ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠳᠥᠷᠪᠡᠳᠦᠭᠡᠷ ᠪᠦᠯᠦᠭ> ᠨᠢᠭᠡ Дайчин улсын үеийн монголын түүх-Намсрай 4-1 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠳᠥᠷᠪᠡᠳᠦᠭᠡᠷ ᠪᠦᠯᠦᠭ> ᠨᠢᠭᠡ Дайчин улсын үеийн монголын түүх-Намсрай 4-1

ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠳᠥᠷᠪᠡᠳᠦᠭᠡᠷ ᠪᠦᠯᠦᠭ> ᠨᠢᠭᠡ Дайчин улсын үеийн монголын түүх-Намсрай 4-1

ᠠᠩᠭᠢᠯᠠᠯ:ᠲᠡᠦᠬᠡ ᠰᠣᠶᠣᠯ
2026-08-29

8

ᠳᠥᠷᠪᠡᠳᠦᠭᠡᠷ ᠪᠦᠯᠦᠭ ᠂ ᠴᠠᠸᠠᠩᠷᠠᠪᠳᠠᠨ ᠤ᠋ ᠨᠣᠶᠠᠷᠬᠠᠯ ᠳᠣᠣᠷᠠᠬᠢ ᠵᠡᠭᠦᠨᠭᠠᠷ ᠬᠠᠭᠠᠨᠲᠤ ᠤᠯᠤᠰ ᠪᠠ ᠬᠥᠬᠡᠨᠠᠭᠤᠷ ᠲᠥᠪᠡᠳ ᠦ᠋ᠨ ᠬᠣᠱᠤᠳ

ᠨᠢᠭᠡᠳᠦᠭᠡᠷ ᠬᠡᠰᠡᠭ ᠂ ᠴᠠᠸᠠᠩᠷᠠᠪᠳᠠᠨ ᠤ᠋ ᠥᠷᠭᠡᠳᠬᠡᠬᠦ ᠲᠥᠷᠥ ᠶ᠋ᠢᠨ ᠪᠣᠳᠣᠯᠭ᠎ᠠ ᠪᠠ ᠲᠠᠢᠴᠢᠩ ᠤᠯᠤᠰ ᠲᠠᠢ ᠳᠠᠢᠯᠠᠯᠳᠤᠭᠰᠠᠨ ᠨᠢ

 
              ᠨᠢᠭᠡ᠂ ᠵᠡᠭᠦᠨᠭᠠᠷ ᠬᠠᠭᠠᠨᠲᠤ ᠤᠯᠤᠰ ᠢ᠋ ᠥᠷᠭᠡᠳᠬᠡᠬᠦ ᠲᠥᠯᠥᠪᠯᠡᠭᠡ     

       17 ᠳ᠋ᠤᠭᠠᠷ ᠵᠠᠭᠤᠨ ᠤ᠋ ᠶᠡᠷᠡᠭᠡᠳ ᠣᠨ ᠳ᠋ᠤ᠌᠂ ᠪᠣᠱᠣᠭᠲᠤ ᠬᠠᠨ ᠲᠠᠢᠴᠢᠩ ᠤᠯᠤᠰ ᠲᠠᠢ ᠦᠵᠡᠯᠴᠡᠵᠦ ᠪᠠᠢᠬᠤ ᠳ᠋ᠤ᠌ ᠲᠡᠭᠦᠨ ᠦ᠌ ᠠᠴᠢ ᠴᠠᠸᠠᠩᠷᠠᠪᠳᠠᠨ ᠥᠪᠡᠷ ᠢ ᠪᠡᠨ ᠬᠦᠴᠦᠷᠬᠡᠭᠵᠢᠭᠦᠯᠦᠨ ᠬᠥᠭᠵᠢᠭᠦᠯᠬᠦ ᠠᠰᠤᠷᠤ ᠲᠣᠬᠢᠶᠠᠯ ᠣᠯᠵᠠᠢ᠃ ᠤᠯᠤᠰ ᠲᠥᠷᠥ ᠶ᠋ᠢᠨ ᠬᠡᠷᠡᠭᠴᠡᠭᠡ ᠡᠴᠡ ᠪᠣᠯᠵᠤ ᠡᠩᠬᠡ ᠠᠮᠤᠭᠤᠯᠠᠩ ᠬᠠᠭᠠᠨ ᠳ᠋ᠤ᠌ ᠨᠠᠢᠷᠠᠮᠳᠠᠬᠤ ᠳᠦᠷᠢ ᠦᠵᠡᠭᠦᠯᠬᠦ ᠶ᠋ᠢᠨ ᠬᠠᠮᠲᠤ᠂ ᠪᠣᠷᠣ ᠲᠠᠯ᠎ᠠ ᠶ᠋ᠢᠨ ᠰᠠᠭᠤᠷᠢᠨ ᠭᠠᠵᠠᠷ ᠲᠠᠭᠠᠨ ᠬᠡᠳᠦᠨ ᠲᠦᠮᠡᠨ ᠬᠠᠷᠢᠶᠠᠲᠤ ᠴᠤᠭᠯᠠᠭᠤᠯᠤᠨ ᠬᠦᠴᠦ ᠪᠡᠨ ᠥᠷᠭᠡᠳᠬᠡᠪᠡ᠃ 
       ᠴᠠᠸᠠᠩᠷᠠᠪᠳᠠᠨ ᠤ᠋ ᠤᠯᠠᠮ ᠢ᠋ᠶ᠋ᠠᠷ ᠬᠦᠴᠦᠷᠬᠡᠭᠵᠢᠭᠰᠡᠨ ᠨᠢ ᠲᠥᠪᠡᠳ ᠦ᠋ᠨ ᠰᠢᠷ᠎ᠠ ᠶ᠋ᠢᠨ ᠱᠠᠰᠢᠨᠲᠠᠨ ᠤ᠋ ᠠᠩᠬᠠᠷᠤᠯ ᠢ᠋ ᠲᠠᠲᠠᠵᠤ᠂ ᠪᠣᠱᠣᠭᠲᠤ ᠬᠠᠨ ᠢ ᠳᠡᠮᠵᠢᠵᠦ ᠪᠠᠢᠭᠰᠠᠨ ᠳ᠋ᠢᠪᠠ ᠰᠠᠩᠵᠠᠢᠵᠠᠮᠰᠤ ᠠᠪᠠᠭ᠎ᠠ ᠬᠥᠪᠡᠭᠦᠨ ᠢ᠋ ᠡᠶᠡᠳᠡᠭᠦᠯᠬᠦ ᠭᠡᠮᠡᠨ ᠵᠡᠭᠦᠨᠭᠠᠷ ᠵᠦᠭ ᠣᠯᠠᠨᠲᠠ ᠡᠯᠴᠢ ᠢᠯᠡᠭᠡᠵᠦ ᠴᠢᠳᠠᠬᠤ ᠶ᠋ᠢᠨ ᠬᠢᠷᠢ ᠪᠡᠷ ᠲᠠᠲᠠᠵᠠᠢ᠃1691 ᠣᠨ ᠳ᠋ᠤ᠌᠂ ᠳᠠᠯᠠᠢ ᠯᠠᠮᠠ ᠶ᠋ᠢᠨ ᠨᠡᠷ᠎ᠡ ᠪᠡᠷ ᠲᠠᠮᠠᠭᠠᠲᠤ ᠪᠢᠴᠢᠭ ᠣᠯᠭᠣᠵᠤ ᠵᠣᠷᠢᠭᠲᠤ ᠬᠣᠩ ᠲᠠᠢᠵᠢ ᠬᠡᠮᠡᠬᠦ ᠴᠣᠯᠠ ᠰᠣᠶᠣᠷᠬᠠᠪᠠ[1]᠃ ᠲᠡᠷᠡᠴᠢᠯᠡᠨ ᠤᠯᠤᠰ ᠲᠥᠷᠥ ᠶ᠋ᠢᠨ ᠬᠡᠷᠡᠭᠴᠡᠭᠡ ᠳ᠋ᠡᠭᠡᠨ ᠤᠯᠠᠮ ᠢ᠋ᠶ᠋ᠠᠷ ᠠᠰᠢᠭᠯᠠᠬᠤ ᠭᠡᠮᠡᠨ 1693 ᠣᠨ ᠪᠤᠶᠤ 1694 ᠣᠨ ᠳ᠋ᠤ᠌ ᠮᠥᠨ ᠳᠠᠯᠠᠢ ᠯᠠᠮᠠ ᠶ᠋ᠢᠨ ᠨᠡᠷ᠎ᠡ ᠪᠡᠷ ᠴᠠᠸᠠᠩᠷᠠᠪᠲᠠᠨ ᠳ᠋ᠤ᠌ ᠠᠯᠲᠠᠢ ᠶ᠋ᠢᠨ ᠪᠠᠷᠠᠭᠤᠨᠳᠠᠬᠢ ᠵᠡᠭᠦᠨᠭᠠᠷ ᠤ᠋ᠨ ᠬᠠᠨ ᠬᠡᠮᠡᠬᠦ ᠴᠣᠯᠠ[2] ᠰᠣᠶᠣᠷᠬᠠᠵᠠᠢ᠃ ᠡᠨᠡ ᠨᠢ ᠴᠠᠸᠠᠩᠷᠠᠪᠲᠠᠨ ᠬᠠᠨ ᠳ᠋ᠤ᠌ ᠰᠢᠷ᠎ᠠ ᠶ᠋ᠢᠨ ᠱᠠᠰᠢᠨ ᠤ᠋ ᠳᠡᠮᠵᠢᠯᠭᠡ ᠪᠣᠯᠤᠨ ᠨᠡᠷ᠎ᠡ ᠨᠥᠯᠥᠭᠡ ᠶ᠋ᠢ ᠠᠰᠢᠭᠯᠠᠵᠤ᠂ ᠬᠠᠭᠠᠨᠲᠤ ᠤᠯᠤᠰ ᠢ᠋ᠶ᠋ᠠᠨ ᠥᠷᠭᠡᠳᠬᠡᠨ ᠬᠦᠴᠦᠷᠬᠡᠭᠵᠢᠭᠦᠯᠬᠦ ᠠᠰᠤᠷᠤ ᠰᠠᠢᠨ ᠲᠣᠬᠢᠶᠠᠯ ᠪᠣᠯᠤᠭᠰᠠᠨ ᠶᠤᠮ᠃
       1693 ᠣᠨ ᠳ᠋ᠤ᠌᠂ ᠲᠡᠭᠷᠢ ᠠᠭᠤᠯᠠ ᠶ᠋ᠢᠨ ᠡᠮᠦᠨᠡᠬᠢ ᠢᠰᠯᠠᠮ ᠤ᠋ᠨ ᠱᠠᠰᠢᠨᠲᠠᠨ ᠤ᠋ ᠬᠢᠨ ᠦ᠌ ᠳᠣᠲᠣᠷ᠎ᠠ ᠤᠷᠪᠠᠯᠭᠠᠨ ᠡᠭᠦᠰᠴᠦ᠂ ᠪᠣᠱᠣᠭᠲᠤ ᠬᠠᠨ ᠤ᠋ ᠪᠣᠰᠬᠠᠵᠤ ᠲᠠᠯᠪᠢᠭᠰᠠᠨ 《ᠴᠠᠭᠠᠨ ᠮᠠᠯᠠᠭᠠᠢᠳᠠᠨ》 ᠤ᠋ ᠲᠦᠷᠦᠭᠦᠦ ᠠᠪᠠᠢᠭ ᠬᠣᠵᠣ ᠶ᠋ᠢᠨ ᠵᠠᠰᠠᠭ ᠢ᠋ ᠤᠨᠠᠭᠠᠬᠤ ᠪᠠᠷ ᠣᠷᠣᠯᠳᠣᠵᠠᠢ᠃ ᠠᠪᠠᠢᠭ ᠬᠣᠵᠣ ᠪᠠᠴᠢᠮᠳᠠᠭᠠᠳ ᠴᠠᠸᠠᠩᠷᠠᠪᠳᠠᠨ ᠬᠠᠨ ᠠ᠋ᠴᠠ ᠲᠤᠰᠠᠯᠠᠮᠵᠢ ᠭᠤᠶᠤᠪᠠ᠃ ᠡᠨᠡ ᠨᠢ ᠲᠡᠭᠷᠢ ᠠᠭᠤᠯᠠ ᠶ᠋ᠢᠨ ᠡᠮᠦᠨᠡᠬᠢ ᠣᠷᠣᠨ ᠢ᠋ ᠴᠢᠩᠭᠠᠯᠠᠨ ᠵᠠᠬᠢᠷᠬᠤ ᠰᠠᠢᠬᠠᠨ ᠲᠣᠬᠢᠶᠠᠯ ᠪᠣᠯᠬᠤ ᠲᠤᠯᠠ᠂ ᠴᠠᠸᠠᠩᠷᠠᠪᠳᠠᠨ ᠲᠡᠷᠡ ᠳᠠᠷᠤᠢ ᠳ᠋ᠤᠨᠢ ᠴᠡᠷᠢᠭ ᠭᠠᠷᠭᠠᠵᠤ ᠤᠷᠪᠠᠯᠭᠠᠨ ᠢ᠋ ᠳᠠᠷᠤᠩᠭᠤᠢᠯᠠᠭᠠᠳ᠂ ᠬᠡᠷᠡᠭ ᠡᠳᠦᠭᠰᠡᠳ ᠢ᠋ ᠲᠩᠷᠢ ᠠᠭᠤᠯᠠ ᠶ᠋ᠢᠨ ᠠᠷᠤ ᠳ᠋ᠤ᠌ ᠠᠪᠴᠢᠷᠠᠨ ᠠᠪᠠᠭᠠᠰ ᠬᠠᠳᠠᠨ ᠣᠲᠣᠭ ᠤ᠋ᠨ ᠭᠠᠵᠠᠷ ᠰᠠᠭᠤᠯᠭᠠᠵᠠᠢ᠃ ᠲᠡᠭᠡᠭᠡᠳ ᠺᠦᠴᠠ᠂ ᠠᠭᠰᠤ᠂ ᠢᠷᠭᠢᠶᠠᠩ᠂ ᠺᠠᠱᠭᠠᠷ ᠵᠡᠷᠭᠡ ᠬᠣᠲᠠ ᠶ᠋ᠢ ᠰᠢᠭᠤᠳ ᠨᠣᠶᠠᠷᠬᠠᠯ ᠳ᠋ᠠᠭᠠᠨ ᠣᠷᠣᠭᠤᠯᠤᠨ ᠬᠠᠷᠢᠶᠠᠲᠤ ᠣᠲᠣᠭ ᠲᠠᠭᠠᠨ ᠬᠤᠪᠢᠶᠠᠨ ᠥᠭᠴᠦ᠂ ᠬᠠᠷᠠᠭᠠᠨ ᠨᠣᠶᠠᠨ ᠲᠣᠮᠢᠯᠠᠨ ᠲᠣᠭᠲᠠᠭᠰᠠᠨ ᠴᠠᠭ ᠲᠤ᠌ ᠠᠯᠪᠠ ᠲᠠᠲᠠᠪᠤᠷᠢ ᠠᠪᠬᠤ ᠪᠣᠯᠪᠠ᠃ 
       ᠵᠠᠭᠤᠨ ᠮᠣᠳᠣ ᠶ᠋ᠢᠨ ᠲᠡᠢᠨ ᠦ᠌ ᠳᠠᠷᠠᠭ᠎ᠠ᠂ ᠪᠣᠱᠣᠭᠲᠤ ᠬᠠᠨ ᠨᠠᠰᠤ ᠪᠠᠷᠠᠵᠤ ᠲᠡᠭᠦᠨ ᠦ᠌ ᠬᠠᠷᠢᠶᠠᠲᠤ ᠨᠠᠷ ᠨᠢ ᠴᠠᠸᠠᠩᠷᠠᠪᠳᠠᠨ ᠢ᠋ ᠲᠦᠰᠢᠷ᠎ᠡ ᠢᠷᠡᠪᠡ᠃ ᠪᠣᠱᠣᠭᠲᠤ ᠬᠠᠨ ᠢ᠋ ᠳᠡᠮᠵᠢᠭᠰᠡᠨ ᠶᠠᠪᠤᠳᠠᠯ ᠳ᠋ᠤ᠌ ᠡᠩᠬᠡ ᠠᠮᠤᠭᠤᠯᠠᠩ ᠬᠠᠭᠠᠨ ᠳ᠋ᠢᠪᠠ ᠰᠠᠩᠵᠠᠢᠵᠠᠮᠰᠤ ᠶ᠋ᠢ ᠪᠤᠷᠤᠭᠤᠰᠢᠶᠠᠭᠰᠠᠨ ᠪᠣᠯᠪᠠᠴᠤ ᠲᠡᠷᠡ ᠬᠥᠳᠡᠯᠭᠡᠭᠡᠨ ᠢ᠋ᠶ᠋ᠡᠨ ᠲᠠᠲᠠᠭᠰᠠᠨ ᠦᠭᠡᠢ ᠂ ᠬᠠᠷᠢᠨ ᠳᠠᠢᠴᠢᠩ ᠤᠯᠤᠰ ᠲᠠᠢ ᠦᠷᠭᠦᠯᠵᠢᠯᠡᠨ ᠬᠦᠰᠡᠯ ᠢ᠋ᠶ᠋ᠡᠨ ᠴᠠᠸᠠᠩᠷᠠᠪᠳᠠᠨ ᠬᠠᠨ ᠳ᠋ᠤ᠌ ᠲᠠᠯᠪᠢᠵᠠᠢ᠃ ᠴᠠᠸᠠᠩᠷᠠᠪᠲᠠᠨ ᠪᠠᠰᠠ ᠳ᠋ᠢᠪᠡ ᠰᠠᠩᠵᠠᠢᠵᠠᠮᠰᠤ ᠲᠠᠢ ᠰᠠᠨᠠᠭ᠎ᠠ ᠰᠡᠳᠬᠢᠯ ᠨᠡᠢᠯᠡᠵᠦ᠂ ᠲᠡᠭᠦᠨ ᠦ᠌ ᠳᠡᠮᠵᠢᠯᠭᠡ ᠳᠣᠣᠷ᠎ᠠ ᠵᠡᠭᠦᠨᠭᠠᠷ ᠬᠠᠭᠠᠨᠲᠤ ᠤᠯᠤᠰ ᠤ᠋ᠨ ᠨᠤᠲᠤᠭ ᠳᠡᠪᠢᠰᠬᠡᠷ ᠢ᠋ᠶ᠋ᠡᠨ ᠥᠷᠭᠡᠳᠬᠡᠬᠦ ᠠᠵᠢᠯᠯᠠᠭ᠎ᠠ ᠠᠪᠤᠪᠠ᠃ 
       1677 ᠣᠨ ᠤ᠋  ᠵᠡᠭᠦᠨᠭᠠᠷ ᠢ᠋ ᠨᠢᠭᠡᠳᠬᠡᠬᠦ  ᠲᠡᠢᠨ ᠳ᠋ᠦ᠍ ᠸᠴᠢᠷᠲᠦ ᠴᠡᠴᠡᠨ ᠬᠠᠨ ᠤ᠋ ᠠᠴᠢ ᠯᠤᠪᠰᠠᠩᠭᠣᠮᠪᠤᠷᠠᠪᠳᠠᠨ (ᠭᠠᠯᠳᠠᠮ᠎ᠠ ᠶ᠋ᠢᠨ ᠬᠥᠪᠡᠭᠦᠨ)  ᠪᠣᠱᠣᠭᠲᠤ ᠬᠠᠨ ᠠ᠋ᠴᠠ ᠵᠠᠢᠯᠠᠵᠤ ᠲᠡᠭᠦᠨ ᠦ᠌ ᠬᠠᠳᠠᠮ ᠡᠴᠢᠭᠡ ᠲᠦᠰᠢᠶᠡᠲᠦ ᠬᠠᠨ ᠴᠠᠬᠤᠨᠳᠤᠷᠵᠢ ᠶ᠋ᠢ ᠲᠦᠰᠢᠷ᠎ᠡ ᠣᠴᠢᠵᠤ᠂ ᠬᠣᠵᠢᠮ ᠨᠢ ᠳᠠᠯᠠᠢ ᠯᠠᠮᠠ ᠪᠠᠷ ᠠᠯᠠᠱᠠᠨ ᠢ᠋ ᠵᠢᠭᠠᠯᠭᠠᠵᠤ  ᠨᠤᠲᠤᠭᠯᠠᠵᠠᠢ᠃ ᠲᠡᠭᠦᠨ ᠦ᠌ ᠬᠡᠦᠬᠡᠨ ᠳᠡᠭᠦᠦ ᠠᠬᠠᠢ ᠶ᠋ᠢ ᠴᠠᠸᠠᠩᠷᠠᠪᠲᠠᠨ ᠳ᠋ᠤ᠌ ᠵᠠᠯᠠᠭᠰᠠᠨ ᠲᠤᠯᠠ ᠲᠡᠷᠡ ᠬᠣᠶᠠᠷ ᠤ᠋ᠨ ᠬᠠᠷᠢᠴᠠᠭ᠎ᠠ ᠨᠢᠭᠲᠠ ᠪᠠᠢᠵᠤ᠂ 1698  ᠣᠨ ᠳ᠋ᠤ᠌ ᠳ᠋ᠢᠪᠠ ᠰᠠᠩᠵᠠᠢᠵᠠᠮᠰᠤ ᠶ᠋ᠢᠨ ᠵᠢᠭᠠᠪᠤᠷᠢ ᠪᠣᠯᠤᠨ ᠴᠠᠸᠠᠩᠷᠠᠪᠲᠠᠨ ᠤ᠋ ᠥᠳᠥᠭᠡᠯᠭᠡ ᠪᠡᠷ ᠯᠣᠪᠰᠠᠩᠭᠤᠮᠪᠤᠷᠠᠪᠲᠠᠨ ᠤ᠋ ᠬᠥᠪᠡᠭᠦᠨ ᠭᠠᠯᠳᠠᠨᠳᠤᠷᠵᠢ ᠬᠠᠷᠢᠶᠠᠲᠤ ᠪᠠᠨ ᠳᠠᠭᠠᠭᠤᠯᠵᠤ ᠵᠡᠭᠦᠨᠭᠠᠷ ᠢ᠋ ᠴᠢᠭᠯᠡᠪᠡ᠃ ᠲᠡᠷᠡ ᠬᠢᠷᠢ ᠳ᠋ᠦ᠍ ᠳ᠋ᠢᠪᠠ ᠰᠠᠩᠵᠠᠢᠵᠠᠮᠰᠤ ᠪᠣᠯᠤᠨ ᠲᠥᠪᠡᠳ ᠢ᠋ ᠡᠵᠡᠯᠡᠨ ᠰᠠᠭᠤᠭ᠎ᠠ ᠬᠣᠱᠤᠳ ᠤ᠋ᠨ ᠫᠣᠩᠰᠣᠭ ᠳᠠᠯᠠᠢ ᠬᠠᠨ ᠬᠣᠶᠠᠷ ᠬᠣᠭᠣᠷᠣᠨᠳᠣ ᠪᠠᠨ ᠵᠥᠷᠢᠴᠡᠯ ᠲᠡᠢ ᠪᠠᠢᠵᠤ᠂ ᠳ᠋ᠢᠪᠠ ᠰᠠᠩᠵᠠᠢᠵᠠᠮᠰᠤ ᠵᠡᠭᠦᠨᠭᠠᠷ ᠢ᠋ᠶ᠋ᠠᠷ ᠬᠣᠱᠤᠳ ᠢ᠋ ᠣᠷᠣᠯᠠᠭᠤᠯᠤᠨ ᠬᠥᠬᠡᠨᠠᠭᠤᠷ ᠲᠥᠪᠡᠳ ᠢ᠋ ᠡᠵᠡᠯᠡᠭᠦᠯᠵᠦ᠂ ᠴᠢᠨᠠᠭᠰᠢ ᠲᠠᠢᠴᠢᠩ ᠤᠯᠤᠰ ᠤ᠋ᠨ ᠬᠦᠴᠦᠨ ᠢ᠋ ᠬᠣᠷᠢᠭᠯᠠᠬᠤ ᠲᠦᠰᠢᠭ ᠪᠣᠯᠭᠠᠬᠤ ᠭᠡᠮᠡᠨ ᠪᠣᠳᠣᠯᠬᠢᠯᠠᠵᠤ ᠪᠠᠢᠪᠠ᠃ ᠲᠡᠷᠡᠴᠢᠯᠡᠨ ᠴᠠᠸᠠᠩᠷᠠᠪᠲᠠᠨ ᠴᠤ᠌ ᠥᠩᠭᠡᠨ ᠳᠡᠭᠡᠷ᠎ᠡ ᠪᠡᠨ ᠳ᠋ᠢᠪᠠ ᠰᠠᠩᠵᠠᠢᠵᠠᠮᠰᠤ ᠲᠠᠢ ᠦᠯᠦ ᠲᠠᠭᠠᠷᠠᠬᠤ ᠭᠡᠮᠡᠨ ᠡᠩᠬᠡ ᠠᠮᠤᠭᠤᠯᠠᠩ ᠬᠠᠭᠠᠨ ᠳ᠋ᠤ᠌ ᠢᠯᠡᠳᠬᠡᠵᠦ᠂ ᠳᠠᠯᠳᠠᠭᠤᠷ ᠰᠠᠨᠠᠭ᠎ᠠ ᠨᠢᠭᠡᠳᠦᠨ ᠬᠥᠬᠡᠨᠠᠭᠤᠷ ᠢ᠋ ᠭᠣᠷᠢᠯᠠᠵᠤ ᠪᠠᠢᠵᠠᠢ᠃ ᠲᠡᠢᠮᠦ ᠡᠴᠡ ᠬᠥᠬᠡᠨᠠᠭᠤᠷ ᠣᠷᠣᠨ ᠳ᠋ᠤ᠌ ᠣᠯᠠᠨᠲᠠ ᠡᠯᠴᠢ ᠵᠠᠷᠤᠵᠤ ᠪᠠᠢᠳᠠᠯ ᠢ᠋ ᠲᠤᠷᠰᠢᠨ ᠣᠢᠯᠠᠭᠠᠵᠤ ᠪᠠᠢᠪᠠ᠃ ᠢᠯᠠᠩᠭᠤᠶ᠎ᠠ ᠬᠥᠬᠡᠨᠠᠭᠤᠷ ᠤ᠋ᠨ ᠳ᠋ᠠᠰᠢᠪᠠᠭᠠᠲᠤᠷ ᠲᠡᠷᠢᠭᠦᠲᠡᠢ ᠬᠡᠰᠡᠭ ᠲᠠᠢᠵᠢ ᠨᠠᠷ ᠴᠠᠭᠠᠨ ᠲᠣᠯᠣᠭᠠᠢ ᠶ᠋ᠢᠨ ᠴᠢᠭᠤᠯᠭᠠᠨ ᠢ᠋ᠶ᠋ᠠᠷ ᠲᠠᠢᠴᠢᠩ ᠤᠯᠤᠰ ᠲᠤ᠌ ᠳᠠᠭᠠᠵᠤ᠂ ᠬᠡᠷᠬᠡᠮ ᠡᠷᠭᠦᠮᠵᠢᠯᠡᠯ ᠬᠦᠷᠲᠡᠭᠰᠡᠨ ᠶᠠᠪᠤᠳᠠᠯ ᠳ᠋ᠤ᠌ ᠴᠠᠸᠠᠩᠷᠠᠪᠲᠠᠨ ᠬᠠᠨ ᠮᠠᠰᠢ ᠠᠭᠤᠷᠯᠠᠵᠠᠢ [4] ᠃ ᠴᠠᠸᠠᠩᠷᠠᠪᠲᠠᠨ ᠤ᠋ ᠬᠥᠳᠡᠯᠭᠡᠭᠡᠨ ᠢ᠋ ᠡᠩᠬᠡ ᠠᠮᠤᠭᠤᠯᠠᠩ ᠬᠠᠭᠠᠨ ᠰᠡᠵᠢᠭᠯᠡᠨ ᠰᠡᠷᠭᠡᠢᠯᠡᠵᠦ ᠪᠤᠯᠠᠩᠭᠢᠷ᠂ ᠭᠠᠰ ᠠᠮᠠ ᠳ᠋ᠤ᠌ ᠴᠡᠷᠢᠭ ᠲᠣᠮᠢᠯᠠᠨ ᠬᠠᠷᠠᠭᠤᠯ ᠭᠠᠷᠭᠠᠭᠰᠠᠨ ᠪᠥᠭᠡᠳ ᠡᠨᠡ ᠦᠶ᠎ᠡ ᠳ᠋ᠦ᠍ ᠪᠠᠷᠠᠭᠤᠨ ᠬᠣᠢᠲᠠᠬᠢ ᠬᠠᠰᠠᠭ ᠤ᠋ᠨ ᠵᠡᠭᠦᠨᠭᠠᠷ ᠲᠤ᠌ ᠮᠠᠭᠤᠳᠠᠯᠴᠠᠵᠤ ᠶᠠᠷᠰᠢᠭ ᠲᠠᠲᠠᠵᠤ ᠡᠬᠢᠯᠡᠭᠰᠡᠨ ᠪᠣᠯᠬᠣᠷ᠂ ᠴᠠᠸᠠᠩᠷᠠᠪᠲᠠᠨ ᠬᠠᠨ ᠬᠥᠬᠡᠨᠠᠭᠤᠷ ᠲᠥᠪᠡᠳ ᠢ᠋ ᠡᠵᠡᠯᠡᠬᠦ ᠲᠥᠪᠡᠳ ᠢ᠋ ᠡᠵᠡᠯᠡᠬᠦ ᠰᠠᠨᠠᠭ᠎ᠠ ᠪᠠᠨ ᠲᠦᠷ ᠲᠠᠯᠪᠢᠪᠠ᠃  
       ᠬᠠᠰᠠᠭ ᠲᠠᠢ ᠮᠥᠷᠭᠥᠯᠳᠦᠭᠰᠡᠨ ᠶᠠᠪᠤᠳᠠᠯ ᠨᠢ ᠴᠠᠸᠠᠩᠷᠠᠪᠲᠠᠨ ᠬᠠᠨ ᠤ᠋ ᠲᠥᠯᠥᠪᠯᠡᠭᠡ ᠳ᠋ᠦ᠍ ᠰᠠᠭᠠᠳ ᠬᠠᠷᠰᠢ ᠤᠴᠠᠷᠠᠭᠤᠯᠵᠠᠢ᠃ ᠪᠠᠷᠠᠭᠤᠨ ᠬᠣᠢᠲᠤ ᠶ᠋ᠢᠨ ᠪᠠᠢᠳᠠᠯ ᠢ᠋ ᠨᠢᠳᠦ ᠴᠢᠬᠢ ᠲᠠᠯᠪᠢᠨ ᠠᠵᠢᠭᠯᠠᠵᠤ ᠪᠠᠢᠭᠰᠠᠨ ᠳ᠋ᠢᠪᠠ ᠰᠠᠩᠵᠠᠢᠵᠠᠮᠰᠤ ᠴᠠᠸᠠᠩᠷᠠᠪᠲᠠᠨ ᠳ᠋ᠤ᠌ ᠲᠤᠰᠠᠯᠠᠵᠤ ᠵᠡᠭᠦᠨᠭᠠᠷ ᠬᠠᠰᠠᠭ ᠢ᠋ ᠡᠶᠡᠳᠡᠭᠦᠯᠬᠦ ᠠᠷᠭ᠎ᠠ ᠮᠠᠶᠢᠭ ᠠᠪᠤᠪᠠ᠃ ᠲᠡᠭᠡᠭᠡᠳ ᠡᠷᠲᠡ ᠡᠳᠦᠷ ᠪᠣᠱᠣᠭᠲᠤ ᠠ᠋ᠴᠠ ᠳᠠᠯᠠᠢ ᠯᠠᠮᠠ ᠳ᠋ᠤ᠌ ᠪᠡᠯᠡᠭᠯᠡᠵᠦ ᠬᠦᠷᠭᠡᠭᠰᠡᠨ ᠲᠦᠭ ᠬᠠᠨ ᠤ᠋ ᠬᠥᠪᠡᠭᠦᠨ [5] ᠶ᠋ᠢ ᡀᠠᠰᠠ ᠠ᠋ᠴᠠ ᠵᠡᠭᠦᠨᠭᠠᠷ ᠲᠤ᠌ ᠠᠪᠴᠢᠷᠠᠨ ᠴᠢᠨᠠᠭᠰᠢ ᠬᠦᠷᠭᠡᠭᠲᠦᠨ ᠭᠡᠵᠡᠢ᠃ ᠴᠠᠸᠠᠩᠷᠠᠪᠲᠠᠨ ᠬᠠᠨ ᠠ᠋ᠴᠠ ᠦᠬᠡᠷᠲᠡᠢ ᠪᠠᠭᠠᠲᠤᠷ ᠲᠠᠢᠵᠢ ᠪᠠᠷ ᠲᠠᠪᠤᠨ ᠵᠠᠭᠤᠨ ᠬᠥᠮᠦᠨ ᠳᠠᠢᠴᠢᠯᠠᠭᠤᠯᠤᠨ ᠲᠦᠭ ᠬᠠᠨ ᠤ᠋ ᠬᠥᠪᠡᠭᠦᠨ ᠢ᠋ ᠬᠦᠷᠭᠡᠪᠡ᠃ ᠭᠡᠲᠡᠯ᠎ᠡ ᠬᠠᠰᠠᠭ ᠤ᠋ᠨ ᠲᠦᠭ ᠬᠠᠨ ᠠᠴᠢ ᠶ᠋ᠢ ᠥᠰᠢᠶ᠎ᠡ ᠪᠡᠷ ᠬᠠᠷᠢᠭᠤᠯᠤᠨ᠂ ᠦᠬᠡᠷᠲᠡᠢ ᠪᠠᠭᠠᠲᠤᠷ ᠲᠡᠷᠢᠭᠦᠲᠡᠢ ᠲᠠᠪᠤᠨ ᠵᠠᠭᠤᠨ ᠬᠥᠮᠦᠨ ᠢ᠋ ᠴᠥᠮ ᠠᠯᠠᠵᠤ᠂ ᠵᠡᠭᠦᠨᠭᠠᠷ ᠤ᠋ᠨ ᠬᠠᠷᠢᠶᠠᠲᠤ ᠤᠷᠢᠶᠠᠩᠬᠠᠢ ᠠᠢᠮᠠᠭ ᠤ᠋ᠨ ᠵᠠᠭᠤ ᠢᠯᠡᠭᠦᠦ ᠬᠥᠮᠦᠨ ᠢ᠋ ᠤᠤᠯᠭᠠᠯᠠᠵᠠᠢ [6] ᠃ 1695 ᠣᠨ ᠳ᠋ᠤ᠌᠂ ᠴᠠᠸᠠᠩᠷᠠᠪᠲᠠᠨ ᠳ᠋ᠤ᠌ ᠤᠷᠤᠭᠯᠠᠭᠤᠯᠤᠭᠰᠠᠨ ᠠᠶᠤᠰᠢ ᠬᠠᠨ ᠤ᠋ ᠥᠬᠢᠨ ᠰᠧᠳᠤᠷᠵᠠᠪ ᠵᠢᠴᠢ ᠳᠠᠭᠠᠭᠰᠠᠳ ᠲᠠᠪᠤᠨ ᠵᠠᠭᠤᠨ ᠬᠥᠮᠦᠨ ᠢ᠋ ᠰᠠᠩᠵᠠᠪ ᠬᠦᠷᠭᠡᠵᠦ ᠪᠠᠢᠬᠤ ᠳ᠋ᠤ᠌ ᠬᠠᠰᠬᠠᠴᠤᠳ ᠪᠠᠰᠠ ᠵᠠᠮ ᠲᠣᠰᠴᠤ ᠵᠣᠪᠠᠭᠠᠭᠰᠠᠨ ᠪᠠᠢᠨ᠎ᠠ [7] ᠃ ᠬᠠᠰᠠᠭ ᠤ᠋ᠨ ᠶᠣᠰᠣ ᠦᠭᠡᠢ ᠲᠦᠷᠢᠮᠡᠬᠡᠢ ᠶᠠᠪᠤᠳᠠᠯ ᠳ᠋ᠤ᠌ ᠴᠠᠸᠠᠩᠷᠠᠪᠲᠠᠨ ᠬᠠᠨ ᠮᠠᠰᠢ ᠠᠭᠤᠷᠯᠠᠵᠤ᠂ ᠲᠣᠷᠭᠤᠳ ᠤ᠋ᠨ ᠠᠶᠤᠰᠢ ᠬᠠᠨ ᠲᠠᠢ ᠬᠣᠯᠪᠣᠭᠠᠯᠠᠵᠤ ᠪᠠᠢᠭᠠᠳ ᠬᠠᠰᠠᠭ ᠢ᠋ ᠱᠠᠯᠠᠪ ᠴᠣᠬᠢᠵᠠᠢ᠃ 1697 ᠣᠨ ᠠ᠋ᠴᠠ 1700 ᠣᠨ ᠤ᠋ ᠬᠣᠭᠣᠷᠣᠨᠳᠣ ᠴᠠᠸᠠᠩᠷᠠᠪᠲᠠᠨ ᠬᠠᠨ ᠰᠡᠢᠷᠡᠮ᠎ᠡ᠂ ᠳᠠᠱᠭᠠᠨ᠂ ᠠᠩᠵᠢᠶᠠᠨ ᠵᠡᠷᠭᠡ ᠬᠠᠰᠠᠭ᠂ ᠪᠤᠷᠤᠳ ᠤ᠋ᠨ ᠶᠡᠬᠡ ᠬᠡᠮᠵᠢᠶᠡᠨ ᠦ᠌ ᠭᠠᠵᠠᠷ ᠨᠤᠲᠤᠭ ᠢ᠋ ᠡᠵᠡᠯᠡᠵᠦ᠂ ᠵᠡᠭᠦᠨ᠂ ᠪᠠᠷᠠᠭᠤᠨ᠂ ᠳᠤᠮᠳᠠᠳᠤ ᠬᠠᠰᠠᠭ ᠤ᠋ᠨ ᠭᠤᠷᠪᠠᠨ ᠬᠠᠨ ᠤᠷᠢᠳ ᠬᠣᠵᠢᠳ ᠢ᠋ᠶ᠋ᠠᠷ ᠲᠡᠭᠦᠨ ᠦ᠌ ᠨᠣᠶᠠᠷᠬᠠᠯ ᠢ᠋ ᠬᠦᠯᠢᠶᠡᠵᠦ ᠠᠯᠪᠠ ᠪᠠᠷᠢᠳᠠᠭ ᠪᠣᠯᠪᠠ᠃ 
       17 ᠳ᠋ᠤᠭᠠᠷ ᠵᠠᠭᠤᠨ ᠤ᠋ ᠶᠡᠷᠡᠭᠡᠳ ᠣᠨ ᠠ᠋ᠴᠠ ᠡᠬᠢᠯᠡᠨ᠂ ᠳ᠋ᠢᠪᠠ ᠰᠠᠩᠵᠠᠢᠵᠠᠮᠰᠤ ᠣᠢᠷᠠᠳ ᠤ᠋ᠨ ᠰᠢᠷ᠎ᠠ ᠶ᠋ᠢᠨ ᠱᠠᠰᠢᠨ ᠤ᠋ ᠡᠲᠡᠭᠡᠳ ᠲᠦ᠍ ᠵᠢᠭᠠᠪᠤᠷᠢ ᠵᠠᠬᠢᠶ᠎ᠠ ᠥᠭᠴᠦ᠂ ᠵᠡᠭᠦᠨᠭᠠᠷ ᠪᠣᠯᠤᠨ ᠲᠣᠷᠭᠤᠳ ᠢ᠋ ᠨᠡᠢᠯᠡᠭᠦᠯᠦᠨ ᠵᠡᠭᠦᠨᠭᠠᠷ ᠬᠠᠭᠠᠨᠲᠤ ᠤᠯᠤᠰ ᠢ᠋ ᠥᠷᠭᠡᠳᠬᠡᠬᠦ ᠠᠵᠢᠯ ᠬᠢᠯᠭᠡᠵᠡᠢ᠃ ᠲᠤᠬᠠᠢ ᠶ᠋ᠢᠨ ᠦᠶ᠎ᠡ ᠳ᠋ᠦ᠍᠂ ᠢᠵᠢᠯ ᠵᠠᠢ ᠶ᠋ᠢᠨ ᠲᠣᠷᠭᠣᠳᠴᠤᠳ ᠲᠤ᠌ ᠮᠠᠰᠢ ᠨᠥᠯᠥᠭᠡ ᠲᠡᠢ ᠰᠣᠬᠣᠷ ᠯᠠᠮᠠ ᠲᠣᠷᠭᠤᠳ ᠪᠣᠯᠤᠨ ᡀᠠᠰᠠ ᠶ᠋ᠢᠨ ᠳᠤᠮᠳᠠ ᠣᠯᠠᠨᠲᠠ ᠶᠠᠪᠤᠵᠤ᠂ ᠳᠠᠯᠠᠢ ᠯᠠᠮᠠ ᠶ᠋ᠢᠨ ᠵᠠᠬᠢᠶ᠎ᠠ ᠶ᠋ᠢ ᠠᠶᠤᠰᠢ ᠬᠠᠨ ᠳ᠋ᠤ᠌ ᠳᠠᠮᠵᠢᠭᠤᠯᠤᠨ᠂ ᠲᠡᠳᠡᠨ ᠢ᠋ ᠵᠡᠭᠦᠨᠭᠠᠷ ᠲᠤ᠌ ᠪᠤᠴᠠᠵᠤ ᠴᠠᠸᠠᠩᠷᠠᠪᠲᠠᠨ ᠢ᠋ ᠳᠠᠭᠠᠲᠤᠭᠠᠢ ᠭᠡᠮᠡᠨ  ᠤᠬᠠᠭᠤᠯᠵᠤ ᠪᠠᠢᠪᠠ [8] ᠃ ᠡᠨᠡᠬᠦ ᠵᠣᠷᠢᠯᠭ᠎ᠠ ᠠ᠋ᠴᠠ ᠡᠭᠦᠰᠴᠦ ᠠᠶᠤᠰᠢ ᠬᠠᠨ ᠤ᠋ ᠥᠬᠢᠨ ᠰᠧᠳᠤᠷᠵᠠᠪ ᠢ᠋ ᠴᠠᠸᠠᠩᠷᠠᠪᠲᠠᠨ ᠤ᠋ ᠬᠣᠶᠠᠳᠤᠭᠠᠷ ᠬᠠᠲᠤᠨ ᠪᠣᠯᠭᠠᠭᠰᠠᠨ ᠪᠥᠭᠡᠳ ᠴᠠᠸᠠᠩᠷᠠᠪᠲᠠᠨ ᠤ᠋ ᠥᠬᠢᠨ ᠲᠡᠷᠮᠡᠪᠡᠯᠡ ᠶ᠋ᠢ ᠠᠶᠤᠰᠢ ᠬᠠᠨ ᠳ᠋ᠤ᠌ ᠤᠷᠤᠭᠯᠠᠭᠤᠯᠵᠠᠢ [9] ᠃ ᠭᠡᠲᠡᠯ᠎ᠡ ᠲᠣᠷᠭᠤᠳ ᠤ᠋ᠨ ᠣᠯᠠᠩᠬᠢ ᠨᠢ ᠰᠠᠭᠤᠵᠤ ᠳᠠᠳᠤᠭᠰᠠᠨ ᠭᠠᠵᠠᠷ ᠠ᠋ᠴᠠ ᠪᠠᠨ ᠰᠠᠯᠬᠤ ᠳᠤᠷ᠎ᠠ ᠦᠭᠡᠢ ᠪᠠᠢᠭᠰᠠᠨ ᠤ᠋ ᠳᠡᠭᠡᠷ᠎ᠡ ᠲᠡᠷᠡ ᠬᠢᠷᠢ ᠳ᠋ᠦ᠍ ᠠᠶᠤᠰᠢ ᠬᠠᠨ ᠤ᠋ ᠬᠥᠪᠡᠭᠦᠳ ᠬᠣᠭᠣᠷᠣᠨᠳᠣ ᠪᠠᠨ ᠬᠠᠨ ᠣᠷᠣ ᠪᠤᠯᠢᠶᠠᠯᠳᠤᠭᠰᠠᠨ ᠬᠡᠷᠡᠭ ᠡᠭᠦᠰᠦᠭᠰᠡᠨ ᠪᠠᠢᠨ᠎ᠠ᠃ ᠤᠤᠯ ᠨᠢ ᠠᠶᠤᠰᠢ ᠬᠠᠨ ᠬᠣᠶᠠᠳᠤᠭᠠᠷ ᠬᠥᠪᠡᠭᠦᠨ ᠭᠦᠨᠵᠠᠪ ᠢ᠋ᠶ᠋ᠠᠷ ᠰᠠᠭᠤᠷᠢᠨ ᠵᠠᠯᠭᠠᠮᠵᠢᠯᠠᠭᠤᠯᠬᠤ ᠪᠠᠷ ᠲᠣᠭᠲᠠᠬᠤ ᠳ᠋ᠤ᠌ ᠠᠬᠠᠮᠠᠳ ᠬᠥᠪᠡᠭᠦᠨ ᠱᠠᠭᠳᠤᠷᠵᠠᠪ ᠪᠣᠯᠤᠨ ᠭᠤᠲᠠᠭᠠᠷ ᠬᠥᠪᠡᠭᠦᠨ ᠰᠠᠩᠵᠠᠪ ᠬᠣᠶᠠᠷ ᠮᠠᠭᠤ ᠰᠠᠨᠠᠵᠤ ᠮᠠᠭᠤᠳᠠᠯᠴᠠᠭᠠᠳ ᠰᠠᠯᠵᠤ ᠰᠠᠭᠤᠪᠠ᠃ ᠴᠠᠸᠠᠩᠷᠠᠪᠲᠠᠨ ᠬᠠᠨ ᠳᠠᠯᠳᠠᠭᠤᠷ ᠲᠣᠷᠭᠤᠳ ᠤ᠋ᠨ ᠬᠡᠷᠡᠭ ᠲᠦ᠍ ᠭᠠᠷ ᠲᠥᠷᠥᠵᠦ᠂ ᠰᠠᠩᠵᠠᠪ ᠢ᠋ ᠵᠡᠭᠦᠨᠭᠠᠷ ᠵᠦᠭ ᠲᠠᠲᠠᠵᠠᠢ ᠃ 1702 ᠣᠨ ᠳ᠋ᠤ᠌᠂ ᠰᠠᠩᠵᠠᠪ ᠬᠠᠷᠢᠶᠠᠲᠤ ᠲᠦᠮᠡ ᠲᠠᠪᠤᠨ ᠮᠢᠩᠭᠠᠨ ᠡᠷᠦᠬᠡ ᠪᠡᠨ ᠳᠠᠭᠠᠭᠤᠯᠤᠨ ᠵᠡᠭᠦᠨᠭᠠᠷ ᠲᠤ᠌ ᠢᠷᠡᠵᠦ᠂ ᠵᠠᠢᠰᠠᠩ ᠨᠠᠭᠤᠷ(ᠬᠣᠩᠬᠣᠲᠤ ᠨᠠᠭᠤᠷ) ᠤ᠋ᠨ ᠠᠷᠤ ᠳ᠋ᠠᠬᠢ ᠡᠷᠴᠢᠰ ᠦ᠋ᠨ ᠳᠡᠨᠵᠢᠨ ᠳ᠋ᠦ᠍ ᠪᠠᠭᠤᠪᠠ᠃ ᠲᠡᠭᠦᠨ ᠦ᠌ ᠢᠷᠡᠭᠰᠡᠨ ᠨᠢ ᠵᠡᠭᠦᠨᠭᠠᠷ ᠤ᠋ᠨ ᠬᠥᠮᠦᠨ ᠠᠮᠠ ᠶ᠋ᠢ ᠨᠡᠮᠡᠭᠳᠡᠭᠦᠯᠬᠦ ᠮᠠᠰᠢ ᠰᠠᠢᠨ ᠲᠣᠬᠢᠶᠠᠯ ᠭᠡᠮᠡᠨ ᠠᠷᠭ᠎ᠠ ᠪᠠᠷ ᠰᠡᠩᠵᠡᠪ ᠢ᠋ ᠪᠠᠷᠢᠵᠠᠢ᠃ ᠲᠡᠭᠡᠭᠡᠳ 1704 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌ ᠬᠠᠷᠢᠶᠠᠲᠤ ᠶ᠋ᠢ ᠨᠢ ᠵᠡᠭᠦᠨᠭᠠᠷ ᠤ᠋ᠨ ᠡᠯ᠎ᠡ ᠨᠤᠲᠤᠭ ᠲᠤ᠌ ᠬᠤᠪᠢᠶᠠᠵᠤ [10] ᠂ ᠲᠡᠭᠦᠨ ᠢ᠋ ᠭᠠᠭᠴᠠ ᠪᠠᠷ ᠨᠢ ᠲᠠᠯᠪᠢᠵᠤ ᠶᠠᠪᠤᠭᠤᠯᠵᠠᠢ᠃ 

              ᠬᠣᠶᠠᠷ᠂ ᠳ᠋ᠢᠪᠠ ᠰᠠᠩᠵᠠᠢᠵᠠᠮᠰᠤ  ᠠᠯᠠᠭᠳᠠᠵᠤ ᠵᠢᠩᠬᠢᠨᠢ ᠬᠠᠭᠤᠷᠮᠠᠭ  
                       ᠭᠤᠷᠪᠠᠨ ᠳᠠᠯᠠᠢ ᠯᠠᠮᠠ ᠶ᠋ᠢᠨ ᠮᠠᠷᠭᠤᠭᠠᠨ ᠡᠭᠦᠰᠦᠭᠰᠡᠨ ᠨᠢ  

       1696 ᠣᠨ ᠤ᠋ ᠵᠠᠭᠤᠨ ᠮᠣᠳᠣ ᠶ᠋ᠢᠨ ᠲᠡᠢᠨ ᠦ᠌ ᠳᠤᠮᠳᠠ᠂ ᠬᠥᠬᠡᠨᠠᠭᠤᠷ ᠤ᠋ᠨ ᠪᠣᠱᠣᠭᠲᠤ ᠵᠢᠨᠦᠩ ᠡᠴᠡ ᠪᠣᠱᠣᠭᠲᠤ ᠬᠠᠨ ᠤ᠋ ᠲᠡᠨᠳᠡ ᠢᠯᠡᠭᠡᠭᠰᠡᠨ ᠯᠤᠤᠷᠠᠢ ᠡᠮᠴᠢ ᠪᠠ ᠲᠡᠭᠦᠨ ᠦ᠌ ᠳᠠᠭᠠᠭᠰᠠᠳ ᠲᠦᠩᠷᠦᠪ ᠨᠠᠷ ᠳᠠᠢᠴᠢᠩ ᠤᠯᠤᠰ ᠤ᠋ᠨ ᠴᠡᠷᠢᠭ ᠲᠦ᠍ ᠪᠠᠷᠢᠭᠳᠠᠪᠠ᠃ ᠲᠡᠳᠡ ᠰᠢᠬᠠᠮᠳᠠᠭᠤᠯᠬᠤ ᠶ᠋ᠢ ᠦᠯᠦ ᠲᠡᠰᠪᠦᠷᠢᠯᠡᠨ ᠲᠠᠪᠤᠳᠤᠭᠠᠷ ᠳᠠᠯᠠᠢ ᠲᠠᠭᠠᠯᠠᠯ ᠪᠣᠯᠵᠤ ᠣᠨ ᠤᠳᠠᠪᠠ ᠭᠡᠮᠡᠨ ᠥᠴᠢᠭᠯᠡᠵᠡᠢ [11] ᠃ ᠡᠩᠬᠡ ᠠᠮᠤᠭᠤᠯᠠᠩ ᠬᠠᠭᠠᠨ ᠡᠨᠡᠬᠦ ᠶᠠᠪᠤᠳᠠᠯ ᠢ᠋ ᠲᠣᠳᠣᠯᠠᠨ ᠳ᠋ᠢᠪᠡ ᠰᠠᠩᠵᠠᠢᠵᠠᠮᠰᠤ ᠠ᠋ᠴᠠ ᠶᠠᠯ᠎ᠠ ᠠᠰᠠᠭᠤᠬᠤ ᠭᠡᠮᠡᠨ ᠲᠡᠮᠳᠡᠭᠯᠡᠭᠴᠢ ᠲᠦᠰᠢᠮᠡᠯ ᠪᠦᠦ  ᠵᠣ᠌᠂ ᠳᠠ ᠯᠠᠮᠠ ᠳ᠋ᠢᠮᠪᠠᠵᠠᠮᠰᠤ ᠶ᠋ᠢ ᡀᠠᠰᠠ ᠵᠦᠭ ᠢᠯᠡᠭᠡᠵᠦ ᠲᠠᠪᠤᠳᠤᠭᠠᠷ ᠳᠠᠯᠠᠢ ᠯᠠᠮᠠ ᠶ᠋ᠢᠨ ᠠᠮᠢᠳᠤ ᠰᠡᠷᠡᠭᠦᠨ ᠪᠠᠢᠬᠤ ᠡᠰᠡᠬᠦ ᠶ᠋ᠢ ᠣᠢᠯᠠᠭᠠᠭᠤᠯᠪᠠ᠃ ᠡᠭᠦᠨ ᠳ᠋ᠦ᠍ ᠲᠡᠷᠡ ᠠᠷᠭ᠎ᠠ ᠪᠤᠰᠤ ᠲᠠᠪᠤᠳᠤᠭᠠᠷ ᠳᠠᠯᠠᠢ ᠯᠠᠮᠠ ᠶ᠋ᠢᠨ ᠲᠠᠭᠠᠯᠠᠯ ᠪᠣᠯᠤᠭᠰᠠᠨ ᠢ᠋ ᠠᠢᠯᠠᠳᠬᠠᠵᠤ᠂ ᠰᠢᠨ᠎ᠡ ᠳᠠᠯᠠᠢ ᠯᠠᠮᠠ ᠽᠠᠩᠶᠠᠩᠵᠠᠮᠰᠤ ᠨᠢᠭᠡᠨᠲᠡ ᠠᠷᠪᠠᠨ ᠲᠠᠪᠤᠨ ᠨᠠᠰᠤᠯᠠᠵᠤᠬᠤᠢ[12] ᠭᠡᠮᠡᠨ ᠮᠡᠳᠡᠭᠳᠡᠵᠡᠢ᠃ ᠲᠡᠷᠡ ᠬᠢᠷᠢ ᠳ᠋ᠦ᠍ ᠲᠥᠪᠡᠳ ᠣᠷᠣᠨ ᠬᠠᠷᠠᠬᠠᠨ ᠳᠠᠢᠴᠢᠩ ᠤᠯᠤᠰ ᠤ᠋ᠨ ᠰᠢᠭᠤᠳ ᠬᠠᠷᠢᠶᠠᠲᠤ ᠪᠣᠯᠤᠭᠠᠳᠤᠢ ᠮᠥᠷᠲᠡᠭᠡᠨ ᠬᠣᠱᠤᠳ ᠤ᠋ᠨ ᠫᠣᠩᠰᠣᠭ ᠳᠠᠯᠠᠢ ᠬᠠᠨ ᠤ᠋ ᠤᠯᠤᠰ ᠲᠥᠷᠥ ᠶ᠋ᠢᠨ ᠣᠪᠣᠷ ᠶᠠᠮᠠᠷ  ᠪᠣᠯᠬᠤ ᠶ᠋ᠢ  ᠡᠩᠬᠡ ᠠᠮᠤᠭᠤᠯᠠᠩ ᠬᠠᠭᠠᠨ ᠦᠯᠦ ᠣᠢᠯᠠᠭᠠᠬᠤ ᠲᠤᠯᠠ ᠠᠷᠭ᠎ᠠ ᠪᠤᠰᠤ ᠽᠠᠩᠶᠠᠩᠵᠠᠮᠰᠤ ᠶ᠋ᠢ ᠵᠢᠷᠭᠤᠳᠤᠭᠠᠷ ᠳᠦᠷᠢ ᠶ᠋ᠢᠨ ᠳᠠᠯᠠᠢ ᠯᠠᠮᠠ ᠭᠡᠮᠡᠨ ᠮᠡᠳᠡᠷᠡᠪᠡ᠃ 
       1701 ᠣᠨ ᠳ᠋ᠤ᠌ ᠬᠣᠱᠤᠳ ᠤ᠋ᠨ ᠫᠣᠩᠰᠣᠭ ᠳᠠᠯᠠᠢ ᠬᠠᠨ ᠨᠠᠰᠤ ᠪᠠᠷᠠᠵᠤ᠂ ᠲᠡᠭᠦᠨ ᠦ᠌ ᠠᠬᠠᠮᠠᠳ ᠬᠥᠪᠡᠭᠦᠨ ᠸᠠᠩᠵᠢᠯ ᠰᠠᠭᠤᠷᠢᠨ ᠵᠠᠯᠭᠠᠵᠤ ᠬᠠᠨ ᠪᠣᠯᠪᠠ᠃ 1703 ᠣᠨ ᠳ᠋ᠤ᠌᠂ ᠳᠠᠯᠠᠢ ᠬᠠᠨ ᠤ᠋ ᠬᠣᠶᠠᠳᠤᠭᠠᠷ ᠬᠥᠪᠡᠭᠦᠨ ᠯᠠᠽᠠᠩ ᠲᠠᠢᠵᠢ ᠠᠬ᠎ᠠ ᠪᠠᠨ ᠬᠣᠣᠷᠯᠠᠨ ᠬᠠᠨ ᠰᠠᠭᠤᠷᠢ ᠶ᠋ᠢ ᠡᠵᠡᠯᠡᠵᠡᠢ᠃  ᠬᠣᠱᠤᠳ ᠢᠵᠠᠭᠤᠷᠲᠠᠳ ᠤᠤᠯ ᠠ᠋ᠴᠠ ᠳ᠋ᠢᠪᠠ ᠰᠠᠩᠵᠠᠢᠵᠠᠮᠰᠤ ᠶ᠋ᠢ ᠦᠵᠡᠵᠦ ᠴᠢᠳᠠᠬᠤ ᠦᠭᠡᠢ ᠪᠠᠢᠭᠰᠠᠨ ᠤ᠋ ᠳᠡᠭᠡᠷ᠎ᠡ ᠫᠣᠩᠰᠣᠭ ᠳᠠᠯᠠᠢ ᠬᠠᠨ ᠤ᠋ ᠦᠬᠦᠭᠰᠡᠨ ᠨᠢ ᠯᠠᠪ ᠲᠡᠭᠦᠨ ᠲᠡᠢ ᠬᠣᠯᠪᠣᠭ᠎ᠠ ᠲᠠᠢ ᠭᠡᠮᠡᠨ ᠯᠠᠽᠠᠩ ᠬᠠᠨ ᠰᠡᠵᠢᠭᠯᠡᠭᠰᠡᠨ ᠲᠤᠯᠠ ᠲᠡᠷᠡ ᠬᠣᠶᠠᠷ ᠤ᠋ᠨ ᠵᠥᠷᠢᠴᠡᠯ ᠤᠯᠠᠮ ᠬᠤᠷᠴᠠᠳᠪᠠ᠃ ᠡᠭᠦᠨ ᠳ᠋ᠦ᠍ ᠰᠠᠩᠵᠠᠢᠵᠠᠮᠰᠤ ᠬᠣᠣᠷᠲᠤ ᠡᠮ ᠢ᠋ᠶ᠋ᠡᠷ ᠯᠠᠽᠠᠩ ᠬᠠᠨ ᠢ᠋ ᠬᠣᠣᠷᠯᠠᠬᠤ ᠭᠡᠰᠡᠨ ᠪᠣᠯᠪᠠᠴᠤ ᠬᠡᠷᠡᠭ ᠦᠯᠦ ᠪᠦᠲᠦᠵᠦ ᠲᠡᠭᠦᠨ ᠦ᠌ ᠳᠣᠣᠷᠠᠬᠢ ᠬᠡᠳᠦᠨ ᠵᠠᠢᠰᠠᠩ ᠢ᠋ ᠬᠣᠣᠷᠳᠠᠭᠤᠯᠤᠭᠠᠳ᠂ ᠵᠠᠮᠢᠶᠠᠨᠱᠠᠳᠪᠠ ᠭᠡᠭᠡᠨ ᠦ᠌ ᠰᠠᠢᠨ ᠢ᠋ᠶ᠋ᠠᠷ ᠡᠳᠡᠭᠡᠷᠡᠭᠰᠡᠨ ᠪᠠᠢᠨ᠎ᠠ [13] ᠃ 1705 ᠣᠨ ᠳ᠋ᠤ᠌᠂ ᡀᠠᠰᠠ ᠶ᠋ᠢᠨ ᠮᠣᠯᠣᠮ ᠤ᠋ᠨ ᠬᠤᠷᠠᠯ ᠳᠡᠭᠡᠷ᠎ᠡ ᠯᠠᠽᠠᠩ ᠬᠠᠨ ᠤ᠋ ᠬᠠᠷᠢᠶᠠᠲᠤ ᠨᠢ ᠳ᠋ᠢᠪᠠ ᠰᠠᠩᠵᠠᠢᠵᠠᠮᠰᠤ ᠶ᠋ᠢᠨ ᠳᠣᠣᠷᠠᠬᠢ ᠨᠣᠶᠠᠨ ᠢ᠋ ᠠᠯᠠᠭᠰᠠᠨ ᠳ᠋ᠤ᠌ ᠬᠣᠶᠠᠷ ᠡᠲᠡᠭᠡᠳ ᠢ᠋ᠶ᠋ᠡᠷ ᠢ᠋ᠶ᠋ᠡᠨ ᠶᠡᠬᠡᠯ᠎ᠡ ᠲᠡᠮᠡᠴᠡᠯᠳᠦᠭᠡᠨ ᠪᠣᠯᠵᠠᠢ᠃ ᠵᠠᠮᠢᠶᠠᠨᠱᠠᠳᠪᠠ᠂ ᠯᠠᠮᠤᠶᠤ ᠴᠣᠢᠵᠣᠩ ᠲᠡᠷᠢᠭᠦᠲᠡᠢ ᠣᠯᠠᠨ ᠯᠠᠮᠠ ᠨᠠᠷ ᠬᠦᠴᠦᠯᠡᠨ ᠢᠳᠬᠠᠵᠤ᠂ ᠬᠡᠷᠡᠭᠦᠯ ᠢ᠋ ᠨᠠᠮᠳᠠᠭᠤᠯᠬᠤ ᠭᠡᠮᠡᠨ ᠯᠠᠽᠠᠩ ᠢ᠋ ᠬᠥᠬᠡᠨᠠᠭᠤᠷ ᠲᠠᠭᠠᠨ ᠪᠤᠴᠠᠵᠤ [14] ᠂ ᠳ᠋ᠢᠪᠠ ᠰᠠᠩᠵᠠᠢᠵᠠᠮᠰᠤ ᠶ᠋ᠢ ᠪᠠᠰᠠ ᠥᠭᠡᠷ᠎ᠡ ᠭᠠᠵᠠᠷ ᠲᠦᠷ ᠰᠠᠭᠤᠭᠲᠤᠨ ᠭᠡᠪᠡ᠃ ᠡᠭᠦᠨ ᠳ᠋ᠦ᠍ ᠰᠠᠩᠵᠠᠢᠵᠠᠮᠰᠤ ᠳ᠋ᠢᠪᠠ ᠶ᠋ᠢᠨ ᠬᠡᠷᠬᠡᠮ ᠢ᠋ᠶ᠋ᠡᠨ ᠬᠥᠪᠡᠭᠦᠨ ᠠᠸᠠᠩᠷᠢᠨᠴᠢᠨ ᠳ᠋ᠤ᠌ ᠶᠡᠭᠦᠯᠡᠵᠦ ᠥᠭᠭᠦᠭᠰᠡᠨ ᠪᠠᠢᠨ᠎ᠠ᠃ ᠭᠡᠲᠡᠯ᠎ᠡ ᠯᠠᠽᠠᠩ ᠬᠠᠨ ᠬᠥᠬᠡᠨᠠᠭᠤᠷ ᠲᠤ᠌ ᠡᠰᠡ ᠪᠤᠴᠠᠵᠤ ᠳ᠋ᠠᠩ ᠰᠢᠦ᠋ᠩ ᠣᠷᠴᠢᠮ ᠴᠡᠷᠢᠭ ᠪᠡᠯᠡᠳᠬᠡᠨ ᡀᠠᠰᠠ ᠶ᠋ᠢ ᠳᠣᠪᠲᠣᠯᠤᠭᠰᠠᠨ ᠳ᠋ᠤ᠌ ᠳ᠋ᠢᠪᠠ ᠰᠠᠩᠵᠠᠢᠵᠠᠮᠰᠤ ᠢᠯᠠᠭᠳᠠᠭᠠᠳ ᠳᠤᠲᠠᠭᠠᠪᠠ᠃  ᡀᠠᠰᠠ ᠶ᠋ᠢᠨ ᠭᠤᠷᠪᠠᠨ ᠬᠡᠢᠳ ᠦ᠋ᠨ ᠯᠠᠮᠠ ᠨᠠᠷ ᠤ᠋ᠨ ᠢᠳᠬᠠᠯ ᠢ᠋ᠶ᠋ᠠᠷ ᠯᠠᠽᠠᠩ ᠬᠠᠨ ᠴᠡᠷᠢᠭ ᠢ᠋ᠶ᠋ᠡᠨ ᠲᠠᠲᠠᠵᠤ ᠵᠠᠷᠪᠤᠱᠢᠺᠠ ᠳ᠋ᠤ᠌ ᠪᠠᠭᠤᠵᠠᠢ᠃ ᠯᠠᠽᠠᠩ ᠬᠠᠨ ᠤ᠋ ᠬᠠᠲᠤᠨ ᠰᠠᠷᠠᠩᠷᠠᠰᠢ ᠳᠠᠯᠳᠠᠭᠤᠷ ᠴᠡᠷᠢᠭ ᠬᠥᠳᠡᠯᠭᠡᠨ᠂ 1705 ᠣᠨ ᠤ᠋ ᠳᠣᠯᠣᠳᠤᠭᠠᠷ ᠰᠠᠷ᠎ᠠ ᠳ᠋ᠤ᠌ ᠳ᠋ᠢᠪᠠ ᠰᠠᠩᠵᠠᠢᠵᠠᠮᠰᠤ ᠶ᠋ᠢ ᠯᠦᠩ ᠭᠡᠳᠡᠭ ᠭᠠᠵᠠᠷ ᠪᠠᠷᠢᠵᠤ ᠠᠯᠠᠪᠠ [15] ᠃  ᠬᠣᠱᠤᠳ ᠢᠵᠠᠭᠤᠷᠲᠠᠳ ᠤ᠋ᠨ ᠬᠡᠷᠴᠡᠭᠡᠢ ᠠᠵᠢᠯᠯᠠᠭ᠎ᠠ ᠳ᠋ᠤ᠌ ᠲᠥᠪᠡᠳ ᠬᠥᠬᠡᠨᠠᠭᠤᠷ ᠤ᠋ᠨ ᠬᠠᠷ᠎ᠠ ᠰᠢᠷ᠎ᠠ ᠶ᠋ᠢᠨ ᠡᠲᠡᠭᠡᠳ ᠨᠡᠢᠳᠡᠮ ᠳᠤᠷ᠎ᠠ ᠦᠭᠡᠢᠴᠡᠵᠡᠢ᠃ 
       ᠡᠭᠦᠨ ᠢ᠋ ᠯᠠᠽᠠᠩ ᠬᠠᠨ ᠦᠯᠦ ᠣᠢᠰᠢᠶᠠᠨ ᠠᠸᠠᠩᠷᠢᠨᠴᠢᠨ ᠤ᠋ ᠳ᠋ᠢᠨᠪᠠ ᠶ᠋ᠢᠨ ᠲᠤᠰᠢᠶᠠᠯ ᠢ᠋ ᠬᠠᠰᠤᠵᠤ᠂ ᠷᠣᠩᠰᠣ ᠭᠡᠳᠡᠭ ᠬᠥᠮᠦᠨ ᠢ᠋ᠶ᠋ᠡᠷ ᠵᠠᠰᠠᠭ ᠪᠠᠷᠢᠭᠴᠢ ᠨᠣᠶᠠᠨ ᠳ᠋ᠢᠪᠠ ᠪᠣᠯᠭᠠᠪᠠ᠃ ᠲᠡᠭᠡᠭᠡᠳ ᠪᠡᠭᠡᠵᠢᠩ ᠵᠦᠭ ᠬᠥᠮᠦᠨ ᠲᠣᠮᠢᠯᠠᠨ ᠳ᠋ᠢᠪᠠ ᠰᠠᠩᠵᠠᠢᠵᠠᠮᠰᠤ ᠶ᠋ᠢ ᠤᠷᠪᠠᠬᠤ ᠬᠡᠮᠡᠭᠡᠳ ᠠᠯᠠᠭᠳᠠᠪᠠ ᠭᠡᠵᠦ ᠡᠯᠳᠡᠪ ᠢ᠋ᠶ᠋ᠡᠷ ᠠᠢᠯᠠᠳᠬᠠᠵᠤ᠂ ᠲᠡᠭᠦᠨ ᠦ᠌ ᠵᠠᠯᠠᠭᠰᠠᠨ ᠽᠠᠩᠶᠠᠩᠵᠠᠮᠰᠤ ᠶ᠋ᠢ ᠬᠠᠭᠤᠷᠮᠠᠭ ᠳᠠᠯᠠᠢ ᠯᠠᠮᠠ ᠭᠡᠮᠡᠨ ᠭᠦᠳᠬᠡᠵᠡᠢ᠃  ᡀᠠᠰᠠ ᠶ᠋ᠢᠨ ᠭᠤᠷᠪᠠᠨ ᠬᠡᠢᠳ ᠡᠴᠡ ᠨᠢᠭᠤᠵᠤ ᠳᠠᠯᠳᠠᠭᠤᠷ ᠦᠢᠯᠡᠳᠦᠭᠰᠡᠨ ᠡᠨᠡᠬᠦ ᠶᠠᠪᠤᠳᠠᠯ ᠨᠢ ᠡᠩᠬᠡ ᠠᠮᠤᠭᠤᠯᠠᠩ ᠬᠠᠭᠠᠨ ᠢ᠋ ᠶᠡᠬᠡᠳᠡ ᠪᠠᠶᠠᠷᠯᠠᠭᠤᠯᠪᠠ᠃ ᠡᠨᠡ ᠵᠠᠪ ᠲᠤᠨᠢ ᠴᠠᠸᠠᠩᠷᠠᠪᠲᠠᠨ ᠬᠠᠨ ᡀᠠᠰᠠ ᠳ᠋ᠤ᠌ ᠬᠥᠮᠦᠨ ᠢᠯᠡᠭᠡᠵᠦ ᠽᠠᠩᠶᠠᠩᠵᠠᠮᠰᠤ ᠶ᠋ᠢ ᠵᠡᠭᠦᠨᠭᠠᠷ ᠲᠤ᠌ ᠵᠠᠯᠠᠵᠤ ᠨᠣᠮ ᠲᠠᠯᠪᠢᠭᠤᠯᠤᠶ᠎ᠠ [16] ᠭᠡᠰᠡᠨ ᠢ᠋ ᠯᠠᠽᠠᠩ ᠬᠠᠨ ᠵᠥᠪᠰᠢᠶᠡᠷᠡᠭᠰᠡᠨ ᠦᠭᠡᠢ ᠪᠠᠢᠵᠠᠢ᠃ ᠳᠠᠢᠴᠢᠩ ᠤᠯᠤᠰ ᠡᠭᠦᠨ ᠢ᠋ ᠮᠡᠳᠡᠭᠡᠳ ᠽᠠᠩᠶᠠᠩᠵᠠᠮᠰᠤ ᠶ᠋ᠢ ᠵᠡᠭᠦᠨᠭᠠᠷ ᠲᠤ᠌ ᠵᠠᠯᠠᠪᠠᠰᠤ᠂ ᠪᠠᠷᠠᠭᠤᠨ ᠬᠣᠢᠲᠤᠬᠢ ᠮᠣᠩᠭᠣᠯᠴᠤᠳ ᠴᠥᠮ ᠴᠠᠸᠠᠩᠷᠠᠪᠲᠠᠨ ᠳ᠋ᠤ᠌ ᠳᠠᠭᠠᠬᠤ ᠪᠣᠯᠠᠢ [17] ᠭᠡᠮᠡᠨ ᠪᠣᠯᠭᠣᠮᠵᠢᠯᠠᠵᠤ ᠂ 1706 ᠣᠨ ᠤ᠋ ᠡᠬᠢ ᠪᠡᠷ ᠲᠤᠭ ᠤ᠋ᠨ ᠵᠠᠩᠭᠢ ᠰᠢᠵᠦ᠂ ᠳ᠋ᠠᠰᠯᠠᠨ ᠤᠩᠰᠢᠭᠴᠢ ᠲᠦᠰᠢᠮᠡᠯ ᠱᠦᠯᠡᠨ ᠯᠠᠽᠠᠩ ᠳ᠋ᠤ᠌ ᠱᠠᠰᠢᠨ ᠢ᠋ ᠲᠡᠳᠬᠦᠬᠦ  ᠬᠢᠴᠢᠶᠡᠩᠭᠦᠢ ᠡᠶᠡᠲᠡᠢ ᠬᠠᠨ [18] ᠡᠷᠭᠦᠮᠵᠢᠯᠡᠭᠰᠡᠨ ᠲᠠᠮᠠᠭ᠎ᠠ ᠪᠢᠴᠢᠭ ᠣᠯᠭᠣᠵᠤ᠂ ᠽᠠᠩᠶᠠᠩᠵᠠᠮᠰᠤ ᠶ᠋ᠢ ᠪᠡᠭᠡᠵᠢᠩ ᠳ᠋ᠦ᠍  ᠬᠦᠷᠭᠡᠭᠲᠦᠨ ᠬᠡᠮᠡᠪᠡ᠃ 1706 ᠣᠨ ᠤ᠋ ᠲᠠᠪᠤᠳᠤᠭᠠᠷ ᠰᠠᠷ᠎ᠠ ᠶ᠋ᠢᠨ ᠠᠷᠪᠠᠨ ᠳᠣᠯᠣᠭᠠᠨ ᠤ᠋ ᠡᠳᠦᠷ᠂ ᠯᠠᠽᠠᠩ ᠬᠠᠨ ᠴᠡᠷᠢᠭ ᠲᠣᠮᠢᠯᠠᠨ ᠽᠠᠩᠶᠠᠩᠵᠠᠮᠰᠤ ᠶ᠋ᠢ ᠠᠪᠴᠤ ᠭᠠᠷᠬᠤ ᠳ᠋ᠤ᠌ ᡀᠠᠰᠠ ᠶ᠋ᠢᠨ ᠬᠠᠷ᠎ᠠ ᠰᠢᠷ᠎ᠠ ᠣᠯᠠᠨ ᠢᠷᠭᠡᠳ ᠠᠮᠢ ᠲᠡᠮᠡᠴᠡᠨ ᠬᠣᠷᠢᠭᠯᠠᠵᠤ᠂  ᠬᠠᠰᠬᠢᠷᠤᠯᠳᠤᠨ ᠤᠬᠢᠯᠠᠭᠰᠠᠨ ᠳ᠋ᠤ᠌ 《ᠪᠢᠳᠡ ᠪᠯᠠᠮ᠎ᠠ᠂ ᠱᠠᠪᠢᠨᠠᠷ ᠤᠳᠠᠯ ᠦᠭᠡᠢ ᠠᠭᠤᠯᠵᠠᠮᠤᠢ》[19] ᠭᠡᠮᠡᠨ ᠽᠠᠩᠶᠠᠩᠵᠠᠮᠰᠤ ᠥᠭᠦᠯᠡᠵᠡᠢ᠃ ᠢᠩᠭᠢᠭᠡᠳ ᠴᠢᠨᠠᠭᠰᠢ ᠠᠶᠠᠯᠠᠵᠤ ᠬᠥᠬᠡ ᠨᠠᠭᠤᠷ ᠤ᠋ᠨ ᠬᠥᠪᠡᠭᠦᠨ ᠳ᠋ᠦ᠍ ᠬᠦᠷᠬᠦ ᠳ᠋ᠦ᠍ ᠽᠠᠩᠶᠠᠩᠵᠠᠮᠰᠤ ᠰᠣᠯᠣᠩᠭ᠎ᠠ ᠲᠠᠲᠠᠵᠤ ᠲᠠᠭᠠᠯᠠᠯ ᠪᠣᠯᠪᠠ ᠭᠡᠳᠡᠭ᠃ 
       ᠽᠠᠩᠶᠠᠩᠵᠠᠮᠰᠤ ᠶ᠋ᠢ ᠬᠠᠭᠤᠷᠮᠠᠭ ᠭᠡᠮᠡᠨ ᠭᠦᠳᠬᠡᠨ ᠵᠠᠢᠯᠠᠭᠤᠯᠤᠭᠰᠠᠨ ᠤᠴᠢᠷ ᠠ᠋ᠴᠠ ᠥᠭᠡᠷ᠎ᠡ ᠨᠢᠭᠡᠨ ᠵᠢᠩᠬᠢᠨᠢ ᠳᠠᠯᠠᠢ ᠯᠠᠮᠠ ᠶ᠋ᠢ ᠵᠠᠯᠠᠬᠤ ᠴᠢᠬᠤᠯᠠ ᠲᠠᠢ ᠪᠣᠯᠪᠠ᠃ 1707 ᠣᠨ ᠳ᠋ᠤ᠌᠂ ᠯᠠᠽᠠᠩ ᠬᠠᠨ ᠨᠡᠬᠡᠯᠡᠢ ᠬᠥᠪᠡᠭᠦᠨ ᠢᠰᠢᠵᠠᠮᠰᠤ ᠶ᠋ᠢ ᠵᠢᠩᠬᠢᠨᠢ ᠳᠠᠯᠠᠢ ᠯᠠᠮᠠ ᠬᠡᠮᠡᠭᠡᠳ ᠵᠠᠭᠠᠪᠦᠷᠢ ᠬᠡᠢᠳ ᠡᠴᠡ ᠪᠤᠲᠠᠯᠠ ᠣᠷᠳᠣᠨ ᠳ᠋ᠤ᠌ ᠵᠠᠯᠠᠵᠠᠢ᠃ ᠡᠨᠡᠬᠦ ᠶᠠᠪᠤᠳᠠᠯ ᠨᠢ ᠤᠤᠯ ᠠ᠋ᠴᠠ ᠽᠠᠩᠶᠠᠩᠵᠠᠮᠰᠤ ᠳ᠋ᠤ᠌ ᠰᠦᠵᠢᠭ ᠲᠡᠢ ᠪᠠᠢᠭᠰᠠᠨ ᠬᠥᠬᠡᠨᠠᠭᠤᠷ ᠤ᠋ᠨ ᠬᠣᠱᠤᠳ ᠲᠠᠢᠵᠢ ᠨᠠᠷ ᠤ᠋ᠨ ᠳᠤᠷ᠎ᠠ ᠦᠭᠡᠢᠴᠡᠯ ᠢ᠋ ᠬᠦᠷᠭᠡᠪᠡ᠃ ᠲᠡᠳᠡ ᠴᠠᠸᠠᠩᠷᠠᠪᠲᠠᠨ ᠲᠠᠢ ᠬᠠᠮᠲᠤ ᠪᠠᠷ ᠪᠡᠭᠡᠵᠢᠩ ᠳ᠋ᠦ᠍ ᠬᠥᠮᠦᠨ ᠢᠯᠡᠭᠡᠵᠦ᠂ ᠯᠠᠽᠠᠩ ᠤ᠋ᠨ ᠵᠠᠯᠠᠭᠰᠠᠨ ᠢᠰᠢᠵᠠᠮᠰᠤ ᠶ᠋ᠢ ᠬᠠᠭᠤᠷᠮᠠᠭ ᠳᠠᠯᠠᠢ ᠯᠠᠮᠠ ᠭᠡᠮᠡᠨ ᠠᠢᠯᠠᠳᠬᠠᠵᠠᠢ[20] ᠃ ᠴᠢᠨᠠᠭᠰᠢᠳᠠ ᠤᠳᠠᠭᠠᠰᠢᠷᠠᠭᠤᠯᠪᠠᠯ ᠦᠢᠮᠡᠭᠡᠨ ᠰᠠᠮᠠᠭᠤᠨ ᠪᠣᠯᠬᠤ ᠠ᠋ᠴᠠ ᠪᠣᠯᠭᠣᠮᠵᠢᠯᠠᠵᠤ᠂ 1710 ᠣᠨ ᠳ᠋ᠤ᠌ ᠴᠢᠩ ᠤᠯᠤᠰ ᠤ᠋ᠨ ᠵᠠᠰᠠᠭ ᠤ᠋ᠨ ᠭᠠᠵᠠᠷ ᠠ᠋ᠴᠠ ᠢᠰᠢᠵᠠᠮᠰᠤ ᠶ᠋ᠢ ᠵᠢᠷᠭᠤᠳᠤᠭᠠᠷ ᠳᠦᠷᠢ ᠶ᠋ᠢᠨ ᠳᠠᠯᠠᠢ ᠯᠠᠮᠠ ᠭᠡᠮᠡᠨ ᠡᠷᠭᠦᠮᠵᠢᠯᠡᠭᠰᠡᠨ ᠲᠠᠮᠠᠭ᠎ᠠ ᠪᠢᠴᠢᠭ ᠢᠷᠡᠭᠦᠯᠪᠡ᠃ 1708 ᠣᠨ ᠳ᠋ᠤ᠌᠂ ᠳᠠᠷᠤᠢ ᠽᠠᠩᠶᠠᠩᠵᠠᠮᠰᠤ ᠶ᠋ᠢ ᠬᠠᠯᠢᠭᠰᠠᠨ ᠤ᠋ ᠭᠤᠷᠪᠠᠳᠤᠭᠠᠷ ᠵᠢᠯ ᠳᠡᠭᠡᠷ᠎ᠡ ᠨᠢ ᠯᠢᠳᠡᠩ ᠭᠠᠵᠠᠷ ᠲᠤ᠌ ᠠᠩᠬ᠎ᠠ ᠪᠠᠷᠤᠢᠪᠤᠩ ᠤ᠋ᠨ ᠱᠠᠪᠢ ᠪᠣᠯᠵᠤ ᠬᠢᠶᠠᠭ᠎ᠠ ᠶᠠᠪᠤᠭᠠᠳ ᠬᠠᠷ᠎ᠠ ᠳᠦᠷᠢ ᠪᠠᠷᠢᠭᠰᠠᠨ ᠰᠣᠨᠣᠮᠳᠤᠷᠵᠢ ᠭᠡᠭᠴᠢ ᠬᠥᠮᠦᠨ ᠦ᠌ ᠴᠣᠢᠵᠢᠸ᠎ᠠ ᠭᠡᠷᠭᠡᠢ ᠡᠴᠡ ᠶᠡᠷᠦ ᠪᠤᠰᠤ ᠶ᠋ᠢᠨ ᠬᠥᠪᠡᠭᠦᠨ ᠮᠡᠨᠳᠦᠯᠡᠵᠡᠢ᠃ ᠬᠡᠳᠦᠨ ᠵᠢᠯ ᠦ᠋ᠨ ᠳᠠᠷᠠᠭ᠎ᠠ᠂ ᠡᠨᠡ ᠭᠠᠢᠬᠠᠯᠲᠠᠢ ᠬᠥᠪᠡᠭᠦᠨ ᠬᠥᠮᠦᠰ ᠦ᠋ᠨ ᠠᠩᠬᠠᠷᠤᠯ ᠢ᠋ ᠲᠠᠲᠠᠵᠤ ᠯᠢᠳᠠᠩ᠂ ᠪᠠᠳᠠᠩ᠂ ᠴᠠᠮᠳᠤᠤ ᠵᠢᠴᠢ ᠬᠥᠬᠡᠨᠠᠭᠤᠷ ᠢ᠋ᠶ᠋ᠠᠷ ᠲᠡᠭᠦᠨ ᠢ᠋ ᠽᠠᠩᠶᠠᠩᠵᠠᠮᠰᠤ ᠶ᠋ᠢᠨ ᠬᠤᠪᠢᠯᠭᠠᠨ ᠭᠡᠮᠡᠨ ᠨᠡᠢᠳᠡᠮ ᠶᠠᠷᠢᠯᠴᠠᠨ᠂ ᠺᠠᠮ ᠣᠷᠣᠨ ᠤ᠋ ᠨᠠᠭᠴᠤ ᠮᠡᠷᠭᠡᠨ ᠯᠠᠮᠠ ᠦᠵᠡᠭᠡᠳ ᠭᠠᠯᠰᠠᠩᠵᠠᠮᠰᠤ ᠬᠡᠮᠡᠬᠦ ᠨᠡᠷ᠎ᠡ ᠥᠭᠪᠡ᠃ ᠬᠥᠬᠡᠨᠠᠭᠤᠷ ᠤ᠋ᠨ ᠳ᠋ᠠᠰᠢᠪᠠᠭᠠᠲᠤᠷ ᠴᠢᠨ ᠸᠠᠩ᠂ ᠭᠠᠯᠳᠠᠨ ᠵᠢᠨᠦᠩ᠂ ᠡᠷᠳᠡᠨᠢ ᠵᠢᠨᠦᠩ᠂ ᠮᠡᠭᠡᠷ᠎ᠡ ᠬᠠᠮᠪᠤ ᠯᠠᠮᠠ ᠨᠠᠷ ᠡᠨᠡ ᠬᠡᠦᠬᠡᠳ ᠲᠦ᠍ ᠪᠠᠷᠠᠯᠬᠠᠭᠠᠳ ᠮᠥᠷᠭᠥᠨ ᠪᠤᠴᠠᠵᠠᠢ [21] ᠃ ᠯᠠᠽᠠᠩ ᠬᠠᠨ ᠪᠠᠰᠠ ᠶᠡᠬᠡᠯ᠎ᠡ ᠭᠠᠢᠬᠠᠵᠤ ᠨᠣᠷᠪᠤ ᠣᠢᠷᠣᠪ ᠨᠣᠶᠠᠨ᠂ ᠦᠢᠵᠠᠩ ᠪᠢᠴᠢᠭᠡᠴᠢ᠂ ᠳᠠᠸᠠ ᠵᠠᠢᠰᠠᠩ ᠨᠠᠷ ᠢ᠋ ᠲᠣᠮᠢᠯᠠᠨ ᠪᠠᠢᠳᠠᠯ ᠢ᠋ ᠣᠢᠯᠭᠠᠭᠤᠯᠪᠠ᠃ ᠯᠢᠳᠠᠩ ᠭᠠᠵᠠᠷ ᠨᠢ ᠰᠧᠴᠤᠸᠠᠨ ᠤ᠋ ᠳᠠ ᠵᠢᠶᠠᠨ ᠯᠦ᠍ ᠳ᠋ᠦ᠍ ᠰᠠᠭᠤᠬᠤ ᠴᠢᠩ ᠤᠯᠤᠰ ᠤ᠋ᠨ ᠴᠡᠷᠢᠭ ᠡᠴᠡ ᠣᠢᠷᠠᠬᠠᠨ ᠪᠠᠢᠬᠤ ᠤᠴᠢᠷ ᠭᠠᠯᠰᠠᠩᠵᠠᠮᠰᠤ ᠶ᠋ᠢ ᠪᠤᠯᠢᠶᠠᠭᠳᠠᠬᠤ ᠠ᠋ᠴᠠ ᠪᠣᠯᠭᠣᠮᠵᠢᠯᠠᠵᠤ᠂ ᠬᠥᠬᠡᠨᠠᠭᠤᠷ ᠤ᠋ᠨ ᠲᠠᠢᠵᠢ ᠨᠠᠷ ᠲᠡᠭᠦᠨ ᠢ᠋ ᠯᠢᠳᠡᠩ ᠦ᠋ᠨ ᠪᠠᠷᠠᠭᠤᠨ ᠬᠣᠢᠲᠤᠬᠢ ᠲᠡᠷᠡᠭᠡ ᠬᠣᠲᠠ ᠳ᠋ᠤ᠌ ᠰᠢᠯᠵᠢᠭᠦᠯᠦᠨ ᠴᠠᠭᠠᠨᠳᠠᠨᠵᠢᠨ ᠲᠠᠢᠵᠢ ᠴᠡᠷᠢᠭ ᠲᠣᠮᠢᠯᠠᠨ ᠬᠠᠮᠠᠭᠠᠯᠠᠵᠠᠢ᠃1715 ᠣᠨ ᠳ᠋ᠤ᠌᠂ ᡀᠠᠰᠠ ᠶ᠋ᠢᠨ ᠭᠤᠷᠪᠠᠨ ᠬᠡᠢᠳ ᠦ᠋ᠨ ᠳᠠᠯᠳᠠ ᠳᠡᠮᠵᠢᠯᠭᠡ ᠳᠣᠣᠷ᠎ᠠ᠂ ᠬᠥᠬᠡᠨᠠᠭᠤᠷ ᠤ᠋ᠨ ᠳ᠋ᠠᠰᠢᠪᠠᠭᠠᠲᠤᠷ ᠤ᠋ᠨ ᠬᠥᠪᠡᠭᠦᠨ ᠯᠣᠪᠰᠠᠩᠳᠠᠨᠵᠢᠨ᠂ ᠪᠣᠱᠣᠭᠲᠤ ᠵᠢᠨᠦᠩ ᠦ᠋ᠨ ᠬᠥᠪᠡᠭᠦᠨ  ᠴᠠᠭᠠᠨᠳᠠᠨᠵᠢᠨ ᠢ᠋ᠶ᠋ᠠᠷ ᠲᠡᠷᠢᠭᠦᠯᠡᠭᠰᠡᠨ ᠣᠯᠠᠨ ᠲᠠᠢᠵᠢ ᠨᠠᠷ  ᠠᠢᠯᠠᠳᠬᠠᠯ ᠪᠢᠴᠢᠵᠦ᠂ ᠯᠢᠳᠠᠩ ᠳ᠋ᠤ᠌ ᠲᠣᠳᠣᠷᠠᠭᠰᠠᠨ ᠬᠤᠪᠢᠯᠭᠠᠨ ᠪᠣᠯ ᠵᠢᠩᠬᠢᠨᠢ ᠳᠠᠯᠠᠢ ᠯᠠᠮᠠ ᠮᠥᠨ᠂ ᠯᠠᠽᠠᠩ ᠬᠠᠨ ᠤ᠋ ᠵᠠᠯᠠᠭᠰᠠᠨ ᠨᠢ ᠬᠠᠭᠤᠷᠮᠠᠭ ᠳᠠᠯᠠᠢ ᠯᠠᠮᠠ ᠭᠡᠮᠡᠨ[22] ᠪᠡᠭᠡᠵᠢᠩ ᠳ᠋ᠦ᠍ ᠬᠥᠮᠦᠨ ᠵᠠᠷᠤᠵᠤ ᠮᠡᠳᠡᠭᠦᠯᠪᠡ᠃ ᠡᠩᠬᠡ ᠠᠮᠤᠭᠤᠯᠠᠩ ᠬᠠᠭᠠᠨ ᠲᠡᠭᠦᠨ ᠦ᠌ ᠬᠤᠤᠪᠢ ᠶ᠋ᠢᠨ ᠰᠠᠢᠳ ᠨᠠᠷ ᠲᠠᠢ ᠵᠥᠪᠯᠡᠭᠡᠳ᠂ ᠭᠠᠯᠰᠠᠩᠵᠠᠮᠰᠤ ᠶ᠋ᠢ ᠯᠢᠳᠠᠩ ᠳ᠋ᠤ᠌ ᠤᠳᠠᠭᠠᠨ ᠪᠠᠢᠯᠭᠠᠪᠠᠰᠤ ᠯᠠᠽᠠᠩ ᠬᠠᠨ ᠪᠣᠯᠤᠨ ᠢᠰᠢᠵᠠᠮᠰᠤ ᠳ᠋ᠤ᠌ ᠴᠥᠮ ᠠᠰᠠᠭ ᠦᠭᠡᠢ ᠲᠤᠯᠠ ᠡᠷᠲᠡᠬᠡᠨ ᠪᠡᠭᠡᠵᠢᠩ ᠳ᠋ᠦ᠍ ᠠᠪᠴᠢᠷᠠᠵᠤ ᠬᠣᠷᠢᠭᠠᠳ ᠮᠠᠷᠭᠤᠭᠠᠨ ᠤ᠋ ᠦᠨᠳᠦᠰᠦ ᠶ᠋ᠢ ᠲᠠᠰᠤᠯᠰᠤᠭᠠᠢ ᠭᠡᠵᠡᠢ᠃ ᠲᠡᠭᠡᠭᠡᠳ ᠬᠢᠶ᠎ᠡ ᠠᠴᠢᠲᠤ᠂ ᠵᠤᠸᠠᠩ ᠪᠦᠦ ᠨᠠᠷ ᠢ᠋ ᠬᠥᠬᠡᠨᠠᠭᠤᠷ ᠲᠤ᠌ ᠢᠯᠡᠭᠡᠵᠦ ᠴᠠᠭᠠᠨ ᠲᠣᠯᠣᠭᠠᠢ ᠳ᠋ᠤ᠌ ᠴᠢᠭᠤᠯᠭᠠᠨ ᠬᠢᠯᠭᠡᠵᠦ ᠬᠠᠭᠠᠨ ᠤ᠋ ᠵᠢᠭᠠᠪᠤᠷᠢ ᠶ᠋ᠢ ᠵᠠᠷᠯᠠᠨ᠂ ᠭᠠᠯᠰᠠᠩᠵᠠᠮᠰᠤ ᠶ᠋ᠢ ᠪᠡᠭᠡᠵᠢᠩ ᠳ᠋ᠦ᠍ ᠦᠯᠦ ᠬᠦᠷᠭᠡᠪᠡᠰᠦ ᠭᠦᠮᠪᠦᠮ ᠰᠦᠮ᠎ᠡ ᠳ᠋ᠦ᠍ ᠬᠦᠷᠭᠡᠭᠲᠦᠨ ᠭᠡᠪᠡ᠃ ᠬᠥᠬᠡᠨᠠᠭᠤᠷ ᠤ᠋ᠨ ᠲᠠᠢᠵᠢ ᠨᠠᠷ ᠡᠩᠬᠡ ᠠᠮᠤᠭᠤᠯᠠᠩ ᠤ᠋ᠨ ᠰᠠᠨᠠᠭ᠎ᠠ ᠶ᠋ᠢ ᠮᠡᠳᠡᠭᠡᠳ ᠭᠠᠯᠰᠠᠩᠵᠠᠮᠰᠤ ᠶ᠋ᠢ ᠲᠤᠰᠢᠶᠠᠬᠤ ᠠ᠋ᠴᠠ ᠲᠠᠲᠠᠭᠠᠯᠵᠠᠭᠰᠠᠨ ᠮᠥᠷᠲᠡᠭᠡᠨ ᡀᠠᠰᠠ ᠶ᠋ᠢᠨ ᠭᠤᠷᠪᠠᠨ ᠬᠡᠢᠳ ᠦ᠋ᠨ ᠯᠠᠮᠠ ᠨᠠᠷ ᠤ᠋ᠨ ᠬᠦᠴᠦᠲᠦ ᠳᠡᠮᠵᠢᠯᠭᠡ ᠶ᠋ᠢ ᠣᠯᠵᠠᠢ᠃ ᠪᠠᠢᠳᠠᠯ ᠪᠠᠴᠢᠮ ᠪᠣᠯᠤᠭᠰᠠᠨ ᠲᠤᠯᠠ ᠯᠣᠪᠰᠠᠩᠳᠠᠨᠵᠢᠨ᠂ ᠴᠠᠭᠠᠨᠳᠠᠨᠵᠢᠨ ᠲᠡᠷᠢᠭᠦᠲᠡᠢ ᠬᠥᠬᠡᠨᠠᠭᠤᠷ ᠤ᠋ᠨ ᠴᠢᠬᠤᠯᠠ ᠲᠠᠢᠵᠢ ᠨᠠᠷ ᠨᠢᠭᠤᠴᠠ ᠵᠥᠪᠯᠡᠯᠭᠡᠨ ᠬᠢᠵᠦ᠂ ᠭᠠᠯᠰᠠᠩᠵᠠᠮᠰᠤ ᠶ᠋ᠢ ᠵᠡᠪᠰᠡᠭᠲᠦ ᠬᠦᠴᠦ ᠪᠡᠷ ᠬᠠᠮᠠᠭᠠᠯᠠᠨ ᠬᠦᠷᠭᠡᠵᠦ ᠰᠢᠷᠡᠭᠡᠨ ᠳ᠋ᠦ᠍ ᠰᠠᠭᠤᠯᠭᠠᠵᠤ᠂ ᠢᠰᠢᠵᠠᠮᠰᠤ ᠶ᠋ᠢ  ᠲᠡᠪᠴᠢᠰᠦᠭᠡᠢ ᠭᠡᠪᠡ᠃ ᠲᠡᠳᠡᠨ ᠦ᠌ ᠡᠨᠡᠬᠦ ᠬᠡᠷᠡᠭ ᠨᠢ ᠳᠠᠢᠴᠢᠩ ᠤᠯᠤᠰ ᠤ᠋ᠨ ᠨᠢᠳᠦ ᠴᠢᠬᠢᠨ ᠳ᠋ᠦ᠍ ᠮᠡᠳᠡᠭᠳᠡᠵᠡᠢ᠃ ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ᠂ ᠰᠢᠨᠢᠩ ᠦ᠋ᠨ ᠲᠤᠭ ᠤ᠋ᠨ ᠵᠠᠩᠭᠢ ᠨᠠᠨᠪᠤ ᠂ ᠰᠧᠴᠤᠸᠠᠨ ᠤ᠋ ᠳᠠᠢᠴᠢᠯᠠᠨ ᠵᠠᠬᠢᠷᠤᠭᠴᠢ ᠰᠠᠢᠳ ᠺᠠᠩ ᠲᠠᠢ᠂ ᠰᠥᠩ ᠫᠠᠨ ᠤ᠋  ᠪᠦᠭᠦᠳᠡ ᠶ᠋ᠢᠨ ᠳᠠᠷᠤᠭ᠎ᠠ ᠯᠢ ᠵᠧᠩ ᠨᠠᠷ ᠢ᠋ ᠬᠠᠷᠢᠶᠠᠲᠤ ᠴᠡᠷᠢᠭ ᠮᠣᠷᠢ ᠪᠠᠨ ᠲᠡᠭᠰᠢᠯᠡᠨ ᠪᠡᠯᠡᠳᠬᠡᠵᠦ ᠬᠥᠬᠡᠨᠠᠭᠤᠷ ᠤ᠋ᠨ ᠲᠠᠢᠵᠢ ᠨᠠᠷ ᠬᠡᠷᠡᠭ ᠡᠳᠦᠪᠡᠰᠦ ᠳᠠᠭᠠᠷᠢᠨ ᠴᠣᠬᠢᠭᠲᠤᠨ ᠭᠡᠬᠦ ᠶ᠋ᠢᠨ ᠬᠠᠮᠲᠤ ᠬᠥᠬᠡᠨᠠᠭᠤᠷ ᠤ᠋ᠨ ᠲᠠᠢᠵᠢ ᠨᠠᠷ ᠲᠤ᠌ ᠬᠠᠲᠠᠭᠤ ᠴᠢᠩᠭ᠎ᠠ ᠳᠠᠷᠤᠯᠲᠠ ᠦᠵᠡᠭᠦᠯᠦᠨ ᠭᠠᠯᠰᠠᠩᠵᠠᠮᠰᠤ ᠶ᠋ᠢ ᠭᠦᠮᠪᠦᠮ ᠬᠡᠢᠳ ᠲᠦ᠍ ᠬᠦᠷᠭᠡᠭᠲᠦᠨ ᠭᠡᠪᠡ᠃ ᠡᠢᠮᠦ ᠡᠴᠡ1716 ᠣᠨ ᠤ᠋ ᠭᠤᠷᠪᠠᠳᠤᠭᠠᠷ ᠰᠠᠷ᠎ᠠ ᠶ᠋ᠢᠨ ᠠᠷᠪᠠᠨ ᠲᠡᠭᠦᠨ ᠦ᠌ ᠡᠳᠦᠷ ᠠᠷᠭ᠎ᠠ ᠪᠤᠰᠤ ᠲᠡᠭᠦᠨ ᠢ᠋ ᠲᠡᠷᠡᠭᠡ ᠡᠴᠡ ᠭᠦᠮᠪᠦᠮ ᠳ᠋ᠦ᠍ ᠰᠢᠯᠵᠢᠭᠦᠯᠵᠡᠢ᠃ 
       ᠪᠠᠰᠠ ᠬᠥᠬᠡᠨᠠᠭᠤᠷ ᠤ᠋ᠨ ᠲᠠᠢᠵᠢ ᠨᠠᠷ ᠢ᠋ ᠬᠡᠷᠡᠭ ᠡᠳᠦᠬᠦ ᠡᠴᠡ ᠪᠣᠯᠭᠣᠮᠵᠢᠯᠠᠵᠤ᠂ ᠡᠩᠬᠡ ᠠᠮᠤᠭᠤᠯᠠᠩ ᠬᠠᠭᠠᠨ ᠠ᠋ᠴᠠ ᠠᠷᠭ᠎ᠠ ᠬᠡᠮᠵᠢᠶ᠎ᠡ ᠠᠪᠴᠤ ᠲᠡᠳᠡᠨ ᠦ᠌ ᠬᠦᠴᠦ ᠶ᠋ᠢ ᠨᠢ ᠰᠠᠯᠭᠠᠬᠤ ᠭᠡᠪᠡ᠃ ᠲᠡᠭᠡᠭᠡᠳ ᠵᠠᠷᠯᠢᠭ ᠢ᠋ᠶ᠋ᠠᠷ ᠢᠯᠭᠠᠭᠴᠢ ᠲᠦᠰᠢᠮᠡᠯ ᠴᠠᠩ ᠱᠧᠦ᠂ ᠲᠡᠮᠳᠡᠭᠯᠡᠴᠢ ᠲᠦᠰᠢᠮᠡᠯ ᠪᠠᠳᠮ᠎ᠠ ᠶ᠋ᠢ ᠬᠥᠬᠡᠨᠠᠭᠤᠷ ᠲᠤ᠌ ᠢᠯᠡᠭᠡᠵᠦ᠂ ᠯᠣᠪᠰᠠᠩᠳᠠᠨᠵᠢᠨ ᠪᠣᠯᠤᠨ ᠴᠠᠭᠠᠨᠳᠠᠨᠵᠢᠨ ᠢ᠋ᠶ᠋ᠠᠷ ᠬᠥᠬᠡᠨᠠᠭᠤᠷ ᠤ᠋ᠨ ᠪᠠᠷᠠᠭᠤᠨ ᠭᠠᠷ ᠢ᠋ ᠵᠠᠬᠢᠷᠤᠭᠤᠯᠤᠨ᠂ ᠡᠷᠳᠡᠨᠢ ᠡᠷᠬᠡ ᠲᠣᠭᠲᠣᠭᠨᠠᠢ᠂ ᠠᠷᠠᠪᠲᠠᠨ ᠣᠮᠪᠣ ᠪᠠᠷ ᠵᠡᠭᠦᠨ ᠭᠠᠷ ᠢ᠋ ᠵᠠᠬᠢᠷᠤᠭᠤᠯᠵᠤ᠂ ᠪᠠᠰᠠ ᠴᠠᠭᠠᠨᠳᠠᠨᠵᠢᠨ ᠢ᠋ ᠭᠣᠣᠯ ᠤ᠋ᠨ ᠵᠡᠭᠦᠨ ᠳ᠋ᠦ᠍᠂ ᠯᠣᠪᠰᠠᠩᠳᠠᠨᠵᠢᠨ ᠢ᠋ ᠭᠣᠣᠯ ᠤ᠋ᠨ ᠪᠠᠷᠠᠭᠤᠨ ᠳ᠋ᠤ᠌ ᠲᠤᠰ ᠲᠤᠰ ᠰᠠᠭᠤᠯᠭᠠᠵᠠᠢ᠃  

              ᠭᠤᠷᠪᠠ᠂  ᠲᠥᠪᠡᠳ ᠦ᠋ᠨ ᠭᠤᠶᠤᠳᠠᠯ ᠢ᠋ᠶ᠋ᠠᠷ ᠴᠡᠸᠡᠩᠷᠠᠪᠳᠠᠨ ᠴᠡᠷᠢᠭ ᠭᠠᠷᠭᠠᠭᠰᠠᠨ ᠨᠢ  
   
       ᠲᠥᠪᠡᠳ ᠦ᠋ᠨ ᠰᠢᠷ᠎ᠠ ᠶ᠋ᠢᠨ ᠱᠠᠰᠢᠨ ᠤ᠋ ᠡᠲᠡᠭᠡᠳ ᠦ᠋ᠨ ᠬᠢᠨ ᠤᠤᠯ ᠨᠢ ᠬᠥᠬᠡᠨᠠᠭᠤᠷ ᠤ᠋ᠨ ᠲᠠᠢᠵᠢ ᠳ᠋ᠤ᠌ ᠲᠦᠰᠢᠭᠯᠡᠨ᠂ ᠭᠠᠯᠰᠠᠩᠵᠠᠮᠰᠤ ᠶ᠋ᠢ ᠰᠢᠷᠡᠭᠡᠨ ᠳ᠋ᠦ᠍ ᠵᠠᠯᠠᠬᠤ ᠭᠡᠮᠡᠨ ᠢᠳᠡᠪᠬᠢᠲᠡᠢ ᠬᠥᠳᠡᠯᠭᠡᠭᠡᠨ ᠬᠢᠵᠡᠢ ᠃ ᠭᠡᠲᠡᠯ᠎ᠡ ᠡᠩᠬᠡ ᠠᠮᠤᠭᠤᠯᠠᠩ ᠬᠠᠭᠠᠨ ᠴᠡᠷᠢᠭ ᠦ᠋ᠨ ᠬᠦᠴᠦᠨ ᠢ᠋ᠶ᠋ᠡᠷ ᠬᠥᠬᠡᠨᠠᠭᠤᠷ ᠤ᠋ᠨ ᠲᠠᠢᠵᠢ ᠨᠠᠷ ᠢ᠋ ᠴᠢᠩᠭ᠎ᠠ ᠬᠢᠵᠠᠭᠠᠷᠯᠠᠭᠰᠠᠨ ᠲᠤᠯᠠ ᠭᠠᠯᠰᠠᠩᠵᠠᠮᠰᠤ ᠶ᠋ᠢ ᠲᠡᠳᠬᠦᠵᠦ ᠰᠢᠷᠡᠭᠡᠨ ᠳ᠋ᠦ᠍ ᠵᠠᠯᠠᠬᠤ ᠶᠠᠪᠤᠳᠠᠯ ᠢ᠋ ᠵᠡᠭᠦᠨᠭᠠᠷ ᠤ᠋ᠨ ᠴᠠᠸᠠᠩᠷᠠᠪᠲᠠᠨ ᠬᠠᠨ ᠤ᠋ ᠳᠡᠭᠡᠷ᠎ᠡ ᠲᠠᠯᠪᠢᠪᠠ᠃ 
       ᠴᠡᠸᠡᠩᠷᠠᠪᠳᠠᠨ ᠬᠠᠨ ᠤᠤᠯ ᠠ᠋ᠴᠠ ᠳ᠋ᠢᠪᠠ ᠰᠠᠩᠵᠠᠢᠵᠠᠮᠰᠤ ᠲᠠᠢ ᠨᠢᠭᠲᠠ ᠬᠠᠷᠢᠴᠠᠭ᠎ᠠ ᠲᠠᠢ ᠪᠠᠢᠭᠰᠠᠨ ᠪᠥᠭᠡᠳ ᠽᠠᠩᠶᠠᠩᠵᠠᠮᠰᠤ ᠶ᠋ᠢ ᠰᠢᠳᠦᠨ ᠰᠢᠷ᠎ᠠ ᠶ᠋ᠢᠨ ᠱᠠᠰᠢᠨ ᠤ᠋ ᠦᠢᠯᠡᠰ ᠢ᠋  ᠳᠡᠮᠵᠢᠵᠦ ᠪᠠᠢᠵᠠᠢ᠃ ᠪᠣᠱᠣᠭᠲᠤ ᠬᠠᠨ ᠤ᠋ ᠦᠶ᠎ᠡ ᠳ᠋ᠦ᠍᠂ ᠵᠡᠭᠦᠨᠭᠠᠷ ᠲᠤ᠌ ᠶᠡᠬᠡ ᠪᠠᠭ᠎ᠠ ᠬᠦᠷᠢᠶ᠎ᠡ ᠶ᠋ᠢᠨ ᠯᠠᠮᠠ ᠨᠠᠷ ᠭᠤᠷᠪᠠᠨ ᠷᠠᠰᠠᠩ ᠲᠠᠢ ᠪᠠᠢᠪᠠ ᠃ ᠴᠠᠸᠠᠩᠷᠠᠪᠳᠠᠨ ᠬᠠᠨ ᠤ᠋ ᠦᠶ᠎ᠡ ᠳ᠋ᠦ᠍ ᠥᠷᠭᠡᠳᠬᠡᠭᠡᠳ ᠲᠠᠪᠤᠨ ᠷᠠᠰᠠᠩ ᠪᠣᠯᠭᠠᠵᠤ ᠲᠠᠪᠤᠨ ᠵᠢᠱ᠌ᠢᠶ᠎ᠡ ᠭᠡᠮᠡᠨ ᠨᠡᠷᠡᠢᠳᠴᠦ᠂ ᠡᠮᠢᠯ ᠭᠣᠣᠯ ᠤ᠋ᠨ ᠪᠠᠷᠠᠭᠤᠨ ᠡᠮᠦᠨᠡᠬᠢ ᠪᠠᠷᠤᠯᠠᠭ ᠤ᠋ᠨ ᠠᠭᠤᠯᠠ ᠣᠷᠴᠢᠮ ᠠ᠋ᠴᠠ ᠭᠠᠵᠠᠷ ᠰᠣᠩᠭᠣᠵᠤ ᠲᠠᠪᠤᠨ ᠵᠢᠱ᠌ᠢᠶ᠎ᠡ ᠶ᠋ᠢᠨ ᠯᠠᠮᠠ ᠨᠠᠷ ᠲᠤ᠌ ᠲᠤᠰᠬᠠᠢ ᠨᠤᠲᠤᠭ ᠣᠯᠭᠤᠵᠠᠢ᠃ ᠲᠠᠪᠤᠨ ᠵᠢᠱ᠌ᠢᠶ᠎ᠡ ᠶ᠋ᠢᠨ ᠲᠡᠷᠢᠭᠦᠯᠡᠭᠰᠡᠨ ᠯᠠᠮᠠ ᠨᠠᠷ ᠳᠠᠶᠠᠭᠠᠷ ᠣᠯᠠᠨ ᠤ᠋ ᠡᠷᠬᠢᠮ ᠬᠦᠨᠳᠦᠳᠬᠡᠯ ᠢ᠋ ᠬᠦᠷᠲᠡᠵᠦ᠂ ᠵᠡᠭᠦᠨᠭᠠᠷ ᠬᠠᠭᠠᠨᠲᠤ ᠤᠯᠤᠰ ᠤ᠋ᠨ ᠤᠯᠤᠰ ᠲᠥᠷᠥ ᠳ᠋ᠦ᠍ ᠴᠢᠬᠤᠯᠠ ᠨᠥᠯᠥᠭᠡ ᠦᠵᠡᠭᠦᠯᠵᠦ ᠪᠠᠢᠪᠠ᠃  ᡀᠠᠰᠠ ᠲᠠᠢ ᠦᠷᠭᠦᠯᠵᠢ ᠬᠠᠷᠢᠯᠴᠠᠳᠠᠭ ᠲᠠᠪᠤᠨ ᠵᠢᠱ᠌ᠢᠶ᠎ᠡ ᠶ᠋ᠢᠨ ᠯᠠᠮᠠ ᠨᠠᠷ ᠲᠥᠪᠡᠳ ᠦ᠋ᠨ ᠰᠢᠷ᠎ᠠ ᠶ᠋ᠢᠨ ᠱᠠᠰᠢᠨ ᠤ᠋ ᠡᠲᠡᠭᠡᠳ ᠦ᠋ᠨ ᠤᠬᠠᠭᠤᠯᠤᠯ ᠢ᠋  ᠴᠤᠤᠷᠢᠶᠠᠲᠤᠵᠤ᠂ ᠭᠠᠯᠰᠠᠩᠵᠠᠮᠰᠤ ᠶ᠋ᠢ ᠲᠡᠳᠬᠦᠬᠦ ᠶᠠᠷᠢᠶ᠎ᠠ ᠥᠭᠦᠯᠡᠯ ᠵᠣᠬᠢᠶᠠᠵᠠᠢ᠃ ᠡᠨᠡ ᠨᠢ ᠴᠠᠸᠠᠩᠷᠠᠪᠲᠠᠨ ᠬᠠᠨ ᠢ᠋ ᠶᠡᠬᠡᠳᠡ ᠨᠥᠯᠥᠭᠡᠯᠡᠪᠡ᠃ 
       ᠳᠡᠮᠡᠢ ᠤᠳᠠᠯ ᠦᠭᠡᠢ ᠲᠥᠪᠡᠳ ᠦ᠋ᠨ ᠰᠢᠷ᠎ᠠ ᠶ᠋ᠢᠨ ᠱᠠᠰᠢᠨ ᠤ᠋ ᠬᠢᠨ ᠵᠡᠭᠦᠨᠭᠠᠷ ᠲᠤ᠌ ᠬᠥᠮᠦᠨ ᠢᠯᠡᠭᠡᠵᠦ᠂ ᠴᠡᠷᠢᠭ ᠭᠠᠷᠭᠠᠵᠤ ᠭᠠᠯᠰᠠᠩᠵᠠᠮᠰᠤ ᠶ᠋ᠢ ᠲᠡᠳᠬᠦᠨ ᠰᠢᠷᠡᠭᠡᠨ ᠳ᠋ᠦ᠍ ᠰᠠᠭᠤᠯᠭᠠᠮᠤ ᠭᠡᠮᠡᠨ ᠴᠠᠸᠠᠩᠷᠠᠪᠲᠠᠨ ᠳ᠋ᠤ᠌ ᠭᠤᠶᠤᠵᠠᠢ [23] ᠃ ᠴᠠᠸᠠᠩᠷᠠᠪᠳᠠᠨ ᠬᠠᠨ ᠤᠤᠯ ᠠ᠋ᠴᠠ ᠵᠣᠷᠢᠭ ᠵᠢᠷᠦᠬᠡ ᠲᠡᠢ ᠪᠥᠭᠡᠳ ᠬᠡᠷᠡᠭ ᠶᠠᠪᠤᠳᠠᠯ ᠳ᠋ᠤ᠌ ᠪᠣᠯᠭᠣᠮᠵᠢᠲᠠᠢ ᠬᠥᠮᠦᠨ ᠪᠢᠯᠡ᠃ ᠲᠡᠭᠦᠨ ᠦ᠌ ᠦᠵᠡᠬᠦ ᠪᠡᠷ᠂ ᠲᠥᠪᠡᠳ ᠢ᠋ ᠳᠠᠢᠯᠠᠬᠤ ᠨᠢ ᠶᠡᠷᠦ ᠪᠤᠰᠤ ᠶ᠋ᠢᠨ ᠬᠡᠷᠡᠭ ᠲᠤᠯᠠ᠂ ᠭᠦᠦᠰᠢ ᠬᠠᠨ ᠲᠥᠷᠥᠪᠠᠢᠬᠤ ᠶ᠋ᠢᠨ ᠴᠡᠷᠢᠭ ᠣᠷᠣᠭᠰᠠᠨ ᠲᠠᠢ ᠠᠳᠠᠯᠢᠳᠬᠠᠵᠤ ᠪᠣᠯᠬᠤ ᠦᠭᠡᠢ᠃ ᠡᠰᠡ ᠪᠣᠯᠭᠣᠮᠵᠢᠯᠠᠵᠤ ᠭᠡᠨᠡᠨ ᠠᠵᠢᠯᠯᠠᠭ᠎ᠠ ᠠᠪᠤᠪᠠᠰᠤ ᠳᠠᠢᠴᠢᠩ ᠤᠯᠤᠰ ᠲᠠᠢ ᠰᠢᠭᠤᠳ ᠮᠥᠷᠭᠥᠯᠳᠦᠵᠦ ᠮᠡᠳᠡᠬᠦ ᠲᠤᠯᠠ ᠦᠷ᠎ᠡ ᠳ᠋ᠦᠩ ᠨᠢ ᠰᠡᠳᠬᠢᠰᠢ ᠦᠭᠡᠢ ᠶᠦᠮ᠃ ᠲᠡᠷᠡ ᠴᠡᠷᠢᠭ ᠭᠠᠷᠭᠠᠬᠤ ᠶ᠋ᠢ ᠵᠥᠪᠰᠢᠶᠡᠷᠡᠭᠰᠡᠨ ᠪᠣᠯᠪᠠᠴᠤ᠂ ᠠᠷᠭ᠎ᠠ ᠲᠥᠯᠥᠪᠯᠡᠭᠡ ᠪᠡᠨ ᠨᠡᠯᠢᠶᠡᠳ ᠤᠷᠲᠤ ᠬᠤᠭᠤᠴᠠᠭ᠎ᠠ ᠪᠠᠷ ᠪᠣᠳᠣᠯᠬᠢᠯᠠᠨ ᠪᠣᠯᠪᠠᠰᠤᠷᠠᠭᠤᠯᠵᠠᠢ᠃ 
       ᠴᠠᠸᠠᠩᠷᠠᠪᠳᠠᠨ ᠤ᠋ ᠠᠪᠠᠯᠢ ᠬᠠᠲᠤᠨ ᠰᠣᠩᠭᠣᠷᠠᠪᠳᠠᠨ ᠪᠣᠯ ᠯᠠᠽᠠᠩ ᠬᠠᠨ ᠤ᠋ ᠡᠭᠡᠴᠢ ᠪᠢᠯᠡ᠃ ᠲᠡᠷᠡ ᠲᠥᠪᠡᠳ ᠢ᠋ ᠳᠠᠢᠯᠠᠬᠤ ᠠᠷᠭ᠎ᠠ ᠶ᠋ᠢ ᠪᠣᠯᠪᠠᠰᠤᠷᠠᠭᠤᠯᠵᠤ᠂  ᠵᠢᠽᠥ᠋ᠨᠳᠠᠮᠪᠠ ᠬᠤᠲᠤᠭᠲᠤ ᠶ᠋ᠢᠨ ᠶᠡᠬᠡ ᠱᠠᠪᠢ ᠰᠢᠷᠡᠭᠡᠲᠦ ᠬᠤᠲᠤᠭᠲᠤ ᠶ᠋ᠢ ᠬᠡᠯᠡᠯᠴᠡᠭᠡᠨ ᠦ᠌ ᠬᠥᠮᠦᠨ ᠢ᠋ᠶ᠋ᠡᠷ ᠨᠠᠰᠢ ᠴᠠᠰᠢ ᠭᠦᠶᠦᠯᠭᠡᠵᠦ᠂ ᠬᠣᠶᠠᠷ ᠡᠲᠡᠭᠡᠳ ᠢ᠋ᠶ᠋ᠡᠷ ᠢ᠋ᠶ᠋ᠡᠨ ᠤᠷᠤᠭ ᠪᠣᠯᠬᠤ ᠭᠡᠪᠡ᠃ ᠲᠡᠭᠡᠭᠡᠳ 1714 ᠣᠨ ᠳ᠋ᠤ᠌᠂ ᠥᠬᠢᠨ ᠪᠣᠳᠣᠯᠭ᠎ᠠ ᠶ᠋ᠢ ᠯᠠᠽᠠᠩ ᠬᠠᠨ ᠤ᠋ ᠠᠬᠠᠮᠠᠳ ᠬᠥᠪᠡᠭᠦᠨ ᠭᠠᠯᠳᠠᠨᠳᠠᠨᠵᠢᠨ ᠳ᠋ᠤ᠌  ᠭᠡᠷᠭᠡᠢ ᠪᠣᠯᠭᠠᠵᠠᠢ [24] ᠃ 1715 ᠣᠨ ᠳ᠋ᠤ᠌᠂ ᠪᠣᠳᠣᠯᠭ᠎ᠠ ᠳᠦᠷᠭᠦᠮᠵᠢᠯᠡᠬᠦ ᠳ᠋ᠦ᠍ ᠡᠴᠢᠭᠡ ᠴᠠᠸᠠᠩᠷᠠᠪᠲᠠᠨ ᠨᠢ ᠲᠡᠭᠦᠨ ᠢ᠋ ᠡᠰᠡ ᠶᠠᠪᠤᠭᠤᠯᠪᠠ᠃ ᠢᠩᠭᠢᠭᠡᠳ ᠬᠦᠷᠭᠡᠨ ᠭᠠᠯᠳᠠᠨᠳᠠᠨᠵᠢᠨ ᠬᠣᠢᠨ᠎ᠠ ᠠ᠋ᠴᠠ ᠨᠢ ᠢᠷᠡᠬᠦ ᠳ᠋ᠦ᠍ ᠴᠠᠸᠠᠩᠷᠠᠪᠲᠠᠨ ᠬᠠᠨ ᠵᠠᠷᠯᠢᠭ ᠪᠠᠭᠤᠯᠭᠠᠨ᠂ ᠭᠠᠯᠳᠠᠨᠳᠠᠨᠵᠢᠨ ᠢ᠋ ᠪᠠᠷᠢᠵᠤ ᠬᠣᠶᠠᠷ ᠲᠣᠭᠣᠭᠠᠨ ᠤ᠋ ᠳᠤᠮᠳᠠ ᠰᠢᠷᠠᠵᠤ ᠠᠯᠠᠵᠠᠢ᠃ ᠯᠠᠽᠠᠩ ᠬᠠᠨ ᠬᠡᠳᠦᠨᠲᠡ ᠵᠠᠬᠢᠶ᠎ᠠ ᠢᠯᠡᠭᠡᠵᠦ ᠬᠥᠪᠡᠭᠦᠨ ᠢ᠋ᠶ᠋ᠡᠨ ᠳᠠᠭᠤᠳᠠᠭᠤᠯᠤᠭᠰᠠᠨ ᠳ᠋ᠤ᠌ ᠲᠡᠷᠡ ᠤᠳᠠᠯ ᠦᠭᠡᠢ ᠬᠦᠷᠭᠡᠵᠦ ᠥᠭᠭᠦᠨ᠎ᠡ ᠭᠡᠮᠡᠨ ᠠᠷᠭᠠᠴᠠᠵᠤ᠂ᠴᠡᠷᠢᠭ ᠦ᠋ᠨ ᠪᠡᠯᠡᠳᠬᠡᠯ ᠢ᠋ᠶ᠋ᠡᠨ ᠱᠠᠯᠠᠪᠳᠠᠨ ᠬᠢᠵᠡᠢ᠃ 
       ᠬᠠᠮᠢ ᠪᠣᠯᠤᠨ ᠪᠠᠷᠰ ᠬᠥᠯ ᠦ᠋ᠨ ᠳᠠᠪᠠᠭ᠎ᠠ ᠨᠢ ᠳᠣᠲᠣᠷ ᠭᠠᠵᠠᠷ ᠲᠤ᠌ ᠨᠡᠪᠲᠡᠷᠡᠬᠦ ᠬᠠᠭᠠᠯᠭ᠎ᠠ ᠪᠣᠯᠬᠤ ᠪᠥᠭᠡᠳ ᠬᠥᠬᠡᠨᠠᠭᠤᠷ ᠲᠥᠪᠡᠳ ᠲᠦ᠍ ᠣᠷᠣᠬᠤ ᠵᠠᠮ ᠪᠢᠯᠡ᠃ ᠭᠡᠲᠡᠯ᠎ᠡ ᠬᠠᠮᠢ ᠬᠣᠲᠠ ᠠᠯᠢ ᠬᠡᠳᠦᠢᠨ ᠳᠠᠢᠴᠢᠩ ᠤᠯᠤᠰ ᠲᠤ᠌ ᠳᠠᠭᠠᠭᠠᠳ ᠵᠠᠰᠠᠭ  ᠪᠠᠢᠭᠤᠯᠵᠠᠢ᠃ ᠡᠢᠮᠦ ᠡᠴᠡ ᠬᠠᠮᠢ᠂ ᠪᠠᠷᠰ ᠬᠥᠯ᠂ ᠲᠠᠷᠢᠶᠠᠨ᠂  ᠪᠣᠯᠣᠩᠬᠢᠷ ᠪᠣᠯᠤᠨ ᠴᠠᠭᠠᠨ ᠤᠰᠤ ᠵᠡᠷᠭᠡ ᠭᠠᠵᠠᠷ ᠳᠠᠬᠢ ᠳᠠᠢᠴᠢᠩ ᠤᠯᠤᠰ ᠤ᠋ᠨ ᠰᠡᠷᠭᠡᠢᠯᠡᠯᠲᠡ ᠪᠣᠯᠤᠨ ᠴᠡᠷᠢᠭ ᠦ᠋ᠨ ᠬᠦᠴᠦ ᠶ᠋ᠢ ᠶᠠᠭᠤᠨ ᠤ᠋ ᠤᠷᠢᠳ ᠪᠠᠢᠴᠠᠭᠠᠨ ᠣᠢᠯᠠᠭᠠᠬᠤ ᠬᠡᠷᠡᠭᠲᠡᠢ᠃ 1715 ᠣᠨ ᠤ᠋ ᠭᠤᠷᠪᠠᠳᠤᠭᠠᠷ ᠰᠠᠷ᠎ᠠ ᠳ᠋ᠤ᠌᠂ ᠶᠡᠬᠡ ᠴᠠᠷᠢᠩᠳᠤᠨᠳᠤᠪ ᠵᠠᠷᠯᠢᠭ ᠢ᠋ᠶ᠋ᠠᠷ ᠬᠣᠶᠠᠷ ᠮᠢᠩᠭᠠᠨ ᠴᠡᠷᠢᠭ ᠳᠠᠢᠴᠢᠯᠠᠨ ᠬᠠᠮᠢ ᠶ᠋ᠢᠨ ᠬᠢᠯᠢ ᠳ᠋ᠦ᠍ ᠲᠥᠷᠥᠨ ᠣᠷᠣᠭᠠᠳ ᠲᠠᠪᠤᠨ ᠪᠠᠯᠭᠠᠰᠤᠨ ᠢ᠋ ᠡᠵᠡᠯᠡᠬᠦ ᠶ᠋ᠢᠨ ᠬᠠᠮᠲᠤ ᠬᠠᠮᠢ ᠬᠣᠲᠠ ᠶ᠋ᠢ ᠪᠦᠰᠡᠯᠡᠭᠰᠡᠨ ᠳ᠋ᠦ᠍ ᠰᠦᠵᠧᠦ ᠳ᠋ᠦ᠍ ᠰᠡᠷᠭᠡᠢᠯᠡᠨ ᠰᠠᠭᠤᠭᠰᠠᠨ ᠮᠠᠨᠵᠤ ᠴᠡᠷᠢᠭ ᠪᠣᠯᠤᠨ ᠨᠣᠭᠣᠭᠠᠨ ᠲᠤᠭᠲᠤ ᠴᠡᠷᠢᠭ ᠲᠠᠪᠤᠨ ᠮᠢᠩᠭᠠᠨ ᠬᠥᠮᠦᠨ ᠲᠤᠰᠠᠯᠠᠬᠤ ᠪᠠᠷ ᠢᠷᠡᠵᠡᠢ᠃ ᠢᠩᠭᠢᠭᠡᠳ ᠲᠡᠷᠡ ᠲᠤᠷᠰᠢᠬᠤ ᠡᠭᠦᠷᠭᠡ ᠪᠡᠨ ᠪᠡᠶᠡᠯᠡᠭᠦᠯᠦᠭᠡᠳ᠂ ᠴᠡᠷᠢᠭ ᠢ᠋ᠶ᠋ᠡᠨ ᠲᠠᠲᠠᠵᠤ ᠲᠩᠷᠢ ᠠᠭᠤᠯᠠ ᠶ᠋ᠢᠨ ᠠᠷᠤ ᠳ᠋ᠤ᠌ ᠤᠬᠤᠷᠢᠪᠠ᠃ ᠴᠡᠸᠠᠩᠷᠠᠪᠳᠠᠨ ᠬᠠᠮᠢ ᠶ᠋ᠢ ᠳᠣᠪᠲᠣᠯᠤᠭᠰᠠᠨ ᠨᠢ ᠠᠷᠠᠯᠵᠢᠶ᠎ᠠ ᠶ᠋ᠢᠨ ᠵᠠᠮ ᠢ᠋ ᠨᠡᠭᠡᠭᠡᠬᠦ ᠭᠡᠰᠡᠨ ᠰᠠᠨᠠᠭ᠎ᠠ ᠪᠢᠰᠢ ᠭᠡᠳᠡᠭ ᠢ᠋ ᠡᠩᠬᠡ ᠠᠮᠤᠭᠤᠯᠠᠩ ᠬᠠᠭᠠᠨ ᠮᠡᠳᠡᠭᠡᠳ ᠬᠠᠮᠢ᠂ ᠪᠠᠷᠰ ᠬᠥᠯ᠂ ᠪᠤᠯᠤᠩᠬᠢᠷ᠂ ᠴᠠᠭᠠᠨ ᠤᠰᠤ᠂ ᠠᠷᠵᠢᠨ ᠵᠡᠷᠭᠡ ᠶ᠋ᠢᠨ ᠭᠠᠵᠠᠷ ᠴᠡᠷᠢᠭ ᠦ᠋ᠨ ᠬᠦᠴᠦ ᠪᠡᠨ ᠨᠡᠮᠡᠵᠦ᠂ ᠬᠥᠬᠡᠨᠠᠭᠤᠷ ᠵᠣᠩ ᠨᠡᠪᠲᠡᠷᠡᠬᠦ ᠴᠢᠬᠤᠯᠠ ᠵᠠᠮ ᠪᠦᠬᠦᠨ ᠢ᠋ ᠬᠠᠭᠠᠵᠠᠢ᠃ ᠲᠡᠭᠦᠨᠴᠡ ᠲᠥᠪᠡᠳ ᠵᠦᠭ ᠶᠠᠭᠠᠬᠢᠨ ᠣᠷᠣᠬᠤ ᠭᠡᠳᠡᠭ ᠢ᠋ ᠴᠠᠸᠠᠩᠷᠠᠪᠳᠠᠨ ᠬᠠᠨ ᠳ᠋ᠤ᠌ ᠳᠤᠯᠠᠭᠠᠷᠠᠭᠰᠠᠨ ᠪᠡᠷᠬᠡ ᠠᠰᠠᠭᠤᠳᠠᠯ ᠪᠣᠯᠪᠠ᠃ 
       ᠲᠤᠢᠯ ᠤ᠋ᠨ ᠨᠢᠭᠤᠴᠠ ᠪᠠᠢᠳᠠᠯ ᠤ᠋ᠨ ᠳᠣᠣᠷ᠎ᠠ ᠴᠠᠸᠠᠩᠷᠠᠪᠳᠠᠨ ᠬᠠᠨ ᠲᠡᠭᠦᠨ ᠦ᠌ ᠴᠡᠷᠢᠭ ᠵᠠᠰᠠᠭ ᠤ᠋ᠨ《ᠵᠠᠷᠭᠤ》 ᠶ᠋ᠢᠨ ᠴᠢᠬᠤᠯᠠ ᠬᠡᠳᠦᠨ ᠲᠦᠰᠢᠮᠡᠯ ᠲᠡᠢ ᠪᠡᠨ ᠵᠥᠪᠯᠡᠵᠦ᠂ ᠨᠢᠭᠡᠨ ᠰᠠᠯᠠᠭ᠎ᠠ ᠰᠢᠯᠢᠳᠡᠭ ᠴᠡᠷᠢᠭ ᠭᠠᠷᠭᠠᠵᠤ ᠳᠠᠷᠢᠮ ᠤ᠋ᠨ ᠬᠣᠲᠣᠭᠣᠷ ᠤ᠋ᠨ ᠶᠡᠬᠡ ᠡᠯᠡᠰᠦ ᠶ᠋ᠢ ᠲᠣᠭᠣᠷᠢᠨ ᠡᠷᠭᠢᠳᠡᠭ᠂ ᠠᠷᠢᠭ ᠢ᠋ᠶ᠋ᠠᠷ ᠳᠡᠮᠵᠢᠵᠦ ᠲᠥᠪᠡᠳ ᠦ᠋ᠨ ᠠᠷᠤ ᠳ᠋ᠠᠬᠢ ᠺᠦᠨᠯᠦ᠋ᠨ ᠠᠭᠤᠯᠠ ᠶ᠋ᠢ ᠳᠠᠪᠠᠵᠤ ᡀᠠᠰᠠ ᠶ᠋ᠢ ᠳᠠᠢᠯᠠᠬᠤ ᠪᠠᠷ  ᠲᠣᠭᠲᠠᠵᠠᠢ᠃1715  ᠣᠨ ᠤ᠋ ᠳᠣᠣᠷ᠎ᠠ ᠬᠠᠭᠠᠰ ᠵᠢᠯ ᠡᠴᠡ ᠡᠬᠢᠯᠡᠨ ᠡᠨᠡᠬᠦ ᠠᠶᠠᠯᠠᠯ ᠳ᠋ᠠᠭᠠᠨ ᠪᠡᠯᠡᠳᠬᠡᠪᠡ᠃  ᠴᠠᠸᠠᠩᠷᠠᠪᠳᠠᠨ ᠬᠠᠨ ᠬᠠᠰᠠᠭ ᠬᠥᠮᠦᠨ ᠢ᠋ ᠳᠠᠢᠯᠠᠨ᠎ᠠ ᠭᠡᠵᠦ ᠠᠯᠳᠠᠷᠰᠢᠭᠤᠯᠤᠨ《ᠵᠠᠷ ᠵᠡᠪᠰᠡᠭ ᠢ᠋ᠶ᠋ᠡᠨ ᠵᠠᠰᠠᠵᠤ᠂ᠠᠮᠤ ᠬᠦᠨᠡᠰᠦ ᠪᠡᠨ ᠪᠡᠯᠡᠳᠬᠡᠵᠦ᠂ ᠬᠠᠷᠢᠶᠠᠲᠤ ᠬᠥᠮᠦᠰ ᠲᠡᠭᠡᠨ ᠠᠭᠲᠠᠯᠠᠭᠰᠠᠨ ᠮᠣᠷᠢ ᠶ᠋ᠢ ᠪᠢᠲᠡᠭᠡᠢ ᠤᠨᠤᠭᠤᠯᠤᠭᠲᠤᠨ》 [25] ᠭᠡᠮᠡᠨ ᠡᠯ᠎ᠡ ᠣᠲᠣᠭ ᠤ᠋ᠨ ᠵᠠᠢᠰᠠᠩ ᠨᠠᠷ ᠲᠤ᠌ ᠮᠡᠳᠡᠭᠳᠡᠵᠡᠢ᠃ ᠲᠥᠪᠡᠳ ᠦ᠋ᠨ ᠥᠨᠳᠥᠷᠯᠢᠭ ᠨᠢ ᠳᠠᠶᠠᠭᠠᠷ ᠠᠯᠳᠠᠷᠲᠠᠢ ᠠᠭᠤᠯᠠᠷᠬᠠᠭ ᠣᠷᠣᠨ ᠪᠣᠯᠪᠠᠴᠤ ᠵᠡᠬᠥᠨᠭᠠᠷ ᠤ᠋ᠨ ᠠᠯᠲᠠᠢ ᠠᠭᠤᠯᠠ ᠶ᠋ᠢᠨ ᠤᠷᠢᠶᠠᠩᠬᠠᠢ ᠴᠡᠷᠢᠭ ᠲᠦ᠍ ᠠᠪᠴᠤ ᠬᠡᠯᠡᠪᠡᠯ ᠲᠡᠢᠮᠦ ᠴᠦ᠍ ᠬᠦᠴᠢᠷ ᠵᠦᠢᠯ ᠪᠢᠰᠢ ᠶᠦᠮ ᠃ ᠴᠠᠸᠠᠩᠷᠠᠪᠳᠠᠨ ᠬᠠᠨ ᠵᠠᠷᠯᠢᠭ ᠪᠠᠭᠤᠯᠭᠠᠨ᠂ ᠬᠠᠰᠠᠭ ᠢ᠋ ᠳᠠᠢᠯᠠᠬᠤ ᠨᠡᠷ᠎ᠡ ᠪᠡᠷ ᠠᠯᠲᠠᠢ ᠠ᠋ᠴᠠ ᠬᠡᠳᠦᠨ ᠮᠢᠩᠭᠠᠨ ᠤᠷᠢᠶᠠᠩᠬᠠᠢ ᠴᠡᠷᠢᠭ ᠰᠢᠯᠢᠨ ᠠᠪᠴᠤ ᠭᠣᠣᠯ ᠬᠦᠴᠦᠨ ᠪᠣᠯᠭᠠᠬᠤ ᠶ᠋ᠢᠨ ᠬᠠᠮᠲᠤ᠂ ᠡᠯ᠎ᠡ ᠣᠲᠣᠭ ᠠ᠋ᠴᠠ ᠪᠠᠨ ᠲᠦᠮᠡ ᠢᠯᠡᠭᠦᠦ ᠴᠡᠷᠢᠭ ᠲᠠᠲᠠᠵᠠᠢ᠃ ᠵᠡᠬᠥᠨᠭᠠᠷ ᠲᠤ᠌  ᠶᠡᠬᠡ ᠪᠠᠭ᠎ᠠ ᠬᠣᠶᠠᠷ ᠴᠠᠷᠢᠩᠳᠣᠨᠳᠣᠪ ᠪᠠᠢᠵᠤ᠂ ᠶᠡᠬᠡ ᠴᠠᠷᠢᠩᠳᠣᠨᠳᠣᠪ ᠨᠢ ᠪᠠᠭᠠᠲᠤᠷ ᠮᠡᠷᠭᠡᠨ ᠬᠣᠣᠰᠯᠠᠭᠰᠠᠨ ᠪᠥᠭᠡᠳ ᠪᠠᠭ᠎ᠠ ᠳ᠋ᠠᠭᠠᠨ ᠲᠥᠪᠡᠳ ᠦ᠋ᠨ ᠵᠠᠰᠢᠯᠤᠩᠪᠤ ᠬᠡᠢᠳ ᠲᠦ᠍ ᠪᠠᠨᠴᠢᠨ ᠡᠷᠳᠡᠨᠢ ᠶ᠋ᠢᠨ ᠱᠠᠪᠢ ᠪᠣᠯᠵᠤ ᠲᠡᠨᠳᠡᠬᠢ ᠪᠠᠢᠳᠠᠯ ᠢ᠋ ᠰᠠᠢᠨ ᠣᠢᠯᠠᠭᠠᠳᠠᠭ᠃ ᠲᠡᠭᠦᠨ ᠢ᠋ᠶ᠋ᠡᠷ ᠶᠡᠬᠡ ᠴᠡᠷᠢᠭ ᠢ᠋ ᠵᠠᠬᠢᠷᠤᠭᠤᠯᠤᠨ ᠵᠠᠢᠰᠠᠩ ᠲᠤᠭᠠᠷ ᠠᠷᠭ᠎ᠠ ᠪᠣᠳᠣᠯᠭ᠎ᠠ ᠪᠠᠷ ᠬᠡᠲᠦᠷᠬᠡᠢ ᠲᠤᠯᠠ ᠴᠡᠷᠢᠭ ᠦ᠋ᠨ ᠪᠠᠭᠰᠢ ᠪᠣᠯᠭᠠᠵᠤ᠂ ᠪᠠᠰᠠ ᠰᠠᠨᠳᠤᠭ᠂ ᠰᠠᠨᠵᠢ᠂ ᠲᠣᠪᠴᠢ᠂ ᠴᠤᠢᠮᠫᠢᠯ ᠭᠤᠮᠠᠨ ᠯᠠᠮ᠎ᠠ (ᠶᠡᠬᠡ ᠴᠠᠷᠢᠩᠳᠣᠨᠳᠣᠪ ᠤ᠋ᠨ ᠳᠡᠭᠦᠦ) ᠵᠡᠷᠭᠡ ᠴᠢᠳᠠᠪᠤᠷᠢᠲᠠᠢ ᠵᠠᠢᠰᠠᠩ ᠢ᠋ ᠬᠠᠮᠲᠤ ᠶᠠᠪᠤᠭᠤᠯᠬᠤ ᠪᠠᠷ ᠪᠣᠯᠪᠠ᠃ 
       ᠲᠥᠪᠡᠳ ᠢ᠋ ᠳᠠᠢᠯᠠᠬᠤ ᠶᠠᠪᠤᠳᠠᠯ ᠨᠢ ᠶᠠᠭᠤ ᠪᠣᠯᠬᠤ ᠶ᠋ᠢ ᠦᠯᠦ ᠮᠡᠳᠡᠬᠦ ᠲᠤᠯᠠ ᠴᠠᠸᠠᠩᠷᠠᠪᠲᠠᠨ ᠠᠷᠤ ᠲᠠᠯ᠎ᠠ ᠶ᠋ᠢᠨ ᠠᠮᠤᠷ ᠲᠦᠪᠰᠢᠨ ᠢ᠋ ᠪᠣᠳᠣᠯᠬᠢᠯᠠᠵᠤ᠂ ᠨᠡᠢᠰᠯᠡᠯ ᠢ᠋ᠶ᠋ᠡᠨ ᠪᠣᠷᠣ ᠲᠠᠯ᠎ᠠ ᠠ᠋ᠴᠠ ᠢᠯᠢ ᠭᠣᠣᠯ ᠤ᠋ᠨ ᠳᠡᠨᠵᠢᠨ ᠳ᠋ᠦ᠍ ᠨᠡᠭᠦᠯᠭᠡᠵᠡᠢ᠃ ᠪᠠᠰᠠ ᠠᠬᠠᠮᠠᠳ ᠬᠥᠪᠡᠭᠦᠨ ᠭᠠᠯᠳᠠᠨᠴᠠᠷᠢᠩ ᠪᠣᠯᠤᠨ ᠪᠠᠭ᠎ᠠ ᠴᠡᠷᠢᠩᠳᠣᠨᠳᠣᠪ ᠢ᠋ᠶ᠋ᠠᠷ ᠲᠦᠮᠡᠨ ᠴᠡᠷᠢᠭ ᠳᠠᠢᠴᠢᠯᠠᠭᠤᠯᠤᠨ ᠵᠠᠢᠰᠠᠩ ᠨᠠᠭᠤᠷ ᠤ᠋ᠨ ᠠᠷᠤ ᠳ᠋ᠤ᠌ ᠣᠷᠣᠰᠴᠤᠳ ᠢ᠋ ᠰᠡᠷᠭᠡᠢᠯᠡᠨ ᠰᠠᠭᠤᠯᠭᠠᠵᠤ᠂ ᠳᠥᠷᠪᠡᠳ ᠢ᠋ ᠠᠯᠲᠠᠢ ᠶ᠋ᠢᠨ ᠪᠠᠷᠠᠭᠤᠨ ᠳ᠋ᠠᠬᠢ ᠡᠷᠴᠢᠰ ᠲᠦ᠍ ᠰᠠᠭᠤᠯᠭᠠᠨ ᠠᠯᠲᠠᠢ ᠤᠷᠢᠶᠠᠩᠬᠠᠢ ᠲᠠᠢ ᠬᠠᠮᠲᠤ ᠬᠠᠯᠬ᠎ᠠ ᠶ᠋ᠢ ᠰᠡᠷᠭᠡᠢᠯᠡᠭᠦᠯᠪᠡ᠃ 
       1716 ᠣᠨ ᠤ᠋ ᠠᠷᠪᠠᠳᠤᠭᠠᠷ ᠰᠠᠷ᠎ᠠ ᠳ᠋ᠤ᠌᠂ ᠶᠡᠬᠡ ᠴᠡᠷᠢᠩᠳᠣᠨᠳᠣᠪ ᠤ᠋ᠨ ᠴᠡᠷᠢᠭ ᠢᠯᠢ ᠡᠴᠡ ᠪᠠᠷᠠᠭᠤᠨᠰᠢ ᠢᠰᠠᠢᠭ ᠨᠠᠭᠤᠷ ᠢ᠋ ᠴᠢᠭᠯᠡᠨ ᠬᠠᠰᠠᠭ ᠢ᠋ ᠳᠠᠢᠯᠠᠬᠤ ᠨᠡᠷ᠎ᠡ ᠪᠡᠷ ᠮᠣᠷᠳᠠᠨ ᠭᠠᠷᠴᠠᠢ᠃ ᠲᠡᠳᠡ ᠲᠡᠭᠷᠢ ᠠᠭᠤᠯᠠ ᠶ᠋ᠢ ᠲᠣᠭᠣᠷᠢᠨ ᠲᠠᠷᠢᠮ ᠤ᠋ᠨ ᠬᠣᠲᠣᠭᠣᠷ ᠤ᠋ᠨ ᠶᠡᠬᠡ ᠡᠯᠡᠰᠦ ᠶ᠋ᠢᠨ ᠪᠠᠷᠠᠭᠤᠨ ᠵᠠᠬ᠎ᠠ ᠪᠠᠷ ᠡᠮᠦᠨᠡᠰᠢ ᠣᠷᠣᠵᠤ᠂ ᠠᠷᠪᠠᠨ ᠨᠢᠭᠡᠳᠦᠭᠡᠷ ᠰᠠᠷ᠎ᠠ ᠳ᠋ᠤ᠌  ᠢᠷᠭᠢᠶᠠᠩ ᠢ᠋ᠶ᠋ᠠᠷ ᠥᠩᠭᠡᠷᠡᠵᠦ᠂ ᠠᠷᠢᠭ ᠭᠡᠳᠡᠭ ᠭᠠᠵᠠᠷ ᠴᠡᠷᠢᠭ ᠮᠣᠷᠢ ᠪᠠᠨ ᠲᠡᠭᠰᠢᠯᠡᠨ ᠠᠮᠤ ᠬᠦᠨᠡᠰᠦ ᠪᠡᠨ ᠨᠥᠬᠥᠪᠥᠷᠢᠯᠡᠪᠡ᠃ ᠡᠨᠳᠡ ᠢᠷᠡᠮᠡᠭᠴᠡ ᠬᠠᠰᠠᠭ ᠢ᠋ ᠳᠠᠢᠯᠠᠮᠤᠢ ᠬᠡᠮᠡᠬᠦ ᠤᠬᠠᠭᠤᠯᠭ᠎ᠠ ᠪᠠᠨ ᠲᠡᠪᠴᠢᠵᠦ᠂ ᠯᠠᠽᠠᠩ ᠬᠠᠨ ᠤ᠋ ᠬᠥᠪᠡᠭᠦᠨ ᠭᠠᠯᠳᠠᠨᠳᠠᠨᠵᠢᠨ ᠪᠣᠯᠤᠨ ᠪᠣᠳᠣᠯᠭ᠎ᠠ ᠶ᠋ᠢ ᠬᠦᠷᠭᠡᠵᠦ ᠶᠠᠪᠤᠭ᠎ᠠ ᠭᠡᠵᠦ ᠠᠯᠳᠠᠷᠰᠢᠭᠤᠯᠵᠠᠢ᠃

               ᠳᠥᠷᠪᠡ᠂ ᠵᠡᠭᠦᠨᠭᠠᠷ ᠤ᠋ᠨ ᠴᠡᠷᠢᠭ ᠲᠥᠪᠡᠳ ᠢ᠋ ᠪᠠᠢᠯᠳᠤᠨ ᠠᠪᠤᠭᠰᠠᠨ ᠨᠢ    

       1717 ᠣᠨ ᠤ᠋ ᠡᠬᠢ ᠪᠡᠷ᠂ ᠶᠡᠬᠡ ᠴᠡᠷᠢᠩᠳᠣᠨᠳᠣᠪ ᠲᠥᠪᠡᠳ ᠦ᠋ᠨ ᠪᠠᠷᠠᠭᠤᠨ ᠬᠣᠢᠲᠤᠬᠢ ᠯᠠᠳᠠᠭ ᠤ᠋ᠨ ᠨᠣᠶᠠᠳ ᠠ᠋ᠴᠠ ᠵᠠᠮ ᠭᠤᠶᠤᠵᠤ᠂ ᠬᠥᠮᠦᠨ ᠠᠮᠢᠲᠠᠨ ᠦᠭᠡᠢ ᠺᠦᠨᠯᠦ᠋ᠨ ᠦ᠌ ᠴᠠᠰᠤᠲᠤ ᠠᠭᠤᠯᠠ ᠶ᠋ᠢ ᠳᠠᠪᠠᠵᠠᠢ᠃ ᠴᠢᠨᠠᠭᠰᠢ ᠠᠭᠰᠢ ᠠ᠋ᠴᠠ ᠡᠮᠦᠨᠡᠰᠢ ᠣᠷᠣᠬᠤ ᠳ᠋ᠤ᠌ ᠴᠡᠷᠢᠭ ᠦ᠋ᠨ ᠮᠣᠷᠢ ᠨᠤᠭᠤᠳ ᠶᠠᠳᠠᠷᠠᠵᠤ ᠵᠦᠳᠡᠷᠡᠬᠦ ᠶ᠋ᠢᠨ ᠲᠤᠢᠯ ᠳ᠋ᠤ᠌ ᠲᠤᠯᠤᠭᠰᠠᠨ ᠪᠣᠯᠪᠠᠴᠤ ᠴᠥᠬᠥᠷᠡᠯ ᠦᠭᠡᠢ ᠬᠠᠲᠠᠭᠤᠵᠢᠯᠲᠠᠢ ᠠᠶᠠᠯᠠᠭᠰᠠᠨ ᠢ᠋ᠶ᠋ᠠᠷ ᠯᠠᠳᠠᠭ ᠠ᠋ᠴᠠ ᠵᠡᠭᠦᠨᠳᠡᠬᠢ ᠭᠠᠩᠷᠢ ᠮᠥᠰᠥᠲᠦ ᠠᠭᠤᠯᠠ ᠶ᠋ᠢ ᠳᠠᠪᠠᠵᠤ ᠰᠡᠩᠭᠡ ᠬᠠᠪᠠᠪᠤ ᠨᠢᠷᠤᠭᠤ ᠶ᠋ᠢᠨ ᠠᠷᠤ ᠪᠠᠷ ᠵᠡᠭᠦᠨᠰᠢ ᠤᠷᠤᠭᠰᠢᠯᠠᠪᠠ᠃ 
       ᠡᠨᠡ ᠦᠶ᠎ᠡ ᠳ᠋ᠦ᠍᠂ ᠲᠥᠪᠡᠳ ᠦ᠋ᠨ ᠪᠠᠷᠠᠭᠤᠨ ᠬᠡᠰᠡᠭ ᠦ᠋ᠨ ᠠᠷᠢ ᠣᠷᠣᠨ ᠤ᠋ ᠪᠦᠭᠦᠳᠡ ᠶ᠋ᠢ ᠵᠠᠬᠢᠷᠤᠭᠴᠢ ᠺᠠᠩᠵᠢᠨᠠᠢ ᠢᠷᠭᠢᠶᠠᠩ ᠠ᠋ᠴᠠ ᠣᠯᠤᠭᠰᠠᠨ ᠴᠢᠮᠡᠭᠡ ᠪᠡᠨ ᠯᠠᠽᠡᠩ ᠬᠠᠨ ᠳ᠋ᠤ᠌ ᠮᠡᠳᠡᠭᠦᠯᠦᠨ᠂ ᠵᠡᠭᠦᠨᠭᠠᠷ ᠤ᠋ᠨ ᠵᠢᠷᠭᠤᠭᠠᠨ ᠮᠢᠩᠭ᠎ᠠ ᠭᠠᠷᠤᠢ ᠴᠡᠷᠢᠭ ᠭᠠᠯᠳᠠᠨᠳᠠᠨᠵᠢᠨ ᠢ᠋ ᠬᠦᠷᠭᠡᠵᠦ ᠯᠠᠳᠠᠭ ᠤᠯᠤᠰ ᠢ᠋ᠶ᠋ᠠᠷ ᠥᠩᠭᠡᠷᠡᠵᠡᠢ ᠭᠡᠪᠡ᠃  ᠨᠠᠰᠤᠨ ᠬᠥᠭᠰᠢᠷᠡᠵᠦ ᠠᠷᠢᠬᠢᠨ ᠳ᠋ᠤ᠌ ᠤᠨᠠᠭᠰᠠᠨ ᠯᠠᠽᠠᠩ ᠬᠠᠨ ᠡᠨᠡᠬᠦ ᠴᠢᠮᠡᠭᠡ ᠶ᠋ᠢ ᠰᠣᠨᠣᠰᠤᠭᠠᠳ ᠬᠥᠪᠡᠭᠦᠨ ᠲᠡᠢ ᠪᠡᠨ ᠠᠭᠤᠯᠵᠠᠮᠤᠢ ᠭᠡᠮᠡᠨ ᠮᠠᠰᠢ ᠪᠠᠶᠠᠷᠯᠠᠵᠠᠢ᠃ 1717 ᠣᠨ ᠤ᠋ ᠳᠣᠯᠣᠳᠤᠭᠠᠷ ᠰᠠᠷ᠎ᠠ ᠳ᠋ᠤ᠌᠂ ᠶᠡᠬᠡ ᠴᠠᠷᠢᠩᠳᠤᠨᠳᠤᠪ ᠤ᠋ᠨ ᠴᠡᠷᠢᠭ ᠤᠪᠠᠰᠢ ᠨᠢᠷᠤᠭᠤ ᠶ᠋ᠢᠨ ᠪᠠᠷᠠᠭᠤᠨ ᠬᠡᠰᠡᠭ ᠦ᠋ᠨ  ᠬᠡᠷᠡᠢᠯᠡ ᠠᠭᠤᠯᠠ ᠶ᠋ᠢ ᠳᠠᠪᠠᠵᠤ᠂ ᠨᠠᠭᠴᠠᠨ ᠤ᠋ ᠰᠦᠪᠡ ᠪᠡᠷ ᠳᠠᠮᠵᠢᠨ[26] ᠱᠧᠨᠵᠠ ᠰᠢᠶᠠᠨ ᠤ᠋ ᠬᠢᠯᠢ ᠳ᠋ᠦ᠍ ᠬᠦᠷᠢᠶ᠎ᠡ ᠪᠠᠭᠤᠪᠠ᠃ ᠶᠡᠬᠡ ᠴᠡᠷᠢᠭ ᠱᠧᠨᠵᠠ ᠳ᠋ᠤ᠌ ᠪᠠᠭᠤᠭᠰᠠᠨ ᠮᠡᠳᠡᠭᠡ ᠨᠢ ᠯᠠᠽᠠᠩ ᠬᠠᠨ ᠳ᠋ᠤ᠌ ᠰᠡᠷᠡᠮᠵᠢ ᠪᠣᠯᠤᠭᠰᠠᠨ ᠦᠭᠡᠢ᠂ ᠬᠠᠷᠢᠨ ᠬᠣᠶᠠᠳᠤᠭᠠᠷ ᠬᠥᠪᠡᠭᠦᠨ ᠰᠣᠷᠵᠨ ᠢ᠋ᠶ᠋ᠠᠷ ᠨᠢᠭᠡᠨ ᠪᠦᠯᠦᠭ ᠴᠡᠷᠢᠭ ᠳᠠᠢᠴᠢᠯᠠᠭᠤᠯᠤᠨ ᠠᠬ᠎ᠠ ᠭᠠᠯᠳᠠᠨᠳᠠᠨᠵᠢᠨ ᠢ᠋ ᠤᠭᠲᠤᠬᠤ ᠪᠠᠷ ᠣᠴᠢᠭᠲᠤᠨ ᠭᠡᠮᠡᠨ ᠢᠯᠡᠭᠡᠵᠡᠢ᠃ ᠲᠡᠭᠦᠨ ᠦ᠌ ᠳᠠᠭᠠᠭᠤᠯᠤᠭᠰᠠᠨ ᠴᠡᠷᠢᠭ ᠳᠠᠮ ᠣᠷᠣᠨ ᠳ᠋ᠤ᠌ ᠬᠦᠷᠴᠦ ᠢᠷᠡᠭᠰᠡᠨ ᠳ᠋ᠦ᠍ ᠵᠡᠭᠦᠨᠭᠠᠷ ᠴᠡᠷᠢᠭ ᠦ᠋ᠨ ᠳᠠᠭᠠᠷᠢᠯᠲᠠ ᠳ᠋ᠤ᠌ ᠤᠴᠠᠷᠠᠪᠠ᠃ ᠰᠣᠷᠵᠨ ᡀᠠᠰᠠ ᠳ᠋ᠤ᠌ ᠳᠤᠲᠠᠭᠠᠨ ᠬᠦᠷᠴᠦ ᠡᠨᠡᠬᠦ ᠪᠠᠴᠢᠮ ᠪᠠᠢᠳᠠᠯ ᠢ᠋ ᠮᠡᠳᠡᠭᠦᠯᠦᠭᠰᠡᠨ ᠳ᠋ᠦ᠍ ᠯᠠᠽᠠᠩ ᠬᠠᠨ ᠮᠠᠰᠢ ᠰᠣᠴᠢᠵᠠᠢ᠃ ᠲᠡᠷᠡ ᠨᠢᠭᠡ ᠲᠠᠯ᠎ᠠ ᠪᠠᠷ ᠰᠢᠨᠢᠩ ᠳ᠋ᠦ᠍ ᠬᠥᠮᠦᠨ ᠲᠣᠮᠢᠯᠠᠨ ᠪᠠᠢᠳᠠᠯ ᠢ᠋ ᠮᠡᠳᠡᠭᠦᠯᠵᠦ᠂ ᠨᠥᠭᠦᠭᠡ ᠲᠠᠯ᠎ᠠ ᠪᠠᠷ ᠲᠥᠪᠡᠳ ᠴᠡᠷᠢᠭ ᠢ᠋ᠶ᠋ᠡᠨ ᠴᠤᠭᠯᠠᠭᠤᠯᠤᠨ ᠡᠰᠡᠷᠭᠦᠴᠡᠬᠦ ᠪᠡᠷ ᠪᠡᠯᠡᠳᠬᠡᠪᠡ᠃ ᠶᠡᠬᠡ ᠴᠠᠷᠢᠩᠳᠤᠨᠳᠤᠪ ᠭᠣᠣᠯ ᠬᠦᠴᠦᠯ ᠢ᠋ᠶ᠋ᠡᠨ ᠳᠠᠮ ᠤ᠋ᠨ ᠲᠠᠯ᠎ᠠ ᠭᠠᠵᠠᠷ ᠲᠤ᠌ ᠲᠥᠪᠯᠡᠷᠡᠭᠦᠯᠦᠨ᠂ ᡀᠠᠰᠠ ᠶ᠋ᠢ ᠳᠣᠪᠲᠣᠯᠬᠤ ᠤᠴᠢᠷ ᠢ᠋ ᠶᠠᠭᠠᠷᠠᠭᠰᠠᠨ ᠦᠭᠡᠢ᠃  ᠬᠡᠳᠦᠢᠨ ᠳᠠᠯᠳᠠᠭᠤᠷ ᠬᠥᠮᠦᠨ ᠢᠯᠡᠭᠡᠵᠦ  ᡀᠠᠰᠠ ᠶ᠋ᠢᠨ ᠰᠢᠷ᠎ᠠ ᠶ᠋ᠢᠨ ᠭᠤᠷᠪᠠᠨ ᠬᠡᠢᠳ ᠦ᠋ᠨ ᠯᠠᠮᠠ ᠨᠠᠷ ᠲᠠᠢ ᠬᠠᠷᠢᠯᠴᠠᠵᠤ᠂ ᠳᠣᠲᠣᠷ᠎ᠠ ᠭᠠᠳᠠᠨ᠎ᠠ ᠠ᠋ᠴᠠ ᠬᠦᠴᠦᠨ ᠬᠠᠮᠲᠤᠳᠬᠠᠬᠤ ᠪᠠᠷ ᠲᠣᠭᠲᠠᠪᠠ᠃ ᠢᠩᠭᠢᠭᠡᠳ ᠬᠣᠲᠠᠨ ᠳ᠋ᠠᠬᠢ ᠯᠠᠮᠠ ᠨᠠᠷ ᠳᠥᠷᠪᠡᠨ ᠲᠡᠰᠢ ᠭᠠᠷᠴᠤ᠂ ᠵᠡᠭᠦᠨᠭᠠᠷ ᠤ᠋ᠨ ᠶᠡᠬᠡ ᠴᠡᠷᠢᠭ ᠨᠢᠰᠢᠵᠠᠮᠰᠤ ᠶ᠋ᠢ ᠪᠠᠭᠤᠯᠭᠠᠨ ᠭᠠᠯᠰᠠᠩᠵᠠᠮᠰᠤ ᠶ᠋ᠢ ᠰᠢᠷᠡᠭᠡᠨ ᠳ᠋ᠦ᠍ ᠰᠠᠭᠤᠯᠭᠠᠬᠤ ᠪᠠᠷ ᠢᠷᠡᠪᠡ ᠭᠡᠵᠦ ᠭᠠᠵᠠᠷ ᠪᠣᠯᠭᠠᠨ ᠳ᠋ᠤ᠌ ᠤᠬᠠᠭᠤᠯᠵᠠᠢ᠃ 
       ᠲᠡᠷᠡ ᠬᠢᠷᠢ ᠳ᠋ᠦ᠍ ᠲᠥᠪᠡᠳ ᠴᠡᠷᠢᠭ ᠦ᠋ᠨ ᠪᠦᠭᠦᠳᠡ ᠶ᠋ᠢ ᠵᠠᠬᠢᠷᠤᠭᠴᠢ ᠪᠣᠯᠤᠨᠠᠢ ᡀᠠᠰᠠ ᠳ᠋ᠤ᠌ ᠴᠡᠷᠢᠭ ᠢ᠋ᠶ᠋ᠡᠨ ᠲᠥᠪᠯᠡᠷᠡᠭᠦᠯᠦᠨ ᠳᠠᠮ ᠵᠦᠭ ᠳᠠᠪᠰᠢᠪᠠ᠃ ᠲᠡᠳᠡ ᠳ᠋ᠠᠩ ᠰᠢᠦ᠋ᠩ ᠭᠡᠳᠡᠭ ᠭᠠᠵᠠᠷ ᠵᠡᠭᠦᠨᠭᠠᠷ ᠴᠡᠷᠢᠭ ᠲᠡᠢ ᠰᠢᠷᠦᠭᠦᠨ ᠲᠤᠯᠤᠯᠳᠤᠵᠤ᠂ ᠬᠡᠳᠦᠢᠪᠡᠷ ᠬᠥᠮᠦᠨ ᠣᠯᠠᠨ ᠪᠣᠯᠪᠠᠴᠤ ᠡᠷᠡᠯᠬᠡᠭ ᠪᠠᠭᠠᠲᠤᠷᠯᠢᠭ ᠵᠡᠭᠦᠨᠭᠠᠷᠴᠤᠳ ᠤ᠋ᠨ ᠬᠦᠴᠦᠲᠦ ᠳᠠᠭᠠᠷᠢᠯᠲᠠ ᠶ᠋ᠢ ᠦᠯᠦ ᠲᠡᠰᠪᠦᠷᠢᠯᠡᠨ ᠢᠳᠡᠭ ᠢᠳᠡᠭ ᠢ᠋ᠶ᠋ᠡᠷ ᠬᠣᠢᠰᠢ ᠤᠬᠤᠷᠢᠵᠠᠢ᠃ ᠯᠢᠶᠠᠩ ᠬᠠᠨ  ᠬᠥᠪᠡᠭᠡᠨ ᠰᠣᠷᠵᠨ ᠪᠣᠯᠤᠨ ᠰᠠᠪᠳᠠᠨ ᠢ᠋ ᠳᠠᠭᠠᠭᠤᠯᠵᠤ ᠪᠡᠶ᠎ᠡ ᠪᠡᠨ ᠵᠣᠷᠢᠭᠵᠢᠭᠤᠯᠤᠨ ᠬᠡᠳᠦᠨᠲᠡ ᠭᠡᠳᠡᠷᠭᠦ ᠳᠣᠪᠲᠣᠯᠤᠭᠰᠠᠨ ᠴᠤ᠌ ᠮᠥᠨ  ᠪᠠᠢᠳᠠᠯ ᠢ᠋ ᠬᠤᠪᠢᠷᠠᠭᠤᠯᠵᠤ ᠴᠢᠳᠠᠭᠰᠠᠨ ᠦᠭᠡᠢ᠃ ᠡᠴᠦᠰ ᠲᠦ᠍ ᠪᠠᠢᠯᠳᠤᠬᠤ ᠶ᠋ᠢ ᠲᠦᠷ ᠵᠣᠭᠰᠣᠵᠤ᠂ ᠬᠡᠯᠡᠯᠴᠡᠭᠡᠷ ᠬᠢᠬᠦ ᠭᠡᠮᠡᠨ ᠵᠠᠰᠢᠯᠤᠩᠪᠤ ᠶ᠋ᠢᠨ ᠪᠠᠨᠴᠢᠨ ᠡᠷᠳᠡᠨᠢ ᠶ᠋ᠢ ᠵᠠᠯᠠᠵᠤ᠂ ᠴᠡᠷᠢᠩᠳᠦᠨᠳᠦᠪ ᠢ᠋ ᠢᠳᠬᠠᠵᠤ ᠰᠤᠷᠭᠠᠬᠤ ᠭᠡᠪᠡ᠃ ᠯᠠᠽᠠᠩ ᠬᠠᠨ ᠤ᠋ ᠬᠡᠯᠡᠯᠴᠡᠭᠡᠷ ᠬᠢᠬᠦ ᠨᠡᠷ᠎ᠡ ᠪᠡᠷ ᠴᠠᠭ ᠤᠳᠠᠭᠠᠰᠢᠷᠠᠭᠤᠯᠵᠤ ᠲᠤᠰᠠᠯᠠᠬᠤ ᠴᠡᠷᠢᠭ ᠬᠦᠯᠢᠶᠡᠬᠦ ᠰᠠᠨᠠᠭ᠎ᠠ ᠲᠠᠢ ᠶ᠋ᠢ ᠶᠡᠬᠡ ᠴᠡᠷᠢᠩᠳᠦᠨᠳᠦᠪ ᠮᠡᠳᠡᠭᠡᠳ᠂ ᠪᠠᠭᠰᠢ ᠯᠠᠮᠠ ᠶ᠋ᠢᠨ ᠬᠠᠷᠢᠯᠴᠠᠨ ᠠᠯᠠᠯᠳᠤᠨ ᠬᠠᠮᠤᠭ ᠠᠮᠢᠲᠠᠨ ᠢ᠋ ᠦᠨᠡᠰᠦ ᠨᠡᠭᠦᠷᠡᠰᠦ ᠦᠯᠦ ᠪᠣᠯᠭᠠᠭᠲᠤᠨ ᠬᠡᠮᠡᠬᠦ ᠢᠳᠬᠠᠯ ᠢ᠋ ᠡᠰᠡ ᠠᠪᠤᠨ ᠦᠷᠭᠦᠯᠵᠢᠯᠡᠨ ᠳᠠᠭᠠᠷᠢᠵᠠᠢ᠃ ᠢᠩᠭᠢᠭᠡᠳ ᠲᠡᠷᠡ ᡀᠠᠰᠠ ᠶ᠋ᠢᠨ ᠯᠠᠮᠠ ᠨᠠᠷ ᠤ᠋ᠨ ᠶᠡᠬᠡ ᠬᠡᠮᠵᠢᠶᠡᠨ ᠦ᠌ ᠠᠮᠤ ᠬᠦᠨᠡᠰᠦ᠂ ᠬᠤᠪᠴᠠᠰᠤ ᠬᠤᠨᠠᠷ᠂ ᠵᠠᠷ ᠵᠡᠪᠰᠡᠭ ᠪᠣᠯᠤᠨ ᠴᠡᠷᠢᠭ ᠦ᠋ᠨ ᠡᠷᠡᠴᠦᠳ ᠦ᠋ᠨ ᠲᠤᠰᠠᠯᠠᠮᠵᠢ ᠲᠠᠢ ᠪᠠᠷ ᠠᠷᠪᠠᠳᠤᠭᠠᠷ ᠰᠠᠷ᠎ᠠ ᠶ᠋ᠢᠨ ᠡᠴᠦᠰ ᠢ᠋ᠶ᠋ᠡᠷ  ᠬᠣᠱᠤᠳ ᠪᠣᠯᠤᠨ ᠲᠥᠪᠡᠳ ᠴᠡᠷᠢᠭ ᠢ᠋ ᠴᠣᠬᠢᠨ ᠤᠬᠤᠷᠢᠭᠤᠯᠪᠠ᠃ ᠡᠨᠡ ᠤᠳᠠᠭᠠᠨ ᠤ᠋ ᠲᠡᠢᠨ ᠳ᠋ᠦ᠍ ᠪᠣᠯᠤᠨᠠᠢ ᠰᠢᠷᠬ᠎ᠠ ᠣᠯᠵᠤ᠂ ᠯᠠᠽᠠᠩ ᠬᠠᠨ ᠬᠣᠶᠠᠷ ᠬᠥᠪᠡᠭᠦᠨ ᠢ᠋ᠶ᠋ᠡᠨ ᠳᠠᠭᠠᠭᠤᠯᠤᠨ ᡀᠠᠰᠠ ᠳ᠋ᠤ᠌ ᠳᠤᠲᠠᠭᠠᠨ ᠣᠴᠢᠵᠤ ᠪᠤᠲᠠᠯᠠ ᠣᠷᠳᠣᠨ ᠳ᠋ᠤ᠌ ᠳᠠᠯᠳᠠᠯᠠᠵᠠᠢ᠃ 
       ᠢᠩᠭᠢᠭᠡᠳ ᠵᠡᠭᠦᠨᠭᠠᠷ ᠴᠡᠷᠢᠭ  ᡀᠠᠰᠠ ᠬᠣᠲᠠ ᠶ᠋ᠢ ᠳᠥᠷᠪᠡᠨ ᠲᠠᠯ᠎ᠠ ᠪᠠᠷ ᠨᠢ ᠪᠦᠰᠡᠯᠡᠨ ᠠᠪᠤᠪᠠ᠃ ᠠᠷᠪᠠᠳᠤᠭᠠᠷ ᠰᠠᠷ᠎ᠠ ᠶ᠋ᠢᠨ ᠬᠣᠷᠢᠨ ᠨᠠᠢ᠍ᠮᠠᠨ ᠤ᠋ ᠰᠥᠨᠢ᠂ ᠯᠠᠽᠡᠩ ᠬᠠᠨ ᠤ᠋ ᠳᠣᠣᠷᠠᠬᠢ ᠭᠠᠪᠤᠯᠤᠨ ᠱᠠᠭᠳᠤᠷᠵᠠᠪ᠂ ᠲᠠᠩᠭᠤᠨ ᠲᠠᠢᠵᠢ  ᠪᠣᠯᠤᠨ ᠨᠠᠮᠵᠢᠯ ᠵᠡᠷᠭᠡ ᠬᠥᠮᠦᠰ ᠵᠡᠭᠦᠨᠭᠠᠷ ᠴᠡᠷᠢᠭ ᠲᠡᠢ ᠬᠤᠤᠪᠢᠯᠳᠤᠵᠤ ᡀᠠᠰᠠ ᠶ᠋ᠢᠨ ᠠᠷᠤ ᠡᠭᠦᠳᠡ ᠶ᠋ᠢ ᠨᠡᠭᠡᠭᠡᠵᠦ ᠥᠭᠴᠡᠢ[27]᠃ ᠵᠡᠭᠦᠨᠭᠠᠷ ᠴᠡᠷᠢᠭ ᠳᠣᠪᠲᠣᠯᠤᠨ ᠣᠷᠣᠵᠤ ᠶᠡᠬᠡ ᠪᠠᠭ᠎ᠠ ᠵᠣᠣ ᠲᠡᠷᠢᠭᠦᠲᠡᠢ ᠣᠯᠠᠨ ᠬᠡᠢᠳ ᠢ᠋ ᠡᠵᠡᠯᠡᠬᠦ ᠶ᠋ᠢᠨ ᠬᠠᠮᠲᠤ ᠪᠤᠲᠠᠯᠠ ᠤᠷᠲᠤ ᠶ᠋ᠢ ᠪᠦᠰᠡᠯᠡᠪᠡ᠃ ᠲᠡᠭᠡᠭᠡᠳ ᠯᠠᠽᠠᠩ ᠬᠠᠨ ᠢ᠋ ᠪᠠᠭᠤᠵᠤ ᠥᠭ ᠭᠡᠮᠡᠨ ᠱᠠᠭᠠᠷᠳᠠᠭᠰᠠᠨ ᠳ᠋ᠤ᠌ ᠲᠡᠷᠡ ᠬᠦᠯᠢᠶᠡᠨ ᠠᠪᠤᠭᠰᠠᠨ ᠦᠭᠡᠢ᠃ ᠭᠤᠴᠢᠨ ᠤ᠋ ᠰᠥᠨᠢ᠂ ᠵᠡᠭᠦᠨᠭᠠᠷ ᠴᠡᠷᠢᠭ ᠡᠭᠦᠳᠡ ᠶ᠋ᠢ ᠡᠪᠳᠡᠨ ᠣᠷᠣᠬᠤ ᠳ᠋ᠤ᠌ ᠰᠣᠷᠵᠨ ᠪᠣᠯᠤᠨ ᠰᠠᠪᠳᠠᠨ ᠠᠷᠤ ᠡᠭᠦᠳᠡ ᠪᠡᠷ ᠳᠤᠲᠠᠭᠠᠵᠤ᠂ ᠯᠠᠽᠠᠩ ᠬᠠᠨ ᠡᠨᠳᠡᠭᠦᠷᠡᠨ ᠠᠯᠠᠭᠳᠠᠵᠠᠢ᠃  ᠰᠣᠷᠵᠨ᠂ ᠰᠠᠪᠳᠠᠨ ᠵᠡᠷᠭᠡ ᠭᠤᠴᠢ ᠭᠠᠷᠤᠢ  ᠬᠥᠮᠦᠨ ᠳᠤᠲᠠᠭᠠᠨ ᠭᠠᠷᠴᠤ ᠬᠠᠨ ᠤ᠋ ᠲᠦᠰᠢᠮᠡᠯ ᠲᠠᠭᠵᠠᠨ ᠤ᠋ ᠭᠡᠷ ᠲᠦ᠍ ᠳᠠᠯᠳᠠᠯᠠᠬᠤ ᠭᠡᠳ ᠪᠠᠷᠢᠭᠳᠠᠵᠤ ᠵᠡᠭᠦᠨᠭᠠᠷ ᠴᠡᠷᠢᠭ ᠲᠦ᠍ ᠲᠤᠰᠢᠶᠠᠭᠳᠠᠪᠠ᠃ ᠴᠠᠷᠢᠩᠳᠤᠨᠳᠤᠪ ᠲᠡᠳᠡᠨ ᠢ᠋ ᠰᠠᠢᠲᠤᠷ ᠬᠠᠮᠠᠭᠠᠯᠠᠨ ᠵᠡᠭᠦᠨᠭᠠᠷ ᠵᠦᠭ ᠬᠦᠷᠭᠡᠬᠦ ᠶ᠋ᠢᠨ ᠬᠠᠮᠲᠤ ᠪᠠᠷᠢᠭᠳᠠᠭᠰᠠᠨ ᠬᠠᠭᠤᠷᠮᠠᠭ ᠳᠠᠯᠠᠢ ᠯᠠᠮᠠ ᠢᠰᠢᠵᠠᠮᠰᠤ ᠶ᠋ᠢ ᠵᠠᠭᠠᠪᠤᠷᠢ ᠰᠦᠮ᠎ᠡ ᠳ᠋ᠦ᠍ ᠬᠣᠷᠢᠵᠠᠢ᠃  ᡀᠠᠰᠠ ᠶ᠋ᠢ ᠪᠠᠢᠯᠳᠤᠨ ᠠᠪᠴᠤ ᠬᠠᠷ᠎ᠠ ᠰᠢᠷ᠎ᠠ ᠶ᠋ᠢᠨ ᠣᠯᠠᠨ ᠢ᠋ ᠢᠯᠪᠢᠨ ᠲᠣᠬᠣᠨᠢᠭᠤᠯᠬᠤ ᠶᠠᠪᠤᠴᠠ ᠳ᠋ᠤ᠌ ᠢᠵᠠᠭᠤᠷᠲᠠᠨ ᠳᠠᠭᠵᠠᠨ ᠢᠳᠡᠪᠬᠢᠲᠡᠢ ᠵᠢᠳᠬᠦᠭᠰᠡᠨ ᠪᠣᠯᠬᠣᠷ ᠴᠡᠷᠢᠩᠳᠤᠨᠳᠤᠪ ᠲᠤ᠌ ᠲᠣᠭᠣᠭᠳᠠᠵᠤ᠂ ᠲᠡᠭᠦᠨ ᠦ᠌ ᠤᠤᠯ ᠠ᠋ᠴᠠ ᠵᠠᠰᠠᠭ ᠵᠠᠬᠢᠷᠭᠠᠨ ᠤ᠋ ᠠᠵᠢᠯ ᠳ᠋ᠤ᠌ ᠣᠪᠣᠭ᠎ᠠ ᠲᠤᠷᠰᠢᠯᠭ᠎ᠠ ᠴᠢᠳᠠᠪᠤᠷᠢ ᠲᠠᠢ ᠶ᠋ᠢ ᠦᠨᠳᠦᠰᠦᠯᠡᠵᠦ ᠳ᠋ᠢᠪᠠ ᠡᠷᠭᠦᠮᠵᠢᠯᠡᠨ ᠲᠥᠪᠡᠳ ᠦ᠋ᠨ ᠵᠠᠰᠠᠭ ᠤ᠋ᠨ ᠶᠠᠪᠤᠳᠠᠭ ᠢ᠋ ᠵᠠᠬᠢᠷᠤᠭᠤᠯᠪᠠ᠃ 
       ᠶᠡᠬᠡ ᠴᠠᠷᠢᠩᠳᠤᠨᠳᠤᠪ ᡀᠠᠰᠠ ᠶ᠋ᠢ ᠳᠣᠪᠲᠣᠯᠤᠨ ᠠᠪᠴᠤ᠂ ᠴᠢᠨᠠᠭᠰᠢᠳᠠ ᠪᠦᠬᠦ ᠲᠥᠪᠡᠳ ᠣᠷᠣᠨ ᠢ᠋ ᠡᠷᠬᠡᠰᠢᠶᠡᠯ ᠳ᠋ᠡᠭᠡᠨ ᠣᠷᠣᠭᠤᠯᠤᠭᠰᠠᠨ ᠪᠣᠯᠪᠠᠴᠤ᠂ ᠡᠭᠦᠷᠭᠡ ᠪᠡᠨ ᠬᠠᠷᠠᠬᠠᠨ ᠪᠡᠶᠡᠯᠡᠭᠦᠯᠵᠦ ᠴᠢᠳᠠᠭᠠᠳᠤᠢ ᠪᠠᠢᠭᠰᠠᠭᠠᠷ᠃ ᠲᠡᠭᠦᠨ ᠦ᠌ ᠳᠠᠷᠠᠭ᠎ᠠ ᠠᠯᠬᠤᠮ ᠤ᠋ᠨ ᠡᠭᠦᠷᠭᠡ ᠨᠢ ᠬᠥᠬᠡᠨᠠᠭᠤᠷ ᠢ᠋ ᠡᠵᠡᠯᠡᠨ᠂ ᠭᠦᠮᠪᠦᠮ ᠰᠦᠮ᠎ᠡ ᠳ᠋ᠦ᠍ ᠬᠣᠷᠢᠭᠳᠠᠵᠤ ᠪᠠᠢᠭ᠎ᠠ ᠭᠠᠯᠰᠠᠩᠵᠠᠮᠰᠤ ᠶ᠋ᠢ ᠰᠢᠷᠡᠭᠡᠨ ᠳ᠋ᠦ᠍ ᠵᠠᠯᠠᠵᠤ᠂ ᠬᠥᠬᠡᠨᠠᠭᠤᠷ ᠲᠥᠪᠡᠳ ᠣᠷᠣᠨ ᠳ᠋ᠤ᠌ ᠵᠡᠭᠦᠨᠭᠠᠷ ᠤ᠋ᠨ ᠨᠣᠶᠠᠷᠬᠠᠯ ᠢ᠋  ᠪᠣᠢ ᠪᠣᠯᠭᠠᠬᠤ ᠶᠠᠪᠤᠳᠠᠯ ᠪᠣᠯᠤᠨ᠎ᠠ᠃ ᠴᠢᠨᠠᠭᠰᠢ ᠬᠥᠬᠡᠨᠠᠭᠤᠷ ᠢ᠋ ᠳᠠᠢᠯᠠᠬᠤ ᠨᠢ ᠲᠡᠨᠳᠡᠬᠢ ᠬᠣᠱᠤᠳ ᠲᠠᠢᠵᠢ ᠨᠠᠷ ᠤ᠋ᠨ ᠳᠡᠮᠵᠢᠯᠭᠡ ᠶ᠋ᠢ ᠣᠯᠬᠤ ᠬᠡᠷᠡᠭᠲᠡᠢ ᠪᠥᠭᠡᠳ ᠠᠷᠤ ᠲᠠᠯ᠎ᠠ ᠵᠡᠭᠦᠨᠭᠠᠷ ᠠ᠋ᠴᠠ ᠨᠥᠬᠥᠪᠥᠷᠢᠯᠡᠬᠦ ᠴᠡᠷᠢᠭ ᠢᠯᠡᠭᠡᠬᠦ ᠴᠢᠬᠤᠯᠠ ᠲᠠᠢ᠃ ᠭᠡᠲᠡᠯ᠎ᠡ ᠬᠥᠬᠡᠨᠠᠭᠤᠷ ᠣᠷᠣᠨ ᠳ᠋ᠠᠬᠢ ᠬᠤᠪᠢᠷᠠᠯᠲᠠ ᠨᠢ ᠲᠡᠭᠦᠨ ᠦ᠌ ᠪᠣᠳᠣᠭᠰᠠᠨ ᠠ᠋ᠴᠠ ᠥᠭᠡᠷᠡᠳᠡᠵᠡᠢ᠃ ᠭᠠᠯᠰᠠᠩᠵᠠᠮᠰᠤ ᠬᠡᠳᠦᠢᠨ ᠳᠠᠢᠴᠢᠩ ᠤᠯᠤᠰ ᠤ᠋ᠨ ᠴᠡᠷᠢᠭ ᠦ᠋ᠨ ᠭᠠᠷ ᠲᠤ᠌ ᠣᠷᠣᠵᠤ᠂ ᠲᠡᠭᠦᠨ ᠢ᠋ ᠳᠡᠮᠵᠢᠵᠦ ᠪᠠᠢᠭᠰᠠᠨ ᠯᠣᠪᠰᠠᠩᠳᠠᠨᠵᠢᠨ ᠪᠣᠯᠤᠨ ᠴᠠᠭᠠᠨᠳᠠᠨᠵᠢᠨ ᠢ᠋ ᠰᠠᠯᠭᠠᠵᠤ ᠬᠣᠶᠠᠷ ᠳᠠᠰᠢ ᠰᠠᠭᠤᠯᠭᠠᠬᠤ ᠶ᠋ᠢᠨ ᠬᠠᠮᠲᠤ  ᠰᠥᠩ ᠫᠠᠨ ᠤ᠋ ᠴᠡᠷᠢᠭ ᠢ᠋ᠶ᠋ᠡᠷ ᠴᠠᠭᠠᠨᠳᠠᠨᠵᠢᠨ ᠢ᠋ ᠬᠢᠨᠠᠭᠤᠯᠵᠤ᠂ ᠪᠣᠯᠤᠩᠬᠢᠷ ᠤ᠋ᠨ ᠴᠡᠷᠢᠭ ᠢ᠋ᠶ᠋ᠡᠷ ᠯᠣᠪᠰᠠᠩᠳᠠᠨᠵᠢᠨ ᠢ᠋ ᠬᠠᠷᠠᠭᠤᠯᠪᠠ᠃ ᠪᠠᠰᠠ ᠡᠩᠬᠡ ᠠᠮᠤᠭᠤᠯᠠᠩ ᠬᠠᠭᠠᠨ ᠠ᠋ᠴᠠ ᠵᠡᠭᠦᠨᠭᠠᠷ ᠲᠤ᠌ ᠳᠠᠷᠤᠯᠲᠠ ᠦᠵᠡᠭᠦᠯᠬᠦ ᠭᠡᠮᠡᠨ ᠠᠯᠲᠠᠢ ᠪᠣᠯᠤᠨ ᠪᠠᠷᠰ ᠬᠥᠯ ᠳ᠋ᠦ᠍ ᠲᠤᠰ ᠲᠤᠰ ᠨᠢᠭᠡᠨ ᠰᠠᠯᠠᠭ᠎ᠠ ᠴᠡᠷᠢᠭ ᠰᠠᠭᠤᠯᠭᠠᠭᠰᠠᠨ ᠪᠠ ᠠᠷᠤ ᠲᠠᠯ᠎ᠠ ᠶ᠋ᠢ ᠰᠡᠷᠭᠡᠢᠯᠡᠭᠰᠡᠨ ᠭᠠᠯᠳᠠᠨᠴᠡᠷᠢᠩ ᠪᠣᠯᠤᠨ ᠪᠠᠭ᠎ᠠ ᠴᠠᠷᠢᠩᠳᠤᠨᠳᠤᠪ ᠡᠷᠴᠢᠰ ᠦ᠋ᠨ ᠡᠷᠭᠢ ᠳ᠋ᠡᠬᠢ ᠶᠠᠮᠤᠰᠢ ᠨᠠᠭᠤᠷ ᠣᠷᠴᠢᠮ ᠣᠷᠣᠰ ᠴᠡᠷᠢᠭ ᠲᠡᠢ ᠨᠢᠭᠡ ᠤᠳᠠᠭ᠎ᠠ ᠲᠤᠯᠤᠯᠳᠤᠭᠰᠠᠨ ᠲᠤᠯᠠ ᠵᠡᠭᠦᠨᠭᠠᠷ ᠠ᠋ᠴᠠ ᠨᠥᠬᠥᠪᠥᠷᠢ ᠴᠡᠷᠢᠭ ᠢᠷᠡᠭᠦᠯᠬᠦ ᠳ᠋ᠦ᠍ ᠬᠦᠴᠢᠷᠲᠡᠢ ᠪᠣᠯᠵᠠᠢ᠃ ᠡᠢᠮᠦ ᠪᠠᠢᠳᠠᠯ ᠤ᠋ᠨ ᠳᠣᠣᠷ᠎ᠠ ᠲᠡᠷᠡ ᠬᠥᠬᠡᠨᠠᠭᠤᠷ ᠢ᠋ ᠳᠠᠢᠯᠠᠬᠤ ᠲᠥᠯᠥᠪᠯᠡᠭᠡ ᠪᠡᠨ ᠲᠦᠷ ᠬᠣᠢᠰᠢᠯᠠᠵᠤ᠂ ᠤᠷᠢᠳᠠᠪᠡᠷ ᠬᠥᠬᠡᠨᠠᠭᠤᠷ ᠤ᠋ᠨ ᠡᠮᠦᠨᠡᠬᠢ ᠯᠢᠳᠡᠩ᠂  ᠪᠠᠳᠠᠩ ᠣᠷᠣᠨ ᠢ᠋ ᠭᠠᠷ ᠲᠠᠭᠠᠨ ᠣᠷᠣᠭᠤᠯᠬᠤ ᠪᠠᠷ ᠪᠣᠯᠪᠠ᠃ ᠲᠡᠷᠡ ᠦᠶ᠎ᠡ ᠳ᠋ᠦ᠍ ᠯᠢᠳᠠᠩ ᠭᠠᠵᠠᠷ ᠢ᠋ ᠴᠠᠭᠠᠨᠳᠠᠨᠵᠢᠨ ᠤ᠋ ᠲᠣᠮᠢᠯᠠᠭᠰᠠᠨ ᠨᠢᠭᠡ ᠵᠠᠢᠰᠠᠩ ᠲᠡᠨᠳᠡᠬᠢ ᠬᠠᠮᠪᠤ ᠯᠠᠮᠠ ᠲᠠᠢ ᠬᠠᠮᠲᠤᠷᠠᠨ ᠵᠠᠬᠢᠷᠴᠤ ᠪᠠᠢᠵᠠᠢ᠃ 1718 ᠣᠨ ᠳ᠋ᠤ᠌᠂ ᠶᠡᠬᠡ ᠴᠠᠷᠢᠩᠳᠤᠨᠳᠤᠪ ᠲᠠᠪᠤᠨ ᠵᠠᠭᠤᠨ ᠴᠡᠷᠢᠭ ᠲᠣᠮᠢᠯᠠᠨ ᠯᠢᠳᠡᠩ ᠦ᠋ᠨ ᠪᠠᠷᠠᠭᠤᠨ ᠳ᠋ᠤ᠌ ᠪᠦᠬᠦᠢ ᠴᠠᠮᠲᠤᠤ ᠬᠣᠲᠠ ᠳ᠋ᠤ᠌ ᠰᠠᠭᠤᠯᠭᠠᠪᠠ[28] ᠃  ᠡᠨᠳᠡ ᠡᠴᠡ ᠬᠥᠮᠦᠨ ᠢᠯᠡᠭᠡᠵᠦ ᠴᠠᠭᠠᠨᠳᠠᠨᠵᠢᠨ ᠤ᠋ ᠵᠠᠢᠰᠠᠩ ᠪᠣᠯᠤᠨ ᠬᠠᠮᠪᠤ ᠯᠠᠮᠠ ᠲᠠᠢ ᠬᠠᠷᠢᠯᠴᠠᠨ᠂ ᠲᠡᠳᠡᠨ ᠢ᠋ ᠬᠣᠲᠠ ᠪᠠᠨ ᠡᠷᠭᠦᠵᠦ ᠵᠡᠭᠦᠨᠭᠠᠷ ᠲᠤ᠌ ᠳᠠᠭᠠᠲᠤᠭᠠᠢ ᠭᠡᠮᠡᠨ ᠤᠬᠠᠭᠤᠯᠵᠠᠢ᠃ ᠭᠡᠲᠡᠯ᠎ᠡ ᠡᠨᠡᠬᠦ ᠠᠵᠢᠯᠯᠠᠭ᠎ᠠ ᠨᠢ ᠳᠡ ᠵᠢᠶᠠᠨ ᠯᠦ᠍ ᠳ᠋ᠡᠬᠢ ᠴᠢᠩ ᠤᠯᠤᠰ ᠤ᠋ᠨ ᠴᠡᠷᠢᠭ ᠲᠦ᠍ ᠮᠡᠳᠡᠭᠳᠡᠵᠦ᠂ ᠬᠣᠰᠢᠭᠤ ᠶ᠋ᠢ ᠵᠠᠬᠢᠷᠤᠭᠴᠢ ᠰᠠᠢᠳ ᠫᠠᠷ᠎ᠠ ᠵᠠᠷᠯᠢᠭ ᠢ᠋ᠶ᠋ᠠᠷ ᠴᠡᠷᠢᠭ ᠣᠷᠣᠭᠤᠯᠵᠤ ᠯᠢᠳᠡᠩ ᠦ᠋ᠨ ᠳ᠋ᠢᠪᠠ ᠰᠠᠪᠳᠠᠨ ᠠᠵᠤ᠂ ᠬᠠᠮᠪᠤ ᠳᠠᠸᠠ ᠷᠠᠪᠵᠢᠮᠪᠠ ᠶ᠋ᠢ ᠪᠠᠷᠢᠵᠤ ᠠᠯᠠᠪᠠ[29]᠃ 

               ᠲᠠᠪᠤ᠂ ᠳᠠᠢᠴᠢᠩ ᠤᠯᠤᠰ ᠤ᠋ᠨ ᠴᠡᠷᠢᠭ ᠠᠩᠬ᠎ᠠ ᠤᠳᠠᠭ᠎ᠠ 
                      ᠬᠠᠷ᠎ᠠ ᠤᠰᠤᠨ ᠳ᠋ᠤ᠌ ᠢᠯᠠᠭᠳᠠᠭᠰᠠᠨ ᠨᠢ       

       1717 ᠣᠨ ᠳ᠋ᠤ᠌᠂ ᠵᠡᠭᠦᠨᠭᠠᠷ ᠤ᠋ᠨ ᠴᠡᠷᠢᠭ  ᠨᠠᠭᠴᠠᠨ ᠤ᠋ ᠰᠦᠪᠡ ᠳ᠋ᠦ᠍ ᠢᠷᠡᠬᠦ ᠶ᠋ᠢᠨ ᠤᠷᠢᠳ᠂ ᠠᠷᠢᠭ ᠢ᠋ᠶ᠋ᠠᠷ ᠥᠩᠭᠡᠷᠡᠭᠰᠡᠨ ᠮᠡᠳᠡᠭᠡ ᠶ᠋ᠢ ᠡᠩᠬᠡ ᠠᠮᠤᠭᠤᠯᠠᠩ ᠬᠠᠭᠠᠨ ᠬᠡᠳᠦᠢᠨ ᠣᠯᠵᠠᠢ᠃ ᠭᠡᠲᠡᠯ᠎ᠡ ᠴᠣᠬᠣᠮ ᠶᠠᠮᠠᠷ ᠵᠣᠷᠢᠯᠭ᠎ᠠ ᠪᠠᠷ ᠠᠶᠠᠯᠠᠵᠤ ᠪᠠᠢᠬᠤ ᠶ᠋ᠢ ᠬᠠᠷᠠᠬᠠᠨ ᠮᠡᠳᠡᠭᠡᠳᠦᠢ ᠪᠠᠢᠵᠤ᠂ ᠯᠠᠽᠡᠩ ᠬᠠᠨ ᠢ᠋ ᠳᠠᠢᠯᠠᠬᠤ ᠪᠤᠶᠤ ᠡᠰᠡᠬᠦᠯ᠎ᠡ ᠯᠠᠽᠡᠩ ᠬᠠᠨ ᠳ᠋ᠤ᠌ ᠬᠠᠪᠰᠤᠷᠴᠤ ᠬᠥᠬᠡᠨᠠᠭᠤᠷ ᠢ᠋ ᠳᠠᠢᠯᠠᠬᠤ ᠪᠣᠢ ᠬ᠌᠎ᠡ ᠭᠡᠮᠡᠨ ᠰᠡᠳᠬᠢᠵᠦ ᠪᠠᠢᠪᠠ᠃  ᠲᠤᠬᠠᠢ ᠶ᠋ᠢᠨ ᠦᠶ᠎ᠡ ᠳ᠋ᠦ᠍ ᠲᠥᠪᠡᠳ ᠣᠷᠣᠨ ᠬᠠᠷᠠᠬᠠᠨ ᠳᠠᠢᠴᠢᠩ ᠤᠯᠤᠰ ᠤ᠋ᠨ ᠵᠢᠩᠬᠢᠨᠢ ᠬᠠᠷᠢᠶᠠᠲᠤ ᠪᠣᠯᠤᠭᠠᠳᠤᠢ᠃ ᠡᠷᠲᠡ ᠡᠳᠦᠷ ᠯᠠᠽᠡᠩ ᠬᠠᠨ ᠬᠡᠳᠦᠢᠪᠡᠷ ᠡᠩᠬᠡ ᠠᠮᠤᠭᠤᠯᠠᠩ ᠤ᠋ᠨ ᠡᠷᠭᠦᠮᠵᠢᠯᠡᠯ ᠢ᠋ ᠬᠦᠯᠢᠶᠡᠭᠰᠡᠨ ᠪᠣᠯᠪᠠᠴᠤ ᠬᠡᠯᠪᠡᠷᠢ ᠶ᠋ᠢᠨ ᠲᠡᠳᠦᠢ ᠪᠢᠯᠡ᠃  ᠲᠡᠢᠮᠦ ᠡᠴᠡ ᠯᠠᠽᠡᠩ ᠬᠠᠨ ᠤ᠋ ᠭᠤᠶᠤᠴᠢᠯᠠᠯ ᠦᠭᠡᠢ ᠪᠡᠷ ᠲᠡᠷᠡ  ᠬᠢᠯᠪᠠᠷ ᠢ᠋ᠶ᠋ᠠᠷ ᠴᠡᠷᠢᠭ ᠭᠠᠷᠭᠠᠬᠤ ᠦᠭᠡᠢ ᠨᠢ ᠮᠡᠳᠡᠭᠡᠵᠢ ᠬᠡᠷᠡᠭ᠃1717 ᠣᠨ ᠤ᠋ ᠨᠠᠢ᠍ᠮᠠᠳᠤᠭᠠᠷ ᠰᠠᠷ᠎ᠠ ᠳ᠋ᠤ᠌᠂  ᠰᠢᠨᠢᠩ ᠳ᠋ᠦ᠍ ᠰᠠᠭᠤᠭᠰᠠᠨ ᠳ᠋ᠠᠰᠯᠠᠨ ᠤᠩᠰᠢᠭᠴᠢ ᠲᠦᠰᠢᠮᠡᠯ ᠴᠠᠯᠢᠬᠤᠨ ᠠ᠋ᠴᠠ ᠲᠥᠪᠡᠳ ᠴᠡᠷᠢᠭ ᠳ᠋ᠠᠩ ᠰᠢᠤᠩ ᠳ᠋ᠤ᠌ ᠢᠯᠠᠭᠳᠠᠭᠰᠠᠨ ᠲᠣᠳᠣᠷᠬᠠᠢ ᠪᠤᠰᠤ ᠮᠡᠳᠡᠭᠡ ᠶ᠋ᠢ ᠡᠩᠬᠡ ᠠᠮᠤᠭᠤᠯᠠᠩ ᠬᠠᠭᠠᠨ ᠳ᠋ᠤ᠌ ᠠᠢᠯᠠᠳᠬᠠᠵᠠᠢ᠃ ᠭᠡᠲᠡᠯ᠎ᠡ ᠡᠩᠬᠡ ᠠᠮᠤᠭᠤᠯᠠᠩ ᠬᠠᠭᠠᠨ ᠮᠥᠨ 《ᠯᠠᠽᠡᠩ ᠬᠠᠨ ᠪᠣᠯᠤᠨ  ᠴᠡᠸᠠᠩᠷᠠᠪᠳᠠᠨ ᠬᠠᠮᠲᠤᠷᠠᠴᠤ》[30] ᠬᠥᠬᠡᠨᠠᠭᠤᠷ ᠤ᠋ᠨ ᠳᠠᠢᠴᠢᠩ ᠬᠣᠰᠢᠭᠤᠴᠢ ᠶ᠋ᠢ ᠳᠠᠢᠯᠠᠬᠤ ᠭᠡᠵᠦ ᠪᠠᠢᠬ᠎ᠠ ᠭᠡᠮᠡᠨ ᠰᠡᠳᠬᠢᠵᠦ ᠪᠠᠢᠪᠠ᠃ 
       ᠯᠠᠽᠡᠩ ᠬᠠᠨ ᠳᠠᠮ ᠳ᠋ᠤ᠌ ᠢᠯᠠᠭᠳᠠᠭᠠᠳ ᠰᠢᠨᠢᠩ ᠳ᠋ᠦ᠍ ᠡᠯᠴᠢ ᠢᠯᠡᠭᠡᠵᠦ᠂ ᠪᠦᠭᠦᠳᠡ ᠶ᠋ᠢ ᠵᠠᠬᠢᠷᠤᠭᠴᠢ ᠰᠠᠢᠳ ᠧᠷᠸᠡᠳ᠋ ᠡᠴᠡ ᠲᠤᠰᠠᠯᠠᠬᠤ ᠴᠡᠷᠢᠭ ᠭᠤᠶᠤᠵᠠᠢ [31] ᠃ 1718 ᠣᠨ ᠤ᠋ ᠴᠠᠭᠠᠨ ᠰᠠᠷ᠎ᠠ ᠳ᠋ᠤ᠌᠂ ᠡᠨᠡᠬᠦ ᠭᠤᠶᠤᠳᠠᠯ ᠪᠡᠭᠡᠵᠢᠩ ᠳ᠋ᠦ᠍ ᠤᠯᠠᠮᠵᠢᠯᠠᠭᠳᠠᠨ ᠬᠦᠷᠦᠭᠰᠡᠨ ᠳ᠋ᠦ᠍ ᠡᠩᠬᠡ ᠠᠮᠤᠭᠤᠯᠠᠩ ᠬᠠᠭᠠᠨ ᠰᠠᠶᠢ ᠲᠤᠰᠠᠯᠠᠬᠤ ᠴᠡᠷᠢᠭ ᠭᠠᠷᠭᠠᠬᠤ ᠪᠠᠷ ᠲᠣᠭᠲᠠᠪᠠ᠃ ᠣᠢᠷ᠎ᠠ ᠶ᠋ᠢᠨ ᠬᠡᠳᠦᠨ ᠵᠢᠯ ᠬᠥᠬᠡᠨᠠᠭᠤᠷ ᠣᠷᠣᠨ ᠳ᠋ᠤ᠌ ᠬᠡᠷᠡᠭ ᠶᠠᠪᠤᠳᠠᠯ ᠣᠯᠠᠨ ᠪᠣᠯᠤᠭᠰᠠᠨ ᠪᠣᠯᠬᠣᠷ᠂ ᠰᠡᠷᠭᠡᠢᠯᠡᠯ ᠢ᠋ᠶ᠋ᠡᠨ ᠴᠢᠩᠭᠠᠳᠬᠠᠬᠤ ᠭᠡᠮᠡᠨ ᠰᠢ ᠠᠨ ᠤ᠋ ᠪᠦᠭᠦᠳᠡ ᠶ᠋ᠢ ᠵᠠᠬᠢᠷᠤᠭᠴᠢ ᠧᠷᠸᠡᠳ᠋ ᠢ᠋ ᠰᠢᠨᠢᠩ ᠳ᠋ᠦ᠍ ᠰᠢᠯᠵᠢᠭᠦᠯᠦᠨ ᠠᠪᠴᠢᠷᠠᠵᠠᠢ᠃ ᠡᠩᠬᠡ ᠠᠮᠤᠭᠤᠯᠠᠩ ᠲᠡᠭᠦᠨ ᠢ᠋ ᠤᠬᠠᠭᠠᠨ ᠴᠢᠳᠠᠪᠤᠷᠢ ᠵᠡᠷᠭᠡ ᠡᠴᠡ ᠬᠡᠲᠦᠷᠬᠡᠢ ᠭᠡᠮᠡᠨ ᠮᠠᠭᠲᠠᠵᠤ᠂ ᠬᠥᠬᠡᠨᠠᠭᠤᠷ ᠲᠤ᠌ ᠪᠠᠢᠭᠰᠠᠨ ᠬᠢᠶ᠎ᠡ ᠰᠡᠷᠡᠩ᠂ ᠳᠣᠲᠣᠭᠠᠳᠤ ᠰᠠᠢᠳ  ᠨᠣᠷᠪᠤ ᠨᠠᠷ ᠲᠠᠢ ᠬᠠᠮᠲᠤ ᠶᠡᠬᠡ ᠴᠠᠷᠢᠩᠳᠤᠨᠳᠤᠪ ᠢ᠋ ᠲᠠᠢᠯᠠᠭᠤᠯᠪᠠ᠃ ᠬᠢᠶ᠎ᠡ ᠰᠡᠷᠡᠩ ᠤᠤᠯ ᠠ᠋ᠴᠠ ᠵᠡᠭᠦᠨᠭᠠᠷ ᠤ᠋ᠨ ᠴᠡᠷᠢᠭ ᠢ᠋ ᠦᠯᠦ ᠣᠢᠰᠢᠶᠠᠨ᠂ ᠴᠠᠰᠤᠨ ᠤ᠋ ᠳᠤᠮᠳᠠᠭᠤᠷ ᠴᠤᠪᠤᠵᠤ ᠢᠷᠡᠭᠰᠡᠨ ᠬᠡᠳᠦᠨ ᠮᠢᠩᠭᠠᠨ ᠴᠡᠷᠢᠭ ᠵᠥᠪᠬᠡᠨ ᠰᠥᠨᠢ ᠪᠡᠷ ᠭᠡᠨᠡᠳᠡᠭᠦᠯᠦᠨ ᠴᠡᠷᠢᠭ ᠦ᠋ᠨ ᠠᠭᠲᠠ ᠶ᠋ᠢ ᠬᠤᠯᠠᠭᠠᠢᠯᠠᠬᠤ ᠲᠡᠳᠦᠢ ᠭᠡᠮᠡᠨ  ᠪᠠᠰᠤᠮᠵᠢᠯᠠᠵᠠᠢ [32]᠃ ᠬᠢᠶ᠎ᠡ ᠰᠡᠷᠡᠩ ᠶᠡᠷᠦ ᠡᠴᠡ ᠡᠸᠷᠸᠨᠳ᠋ ᠲᠡᠢ ᠳᠡᠮᠡᠢ ᠲᠠᠭᠠᠷᠠᠯᠴᠠᠬᠤ ᠦᠭᠡᠢ ᠪᠥᠭᠡᠳ ᠭᠠᠪᠢᠶ᠎ᠠ ᠶ᠋ᠢ ᠤᠷᠢᠳᠠᠪᠡᠷ ᠲᠡᠮᠡᠴᠡᠬᠦ ᠪᠣᠳᠣᠯ ᠦᠯᠡᠮᠵᠢ ᠲᠤᠯᠠ ᠬᠣᠶᠠᠷ ᠵᠠᠮ ᠢ᠋ᠶ᠋ᠠᠷ ᠴᠡᠷᠢᠭ ᠣᠷᠣᠰᠤᠭᠠᠢ ᠬᠡᠮᠡᠬᠦ ᠰᠠᠨᠠᠯ ᠭᠠᠷᠭᠠᠪᠠ᠃ 
       ᠬᠥᠬᠡᠨᠠᠭᠤᠷ ᠠ᠋ᠴᠠ ᠲᠥᠪᠡᠳ ᠵᠦᠭ ᠨᠡᠪᠲᠡᠷᠡᠬᠦ ᠬᠣᠶᠠᠷ ᠵᠠᠮ ᠪᠣᠢ ᠃ ᠳᠠᠷᠤᠢ ᠬᠥᠬᠥᠰᠢ ᠶ᠋ᠢᠨ ᠳᠠᠪᠠᠭ᠎ᠠ ᠪᠣᠯᠤᠨ ᠪᠠᠢᠲᠤ ᠶ᠋ᠢᠨ ᠳᠠᠪᠠᠭ᠎ᠠ ᠪᠣᠯᠤᠨ᠎ᠠ᠃ ᠳᠥᠷᠪᠡᠳᠦᠭᠡᠷ ᠰᠠᠷ᠎ᠠ ᠳ᠋ᠤ᠌ ᠬᠢᠶ᠎ᠡ ᠰᠡᠷᠡᠩ ᠪᠣᠯᠤᠨ ᠲᠠᠰᠤᠯᠠᠨ ᠤᠩᠰᠢᠭᠴᠢ ᠲᠦᠰᠢᠮᠡᠯ ᠴᠠᠯᠢᠬᠤᠨ ᠬᠣᠶᠠᠷ ᠮᠢᠩᠭ᠎ᠠ ᠲᠠᠪᠤᠨ ᠵᠠᠭᠤᠨ ᠴᠡᠷᠢᠭ ᠳᠠᠢᠴᠢᠯᠠᠵᠤ᠂ ᠪᠦᠭᠦᠳᠡ ᠶ᠋ᠢ ᠵᠠᠬᠢᠷᠤᠭᠴᠢ ᠰᠠᠢᠳ ᠡᠸᠷᠸᠨᠳ᠋ ᠪᠣᠯᠤᠨ ᠰᠧᠴᠤᠸᠠᠨ ᠤ᠋ ᠳᠠᠢᠴᠢᠯᠠᠨ ᠵᠠᠬᠢᠷᠤᠭᠴᠢ ᠰᠠᠢᠳ ᠺᠠᠩ ᠲᠠᠢ᠂ ᠳᠣᠲᠣᠭᠠᠳᠤ ᠰᠠᠢᠳ ᠨᠣᠷᠪᠤ ᠨᠠᠷ ᠲᠠᠪᠤᠨ ᠮᠢᠩᠭ᠎ᠠ ᠰᠢᠬᠠᠮ ᠴᠡᠷᠢᠭ ᠳᠠᠢᠴᠢᠯᠠᠨ ᠲᠤᠰ ᠲᠤᠰ ᠮᠥᠷᠥ ᠤᠰᠤ ᠶ᠋ᠢ ᠴᠢᠭᠯᠡᠨ ᠮᠣᠷᠳᠠᠪᠠ᠃ 
       ᠵᠢᠷᠭᠤᠳᠤᠭᠠᠷ ᠰᠠᠷ᠎ᠠ ᠶ᠋ᠢᠨ ᠠᠷᠪᠠᠨ ᠨᠠᠢ᠍ᠮᠠᠨ ᠤ᠋ ᠡᠳᠦᠷ᠂ ᠪᠦᠭᠦᠳᠡ ᠶ᠋ᠢ ᠵᠠᠬᠢᠷᠤᠭᠴᠢ ᠡᠸᠷᠸᠨᠳ᠋ ᠮᠥᠷᠥ ᠤᠰᠤ ᠠ᠋ᠴᠠ ᠲᠥᠯ ᠬᠠᠷ᠎ᠠ ᠬᠡᠮᠡᠬᠦ ᠭᠠᠵᠠᠷ ᠢᠷᠡᠭᠡᠳ᠂ ᠠᠷᠠᠰᠤᠨ ᠰᠠᠯ ᠢ᠋ᠶ᠋ᠠᠷ ᠭᠣᠣᠯ ᠭᠠᠲᠤᠯᠤᠨ ᠳᠣᠯᠣᠭᠠᠨ ᠰᠠᠯᠪᠤᠷᠢᠲᠤ ᠭᠣᠣᠯ ᠭᠡᠳᠡᠭ ᠭᠠᠵᠠᠷ ᠬᠦᠷᠴᠦ ᠢᠷᠡᠵᠡᠢ᠃ ᠲᠡᠷᠡ ᠬᠥᠮᠦᠨ ᠲᠣᠮᠢᠯᠠᠨ ᠬᠢᠶ᠎ᠡ ᠰᠡᠷᠡᠩ ᠢ᠋ ᠰᠤᠷᠠᠭᠯᠠᠭᠰᠠᠨ ᠪᠣᠯᠪᠠᠴᠤ᠂ ᠬᠣᠶᠠᠷ ᠵᠠᠮ ᠤ᠋ᠨ ᠴᠡᠷᠢᠭ ᠠᠷᠪᠠᠭᠠᠳ ᠡᠳᠦᠷ ᠦ᠋ᠨ ᠵᠠᠮ ᠠᠯᠤᠰᠯᠠᠭᠰᠠᠨ ᠲᠤᠯᠠ ᠨᠡᠢᠯᠡᠬᠦ ᠳ᠋ᠦ᠍ ᠬᠦᠴᠢᠷᠲᠡᠢ ᠪᠣᠯᠵᠠᠢ᠃ ᠢᠩᠭᠢᠭᠡᠳ ᠬᠣᠷᠢᠨ ᠳᠥᠷᠪᠡᠨ ᠦ᠌ ᠡᠳᠦᠷ ᠳᠣᠯᠣᠭᠠᠨ ᠰᠠᠯᠪᠤᠷᠢᠲᠦ ᠭᠣᠣᠯ ᠠ᠋ᠴᠠ ᠬᠥᠬᠥᠰᠢ ᠶ᠋ᠢᠨ ᠳᠠᠪᠠᠭ᠎ᠠ ᠶ᠋ᠢ ᠳᠠᠪᠠᠵᠠᠢ ᠃ ᠬᠢᠶ᠎ᠡ ᠰᠡᠷᠡᠩ ᠨᠠᠷ ᠲᠠᠪᠤᠳᠤᠭᠠᠷ ᠰᠠᠷ᠎ᠠ ᠶ᠋ᠢᠨ ᠠᠷᠪᠠᠨ ᠭᠤᠷᠪᠠᠨ ᠤ᠋ ᠡᠳᠦᠷ ᠮᠥᠷᠥ ᠤᠰᠤ ᠳ᠋ᠤ᠌ ᠬᠦᠷᠴᠦ ᠂ ᠤᠷᠢᠳᠠᠪᠡᠷ ᠭᠠᠪᠢᠶ᠎ᠠ ᠪᠠᠢᠭᠤᠯᠬᠤ ᠭᠡᠮᠡᠨ ᠡᠸᠷᠸᠠᠳ᠋ ᠢ᠋ ᠦᠯᠦ ᠬᠦᠯᠢᠶᠡᠵᠦ᠂ ᠵᠢᠷᠭᠤᠳᠤᠭᠠᠷ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ ᠳᠣᠯᠣᠭᠠᠨ ᠰᠠᠯᠪᠤᠷᠢᠲᠦ ᠭᠣᠣᠯ ᠢ᠋ ᠭᠠᠲᠤᠯᠤᠨ ᠪᠠᠢᠲᠤ ᠶ᠋ᠢᠨ ᠳᠠᠪᠠᠭ᠎ᠠ ᠶ᠋ᠢ ᠳᠠᠪᠠᠪᠠ᠃ 
       ᠵᠡᠭᠦᠨᠭᠠᠷ ᠤ᠋ᠨ ᠶᠡᠬᠡ ᠴᠡᠷᠢᠩᠳᠣᠨᠳᠣᠪ ᠪᠣᠯ  ᠳᠠᠶᠠᠭᠠᠷ ᠲᠤ᠌ ᠠᠯᠳᠠᠷ ᠲᠠᠢ ᠪᠠᠭᠠᠲᠤᠷ ᠡᠷ᠎ᠡ ᠶᠦᠮ᠃ ᠣᠯᠠᠨ ᠵᠢᠯ ᠦ᠋ᠨ ᠲᠤᠷᠰᠢ ᠬᠠᠰᠠᠭ᠂ ᠪᠤᠷᠤᠳ᠂ ᠪᠤᠬᠠᠷ ᠣᠷᠣᠨ ᠢ᠋ ᠳᠠᠢᠯᠠᠬᠤ ᠶᠠᠪᠤᠴᠠ ᠳ᠋ᠤ᠌ ᠪᠠᠶᠠᠯᠢᠭ ᠲᠤᠷᠰᠢᠯᠭ᠎ᠠ ᠬᠤᠷᠠᠮᠳᠤᠭᠤᠯᠤᠭᠰᠠᠨ ᠪᠠᠢᠨ᠎ᠠ᠃  ᠳᠠᠢᠴᠢᠩ ᠤᠯᠤᠰ ᠤ᠋ᠨ ᠴᠡᠷᠢᠭ ᠨᠡᠰᠢ ᠢᠷᠡᠵᠦ ᠪᠠᠢᠬᠤ ᠶ᠋ᠢ ᠮᠡᠳᠡᠮᠡᠭᠴᠡ ᠲᠡᠷᠡ ᠲᠥᠪᠡᠳ ᠦ᠋ᠨ ᠵᠡᠭᠦᠨ ᠬᠣᠢᠲᠤᠬᠢ ᠬᠠᠷ᠎ᠠ ᠤᠰᠤ ᠣᠷᠴᠢᠮ ᠬᠡᠳᠦᠨ ᠲᠦᠮᠡᠨ  ᠵᠡᠭᠦᠨᠭᠠᠷ ᠪᠣᠯᠤᠨ ᠲᠥᠪᠡᠳ ᠴᠡᠷᠢᠭ ᠢ᠋ ᠴᠤᠭᠯᠠᠷᠠᠭᠤᠯᠤᠨ᠂ ᠳᠠᠢᠴᠢᠩ ᠤᠯᠤᠰ ᠤ᠋ᠨ ᠴᠡᠷᠢᠭ ᠢ᠋ ᠥᠳᠥᠭᠡᠨ ᠣᠷᠣᠭᠤᠯᠵᠤ ᠨᠠᠴᠤᠢ ᠣᠷᠴᠢᠮ ᠰᠥᠨᠥᠭᠡᠬᠦ ᠪᠡᠷ ᠲᠣᠭᠲᠠᠵᠠᠢ᠃ 
       ᠳᠣᠯᠣᠳᠤᠭᠠᠷ ᠰᠠᠷ᠎ᠠ ᠶ᠋ᠢᠨ ᠡᠬᠢ ᠪᠡᠷ ᠬᠢᠶ᠎ᠡ ᠰᠡᠷᠡᠩ ᠦ᠋ᠨ ᠳᠠᠢᠴᠢᠯᠠᠭᠰᠠᠨ ᠴᠡᠷᠢᠭ ᠪᠠᠢᠲᠤ ᠶ᠋ᠢᠨ ᠳᠠᠪᠠᠭ᠎ᠠ ᠶ᠋ᠢ ᠳᠠᠪᠠᠵᠤ ᠬᠠᠷ᠎ᠠ ᠤᠰᠤ ᠵᠦᠭ ᠢᠷᠡᠪᠡ᠃ ᠶᠠᠭ ᠡᠨᠡ ᠦᠶ᠎ᠡ ᠳ᠋ᠦ᠍ ᠴᠠᠷᠢᠩᠳᠤᠨᠳᠤᠪ ᠤ᠋ᠨ ᠵᠠᠬᠢᠶ᠎ᠠ ᠪᠠᠷ ᠪᠠᠶᠠᠨ ᠮᠠᠰᠤᠩ᠂ ᠳᠡᠨᠵᠢᠨ ᠴᠣᠢᠨᠳᠤᠭ᠂ ᠱᠠᠭᠵᠠ ᠵᠡᠷᠭᠡ ᠲᠠᠢᠵᠢ ᠵᠠᠢᠰᠠᠩ ᠨᠠᠷ ᠣᠷᠣᠭᠰᠢ ᠢᠷᠡᠵᠦ ᠰᠡᠷᠡᠩ ᠦ᠋ᠨ ᠴᠡᠷᠢᠭ ᠲᠦ᠍ ᠪᠠᠭᠤᠵᠤ ᠥᠭᠬᠦ ᠶ᠋ᠢᠨ ᠬᠠᠮᠲᠤ᠂ ᠪᠢᠳᠡ ᠶᠡᠬᠡ ᠴᠡᠷᠢᠭ ᠦ᠋ᠨ ᠢᠷᠡᠵᠦ ᠠᠪᠤᠷᠠᠬᠤ ᠶ᠋ᠢ ᠡᠳᠦᠷ ᠪᠦᠷᠢ ᠪᠠᠷᠠᠯᠠᠮᠤᠢ ᠭᠡᠮᠡᠨ [33] ᠬᠠᠭᠤᠷᠮᠠᠭᠯᠠᠨ ᠥᠭᠦᠯᠡᠵᠡᠢ᠃ ᠳᠣᠯᠣᠳᠤᠭᠠᠷ ᠰᠠᠷ᠎ᠠ ᠶ᠋ᠢᠨ ᠬᠣᠷᠢᠨ ᠤ᠋ ᠡᠳᠦᠷ ᠪᠠᠶᠠᠨ ᠮᠠᠰᠤᠩ ᠵᠡᠷᠭᠡ ᠬᠥᠮᠦᠰ ᠭᠠᠵᠠᠷᠴᠢᠯᠠᠵᠤ ᠬᠢᠶ᠎ᠡ ᠰᠡᠷᠡᠩ ᠦ᠋ᠨ ᠴᠡᠷᠢᠭ ᠢ᠋ ᠬᠠᠷ᠎ᠠ ᠤᠰᠤ ᠵᠦᠭ ᠤᠳᠤᠷᠢᠳᠤᠨ ᠠᠪᠴᠢᠷᠠᠪᠠ᠃ ᠡᠸᠷᠸᠠᠳ᠋ ᠤ᠋ᠨ ᠴᠡᠷᠢᠭ  ᠬᠥᠬᠥᠰᠢ ᠶ᠋ᠢᠨ ᠳᠠᠪᠠᠭ᠎ᠠ ᠶ᠋ᠢ ᠳᠠᠪᠠᠭᠠᠳ ᠳᠣᠯᠣᠳᠤᠭᠠᠷ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ ᠵᠠᠮ ᠤ᠋ᠨ ᠵᠠᠰᠠᠯᠠᠭ ᠢ᠋ᠶ᠋ᠠᠷ ᠬᠦᠷᠢᠶ᠎ᠡ ᠴᠢᠨᠣ᠎ᠠ ᠶ᠋ᠢᠨ ᠭᠣᠣᠯ ᠳ᠋ᠤ᠌ ᠢᠷᠡᠵᠦ ᠬᠦᠷᠢᠶ᠎ᠡ ᠪᠠᠭᠤᠵᠠᠢ᠃ ᠠᠷᠪᠠᠨ ᠳᠣᠯᠣᠭᠠᠨ ᠤ᠋ ᠡᠳᠦᠷ ᠦ᠋ᠨ ᠦᠷ ᠢ᠋ᠶ᠋ᠡᠷ ᠭᠡᠨᠡᠳᠲᠡ ᠨᠢᠭᠡᠨ ᠠᠩᠭᠢ ᠵᠡᠭᠦᠨᠭᠠᠷ ᠴᠡᠷᠢᠭ ᠬᠦᠷᠢᠶ᠎ᠡ ᠶ᠋ᠢ ᠬᠠᠪᠢᠳᠠᠨ ᠢᠷᠡᠪᠡ᠃ ᠨᠣᠭᠣᠭᠠᠨ ᠲᠤᠭᠲᠤ ᠴᠡᠷᠢᠭ ᠵᠠᠷᠯᠢᠭ ᠢ᠋ᠶ᠋ᠠᠷ ᠪᠠᠢᠯᠳᠤᠷ᠎ᠠ ᠭᠠᠷᠤᠭᠰᠠᠨ ᠳ᠋ᠤ᠌ ᠵᠡᠭᠦᠨᠭᠠᠷ ᠤ᠋ᠨ ᠴᠡᠷᠢᠭ ᠳᠡᠢᠯᠦᠭᠳᠡᠭᠰᠡᠨ ᠮᠡᠲᠦ ᠪᠤᠷᠤᠭᠤᠯᠠᠨ ᠶᠠᠪᠤᠵᠤᠬᠤᠢ᠃ ᠭᠡᠪᠡᠴᠦ ᠤᠳᠠᠯ ᠦᠭᠡᠢ ᠪᠠᠰᠠ ᠴᠡᠷᠢᠭ ᠦ᠋ᠨ ᠬᠦᠷᠢᠶ᠎ᠡ ᠶ᠋ᠢᠨ ᠵᠡᠭᠦᠨ᠂ ᠡᠮᠦᠨᠡᠲᠦ ᠬᠣᠶᠠᠷ ᠲᠠᠯ᠎ᠠ ᠪᠠᠷ ᠲᠤᠰ ᠲᠤᠰ ᠨᠢᠭᠡᠨ ᠠᠩᠭᠢ ᠴᠡᠷᠢᠭ ᠰᠢᠬᠠᠵᠤ ᠢᠷᠡᠪᠡ᠃ ᠡᠸᠷᠸᠠᠳ᠋ ᠵᠠᠷᠯᠢᠭ ᠪᠠᠭᠤᠯᠭᠠᠨ ᠨᠤᠮᠤ᠂ ᠵᠡᠪᠡ ᠪᠡᠷ ᠬᠠᠷᠪᠤᠬᠤ ᠳ᠋ᠤ᠌ ᠵᠡᠭᠦᠨᠭᠠᠷ ᠴᠡᠷᠢᠭ ᠠᠭᠤᠯᠠᠨ ᠬᠢᠷ᠎ᠠ ᠶ᠋ᠢ ᠳᠠᠭᠠᠵᠤ ᠤᠬᠤᠷᠢᠭᠰᠠᠨ ᠲᠤᠯᠠ ᠠᠷᠪᠠᠭᠠᠳ ᠭᠠᠵᠠᠷ ᠨᠡᠬᠡᠮᠵᠢᠯᠡᠭᠡᠳ ᠵᠣᠭᠰᠣᠵᠠᠢ᠃ ᠲᠡᠷᠡ ᠬᠢᠷᠢ ᠳ᠋ᠦ᠍ ᠬᠠᠭᠤᠷᠮᠠᠭ ᠢ᠋ᠶ᠋ᠠᠷ ᠬᠢᠶ᠎ᠡ ᠰᠡᠷᠡᠩ ᠳ᠋ᠦ᠍ ᠪᠠᠭᠤᠵᠤ ᠥᠭᠭᠦᠭᠰᠡᠨ ᠱᠠᠭᠵᠠ ᠵᠠᠢᠰᠠᠩ ᠡᠸᠷᠸᠨᠳ᠋ ᠲᠡᠢ ᠬᠠᠷᠢᠴᠠᠭ᠎ᠠ ᠠᠪᠬᠤ ᠪᠠᠷ ᠢᠷᠡᠭᠡᠳ [34] ᠲᠡᠭᠦᠨ ᠢ᠋ ᠴᠡᠷᠢᠭ ᠢ᠋ᠶ᠋ᠡᠨ ᠳᠠᠢᠴᠢᠯᠠᠵᠤ ᠬᠠᠷ᠎ᠠ ᠤᠰᠤᠨ ᠳ᠋ᠤ᠌ ᠬᠦᠷᠴᠦ ᠰᠡᠷᠡᠩ ᠲᠡᠢ ᠨᠡᠢᠯᠡᠭᠲᠦᠨ ᠭᠡᠪᠡ᠃ ᠡᠨᠡ ᠦᠶ᠎ᠡ ᠳ᠋ᠦ᠍᠂ ᠵᠡᠭᠦᠨᠭᠠᠷ ᠤ᠋ᠨ ᠲᠤᠭᠠᠷ ᠵᠠᠢᠰᠠᠩ ᠳᠥᠷᠪᠡᠨ ᠮᠢᠩᠭᠠᠨ ᠴᠡᠷᠢᠭ ᠤᠳᠤᠷᠢᠳᠤᠨ ᠳᠠᠢᠴᠢᠩ ᠤ᠋ᠨ ᠴᠡᠷᠢᠭ ᠦ᠋ᠨ ᠠᠷᠤ ᠪᠠᠷ ᠲᠣᠭᠣᠷᠢᠨ ᠭᠠᠷᠤᠭᠰᠠᠨ ᠲᠤᠯᠠ ᠡᠸᠷᠸᠠᠳ᠋ ᠳᠣᠲᠣᠭᠠᠳᠤ ᠰᠠᠢᠳ ᠨᠣᠷᠪᠤ ᠶ᠋ᠢ ᠢᠨᠠᠭᠰᠢ ᠢᠷᠡᠵᠦ ᠨᠡᠢᠯᠡᠭᠲᠦᠨ ᠭᠡᠮᠡᠨ ᠲᠦᠷᠭᠡᠨ ᠮᠡᠳᠡᠭᠡ ᠢᠯᠡᠭᠡᠵᠡᠢ᠃ ᠭᠡᠲᠡᠯ᠎ᠡ ᠨᠣᠷᠪᠤ ᠶ᠋ᠢᠨ ᠳᠠᠢᠴᠢᠯᠠᠭᠰᠠᠨ ᠴᠡᠷᠢᠭ ᠨᠢ ᠲᠤᠭᠠᠷ ᠵᠠᠢᠰᠠᠩ ᠳ᠋ᠤ᠌ ᠬᠠᠰᠢᠭᠳᠠᠭᠰᠠᠨ ᠪᠠᠢᠨ᠎ᠠ᠃ ᠢᠩᠭᠢᠭᠡᠳ ᠲᠡᠷᠡ ᠠᠷᠭ᠎ᠠ ᠪᠤᠰᠤ ᠣᠷᠣᠭᠰᠢ ᠳᠠᠪᠰᠢᠵᠤ ᠬᠠᠷ᠎ᠠ ᠤᠰᠤ ᠭᠣᠣᠯ ᠢ᠋ ᠭᠠᠲᠤᠯᠤᠨ ᠨᠠᠴᠤᠢ ᠣᠷᠴᠢᠮ ᠬᠢᠶ᠎ᠡ ᠰᠡᠷᠡᠩ ᠲᠡᠢ ᠨᠡᠢᠯᠡᠵᠡᠢ᠃ 
       ᠬᠢᠶ᠎ᠡ ᠰᠡᠷᠡᠩ ᠪᠣᠯᠤᠨ ᠧᠷᠸᠡᠳ᠋ ᠦ᠋ᠨ ᠵᠢᠷᠭᠤᠭᠠᠨ ᠮᠢᠩᠭᠠᠨ ᠴᠡᠷᠢᠭ᠂ ᠪᠦᠬᠦᠨ ᠢ᠋ᠶ᠋ᠡᠷ ᠢ᠋ᠶ᠋ᠡᠨ ᠪᠦᠰᠡᠯᠡᠯᠲᠡ ᠳ᠋ᠦ᠍ ᠣᠷᠣᠭᠰᠠᠨ ᠲᠤᠯᠠ ᠶᠡᠬᠡ ᠴᠡᠷᠢᠩᠳᠣᠨᠳᠣᠪ ᠴᠡᠷᠢᠭ ᠢ᠋ᠶ᠋ᠡᠨ ᠬᠣᠶᠠᠷ ᠠᠩᠭᠢ ᠬᠤᠪᠢᠶᠠᠵᠤ᠂ ᠨᠢᠭᠡ ᠠᠩᠭᠢ ᠪᠠᠷ ᠳᠠᠢᠴᠢᠩ ᠤᠯᠤᠰ ᠤ᠋ᠨ ᠴᠡᠷᠢᠭ ᠢ᠋ ᠬᠣᠷᠢᠭᠯᠠᠨ [35] ᠂ ᠨᠥᠭᠦᠭᠡ ᠠᠩᠭᠢ ᠪᠠᠷ ᠲᠡᠳᠡᠨ ᠦ᠌ ᠤᠬᠤᠷᠢᠬᠤ ᠵᠠᠮ ᠢ᠋ ᠲᠠᠰᠤᠯᠪᠠ᠃ ᠡᠸᠷᠸᠠᠳ᠋ ᠪᠣᠯᠤᠨ ᠰᠡᠷᠡᠩ ᠨᠠᠷ ᠰᠢᠪᠲᠤᠯᠤᠨ ᠭᠠᠷᠬᠤ ᠪᠠᠷ ᠬᠡᠳᠦᠨᠲᠡ ᠣᠷᠣᠯᠳᠣᠭᠰᠠᠨ ᠪᠣᠯᠪᠠᠴᠤ ᠳᠡᠢᠯᠦᠭᠰᠡᠨ ᠦᠭᠡᠢ᠂ ᠠᠷᠭ᠎ᠠ ᠪᠤᠰᠤ ᠴᠡᠷᠢᠭ ᠦ᠋ᠨ ᠬᠦᠷᠢᠶᠡᠨ ᠦ᠌ ᠭᠠᠳᠠᠭᠤᠷ ᠴᠢᠯᠠᠭᠤᠨ ᠬᠠᠰᠢᠯᠭ᠎ᠠ ᠪᠤᠰᠬᠠᠵᠤ ᠵᠡᠭᠦᠨᠭᠠᠷ ᠴᠡᠷᠢᠭ ᠦ᠋ᠨ ᠳᠠᠭᠠᠷᠢᠯᠲᠠ ᠶ᠋ᠢ ᠬᠣᠷᠢᠭᠯᠠᠵᠠᠢ᠃ ᠭᠡᠲᠡᠯ᠎ᠡ ᠴᠡᠷᠢᠩᠳᠣᠨᠳᠣᠪ ᠳᠠᠭᠠᠷᠢᠨ ᠳᠣᠪᠲᠣᠯᠬᠤ ᠶ᠋ᠢ ᠶᠠᠭᠠᠷᠠᠭᠰᠠᠨ ᠦᠭᠡᠢ᠂ ᠬᠠᠷᠢᠨ ᠳᠠᠢᠴᠢᠩ ᠤᠯᠤᠰ ᠤ᠋ᠨ ᠴᠡᠷᠢᠭ ᠦ᠋ᠨ ᠠᠮᠤ ᠬᠦᠨᠡᠰᠦ ᠪᠠᠷᠠᠭᠳᠠᠬᠤ ᠶ᠋ᠢ ᠬᠦᠯᠢᠶᠡᠪᠡ᠃ ᠡᠨᠡ ᠮᠡᠲᠦ ᠪᠡᠷ ᠰᠠᠷ᠎ᠠ ᠢᠯᠡᠭᠦᠦ ᠪᠣᠯᠬᠤ ᠳ᠋ᠤ᠌ ᠡᠸᠷᠸᠨᠳ᠋ ᠦ᠋ᠨ ᠴᠡᠷᠢᠭ ᠠᠮᠤ ᠬᠦᠨᠡᠰᠦ ᠪᠡᠨ ᠢᠳᠡᠵᠦ ᠳᠠᠭᠤᠰᠤᠭᠠᠳ ᠥᠯᠪᠡᠷᠴᠦ ᠦᠬᠦᠬᠦ ᠳ᠋ᠦ᠍ ᠬᠦᠷᠴᠡᠢ᠃ ᠭᠠᠳᠠᠨ᠎ᠠ ᠨᠢ ᠬᠠᠰᠢᠭᠳᠠᠭᠰᠠᠨ ᠳᠣᠲᠣᠭᠠᠳᠤ ᠰᠠᠢᠳ ᠨᠣᠷᠪᠤ ᠠ᠋ᠴᠠ ᠯᠠᠮᠠ ᠨᠠᠷ ᠢ᠋ ᠢᠯᠡᠭᠡᠵᠦ᠂ ᠡᠸᠷᠸᠠᠳ᠋ ᠤ᠋ᠨ ᠴᠡᠷᠢᠭ ᠢ᠋ ᠲᠠᠯᠪᠢᠵᠤ ᠭᠠᠷᠭᠠᠮᠤ ᠭᠡᠮᠡᠨ ᠭᠤᠶᠤᠴᠢᠯᠠᠭᠰᠠᠨ ᠪᠣᠯᠪᠠᠴᠤ ᠲᠡᠳᠡᠭᠡᠷ ᠥᠯᠪᠡᠷᠦᠨ ᠮᠠᠭᠤᠵᠢᠷᠠᠭᠠᠳ ᠲᠠᠮᠢᠷ ᠲᠡᠩᠬᠡᠭᠡ ᠪᠡᠨ ᠠᠯᠳᠠᠭᠰᠠᠨ ᠳᠠᠢᠴᠢᠩ ᠤ᠋ᠨ ᠴᠡᠷᠢᠭ ᠢ᠋ ᠶᠡᠬᠡ ᠴᠡᠷᠢᠩᠳᠣᠨᠳᠣᠪ ᠥᠴᠦᠬᠡᠨ ᠴᠦ᠍ ᠬᠥᠭᠡᠷᠦᠬᠦᠢᠯᠡᠭᠰᠡᠨ ᠦᠭᠡᠢ ᠪᠦᠬᠦᠨ ᠢ᠋  ᠬᠢᠳᠤᠪᠠ᠃ 

               ᠵᠢᠷᠭᠤᠭ᠎ᠠ᠂ ᠡᠩᠬᠡ ᠠᠮᠤᠭᠤᠯᠠᠩ ᠬᠠᠭᠠᠨ ᠬᠣᠶᠠᠳᠠᠬᠢ ᠤᠳᠠᠭ᠎ᠠ 
                              ᠲᠥᠪᠡᠳ ᠵᠦᠭ ᠴᠡᠷᠢᠭ ᠲᠣᠮᠢᠯᠠᠭᠰᠠᠨ ᠨᠢ    

       ᠧᠷᠸᠡᠳ᠋ ᠦ᠋ᠨ ᠵᠢᠷᠭᠤᠭᠠᠨ ᠮᠢᠩᠭᠠᠨ ᠴᠡᠷᠢᠭ ᠬᠠᠷ᠎ᠠ ᠤᠰᠤᠨ ᠳ᠋ᠤ᠌ ᠰᠥᠨᠥᠭᠡᠭᠲᠡᠭᠰᠡᠨ ᠶᠠᠪᠤᠳᠠᠯ ᠨᠢ ᠴᠢᠩ ᠦ᠋ᠨ ᠰᠠᠢᠳ ᠲᠦᠰᠢᠮᠡᠯ ᠨᠠᠷ ᠢ᠋ ᠶᠡᠬᠡᠳᠡ ᠰᠣᠴᠢᠭᠠᠵᠠᠢ᠃ ᠬᠤᠤᠪᠢ ᠶ᠋ᠢᠨ ᠰᠠᠢᠳ ᠨᠠᠷ 《ᠲᠥᠪᠡᠳ ᠦ᠋ᠨ ᠭᠠᠵᠠᠷ ᠬᠣᠯᠠ ᠮᠥᠷᠲᠡᠭᠡᠨ ᠪᠠᠷᠲᠠᠭ᠎ᠠ ᠲᠠᠢ》[36] ᠭᠡᠮᠡᠨ ᠳᠠᠬᠢᠵᠤ ᠴᠡᠷᠢᠭ ᠭᠠᠷᠭᠠᠬᠤ ᠳᠤᠷ᠎ᠠ ᠦᠭᠡᠢ ᠪᠠᠢᠯ᠎ᠠ᠃ ᠬᠥᠬᠡᠨᠠᠭᠤᠷ ᠤ᠋ᠨ ᠣᠯᠠᠨ ᠲᠠᠢᠵᠢ ᠨᠠᠷ ᠪᠠᠰᠠ ᠵᠡᠭᠦᠨᠭᠠᠷ ᠲᠠᠢ ᠪᠠᠢᠯᠳᠤᠬᠤ ᠳᠤᠷ᠎ᠠ ᠦᠭᠡᠢ ᠪᠠᠢᠭᠰᠠᠨ ᠪᠠ ᠴᠠᠭᠠᠨᠳᠠᠨᠵᠢᠨ ᠴᠡᠷᠢᠭ ᠢ᠋ᠶ᠋ᠡᠨ ᠲᠠᠲᠠᠵᠤ ᠰᠥᠩ ᠫᠠᠨ ᠤ᠋ ᠭᠠᠵᠠᠷ ᠠᠮᠠᠷᠠᠭᠤᠯᠬᠤ ᠭᠡᠮᠡᠨ ᠡᠩᠬᠡ ᠠᠮᠤᠭᠤᠯᠠᠩ ᠬᠠᠭᠠᠨ ᠳ᠋ᠤ᠌ ᠠᠢᠯᠠᠳᠬᠠᠵᠤ ᠪᠠᠢᠪᠠ [37] ᠃ 
       ᠭᠡᠲᠡᠯ᠎ᠡ ᠡᠩᠬᠡ ᠠᠮᠤᠭᠤᠯᠠᠩ ᠬᠠᠭᠠᠨ ᠲᠡᠭᠦᠨ ᠦ᠌ ᠣᠯᠠᠨ ᠰᠠᠢᠳ ᠲᠦᠰᠢᠮᠡᠯ ᠪᠣᠯᠤᠨ ᠬᠥᠬᠡᠨᠠᠭᠤᠷ ᠤ᠋ᠨ ᠲᠠᠢᠵᠢ ᠨᠠᠷ ᠤ᠋ᠨ ᠬᠣᠷᠢᠭᠯᠠᠬᠤ ᠶ᠋ᠢ ᠦᠯᠦ ᠰᠣᠨᠣᠰᠴᠤ᠂ ᠲᠥᠪᠡᠳ ᠵᠦᠭ ᠬᠣᠶᠠᠳᠠᠬᠢ ᠤᠳᠠᠭ᠎ᠠ ᠴᠡᠷᠢᠭ ᠭᠠᠷᠭᠠᠵᠤ ᠳᠠᠢᠯᠠᠬᠤ ᠪᠠᠷ ᠰᠢᠢᠳᠴᠡᠢ᠃ ᠡᠩᠬᠡ ᠠᠮᠤᠭᠤᠯᠠᠩ ᠬᠠᠭᠠᠨ ᠰᠠᠷᠠᠭᠤᠯ ᠤᠬᠠᠭᠠᠨ ᠭᠦᠨ ᠪᠣᠳᠣᠯᠭ᠎ᠠ ᠲᠠᠢ ᠬᠥᠮᠦᠨ ᠲᠤᠯᠠ ᠬᠠᠷ᠎ᠠ ᠤᠰᠤ ᠶ᠋ᠢᠨ ᠢᠯᠠᠭᠳᠠᠯ ᠠ᠋ᠴᠠ ᠰᠤᠷᠭᠠᠮᠵᠢ ᠠᠪᠴᠤ᠂ ᠬᠥᠬᠡᠨᠠᠭᠤᠷ ᠤ᠋ᠨ ᠲᠠᠢᠵᠢ ᠵᠢᠴᠢ ᠲᠥᠪᠡᠳᠴᠦᠳ ᠦ᠋ᠨ ᠰᠡᠳᠬᠢᠯ ᠢ᠋ ᠣᠯᠬᠤ ᠪᠠᠷ ᠭᠠᠯᠰᠠᠩᠵᠠᠮᠰᠤ ᠶ᠋ᠢ ᠵᠢᠩᠬᠢᠨᠢ ᠳᠠᠯᠠᠢ ᠯᠠᠮᠠ ᠪᠠᠷ ᠮᠡᠳᠡᠷᠡᠪᠡ᠃ ᠲᠡᠭᠡᠭᠡᠳ ᠲᠡᠭᠦᠨ ᠢ᠋ ᠬᠦᠷᠭᠡᠬᠦ ᠨᠡᠷ᠎ᠡ ᠪᠡᠷ ᠶᠡᠬᠡ ᠴᠡᠷᠢᠭ ᠲᠣᠮᠢᠯᠠᠨ᠂ ᠲᠥᠪᠡᠳ ᠢ᠋ ᠵᠡᠭᠦᠨᠭᠠᠷ ᠤ᠋ᠨ ᠭᠠᠷ ᠠ᠋ᠴᠠ ᠪᠤᠯᠢᠶᠠᠨ ᠠᠪᠬᠤ ᠪᠠᠷ ᠲᠣᠭᠲᠠᠵᠠᠢ᠃ 
       1718 ᠣᠨ ᠤ᠋ ᠠᠷᠪᠠᠳᠤᠭᠠᠷ ᠰᠠᠷ᠎ᠠ ᠳ᠋ᠤ᠌᠂ ᠬᠠᠭᠠᠨ ᠤ᠋ ᠠᠷᠪᠠᠨ ᠳᠥᠷᠪᠡᠳᠦᠭᠡᠷ ᠬᠥᠪᠡᠭᠦᠨ ᠬᠤᠰᠢᠭᠤᠨ ᠪᠡᠢᠰᠡ ᠶᠦᠨ ᠲᠢ ᠶ᠋ᠢ ᠬᠣᠯᠠᠳᠠᠬᠢᠨ ᠢ᠋ ᠳᠠᠭᠠᠭᠤᠯᠤᠭᠴᠢ ᠶᠡᠬᠡ ᠵᠠᠩᠵᠤᠨ ᠡᠷᠭᠦᠮᠵᠢᠯᠡᠵᠦ ᠬᠥᠬᠡᠨᠠᠭᠤᠷ᠂ ᠰᠧᠴᠤᠸᠠᠨ ᠤ᠋ ᠬᠣᠶᠠᠷ ᠵᠠᠮ ᠤ᠋ᠨ ᠶᠡᠬᠡ ᠴᠡᠷᠢᠭ ᠢ᠋ ᠨᠢᠭᠡᠳᠦᠯᠲᠡᠢ ᠵᠠᠬᠢᠷᠤᠭᠲᠤᠨ ᠭᠡᠮᠡᠨ ᠰᠢᠨᠢᠩ ᠳ᠋ᠦ᠍ ᠲᠣᠮᠢᠯᠠᠪᠠ᠃ ᠠᠷᠪᠠᠨ ᠬᠣᠶᠠᠳᠤᠭᠠᠷ ᠰᠠᠷ᠎ᠠ ᠳ᠋ᠤ᠌ ᠶᠦᠨ ᠲᠢ ᠪᠡᠭᠡᠵᠢᠩ ᠡᠴᠡ ᠬᠥᠬᠡᠨᠠᠭᠤᠷ ᠵᠦᠭ ᠠᠶᠠᠯᠠᠵᠤ᠂ ᠲᠡᠨᠳᠡ ᠲᠥᠪᠡᠳ ᠢ᠋ ᠳᠠᠢᠯᠠᠬᠤ ᠶᠡᠬᠡ ᠴᠡᠷᠢᠭ ᠦ᠋ᠨ ᠬᠤᠷᠠᠵᠤ ᠴᠤᠭᠯᠠᠷᠠᠬᠤ ᠶ᠋ᠢ ᠬᠦᠯᠢᠶᠡᠬᠦ ᠪᠡᠷ ᠪᠣᠯᠵᠠᠢ᠃ ᠪᠠᠰᠠ ᠪᠠᠷᠰ ᠬᠥᠯ ᠳ᠋ᠡᠬᠢ ᠴᠡᠷᠢᠭ ᠦ᠋ᠨ ᠠᠯᠪᠠ ᠭᠦᠢᠴᠡᠳᠬᠡᠵᠦ ᠪᠠᠢᠭᠰᠠᠨ ᠰᠢᠯᠤᠭᠤᠨ ᠬᠥᠬᠡ ᠬᠤᠰᠢᠭᠤᠨ ᠤ᠋ ᠬᠣᠰᠢᠭᠤ ᠶ᠋ᠢ ᠵᠠᠬᠢᠷᠤᠭᠴᠢ ᠰᠠᠢᠳ ᠶᠠᠨ ᠰᠢᠨ ᠢ᠋ ᠵᠠᠷᠯᠢᠭ ᠢ᠋ᠶ᠋ᠠᠷ ᠰᠢᠨᠢᠩ ᠳ᠋ᠦ᠍ ᠠᠪᠴᠢᠷᠠᠵᠤ ᠲᠡᠷᠰᠯᠡᠭᠰᠡᠨ ᠢ᠋ ᠲᠦᠪᠰᠢᠳᠬᠡᠭᠴᠢ ᠵᠠᠩᠵᠤᠨ ᠡᠷᠭᠦᠮᠵᠢᠯᠡᠨ᠂ ᠬᠥᠬᠡᠨᠠᠭᠤᠷ ᠤ᠋ᠨ ᠨᠢᠭᠡᠨ ᠵᠠᠮ ᠤ᠋ᠨ ᠴᠡᠷᠢᠭ ᠬᠣᠶᠠᠷ ᠲᠦᠮᠡ ᠢᠯᠡᠭᠦᠦ ᠬᠥᠮᠦᠨ ᠢ᠋ ᠤᠳᠤᠷᠢᠳᠴᠤ᠂ ᠳᠠᠯᠠᠢ ᠯᠠᠮᠠ ᠭᠠᠯᠰᠠᠩᠵᠠᠮᠰᠤ ᠶ᠋ᠢ ᠬᠠᠮᠠᠭᠠᠯᠠᠨ ᠶᠠᠪᠤᠭᠲᠤᠨ ᠭᠡᠪᠡ᠃ ᠬᠦᠩ ᠴᠠᠸᠠᠩᠨᠤᠷᠪᠤ᠂ ᠮᠡᠢᠷᠡᠨ ᠦ᠌ ᠵᠠᠩᠭᠢ  ᠠᠷᠨᠪᠤᠤ᠂ ᠡᠹᠦ᠋ ᠠᠪᠤᠤ ᠵᠢᠴᠢ ᠳ᠋ᠠᠰᠯᠠᠨ ᠤᠩᠰᠢᠭᠴᠢ ᠲᠦᠰᠢᠮᠡᠯ ᠴᠠᠩ ᠱᠧᠦ ᠨᠠᠷ ᠢ᠋ ᠮᠥᠨ ᠲᠡᠭᠦᠨ ᠦ᠌ ᠳᠣᠣᠷᠠᠬᠢ ᠵᠥᠪᠯᠡᠯ ᠦ᠋ᠨ ᠰᠠᠢᠳ ᠢ᠋ᠶ᠋ᠠᠷ ᠲᠣᠮᠢᠯᠠᠵᠠᠢ᠃ ᠬᠥᠬᠡᠨᠠᠭᠤᠷ ᠠ᠋ᠴᠠ ᠲᠠᠪᠰᠢᠬᠤ ᠶᠡᠬᠡ ᠴᠡᠷᠢᠭ ᠨᠢᠭᠡᠨ ᠭᠠᠵᠠᠷ ᠲᠤ᠌ ᠲᠥᠪᠯᠡᠷᠡᠪᠡᠯ ᠳᠥᠭᠥᠮ ᠦᠭᠡᠢ ᠭᠡᠮᠡᠨ ᠪᠣᠷᠣ ᠬᠣᠰᠢᠭᠤ᠂ ᠰᠤᠯᠤᠮ᠂ ᠳ᠋ᠡᠯᠤ ᠤᠰᠤ ᠵᠡᠷᠭᠡ ᠭᠤᠷᠪᠠᠨ ᠭᠠᠵᠠᠷ ᠲᠥᠪᠯᠡᠷᠡᠨ ᠵᠠᠷᠯᠢᠭ ᠢ᠋ ᠬᠦᠯᠢᠶᠡᠭᠲᠦᠨ ᠭᠡᠪᠡ᠃ 
       ᠡᠭᠦᠨ ᠦ᠌ ᠬᠠᠮᠲᠤ ᠰᠧᠴᠤᠸᠠᠨ ᠳ᠋ᠤ᠌ ᠳᠠᠷᠤᠩᠭᠤᠢᠯᠠᠨ ᠰᠠᠭᠤᠭᠰᠠᠨ ᠲᠤᠭ ᠤ᠋ᠨ ᠵᠠᠩᠭᠢ ᠭᠠᠷᠪᠢ ᠶ᠋ᠢ ᠥᠷᠥᠨᠡᠲᠦ ᠶ᠋ᠢ ᠲᠣᠭᠲᠠᠭᠠᠭᠴᠢ ᠵᠠᠩᠵᠤᠨ ᠡᠷᠭᠦᠮᠵᠢᠯᠡᠵᠦ᠂ ᠶᠣᠣ ᠵᠦᠩ ᠴᠢ ᠶ᠋ᠢ ᠲᠤᠰᠠᠯᠠᠭᠴᠢ ᠵᠠᠩᠵᠤᠨ ᠡᠷᠭᠦᠮᠵᠢᠯᠡᠨ ᠰᠧᠴᠤᠸᠠᠨ᠂ ᠶᠦᠨᠨᠠᠨ ᠤ᠋ ᠮᠠᠨᠵᠤ ᠴᠡᠷᠢᠭ᠂ ᠨᠣᠭᠣᠭᠠᠨ ᠲᠤᠭᠲᠤ ᠴᠡᠷᠢᠭ᠂ ᠭᠠᠵᠠᠷ ᠣᠷᠣᠨ ᠤ᠋ ᠴᠡᠷᠢᠭ ᠳᠣᠯᠣᠭᠠᠨ ᠮᠢᠩᠭᠠᠨ ᠬᠥᠮᠦᠨ ᠢ᠋ ᠳᠠᠢᠴᠢᠯᠠᠭᠤᠯᠤᠨ᠂ ᠢ᠋ᠶ᠋ᠠᠷ ᠬᠠᠮ ᠠ᠋ᠴᠠ ᠲᠥᠪᠡᠳ ᠵᠦᠭ ᠳᠠᠪᠰᠢᠬᠤ ᠨᠢᠭᠡᠨ ᠵᠠᠮ ᠤ᠋ᠨ ᠴᠡᠷᠢᠭ ᠪᠣᠯᠭᠠᠵᠠᠢ᠃ 
       1720 ᠣᠨ ᠤ᠋ ᠴᠠᠭᠠᠨ ᠰᠠᠷ᠎ᠠ ᠳ᠋ᠤ᠌᠂ ᠡᠯ᠎ᠡ ᠵᠠᠮ ᠤ᠋ᠨ ᠴᠡᠷᠢᠭ ᠮᠣᠷᠢ ᠴᠥᠮ ᠪᠦᠷᠢᠳᠦᠨ ᠢᠷᠡᠭᠰᠡᠨ ᠲᠤᠯᠠ ᠶᠡᠬᠡ ᠵᠠᠩᠵᠤᠨ ᠶᠦᠨ ᠲᠢ ᠰᠢᠨᠢᠩ ᠡᠴᠡ ᠮᠥᠷᠥ ᠤᠰᠤ ᠳ᠋ᠤ᠌ ᠳᠠᠪᠰᠢᠪᠠ᠃ ᠵᠢᠷᠭᠤᠳᠤᠭᠠᠷ ᠰᠠᠷ᠎ᠠ ᠳ᠋ᠤ᠌᠂ ᠶᠠᠨ ᠰᠢᠨ ᠦ᠌ ᠳᠠᠢᠴᠢᠯᠠᠭᠰᠠᠨ ᠶᠡᠬᠡ ᠴᠡᠷᠢᠭ ᠳᠠᠯᠠᠢ ᠯᠠᠮᠠ ᠶ᠋ᠢ ᠬᠠᠮᠠᠭᠠᠯᠠᠨ ᠮᠥᠷᠥ ᠤᠰᠤᠨ ᠳ᠋ᠤ᠌ ᠬᠦᠷᠴᠦ ᠢᠷᠡᠬᠦ ᠳ᠋ᠦ᠍ ᠶᠦᠨ ᠲᠢ ᠶᠡᠬᠡ ᠬᠤᠷᠢᠮ ᠪᠡᠯᠡᠳᠬᠡᠵᠦ ᠭᠠᠯᠰᠠᠩᠵᠠᠮᠰᠤ ᠶ᠋ᠢ ᠦᠳᠡᠨ ᠮᠣᠷᠳᠠᠭᠤᠯᠵᠠᠢ᠃ 
       ᠵᠢᠷᠭᠤᠳᠤᠭᠠᠷ ᠰᠠᠷ᠎ᠠ ᠳ᠋ᠤ᠌᠂ ᠪᠠᠷ ᠬᠠᠮ ᠠ᠋ᠴᠠ ᠳᠠᠪᠰᠢᠬᠤ ᠥᠷᠥᠨᠡᠲᠦ ᠶ᠋ᠢ ᠲᠣᠭᠲᠠᠭᠠᠭᠴᠢ ᠵᠠᠩᠵᠤᠨ ᠭᠠᠷᠪᠢ ᠶ᠋ᠢᠨ ᠳᠠᠢᠴᠢᠯᠠᠭᠰᠠᠨ ᠶᠡᠬᠡ ᠴᠡᠷᠢᠭ ᠪᠠᠳᠠᠩ ᠠ᠋ᠴᠠ ᠤᠷᠢᠲᠠᠭᠠᠳ ᠴᠠᠮᠲᠤᠤ ᠬᠣᠲᠠ ᠶ᠋ᠢ ᠳᠣᠪᠲᠣᠯᠤᠨ ᠠᠪᠴᠤ᠂ ᠳᠣᠯᠣᠳᠤᠭᠠᠷ ᠰᠠᠷ᠎ᠠ ᠳ᠋ᠤ᠌ ᠪᠠᠷᠠᠭᠤᠨᠰᠢ ᠣᠷᠣᠵᠤ ᠯᠠᠷᠢ ᠬᠣᠲᠠ ᠶ᠋ᠢ ᠪᠠᠢᠯᠳᠤᠨ ᠠᠪᠤᠪᠠ᠃ ᠲᠡᠷᠡ ᠦᠶ᠎ᠡ ᠳ᠋ᠦ᠍ ᠳᠠᠢᠴᠢᠩ ᠤᠯᠤᠰ ᠤ᠋ᠨ ᠴᠡᠷᠢᠭ ᠢ᠋ᠶ᠋ᠡᠷ ᠬᠠᠮ ᠢ᠋ᠶ᠋ᠠᠷ ᠲᠠᠪᠰᠢᠬᠤ ᠮᠡᠳᠡᠭᠡ ᠶ᠋ᠢ ᠣᠯᠤᠭᠰᠠᠨ ᠴᠠᠷᠢᠩᠳᠤᠨᠳᠤᠪ ᠴᠣᠢᠮᠫᠢᠯ ᠵᠠᠢᠰᠠᠩ ᠳ᠋ᠤ᠌ ᠵᠢᠷᠭᠤᠭᠠᠨ ᠵᠠᠭᠤᠨ ᠵᠡᠭᠦᠨᠭᠠᠷ ᠴᠡᠷᠢᠭ᠂ ᠬᠣᠶᠠᠷ ᠵᠠᠭᠤᠨ ᠲᠥᠪᠡᠳ ᠴᠡᠷᠢᠭ ᠥᠭᠴᠦ ᠭᠠᠯᠵᠠᠭᠤ ᠮᠥᠷᠡᠨ ᠦ᠌ ᠬᠥᠪᠡᠭᠦᠨ ᠳ᠋ᠡᠬᠢ ᠮᠥᠵᠥᠭᠣᠩᠭ᠎ᠠ ᠬᠣᠲᠠ ᠶ᠋ᠢ ᠰᠠᠬᠢᠭᠤᠯᠬᠤ ᠭᠡᠰᠡᠨ ᠪᠣᠯᠪᠠᠴᠤ᠂ ᠬᠥᠬᠡᠨᠠᠭᠤᠷ ᠴᠡᠷᠢᠭ ᠢ᠋ ᠬᠣᠷᠢᠭᠯᠠᠬᠤ ᠨᠢ ᠴᠢᠬᠤᠯᠠ ᠭᠡᠮᠡᠨ ᠲᠡᠭᠦᠨ ᠢ᠋ ᠳᠠᠮ ᠣᠷᠴᠢᠮ ᠲᠡᠳᠡᠨ ᠠᠪᠴᠢᠷᠠᠵᠠᠢ᠃ ᠲᠡᠭᠡᠭᠡᠳ ᠮᠦᠵᠤᠭᠤᠩᠭ᠎ᠠ ᠬᠣᠲᠠ ᠶ᠋ᠢ ᠰᠠᠬᠢᠭᠤᠯᠬᠤ ᠪᠠᠷ ᠲᠥᠪᠡᠳ ᠴᠡᠷᠢᠭ ᠬᠣᠶᠠᠷ ᠮᠢᠩᠭ᠎ᠠ ᠢᠯᠡᠭᠦᠦ ᠶ᠋ᠢ ᠲᠣᠮᠢᠯᠠᠪᠠ᠃ ᠵᠠᠩᠵᠤᠨ ᠭᠠᠷᠪᠢ ᠶ᠋ᠢᠨ ᠶᠡᠬᠡ ᠴᠡᠷᠢᠭ ᠯᠠᠷᠢ ᠬᠣᠲᠠ ᠠ᠋ᠴᠠ ᠤᠷᠤᠭᠰᠢᠯᠠᠵᠤ᠂ ᠭᠦᠩᠪᠦ᠋ ᠬᠣᠲᠠ ᠶ᠋ᠢᠨ ᠳ᠋ᠢᠪᠠ ᠵᠢᠭᠦᠷ ᠵᠢᠴᠢ ᠬᠠᠷᠢᠶᠠᠲᠤ ᠲᠥᠪᠡᠳ ᠴᠡᠷᠢᠭ ᠢ᠋ ᠪᠠᠭᠤᠯᠭᠠᠨ ᠠᠪᠴᠤ᠂ ᠨᠠᠢ᠍ᠮᠠᠳᠤᠭᠠᠷ ᠰᠠᠷ᠎ᠠ ᠶ᠋ᠢᠨ ᠡᠬᠢ ᠪᠡᠷ ᠳ᠋ᠢᠪᠠ ᠳᠠᠸᠠ ᠶ᠋ᠢᠨ ᠬᠠᠷᠢᠶᠠᠲᠤ ᠮᠦᠵᠣᠭᠣᠩᠭ᠎ᠠ ᠬᠣᠲᠠ ᠶ᠋ᠢ ᠪᠠᠰᠠ ᠪᠠᠭᠤᠯᠭᠠᠵᠤ ᠠᠪᠴᠠᠢ᠃ ᠭᠡᠲᠡᠯ᠎ᠡ ᠭᠠᠯᠵᠠᠭᠤ ᠮᠥᠷᠡᠨ ᠦ᠌ ᠭᠠᠲᠤᠯᠭᠠᠨ ᠳ᠋ᠠᠬᠢ ᠣᠩᠭᠣᠴᠠ ᠶ᠋ᠢ ᠳ᠋ᠢᠪᠠ ᠳᠠᠭᠵᠠᠨ ᠬᠤᠷᠢᠶᠠᠮᠵᠢᠯᠠᠭᠰᠠᠨ ᠲᠤᠯᠠ ᠶᠡᠬᠡ ᠴᠡᠷᠢᠭ ᠮᠥᠷᠡᠨ ᠢ᠋ ᠭᠠᠲᠤᠯᠵᠤ ᠴᠢᠳᠠᠬᠤ ᠦᠭᠡᠢ ᠪᠠᠢᠪᠠ᠃ ᠢᠩᠭᠢᠭᠡᠳ ᠮᠢᠩᠭᠠᠲᠤ ᠶ᠋ᠢᠨ ᠨᠣᠶᠠᠨ ᠵᠣᠣ ᠷᠤ ᠪᠣᠯᠤᠨ ᠭᠦᠩᠪᠦ᠋ ᠶ᠋ᠢᠨ ᠳ᠋ᠢᠪᠠ ᠵᠢᠭᠦᠷ ᠵᠠᠷᠯᠢᠭ ᠢ᠋ᠶ᠋ᠠᠷ ᠳ᠋ᠢᠪᠠ ᠳᠠᠭᠵᠠᠨ ᠢ᠋ ᠡᠷᠢᠵᠦ᠂ ᠴᠢ ᠲᠦᠷᠭᠡᠨ ᠳᠠᠭᠠᠬᠤ ᠦᠭᠡᠢ ᠬᠣᠶᠠᠷ ᠰᠡᠳᠬᠢᠯ ᠡᠪᠦᠷᠯᠡᠪᠡᠰᠦ ᠂ ᠪᠠᠷᠢᠵᠤ ᠶᠠᠯ᠎ᠠ ᠠᠰᠠᠭᠤᠮᠤᠢ [38] ᠭᠡᠮᠡᠨ ᠰᠦᠷᠳᠡᠭᠦᠯᠵᠡᠢ᠃ ᠲᠡᠭᠦᠨ ᠳ᠋ᠦ᠍ ᠶᠡᠬᠡ ᠴᠡᠷᠢᠭ ᠢ᠋ ᠡᠰᠡᠷᠭᠦᠴᠡᠬᠦ ᠬᠦᠴᠦᠨ ᠦᠭᠡᠢ ᠲᠤᠯᠠ ᠵᠣᠣ ᠷᠤ ᠪᠣᠯᠤᠨ ᠳ᠋ᠢᠪᠠ ᠵᠢᠭᠦᠷ ᠦ᠋ᠨ ᠬᠠᠮᠲᠤ ᠵᠠᠩᠵᠤᠨ ᠭᠠᠷᠪᠢ ᠳ᠋ᠤ᠌ ᠢᠷᠡᠵᠦ ᠳᠠᠭᠠᠪᠠ ᠃ ᠨᠠᠢ᠍ᠮᠠᠳᠤᠭᠠᠷ ᠰᠠᠷ᠎ᠠ ᠶ᠋ᠢᠨ ᠬᠣᠷᠢᠨ ᠬᠣᠶᠠᠷ ᠤ᠋ᠨ ᠡᠳᠦᠷ ᠂ ᠭᠠᠷᠪᠢ ᠶ᠋ᠢᠨ ᠶᠡᠬᠡ ᠴᠡᠷᠢᠭ ᠭᠠᠯᠵᠠᠭᠤ ᠮᠥᠷᠡᠨ ᠢ᠋ ᠭᠠᠲᠤᠯᠤᠭᠠᠳ ᠬᠣᠷᠢᠨ ᠭᠤᠷᠪᠠᠨ ᠤ᠋ ᠡᠳᠦᠷ ᠶᠠᠮᠠᠷ ᠴᠤ᠌ ᠡᠰᠡᠷᠭᠦᠴᠡᠯ ᠦᠭᠡᠢ ᠪᠡᠷ ᡀᠠᠰᠠ ᠬᠣᠲᠠ ᠳ᠋ᠤ᠌ ᠣᠷᠣᠪᠠ᠃ ᠲᠡᠳᠡ ᠡᠩᠬᠡ ᠠᠮᠤᠭᠤᠯᠠᠩ ᠬᠠᠭᠠᠨ ᠤ᠋ ᠨᠣᠮ ᠱᠠᠰᠢᠨ ᠢ᠋ ᠳᠡᠯᠭᠡᠷᠡᠭᠦᠯᠦᠨ ᠲᠥᠪᠡᠳ ᠦ᠋ᠨ ᠣᠯᠠᠨ ᠢ᠋ ᠬᠠᠮᠠᠭᠠᠯᠠᠬᠤ ᠰᠠᠨᠠᠭ᠎ᠠ ᠶ᠋ᠢ ᠤᠬᠠᠭᠤᠯᠤᠭᠰᠠᠨ[39] ᠳ᠋ᠦ᠍ ᡀᠠᠰᠠ ᠶ᠋ᠢᠨ ᠬᠠᠷ᠎ᠠ ᠰᠢᠷ᠎ᠠ ᠣᠯᠠᠨ ᠢ᠋ᠶ᠋ᠠᠷ ᠢ᠋ᠶ᠋ᠠᠨ ᠠᠯᠠᠭ᠎ᠠ ᠪᠠᠨ ᠬᠠᠪᠰᠤᠷᠤᠨ ᠵᠠᠯᠪᠠᠷᠢᠵᠠᠢ[40] ᠃ ᠵᠠᠩᠵᠤᠨ ᠭᠠᠷᠪᠢ ᠲᠡᠷᠡ ᠳᠠᠷᠤᠢ ᠴᠡᠷᠢᠭ ᠲᠣᠮᠢᠯᠠᠨ ᡀᠠᠰᠠ ᠬᠣᠲᠠ ᠶ᠋ᠢᠨ ᠴᠢᠬᠤᠯᠠ ᠭᠤᠳᠤᠮᠵᠢ ᠪᠠ ᠭᠠᠳᠠᠭᠰᠢ ᠨᠡᠪᠲᠡᠷᠡᠬᠦ ᠵᠠᠮ ᠪᠦᠬᠦᠨ ᠢ᠋ ᠪᠢᠲᠡᠭᠦᠮᠵᠢᠯᠡᠵᠦ᠂ ᠵᠡᠭᠦᠨᠭᠠᠷ ᠤ᠋ᠨ ᠴᠡᠷᠢᠭ ᠲᠦ᠍ ᠬᠦᠷᠭᠡᠬᠦ ᠮᠡᠳᠡᠭᠡ ᠴᠢᠮᠡᠭᠡ᠂ ᠠᠮᠤ ᠬᠦᠨᠡᠰᠦ᠂ ᠡᠳ᠋ ᠪᠠᠷᠠᠭ᠎ᠠ ᠪᠦᠬᠦᠨ ᠢ᠋ ᠬᠣᠷᠢᠭᠯᠠᠨ ᠲᠠᠰᠤᠯᠪᠠ᠃ ᠪᠠᠰᠠ ᠳ᠋ᠢᠪᠠ ᠳᠠᠭᠴᠠᠨ ᠳ᠋ᠤ᠌ ᠵᠠᠷᠯᠢᠭ ᠪᠠᠭᠤᠯᠭᠠᠵᠤ 《ᠲᠡᠭᠦᠨ ᠦ᠌ ᠲᠠᠮᠠᠭᠠᠲᠤ ᠪᠢᠴᠢᠭ ᠢ᠋ᠶ᠋ᠡᠷ ᠶᠡᠬᠡ ᠴᠡᠷᠢᠩᠳᠣᠨᠳᠣᠪ ᠤ᠋ᠨ ᠴᠡᠷᠢᠭ ᠳᠠᠬᠢ ᠲᠥᠪᠡᠳ ᠴᠡᠷᠢᠭ ᠢ᠋ ᠲᠠᠷᠬᠠᠭᠠᠯᠭᠠᠵᠠᠢ》[41] ᠃ ᠡᠭᠦᠨ ᠦ᠌ ᠬᠠᠮᠲᠤ ᠳᠠᠯᠠᠢ ᠯᠠᠮᠠ ᠶ᠋ᠢᠨ ᠰᠠᠩ ᠬᠥᠮᠥᠷᠭᠡ ᠶ᠋ᠢ ᠪᠢᠲᠡᠭᠦᠮᠵᠢᠯᠡᠵᠦ ᠡᠯ᠎ᠡ ᠰᠦᠮ᠎ᠡ ᠳ᠋ᠡᠬᠢ ᠵᠠᠭᠤ ᠢᠯᠡᠭᠦᠦ ᠵᠡᠭᠦᠨᠭᠠᠷ ᠯᠠᠮᠠ ᠶ᠋ᠢ ᠪᠠᠷᠢᠵᠤ᠂ ᠲᠡᠭᠦᠨ ᠦ᠌ ᠳᠣᠲᠣᠷᠠᠬᠢ ᠶᠡᠬᠡ ᠴᠡᠷᠢᠩᠳᠣᠨᠳᠣᠪ ᠤ᠋ᠨ ᠡᠷᠭᠦᠮᠵᠢᠯᠡᠯ ᠢ᠋ ᠬᠦᠷᠲᠡᠭᠰᠡᠨ ᠲᠠᠪᠤᠨ ᠯᠠᠮᠠ ᠶ᠋ᠢ ᠴᠠᠭᠠᠵᠠ ᠪᠠᠷ ᠴᠠᠪᠴᠢᠪᠠ᠃ 
       ᠳᠣᠯᠣᠳᠤᠭᠠᠷ ᠰᠠᠷ᠎ᠠ ᠳ᠋ᠤ᠌᠂ ᠵᠠᠩᠵᠤᠨ ᠶᠠᠨ ᠰᠢᠨ ᠦ᠌ ᠳᠠᠢᠴᠢᠯᠠᠭᠰᠠᠨ ᠴᠡᠷᠢᠭ ᠬᠦᠬᠦᠰᠡᠢ ᠶ᠋ᠢᠨ ᠳᠠᠪᠠᠭ᠎ᠠ ᠶ᠋ᠢ ᠥᠩᠭᠡᠷᠡᠨ ᠠᠭᠠᠵᠢᠮ ᠢ᠋ᠶ᠋ᠠᠷ ᠬᠠᠷ᠎ᠠ ᠤᠰᠤᠨ ᠳ᠋ᠤ᠌ ᠬᠦᠷᠴᠦ ᠢᠷᠡᠵᠦ᠂ ᠨᠠᠢ᠍ᠮᠠᠳᠤᠭᠠᠷ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠪᠤᠭ ᠭᠣᠣᠯ ᠳ᠋ᠤ᠌ ᠬᠦᠷᠢᠶ᠎ᠡ ᠪᠠᠭᠤᠵᠠᠢ᠃ ᠲᠡᠷᠡ ᠬᠢᠷᠢ ᠳ᠋ᠦ᠍ ᠶᠡᠬᠡ ᠴᠡᠷᠢᠩᠳᠣᠨᠳᠣᠪ ᠠᠯᠢᠪᠠ ᠬᠦᠴᠦᠨ ᠢ᠋ᠶ᠋ᠡᠨ ᠲᠥᠪᠯᠡᠷᠡᠭᠦᠯᠦᠨ ᠬᠠᠷ᠎ᠠ ᠤᠰᠤ ᠶ᠋ᠢᠨ ᠴᠢᠭᠯᠡᠯ ᠢ᠋ᠶ᠋ᠡᠷ ᠢᠷᠡᠬᠦ ᠳᠠᠢᠴᠢᠩ ᠤ᠋ᠨ ᠴᠡᠷᠢᠭ ᠢ᠋ ᠴᠣᠬᠢᠬᠤ ᠪᠠᠷ ᠪᠡᠯᠡᠳᠬᠡᠵᠦ᠂ ᠰᠥᠨᠢ ᠳᠤᠮᠳᠠ ᠶ᠋ᠢᠨ ᠦᠶ᠎ᠡ ᠪᠡᠷ ᠳᠠᠢᠴᠢᠩ ᠤ᠋ᠨ ᠴᠡᠷᠢᠭ ᠦ᠋ᠨ ᠬᠦᠷᠢᠶ᠎ᠡ ᠶ᠋ᠢ ᠳᠠᠭᠠᠷᠢᠵᠤ ᠬᠡᠳᠦᠨ ᠮᠢᠩᠭᠠᠨ ᠬᠥᠮᠦᠨ ᠢ᠋ ᠠᠯᠠᠨ ᠰᠢᠷᠬᠠᠲᠤᠭᠤᠯᠤᠭᠠᠳ ᠤᠬᠤᠷᠢᠪᠠ᠃ ᠡᠨᠡ ᠮᠡᠲᠦ ᠪᠡᠷ ᠶᠠᠨ ᠰᠢᠨ ᠦ᠌ ᠴᠡᠷᠢᠭ ᠦ᠋ᠨ ᠬᠦᠷᠢᠶ᠎ᠡ ᠶ᠋ᠢ ᠬᠡᠳᠦᠨ ᠤᠳᠠᠭ᠎ᠠ ᠭᠡᠨᠡᠳᠡᠭᠦᠯᠦᠨ ᠳᠠᠭᠠᠷᠢᠵᠤ ᠨᠡᠯᠢᠶᠡᠳ ᠬᠥᠮᠦᠨ ᠢ᠋ ᠠᠯᠠᠨ ᠰᠢᠷᠬᠠᠲᠤᠭᠤᠯᠤᠭᠰᠠᠨ ᠪᠣᠯᠪᠠᠴᠤ ᡀᠠᠰᠠ ᠬᠡᠳᠦᠢᠨ ᠡᠵᠡᠯᠡᠭᠳᠡᠵᠦ ᠪᠠᠢᠳᠠᠯ ᠨᠢᠭᠡᠨᠲᠡ ᠬᠤᠪᠢᠷᠠᠯᠲᠠ ᠭᠠᠷᠤᠭᠰᠠᠨ ᠲᠤᠯᠠ ᠲᠡᠷᠡ ᠬᠠᠷᠢᠶᠠᠲᠤ ᠣᠯᠠᠨ ᠢ᠋ᠶ᠋ᠠᠨ ᠳᠠᠢᠴᠢᠯᠠᠨ ᠵᠡᠭᠦᠨᠭᠠᠷ ᠵᠦᠭ ᠳᠤᠲᠠᠭᠠᠵᠠᠢ᠃  
       ᠶᠠᠨ ᠰᠢᠨ ᠦ᠌ ᠶᠡᠬᠡ ᠴᠡᠷᠢᠭ ᠵᠠᠮ ᠢ᠋ᠶ᠋ᠠᠷ ᠥᠩᠭᠡᠷᠡᠨ ᠶᠢᠰᠦᠳᠦᠭᠡᠷ ᠰᠠᠷ᠎ᠠ ᠶ᠋ᠢᠨ ᠠᠷᠪᠠᠨ ᠲᠠᠪᠤᠨ ᠤ᠋ ᠡᠳᠦᠷ ᡀᠠᠰᠠ ᠳ᠋ᠤ᠌ ᠬᠦᠷᠴᠦ ᠢᠷᠡᠪᠡ᠃ ᠠᠷᠪᠠᠳᠤᠭᠠᠷ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ ᠵᠢᠩᠬᠢᠨᠢ ᠳᠠᠯᠠᠢ ᠯᠠᠮᠠ ᠭᠠᠯᠰᠠᠩᠵᠠᠮᠰᠤ ᠶ᠋ᠢ ᠪᠤᠲᠠᠯᠠ ᠣᠷᠳᠣᠨ ᠳ᠋ᠤ᠌ ᠵᠠᠯᠠᠵᠤ᠂ ᠵᠠᠭᠠᠪᠤᠷᠢ ᠰᠦᠮ᠎ᠡ ᠳ᠋ᠦ᠍ ᠬᠣᠷᠢᠵᠤ ᠲᠠᠯᠪᠢᠭᠰᠠᠨ ᠬᠠᠭᠤᠷᠮᠠᠭ ᠳᠠᠯᠠᠢ ᠯᠠᠮᠠ ᠢᠰᠢᠵᠠᠮᠰᠤ ᠶ᠋ᠢ ᠪᠡᠭᠡᠵᠢᠩ ᠵᠦᠭ ᠠᠪᠴᠢᠷᠠᠵᠠᠢ᠃