ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠠᠷᠰᠢ ᠰᠠᠬᠢᠭᠤᠯᠰᠤᠨ ᠤ᠋ ᠡᠮ ᠠᠳᠢᠰ 1 Идээ ундааны жинхэнэ товч– Хүсэхүй ᠂Хөхлуу нар – <2-р боть>Арш сахиусны эм адис 1 ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠠᠷᠰᠢ ᠰᠠᠬᠢᠭᠤᠯᠰᠤᠨ ᠤ᠋ ᠡᠮ ᠠᠳᠢᠰ 1 Идээ ундааны жинхэнэ товч– Хүсэхүй ᠂Хөхлуу нар – <2-р боть>Арш сахиусны эм адис 1

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠠᠷᠰᠢ ᠰᠠᠬᠢᠭᠤᠯᠰᠤᠨ ᠤ᠋ ᠡᠮ ᠠᠳᠢᠰ 1 Идээ ундааны жинхэнэ товч– Хүсэхүй ᠂Хөхлуу нар – <2-р боть>Арш сахиусны эм адис 1

2026-08-29

4

ᠠᠷᠰᠢ ᠰᠠᠬᠢᠭᠤᠯᠰᠤᠨ ᠤ᠋ ᠡᠮ ᠠᠳᠢᠰ


ᠲᠢᠶᠧ ᠸᠧᠩ ᠰᠢᠶᠠᠨᠱᠧᠩ ᠦ᠋ᠨ ᠴᠢᠶᠦ᠋ᠩ ᠬᠠᠰᠳᠣ ᠬᠠᠨᠳᠠ   
       ᠡᠨᠡᠬᠦ ᠬᠠᠨᠳᠠ ᠪᠣᠯᠪᠠᠰᠤ ᠳᠤᠰᠤᠯ ᠢ᠋ ᠨᠡᠮᠡᠭᠳᠡᠭᠦᠯᠦᠨ ᠴᠢᠮᠥᠭᠡ ᠶ᠋ᠢ ᠲᠥᠯᠵᠢᠭᠦᠯᠦᠨ᠂ ᠭᠡᠳᠡᠰᠦ ᠶ᠋ᠢ ᠰᠢᠷᠪᠤᠰᠣᠯᠢᠭ ᠪᠣᠯᠭᠠᠨ ᠪᠥᠬᠡᠵᠢᠭᠦᠯᠵᠦ᠂ ᠣᠶᠤᠨ ᠲᠠᠮᠢᠷ ᠢ᠋ ᠲᠡᠭᠦᠯᠳᠡᠷᠵᠢᠭᠦᠯᠦᠨ᠂  ᠲᠠᠪᠤᠨ ᠴᠤᠯᠤ ᠶ᠋ᠢᠨ ᠬᠦᠴᠦᠨ ᠲᠠᠮᠢᠷ ᠢ᠋ ᠪᠦᠷᠢᠯᠳᠦᠭᠦᠯᠵᠦ᠂ ᠴᠢᠮᠥᠭᠡ ᠴᠢᠰᠤ ᠶ᠋ᠢ ᠪᠦᠷᠢᠨ ᠬᠠᠩᠭᠠᠵᠤ᠂ ᠴᠠᠢᠭᠰᠠᠨ ᠦᠰᠦ ᠭᠡᠵᠢᠭᠡ ᠶ᠋ᠢ ᠬᠠᠷᠠᠯᠠᠭᠤᠯᠤᠨ ᠠᠬᠠᠰᠢᠷᠠᠵᠤ ᠥᠲᠡᠯᠦᠭᠰᠡᠨ ᠢ᠋ ᠵᠠᠯᠠᠭᠤᠷᠬᠠᠭ ᠪᠣᠯᠭᠠᠨ ᠰᠡᠷᠭᠦᠭᠡᠨ᠂ ᠠᠯᠬᠤᠵᠤ ᠭᠢᠰᠬᠢᠭᠦᠷ ᠲᠣᠷ ᠮᠣᠷᠢᠨ ᠳᠠᠪᠬᠢᠭ᠎ᠠ ᠮᠡᠲᠦ ᠪᠣᠯᠤᠮᠤᠢ᠃ ᠨᠢᠭᠡᠨ ᠡᠳᠦᠷ᠎ᠡ ᠬᠡᠳᠦᠨᠲᠡ ᠢᠳᠡᠪᠡᠰᠦ ᠬᠣᠭᠣᠯᠠᠯᠠᠬᠤ ᠦᠭᠡᠢ ᠪᠣᠯᠪᠠᠴᠤ ᠥᠯᠥᠰᠬᠦ ᠦᠭᠡᠢ ᠪᠣᠯᠬᠤ ᠪᠥᠭᠡᠳ ᠣᠶᠤᠨ ᠤᠬᠠᠭᠠᠨ ᠢ᠋ ᠨᠡᠭᠡᠭᠡᠭᠳᠡᠭᠦᠯᠵᠦ ᠰᠠᠨᠠᠭ᠎ᠠ ᠵᠣᠷᠢᠭ ᠢ᠋ ᠬᠠᠲᠠᠭᠤᠵᠢᠭᠤᠯᠤᠨ ᠡᠳᠦᠷ ᠲᠦ᠍ ᠲᠦᠮᠡᠨ ᠥᠭᠦᠯᠡᠪᠦᠷᠢ ᠶ᠋ᠢ ᠴᠡᠭᠡᠵᠢ ᠪᠡᠷ ᠤᠩᠰᠢᠬᠤ ᠶ᠋ᠢᠨ ᠳᠠᠭᠠᠤ ᠣᠶᠤᠨ ᠤᠬᠠᠭᠠᠨ ᠠᠨᠤ ᠬᠡᠳᠦ ᠰᠡᠷᠭᠦᠯᠡᠩ᠂ ᠦᠳᠡᠰᠢ ᠶ᠋ᠢᠨ ᠤᠨᠲᠠᠯᠭ᠎ᠠ ᠳ᠋ᠤ᠌ ᠵᠡᠭᠦᠳᠦ ᠵᠡᠷᠭᠡᠯᠭᠡᠨ ᠦ᠌ ᠵᠣᠪᠠᠭᠠᠷᠠᠯ ᠦᠭᠡᠢ᠃  ᠬᠥᠮᠦᠨ ᠬᠡᠷᠪᠡ ᠬᠣᠷᠢᠨ ᠳᠣᠯᠣᠭᠠᠨ ᠨᠠᠰᠤᠨ ᠠ᠋ᠴᠠ ᠡᠮᠦᠨ᠎ᠡ ᠲᠤᠰ ᠬᠠᠨᠳᠠ ᠶ᠋ᠢ ᠨᠢᠭᠡᠨ ᠨᠠᠢᠷᠠᠭᠤᠯᠲᠠ (ᠬᠡᠴᠢᠨᠡᠨ ᠤᠳᠠᠭ᠎ᠠ ᠬᠡᠷᠡᠭᠯᠡᠬᠦ ᠶ᠋ᠢ ᠵᠢᠭᠠᠵᠤ ᠬᠡᠯᠡᠭᠰᠡᠨ ᠪᠤᠶᠤ) ᠢᠳᠡᠪᠡᠰᠦ ᠤᠷᠲᠤ ᠨᠠᠰᠤᠯᠠᠵᠤ᠂ ᠭᠤᠷᠪᠠᠨ ᠵᠠᠭᠤ ᠵᠢᠷᠠᠨ ᠨᠠᠰᠤ ᠬᠥᠷᠥᠮᠦᠢ᠃ ᠳᠥᠴᠢᠨ ᠨᠠᠰᠤᠨ ᠠ᠋ᠴᠠ ᠡᠮᠦᠨ᠎ᠡ ᠢᠳᠡᠪᠡᠰᠦ ᠬᠣᠶᠠᠷ ᠵᠠᠭᠤ ᠳᠥᠴᠢᠨ ᠨᠠᠰᠤ ᠬᠦᠷᠦᠮᠦᠢ᠃ ᠵᠢᠷᠠᠨ ᠭᠤᠷᠪᠠᠨ ᠨᠠᠰᠤᠨ ᠠ᠋ᠴᠠ ᠡᠮᠦᠨ᠎ᠡ ᠢᠳᠡᠪᠡᠰᠦ ᠵᠠᠭᠤ ᠬᠣᠷᠢ ᠨᠠᠰᠤᠯᠠᠮᠤᠢ᠃ ᠵᠢᠷᠠᠨ ᠳᠥᠷᠪᠡᠨ ᠨᠠᠰᠤᠨ ᠠ᠋ᠴᠠ ᠳᠡᠭᠡᠭᠰᠢᠬᠢ ᠪᠣᠯᠤᠭᠠᠳ ᠢᠳᠡᠪᠡᠰᠦ ᠵᠠᠭᠤ ᠨᠠᠰᠣᠯᠥᠮᠥᠢ᠃ ᠬᠡᠷᠪᠡ ᠠᠷᠪᠠᠨ ᠨᠠᠢᠷᠠᠭᠤᠯᠳᠠ ᠢᠳᠡᠵᠦ ᠲᠠᠴᠢᠶᠠᠩᠭᠤᠢ ᠶ᠋ᠢ ᠲᠡᠪᠴᠢᠨ ᠨᠢᠭᠦᠯ  ᠦᠯᠦ ᠬᠤᠷᠢᠶᠠᠬᠤ ᠨᠢᠭᠦᠯᠡᠰᠦᠩᠭᠦᠢ ᠶᠠᠪᠤᠪᠠᠰᠤ ᠬᠥᠷᠥᠰᠥ ᠳᠡᠯᠡᠬᠡᠢ ᠳ᠋ᠡᠬᠢ ᠠᠷᠰᠢ ᠪᠣᠯᠴᠢᠬᠠᠬᠤ ᠶ᠋ᠢᠨ ᠲᠡᠷᠡ᠃ ᠨᠢᠭᠡᠨ ᠨᠠᠢᠷᠠᠭᠤᠯᠳᠠ ᠶ᠋ᠢ ᠲᠠᠪᠤᠨ ᠳᠠᠰᠢ ᠬᠠᠢᠷᠠᠯᠠᠪᠠᠰᠤ ᠲᠠᠪᠤᠨ ᠬᠥᠮᠦᠨ ᠦ᠌ ᠮᠤᠬᠤᠷ ᠴᠢᠭᠢᠬ᠎ᠠ ᠶ᠋ᠢ ᠠᠪᠤᠷᠠᠨ ᠡᠳᠡᠭᠡᠷᠡᠭᠦᠯᠵᠦ ᠪᠣᠯᠤᠨ᠎ᠠ᠃ ᠠᠷᠪᠠᠨ ᠳᠠᠰᠢ ᠬᠠᠢᠷᠠᠯᠠᠪᠠᠰᠤ ᠠᠷᠪᠠᠨ ᠬᠥᠮᠦᠨ ᠦ᠌ ᠣᠵᠢᠭ ᠠᠷᠬᠠᠭ ᠢ᠋ ᠠᠨᠠᠭᠠᠨ ᠲᠤᠰᠠᠯᠠᠵᠤ ᠪᠣᠯᠤᠮᠤᠢ᠃ ᠡᠮ ᠢ᠋ ᠨᠠᠢᠷᠠᠭᠤᠯᠵᠤ ᠦᠢᠯᠡᠳᠬᠦ ᠳ᠋ᠡᠭᠡᠨ ᠪᠡᠶ᠎ᠡ ᠶ᠋ᠢᠨ ᠤᠬᠢᠶᠠᠯᠭ᠎ᠠ ᠬᠢᠵᠦ᠂ ᠦᠨᠡᠨᠴᠢ ᠰᠡᠳᠬᠢᠯ ᠢ᠋ ᠪᠠᠷᠢᠬᠤ ᠪᠥᠭᠡᠳ ᠪᠤᠰᠤᠳ ᠲᠤᠷ ᠪᠢᠲᠡᠭᠡᠢ ᠬᠥᠩᠭᠡᠨ ᠬᠠᠭᠤᠳᠠᠮ ᠢ᠋ᠶ᠋ᠠᠷ ᠮᠡᠳᠡᠭᠳᠡᠲᠦᠭᠡᠢ᠃ 
       ᠰᠢᠨ᠎ᠡ ᠯᠦᠸᠧ ᠣᠷᠬᠣᠳᠠᠢ (ᠰᠣᠯᠣᠩᠭᠣᠰ ᠣᠷᠬᠣᠳᠠᠢ ᠪᠤᠶᠤ) ᠬᠣᠷᠢᠨ ᠳᠥᠷᠪᠡᠨ ᠯᠠᠩ ᠢ᠋ ᠵᠠᠯᠭᠠᠭᠠᠰᠤ ᠶ᠋ᠢ ᠨᠢ ᠠᠪᠴᠤ ᠬᠠᠶᠠᠨ᠂ ᠲᠦᠭᠦᠬᠡᠢ ᠰᠠᠰᠸᠷ ᠠᠷᠪᠠᠨ ᠵᠢᠷᠭᠤᠭᠠᠨ ᠢ᠋ ᠰᠢᠭᠦᠰᠦ ᠶ᠋ᠢ ᠨᠢ ᠠᠪᠴᠤ ᠬᠡᠷᠡᠭᠯᠡᠨ᠂  ᠴᠠᠭᠠᠨ ᠮᠠᠭ ᠳᠥᠴᠢᠨ ᠶᠢᠰᠦᠨ ᠯᠠᠩ ᠢ᠋ ᠬᠠᠷ᠎ᠠ ᠬᠠᠯᠢᠰᠤ ᠶ᠋ᠢ ᠨᠢ ᠠᠪᠴᠤ ᠬᠠᠶᠠᠨ᠂ ᠴᠠᠭᠠᠨ ᠪᠠᠯ ᠠᠷᠪᠠᠨ ᠵᠢᠩ ᠢ᠋ ᠪᠣᠯᠭᠣᠮᠤᠢ᠃ 
       ᠳᠡᠭᠡᠷᠡᠬᠢ ᠣᠷᠬᠣᠳᠠᠢ ᠪᠠ ᠮᠠᠭ ᠢ᠋ ᠨᠠᠷᠢᠨ ᠲᠠᠯᠠᠭᠳᠠᠵᠤ᠂ ᠪᠠᠯ ᠢ᠋ ᠱᠣ ᠲᠣᠷᠭ᠎ᠠ ᠪᠠᠷ ᠱᠦᠭᠦᠵᠦ᠂ ᠰᠠᠰᠸᠷ ᠢ᠋ ᠲᠦᠭᠦᠬᠡᠢ ᠪᠡᠷ ᠨᠢ ᠰᠢᠭᠦᠰᠦ ᠶ᠋ᠢ ᠠᠪᠬᠤ ᠳ᠋ᠠᠭᠠᠨ ᠵᠡᠰ ᠪᠠ ᠲᠡᠮᠦᠷ ᠰᠠᠪᠠ ᠶ᠋ᠢ ᠦᠯᠦ ᠬᠡᠷᠡᠭᠯᠡᠨ᠂ ᠵᠢᠴᠢ ᠰᠢᠭᠦᠰᠦ ᠶ᠋ᠢ ᠠᠪᠤᠭᠰᠠᠨ ᠤ᠋ ᠳᠠᠷᠠᠭ᠎ᠠ ᠰᠢᠭᠠᠷᠤ ᠶ᠋ᠢ ᠠᠪᠴᠤ ᠬᠠᠶᠠᠮᠤᠢ᠃ 
       ᠳᠡᠭᠡᠷᠡᠬᠢ ᠵᠦᠢᠯ ᠦ᠋ᠳ ᠢ᠋ ᠬᠠᠮᠲᠤᠷᠠᠭᠤᠯᠤᠨ ᠨᠡᠢᠯᠡᠭᠦᠯᠵᠦ ᠬᠤᠳᠬᠤᠭᠠᠳ ᠮᠥᠩᠭᠥᠨ ᠰᠠᠪᠠ ᠪᠤᠶᠤ ᠴᠢᠯᠠᠭᠤᠨ ᠰᠠᠪᠠ ᠡᠰᠡᠬᠦᠯ᠎ᠡ ᠰᠠᠢᠨ ᠱᠠᠵᠠᠩ ᠰᠠᠪᠠᠨ ᠳ᠋ᠤᠷ ᠠᠬᠤᠭᠤᠯᠵᠤ ᠬᠣᠷᠢ ᠭᠤᠴᠢᠨ ᠳᠠᠪᠬᠤᠷ ᠴᠡᠪᠡᠷ ᠴᠠᠭᠠᠰᠤ ᠪᠠᠷ ᠰᠠᠪᠠ ᠶ᠋ᠢᠨ ᠠᠮᠠᠰᠠᠷ ᠢ᠋ ᠨᠢᠭᠲᠠ ᠪᠢᠲᠡᠭᠦᠮᠵᠢᠯᠡᠭᠡᠳ᠂ ᠤᠰᠤ ᠲᠠᠢ ᠲᠣᠭᠣᠭᠠᠨ ᠳ᠋ᠤ᠌ ᠲᠠᠯᠪᠢᠭᠠᠳ᠂ ᠢᠯᠠᠮ᠎ᠠ ᠶ᠋ᠢᠨ ᠮᠣᠳᠣᠨ ᠤ᠋ ᠭᠠᠯ ᠢ᠋ᠶ᠋ᠠᠷ ᠲᠦᠯᠡᠵᠦ᠂ ᠭᠤᠷᠪᠠᠨ ᠰᠥᠨᠢ ᠭᠤᠷᠪᠠᠨ ᠡᠳᠦᠷ ᠪᠤᠴᠠᠯᠭᠠᠭᠠᠳ ᠠᠪᠴᠤ ᠭᠠᠷᠭᠠᠭᠰᠠᠨ ᠬᠣᠢᠨ᠎ᠠ᠂ ᠯᠣᠩᠬᠣᠨ ᠠᠮᠠᠰᠠᠷ ᠢ᠋ ᠬᠡᠴᠢᠨᠡᠨ ᠳᠠᠪᠬᠤᠷ ᠯᠠᠪ ᠤ᠋ᠨ ᠴᠠᠭᠠᠰᠤ ᠪᠠᠷ ᠴᠢᠩᠭ᠎ᠠ ᠪᠢᠲᠡᠭᠦᠮᠵᠢᠯᠡᠨ ᠤᠶᠠᠭᠠᠳ ᠬᠤᠳᠳᠤᠭ ᠤ᠋ᠨ ᠠᠮᠠᠰᠠᠷ ᠲᠤᠷ ᠡᠯᠭᠦᠵᠦ᠂ ᠬᠠᠯᠠᠭᠤᠨ ᠬᠣᠣᠷ᠎ᠠ ᠶ᠋ᠢ ᠠᠨᠤ ᠰᠡᠷᠢᠭᠦᠳᠬᠡᠨ ᠭᠠᠷᠭᠠᠮᠤᠢ᠃  ᠵᠤᠨ ᠤ᠋ ᠠᠩᠬ᠎ᠠ ᠹᠦ ᠶ᠋ᠢᠨ ᠦᠶ᠎ᠡ ᠳ᠋ᠦ᠍ ᠯᠣᠩᠬᠣ ᠪᠠᠨ ᠭᠠᠷᠭᠠᠵᠤ ᠠᠪᠤᠭᠠᠳ ᠮᠥᠨ ᠬᠠᠭᠤᠴᠢᠨ ᠰᠥᠮᠥᠰᠦᠨ ᠳ᠋ᠡᠭᠡᠨ ᠲᠠᠯᠪᠢᠵᠤ ᠨᠢᠭᠡᠨ ᠡᠳᠦᠷ ᠪᠤᠴᠠᠯᠭᠠᠨ ᠤᠰᠤᠯᠢᠭ ᠢ᠋ ᠠᠷᠢᠯᠭᠠᠭᠰᠠᠨ ᠤ᠋ ᠰᠡᠭᠦᠯᠡᠷ ᠯᠣᠩᠬᠣ ᠪᠠᠨ ᠭᠠᠷᠭᠠᠵᠤ ᠪᠢᠲᠡᠭᠦᠮᠵᠢ ᠶ᠋ᠢ ᠨᠡᠭᠡᠭᠡᠵᠦ᠂ ᠶᠠᠭᠤᠨ ᠤ᠋ ᠡᠮᠦᠨ᠎ᠡ ᠭᠤᠷᠪᠠᠨ ᠬᠠᠯᠪᠠᠭ᠎ᠠ ᠠᠪᠤᠭᠠᠳ ᠭᠤᠷᠪᠠᠨ ᠬᠤᠨᠳᠠᠭ᠎ᠠ ᠳ᠋ᠤᠷ ᠬᠢᠵᠦ᠂ ᠢᠳᠡᠭᠡᠨ ᠤᠮᠳᠠᠭᠠᠨ ᠤ᠋ ᠳᠡᠭᠡᠵᠢ ᠪᠣᠯᠭᠠᠨ ᠲᠡᠭᠷᠢ ᠭᠠᠵᠠᠷ ᠪᠤᠷᠬᠠᠨ ᠰᠠᠬᠢᠭᠤᠯᠰᠤᠨ ᠢ᠋ ᠲᠠᠬᠢᠵᠤ ᠬᠦᠵᠢ ᠠᠰᠠᠭᠠᠨ ᠳᠠᠭᠠᠳᠬᠠᠨ ᠮᠥᠷᠭᠥᠵᠦ᠂ ᠦᠨᠡᠨ ᠰᠡᠳᠬᠢᠯ ᠢ᠋ᠶ᠋ᠡᠨ ᠭᠦᠢᠴᠡᠳᠬᠡᠮᠦᠢ᠃ ᠢᠩᠭᠢᠭᠰᠡᠨ ᠦ᠌ ᠰᠡᠭᠦᠯᠡᠷ ᠰᠠᠶᠢ ᠡᠳᠦᠷ ᠪᠦᠷᠢ ᠨᠢᠭᠡᠨ ᠬᠠᠯᠪᠠᠭ᠎ᠠ ᠶ᠋ᠢ ᠠᠷᠢᠬᠢ ᠪᠠᠷ ᠵᠢᠭᠤᠷᠠᠵᠤ ᠥᠯᠥᠨ ᠢ᠋ᠶ᠋ᠡᠷ ᠢᠳᠡᠮᠦᠢ᠃ 

ᠭᠠᠵᠠᠷ ᠤ᠋ᠨ ᠠᠷᠠᠰᠤ ᠶ᠋ᠢᠨ ᠱᠢᠷᠭᠢᠭᠡᠮᠡᠯ 
       ᠡᠨᠡᠬᠦ ᠰᠢᠷᠭᠢᠭᠡᠮᠡᠯ ᠡᠮ ᠪᠣᠯᠪᠠᠰᠤ ᠪᠡᠯᠬᠡᠭᠦᠰᠦ ᠡᠪᠦᠳᠦᠭ ᠢ᠋ᠶ᠋ᠡᠷ ᠡᠪᠡᠳᠬᠦ᠂ ᠬᠡᠪᠡᠯᠢ ᠬᠦᠢᠲᠡᠨ ᠡᠪᠡᠳᠴᠢᠨ ᠢ᠋ ᠵᠠᠰᠠᠵᠤ᠂ ᠥᠩᠭᠡ ᠵᠢᠰᠦ ᠶ᠋ᠢ ᠰᠢᠮᠡᠵᠢᠭᠦᠯᠦᠨ ᠭᠡᠷᠡᠯᠲᠦᠭᠦᠯᠵᠦ᠂ ᠶᠠᠰᠤ ᠴᠢᠮᠥᠭᠡ ᠶ᠋ᠢ ᠪᠡᠬᠢᠵᠢᠭᠦᠯᠦᠨ᠂ ᠠᠯᠬᠤᠵᠤ ᠭᠢᠰᠬᠢᠬᠦ ᠶ᠋ᠢ ᠮᠣᠷᠢᠨ ᠳᠠᠪᠬᠢᠭ᠎ᠠ ᠮᠡᠲᠦ ᠪᠣᠯᠭᠠᠮᠤᠢ᠃ 
       ᠨᠠᠩᠭᠢ ᠴᠠᠭᠠᠨ ᠨᠢᠭᠡᠨ ᠵᠢᠩ᠂ ᠭᠦᠢᠯᠡᠰᠦ ᠶ᠋ᠢᠨ ᠴᠥᠮ᠎ᠡ ᠨᠢᠭᠡᠨ ᠱᠧᠩ ᠢ᠋ ᠪᠤᠴᠠᠯᠤᠭᠰᠠᠨ ᠤᠰᠤᠨ ᠳ᠋ᠤᠷ ᠳᠡᠪᠲᠦᠭᠡᠭᠡᠳ ᠬᠠᠯᠢᠰᠤ ᠪᠠ ᠦᠵᠦᠭᠦᠷ ᠢ᠋ ᠠᠪᠴᠤ ᠬᠠᠶᠠᠨ᠂ ᠲᠦᠭᠦᠬᠡᠢ ᠦᠨᠢᠶᠡᠨ ᠰᠦ ᠬᠣᠶᠠᠷ ᠱᠧᠩ᠃ 
       ᠳᠡᠭᠡᠷᠡᠬᠢ ᠵᠦᠢᠯ ᠦ᠋ᠳ ᠡᠴᠡ ᠭᠦᠢᠯᠡᠰᠦ ᠶ᠋ᠢᠨ ᠴᠥᠮ᠎ᠡ ᠶ᠋ᠢ ᠨᠠᠷᠢᠨ ᠲᠠᠯᠠᠭᠳᠠᠭᠠᠳ ᠦᠨᠢᠶᠡᠨ ᠰᠦ ᠪᠠ ᠨᠠᠩᠭᠢ ᠴᠠᠭᠠᠨ ᠯᠤᠭ᠎ᠠ ᠨᠡᠢᠯᠡᠭᠦᠯᠦᠨ ᠬᠤᠳᠬᠤᠵᠤ ᠰᠢᠭᠦᠰᠦ ᠶ᠋ᠢ ᠠᠨᠤ ᠰᠢᠪᠬᠠᠵᠤ ᠠᠪᠤᠭᠠᠳ ᠂ ᠰᠢᠨ᠎ᠡ ᠱᠠᠭᠠᠵᠠᠩ ᠯᠣᠩᠬᠣᠨ ᠳ᠋ᠤᠷ ᠠᠬᠤᠭᠤᠯᠵᠤ ᠨᠢᠭᠲᠠ ᠪᠢᠲᠡᠭᠦᠮᠵᠢᠯᠡᠨ ᠤᠰᠤ ᠲᠠᠢ ᠲᠣᠭᠣᠭᠠᠨ ᠳ᠋ᠤ᠌ ᠨᠢᠭᠡ ᠡᠳᠦᠷ ᠪᠤᠴᠠᠯᠭᠠᠮᠤᠢ᠃ ᠡᠭᠦᠨ ᠢ᠋ ᠡᠳᠦᠷ ᠪᠦᠷᠢ ᠨᠢᠭᠡ ᠬᠠᠯᠪᠠᠭ᠎ᠠ ᠶ᠋ᠢ ᠠᠷᠢᠬᠢᠨ ᠳ᠋ᠤᠷ ᠵᠢᠭᠤᠷᠠᠭᠠᠳ ᠥᠯᠥᠨ ᠢ᠋ᠶ᠋ᠡᠷ ᠢᠳᠡᠮᠦᠢ᠃ 

ᠠᠯᠲᠠᠨ ᠴᠢᠮᠥᠭᠡᠲᠦ ᠬᠠᠨᠳᠠ 
       ᠨᠠᠰᠤᠨ ᠬᠤᠲᠤᠭ ᠢ᠋ ᠤᠷᠲᠤᠳᠬᠠᠨ᠂ ᠳᠤᠰᠤᠯ ᠴᠢᠮᠥᠭᠡ ᠶ᠋ᠢ ᠲᠥᠯᠵᠢᠭᠦᠯᠦᠨ᠂ ᠤᠳᠠᠭᠠᠨ ᠡᠳᠦᠷ ᠢᠳᠡᠪᠡᠰᠦ ᠴᠠᠢᠭᠰᠠᠨ ᠦᠰᠦ ᠭᠡᠵᠢᠭᠡ ᠶ᠋ᠢ ᠬᠠᠷᠠᠯᠠᠭᠤᠯᠵᠤ ᠂ ᠠᠬᠠᠰᠢᠷᠠᠵᠤ᠂ ᠥᠲᠡᠯᠦᠭᠰᠡᠳ ᠢ᠋ ᠳᠠᠬᠢᠨ ᠵᠠᠯᠠᠭᠤᠷᠬᠠᠭ ᠪᠣᠯᠭᠠᠮᠤᠢ᠃  
       ᠫᠠᠩᠮᠠᠢᠪᠦᠷᠤ ᠶ᠋ᠢ ᠬᠡᠴᠢᠨᠡᠨ ᠴᠦ᠍ ᠪᠣᠯᠲᠤᠭᠠᠢ᠂ ᠭᠠᠭᠴᠠᠬᠦ ᠤᠯᠠᠢᠵᠤ ᠪᠣᠯᠪᠠᠰᠤᠷᠠᠭᠰᠠᠨ ᠢ᠋ ᠠᠨᠤ ᠲᠡᠭᠦᠵᠦ ᠬᠡᠷᠡᠭᠯᠡᠮᠦᠢ᠃ 
       ᠳᠡᠭᠡᠷᠡᠬᠢ ᠡᠮ ᠢ᠋ ᠴᠡᠪᠡᠷ ᠠᠷᠢᠬᠢᠨ ᠳ᠋ᠤᠷ ᠳᠡᠪᠲᠦᠭᠡᠵᠦ᠂ ᠡᠪᠦᠯ ᠳ᠋ᠦ᠍ ᠵᠢᠷᠭᠤᠭᠠᠨ ᠡᠳᠦᠷ᠂ ᠵᠤᠨ ᠳ᠋ᠤ᠌ ᠭᠤᠷᠪᠠᠨ ᠡᠳᠦᠷ ᠳᠡᠪᠲᠦᠭᠡᠭᠡᠳ᠂ ᠸᠠᠭᠠᠷ ᠤ᠋ᠨ ᠫᠧᠩᠰᠡᠨ ᠳ᠋ᠦ᠍ᠷ ᠨᠢᠰᠢᠷᠡᠳᠡᠯ᠎ᠡ ᠨᠠᠷᠢᠯᠢᠭ ᠵᠢᠭᠤᠷᠠᠭᠰᠠᠨ ᠤ᠋ ᠳᠠᠷᠠᠭ᠎ᠠ ᠪᠥᠰ ᠤᠭᠤᠲᠠᠨ ᠳ᠋ᠤᠷ ᠬᠢᠵᠦ ᠰᠢᠪᠬᠠᠨ ᠰᠢᠭᠦᠰᠦ ᠶ᠋ᠢ ᠠᠪᠤᠭᠠᠳ ᠥᠨᠥᠬᠢ ᠠᠷᠢᠬᠢᠨ ᠳ᠋ᠤᠷ ᠲᠠᠯᠪᠢᠵᠤ ᠵᠥᠭᠡᠯᠡᠨ ᠭᠠᠯ ᠳᠡᠭᠡᠷ᠎ᠡ ᠪᠤᠴᠠᠯᠭᠠᠭᠰᠠᠭᠠᠷ ᠬᠠᠨᠳᠠ ᠪᠣᠯᠭᠠᠮᠤᠢ᠃ ᠡᠨᠡᠬᠦ ᠬᠠᠨᠳᠠ ᠶ᠋ᠢ ᠴᠡᠪᠡᠷ ᠱᠠᠭᠠᠵᠠᠩ ᠰᠠᠪᠠᠨ ᠳ᠋ᠤᠷ ᠠᠬᠤᠭᠤᠯᠤᠨ ᠪᠢᠲᠡᠭᠦᠮᠵᠢᠯᠡᠭᠡᠳ ᠣᠷᠭᠢᠯᠤᠮ᠎ᠠ ᠪᠤᠴᠠᠯᠤᠭᠰᠠᠨ ᠣᠰᠤᠨ᠎ᠠ ᠪᠤᠴᠠᠯᠭᠠᠮᠤᠢ᠃ ᠡᠭᠦᠨ ᠢ᠋ ᠤᠳᠠᠭ᠎ᠠ ᠪᠦᠷᠢ ᠨᠢᠭᠡᠨ ᠬᠠᠯᠪᠠᠭ᠎ᠠ ᠠᠪᠴᠤ ᠰᠢᠷ᠎ᠠ ᠲᠣᠰᠣ ᠶ᠋ᠢ ᠥᠴᠦᠬᠡᠨ ᠲᠡᠳᠦᠢ ᠨᠡᠮᠡᠵᠦ ᠪᠦᠯᠢᠶᠡᠨ ᠠᠷᠢᠬᠢ ᠪᠠᠷ ᠳᠠᠷᠤᠭᠤᠯᠵᠤ ᠢᠳᠡᠮᠦᠢ᠃  

ᠪᠠᠰᠪᠤᠷᠤ ᠶ᠋ᠢᠨ ᠬᠠᠨᠳᠠ 
       ᠪᠠᠰᠪᠤᠷᠤ ᠭᠡᠳᠡᠭ ᠨᠢ ᠬᠣᠣᠷ᠎ᠠ ᠦᠭᠡᠢ᠂ ᠰᠢᠷ᠎ᠠ ᠪᠣᠩ ᠠ ᠪᠣᠯᠠᠢ᠃ ᠵᠠᠷᠢᠮ ᠮᠠᠲ᠋ᠧᠷᠢᠶᠠᠯ ᠳ᠋ᠤ᠌ ᠪᠠᠰᠠ ᠪᠠᠰᠪᠤᠷᠤ ᠭᠡᠵᠦ ᠴᠦ᠍ ᠪᠢᠴᠢᠵᠦ ᠪᠠᠢᠳᠠᠭ᠃ ᠶᠠᠭᠤ ᠴᠤ᠌ ᠭᠡᠰᠡᠨ ᠤᠭ ᠵᠣᠬᠢᠶᠠᠯ ᠳ᠋ᠤ᠌ ᠲᠢᠶᠠᠨ ᠮᠸᠨ ᠳ᠋ᠦᠩ ᠭᠡᠰᠡᠨ ᠶᠦ᠍ᠮ᠃ 
       ᠡᠨᠡᠬᠦ ᠬᠠᠨᠳᠠ ᠪᠣᠯᠪᠠᠰᠤ ᠬᠡᠢ ᠪᠠᠳᠬᠠᠨ ᠬᠤᠷᠠᠵᠤ᠂ ᠰᠣᠯᠢᠶᠠᠷᠠᠬᠤ᠂ ᠪᠡᠶ᠎ᠡ ᠳ᠋ᠦ᠍ ᠬᠣᠷᠣᠬᠠᠢ ᠣᠷᠣᠰᠢᠬᠤ ᠵᠡᠷᠭᠡ ᠶ᠋ᠢ ᠡᠮᠨᠡᠨ ᠠᠷᠢᠯᠭᠠᠬᠤ ᠪᠥᠭᠡᠳ ᠬᠢᠵᠢᠭ ᠡᠪᠡᠳᠴᠢᠨ ᠢ᠋ ᠵᠠᠰᠠᠵᠤ ᠲᠠᠮᠢᠷ ᠢ᠋ ᠰᠠᠢᠵᠢᠷᠠᠭᠤᠯᠤᠨ ᠪᠡᠶ᠎ᠡ ᠶ᠋ᠢ ᠬᠥᠩᠭᠡᠷᠡᠭᠦᠯᠵᠦ ᠥᠯᠦᠰᠦᠭᠦᠯᠬᠦ ᠦᠭᠡᠢ ᠪᠣᠯᠭᠠᠨ ᠠᠮᠢ ᠨᠠᠰᠤ ᠶ᠋ᠢ ᠤᠷᠲᠤᠳᠬᠠᠵᠤ ᠥᠲᠡᠯᠥᠭᠦᠯᠬᠦ ᠦᠭᠡᠢ ᠪᠣᠯᠭᠠᠮᠤᠢ᠃ 
       ᠪᠠᠰᠪᠤᠷᠤ ᠬᠡᠴᠢᠨᠡᠨ ᠴᠦ᠍ ᠬᠠᠮᠢᠶ᠎ᠠ ᠦᠭᠡᠢ᠂ ᠲᠡᠭᠦᠨ ᠦ᠌ ᠬᠠᠯᠢᠰᠤ ᠦᠨᠳᠦᠰᠦ ᠰᠠᠬᠠᠯ ᠢ᠋ ᠠᠪᠴᠤ ᠬᠠᠶᠠᠭᠠᠳ ᠴᠡᠪᠡᠷᠯᠡᠨ ᠤᠬᠢᠶᠠᠮᠤᠢ᠃ 
       ᠳᠡᠭᠡᠷᠡᠬᠢ ᠵᠦᠢᠯ ᠢ᠋ ᠨᠦᠳᠦᠵᠦ ᠬᠡᠮᠬᠡᠴᠢᠭᠡᠳ ᠪᠥᠰ ᠲᠣᠷ ᠪᠠᠭᠯᠠᠵᠤ ᠰᠢᠪᠬᠠᠨ ᠰᠢᠭᠦᠰᠦ ᠶ᠋ᠢ ᠨᠢ ᠠᠪᠴᠤ ᠱᠦᠭᠦᠵᠦ ᠲᠤᠩᠭᠠᠭᠰᠠᠨ ᠤ᠋ ᠰᠡᠭᠦᠯᠡᠷ ᠱᠠᠭᠠᠵᠠᠩ ᠰᠠᠪᠠ ᠪᠤᠶᠤ ᠸᠠᠭᠠᠷ ᠤ᠋ᠨ ᠲᠣᠭᠣᠭ᠎ᠠ᠂ ᠡᠰᠡᠬᠦᠯ᠎ᠡ ᠮᠥᠩᠭᠥᠨ ᠰᠠᠪᠠᠨ ᠳ᠋ᠤᠷ ᠠᠬᠤᠭᠤᠯᠵᠤ ᠵᠥᠭᠡᠯᠡᠨ ᠭᠠᠯ ᠳᠡᠭᠡᠷ᠎ᠡ ᠬᠠᠨᠳᠠ ᠪᠣᠯᠭᠠᠨ ᠪᠤᠴᠠᠯᠭᠠᠮᠤᠢ᠃ ᠡᠭᠦᠨ ᠢ᠋ ᠤᠳᠠᠭ᠎ᠠ ᠪᠦᠷᠢ ᠨᠢᠭᠡᠨ ᠬᠠᠯᠪᠠᠭ᠎ᠠ ᠶ᠋ᠢ ᠪᠦᠯᠢᠶᠡᠨ ᠠᠷᠢᠬᠢ ᠪᠠᠷ ᠳᠠᠷᠤᠭᠤᠯᠵᠤ ᠥᠯᠥᠨ ᠢ᠋ᠶ᠋ᠡᠷ ᠤᠤᠭᠤᠮᠤᠢ᠃ 
       ᠪᠣᠮᠪᠣ ᠶ᠋ᠢᠨ ᠰᠤᠳᠤᠷ ᠤ᠋ᠨ ᠨᠠᠢ᠍ᠮᠠᠨ ᠬᠠᠭᠠᠨᠲᠤ ᠬᠡᠮᠡᠬᠦ ᠨᠣᠮ ᠳ᠋ᠤᠷ ᠥᠭᠦᠯᠡᠭᠰᠡᠨ ᠢᠨᠤ᠄ ᠲᠠᠭᠠᠷᠠᠵᠤ ᠵᠢᠬᠢᠭᠦᠴᠡᠬᠦ ᠳ᠋ᠦ᠍ ᠲᠡᠰᠪᠦᠷᠢᠲᠡᠢ ᠪᠣᠯᠬᠤ ᠶ᠋ᠢ ᠬᠦᠰᠡᠪᠡᠰᠦ᠂ ᠪᠠᠰᠪᠤᠷᠤ ᠪᠠ ᠮᠠᠭ ᠢ᠋ ᠨᠠᠷᠢᠨ ᠲᠠᠯᠬᠠᠳᠠᠵᠤ ᠡᠳᠦᠷ ᠪᠦᠷᠢ ᠣᠯᠠᠨ ᠳᠠᠬᠢᠨ ᠤᠤᠭᠤᠪᠠᠰᠤ ᠶᠡᠬᠡ ᠬᠦᠢᠲᠡᠨ ᠦ᠌ ᠴᠠᠭ ᠲᠤ᠌ ᠴᠤ᠌ ᠭᠡᠮᠡᠨ ᠬᠥᠯᠥᠷᠡᠬᠦ ᠪᠥᠭᠡᠳ ᠳᠠᠩ ᠬᠤᠪᠴᠠᠰᠤ ᠡᠮᠦᠰᠦᠮᠦᠢ ᠬᠡᠮᠡᠪᠡ᠃ 
       ᠪᠤᠤ ᠫᠢᠶᠣᠣ ᠽᠢ ᠶ᠋ᠢᠨ ᠥᠭᠦᠯᠡᠭᠰᠡᠨ ᠢᠨᠤ᠄  ᠳ᠋ᠤ᠌ ᠽᠢ ᠸᠧᠢ ᠬᠡᠮᠡᠭᠴᠢ ᠬᠥᠮᠦᠨ ᠪᠠᠰᠪᠤᠷᠤ ᠶ᠋ᠢ ᠢᠳᠡᠭᠡᠳ ᠪᠠᠭ᠎ᠠ ᠬᠠᠲᠤᠨ ᠨᠠᠶᠠᠨ ᠬᠥᠮᠦᠨ ᠢ᠋ ᠵᠠᠯᠠᠭᠠᠳ ᠵᠠᠭᠤ ᠳᠥᠴᠢ ᠬᠡᠦᠬᠡᠳ ᠲᠡᠢ ᠪᠣᠯᠤᠭᠰᠠᠨ ᠪᠥᠭᠡᠳ ᠡᠳᠦᠷ ᠲᠦ᠍ ᠭᠤᠷᠪᠠᠨ ᠵᠠᠭᠤᠨ ᠭᠠᠵᠠᠷ ᠶᠠᠪᠤᠮᠤᠢ ᠬᠡᠮᠡᠪᠡ᠃ 
       ᠯᠢᠶᠧ ᠰᠢᠶᠠᠨ ᠽᠢ ᠶ᠋ᠢᠨ ᠥᠭᠦᠯᠡᠭᠰᠡᠨ ᠢᠨᠤ᠄ ᡂᠢ ᠰᠥᠩ ᠽᠢ ᠬᠡᠮᠡᠭᠴᠢ ᠢᠨᠤ ᠪᠠᠰᠪᠤᠷᠤ ᠶ᠋ᠢ ᠢᠳᠡᠭᠡᠳ ᠰᠢᠳᠦ ᠢᠨᠦ ᠤᠨᠠᠭᠠᠳ ᠳᠠᠬᠢᠨ ᠡᠨᠡ ᠰᠢᠨ᠎ᠡ ᠪᠡᠷ ᠤᠷᠭᠤᠵᠤ ᠂ ᠭᠡᠵᠢᠭᠡ ᠦᠰᠦ ᠢᠨᠦ ᠮᠥᠨ ᠳᠠᠬᠢᠨ ᠤᠷᠭᠤᠪᠠ ᠬᠡᠮᠡᠪᠡ᠃ 
       ᠠᠷᠰᠢ ᠰᠠᠬᠢᠭᠤᠯᠰᠤᠨ ᠤ᠋ ᠨᠠᠮᠲᠠᠷ ᠲᠤᠷ ᠲᠡᠮᠳᠡᠭᠯᠡᠭᠰᠡᠨ ᠢᠨᠤ᠄ ᠭᠠᠨ ᠱᠢ ᠬᠡᠮᠡᠭᠴᠢ ᠲᠡᠢ ᠶᠤᠸᠠᠨ ᠭᠠᠵᠠᠷ ᠤ᠋ᠨ ᠬᠥᠮᠦᠨ᠂ ᠲᠡᠷᠡ ᠪᠠᠰᠪᠤᠷᠤ ᠶ᠋ᠢ ᠢᠳᠡᠭᠡᠳ ᠭᠤᠷᠪᠠᠨ ᠵᠠᠭᠤ ᠨᠠᠰᠤᠯᠠᠪᠠ ᠬᠡᠮᠡᠵᠦᠬᠦᠢ᠃ 
       ᠲᠠᠮᠢᠷ ᠢ᠋ ᠪᠣᠯᠪᠠᠰᠤᠷᠠᠭᠤᠯᠬᠤ ᠨᠢᠭᠤᠴᠠ ᠲᠣᠪᠴᠢᠶᠠᠨ ᠳ᠋ᠤ᠌ ᠲᠡᠮᠳᠡᠭᠯᠡᠭᠰᠡᠨ ᠢᠨᠤ᠄ ᠠᠷᠰᠢ ᠰᠠᠬᠢᠭᠤᠯᠰᠤᠨ ᠪᠠᠰᠪᠤᠷᠤ ᠶ᠋ᠢ ᠢᠳᠡᠭᠡᠳ ᠵᠠᠭᠤᠨ ᠬᠣᠨᠣᠭ ᠠ᠋ᠴᠠ ᠬᠣᠢᠰᠢ ᠠᠮᠥᠷᠯᠢᠯᠠᠨ ᠡᠩᠬᠡᠵᠢᠨ ᠨᠢᠭᠤᠷ ᠴᠢᠷᠠᠢ ᠴᠣᠭ ᠭᠡᠷᠡᠯᠲᠡᠢ ᠪᠣᠯᠵᠤ᠂ ᠡᠴᠡᠩᠬᠡᠢ ᠪᠠᠭᠤᠷᠠᠢ ᠠᠨᠤ ᠬᠦᠴᠦᠵᠢᠨ ᠴᠢᠭᠢᠷᠠᠭᠵᠢᠵᠤ᠂ ᠭᠤᠷᠪᠠᠨ ᠵᠠᠭᠤᠨ ᠡᠳᠦᠷ ᠢᠳᠡᠪᠡᠰᠦ ᠪᠡᠶ᠎ᠡ ᠬᠥᠩᠭᠡᠷᠡᠵᠦ᠂ ᠭᠤᠷᠪᠠᠨ ᠵᠢᠯ ᠢᠳᠡᠪᠡᠰᠦ ᠠᠯᠬᠤᠵᠤ ᠭᠢᠰᠬᠢᠬᠦ ᠢᠨᠦ ᠨᠢᠰᠬᠦ ᠮᠡᠲᠦ ᠪᠣᠯᠤᠮᠤᠢ ᠬᠡᠮᠡᠪᠡ᠃ 
       ᠪᠤᠤ ᠫᠢᠶᠣᠣ ᠽᠢ ᠶ᠋ᠢᠨ ᠥᠭᠦᠯᠡᠭᠰᠡᠨ ᠢᠨᠤ᠄ ᠴᠤ᠌ ᠸᠸᠨ ᠽᠢ ᠬᠡᠮᠡᠭᠴᠢ ᠬᠥᠮᠦᠨ ᠰᠠᠨᠰᠸᠷ ᠢ᠋ ᠨᠠᠢ᠍ᠮᠠᠨ ᠵᠢᠯ ᠢᠳᠡᠭᠡᠳ ᠰᠥᠨᠢ ᠬᠠᠷᠠᠪᠠᠰᠤ ᠪᠡᠶ᠎ᠡ ᠡᠴᠡ ᠭᠡᠷᠡᠯ ᠰᠠᠴᠤᠷᠠᠵᠤ᠂ ᠭᠠᠷ ᠠᠨᠤ ᠬᠥᠪᠴᠢᠯᠡᠨ ᠬᠦᠴᠦᠲᠡᠢ ᠪᠣᠯᠪᠠ ᠬᠡᠮᠡᠪᠡ᠃ 
       ᠪᠤᠤ ᠫᠢᠶᠣᠣ ᠽᠢ ᠶ᠋ᠢᠨ ᠥᠭᠦᠯᠡᠭᠰᠡᠨ ᠢᠨᠤ᠄ ᠨᠠᠨ ᠶᠠᠩ ᠭᠠᠵᠠᠷ ᠤ᠋ᠨ ᠸᠧᠨ ᠣᠪᠣᠭᠲᠠᠨ ᠠᠨᠤ ᠭᠠᠢ ᠰᠠᠮᠠᠭᠤᠷᠠᠯ ᠤ᠋ᠨ ᠳᠤᠮᠳᠠ ᠬᠣ ᠱᠠᠨ ᠠᠭᠤᠯᠠᠨ ᠳ᠋ᠤᠷ ᠵᠠᠢᠯᠠᠵᠤ ᠳᠤᠲᠠᠭᠠᠳ ᠥᠯᠥᠰᠴᠦ ᠥᠯᠪᠡᠷᠡᠵᠦ ᠠᠬᠤᠢ ᠳ᠋ᠤᠷ ᠵᠠᠷᠢᠮ ᠬᠥᠮᠦᠨ ᠲᠡᠭᠦᠨ ᠳ᠋ᠦ᠍ᠷ ᠣᠨᠪᠣᠢ (ᠬᠥᠬᠡ ᠬᠦᠵᠢ) ᠶ᠋ᠢ ᠢᠳᠡᠲᠦᠭᠡᠢ ᠭᠡᠮᠡᠨ ᠰᠠᠨᠠᠭᠤᠯᠤᠭᠰᠠᠨ ᠳ᠋ᠤ᠌᠂ ᠲᠡᠭᠦᠨ ᠢ᠋ ᠢᠳᠡᠭᠰᠡᠨ ᠴᠢᠨᠢ ᠨᠡᠭᠡᠷᠡᠨ ᠥᠯᠥᠰᠬᠦ ᠦᠭᠡᠢ ᠪᠣᠯᠪᠠ᠃ ᠬᠡᠴᠢᠨᠡᠨ ᠵᠢᠯ ᠥᠩᠭᠡᠷᠡᠭᠡᠳ ᠬᠠᠭᠤᠴᠢᠨ ᠨᠤᠲᠤᠭ ᠲᠠᠭᠠᠨ ᠪᠤᠴᠠᠵᠤ ᠢᠷᠡᠬᠦ ᠳ᠋ᠡᠭᠡᠨ ᠥᠩᠭᠡ ᠵᠢᠪᠬᠤᠭ᠎ᠠ ᠠᠨᠤ ᠨᠡᠩ ᠵᠠᠯᠠᠭᠤᠰᠢᠷᠠᠭᠰᠠᠨ ᠪᠥᠭᠡᠳ ᠬᠦᠴᠦᠨ ᠲᠠᠮᠢᠷ ᠨᠢ ᠴᠦ᠍ ᠨᠡᠩ ᠰᠠᠢᠵᠢᠷᠠᠭᠰᠠᠨ ᠪᠥᠯᠥᠭᠡ ᠬᠡᠮᠡᠪᠡ᠃ 
       ᠡᠮ ᠦ᠋ᠨ ᠨᠣᠮ ᠳ᠋ᠤᠷ ᠲᠡᠮᠳᠡᠭᠯᠡᠭᠰᠡᠨ ᠢᠨᠤ᠄ ᠤᠷᠲᠤ ᠨᠠᠰᠤᠯᠠᠬᠤ ᠶ᠋ᠢ ᠬᠦᠰᠡᠪᠡᠰᠦ ᠣᠨᠪᠣᠢ ᠶ᠋ᠢ ᠢᠳᠡᠪᠡᠰᠦ ᠵᠣᠬᠢᠮᠤᠢ ᠬᠡᠮᠡᠪᠡ᠃ 
       ᠪᠤᠤ ᠫᠢᠶᠣᠣ ᠽᠢ ᠶ᠋ᠢᠨ ᠥᠭᠦᠯᠡᠭᠰᠡᠨ ᠢᠨᠤ᠄ ᠷᠧᠨ ᠵᠢᠢ ᠬᠡᠮᠡᠭᠴᠢ ᠬᠥᠮᠦᠨ ᠠᠷᠪᠠᠨ ᠨᠠᠢ᠍ᠮᠠᠨ ᠵᠢᠯ ᠮᠠᠭ ᠢ᠋ ᠢᠳᠡᠭᠡᠳ ᠲᠠᠪᠤᠨ ᠲᠠᠷᠢᠶ᠎ᠠ ᠢᠳᠡᠬᠦ ᠦᠭᠡᠢ ᠪᠣᠯᠪᠠᠴᠤ ᠥᠩᠭᠡ ᠵᠢᠰᠦ ᠢᠨᠦ ᠭᠡᠷᠡᠯᠲᠡᠢ ᠬᠡᠮᠡᠪᠡ᠃ 
       ᠰᠦᠨ ᠵᠧᠨ ᠷᠧᠨ ᠪᠠᠭᠰᠢ ᠶ᠋ᠢᠨ ᠵᠧᠨ ᠵᠦᠩ ᠵᠢᠢ ᠬᠡᠮᠡᠬᠦ ᠨᠣᠮ ᠳ᠋ᠠᠭᠠᠨ ᠲᠡᠮᠳᠡᠭᠯᠡᠭᠰᠡᠨ ᠢᠨᠤ᠄ ᠮᠠᠭ ᠢ᠋ ᠤᠳᠠᠭᠠᠨ ᠡᠳᠦᠷ ᠤᠤᠭᠤᠪᠠᠰᠤ ᠵᠠᠭᠤᠨ ᠬᠣᠨᠣᠭ ᠪᠣᠯᠬᠤ ᠳ᠋ᠤ᠌ ᠡᠪᠡᠳᠴᠢᠨ ᠪᠦᠬᠦᠨ ᠠᠷᠢᠯᠵᠤ᠂ ᠬᠣᠶᠠᠷ ᠵᠠᠭᠤᠨ ᠬᠣᠨᠣᠭ ᠲᠤ᠌ ᠡᠳᠦᠷ ᠰᠥᠨᠢ ᠬᠣᠶᠠᠷ ᠤᠳᠠᠭ᠎ᠠ ᠤᠤᠭᠤᠪᠠᠰᠤ ᠴᠢᠳᠬᠥᠷ ᠰᠠᠬᠢᠭᠤᠯᠰᠤᠨ ᠢ᠋ ᠵᠠᠷᠤᠮᠤᠢ ᠬᠡᠮᠡᠪᠡ᠃ 
       ᠪᠦᠦ ᠫᠢᠶᠣᠣ ᠽᠢ ᠶ᠋ᠢᠨ ᠥᠭᠦᠯᠡᠭᠰᠡᠨ ᠢᠨᠦ᠄ ᠯᠢᠩ ᠶᠠᠩ ᠭᠠᠵᠠᠷ ᠤ᠋ᠨ ᠵᠦᠩ ᠽᠢ ᠬᠡᠮᠡᠭᠴᠢ ᠬᠥᠮᠦᠨ ᠢᠨᠤ ᠪᠠᠶᠠᠭᠽᠠᠸ᠎ᠠ ᠶ᠋ᠢ ᠬᠣᠷᠢᠨ ᠵᠢᠯ ᠤᠤᠭᠤᠭᠰᠠᠨ᠎ᠠ ᠭᠤᠴᠢᠨ ᠬᠡᠦᠬᠡᠳ ᠲᠡᠢ ᠪᠣᠯᠤᠭᠰᠠᠨ ᠪᠥᠭᠡᠳ ᠨᠣᠮ ᠪᠢᠴᠢᠭ ᠢ᠋ ᠳᠡᠯᠭᠡᠵᠦ ᠬᠠᠷᠠᠮᠠᠭᠴᠠ ᠮᠠᠷᠲᠠᠰᠢ ᠦᠭᠡᠢ ᠴᠡᠭᠡᠵᠢᠯᠡᠮᠦᠢ ᠬᠡᠮᠡᠪᠡ᠃ 
       ᠳ᠋ᠦᠩ ᠬᠤᠸᠠ ᠵᠧᠨ ᠷᠧᠨ ᠪᠠᠭᠰᠢ ᠶ᠋ᠢᠨ ᠵᠣ᠌ ᠱᠢ ᠵᠢᠩ ᠬᠡᠮᠡᠬᠦ ᠨᠣᠮ ᠳ᠋ᠤᠷ ᠲᠡᠮᠳᠡᠭᠯᠡᠭᠰᠡᠨ ᠢᠨᠤ᠄ ᠡᠷᠲᠡᠨ ᠦ᠌ ᠰᠦᠨ ᠬᠠᠭᠠᠨ ᠠᠨᠤ ᠦᠷᠭᠦᠯᠵᠢ ᠽᠠᠩ ᠡᠦ ᠱᠠᠨ ᠠᠭᠤᠯᠠᠨ ᠳ᠋ᠤᠷ ᠭᠠᠷᠬᠤ ᠳ᠋ᠠᠭᠠᠨ ᠥᠭᠦᠯᠡᠭᠰᠡᠨ ᠢᠨᠤ᠄ ᠲᠡᠷᠡᠬᠦ ᠠᠯᠲᠠᠨ ᠬᠠᠰ ᠤ᠋ᠨ ᠠᠩᠬᠢᠯᠤᠮᠠᠯ ᠡᠪᠡᠰᠦ ᠪᠣᠯᠪᠠᠰᠤ ᠳᠠᠷᠤᠢ ᠳᠣᠪᠣᠯᠭᠠᠨ᠎ᠠ ᠪᠣᠯᠠᠢ ᠬᠡᠮᠡᠵᠦᠬᠦᠢ᠃ ᠡᠭᠦᠨ ᠢ᠋ ᠤᠤᠭᠤᠪᠠᠰᠤ ᠠᠮᠢ ᠨᠠᠰᠤ ᠶ᠋ᠢ ᠤᠷᠲᠤᠳᠬᠠᠬᠤ ᠤᠴᠢᠷ ᠠ᠋ᠴᠠ ᠶᠡᠷᠦ ᠶ᠋ᠢᠨ ᠦᠭᠡᠨ ᠲᠦᠷ 《ᠨᠢᠭᠡᠨ ᠠᠳᠬᠤ ᠳᠣᠪᠣᠯᠭᠠᠨ᠎ᠠ ᠶ᠋ᠢ ᠣᠯᠬᠤ ᠳᠤᠷᠠᠲᠠᠢ ᠠ᠋ᠴᠠ ᠪᠢᠰᠢ᠂ ᠲᠡᠷᠭᠡ ᠳᠦᠭᠦᠷᠡᠩ ᠠᠯᠲᠠᠨ ᠬᠠᠰ ᠢ᠋ᠶ᠋ᠠᠷ ᠶᠠᠭᠤᠬᠢᠮᠤᠢ᠂ ᠨᠢᠭᠡᠨ ᠵᠢᠩ ᠴᠦᠴᠦ᠋ᠩᠪᠠ ᠶ᠋ᠢ ᠣᠯᠬᠤ ᠳᠤᠷᠠᠲᠠᠢ ᠠ᠋ᠴᠠ ᠪᠢᠰᠢ᠂ ᠬᠡᠷᠡᠯᠳᠦᠵᠦ ᠭᠢᠯᠲᠠᠭᠠᠨᠠᠭᠰᠠᠨ ᠰᠤᠪᠤᠳ ᠲᠠᠨ᠎ᠠ ᠪᠠᠷ ᠶᠠᠭᠤᠬᠢᠮᠤᠢ》 ᠬᠡᠮᠡᠵᠦᠬᠦᠢ᠃ ᠡᠷᠲᠡᠨ ᠦ᠌ ᠯᠦ᠍ ᠤᠯᠤᠰ ᠤ᠋ᠨ ᠳ᠋ᠢᠩ ᠬᠦᠩ ᠡᠵᠡᠨ ᠦ᠌ ᠡᠬᠡ ᠢᠨᠤ ᠭᠠᠭᠴᠠᠬᠦ ᠮᠥᠨ ᠡᠦ ᠵᠢᠶᠠ ᠫᠢ (ᠳᠣᠪᠣᠯᠭᠠᠨ᠎ᠠ) ᠠᠷᠢᠬᠢ ᠶ᠋ᠢ ᠤᠤᠭᠤᠭᠰᠠᠭᠠᠷ ᠤᠷᠲᠤ ᠨᠠᠰᠤᠯᠠᠭᠰᠠᠨ ᠶᠤᠮ᠃ ᠲᠡᠭᠦᠨᠴᠢᠯᠡᠨ ᠵᠠᠩ ᠽᠢ ᠱᠧᠩ ᠂ᠶᠠᠩ ᠱᠢ ᠵᠢᠶᠠ᠂ ᠸᠠᠩ ᠱᠤ᠌ ᠵᠣ᠌ ᠼᠠᠢ᠂ ᠢᠦᠢ ᠱᠢ ᠶᠠᠨ ᠮᠡᠲᠦ ᠶ᠋ᠢᠨ ᠬᠥᠮᠦᠰ ᠢᠨᠤ ᠴᠥᠮ ᠡᠷᠲᠡᠨ ᠦ᠌ ᠬᠥᠮᠦᠰ ᠪᠥᠯᠥᠭᠡ᠃ ᠲᠡᠳᠡᠨᠡᠷ ᠡᠦ ᠵᠢᠶᠠ ᠫᠢ ᠬᠡᠮᠡᠬᠦ ᠠᠷᠢᠬᠢ ᠶ᠋ᠢ ᠤᠤᠭᠤᠭᠰᠠᠨ ᠢ᠋ᠶ᠋ᠠᠷ ᠭᠡᠷᠭᠡᠢ ᠬᠠᠲᠤᠨ ᠦᠯᠦ ᠲᠠᠰᠤᠷᠠᠨ᠂ ᠴᠥᠮ ᠭᠤᠷᠪᠠᠨ ᠵᠠᠭᠤ ᠨᠠᠰᠤᠯᠠᠭᠰᠠᠨ ᠪᠥᠭᠡᠳ ᠬᠣᠷᠢ ᠭᠤᠴᠢᠨ ᠬᠡᠦᠬᠡᠳ ᠲᠡᠢ ᠪᠣᠯᠤᠭᠰᠠᠨ ᠤᠤᠭᠤ᠃ ᠵᠢᠴᠢ ᠦᠶ᠎ᠡ ᠤᠯᠠᠷᠢᠨ ᠡᠦ ᠵᠢᠶᠠ ᠫᠢ ᠠᠷᠢᠬᠢ ᠶ᠋ᠢ ᠤᠤᠭᠤᠭᠠᠳ ᠤᠷᠲᠤ ᠨᠠᠰᠤᠯᠠᠭᠰᠠᠳ ᠠᠯᠢ ᠣᠯᠠᠨ ᠪᠠᠢᠭᠰᠠᠨ ᠠᠵᠢ ᠬᠡᠮᠡᠪᠡ᠃ 
       ᠪᠦᠦ ᠫᠢᠶᠣᠣ ᠽᠢ ᠶ᠋ᠢᠨ ᠥᠭᠦᠯᠡᠭᠰᠡᠨ ᠢᠨᠤ᠄ ᠵᠣᠣ ᠲᠠ ᠽᠢ ᠬᠡᠮᠡᠭᠴᠢ ᠬᠥᠮᠦᠨ ᠢᠨᠦ ᠳ᠋ᠣᠸᠠᠼᠠ (ᠭᠠᠪᠢᠷ᠎ᠠ) ᠶ᠋ᠢ ᠬᠣᠷᠢᠨ ᠵᠢᠯ ᠤᠤᠭᠤᠭᠰᠠᠭᠠᠷ ᠬᠥᠯ ᠳ᠋ᠦ᠍ᠷ ᠦᠰᠦ ᠤᠷᠭᠤᠵᠤ᠂ ᠡᠳᠦᠷ ᠲᠦ᠍ ᠲᠠᠪᠤᠨ ᠵᠠᠭᠤᠨ ᠭᠠᠵᠠᠷ ᠶᠠᠪᠤᠬᠤ ᠪᠥᠭᠡᠳ ᠮᠢᠩᠭᠠᠨ ᠵᠢᠩ ᠦ᠋ᠨ ᠬᠦᠨᠳᠦ ᠶ᠋ᠢ ᠡᠷᠭᠦᠬᠦ ᠬᠦᠴᠦ ᠲᠡᠢ ᠪᠣᠯᠪᠠ ᠬᠡᠮᠡᠪᠡ᠃ 
       ᠣᠯᠠᠨ ᠠᠷᠰᠢ ᠶ᠋ᠢᠨ ᠨᠠᠮᠲᠠᠷ ᠯᠢᠶᠧ ᠰᠢᠶᠠᠨ ᠵᠤᠸᠠᠨ ᠬᠡᠮᠡᠬᠦ ᠪᠢᠴᠢᠭ ᠲᠣᠷ ᠲᠡᠮᠳᠡᠭᠯᠡᠭᠰᠡᠨ ᠢᠨᠦ᠄ ᠸᠧ ᠴᠢᠤᠸᠠᠨ ᠬᠡᠮᠡᠭᠴᠢ ᠰᠠᠮᠤᠷ ᠢ᠋ ᠢᠳᠡᠭᠰᠡᠨ ᠡᠴᠡ ᠪᠣᠯᠵᠤ᠂ ᠨᠢᠰᠦᠯᠬᠢᠯᠡᠨ ᠶᠠᠪᠤᠬᠤ ᠠᠨᠤ ᠮᠣᠷᠢᠨ ᠳᠠᠪᠬᠢᠭ᠎ᠠ ᠮᠡᠲᠦ ᠬᠡᠮᠡᠪᠡ᠃ 
       ᠠᠷᠰᠢ ᠰᠠᠬᠢᠭᠤᠯᠰᠤᠨ ᠤ᠋ ᠨᠠᠮᠲᠠᠷ ᠱᠧᠨ ᠰᠢᠶᠠᠨ ᠵᠤᠸᠠᠨ ᠬᠡᠮᠡᠬᠦ ᠪᠢᠴᠢᠭ ᠲᠣᠷ ᠲᠡᠮᠳᠡᠭᠯᠡᠭᠰᠡᠨ ᠢᠨᠦ᠄ ᠨᠠᠷᠠᠰᠤᠨ ᠤ᠋ ᠰᠠᠮᠤᠷ ᠢ᠋ ᠬᠡᠴᠢᠨᠡᠨ ᠴᠦ᠍ ᠪᠣᠯᠲᠤᠭᠠᠢ᠂ ᠲᠡᠭᠦᠨ ᠢ᠋ ᠵᠢᠭᠤᠷᠠᠵᠤ ᠬᠡᠮᠬᠡᠴᠢᠨ ᠬᠠᠨᠳᠠ ᠪᠣᠯᠭᠠᠭᠠᠳ ᠡᠳᠦᠷ ᠪᠦᠷᠢ ᠭᠤᠷᠪᠠᠨ ᠤᠳᠠᠭ᠎ᠠ᠂ ᠤᠳᠠᠭ᠎ᠠ ᠪᠦᠷᠢ ᠨᠢᠭᠡᠨ ᠬᠠᠯᠪᠠᠭ᠎ᠠ ᠶ᠋ᠢ ᠪᠦᠯᠢᠶᠡᠨ ᠠᠷᠢᠬᠢ ᠪᠠᠷ ᠳᠠᠷᠤᠭᠤᠯᠵᠤ ᠤᠤᠭᠤᠪᠠᠰᠤ ᠥᠯᠥᠰᠴᠦ ᠤᠮᠳᠠᠭᠠᠰᠬᠤ ᠦᠭᠡᠢ ᠪᠣᠯᠵᠤ᠂ ᠡᠳᠦᠷ ᠲᠦ᠍ ᠲᠠᠪᠤᠨ ᠵᠠᠭᠤᠨ ᠭᠠᠵᠠᠷ ᠶᠠᠪᠤᠬᠤ ᠪᠥᠭᠡᠳ ᠪᠡᠶ᠎ᠡ ᠮᠠᠬᠠᠪᠣᠳ ᠬᠥᠩᠭᠡᠨ ᠴᠢᠭᠢᠷᠠᠭ ᠪᠣᠯᠤᠮᠤᠢ ᠬᠡᠮᠵᠢᠬᠦᠢ᠃

       ᠲᠠᠢᠯᠪᠤᠷᠢ᠄ ᠪᠤᠤ ᠫᠢᠶᠣᠣ ᠽᠢ ᠬᠡᠮᠡᠭᠴᠢ ᠶ᠋ᠢᠨ ᠦᠨᠡᠨ ᠨᠡᠷ᠎ᠡ ᠨᠢ ᠭᠧ ᠾᠦᠩ ᠬᠡᠮᠡᠮᠦᠢ᠃ ᠵᠡᠭᠦᠨ ᠦ᠌ ᠤᠯᠤᠰ ᠤ᠋ᠨ ᠦᠶ᠎ᠡ ᠶ᠋ᠢᠨ ᠡᠮ ᠡᠮᠨᠡᠯᠭᠡ ᠶ᠋ᠢᠨ ᠠᠯᠳᠠᠷᠲᠤ ᠡᠷᠳᠡᠮᠲᠡᠨ ᠪᠥᠭᠡᠳ ᠪᠣᠮᠪᠣ ᠮᠥᠨ᠂ ᠥᠪᠡᠰᠦᠪᠡᠨ ᠪᠦᠦ ᠫᠢᠶᠣᠣ ᠭᠡᠮᠡᠨ ᠴᠣᠯᠠᠳᠠᠪᠠ᠃ ᠡᠳᠦᠭᠡ ᠶ᠋ᠢᠨ ᠵᠢᠶᠠᠩᠰᠦ ᠮᠣᠵᠢ ᠶ᠋ᠢᠨ ᠵᠢᠦᠢ ᠷᠦᠩ ᠭᠠᠵᠠᠷ ᠤ᠋ᠨ ᠬᠥᠮᠦᠨ ᠪᠣᠯᠠᠢ ᠃ ᠡᠮ ᠡᠮᠨᠡᠯᠭᠡ ᠶ᠋ᠢᠨ ᠲᠤᠬᠠᠢ ᠠᠷᠪᠠᠨ ᠵᠣᠬᠢᠶᠠᠯ ᠥᠭᠦᠯᠡᠯ ᠪᠢᠴᠢᠭᠰᠡᠨ ᠪᠣᠯᠪᠠᠴᠤ ᠣᠯᠠᠩᠬᠢ ᠨᠢ ᠨᠢᠭᠡᠨᠲᠡ ᠣᠷᠬᠢᠭᠳᠠᠵᠠᠢ᠂ ᠲᠡᠭᠦᠨ ᠦ᠌ ᠪᠢᠴᠢᠭᠰᠡᠨ ᠵᠧᠦ ᠾᠧᠦ ᠪᠧᠢ ᠵᠢᠢ ᠹᠠᠩ (ᠲᠦᠷᠭᠡᠨ ᠲᠤᠰᠠᠯᠠᠮᠵᠢ ᠶ᠋ᠢᠨ ᠵᠣᠷ) ᠭᠡᠳᠡᠭ ᠵᠣᠬᠢᠶᠠᠯ ᠨᠢ ᠪᠣᠯᠪᠠᠯ ᠣᠯᠠᠩᠬᠢ ᠨᠢ ᠠᠷᠠᠳ ᠤ᠋ᠨ ᠳ᠋ᠠᠩ ᠵᠣᠷ᠂ ᠲᠤᠷᠰᠢᠯᠭᠠᠲᠤ ᠵᠣᠷ ᠤ᠋ᠳ ᠢ᠋ ᠴᠤᠭᠯᠠᠭᠤᠯᠤᠨ ᠡᠮᠬᠢᠳᠬᠡᠭᠰᠡᠨ ᠪᠥᠭᠡᠳ ᠡᠨᠡ ᠨᠢ ᠬᠡᠷᠡᠭᠯᠡᠬᠦ ᠳ᠋ᠦ᠍ ᠳᠥᠭᠥᠮ ᠦᠨ᠎ᠡ ᠪᠡᠷ ᠬᠢᠮᠳᠠ᠂ ᠠᠴᠢ ᠲᠤᠰᠠ ᠪᠠᠷ ᠰᠠᠢᠨ ᠭᠡᠬᠦ ᠵᠡᠷᠭᠡ ᠣᠨᠴᠠᠯᠢᠭ ᠲᠠᠢ ᠭᠡᠵᠦ ᠮᠠᠲ᠋ᠧᠷᠢᠶᠠᠯ ᠳ᠋ᠤ᠌ ᠲᠠᠨᠢᠯᠴᠠᠭᠤᠯᠤᠭᠰᠠᠨ ᠪᠠᠢᠨ᠎ᠠ᠃ 
       ᠿᠢ ᠬᠤᠸᠠ ᠽᠢ ᠬᠡᠮᠡᠭᠴᠢ ᠳᠠᠩ ᠤᠯᠤᠰ ᠤ᠋ᠨ ᠦᠶ᠎ᠡ ᠶ᠋ᠢᠨ ᠡᠮ ᠦ᠋ᠨ ᠰᠤᠳᠤᠯᠤᠯ ᠤ᠋ᠨ ᠠᠯᠳᠠᠷᠲᠤ ᠡᠷᠳᠡᠮᠲᠡᠨ᠂ ᠤᠭ ᠣᠪᠣᠭ ᠨᠢ ᠳᠡ᠂ ᠨᠡᠷ᠎ᠡ  ᠨᠢ ᠮᠢᠩ᠃ ᠡᠳᠦᠭᠡ ᠶ᠋ᠢᠨ ᠵᠧᠵᠢᠶᠠᠩ ᠮᠣᠵᠢ ᠶ᠋ᠢᠨ ᠨᠢᠩ ᠪᠦᠸᠧ ᠭᠠᠵᠠᠷ ᠤ᠋ᠨ ᠬᠥᠮᠦᠨ᠃ ᠳ᠋ᠠ ᠮᠢᠩ ᠦ᠋ᠨ ᠡᠪᠡᠰᠦᠨ ᠡᠮ ᠦ᠋ᠨ ᠪᠢᠴᠢᠭ ᠬᠡᠮᠡᠬᠦ ᠶ᠋ᠢ ᠨᠠᠢᠷᠠᠭᠤᠯᠤᠨ ᠪᠢᠴᠢᠭᠰᠡᠨ ᠪᠣᠯᠪᠠᠴᠤ ᠨᠢᠭᠡᠨᠲᠡ ᠣᠷᠬᠢᠭᠳᠠᠪᠠ᠃ ᠭᠡᠪᠡᠴᠦ ᠲᠡᠭᠦᠨ ᠦ᠌ ᠠᠯᠢ ᠣᠯᠠᠨ ᠬᠡᠰᠡᠭ ᠪᠣᠰᠤᠭ ᠵᠦᠢᠯ ᠢ᠋ ᠮᠥᠨ ᠯᠢ ᠱᠢ ᠵᠧᠨ ᠪᠠᠭᠰᠢ ᠶ᠋ᠢᠨ ᠡᠪᠡᠰᠦᠨ ᠡᠮ ᠦ᠋ᠨ ᠲᠣᠪᠴᠢ ᠬᠡᠮᠡᠬᠦ ᠪᠢᠴᠢᠭ ᠲᠣᠷ ᠲᠡᠮᠳᠡᠭᠯᠡᠭᠡᠰᠦᠲᠡᠢ ᠪᠠᠢᠳᠠᠭ ᠶᠤᠮ᠃

       ᠱᠧᠨ ᠰᠢᠶᠠᠨ ᠵᠤᠸᠠᠨ ᠬᠡᠮᠡᠬᠦ ᠪᠢᠴᠢᠭ ᠲᠣᠷ ᠲᠡᠮᠳᠡᠭᠯᠡᠭᠰᠡᠨ ᠢᠨᠦ᠄  
       ᠦᠶ᠎ᠡ ᠭᠡᠰᠢᠭᠦᠨ ᠪᠦᠬᠦᠨ ᠤᠳᠠᠭᠠᠨ ᠡᠳᠦᠷ᠎ᠡ ᠡᠪᠡᠷᠰᠢᠶᠡᠵᠦ᠂ ᠬᠡᠢ ᠶ᠋ᠢᠨ ᠭᠡᠮ ᠢ᠋ᠶ᠋ᠡᠷ ᠲᠠᠮᠢᠷ ᠳᠣᠷᠣᠢ ᠠᠷᠬᠠᠭ ᠪᠠ ᠬᠥᠯ ᠮᠢᠨᠴᠦᠭᠦᠷᠡᠨ ᠡᠪᠡᠳᠬᠦ ᠵᠡᠷᠭᠡ ᠶ᠋ᠢ ᠡᠮᠨᠡᠬᠦᠢ ᠲᠦᠷ᠂ ᠨᠠᠷᠠᠰᠤᠨ ᠤ᠋ ᠳᠠᠪᠠᠷᠬᠠᠢ ᠪᠠᠷ ᠠᠷᠢᠬᠢ ᠨᠡᠷᠡᠵᠦ ᠤᠤᠭᠤᠪᠠᠰᠤ ᠮᠠᠰᠢ ᠲᠤᠰᠠᠯᠠᠮᠤᠢ ᠬᠡᠮᠡᠪᠡ᠃ 
       ᠱᠧᠨ ᠰᠢᠶᠠᠨ ᠵᠤᠸᠠᠨ ᠬᠡᠮᠡᠬᠦ ᠪᠢᠴᠢᠭ ᠲᠣᠷ ᠲᠡᠮᠳᠡᠭᠯᠡᠭᠰᠡᠨ ᠢᠨᠦ᠄   
       ᠬᠣᠩᠭᠣᠷᠴᠣᠭᠲᠤ ᠶ᠋ᠢᠨ ᠦᠷ᠎ᠡ ᠶ᠋ᠢ ᠦᠬᠡᠷ ᠦ᠋ᠨ ᠰᠥᠰᠥᠨ ᠳ᠋ᠦ᠍ᠷ ᠵᠠᠭᠤᠨ ᠬᠣᠨᠣᠭ ᠳᠡᠪᠲᠦᠭᠡᠭᠡᠳ᠂ ᠰᠡᠭᠦᠳᠡᠷ ᠭᠠᠵᠠᠷ᠎ᠠ ᠬᠠᠲᠠᠭᠠᠮᠤᠢ᠃ ᠡᠭᠦᠨ ᠢ᠋ ᠡᠳᠦᠷ ᠪᠦᠷᠢ ᠨᠢᠭᠡᠨ ᠮᠥᠬᠥᠯᠢᠭ ᠢ᠋ ᠢᠳᠡᠪᠡᠰᠦ᠂ ᠠᠷᠪᠠᠨ ᠬᠣᠨᠣᠭ ᠪᠣᠯᠬᠤ ᠳ᠋ᠤ᠌ ᠪᠡᠶ᠎ᠡ ᠬᠥᠩᠭᠡᠷᠡᠵᠦ ᠂ ᠬᠣᠷᠢᠨ ᠬᠣᠨᠣᠭ ᠳᠡᠭᠡᠷ᠎ᠡ ᠴᠠᠢᠭᠰᠠᠨ ᠦᠰᠦ  ᠬᠠᠷᠠᠯᠠᠵᠤ ᠂ ᠵᠠᠭᠤᠨ ᠬᠣᠨᠣᠭ ᠪᠤᠯᠬᠤᠢ ᠳ᠋ᠤᠷ ᠶᠠᠭᠤ ᠪᠦᠬᠦᠨ ᠢ᠋ ᠲᠥᠰᠦᠭᠯᠡᠬᠦ ᠪᠣᠯᠤᠮᠤᠢ ᠬᠡᠮᠡᠪᠡ᠃ 
       ᠢᠳᠡᠭᠡᠨ ᠦ᠌ ᠵᠠᠰᠠᠯᠭ᠎ᠠ ᠬᠡᠮᠡᠬᠦ ᠨᠣᠮ ᠳ᠋ᠤᠷ ᠲᠡᠮᠳᠡᠭᠯᠡᠭᠰᠡᠨ ᠢᠨᠦ᠄ 
       ᠫᠠᠩᠮᠠᠢ ᠶ᠋ᠢᠨ ᠨᠠᠪᠴᠢ ᠪᠣᠯᠪᠠᠰᠤ ᠶᠠᠰᠤ ᠰᠢᠷᠪᠥᠰᠥ ᠶ᠋ᠢ ᠴᠢᠭᠢᠷᠠᠭᠵᠢᠭᠤᠯᠤᠨ᠂ ᠰᠠᠯᠬᠢ ᠶ᠋ᠢᠨ ᠭᠡᠮ ᠢ᠋ ᠠᠷᠢᠯᠭᠠᠨ᠂ ᠲᠠᠮᠢᠷ ᠢ᠋ ᠰᠠᠢᠵᠢᠷᠠᠭᠤᠯᠤᠨ᠂ ᠤᠵᠢᠭ ᠠᠷᠬᠠᠭ ᠢ᠋ ᠲᠡᠩᠬᠡᠷᠡᠭᠦᠯᠵᠦ᠂ ᠬᠤᠷᠢᠴᠠᠯᠳᠤᠬᠤ ᠴᠢᠳᠠᠯ ᠢ᠋ ᠨᠡᠮᠡᠭᠳᠡᠭᠦᠯᠦᠮᠦᠢ᠃ ᠡᠭᠦᠨ ᠢ᠋ ᠬᠠᠪᠤᠷ ᠵᠤᠨ ᠨᠠᠮᠤᠷ ᠲᠤ᠌ ᠨᠠᠪᠴᠢ ᠶ᠋ᠢ ᠲᠡᠭᠦᠵᠦ᠂ ᠡᠪᠦᠯ ᠳ᠋ᠦ᠍ ᠦᠷ᠎ᠡ ᠶ᠋ᠢ ᠠᠪᠤᠭᠠᠳ ᠤᠳᠠᠭᠠᠨ ᠬᠣᠨᠣᠭ ᠢ᠋ᠶ᠋ᠠᠷ ᠢᠳᠡᠵᠦ ᠪᠣᠯᠤᠮᠤᠢ ᠬᠡᠮᠡᠪᠡ᠃ 
       ᠲᠠᠢ ᠴᠢᠩ ᠦ᠋ᠨ ᠡᠪᠡᠰᠦᠨ ᠡᠮ ᠦ᠋ᠨ ᠪᠢᠴᠢᠭ ᠦ᠋ᠳ ᠲᠣᠷ ᠲᠡᠮᠳᠡᠭᠯᠡᠭᠰᠡᠨ ᠢᠨᠦ᠄ 
       ᠳᠣᠯᠣᠭᠠᠨ ᠰᠠᠷ᠎ᠠ ᠶ᠋ᠢᠨ ᠳᠣᠯᠣᠭᠠᠨ ᠤ᠋ ᠡᠳᠦᠷ᠎ᠡ ᠯᠢᠩᠬᠤ᠎ᠠ ᠴᠡᠴᠡᠭ ᠢ᠋ ᠳᠣᠯᠣᠭᠠᠨ ᠬᠤᠪᠢ ᠲᠡᠭᠦᠵᠦ᠂ ᠨᠠᠢ᠍ᠮᠠᠨ ᠰᠠᠷ᠎ᠠ ᠶ᠋ᠢᠨ ᠨᠠᠢ᠍ᠮᠠᠨ᠎ᠠ ᠯᠢᠩᠬᠤ᠎ᠠ ᠶ᠋ᠢᠨ ᠦᠨᠳᠦᠰᠦ ᠶ᠋ᠢ ᠨᠠᠢ᠍ᠮᠠᠨ ᠬᠤᠪᠢ ᠲᠡᠭᠦᠵᠦ᠂ ᠶᠢᠰᠦᠨ ᠰᠠᠷ᠎ᠠ ᠶ᠋ᠢᠨ ᠶᠢᠰᠦᠨ᠎ᠡ ᠯᠢᠩᠬᠤ᠎ᠠ ᠶ᠋ᠢᠨ ᠦᠷ᠎ᠡ ᠶ᠋ᠢ ᠶᠢᠰᠦᠨ ᠬᠤᠪᠢ ᠲᠡᠭᠦᠭᠡᠳ ᠴᠥᠮ ᠰᠡᠭᠦᠳᠡᠷ ᠭᠠᠵᠠᠷ᠎ᠠ ᠬᠠᠲᠠᠭᠠᠭᠠᠳ ᠢᠳᠡᠪᠡᠰᠦ ᠬᠥᠮᠦᠨ ᠢ᠋ ᠥᠲᠡᠯᠥᠭᠦᠯᠬᠦ ᠦᠭᠡᠢ ᠪᠣᠯᠭᠠᠮᠤᠢ ᠬᠡᠮᠡᠪᠡ᠃ 
       ᠢᠳᠡᠭᠡᠨ ᠦ᠌ ᠵᠠᠰᠠᠯᠭ᠎ᠠ ᠶ᠋ᠢᠨ ᠨᠣᠮ ᠳ᠋ᠤᠷ ᠲᠡᠮᠳᠡᠭᠯᠡᠭᠰᠡᠨ ᠢᠨᠦ᠄ 
       ᠪᠥᠭᠡᠷ᠎ᠡ ᠶ᠋ᠢᠨ ᠲᠠᠮᠢᠷ ᠳᠣᠷᠣᠢᠲᠠᠭᠰᠠᠨ ᠳ᠋ᠤ᠌ ᠲᠦᠭᠦᠬᠡᠢ ᠲᠠᠤᠯᠠᠢ ᠶ᠋ᠢᠨ ᠪᠥᠭᠡᠷ᠎ᠡ ᠶ᠋ᠢ ᠬᠡᠴᠢᠨᠡᠨ ᠴᠦ᠍ ᠬᠠᠮᠢᠶ᠎ᠠ ᠦᠭᠡᠢ᠂ ᠡᠭᠦᠨ ᠢ᠋ ᠰᠠᠯᠬᠢᠨ ᠳᠡᠭᠡᠷ᠎ᠡ ᠬᠠᠲᠠᠭᠠᠭᠠᠳ᠂ ᠡᠳᠦᠷ ᠪᠦᠷᠢ ᠥᠯᠥᠨ ᠢ᠋ᠶ᠋ᠡᠷ ᠭᠤᠷᠪᠠ ᠪᠤᠶᠤ ᠲᠠᠪᠤ ᠶ᠋ᠢ ᠨᠠᠷᠢᠨ ᠵᠠᠵᠢᠯᠵᠤ ᠠᠭᠠᠵᠢᠮ ᠢ᠋ᠶ᠋ᠠᠷ ᠢᠳᠡᠪᠡᠰᠦ ᠲᠤᠰᠠᠯᠠᠮᠤᠢ ᠬᠡᠮᠡᠪᠡ᠃                      

               ᠦᠰᠦᠭ ᠠᠮᠢᠯᠠᠭᠤᠯᠤᠭᠰᠠᠨ ᠨᠢ ᠄ ᠭᠠᠸᠠ