ᠣᠷᠴᠢᠨ ᠴᠠᠭ ᠤᠨ ᠮᠣᠩᠭᠣᠯ ᠬᠡᠯᠡ - ᠠᠪᠢᠶ᠎ᠠ ᠵᠦᠢ( ᠬᠣᠶᠠᠳᠤᠭᠠᠷ ᠪᠥᠯᠥᠭ-2~1) Орчин цагийн монгол хэл - Авиа зүй 2-р бүлэг<2~1> ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠨ ᠴᠠᠭ ᠤᠨ ᠮᠣᠩᠭᠣᠯ ᠬᠡᠯᠡ - ᠠᠪᠢᠶ᠎ᠠ ᠵᠦᠢ( ᠬᠣᠶᠠᠳᠤᠭᠠᠷ ᠪᠥᠯᠥᠭ-2~1) Орчин цагийн монгол хэл - Авиа зүй 2-р бүлэг<2~1>

ᠣᠷᠴᠢᠨ ᠴᠠᠭ ᠤᠨ ᠮᠣᠩᠭᠣᠯ ᠬᠡᠯᠡ - ᠠᠪᠢᠶ᠎ᠠ ᠵᠦᠢ( ᠬᠣᠶᠠᠳᠤᠭᠠᠷ ᠪᠥᠯᠥᠭ-2~1) Орчин цагийн монгол хэл - Авиа зүй 2-р бүлэг<2~1>

ᠠᠩᠭᠢᠯᠠᠯ:ᠬᠡᠯᠡ ᠪᠢᠴᠢᠭ
2026-08-30

10

ᠬᠣᠶᠠᠳᠤᠭᠠᠷ ᠪᠥᠯᠥᠭ᠂ᠡᠭᠡᠰᠢᠭ ᠠᠪᠢᠶ᠎ᠠ

ᠬᠣᠶᠠᠳᠤᠭᠠᠷ ᠵᠦᠢᠯ - ᠡᠭᠡᠰᠢᠭ ᠠᠪᠢᠶᠠᠨ ᠤ ᠠᠩᠭᠢᠯᠠᠯ

 
            ᠨᠢᠭᠡ   ᠡᠭᠡᠰᠢᠭ ᠠᠪᠢᠶᠠᠨ ᠤ᠋ ᠪᠡᠶ᠎ᠡ ᠮᠠᠬᠠᠪᠣᠳ ᠤ᠋ᠨ ᠵᠦᠢ ᠶ᠋ᠢᠨ ᠠᠩᠭᠢᠯᠠᠯ  

       ᠡᠭᠡᠰᠢᠭ ᠠᠪᠢᠶᠠᠨ ᠤ᠋ ᠪᠡᠶ᠎ᠡ ᠮᠠᠬᠠᠪᠣᠳ ᠤ᠋ᠨ ᠵᠦᠢ ᠶ᠋ᠢᠨ ᠠᠩᠭᠢᠯᠠᠯ ᠢ᠋ ᠪᠠᠰᠠ ᠥᠭᠦᠯᠡᠬᠦ ᠡᠷᠬᠡᠲᠡᠨ ᠦ᠌ ᠣᠷᠣᠯᠴᠠᠬᠤ ᠪᠠᠢᠳᠠᠯ ᠤ᠋ᠨ ᠠᠩᠭᠢᠯᠠᠯ ᠭᠡᠵᠦ ᠬᠡᠯᠡᠳᠡᠭ᠃ ᠡᠬᠡᠰᠢᠭ ᠢ᠋ ᠠᠪᠢᠶᠠᠯᠠᠬᠤ ᠳ᠋ᠤ᠌ ᠠᠮᠠᠨ ᠤ᠋ ᠬᠥᠨᠳᠡᠢ᠂ ᠬᠡᠯᠡᠨ ᠦ᠌ ᠡᠯ᠎ᠡ ᠬᠡᠰᠡᠭ᠂ ᠤᠷᠤᠭᠤᠯ ᠢᠳᠡᠪᠬᠢᠲᠡᠢ ᠣᠷᠣᠯᠴᠠᠳᠠᠭ ᠪᠣᠯᠬᠣᠷ᠂ ᠭᠣᠣᠯᠳᠠᠭᠤ ᠳᠣᠣᠷᠠᠬᠢ ᠬᠡᠳᠦᠨ ᠲᠠᠯ᠎ᠠ ᠠ᠋ᠴᠠ ᠰᠢᠨᠵᠢᠨ ᠠᠩᠭᠢᠯᠠᠵᠤ ᠪᠣᠯᠤᠨ᠎ᠠ᠃ 
       1. ᠠᠮᠠᠨ ᠤ᠋ ᠬᠥᠨᠳᠡᠢ ᠶ᠋ᠢᠨ ᠨᠡᠭᠡᠭᠡᠭᠳᠡᠬᠦ ᠬᠡᠮᠵᠢᠶ᠎ᠡ ᠪᠤᠶᠤ ᠬᠡᠯᠡᠨ ᠦ᠌ ᠡᠷᠭᠦᠭᠳᠡᠬᠦ ᠬᠡᠮᠵᠢᠶ᠎ᠡ ᠪᠡᠷ ᠠᠩᠭᠢᠯᠠᠬᠤ ᠨᠢ 
       ᠠᠮᠠᠨ ᠤ᠋ ᠬᠥᠨᠳᠡᠢ ᠶ᠋ᠢᠨ ᠨᠡᠭᠡᠭᠡᠭᠳᠡᠬᠦ ᠬᠡᠮᠵᠢᠶ᠎ᠡ ᠭᠡᠳᠡᠭ ᠨᠢ ᠠᠮᠠᠨ ᠤ᠋ ᠬᠥᠨᠳᠡᠢ ᠶ᠋ᠢᠨ ᠠᠩᠭᠠᠢᠬᠤ ᠶᠡᠬᠡ ᠪᠠᠭ᠎ᠠ ᠶ᠋ᠢᠨ ᠬᠡᠮᠵᠢᠶ᠎ᠡ ᠶ᠋ᠢ ᠵᠢᠭᠠᠵᠤ ᠪᠠᠢᠨ᠎ᠠ᠃ ᠬᠡᠯᠡᠨ ᠦ᠌ ᠡᠷᠭᠦᠭᠳᠡᠬᠦ ᠬᠡᠮᠵᠢᠶ᠎ᠡ ᠭᠡᠳᠡᠭ ᠨᠢ ᠠᠮᠠᠨ ᠤ᠋ ᠬᠥᠨᠳᠡᠢ ᠳ᠋ᠦ᠍ ᠬᠡᠯᠡᠨ ᠦ᠌ ᠳᠡᠭᠡᠭᠰᠢ ᠳᠣᠷᠣᠭᠰᠢ ᠡᠷᠭᠦᠭᠳᠡᠬᠦ ᠳᠣᠷᠣᠭᠰᠢᠯᠠᠬᠤ ᠬᠡᠮᠵᠢᠶ᠎ᠡ ᠶ᠋ᠢ ᠵᠢᠭᠠᠵᠤ ᠪᠠᠢᠨ᠎ᠠ᠃ ᠠᠮᠠᠨ ᠤ᠋ ᠬᠥᠨᠳᠡᠢ ᠶ᠋ᠢᠨ ᠨᠡᠭᠡᠭᠡᠭᠳᠡᠬᠦ ᠬᠡᠮᠵᠢᠶ᠎ᠡ ᠶᠡᠬᠡᠰᠬᠦ ᠳᠣᠳᠣᠮ ᠬᠡᠯᠡᠨ ᠦ᠌ ᠡᠷᠭᠦᠭᠳᠡᠴᠡ ᠨᠢ ᠳᠣᠷᠣᠭᠰᠢᠯᠠᠵᠤ᠂ ᠠᠮᠠᠨ ᠤ᠋ ᠬᠥᠨᠳᠡᠢ ᠶ᠋ᠢᠨ ᠨᠡᠭᠡᠭᠡᠯᠲᠡ ᠪᠠᠭᠠᠰᠬᠤ ᠳᠣᠳᠣᠮ ᠬᠡᠯᠡᠨ ᠦ᠌ ᠡᠷᠭᠦᠭᠳᠡᠬᠦ ᠬᠡᠮᠵᠢᠶ᠎ᠡ ᠨᠢ ᠳᠡᠭᠡᠭᠰᠢᠯᠡᠵᠦ ᠪᠠᠢᠳᠠᠭ᠃ ᠠᠮᠠᠨ ᠤ᠋ ᠬᠥᠨᠳᠡᠢ ᠶ᠋ᠢᠨ ᠨᠡᠭᠡᠭᠡᠭᠳᠡᠴᠡ ᠪᠤᠶᠤ ᠬᠡᠯᠡᠨ ᠦ᠌ ᠡᠷᠭᠦᠭᠳᠡᠴᠡ ᠶ᠋ᠢᠨ ᠠᠳᠠᠯᠢ ᠪᠤᠰᠤ ᠠ᠋ᠴᠠ ᠪᠣᠯᠵᠤ ᠡᠬᠡᠰᠢᠭ ᠠᠪᠢᠶ᠎ᠠ ᠶ᠋ᠢ ᠠᠭᠤᠤ ᠪᠤᠶᠤ ᠨᠠᠮ᠂ ᠳᠡᠳ᠋ ᠠᠭᠤᠤ ᠪᠤᠶᠤ ᠳᠡᠳ᠋ ᠨᠠᠮ᠂ ᠤᠢᠲᠠᠨ ᠪᠤᠶᠤ ᠥᠨᠳᠥᠷ᠂ ᠳᠡᠳ᠋ ᠤᠢᠲᠠᠨ ᠪᠤᠶᠤ ᠳᠡᠳ᠋ ᠥᠨᠳᠥᠷ᠂ ᠳᠤᠮᠳᠠᠴᠢ ᠡᠭᠡᠰᠢᠭ ᠭᠡᠬᠦ ᠮᠡᠲᠦ ᠪᠡᠷ ᠢᠯᠭᠠᠨ ᠨᠡᠷᠡᠯᠡᠵᠦ ᠪᠣᠯᠤᠨ᠎ᠠ᠃ 
       (1) ᠠᠭᠤᠤ ᠪᠤᠶᠤ ᠨᠠᠮ ᠡᠭᠡᠰᠢᠭ— ᠬᠡᠯᠡᠬᠦ ᠳ᠋ᠦ᠍ ᠠᠮᠠᠨ ᠤ᠋ ᠬᠥᠨᠳᠡᠢ ᠶ᠋ᠢᠨ ᠨᠡᠭᠡᠭᠡᠯᠲᠡ ᠶ᠋ᠢᠨ ᠬᠡᠮᠵᠢᠶ᠎ᠡ ᠬᠠᠮᠤᠭ ᠶᠡᠬᠡ ᠬᠡᠯᠡ ᠬᠠᠮᠤᠭ ᠳᠣᠷᠣᠭᠰᠢᠯᠠᠵᠤ ᠠᠪᠢᠶᠠᠯᠠᠭᠳᠠᠬᠤ ᠡᠭᠡᠰᠢᠭ ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌a[a] ᠪᠣᠯ ᠡᠢᠮᠦ ᠡᠬᠡᠰᠢᠭ ᠶᠦᠮ᠃ 
       (2) ᠳᠡᠳ᠋ ᠠᠭᠤᠤ ᠪᠤᠶᠤ ᠳᠡᠳ᠋ ᠨᠠᠮ ᠡᠭᠡᠰᠢᠭ— ᠠᠮᠠᠨ ᠤ᠋ ᠨᠡᠭᠡᠭᠡᠯᠲᠡ ᠶ᠋ᠢᠨ ᠬᠡᠮᠵᠢᠶ᠎ᠡ ᠬᠠᠮᠤᠭ  ᠶᠡᠬᠡ ᠡᠴᠡ ᠪᠡᠨ ᠵᠢᠭᠠᠬᠠᠨ ᠪᠠᠭ᠎ᠠ ᠪᠣᠯᠵᠤ ᠠᠪᠢᠶᠠᠯᠠᠭᠳᠠᠬᠤ ᠡᠬᠡᠰᠢᠭ ᠪᠣᠯᠤᠨ᠎ᠠ᠃ ᠮᠣᠩᠭᠣᠯ ᠬᠡᠯᠡᠨ ᠦ᠌ ᠣᠢᠷᠠᠳ ᠠᠶᠠᠯᠭᠤᠨ ᠤ᠋ [æ] ᠪᠣᠯ ᠡᠢᠮᠦ ᠡᠬᠡᠰᠢᠭ ᠪᠣᠯᠤᠨ᠎ᠠ᠃  
       (3) ᠤᠢᠲᠠᠨ ᠪᠤᠶᠤ ᠥᠨᠳᠥᠷ ᠡᠬᠡᠰᠢᠭ— ᠠᠮᠠᠨ ᠤ᠋ ᠬᠥᠨᠳᠡᠢ ᠬᠠᠮᠤᠭ ᠪᠠᠭ᠎ᠠ᠂ ᠬᠡᠯᠡᠨ ᠦ᠌ ᠪᠠᠢᠷᠢ ᠬᠠᠮᠤᠭ ᠠ᠋ᠴᠠ ᠥᠨᠳᠥᠷ ᠡᠷᠭᠦᠭᠳᠡᠵᠦ ᠠᠪᠢᠶᠠᠯᠠᠭᠳᠠᠬᠤ ᠡᠬᠡᠰᠢᠭ ᠪᠣᠯᠤᠨ᠎ᠠ ᠃ ᠤᠳᠬ᠎ᠠ ᠵᠣᠬᠢᠶᠠᠯ ᠤ᠋ᠨ ᠬᠡᠯᠡᠨ ᠦ᠌i [i], Ʉ[ Ʉ] ᠪᠣᠯ ᠡᠢᠮᠦ ᠡᠬᠡᠰᠢᠭ ᠶᠦᠮ᠃  
       (4) ᠳᠡᠳ᠋ ᠤᠢᠲᠠᠨ ᠪᠤᠶᠤ ᠳᠡᠳ᠋ ᠨᠠᠮ ᠡᠭᠡᠰᠢᠭ— ᠠᠮᠠᠨ ᠤ᠋ ᠨᠡᠭᠡᠭᠡᠯᠲᠡ ᠬᠠᠮᠤᠭ ᠪᠠᠭ᠎ᠠ ᠬᠡᠮᠵᠢᠶ᠎ᠡ ᠡᠴᠡ ᠪᠡᠨ ᠵᠢᠭᠠᠬᠠᠨ ᠶᠡᠬᠡ ᠪᠣᠯᠵᠤ ᠠᠪᠢᠶᠠᠯᠠᠭᠳᠠᠬᠤ ᠡᠭᠡᠰᠢᠭ ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌u [ʊ] ᠪᠣᠯ ᠡᠢᠮᠦ ᠡᠬᠡᠰᠢᠭ ᠶᠦᠮ᠃ 
       (5) ᠳᠤᠮᠳᠠᠴᠢ ᠡᠬᠡᠰᠢᠭ— ᠠᠮᠠᠨ ᠤ᠋ ᠬᠥᠨᠳᠡᠢ ᠶ᠋ᠢᠨ ᠨᠡᠭᠡᠭᠡᠭᠳᠡᠬᠦ ᠬᠡᠮᠵᠢᠶ᠎ᠡ ᠪᠤᠶᠤ ᠬᠡᠯᠡᠨ ᠦ᠌ ᠡᠷᠭᠦᠭᠳᠡᠴᠡ ᠨᠢ ᠳᠤᠮᠳᠠ ᠶ᠋ᠢᠨ ᠪᠠᠢᠳᠠᠯ ᠳ᠋ᠤ᠌ ᠪᠠᠢᠬᠤ ᠳ᠋ᠤ᠌ ᠪᠠᠢᠵᠤ ᠠᠪᠢᠶᠠᠯᠠᠭᠳᠠᠬᠤ ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌ e  [ə] , ө [ө]  ᠪᠣᠯ ᠡᠢᠮᠦ ᠡᠬᠡᠰᠢᠭ ᠶᠦᠮ᠃  
       (6) ᠤᠢᠲᠠᠪᠲᠤᠷ ᠳᠤᠮᠳᠠ ᠪᠤᠶᠤ ᠥᠨᠳᠥᠷᠬᠡᠨ ᠳᠤᠮᠳᠠ ᠡᠭᠡᠰᠢᠭ— ᠠᠮᠠᠨ ᠤ᠋ ᠨᠡᠭᠡᠭᠡᠯᠲᠡ ᠶ᠋ᠢᠨ ᠬᠡᠮᠵᠢᠶ᠎ᠡ ᠳᠤᠮᠳᠠᠴᠢ ᠡᠭᠡᠰᠢᠭ ᠡᠴᠡ ᠵᠢᠭᠠᠬᠠᠨ ᠪᠠᠭ᠎ᠠ ᠪᠣᠯᠵᠤ ᠠᠪᠢᠶᠠᠯᠠᠭᠳᠠᠬᠤ ᠡᠬᠡᠰᠢᠭ ᠪᠣᠯᠤᠨ᠎ᠠ᠃ ᠣᠢᠷᠠᠳ ᠠᠶᠠᠯᠭᠤᠨ ᠤ᠋[e] [ø] ᠪᠣᠯ ᠡᠢᠮᠦ ᠡᠬᠡᠰᠢᠭ ᠶᠦᠮ᠃ 
       (7) ᠠᠭᠤᠪᠲᠤᠷ ᠳᠤᠮᠳᠠ ᠪᠤᠶᠤ ᠨᠠᠮᠬᠠᠨ ᠳᠤᠮᠳᠠ ᠡᠬᠡᠰᠢᠭ— ᠠᠮᠠᠨ ᠤ᠋ ᠨᠡᠭᠡᠭᠡᠯᠲᠡ ᠨᠢ ᠳᠤᠮᠳᠠᠴᠢ ᠡᠭᠡᠰᠢᠭ ᠡᠴᠡ ᠵᠢᠭᠠᠬᠠᠨ ᠶᠡᠬᠡ᠂ ᠳᠡᠳ᠋ ᠠᠭᠤᠤ ᠡᠭᠡᠰᠢᠭ ᠡᠴᠡ ᠵᠢᠭᠠᠬᠠᠨ ᠪᠠᠭ᠎ᠠ ᠬᠡᠮᠵᠢᠶ᠎ᠡ ᠪᠡᠷ ᠠᠩᠭᠠᠢᠵᠤ ᠠᠪᠢᠶᠠᠯᠠᠭᠳᠠᠬᠤ ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌ o [ɔ] ᠪᠣᠯ ᠡᠢᠮᠦ ᠡᠬᠡᠰᠢᠭ ᠶᠦᠮ᠃ 
       2. ᠬᠡᠯᠡᠨ ᠦ᠌ ᠪᠠᠢᠷᠢ ᠪᠤᠶᠤ ᠬᠡᠪᠲᠡᠭᠡ ᠪᠠᠢᠳᠠᠯ ᠢ᠋ᠶ᠋ᠠᠷ ᠠᠩᠭᠢᠯᠠᠬᠤ ᠨᠢ 
       ᠬᠡᠯᠡᠨ ᠦ᠌ ᠪᠠᠢᠷᠢ ᠭᠡᠳᠡᠭ  ᠨᠢ ᠬᠡᠯᠡᠨ ᠦ᠌ ᠬᠡᠪᠲᠡᠭᠡ ᠪᠠᠢᠳᠠᠯ ᠳ᠋ᠠᠬᠢ ᠡᠮᠦᠨ᠎ᠡ ᠬᠣᠢᠨᠠᠬᠢ ᠶ᠋ᠢ ᠵᠢᠭᠠᠵᠤ ᠪᠠᠢᠨ᠎ᠠ᠃ ᠡᠬᠡᠰᠢᠭ ᠢ᠋ ᠠᠪᠢᠶᠠᠯᠠᠬᠤ ᠳ᠋ᠤ᠌ ᠬᠡᠯᠡᠨ ᠦ᠌ ᠤᠷᠳᠤᠭᠤᠷᠬᠢ᠂ ᠳᠤᠮᠳᠠᠭᠤᠷᠬᠢ ᠪᠡᠶ᠎ᠡ ᠬᠣᠢᠭᠤᠷᠬᠢ ᠬᠡᠰᠡᠭ ᠦ᠋ᠨ ᠠᠯᠢ ᠨᠢᠭᠡ ᠨᠢ ᠭᠣᠣᠯᠯᠠᠨ ᠢᠳᠡᠪᠬᠢᠲᠡᠢ ᠣᠷᠣᠯᠴᠠᠳᠠᠭ᠃ ᠡᠨᠡ ᠬᠦ᠌ ᠢᠯᠭᠠᠭ᠎ᠠ ᠪᠠᠷ ᠨᠢ ᠡᠭᠡᠰᠢᠭ ᠦ᠋ᠳ ᠢ᠋ ᠬᠡᠯᠡᠨ ᠦ᠌ ᠤᠷᠳᠤᠭᠤᠷᠬᠢ᠂ ᠳᠤᠮᠳᠠᠭᠤᠷᠬᠢ ᠪᠡᠶ᠎ᠡ ᠬᠣᠢᠭᠤᠷᠬᠢ  ᠭᠡᠵᠦ ᠲᠤᠰ ᠲᠤᠰ ᠠᠩᠭᠢᠯᠠᠨ᠎ᠠ᠃ ᠵᠠᠷᠢᠮ ᠬᠡᠯᠡᠨ ᠳ᠋ᠦ᠍ ᠪᠠᠰᠠ ᠬᠡᠯᠡᠨ ᠦ᠌ ᠦᠵᠦᠭᠦᠷ ᠦ᠋ᠨ ᠡᠬᠡᠰᠢᠭ ᠭᠡᠵᠦ ᠪᠠᠢᠳᠠᠭ ᠪᠣᠯᠪᠠᠴᠤ ᠮᠣᠩᠭᠣᠯ ᠬᠡᠯᠡᠨ ᠳ᠋ᠦ᠍ ᠵᠢᠭᠡᠯᠡᠭᠡ ᠦᠭᠡ ᠳ᠋ᠦ᠍ ᠰᠠᠶᠢ ᠲᠡᠢᠮᠦ ᠡᠬᠡᠰᠢᠭ ᠲᠣᠬᠢᠶᠠᠯᠳᠤᠳᠠᠭ᠃  
       (1) ᠬᠡᠯᠡᠨ ᠦ᠌ ᠤᠷᠳᠤᠭᠤᠷᠬᠢ ᠡᠬᠡᠰᠢᠭ— ᠥᠭᠦᠯᠡᠬᠦ ᠳ᠋ᠦ᠍ ᠬᠡᠯᠡᠨ ᠦ᠌ ᠤᠷᠳᠤᠭᠤᠷᠬᠢ ᠬᠡᠰᠡᠭ ᠢᠳᠡᠪᠬᠢᠲᠡᠢ ᠣᠷᠣᠯᠴᠠᠵᠤ ᠠᠪᠢᠶᠠᠯᠠᠭᠳᠠᠬᠤ ᠡᠬᠡᠰᠢᠭ ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌ i [i] ᠪᠣᠯ ᠡᠢᠮᠦ ᠡᠬᠡᠰᠢᠭ ᠪᠣᠯᠤᠨ᠎ᠠ᠃ 
       (2) ᠬᠡᠯᠡᠨ ᠦ᠌ ᠳᠤᠮᠳᠠᠭᠤᠷᠬᠢ ᠡᠬᠡᠰᠢᠭ— ᠥᠭᠦᠯᠡᠬᠦ ᠳ᠋ᠦ᠍ ᠬᠡᠯᠡᠨ ᠦ᠌ ᠳᠤᠮᠳᠠᠭᠤᠷᠬᠢ ᠬᠡᠰᠡᠭ ᠢᠳᠡᠪᠬᠢᠲᠡᠢ ᠣᠷᠣᠯᠴᠠᠨ ᠠᠪᠢᠶᠠᠯᠠᠭᠳᠠᠬᠤ ᠡᠬᠡᠰᠢᠭ ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌  e [ ə ],ө [ ө ], Ʉ[ Ʉ]  ᠵᠡᠷᠭᠡ ᠪᠣᠯ ᠡᠢᠮᠦ ᠡᠬᠡᠰᠢᠭ ᠪᠣᠯᠤᠨ᠎ᠠ᠃ 
       (3) ᠬᠡᠯᠡᠨ ᠦ᠌ ᠬᠣᠢᠭᠤᠷᠬᠢ ᠡᠬᠡᠰᠢᠭ— ᠥᠭᠦᠯᠡᠬᠦ ᠳ᠋ᠦ᠍ ᠬᠡᠯᠡᠨ ᠦ᠌ ᠬᠣᠢᠭᠤᠷᠬᠢ ᠬᠡᠰᠡᠭ ᠭᠣᠣᠯᠯᠠᠨ ᠣᠷᠣᠯᠴᠠᠨ ᠠᠪᠢᠶᠠᠯᠠᠭᠳᠠᠬᠤ ᠡᠬᠡᠰᠢᠭ ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌a[a] ,o  [ɔ], u [ʊ]  ᠵᠡᠷᠭᠡ ᠪᠣᠯ ᠡᠢᠮᠦ ᠡᠬᠡᠰᠢᠭ ᠪᠣᠯᠤᠨ᠎ᠠ᠃ 
       3. ᠤᠷᠤᠭᠤᠯ ᠤ᠋ᠨ ᠪᠠᠢᠳᠠᠯ ᠢ᠋ᠶ᠋ᠠᠷ ᠠᠩᠭᠢᠯᠠᠬᠤ ᠨᠢ 
       ᠤᠷᠤᠭᠤᠯ ᠤ᠋ᠨ ᠪᠠᠢᠳᠠᠯ ᠭᠡᠭᠴᠢ ᠡᠭᠡᠰᠢᠭ ᠦ᠋ᠨ ᠠᠪᠢᠶᠠᠯᠠᠭ᠎ᠠ ᠳ᠋ᠤ᠌ ᠤᠷᠤᠭᠤᠯ ᠣᠨᠴᠠᠭᠠᠢ ᠴᠣᠷᠪᠣᠢᠵᠤ ᠲᠦᠭᠦᠷᠡᠭᠰᠢᠬᠦ ᠪᠠᠢᠳᠠᠯ ᠭᠠᠷᠬᠤ ᠡᠰᠡᠬᠦ ᠶ᠋ᠢ ᠵᠢᠭᠠᠵᠤ ᠪᠠᠢᠨ᠎ᠠ᠃ ᠡᠢᠮᠦᠷᠬᠦ ᠢᠯᠭᠠᠭ᠎ᠠ ᠳ᠋ᠤ᠌ ᠰᠠᠭᠤᠷᠢᠯᠠᠨ ᠡᠭᠡᠰᠢᠭ ᠢ᠋ ᠤᠷᠤᠭᠤᠯ ᠤ᠋ᠨ ᠪᠠ ᠤᠷᠤᠭᠤᠯ ᠤ᠋ᠨ ᠪᠤᠰᠤ ᠭᠡᠵᠦ ᠠᠩᠭᠢᠯᠠᠬᠤ ᠪᠣᠯᠤᠨ᠎ᠠ᠃ 
       (1) ᠤᠷᠤᠭᠤᠯ ᠤ᠋ᠨ ᠡᠭᠡᠰᠢᠭ— ᠥᠭᠦᠯᠡᠬᠦ ᠳ᠋ᠦ᠍ ᠤᠷᠤᠭᠤᠯ ᠣᠨᠴᠠᠭᠠᠢ ᠴᠣᠷᠪᠣᠢᠨ ᠲᠥᠭᠥᠷᠢᠭᠰᠢᠵᠦ ᠬᠡᠯᠡᠭᠳᠡᠳᠡᠭ ᠡᠭᠡᠰᠢᠭ ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌ o [ɔ], u [ʊ], ө [ө], Ʉ[ Ʉ] ᠪᠣᠯ ᠡᠢᠮᠦ ᠡᠬᠡᠰᠢᠭ ᠪᠣᠯᠤᠨ᠎ᠠ᠃ ᠡᠳᠡᠭᠡᠷ ᠳᠠᠬᠢ  o [ɔ], ө [ө]  ᠬᠣᠶᠠᠷ ᠢ᠋ ᠪᠠᠰᠠ ᠤᠷᠤᠭᠤᠯ ᠶᠡᠬᠡ ᠲᠦᠭᠦᠷᠡᠭᠰᠢᠬᠦ ᠡᠭᠡᠰᠢᠭ ᠭᠡᠵᠦ᠂ ᠨᠥᠭᠦᠭᠡ ᠬᠣᠶᠠᠷ ᠢ᠋ ᠨᠢ ᠤᠷᠤᠭᠤᠯ ᠪᠠᠭ᠎ᠠ ᠲᠦᠭᠦᠷᠡᠭᠰᠢᠬᠦ ᠡᠭᠡᠰᠢᠭ ᠭᠡᠵᠦ ᠬᠡᠯᠡᠵᠦ ᠪᠣᠯᠤᠨ᠎ᠠ᠃ ᠡᠨᠡ ᠬᠦ᠌ ᠢᠯᠭᠠᠭ᠎ᠠ ᠨᠢ ᠡᠬᠡᠰᠢᠭ ᠵᠣᠬᠢᠴᠠᠬᠤ ᠶᠣᠰᠣᠨ ᠳ᠋ᠤ᠌ ᠲᠣᠳᠣᠷᠬᠠᠢ ᠦᠢᠯᠡᠳᠦᠯ ᠲᠡᠢ ᠪᠠᠢᠳᠠᠭ᠃ 
       (2) ᠤᠷᠤᠭᠤᠯ ᠤ᠋ᠨ ᠪᠤᠰᠤ ᠡᠬᠡᠰᠢᠭ— ᠥᠭᠦᠯᠡᠬᠦ ᠳ᠋ᠦ᠍ ᠤᠷᠤᠭᠤᠯ ᠣᠨᠴᠠᠭᠠᠢ ᠴᠣᠷᠪᠣᠢᠵᠤ ᠲᠦᠭᠦᠷᠡᠭᠰᠢᠬᠦ ᠦᠭᠡᠢ ᠪᠡᠷ ᠰᠤᠯᠠᠪᠲᠤᠷ ᠪᠠᠢᠳᠠᠯ ᠢ᠋ᠶ᠋ᠠᠷ ᠠᠪᠢᠶᠠᠯᠠᠭᠳᠠᠳᠠᠭ  ᠪᠣᠯᠤᠨ᠎ᠠ᠃ ᠤᠳᠬ᠎ᠠ ᠵᠣᠬᠢᠶᠠᠯ ᠤ᠋ᠨ ᠬᠡᠯᠡᠨ ᠦ᠌  ᠪᠣᠯ ᠡᠢᠮᠦ ᠪᠣᠯᠤᠨ᠎ᠠ᠃ 
       4᠂ ᠤᠯᠠᠮᠵᠢᠯᠠᠯᠲᠤ ᠵᠤᠷᠰᠢᠯ ᠢ᠋ᠶ᠋ᠠᠷ ᠠᠩᠭᠢᠯᠠᠬᠤ ᠨᠢ 
       ᠮᠣᠩᠭᠣᠯ ᠬᠡᠯᠡᠨ ᠦ᠌ ᠡᠬᠡᠰᠢᠭ ᠠᠪᠢᠶ᠎ᠠ ᠶ᠋ᠢ ᠴᠢᠩᠭ᠎ᠠ᠂ ᠬᠥᠨᠳᠡᠢ᠂ ᠰᠠᠭᠠᠷᠮᠠᠭ ᠭᠡᠵᠦ ᠠᠩᠭᠢᠯᠠᠨ ᠰᠢᠨᠵᠢᠯᠡᠭᠰᠡᠨ ᠨᠢ ᠨᠡᠯᠢᠶᠡᠳ ᠡᠷᠲᠡᠨ ᠦ᠌ ᠤᠯᠠᠮᠵᠢᠯᠠᠯ ᠪᠣᠯᠤᠨ᠎ᠠ᠃ ᠡᠭᠡᠰᠢᠭ ᠠᠪᠢᠶᠠᠨ ᠤ᠋ ᠴᠢᠩᠭ᠎ᠠ ᠬᠥᠨᠳᠡᠢ ᠶ᠋ᠢᠨ ᠠᠩᠭᠢᠯᠠᠯ ᠨᠢ ᠭᠣᠣᠯᠳᠠᠭᠤ ᠪᠢᠴᠢᠭ ᠦ᠋ᠨ  ᠬᠡᠯᠡ ᠪᠠ ᠲᠡᠭᠦᠨ ᠦ᠌ ᠵᠥᠪ ᠪᠢᠴᠢᠯᠭᠡ᠂ ᠣᠨᠴᠠᠭᠠᠢᠯᠠᠨ ᠪᠦᠬᠦᠢᠯᠡ ᠡᠭᠡᠰᠢᠭ ᠵᠣᠬᠢᠴᠠᠬᠤ ᠶᠣᠰᠣᠨ ᠳ᠋ᠤ᠌ ᠰᠢᠭᠤᠳ ᠬᠣᠯᠪᠣᠭᠳᠠᠬᠤ ᠴᠢᠬᠤᠯᠠ ᠵᠦᠢᠯ ᠪᠣᠯᠬᠤ ᠶᠤᠮ᠃ ᠡᠭᠡᠰᠢᠭ ᠠᠪᠢᠶᠠᠨ ᠤ᠋ ᠡᠢᠮᠦᠷᠬᠦ ᠠᠩᠭᠢᠯᠠᠯ ᠤ᠋ᠨ ᠤᠴᠢᠷ ᠰᠢᠯᠲᠠᠭᠠᠨ ᠢ᠋ ᠮᠣᠩᠭᠣᠯ ᠬᠡᠯᠡᠨ ᠦ᠌ ᠰᠢᠡᠵᠢᠯᠡᠭᠡᠳᠡᠳ ᠠᠪᠢᠶ᠎ᠠ ᠵᠦᠢᠯ ᠦ᠋ᠨ ᠣᠨᠣᠯ ᠤ᠋ᠨ ᠡᠭᠦᠳᠡᠨ ᠡᠴᠡ ᠰᠢᠨᠵᠢᠯᠡᠬᠦ ᠤᠬᠠᠭᠠᠨᠴᠢ ᠪᠠᠷ ᠲᠣᠳᠣᠷᠬᠠᠢᠯᠠᠬᠤ ᠭᠡᠵᠦ ᠣᠶᠤᠨ ᠴᠢᠳᠠᠯ ᠢ᠋ᠶ᠋ᠠᠨ ᠰᠢᠪᠬᠠᠵᠤ ᠰᠤᠳᠤᠯᠵᠤ ᠪᠠᠢᠭ᠎ᠠ ᠶᠤᠮ᠃