ᠎ᠠ᠎ᠠ᠋ᠴᠠ ᠨᠢ ᠬᠠᠷᠠᠵᠤ ᠬᠥᠮᠦᠨ ᠬᠥᠮᠦᠨ ᠳ᠋ᠡᠭᠡᠨ ᠤᠷᠮ᠎ᠠ ᠬᠠᠢᠷᠠᠯᠠᠵᠤ ᠶᠠᠪᠤᠪᠠᠯ ᠵᠣᠬᠢᠨ᠎ᠠ》 ᠭᠡᠵᠦ ᠦᠷᠭᠦᠯᠵᠢ ᠬᠡᠯᠡᠳᠡᠭ ᠪᠠᠢᠯ᠎ᠠ᠃ 
       ᠰᠣᠩᠭᠢᠨᠠᠲᠤ ᠪᠠᠭ᠎ᠠ ᠰᠤᠷᠭᠠᠭᠤᠯᠢ ᠳ᠋ᠤ᠌ ᠵᠥᠩᠳᠡᠭᠡᠨ ᠶᠡᠬᠡ ᠬᠤᠪᠢᠷᠠᠯᠲᠠ ᠭᠠᠷᠴᠤ ᠪᠠᠢᠪᠠ᠃ ᠪᠠᠭᠰᠢᠨᠠᠷ ᠤ᠋ᠨ ᠠᠵᠢᠯ ᠤ᠋ᠨ ᠢᠳᠡᠪᠬᠢᠵᠢᠯ ᠴᠦ᠍ ᠶᠡᠬᠡᠬᠡᠨ ᠳᠡᠭᠡᠭᠰᠢᠯᠡᠵᠡᠢ᠃ ᠪᠤᠤ ᠬᠠᠰᠣ᠋ᠷᠬᠢᠯ ᠭᠡᠳᠡᠭ ᠵᠠᠯᠠᠭᠤ ᠪᠠᠭᠰᠢ ᠰᠢᠯᠵᠢᠵᠦ ᠢᠷᠡᠭᠰᠡᠨ ᠨᠢ ᠰᠠᠢᠰᠢᠶᠠᠯᠲᠤ ᠳ᠋ᠤ᠌ ᠨᠢᠭᠡᠨ ᠮᠥᠷᠥ ᠶ᠋ᠢᠨ ᠬᠦᠴᠦᠨ ᠨᠡᠮᠡᠭᠳᠡᠵᠡᠢ᠃ ᠬᠢᠲᠠᠳ ᠮᠣᠩᠭᠣᠯ ᠬᠡᠯᠡᠨ ᠳ᠋ᠡᠭᠡᠨ ᠲᠡᠭᠰᠢ᠂ ᠬᠥᠩᠭᠡᠮᠰᠦᠭ ᠰᠢᠭᠤᠷᠬᠠᠢ ᠵᠠᠩ ᠲᠠᠢ ᠡᠨᠡ ᠵᠠᠯᠠᠭᠤ ᠶ᠋ᠢ ᠬᠢᠴᠢᠶᠡᠯ ᠬᠥᠮᠦᠵᠢᠯ ᠦ᠋ᠨ ᠡᠷᠬᠢᠯᠡᠭᠴᠢ ᠪᠠ ᠨᠢᠭᠲᠠᠯᠠᠨ ᠪᠣᠳᠣᠭᠴᠢ ᠶ᠋ᠢᠨ ᠠᠵᠢᠯ ᠢ᠋ ᠬᠠᠪᠰᠤᠷᠭᠠᠨ ᠬᠢᠯᠭᠡᠪᠡ᠃ ᠭᠣᠣᠯᠯᠠᠭᠴᠢ ᠪᠠᠭᠰᠢᠨᠠᠷ ᠭᠡᠪᠡᠯ ᠭᠠᠪᠢᠷ᠎ᠠ᠂ ᠨᠣᠭᠣᠭᠠᠨ ᠨᠢᠳᠦᠨ ᠪᠠᠶᠠᠷᠲᠤ᠂ ᠵᠢᠷᠭᠠᠯᠲᠤ᠂ ᠪᠠᠽᠠᠷ᠂ ᠬᠠᠷ᠎ᠠ ᠲᠤᠯᠭᠤᠷ ᠨᠠᠷ ᠪᠠᠢᠵᠤ᠂ ᠲᠤᠩᠭᠠᠯᠠᠭ ᠳᠠᠭᠤᠤ ᠤᠷᠠᠯᠢᠭ ᠤ᠋ᠨ ᠬᠢᠴᠢᠶᠡᠯ᠂ ᠵᠢᠭᠮᠢᠳ ᠨᠢᠭᠡ ᠡᠴᠡ ᠲᠠᠪᠤᠨ ᠣᠨ ᠤ᠋ ᠵᠢᠷᠤᠭ ᠤ᠋ᠨ ᠬᠢᠴᠢᠶᠡᠯ ᠢ᠋ ᠣᠷᠣᠨ᠎ᠠ᠃ ᠠᠷᠢᠬᠢ ᠳᠠᠷᠠᠰᠤ ᠤᠤᠭᠤᠵᠤ ᠠᠢᠯ ᠬᠡᠰᠦᠳᠡᠭ ᠢ᠋ᠶ᠋ᠡᠨ ᠴᠦ᠍ ᠠᠶᠠᠳᠴᠤ᠂ ᠭᠠᠷᠠᠭ ᠤ᠋ᠨ ᠡᠳᠦᠷ ᠡᠴᠡ ᠪᠤᠰᠤᠳ ᠴᠠᠭ ᠲᠤ᠌ ᠪᠠᠷᠤᠭ ᠠᠷᠢᠬᠢ ᠤᠤᠭᠤᠬᠤ ᠬᠥᠮᠦᠨ ᠦᠭᠡᠢ ᠪᠣᠯᠵᠠᠢ᠃ 《ᠲᠣᠭᠰᠢᠨ ᠵᠠᠭᠠᠨ》 ᠴᠣᠯᠠ ᠲᠠᠢ ᠵᠠᠯᠠᠭᠤ ᠶ᠋ᠢ ᠥᠭᠡᠷ᠎ᠡ ᠭᠠᠵᠠᠷ ᠲᠤ᠌ ᠶᠠᠪᠤᠭᠤᠯᠵᠠᠢ᠃ 《ᠠᠯᠠᠭ ᠲᠣᠯᠣᠭᠠᠢᠲᠤ》 ᠪᠠᠶᠠᠨᠳᠦᠭᠦᠷᠡᠩ ᠢ᠋ᠶ᠋ᠡᠷ ᠬᠣᠭᠣᠯᠠᠨ ᠭᠡᠷ᠂ ᠠᠷᠤ ᠲᠠᠯ᠎ᠠ ᠶ᠋ᠢᠨ ᠠᠵᠢᠯ ᠢ᠋ ᠬᠠᠮᠢᠶᠠᠷᠤᠭᠤᠯᠪᠠ᠃ ᠬᠤᠷᠢᠶᠠᠵᠤ ᠬᠤᠷᠠᠮᠳᠤᠭᠤᠯᠬᠤ ᠳ᠋ᠠᠭᠠᠨ ᠬᠤᠯᠤᠭᠠᠨ᠎ᠠ ᠰᠢᠭ᠋ ᠨᠠᠷᠢᠨ ᠤᠬᠠᠭᠠᠨ ᠲᠠᠢ ᠪᠠᠶᠠᠨᠳᠦᠭᠦᠷᠡᠩ  ᠳ᠋ᠦ᠍ ᠡᠨᠡ ᠠᠵᠢᠯ ᠠᠷᠭ᠎ᠠ ᠦᠭᠡᠢ ᠵᠣᠬᠢᠷᠠᠵᠠᠢ᠃ ᠰᠠᠬᠠᠯᠲᠤ ᠪᠠᠽᠠᠷ ᠲᠤᠩᠭᠠᠯᠠᠭ ᠬᠣᠶᠠᠷ ᠬᠦᠦ ᠲᠡᠢ ᠪᠣᠯᠤᠭᠰᠠᠨ ᠡᠴᠡ ᠪᠡᠨ ᠬᠣᠢᠰᠢ ᠭᠡᠷ ᠵᠠᠭᠤᠷ᠎ᠠ ᠶ᠋ᠢᠨ 《ᠲᠡᠢᠨ》 ᠨᠢ ᠴᠦ᠍ ᠨᠠᠮᠬᠠᠷᠠᠪᠠ᠃ ᠡᠳᠡᠭᠡᠷ ᠪᠣᠯ ᠰᠢᠨ᠎ᠡ ᠵᠠᠬᠢᠷᠤᠯ ᠤ᠋ᠨ ᠤᠳᠤᠷᠢᠳᠤᠯᠭ᠎ᠠ ᠳᠣᠣᠷ᠎ᠠ ᠭᠠᠷᠤᠭᠰᠠᠨ ᠬᠠᠮᠤᠭ ᠠᠩᠬᠠᠨ ᠤ᠋ ᠪᠠᠶᠠᠷᠯᠠᠭᠤᠰᠢᠲᠠᠢ ᠬᠤᠪᠢᠷᠠᠯᠲᠠ ᠪᠣᠯᠬᠤ ᠶᠤᠮ᠃  
       ᠣᠳᠣ ᠰᠠᠢᠰᠢᠶᠠᠯᠲᠤ ᠬᠤᠰᠢᠭᠤᠨ ᠤ᠋ ᠳᠠᠷᠤᠭ᠎ᠠ ᠨᠠᠷ ᠢ᠋ ᠭᠤᠶᠤᠵᠤ ᠲᠡᠭᠦᠵᠦ ᠪᠠᠢᠭᠠᠳ ᠨᠡᠯᠢᠶᠡᠳ ᠮᠥᠩᠭᠥ ᠵᠣᠭᠣᠰ ᠣᠯᠬᠤ ᠪᠠᠷ ᠪᠣᠯᠵᠤ ᠰᠤᠷᠭᠠᠭᠤᠯᠢ ᠪᠠᠨ ᠳᠠᠬᠢᠵᠤ ᠰᠢᠨ᠎ᠡ ᠪᠡᠷ ᠪᠦᠲᠦᠭᠡᠨ ᠪᠠᠢᠭᠤᠯᠬᠤ ᠭᠡᠵᠦ ᠲᠥᠰᠥᠪ ᠲᠥᠯᠥᠪᠯᠡᠭᠡ ᠭᠠᠷᠭᠠᠭᠠᠳ ᠶᠠᠭᠠᠷᠠᠵᠤ ᠪᠠᠢᠯ᠎ᠠ᠃ ᠰᠤᠮᠤᠨ ᠤ᠋ ᠪᠠᠨ ᠤᠳᠤᠷᠢᠳᠤᠯᠭ᠎ᠠ ᠪᠣᠯᠤᠨ ᠭᠠᠴᠠᠭᠠᠨ ᠤ᠋ ᠳᠠᠷᠤᠭ᠎ᠠ ᠨᠠᠷ ᠤ᠋ᠨ ᠳᠡᠮᠵᠢᠯᠭᠡ ᠲᠤᠰᠠᠯᠠᠮᠵᠢ ᠪᠠᠷ ᠨᠡᠯᠢᠶᠡᠳ ᠪᠠᠷᠢᠯᠭ᠎ᠠ ᠶ᠋ᠢᠨ ᠮᠠᠲ᠋ᠧᠷᠢᠶᠠᠯ ᠤ᠋ᠳ ᠢ᠋ ᠣᠷᠣᠭᠤᠯᠤᠨ ᠠᠪᠴᠢᠷᠠᠵᠠᠢ᠃ ᠲᠡᠭᠡᠭᠡᠳ ᠰᠤᠮᠤᠨ ᠤ᠋ ᠪᠠᠷᠠᠭᠤᠨ ᠡᠮᠦᠨ᠎ᠡ ᠬᠡᠰᠡᠭ ᠲᠦ᠍ ᠪᠠᠢᠳᠠᠭ ᠶᠡᠬᠡᠬᠡᠨ ᠲᠠᠯᠠᠪᠠᠢ ᠲᠠᠢ ᠭᠠᠵᠠᠷ ᠢ᠋ ᠰᠣᠩᠭᠣᠵᠤ᠂ ᠰᠤᠷᠭᠠᠭᠤᠯᠢ ᠪᠠᠢᠭᠤᠯᠬᠤ ᠪᠠᠷᠢᠯᠭ᠎ᠠ ᠵᠢᠩᠬᠢᠨᠢ ᠪᠡᠷ ᠡᠬᠢᠯᠡᠯ᠎ᠡ᠃  
       ᠨᠠᠶᠠᠨ ᠵᠢᠷᠭᠤᠭᠠᠨ ᠣᠨ ᠤ᠋ ᠶᠢᠰᠦᠳᠦᠭᠡᠷ ᠰᠠᠷ᠎ᠠ ᠶ᠋ᠢᠨ ᠠᠷᠪᠠᠨ ᠤ᠋ ᠪᠠᠭᠰᠢ ᠶ᠋ᠢᠨ ᠪᠠᠶᠠᠷ ᠢ᠋ ᠲᠣᠬᠢᠶᠠᠯᠳᠤᠭᠤᠯᠤᠨ ᠰᠣᠩᠭᠢᠨᠠᠲᠤ ᠪᠠᠭ᠎ᠠ ᠰᠤᠷᠭᠠᠭᠤᠯᠢ ᠳᠠᠬᠢᠨ ᠰᠢᠨ᠎ᠡ ᠪᠡᠷ ᠪᠠᠢᠭᠤᠯᠤᠭᠳᠠᠭᠰᠠᠨ《ᠡᠬᠢᠯᠡᠬᠦ ᠶᠣᠰᠣᠯᠠᠯ》 ᠢ᠋ ᠦᠪᠡᠳᠡᠭᠰᠢ ᠶᠡᠬᠡᠪᠡᠷ ᠬᠢᠯ᠎ᠡ᠃ ᠠᠢᠮᠠᠭ᠂ ᠬᠤᠰᠢᠭᠤᠨ ᠤ᠋ ᠳᠠᠷᠤᠭ᠎ᠠ ᠨᠠᠷ᠂ ᠰᠤᠷᠭᠠᠨ ᠬᠥᠮᠦᠵᠢᠯ ᠦ᠋ᠨ ᠲᠣᠪᠴᠢᠶᠠᠨ ᠤ᠋  ᠳᠠᠷᠤᠭ᠎ᠠ ᠨᠠᠷ᠂ ᠰᠤᠮᠤ ᠭᠠᠴᠠᠭᠠᠨ ᠤ᠋ ᠤᠳᠤᠷᠢᠳᠤᠯᠭ᠎ᠠ ᠪᠣᠯᠤᠨ ᠭᠡᠷ ᠦ᠋ᠨ ᠠᠬᠠᠮᠠᠳ᠂ ᠮᠠᠯᠴᠢᠨ ᠲᠦᠮᠡᠨ ᠢ᠋ ᠪᠠᠭᠲᠠᠭᠠᠭᠰᠠᠨ ᠨᠢᠵᠢᠭᠢᠷ ᠨᠠᠢᠷ ᠪᠣᠯᠤᠭᠰᠠᠨ ᠪᠠᠢᠯ᠎ᠠ᠃  ᠰᠢᠨ᠎ᠡ ᠪᠠᠢᠭᠤᠯᠤᠭᠳᠠᠭᠰᠠᠨ ᠰᠤᠷᠭᠠᠭᠤᠯᠢ ᠶ᠋ᠢᠨ ᠶᠠᠭᠤᠮ᠎ᠠ ᠪᠦᠬᠦᠨ ᠰᠢᠨ᠎ᠡ᠂ ᠲᠣᠬᠢᠯᠢᠭ ᠲᠥᠪᠬᠢᠨᠡᠭᠦᠨ᠂ ᠰᠤᠷᠤᠭᠴᠢ ᠶ᠋ᠢᠨ  ᠪᠠᠢᠷᠢ ᠰᠠᠭᠤᠴᠠ᠂ ᠬᠣᠭᠣᠯᠠᠨ ᠭᠡᠷ᠂ ᠠᠯᠪᠠᠨ ᠭᠡᠷ ᠦ᠋ᠨ ᠪᠦᠬᠦ ᠶᠠᠭᠤᠮ᠎ᠠ ᠪᠦᠷᠢᠨ ᠲᠡᠭᠦᠯᠳᠡᠷ᠂ ᠳᠠᠪ ᠭᠡᠰᠡᠨ ᠰᠠᠢᠬᠠᠨ ᠵᠢᠭᠠᠨ ᠰᠤᠷᠭᠠᠬᠤ ᠣᠷᠴᠢᠨ ᠲᠠᠢ ᠪᠣᠯᠤᠨ ᠥᠭᠡᠷᠡᠴᠢᠯᠡᠭᠳᠡᠭᠰᠡᠨ ᠡᠴᠡ ᠪᠠᠭᠰᠢᠨᠠᠷ ᠴᠤ᠌ ᠮᠠᠰᠢ ᠪᠠᠶᠠᠷ ᠬᠥᠭᠵᠢᠯ ᠲᠡᠢ ᠠᠵᠢᠯᠯᠠᠨ᠎ᠠ᠃  ᠳᠡᠭᠡᠳᠦ ᠱᠠᠲᠤᠨ ᠤ᠋ ᠤᠳᠤᠷᠢᠳᠤᠯᠭ᠎ᠠ ᠨᠠᠷ ᠰᠠᠢᠰᠢᠶᠠᠯᠲᠤ ᠳ᠋ᠤ᠌ ᠮᠠᠰᠢ ᠰᠡᠳᠬᠢᠯ ᠬᠠᠨᠤᠮᠵᠢᠲᠠᠢ ᠪᠠᠢᠵᠤ ᠥᠨᠳᠥᠷ ᠦᠨᠡᠯᠡᠭᠰᠡᠨ ᠪᠠᠢᠯ᠎ᠠ᠃ ᠡᠭᠦᠨ ᠦ᠌ ᠳᠠᠭᠠᠤ ᠳ᠋ᠤ᠌᠂ ᠡᠨᠡᠬᠦ《ᠰᠢᠳᠤᠷᠭᠤ ᠭᠠᠷᠮᠠᠭᠠᠢ ᠱᠠᠷ》 ᠢ᠋  ᠪᠠᠰᠠ ᠨᠢᠭᠡᠨ ᠳᠠᠮᠫᠤᠷᠠᠭᠰᠠᠨ ᠰᠤᠷᠭᠠᠭᠤᠯᠢ ᠪᠣᠯᠬᠤ ᠬᠤᠰᠢᠭᠤᠨ ᠤ᠋ ᠭᠤᠷᠪᠠᠳᠤᠭᠠᠷ ᠳᠤᠮᠳᠠᠳᠤ ᠰᠤᠷᠭᠠᠭᠤᠯᠢ ᠳ᠋ᠤ᠌ ᠵᠠᠬᠢᠷᠤᠯ ᠢ᠋ᠶ᠋ᠠᠷ ᠶᠠᠪᠤᠭᠤᠯᠬᠤ ᠬᠠᠷᠠᠯᠲᠠ ᠪᠠᠨ ᠲᠣᠭᠲᠠᠴᠢᠬᠠᠭᠰᠠᠨ ᠪᠠᠢᠯ᠎ᠠ᠃  ᠪᠠᠭᠰᠢᠨᠠᠷ ᠤ᠋ᠨ ᠨᠡᠯᠢᠶᠡᠳ ᠢ᠋ ᠬᠥᠳᠡᠯᠭᠡᠵᠦ ᠰᠢᠯᠵᠢᠭᠦᠯᠵᠡᠢ᠃ ᠪᠠᠽᠠᠷ ᠲᠤᠩᠭᠠᠯᠠᠭ ᠬᠣᠶᠠᠷ ᠢ᠋ ᠡᠨᠳᠡ ᠡᠴᠡ ᠰᠢᠯᠵᠢᠭᠦᠯᠵᠡᠢ᠃ ᠪᠠᠭᠰᠢ ᠶ᠋ᠢᠨ ᠰᠤᠷᠭᠠᠭᠤᠯᠢ ᠲᠡᠭᠦᠰᠦᠭᠰᠡᠨ ᠭᠡᠷᠡᠯ ᠭᠡᠳᠡᠭ ᠥᠬᠢᠨ ᠬᠤᠪᠢᠶᠠᠭᠳᠠᠨ ᠢᠷᠡᠵᠦ᠂ ᠥᠭᠡᠷ᠎ᠡ ᠰᠤᠮᠤᠨ᠎ᠠ᠋ᠴᠠ ᠰᠢᠷᠠᠪ᠂ ᠴᠢᠷᠮ᠎ᠡ᠂ ᠣᠳᠣᠩᠭᠤᠸ᠎ᠠ ᠵᠡᠷᠭᠡ ᠪᠠᠭᠰᠢᠨᠠᠷ ᠰᠢᠯᠵᠢᠵᠦ ᠢᠷᠡᠪᠡ᠃ ᠪᠤᠤ· ᠬᠠᠰᠠᠣᠷᠬᠢᠯ ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠳ᠋ᠤ᠌ ᠮᠡᠳᠡᠯᠭᠡ ᠳᠡᠭᠡᠭᠰᠢᠯᠡᠭᠦᠯᠬᠦ ᠪᠣᠯᠪᠠᠰᠤᠷᠠᠯ ᠳ᠋ᠤ᠌ ᠬᠣᠶᠠᠷ ᠵᠢᠯ ᠦ᠋ᠨ ᠬᠤᠭᠤᠴᠠᠭ᠎ᠠ ᠲᠠᠢ ᠰᠤᠷᠤᠯᠴᠠᠬᠤ  ᠪᠠᠷ ᠶᠠᠪᠤᠴᠢᠬᠠᠯ᠎ᠠ᠃ 
       ᠰᠣᠩᠬᠢᠨᠠᠲᠤ ᠰᠤᠷᠭᠠᠭᠤᠯᠢ ᠳ᠋ᠤ᠌ ᠬᠥᠮᠦᠰ ᠢ᠋ ᠪᠠᠶᠠᠷᠯᠠᠭᠤᠯᠤᠮ᠎ᠠ ᠬᠤᠪᠢᠷᠠᠯᠲᠠ ᠭᠠᠷᠴᠤ᠂ ᠠᠵᠢᠯ ᠶᠠᠪᠤᠳᠠᠯ ᠶᠠᠭᠠᠷᠠᠯᠲᠠᠢ ᠮᠥᠷᠲᠡᠭᠡᠨ ᠢᠯᠭᠤᠮ ᠰᠢᠯᠤᠭᠤᠨ ᠶᠠᠪᠤᠭᠳᠠᠵᠤ ᠪᠠᠢᠯ᠎ᠠ᠃ ᠵᠢᠷᠠ ᠬᠦᠷᠬᠦ ᠦᠭᠡᠢ ᠰᠤᠷᠤᠭᠴᠢᠳ ᠲᠠᠢ ᠪᠠᠢᠭᠰᠠᠨ᠎ᠠ᠋ᠴᠠ ᠪᠠᠨ ᠵᠠᠭᠤ ᠭᠠᠷᠤᠢ ᠰᠤᠷᠤᠭᠴᠢ ᠲᠠᠢ ᠪᠣᠯᠪᠠ᠃  ᠡᠢᠮᠦᠷᠬᠦᠦ ᠪᠠᠢᠳᠠᠯ ᠦᠷᠭᠦᠯᠵᠢᠯᠡᠵᠦ ᠳᠠᠷᠠᠭ᠎ᠠ ᠵᠢᠯ ᠦ᠋ᠨ ᠬᠢᠨᠢ ᠨᠠᠮᠤᠷ ᠪᠣᠯᠵᠤ ᠰᠢᠨ᠎ᠡ ᠬᠤᠭᠤᠴᠠᠭ᠎ᠠ ᠡᠬᠢᠯᠡᠭᠡᠳ ᠪᠠᠢᠲᠠᠯ᠎ᠠ᠂ ᠰᠠᠢᠰᠢᠶᠠᠯᠳᠤ ᠶ᠋ᠢᠨ ᠪᠡᠶ᠎ᠡ ᠨᠢ ᠨᠢᠭᠡᠯᠡ ᠡᠪᠡᠷᠰᠢᠶᠡᠯ ᠲᠡᠢ ᠪᠣᠯᠵᠤ ᠬᠣᠭᠣᠯᠠ ᠤᠮᠳᠠᠨ ᠳ᠋ᠤ᠌ ᠪᠠᠷᠤᠭᠲᠠᠢ ᠪᠣᠯᠵᠤ ᠡᠴᠡᠵᠦ ᠲᠤᠷᠠᠭᠠᠳ᠂ ᠬᠣᠭᠣᠯᠠᠢ ᠳᠣᠲᠣᠷ᠎ᠠ ᠨᠢ ᠨᠢᠭᠡ ᠶᠠᠭᠤᠮ᠎ᠠ ᠲᠡᠭᠡᠭᠯᠡᠭᠡᠳ ᠪᠠᠢᠬᠤ ᠪᠣᠯᠵᠠᠢ᠃ ᠶᠠᠭᠤᠮ᠎ᠠ ᠢᠳᠡᠬᠦ ᠳ᠋ᠡᠭᠡᠨ ᠬᠦᠴᠢᠷᠳᠡᠬᠦ ᠪᠥᠭᠡᠳ ᠡᠪ ᠦᠭᠡᠢ ᠨᠢ ᠲᠠᠭᠠᠷᠠᠪᠠᠯ ᠪᠥᠭᠡᠯᠵᠢᠭᠡᠳ ᠭᠠᠷᠭᠠᠴᠢᠬᠠᠨ᠎ᠠ᠃ ᠠᠵᠢᠯ ᠶᠠᠪᠤᠳᠠᠯ ᠨᠢ ᠳᠡᠩᠳᠡᠭᠦᠦ ᠶᠠᠭᠠᠷᠠᠤ ᠪᠠᠢᠭᠰᠠᠨ᠎ᠠ᠋ᠴᠠ ᠦᠨᠡᠨᠳᠡᠭᠡᠨ ᠦᠵᠡᠭᠦᠯᠵᠦ ᠬᠠᠷᠠᠭᠤᠯᠬᠤ ᠠᠮᠵᠢᠯ ᠭᠠᠷᠬᠤ ᠦᠭᠡᠢ ᠪᠠᠢᠭᠰᠠᠭᠠᠷ ᠨᠡᠯᠢᠶᠡᠳ ᠤᠳᠠᠵᠠᠢ᠃ ᠭᠠᠪᠢᠷ᠎ᠠ᠂ ᠨᠥᠬᠥᠷ ᠦ᠋ᠨ ᠬᠢᠨᠢ ᠪᠠᠢᠳᠠᠯ ᠨᠢᠭᠡ ᠯᠡ ᠪᠢᠰᠢ ᠪᠣᠯᠵᠤ ᠪᠠᠢᠭ᠎ᠠ ᠶ᠋ᠢ ᠮᠡᠳᠡᠭᠡᠳ 
       — ᠬᠤᠷᠳᠤᠨ ᠭᠠᠳᠠᠭᠰᠢ ᠭᠠᠷᠴᠤ ᠦᠵᠡᠭᠦᠯ᠂ ᠴᠢᠨᠦ ᠠᠵᠢᠯ ᠢ᠋ ᠣᠷᠣᠯᠠᠵᠤ ᠬᠢᠬᠦ ᠬᠥᠮᠦᠨ ᠣᠯᠳᠠᠬᠤ ᠯᠠ ᠪᠤᠶᠠᠨ᠂ ᠬᠠᠷᠢᠨ ᠪᠡᠶ᠎ᠡ ᠴᠢᠨᠢ ᠪᠣᠯ ᠭᠠᠭᠴᠠᠬᠠᠨ ᠰᠢᠦ ᠭᠡᠵᠦ ᠢᠳᠬᠠᠭᠰᠠᠨ ᠳ᠋ᠤ᠌ ᠲᠡᠷᠡ ᠤᠴᠠᠭᠠᠷᠳᠠᠵᠤ᠂ 
       — ᠦᠰᠦᠨ ᠡᠴᠡ ᠪᠡᠨ ᠣᠯᠠᠨ ᠡᠨᠡ ᠠᠵᠢᠯ ᠢ᠋ ᠴᠢᠨᠢ ᠬᠠᠶᠠᠴᠢᠬᠠᠭᠠᠳ ᠬᠠᠮᠢᠭ᠎ᠠ ᠣᠴᠢᠵᠤ ᠪᠡᠶ᠎ᠡ ᠪᠡᠨ ᠰᠤᠪᠢᠯᠠᠵᠤ ᠬᠡᠪᠲᠡᠬᠦ ᠪᠡᠷ ᠪᠣᠯᠵᠤ ᠪᠠᠢᠨ᠎ᠠ ᠪᠣᠢ ᠭᠡᠨ᠎ᠡ᠃  ᠲᠡᠭᠡᠵᠦ ᠪᠠᠢᠲᠠᠯ᠎ᠠ ᠨᠠᠮᠤᠷ ᠤ᠋ᠨ ᠠᠵᠢᠯ ᠤ᠋ᠨ ᠪᠠᠢᠴᠠᠭᠠᠯᠲᠠ ᠪᠣᠯᠵᠤ᠂ ᠬᠣᠰᠢᠭᠤ ᠰᠤᠷᠭᠠᠨ ᠬᠥᠮᠦᠵᠢᠯ ᠦ᠋ᠨ ᠲᠣᠪᠴᠢᠶᠠᠨ ᠳᠠᠷᠤᠭ᠎ᠠ ᠨᠠᠷ ᠠᠵᠢᠯ ᠪᠠᠢᠴᠠᠭᠠᠬᠤ ᠪᠠᠷ ᠢᠷᠡᠵᠡᠭᠡᠪᠡ᠃ ᠲᠡᠭᠡᠭᠡᠳ ᠰᠠᠢᠰᠢᠶᠠᠯᠳᠤ ᠳ᠋ᠤ᠌ ᠨᠠᠮᠤᠷ ᠤ᠋ᠨ ᠠᠵᠢᠯ ᠤ᠋ᠨ ᠪᠠᠢᠴᠠᠭᠠᠯᠲᠠ ᠳ᠋ᠤ᠌ ᠬᠠᠮᠲᠤ ᠶᠠᠪᠤᠬᠤ ᠶ᠋ᠢ ᠮᠡᠳᠡᠭᠳᠡᠵᠦ᠂ ᠳᠠᠭᠠᠤ ᠳ᠋ᠤᠨᠢ ᠪᠠᠰᠠ ᠬᠤᠰᠢᠭᠤᠨ ᠤ᠋ ᠭᠤᠷᠪᠠᠳᠤᠭᠠᠷ ᠮᠣᠩᠭᠣᠯ ᠳᠤᠮᠳᠠᠳᠤ ᠰᠤᠷᠭᠠᠭᠤᠯᠢ ᠳ᠋ᠤ᠌ ᠵᠠᠬᠢᠷᠤᠯ ᠢ᠋ᠶ᠋ᠠᠷ ᠲᠣᠮᠢᠯᠠᠭᠰᠠᠨ᠂ ᠭᠠᠪᠢᠷ᠎ᠠ ᠶ᠋ᠢ ᠬᠤᠰᠢᠭᠤᠨ ᠤ᠋ ᠮᠣᠩᠭᠣᠯ ᠪᠠᠭ᠎ᠠ ᠰᠤᠷᠭᠠᠭᠤᠯᠢ ᠳ᠋ᠤ᠌ ᠠᠵᠢᠯ ᠰᠢᠯᠵᠢᠭᠦᠯᠬᠦ ᠪᠡᠷ ᠪᠣᠯᠤᠭᠰᠠᠨ ᠢ᠋ ᠴᠦ᠍ ᠮᠡᠳᠡᠭᠳᠡᠵᠡᠢ᠃ ᠰᠠᠢᠰᠢᠶᠠᠯᠳᠤ ᠳᠠᠭᠤ ᠦᠭᠡᠢ ᠲᠣᠯᠣᠭᠠᠢ ᠳᠣᠬᠢᠵᠠᠢ᠃ ᠭᠡᠲᠡᠯ᠎ᠡ ᠭᠠᠪᠢᠷ᠎ᠠ ᠶ᠋ᠢᠨ ᠠᠭᠤᠰᠬᠢ ᠵᠢᠷᠦᠬᠡ ᠲᠠᠪᠤᠨ ᠴᠤᠯᠤ ᠨᠢ ᠪᠠᠭᠠᠯᠵᠠᠭᠤᠷ ᠲᠠᠭᠠᠨ ᠲᠤᠯᠤᠨ ᠠᠭᠰᠢᠬᠤ ᠰᠢᠭ᠋ ᠴᠢᠬᠤᠯᠳᠠᠵᠤ 
       — ᠳᠠᠷᠤᠭ᠎ᠠ ᠨᠠᠷ ᠲᠤ᠌ ᠨᠢᠭᠡ ᠵᠦᠢᠯ ᠢ᠋ ᠭᠤᠶᠤᠪᠠᠯ ᠪᠣᠯᠳᠠᠭ ᠪᠣᠯ ᠤᠤ? ᠪᠢᠳᠡᠨ ᠢ᠋ ᠣᠳᠣᠬᠠᠨ ᠡᠨᠳᠡ ᠡᠴᠡ ᠰᠢᠯᠵᠢᠭᠦᠯᠬᠦ ᠦᠭᠡᠢ ᠪᠠᠢᠵᠤ ᠪᠣᠯᠬᠤ ᠤᠤ? ᠮᠠᠨ ᠤ᠋ ᠬᠥᠮᠦᠨ ᠢᠳᠡᠰᠢ ᠬᠣᠭᠣᠯᠠᠨ᠎ᠠ᠋ᠴᠠ ᠭᠠᠷᠤᠭᠠᠳ ᠤᠳᠠᠵᠤ ᠪᠠᠢᠨ᠎ᠠ᠃ ᠭᠠᠳᠠᠭᠰᠢ ᠭᠠᠷᠴᠤ ᠡᠮᠴᠢᠯᠡᠭᠡ ᠬᠢᠯᠭᠡᠬᠦ ᠴᠢᠬᠤᠯᠠᠲᠠᠢ ᠪᠣᠯᠤᠭᠠᠳ ᠪᠠᠢᠨ᠎ᠠ ᠭᠡᠵᠦ ᠬᠣᠭᠣᠯᠠᠢ ᠪᠠᠨ ᠡᠷᠢᠶᠡᠨᠳᠡᠭᠦᠯᠦᠨ ᠬᠠᠰᠬᠢᠷᠬᠤ ᠰᠢᠬᠠᠮ ᠬᠡᠯᠡᠪᠡ᠃  ᠡᠨᠡ ᠪᠣᠯ ᠲᠡᠭᠦᠨ ᠦ᠌ ᠴᠡᠭᠡᠵᠢᠨ ᠳ᠋ᠦ᠍ ᠣᠯᠠᠨ ᠵᠢᠯ ᠮᠠᠨᠠᠭᠳᠠᠭᠰᠠᠨ ᠭᠣᠮᠣᠳᠠᠯ ᠪᠡᠭᠲᠡᠷᠡᠯ ᠦ᠋ᠨ ᠬᠢᠨᠢ ᠬᠠᠰᠬᠢᠷᠤᠯ ᠪᠠᠢᠯ᠎ᠠ᠃ ᠬᠣᠰᠢᠭᠤ ᠳᠠᠷᠤᠭ᠎ᠠ ᠴᠣᠭᠪᠠᠶᠠᠷ ᠭᠤᠸᠠᠢ᠂ ᠭᠠᠪᠢᠷ᠎ᠠ ᠶ᠋ᠢᠨ ᠨᠢᠯᠪᠤᠰᠤ ᠬᠤᠷᠠᠭᠰᠠᠨ ᠪᠣᠷᠣ ᠨᠢᠳᠦ ᠶ᠋ᠢ ᠭᠠᠢᠬᠠᠰᠢᠷᠠᠨ ᠰᠢᠷᠳᠡᠵᠦ 
       — ᠠᠵᠢᠯ ᠰᠢᠯᠵᠢᠭᠦᠯᠬᠦ ᠶᠠᠪᠤᠳᠠᠯ ᠢ᠋ ᠬᠤᠪᠢᠷᠠᠭᠠᠬᠤ ᠦᠭᠡᠢ᠂ ᠬᠠᠷᠢᠨ ᠡᠪᠡᠳᠴᠢᠨ ᠡᠮᠵᠡᠭ ᠲᠡᠢ ᠪᠣᠯ ᠦᠵᠡᠭᠦᠯᠬᠦ ᠨᠢ ᠵᠥᠪ᠃ ᠨᠠᠮᠤᠷ ᠤ᠋ᠨ ᠠᠵᠢᠯ ᠤ᠋ᠨ ᠪᠠᠢᠴᠠᠭᠠᠯᠲᠠ ᠳ᠋ᠤ᠌ ᠰᠠᠢᠰᠢᠶᠠᠯᠲᠤ ᠡᠷᠬᠡᠪᠰᠢ ᠣᠷᠣᠯᠴᠠᠬᠤ ᠴᠢᠬᠤᠯᠠ ᠲᠠᠢ᠂ ᠡᠨᠡ ᠨᠢ ᠴᠢᠨᠦ ᠳᠠᠷᠠᠭᠠᠴᠢ ᠪᠠᠷ ᠡᠬᠢᠯᠡᠭᠦᠯᠬᠦ ᠠᠵᠢᠯ ᠳ᠋ᠤ᠌ ᠶᠡᠬᠡᠬᠡᠨ ᠲᠤᠰᠠᠲᠠᠢ ᠭᠡᠪᠡ᠃ ᠰᠤᠷᠭᠠᠨ ᠬᠥᠮᠦᠵᠢᠯ ᠦ᠋ᠨ ᠲᠣᠪᠴᠢᠶᠠᠨ ᠤ᠋ ᠳᠠᠷᠤᠭ᠎ᠠ ᠴᠢᠯᠠᠭᠤᠨ ᠭᠤᠸᠠᠢ ᠪᠣᠯ ᠰᠠᠢᠰᠢᠶᠠᠯᠳᠤ ᠶ᠋ᠢᠨ ᠳᠤᠮᠳᠠᠳᠤ ᠰᠤᠷᠭᠠᠭᠤᠯᠢ ᠶ᠋ᠢᠨ ᠬᠢᠨᠢ ᠦᠶ᠎ᠡ ᠶ᠋ᠢᠨ ᠪᠠᠭᠰᠢ᠃ ᠲᠡᠭᠦᠨ ᠦ᠌ ᠰᠢᠯᠢᠳᠡᠭ ᠰᠤᠷᠤᠭᠴᠢ ᠶ᠋ᠢᠨ ᠬᠢᠨᠢ ᠨᠢᠭᠡᠨ ᠪᠣᠯᠬᠤ ᠰᠠᠢᠰᠢᠶᠠᠯᠳᠤ ᠪᠠᠭᠰᠢ ᠶ᠋ᠢᠨ ᠳᠡᠭᠡᠳᠦ ᠰᠤᠷᠭᠠᠭᠤᠯᠢ ᠲᠡᠭᠦᠰᠴᠦ ᠢᠷᠡᠭᠰᠡᠨ ᠡᠴᠡ ᠪᠡᠨ ᠠᠪᠤᠭᠠᠳ ᠬᠠᠮᠤᠭ ᠤ᠋ᠨ ᠬᠦᠴᠢᠷ ᠪᠡᠷᠬᠡᠰᠢᠶᠡᠯ ᠲᠡᠢ ᠣᠷᠴᠢᠨ ᠳ᠋ᠤ᠌ ᠭᠠᠷᠮᠠᠭᠠᠢ ᠵᠢᠳᠬᠦᠯ ᠭᠠᠷᠭᠠᠵᠤ ᠶᠠᠪᠤᠭ᠎ᠠ ᠳ᠋ᠤᠨᠢ ᠲᠤᠩ ᠴᠤ᠌ ᠪᠠᠶᠠᠷᠯᠠᠳᠠᠭ ᠪᠥᠭᠡᠳ ᠦᠷᠭᠦᠯᠵᠢᠯᠡᠨ ᠴᠢᠬᠤᠯᠠ ᠪᠠᠢᠷᠢᠨ ᠳ᠋ᠤ᠌ ᠳᠡᠪᠰᠢᠭᠦᠯᠦᠨ ᠬᠡᠷᠡᠭᠯᠡᠬᠦ ᠶ᠋ᠢ ᠰᠠᠨᠠᠭᠠᠴᠢᠯᠠᠳᠠᠭ ᠪᠠᠢᠯ᠎ᠠ᠃  ᠴᠢᠯᠠᠭᠤᠨ ᠭᠤᠸᠠᠢ ᠨᠡᠯᠢᠶᠡᠳ ᠤᠳᠠᠭᠠᠨ ᠪᠣᠳᠣᠯᠭᠠᠰᠢᠷᠠᠨ ᠪᠠᠢᠭᠰᠠᠨ ᠢ᠋ᠶ᠋ᠠᠨ 
       — ᠴᠤ᠌ ·ᠳᠠᠷᠤᠭ᠎ᠠ ᠶ᠋ᠢᠨ ᠬᠡᠯᠡᠬᠦ ᠵᠥᠪ᠂ ᠡᠨᠡ ᠤᠳᠠᠭᠠᠨ ᠤ᠋ ᠪᠠᠢᠴᠠᠭᠠᠯᠲᠠ ᠳ᠋ᠤ᠌ ᠴᠢ ᠣᠷᠣᠯᠴᠠᠪᠠᠯ ᠵᠦᠭᠡᠷ ᠶᠤᠮᠰᠠᠨ᠃ ᠪᠦᠬᠦ ᠬᠤᠰᠢᠭᠤᠨ ᠤ᠋ ᠰᠤᠷᠭᠠᠭᠤᠯᠢ ᠨᠤᠭᠤᠳ ᠢ᠋ᠶ᠋ᠠᠷ ᠲᠣᠭᠣᠷᠢᠬᠤ ᠳ᠋ᠤ᠌ ᠳᠣᠯᠣᠭ᠎ᠠ ᠨᠠᠢ᠍ᠮᠠᠨ ᠡᠳᠦᠷ ᠲᠦ᠍ ᠪᠠᠷᠠᠴᠢᠬᠠᠨ᠎ᠠ᠂ ᠲᠡᠭᠡᠭᠡᠳ ᠴᠢᠮ᠎ᠠ ᠳ᠋ᠤ᠌ ᠰᠠᠷ᠎ᠠ ᠶ᠋ᠢᠨ ᠴᠢᠯᠥᠭᠡ ᠥᠭᠭᠦᠶ᠎ᠡ᠃ ᠡᠪᠡᠳᠴᠢᠨ ᠢ᠋ᠶ᠋ᠡᠨ ᠦᠵᠡᠭᠦᠯᠬᠦ ᠪᠡᠷ ᠶᠠᠪᠤ᠂ ᠪᠤᠰᠤᠳ ᠵᠦᠢᠯ ᠢ᠋ ᠲᠣᠪᠴᠢᠶᠠᠨ᠎ᠠ᠋ᠴᠠ ᠲᠣᠬᠢᠷᠠᠭᠤᠯᠬᠤ ᠶᠤᠮ ᠭᠡᠯ᠎ᠡ᠃ ᠰᠠᠢᠰᠢᠶᠠᠯᠲᠤ᠄ 
       — ᠳᠠᠷᠤᠭ᠎ᠠ ᠨᠠᠷ ᠲᠤ᠌ ᠪᠠᠶᠠᠷᠯᠠᠯ᠎ᠠ᠃ ᠮᠢᠨᠦ ᠪᠡᠶ᠎ᠡ ᠭᠠᠢᠭᠤᠢ ᠪᠠᠢᠨ᠎ᠠ᠂ ᠤᠷᠢᠳ ᠢ᠋ᠶ᠋ᠠᠷ ᠠᠵᠢᠯ ᠢ᠋ᠶ᠋ᠠᠨ ᠪᠠᠷᠠᠴᠢᠬᠠᠭᠠᠳ ᠮᠡᠳᠡᠶ᠎ᠡ ᠭᠡᠯ᠎ᠡ᠃  ᠲᠡᠭᠷᠢ ᠣᠷᠣᠢᠲᠠᠭᠰᠠᠨ ᠪᠣᠯᠬᠣᠷ ᠪᠠᠢᠴᠠᠭᠠᠬᠤ ᠳᠤᠭᠤᠢᠯᠠᠩ ᠤ᠋ᠨ ᠳᠠᠷᠤᠭ᠎ᠠ ᠨᠠᠷ ᠢ᠋ ᠰᠤᠮᠤᠨ ᠤ᠋ ᠪᠠᠭᠤᠳᠠᠯ ᠳ᠋ᠤ᠌ ᠲᠣᠬᠢᠷᠠᠭᠤᠯᠤᠨ᠂ ᠣᠷᠣᠢ ᠰᠤᠮᠤᠨ ᠤ᠋ ᠤᠳᠤᠷᠢᠳᠤᠯᠭ᠎ᠠ ᠨᠠᠷ ᠤ᠋ᠨ ᠲᠣᠬᠢᠷᠠᠭᠤᠯᠤᠭᠰᠠᠨ ᠳᠠᠢᠯᠠᠯᠭ᠎ᠠ ᠳ᠋ᠤ᠌ ᠬᠠᠮᠲᠤ ᠣᠷᠣᠯᠴᠠᠭᠠᠳ ᠰᠠᠢᠰᠢᠶᠠᠯᠲᠤ ᠨᠡᠯᠢᠶᠡᠳ ᠣᠷᠣᠢ ᠬᠠᠷᠢᠵᠤ ᠢᠷᠡᠪᠡ᠃ ᠣᠷᠣᠨ ᠳ᠋ᠠᠭᠠᠨ ᠨᠣᠮ ᠱᠠᠭᠠᠢᠨ ᠬᠡᠪᠲᠡᠵᠦ ᠪᠠᠢᠭᠰᠠᠨ ᠭᠠᠪᠢᠷ᠎ᠠ ᠥᠨᠳᠡᠢᠨ ᠰᠠᠭᠤᠵᠤ 
       — ᠬᠠᠷᠢᠭᠠᠳ ᠢᠷᠡᠴᠢᠬᠡᠪᠡ ᠤᠤ? ᠶᠠᠭᠤᠮ᠎ᠠ ᠢᠳᠡᠵᠦ ᠴᠢᠳᠠᠭᠰᠠᠨ ᠤᠤ? 
       — ᠥᠨᠥ ᠣᠷᠣᠢ ᠠᠰᠢᠭᠦᠢ ᠰᠠᠢᠨ ᠢᠳᠡᠭᠰᠡᠨ ᠭᠡᠳ ᠣᠷᠣᠨ ᠳ᠋ᠠᠭᠠᠨ ᠭᠠᠷᠴᠤ ᠬᠡᠪᠲᠡᠨ ᠭᠡᠷᠭᠡᠢ ᠶ᠋ᠢᠨ ᠢ᠋ᠶ᠋ᠡᠨ ᠬᠦᠵᠦᠭᠦᠨ ᠳᠣᠣᠭᠤᠷ ᠭᠠᠷ ᠢ᠋ᠶ᠋ᠠᠨ ᠰᠢᠷᠭᠤᠭᠤᠯᠤᠨ ᠲᠡᠪᠡᠷᠢᠭᠡᠳ 
       — ᠮᠢᠨᠦ ᠬᠥᠭᠰᠢᠨ᠂ ᠥᠨᠥᠳᠥᠷ ᠳᠠᠷᠤᠭ᠎ᠠ ᠨᠠᠷ ᠤ᠋ᠨ ᠡᠮᠦᠨ᠎ᠡ ᠶᠠᠭᠠᠬᠢᠵᠤ ᠪᠠᠢᠭ᠎ᠠ ᠴᠢᠨᠢ ᠲᠡᠷᠡ ᠪᠣᠢ! ᠲᠡᠭᠡᠲᠡᠯ᠎ᠡ ᠪᠡᠨ ᠠᠭᠤᠷᠯᠠᠳᠠᠭ ᠴᠢᠨᠢ ᠶᠠᠭᠤ ᠪᠣᠢ? ᠭᠡᠪᠡ᠃ 
       — ᠠᠷᠠᠢ ᠴᠤ᠌ ᠳᠡᠩᠳᠡᠭᠦᠦ ᠶᠦᠮ ᠠ᠋᠃ ᠪᠢᠳᠡᠨ ᠢ᠋ ᠲᠠᠩᠳᠠ ᠲᠠᠮᠳᠤᠭᠷᠠᠵᠤ ᠴᠤᠴᠠᠷᠠᠭᠰᠠᠨ ᠭᠠᠵᠠᠷ ᠤᠷᠤᠭᠤ ᠶᠠᠪᠤᠭᠤᠯᠤᠨ᠎ᠠ᠃ ᠲᠡᠭᠡᠭᠡᠳ ᠠᠷᠠᠢ ᠭᠡᠵᠦ ᠪᠠᠢᠷᠢ ᠪᠠᠨ ᠣᠯᠤᠭᠠᠳ ᠢᠷᠡᠮᠡᠭᠴᠡ ᠯᠡ ᠳᠠᠬᠢᠭᠠᠳ ᠰᠢᠯᠵᠢᠭᠦᠯᠴᠢᠬᠡᠨ᠎ᠡ᠃ ᠣᠴᠢᠵᠤ ᠣᠴᠢᠵᠤ ᠬᠣᠰᠢᠭᠤ ᠭᠤᠷᠪᠠᠳᠤᠭᠠᠷ ᠳᠤᠮᠳᠠᠳᠤ ᠰᠤᠷᠭᠠᠭᠤᠯᠢ ᠭᠡᠨ᠎ᠡ ᠰᠢᠦ᠂ ᠵᠠᠬᠢᠷᠤᠯ ᠲᠣᠭᠲᠠᠳᠠᠭ ᠦᠭᠡᠢ ᠨᠡᠷᠡᠲᠡᠢ ᠰᠤᠷᠭᠠᠭᠤᠯᠢ ᠭᠡᠰᠡᠨ ᠪᠢᠵᠡ ᠳᠡ᠃ ᠪᠠᠰᠠ ᠨᠢᠭᠡ ᠶᠠᠭᠠᠬᠢᠵᠤ ᠪᠤᠲᠠᠷᠠᠵᠤ ᠰᠠᠨᠳᠠᠭᠰᠠᠨ ᠭᠠᠵᠠᠷ ᠪᠠᠢᠭ᠎ᠠ ᠪᠣᠯ ᠳᠠ᠃ 
       — ᠬᠡᠴᠢᠨᠡᠨ ᠬᠥᠮᠦᠨ ᠬᠤᠰᠢᠭᠤᠨ ᠲᠥᠪ ᠲᠦ᠍ ᠠᠵᠢᠯ ᠰᠢᠯᠵᠢᠶ᠎ᠡ ᠭᠡᠳ ᠴᠢᠳᠠᠬᠤ ᠦᠭᠡᠢ ᠪᠠᠢᠭ᠎ᠠ ᠰᠢᠦ ᠳᠡ᠃ ᠪᠢᠳᠡ ᠵᠣᠬᠢᠶᠠᠨ ᠪᠠᠢᠭᠤᠯᠤᠯᠲᠠ ᠶ᠋ᠢᠨ ᠲᠣᠬᠢᠷᠠᠭᠤᠯᠤᠯᠲᠠ ᠶ᠋ᠢ ᠳᠠᠭᠠᠪᠠᠯ ᠵᠣᠬᠢᠨ᠎ᠠ᠃ ᠪᠢᠳᠡ ᠵᠠᠯᠠᠭᠤ ᠬᠥᠮᠦᠰ᠃ ᠠᠵᠢᠯ ᠪᠢᠳᠡᠨ ᠢ᠋ ᠰᠣᠩᠭᠣᠬᠤ᠎ᠠ᠋ᠴᠠ ᠪᠢᠰᠢ᠂ ᠪᠢᠳᠡ ᠨᠥᠬᠥᠴᠡᠯ ᠳᠤᠷᠠᠳᠬᠤ ᠪᠣᠯᠤᠯᠴᠠᠭ᠎ᠠ ᠦᠭᠡᠢ᠃ 
       — ᠪᠢ ᠳᠠᠷᠤᠭ᠎ᠠ ᠵᠡᠷᠭᠡ ᠳ᠋ᠦ᠍ ᠴᠢᠨᠢ ᠣᠭᠲᠣ ᠳᠤᠷᠠᠯᠠᠬᠤ ᠦᠭᠡᠢ᠂ ᠡᠩ ᠦ᠋ᠨ ᠪᠠᠭᠰᠢ ᠪᠠᠨ ᠶᠠᠪᠤᠵᠤ᠂ ᠴᠢᠮ᠎ᠠ ᠲᠠᠢ ᠪᠠᠨ ᠡᠩᠬᠡ ᠮᠡᠨᠳᠦ ᠦᠷ᠎ᠡ ᠬᠡᠦᠬᠡᠳ ᠲᠡᠢ ᠪᠡᠨ ᠡᠯᠢᠭᠡ ᠪᠦᠲᠦᠨ ᠵᠢᠷᠭᠠᠵᠤ ᠶᠠᠪᠤᠪᠠᠯ ᠪᠣᠯᠬᠤ ᠨᠢ ᠲᠡᠷᠡ ᠭᠡᠳ ᠨᠥᠬᠥᠷ ᠦ᠋ᠨ ᠢ᠋ᠶ᠋ᠡᠨ ᠤᠯᠠᠮ ᠢ᠋ᠶ᠋ᠠᠷ ᠡᠴᠡᠵᠦ ᠲᠤᠷᠠᠵᠤ ᠪᠠᠢᠭ᠎ᠠ ᠪᠡᠶ᠎ᠡ ᠶ᠋ᠢ ᠴᠢᠩᠭ᠎ᠠ ᠲᠡᠪᠡᠷᠢᠪᠡ᠃ 
       — ᠮᠢᠨᠦ ᠬᠥᠭᠰᠢᠨ ᠰᠠᠨᠠᠭ᠎ᠠ ᠠᠮᠤᠷ ᠪᠠᠢ᠂ ᠡᠪᠦᠭᠡᠨ ᠨᠢ ᠡᠨᠡ ᠤᠳᠠᠭᠠᠨ ᠤ᠋ ᠠᠵᠢᠯ ᠢ᠋ᠶ᠋ᠠᠨ ᠳᠠᠭᠤᠰᠬᠠᠭᠠᠳ ᠪᠡᠶ᠎ᠡ ᠪᠡᠨ ᠦᠵᠡᠭᠦᠯᠦᠨ᠎ᠡ᠃ 
       — ᠲᠡᠭᠡᠭᠡᠳ ᠮᠠᠷᠭᠠᠰᠢ ᠳᠠᠷᠤᠭ᠎ᠠ ᠲᠠᠢ ᠶᠠᠪᠤᠬᠤ ᠪᠠᠷ ᠪᠣᠯᠴᠢᠬᠠᠪᠠ ᠤᠤ? 
       — ᠲᠡᠭᠡᠭᠰᠡᠨ᠂ ᠥᠷᠯᠥᠭᠡ ᠡᠷᠲᠡ ᠶᠠᠪᠤᠨ᠎ᠠ᠃ ᠲᠡᠷᠡ ᠭᠡᠷᠭᠡᠢ ᠪᠡᠨ ᠦᠨᠦᠰᠦᠨ 
       — ᠨᠠᠰᠢ ᠪᠠᠨ᠂ ᠡᠪᠦᠭᠡᠨ ᠢ᠋ᠶ᠋ᠡᠨ ᠰᠠᠨᠠ! ᠭᠡᠳ ᠡᠬᠡᠨᠡᠷ ᠦ᠋ᠨ ᠢ᠋ᠶ᠋ᠡᠨ ᠤᠶᠠᠨ ᠬᠥᠳᠡᠯᠭᠡᠭᠡᠨ ᠲᠡᠢ ᠵᠥᠭᠡᠯᠡᠨ ᠪᠡᠶ᠎ᠡ ᠶ᠋ᠢ ᠲᠠᠭᠠᠯᠠᠨ ᠵᠢᠷᠭᠠᠯ᠎ᠠ᠃  ᠬᠠᠭᠠᠰ ᠰᠠᠷ᠎ᠠ ᠶ᠋ᠢᠨ ᠬᠢᠨᠢ ᠳᠠᠷᠠᠭ᠎ᠠ ᠰᠠᠢᠰᠢᠶᠠᠯᠲᠤ ᠤᠯᠠᠭᠠᠨᠬᠠᠳᠠ ᠳ᠋ᠤ᠌ ᠡᠪᠡᠳᠴᠢᠨ ᠢ᠋ᠶ᠋ᠡᠨ ᠦᠵᠡᠭᠦᠯᠬᠦ ᠪᠡᠷ ᠣᠴᠢᠵᠠᠢ᠃ ᠭᠡᠷ ᠲᠡᠭᠡᠨ ᠴᠠᠬᠢᠯᠭᠠᠨ ᠢᠷᠡᠭᠦᠯᠵᠦ ᠰᠥᠰᠥᠨ ᠦ᠌ ᠴᠢᠯᠠᠭᠤᠵᠢᠮᠠᠯ ᠭᠡᠵᠦ ᠲᠣᠳᠣᠯᠠᠭᠰᠠᠨ ᠢ᠋ ᠮᠡᠳᠡᠭᠳᠡᠵᠡᠢ᠃  ᠭᠠᠪᠢᠷ᠎ᠠ ᠰᠣᠨᠣᠰᠤᠭᠠᠳ ᠰᠡᠳᠬᠢᠯ ᠠᠮᠠᠷᠠᠭᠰᠠᠨ ᠴᠤ᠌ ᠳᠣᠲᠣᠷ᠎ᠠ ᠪᠠᠨ ᠨᠢᠭᠡ ᠯᠡ ᠳ᠋ᠦᠩ ᠲᠡᠢ ᠰᠠᠨᠠᠭᠳᠠᠨ᠎ᠠ᠃ ᠲᠡᠷᠡ ᠨᠥᠬᠥᠷ ᠦ᠋ᠨ ᠢ᠋ᠶ᠋ᠡᠨ ᠡᠪᠡᠳᠴᠢᠨ ᠢ᠋ ᠡᠬᠢᠯᠡᠮᠡᠭᠴᠡ ᠯᠡ ᠶᠡᠷᠦᠨᠢ ᠰᠡᠵᠢᠭᠯᠡᠭᠡᠳ ᠪᠠᠢᠭᠰᠠᠨ ᠶᠤᠮ᠃ ᠲᠡᠭᠦᠨ ᠳ᠋ᠦ᠍ ᠶᠡᠷᠦ ᠳ᠋ᠡᠭᠡᠨ ᠨᠢᠭᠡ ᠪᠡᠯᠭᠡ ᠮᠠᠭᠤᠲᠠᠢ ᠵᠦᠩ ᠰᠤᠪᠢᠨ ᠲᠠᠲᠠᠭᠠᠳ ᠪᠠᠢᠬᠤ ᠰᠢᠭ᠋ ᠰᠠᠨᠠᠭᠳᠠᠭᠠᠳ ᠪᠣᠯᠬᠤ ᠦᠭᠡᠢ ᠪᠣᠯᠬᠣᠷ ᠪᠠᠢᠭᠤᠯᠭ᠎ᠠ ᠳ᠋ᠠᠭᠠᠨ ᠴᠢᠯᠥᠭᠡ ᠬᠡᠯᠡᠵᠦ᠂ ᠭᠤᠷᠪᠠᠨ ᠥᠬᠢᠨ ᠢ᠋ᠶ᠋ᠡᠨ ᠵᠡᠷᠭᠡᠯᠡᠳᠡᠭᠡ ᠠᠢᠯ ᠳ᠋ᠠᠭᠠᠨ ᠣᠷᠬᠢᠭᠠᠳ᠂ ᠬᠦᠦ ᠪᠡᠨ ᠳᠠᠭᠠᠭᠤᠯᠤᠨ ᠨᠥᠬᠥᠷ ᠦ᠋ᠨ ᠢ᠋ᠶ᠋ᠡᠨ ᠠᠷᠤ᠎ᠠ᠋ᠴᠠ ᠭᠡᠨᠡᠳᠲᠡ ᠬᠦᠷᠴᠦ ᠣᠴᠢᠪᠠ᠃ ᠰᠠᠢᠰᠢᠶᠠᠯᠳᠤ ᠡᠬᠡᠨᠡᠷ ᠬᠦᠦ ᠬᠣᠶᠠᠷ ᠢ᠋ᠶ᠋ᠠᠨ ᠦᠵᠡᠭᠡᠳ ᠬᠢᠵᠠᠭᠠᠷ ᠦᠭᠡᠢ ᠪᠠᠶᠠᠷᠯᠠᠭᠰᠠᠨ ᠪᠣᠯᠪᠠᠴᠤ 
       — ᠠᠵᠢᠯ ᠢ᠋ᠶ᠋ᠠᠨ ᠰᠠᠭᠠᠲᠠᠭᠠᠵᠤ ᠥᠬᠢᠨ ᠢ᠋ ᠮᠢᠨᠢ ᠣᠷᠬᠢᠭᠠᠳ ᠮᠢᠨᠦ ᠬᠣᠢᠨ᠎ᠠ᠎ᠠ᠋ᠴᠠ ᠢᠷᠡᠵᠦ ᠶᠠᠭᠠᠬᠢᠬᠤ ᠭᠡᠰᠡᠨ ᠶᠦᠮ ᠭᠡᠵᠦ ᠴᠠᠭᠠᠷᠠᠭᠤᠯᠪᠠ᠃ ᠭᠠᠪᠢᠷ᠎ᠠ᠄ 
       — ᠶᠠᠭᠠᠬᠢᠬᠤ ᠶᠠᠭᠤ ᠪᠠᠢᠬᠤ ᠪᠣᠢ᠂ ᠰᠠᠨᠠᠭ᠎ᠠ ᠠᠮᠤᠷ ᠦᠭᠡᠢ ᠪᠣᠯᠤᠭᠠᠳ ᠨᠢᠳᠦ ᠪᠡᠷ ᠢ᠋ᠶ᠋ᠡᠨ ᠦᠨᠡᠨ ᠪᠠᠢᠳᠠᠯ ᠢ᠋ ᠴᠢᠨᠢ ᠬᠠᠷᠠᠬᠤ ᠭᠡᠵᠦ ᠢᠷᠡᠯ᠎ᠡ ᠭᠡᠪᠡ᠃ 
       — ᠡᠪᠡᠳᠴᠢᠨ ᠢ᠋ ᠨᠢᠭᠡᠨᠲᠡ ᠲᠣᠳᠣᠯᠠᠵᠤ᠂ ᠣᠳᠣ ᠡᠮᠴᠢᠯᠡᠭᠡ ᠬᠢᠵᠦ ᠪᠠᠢᠬᠤ ᠳ᠋ᠤ᠌ ᠶᠠᠭᠤᠨ ᠳ᠋ᠤ᠌ ᠢᠲᠡᠭᠡᠳᠡᠭ ᠦᠭᠡᠢ ᠶᠦᠮ ᠪᠣᠢ? 
       — ᠲᠡᠭᠡᠭᠰᠡᠨ ᠴᠦ᠍ ᠥᠪᠡᠷ ᠢ᠋ᠶ᠋ᠡᠨ ᠬᠠᠷᠠᠬᠤ ᠦᠭᠡᠢ ᠪᠣᠯ ᠰᠠᠨᠠᠭ᠎ᠠ ᠠᠮᠤᠷ ᠦᠭᠡᠢ᠃  ᠣᠷᠣᠢ᠂ ᠬᠡᠳᠦᠭᠦᠯᠡ ᠨᠡᠯᠢᠶᠡᠳ ᠬᠡᠳᠦᠨ ᠨᠣᠭᠣᠭ᠎ᠠ ᠵᠠᠭᠤᠰᠢ ᠠᠪᠴᠤ ᠬᠣᠭᠣᠯᠠ ᠢᠳᠡᠬᠦ ᠪᠣᠯᠤᠭᠰᠠᠨ ᠳ᠋ᠤ᠌᠂ ᠰᠠᠢᠰᠢᠶᠠᠯᠲᠤ ᠵᠠᠭᠤᠰᠢᠨ᠎ᠠ᠋ᠴᠠ ᠭᠠᠭᠴᠠ ᠴᠤ᠌ ᠰᠠᠪᠬᠠᠯᠠᠭᠰᠠᠨ ᠦᠭᠡᠢ᠂ ᠱᠥᠯᠥ ᠲᠡᠢ ᠶᠠᠭᠤᠮ᠎ᠠ ᠢᠳᠡᠶ᠎ᠡ ᠭᠡᠳ ᠭᠠᠭᠴᠠ ᠠᠶᠠᠭ᠎ᠠ ᠭᠤᠯᠢᠷ ᠢᠳᠡᠭᠰᠡᠨ ᠪᠣᠯᠪᠠᠴᠤ ᠬᠣᠭᠣᠯᠠᠨ ᠭᠡᠷ ᠡᠴᠡ ᠭᠠᠷᠴᠤ ᠢᠷᠡᠮᠡᠭᠴᠡ ᠪᠦᠬᠦᠨ ᠢ᠋ ᠪᠥᠭᠡᠯᠵᠢᠵᠦ ᠭᠠᠷᠭᠠᠪᠠ᠃ ᠭᠠᠪᠢᠷ᠎ᠠ ᠴᠢᠬᠤᠯᠳᠠᠨ ᠠᠭᠤᠷᠰᠠᠵᠤ 
       — ᠶᠠᠮᠠᠷ ᠰᠥᠰᠥᠨ ᠦ᠌ ᠴᠢᠯᠠᠭᠤ ᠴᠢᠨᠢ ᠢᠳᠡᠭᠰᠡᠨ ᠤᠤᠭᠤᠭᠰᠠᠨ ᠢ᠋ᠶ᠋ᠠᠨ ᠲᠣᠭᠲᠠᠭᠠᠬᠤ ᠦᠭᠡᠢ ᠭᠠᠷᠭᠠᠳᠠᠭ ᠶᠤᠮ᠃ ᠡᠨᠡ ᠡᠮᠴᠢ ᠨᠠᠷ ᠯᠠᠪᠲᠠᠢ ᠪᠤᠷᠤᠭᠤ ᠣᠨᠣᠰᠢᠯᠠᠭᠰᠠᠨ ᠪᠠᠢᠬᠤ ᠠ᠋᠃ ᠮᠠᠷᠭᠠᠰᠢ ᠪᠢ ᠡᠮᠴᠢ ᠨᠠᠷ ᠲᠠᠢ ᠶᠠᠷᠢᠯᠴᠠᠵᠤ ᠳᠠᠬᠢᠭᠠᠳ ᠪᠠᠢᠴᠠᠭᠠᠯᠭᠠᠨ᠎ᠠ ᠭᠡᠯ᠎ᠡ᠃ 
       — ᠬᠡᠷᠡᠭ ᠦᠭᠡᠢ᠂ ᠡᠨᠳᠡᠬᠢ ᠡᠮᠴᠢ ᠨᠠᠷ ᠤ᠋ᠨ ᠮᠡᠷᠭᠡᠵᠢᠯ ᠣᠪᠣᠭ᠎ᠠ ᠵᠦᠭᠡᠷ ᠭᠡᠰᠡᠨ᠂ ᠮᠠᠰᠢᠨ ᠲᠣᠨᠣᠭᠯᠠᠯ ᠴᠤ᠌ ᠵᠦᠭᠡᠷ᠃ 
       — ᠶᠠᠭᠤ ᠴᠤ᠌ ᠭᠡᠰᠡᠨ ᠪᠢ ᠳᠠᠬᠢᠵᠤ ᠪᠠᠢᠴᠠᠭᠠᠯᠭᠠᠬᠤ᠎ᠠ᠋ᠴᠠ ᠨᠡᠰᠢ ᠢᠲᠡᠭᠡᠬᠦ ᠦᠭᠡᠢ᠃  ᠥᠷᠯᠥᠭᠡ᠂ ᠡᠮᠴᠢ ᠨᠠᠷ ᠡᠪᠡᠳᠴᠢᠲᠡᠨ ᠦ᠌ ᠲᠠᠰᠤᠭ ᠢ᠋ᠶ᠋ᠠᠷ ᠣᠷᠣᠵᠤ ᠢᠷᠡᠬᠦᠯᠡᠷ᠂ ᠭᠠᠪᠢᠷ᠎ᠠ ᠡᠪᠡᠳᠴᠢᠨ ᠦ᠌ ᠣᠨᠣᠰᠢᠯᠠᠯ ᠳ᠋ᠤ᠌ ᠰᠡᠵᠢᠭ ᠲᠡᠢ ᠪᠠᠢᠭ᠎ᠠ ᠪᠠᠨ ᠭᠣᠣᠯᠯᠠᠭᠴᠢ ᠡᠮᠴᠢ ᠨᠠᠷ ᠲᠤ᠌ ᠬᠡᠯᠡᠪᠡ᠃ ᠡᠷᠬᠢᠯᠡᠭᠴᠢ ᠡᠮᠴᠢ ᠭᠡᠵᠦ ᠥᠨᠳᠥᠷ ᠴᠠᠭᠠᠨ ᠪᠦᠰᠡᠭᠦᠢ ᠪᠠᠬᠠᠨ ᠲᠠᠭᠠᠯᠠᠮᠵᠢ ᠦᠭᠡᠢ᠄  
       — ᠮᠠᠨ ᠤ᠋ ᠡᠨᠳᠡ ᠠᠵᠢᠯᠯᠠᠵᠤ ᠪᠠᠢᠭ᠎ᠠ ᠡᠮᠴᠢ ᠪᠦᠭᠦᠳᠡ ᠡᠮᠨᠡᠯᠭᠡ ᠶ᠋ᠢᠨ ᠳᠡᠭᠡᠳᠦ ᠰᠤᠷᠭᠠᠭᠤᠯᠢ ᠲᠡᠭᠦᠰᠦᠭᠰᠡᠨ ᠲᠤᠰᠬᠠᠢ ᠮᠡᠷᠭᠡᠵᠢᠯᠲᠡᠳ ᠶᠦᠮ᠃ ᠡᠨᠡ ᠵᠡᠷᠭᠡ ᠶ᠋ᠢᠨ ᠡᠪᠡᠳᠴᠢᠨ  ᠢ᠋ ᠠᠷᠠᠢ ᠴᠤ᠌ ᠡᠨᠳᠡᠭᠦᠦ ᠲᠣᠳᠣᠯᠠᠬᠤ ᠪᠠᠷ ᠦᠭᠡᠢ ᠭᠡᠲᠡᠯ᠎ᠡ ᠭᠠᠪᠢᠷ᠎ᠠ᠂ ᠥᠪᠡᠷ ᠦ᠋ᠨ ᠪᠣᠳᠣᠯ ᠢ᠋ᠶ᠋ᠠᠨ ᠪᠠᠷᠢᠮᠲᠠᠯᠠᠵᠤ  
       — ᠪᠢ ᠲᠠᠨᠠᠷ  ᠤ᠋ᠨ ᠮᠡᠷᠭᠡᠵᠢᠯ  ᠢ᠋ ᠰᠡᠵᠢᠭᠯᠡᠵᠦ ᠪᠠᠢᠭ᠎ᠠ ᠪᠢᠰᠢ᠂ ᠡᠪᠡᠳᠴᠢᠨ ᠦ᠌ ᠣᠨᠣᠰᠢᠯᠠᠯᠲᠠ ᠵᠥᠪ ᠪᠠᠢᠭᠠᠰᠠᠢ ᠭᠡᠵᠦ ᠪᠢ ᠴᠦ᠍ ᠬᠦᠰᠡᠨ᠎ᠡ᠃ ᠬᠡᠷᠪᠡ ᠶᠠᠮᠠᠷ ᠨᠢᠭᠡᠨ ᠰᠢᠯᠲᠠᠭᠠᠨ ᠠ᠋ᠴᠠ ᠪᠣᠯᠵᠤ ᠡᠪᠡᠳᠴᠢᠨ ᠦ᠌ ᠪᠠᠢᠳᠠᠯ ᠢ᠋ ᠲᠣᠳᠣᠯᠠᠵᠤ ᠭᠠᠷᠭᠠᠭ᠎ᠠ ᠦᠭᠡᠢ ᠪᠠᠢᠵᠤ ᠮᠡᠳᠡᠨ᠎ᠡ ᠭᠡᠵᠦ ᠪᠣᠳᠣᠭᠳᠠᠭᠠᠳ ᠪᠠᠢᠬᠤ  ᠶᠤᠮ᠃ ᠮᠠᠨ ᠤ᠋ ᠬᠥᠮᠦᠨ ᠢᠳᠡᠰᠢ ᠬᠣᠭᠣᠯᠠ  ᠪᠠᠨ ᠲᠣᠭᠲᠠᠭᠠᠬᠤ ᠦᠭᠡᠢ ᠭᠠᠷᠭᠠᠭᠠᠳ ᠪᠠᠢᠭ᠎ᠠ ᠰᠢᠦ ᠳᠡ ᠭᠡᠪᠡ ᠃ ᠡᠷᠬᠢᠯᠡᠭᠴᠢ ᠡᠮᠴᠢ ᠦᠯᠦ ᠲᠣᠭᠣᠮᠰᠠᠷᠯᠠᠨ ᠢᠷᠪᠠᠢᠵᠤ᠄ 
       — ᠰᠥᠰᠥᠨ ᠦ᠌ ᠴᠢᠯᠠᠭᠤ ᠲᠠᠢ ᠬᠥᠮᠦᠨ ᠴᠢᠨᠢ ᠲᠡᠭᠡᠵᠦ  ᠪᠥᠭᠡᠯᠵᠢᠳᠡᠭ  ᠶᠦᠮ᠃ ᠪᠢᠳᠡ ᠬᠢᠬᠦ ᠵᠣᠬᠢᠰ ᠲᠠᠢ ᠪᠠᠢᠴᠠᠭᠠᠯᠲᠠ  ᠪᠠᠨ ᠪᠦᠷ ᠬᠢᠭᠰᠡᠨ  ᠶᠦᠮ ᠭᠡᠨ᠎ᠡ᠃ 
       ᠲᠡᠷᠡ ᠦᠶ᠎ᠡ ᠳ᠋ᠦ᠍᠂ ᠬᠣᠶᠠᠷ ᠦᠵᠦᠮᠦᠴᠢᠨ ᠦ᠌ ᠬᠥᠮᠦᠰ ᠣᠢᠷ᠎ᠠ ᠰᠢᠭ᠋ ᠪᠠᠢᠳᠠᠭ ᠢ᠋ᠶ᠋ᠠᠷ ᠨᠢ ᠡᠪᠡᠳᠴᠢᠨ ᠦᠵᠡᠭᠦᠯᠪᠡᠯ  ᠤᠯᠠᠭᠠᠨᠬᠠᠳᠠ ᠤᠷᠤᠭᠤ ᠣᠴᠢᠳᠠᠭ ᠪᠠᠢᠵᠠᠢ᠃ ᠰᠢᠯᠤᠭᠤᠨ  ᠰᠢᠳᠤᠷᠭᠤ ᠮᠠᠯᠴᠢᠳ ᠤ᠋ᠨ ᠲᠣᠯᠣᠭᠠᠢ ᠶ᠋ᠢ ᠡᠷᠭᠢᠭᠦᠯᠦᠨ ᠡᠯᠳᠡᠪ ᠠᠷᠭ᠎ᠠ ᠪᠠᠰᠢᠷ ᠬᠡᠷᠡᠭᠯᠡᠵᠦ ᠮᠥᠩᠭᠥ ᠵᠣᠭᠣᠰ ᠠᠪᠴᠤ ᠰᠤᠷᠤᠭᠰᠠᠨ ᠡᠳᠡᠭᠡᠷ ᠡᠮᠴᠢ ᠨᠠᠷ ᠬᠥᠮᠦᠨ ᠦ᠌ ᠦᠬᠦᠵᠦ ᠤᠨᠠᠬᠤ ᠶ᠋ᠢ ᠶᠠᠭᠤᠮᠠᠨ ᠲᠡᠳᠦᠢ ᠳ᠋ᠦ᠍ ᠦᠵᠡᠳᠡᠭ ᠦᠭᠡᠢ᠂ ᠵᠣᠷᠢᠯᠭ᠎ᠠ ᠳ᠋ᠠᠭᠠᠨ ᠬᠦᠷᠬᠦ ᠶ᠋ᠢᠨ ᠲᠥᠯᠥᠭᠡ ᠡᠯᠳᠡᠪ ᠪᠠᠰᠢᠷ ᠬᠡᠷᠡᠭᠯᠡᠨ᠎ᠡ᠃ 
       ᠡᠳᠡᠭᠡᠷ ᠡᠮᠴᠢ ᠨᠠᠷ ᠤ᠋ᠨ ᠪᠠᠢᠳᠠᠯ ᠢ᠋ ᠨᠢᠭᠡᠨᠲᠡ ᠦᠵᠡᠵᠦ ᠭᠠᠷᠤᠭᠰᠠᠨ ᠭᠠᠪᠢᠷ᠎ᠠ ᠳᠠᠬᠢᠭᠠᠳ ᠳᠤᠤᠭᠠᠷᠤᠭᠰᠠᠨ ᠦᠭᠡᠢ᠃ ᠬᠦᠦ ᠪᠡᠨ ᠠᠪᠤ ᠲᠠᠢ ᠨᠢ ᠣᠷᠬᠢᠭᠠᠳ ᠡᠮᠨᠡᠯᠭᠡ ᠶ᠋ᠢᠨ ᠬᠣᠷᠢᠶᠠᠨ ᠤ᠋ ᠳᠠᠷᠤᠭ᠎ᠠ ᠲᠠᠢ ᠠᠭᠤᠯᠵᠠᠬᠤ  ᠪᠠᠷ ᠣᠴᠢᠯ᠎ᠠ᠃  ᠬᠣᠷᠢᠶᠠᠨ ᠳᠠᠷᠤᠭ᠎ᠠ ᠨᠢ ᠬᠢᠵᠢᠶᠡᠯ ᠨᠠᠰᠤᠨ ᠤ᠋ ᠨᠠᠮᠬᠠᠨ ᠪᠡᠶ᠎ᠡ ᠲᠡᠢ᠂ ᠰᠢᠷᠠᠮᠠᠩ ᠵᠢᠰᠦ ᠲᠡᠢ ᠬᠥᠮᠦᠨ ᠪᠠᠢᠯ᠎ᠠ᠃ 
       ᠭᠠᠪᠢᠷ᠎ᠠ᠂ ᠠᠮᠤᠷ ᠮᠡᠨᠳᠦ ᠠᠰᠠᠭᠤᠵᠤ ᠮᠡᠨᠳᠦᠯᠡᠭᠡᠳ ᠢᠷᠡᠭᠰᠡᠨ ᠵᠣᠷᠢᠯᠭ᠎ᠠ  ᠪᠠᠨ ᠬᠡᠯᠡᠵᠦ᠂ ᠨᠥᠬᠥᠷ ᠦ᠋ᠨ ᠢ᠋ᠶ᠋ᠡᠨ ᠡᠪᠡᠳᠴᠢᠨ ᠦ᠌ ᠪᠠᠢᠳᠠᠯ᠂ ᠡᠮᠴᠢ ᠨᠠᠷ ᠤ᠋ᠨ ᠬᠡᠯᠡᠭᠰᠡᠨ ᠢ᠋ ᠴᠦ᠍ ᠶᠠᠷᠢᠪᠠ᠃ ᠬᠣᠷᠢᠶᠠᠨ ᠳᠠᠷᠤᠭ᠎ᠠ ᠡᠶᠡᠯᠳᠡᠭᠬᠡᠨ ᠲᠣᠯᠣᠭᠠᠢ ᠳᠣᠬᠢᠨ ᠰᠣᠨᠣᠰᠴᠤ ᠪᠠᠢᠭᠰᠠᠨ ᠢ᠋ᠶ᠋ᠠᠨ 
       — ᠴᠢ ᠲᠡᠭᠡᠪᠡᠯ ᠨᠥᠬᠥᠷ ᠦ᠋ᠨ ᠢ᠋ᠶ᠋ᠡᠨ ᠡᠪᠡᠳᠴᠢᠨ ᠢ᠋ ᠠᠯᠢ ᠲᠠᠯ᠎ᠠ  ᠪᠠᠷ ᠰᠡᠵᠢᠭᠯᠡᠭᠡᠳ ᠪᠠᠢᠭ᠎ᠠ  ᠶᠤᠮ ᠪᠣᠢ ᠭᠡᠵᠦ ᠠᠰᠠᠭᠤᠨ᠎ᠠ᠃  ᠭᠠᠪᠢᠷ᠎ᠠ᠄ 
       — ᠪᠢ ᠡᠬᠢᠯᠡᠮᠡᠭᠴᠡ ᠯᠡ ᠤᠯᠠᠭᠠᠨ ᠬᠣᠭᠣᠯᠠᠢ ᠪᠤᠶᠤ ᠬᠣᠳᠣᠭᠣᠳᠣᠨ ᠤ᠋ ᠥᠮᠡᠨ ᠪᠠᠢᠵᠤ ᠮᠡᠳᠡᠨ᠎ᠡ ᠭᠡᠵᠦ ᠰᠡᠵᠢᠭᠯᠡᠭᠡᠳ ᠪᠠᠢᠭᠰᠠᠨ  ᠶᠤᠮ ᠭᠡᠪᠡ᠃ ᠬᠣᠷᠢᠶᠠᠨ ᠳᠠᠷᠤᠭ᠎ᠠ ᠰᠣᠴᠢᠭᠰᠠᠨ ᠪᠠᠢᠳᠠᠯ ᠲᠠᠢ᠂ ᠳᠠᠩᠴᠤ ᠵᠠᠯᠠᠭᠤ ᠪᠠᠭ᠎ᠠ ᠳᠦᠷᠢ ᠲᠡᠢ ᠲᠡᠷᠡ ᠪᠦᠰᠡᠭᠦᠢ ᠶ᠋ᠢ ᠬᠠᠷᠠᠭᠠᠳ 
       — ᠴᠢᠨᠦ ᠨᠥᠬᠥᠷ ᠴᠢᠨᠢ ᠲᠡᠭᠡᠭᠡᠳ ᠬᠡᠳᠦᠨ ᠨᠠᠰᠤᠲᠠᠢ ᠬᠥᠮᠦᠨ ᠪᠣᠢ? ᠭᠡᠵᠦ ᠠᠰᠠᠭᠤᠪᠠ᠃ 
       — ᠭᠤᠴᠢᠨ ᠭᠤᠷᠪᠠᠲᠠᠢ᠃ 
       — ᠦ᠂ ᠡᠢᠮᠦ ᠵᠠᠯᠠᠭᠤ ᠬᠥᠮᠦᠨ ᠠᠷᠠᠢ ᠲᠡᠢᠮᠦ ᠡᠪᠡᠳᠴᠢᠨ ᠣᠯᠬᠤ ᠪᠣᠯᠤᠯᠴᠠᠭ᠎ᠠ ᠦᠭᠡᠢ ᠪᠠᠢᠮᠠᠷ᠂ ᠭᠡᠪᠡᠴᠦ ᠪᠠᠰᠠ ᠬᠡᠯᠡᠬᠦ ᠶ᠋ᠢᠨ ᠠᠷᠭ᠎ᠠ ᠦᠭᠡᠢ᠃ ᠢᠩᠭᠢᠶ᠎ᠡ᠂ ᠴᠢ ᠣᠳᠣ ᠪᠠᠷ ᠢ᠋ᠶ᠋ᠠᠨ ᠨᠥᠬᠥᠷ ᠢ᠋ᠶ᠋ᠡᠨ ᠳᠠᠭᠤᠳᠠᠭᠠᠳ ᠢᠷ᠎ᠡ᠂ ᠪᠢ ᠪᠠᠢᠴᠠᠭᠠᠵᠤ ᠥᠭᠭᠦᠶ᠎ᠡ ᠭᠡᠯ᠎ᠡ᠃  ᠭᠠᠪᠢᠷ᠎ᠠ ᠪᠠᠶᠠᠷᠯᠠᠨ ᠲᠠᠯᠠᠷᠬᠠᠭᠠᠳ ᠡᠪᠡᠳᠴᠢᠲᠡᠨ ᠦ᠌ ᠥᠷᠥᠭᠡᠨ ᠳ᠋ᠦ᠍ ᠣᠴᠢᠵᠤ ᠨᠥᠬᠥᠷ ᠢ᠋ᠶ᠋ᠡᠨ ᠳᠠᠭᠠᠭᠤᠯᠵᠤ ᠠᠪᠴᠢᠷᠠᠯ᠎ᠠ᠃ 
       ᠬᠣᠷᠢᠶᠠᠨ ᠳᠠᠷᠤᠭ᠎ᠠ᠂ ᠰᠠᠢᠰᠢᠶᠠᠯᠲᠤ ᠶ᠋ᠢ ᠳᠠᠭᠠᠭᠤᠯᠤᠨ ᠬᠣᠳᠣᠭᠣᠳᠣᠨ ᠤ᠋ ᠵᠢᠷᠤᠭ ᠠᠪᠬᠤ ᠥᠷᠥᠭᠡᠨ ᠳ᠋ᠦ᠍ ᠣᠷᠣᠵᠤ ᠶᠡᠬᠡᠯ᠎ᠡ ᠤᠳᠠᠭᠠᠨ ᠪᠠᠢᠴᠠᠭᠠᠯ᠎ᠠ᠃ ᠲᠡᠭᠡᠭᠡᠳ ᠭᠠᠷᠴᠤ ᠢᠷᠡᠬᠦ ᠳ᠋ᠡᠭᠡᠨ ᠰᠠᠢᠰᠢᠶᠠᠯᠲᠤ ᠳ᠋ᠤ᠌᠂ 
       — ᠴᠢ ᠤᠷᠢᠳ ᠢ᠋ᠶ᠋ᠠᠷ ᠡᠪᠡᠳᠴᠢᠲᠡᠨ ᠦ᠌ ᠥᠷᠥᠭᠡᠨ ᠳ᠋ᠡᠭᠡᠨ ᠬᠠᠷᠢᠭᠠᠳ ᠪᠠᠢ᠃ ᠭᠡᠷ ᠦ᠋ᠨ ᠬᠥᠮᠦᠨ ᠴᠢᠨᠢ ᠡᠨᠳᠡ ᠬᠦᠯᠢᠶᠡᠵᠦ ᠪᠠᠢᠭᠠᠳ ᠪᠠᠢᠴᠠᠭᠠᠯᠲᠠ ᠶ᠋ᠢᠨ ᠳ᠋ᠦᠩ ᠢ᠋ ᠠᠪᠤᠭᠠᠳ ᠶᠠᠪᠤᠭ ᠭᠡᠯ᠎ᠡ᠃  ᠶᠠᠮᠠᠷ ᠤᠴᠢᠷ ᠪᠣᠯᠤᠭᠰᠠᠨ ᠢ᠋ ᠪᠠᠷᠤᠭᠯᠠᠭᠰᠠᠨ ᠭᠠᠪᠢᠷ᠎ᠠ ᠨᠥᠬᠥᠷ ᠲᠡᠭᠡᠨ 
       — ᠴᠢ ᠬᠦᠦ ᠪᠡᠨ ᠠᠪᠤᠭᠠᠳ ᠭᠠᠳᠠᠭᠤᠷ ᠵᠢᠭᠠᠬᠠᠨ ᠨᠠᠭᠠᠳᠤᠭᠤᠯᠤᠭᠠᠳ ᠢᠷ᠎ᠡ ᠂ ᠪᠢ ᠬᠦᠯᠢᠶᠡᠵᠦ ᠪᠠᠢᠶ᠎ᠠ ᠭᠡᠪᠡ᠃ 
       ᠬᠣᠷᠢᠶᠠᠨ ᠳᠠᠷᠤᠭ᠎ᠠ ᠳᠣᠲᠣᠷ ᠰᠠᠯᠠᠭᠠᠨ ᠤ᠋ ᠭᠣᠣᠯᠯᠠᠭᠴᠢ ᠡᠮᠴᠢ ᠨᠠᠷ ᠢ᠋ ᠪᠦᠭᠦᠳᠡ ᠶ᠋ᠢ ᠳᠠᠭᠤᠳᠠᠵᠤ᠂ ᠡᠪᠡᠳᠴᠢᠲᠡᠨ ᠦ᠌ ᠪᠠᠢᠳᠠᠯ ᠢ᠋ ᠶᠠᠭᠠᠬᠢᠵᠤ ᠣᠨᠣᠰᠢᠯᠠᠭᠰᠠᠨ ᠲᠤᠬᠠᠢ᠂ ᠮᠥᠨ ᠴᠦ᠍ ᠰᠥᠰᠥᠨ ᠦ᠌ ᠴᠢᠯᠠᠭᠤᠵᠢᠮᠠᠯ ᠪᠢᠰᠢ ᠮᠥᠷᠲᠡᠭᠡᠨ ᠤᠯᠠᠭᠠᠨ ᠬᠣᠭᠣᠯᠠᠢ ᠶ᠋ᠢᠨ ᠥᠮᠡᠨ ᠪᠥᠭᠡᠳ ᠨᠢᠭᠡᠨᠲᠡ ᠣᠷᠣᠢᠲᠠᠭᠰᠠᠨ ᠬᠡᠮᠵᠢᠶᠡᠨ ᠳ᠋ᠦ᠍ ᠬᠦᠷᠦᠭᠡᠳ ᠪᠠᠢᠭ᠎ᠠ ᠭᠡᠳᠡᠭ ᠥᠪᠡᠷ ᠦ᠋ᠨ ᠪᠡᠶ᠎ᠡ ᠪᠡᠷ ᠢ᠋ᠶ᠋ᠡᠨ ᠪᠠᠢᠴᠠᠭᠠᠭᠰᠠᠨ ᠳ᠋ᠦᠩ ᠢ᠋ ᠮᠡᠳᠡᠭᠳᠡᠪᠡ᠃ ᠡᠪᠡᠳᠴᠢᠨ ᠢ᠋ ᠪᠤᠷᠤᠭᠤ ᠣᠨᠣᠰᠢᠯᠠᠵᠤ᠂ ᠡᠢᠮᠦ ᠬᠦᠨᠳᠦ ᠡᠪᠡᠳᠴᠢᠲᠡᠨ ᠦ᠌ ᠡᠪᠡᠳᠴᠢᠨ ᠢ᠋ ᠰᠠᠷ᠎ᠠ ᠰᠢᠬᠠᠮ ᠰᠠᠭᠠᠲᠠᠭᠤᠯᠵᠤ ᠣᠷᠬᠢᠭᠰᠠᠨ ᠪᠠᠢᠨ᠎ᠠ᠃ ᠲᠠᠨᠠᠷ ᠲᠤ᠌ ᠲᠦᠯᠬᠢᠵᠦ ᠵᠠᠢᠯᠠᠭᠤᠯᠬᠤ ᠶ᠋ᠢᠨ ᠠᠷᠭ᠎ᠠ ᠦᠭᠡᠢ ᠬᠠᠷᠢᠭᠤᠴᠠᠯᠭ᠎ᠠ ᠲᠠᠢ᠃ ᠣᠳᠣ ᠡᠪᠡᠳᠴᠢᠲᠡᠨ ᠦ᠌ ᠭᠡᠷ ᠦ᠋ᠨ ᠬᠢᠨ ᠳ᠋ᠦ᠍ ᠶᠠᠭᠤ ᠭᠡᠯᠲᠡᠢ ᠪᠢᠯᠡ? ᠲᠠᠨᠠᠷ ᠡᠨᠡᠬᠦ ᠥᠪᠴᠢ ᠴᠠᠭᠠᠨ ᠬᠤᠪᠴᠠᠰᠤ ᠶ᠋ᠢ ᠶᠠᠭᠤᠨ ᠤ᠋ ᠲᠥᠯᠥᠭᠡ ᠡᠮᠦᠰᠴᠦ ᠶᠠᠪᠤᠭ᠎ᠠ ᠪᠠᠨ ᠲᠣᠳᠣᠷᠬᠠᠢ ᠮᠡᠳᠡᠬᠦ ᠶᠣᠰᠣᠲᠠᠢ ᠰᠠᠨ ᠭᠡᠮᠡᠨ ᠬᠠᠲᠠᠭᠤ ᠵᠢᠮᠡᠯᠡᠪᠡ᠃ ᠳᠠᠷᠠᠭ᠎ᠠ ᠨᠢ ᠭᠠᠪᠢᠷ᠎ᠠ ᠶ᠋ᠢ ᠣᠷᠣᠭᠤᠯᠤᠨ ᠡᠨᠡᠬᠦ ᠵᠣᠯ ᠪᠤᠰᠤ ᠴᠢᠮᠡᠭᠡ ᠶ᠋ᠢ ᠮᠡᠳᠡᠭᠳᠡᠯ᠎ᠡ᠃ ᠲᠡᠷᠡ ᠠᠶᠤᠩᠭ᠎ᠠ ᠳ᠋ᠤ᠌ ᠨᠢᠷᠭᠡᠭᠦᠯᠦᠭᠰᠡᠨ ᠶᠦᠮ ᠰᠢᠭ ᠳᠠᠢᠪᠠᠯᠵᠠᠭᠠᠳ ᠵᠥᠭᠡᠯᠡᠷᠡᠨ ᠤᠨᠠᠯ᠎ᠠ᠃  ᠡᠮᠴᠢ ᠨᠠᠷ ᠶᠠᠭᠠᠷᠠᠨ ᠲᠦᠰᠢᠵᠦ ᠰᠠᠨᠳᠠᠯᠢ ᠳᠡᠭᠡᠷ᠎ᠡ ᠰᠠᠭᠤᠯᠭᠠᠪᠠ᠃ ᠬᠠᠮᠤᠭ ᠪᠡᠶ᠎ᠡ ᠨᠢ ᠴᠡᠴᠡᠷᠬᠢᠯᠡᠨ᠂ ᠨᠢᠳᠦ ᠪᠡᠨ ᠠᠨᠢᠨ ᠬᠡᠰᠡᠭ ᠰᠠᠭᠤᠵᠤ ᠪᠡᠶ᠎ᠡ ᠪᠡᠨ ᠲᠣᠭᠲᠠᠭᠠᠭᠠᠳ᠂ ᠥᠨᠥ ᠥᠷᠯᠥᠭᠡ ᠥᠪᠡᠷ ᠲᠦ᠍ ᠨᠢ ᠣᠪᠣᠷᠳᠠᠵᠤ ᠪᠠᠢᠭᠰᠠᠨ ᠡᠮᠴᠢ ᠨᠠᠷ ᠢ᠋ ᠨᠢᠯᠪᠤᠰᠤ ᠮᠡᠯᠮᠡᠯᠵᠡᠭᠰᠡᠨ ᠰᠢᠷᠦᠭᠦᠨ ᠨᠢᠳᠦ ᠪᠡᠷ ᠡᠭᠡᠯᠵᠢᠯᠡᠨ ᠰᠢᠷᠳᠡᠵᠦ᠂ ᠬᠣᠭᠣᠯᠠᠢ ᠪᠠᠨ ᠡᠷᠢᠶᠡᠨᠳᠡᠭᠦᠯᠦᠨ᠄ 
       — ᠡᠨᠡ ᠪᠣᠯ ᠲᠠᠨᠠᠷ ᠤ᠋ᠨ ᠡᠮᠴᠢ ᠶ᠋ᠢᠨ ᠮᠣᠷᠠᠯ ᠲᠡᠢᠮᠦ ᠪᠢᠵᠡ? ᠬᠥᠮᠦᠨ ᠦ᠌ ᠠᠮᠢ ᠶ᠋ᠢ ᠪᠤᠰᠠᠨᠢᠭᠤᠯᠬᠤ᠎ᠠ᠋ᠴᠠ ᠴᠤ᠌ ᠪᠤᠴᠠᠬᠤ ᠦᠭᠡᠢ᠂ ᠶᠣᠰᠣᠲᠠᠢ ᠶᠠᠷᠭᠠᠴᠢᠳ! ᠭᠡᠳ ᠬᠣᠷᠢᠶᠠᠨ ᠳᠠᠷᠤᠭ᠎ᠠ ᠳ᠋ᠤ᠌ ᠬᠠᠨᠳᠤᠨ 
       — ᠲᠠᠨ ᠳ᠋ᠤ᠌ ᠶᠣᠰᠣᠲᠠᠢ ᠲᠠᠯᠠᠷᠬᠠᠯ᠎ᠠ᠂ ᠪᠢ ᠲᠠᠨ ᠢ᠋ ᠡᠷᠢᠭᠰᠡᠨ ᠦᠭᠡᠢ ᠪᠣᠯ ᠬᠡᠳᠦᠢ ᠪᠣᠯᠲᠠᠯ᠎ᠠ ᠡᠨᠳᠡ ᠵᠦᠭᠡᠷ ᠡᠪᠡᠳᠴᠢᠨ ᠢ᠋ᠶ᠋ᠡᠨ ᠲᠡᠵᠢᠭᠡᠵᠦ ᠰᠠᠭᠤᠬᠤ ᠶ᠋ᠢ ᠪᠦᠦ ᠮᠡᠳᠡ᠃ ᠲᠠ ᠣᠳᠣᠬᠠᠨ ᠡᠮᠨᠡᠯᠭᠡ ᠰᠢᠯᠵᠢᠭᠦᠯᠬᠦ ᠭᠠᠷ ᠭᠦᠢᠴᠡᠳᠬᠡᠯ ᠬᠢᠵᠦ ᠠᠯᠢ᠂ ᠪᠢᠳᠡ ᠪᠡᠭᠡᠵᠢᠩ ᠳ᠋ᠦ᠍ ᠶᠠᠪᠤᠨ᠎ᠠ ᠭᠡᠵᠦ ᠴᠡᠴᠡᠷᠬᠢᠨᠡᠨ ᠬᠠᠰᠬᠢᠷᠪᠠ᠃ ᠬᠣᠷᠢᠶᠠᠨ ᠳᠠᠷᠤᠭ᠎ᠠ᠄ 
       — ᠪᠢ ᠪᠦᠬᠦ ᠡᠮᠴᠢ ᠨᠠᠷ ᠢ᠋ᠶ᠋ᠠᠨ ᠲᠥᠯᠥᠭᠡᠯᠡᠨ ᠲᠠᠨ ᠳ᠋ᠤ᠌ ᠪᠤᠷᠤᠭᠤ ᠬᠦᠯᠢᠶᠡᠵᠦ ᠪᠠᠢᠨ᠎ᠠ᠃ ᠡᠨᠡ ᠰᠠᠷ᠎ᠠ ᠢᠯᠡᠭᠦᠦ ᠶ᠋ᠢᠨ ᠡᠮᠨᠡᠯᠭᠡ ᠳ᠋ᠦ᠍ ᠰᠠᠭᠤᠭᠰᠠᠨ ᠰᠦᠢᠳᠬᠡᠯ ᠢ᠋ ᠪᠣᠳᠣᠬᠤ ᠦᠭᠡᠢ᠃ ᠬᠡᠷᠪᠡ ᠴᠠᠭ ᠰᠠᠭᠠᠲᠠᠬᠤ ᠦᠭᠡᠢ ᠶ᠋ᠢ ᠪᠣᠳᠣᠪᠠᠯ᠂ ᠪᠢᠳᠡ ᠪᠡᠭᠡᠵᠢᠩ ᠡᠴᠡ ᠲᠤᠰᠬᠠᠢ ᠮᠡᠷᠭᠡᠵᠢᠯᠲᠡᠨ ᠵᠠᠯᠠᠵᠤ ᠮᠡᠰᠡ ᠵᠠᠰᠠᠯ ᠬᠢᠯᠭᠡᠶ᠎ᠡ᠃ 
       — ᠬᠡᠷᠡᠭ ᠦᠭᠡᠢ᠂ ᠪᠢ ᠨᠥᠬᠥᠷ ᠢ᠋ᠶ᠋ᠡᠨ ᠲᠠᠨ ᠤ᠋ ᠡᠨᠳᠡ ᠦᠬᠦᠭᠦᠯᠦᠮᠡᠷ ᠦᠭᠡᠢ ᠪᠠᠢᠨ᠎ᠠ᠃ ᠣᠳᠣᠬᠠᠨ ᠡᠮᠨᠡᠯᠭᠡ ᠡᠴᠡ ᠭᠠᠷᠬᠤ ᠭᠠᠷ ᠭᠦᠢᠴᠡᠳᠬᠡᠯ ᠬᠢᠭᠡᠳ ᠠᠯᠢ᠃ ᠪᠢᠳᠡ ᠥᠨᠥᠳᠥᠷ ᠲᠡᠭᠡᠨ ᠨᠤᠲᠤᠭ ᠲᠠᠭᠠᠨ ᠪᠤᠴᠠᠨ᠎ᠠ᠃  ᠭᠠᠪᠢᠷ᠎ᠠ ᠭᠦᠶᠦᠨ ᠭᠠᠷᠴᠤ ᠤᠬᠢᠶᠠᠯᠭ᠎ᠠ ᠶ᠋ᠢᠨ ᠲᠠᠰᠤᠭ ᠲᠤ᠌ ᠣᠷᠣᠵᠤ᠂ ᠡᠭᠰᠢᠵᠦ ᠪᠥᠭᠯᠡᠷᠡᠲᠡᠯ᠎ᠡ ᠪᠡᠨ ᠤᠬᠢᠯᠠᠵᠤ᠂ ᠪᠡᠭᠲᠡᠷᠡᠵᠦ ᠪᠠᠢᠭ᠎ᠠ ᠴᠡᠭᠡᠵᠢ ᠪᠡᠨ ᠣᠩᠭᠣᠢᠯᠭᠠᠨ ᠪᠠᠭ᠎ᠠ ᠴᠤ᠌ ᠭᠡᠰᠡᠨ ᠲᠠᠢᠪᠤᠰᠢᠷᠠᠬᠤ ᠶ᠋ᠢ ᠬᠢᠴᠢᠶᠡᠨ᠎ᠡ᠃ ᠵᠢᠷᠦᠬᠡ ᠨᠢ ᠵᠦᠰᠦᠵᠦ ᠪᠠᠢᠭ᠎ᠠ ᠰᠢᠭ᠋ ᠡᠪᠡᠳᠦᠨ᠎ᠡ᠃  ᠲᠡᠷᠡ᠂ ᠶᠠᠭᠠᠬᠢᠵᠤ ᠡᠢᠨ ᠬᠦᠴᠦᠯᠡᠵᠦ ᠪᠠᠢᠭᠠᠳ ᠪᠡᠶ᠎ᠡ ᠪᠡᠨ ᠲᠣᠭᠲᠠᠭᠠᠬᠤ ᠬᠡᠷᠡᠭᠲᠡᠢ ᠪᠠᠢᠯ᠎ᠠ᠃ ᠡᠨᠡ ᠪᠠᠢᠳᠠᠯ ᠢ᠋ᠶ᠋ᠠᠨ ᠶᠠᠭᠠᠬᠢᠭᠰᠠᠨ ᠴᠤ᠌ ᠨᠥᠬᠥᠷ ᠲᠡᠭᠡᠨ ᠮᠡᠳᠡᠭᠳᠡᠵᠦ ᠪᠣᠯᠬᠤ ᠦᠭᠡᠢ᠃  ᠭᠠᠪᠢᠷ᠎ᠠ ᠡᠮᠨᠡᠯᠭᠡ ᠶ᠋ᠢᠨ ᠬᠣᠷᠢᠶᠠᠨ᠎ᠠ᠋ᠴᠠ ᠭᠠᠷᠴᠤ᠂ ᠰᠢᠤᠳᠠᠨ ᠤ᠋ ᠲᠣᠪᠴᠢᠶᠠᠨ ᠳ᠋ᠤ᠌ ᠬᠦᠷᠴᠦ ᠰᠤᠷᠭᠠᠨ ᠬᠥᠮᠦᠵᠢᠯ ᠦ᠋ᠨ ᠲᠣᠪᠴᠢᠶ᠎ᠠ ᠶ᠋ᠢ ᠵᠠᠯᠭᠠᠪᠠ᠃ ᠠᠰᠢᠭᠦᠢ ᠴᠢᠯᠠᠭᠤᠨ ᠳᠠᠷᠤᠭ᠎ᠠ ᠲᠤᠰᠴᠠᠢ᠃  ᠴᠢᠯᠠᠭᠤᠨ ᠳᠠᠷᠤᠭ᠎ᠠ ᠴᠤ᠌ ᠴᠣᠴᠢᠷᠳᠠᠵᠤ ᠮᠡᠯᠡᠷᠡᠪᠡ᠃ ᠰᠠᠶᠢ ᠭᠤᠴᠢ ᠭᠠᠷᠴᠤ ᠶᠠᠪᠤᠭ᠎ᠠ ᠬᠥᠮᠦᠨ ᠰᠢᠦ᠃ ᠶᠠᠭᠠᠬᠢᠬᠤᠯᠠᠷ ᠢ᠋ᠶ᠋ᠠᠨ ᠡᠢᠮᠦ ᠵᠠᠯᠠᠭᠤ ᠪᠠᠷ ᠢ᠋ᠶ᠋ᠠᠨ ᠪᠠᠳᠬᠠᠨ ᠡᠪᠡᠳᠴᠢᠨ ᠣᠯᠳᠠᠭ ᠪᠠᠢᠨ᠎ᠠ ᠭᠡᠮᠡᠨ ᠪᠣᠳᠣᠵᠤ᠂ ᠭᠠᠪᠢᠷ᠎ᠠ ᠶ᠋ᠢ ᠲᠠᠢᠳᠬᠤᠷᠠᠭᠤᠯᠤᠨ 
       一 ᠴᠢ ᠥᠪᠡᠷ ᠢ᠋ᠶ᠋ᠡᠨ ᠵᠣᠷᠢᠭ ᠲᠠᠢ ᠪᠠᠢᠬᠤ ᠶᠤᠮ ᠰᠢᠦ᠂ ᠰᠠᠢᠰᠢᠶᠠᠯᠳᠤ ᠳ᠋ᠤ᠌ ᠮᠡᠳᠡᠭᠳᠡᠵᠦ ᠪᠣᠯᠬᠤ ᠦᠭᠡᠢ᠃ ᠪᠢ ᠲᠣᠪᠴᠢᠶᠠᠨ ᠤ᠋ ᠲᠡᠷᠭᠡ ᠶ᠋ᠢ ᠶᠠᠪᠤᠭᠤᠯᠵᠤ ᠲᠤᠰᠤᠶ᠎ᠠ᠃ ᠰᠤᠷᠭᠠᠭᠤᠯᠢ ᠲᠠᠢ ᠴᠢᠨᠢ ᠬᠠᠷᠢᠴᠠᠵᠤ ᠮᠥᠩᠭᠥ ᠵᠣᠭᠣᠰ ᠢ᠋ ᠲᠦᠷᠭᠡᠨ ᠪᠡᠯᠡᠳᠬᠡᠭᠡᠳ ᠪᠠᠢᠵᠤ ᠪᠠᠢᠶ᠎ᠠ᠃ ᠴᠢ ᠠᠷᠤ ᠭᠡᠷ ᠬᠡᠦᠬᠡᠳ ᠰᠢᠤᠬᠠᠳ ᠢ᠋ᠶ᠋ᠠᠨ ᠠᠶᠠᠲᠠᠢᠬᠠᠨ ᠲᠣᠬᠢᠷᠠᠭᠤᠯ᠃ ᠪᠢᠳᠡ ᠴᠢᠳᠠᠯ ᠢ᠋ᠶ᠋ᠠᠷ ᠢ᠋ᠶ᠋ᠠᠨ ᠴᠢᠷᠮᠠᠢᠬᠤ ᠶᠤᠮ᠃ ᠴᠢ ᠰᠠᠨᠠᠭ᠎ᠠ ᠠᠮᠤᠷ ᠪᠠᠢ! ᠭᠡᠯ᠎ᠡ᠃  ᠭᠠᠪᠢᠷ᠎ᠠ ᠶ᠋ᠢᠨ ᠰᠡᠳᠬᠢᠯ ᠰᠠᠨᠠᠭ᠎ᠠ ᠪᠠᠭ᠎ᠠ ᠠᠭᠤᠵᠢᠷᠠᠪᠠ᠃ ᠲᠡᠷᠡ ᠰᠤᠯᠠᠷᠠᠵᠤ ᠲᠠᠮᠢᠷᠳᠠᠭᠰᠠᠨ ᠪᠡᠶ᠎ᠡ ᠪᠡᠨ ᠳᠠᠭᠠᠭᠠᠵᠤ ᠶᠠᠳᠠᠨ ᠡᠮᠨᠡᠯᠭᠡ ᠵᠦᠭ ᠬᠡᠯᠲᠦᠷᠢᠯ᠎ᠡ᠃  ᠲᠡᠷᠡ ᠡᠪᠡᠳᠴᠢᠲᠡᠨ ᠦ᠌ ᠥᠷᠥᠭᠡᠨ ᠦ᠌ ᠡᠭᠦᠳᠡᠨ ᠳ᠋ᠦ᠍ ᠬᠡᠰᠡᠭ ᠵᠣᠭᠰᠣᠵᠤ ᠪᠡᠶ᠎ᠡ ᠪᠡᠨ ᠲᠣᠭᠲᠠᠭᠠᠭᠠᠳ ᠵᠣᠷᠢᠭ ᠲᠠᠢ ᠠᠯᠬᠤᠵᠤ ᠣᠷᠣᠯ᠎ᠠ᠃  ᠣᠷᠣᠨ ᠳᠡᠭᠡᠷ᠎ᠡ ᠪᠡᠨ ᠳᠡᠭᠡᠭᠰᠢ ᠬᠠᠷᠠᠨ ᠬᠡᠪᠲᠡᠵᠦ᠂ ᠬᠦᠦ ᠪᠡᠨ ᠭᠡᠳᠡᠰᠦᠨ ᠳᠡᠭᠡᠷ᠎ᠡ ᠪᠡᠨ ᠤᠨᠤᠭᠤᠯᠤᠨ ᠲᠣᠭᠯᠠᠵᠤ ᠪᠠᠢᠭᠰᠠᠨ ᠰᠠᠢᠰᠢᠶᠠᠯᠲᠤ᠄ 
       一 ᠶᠠᠭᠠᠬᠢᠭᠰᠠᠨ ᠶᠡᠬᠡ ᠤᠳᠠᠪᠠ? ᠪᠠᠢᠴᠠᠭᠠᠭᠰᠠᠨ ᠳ᠋ᠦᠩ ᠶᠠᠭᠤ ᠪᠣᠯᠪᠠ? ᠭᠡᠵᠦ ᠠᠵᠢᠭ ᠴᠤ᠌ ᠦᠭᠡᠢ ᠠᠰᠠᠭᠤᠨ᠎ᠠ᠃ ᠭᠠᠪᠢᠷ᠎ᠠ᠄ 
       一 ᠮᠢᠨᠦ ᠪᠣᠳᠣᠭᠰᠠᠨ᠎ᠠ᠋ᠴᠠ ᠭᠠᠷᠤᠭᠰᠠᠨ ᠦᠭᠡᠢ᠃ ᠰᠥᠰᠥᠨ ᠦ᠌ ᠴᠢᠯᠠᠭᠤᠵᠢᠮᠠᠯ ᠪᠢᠰᠢ ᠭᠡᠨ᠎ᠡ᠃ ᠤᠯᠠᠭᠠᠨ ᠬᠣᠭᠣᠯᠠᠢ ᠳᠣᠲᠣᠷ᠎ᠠ ᠴᠢᠨᠢ ᠤᠷᠭᠤᠭᠰᠠᠨ ᠶᠠᠭᠤᠮ᠎ᠠ ᠪᠠᠢᠨ᠎ᠠ ᠭᠡᠨ᠎ᠡ᠃ ᠮᠠᠰᠢᠨ ᠵᠠᠰᠠᠯ ᠬᠢᠬᠦ ᠴᠢᠬᠤᠯᠠᠲᠠᠢ ᠭᠡᠨ᠎ᠡ᠃ ᠰᠥᠰᠥᠨ ᠦ᠌ ᠴᠢᠯᠠᠭᠤᠵᠢᠮᠠᠯ ᠪᠢᠰᠢ ᠭᠡᠨ᠎ᠡ᠃ ᠡᠨᠳᠡᠬᠢ ᠨᠥᠬᠥᠴᠡᠯ ᠪᠠᠷᠤᠭᠲᠠᠢ ᠪᠣᠯᠬᠣᠷ ᠪᠡᠭᠡᠵᠢᠩ ᠳ᠋ᠦ᠍ ᠣᠴᠢᠵᠤ ᠵᠠᠰᠠᠯ ᠬᠢᠯᠭᠡᠪᠡᠯ ᠵᠦᠭᠡᠷ ᠭᠡᠵᠦ ᠪᠠᠢᠨ᠎ᠠ᠃ ᠪᠢ ᠰᠤᠷᠭᠠᠨ ᠬᠥᠮᠦᠵᠢᠯ ᠦ᠋ᠨ ᠲᠣᠪᠴᠢᠶᠠᠨ ᠤ᠋ ᠴᠢᠯᠠᠭᠤᠨ ᠳᠠᠷᠤᠭ᠎ᠠ ᠲᠠᠢ ᠶᠠᠷᠢᠭᠰᠠᠨ᠃  ᠪᠢᠳᠡᠨ ᠢ᠋ ᠲᠡᠷᠭᠡ ᠪᠡᠷ ᠢ᠋ᠶ᠋ᠡᠨ ᠲᠣᠰᠤᠭᠤᠯᠤᠨ᠎ᠠ᠃ ᠮᠥᠩᠭᠥ ᠵᠣᠭᠣᠰ ᠢ᠋ ᠴᠦ᠍ ᠪᠡᠯᠡᠨ ᠪᠣᠯᠭᠠᠭᠠᠳ ᠪᠠᠢᠶ᠎ᠠ ᠭᠡᠰᠡᠨ᠃ ᠪᠢᠳᠡᠨ ᠢ᠋ ᠠᠯᠢ ᠪᠣᠯᠬᠤ ᠪᠠᠷ ᠲᠦᠷᠭᠡᠨ ᠪᠡᠭᠡᠵᠢᠩ ᠳ᠋ᠦ᠍ ᠶᠠᠪᠤ ᠭᠡᠵᠦ ᠪᠠᠢᠨ᠎ᠠ ᠭᠡᠯ᠎ᠡ᠃ ᠰᠠᠢᠰᠢᠶᠠᠯᠲᠤ ᠭᠡᠷᠭᠡᠢ ᠶ᠋ᠢᠨ ᠢ᠋ᠶ᠋ᠡᠨ ᠪᠠᠬᠠᠨ ᠣᠨᠳᠣᠣ ᠪᠠᠢᠳᠠᠯ ᠲᠠᠢ ᠬᠠᠷᠠᠴᠠ ᠶ᠋ᠢ ᠭᠠᠢᠬᠠᠰᠢᠷᠠᠨ ᠰᠢᠷᠳᠡᠵᠦ 
       一 ᠪᠦᠷ ᠰᠤᠷᠭᠠᠨ ᠬᠥᠮᠦᠵᠢᠯ ᠦ᠋ᠨ ᠲᠣᠪᠴᠢᠶ᠎ᠠ ᠶ᠋ᠢ ᠬᠦᠷᠲᠡᠯ᠎ᠡ ᠳᠡᠪᠵᠢᠶᠡᠷᠡᠭᠦᠯᠵᠦ ᠣᠷᠬᠢᠪᠠ ᠤᠤ? ᠵᠠᠪᠠᠯ ᠮᠡᠰᠡ ᠵᠠᠰᠠᠯ ᠬᠢᠨ᠎ᠡ ᠤᠤ? ᠤᠷᠲᠤ ᠬᠤᠭᠤᠴᠠᠭ᠎ᠠ ᠡᠮᠨᠡᠯᠭᠡ ᠳ᠋ᠦ᠍ ᠰᠠᠭᠤᠵᠤ᠂ ᠪᠦᠬᠦ ᠠᠵᠢᠯ ᠴᠤ᠌ ᠪᠠᠯᠠᠷᠠᠬᠤ ᠶᠤᠮ ᠪᠠᠢᠨ᠎ᠠ ᠭᠡᠵᠦ ᠬᠠᠷᠠᠮᠰᠠᠪᠠ᠃ ᠡᠨᠡ ᠦᠭᠡ ᠶ᠋ᠢ ᠨᠢ ᠰᠣᠨᠣᠰᠤᠭᠠᠳ ᠭᠠᠪᠢᠷ᠎ᠠ ᠴᠢᠬᠤᠯᠳᠠᠨ ᠪᠡᠭᠲᠡᠷᠡᠵᠦ 
       — ᠡᠷᠡᠭᠦᠯ ᠡᠩᠬᠡ ᠪᠠᠢᠪᠠᠯ ᠴᠢᠮ᠎ᠠ ᠳ᠋ᠤ᠌ ᠠᠵᠢᠯ ᠮᠤᠩᠳᠠᠬᠤ ᠦᠭᠡᠢ ᠣᠯᠳᠠᠨ᠎ᠠ᠃ ᠨᠣᠢᠷ ᠬᠣᠭᠣᠯᠠ ᠦᠭᠡᠢ᠂ ᠪᠡᠶ᠎ᠡ ᠰᠡᠳᠬᠢᠯ ᠵᠦᠳᠡᠵᠦ ᠶᠠᠪᠤᠭᠰᠠᠭᠠᠷ ᠡᠢᠮᠦ ᠪᠣᠯᠤᠭᠰᠠᠨ ᠪᠢᠰᠢ ᠤᠤ? ᠮᠢᠨᠦ ᠦᠭᠡ ᠶ᠋ᠢ ᠰᠣᠨᠣᠰᠴᠢᠬ᠎ᠠ᠃ ᠰᠠᠷ᠎ᠠ ᠢᠯᠡᠭᠦᠦ ᠡᠪᠡᠳᠴᠢᠨ ᠢ᠋ ᠴᠢᠨᠢ ᠪᠤᠷᠤᠭᠤ ᠡᠮᠨᠡᠵᠦ᠂ ᠥᠪᠡᠷ ᠢ᠋ᠶ᠋ᠡᠨ ᠴᠦ᠍ ᠬᠠᠢᠬᠤᠷᠤᠮᠵᠢ ᠦᠭᠡᠢ ᠪᠠᠢᠵᠤ ᠡᠨᠡ ᠬᠡᠮᠵᠢᠶᠡᠨ ᠳ᠋ᠦ᠍ ᠬᠦᠷᠭᠡᠴᠢᠬᠡᠯ᠎ᠡ᠃ ᠪᠠᠰᠠ ᠶᠠᠭᠠᠬᠢᠬᠤ ᠰᠠᠨᠠᠭᠠᠲᠠᠢ ᠪᠣᠢ? ᠭᠡᠳ ᠬᠣᠷᠢᠭᠯᠠᠵᠤ ᠪᠠᠢᠭᠰᠠᠨ ᠨᠢᠯᠪᠤᠰᠤ ᠨᠢ ᠪᠥᠮᠪᠥᠷᠢᠪᠡ᠃  ᠲᠡᠷᠡ ᠬᠠᠢᠷᠠᠲᠤ ᠪᠦᠰᠡᠭᠦᠢ ᠶ᠋ᠢᠨ ᠢ᠋ᠶ᠋ᠡᠨ ᠨᠢᠯᠪᠤᠰᠤ ᠶ᠋ᠢ ᠬᠠᠷᠠᠭᠠᠳ ᠰᠠᠨᠳᠤᠷᠴᠢᠬᠠᠪᠠ᠃ ᠡᠬᠡᠨᠡᠷ ᠦ᠋ᠨ ᠢ᠋ᠶ᠋ᠡᠨ ᠢᠩᠭᠢᠵᠦ ᠰᠡᠳᠬᠢᠯ ᠰᠢᠮᠰᠢᠷᠡᠨ ᠤᠬᠢᠯᠠᠬᠤ ᠶ᠋ᠢ ᠠᠩᠬ᠎ᠠ ᠤᠳᠠᠭ᠎ᠠ ᠬᠠᠷᠠᠵᠤ ᠪᠠᠢᠭ᠎ᠠ ᠠᠵᠢ᠃ ᠲᠡᠳᠡ ᠬᠣᠶᠠᠷ ᠤ᠋ᠨ ᠬᠠᠮᠲᠤ ᠠᠮᠢᠳᠤᠷᠠᠭᠰᠠᠨ ᠠᠷᠪᠠ ᠰᠢᠬᠠᠮ ᠵᠢᠯ ᠳ᠋ᠦ᠍᠂ ᠪᠠᠶᠠᠷ ᠵᠢᠷᠭᠠᠯ ᠴᠠᠯᠭᠢᠯᠠᠵᠤ ᠪᠠᠢᠭᠰᠠᠨ ᠠ᠋ᠴᠠ ᠪᠢᠰᠢ ᠭᠣᠮᠣᠳᠠᠯ ᠭᠤᠨᠢᠷᠬᠠᠯ ᠬᠡᠵᠢᠶ᠎ᠡ ᠴᠦ᠍ ᠪᠠᠢᠭ᠎ᠠ ᠦᠭᠡᠢ ᠰᠠᠨ᠃  ᠰᠠᠢᠰᠢᠶᠠᠯᠳᠤ ᠭᠡᠷᠭᠡᠢ ᠪᠡᠨ ᠠᠷᠭᠠᠳᠠᠨ 《ᠴᠢᠨᠦ ᠦᠭᠡ ᠶ᠋ᠢ ᠰᠣᠨᠣᠰᠤᠶ᠎ᠠ᠂ ᠪᠡᠭᠡᠵᠢᠩ ᠳ᠋ᠦ᠍ ᠶᠠᠪᠤᠶ᠎ᠠ᠂ ᠪᠤᠤ ᠤᠬᠢᠯᠠ》 ᠭᠡᠨ᠎ᠡ᠃  ᠡᠨᠡ ᠦᠶ᠎ᠡ ᠳ᠋ᠦ᠍ ᠨᠥᠭᠦᠭᠡ ᠡᠮᠴᠢ ᠨᠠᠷ ᠴᠤ᠌ ᠣᠷᠣᠵᠤ ᠢᠷᠡᠨ 
       — ᠲᠡᠢᠮᠦ ᠬᠦᠨᠳᠦ ᠡᠪᠡᠳᠴᠢᠨ ᠪᠢᠰᠢ᠂ ᠬᠣᠭᠣᠯᠠᠢ ᠳᠣᠲᠣᠷ᠎ᠠ ᠴᠢᠨᠢ ᠨᠢᠭᠡᠨ ᠮᠢᠬᠠᠨ ᠥᠷᠭᠡᠰᠦ ᠮᠠᠶᠢᠭ ᠲᠠᠢ ᠶᠠᠭᠤᠮ᠎ᠠ ᠤᠷᠭᠤᠭᠰᠠᠨ ᠪᠠᠢᠨ᠎ᠠ᠃ ᠠᠪᠤᠭᠤᠯᠪᠠᠯ ᠵᠦᠭᠡᠷ ᠪᠣᠯᠴᠢᠬᠠᠨ᠎ᠠ᠃ ᠪᠡᠭᠡᠵᠢᠩ ᠳ᠋ᠦ᠍ ᠪᠣᠯ ᠨᠥᠬᠥᠴᠡᠯ ᠰᠠᠢᠨ᠂ ᠮᠡᠷᠭᠡᠵᠢᠯ ᠥᠨᠳᠥᠷ ᠶᠦᠮ ᠭᠡᠵᠡᠭᠡᠵᠦ ᠠᠯᠢ ᠪᠣᠯᠬᠤ ᠪᠠᠷ ᠥᠪᠡᠷ ᠲᠤᠨᠢ ᠰᠡᠵᠢᠭ ᠠᠵᠢᠭ ᠠᠪᠤᠭᠤᠯᠬᠤ ᠦᠭᠡᠢ ᠶ᠋ᠢ ᠬᠢᠴᠢᠶᠡᠨ᠎ᠡ᠃  ᠦᠳᠡ ᠥᠩᠭᠡᠷᠡᠭᠡᠳ ᠲᠣᠪᠴᠢᠶᠠᠨ ᠤ᠋ ᠲᠡᠷᠭᠡ ᠬᠦᠷᠴᠦ ᠢᠷᠡᠪᠡ᠃ ᠲᠡᠳᠡ ᠬᠣᠰᠢᠭᠤ ᠤᠷᠤᠭᠤ ᠪᠠᠨ ᠪᠤᠴᠠᠬᠤ ᠪᠠᠷ ᠬᠥᠳᠡᠯᠦᠯ᠎ᠡ᠃  ᠭᠠᠪᠢᠷ᠎ᠠ᠂ ᠵᠠᠮ ᠲᠤᠷᠰᠢ ᠪᠣᠳᠣᠯ ᠪᠣᠯᠤᠨ ᠰᠠᠭᠤᠨ᠎ᠠ᠃ ᠨᠥᠬᠥᠷ ᠨᠢ ᠬᠦᠦ ᠲᠡᠢ ᠪᠡᠨ ᠲᠣᠭᠯᠠᠨ ᠢᠨᠢᠶᠡᠳᠦ ᠬᠥᠭᠵᠢᠯ ᠲᠡᠢ ᠶᠠᠪᠤᠬᠤ ᠶ᠋ᠢ ᠬᠠᠷᠠᠭᠠᠳ ᠵᠢᠷᠦᠬᠡ ᠨᠢ ᠰᠢᠨᠠᠯᠤᠨ ᠡᠮᠵᠡᠭᠯᠡᠨ᠎ᠡ᠃ ᠲᠡᠷᠡ ᠨᠥᠬᠥᠷ ᠦ᠋ᠨ ᠢ᠋ᠶ᠋ᠡᠨ ᠮᠥᠷᠦᠨ ᠳ᠋ᠦ᠍ ᠲᠣᠯᠣᠭᠠᠢ ᠪᠠᠨ ᠨᠠᠭᠠᠯᠳᠤᠭᠤᠯᠤᠨ ᠨᠢᠳᠦ ᠪᠡᠨ ᠠᠨᠢᠨ ᠤᠨᠲᠠᠭᠰᠠᠨ ᠮᠡᠲᠦ ᠶᠠᠪᠤᠨ᠎ᠠ᠃ 
       — ᠶᠠᠭᠠᠬᠢᠭᠰᠠᠨ ᠪᠣᠢ? ᠳᠣᠲᠣᠷ᠎ᠠ ᠴᠢᠨᠢ ᠡᠪ ᠦᠭᠡᠢᠷᠡᠵᠦ ᠪᠠᠢᠭ᠎ᠠ ᠤᠤ? 
       — ᠬᠠᠷᠢᠨ ᠭᠡᠮ᠂ ᠳᠣᠲᠣᠷ᠎ᠠ ᠡᠪ ᠦᠭᠡᠢ ᠣᠷᠬᠢᠵᠤ ᠪᠥᠭᠡᠯᠵᠢᠮᠡᠷ ᠪᠠᠢᠨ᠎ᠠ᠃ 
       — ᠲᠡᠷᠭᠡ ᠶ᠋ᠢ ᠵᠣᠭᠰᠣᠭᠠᠵᠤ ᠰᠠᠯᠬᠢ ᠦᠵᠡᠬᠦ ᠤᠤ ? 
       — ᠬᠡᠷᠡᠭ ᠦᠭᠡᠢ᠂ ᠬᠤᠷᠳᠤᠨ ᠵᠠᠮ ᠢ᠋ᠶ᠋ᠠᠨ ᠬᠥᠭᠡᠭᠡᠶ᠎ᠡ᠃  
       ᠲᠡᠷᠡ ᠰᠥᠨᠢ ᠶ᠋ᠢᠨ ᠨᠢᠭᠡ ᠴᠠᠭ ᠤ᠋ᠨ ᠦᠶ᠎ᠡ ᠪᠡᠷ ᠬᠤᠰᠢᠭᠤᠨ ᠳ᠋ᠠᠭᠠᠨ ᠬᠦᠷᠴᠦ ᠪᠠᠭᠤᠳᠠᠯ ᠳ᠋ᠤ᠌ ᠣᠷᠣᠯ᠎ᠠ᠃  ᠬᠦᠦ ᠨᠢ ᠨᠢᠭᠡᠨᠲᠡ ᠤᠨᠲᠠᠴᠢᠬᠠᠭᠰᠠᠨ ᠲᠤᠯᠠ ᠲᠠᠢᠴᠢᠵᠤ ᠬᠡᠪᠲᠡᠭᠦᠯᠦᠭᠡᠳ᠂ ᠬᠣᠶᠠᠭᠤᠯᠠ ᠪᠠᠨ ᠤᠬᠢᠶᠠᠵᠤ ᠴᠡᠪᠡᠷᠯᠡᠨ᠂ ᠪᠠᠭ᠎ᠠ ᠰᠠᠭ᠎ᠠ ᠶᠠᠭᠤᠮ᠎ᠠ ᠢᠳᠡᠭᠡᠳ ᠬᠡᠪᠲᠡᠵᠡᠭᠡᠯ᠎ᠡ᠃  ᠰᠠᠷ᠎ᠠ ᠰᠢᠬᠠᠮ ᠣᠢᠷᠠᠳᠤᠭ᠎ᠠ ᠦᠭᠡᠢ ᠵᠠᠯᠠᠭᠤ ᠡᠷ᠎ᠡ ᠡᠮ᠎ᠡ ᠬᠣᠶᠠᠷ ᠪᠡᠶ᠎ᠡ ᠪᠡᠶ᠎ᠡ ᠪᠡᠨ ᠬᠦᠰᠡᠨ ᠲᠠᠴᠢᠶᠠᠳᠠᠬᠤ ᠨᠢ ᠳᠠᠮᠵᠢᠭ ᠦᠭᠡᠢ᠃ ᠰᠠᠢᠰᠢᠶᠠᠯᠲᠤ᠂ ᠭᠡᠷᠭᠡᠢ ᠶ᠋ᠢᠨ ᠢ᠋ᠶ᠋ᠡᠨ ᠵᠥᠭᠡᠯᠡᠨ ᠪᠡᠶ᠎ᠡ ᠶ᠋ᠢ ᠲᠡᠪᠡᠷᠢᠨ ᠲᠠᠭᠠᠯᠠᠵᠤ ᠠᠮᠠᠷᠠᠭ ᠴᠡᠩᠭᠡᠯ ᠦ᠋ᠨ ᠠᠮᠲᠠᠲᠤ ᠵᠢᠷᠭᠠᠯ ᠳ᠋ᠤ᠌ ᠱᠤᠩᠪᠠᠨ ᠪᠠᠢᠬᠤ ᠳ᠋ᠤ᠌᠂ ᠭᠠᠪᠢᠷ᠎ᠠ ᠥᠪᠡᠷ ᠢ᠋ ᠨᠢ ᠲᠠᠰᠤ ᠲᠡᠪᠡᠷᠢᠨ ᠨᠠᠭᠠᠯᠳᠤᠵᠤ᠂ ᠬᠠᠷᠠᠩᠭᠤᠢ ᠳ᠋ᠤ᠌ ᠨᠢᠯᠪᠤᠰᠤ ᠪᠠᠨ ᠬᠠᠰᠢᠯᠭ᠎ᠠ ᠪᠠᠨ ᠰᠡᠲᠡᠯᠦᠭᠰᠡᠨ ᠦᠶᠡᠷ ᠰᠢᠭ ᠠᠰᠬᠠᠷᠠᠭᠤᠯᠵᠤ ᠪᠠᠢᠭᠰᠠᠨ ᠢ᠋ ᠵᠢᠷᠭᠠᠯ ᠳ᠋ᠠᠭᠠᠨ ᠰᠣᠭᠲᠣᠭᠤᠷᠠᠵᠤ ᠪᠠᠢᠭᠰᠠᠨ ᠨᠥᠬᠥᠷ ᠨᠢ ᠮᠡᠳᠡᠭᠰᠡᠨ ᠦᠭᠡᠢ ᠥᠩᠭᠡᠷᠡᠵᠡᠢ᠃ ᠡᠢᠮᠦᠷᠬᠦᠦ ᠠᠮᠠᠷᠠᠭ ᠰᠥᠨᠢ ᠶ᠋ᠢᠨ ᠵᠢᠷᠭᠠᠯ ᠣᠳᠣ ᠡᠳᠡ ᠬᠣᠶᠠᠭᠤᠯᠠ ᠳ᠋ᠤ᠌ ᠬᠡᠳᠦᠢ ᠤᠳᠠᠭ᠎ᠠ ᠪᠠᠢᠵᠤ ᠴᠢᠳᠠᠬᠤ ᠶ᠋ᠢ ᠲᠩᠷᠢ ᠯᠡ ᠮᠡᠳᠡᠭᠰᠡᠨ ᠬᠡᠷᠡᠭ᠃ 
       ᠲᠡᠳᠡ ᠰᠤᠷᠭᠠᠨ ᠬᠥᠮᠦᠵᠢᠯ ᠦ᠋ᠨ ᠲᠣᠪᠴᠢᠶᠠᠨ ᠤ᠋ ᠤᠳᠤᠷᠢᠳᠤᠯᠭ᠎ᠠ ᠨᠠᠷ ᠲᠠᠢ ᠪᠠᠨ ᠠᠭᠤᠯᠵᠠᠵᠤ ᠪᠡᠯᠡᠳᠬᠡᠯ ᠠᠵᠢᠯ ᠢ᠋ᠶ᠋ᠠᠨ ᠲᠣᠬᠢᠷᠠᠭᠤᠯᠪᠠ᠃ ᠲᠣᠪᠴᠢᠶᠠᠨ ᠠ᠋ᠴᠠ ᠨᠢᠭᠡᠳᠦᠭᠡᠷ ᠳᠤᠮᠳᠠᠳᠤ ᠰᠤᠷᠭᠠᠭᠤᠯᠢ ᠳ᠋ᠤ᠌ ᠪᠠᠭᠰᠢᠯᠠᠳᠠᠭ ᠪᠡᠭᠡᠵᠢᠩ ᠨᠤᠲᠤᠭ ᠲᠠᠢ ᠰᠢᠦᠢ ᠣᠪᠣᠭᠲᠤ ᠪᠠᠭᠰᠢ ᠶ᠋ᠢ ᠬᠠᠮᠲᠤ ᠶᠠᠪᠤᠭᠤᠯᠬᠤ ᠪᠠᠷ ᠪᠣᠯᠪᠠ᠃  
       ᠭᠠᠪᠢᠶ᠎ᠠ ᠭᠡᠷ ᠲᠡᠭᠡᠨ ᠬᠠᠷᠢᠵᠤ ᠬᠡᠳᠦᠨ ᠬᠡᠦᠬᠡᠳ ᠢ᠋ᠶ᠋ᠡᠨ ᠶᠡᠬᠡ ᠠᠪᠠᠭ᠎ᠠ ᠠᠪᠤ ᠶ᠋ᠢᠨ ᠳ᠋ᠦ᠍ᠨᠢ ᠬᠦᠷᠭᠡᠵᠦ ᠥᠭᠭᠦᠭᠡᠳ᠂ ᠪᠡᠭᠡᠵᠢᠩ ᠳ᠋ᠦ᠍ ᠣᠴᠢᠬᠤ ᠪᠠᠷ ᠬᠥᠳᠡᠯᠦᠯ᠎ᠡ᠃  
       ᠰᠤᠷᠭᠠᠨ ᠬᠥᠮᠦᠵᠢᠯ ᠦ᠋ᠨ ᠲᠣᠪᠴᠢᠶ᠎ᠠ ᠴᠤ᠌ ᠲᠣᠬᠢᠷᠠᠮᠵᠢᠲᠠᠢ ᠠᠷᠭ᠎ᠠ ᠪᠦᠬᠦᠨ ᠢ᠋ ᠠᠪᠴᠤ᠂ ᠲᠡᠳᠡᠨ ᠳ᠋ᠦ᠍ ᠲᠤᠰᠠ ᠳᠡᠮᠵᠢᠯᠭᠡ ᠦᠵᠡᠭᠦᠯᠵᠦ ᠪᠠᠢᠯ᠎ᠠ᠃ ᠰᠠᠢᠰᠢᠶᠠᠯᠲᠤ ᠶ᠋ᠢ ᠭᠤᠷᠪᠠᠳᠤᠭᠠᠷ ᠳᠤᠮᠳᠠᠳᠤ ᠰᠤᠷᠭᠠᠭᠤᠯᠢ ᠳ᠋ᠤ᠌ ᠰᠢᠯᠵᠢᠭᠦᠯᠬᠦ ᠪᠠᠨ ᠪᠣᠯᠢᠵᠤ᠂ ᠰᠤᠷᠭᠠᠨ ᠬᠥᠮᠦᠵᠢᠯ ᠦ᠋ᠨ ᠲᠣᠪᠴᠢᠶᠠᠨ ᠳ᠋ᠤ᠌ ᠰᠢᠯᠵᠢᠭᠦᠯᠵᠦ ᠠᠪᠴᠢᠷᠠᠪᠠ᠃ ᠭᠡᠷ ᠪᠦᠯᠢ ᠶ᠋ᠢ ᠨᠢ ᠴᠦ᠍ ᠬᠤᠰᠢᠭᠤᠨ ᠳ᠋ᠤ᠌ ᠨᠡᠭᠦᠯᠭᠡᠬᠦ ᠪᠡᠷ ᠪᠣᠯᠵᠤ᠂ ᠮᠣᠩᠭᠣᠯ ᠪᠠᠭ᠎ᠠ ᠰᠤᠷᠭᠠᠭᠤᠯᠢ ᠶ᠋ᠢᠨ ᠣᠷᠴᠢᠨ ᠪᠠᠢᠷᠢᠨ ᠠ᠋ᠴᠠ ᠭᠡᠷ ᠲᠣᠬᠢᠷᠠᠭᠤᠯᠵᠤ ᠥᠭᠪᠡ᠃  
       ᠭᠠᠪᠢᠶ᠎ᠠ ᠰᠢᠨ᠎ᠡ ᠰᠢᠯᠵᠢᠵᠦ ᠢᠷᠡᠭᠰᠡᠨ ᠰᠤᠷᠭᠠᠭᠤᠯᠢ ᠶ᠋ᠢᠨ ᠳᠠᠷᠤᠭ᠎ᠠ ᠨᠠᠷ ᠲᠤ᠌ ᠮᠡᠳᠡᠭᠳᠡᠵᠦ ᠤᠷᠲᠤ ᠴᠢᠯᠥᠭᠡ ᠠᠪᠤᠯ᠎ᠠ᠃ ᠵᠣᠬᠢᠶᠠᠨ ᠪᠠᠢᠭᠤᠯᠤᠯᠲᠠ ᠠ᠋ᠴᠠ ᠨᠢ ᠲᠡᠳᠡᠨ ᠦ᠌ ᠠᠵᠢᠯ ᠠᠮᠢᠳᠤᠷᠠᠯ ᠳ᠋ᠤ᠌ ᠡᠨᠡ ᠮᠡᠲᠦ ᠰᠠᠨᠠᠭ᠎ᠠ ᠲᠠᠯᠪᠢᠨ ᠬᠠᠷᠠᠵᠤ ᠳᠡᠮᠵᠢᠵᠦ ᠪᠠᠢᠬᠤ ᠳ᠋ᠤ᠌ ᠲᠡᠳᠡ ᠬᠣᠶᠠᠭᠤᠯᠠ ᠬᠢᠵᠠᠭᠠᠷ ᠦᠭᠡᠢ ᠪᠠᠶᠠᠷᠯᠠᠨ ᠲᠠᠯᠠᠷᠬᠠᠵᠤ᠂ ᠤᠷᠮᠠᠰᠢᠨ ᠵᠣᠷᠢᠭᠵᠢᠪᠠ᠃  
       ᠪᠡᠭᠡᠵᠢᠩ ᠳ᠋ᠦ᠍ ᠣᠴᠢᠵᠤ᠂ ᠨᠡᠢᠰᠯᠡᠯ ᠦ᠋ᠨ ᠡᠮᠨᠡᠯᠭᠡ ᠶ᠋ᠢᠨ ᠬᠣᠷᠢᠶ᠎ᠠ ᠳ᠋ᠤ᠌ ᠪᠠᠢᠴᠠᠭᠠᠯᠭᠠᠭᠰᠠᠨ ᠤ᠋ ᠳ᠋ᠦᠩ ᠳ᠋ᠦ᠍᠂ ᠡᠪᠡᠳᠴᠢᠨ ᠦ᠌ ᠪᠠᠢᠳᠠᠯ ᠨᠢᠭᠡᠨᠲᠡ ᠰᠡᠭᠦᠯᠴᠢ ᠶ᠋ᠢᠨ ᠬᠤᠭᠤᠴᠠᠭᠠᠨ ᠳ᠋ᠤ᠌ ᠣᠷᠣᠵᠤ᠂ ᠮᠡᠰᠡ ᠵᠠᠰᠠᠯ ᠬᠢᠭᠡᠳ ᠴᠦ᠍ ᠳᠡᠮᠡᠢ ᠬᠡᠳᠦᠨ ᠡᠳᠦᠷ ᠠᠮᠢᠳᠤᠷᠠᠬᠤ ᠪᠣᠯᠤᠯᠴᠠᠭ᠎ᠠ ᠦᠭᠡᠢ᠂ ᠡᠮᠨᠡᠯᠭᠡ ᠳ᠋ᠦ᠍ ᠡᠪᠡᠳᠴᠢᠲᠡᠨ ᠦ᠌ ᠣᠷᠣ ᠦᠭᠡᠢ᠂ ᠳ᠋ᠤᠭᠠᠷᠯᠠᠵᠤ ᠬᠦᠯᠢᠶᠡᠬᠦ ᠬᠡᠷᠡᠭᠲᠡᠢ ᠭᠡᠵᠦ ᠮᠡᠳᠡᠭᠳᠡᠵᠡᠢ᠃ ᠬᠠᠮᠤᠭ ᠴᠥᠭᠡᠨ ᠳ᠋ᠡᠭᠡᠨ ᠬᠠᠭᠠᠰ ᠰᠠᠷ᠎ᠠ ᠶ᠋ᠢᠨ ᠬᠤᠭᠤᠴᠠᠭ᠎ᠠ ᠬᠡᠷᠡᠭᠰᠡᠨ᠎ᠡ᠃ ᠡᠪᠡᠳᠴᠢᠲᠡᠨ ᠦ᠌ ᠪᠠᠢᠳᠠᠯ ᠢᠩᠭᠢᠵᠦ ᠤᠳᠠᠭᠠᠰᠢᠷᠠᠭᠤᠯᠬᠤ ᠶ᠋ᠢ ᠬᠦᠯᠢᠶᠡᠵᠦ ᠳᠡᠢᠯᠬᠦ ᠦᠭᠡᠢ ᠭᠡᠰᠡᠨ ᠪᠠᠢᠯ᠎ᠠ᠃  ᠲᠡᠳᠡ ᠳᠠᠬᠢᠭᠠᠳ ᠰᠢᠶᠧ ᠾᠧ ᠡᠮᠨᠡᠯᠭᠡ ᠶ᠋ᠢᠨ ᠬᠣᠷᠢᠶ᠎ᠠ ᠳ᠋ᠤ᠌ ᠣᠴᠢᠭᠰᠠᠨ ᠳ᠋ᠤ᠌ ᠦᠷ᠎ᠡ ᠳ᠋ᠦᠩ ᠨᠢ ᠮᠥᠨ ᠠᠳᠠᠯᠢᠬᠠᠨ᠃  ᠡᠨᠡ ᠡᠮᠨᠡᠯᠭᠡ ᠶ᠋ᠢᠨ ᠡᠪᠡᠳᠴᠢᠲᠡᠨ ᠦ᠌ ᠣᠷᠣ ᠣᠯᠬᠤ ᠳ᠋ᠤ᠌ ᠨᠡᠩ ᠣᠯᠠᠨ ᠬᠣᠨᠣᠭ ᠬᠦᠯᠢᠶᠡᠬᠦ ᠶᠦᠮ ᠪᠠᠢᠨ᠎ᠠ᠃  ᠬᠡᠯᠡ ᠬᠣᠩᠰᠢᠶᠠᠷ ᠰᠠᠢᠨ᠂ ᠠᠷᠭ᠎ᠠ ᠰᠠᠮᠪᠠᠭ᠎ᠠ ᠣᠯᠠᠨᠲᠠᠢ ᠰᠢᠦᠢ ᠢ ᠮᠢᠨ ᠪᠠᠭᠰᠢ᠂ ᠪᠦᠬᠦ ᠪᠡᠭᠡᠵᠢᠩ ᠬᠣᠲᠠᠨ ᠳ᠋ᠠᠬᠢ ᠨᠡᠷᠡᠲᠡᠢ ᠰᠢᠭ ᠡᠮᠨᠡᠯᠭᠡ ᠶ᠋ᠢᠨ ᠬᠣᠷᠢᠶ᠎ᠠ ᠪᠦᠬᠦᠨ ᠲᠡᠢ ᠬᠣᠯᠪᠣᠭ᠎ᠠ ᠠᠪᠴᠤ᠂ ᠲᠠᠨᠢᠵᠤ ᠮᠡᠳᠡᠳᠡᠭ ᠬᠥᠮᠦᠨ ᠪᠦᠬᠦᠨ ᠲᠡᠢ ᠪᠡᠨ ᠬᠠᠷᠢᠴᠠᠵᠤ᠂ ᠠᠷᠭ᠎ᠠ ᠪᠦᠬᠦᠨ ᠢ᠋ ᠰᠦᠪᠡᠭᠴᠢᠯᠡᠨ ᠠᠯᠢ ᠪᠣᠯᠬᠤ ᠪᠠᠷ ᠲᠦᠷᠭᠡᠨ ᠰᠢᠭ ᠡᠮᠨᠡᠭᠦᠯᠬᠦ ᠡᠮᠨᠡᠯᠭᠡ ᠣᠯᠬᠤ ᠭᠡᠵᠦ ᠨᠣᠢᠷ ᠬᠣᠭᠣᠯᠠ ᠪᠠᠨ ᠤᠮᠠᠷᠲᠠᠨ ᠭᠦᠶᠦᠨ᠎ᠡ᠃ ᠲᠡᠷᠡ ᠦᠶ᠎ᠡ ᠳ᠋ᠦ᠍ ᠮᠡᠳᠡᠭᠡ ᠬᠣᠯᠪᠣᠭ᠎ᠠ ᠣᠳᠣ ᠶ᠋ᠢᠨ ᠬᠢ ᠰᠢᠭ ᠳᠥᠭᠥᠮ ᠪᠢᠰᠢ᠂ ᠬᠠᠮᠢᠭ᠎ᠠ ᠣᠴᠢᠭᠰᠠᠨ ᠴᠤ᠌ ᠪᠡᠶ᠎ᠡ ᠪᠡᠷ ᠢ᠋ᠶ᠋ᠡᠨ ᠭᠦᠶᠦᠵᠦ ᠬᠦᠷᠬᠦ ᠬᠡᠷᠡᠭᠲᠡᠢ᠃  ᠡᠨᠡ ᠬᠣᠭᠣᠷᠣᠨᠳᠣ ᠰᠠᠢᠰᠢᠶᠠᠯᠳᠤ ᠶ᠋ᠢᠨ ᠪᠡᠶ᠎ᠡ ᠤᠯᠠᠮ ᠮᠠᠭᠤᠳᠠᠵᠤ ᠤᠰᠤ ᠴᠤ᠌ ᠵᠠᠯᠭᠢᠵᠤ ᠣᠷᠣᠬᠤ ᠪᠠᠨ ᠪᠣᠯᠢᠵᠠᠢ᠃  ᠰᠢᠦᠢ ᠪᠠᠭᠰᠢ ᠨᠢᠭᠡᠨ ᠪᠠᠭ᠎ᠠ ᠰᠢᠭ᠋ ᠡᠮᠨᠡᠯᠭᠡ ᠶ᠋ᠢᠨ ᠬᠣᠷᠢᠶᠠᠨ ᠤ᠋ ᠡᠭᠦᠳᠡᠨ ᠡᠮᠨᠡᠯᠭᠡ ᠳ᠋ᠦ᠍ ᠭᠤᠶᠤᠵᠤ ᠪᠠᠢᠭᠠᠳ ᠰᠠᠢᠰᠢᠶᠠᠯᠲᠤ ᠳ᠋ᠤ᠌ ᠰᠤᠳᠠᠯ ᠤ᠋ᠨ ᠰᠢᠩᠭᠡᠨ ᠶᠡᠭᠦᠯᠡᠵᠦ᠂ ᠲᠦᠷ ᠴᠦ᠍ ᠭᠡᠰᠡᠨ ᠤᠰᠤ᠂ ᠰᠢᠮ᠎ᠡ ᠲᠡᠵᠢᠭᠡᠯ ᠦ᠋ᠨ ᠰᠢᠩᠭᠡᠨ ᠶᠡᠭᠦᠯᠡᠭᠦᠯᠦᠨ ᠠᠷᠭᠠᠴᠠᠨ᠎ᠠ᠃ 
        ᠲᠡᠭᠡᠭᠡᠳ ᠡᠴᠦᠰ ᠲᠡᠭᠡᠨ ᠳᠤᠮᠳᠠᠳᠤ ᠶᠠᠫᠣᠨ ᠤ᠋ ᠬᠣᠷᠰᠢᠭᠰᠠᠨ ᠡᠮᠨᠡᠯᠭᠡ ᠳ᠋ᠦ᠍ ᠣᠴᠢᠵᠠᠢ᠃ ᠲᠤᠬᠠᠢ ᠶ᠋ᠢᠨ ᠦᠶ᠎ᠡ ᠳ᠋ᠦ᠍ ᠡᠨᠡᠬᠦ ᠡᠮᠨᠡᠯᠭᠡ ᠪᠠᠢᠭᠤᠯᠤᠭᠳᠠᠭᠠᠳ ᠤᠳᠠᠭ᠎ᠠ ᠦᠭᠡᠢ ᠪᠠᠢᠵᠤ᠂ ᠪᠦᠬᠦ ᠤᠯᠤᠰ ᠲᠤ᠌ ᠨᠡᠯᠢᠶᠡᠳ ᠣᠳᠣᠬᠢᠴᠢᠯᠠᠭᠰᠠᠨ ᠲᠣᠨᠣᠭ ᠲᠥᠬᠥᠭᠡᠷᠦᠮᠵᠢ ᠲᠡᠢ᠂ ᠨᠥᠬᠥᠴᠡᠯ ᠢ᠋ᠶ᠋ᠡᠷ ᠰᠠᠢᠨ ᠳ᠋ᠤ᠌ ᠲᠣᠭᠠᠴᠠᠭᠳᠠᠬᠤ ᠡᠮᠨᠡᠯᠭᠡ ᠶ᠋ᠢᠨ ᠨᠢᠭᠡᠨ ᠪᠠᠢᠭᠰᠠᠨ᠃ ᠡᠨᠳᠡ ᠭᠠᠳᠠᠭᠠᠳᠤ ᠭᠦᠷᠦᠨ ᠦ᠌ ᠬᠥᠮᠦᠰ ᠭᠣᠣᠯᠲᠠᠢ ᠰᠠᠭᠤᠳᠠᠭ᠃ ᠥᠨᠳᠥᠷ ᠴᠠᠯᠢᠩ ᠲᠠᠢ ᠪᠤᠶᠤ ᠪᠠᠶᠠᠨ ᠬᠥᠮᠦᠰ ᠯᠡ ᠡᠨᠡ ᠡᠮᠨᠡᠯᠭᠡ ᠳ᠋ᠦ᠍ ᠢᠷᠡᠬᠦ ᠡᠴᠡ ᠪᠤᠰᠤ᠂ ᠡᠭᠡᠯ ᠬᠥᠮᠦᠨ ᠪᠣᠯ ᠮᠥᠩᠭᠥ ᠵᠠᠷᠤᠳᠠᠯ ᠢ᠋ ᠨᠢ ᠬᠦᠴᠦᠷᠡᠬᠦ ᠶᠦᠮ ᠪᠢᠰᠢ᠃ ᠥᠨᠳᠥᠷ ᠥᠷᠲᠡᠭ ᠦ᠋ᠨ ᠡᠮᠨᠡᠯᠭᠡ ᠪᠠᠢᠭᠰᠠᠨ ᠴᠤ᠌ ᠡᠪᠡᠳᠴᠢᠲᠡᠨ ᠦ᠌ ᠣᠷᠣ ᠨᠢ ᠬᠡᠵᠢᠶ᠎ᠡ ᠪᠡᠯᠡᠨ ᠪᠠᠢᠳᠠᠭ ᠪᠠᠢᠯ᠎ᠠ᠃ 
       ᠪᠠᠢᠳᠠᠯ ᠢ᠋ ᠮᠡᠳᠡᠭᠡᠳ ᠰᠠᠢᠰᠢᠶᠠᠯᠲᠤ ᠡᠨᠳᠡ ᠣᠷᠣᠬᠤ ᠳᠤᠷ᠎ᠠ ᠦᠭᠡᠢ᠃《ᠨᠢᠭᠡ ᠰᠠᠢᠬᠠᠨ ᠰᠤᠷᠭᠠᠭᠤᠯᠢ ᠪᠠᠢᠭᠤᠯᠴᠢᠬᠠᠵᠤ ᠳᠡᠢᠯᠬᠦ ᠲᠡᠢᠮᠦ ᠶᠡᠬᠡ ᠮᠥᠩᠭᠥ ᠶ᠋ᠢ ᠪᠢ ᠶᠠᠮᠠᠷ ᠰᠡᠳᠬᠢᠯ ᠢ᠋ᠶ᠋ᠡᠷ ᠵᠠᠷᠤᠵᠤ ᠡᠨᠳᠡ ᠬᠡᠪᠲᠡᠬᠦ ᠪᠢᠯᠡ᠃ ᠪᠣᠯᠢᠶ᠎ᠠ᠂ ᠭᠡᠷ ᠲᠡᠭᠡᠨ ᠬᠠᠷᠢᠶ᠎ᠠ᠂ ᠦᠬᠦᠪᠡᠯ ᠦᠬᠦᠭ ᠴᠠᠰᠢ ᠪᠠᠨ᠂ ᠮᠢᠨᠦ ᠡᠨᠡ ᠮᠠᠭᠤ ᠠᠮᠢ ᠶᠠᠭᠤ ᠯᠠ ᠭᠡᠵᠦ ᠳᠡ》 ᠭᠡᠵᠦ ᠵᠥᠷᠢᠭᠦᠳᠯᠡᠪᠡ᠃  
       ᠭᠠᠪᠢᠷ᠎ᠠ ᠵᠣᠪᠠᠭᠰᠠᠭᠠᠷ ᠪᠠᠢᠵᠤ ᠨᠣᠢᠷ ᠬᠣᠭᠣᠯᠠᠨ ᠠ᠋ᠴᠠ ᠪᠠᠨ ᠴᠤ᠌ ᠭᠠᠷᠴᠤ᠂ ᠬᠤᠵᠢᠢᠵᠤ ᠰᠢᠪᠬᠠᠢᠭᠠᠳ ᠬᠡᠳᠦᠬᠡᠨ ᠡᠳᠦᠷ ᠳᠣᠲᠣᠷ᠎ᠠ ᠦᠯᠢᠶᠡᠬᠦ ᠳ᠋ᠦ᠍ ᠤᠨᠠᠮᠠᠷ ᠡᠴᠡᠵᠦ ᠲᠤᠷᠠᠵᠠᠢ᠃  ᠰᠢᠦᠢ ᠪᠠᠭᠰᠢ ᠶᠠᠭᠠᠬᠢᠬᠤ ᠪᠠᠨ ᠣᠯᠬᠤ ᠦᠭᠡᠢ ᠰᠤᠷᠭᠠᠨ ᠬᠥᠮᠦᠵᠢᠯ ᠦ᠋ᠨ ᠲᠣᠪᠴᠢᠶᠠᠨ ᠳ᠋ᠤ᠌ ᠤᠲᠠᠰᠤᠳᠠᠵᠤ ᠪᠠᠢᠳᠠᠯ ᠢ᠋ ᠮᠡᠳᠡᠭᠳᠡᠪᠡ᠃ ᠲᠣᠪᠴᠢᠶᠠᠨ ᠳᠠᠷᠤᠭ᠎ᠠ ᠴᠢᠯᠠᠭᠤᠨ 
       — ᠮᠥᠩᠭᠥ ᠵᠠᠷᠤᠳᠠᠯ ᠢ᠋ ᠬᠠᠮᠢᠶᠠᠷᠬᠤ ᠬᠡᠷᠡᠭ ᠦᠭᠡᠢ᠂ ᠬᠥᠮᠦᠨ ᠢ᠋ᠶ᠋ᠡᠨ ᠠᠪᠤᠷᠠᠬᠤ ᠶ᠋ᠢ ᠪᠣᠳᠣᠵᠤ ᠲᠦᠷᠭᠡᠯᠡᠵᠦ ᠦᠵᠡ᠃ ᠡᠳᠦᠢ ᠪᠣᠯᠲᠠᠯ᠎ᠠ ᠡᠮᠨᠡᠯᠭᠡ ᠳ᠋ᠦ᠍ ᠣᠷᠣᠭᠤᠯᠵᠤ ᠴᠢᠳᠠᠭ᠎ᠠ ᠦᠭᠡᠢ ᠭᠡᠳᠡᠭ ᠴᠢᠨᠢ ᠶᠠᠭᠤ ᠭᠡᠰᠡᠨ ᠦᠭᠡ ᠪᠣᠢ! ᠴᠢᠮ᠎ᠠ ᠶ᠋ᠢ ᠶᠠᠭᠤ ᠭᠡᠵᠦ ᠲᠡᠳᠡᠨ ᠲᠡᠢ ᠶᠠᠪᠤᠭᠤᠯᠤᠭᠰᠠᠨ ᠪᠢᠯᠡ? ᠭᠡᠵᠦ ᠭᠡᠳᠡᠷᠭᠦ ᠪᠡᠨ ᠰᠢᠦᠢ ᠪᠠᠭᠰᠢ ᠶ᠋ᠢ ᠵᠢᠮᠡᠯᠡᠵᠡᠢ᠃  
       ᠲᠡᠭᠡᠭᠡᠳ ᠳᠤᠮᠳᠠᠳᠤ ᠶᠠᠫᠣᠨ ᠤ᠋ ᠬᠣᠷᠰᠢᠭᠰᠠᠨ ᠡᠮᠨᠡᠯᠭᠡ ᠶ᠋ᠢᠨ ᠬᠣᠷᠢᠶ᠎ᠠ ᠳ᠋ᠤ᠌ ᠣᠷᠣᠯ᠎ᠠ᠃ ᠡᠮᠨᠡᠯᠭᠡ ᠳ᠋ᠦ᠍ ᠣᠷᠣᠭᠰᠠᠨ ᠤ᠋ ᠳᠠᠷᠠᠭ᠎ᠠ ᠡᠪᠡᠳᠴᠢᠨ ᠳ᠋ᠦ᠍ᠨᠢ ᠲᠣᠬᠢᠷᠠᠭᠤᠯᠤᠨ ᠵᠡᠭᠦᠦ ᠲᠠᠷᠢᠯᠭ᠎ᠠ᠂ ᠰᠤᠳᠠᠯ ᠤ᠋ᠨ ᠰᠢᠩᠭᠡᠨ ᠶᠡᠭᠦᠯᠡᠭᠰᠡᠨ ᠡᠴᠡ ᠰᠠᠢᠰᠢᠶᠠᠯᠳᠤ ᠶ᠋ᠢᠨ ᠤᠤᠯ ᠤ᠋ᠨ ᠬᠢᠨᠢ ᠵᠠᠯᠠᠭᠤ ᠴᠢᠭᠢᠷᠠᠭ ᠪᠡᠶ᠎ᠡ ᠶ᠋ᠢᠨ ᠡᠰᠡᠷᠭᠦᠴᠡᠬᠦ ᠴᠢᠳᠠᠪᠤᠷᠢ ᠳᠡᠭᠡᠭᠰᠢᠯᠡᠭᠰᠡᠨ ᠡᠴᠡ ᠭᠡᠳᠡᠰᠦ ᠨᠢ ᠠᠷᠤ ᠨᠢᠷᠤᠭᠤ ᠲᠠᠢ ᠪᠠᠨ ᠨᠠᠭᠠᠯᠳᠤᠮᠠᠷ ᠪᠠᠢᠭᠰᠠᠨ ᠪᠠᠢᠳᠠᠯ ᠲᠤᠩ ᠲᠦᠷᠭᠡᠨ ᠡᠷᠭᠢᠯᠲᠡ ᠭᠠᠷᠴᠤ᠂ ᠰᠢᠩᠭᠡᠨ ᠬᠥᠩᠭᠡᠨ ᠬᠣᠭᠣᠯᠠ ᠶ᠋ᠢ ᠴᠦ᠍ ᠢᠳᠡᠬᠦ ᠪᠣᠯᠤᠭᠰᠠᠨ ᠠ᠋ᠴᠠ ᠶᠡᠬᠡ ᠬᠤᠷᠳᠤᠨ ᠲᠡᠩᠬᠡᠷᠡᠨ ᠰᠠᠢᠵᠢᠷᠠᠵᠤ ᠪᠠᠢᠯ᠎ᠠ᠃ 
       ᠴᠡᠭᠡᠵᠢᠨ ᠰᠠᠯᠠᠭᠠᠨ ᠤ᠋ ᠵᠣᠣ ᠣᠪᠣᠭ ᠲᠠᠢ ᠡᠷᠬᠢᠯᠡᠭᠴᠢ ᠡᠮᠴᠢ ᠶ᠋ᠢ ᠭᠠᠷᠭᠠᠪᠠᠯ᠂ ᠶᠠᠫᠣᠨ ᠳ᠋ᠤ᠌ ᠰᠤᠷᠤᠯᠴᠠᠵᠤ ᠲᠡᠨᠳᠡ ᠣᠯᠠᠨ ᠵᠢᠯ ᠠᠵᠢᠯᠯᠠᠭᠰᠠᠨ ᠱᠢ ᠣᠪᠣᠭ ᠲᠠᠢ ᠨᠢᠭᠡᠨ ᠨᠡᠷᠡᠲᠦ ᠫᠷᠣᠹᠧᠰᠰᠣᠷ ᠪᠠᠢᠵᠠᠢ᠃ ᠲᠤᠬᠠᠢ ᠶ᠋ᠢᠨ ᠦᠶ᠎ᠡ ᠳ᠋ᠦ᠍ ᠶᠡᠬᠡ ᠨᠡᠷ᠎ᠡ ᠠᠯᠳᠠᠷ ᠲᠠᠢ ᠮᠡᠷᠭᠡᠵᠢᠯ ᠥᠨᠳᠥᠷ ᠡᠮᠴᠢ ᠪᠠᠢᠭᠰᠠᠨ ᠶᠤᠮ᠃ ᠲᠡᠷᠡ ᠭᠠᠷᠠᠭ ᠲᠤ᠌ ᠬᠣᠶᠠᠷᠬᠠᠨ ᠤᠳᠠᠭ᠎ᠠ ᠡᠭᠦᠳᠡᠨ ᠡᠮᠨᠡᠯᠭᠡ ᠳ᠋ᠦ᠍ ᠡᠪᠡᠳᠴᠢᠨ ᠦᠵᠡᠳᠡᠭ ᠪᠥᠭᠡᠳ ᠬᠠᠭᠠᠰ ᠰᠠᠷ᠎ᠠ ᠳ᠋ᠤ᠌ ᠭᠠᠭᠴᠠ ᠤᠳᠠᠭ᠎ᠠ ᠯᠠ ᠥᠪᠡᠷ ᠦ᠋ᠨ ᠪᠡᠶ᠎ᠡ ᠪᠡᠷ ᠢ᠋ᠶ᠋ᠡᠨ ᠭᠠᠷᠳᠠᠨ ᠮᠡᠰᠡ ᠵᠠᠰᠠᠯ ᠬᠢᠳᠡᠭ ᠪᠠᠢᠯ᠎ᠠ᠃  ᠭᠠᠪᠢᠷ᠎ᠠ᠂ ᠱᠢ ᠫᠷᠣᠹᠧᠰᠰᠣᠷ ᠤ᠋ᠨ ᠳ᠋ᠤᠭᠠᠷ ᠢ᠋ ᠣᠯᠬᠤ ᠭᠡᠵᠦ ᠲᠠᠪᠤᠨ ᠰᠥᠨᠢ ᠳᠠᠷᠠᠭᠠᠯᠠᠨ ᠵᠣᠭᠰᠣᠵᠤ ᠪᠠᠢᠵᠤ ᠳᠥᠩᠭᠡᠵᠦ ᠣᠯᠤᠯ᠎ᠠ᠃  ᠱᠢ ᠫᠷᠣᠹᠧᠰᠰᠣᠷ ᠨᠡᠭᠡᠷᠡᠨ ᠴᠦ᠍ ᠬᠣᠭᠣᠰᠣᠨ ᠨᠡᠷ᠎ᠡ ᠭᠠᠷᠤᠭᠰᠠᠨ ᠦᠭᠡᠢ᠃ ᠡᠪᠡᠳᠴᠢᠨ ᠣᠨᠣᠰᠢᠯᠠᠬᠤ ᠮᠡᠷᠭᠡᠵᠢᠯ᠂ ᠪᠤᠰᠤᠳ ᠲᠠᠢ ᠬᠠᠷᠢᠯᠴᠠᠬᠤ ᠣᠪᠣᠷ ᠪᠠᠢᠳᠠᠯ᠂ ᠦᠭᠡ ᠶᠠᠷᠢᠶ᠎ᠠ ᠠ᠋ᠴᠠ ᠡᠬᠢᠯᠡᠨ ᠠᠰᠤᠷᠤ ᠥᠨᠳᠥᠷ ᠪᠣᠯᠪᠠᠰᠤᠷᠠᠯ ᠲᠠᠢ ᠬᠥᠮᠦᠨ ᠭᠡᠳᠡᠭ ᠢ᠋ ᠦᠵᠡᠵᠦ ᠭᠠᠷᠤᠨ᠎ᠠ᠃ ᠱᠢ ᠫᠷᠣᠹᠧᠰᠰᠣᠷ ᠭᠠᠪᠢᠷ᠎ᠠ ᠳ᠋ᠤ᠌ 
       — ᠲᠠᠨ ᠤ᠋ ᠨᠥᠬᠥᠷ ᠦ᠋ᠨ ᠡᠪᠡᠳᠴᠢᠨ ᠪᠣᠯ A ᠬᠡᠯᠪᠡᠷᠢ ᠶ᠋ᠢᠨ ᠬᠣᠣᠷᠲᠤ ᠬᠠᠪᠤᠳᠠᠷ᠂ ᠨᠢᠭᠡᠨᠲᠡ ᠰᠡᠭᠦᠯᠴᠢ ᠶ᠋ᠢᠨ ᠬᠤᠭᠤᠴᠠᠭᠠᠨ ᠳ᠋ᠤ᠌ ᠣᠷᠣᠵᠠᠢ᠃ ᠭᠡᠪᠡᠴᠦ ᠨᠠᠰᠤ ᠵᠠᠯᠠᠭᠤ᠂ ᠪᠤᠰᠤᠳ ᠡᠪᠡᠳᠴᠢᠨ ᠭᠡᠮ ᠦᠭᠡᠢ ᠪᠣᠯᠬᠣᠷ ᠮᠡᠰᠡ ᠵᠠᠰᠠᠯ ᠬᠢᠭᠰᠡᠨ ᠴᠦ᠍ ᠪᠣᠯᠤᠨ᠎ᠠ᠃ ᠬᠡᠷᠪᠡ ᠮᠡᠰᠡ ᠵᠠᠰᠠᠯ ᠠᠮᠵᠢᠯᠲᠠ ᠣᠯᠬᠤ ᠳ᠋ᠤ᠌ ᠬᠦᠷᠪᠡᠯ ᠬᠣᠶᠠᠷ ᠠ᠋ᠴᠠ ᠭᠤᠷᠪᠠᠨ ᠰᠠᠷ᠎ᠠ ᠠᠮᠢᠳᠤᠷᠠᠵᠤ ᠳᠡᠢᠯᠬᠦ ᠪᠣᠯᠤᠯᠴᠠᠭ᠎ᠠ ᠲᠠᠢ᠃ ᠮᠡᠰᠡ ᠵᠠᠰᠠᠯ ᠢᠯᠠᠭᠳᠠᠪᠠᠯ ᠮᠡᠰᠡ ᠵᠠᠰᠠᠯ ᠤ᠋ᠨ ᠲᠠᠢᠰᠠᠨ ᠠ᠋ᠴᠠ ᠪᠠᠭᠤᠵᠤ ᠳᠡᠢᠯᠬᠦ ᠦᠭᠡᠢ ᠴᠦ᠍ ᠮᠠᠭᠠᠳ᠃ ᠬᠣᠣᠷᠲᠤ ᠬᠠᠪᠤᠳᠠᠷ ᠤᠯᠠᠭᠠᠨ ᠬᠣᠭᠣᠯᠠᠢ ᠶ᠋ᠢᠨ ᠳᠡᠭᠡᠳᠦ ᠳᠤᠮᠳᠠ ᠬᠡᠰᠡᠭ ᠲᠦ᠍ ᠪᠠᠢᠵᠤ᠂ 15 ᠰᠡᠨᠲ᠋ᠢᠮᠧᠲᠷ ᠤᠷᠲᠤ᠂ ᠮᠡᠰᠡ ᠵᠠᠰᠠᠯ ᠳ᠋ᠤ᠌ ᠤᠯᠠᠭᠠᠨ ᠬᠣᠭᠣᠯᠠᠢ ᠠ᠋ᠴᠠ16 ᠰᠡᠨᠲ᠋ᠢᠮᠧᠲᠷ ᠣᠭᠲᠣᠯᠤᠨ ᠠᠪᠴᠤ᠂ ᠬᠣᠳᠣᠭᠣᠳᠣᠨ ᠤ᠋ ᠭᠤᠷᠪᠠᠨ ᠤ᠋ ᠬᠣᠶᠠᠷ ᠢ᠋ ᠴᠡᠭᠡᠵᠢᠨ ᠦ᠌ ᠬᠥᠨᠳᠡᠢ ᠳ᠋ᠦ᠍ ᠣᠷᠣᠭᠤᠯᠤᠨ ᠵᠠᠯᠭᠠᠬᠤ ᠪᠣᠯᠤᠨ᠎ᠠ᠃ ᠠᠭᠤᠰᠬᠢ ᠵᠢᠷᠦᠬᠡᠨ ᠦ᠌ ᠲᠣᠮᠣ ᠰᠤᠳᠠᠯ ᠲᠠᠢ ᠣᠢᠷ᠎ᠠ ᠪᠣᠯᠬᠣᠷ ᠠᠶᠤᠯ ᠲᠦᠭᠰᠢᠭᠦᠷᠢ ᠶᠡᠬᠡ᠃ ᠮᠡᠰᠡ ᠵᠠᠰᠠᠯ ᠠᠮᠵᠢᠯᠲᠠ ᠣᠯᠬᠤ ᠪᠣᠯᠤᠮᠵᠢ ᠲᠤᠩ ᠪᠠᠭ᠎ᠠ᠃ ᠬᠡᠷᠪᠡ ᠮᠡᠰᠡ ᠵᠠᠰᠠᠯ ᠬᠢᠯᠭᠡᠶ᠎ᠡ ᠭᠡᠪᠡᠯ ᠢᠷᠡᠬᠦ ᠭᠠᠷᠠᠭ ᠲᠤ᠌ ᠮᠢᠨᠦ ᠡᠭᠡᠯᠵᠢᠨ ᠳ᠋ᠦ᠍ ᠲᠣᠬᠢᠶᠠᠪᠠᠯ ᠵᠦᠭᠡᠷ ᠶᠤᠮᠰᠠᠨ᠃ ᠳ᠋ᠤᠭᠠᠷ ᠣᠯᠬᠤ ᠳ᠋ᠤ᠌ ᠶᠡᠬᠡ ᠬᠦᠴᠢᠷ ᠪᠠᠢᠳᠠᠭ ᠶᠤᠮ ᠭᠡᠯ᠎ᠡ᠃ 
       ᠭᠠᠪᠢᠷ᠎ᠠ ᠳ᠋ᠤ᠌᠂ ᠡᠮᠴᠢ ᠶ᠋ᠢᠨ ᠬᠢᠭᠰᠡᠨ ᠡᠨᠡᠬᠦ ᠣᠨᠣᠰᠢᠯᠠᠯᠲᠠ ᠦᠨᠡᠬᠡᠷ ᠡᠯᠢᠭᠡ ᠵᠢᠷᠦᠬᠡ ᠶ᠋ᠢ ᠨᠢ ᠤᠷᠢᠵᠤ ᠲᠠᠰᠤᠴᠢᠵᠤ ᠪᠠᠢᠭ᠎ᠠ ᠶᠤᠮ ᠰᠢᠭ᠋ ᠰᠢᠨᠠᠯᠭᠠᠵᠤ᠂ ᠨᠢᠯᠪᠤᠰᠤ ᠪᠥᠮᠪᠥᠷᠢᠭᠦᠯᠦᠨ ᠪᠠᠢᠵᠤ᠂ 
       — ᠮᠢᠩᠭᠠᠨ ᠤ᠋ ᠨᠢᠭᠡ ᠶ᠋ᠢᠨ ᠡᠷᠡᠮᠡᠯᠵᠡᠯ ᠲᠠᠢ ᠯᠠ ᠪᠣᠯ ᠪᠢ ᠵᠠᠪᠠᠯ ᠲᠤᠷᠰᠢᠵᠤ ᠦᠵᠡᠨ᠎ᠡ᠃ ᠬᠠᠷᠠᠵᠤ ᠪᠠᠢᠭᠠᠳ ᠥᠯᠪᠡᠷᠦᠭᠦᠯᠵᠦ ᠦᠬᠦᠭᠦᠯᠦᠭᠰᠡᠨ ᠡᠴᠡ ᠶᠠᠭᠠᠬᠢᠪᠠᠴᠤ ᠳᠡᠭᠡᠷ᠎ᠡ ᠪᠠᠢᠯᠭᠦᠢ ᠭᠡᠵᠦ ᠴᠥᠬᠦᠷᠡᠩᠭᠦᠢ ᠮᠥᠷᠲᠡᠭᠡᠨ ᠡᠷᠡᠰ ᠰᠢᠭᠤᠷᠬᠠᠢ ᠬᠠᠷᠢᠭᠤᠯᠤᠨ᠎ᠠ᠃ ᠱᠢ ᠫᠷᠣᠹᠧᠰᠰᠣᠷ 
       — ᠲᠡᠭᠡᠪᠡᠯ ᠮᠡᠰᠡ ᠵᠠᠰᠠᠯ ᠢ᠋ ᠳᠠᠷᠠᠭ᠎ᠠ ᠭᠠᠷᠠᠭ ᠲᠤ᠌ ᠲᠣᠬᠢᠷᠠᠭᠤᠯᠤᠶ᠎ᠠ᠃ ᠬᠡᠷᠪᠡ ᠴᠢ ᠮᠢᠨᠦ ᠳ᠋ᠤᠭᠠᠷ ᠢ᠋ ᠣᠯᠵᠤ ᠳᠡᠢᠯᠬᠦ ᠳ᠋ᠦ᠍ ᠬᠦᠷᠪᠡᠯ᠂ ᠮᠡᠰᠡ ᠵᠠᠰᠠᠯ ᠢ᠋ ᠪᠢ ᠥᠪᠡᠷ ᠢ᠋ᠶ᠋ᠡᠨ ᠭᠠᠷᠳᠠᠵᠤ ᠬᠢᠨ᠎ᠡ ᠭᠡᠪᠡ᠃  ᠲᠡᠭᠡᠭᠡᠳ ᠡᠨᠡᠬᠦ ᠡᠷᠡᠰ ᠬᠠᠳᠠᠨ ᠵᠣᠷᠢᠭ ᠲᠠᠢ ᠵᠠᠯᠠᠭᠤ ᠪᠦᠰᠡᠭᠦᠢ ᠶ᠋ᠢ ᠪᠢᠰᠢᠷᠡᠩᠭᠦᠢ ᠮᠥᠷᠲᠡᠭᠡᠨ ᠬᠠᠷᠠᠮᠰᠠᠩᠭᠤᠢ ᠬᠠᠷᠠᠴᠠ ᠪᠠᠷ ᠰᠢᠷᠲᠡᠵᠦ《ᠢᠷᠡᠬᠦ ᠭᠠᠷᠠᠭ ᠠᠭᠤᠯᠵᠠᠶ᠎ᠠ》 ᠭᠡᠯ᠎ᠡ᠃  
       ᠭᠠᠪᠢᠷ᠎ᠠ ᠰᠢᠦᠢ ᠪᠠᠭᠰᠢ ᠬᠣᠶᠠᠷ ᠡᠮᠦᠨ᠎ᠡ ᠡᠳᠦᠷ ᠦ᠋ᠨ ᠬᠢᠨᠢ ᠦᠳᠡ ᠶ᠋ᠢᠨ ᠬᠣᠢᠨ᠎ᠠ ᠠ᠋ᠴᠠ ᠡᠬᠢᠯᠡᠨ ᠳ᠋ᠤᠭᠠᠷ ᠬᠤᠳᠠᠯᠳᠤᠬᠤ ᠴᠣᠩᠬᠣᠨ ᠤ᠋ ᠳᠡᠷᠭᠡᠳᠡ ᠡᠭᠡᠯᠵᠢᠯᠡᠨ ᠵᠣᠭᠰᠣᠵᠤ᠂ ᠣᠷᠣᠢ ᠶ᠋ᠢᠨ ᠠᠷᠪᠠᠨ ᠴᠠᠭ ᠠ᠋ᠴᠠ ᠭᠠᠪᠢᠷ᠎ᠠ ᠦᠯᠡᠳᠡᠬᠦ ᠪᠡᠷ ᠪᠣᠯᠪᠠ᠃ ᠰᠥᠨᠢᠵᠢᠨ ᠡᠨᠳᠡ ᠰᠠᠬᠢᠨ ᠵᠣᠭᠰᠣᠮᠠᠨᠵᠢᠨ ᠰᠠᠶᠢ ᠱᠢ ᠫᠷᠣᠹᠧᠰᠰᠣᠷ ᠤ᠋ᠨ ᠭᠠᠷᠠᠭ ᠲᠤ᠌ ᠭᠠᠭᠴᠠ ᠤᠳᠠᠭ᠎ᠠ ᠮᠡᠰᠡ ᠵᠠᠰᠠᠯ ᠳ᠋ᠤ᠌ ᠣᠷᠣᠯᠴᠠᠳᠠᠭ ᠳ᠋ᠤᠭᠠᠷ ᠢ᠋ ᠣᠯᠵᠤ ᠴᠢᠳᠠᠨ᠎ᠠ᠃ ᠪᠦᠭᠦᠳᠡ ᠲᠠᠪᠤᠨ ᠳ᠋ᠤᠭᠠᠷ ᠬᠤᠳᠠᠯᠳᠤᠳᠠᠭ ᠪᠠᠢᠯ᠎ᠠ᠃ ᠨᠥᠬᠥᠷ ᠢ᠋ᠶ᠋ᠡᠨ ᠢᠯᠡᠭᠦᠦ ᠬᠡᠳᠦᠨ ᠡᠳᠦᠷ ᠠᠮᠢᠳᠤᠷᠠᠭᠤᠯᠵᠤ ᠴᠢᠳᠠᠬᠤ ᠡᠰᠡᠬᠦ᠂ ᠮᠢᠩᠭᠠᠨ ᠤ᠋ ᠨᠢᠭᠡ ᠶ᠋ᠢᠨ ᠡᠷᠡᠮᠡᠯᠵᠡᠯ ᠪᠦᠲᠦᠬᠦ ᠡᠰᠡᠬᠦ ᠡᠨᠡ ᠤᠳᠠᠭ᠎ᠠ ᠳ᠋ᠤ᠌ ᠯᠠ ᠪᠣᠢ᠃  ᠲᠡᠷᠡ ᠬᠡᠳᠦᠨ ᠰᠣᠨᠢᠨ ᠳᠠᠪᠬᠤᠷᠯᠠᠨ ᠳᠡᠪᠢᠰᠦᠭᠡᠳ᠂ ᠴᠣᠩᠬᠣᠨ ᠤ᠋ ᠳᠣᠣᠷᠠᠬᠢ ᠬᠡᠷᠡᠮ ᠢ᠋ ᠲᠦᠰᠢᠨ ᠰᠠᠭᠤᠨ᠎ᠠ᠃ ᠣᠯᠠᠨ ᠬᠣᠨᠣᠭ ᠰᠡᠳᠬᠢᠯ ᠢ᠋ᠶ᠋ᠡᠷ ᠰᠢᠨᠠᠯᠵᠤ ᠶᠠᠪᠤᠭᠰᠠᠨ ᠠ᠋ᠴᠠ ᠴᠢᠷᠠᠢ ᠨᠢ ᠬᠤᠵᠢᠢᠨ ᠰᠢᠷᠠᠯᠠᠵᠤ᠂ ᠤᠷᠤᠭᠤᠯ ᠨᠢ ᠣᠮᠣᠭᠣᠯᠲᠤᠨ ᠬᠠᠲᠠᠵᠤ᠂ ᠬᠤᠷᠴᠠ ᠰᠡᠷᠭᠦᠯᠡᠩ ᠭᠡᠷᠡᠯ ᠭᠢᠯᠠᠯᠵᠠᠵᠤ ᠪᠠᠢᠳᠠᠭ ᠪᠣᠷᠣ ᠨᠢᠳᠦᠨ ᠳ᠋ᠦ᠍ᠨᠢ ᠭᠤᠨᠢᠭ ᠪᠣᠳᠣᠯᠭᠠᠰᠢᠷᠠᠯ ᠤ᠋ᠨ ᠮᠠᠨᠠᠨ ᠲᠠᠲᠠᠨ᠎ᠠ᠃  ᠬᠦᠯᠢᠶᠡᠬᠦ ᠳ᠋ᠦ᠍ ᠴᠠᠭ ᠳᠠᠩᠴᠤ ᠥᠩᠭᠡᠷᠡᠵᠦ ᠥᠭᠬᠦ ᠦᠭᠡᠢ ᠪᠠᠴᠢᠮᠳᠠᠭᠤᠯᠤᠨ᠎ᠠ᠃ ᠥᠷᠯᠥᠭᠡᠨ ᠦ᠌ ᠨᠠᠢ᠍ᠮᠠᠨ ᠴᠠᠭ ᠬᠠᠭᠠᠰ ᠪᠣᠯᠲᠠᠯ᠎ᠠ ᠪᠠᠰᠠ ᠵᠢᠷᠭᠤᠭᠠᠨ ᠴᠠᠭ ᠭᠠᠷᠤᠢ ᠶ᠋ᠢᠨ ᠵᠠᠢ ᠲᠠᠢ᠃ ᠭᠡᠪᠡᠴᠦ ᠲᠡᠷᠡ ᠨᠡᠯᠢᠶᠡᠳ ᠰᠡᠳᠬᠢᠯ ᠲᠠᠯᠪᠢᠭᠤᠨ ᠪᠠᠢᠯ᠎ᠠ᠃ ᠲᠡᠷᠡ ᠬᠠᠮᠤᠭ ᠲᠡᠷᠢᠭᠦᠨ ᠳ᠋ᠦ᠍ ᠵᠣᠭᠰᠣᠵᠤ ᠪᠠᠢᠭ᠎ᠠ ᠪᠣᠯᠬᠣᠷ ᠭᠠᠷᠠᠭ ᠲᠤ᠌ ᠭᠠᠭᠴᠠ ᠣᠯᠳᠠᠳᠠᠭ ᠡᠨᠡᠬᠦ ᠨᠠᠨᠳᠢᠨ ᠳ᠋ᠤᠭᠠᠷ ᠣᠳᠣ ᠭᠠᠷᠴᠠᠭ᠎ᠠ ᠦᠭᠡᠢ ᠲᠡᠭᠦᠨ ᠦ᠌ ᠬᠢ ᠪᠣᠯᠤᠭᠰᠠᠨ ᠭᠡᠳᠡᠭ ᠲᠦ᠍ ᠡᠷᠡᠭᠡᠯᠵᠡᠬᠦ ᠬᠡᠷᠡᠭ ᠦᠭᠡᠢ ᠶᠦᠮ᠃  ᠶᠠᠭᠤ ᠴᠤ᠌ ᠭᠡᠰᠡᠨ ᠴᠠᠭ ᠪᠣᠯᠵᠤ ᠳ᠋ᠤᠭᠠᠷ ᠬᠤᠳᠠᠯᠳᠤᠭᠴᠢ ᠣᠷᠣᠵᠤ ᠢᠷᠡᠯ᠎ᠡ᠃《ᠭᠠᠳᠠᠷ ᠰᠠᠯᠠᠭᠠᠨ ᠤ᠋ ᠱᠢ ᠫᠷᠣᠹᠧᠰᠰᠣᠷ ᠤ᠋ᠨ ᠳ᠋ᠤᠭᠠᠷ ᠢ᠋ ᠠᠪᠤᠶ᠎ᠠ》 ᠭᠡᠳ ᠮᠥᠩᠭᠥ ᠠᠳᠬᠤᠭᠰᠠᠨ ᠭᠠᠷ ᠢ᠋ᠶ᠋ᠠᠨ ᠴᠡᠴᠡᠷᠡᠭᠦᠯᠦᠨ ᠰᠤᠩᠭᠠᠪᠠ᠃ ᠨᠥᠭᠦᠭᠡ  ᠳ᠋ᠤᠭᠠᠷ ᠶᠠᠭᠤ ᠴᠤ᠌ ᠭᠡᠰᠡᠨ ᠲᠡᠭᠦᠨ ᠦ᠌ ᠠᠳᠬᠤᠨ ᠳ᠋ᠤ᠌ ᠪᠠᠲᠤᠯᠠᠭ᠎ᠠ ᠲᠠᠢ ᠠᠳᠬᠤᠭᠳᠠᠪᠠ᠃  
       ᠳ᠋ᠤᠭᠠᠷᠯᠠᠬᠤ ᠴᠣᠩᠬᠣᠨ ᠤ᠋ ᠳᠡᠷᠭᠡᠳᠡ ᠡᠴᠡ ᠬᠣᠯᠠᠳᠤᠨ ᠨᠥᠭᠦᠭᠡ ᠳ᠋ᠤᠭᠠᠷ ᠢ᠋ᠶ᠋ᠡᠨ ᠳᠠᠬᠢᠨ ᠳᠠᠪᠲᠠᠨ ᠳᠡᠯᠭᠡᠵᠦ ᠦᠵᠡᠨ᠎ᠡ᠃ ᠲᠡᠷᠡ ᠪᠠᠶᠠᠷᠯᠠᠭᠰᠠᠨ ᠳ᠋ᠠᠭᠠᠨ ᠦᠰᠦᠷᠦᠨ ᠳᠡᠭᠳᠡᠵᠦ ᠴᠠᠬᠢᠯᠭᠠᠨ ᠱᠠᠲᠤᠨ ᠳ᠋ᠤ᠌ ᠭᠠᠷᠬᠤ ᠪᠠᠨ ᠴᠤ᠌ ᠮᠠᠷᠲᠠᠵᠤ᠂ ᠠᠷᠪᠠᠨ ᠳᠣᠯᠣᠳᠤᠭᠠᠷ ᠳᠠᠪᠬᠤᠷ ᠤᠷᠤᠭᠤ ᠠᠰᠠᠷ ᠤ᠋ᠨ ᠱᠠᠲᠤ ᠶ᠋ᠢ ᠬᠡᠳᠦ ᠬᠡᠳᠦ ᠪᠡᠷ ᠠᠯᠤᠰᠯᠠᠨ ᠭᠢᠰᠬᠢᠭᠰᠡᠭᠡᠷ ᠭᠦᠶᠦᠵᠦ ᠪᠠᠢᠯ᠎ᠠ᠃  ᠡᠨᠡᠬᠦ ᠲᠤᠩ ᠬᠦᠴᠢᠷᠳᠡᠵᠦ ᠪᠠᠢᠵᠤ ᠣᠯᠤᠭᠰᠠᠨ ᠬᠤᠷᠤᠭᠤ ᠬᠢᠷᠢᠲᠡᠢ ᠨᠠᠨᠳᠢᠨ ᠴᠠᠭᠠᠰᠤ ᠲᠡᠭᠦᠨ ᠳ᠋ᠦ᠍ ᠭᠠᠢᠬᠠᠮᠰᠢᠭ ᠢ᠋ ᠠᠪᠴᠢᠷᠠᠵᠤ ᠴᠤ᠌ ᠮᠡᠳᠡᠨ᠎ᠡ᠃ ᠠᠵᠠ ᠲᠠᠭᠠᠷᠠᠪᠠᠯ ᠬᠠᠢᠷᠠᠲᠤ ᠬᠠᠨᠢ ᠲᠠᠢ ᠪᠠᠨ ᠢᠯᠡᠭᠦᠦ ᠬᠡᠳᠦᠨ ᠡᠳᠦᠷ ᠬᠠᠮᠲᠤ ᠪᠠᠢᠵᠤ ᠴᠢᠳᠠᠨ᠎ᠠ᠃ ᠬᠡᠳᠦᠨ ᠰᠠᠷ᠎ᠠ᠂ ᠬᠡᠳᠦᠨ ᠵᠢᠯ ᠴᠦ᠍ ᠪᠠᠢᠵᠤ ᠪᠣᠯᠬᠤ ᠰᠠᠨ᠃ ᠲᠡᠷᠡ ᠨᠥᠬᠥᠷ ᠦ᠋ᠨ ᠢ᠋ᠶ᠋ᠡᠨ ᠪᠠᠢᠭ᠎ᠠ ᠥᠷᠥᠭᠡᠨ ᠳ᠋ᠦ᠍ ᠢᠨᠢᠶᠡᠳᠦ ᠠᠯᠲᠠᠨ ᠴᠢᠷᠠᠢᠯᠠᠭᠰᠠᠭᠠᠷ ᠠᠮᠢᠰᠬᠤᠯ ᠳᠦᠭᠦᠷᠬᠦ ᠳ᠋ᠡᠭᠡᠨ ᠴᠡᠭᠡᠵᠢ ᠪᠡᠨ ᠭᠦᠳᠦᠯᠵᠡᠭᠦᠯᠦᠨ ᠠᠮᠢᠰᠬᠤᠭᠠᠳᠠᠵᠤ 
       — ᠱᠢ ᠫᠷᠣᠹᠧᠰᠰᠣᠷ ᠤ᠋ᠨ ᠳ᠋ᠤᠭᠠᠷ ᠢ᠋ ᠣᠯᠴᠢᠬᠠᠯ᠎ᠠ᠃ ᠡᠭᠦᠨ ᠢ᠋ ᠬᠠᠷᠠ ᠳᠠ ᠭᠡᠳ ᠨᠥᠭᠦᠭᠡ  ᠳ᠋ᠤᠭᠠᠷ ᠢ᠋ᠶ᠋ᠡᠨ ᠬᠤᠷᠤᠢᠯᠠᠪᠠ᠃  ᠰᠠᠢᠰᠢᠶᠠᠯᠲᠤ ᠭᠡᠷᠭᠡᠢ ᠶ᠋ᠢᠨ ᠢ᠋ᠶ᠋ᠡᠨ ᠵᠣᠪᠬᠢ ᠨᠢ ᠬᠥᠬᠡᠷᠡᠨ ᠬᠣᠩᠬᠣᠢᠭᠰᠠᠨ ᠨᠢᠳᠦ ᠶ᠋ᠢ ᠰᠢᠷᠲᠡᠵᠦ 
       — ᠰᠠᠢᠨ ᠪᠣᠯᠤᠯ᠎ᠠ᠂ ᠣᠳᠣ ᠪᠠᠭᠤᠳᠠᠯ ᠳ᠋ᠠᠭᠠᠨ ᠬᠠᠷᠢᠭᠠᠳ ᠲᠦᠷ ᠴᠦ᠍ ᠭᠡᠰᠡᠨ ᠤᠨᠲᠠᠭᠠᠳ ᠠᠪ᠂ ᠴᠢᠮ᠎ᠠ ᠶ᠋ᠢ ᠪᠡᠨ ᠶᠣᠰᠣᠲᠠᠢ ᠴᠤ᠌ ᠵᠦᠳᠡᠭᠡᠵᠦ ᠭᠦᠢᠴᠡᠯ᠎ᠡ᠃ ᠬᠤᠷᠳᠤᠨ ᠶᠠᠪᠤᠵᠤ ᠤᠨᠲᠠ᠂ ᠡᠨᠳᠡ ᠰᠢᠦᠢ ᠪᠠᠭᠰᠢ ᠪᠠᠢᠭ᠎ᠠ ᠶᠤᠮ ᠴᠢᠨᠢ ᠭᠡᠨ᠎ᠡ᠃  
       ᠭᠤᠷᠪᠠᠳᠠᠬᠢ ᠡᠳᠦᠷ ᠲᠦ᠍ ᠰᠠᠢᠰᠢᠶᠠᠯᠲᠤ ᠶ᠋ᠢ ᠮᠡᠰᠡ ᠵᠠᠰᠠᠯ ᠤ᠋ᠨ ᠲᠠᠰᠤᠭ ᠲᠤ᠌ ᠠᠪᠴᠤ ᠣᠷᠣᠯ᠎ᠠ᠃ ᠬᠦᠷᠳᠦᠲᠦ ᠣᠷᠣᠨ ᠳᠡᠭᠡᠷ᠎ᠡ ᠬᠡᠪᠲᠡᠭᠦᠯᠦᠨ ᠲᠦᠯᠬᠢᠵᠦ ᠶᠠᠪᠤᠬᠤ ᠳ᠋ᠤ᠌ ᠭᠠᠪᠢᠷ᠎ᠠ ᠬᠠᠵᠠᠭᠤ ᠳ᠋ᠤᠨᠢ ᠳᠠᠭᠠᠨ ᠮᠡᠰᠡ ᠵᠠᠰᠠᠯ ᠤ᠋ᠨ ᠲᠠᠰᠤᠭ ᠲᠤ᠌ ᠣᠷᠣᠭᠤᠯᠤᠯ᠎ᠠ᠃  ᠲᠡᠷᠡ ᠰᠠᠶᠢᠬᠠᠨ ᠡᠮᠴᠢ ᠨᠠᠷ ᠤ᠋ᠨ ᠭᠡᠷ ᠲᠦ᠍ ᠴᠡᠴᠡᠷᠬᠢᠯᠡᠭᠰᠡᠨ ᠭᠠᠷ ᠢ᠋ᠶ᠋ᠠᠷ ᠢ᠋ᠶ᠋ᠠᠨ ᠭᠠᠷ ᠤ᠋ᠨ ᠦᠰᠦᠭ ᠵᠢᠷᠤᠪᠠ᠃ 《ᠮᠡᠰᠡ ᠵᠠᠰᠠᠯ ᠠᠮᠵᠢᠯᠲᠠ ᠣᠯᠬᠤ ᠪᠣᠯᠤᠮᠵᠢ ᠲᠤᠩ ᠴᠤ᠌ ᠪᠠᠭ᠎ᠠ᠂ ᠴᠢ ᠦᠵᠡᠯ ᠰᠠᠨᠠᠭᠠᠨ ᠤ᠋ ᠪᠡᠯᠡᠳᠬᠡᠯ ᠲᠡᠢ ᠪᠠᠢᠬᠤ ᠬᠡᠷᠡᠭᠲᠡᠢ》 ᠭᠡᠰᠡᠨ ᠡᠮᠴᠢ ᠶ᠋ᠢᠨ ᠦᠭᠡᠨ ᠳ᠋ᠦ᠍ ᠲᠡᠭᠦᠨ ᠦ᠌ ᠴᠡᠭᠡᠵᠢ ᠬᠠᠷᠠᠩᠭᠤᠢᠯᠠᠨ ᠪᠡᠭᠲᠡᠷᠡᠵᠦ ᠪᠠᠢᠯ᠎ᠠ᠃  ᠲᠡᠷᠡ ᠨᠥᠬᠥᠷ ᠦ᠋ᠨ ᠢ᠋ᠶ᠋ᠡᠨ ᠠᠷᠤ ᠠ᠋ᠴᠠ ᠨᠢᠯᠪᠤᠰᠤ ᠮᠡᠯᠲᠡᠯᠵᠡᠭᠰᠡᠨ ᠨᠢᠳᠦ ᠪᠡᠷ ᠰᠢᠷᠳᠡᠨ ᠠᠮᠢᠳᠤ ᠰᠡᠷᠡᠭᠦᠨ ᠦᠶ᠎ᠡ ᠶ᠋ᠢ ᠨᠢ ᠡᠴᠦᠰ ᠦ᠋ᠨ ᠤᠳᠠᠭ᠎ᠠ ᠬᠠᠷᠠᠵᠤ ᠪᠠᠢᠭ᠎ᠠ ᠮᠠᠨᠢ ᠡᠨᠡ ᠪᠣᠯ ᠤᠤ? ᠭᠡᠵᠦ ᠪᠣᠳᠣᠬᠤ ᠳ᠋ᠤ᠌ ᠳᠠᠭᠤ ᠲᠠᠯᠪᠢᠨ ᠤᠬᠢᠯᠠᠮᠠᠷ ᠰᠠᠨᠠᠭᠳᠠᠪᠠᠴᠤ ᠠᠯᠢ ᠪᠣᠯᠬᠤ ᠪᠠᠷ ᠪᠡᠶ᠎ᠡ ᠪᠡᠨ ᠪᠠᠷᠢᠵᠤ ᠵᠣᠷᠢᠭ ᠢ᠋ᠶ᠋ᠠᠨ ᠴᠢᠩᠭᠠᠯᠠᠨ ᠬᠠᠲᠠᠭᠤᠵᠢᠨ᠎ᠠ᠃  ᠮᠡᠰᠡ ᠵᠠᠰᠠᠯ ᠤ᠋ᠨ ᠥᠷᠥᠭᠡᠨ ᠦ᠌ ᠡᠭᠦᠳᠡ ᠠᠯᠭᠤᠷᠬᠠᠨ ᠬᠠᠭᠠᠭᠳᠠᠵᠤ᠂ ᠤᠳᠠᠯ ᠦᠭᠡᠢ ᠳᠣᠬᠢᠶᠠᠨ ᠳ᠋ᠧᠩ ᠭᠡᠷᠡᠯᠲᠦᠪᠡ᠃  
       ᠭᠠᠪᠢᠷ᠎ᠠ ᠂ ᠰᠢᠦᠢ ᠪᠠᠭᠰᠢ ᠳ᠋ᠤ᠌ ᠡᠮᠴᠢ ᠶ᠋ᠢᠨ ᠰᠠᠶᠢ ᠶ᠋ᠢᠨ ᠬᠡᠯᠡᠭᠰᠡᠨ ᠢ᠋ ᠬᠡᠯᠡᠵᠦ ᠮᠡᠭᠰᠢᠨ ᠤᠬᠢᠯᠠᠪᠠ᠃  ᠰᠢᠦᠢ ᠪᠠᠭᠰᠢ ᠭᠠᠪᠢᠷ᠎ᠠ ᠶ᠋ᠢ ᠲᠠᠢᠳᠬᠤᠷᠠᠭᠤᠯᠤᠨ 
       — ᠰᠠᠨᠠᠭ᠎ᠠ ᠵᠣᠪᠠᠬᠤ ᠬᠡᠷᠡᠭ ᠦᠭᠡᠢ᠂ ᠱᠢ ᠮᠡᠷᠭᠡᠵᠢᠯᠲᠡᠨ ᠪᠣᠯ ᠶᠠᠫᠣᠨ ᠳ᠋ᠤ᠌ ᠠᠨᠠᠭᠠᠬᠤ ᠤᠬᠠᠭᠠᠨ ᠰᠤᠷᠤᠭᠰᠠᠨ ᠥᠨᠳᠥᠷ ᠮᠡᠷᠭᠡᠵᠢᠯ ᠲᠤᠷᠰᠢᠯᠭ᠎ᠠ ᠲᠠᠢ ᠡᠮᠴᠢ ᠶᠦᠮ᠃ ᠶᠡᠷᠦᠨᠢ ᠡᠩ ᠦ᠋ᠨ ᠨᠢᠭᠡ ᠮᠡᠰᠡ ᠵᠠᠰᠠᠯ ᠤ᠋ᠨ ᠡᠮᠦᠨ᠎ᠡ ᠭᠠᠷ ᠤ᠋ᠨ ᠦᠰᠦᠭ ᠵᠢᠷᠤᠬᠤ ᠳ᠋ᠤ᠌ ᠴᠤ᠌ ᠪᠦᠷ ᠲᠡᠭᠡᠵᠦ ᠬᠡᠯᠡᠳᠡᠭ ᠶᠦᠮ ᠭᠡᠨ᠎ᠡ᠃ 
       ᠴᠠᠭ ᠥᠩᠭᠡᠷᠡᠭᠰᠡᠭᠡᠷ᠃ ᠮᠡᠰᠡ ᠵᠠᠰᠠᠯ ᠡᠬᠢᠯᠡᠭᠡᠳ ᠲᠠᠪᠤᠨ ᠴᠠᠭ ᠢᠯᠡᠭᠦᠦ ᠪᠣᠯᠤᠭᠰᠠᠨ ᠪᠣᠯᠪᠠᠴᠤ ᠬᠠᠷᠠᠬᠠᠨ ᠳᠠᠭᠤᠰᠤᠭ᠎ᠠ ᠦᠭᠡᠢ ᠪᠠᠢᠯ᠎ᠠ᠃ ᠴᠠᠭ ᠤᠳᠠᠬᠤ ᠲᠣᠰᠤᠮ ᠭᠠᠪᠢᠷ᠎ᠠ ᠶ᠋ᠢᠨ ᠵᠢᠷᠦᠬᠡ ᠲᠦᠭᠰᠢᠨ᠎ᠡ᠃ ᠲᠡᠷᠡᠬᠦ ᠴᠢᠩᠭ᠎ᠠ ᠬᠠᠭᠠᠭᠳᠠᠭᠰᠠᠨ ᠡᠭᠦᠳᠡ ᠳᠠᠬᠢᠨ ᠨᠡᠭᠡᠭᠡᠭᠳᠡᠬᠦ ᠦᠶ᠎ᠡ ᠳ᠋ᠦ᠍᠂ ᠪᠠᠶᠠᠷ ᠵᠣᠪᠠᠯᠠᠩ ᠤ᠋ᠨ ᠠᠯᠢᠨ ᠨᠢ ᠢᠷᠡᠬᠦ ᠶ᠋ᠢ ᠪᠦᠦ ᠮᠡᠳᠡ᠃ ᠲᠡᠷᠡ ᠨᠡᠭᠡᠭᠡᠭᠳᠡᠬᠦ ᠡᠭᠦᠳᠡᠨ ᠡᠴᠡ ᠭᠠᠪᠢᠷ᠎ᠠ ᠭᠡᠳᠡᠷᠭᠦ ᠪᠡᠨ ᠬᠠᠷᠢᠨ ᠠᠶᠤᠵᠤ ᠪᠠᠢᠯ᠎ᠠ᠃  ᠳᠠᠬᠢᠭᠠᠳ ᠴᠠᠭ ᠢᠯᠡᠭᠦᠦ ᠪᠣᠯᠤᠭᠰᠠᠨ ᠤ᠋ ᠰᠡᠭᠦᠯᠡᠷ᠂ ᠱᠢ ᠫᠷᠣᠹᠧᠰᠰᠣᠷ ᠬᠠᠯᠵᠠᠨ ᠮᠠᠩᠨᠠᠢ᠎ᠠ᠋ᠴᠠ ᠪᠠᠨ ᠬᠥᠯᠥᠰᠥ ᠳᠠᠭᠠᠭᠠᠪᠤᠷᠢᠯᠠᠭᠤᠯᠤᠨ ᠭᠠᠷᠴᠤ ᠢᠷᠡᠯ᠎ᠡ᠃ ᠲᠡᠷᠡ ᠠᠮᠠᠪᠴᠢ ᠪᠠᠨ ᠠᠪᠴᠤ ᠪᠠᠶᠠᠷᠲᠠᠢᠬᠠᠨ ᠢᠨᠢᠶᠡᠮᠰᠦᠭᠯᠡᠵᠦ 
       — ᠮᠡᠰᠡ ᠵᠠᠰᠠᠯ ᠰᠠᠨᠠᠭᠰᠠᠨ᠎ᠠ᠋ᠴᠠ ᠭᠠᠳᠠᠭᠤᠷ ᠠᠮᠵᠢᠯᠲᠠ ᠲᠠᠢ ᠪᠣᠯᠤᠭᠰᠠᠨ᠂ ᠨᠡᠭᠡᠷᠡᠨ ᠭᠠᠢᠬᠠᠮᠠᠷ᠂ ᠣᠳᠣ ᠡᠷᠭᠢᠨ ᠲᠡᠩᠬᠡᠷᠡᠬᠦ ᠪᠠᠢᠳᠠᠯ ᠢ᠋ ᠦᠵᠡᠨ᠎ᠡ᠃ ᠰᠢᠶᠣᠤ ᠰᠠᠢ ᠶ᠋ᠢ ᠬᠦᠨᠳᠦ ᠡᠪᠡᠳᠴᠢᠲᠡᠨ ᠦ᠌ ᠭᠠᠭᠴᠠ ᠬᠥᠮᠦᠨ ᠦ᠌ ᠥᠷᠥᠭᠡᠨ ᠳ᠋ᠦ᠍ ᠣᠷᠣᠭᠤᠯᠤᠨ᠎ᠠ᠃ ᠭᠡᠷ ᠦ᠋ᠨ ᠬᠥᠮᠦᠰ ᠢ᠋ ᠣᠷᠣᠭᠤᠯᠳᠠᠭ ᠦᠭᠡᠢ ᠶᠦᠮ᠃ ᠲᠠᠨᠠᠷ ᠶᠠᠪᠤᠵᠤ ᠠᠮᠠᠷᠠᠵᠤ ᠪᠣᠯᠤᠨ᠎ᠠ ᠭᠡᠯ᠎ᠡ᠃ ᠭᠠᠪᠢᠷ᠎ᠠ ᠪᠠᠭ᠎ᠠ ᠴᠤ᠌ ᠭᠡᠰᠡᠨ ᠰᠡᠳᠬᠢᠯ ᠠᠭᠤᠵᠢᠷᠠᠨ᠂ ᠱᠢ ᠫᠷᠣᠹᠧᠰᠰᠣᠷ ᠲᠤ᠌ ᠳᠠᠬᠢᠨ ᠳᠠᠪᠲᠠᠨ ᠲᠠᠯᠠᠷᠬᠠᠯ ᠢᠯᠡᠳᠬᠡᠪᠡ᠃ ᠱᠢ ᠫᠷᠣᠹᠧᠰᠰᠣᠷ᠄ 
       — ᠠᠶᠤᠯᠲᠤ ᠬᠤᠭᠤᠴᠠᠭ᠎ᠠ ᠨᠢ ᠳᠣᠯᠣᠭᠠᠨ ᠬᠣᠨᠣᠭ᠂ ᠡᠨᠡ ᠳᠣᠯᠣᠭᠠᠨ ᠬᠣᠨᠣᠭ ᠢ᠋ ᠠᠵᠢᠭ ᠦᠭᠡᠢ ᠥᠩᠭᠡᠷᠡᠭᠡᠴᠢᠬᠡᠪᠡᠯ ᠬᠠᠮᠢᠶ᠎ᠠ ᠦᠭᠡᠢ ᠪᠣᠯᠴᠢᠬᠠᠨ᠎ᠠ ᠭᠡᠯ᠎ᠡ᠃  
       ᠤᠳᠠᠭᠰᠠᠨ ᠦᠭᠡᠢ ᠰᠠᠢᠰᠢᠶᠠᠯᠲᠤ ᠶ᠋ᠢ ᠲᠦᠯᠬᠢᠨ ᠭᠠᠷᠴᠤ ᠢᠷᠡᠪᠡ᠃ ᠮᠢᠨᠴᠦᠭᠦᠷᠡᠭᠦᠯᠬᠦ ᠡᠮ ᠦ᠋ᠨ ᠬᠦᠴᠦᠨ ᠳ᠋ᠦ᠍ ᠤᠨᠲᠠᠭᠰᠠᠭᠠᠷ ᠪᠠᠢᠯ᠎ᠠ᠃ ᠠᠮᠠ ᠬᠠᠮᠠᠷ ᠦᠭᠡᠢ ᠭᠤᠤᠷᠰᠤ ᠬᠠᠳᠬᠤᠵᠤ᠂ ᠰᠥᠪᠡᠭᠡᠨ ᠳ᠋ᠦ᠍ ᠨᠢ ᠪᠠᠰᠠ ᠨᠢᠭᠡ ᠭᠤᠤᠷᠰᠤ ᠬᠢᠵᠦ ᠲᠣᠮᠣ ᠯᠣᠩᠬᠣᠨ ᠳ᠋ᠤ᠌ ᠤᠯᠠᠭᠠᠨ ᠬᠦᠷᠡᠩ ᠰᠢᠭᠦᠰᠦ ᠳᠤᠰᠤᠭᠠᠨ᠂ ᠬᠣᠶᠠᠷ ᠬᠥᠯ ᠦ᠋ᠨ ᠬᠢᠨᠢ ᠰᠢᠯᠪᠢᠨ ᠳ᠋ᠦ᠍ ᠴᠢᠰᠤ᠂ ᠰᠤᠳᠠᠯ ᠤ᠋ᠨ ᠰᠢᠩᠭᠡᠨ ᠭᠡᠳ ᠲᠠᠪᠤ ᠵᠢᠷᠭᠤᠭᠠᠨ ᠲᠣᠮᠣ ᠯᠣᠩᠬᠣ ᠡᠯᠭᠦᠭᠡᠰᠦᠲᠡᠢ᠂ ᠬᠠᠷᠠᠬᠤ ᠠ᠋ᠴᠠ ᠨᠢᠳᠦ ᠬᠠᠯᠲᠤᠷᠢᠮᠠᠷ᠃  
       ᠭᠠᠪᠢᠷ᠎ᠠ᠂ ᠰᠢᠦᠢ ᠪᠠᠭᠰᠢ ᠶ᠋ᠢ ᠶᠠᠪᠤᠭᠤᠯᠤᠭᠠᠳ ᠥᠪᠡᠷ ᠢ᠋ᠶ᠋ᠡᠨ ᠬᠦᠨᠳᠦ ᠡᠪᠡᠳᠴᠢᠲᠡᠨ ᠢ᠋ ᠬᠠᠷᠠᠨ ᠰᠤᠪᠢᠯᠠᠬᠤ ᠥᠷᠥᠭᠡᠨ ᠦ᠌ ᠲᠣᠮᠣ ᠰᠢᠯ ᠴᠣᠩᠬᠣᠨ ᠳ᠋ᠤ᠌ ᠨᠢᠭᠤᠷ ᠢ᠋ᠶ᠋ᠠᠨ ᠨᠠᠭᠠᠯᠳᠤᠭᠤᠯᠤᠨ ᠬᠠᠷᠠᠵᠤ ᠵᠣᠭᠰᠣᠨ᠎ᠠ᠃  ᠬᠦᠨᠳᠦ ᠡᠪᠡᠳᠴᠢᠲᠡᠨ ᠢ᠋ ᠰᠤᠪᠢᠯᠠᠬᠤ ᠲᠠᠰᠤᠭ ᠠᠭᠤᠳᠠᠮ ᠮᠥᠷᠲᠡᠭᠡᠨ ᠣᠳᠣᠬᠢᠴᠢᠯᠠᠭᠰᠠᠨ ᠲᠣᠨᠣᠭ ᠲᠥᠬᠥᠭᠡᠷᠦᠮᠵᠢ ᠵᠡᠷᠭᠡ ᠨᠢ ᠪᠦᠷ ᠴᠦ᠍ ᠣᠨᠴᠠᠭᠠᠢ᠃ ᠳᠥᠷᠪᠡᠨ ᠰᠤᠪᠢᠯᠠᠭᠴᠢ ᠬᠣᠶᠠᠷ ᠲᠠᠯ᠎ᠠ ᠳ᠋ᠤᠨᠢ ᠬᠥᠳᠡᠯᠦᠯ ᠦᠭᠡᠢ ᠬᠠᠷᠠᠵᠤ ᠵᠣᠭᠰᠣᠨ᠂ ᠬᠠᠭᠠᠰ ᠴᠠᠭ ᠠᠯᠤᠰᠯᠠᠬᠤ ᠪᠦᠷᠢ ᠳ᠋ᠦ᠍ ᠨᠢᠭᠡ ᠤᠳᠠᠭ᠎ᠠ ᠵᠡᠭᠦᠦ ᠲᠠᠷᠢᠯᠭ᠎ᠠ ᠬᠢᠵᠦ ᠪᠠᠢᠯ᠎ᠠ᠃ ᠣᠷᠣᠢ ᠶ᠋ᠢᠨ ᠶᠢᠰᠦᠨ ᠴᠠᠭ ᠥᠩᠭᠡᠷᠡᠭᠡᠳ ᠰᠠᠢᠰᠢᠶᠠᠯᠲᠤ ᠰᠡᠷᠭᠦᠪᠡ᠃ ᠲᠡᠷᠡ ᠡᠰᠢ ᠲᠠᠰᠢ ᠪᠠᠨ ᠠᠵᠢᠭᠯᠠᠨ ᠬᠠᠷᠠᠵᠤ ᠪᠠᠢᠭᠰᠠᠨ ᠢ᠋ᠶ᠋ᠠᠨ ᠲᠣᠮᠣ ᠰᠢᠯ ᠬᠠᠯᠬᠠᠪᠴᠢ ᠶ᠋ᠢᠨ ᠴᠠᠭᠠᠨ᠎ᠠ ᠵᠣᠭᠰᠣᠬᠤ ᠭᠡᠷᠭᠡᠢ ᠪᠡᠨ ᠣᠯᠵᠤ ᠬᠠᠷᠠᠭᠠᠳ《ᠪᠢ ᠲᠤᠩ ᠰᠠᠢᠨ ᠪᠠᠢᠨ᠎ᠠ》 ᠭᠡᠰᠡᠨ ᠳᠣᠬᠢᠶ᠎ᠠ ᠥᠭᠴᠦ᠂ ᠢᠨᠢᠶᠡᠮᠰᠦᠭᠯᠡᠨ ᠲᠣᠯᠣᠭᠠᠢ ᠳᠣᠬᠢᠪᠠ᠃ ᠭᠠᠪᠢᠷ᠎ᠠ ᠭᠠᠷ ᠢ᠋ᠶ᠋ᠠᠨ ᠳᠠᠯᠠᠯᠤᠨ ᠬᠠᠷᠢᠭᠤ ᠥᠭᠴᠦ《ᠪᠢ ᠬᠠᠵᠠᠭᠤ ᠶ᠋ᠢᠨ ᠥᠷᠥᠭᠡᠨ ᠳ᠋ᠦ᠍ ᠪᠠᠢᠨ᠎ᠠ》 ᠭᠡᠳᠡᠭ ᠢ᠋ᠶ᠋ᠡᠨ ᠮᠡᠳᠡᠭᠳᠡᠪᠡ᠃ ᠬᠠᠵᠠᠭᠤ ᠶ᠋ᠢᠨ ᠬᠢᠨᠢ ᠥᠷᠥᠭᠡ ᠪᠣᠯ ᠬᠦᠨᠳᠦ ᠡᠪᠡᠳᠴᠢᠲᠡᠨ ᠦ᠌ ᠭᠡᠷ ᠪᠦᠯᠢ ᠶ᠋ᠢᠨ ᠬᠢᠨ ᠦ᠌ ᠠᠮᠠᠷᠠᠵᠤ᠂ ᠬᠦᠯᠢᠶᠡᠳᠡᠭ ᠭᠠᠵᠠᠷ ᠪᠣᠯᠬᠤ ᠶᠤᠮ᠃  
       ᠮᠡᠰᠡ ᠵᠠᠰᠠᠯ ᠤ᠋ᠨ ᠳᠠᠷᠠᠭ᠎ᠠ᠂ ᠰᠠᠢᠰᠢᠶᠠᠯᠲᠤ ᠶ᠋ᠢᠨ ᠪᠡᠶ᠎ᠡ ᠭᠠᠢᠬᠠᠯᠲᠠᠢ ᠲᠦᠷᠭᠡᠨ ᠰᠠᠢᠵᠢᠷᠠᠵᠤ ᠪᠠᠢᠯ᠎ᠠ᠃ ᠱᠢ ᠫᠷᠣᠹᠧᠰᠰᠣᠷ ᠲᠤᠢᠯ ᠢ᠋ᠶ᠋ᠠᠷ ᠪᠠᠶᠠᠷᠯᠠᠵᠤ 
       — ᠮᠢᠨᠦ ᠡᠮᠴᠢᠯᠡᠭᠰᠡᠨ ᠲᠡᠦᠬᠡᠨ ᠳ᠋ᠦ᠍᠂ ᠡᠢᠮᠦ ᠠᠶᠤᠯ ᠲᠦᠭᠰᠢᠭᠦᠷᠢ ᠲᠡᠢ ᠮᠡᠰᠡ ᠵᠠᠰᠠᠯ ᠢ᠋ ᠬᠢᠭᠰᠡᠨ ᠪᠣᠯ ᠠᠩᠬ᠎ᠠ ᠤᠳᠠᠭ᠎ᠠ ᠪᠣᠯᠬᠤ ᠶᠤᠮ᠃ ᠮᠥᠨ ᠴᠦ᠍ ᠡᠢᠮᠦ ᠰᠥᠰᠥ ᠵᠣᠷᠢᠭ ᠲᠠᠢ ᠠᠮᠢᠵᠢᠷᠠᠯ ᠤ᠋ᠨ ᠬᠦᠴᠦᠨ ᠲᠡᠭᠦᠯᠳᠡᠷ ᠡᠪᠡᠳᠴᠢᠲᠡᠨ ᠲᠡᠢ ᠮᠥᠨ ᠬᠦ᠌ ᠠᠩᠬ᠎ᠠ ᠲᠣᠬᠢᠶᠠᠯᠳᠤᠵᠤ ᠪᠠᠢᠨ᠎ᠠ᠃ ᠡᠨᠡ ᠵᠠᠰᠠᠯ ᠢ᠋ ᠵᠣᠷᠢᠭ ᠲᠠᠢ ᠬᠢᠯᠭᠡᠭᠰᠡᠨ ᠬᠥᠮᠦᠨ ᠢ᠋ ᠶᠣᠰᠣᠲᠠᠢ ᠠᠮᠢᠳᠤ ᠪᠡᠶ᠎ᠡ ᠪᠡᠨ ᠠᠨᠠᠭᠠᠬᠤ ᠤᠬᠠᠭᠠᠨ ᠳ᠋ᠤ᠌ ᠡᠷᠭᠦᠵᠦ ᠲᠤᠷᠰᠢᠭᠤᠯᠤᠰᠠᠨ ᠬᠡᠷᠡᠭ ᠭᠡᠵᠦ ᠪᠣᠯᠬᠤ ᠶᠤᠮ᠃ ᠨᠡᠭᠡᠷᠡᠨ ᠭᠠᠢᠬᠠᠮᠰᠢᠭ ᠲᠠᠢ᠃ ᠲᠠᠨ ᠤ᠋ ᠰᠦ ᠰᠠᠭᠠᠯᠢ᠂ ᠮᠢᠬ᠎ᠠ ᠲᠣᠰᠣ ᠢᠳᠡᠵᠦ ᠥᠰᠦᠭᠰᠡᠨ ᠮᠣᠩᠭᠣᠯ ᠬᠥᠮᠦᠨ ᠦ᠌ ᠪᠡᠶ᠎ᠡ ᠴᠠᠭᠠᠨ᠎ᠠ ᠪᠠᠨ ᠨᠢᠭᠡ ᠰᠢᠷᠪᠥᠰᠥᠯᠢᠭ ᠴᠢᠩᠭ᠎ᠠ᠂ ᠬᠡᠢᠮᠣᠷᠢ ᠵᠢᠪᠬᠤᠭ᠎ᠠ ᠲᠠᠢ ᠠᠵᠢ᠃ ᠬᠡᠷᠪᠡ ᠡᠪᠡᠳᠴᠢᠨ ᠦ᠌ ᠪᠠᠢᠳᠠᠯ ᠳ᠋ᠤ᠌ ᠣᠨᠴᠠᠭᠠᠢ ᠬᠤᠪᠢᠷᠠᠯᠲᠠ ᠭᠠᠷᠬᠤ ᠦᠭᠡᠢ ᠯᠡ ᠪᠣᠯ ᠲᠠᠨ ᠤ᠋ ᠨᠥᠬᠥᠷ ᠬᠡᠳᠦᠨ ᠵᠢᠯ ᠠᠮᠢᠳᠤᠷᠠᠬᠤ ᠳ᠋ᠤ᠌ ᠠᠰᠠᠭᠤᠳᠠᠯ ᠦᠭᠡᠢ ᠭᠡᠯ᠎ᠡ᠃  
       ᠰᠠᠢᠰᠢᠶᠠᠯᠲᠤ ᠶ᠋ᠢ ᠬᠦᠨᠳᠦ ᠡᠪᠡᠳᠴᠢᠲᠡᠨ ᠦ᠌ ᠲᠠᠰᠤᠭ ᠲᠤ᠌ ᠭᠠᠷᠠᠭ ᠪᠣᠯᠭᠠᠭᠰᠠᠨ ᠤ᠋ ᠳᠠᠷᠠᠭ᠎ᠠ ᠮᠥᠨ ᠬᠦ᠌ ᠣᠨᠴᠠ ᠳᠡᠰ ᠦ᠋ᠨ ᠥᠷᠥᠭᠡᠨ ᠦ᠌ ᠭᠠᠭᠴᠠ ᠬᠥᠮᠦᠨ ᠦ᠌ ᠭᠡᠷ ᠲᠦ᠍ ᠣᠷᠣᠭᠤᠯᠪᠠ᠃  ᠮᠡᠰᠡ ᠵᠠᠰᠠᠯ᠎ᠠ᠋ᠴᠠ ᠡᠮᠦᠨᠡᠬᠡᠨ ᠰᠤᠷᠭᠠᠨ ᠬᠥᠮᠦᠵᠢᠯ ᠦ᠋ᠨ ᠲᠣᠪᠴᠢᠶ᠎ᠠ᠎ᠠ᠋ᠴᠠ ᠰᠦᠢ ᠪᠠᠭᠰᠢ ᠳ᠋ᠤ᠌ ᠤᠲᠠᠰᠤ ᠢᠷᠡᠭᠦᠯᠵᠦ ᠬᠠᠮᠤᠭ ᠰᠠᠢᠨ ᠡᠮᠴᠢᠯᠡᠭᠡ᠂ ᠬᠠᠮᠤᠭ ᠰᠠᠢᠨ ᠬᠠᠷᠠᠭᠠᠯᠵᠠᠯ ᠢ᠋ ᠦᠵᠡᠭᠦᠯᠬᠦ ᠶ᠋ᠢ ᠬᠦᠰᠡᠵᠦ᠂ 
       — ᠡᠨᠡ ᠵᠠᠯᠠᠭᠤ ᠪᠢᠳᠡᠨ ᠳ᠋ᠦ᠍ ᠬᠣᠷᠢᠨ ᠲᠦᠮᠡᠨ ᠲᠥᠭᠥᠷᠢᠭ ᠡᠴᠡ ᠬᠣᠯᠠ ᠢᠯᠡᠭᠦᠦ ᠥᠷᠲᠡᠭ ᠲᠡᠢ ᠭᠡᠳᠡᠭ ᠢ᠋ ᠮᠡᠳᠡᠭᠡᠷᠡᠢ᠃ ᠡᠮᠴᠢ ᠨᠠᠷ ᠲᠤ᠌ ᠠᠯᠪᠠᠨ ᠠ᠋ᠴᠠ ᠨᠢ ᠢᠩᠭᠢᠵᠦ ᠨᠠᠢᠳᠠᠵᠤ ᠪᠠᠢᠭ᠎ᠠ ᠶ᠋ᠢ ᠬᠡᠯᠡᠬᠦ ᠪᠣᠯᠪᠠ ᠤᠤ? ᠭᠡᠵᠡᠢ᠃  
       ᠲᠡᠷᠡ ᠦᠶ᠎ᠡ ᠳ᠋ᠦ᠍ ᠬᠡᠳᠦᠢᠪᠡᠷ ᠤᠯᠤᠰ ᠤ᠋ᠨ ᠺᠠᠳ᠋ᠷ ᠤ᠋ᠳ ᠡᠪᠡᠳᠴᠢᠨ ᠦᠵᠡᠭᠦᠯᠬᠦ ᠳ᠋ᠦ᠍ ᠪᠦᠲᠦᠨ ᠤᠯᠤᠰ ᠤ᠋ᠨ ᠰᠦᠢᠳᠬᠡᠯ ᠪᠠᠢᠭᠰᠠᠨ ᠪᠣᠯᠪᠠᠴᠤ᠂ ᠡᠨᠡ ᠡᠮᠨᠡᠯᠭᠡ ᠳ᠋ᠦ᠍ ᠵᠠᠷᠤᠴᠠᠭᠤᠯᠬᠤ ᠰᠦᠢᠳᠬᠡᠯ ᠪᠣᠯ ᠲᠤᠩ ᠴᠤ᠌ ᠥᠨᠳᠥᠷ᠂ ᠰᠠᠢᠰᠢᠶᠠᠯᠲᠤ ᠶ᠋ᠢᠨ《ᠨᠢᠭᠡ ᠰᠠᠢᠬᠠᠨ ᠰᠤᠷᠭᠠᠭᠤᠯᠢ ᠪᠠᠢᠭᠤᠯᠬᠤ ᠮᠥᠩᠭᠥ ᠶ᠋ᠢ ᠨᠠᠳᠠᠳᠤ ᠦᠷᠡᠴᠢᠬᠡᠯ᠎ᠡ》 ᠭᠡᠵᠦ ᠬᠠᠷᠠᠮᠰᠠᠬᠤ ᠨᠢ ᠪᠤᠷᠤᠭᠤ ᠦᠭᠡᠢ ᠯᠡ ᠳᠡ᠃ ᠭᠡᠪᠡᠴᠦ ᠡᠨᠡ ᠪᠣᠯ ᠣᠨᠴᠠᠭᠠᠢ ᠪᠠᠴᠢᠮ ᠦᠶ᠎ᠡ ᠳ᠋ᠦ᠍ ᠠᠪᠤᠭᠰᠠᠨ ᠣᠨᠴᠠᠭᠠᠢ ᠪᠠᠢᠳᠠᠯ ᠪᠣᠯᠬᠤ ᠶᠤᠮ᠃  
       ᠮᠡᠰᠡ ᠵᠠᠰᠠᠯ ᠤ᠋ᠨ ᠳᠠᠷᠠᠭ᠎ᠠ᠂ ᠰᠠᠢᠰᠢᠶᠠᠯᠲᠤ ᠶ᠋ᠢᠨ ᠪᠡᠶ᠎ᠡ ᠮᠠᠰᠢ ᠲᠦᠷᠭᠡᠨ ᠡᠷᠡᠭᠦᠯᠵᠢᠵᠦ ᠪᠠᠢᠯ᠎ᠠ᠃ 
       ᠭᠠᠪᠢᠷ᠎ᠠ ᠭᠡᠷ ᠲᠡᠭᠡᠨ ᠬᠠᠷᠢᠵᠤ ᠬᠡᠳᠦᠨ ᠬᠡᠦᠬᠡᠳ ᠢ᠋ᠶ᠋ᠡᠨ ᠡᠷᠭᠢᠭᠡᠳ᠂ ᠰᠣᠩᠭᠢᠨᠠᠲᠤ ᠠ᠋ᠴᠠ ᠬᠤᠰᠢᠭᠤᠨ ᠳ᠋ᠤ᠌ ᠨᠡᠭᠦᠵᠦ ᠭᠡᠷ ᠣᠷᠣᠨ ᠢ᠋ᠶ᠋ᠠᠨ ᠲᠥᠪᠬᠢᠨᠡᠭᠦᠯᠦᠨ᠂ ᠭᠤᠷᠪᠠᠨ ᠥᠬᠢᠨ ᠳ᠋ᠡᠭᠡᠨ ᠠᠰᠠᠷᠠᠭᠴᠢ ᠣᠯᠵᠤ ᠬᠠᠷᠠᠭᠤᠯᠤᠭᠠᠳ ᠬᠦᠦ ᠪᠡᠨ ᠠᠪᠴᠤ ᠪᠡᠭᠡᠵᠢᠩ ᠳ᠋ᠦ᠍ ᠪᠤᠴᠠᠵᠤ ᠢᠷᠡᠭᠡᠳ ᠰᠢᠦᠢ ᠪᠠᠭᠰᠢ ᠶ᠋ᠢ ᠪᠤᠴᠠᠭᠠᠪᠠ᠃ 
       ᠮᠢᠩᠭ᠎ᠠ ᠶᠢᠰᠦᠨ ᠵᠠᠭᠤ ᠨᠠᠶᠠᠨ ᠨᠠᠢ᠍ᠮᠠᠨ ᠣᠨ ᠤ᠋ ᠵᠤᠨ ᠪᠣᠯᠤᠯ᠎ᠠ᠃ ᠪᠡᠭᠡᠵᠢᠩ ᠬᠣᠲᠠ ᠶ᠋ᠢᠨ ᠠᠭᠤᠷ ᠠᠮᠢᠰᠬᠤᠯ ᠲᠤᠩ ᠴᠤ᠌ ᠬᠠᠯᠠᠭᠤᠨ ᠪᠣᠯᠤᠭᠰᠠᠨ ᠲᠤᠯᠠ ᠲᠡᠳᠡ ᠬᠠᠯᠠᠭᠤᠨ ᠤ᠋ ᠭᠣᠣᠯ ᠢ᠋ ᠭᠡᠷ ᠲᠡᠭᠡᠨ ᠬᠠᠷᠢᠵᠤ ᠥᠩᠭᠡᠷᠡᠭᠦᠯᠬᠦ ᠪᠡᠷ ᠪᠣᠯᠪᠠ᠃ ᠣᠳᠣᠬᠠᠨ ᠳ᠋ᠠᠭᠠᠨ ᠬᠢᠮᠢ ᠶ᠋ᠢᠨ ᠵᠠᠰᠠᠯ ᠬᠢᠬᠦ ᠴᠢᠬᠤᠯᠠ ᠦᠭᠡᠢ ᠪᠣᠯᠬᠣᠷ ᠭᠡᠷ ᠲᠡᠭᠡᠨ ᠬᠠᠷᠢᠵᠤ ᠰᠤᠪᠢᠯᠠᠬᠤ ᠶ᠋ᠢ ᠡᠮᠴᠢ ᠨᠠᠷ ᠵᠥᠪᠰᠢᠶᠡᠷᠡᠪᠡ᠃ ᠰᠠᠢᠰᠢᠶᠠᠯᠲᠤ᠂ ᠭᠡᠷ ᠲᠡᠭᠡᠨ ᠬᠠᠷᠢᠵᠤ ᠬᠡᠦᠬᠡᠳ ᠦ᠋ᠳ ᠲᠡᠢ ᠪᠡᠨ ᠴᠤᠭᠯᠠᠵᠤ ᠮᠠᠰᠢ ᠪᠠᠶᠠᠷ ᠬᠥᠷ ᠲᠡᠢ ᠪᠠᠢᠯ᠎ᠠ᠃ 
       ᠲᠡᠷᠡ ᠰᠣᠩᠭᠢᠨᠠᠲᠤ ᠰᠤᠷᠭᠠᠭᠤᠯᠢ ᠳ᠋ᠤ᠌ ᠣᠴᠢᠵᠤ ᠰᠢᠨ᠎ᠡ ᠢᠷᠡᠭᠰᠡᠨ ᠵᠠᠬᠢᠷᠤᠯ ᠳ᠋ᠤ᠌ ᠥᠪᠡᠷ ᠦ᠋ᠨ ᠠᠵᠢᠯ ᠢ᠋ᠶ᠋ᠠᠨ ᠲᠤᠰᠢᠶᠠᠵᠤ ᠥᠭᠭᠦᠯ᠎ᠡ᠃  ᠰᠠᠢᠰᠢᠶᠠᠯᠲᠤ ᠶ᠋ᠢ ᠰᠤᠷᠭᠠᠨ ᠬᠥᠮᠦᠵᠢᠯ ᠦ᠋ᠨ ᠲᠣᠪᠴᠢᠶᠠᠨ ᠤ᠋ ᠬᠥᠳᠡᠯᠮᠦᠷᠢ ᠠᠵᠢᠯᠲᠠᠨ ᠤ᠋ ᠺᠣᠮᠢᠰ ᠲᠤ᠌ ᠲᠣᠬᠢᠷᠠᠭᠤᠯᠵᠠᠢ᠃ ᠲᠡᠭᠦᠨ ᠢ᠋ ᠠᠵᠢᠯᠯᠠᠬᠤ ᠬᠡᠷᠡᠭ ᠦᠭᠡᠢ ᠭᠡᠰᠡᠨ ᠪᠣᠯᠪᠠᠴᠤ ᠲᠡᠷᠡ ᠥᠪᠡᠷ ᠢ᠋ᠶ᠋ᠡᠨ ᠲᠡᠰᠬᠦ ᠦᠭᠡᠢ ᠠᠯᠪᠠᠨ ᠭᠡᠷ ᠲᠡᠭᠡᠨ ᠣᠴᠢᠵᠤ ᠰᠠᠭᠤᠨ᠎ᠠ᠃ ᠲᠡᠭᠦᠨ ᠢ᠋ ᠭᠠᠳᠠᠷ ᠪᠠᠢᠳᠠᠯ᠎ᠠ᠋ᠴᠠ ᠨᠢ ᠬᠠᠷᠠᠪᠠᠯ ᠶᠡᠬᠡ ᠵᠠᠰᠠᠯ ᠬᠢᠯᠭᠡᠭᠰᠡᠨ ᠬᠦᠨᠳᠦ ᠡᠪᠡᠳᠴᠢᠨᠲᠡᠢ ᠬᠥᠮᠦᠨ ᠭᠡᠵᠦ ᠮᠡᠳᠡᠭᠳᠡᠬᠦ ᠦᠭᠡᠢ᠂ ᠨᠢᠭᠤᠷ ᠴᠢᠷᠠᠢ ᠨᠢ ᠤᠯᠠᠭ᠎ᠠ ᠪᠤᠲᠠᠷᠠᠨ᠂ ᠤᠤᠯ ᠡᠴᠡ ᠪᠡᠨ ᠨᠡᠯᠢᠶᠡᠳ ᠮᠠᠷᠢᠶᠠᠯᠠᠵᠤ᠂ ᠨᠡᠩ ᠴᠦ᠍ ᠰᠦᠷ ᠵᠢᠪᠬᠤᠭ᠎ᠠ ᠲᠠᠢ ᠬᠠᠷᠠᠭᠳᠠᠨ᠎ᠠ᠃ 
       ᠲᠣᠪᠴᠢᠶᠠᠨ ᠤ᠋ ᠤᠳᠤᠷᠢᠳᠤᠯᠭ᠎ᠠ ᠨᠠᠷ ᠥᠪᠡᠷᠰᠡᠳ ᠦ᠋ᠨ ᠬᠢᠨᠢ ᠪᠦᠬᠦ ᠬᠦᠴᠦ ᠪᠡᠷ ᠢ᠋ᠶ᠋ᠡᠨ ᠴᠢᠷᠮᠠᠢᠭᠰᠠᠨ ᠴᠢᠷᠮᠠᠢᠯᠭ᠎ᠠ ᠬᠣᠭᠣᠰᠣᠳᠠᠭᠰᠠᠨ ᠦᠭᠡᠢ ᠳ᠋ᠦ᠍ ᠲᠤᠩ ᠴᠤ᠌ ᠪᠠᠶᠠᠷᠯᠠᠵᠤ ᠪᠠᠢᠯ᠎ᠠ᠃ ᠲᠡᠳᠡ ᠰᠠᠢᠰᠢᠶᠠᠯᠲᠤ ᠶ᠋ᠢ ᠲᠤᠢᠯ ᠢ᠋ᠶ᠋ᠠᠷ ᠬᠠᠯᠠᠮᠵᠢᠯᠠᠨ᠎ᠠ᠃ ᠠᠯᠪᠠᠨ ᠭᠡᠷ ᠢ᠋ᠶ᠋ᠡᠷ ᠨᠢ ᠦᠷᠭᠦᠯᠵᠢ ᠣᠷᠣᠵᠤ ᠠᠰᠠᠭᠤᠵᠤ ᠪᠣᠯᠭᠣᠭᠠᠬᠤ ᠪᠥᠭᠡᠳ ᠰᠠᠢᠲᠤᠷ ᠰᠤᠪᠢᠯᠠᠬᠤ ᠶ᠋ᠢ ᠦᠷᠭᠦᠯᠵᠢ ᠠᠩᠬᠠᠷᠤᠭᠤᠯᠤᠨ ᠵᠠᠷᠢᠮ ᠳ᠋ᠠᠭᠠᠨ ᠠᠯᠪᠠᠳᠠᠵᠤ ᠪᠠᠢᠭᠠᠳ ᠠᠯᠪᠠᠨ ᠭᠡᠷ ᠡᠴᠡ ᠨᠢ ᠶᠠᠪᠤᠭᠤᠯᠴᠢᠬᠠᠳᠠᠭ᠃  
       ᠰᠠᠢᠰᠢᠶᠠᠯᠲᠤ ᠨᠢᠭᠡ ᠶᠠᠭᠤᠮ᠎ᠠ ᠶ᠋ᠢ ᠬᠢᠪᠡᠯ ᠵᠠᠪᠠᠯ ᠲᠤᠤᠱ ᠲᠤᠢᠯᠪᠤᠷᠢᠲᠠᠢ ᠬᠢᠵᠦ᠂ ᠠᠵᠢᠯᠯᠠᠭᠠᠳ ᠡᠬᠢᠯᠡᠪᠡᠯ ᠠᠮᠠᠷᠠᠬᠤ ᠪᠠᠨ ᠮᠠᠷᠲᠠᠴᠢᠬᠠᠳᠠᠭ᠃ ᠨᠠᠢ᠍ᠮᠠᠨ ᠰᠠᠷ᠎ᠠ ᠶ᠋ᠢᠨ ᠰᠡᠭᠦᠯᠴᠢ ᠪᠣᠯᠬᠤ ᠳ᠋ᠤ᠌ ᠲᠡᠭᠦᠨ ᠦ᠌ ᠡᠪᠡᠳᠴᠢᠨ ᠳ᠋ᠦ᠍ ᠭᠡᠨᠡᠳᠲᠡ ᠡᠷᠭᠢᠯᠲᠡ ᠭᠠᠷᠴᠤ ᠡᠬᠢᠯᠡᠪᠡ᠃ ᠴᠡᠭᠡᠵᠢᠨ ᠳᠣᠲᠣᠷ᠎ᠠ ᠨᠢ ᠡᠪᠡᠳᠴᠦ᠂ ᠢᠳᠡᠵᠦ ᠤᠤᠭᠤᠬᠤ ᠨᠢ ᠮᠠᠭᠤᠳᠠᠵᠤ ᠡᠬᠢᠯᠡᠯ᠎ᠡ᠃ 
       ᠭᠠᠪᠢᠷ᠎ᠠ᠂ ᠭᠡᠷ ᠣᠷᠣᠨ ᠬᠡᠦᠬᠡᠳ ᠦ᠋ᠳ ᠢ᠋ᠶ᠋ᠡᠨ ᠲᠣᠬᠢᠷᠠᠭᠤᠯᠤᠭᠠᠳ᠂ ᠶᠠᠭᠠᠷᠠᠨ ᠤᠤᠯ ᠤ᠋ᠨ ᠡᠮᠨᠡᠯᠭᠡ ᠳ᠋ᠡᠭᠡᠨ ᠣᠴᠢᠯ᠎ᠠ᠃ ᠪᠠᠢᠴᠠᠭᠠᠭᠰᠠᠨ ᠳ᠋ᠦᠩ ᠳ᠋ᠦ᠍ ᠡᠪᠡᠳᠴᠢᠨ ᠦ᠌ ᠬᠣᠣᠷ ᠨᠢᠭᠡᠨᠲᠡ ᠲᠠᠷᠬᠠᠵᠤ ᠡᠬᠢᠯᠡᠭᠰᠡᠨ ᠢ᠋ ᠲᠣᠳᠣᠯᠠᠪᠠ᠃ ᠲᠡᠭᠡᠭᠡᠳ ᠬᠢᠮᠢ ᠶ᠋ᠢᠨ ᠵᠠᠰᠠᠯ ᠪᠣᠯᠤᠨ ᠰᠠᠴᠤᠷᠠᠭ ᠵᠠᠰᠠᠯ ᠢ᠋ ᠡᠭᠡᠯᠵᠢᠯᠡᠨ ᠬᠡᠷᠡᠭᠯᠡᠭᠰᠡᠨ ᠪᠣᠯᠪᠠᠴᠤ ᠢᠯᠡᠷᠬᠡᠢ ᠮᠡᠳᠡᠭᠳᠡᠬᠦ ᠶᠠᠭᠤᠮ᠎ᠠ ᠦᠭᠡᠢ᠂ ᠪᠡᠶ᠎ᠡ ᠨᠢ ᠲᠤᠩ ᠵᠣᠪᠠᠵᠤ ᠪᠠᠢᠯ᠎ᠠ᠃ ᠡᠨᠡ ᠮᠠᠶᠢᠭ ᠢ᠋ᠶ᠋ᠠᠷ ᠡᠮᠨᠡᠯᠭᠡ ᠳ᠋ᠦ᠍ ᠬᠡᠳᠦᠨ ᠰᠠᠷ᠎ᠠ ᠰᠠᠭᠤᠵᠤ᠂ ᠳᠠᠬᠢᠨ ᠨᠢᠭᠡ ᠪᠠᠢᠴᠠᠭᠠᠬᠤ ᠳ᠋ᠤ᠌᠂ ᠡᠪᠡᠳᠴᠢᠨ ᠦ᠌ ᠬᠣᠣᠷ ᠨᠢᠭᠡᠨᠲᠡ ᠴᠢᠰᠤᠨ ᠳ᠋ᠤ᠌ ᠨᠡᠪᠴᠢᠭᠰᠡᠨ ᠭᠡᠵᠦ ᠮᠡᠳᠡᠭᠳᠡᠵᠦ᠂ 
       — ᠣᠳᠣ ᠪᠦᠬᠦ ᠪᠡᠶ᠎ᠡ ᠶ᠋ᠢᠨ ᠴᠢᠰᠤ ᠶ᠋ᠢ ᠰᠣᠯᠢᠪᠠᠯ ᠬᠡᠳᠦᠨ ᠰᠠᠷ᠎ᠠ ᠶ᠋ᠢᠨ ᠠᠮᠢ ᠨᠠᠰᠤ ᠲᠠᠢ ᠪᠠᠢᠵᠤ ᠮᠡᠳᠡᠨ᠎ᠡ᠃ ᠥᠭᠡᠷ᠎ᠡ ᠶᠠᠮᠠᠷ ᠴᠤ᠌ ᠡᠮᠴᠢᠯᠡᠭᠡ ᠦᠭᠡᠢ ᠪᠣᠯᠤᠭᠰᠠᠨ᠃ ᠣᠳᠣ ᠪᠢᠳᠡᠨ ᠦ᠌ ᠬᠢᠵᠦ ᠴᠢᠳᠠᠬᠤ ᠴᠣᠷ ᠤ᠋ᠨ ᠭᠠᠭᠴᠠ ᠵᠦᠢᠯ ᠪᠣᠯ ᠰᠡᠭᠦᠯᠴᠢ ᠶ᠋ᠢᠨ ᠬᠤᠭᠤᠴᠠᠭᠠᠨ ᠳ᠋ᠤ᠌ ᠳᠤᠲᠠᠭᠤ ᠰᠢᠭ᠋ ᠵᠣᠪᠠᠭᠠᠬᠤ ᠶ᠋ᠢ ᠯᠡ ᠪᠣᠳᠣᠬᠤ ᠬᠡᠷᠡᠭ ᠭᠡᠯ᠎ᠡ᠃ 
       ᠰᠠᠢᠰᠢᠶᠠᠯᠲᠤ ᠴᠣ ᠥᠪᠡᠷ ᠦ᠋ᠨ ᠪᠡᠶ᠎ᠡ ᠶ᠋ᠢᠨ ᠪᠠᠢᠳᠠᠯ ᠢ᠋ᠶ᠋ᠠᠨ ᠮᠡᠳᠡᠭᠡᠳ《ᠬᠤᠷᠳᠤᠨ ᠬᠠᠷᠢᠶ᠎ᠠ》 ᠭᠡᠳ ᠶᠠᠭᠠᠷᠠᠬᠤ ᠪᠣᠯᠪᠠ᠃ ᠲᠡᠳᠡ ᠠᠷᠭ᠎ᠠ ᠶ᠋ᠢᠨ ᠴᠠᠭᠠᠨ ᠰᠠᠷ᠎ᠠ ᠶ᠋ᠢ ᠪᠡᠭᠡᠵᠢᠩ ᠳ᠋ᠦ᠍ ᠥᠩᠭᠡᠷᠡᠭᠦᠯᠦᠭᠡᠳ ᠭᠡᠷ ᠲᠡᠭᠡᠨ ᠬᠠᠷᠢᠵᠤ ᠢᠷᠡᠯ᠎ᠡ᠃  ᠬᠠᠷᠢᠵᠤ ᠢᠷᠡᠭᠰᠡᠨ ᠬᠡᠳᠦ ᠬᠣᠨᠣᠭ ᠲᠤ᠌ ᠲᠡᠷᠡ᠂ ᠥᠪᠡᠷ ᠦ᠋ᠨ ᠡᠪᠡᠳᠴᠦ ᠰᠢᠨᠠᠯᠬᠤ ᠪᠠᠨ ᠲᠡᠰᠪᠦᠷᠢᠯᠡᠨ᠂ ᠭᠡᠷᠭᠡᠢ ᠬᠡᠦᠬᠡᠳ ᠦ᠋ᠳ ᠲᠡᠢ ᠪᠡᠨ ᠰᠡᠭᠦᠯᠴᠢ ᠶ᠋ᠢᠨ ᠡᠳᠦᠷ ᠬᠣᠨᠣᠭ ᠤ᠋ᠳ ᠢ᠋ᠶ᠋ᠠᠨ ᠠᠯᠢ ᠪᠣᠯᠬᠤ ᠪᠠᠷ ᠬᠥᠷ ᠬᠥᠭᠵᠢᠯᠲᠡᠢ ᠥᠩᠭᠡᠷᠡᠭᠡᠬᠦ ᠶ᠋ᠢ ᠪᠣᠳᠣᠨ᠎ᠠ᠃ ᠵᠣᠪᠠᠵᠤ ᠰᠢᠨᠠᠯᠤᠨ ᠰᠡᠳᠬᠢᠯ ᠢ᠋ᠶ᠋ᠡᠷ ᠤᠨᠠᠵᠤ᠂ ᠥᠪᠡᠷ ᠡᠴᠡ ᠨᠢ ᠴᠦ᠍ ᠳᠡᠭᠡᠷ᠎ᠡ ᠦᠭᠡᠢ ᠴᠢᠷᠠᠢ ᠠᠯᠳᠠᠭᠰᠠᠨ ᠬᠠᠢᠷᠠᠲᠤ ᠪᠦᠰᠡᠭᠦᠢ ᠪᠡᠨ ᠵᠦᠳᠡᠭᠡᠵᠦ ᠵᠣᠪᠠᠭᠠᠬᠤ ᠦᠭᠡᠢ ᠪᠠᠢᠬᠤ ᠶ᠋ᠢ ᠬᠢᠴᠢᠶᠡᠨ᠎ᠡ᠃ ᠥᠪᠡᠷ ᠦ᠋ᠨ ᠡᠪᠡᠳᠴᠢᠨ ᠦ᠌ ᠲᠠᠷᠴᠢᠯᠠᠭᠠᠯ ᠪᠠ ᠦᠬᠦᠯ ᠦ᠋ᠨ ᠲᠤᠬᠠᠢ ᠠᠶᠤᠵᠤ ᠰᠦᠷᠳᠡᠭᠰᠡᠨ ᠦᠭᠡᠢ᠃ ᠬᠠᠷᠢᠨ ᠭᠠᠯ ᠵᠠᠯᠠᠭᠤ ᠪᠠᠷ ᠢ᠋ᠶ᠋ᠠᠨ ᠤᠯᠠᠭᠠᠨ ᠨᠢᠯᠵᠠᠷᠠᠢ ᠬᠡᠦᠬᠡᠳ ᠦ᠋ᠳ ᠲᠡᠢ ᠪᠡᠨ ᠦᠯᠡᠳᠡᠬᠦ ᠭᠡᠵᠦ ᠪᠠᠢᠭ᠎ᠠ ᠪᠦᠰᠡᠭᠦᠢ ᠪᠡᠨ ᠪᠣᠳᠣᠬᠤ ᠳ᠋ᠤ᠌ ᠡᠯᠢᠭᠡ ᠡᠮᠲᠡᠷᠡᠨ ᠵᠣᠪᠠᠨ᠎ᠠ᠃ ᠡᠨᠡ ᠮᠠᠨᠢ ᠬᠣᠵᠢᠮ ᠤ᠋ᠨ ᠤᠷᠲᠤ ᠤᠳᠠᠭᠠᠨ ᠬᠣᠨᠣᠭ ᠡᠳᠦᠷ ᠦ᠋ᠳ ᠲᠦ᠍ ᠶᠠᠭᠠᠬᠢᠵᠤ ᠴᠤ᠌ ᠵᠣᠪᠠᠵᠤ ᠵᠦᠳᠡᠳᠡᠭ ᠪᠣᠯ ᠳᠠ ᠭᠡᠵᠦ ᠪᠣᠳᠣᠬᠤ ᠳ᠋ᠤ᠌ ᠪᠡᠶ᠎ᠡ ᠳ᠋ᠡᠭᠡᠨ ᠤᠴᠠᠭᠠᠷᠳᠠᠨ᠎ᠠ᠃ ᠬᠡᠷᠪᠡ ᠡᠬᠡᠨᠡᠷ ᠦ᠋ᠨ ᠢ᠋ᠶ᠋ᠡᠨ ᠦᠭᠡ ᠶ᠋ᠢ ᠰᠣᠨᠣᠰᠴᠤ ᠡᠷᠲᠡᠬᠡᠨ ᠦᠵᠡᠭᠦᠯᠦᠭᠰᠡᠨ ᠪᠣᠯ᠂ ᠤᠯᠠᠭᠠᠨᠬᠠᠳᠠ ᠳ᠋ᠤ᠌ ᠵᠥᠪ ᠵᠦᠭᠡᠷ ᠨᠢᠭᠡ ᠰᠠᠷ᠎ᠠ ᠰᠠᠭᠠᠲᠠᠭᠰᠠᠨ ᠦᠭᠡᠢ ᠰᠠᠨ ᠪᠣᠯ ᠲᠡᠷᠡ ᠣᠳᠣ ᠪᠦᠷᠢᠮᠦᠰᠦᠨ ᠡᠷᠡᠭᠦᠯᠵᠢᠭᠡᠳ ᠪᠠᠢᠬᠤ ᠪᠣᠯᠤᠯᠴᠠᠭ᠎ᠠ ᠲᠠᠢ ᠰᠠᠨ᠃ ᠡᠬᠢᠯᠡᠩᠭᠦᠲᠡ ᠪᠡᠭᠡᠵᠢᠩ ᠳ᠋ᠦ᠍ ᠣᠴᠢᠭᠰᠠᠨ ᠪᠣᠯ ᠣᠳᠣ ᠶᠠᠭᠤ ᠭᠡᠵᠦ ᠢᠩᠭᠢᠵᠦ ᠡᠳᠦᠷ ᠢ᠋ᠶ᠋ᠡᠨ ᠬᠦᠯᠢᠶᠡᠵᠦ ᠬᠡᠪᠲᠡᠬᠦ ᠪᠢᠯᠡ᠃ ᠣᠳᠣ ᠶᠠᠭᠤ ᠬᠡᠯᠡᠭᠰᠡᠨ ᠴᠦ᠍ ᠣᠷᠣᠢᠲᠠᠵᠠᠢ᠃  ᠦᠬᠦᠯ ᠬᠠᠭᠠᠴᠠᠯ ᠤ᠋ᠨ ᠪᠠᠷᠠᠭᠠᠨ ᠰᠡᠭᠦᠳᠡᠷ ᠡᠳᠡᠨ ᠦ᠌ ᠬᠢ ᠤᠷᠤᠭᠤ ᠬᠣᠨᠣᠭ ᠲᠣᠭᠠᠯᠠᠨ ᠣᠢᠷᠠᠲᠤᠭᠰᠠᠭᠠᠷ ᠪᠠᠢᠯ᠎ᠠ᠃  
       ᠰᠢᠨ᠎ᠡ ᠵᠢᠯ ᠣᠢᠷᠠᠳᠴᠤ ᠬᠥᠮᠦᠰ ᠰᠢᠨᠡᠯᠡᠬᠦ ᠭᠡᠵᠦ ᠶᠠᠭᠠᠷᠠᠵᠠᠭᠠᠨ᠎ᠠ᠃ ᠰᠠᠳᠤᠨ ᠲᠥᠷᠥᠯ᠂ ᠨᠠᠢᠵᠠ ᠨᠥᠬᠥᠳ ᠨᠢ ᠡᠭᠡᠯᠵᠢ ᠬᠠᠯᠠᠭ᠎ᠠ ᠪᠠᠷ ᠡᠷᠭᠢᠵᠦ ᠲᠣᠭᠣᠷᠢᠨ ᠡᠳᠡᠨ ᠦ᠌ ᠬᠢ ᠬᠥᠯ ᠤᠯᠠ ᠣᠯᠠᠨ ᠲᠠᠢ ᠪᠠᠢᠯ᠎ᠠ᠃ ᠥᠨᠥᠳᠥᠷ ᠭᠠᠯ ᠲᠠᠬᠢᠯᠭ᠎ᠠ ᠶ᠋ᠢᠨ ᠬᠣᠷᠢᠨ ᠭᠤᠷᠪᠠᠨ ᠪᠣᠯᠤᠭᠰᠠᠨ ᠲᠤᠯᠠ ᠬᠥᠮᠦᠰ ᠭᠡᠷ ᠭᠡᠷ ᠲᠡᠭᠡᠨ ᠰᠢᠨᠡᠯᠡᠬᠦ ᠪᠡᠷ ᠬᠠᠷᠢᠵᠠᠭᠠᠪᠠ᠃ 
        ᠭᠠᠪᠢᠷ᠎ᠠ ᠭᠡᠷ ᠦ᠋ᠨ ᠲᠣᠭᠣᠰᠣ ᠳᠠᠭᠲᠤᠷ ᠭᠦᠪᠢᠵᠦ ᠴᠡᠪᠡᠷᠯᠡᠨ ᠬᠡᠦᠬᠡᠳ ᠦ᠋ᠳ ᠢ᠋ᠶ᠋ᠡᠨ ᠤᠬᠢᠶᠠᠵᠤ ᠠᠷᠴᠢᠬᠤ ᠭᠡᠳ ᠶᠠᠭᠠᠷᠠᠨ᠎ᠠ ᠃ ᠭᠠᠯ ᠲᠠᠬᠢᠯᠭ᠎ᠠ ᠶ᠋ᠢᠨ ᠰᠢᠭᠦᠰᠦ ᠪᠡᠨ ᠴᠢᠨᠠᠵᠤ ᠢᠳᠡᠭᠡ ᠴᠠᠭ᠎ᠠ ᠪᠠᠨ ᠪᠡᠯᠡᠳᠬᠡᠪᠡ᠃ ᠶᠠᠭᠤ ᠴᠤ᠌ ᠭᠡᠰᠡᠨ ᠡᠨᠡ ᠪᠣᠯ ᠨᠥᠬᠥᠷ ᠲᠡᠢ ᠪᠡᠨ ᠬᠠᠯᠠᠭᠤᠨ ᠪᠦᠯᠢ ᠪᠡᠷ ᠢ᠋ᠶ᠋ᠡᠨ ᠬᠠᠮᠲᠤ ᠥᠩᠭᠡᠷᠡᠭᠦᠯᠬᠦ ᠡᠴᠦᠰ ᠦ᠋ᠨ ᠨᠢᠭᠡᠨ ᠭᠠᠯ ᠲᠠᠬᠢᠯᠭ᠎ᠠ ᠪᠣᠯᠬᠤ ᠨᠢ ᠮᠡᠳᠡᠭᠡᠵᠢ ᠶ᠋ᠢᠨ ᠬᠡᠷᠡᠭ ᠪᠣᠯᠤᠭᠰᠠᠨ ᠲᠤᠯᠠ ᠲᠡᠷᠡ ᠪᠦᠬᠦ ᠶᠠᠭᠤᠮ᠎ᠠ ᠶ᠋ᠢ ᠵᠤᠷᠰᠢᠯ ᠶᠣᠰᠣᠭᠠᠷ ᠡᠯᠪᠡᠭ ᠲᠠᠩᠰᠤᠭ ᠪᠡᠯᠡᠳᠬᠡᠨ ᠲᠥᠬᠥᠭᠡᠷᠴᠦ ᠪᠠᠢᠯ᠎ᠠ᠃  
       ᠰᠠᠢᠰᠢᠶᠠᠯᠳᠤ ᠣᠷᠴᠢᠮ ᠤ᠋ᠨ ᠨᠢᠭᠡᠨ ᠭᠠᠷᠠᠭ ᠲᠤ᠌ ᠶᠠᠭᠤ ᠴᠤ᠌ ᠢᠳᠡᠵᠦ ᠤᠤᠭᠤᠵᠤ ᠣᠷᠣᠬᠤ ᠦᠭᠡᠢ ᠪᠣᠯᠤᠭᠰᠠᠨ ᠪᠥᠭᠡᠳ ᠬᠡᠴᠡᠭᠦᠦ ᠰᠢᠨᠠᠯᠤᠨ ᠡᠪᠡᠳᠴᠦ᠂ ᠦᠷᠭᠦᠯᠵᠢ ᠳᠣᠣᠷ᠎ᠠ ᠬᠠᠯᠠᠭᠤᠷᠠᠨ᠂ ᠶᠡᠷᠦ ᠤᠨᠲᠠᠵᠤ ᠴᠢᠳᠠᠬᠤ ᠦᠭᠡᠢ ᠵᠣᠪᠠᠳᠠᠭ ᠪᠠᠢᠭᠰᠠᠨ ᠢ᠋ᠶ᠋ᠠᠨ ᠥᠨᠥᠳᠥᠷ ᠬᠠᠷᠢᠨ ᠪᠡᠶ᠎ᠡ ᠨᠢ ᠨᠢᠭᠡ ᠯᠡ ᠭᠠᠢᠬᠠᠯᠲᠠᠢ ᠲᠡᠭᠰᠢᠷᠡᠵᠦ ᠲᠠᠢᠪᠤᠰᠢᠷᠠᠭᠠᠳ ᠬᠠᠯᠠᠭᠤᠷᠠᠭᠰᠠᠨ ᠴᠤ᠌ ᠦᠭᠡᠢ᠂ ᠶᠡᠬᠡ ᠯᠡ ᠴᠣᠭ ᠵᠢᠪᠬᠤᠭ᠎ᠠ ᠲᠠᠢ ᠪᠠᠢᠯ᠎ᠠ᠃ 
       ᠭᠠᠪᠢᠶ᠎ᠠ ᠭᠡᠷ ᠲᠡᠭᠡᠨ ᠦᠰᠦ ᠵᠠᠰᠠᠭᠴᠢ ᠶ᠋ᠢ ᠠᠪᠴᠢᠷᠠᠨ᠂ ᠨᠥᠬᠥᠷ ᠦ᠋ᠨ ᠢ᠋ᠶ᠋ᠡᠨ ᠦᠰᠦ ᠶ᠋ᠢ ᠵᠠᠰᠠᠭᠤᠯᠵᠤ᠂ ᠪᠡᠶ᠎ᠡ ᠶ᠋ᠢ ᠨᠢ ᠵᠦᠯᠭᠦᠨ ᠤᠬᠢᠶᠠᠵᠤ᠂ ᠬᠥᠯ ᠭᠠᠷ ᠤ᠋ᠨ ᠬᠢᠨᠢ ᠬᠢᠮᠤᠰᠤ ᠶ᠋ᠢ ᠬᠦᠷᠲᠡᠯ᠎ᠡ ᠵᠠᠰᠠᠵᠤ ᠥᠭᠭᠦᠭᠡᠳ ᠥᠪᠴᠢ ᠰᠢᠨ᠎ᠡ ᠬᠤᠪᠴᠠᠰᠤ ᠰᠣᠯᠢᠵᠤ ᠡᠮᠦᠰᠬᠡᠨ᠂ ᠳᠠᠷᠢ ᠲᠡᠭᠰᠢ ᠬᠤᠪᠴᠠᠯᠠᠨ᠂ ᠭᠠᠯ ᠲᠠᠬᠢᠯᠭ᠎ᠠ ᠪᠠᠨ ᠡᠬᠢᠯᠡᠬᠦ ᠪᠡᠷ ᠪᠡᠯᠡᠳᠬᠡᠵᠦ ᠪᠠᠷᠠᠪᠠ᠃  ᠲᠠᠪᠤᠨ ᠴᠠᠭ ᠥᠩᠭᠡᠷᠡᠭᠡᠳ ᠭᠠᠯ ᠪᠤᠷᠬᠠᠨ ᠢ᠋ᠶ᠋ᠠᠨ ᠳᠠᠬᠢᠵᠤ᠂ ᠢᠳᠡᠭᠡ ᠴᠠᠢ ᠶ᠋ᠢᠨ ᠳᠡᠭᠡᠵᠢ ᠪᠡᠨ ᠲᠩᠷᠢ ᠭᠠᠵᠠᠷ ᠲᠤ᠌ ᠡᠷᠭᠦᠵᠦ᠂ ᠬᠡᠳᠦᠢᠪᠡᠷ ᠤᠰᠤ ᠴᠤ᠌ ᠵᠠᠯᠭᠢᠵᠤ ᠣᠷᠣᠬᠤ ᠦᠭᠡᠢ ᠪᠣᠯᠤᠭᠰᠠᠨ ᠴᠤ᠌ ᠨᠥᠬᠥᠷ ᠢ᠋ᠶ᠋ᠡᠨ ᠰᠢᠷᠡᠭᠡᠨ ᠳ᠋ᠦ᠍ ᠰᠠᠭᠤᠯᠭᠠᠵᠤ᠂ ᠭᠠᠯ ᠤ᠋ᠨ ᠢ᠋ᠶ᠋ᠠᠨ ᠬᠡᠰᠢᠭ ᠳᠡᠭᠡᠵᠢ ᠪᠡᠨ ᠭᠡᠷ ᠦ᠋ᠨ ᠡᠵᠡᠨ ᠳ᠋ᠡᠭᠡᠨ ᠠᠮᠰᠠᠭᠤᠯᠪᠠ᠃ ᠬᠡᠦᠬᠡᠳ ᠦ᠋ᠳ ᠨᠢ ᠬᠦᠷᠢᠶᠡᠨ ᠳ᠋ᠡᠭᠡᠨ ᠫᠤᠤᠵᠢᠩ ᠲᠠᠯᠪᠢᠨ ᠬᠥᠭᠵᠢᠯᠳᠦᠨ᠎ᠡ᠃  ᠭᠠᠳᠠᠨ᠎ᠠ ᠴᠠᠰᠤ ᠠᠶᠠᠷᠬᠠᠨ ᠪᠤᠲᠠᠷᠠᠨ ᠬᠠᠶᠠᠯᠠᠵᠤ ᠪᠠᠢᠯ᠎ᠠ᠃ ᠭᠠᠪᠢᠷ᠎ᠠ᠂ ᠬᠡᠦᠬᠡᠳ ᠦ᠋ᠳ ᠢ᠋ᠶ᠋ᠡᠨ ᠥᠷᠥᠭᠡᠨ ᠳ᠋ᠦ᠍ᠨᠢ ᠣᠷᠣᠭᠤᠯᠤᠨ ᠤᠨᠲᠠᠭᠤᠯᠤᠭᠠᠳ᠂ ᠬᠣᠶᠠᠭᠤᠯᠠ ᠶ᠋ᠢᠨ ᠢ᠋ᠶ᠋ᠡᠨ ᠣᠷᠣᠨ ᠤ᠋ ᠪᠦᠲᠡᠭᠡᠯᠭᠡ᠂ ᠬᠥᠨᠵᠢᠯᠡ ᠶ᠋ᠢᠨ ᠳᠣᠲᠣᠷ ᠢ᠋ ᠪᠦᠬᠦᠨ ᠢ᠋ ᠰᠣᠯᠢᠭᠠᠳ᠂ ᠴᠡᠪᠡᠷ ᠵᠥᠭᠡᠯᠡᠨ ᠳᠡᠪᠢᠰᠬᠡᠷ ᠳᠠᠪᠬᠤᠷᠯᠠᠨ ᠨᠥᠬᠥᠷ ᠢ᠋ᠶ᠋ᠡᠨ ᠬᠡᠪᠲᠡᠭᠦᠯᠬᠦ ᠭᠡᠰᠡᠨ ᠳ᠋ᠦ᠍᠂ ᠰᠠᠢᠰᠢᠶᠠᠯᠲᠤ 
       — ᠬᠣᠶᠠᠭᠤᠯᠠ ᠵᠢᠭᠠᠬᠠᠨ ᠶᠠᠷᠢᠭᠠᠳ ᠰᠠᠭᠤᠶ᠎ᠠ ᠭᠡᠳ ᠣᠷᠣᠨ ᠤ᠋ ᠪᠠᠨ ᠲᠣᠯᠣᠭᠠᠢ ᠶ᠋ᠢ ᠳᠥᠰᠢᠨ ᠰᠠᠭᠤᠪᠠ᠃ ᠭᠠᠪᠢᠷ᠎ᠠ ᠣᠷᠣᠨ ᠳ᠋ᠤ᠌ ᠭᠠᠷᠴᠤ ᠰᠠᠭᠤᠭᠠᠳ 
       — ᠲᠡᠭᠡᠶ᠎ᠡ᠂ ᠨᠠᠭᠠᠰᠢ ᠪᠠᠨ ᠪᠢ ᠴᠢᠮᠠᠶ᠋ᠢ ᠲᠡᠪᠡᠷᠢᠭᠡᠳ ᠰᠠᠭᠤᠶ᠎ᠠ ᠭᠡᠯ᠎ᠡ᠃ ᠰᠠᠢᠰᠢᠶᠠᠯᠳᠤ ᠡᠬᠡᠨᠡᠷ ᠦ᠋ᠨ ᠢ᠋ᠶ᠋ᠡᠨ ᠴᠡᠭᠡᠵᠢᠨ ᠳ᠋ᠦ᠍ ᠨᠠᠭᠠᠯᠳᠤᠨ᠂ ᠭᠠᠷ ᠢ᠋ ᠨᠢ ᠢᠯᠪᠢᠨ ᠠᠳᠬᠤᠵᠤ 
       — ᠮᠢᠨᠦ ᠬᠥᠭᠰᠢᠨ᠂ ᠴᠢ ᠪᠣᠯ ᠪᠤᠷᠬᠠᠨ ᠨᠠᠳᠠᠳᠤ ᠬᠠᠢᠷᠠᠯᠠᠭᠰᠠᠨ ᠬᠠᠮᠤᠭ ᠤ᠋ᠨ ᠡᠷᠬᠢᠮ ᠨᠠᠨᠳᠢᠨ ᠪᠡᠯᠡᠭ ᠶᠦᠮ ᠰᠢᠦ᠂ ᠮᠥᠨ ᠴᠦ᠍ ᠬᠡᠦᠬᠡᠳ ᠦ᠋ᠳ ᠦ᠋ᠨ ᠮᠢᠨᠢ ᠰᠠᠢᠨ ᠡᠵᠢ ᠪᠢᠯᠡ᠃ ᠴᠢ ᠪᠣᠯ ᠤᠬᠠᠭᠠᠨ ᠰᠡᠷᠭᠦᠯᠡᠩ ᠰᠠᠢᠨ ᠪᠦᠰᠡᠭᠦᠢ᠃ ᠬᠣᠵᠢᠮ ᠵᠠᠪᠠᠯ ᠰᠠᠢᠬᠠᠨ ᠠᠮᠢᠳᠤᠷᠠᠵᠤ ᠶᠠᠪᠤᠬᠤ ᠶᠤᠮ ᠰᠢᠦ᠃ ᠭᠤᠨᠢᠭ ᠭᠤᠲᠤᠷᠠᠯ ᠢ᠋ᠶ᠋ᠠᠷ ᠬᠦᠴᠦᠨ ᠪᠣᠯᠭᠠᠵᠤ᠂ ᠬᠡᠦᠬᠡᠳ ᠦ᠋ᠳ ᠢ᠋ᠶ᠋ᠡᠨ ᠰᠠᠢᠬᠠᠨ ᠬᠥᠮᠦᠵᠢᠭᠦᠯᠵᠦ ᠥᠰᠬᠡᠬᠦ ᠶ᠋ᠢ ᠨᠠᠢᠳᠠᠶ᠎ᠠ᠃ ᠡᠪᠦᠭᠡᠨ ᠳ᠋ᠦ᠍ᠨᠢ ᠣᠳᠣ ᠳᠡᠮᠡᠢ ᠬᠡᠳᠦᠨ ᠡᠳᠦᠷ ᠦᠭᠡᠢ ᠪᠣᠯᠤᠭᠰᠠᠨ ᠠ᠋ ᠭᠡᠪᠡ᠃ 
       — ᠴᠢᠮ᠎ᠠ ᠶ᠋ᠢ ᠦᠭᠡᠢ ᠪᠡᠷ ᠮᠢᠨᠦ ᠠᠮᠢᠳᠤᠷᠠᠯ ᠰᠠᠢᠬᠠᠨ ᠪᠠᠢᠵᠤ ᠴᠢᠳᠠᠨ᠎ᠠ ᠤᠤ? ᠡᠪᠦᠭᠡᠨ ᠮᠢᠨᠢ ᠳᠡ᠂ ᠡᠪᠦᠭᠡᠨ ᠮᠢᠨᠢ! ᠶᠠᠭᠤᠨ ᠳ᠋ᠤ᠌ ᠲᠡᠭᠡᠵᠦ ᠠᠮᠢ ᠪᠡᠶ᠎ᠡ ᠪᠡᠨ ᠬᠠᠢᠬᠤᠷᠬᠤ ᠦᠭᠡᠢ ᠶᠠᠪᠤᠳᠠᠭ ᠪᠠᠢᠭᠰᠠᠨ ᠪᠣᠢ? ᠭᠡᠳ ᠭᠠᠪᠢᠷ᠎ᠠ ᠶ᠋ᠢᠨ ᠨᠢᠯᠪᠤᠰᠤ ᠬᠡᠯᠬᠢᠶ᠎ᠡ ᠨᠢ ᠲᠠᠰᠤᠷᠠᠭᠰᠠᠨ ᠰᠤᠪᠤᠳ ᠰᠢᠭ᠋ ᠪᠥᠮᠪᠥᠷᠢᠨ᠎ᠡ᠃ 
       — ᠬᠠᠷᠢᠨ ᠲᠡᠢᠮᠦ ᠠ᠋᠃ ᠡᠪᠦᠭᠡᠨ ᠨᠢ ᠣᠳᠣ ᠯᠠ ᠰᠠᠶᠢ ᠭᠡᠮᠰᠢᠵᠦ ᠪᠠᠢᠨ᠎ᠠ᠃ 
       — ᠴᠢ ᠦᠬᠦᠵᠦ ᠪᠣᠯᠬᠤ ᠦᠭᠡᠢ᠂ ᠮᠡᠳᠡᠪᠡ ᠤᠤ? ᠪᠢ ᠴᠢᠮ᠎ᠠ ᠲᠠᠢ ᠠᠮᠢᠳᠤᠷᠠᠵᠤ ᠤᠢᠳᠬᠤ ᠶ᠋ᠢ ᠪᠦᠦ ᠬᠡᠯᠡ᠂ ᠠᠮᠠᠷᠠᠭᠯᠠᠵᠤ ᠪᠠᠰᠠ ᠬᠠᠨᠤᠭ᠎ᠠ ᠦᠭᠡᠢ᠃ ᠮᠡᠳᠡᠨ᠎ᠡ ᠤᠤ᠂ ᠴᠢ? ᠣᠳᠣ ᠢᠷᠡᠬᠦ ᠡᠨᠡ ᠵᠢᠯ ᠦ᠋ᠨ ᠨᠠᠢ᠍ᠮᠠᠨ ᠰᠠᠷ᠎ᠠ ᠶ᠋ᠢᠨ ᠬᠣᠷᠢᠨ ᠲᠠᠪᠤᠨ ᠪᠣᠯ ᠪᠢᠳᠡ ᠬᠣᠶᠠᠷ ᠤ᠋ᠨ ᠬᠤᠷᠢᠮᠯᠠᠭᠰᠠᠨ ᠠᠷᠪᠠᠨ ᠵᠢᠯ ᠦ᠋ᠨ ᠣᠢ᠂ ᠮᠠᠷᠲᠠᠭ᠎ᠠ ᠦᠭᠡᠢ ᠪᠢᠵᠡ ᠳᠡ? ᠭᠡᠳ ᠭᠠᠪᠢᠷ᠎ᠠ ᠪᠦᠷ ᠴᠦ᠍ ᠮᠡᠭᠰᠢᠭᠦᠯᠪᠡ᠃ 
       — ᠶᠠᠭᠤ ᠭᠡᠵᠦ ᠮᠠᠷᠲᠠᠬᠤ ᠪᠢᠯᠡ ᠳᠠ᠂ ᠲᠡᠷᠡ ᠰᠠᠢᠬᠠᠨ ᠡᠳᠦᠷ ᠦ᠋ᠳ ᠢ᠋ᠶ᠋ᠡᠨ! ᠪᠢᠲᠡᠭᠡᠢ ᠤᠬᠢᠯᠠ ᠠ᠋᠂ ᠮᠢᠨᠦ ᠬᠥᠭᠰᠢᠨ᠃ ᠬᠥᠶᠢ᠂ ᠪᠢᠳᠡ ᠬᠣᠶᠠᠷ ᠤ᠋ᠨ ᠬᠤᠷᠢᠮᠯᠠᠭᠰᠠᠨ ᠣᠷᠣᠢ ᠪᠠᠨ ᠨᠥᠮᠥᠷᠦᠭᠰᠡᠨ ᠨᠥᠭᠦᠭᠡ ᠠᠯᠲᠠᠨ ᠰᠠᠷᠭᠠᠢ ᠬᠡ ᠲᠡᠢ ᠤᠯᠠᠭᠠᠨ ᠲᠣᠷᠭᠠᠨ ᠬᠥᠨᠵᠢᠯᠡ ᠪᠡᠨ ᠭᠠᠷᠭᠠᠭᠠᠳ ᠢᠷ᠎ᠡ᠂ ᠡᠨᠡ ᠣᠷᠣᠢ ᠬᠣᠶᠠᠭᠤᠯᠠ ᠨᠥᠮᠥᠷᠴᠦ ᠤᠨᠲᠠᠶ᠎ᠠ ᠭᠡᠯ᠎ᠡ᠃  
       ᠭᠠᠪᠢᠷ᠎ᠠ ᠪᠣᠰᠴᠤ ᠬᠤᠪᠴᠠᠰᠤᠨ ᠤ᠋ ᠲᠣᠮᠣ ᠮᠣᠳᠣᠨ ᠬᠣᠷᠭᠣ ᠪᠠᠨ ᠠᠭᠤᠳᠠᠯᠤᠨ ᠲᠡᠷᠡᠬᠦ ᠨᠠᠨᠳᠢᠨ ᠳᠤᠷᠠᠰᠬᠠᠯ ᠲᠠᠢ ᠬᠥᠨᠵᠢᠯᠡ ᠪᠡᠨ ᠭᠠᠷᠭᠠᠵᠤ ᠠᠪᠴᠢᠷᠠᠯ᠎ᠠ᠃  ᠬᠣᠶᠠᠭᠤᠯᠠ ᠰᠠᠷᠭᠠᠢ ᠬᠡ ᠲᠡᠢ ᠲᠣᠷᠭᠠᠨ ᠬᠥᠨᠵᠢᠯᠡ ᠪᠡᠨ ᠨᠥᠮᠥᠷᠦᠨ ᠬᠡᠪᠲᠡᠯ᠎ᠡ᠃ ᠰᠠᠢᠰᠢᠶᠠᠯᠲᠤ᠂ ᠪᠦᠰᠡᠭᠦᠢ ᠪᠡᠨ ᠪᠡᠶ᠎ᠡ ᠥᠭᠡᠳᠡ ᠪᠡᠨ ᠲᠡᠳᠡᠨ ᠲᠡᠪᠡᠷᠢᠵᠦ ᠣᠮᠣᠭᠣᠯᠳᠠᠭᠰᠠᠨ ᠤᠷᠤᠭᠤᠯ ᠢ᠋ᠶ᠋ᠠᠷ ᠢ᠋ᠶ᠋ᠠᠨ ᠮᠠᠩᠨᠠᠢ ᠳᠡᠭᠡᠷ᠎ᠡ ᠨᠢ ᠦᠨᠦᠷᠯᠡᠨ ᠦᠨᠦᠰᠦᠭᠡᠳ 
       — ᠡᠨᠡ ᠬᠥᠨᠵᠢᠯᠡ ᠶᠠᠭᠠᠬᠢᠭᠰᠠᠨ ᠭᠣᠶᠣ ᠦᠨᠦᠷ ᠲᠡᠢ ᠪᠣᠢ! ᠶᠠᠮᠠᠷ ᠦᠨᠦᠷ ᠢ᠋ ᠮᠡᠳᠡᠨ᠎ᠡ ᠤᠤ? 
       — ᠮᠡᠳᠡᠬᠦ ᠦᠭᠡᠢ᠃ 
       — ᠴᠢᠨᠦ ᠥᠬᠢᠨ ᠪᠡᠶ᠎ᠡ ᠶ᠋ᠢᠨ ᠴᠢᠨᠢ ᠦᠨᠦᠷ ᠰᠢᠩᠭᠡᠴᠢᠬᠡᠵᠡᠢ᠃  ᠭᠠᠪᠢᠷ᠎ᠠ ᠨᠢᠯᠪᠤᠰᠤ ᠲᠠᠢ ᠨᠢᠳᠦ ᠪᠡᠷ ᠢ᠋ᠶ᠋ᠡᠨ ᠨᠥᠬᠥᠷ ᠢ᠋ᠶ᠋ᠡᠨ ᠬᠠᠢᠷᠠᠯᠠᠨ ᠰᠢᠷᠳᠡᠭᠡᠳ 
       — ᠴᠢᠨᠦ ᠬᠥᠯᠥᠰᠥᠨ ᠦ᠌ ᠦᠨᠦᠷ ᠴᠦ᠍ ᠦᠨᠦᠷᠲᠦᠭᠳᠡᠵᠦ ᠪᠠᠢᠨ᠎ᠠ ᠭᠡᠳ ᠢᠨᠢᠶᠡᠨ᠎ᠡ᠃  
       ᠬᠣᠶᠠᠭᠤᠯᠠ ᠢᠩᠭᠢᠵᠦ ᠬᠡᠯᠡᠯᠴᠡᠨ ᠬᠡᠪᠲᠡᠵᠦ ᠪᠠᠢᠭᠰᠠᠭᠠᠷ ᠭᠠᠪᠢᠷ᠎ᠠ ᠲᠦᠷ ᠵᠡᠭᠦᠷᠮᠡᠭᠯᠡᠭᠡᠳ ᠠᠪᠴᠠᠢ᠃ ᠰᠠᠢᠰᠢᠶᠠᠯᠳᠤ ᠭᠡᠨᠡᠳᠲᠡ ᠬᠠᠴᠢᠨ ᠨᠢᠭᠡ ᠴᠡᠴᠡᠨ ᠬᠠᠨᠢᠶᠠᠯᠭᠠᠵᠤ ᠠᠪᠤᠭᠠᠳ ᠣᠬᠢᠭᠤᠯᠤᠭᠰᠠᠨ ᠳ᠋ᠤ᠌ ᠴᠢᠰᠤ ᠪᠠᠷ ᠪᠥᠭᠡᠯᠵᠢᠵᠦ ᠡᠬᠢᠯᠡᠯ᠎ᠡ᠃ ᠭᠠᠪᠢᠷ᠎ᠠ ᠠᠶᠤᠬᠤ ᠳ᠋ᠠᠭᠠᠨ ᠤᠬᠠᠭᠠᠨ ᠠᠯᠳᠠᠬᠤ ᠰᠢᠬᠠᠵᠤ ᠠᠪᠤᠭᠠᠳ ᠰᠡᠬᠢᠰᠬᠢᠨ ᠪᠡᠶ᠎ᠡ ᠪᠡᠨ ᠲᠣᠭᠲᠠᠭᠠᠵᠤ ᠤᠴᠢᠷ ᠪᠢᠰᠢ ᠪᠣᠯᠤᠭᠰᠠᠨ ᠢ᠋ ᠤᠬᠠᠭᠠᠷᠠᠨ᠂ ᠶᠡᠬᠡ ᠥᠬᠢᠨ ᠠᠷᠤᠷ᠎ᠠ ᠪᠠᠨ ᠳᠠᠭᠤᠳᠠᠵᠤ ᠪᠤᠰᠬᠠᠭᠠᠳ ᠬᠠᠵᠠᠭᠤ ᠶ᠋ᠢᠨ ᠠᠢᠯ ᠤ᠋ᠨ ᠬᠥᠮᠦᠰ ᠢ᠋ ᠳᠠᠭᠤᠳᠠᠭᠤᠯᠪᠠ᠃ ᠡᠨᠡ ᠬᠣᠭᠣᠷᠣᠨᠳᠣ ᠰᠠᠢᠰᠢᠶᠠᠯᠲᠤ ᠶᠡᠬᠡᠪᠡᠷ ᠴᠢᠰᠤ ᠠᠯᠳᠠᠵᠤ᠂ ᠠᠮᠢᠰᠬᠤᠯ ᠬᠤᠷᠢᠶᠠᠬᠤ ᠶ᠋ᠢᠨ ᠡᠮᠦᠨᠡᠬᠡᠨ ᠪᠦᠰᠡᠭᠦᠢ ᠳ᠋ᠡᠭᠡᠨ《ᠴᠢ ᠪᠢᠲᠡᠭᠡᠢ ᠠᠶᠤ᠂ ᠬᠡᠦᠬᠡᠳ ᠦ᠋ᠳ ᠢ᠋ ᠵᠠᠢᠯᠠᠭᠤᠯ!》 ᠭᠡᠮᠡᠨ ᠬᠡᠯᠡᠵᠦ ᠠᠮᠵᠢᠵᠠᠢ᠃ ᠭᠠᠪᠢᠷ᠎ᠠ᠂ ᠨᠥᠬᠥᠷ ᠦ᠋ᠨ ᠢ᠋ᠶ᠋ᠡᠨ ᠤᠯᠠᠮ ᠢ᠋ᠶ᠋ᠠᠷ ᠬᠥᠰᠢᠵᠦ ᠪᠠᠢᠭ᠎ᠠ ᠪᠡᠶ᠎ᠡ ᠶ᠋ᠢ ᠲᠡᠪᠡᠷᠢᠨ ᠰᠠᠭᠤᠭᠰᠠᠭᠠᠷ ᠪᠠᠢᠯ᠎ᠠ᠃ ᠶᠡᠬᠡ ᠪᠡᠭᠲᠡᠷᠡᠯ᠂ ᠴᠥᠬᠥᠷᠡᠯ ᠭᠤᠨᠢᠭ᠎ᠠ᠋ᠴᠠ ᠪᠠᠨ ᠪᠣᠯᠤᠭᠠᠳ ᠲᠡᠷᠡ ᠤᠬᠢᠯᠠᠵᠤ ᠴᠤ᠌ ᠭᠠᠷᠬᠤ ᠦᠭᠡᠢ ᠪᠣᠯᠴᠢᠬᠠᠵᠠᠢ᠃ 
       ᠠᠢᠯ ᠰᠠᠭᠠᠬᠠᠯᠲᠠ᠂ ᠰᠤᠷᠭᠠᠨ ᠬᠥᠮᠦᠵᠢᠯ ᠦ᠋ᠨ ᠲᠣᠪᠴᠢᠶᠠᠨ ᠤ᠋ ᠳᠠᠷᠤᠭ᠎ᠠ ᠠᠵᠢᠯᠲᠠᠨ ᠨᠠᠷ ᠴᠥᠮ ᠬᠦᠷᠦᠯᠴᠡᠨ ᠢᠷᠡᠵᠡᠭᠡᠪᠡ᠃ ᠡᠮᠴᠢ ᠢᠷᠡᠵᠦ ᠦᠵᠡᠭᠡᠳ《ᠨᠢᠭᠡᠨᠲᠡ ᠥᠩᠭᠡᠷᠡᠴᠢᠬᠡᠵᠡᠢ》 ᠭᠡᠯ᠎ᠡ᠃ ᠢᠷᠡᠭᠰᠡᠨ ᠬᠥᠮᠦᠰ ᠡᠨᠡᠬᠦ ᠨᠢᠭᠡᠨᠲᠡ ᠠᠮᠢᠰᠬᠤᠯ ᠬᠤᠷᠢᠶᠠᠭᠰᠠᠨ ᠨᠥᠬᠥᠷ ᠦ᠋ᠨ ᠢ᠋ᠶ᠋ᠡᠨ ᠴᠣᠭᠴᠠ ᠶ᠋ᠢ ᠲᠡᠪᠡᠷᠢᠨ ᠰᠠᠭᠤᠭᠠᠳ ᠬᠣᠶᠠᠷ ᠨᠢᠳᠦ ᠨᠢ ᠭᠥᠯᠢᠷᠡᠨ ᠲᠣᠭᠲᠠᠭᠰᠠᠨ ᠪᠦᠰᠡᠭᠦᠢ ᠶ᠋ᠢ ᠶᠠᠭᠠᠬᠢᠵᠤ ᠰᠠᠯᠭᠠᠬᠤ ᠪᠠᠨ ᠣᠯᠬᠤ ᠦᠭᠡᠢ ᠬᠡᠰᠡᠭ ᠬᠠᠷᠠᠵᠤ ᠵᠣᠭᠰᠣᠵᠠᠭᠠᠪᠠ᠃ ᠲᠡᠭᠡᠭᠡᠳ ᠴᠢᠯᠠᠭᠤᠨ ᠳᠠᠷᠤᠭ᠎ᠠ ᠤᠷᠢᠳ ᠢ᠋ᠶ᠋ᠠᠷ ᠣᠢᠷᠠᠲᠤᠨ ᠣᠴᠢᠵᠤ 
       — ᠭᠠᠪᠢᠷ᠎ᠠ ᠠ᠋᠂ ᠣᠳᠣ ᠲᠤᠰᠠ ᠦᠭᠡᠢ ᠪᠣᠯᠤᠭᠰᠠᠨ᠂ ᠵᠠᠰᠠᠭᠠᠳ ᠬᠡᠪᠲᠡᠭᠦᠯᠴᠢᠬᠡ ᠭᠡᠰᠡᠨ ᠳ᠋ᠦ᠍᠂ 
       — ᠪᠢ ᠵᠢᠭᠠᠬᠠᠨ ᠲᠡᠪᠡᠷᠢᠭᠡᠳ ᠰᠠᠭᠤᠶ᠎ᠠ᠂ ᠠᠮᠢᠰᠬᠤᠵᠤ ᠪᠠᠢᠬᠤ ᠳ᠋ᠤ᠌ ᠴᠢᠨᠢ ᠭᠡᠨ᠎ᠡ᠃  
       ᠡᠭᠦᠨ ᠢ᠋ ᠬᠠᠷᠠᠭᠰᠠᠨ ᠬᠥᠮᠦᠨ ᠪᠦᠬᠦᠨ ᠰᠡᠳᠬᠢᠯ ᠰᠢᠮᠰᠢᠷᠡᠨ ᠤᠬᠢᠯᠠᠯᠳᠤᠵᠤ᠂ ᠠᠬᠠᠮᠠᠳ ᠲᠣᠮᠣᠭ᠎ᠠ ᠲᠠᠢ ᠬᠡᠳᠦᠨ ᠬᠥᠮᠦᠨ ᠨᠢ ᠭᠠᠪᠢᠷ᠎ᠠ ᠶ᠋ᠢ ᠵᠠᠢᠯᠠᠭᠤᠯᠵᠤ᠂ ᠴᠢᠨᠳᠠᠷ ᠢ᠋ ᠬᠤᠪᠴᠠᠰᠤᠯᠠᠨ ᠵᠠᠰᠠᠵᠤ ᠬᠡᠪᠲᠡᠭᠦᠯᠦᠯ᠎ᠡ᠃  ᠣᠬᠣᠷᠬᠠᠨ ᠨᠠᠰᠤᠨ ᠳ᠋ᠠᠭᠠᠨ ᠦᠷ ᠦ᠋ᠨ ᠴᠣᠯᠮᠣᠨ ᠣᠳᠣ ᠰᠢᠭ᠋ ᠭᠢᠯᠠᠯᠵᠠᠵᠤ᠂ ᠣᠯᠠᠨ ᠴᠤ᠌ ᠤᠳᠠᠭ᠎ᠠ ᠰᠢᠯᠢᠳᠡᠭ ᠨᠠᠮ ᠤ᠋ᠨ ᠭᠡᠰᠢᠭᠦᠨ᠂ ᠰᠢᠯᠢᠳᠡᠭ ᠠᠩᠭᠢ ᠶ᠋ᠢᠨ ᠡᠷᠬᠢᠯᠡᠭᠴᠢ᠂ ᠲᠡᠷᠢᠭᠦᠨ ᠦ᠌ ᠠᠵᠢᠯᠲᠠᠨ ᠤ᠋ ᠣᠳᠣᠨ ᠲᠡᠮᠳᠡᠭ ᠢ᠋ᠶ᠋ᠡᠷ ᠡᠩᠭᠡᠷ ᠢ᠋ᠶ᠋ᠡᠨ ᠮᠢᠯᠢᠶᠠᠯᠭᠠᠵᠤ ᠶᠠᠪᠤᠭᠰᠠᠨ ᠡᠨᠡᠬᠦ ᠭᠤᠴᠢᠨ ᠳᠦᠷᠪᠡᠭᠡᠨ ᠨᠠᠰᠤᠲᠠᠢ ᠵᠠᠯᠠᠭᠤ ᠢᠩᠭᠢᠵᠦ ᠬᠣᠷᠸ᠎ᠠ᠎ᠠ᠋ᠴᠠ ᠰᠠᠯᠵᠤ ᠣᠳᠤᠯ᠎ᠠ᠃  
       ᠴᠢᠨᠳᠠᠷ ᠲᠠᠢ ᠰᠠᠯᠬᠤ ᠶᠣᠰᠣᠯᠠᠯ ᠭᠤᠷᠪᠠᠨ ᠡᠳᠦᠷ ᠦᠷᠭᠦᠯᠵᠢᠯᠡᠵᠦ᠂ ᠡᠳᠡᠨ ᠦ᠌ ᠬᠦᠷᠢᠶᠡᠨ ᠳ᠋ᠦ᠍ ᠴᠠᠭᠠᠷᠢᠭᠲᠤ ᠴᠡᠴᠡᠭ ᠢ᠋ᠶ᠋ᠡᠷ ᠳᠦᠭᠦᠷᠴᠦ᠂ ᠮᠠᠰᠢ ᠣᠯᠠᠨ ᠬᠥᠮᠦᠨ ᠭᠠᠰᠢᠭᠤᠳᠠᠯ ᠢᠯᠡᠷᠬᠡᠢᠯᠡᠬᠦ ᠪᠡᠷ ᠭᠠᠵᠠᠷ ᠪᠦᠬᠦᠨ ᠡᠴᠡ ᠬᠦᠷᠦᠯᠴᠡᠨ ᠢᠷᠡᠵᠡᠢ᠃ ᠳᠤᠮᠳᠠᠳᠤ ᠶᠠᠫᠣᠨ ᠤ᠋ ᠬᠤᠷᠰᠢᠭᠰᠠᠨ ᠡᠮᠨᠡᠯᠭᠡ ᠶ᠋ᠢᠨ ᠡᠮᠴᠢ ᠰᠤᠪᠢᠯᠠᠭᠴᠢᠳ ᠴᠤ᠌ ᠭᠠᠰᠢᠭᠤᠳᠠᠯ ᠤ᠋ᠨ ᠴᠠᠬᠢᠯᠭᠠᠨ ᠢᠯᠡᠭᠡᠭᠰᠡᠨ ᠪᠥᠭᠡᠳ ᠬᠣᠯᠠ ᠭᠠᠵᠠᠷ ᠪᠠᠢᠭᠠᠳ ᠢᠷᠡᠵᠦ ᠴᠢᠳᠠᠭᠰᠠᠨ ᠦᠭᠡᠢ ᠬᠥᠮᠦᠰ ᠴᠥᠮ ᠭᠠᠰᠢᠭᠤᠳᠠᠯ ᠤ᠋ᠨ ᠴᠠᠬᠢᠯᠭᠠᠨ ᠢᠯᠡᠭᠡᠵᠡᠢ᠃  ᠭᠤᠷᠪᠠᠳᠠᠬᠢ ᠡᠳᠦᠷ ᠲᠤᠨᠢ ᠴᠢᠨᠳᠠᠷ ᠢ᠋ ᠭᠠᠯ ᠢ᠋ᠶ᠋ᠠᠷ ᠳᠡᠭᠳᠡᠭᠡᠵᠦ᠂ ᠱᠠᠷᠢᠯ ᠢ᠋ ᠨᠤᠲᠤᠭ ᠲᠤᠨᠢ ᠬᠦᠷᠭᠡᠵᠦ ᠣᠷᠣᠰᠢᠭᠤᠯᠪᠠ᠃  ᠪᠦᠬᠦ ᠬᠣᠢᠲᠤ ᠶ᠋ᠢᠨ ᠶᠠᠪᠤᠳᠠᠯ ᠢ᠋ ᠰᠤᠷᠭᠠᠨ ᠬᠥᠮᠦᠵᠢᠯ ᠦ᠋ᠨ ᠲᠣᠪᠴᠢᠶ᠎ᠠ ᠪᠣᠯᠤᠨ ᠤᠤᠯ ᠤ᠋ᠨ ᠠᠵᠢᠯᠯᠠᠵᠤ ᠪᠠᠢᠭᠰᠠᠨ ᠰᠤᠷᠭᠠᠭᠤᠯᠢ ᠶ᠋ᠢᠨ ᠬᠢᠨᠢ ᠳᠠᠷᠤᠭ᠎ᠠ ᠳᠠᠭᠠᠭᠰᠠᠳ ᠥᠪᠡᠷ ᠦ᠋ᠨ ᠪᠡᠶ᠎ᠡ ᠪᠡᠷ ᠢ᠋ᠶ᠋ᠡᠨ ᠭᠦᠢᠴᠡᠳᠬᠡᠪᠡ᠃ 
       ᠰᠤᠷᠭᠠᠨ ᠬᠥᠮᠦᠵᠢᠯ ᠦ᠋ᠨ ᠲᠣᠪᠴᠢᠶᠠᠨ ᠤ᠋ ᠴᠢᠯᠠᠭᠤᠨ ᠳᠠᠷᠤᠭ᠎ᠠ ᠴᠢᠨᠳᠠᠷ ᠢ᠋ ᠭᠤᠷᠪᠠ ᠬᠣᠨᠣᠭ ᠰᠠᠬᠢᠨ ᠰᠠᠭᠤᠪᠠ᠃ ᠭᠠᠰᠢᠭᠤᠳᠠᠯ ᠤ᠋ᠨ ᠦᠭᠡ ᠶ᠋ᠢ ᠬᠣᠭᠣᠯᠠᠢ ᠪᠠᠨ ᠴᠡᠴᠡᠷᠡᠭᠦᠯᠦᠨ᠄《᠁ ᠦᠵᠦᠮᠦᠴᠢᠨ ᠨᠤᠲᠤᠭ ᠨᠢᠭᠡᠨ ᠰᠣᠳᠣᠨ ᠬᠥᠪᠡᠭᠦᠨ ᠢ᠋ᠶ᠋ᠡᠨ ᠠᠯᠳᠠᠯ᠎ᠠ᠂ ᠰᠠᠢᠰᠢᠶᠠᠯᠳᠤ ᠶ᠋ᠢᠨ ᠨᠠᠰᠤ ᠨᠥᠭᠴᠢᠭᠰᠡᠨ ᠨᠢ ᠦᠵᠦᠮᠦᠴᠢᠨ ᠨᠤᠲᠤᠭ ᠤ᠋ᠨ ᠰᠣᠶᠣᠯ ᠰᠤᠷᠭᠠᠨ ᠬᠥᠮᠦᠵᠢᠯ ᠦ᠋ᠨ ᠹᠷᠣᠨᠲ ᠲᠤ᠌ ᠨᠥᠬᠥᠪᠥᠷᠢᠯᠡᠬᠦ ᠶ᠋ᠢᠨ ᠠᠷᠭ᠎ᠠ ᠦᠭᠡᠢ ᠲᠣᠮᠣ ᠭᠠᠷᠤᠵᠠ ᠪᠣᠯᠬᠤ ᠶᠤᠮ》 ᠭᠡᠵᠦ ᠣᠬᠣᠷᠬᠠᠨ ᠨᠠᠰᠤᠨ ᠤ᠋ ᠬᠢᠨᠢ ᠦᠢᠯᠡ ᠶᠠᠪᠤᠳᠠᠯ ᠢ᠋ ᠳ᠋ᠦᠩᠨᠡᠨ ᠦᠨᠡᠯᠡᠵᠡᠢ᠃  
       1989 ᠣᠨ ᠤ᠋ ᠴᠠᠭᠠᠨ ᠰᠠᠷ᠎ᠠ ᠭᠠᠷᠴᠤ᠂ ᠠᠭᠤᠯᠠ ᠲᠤᠯᠤᠭᠠᠳ ᠤ᠋ᠨ ᠴᠠᠰᠤ ᠴᠣᠬᠣᠷᠲᠤᠨ᠂ ᠦᠵᠦᠮᠦᠴᠢᠨ ᠨᠤᠲᠤᠭ ᠲᠤ᠌ ᠬᠠᠪᠤᠷ ᠡᠷᠲᠡ ᠰᠠᠭᠠᠲᠠᠵᠠᠢ᠃ ᠣᠢ ᠭᠠᠰᠢᠭᠤ ᠳ᠋ᠤ᠌ ᠠᠪᠲᠠᠭᠰᠠᠨ ᠭᠠᠪᠢᠷ᠎ᠠ ᠬᠥᠨᠳᠡᠢᠷᠡᠵᠦ ᠬᠠᠩᠬᠠᠢᠷᠠᠭᠰᠠᠨ ᠭᠡᠷ ᠲᠡᠭᠡᠨ ᠬᠡᠳᠦᠨ ᠬᠡᠦᠬᠡᠳ ᠲᠡᠢ ᠪᠡᠨ ᠪᠥᠭᠡᠮᠨᠡᠷᠡᠨ ᠨᠢᠯᠪᠤᠰᠤᠨ ᠳ᠋ᠠᠭᠠᠨ ᠳᠡᠪᠲᠦᠵᠦ ᠰᠠᠭᠤᠨ᠎ᠠ᠃ ᠬᠡᠦᠬᠡᠳ ᠦ᠋ᠳ ᠨᠢ ᠡᠴᠢᠭᠡ ᠪᠡᠨ ᠰᠠᠨᠠᠨ ᠤᠬᠢᠯᠠᠯᠳᠤᠵᠤ᠂ ᠬᠡᠵᠢᠶᠡᠳᠡ ᠠᠪᠤ ᠲᠠᠢ ᠪᠠᠨ ᠴᠣᠭ ᠲᠣᠭᠯᠠᠵᠤ᠂ ᠠᠪᠤ ᠡᠴᠡ ᠪᠡᠨ ᠰᠠᠯᠳᠠᠭ ᠦᠭᠡᠢ ᠳᠥᠩᠭᠡᠵᠦ ᠭᠤᠷᠪᠠᠨ ᠣᠢ ᠬᠦᠷᠴᠦ ᠪᠠᠢᠭᠰᠠᠨ ᠬᠦᠦ ᠨᠢ《ᠮᠢᠨᠦ ᠠᠪᠤ ᠬᠠᠮᠢᠭ᠎ᠠ ᠶᠠᠪᠤᠴᠢᠬᠠᠭᠰᠠᠨ ᠪᠣᠢ? ᠬᠡᠵᠢᠶ᠎ᠡ ᠢᠷᠡᠬᠦ ᠶᠦᠮ ᠪᠣᠢ?》 ᠭᠡᠵᠦ ᠡᠵᠢ ᠡᠴᠡ ᠪᠡᠨ ᠨᠡᠬᠡᠨ᠎ᠡ᠃  ᠰᠠᠢᠰᠢᠶᠠᠯᠳᠤ ᠶ᠋ᠢᠨ ᠬᠣᠶᠠᠷ ᠪᠡᠷᠭᠡᠨ ᠨᠢ ᠡᠳᠡᠨ ᠲᠡᠢ ᠪᠡᠨ ᠬᠡᠳᠦᠨ ᠡᠳᠦᠷ ᠬᠠᠨᠢ ᠪᠣᠯᠤᠭᠰᠠᠨ ᠪᠣᠯᠪᠠᠴᠤ ᠬᠥᠳᠡᠭᠡ ᠶ᠋ᠢᠨ ᠠᠵᠢᠯ ᠶᠠᠪᠤᠳᠠᠯ ᠨᠢ ᠠᠮᠵᠢᠬᠤ ᠦᠭᠡᠢ ᠪᠣᠯᠬᠣᠷ ᠬᠠᠷᠢᠵᠠᠭᠠᠪᠠ᠃  ᠭᠠᠪᠢᠷ᠎ᠠ ᠶ᠋ᠢᠨ ᠣᠢ ᠤᠬᠠᠭᠠᠨ ᠬᠡᠰᠡᠭ ᠦᠶ᠎ᠡ ᠡᠯᠡᠢ ᠪᠠᠯᠠᠢᠬᠠᠨ ᠪᠣᠯᠵᠤ᠂ ᠡᠨᠡ ᠪᠦᠬᠦᠨ ᠢ᠋ ᠦᠨᠡᠨ ᠭᠡᠵᠦ ᠢᠲᠡᠭᠡᠵᠦ ᠴᠢᠳᠠᠬᠤ ᠦᠭᠡᠢ ᠪᠠᠢᠯ᠎ᠠ᠃ ᠲᠡᠳᠡ ᠬᠣᠶᠠᠷ ᠤ᠋ᠨ ᠡᠳ᠋ᠯᠡᠵᠦ ᠬᠡᠷᠡᠭᠯᠡᠵᠦ ᠪᠠᠢᠭᠰᠠᠨ ᠪᠦᠬᠦ ᠶᠠᠭᠤᠮ᠎ᠠ ᠪᠠᠢᠭ᠎ᠠ ᠪᠣᠯᠪᠠᠴᠤ ᠭᠡᠷ ᠨᠢ ᠬᠥᠨᠳᠡᠢ ᠬᠣᠭᠣᠰᠣᠨ ᠰᠠᠨᠠᠭᠳᠠᠨ᠎ᠠ᠃《ᠡᠷ᠎ᠡ ᠦᠭᠡᠢ ᠪᠣᠯ ᠰᠦᠷ ᠦᠭᠡᠢ᠂ ᠡᠮ᠎ᠡ ᠦᠭᠡᠢ ᠪᠣᠯ ᠭᠠᠯ ᠦᠭᠡᠢ》 ᠭᠡᠳᠡᠭ ᠦᠭᠡ ᠶ᠋ᠢ ᠴᠣᠬᠣᠮ ᠶᠠᠮᠠᠷ ᠬᠥᠮᠦᠨ ᠣᠨᠣᠭᠠᠵᠤ ᠬᠡᠯᠡᠭᠰᠡᠨ ᠢ᠋ ᠪᠤᠤ ᠮᠡᠳᠡ᠃  ᠲᠡᠷᠡ ᠥᠨᠥᠴᠢᠨ ᠬᠡᠳᠦᠨ ᠦᠷ᠎ᠡ ᠲᠡᠢ ᠪᠡᠨ ᠳᠠᠩᠴᠤ ᠤᠷᠲᠤ ᠡᠳᠦᠷ ᠬᠣᠨᠣᠭ ᠢ᠋ ᠶᠠᠭᠠᠬᠢᠵᠤ ᠴᠤ᠌ ᠲᠤᠭᠤᠯᠬᠤ ᠪᠢᠯᠡ᠃ ᠥᠪᠡᠷ ᠢ᠋ᠶ᠋ᠡᠨ ᠴᠦ᠍ ᠭᠤᠴᠢᠨ ᠬᠣᠶᠠᠷᠬᠠᠨ ᠨᠠᠰᠤᠲᠠᠢ᠂ ᠬᠡᠦᠬᠡᠳᠯᠢᠭ ᠵᠠᠯᠠᠭᠤ ᠪᠠᠷ ᠢ᠋ᠶ᠋ᠠᠨ ᠪᠠᠢᠭ᠎ᠠ ᠰᠢᠦ᠃ 
       ᠬᠠᠪᠤᠷ ᠤ᠋ᠨ ᠤᠷᠢ ᠣᠷᠣᠵᠤ᠂ ᠪᠠᠯᠭᠠᠷ ᠭᠣᠣᠯ ᠬᠠᠨᠠᠷᠠᠨ ᠬᠠᠯᠢᠶᠠᠯᠠᠵᠤ᠂ ᠵᠣᠪᠠᠯᠠᠩᠲᠤ ᠬᠥᠮᠦᠨ ᠦ᠌ ᠰᠡᠳᠬᠢᠯ ᠦ᠋ᠨ ᠠᠶᠠᠰ ᠢ᠋ ᠤᠶᠠᠩᠭᠠᠯᠠᠨ ᠬᠥᠭᠵᠢᠮᠳᠡᠬᠦ ᠮᠡᠲᠦ᠃  ᠭᠠᠪᠢᠷ᠎ᠠ ᠳ᠋ᠤ᠌ ᠠᠭᠤᠯᠠ ᠲᠤᠯᠤᠭᠠᠳ ᠤ᠋ᠨ ᠣᠷᠣᠢ ᠪᠠᠷ᠂ ᠤᠰᠤ ᠭᠣᠣᠯ ᠬᠥᠪᠡᠭᠡᠳᠡᠨ ᠬᠠᠮᠢᠭ᠎ᠠ ᠨᠢᠭᠡ ᠲᠠᠰᠢ ᠪᠠᠨ ᠶᠠᠭᠤ ᠨᠢᠭᠡ ᠶ᠋ᠢ ᠡᠷᠢᠵᠦ ᠬᠠᠢᠭᠠᠳ ᠭᠦᠶᠦᠮᠡᠷ ᠰᠠᠨᠠᠭᠳᠠᠨ᠎ᠠ᠃ ᠲᠡᠷᠡ᠂ ᠨᠥᠬᠥᠷ ᠦ᠋ᠨ ᠢ᠋ᠶ᠋ᠡᠨ ᠥᠪᠡᠷ ᠦ᠋ᠨ ᠬᠢᠨᠢ ᠡᠪᠦᠷ ᠳᠡᠭᠡᠷ᠎ᠡ ᠠᠮᠢᠰᠬᠤᠯ ᠬᠤᠷᠢᠶᠠᠭᠰᠠᠨ ᠭᠡᠳᠡᠭ ᠢ᠋ ᠮᠡᠳᠡᠵᠦ ᠪᠠᠢᠭ᠎ᠠ ᠴᠤ᠌ ᠬᠠᠮᠢᠭ᠎ᠠ ᠨᠢᠭᠡ ᠭᠠᠵᠠᠷ ᠲᠤ᠌ ᠠᠬᠢᠨ ᠠᠭᠤᠯᠵᠠᠴᠢᠬᠠᠬᠤ ᠰᠢᠭ᠋ ᠪᠣᠳᠣᠭᠳᠠᠭᠠᠳ ᠪᠠᠢᠨ᠎ᠠ᠃ 
       ᠨᠢᠭᠡᠨ ᠥᠷᠯᠥᠭᠡ ᠲᠡᠷᠡ ᠡᠷᠲᠡ ᠪᠣᠰᠴᠤ᠂ ᠪᠠᠯᠭᠠᠰᠤᠨ ᠤ᠋ ᠪᠠᠷᠠᠭᠤᠨ ᠡᠮᠦᠨ᠎ᠡ ᠪᠠᠢᠳᠠᠭ ᠱᠣᠪᠣᠭᠣᠷ ᠠᠭᠤᠯᠠᠨ ᠳᠡᠭᠡᠷ᠎ᠡ ᠭᠠᠷᠬᠤ ᠪᠠᠷ ᠪᠠᠯᠭᠠᠰᠤᠨ ᠤ᠋ ᠶᠡᠬᠡ ᠵᠡᠭᠡᠯᠢ ᠪᠡᠷ ᠪᠠᠷᠠᠭᠤᠨᠰᠢ ᠪᠠᠨ ᠠᠯᠬᠤᠪᠠ᠃  ᠲᠡᠭᠡᠵᠦ ᠶᠠᠪᠤᠲᠠᠯ᠎ᠠ ᠰᠤᠷᠤᠭᠴᠢ ᠶ᠋ᠢᠨ ᠬᠢᠨᠢ ᠭᠡᠷ ᠦ᠋ᠨ ᠠᠬᠠᠮᠠᠳ᠂ ᠰᠠᠢᠬᠠᠨ ᠳᠠᠰᠤᠯᠴᠠᠭᠰᠠᠨ ᠬᠥᠳᠡᠭᠡ ᠶ᠋ᠢᠨ ᠮᠠᠯᠴᠢᠨ ᠡᠵᠢ ᠨᠠᠰᠤᠲᠠᠨ ᠲᠠᠢ ᠲᠠᠭᠠᠷᠠᠴᠢᠬᠠᠪᠠ᠃ ᠨᠥᠬᠥᠷ ᠨᠢ ᠪᠠᠢᠬᠤ ᠦᠭᠡᠢ ᠪᠣᠯᠤᠭᠰᠠᠨ᠎ᠠ᠋ᠴᠠ ᠬᠣᠢᠰᠢ ᠰᠠᠶᠢ ᠠᠭᠤᠯᠵᠠᠵᠤ ᠪᠠᠢᠭ᠎ᠠ ᠪᠣᠯᠬᠣᠷ ᠬᠣᠶᠠᠭᠤᠯᠠ ᠪᠠᠬᠠᠨ ᠤᠬᠢᠯᠠᠯᠳᠤᠵᠤ᠂ ᠨᠠᠰᠤᠲᠠᠨ᠄ 
       — ᠬᠡᠦᠬᠡᠨ ᠠ᠋᠂ ᠬᠠᠮᠢᠭᠠᠰᠢ ᠪᠠᠨ ᠶᠠᠪᠤᠬᠤ ᠭᠡᠵᠦ ᠪᠠᠢᠭ᠎ᠠ ᠪᠣᠢ? ᠭᠡᠵᠦ ᠠᠰᠠᠭᠤᠪᠠ᠃ 
       — ᠭᠡᠷ ᠲᠦ᠍ ᠰᠠᠭᠤᠵᠤ ᠪᠠᠢᠬᠤ ᠶ᠋ᠢᠨ ᠠᠷᠭ᠎ᠠ ᠦᠭᠡᠢ ᠰᠠᠨᠠᠭᠳᠠᠭᠠᠳ ᠪᠠᠢᠬᠤᠯᠠᠷ ᠪᠠᠷᠠᠭᠤᠨ ᠣᠷᠣᠢ ᠳᠡᠭᠡᠷ᠎ᠡ ᠭᠠᠷᠤᠶ᠎ᠠ ᠭᠡᠰᠡᠨ ᠶᠦᠮ᠃  
       — ᠢᠯᠡᠢ᠂ ᠮᠢᠨᠦ ᠬᠡᠦᠬᠡᠨ᠂ ᠬᠡᠳᠦ ᠭᠤᠨᠢᠵᠤ ᠵᠣᠪᠠᠭᠰᠠᠨ ᠬᠥᠮᠦᠨ ᠲᠡᠭᠡᠵᠦ ᠭᠠᠵᠠᠷ ᠤ᠋ᠨ ᠥᠨᠳᠥᠷ ᠢ᠋ᠶ᠋ᠡᠷ ᠰᠠᠯᠬᠢ ᠪᠠᠷᠢᠵᠤ ᠭᠦᠶᠦᠵᠦ ᠪᠣᠯᠳᠠᠭ ᠦᠭᠡᠢ ᠶᠦᠮ᠃ ᠠᠯᠢᠪ᠂ ᠡᠵᠢ ᠲᠡᠢ ᠪᠡᠨ ᠮᠠᠨ ᠤ᠋ ᠳ᠋ᠤ᠌ ᠣᠴᠢᠶ᠎ᠠ ᠭᠡᠵᠦ ᠨᠠᠰᠤᠲᠠᠨ ᠶᠠᠷᠢᠪᠠ᠃  
       ᠭᠠᠪᠢᠷ᠎ᠠ ᠷᠢᠭᠵᠢᠮ᠎ᠡ ᠡᠵᠢ ᠶ᠋ᠢᠨ ᠳ᠋ᠦ᠍ ᠣᠴᠢᠪᠠᠯ᠂ ᠨᠠᠰᠤᠲᠠᠨ ᠰᠢᠷ᠎ᠠ ᠲᠣᠰᠣ ᠪᠤᠷᠠᠮ ᠲᠠᠢ ᠪᠠᠷᠠᠭᠠᠨ ᠴᠠᠢ ᠬᠢᠵᠦ ᠥᠭᠭᠦᠭᠡᠳ᠄ 
       — ᠵᠣᠷᠢᠭ ᠢ᠋ᠶ᠋ᠠᠨ ᠪᠠᠷᠢᠵᠤ ᠬᠠᠲᠠᠭᠤᠵᠢ᠂ ᠬᠡᠦᠬᠡᠨ ᠮᠢᠨᠢ! ᠨᠥᠭᠴᠢᠭᠰᠡᠨ ᠬᠥᠮᠦᠨ ᠳᠠᠬᠢᠭᠠᠳ ᠠᠮᠢᠯᠠᠬᠤ ᠪᠢᠰᠢ ᠳᠡ᠃ ᠬᠡᠳᠦᠨ ᠬᠡᠦᠬᠡᠳ ᠢ᠋ᠶ᠋ᠡᠨ ᠪᠣᠳᠣᠭᠠᠳ ᠵᠣᠷᠢᠭᠲᠠᠢ ᠠᠮᠢᠳᠤᠷᠠᠬᠤ ᠬᠡᠷᠡᠭᠲᠡᠢ᠃ ᠢᠩᠭᠢᠵᠦ ᠡᠯᠡᠢ ᠪᠠᠯᠠᠢ ᠭᠦᠶᠦᠵᠦ ᠶᠠᠭᠠᠬᠢᠭᠰᠠᠨ ᠴᠤ᠌ ᠪᠣᠯᠬᠤ ᠦᠭᠡᠢ ᠰᠢᠦ᠃ ᠬᠡᠢ ᠭᠡᠮ ᠰᠠᠭᠤᠴᠢᠬᠠᠳᠠᠭ ᠶᠤᠮ᠃ ᠴᠠᠢ ᠪᠠᠨ ᠤᠤᠭᠤ᠂ ᠵᠣᠪᠠᠵᠤ ᠭᠤᠨᠢᠭᠯᠠᠭᠰᠠᠭᠠᠷ ᠬᠡᠢ ᠡᠵᠡᠯᠡᠴᠢᠬᠡᠭᠰᠡᠨ ᠪᠠᠢᠯᠭᠦᠢ᠃ ᠬᠥᠭᠡᠷᠦᠬᠦᠢᠰ ᠮᠢᠨᠢ! ᠭᠡᠳ ᠢᠯᠡᠢ ᠬᠠᠯᠠᠭ ᠠᠯᠳᠠᠨ᠎ᠠ᠃  
       ᠭᠠᠪᠢᠷ᠎ᠠ᠂ ᠷᠢᠭᠵᠢᠮ᠎ᠡ ᠡᠵᠢ ᠲᠡᠢ ᠨᠡᠯᠢᠶᠡᠳ ᠶᠠᠷᠢᠯᠴᠠᠵᠤ ᠰᠠᠭᠤᠭᠠᠳ ᠬᠠᠷᠢᠯ᠎ᠠ᠃ ᠨᠠᠰᠤᠲᠠᠨ ᠤ᠋ ᠬᠡᠯᠡᠬᠦ ᠮᠠᠰᠢ ᠵᠦᠢᠲᠡᠢ᠃ ᠬᠡᠳᠦᠨ ᠬᠡᠦᠬᠡᠳ ᠦ᠋ᠨ ᠢ᠋ᠶ᠋ᠡᠨ ᠲᠥᠯᠥᠭᠡ ᠪᠢ ᠳᠠᠬᠢᠭᠠᠳ ᠨᠢᠯᠪᠤᠰᠤ ᠪᠠᠨ ᠭᠠᠳᠠᠭᠰᠢ ᠤᠷᠤᠰᠬᠠᠬᠤ ᠪᠢᠰᠢ᠂ ᠳᠣᠲᠣᠭᠰᠢ ᠵᠠᠯᠭᠢᠨ᠎ᠠ ᠭᠡᠵᠦ ᠪᠣᠳᠣᠯ᠎ᠠ᠃ ᠭᠠᠪᠢᠷ᠎ᠠ ᠳ᠋ᠤ᠌ ᠬᠢᠬᠦ ᠶᠠᠭᠤᠮ᠎ᠠ ᠵᠥᠩᠳᠡᠭᠡᠨ᠃ ᠨᠥᠬᠥᠷ ᠦ᠋ᠨ ᠢ᠋ᠶ᠋ᠡᠨ ᠰᠡᠭᠦᠯᠴᠢ ᠶ᠋ᠢᠨ ᠦᠯᠡᠳᠡᠵᠦ ᠪᠠᠢᠭ᠎ᠠ ᠡᠮᠨᠡᠯᠭᠡ ᠶ᠋ᠢᠨ ᠵᠠᠷᠤᠳᠠᠯ ᠮᠥᠩᠭᠥ ᠶ᠋ᠢ ᠡᠳ᠋ ᠦ᠋ᠨ ᠵᠠᠰᠠᠭ ᠪᠣᠯᠤᠨ ᠰᠤᠷᠭᠠᠨ ᠬᠥᠮᠦᠵᠢᠯ ᠦ᠋ᠨ ᠲᠣᠪᠴᠢᠶ᠎ᠠ ᠲᠠᠢ ᠴᠠᠢᠷᠠᠭᠤᠯᠤᠯᠲᠠ ᠬᠢᠬᠦ ᠤᠴᠢᠷ ᠲᠠᠢ᠃ ᠬᠡᠳᠦᠢᠪᠡᠷ ᠪᠦᠲᠦᠨ ᠤᠯᠤᠰ ᠤ᠋ᠨ ᠰᠦᠢᠳᠬᠡᠯ ᠪᠣᠯᠪᠠᠴᠤ ᠪᠦᠬᠦ ᠮᠥᠩᠭᠥᠨ ᠦ᠌ ᠵᠠᠷᠤᠳᠠᠯ ᠨᠢ ᠦᠨᠡᠨᠳᠡᠭᠡᠨ ᠴᠥᠮ ᠰᠤᠷᠭᠠᠨ ᠬᠥᠮᠦᠵᠢᠯ ᠦ᠋ᠨ ᠪᠡᠯᠡ ᠮᠥᠩᠭᠥᠨ ᠦ᠌ ᠵᠠᠷᠤᠳᠠᠯ ᠠ᠋ᠴᠠ ᠭᠠᠷᠤᠭᠰᠠᠨ ᠲᠤᠯᠠ ᠡᠭᠦᠨ ᠢ᠋ ᠡᠮᠨᠡᠯᠭᠡ ᠶ᠋ᠢᠨ ᠳᠠᠩᠰᠠ ᠶ᠋ᠢ ᠴᠠᠢᠷᠠᠭᠤᠯᠤᠨ ᠪᠣᠳᠣᠵᠤ᠂ ᠡᠳ᠋ ᠦ᠋ᠨ ᠵᠠᠰᠠᠭ᠎ᠠ᠋ᠴᠠ ᠦᠯᠡᠳᠡᠵᠦ ᠪᠠᠢᠭ᠎ᠠ ᠶ᠋ᠢ ᠰᠤᠷᠭᠠᠨ ᠬᠥᠮᠦᠵᠢᠯ ᠦ᠋ᠨ ᠪᠡᠯᠡ ᠮᠥᠩᠭᠥᠨ ᠦ᠌ ᠣᠷᠣᠭᠰᠠᠨ ᠳᠠᠩᠰᠠ ᠶ᠋ᠢ ᠪᠦᠬᠦᠨ ᠢ᠋ ᠪᠣᠳᠣᠵᠤ ᠲᠥᠯᠥᠬᠦ ᠶᠣᠰᠣᠲᠠᠢ᠃  ᠲᠡᠷᠡ ᠨᠥᠬᠥᠷ ᠦ᠋ᠨ ᠢ᠋ᠶ᠋ᠡᠨ ᠡᠮᠨᠡᠯᠭᠡ ᠶ᠋ᠢᠨ ᠪᠦᠬᠦ ᠵᠠᠷᠤᠳᠠᠯ ᠢ᠋ ᠪᠣᠳᠣᠵᠤ ᠦᠵᠡᠭᠰᠡᠨ ᠳ᠋ᠦ᠍ ᠬᠣᠷᠢ ᠰᠢᠬᠠᠮ ᠲᠦᠮᠡᠨ ᠲᠥᠭᠥᠷᠢᠭ ᠣᠷᠣᠵᠠᠢ᠃ ᠡᠮᠨᠡᠯᠭᠡ ᠶ᠋ᠢᠨ ᠬᠣᠷᠢᠶᠠᠨ ᠤ᠋ ᠪᠠᠷᠢᠮᠲᠠ ᠶ᠋ᠢ ᠪᠦᠬᠦᠨ ᠢ᠋ ᠠᠪᠴᠤ᠂ ᠡᠳ᠋ ᠦ᠋ᠨ ᠵᠠᠰᠠᠭ ᠤ᠋ᠨ ᠲᠣᠪᠴᠢᠶᠠᠨ ᠳ᠋ᠤ᠌ ᠬᠦᠷᠴᠦ ᠳᠠᠩᠰᠠ ᠶ᠋ᠢ ᠴᠠᠢᠷᠠᠭᠤᠯᠤᠭᠰᠠᠨ ᠳ᠋ᠤ᠌᠂ ᠪᠠᠷᠢᠮᠲᠠ ᠪᠠᠨ ᠰᠠᠭᠤᠯᠭᠠᠨ ᠪᠣᠳᠣᠭᠠᠳ ᠪᠠᠰᠠ ᠰᠤᠷᠭᠠᠨ ᠬᠥᠮᠦᠵᠢᠯ ᠦ᠋ᠨ ᠲᠣᠪᠴᠢᠶᠠᠨ ᠳ᠋ᠤ᠌ ᠭᠤᠷᠪᠠᠨ ᠲᠦᠮᠡ ᠢᠯᠡᠭᠦᠦ ᠲᠥᠭᠥᠷᠢᠭ ᠦ᠋ᠨ ᠥᠷᠢ ᠦᠯᠡᠳᠡᠵᠦ ᠪᠠᠢᠯ᠎ᠠ᠃  ᠨᠠᠶᠠᠭᠠᠳ ᠣᠨ ᠳ᠋ᠤ᠌ ᠠᠪᠴᠤ ᠬᠡᠯᠡᠪᠡᠯ ᠭᠤᠷᠪᠠᠨ ᠲᠦᠮᠡᠨ ᠲᠥᠭᠥᠷᠢᠭ ᠭᠡᠳᠡᠭ ᠴᠢᠨᠢ ᠪᠠᠭ᠎ᠠ ᠲᠣᠭ᠎ᠠ ᠪᠢᠰᠢ᠃ ᠰᠠᠢᠰᠢᠶᠠᠯᠳᠤ ᠤᠯᠤᠰ ᠤ᠋ᠨ ᠰᠦᠢᠳᠬᠡᠯ ᠢ᠋ᠶ᠋ᠡᠷ ᠡᠪᠡᠳᠴᠢᠨ ᠢ᠋ᠶ᠋ᠡᠨ ᠦᠵᠡᠭᠦᠯᠦᠭᠰᠡᠨ ᠴᠦ᠍ ᠬᠡᠵᠢᠶᠡᠳᠡ ᠰᠡᠳᠬᠢᠯ ᠠᠮᠤᠷ ᠦᠭᠡᠢ ᠪᠠᠢᠵᠤ᠂《ᠬᠡᠳᠦᠨ ᠰᠠᠢᠬᠠᠨ ᠰᠤᠷᠭᠠᠭᠤᠯᠢ ᠪᠠᠢᠭᠤᠯᠬᠤ ᠮᠥᠩᠭᠥ ᠶ᠋ᠢ ᠬᠡᠷᠡᠭ ᠦᠭᠡᠢ ᠮᠢᠨᠦ ᠲᠥᠯᠥᠭᠡ ᠦᠷᠡᠴᠢᠬᠡᠯ᠎ᠡ》 ᠭᠡᠳᠡᠭ ᠪᠠᠢᠭᠰᠠᠨ ᠶᠤᠮ᠃  ᠭᠠᠪᠢᠷ᠎ᠠ᠂ ᠬᠣᠶᠠᠭᠤᠯᠠ ᠶ᠋ᠢᠨ ᠢ᠋ᠶ᠋ᠡᠨ ᠬᠡᠳᠦᠨ ᠰᠠᠷ᠎ᠠ ᠶ᠋ᠢᠨ ᠴᠠᠯᠢᠩ ᠪᠣᠯᠤᠨ ᠲᠡᠳᠡ ᠬᠣᠶᠠᠷ ᠤ᠋ᠨ ᠥᠨᠳᠥᠷ ᠳᠡᠰ ᠦ᠋ᠨ ᠴᠣᠯᠠ ᠣᠯᠭᠣᠬᠤ ᠳ᠋ᠤ᠌ ᠨᠥᠬᠥᠵᠦ ᠥᠭᠭᠦᠭᠰᠡᠨ ᠲᠦᠮᠡ ᠢᠯᠡᠭᠦᠦ ᠲᠥᠭᠥᠷᠢᠭ ᠲᠡᠢ ᠪᠡᠨ ᠨᠡᠢᠯᠡᠭᠡᠳ ᠲᠡᠷᠡᠬᠦ ᠭᠤᠷᠪᠠᠨ ᠲᠦᠮᠡ ᠢᠯᠡᠭᠦᠦ ᠥᠷᠢ ᠶ᠋ᠢ ᠳᠠᠷᠤᠭᠠᠳ ᠭᠦᠢᠴᠡᠳ ᠬᠦᠷᠪᠡ᠃ ᠡᠨᠡ ᠤᠴᠢᠷ ᠢ᠋ ᠳᠠᠭᠤᠰᠬᠠᠭᠠᠳ ᠭᠠᠪᠢᠷ᠎ᠠ ᠶ᠋ᠢᠨ ᠳᠣᠲᠣᠷ᠎ᠠ ᠪᠠᠬᠠᠨ ᠠᠭᠤᠵᠢᠷᠠᠪᠠ᠃  ᠰᠠᠢᠰᠢᠶᠠᠯᠲᠤ ᠪᠣᠯ ᠮᠠᠰᠢ ᠠᠷᠢᠭᠤᠨ ᠴᠢᠭᠴᠢ ᠬᠥᠮᠦᠨ ᠪᠢᠯᠡ᠃ ᠲᠡᠷᠡ ᠠᠯᠪᠠᠨ ᠤ᠋ ᠶᠠᠭᠤᠮ᠎ᠠ ᠭᠡᠪᠡᠯ ᠲᠠᠰᠤᠷᠬᠠᠢ ᠤᠲᠠᠰᠤ ᠶ᠋ᠢ ᠴᠦ᠍ ᠪᠡᠶ᠎ᠡ ᠳ᠋ᠡᠭᠡᠨ ᠰᠢᠩᠭᠡᠭᠡᠳᠡᠭ ᠦᠭᠡᠢ ᠪᠠᠢᠳᠠᠭ᠎ᠠ᠋ᠴᠠ ᠰᠤᠷᠭᠠᠭᠤᠯᠢ ᠶ᠋ᠢᠨ ᠳᠠᠷᠤᠭ᠎ᠠ ᠳᠠᠭᠠᠭᠰᠠᠳ᠎ᠠ᠋ᠴᠠ ᠡᠬᠢᠯᠡᠨ ᠲᠤᠩ ᠴᠤ᠌ ᠪᠢᠰᠢᠷᠡᠳᠡᠭ᠃  
       ᠰᠤᠩᠭᠢᠨᠠᠲᠤ ᠰᠤᠷᠭᠠᠭᠤᠯᠢ ᠶ᠋ᠢ ᠰᠢᠨ᠎ᠡ ᠪᠡᠷ ᠪᠠᠢᠭᠤᠯᠤᠭᠰᠠᠨ ᠮᠢᠯᠢᠶᠠᠯᠭ᠎ᠠ ᠶ᠋ᠢᠨ ᠨᠠᠢᠷ ᠳᠡᠭᠡᠷ᠎ᠡ ᠨᠢᠭᠡ ᠪᠦᠬᠦᠯᠢ ᠬᠠᠢᠷᠴᠠᠭ ᠵᠦᠩ ᠬᠤᠸᠠ ᠲᠠᠮᠠᠬᠢ ᠠᠪᠤᠭᠠᠳ ᠬᠣᠶᠠᠷ ᠬᠠᠢᠷᠴᠠᠭ ᠦᠯᠡᠳᠡᠭᠡᠳ ᠪᠠᠢᠭᠰᠠᠨ ᠢ᠋ ᠬᠤᠷᠢᠶᠠᠵᠤ ᠬᠠᠳᠠᠭᠠᠯᠠᠭᠠᠳ ᠬᠠᠭᠠᠰ ᠵᠢᠯ ᠦ᠋ᠨ ᠬᠢᠨᠢ ᠳᠠᠷᠠᠭ᠎ᠠ ᠠᠵᠢᠯ ᠤ᠋ᠨ ᠪᠠᠢᠴᠠᠭᠠᠯᠲᠠ ᠪᠠᠷ ᠢᠷᠡᠭᠰᠡᠨ ᠳᠠᠷᠤᠭ᠎ᠠ ᠨᠠᠷ ᠲᠤ᠌ ᠭᠠᠷᠭᠠᠵᠤ ᠥᠭᠴᠦ ᠪᠠᠢᠭᠰᠠᠨ ᠰᠠᠨ᠃ ᠦᠨᠡᠨᠳᠡᠭᠡᠨ ᠥᠪᠡᠷ ᠢ᠋ᠶ᠋ᠡᠨ ᠲᠠᠮᠠᠬᠢ ᠲᠠᠲᠠᠳᠠᠭ ᠬᠥᠮᠦᠨ ᠴᠢᠨᠢ ᠲᠡᠷᠡ ᠬᠣᠶᠠᠷᠬᠠᠨ ᠬᠠᠢᠷᠴᠠᠭ ᠲᠠᠮᠠᠬᠢ ᠶ᠋ᠢ ᠥᠪᠡᠷ ᠢ᠋ᠶ᠋ᠡᠨ ᠦᠯᠡᠳᠡᠭᠡᠭᠡᠳ ᠲᠠᠲᠠᠴᠢᠬᠠᠬᠤ ᠳ᠋ᠤ᠌ ᠪᠣᠯᠵᠤ ᠶᠠᠳᠠᠬᠤ ᠴᠤ᠌ ᠶᠠᠭᠤ ᠰᠠᠨ ᠪᠢᠯᠡ᠃ ᠲᠡᠭᠡᠬᠦ ᠳ᠋ᠦ᠍ ᠲᠡᠷᠡ ᠬᠥᠮᠦᠨ ᠲᠡᠳᠦᠢᠬᠡᠨ ᠢ᠋ ᠴᠦ᠍ ᠥᠪᠡᠷ ᠲᠡᠭᠡᠨ ᠰᠢᠩᠭᠡᠭᠡᠵᠦ ᠲᠦᠪᠳᠡᠬᠦ ᠦᠭᠡᠢ᠃  ᠲᠡᠭᠡᠬᠦᠯᠡᠷ ᠭᠠᠪᠢᠷ᠎ᠠ ᠨᠥᠬᠥᠷ ᠦ᠋ᠨ ᠢ᠋ᠶ᠋ᠡᠨ ᠨᠡᠷ᠎ᠡ ᠶ᠋ᠢ ᠥᠨᠳᠡᠯᠵᠡᠭᠦᠯᠬᠦ ᠥᠷᠢ ᠰᠢᠷᠢ ᠶ᠋ᠢᠨ ᠵᠦᠢᠯ ᠢ᠋ ᠡᠩ ᠲᠡᠷᠢᠭᠦᠨ ᠳ᠋ᠦ᠍ ᠴᠠᠢᠷᠠᠭᠤᠯᠬᠤ ᠶ᠋ᠢ ᠬᠢᠴᠢᠶᠡᠵᠡᠢ᠃ ᠦᠨᠡᠨᠳᠡᠭᠡᠨ ᠡᠨᠡᠬᠦ ᠭᠤᠷᠪᠠᠨ ᠲᠦᠮᠡ ᠢᠯᠡᠭᠦᠦ ᠲᠥᠭᠥᠷᠢᠭ ᠢ᠋ ᠰᠤᠷᠭᠠᠨ ᠬᠥᠮᠦᠵᠢᠯ ᠦ᠋ᠨ ᠲᠣᠪᠴᠢᠶ᠎ᠠ᠎ᠠ᠋ᠴᠠ ᠭᠡᠯᠳᠦᠷᠢᠭᠦᠯᠵᠦ ᠥᠭᠭᠦᠨ᠎ᠡ ᠭᠡᠰᠡᠨ ᠢ᠋ ᠭᠠᠪᠢᠷ᠎ᠠ ᠵᠥᠪᠰᠢᠶᠡᠷᠡᠭᠰᠡᠨ ᠦᠭᠡᠢ ᠪᠢᠯᠡ᠃  
       ᠰᠤᠷᠭᠠᠨ ᠬᠥᠮᠦᠵᠢᠯ ᠦ᠋ᠨ ᠲᠣᠪᠴᠢᠶ᠎ᠠ ᠪᠦᠬᠦ ᠬᠦᠴᠦ ᠪᠡᠷ ᠢ᠋ᠶ᠋ᠡᠨ ᠴᠢᠷᠮᠠᠢᠵᠤ ᠰᠠᠢᠰᠢᠶᠠᠯᠲᠤ ᠶ᠋ᠢᠨ ᠵᠠᠯᠠᠭᠤ ᠬᠠᠯᠠᠭᠤᠨ ᠠᠮᠢ ᠨᠠᠰᠤ ᠶ᠋ᠢ ᠠᠪᠤᠷᠠᠬᠤ ᠭᠡᠵᠦ᠂ ᠭᠠᠭᠴᠠᠬᠠᠨ ᠰᠠᠷ᠎ᠠ ᠠᠮᠢᠳᠤᠷᠠᠬᠤ ᠬᠥᠮᠦᠨ ᠢ᠋ ᠬᠠᠮᠤᠭ ᠴᠢᠳᠠᠯ ᠢ᠋ᠶ᠋ᠠᠷ ᠢ᠋ᠶ᠋ᠠᠨ ᠠᠪᠤᠷᠠᠵᠤ ᠪᠠᠢᠭᠠᠳ ᠪᠦᠲᠦᠨ ᠨᠢᠭᠡ ᠵᠢᠯ ᠦ᠋ᠨ ᠠᠮᠢᠳᠤᠷᠠᠬᠤ ᠵᠠᠢ ᠣᠯᠭᠣᠭᠰᠠᠨ ᠶᠤᠮ᠃ ᠡᠨᠡ ᠨᠢ ᠲᠡᠳᠡᠨ ᠦ᠌ ᠴᠢᠷᠮᠠᠢᠯᠭ᠎ᠠ ᠬᠣᠭᠣᠰᠣᠳᠠᠭᠰᠠᠨ ᠦᠭᠡᠢ ᠶ᠋ᠢ ᠭᠡᠷᠡᠴᠢᠯᠡᠵᠦ ᠪᠠᠢᠭ᠎ᠠ ᠪᠢᠰᠢ ᠤᠤ᠃ ᠡᠨᠡ ᠨᠢ ᠨᠡᠩ ᠴᠦ᠍ ᠦᠯᠡᠳᠡᠵᠦ ᠬᠣᠴᠣᠷᠤᠭᠰᠠᠨ ᠭᠡᠷᠭᠡᠢ ᠨᠢ ᠪᠣᠯᠤᠭᠰᠠᠨ ᠭᠠᠪᠢᠷ᠎ᠠ ᠳ᠋ᠤ᠌ ᠦᠨᠡᠯᠡᠰᠢ ᠦᠭᠡᠢ ᠣᠶᠤᠨ ᠰᠠᠨᠠᠭᠠᠨ ᠤ᠋ ᠬᠦᠴᠦᠨ ᠵᠣᠷᠢᠭᠵᠢᠭᠤᠯᠤᠯ ᠪᠣᠯᠤᠨ ᠬᠥᠪᠴᠢᠯᠡᠭᠳᠡᠵᠡᠢ᠃