ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ< ᠲᠠᠪᠤᠳᠤᠭᠠᠷ ᠪᠦᠯᠦᠭ -4>᠂ ᠴᠡᠭᠡᠯ ᠦᠨ ᠤᠰᠤ ᠴᠠᠯᠭᠢᠯᠠᠪᠠ Бүргэд харьд үүрэлдэггүй – Ж᠂ Пүрэв <5-р бүлэг ~4>.цээлийн ус цалгилав ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ< ᠲᠠᠪᠤᠳᠤᠭᠠᠷ ᠪᠦᠯᠦᠭ -4>᠂ ᠴᠡᠭᠡᠯ ᠦᠨ ᠤᠰᠤ ᠴᠠᠯᠭᠢᠯᠠᠪᠠ Бүргэд харьд үүрэлдэггүй – Ж᠂ Пүрэв <5-р бүлэг ~4>.цээлийн ус цалгилав

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ< ᠲᠠᠪᠤᠳᠤᠭᠠᠷ ᠪᠦᠯᠦᠭ -4>᠂ ᠴᠡᠭᠡᠯ ᠦᠨ ᠤᠰᠤ ᠴᠠᠯᠭᠢᠯᠠᠪᠠ Бүргэд харьд үүрэлдэггүй – Ж᠂ Пүрэв <5-р бүлэг ~4>.цээлийн ус цалгилав

ᠠᠩᠭᠢᠯᠠᠯ:ᠲᠤᠭᠤᠵᠢ ᠷᠣᠮᠠᠨ
2026-08-28

34

ᠳᠥᠷᠪᠡ᠂ ᠴᠡᠭᠡᠯ ᠦ᠋ᠨ ᠤᠰᠤ ᠴᠠᠯᠭᠢᠯᠠᠪᠠ


       ᠠᠷᠢᠬᠪᠦᠢ᠍ᠬᠡ ᠬᠠᠭᠠᠨ ᠤ᠋ ᠦᠷᠭᠦᠭᠡᠨ ᠳ᠋ᠦ᠍ ᠬᠦᠯᠦᠭ ᠰᠢᠷᠬ᠎ᠠ ᠲᠠᠢ ᠭᠤᠶ᠎ᠠ ᠪᠠᠨ ᠡᠮᠵᠡᠭᠯᠡᠨ ᠳᠣᠭᠣᠯᠤᠭᠰᠠᠭᠠᠷ ᠳᠡᠭᠦᠦ ᠪᠢᠯᠢᠭᠦᠨ ᠢ᠋ᠶ᠋ᠡᠷ ᠲᠦᠰᠢᠭᠦᠯᠦᠨ ᠣᠷᠣᠵᠤ ᠪᠠᠷᠠᠯᠬᠠᠪᠠ᠃ ᠶᠡᠬᠡ ᠬᠠᠭᠠᠨ ᠬᠠᠵᠠᠭᠤ ᠳ᠋ᠤ᠌ ᠪᠠᠨ ᠲᠠᠯᠪᠢᠭᠰᠠᠨ ᠲᠣᠷᠭᠠᠨ ᠪᠠᠷᠢᠨᠲᠠᠭ ᠲᠠᠢ ᠵᠤᠵᠠᠭᠠᠨ ᠰᠤᠳᠤᠷ ᠠ᠋ᠴᠠ ᠨᠢᠭᠡᠨ ᠬᠠᠭᠤᠳᠠᠰᠤ ᠶ᠋ᠢ ᠠᠪᠴᠤ ᠴᠢᠩᠭᠠᠬᠠᠨ ᠳᠠᠭᠤ ᠪᠠᠷ ᠤᠩᠰᠢᠵᠤ ᠰᠠᠭᠤᠪᠠ᠃ ᠬᠠᠭᠠᠨ ᠤ᠋ ᠥᠭᠦᠯᠡᠬᠦ ᠨᠢ᠄ 
       —《ᠬᠠᠯᠠᠭᠤᠨ ᠴᠢᠰᠤ ᠪᠠᠨ ᠭᠠᠮᠨᠠᠬᠤ ᠦᠭᠡᠢ 
          ᠬᠠᠮᠬᠢᠬᠤ ᠨᠢᠳᠦ ᠪᠡᠨ ᠢᠷᠮᠡᠬᠦ ᠦᠭᠡᠢ 
          ᠭᠠᠷ ᠤ᠋ᠨ ᠬᠠᠨᠴᠤᠢ ᠶ᠋ᠢ ᠳᠡᠷᠡᠯᠡᠵᠦ
          ᠭᠠᠳᠠᠭᠠᠳᠤ ᠬᠣᠷᠮᠣᠢ ᠪᠠᠨ ᠳᠡᠪᠢᠰᠴᠦ 
          ᠰᠢᠯᠦᠰᠦᠨ ᠦ᠌ ᠬᠥᠭᠡᠰᠦ ᠪᠡᠷ ᠤᠮᠳᠠᠭᠠᠯᠠᠵᠤ 
          ᠰᠢᠲᠦᠨ ᠦ᠌ ᠮᠢᠬ᠎ᠠ ᠪᠠᠷ ᠬᠣᠭᠣᠯᠠᠯᠠᠵᠤ 
          ᠤᠯᠤᠰ ᠢ᠋ᠶ᠋ᠠᠨ ᠬᠤᠷᠢᠶᠠᠵᠤ ᠶᠠᠪᠤᠭᠰᠠᠨ᠁》 
ᠪᠢᠯᠡ ᠭᠡᠮᠡᠨ ᠶᠠᠭ ᠬᠣᠷᠢᠨ ᠵᠢᠯ ᠦ᠋ᠨ ᠡᠮᠦᠨ᠎ᠡ ᠵᠣᠬᠢᠶᠠᠭᠳᠠᠭᠰᠠᠨ《ᠮᠣᠩᠭᠣᠯ ᠤ᠋ᠨ ᠨᠢᠭᠤᠴᠠ ᠲᠣᠪᠴᠢᠶᠠᠨ》 ᠭᠡᠳᠡᠭ ᠰᠤᠳᠤᠷ ᠤ᠋ᠨ ᠰᠠᠶᠢᠬᠠᠨ ᠳᠠᠬᠢᠨ ᠰᠡᠢᠷᠡᠭᠦᠯᠵᠦ ᠪᠢᠴᠢᠭᠰᠡᠨ ᠡᠬᠡ ᠶ᠋ᠢ ᠤᠩᠰᠢᠵᠤ ᠪᠠᠢᠭᠰᠠᠨ ᠢ᠋ᠶ᠋ᠠᠨ ᠠᠬ᠎ᠠ ᠳᠡᠭᠦᠦ ᠬᠣᠶᠠᠷ ᠢ᠋ ᠬᠠᠷᠠᠭᠠᠳ ᠨᠣᠮ ᠢ᠋ᠶ᠋ᠠᠨ ᠣᠷᠬᠢᠵᠤ᠂ ᠥᠪᠡᠷ ᠲᠦ᠍ ᠪᠡᠨ ᠣᠢᠷᠠᠲᠤᠭᠠᠳ ᠢᠷ᠎ᠡ! ᠭᠡᠮᠡᠨ ᠬᠤᠷᠤᠭᠤ ᠪᠠᠷ ᠢ᠋ᠶ᠋ᠠᠨ ᠳᠠᠯᠠᠯᠪᠠ᠃ 
       ᠬᠦᠯᠦᠭ᠂ ᠪᠢᠯᠢᠭᠦᠨ ᠬᠣᠶᠠᠷ ᠳᠡᠷᠭᠡᠳᠡ ᠨᠢ ᠲᠤᠯᠵᠤ ᠣᠴᠢᠪᠠᠯ ᠠᠷᠢᠬᠪᠦᠢ᠍ᠬᠡ ᠲᠣᠮᠣ ᠬᠠᠷ᠎ᠠ ᠨᠢᠳᠦ ᠪᠡᠨ ᠨᠡᠭᠡᠭᠡᠵᠦ ᠠᠬᠢᠭᠤᠯᠤᠨ ᠬᠠᠷᠠᠭᠠᠳ᠂ ᠨᠢᠭᠡ ᠶᠢ ᠪᠣᠳᠣᠭᠰᠠᠨ ᠪᠠᠢᠳᠠᠯ ᠢ᠋ᠶ᠋ᠠᠷ᠄ 
       — ᠲᠠ ᠨᠠᠷ ᠬᠡᠵᠢᠶ᠎ᠡ ᠢᠷᠡᠪᠡ ᠠ᠋? ᠪᠡᠶ᠎ᠡ ᠴᠢᠨᠢ ᠵᠦᠭᠡᠷ ᠤᠤ? ᠭᠡᠵᠦ ᠠᠰᠠᠭᠤᠯ᠎ᠠ᠃ ᠬᠠᠭᠠᠨ ᠬᠠᠷᠢᠭᠤ ᠶ᠋ᠢ ᠰᠣᠨᠣᠰᠤᠨ ᠬᠡᠰᠡᠭ ᠵᠠᠭᠤᠷ᠎ᠠ ᠡᠩ ᠦ᠋ᠨ ᠵᠦᠢᠯ ᠶᠠᠷᠢᠵᠤ ᠪᠠᠢᠭᠰᠠᠨ ᠢ᠋ᠶ᠋ᠠᠨ ᠬᠦᠯᠦᠭ ᠲᠦ᠍ ᠬᠠᠨᠳᠤᠵᠤ 
       — ᠵᠠ᠂ ᠱᠠᠩᠳᠤ ᠭᠡᠳᠡᠭ ᠬᠣᠲᠠ ᠳ᠋ᠤ᠌ ᠶᠠᠭᠤ ᠪᠣᠯᠵᠤ ᠪᠠᠢᠨ᠎ᠠ ᠪᠣᠢ? ᠬᠤᠪᠢᠯᠠᠢ ᠨᠠᠮᠠᠶ᠋ᠢ ᠶᠠᠭᠤ ᠭᠡᠵᠦ ᠬᠠᠷᠢᠶᠠᠵᠤ ᠰᠠᠭᠤᠨ᠎ᠠ ᠪᠣᠢ ᠭᠡᠮᠡᠨ ᠠᠰᠠᠭᠤᠭᠠᠳ ᠬᠠᠷᠢᠭᠤ ᠬᠦᠯᠢᠶᠡᠪᠡ᠃ ᠬᠦᠯᠦᠭ ᠬᠥᠭᠡᠷᠦᠭᠰᠡᠨ ᠰᠡᠳᠬᠢᠯ ᠢ᠋ᠶ᠋ᠡᠨ ᠳᠠᠷᠤᠵᠤ ᠵᠣᠭᠰᠣᠭᠠᠳ ᠨᠠᠮᠤᠭᠤᠬᠠᠨ ᠳᠠᠭᠤ ᠪᠠᠷ 
       — ᠬᠠᠭᠠᠨᠲᠠᠨ ᠮᠢᠨᠢ᠂ ᠥᠷᠥᠰᠢᠶᠡᠵᠦ ᠪᠣᠯᠭᠣᠭ᠎ᠠ! ᠪᠣᠭᠣᠯ ᠨᠢ ᠰᠡᠭᠦᠯᠴᠢ ᠶ᠋ᠢᠨ ᠨᠢᠭᠡ ᠪᠦᠲᠦᠨ ᠰᠠᠷ᠎ᠠ ᠭᠠᠷᠤᠢ ᠶ᠋ᠢᠨ ᠬᠤᠭᠤᠴᠠᠭᠠᠨ ᠳ᠋ᠤ᠌ ᠶᠡᠬᠡ ᠵᠠᠬᠢᠷᠤᠭᠴᠢ ᠶ᠋ᠢᠨ ᠳᠡᠷᠭᠡᠳᠡ ᠰᠢᠳᠠᠷᠯᠠᠵᠤ ᠪᠠᠢᠭᠰᠠᠨ ᠦᠭᠡᠢ᠃ ᠬᠠᠷ᠎ᠠ ᠭᠡᠷ ᠲᠦ᠍ ᠬᠣᠷᠢᠭᠳᠠᠨ᠂ ᠳᠠᠷᠠᠭ᠎ᠠ ᠨᠢ ᠡᠯᠵᠢᠭᠡ ᠮᠠᠯᠯᠠᠵᠤ ᠶᠠᠪᠤᠭᠠᠳ ᠨᠠᠷᠢᠨ ᠰᠢᠷᠢᠨ ᠶᠠᠭᠤᠮ᠎ᠠ ᠰᠣᠨᠣᠰᠴᠤ ᠮᠡᠳᠡᠬᠦ ᠪᠡᠨ ᠪᠠᠢᠭᠰᠠᠨ᠃ ᠲᠡᠢᠮᠦ ᠪᠣᠯᠬᠣᠷ ᠪᠠᠢᠳᠠᠯ ᠢ᠋ ᠬᠣᠯᠠ ᠠ᠋ᠴᠠ ᠯᠠ ᠠᠵᠢᠵᠤ᠂ ᠬᠥᠮᠦᠨ ᠠᠮᠢᠲᠠᠨ ᠤ᠋ ᠰᠤᠯᠠ ᠶᠠᠷᠢᠯᠴᠠᠭᠠᠨ ᠠ᠋ᠴᠠ ᠳᠠᠮ ᠰᠣᠨᠣᠰᠤᠭᠰᠠᠨ ᠲᠡᠳᠦᠢ ᠪᠡᠷ ᠮᠡᠳᠡᠭᠰᠡᠨ ᠭᠡᠪᠡᠯ ᠠᠷᠢᠬᠪᠦᠢ᠍ᠬᠡ᠄ 
       — ᠪᠢ ᠲᠡᠷᠡ ᠪᠦᠬᠦᠨ ᠢ᠋ ᠴᠢᠨᠢ ᠴᠢᠨᠦ ᠪᠢᠴᠢᠭᠰᠡᠨ ᠪᠢᠴᠢᠭ ᠡᠴᠡ ᠭᠠᠳᠠᠷᠯᠠᠭᠰᠠᠨ᠃ ᠴᠢ ᠣᠳᠣ ᠴᠣᠬᠣᠮ ᠶᠠᠭᠤ ᠮᠡᠳᠡᠵᠦ ᠪᠠᠢᠭ᠎ᠠ ᠪᠠᠨ ᠯᠠ ᠨᠠᠳᠠᠳᠤ ᠶᠠᠷᠢᠭᠠᠳ ᠣᠷᠭᠢ᠃ ᠭᠡᠵᠦ ᠰᠢᠷᠦᠭᠦᠬᠡᠨ ᠳᠤᠤᠭᠠᠷᠪᠠ᠃ 
       ᠬᠦᠯᠦᠭ ᠳᠠᠬᠢᠨ ᠥᠷᠥᠰᠢᠶᠡᠯ ᠭᠤᠶᠤᠭᠠᠳ᠂ ᠥᠪᠡᠷ ᠦ᠋ᠨ ᠦᠵᠡᠵᠦ ᠬᠠᠷᠠᠭᠰᠠᠨ ᠪᠦᠬᠦᠨ ᠢ᠋ᠶ᠋ᠡᠨ ᠲᠣᠭᠠᠴᠢᠨ ᠠᠢᠯᠠᠳᠬᠠᠯ᠎ᠠ᠃  
       ᠠᠷᠢᠬᠪᠦᠢ᠍ᠬᠡ ᠨᠢᠳᠦ ᠴᠠᠪᠴᠢᠯ ᠦᠭᠡᠢ ᠬᠦᠯᠦᠭ ᠢ᠋ ᠰᠢᠷᠲᠡᠨ ᠰᠠᠭᠤᠵᠤ ᠠᠢᠯᠠᠳᠬᠠᠯ ᠢ᠋ ᠴᠢᠩᠨᠠᠨ᠎ᠠ᠃ ᠬᠦᠯᠦᠭ ᠬᠥᠯᠥᠰᠥ ᠪᠡᠨ ᠬᠠᠨᠴᠤᠢ ᠪᠠᠷ ᠢ᠋ᠶ᠋ᠠᠨ ᠱᠤᠳᠤᠷᠤᠨ ᠠᠷᠴᠢᠭᠠᠳ᠄ 
       — ᠪᠠᠢᠳᠠᠯ ᠢ᠋ ᠠᠵᠢᠭᠯᠠᠬᠤ ᠳ᠋ᠤ᠌ ᠬᠤᠪᠢᠯᠠᠢ ᠵᠠᠬᠢᠷᠤᠭᠴᠢ ᠨᠠᠭᠠᠰᠢ ᠪᠠᠨ ᠰᠢᠭᠤᠳ ᠳᠣᠪᠲᠣᠯᠤᠨ ᠪᠠᠢᠯᠳᠤᠬᠤ ᠪᠠᠷ ᠬᠠᠮᠤᠭ ᠶᠠᠪᠤᠳᠠᠯ ᠢ᠋ᠶ᠋ᠠᠨ ᠵᠡᠬᠡᠵᠦ ᠪᠠᠢᠬᠤ ᠪᠣᠯᠤᠯᠲᠠᠢ᠃ ᠰᠢᠳᠠᠷ ᠵᠠᠩᠵᠤᠨ ᠨᠤᠭᠤᠳ ᠵᠠᠬᠢᠷᠤᠭᠴᠢ ᠶ᠋ᠢᠨ ᠳᠡᠷᠭᠡᠳᠡ ᠪᠠᠢᠨ ᠪᠠᠢᠨ ᠴᠤᠭᠯᠠᠳᠠᠭ᠃ ᠰᠡᠭᠦᠯ ᠦ᠋ᠨ ᠦᠶ᠎ᠡ ᠳ᠋ᠦ᠍ ᠲᠡᠳᠡᠨ ᠦ᠌ ᠳᠣᠲᠣᠷ᠎ᠠ ᠤᠷᠢᠶᠠᠩᠬᠠᠢᠳᠠᠢ ᠵᠠᠩᠵᠤᠨ ᠦᠵᠡᠭᠳᠡᠬᠦ ᠪᠡᠨ ᠪᠠᠢᠭᠰᠠᠨ᠃ ᠲᠡᠷᠡ ᠵᠠᠩᠵᠤᠨ ᠬᠡᠳᠦ ᠬᠣᠨᠣᠭ ᠤ᠋ᠨ ᠡᠮᠦᠨ᠎ᠡ ᠨᠢᠭᠡ ᠢᠷᠡᠭᠡᠳ᠂ ᠱᠠᠩᠳᠤ ᠳ᠋ᠤ᠌ ᠤᠳᠠᠯ ᠦᠭᠡᠢ ᠠᠷᠪᠠᠭᠠᠳᠬᠠᠨ ᠴᠡᠷᠢᠭ ᠳᠠᠭᠠᠭᠤᠯᠤᠨ ᠣᠷᠣᠭᠰᠢ ᠪᠠᠨ ᠪᠤᠴᠠᠭᠠᠳ ᠶᠠᠪᠤᠴᠢᠬᠠᠬᠤ ᠶ᠋ᠢ ᠪᠢ ᠬᠣᠲᠠ ᠶ᠋ᠢᠨ ᠵᠠᠬ᠎ᠠ ᠳ᠋ᠤ᠌ ᠡᠯᠵᠢᠭᠡ ᠬᠠᠷᠢᠭᠤᠯᠤᠨ ᠶᠠᠪᠤᠭᠠᠳ ᠬᠠᠷᠠᠭᠰᠠᠨ᠃ ᠬᠠᠳᠠᠨ ᠵᠠᠩᠵᠤᠨ ᠯᠠ ᠴᠡᠷᠢᠭ ᠦ᠋ᠨ ᠲᠠᠯ᠎ᠠ ᠪᠠᠷ ᠬᠠᠮᠤᠭ ᠤ᠋ᠨ ᠶᠡᠬᠡ ᠬᠥᠮᠦᠨ ᠨᠢ ᠪᠣᠯᠤᠭᠰᠠᠨ ᠪᠣᠯᠤᠯᠲᠠᠢ ᠭᠡᠳᠡᠢᠵᠦ ᠢᠷᠪᠠᠢᠭᠠᠳ ᠣᠷᠳᠣᠨ ᠤ᠋ ᠡᠭᠦᠳᠡᠨ ᠳᠡᠭᠡᠷ᠎ᠡ ᠲᠠᠰᠢᠶ᠎ᠠ ᠲᠤᠯᠤᠨ ᠵᠣᠭᠰᠣᠵᠤ ᠪᠠᠢᠵᠤ ᠦᠵᠡᠭᠳᠡᠳᠡᠭ᠃ ᠰᠥᠩ ᠤᠯᠤᠰ ᠤ᠋ᠨ ᠬᠢᠯᠢ ᠳᠡᠭᠡᠷ᠎ᠡ ᠪᠠᠢᠭᠰᠠᠨ ᠶᠡᠬᠡᠩᠬᠢ ᠴᠡᠷᠢᠭ᠂ ᠲᠡᠭᠦᠨ ᠦ᠌ ᠶᠡᠬᠡ ᠪᠠᠭ᠎ᠠ ᠳᠠᠭᠠᠭᠠᠮᠠᠯ ᠤᠳ ᠱᠠᠩᠳᠤ ᠳ᠋ᠤ᠌ ᠴᠤᠭᠯᠠᠷᠠᠭᠠᠳ᠂ ᠬᠠᠮᠤᠭ ᠶᠠᠭᠤᠮᠠᠨ ᠤ᠋ ᠬᠣᠰᠢᠭᠤ ᠨᠢ ᠬᠣᠢᠰᠢ ᠪᠠᠨ ᠬᠠᠷᠠᠴᠢᠬᠠᠭᠰᠠᠨ ᠪᠠᠢᠭ᠎ᠠ᠃ ᠬᠤᠪᠢᠯᠠᠢ ᠵᠠᠬᠢᠷᠤᠭᠴᠢ ᠰᠥᠩ ᠦ᠋ᠨ ᠬᠠᠭᠠᠨ ᠲᠠᠢ ᠲᠤᠯᠤᠯᠳᠤᠬᠤ ᠳᠣᠯᠣᠭᠠᠨ ᠢ᠋ᠶ᠋ᠠᠨ ᠬᠦᠴᠦᠲᠡᠢ ᠪᠣᠯᠭᠠᠬᠤ ᠭᠡᠵᠦ ᠪᠠᠢᠭ᠎ᠠ ᠪᠣᠯ ᠴᠡᠷᠢᠭ ᠢ᠋ᠶ᠋ᠡᠨ ᠶᠠᠭᠤᠨ ᠳ᠋ᠤ᠌ ᠨᠠᠭᠠᠰᠢ ᠨᠢ ᠲᠠᠲᠠᠬᠤ ᠪᠢᠯᠡ᠃ ᠲᠡᠷᠡ ᠶᠡᠬᠡ ᠨᠣᠶᠠᠨ ᠲᠠᠨ ᠲᠠᠢ ᠯᠠ ᠭᠠᠷᠴᠠᠭ᠎ᠠ ᠦᠭᠡᠢ ᠳᠠᠢᠳᠤᠬᠤ ᠭᠡᠵᠦ ᠪᠡᠯᠡᠳᠬᠡᠵᠦ ᠪᠠᠢᠨ᠎ᠠ᠃ ᠲᠡᠢᠨ ᠢ᠋ᠶ᠋ᠡᠨ ᠪᠦᠷ ᠤᠳᠠᠬᠤ ᠦᠭᠡᠢ ᠶᠠᠪᠤᠭᠤᠯᠬᠤ ᠰᠢᠨᠵᠢᠲᠡᠢ᠃ ᠲᠠ ᠪᠣᠯᠭᠣᠭ᠎ᠠ! ᠪᠣᠭᠣᠯ ᠨᠠᠮᠠᠶ᠋ᠢ ᠬᠤᠪᠢᠯᠠᠢ ᠶ᠋ᠢᠨ ᠳᠡᠭᠦᠦ ᠲᠠᠨ ᠢ᠋ ᠬᠠᠭᠠᠨ ᠭᠡᠵᠦ ᠬᠡᠯᠡᠭᠰᠡᠨ ᠦ᠌ ᠲᠥᠯᠥᠭᠡ ᠪᠠᠷᠢᠵᠤ ᠠᠪᠴᠤ ᠬᠣᠷᠢᠨ᠂ ᠪᠣᠭᠣᠯ ᠤ᠋ᠨ ᠠᠵᠢᠯ ᠳ᠋ᠤ᠌ ᠰᠢᠯᠵᠢᠭᠦᠯᠦᠭᠰᠡᠨ᠃ ᠮᠡᠬᠦᠰ ᠪᠢ ᠠᠬᠠᠨ ᠳᠡᠭᠦᠦ ᠳᠡᠭᠡᠳᠦᠰ ᠨᠣᠶᠠᠳ ᠬᠠᠭᠠᠳ ᠲᠠ ᠪᠦᠬᠦᠨ ᠢ᠋ ᠬᠠᠭᠠᠷᠠᠯᠳᠠᠭᠤᠯᠬᠤ ᠶ᠋ᠢᠨ ᠲᠤᠯᠠ ᠳ᠋ᠤ᠌ ᠭᠡᠬᠦ ᠤᠤ᠂ ᠥᠪᠡᠷ ᠢ᠋ ᠪᠡᠨ ᠱᠣᠷᠣᠩ ᠳ᠋ᠤ᠌ ᠬᠣᠷᠢᠭᠰᠠᠨ ᠳ᠋ᠤ᠌ ᠥᠰᠢᠷᠬᠡᠨ ᠬᠤᠳᠠᠯ ᠬᠡᠯᠡᠵᠦ ᠪᠠᠢᠭ᠎ᠠ ᠶᠤᠮ ᠪᠢᠰᠢ ᠭᠡᠵᠦ ᠬᠡᠯᠡᠭᠡᠳ᠂ ᠪᠤᠰᠤᠳ ᠦᠵᠡᠵᠦ ᠬᠠᠷᠠᠭᠰᠠᠨ ᠵᠦᠢᠯ ᠢ᠋ᠶ᠋ᠡᠨ ᠨᠡᠮᠡᠵᠦ ᠲᠣᠭᠠᠴᠢᠨ ᠠᠢᠯᠠᠳᠬᠠᠯ᠎ᠠ᠁ ᠪᠢᠯᠢᠭᠦᠨ ᠪᠠᠰᠠ ᠵᠠᠮ ᠵᠠᠭᠤᠷ᠎ᠠ ᠳ᠋ᠤ᠌ ᠰᠠᠶᠢ ᠬᠠᠷᠠᠵᠤ ᠦᠵᠡᠭᠰᠡᠨ ᠢ᠋ᠶ᠋ᠡᠨ ᠠᠢᠯᠠᠳᠬᠠᠪᠠ᠃ ᠶᠠᠷᠢᠶ᠎ᠠ ᠤᠳᠠᠭᠠᠨ ᠦᠷᠭᠦᠯᠵᠢᠯᠡᠯ᠎ᠡ᠃ ᠠᠷᠢᠬᠪᠦᠢ᠍ᠬᠡ ᠬᠠᠭᠠᠨ ᠠᠭᠤᠯᠵᠠᠯᠲᠠ ᠶ᠋ᠢᠨ ᠡᠴᠦᠰ ᠲᠦ᠍ ᠪᠢᠯᠢᠭᠦᠨ ᠢ᠋ ᠳᠡᠷᠭᠡᠳᠡ ᠶ᠋ᠢᠨ ᠰᠢᠳᠠᠷ ᠠᠯᠪᠠᠨ ᠳ᠋ᠤ᠌ ᠪᠠᠨ ᠲᠦᠷᠭᠡᠨ ᠣᠷᠣ᠃ ᠬᠦᠯᠦᠭ  ᠪᠣᠯᠤᠭᠰᠠᠨ ᠪᠡᠶ᠎ᠡ ᠪᠡᠨ ᠰᠤᠪᠢᠯᠠᠵᠤ ᠬᠤᠷᠳᠤᠨ ᠢᠯᠡᠷᠢᠰᠢᠬᠦ ᠶ᠋ᠢ ᠪᠣᠳᠣ! ᠭᠡᠵᠦ ᠵᠠᠷᠯᠢᠭ ᠪᠠᠭᠤᠯᠭᠠᠨ᠂ ᠪᠠᠷ᠎ᠠ ᠪᠣᠯᠤᠭᠴᠢ ᠪᠠᠨ ᠳᠠᠭᠤᠳᠠᠵᠤ ᠢᠷᠡᠭᠦᠯᠦᠭᠡᠳ᠄ 
       — ᠡᠨᠡ ᠲᠦᠰᠢᠮᠡᠯ ᠳ᠋ᠦ᠍ ᠡᠵᠡᠨ ᠰᠠᠩ ᠠ᠋ᠴᠠ ᠬᠦᠨᠡᠰᠦᠨ ᠦ᠌ ᠬᠣᠨᠢ᠂ ᠬᠤᠪᠴᠠᠰᠤ ᠬᠢᠬᠦ ᠳᠠᠪᠤᠤ᠂ ᠤᠨᠤᠬᠤ ᠮᠣᠷᠢ ᠬᠣᠶᠠᠷ᠂ ᠰᠠᠭᠠᠬᠤ ᠦᠨᠢᠶ᠎ᠡ ᠥᠭᠴᠦ ᠲᠤᠰᠠᠯᠠ! ᠭᠡᠵᠦ ᠵᠠᠷᠯᠢᠭ ᠪᠠᠭᠤᠯᠭᠠᠭᠠᠳ᠄ 
       — ᠴᠢ ᠪᠡᠶ᠎ᠡ ᠪᠡᠨ ᠭᠠᠢᠭᠤᠢ ᠪᠣᠯᠤᠭᠰᠠᠨ ᠳᠣᠣᠷ᠎ᠠ ᠪᠠᠨ ᠨᠠᠳᠠ ᠳᠡᠭᠡᠷ᠎ᠡ ᠰᠢᠭᠤᠳ ᠢᠷᠡᠭᠡᠳ ᠳᠡᠷᠭᠡᠳᠡ ᠶ᠋ᠢᠨ ᠠᠯᠪᠠᠨ ᠳ᠋ᠤ᠌ ᠪᠠᠢᠵᠤ ᠪᠣᠯᠤᠨ᠎ᠠ ᠭᠡᠵᠦ ᠨᠡᠮᠡᠵᠦ ᠠᠢᠯᠠᠳᠬᠠᠪᠠ᠃ ᠠᠬ᠎ᠠ ᠳᠡᠭᠦᠦ ᠬᠣᠶᠠᠷ ᠬᠠᠭᠠᠨ ᠤ᠋ ᠬᠡᠰᠢᠭ ᠲᠦ᠍ ᠮᠥᠷᠭᠥᠵᠦ ᠥᠷᠥᠭᠡᠨ ᠡᠴᠡ ᠭᠠᠷᠴᠠᠢ᠃ 
       ᠠᠷᠢᠬᠪᠦᠢ᠍ᠬᠡ ᠬᠠᠭᠠᠨ ᠳ᠋ᠤ᠌ ᠵᠥᠪᠬᠡᠨ ᠬᠦᠯᠦᠭ ᠦ᠋ᠨ ᠥᠭᠭᠦᠭᠰᠡᠨ ᠮᠡᠳᠡᠭᠡ ᠲᠡᠳᠦᠢ ᠪᠢᠰᠢ᠃ ᠥᠭᠡᠷ᠎ᠡ ᠪᠤᠰᠤᠳ ᠬᠡᠯᠡ ᠴᠢᠮᠡᠭᠡ ᠨᠡᠯᠢᠶᠡᠳ ᠪᠠᠢᠭ᠎ᠠ ᠨᠢ ᠢᠯᠡᠷᠬᠡᠢ᠃ ᠲᠡᠭᠡᠭᠡᠳ ᠬᠠᠭᠠᠨ ᠥᠪᠡᠷ ᠦ᠋ᠨ ᠴᠡᠷᠢᠭ ᠦ᠋ᠨ ᠳᠠᠭᠠᠭᠠᠮᠠᠯ᠂ ᠵᠠᠩᠵᠤᠨ ᠨᠤᠭᠤᠳ ᠢ᠋ᠶ᠋ᠠᠨ ᠴᠤᠭᠯᠠᠭᠤᠯᠤᠯ᠎ᠠ᠃ ᠬᠠᠭᠠᠨ ᠤ᠋ ᠨᠢᠭᠡ ᠲᠣᠮᠣ ᠦᠷᠭᠦᠭᠡᠨ ᠳ᠋ᠦ᠍ ᠭᠤᠴᠢ ᠳᠥᠴᠢᠨ ᠨᠣᠶᠠᠳ ᠵᠠᠩᠵᠤᠨ ᠨᠤᠭᠤᠳ ᠬᠦᠷᠴᠡᠢ᠃ ᠬᠠᠭᠠᠨ ᠵᠢᠷᠤᠮᠲᠤ ᠬᠤᠪᠴᠠᠰᠤ ᠪᠠᠨ ᠠᠭᠰᠠᠨ᠂ ᠨᠣᠶᠠᠳ ᠳᠠᠭᠠᠭᠠᠮᠠᠯ ᠤ᠋ᠳ ᠲᠠᠢ ᠠᠭᠤᠯᠵᠠᠬᠤ ᠳ᠋ᠤ᠌ ᠪᠠᠨ ᠵᠣᠷᠢᠮᠠᠭ ᠠᠭᠠᠳ ᠰᠢᠢᠳᠮᠡᠭᠡᠢ ᠪᠠᠢᠳᠠᠯ ᠢ᠋ᠶ᠋ᠠᠷ᠄ 
       — ᠳᠡᠭᠡᠳᠦᠰ ᠨᠣᠶᠠᠳ᠂ ᠵᠠᠩᠵᠤᠨ ᠲᠠ ᠪᠦᠬᠦᠨ ᠳ᠋ᠦ᠍ ᠪᠢ ᠬᠠᠨᠳᠤᠬᠤ ᠠ᠋ᠴᠠ ᠥᠭᠡᠷ᠎ᠡ ᠠᠷᠭ᠎ᠠ ᠦᠭᠡᠢ ᠪᠣᠯᠤᠯ᠎ᠠ᠃ ᠮᠢᠨᠦ ᠠᠬ᠎ᠠ ᠬᠤᠪᠢᠯᠠᠢ ᠱᠠᠩᠳᠤ ᠭᠡᠳᠡᠭ ᠬᠣᠲᠠᠬᠠᠨ ᠢ᠋ ᠭᠦᠷᠦᠨ ᠦ᠌ ᠨᠡᠢᠰᠯᠡᠯ᠂ ᠥᠪᠡᠷ ᠢ᠋ ᠪᠡᠨ ᠤᠯᠤᠰ ᠤ᠋ᠨ ᠶᠡᠬᠡ ᠬᠠᠭᠠᠨ ᠭᠡᠵᠦ ᠵᠠᠷᠯᠠᠭᠠᠳ᠂ ᠤᠯᠠᠮ ᠢ᠋ᠶ᠋ᠠᠷ ᠪᠢᠳᠡᠨ ᠢ᠋ ᠪᠠᠭᠠᠯᠵᠠᠭᠤᠷᠳᠠᠬᠤ ᠪᠠᠷ ᠲᠡᠨᠳᠡ ᠡᠮᠦᠨᠡᠲᠦ ᠬᠢᠲᠠᠳ ᠲᠠᠢ ᠪᠠᠢᠯᠳᠤᠨ ᠪᠣᠢ ᠴᠡᠷᠢᠭ ᠢ᠋ ᠲᠡᠳᠡᠨ ᠢᠷᠡᠭᠦᠯᠵᠦ᠂ ᠶᠡᠬᠡ ᠴᠡᠷᠢᠭ ᠬᠤᠷᠠᠯᠳᠤᠭᠤᠯᠤᠨ ᠳᠡᠭᠡᠷ᠎ᠡ ᠨᠢ ᠬᠡᠳᠦᠨ ᠲᠦᠮᠡᠨ ᠬᠢᠲᠠᠳ ᠴᠡᠷᠢᠭ ᠨᠡᠮᠡᠨ ᠪᠥᠭᠡᠮᠨᠡᠷᠡᠭᠦᠯᠵᠦ ᠪᠠᠢᠨ᠎ᠠ᠃ ᠡᠨᠡ ᠪᠣᠯ ᠳᠠᠪᠬᠤᠷ ᠪᠠᠲᠤᠯᠠᠭᠳᠠᠭᠰᠠᠨ ᠦᠨᠡᠨ ᠬᠡᠯᠡ ᠮᠡᠳᠡᠭᠡ ᠪᠢᠯᠡ᠃ ᠮᠢᠨᠦ ᠢᠲᠡᠭᠡᠯᠲᠦ ᠳᠡᠷᠭᠡᠳᠡ ᠶ᠋ᠢᠨ ᠬᠥᠮᠦᠰ ᠴᠦ᠍ ᠲᠡᠭᠦᠨ ᠢ᠋ ᠰᠠᠶᠢ ᠳᠤᠷᠠᠰᠢᠨ ᠦᠵᠡᠭᠡᠳ ᠢᠷᠡᠪᠡ᠃  ᠡᠢᠮᠦ ᠳ᠋ᠦ᠍ ᠮᠣᠩᠭᠣᠯ ᠤᠯᠤᠰ ᠤ᠋ᠨ ᠢ᠋ᠶ᠋ᠠᠨ ᠭᠠᠯ ᠭᠣᠯᠣᠮᠲᠠ ᠬᠠᠷᠠᠬᠣᠷᠣᠮ ᠢ᠋ᠶ᠋ᠠᠨ ᠬᠠᠮᠠᠭᠠᠯᠠᠨ ᠨᠡᠷ᠎ᠡ ᠲᠥᠷᠥ ᠪᠡᠨ ᠰᠠᠬᠢᠬᠤ ᠶᠣᠰᠣᠲᠠᠢ ᠪᠣᠯᠤᠭᠠᠳ ᠪᠠᠢᠨ᠎ᠠ᠃ ᠬᠤᠪᠢᠯᠠᠢ ᠶ᠋ᠢᠨ ᠳᠡᠷᠭᠡᠳᠡ ᠰᠥᠩ ᠦ᠋ᠨ ᠬᠠᠭᠠᠨ ᠲᠠᠢ ᠬᠡᠳᠦᠨ ᠵᠢᠯ ᠳᠠᠢᠳᠤᠵᠤ ᠪᠠᠢᠭ᠎ᠠ ᠮᠠᠨ ᠤ᠋ ᠬᠠᠲᠠᠭᠤᠵᠢᠯ ᠣᠯᠤᠭᠰᠠᠨ ᠰᠢᠯᠢᠳᠡᠭ ᠴᠡᠷᠢᠭ ᠦ᠋ᠳ ᠪᠠᠢᠭ᠎ᠠ᠃ ᠲᠡᠳᠡ ᠲᠤᠯᠤᠯᠳᠤᠭᠠᠨ ᠤ᠋ ᠠᠷᠭ᠎ᠠ ᠮᠡᠬᠡᠨ ᠳ᠋ᠦ᠍ ᠴᠢᠳᠠᠯ ᠣᠯᠤᠭᠰᠠᠨ ᠪᠠᠢᠭ᠎ᠠ᠃ ᠡᠢᠮᠦ ᠳ᠋ᠦ᠍ ᠬᠤᠪᠢᠯᠠᠢ ᠶ᠋ᠢ ᠳᠡᠢᠯᠬᠦ ᠭᠠᠭᠴᠠᠬᠠᠨ ᠪᠣᠯᠤᠮᠵᠢ ᠪᠣᠯ ᠲᠡᠭᠦᠨ ᠢ᠋ ᠲᠡᠢᠨ ᠳ᠋ᠦ᠍ ᠴᠡᠭᠴᠡᠷᠡᠨ ᠣᠷᠣᠵᠤ ᠢᠷᠡᠬᠦ ᠡᠴᠡ ᠨᠢ ᠡᠮᠦᠨ᠎ᠡ ᠥᠷᠢᠰᠴᠦ ᠴᠣᠬᠢᠬᠤ ᠶᠠᠪᠤᠳᠠᠯ ᠪᠣᠯᠵᠤ ᠪᠠᠢᠨ᠎ᠠ᠃ ᠡᠭᠦᠨ ᠢ᠋ ᠲᠠ ᠣᠯᠠᠨ ᠨᠣᠶᠠᠳ ᠵᠥᠪᠰᠢᠶᠡᠷᠡᠮᠦ! ᠭᠡᠪᠡ᠃   
       ᠠᠯᠠᠨᠳᠠᠷ ᠵᠠᠩᠵᠤᠨ ᠪᠤᠰᠤᠳ ᠠ᠋ᠴᠠ ᠳᠦᠷᠦᠭᠦᠯᠦᠨ ᠪᠣᠰᠴᠤ ᠢᠷᠡᠭᠡᠳ᠂ ᠰᠦᠷᠯᠢᠭ ᠪᠠᠷᠠᠭᠠᠨ ᠴᠢᠷᠠᠢ ᠪᠠᠨ ᠴᠢᠨᠦᠷᠡᠭᠦᠯᠦᠨ ᠵᠣᠭᠰᠣᠵᠤ᠂ ᠲᠠᠬᠢᠷ ᠰᠡᠯᠡᠮ᠎ᠡ ᠶ᠋ᠢᠨ ᠢ᠋ᠶ᠋ᠡᠨ ᠴᠢᠩᠭ᠎ᠠ ᠠᠳᠬᠤᠭᠠᠳ᠄ 
       — ᠥᠷᠥᠰᠢᠶᠡᠯᠲᠦ ᠡᠵᠡᠨ ᠮᠢᠨᠢ ᠪᠣᠯᠭᠣᠭ᠎ᠠ! ᠶᠡᠬᠡᠰ ᠨᠣᠶᠠᠳ ᠮᠢᠨᠢ ᠲᠠᠭᠠᠯᠠᠵᠤ ᠬᠠᠢᠷᠠᠯᠠ! ᠪᠢᠳᠡ ᠴᠦ᠍ ᠪᠠᠰᠠ ᠡᠨᠳᠡ ᠭᠠᠷ ᠬᠤᠮᠬᠢᠨ ᠵᠦᠭᠡᠷ ᠰᠠᠭᠤᠭ᠎ᠠ ᠦᠭᠡᠢ᠃ ᠬᠤᠪᠢᠯᠠᠢ ᠶ᠋ᠢᠨ ᠵᠦᠭ ᠡᠴᠡ ᠡᠢᠮᠦ ᠬᠡᠷᠡᠭ ᠳᠡᠭᠳᠡᠭᠡᠬᠦ ᠭᠡᠵᠦ ᠪᠠᠢᠭ᠎ᠠ ᠶ᠋ᠢ ᠲᠠᠭᠠᠮᠠᠭᠯᠠᠨ ᠮᠡᠳᠡᠭᠰᠡᠨ᠃ ᠲᠡᠭᠡᠭᠡᠳ ᠴᠡᠷᠢᠭ ᠢ᠋ᠶ᠋ᠡᠨ ᠵᠢᠰᠢᠭᠰᠡᠨ᠃ ᠪᠢᠳᠡᠨ ᠳ᠋ᠦ᠍ ᠡᠨᠳᠡ ᠡᠵᠡᠨ ᠬᠠᠭᠠᠨ ᠤ᠋ ᠬᠡᠪᠲᠡᠭᠦᠯ ᠲᠦᠮᠡᠲᠦ ᠡᠴᠡ ᠭᠠᠳᠠᠨ᠎ᠠ ᠭᠤᠷᠪᠠᠨ ᠲᠦᠮᠡᠨ ᠴᠡᠷᠢᠭ ᠲᠤᠯᠤᠯᠳᠤᠭᠠᠨ ᠤ᠋ ᠬᠡᠩᠭᠡᠷᠭᠡ ᠶ᠋ᠢᠨ ᠳᠣᠬᠢᠶ᠎ᠠ ᠶ᠋ᠢ ᠬᠦᠯᠢᠶᠡᠭᠡᠳ ᠰᠠᠭᠤᠵᠤ ᠪᠠᠢᠨ᠎ᠠ᠃ ᠡᠢᠮᠦ ᠳ᠋ᠦ᠍ ᠪᠢᠳᠡ ᠬᠠᠭᠠᠨ ᠤ᠋ ᠲᠠᠭᠠᠯᠠᠵᠤ ᠪᠠᠢᠭ᠎ᠠ ᠶᠣᠰᠤᠭᠠᠢ ᠬᠤᠪᠢᠯᠠᠢ ᠶ᠋ᠢ ᠥᠷᠢᠰᠴᠦ ᠴᠣᠬᠢᠬᠤ ᠶᠣᠰᠣᠲᠠᠢ ᠪᠣᠯᠵᠠᠢ᠃ ᠪᠢ ᠬᠤᠪᠢ ᠳ᠋ᠤ᠌ ᠪᠠᠨ ᠤᠯᠤᠰ ᠤ᠋ᠨ ᠭᠠᠯ ᠭᠣᠯᠣᠮᠲᠠ ᠳ᠋ᠤ᠌ ᠬᠠᠷ᠎ᠠ ᠬᠣᠷᠣᠮ ᠢ᠋ᠶ᠋ᠠᠨ᠂ ᠶᠡᠬᠡ ᠡᠵᠡᠨ ᠬᠠᠭᠠᠨ ᠢ᠋ᠶ᠋ᠠᠨ ᠥᠮᠥᠭᠯᠡᠨ ᠲᠤᠯᠤᠯᠳᠤᠭᠠᠨ ᠬᠢᠬᠦ ᠳ᠋ᠦ᠍ ᠠᠮᠢ ᠪᠡᠶ᠎ᠡ ᠶᠦ᠍ᠭᠡᠨ ᠬᠠᠢᠷᠠᠯᠠᠬᠤ ᠦᠭᠡᠢ ᠵᠢᠳᠬᠦᠨ᠎ᠡ᠃ ᠶᠡᠬᠡ ᠬᠠᠭᠠᠨᠲᠠᠨ ᠲᠠ ᠣᠳᠣ ᠴᠡᠷᠢᠭ ᠢ᠋ᠶ᠋ᠡᠨ ᠡᠮᠦᠨ᠎ᠡ ᠵᠦᠭ ᠬᠥᠳᠡᠯᠭᠡᠬᠦ ᠵᠠᠷᠯᠢᠭ ᠪᠠᠭᠤᠯᠭᠠᠵᠤ ᠬᠠᠢᠷᠠᠯᠠᠭᠠᠴᠢ! ᠶᠡᠬᠡ ᠬᠡᠩᠭᠡᠷᠭᠡ ᠪᠡᠨ ᠳᠡᠯᠡᠳᠦᠶ᠎ᠡ! ᠨᠠᠮᠤᠷ ᠤ᠋ᠨ ᠥᠭᠡᠬᠦᠨ ᠴᠠᠭ ᠪᠣᠯᠬᠣᠷ ᠠᠭᠲᠠ ᠮᠣᠷᠢᠳ ᠲᠠᠷᠭᠤᠨ ᠪᠠᠢᠭ᠎ᠠ ᠰᠢᠦ ᠭᠡᠵᠦ ᠪᠦᠳᠦᠭᠦᠨ ᠳᠠᠭᠤ ᠪᠠᠨ ᠬᠦᠩᠭᠢᠨᠡᠭᠦᠯᠦᠨ ᠬᠡᠯᠡᠪᠡ᠃ ᠦᠷᠭᠦᠭᠡᠨ ᠳ᠋ᠦ᠍ ᠬᠤᠷᠠᠭᠰᠠᠨ ᠨᠣᠶᠠᠳ ᠠᠯᠠᠨᠳᠠᠷ ᠵᠠᠩᠵᠤᠨ ᠤ᠋ ᠦᠭᠡ ᠶ᠋ᠢ ᠲᠠᠭᠠᠰᠢᠶᠠᠨ ᠤᠭᠲᠤᠵᠤ᠂ ᠭᠠᠷ ᠳᠡᠯᠭᠡᠨ ᠬᠤᠷᠤᠢᠯᠠᠯ᠎ᠠ᠃ ᠬᠠᠭᠠᠨ ᠤ᠋ ᠳᠡᠷᠭᠡᠳᠡ ᠪᠣᠯᠤᠭᠰᠠᠨ ᠡᠨᠡ ᠴᠤᠭᠯᠠᠷᠠᠯᠲᠠ ᠪᠠᠷ ᠭᠤᠷᠪᠠ ᠬᠣᠨᠣᠭᠠᠳ ᠶᠡᠬᠡ ᠴᠡᠷᠢᠭ ᠢ᠋ ᠡᠮᠦᠨ᠎ᠡ ᠵᠦᠭ ᠬᠥᠳᠡᠯᠭᠡᠨ ᠮᠣᠷᠳᠠᠭᠤᠯᠬᠤ ᠪᠠᠷ ᠬᠡᠯᠡᠯᠴᠡᠨ ᠰᠢᠢᠳᠪᠡ᠃ 
       — ᠲᠣᠪᠯᠠᠭᠰᠠᠨ ᠴᠠᠭ ᠢᠷᠡᠬᠦ ᠳ᠋ᠦ᠍ ᠥᠷᠯᠥᠭᠡ ᠦᠦᠷ ᠦ᠋ᠨ ᠲᠤᠶᠠᠭ᠎ᠠ ᠲᠠᠢ ᠤᠷᠤᠯᠳᠤᠨ᠂ ᠨᠡᠢᠰᠯᠡᠯ ᠦ᠋ᠨ ᠲᠥᠪ ᠲᠦ᠍ ᠶᠡᠬᠡ ᠬᠡᠩᠭᠡᠷᠭᠡ ᠳᠡᠯᠡᠳᠦᠨ᠂ ᠲᠡᠢᠨ ᠦ᠌ ᠳᠣᠬᠢᠶ᠎ᠠ ᠥᠭᠴᠦ᠂ ᠪᠦᠬᠦ ᠴᠡᠷᠢᠭ ᠭᠠᠩ ᠳᠥᠷᠦᠭᠡᠨ ᠳ᠋ᠦ᠍ ᠬᠥᠯ ᠲᠠᠯᠪᠢᠯ᠎ᠠ᠃ ᠬᠠᠷ᠎ᠠ ᠬᠣᠷᠣᠮ ᠬᠣᠲᠠ ᠳ᠋ᠤ᠌ ᠬᠠᠵᠠᠭᠠᠷ ᠬᠦᠯᠦᠭ ᠡᠴᠡ ᠥᠭᠡᠷ᠎ᠡ ᠢᠳᠡᠷ ᠨᠠᠰᠤᠨ ᠤ᠋ ᠡᠷ᠎ᠡ ᠬᠥᠮᠦᠨ ᠲᠣᠭᠠᠲᠠᠢᠬᠠᠨ ᠦᠯᠡᠳᠡᠪᠡ᠃ ᠡᠮᠡᠭᠡᠯᠲᠦ ᠮᠣᠷᠢᠨ ᠤ᠋ ᠲᠣᠯᠣᠭᠠᠢ᠂ ᠡᠷ᠎ᠡ ᠭᠡᠵᠢᠭᠡᠲᠦ ᠬᠥᠮᠦᠰ ᠦ᠋ᠨ ᠬᠠᠷᠠᠭ᠎ᠠ ᠡᠮᠦᠨ᠎ᠡ ᠵᠦᠭ ᠴᠢᠭᠯᠡᠨ ᠰᠢᠷᠲᠡᠵᠦ ᠡᠬᠢᠯᠡᠪᠡ᠃ ᠶᠡᠬᠡ ᠴᠡᠷᠢᠭ ᠦ᠋ᠨ ᠲᠣᠭᠣᠰᠣ ᠤᠷᠠᠠᠳ ᠭᠣᠣᠯ ᠤ᠋ᠨ ᠬᠥᠨᠳᠡᠢ ᠶ᠋ᠢ ᠳᠠᠷᠤᠵᠤ᠂ ᠰᠢᠩᠬᠤ ᠠᠭᠤᠯᠠ ᠶ᠋ᠢᠨ ᠵᠡᠭᠦᠨ ᠪᠠᠯ ᠢ᠋ ᠪᠦᠷᠬᠦᠭᠰᠡᠨ ᠨᠢ ᠨᠡᠢᠰᠯᠡᠯ ᠦ᠋ᠨ ᠬᠢᠨ ᠦ᠌ ᠰᠡᠳᠬᠢᠯ ᠳ᠋ᠦ᠍ ᠪᠠᠷᠠᠭᠠᠨ ᠰᠡᠭᠦᠳᠡᠷ ᠦᠯᠡᠳᠡᠭᠡᠯ᠎ᠡ᠃ ᠤᠯᠠᠷᠢᠬᠤ ᠴᠠᠭ ᠤ᠋ᠨ ᠠᠶᠠᠰ ᠶᠠᠭᠠᠬᠢᠵᠤ ᠡᠷᠭᠢᠬᠦ ᠶ᠋ᠢ ᠤᠷᠢᠳᠴᠢᠯᠠᠨ ᠲᠠᠭᠠᠮᠠᠭᠯᠠᠵᠤ ᠬᠡᠯᠡᠬᠦ ᠠᠷᠭ᠎ᠠ ᠬᠡᠨ ᠳ᠋ᠦ᠍ ᠴᠦ᠍ ᠪᠠᠢᠭᠰᠠᠨ ᠦᠭᠡᠢ᠃    
       ᠠᠷᠢᠭᠪᠥ᠋ᠬᠡ ᠬᠠᠭᠠᠨ ᠤ᠋ ᠶᠣᠰᠣ ᠪᠠᠷ ᠵᠠᠭᠤᠨ ᠳᠠᠭᠠᠭᠤᠯ ᠤ᠋ᠨ ᠬᠠᠮᠲᠤ ᠮᠣᠷᠳᠠᠵᠤ ᠳᠠᠪᠬᠢᠨ ᠤᠷᠠᠠᠳ ᠭᠣᠣᠯ ᠤ᠋ᠨ ᠡᠷᠭᠢ ᠳᠡᠭᠡᠷ᠎ᠡ ᠢᠷᠡᠵᠦ ᠵᠢᠯᠣᠭᠣ ᠲᠡᠳᠡᠨ ᠪᠠᠭᠤᠭᠠᠳ᠂ ᠡᠬᠢ ᠭᠣᠣᠯ ᠤ᠋ᠨ ᠤᠰᠤ ᠪᠠᠷ ᠨᠢᠭᠤᠷ ᠢ᠋ᠶ᠋ᠠᠨ ᠤᠬᠢᠶᠠᠨ᠂ ᠴᠡᠭᠡᠯ ᠦ᠋ᠨ ᠴᠡᠩᠬᠡᠷ ᠲᠣᠯᠢᠨ ᠳ᠋ᠤ᠌ ᠥᠪᠡᠷ ᠢ᠋ ᠪᠡᠨ ᠬᠠᠷᠠᠵᠤ ᠲᠦᠷ ᠰᠠᠭᠠᠳᠠᠪᠠ᠃ ᠲᠡᠭᠡᠲᠡᠯ᠎ᠡ ᠭᠠᠵᠠᠷ ᠤ᠋ᠨ ᠬᠠᠮᠢᠭ᠎ᠠ ᠠ᠋ᠴᠠ ᠭᠠᠷᠴᠤ ᠢᠷᠡᠪᠡ ᠭᠡᠮᠡᠷ ᠬᠤᠢ ᠰᠠᠯᠬᠢ ᠪᠣᠰᠴᠤ᠂ ᠨᠠᠮᠤᠭᠤᠬᠠᠨ ᠮᠢᠷᠠᠯᠵᠠᠨ ᠪᠠᠢᠭᠰᠠᠨ ᠴᠡᠭᠡᠯ ᠦ᠋ᠨ ᠤᠰᠤ ᠶ᠋ᠢ ᠴᠠᠯᠭᠢᠯᠠᠭᠤᠯᠤᠨ ᠳᠠᠪᠠᠯᠭᠠᠯᠠᠭᠤᠯᠵᠤ ᠦᠢᠮᠡᠭᠦᠯᠦᠯ᠎ᠡ᠃ ᠭᠣᠣᠯ ᠳ᠋ᠤ᠌ ᠨᠠᠮᠤᠭᠤᠨ ᠲᠠᠢᠪᠤᠩ ᠢ᠋ᠶ᠋ᠠᠷ ᠬᠦᠪᠦᠵᠦ ᠪᠠᠢᠭᠰᠠᠨ ᠵᠢᠭᠠᠰᠤ ᠵᠢᠷᠠᠭᠠᠬᠠᠢ ᠴᠤ᠌ ᠦᠢᠮᠡᠯᠳᠦᠨ ᠪᠤᠵᠢᠭᠢᠨᠠᠵᠤ᠂ ᠪᠠᠷ᠎ᠠ ᠰᠤᠷᠠᠭ ᠦᠭᠡᠢ ᠪᠡᠷ ᠵᠠᠢᠯᠠᠨ ᠣᠳᠬᠤ ᠨᠢ ᠨᠡᠢᠲᠡ ᠮᠣᠩᠭᠣᠯᠴᠤᠳ ᠤ᠋ᠨ ᠰᠡᠳᠬᠢᠯ ᠰᠠᠨᠠᠭ᠎ᠠ ᠡᠢᠮᠦ ᠪᠣᠯᠵᠤ ᠪᠠᠢᠭ᠎ᠠ ᠪᠣᠯᠪᠠ ᠤᠤ ᠭᠡᠮᠡᠷ ᠠᠵᠢ᠃ 
       ᠠᠷᠢᠭᠪᠥ᠋ᠬᠡ ᠪᠠᠢᠳᠠᠯ ᠢ᠋ ᠬᠠᠷᠠᠭᠠᠳ ᠴᠢᠷᠠᠢ ᠪᠠᠨ ᠪᠠᠷᠤᠢᠯᠭᠠᠨ 
       — ᠮᠢᠨᠦ ᠤᠷᠠᠠᠳ ᠨᠠᠳᠠᠳᠤ ᠬᠢᠯᠢᠩᠨᠡᠭᠡ ᠦᠭᠡᠢ ᠪᠢᠵᠡ ᠠ᠋᠃ ᠴᠡᠭᠡᠯ ᠦ᠋ᠨ ᠤᠰᠤ ᠴᠠᠯᠭᠢᠯᠠᠵᠤ᠂ ᠲᠦᠮᠡᠨ ᠣᠯᠠᠨ᠂ ᠲᠥᠷᠥ ᠤᠯᠤᠰ ᠦᠢᠮᠡᠷᠡᠭᠰᠡᠨ ᠨᠢ ᠨᠠᠳᠠ ᠠ᠋ᠴᠠ ᠪᠣᠯᠤᠭ᠎ᠠ ᠦᠭᠡᠢ ᠶ᠋ᠢ ᠮᠥᠩᠬᠡ ᠲᠩᠷᠢ ᠪᠣᠯᠭᠣᠭᠠᠨ ᠥᠷᠥᠰᠢᠶᠡᠬᠦ ᠪᠣᠯᠲᠤᠭᠠᠢ! ᠭᠡᠵᠦ ᠬᠡᠯᠡᠭᠡᠳ᠂ ᠳᠡᠷᠭᠡᠳᠡ ᠪᠡᠨ ᠶᠠᠪᠤᠭ᠎ᠠ ᠬᠠᠷ᠎ᠠ ᠯᠤᠤᠰ ᠤ᠋ᠨ ᠪᠥᠬᠡ ᠶ᠋ᠢ ᠬᠠᠷᠠᠨ᠂ ᠢᠳᠡᠭᠡ ᠴᠠᠭᠠᠨ ᠤ᠋ ᠪᠠᠨ ᠳᠡᠭᠡᠵᠢ ᠶ᠋ᠢ ᠡᠷᠭᠦᠨ ᠪᠠᠷᠢᠵᠤ᠄ 
       — ᠰᠠᠬᠢᠭᠤᠰᠤ ᠪᠠᠨ ᠵᠠᠯᠠᠵᠤ᠂ ᠶᠡᠷᠡᠨ ᠶᠢᠰᠦᠨ ᠲᠩᠷᠢ ᠪᠡᠨ ᠳᠠᠭᠤᠳᠠᠨ ᠠᠪᠤᠷᠠᠯ ᠳ᠋ᠤ᠌ ᠪᠠᠨ ᠪᠠᠭᠲᠠᠭᠠᠵᠤ ᠬᠠᠢᠷᠠᠯᠠᠭᠠᠴᠢ! ᠭᠡᠪᠡ᠃ ᠡᠢᠨ ᠬᠦ᠌ ᠤᠷᠠᠠᠳ ᠭᠣᠣᠯ ᠤ᠋ᠨ ᠵᠠᠬ᠎ᠠ᠂ ᠴᠡᠭᠡᠯ ᠤᠰᠤᠨ ᠤ᠋ ᠬᠠᠵᠠᠭᠤ ᠶ᠋ᠢᠨ ᠥᠨᠳᠥᠷ ᠡᠷᠭᠢ ᠳᠡᠭᠡᠷ᠎ᠡ ᠪᠥᠬᠡ ᠶ᠋ᠢᠨ ᠬᠡᠩᠭᠡᠷᠭᠡ ᠫᠢᠵᠢᠭᠢᠨᠡᠭᠦᠯᠵᠦ ᠭᠠᠷᠤᠯ᠎ᠠ᠃ ᠬᠠᠷ᠎ᠠ ᠪᠥᠬᠡ ᠰᠠᠬᠢᠭᠤᠰᠤ ᠪᠠᠨ ᠵᠠᠯᠠᠭᠰᠠᠨ ᠤ᠋ ᠡᠴᠦᠰ ᠲᠦ᠍ ᠬᠥᠭᠡᠰᠦ ᠰᠠᠬᠠᠷᠠᠭᠤᠯᠤᠨ ᠪᠠᠢᠵᠤ᠂ ᠰᠠᠯᠪᠠᠭᠠᠨᠠᠨ ᠰᠢᠷᠣᠢ ᠪᠤᠵᠢᠭᠢᠨᠠᠭᠤᠯᠵᠤ ᠬᠡᠯᠡᠬᠦ ᠳ᠋ᠦ᠍ ᠪᠡᠨ   
       — ᠲᠩᠷᠢ ᠬᠢᠯᠢᠩᠨᠡᠵᠦ᠂ ᠰᠠᠪᠳᠠᠭ ᠳᠣᠭᠰᠢᠷᠠᠵᠠᠢ᠃ ᠲᠤᠯᠤᠯᠳᠤᠭᠠᠨ ᠳ᠋ᠤ᠌ ᠣᠷᠣᠭᠰᠠᠨ ᠡᠬᠢᠨ ᠦ᠌ ᠳᠣᠯᠣᠭ᠎ᠠ ᠬᠣᠨᠣᠭ ᠨᠡᠩ ᠬᠡᠴᠡᠭᠦᠦ ᠪᠠᠢᠨ᠎ᠠ᠃ ᠬᠠᠷ᠎ᠠ᠂ ᠴᠠᠭᠠᠨ ᠲᠩᠷᠢ ᠯᠤᠤᠰ ᠤ᠋ᠨ ᠰᠠᠬᠢᠭᠤᠰᠤ ᠶ᠋ᠢ ᠡᠳᠦᠷ ᠪᠣᠯᠭᠠᠨ ᠵᠠᠯᠠᠵᠤ ᠠᠮᠢ ᠨᠠᠰᠤ ᠪᠠᠨ ᠳᠠᠭᠠᠳᠬᠠᠵᠤ ᠮᠣᠷᠢᠯᠠ! ᠭᠡᠵᠦ ᠬᠡᠯᠡᠪᠡ᠃ ᠠᠷᠢᠭᠪᠥ᠋ᠬᠡ ᠡᠨᠡ ᠦᠭᠡ ᠶ᠋ᠢ ᠰᠣᠨᠣᠰᠤᠭᠠᠳ ᠴᠢᠷᠠᠢ ᠪᠠᠨ ᠪᠠᠷᠤᠢᠯᠭᠠᠨ᠂ ᠢᠯᠳᠦ ᠪᠡᠨ ᠰᠤᠭᠤ ᠲᠡᠳᠡᠨ᠂ ᠪᠥᠬᠡ ᠶ᠋ᠢ ᠴᠢᠴᠢᠨ ᠵᠢᠭᠠᠵᠤ᠄  
       — ᠰᠠᠪᠳᠠᠭ ᠳᠣᠭᠰᠢᠷᠠᠭᠤᠯᠬᠤ ᠭᠡᠮ ᠨᠠᠳᠠᠳᠤ ᠢᠷᠡᠬᠦ ᠶᠣᠰᠣ ᠦᠭᠡᠢ᠃ ᠬᠤᠳᠠᠯ ᠬᠡᠯᠡᠵᠦ ᠪᠠᠢᠭ᠎ᠠ ᠪᠣᠯ ᠴᠢ ᠥᠪᠡᠷ ᠢ᠋ᠶ᠋ᠡᠨ ᠲᠩᠷᠢ ᠳ᠋ᠦ᠍ ᠨᠢᠷᠭᠢᠭᠦᠯᠬᠦ ᠶᠣᠰᠣᠲᠠᠢ᠃ ᠡᠪᠦᠭᠡ ᠳᠡᠭᠡᠳᠦᠰ ᠦ᠋ᠨ ᠵᠠᠯᠭᠠᠮᠵᠢᠯᠠᠬᠤ ᠶᠣᠰᠣ ᠶ᠋ᠢ ᠪᠢ ᠡᠪᠳᠡᠭᠰᠡᠨ ᠪᠣᠯ ᠨᠠᠳᠠᠳᠤ ᠬᠠᠮᠤᠭ ᠬᠠᠷᠢᠶᠠᠯ ᠤ᠋ᠨ ᠦᠵᠦᠭᠦᠷ ᠲᠤᠰᠬᠤ ᠤᠴᠢᠷᠲᠠᠢ! ᠭᠡᠵᠦ ᠬᠡᠯᠡᠭᠡᠳ᠂ ᠦᠯᠡᠮᠵᠢ ᠶ᠋ᠢᠨ ᠬᠢᠯᠢᠩᠲᠡᠢ ᠪᠠᠢᠳᠠᠯ ᠢ᠋ᠶ᠋ᠠᠷ ᠬᠢᠯᠢᠩ ᠬᠠᠷ᠎ᠠ ᠬᠦᠯᠦᠭ ᠲᠦ᠍ ᠪᠡᠨ ᠬᠠᠷᠠᠢᠵᠤ ᠮᠣᠷᠳᠠᠭᠠᠳ᠂ ᠶᠡᠬᠡ ᠴᠡᠷᠢᠭ ᠦ᠋ᠨ ᠢ᠋ᠶ᠋ᠡᠨ ᠬᠣᠢᠨ᠎ᠠ ᠠ᠋ᠴᠠ ᠲᠣᠭᠣᠰᠣ ᠲᠠᠲᠠᠭᠤᠯᠤᠨ ᠳᠠᠪᠬᠢᠯ᠎ᠠ᠃ ᠪᠦᠬᠦ ᠳᠠᠭᠠᠭᠤᠯ᠂ ᠪᠡᠶ᠎ᠡ ᠬᠠᠮᠠᠭᠠᠯᠠᠬᠤ ᠲᠣᠷᠭᠠᠨ ᠴᠡᠷᠢᠭ ᠴᠦ᠍ ᠬᠠᠭᠠᠨ ᠤ᠋ ᠠᠷᠤ ᠠ᠋ᠴᠠ ᠳ᠋ᠠᠭᠠᠨ  ᠬᠣᠢᠷᠠᠨᠠᠭᠤᠯᠬᠤ ᠳ᠋ᠤ᠌ ᠮᠣᠷᠢᠨ ᠤ᠋ ᠬᠥᠯ ᠢ᠋ᠶ᠋ᠡᠷ ᠰᠢᠳᠡᠭᠳᠡᠭᠰᠡᠨ ᠴᠢᠯᠠᠭᠤ ᠴᠢᠬᠢᠨ ᠦ᠌ ᠬᠠᠵᠠᠭᠤ ᠪᠠᠷ ᠰᠦᠩᠭᠢᠨᠡᠨ ᠥᠩᠭᠡᠷᠡᠵᠦ ᠪᠠᠢᠪᠠ᠃ ᠬᠡᠷᠡᠭ ᠶᠠᠪᠤᠳᠠᠯ ᠶᠠᠭᠤᠨ ᠳ᠋ᠤ᠌ ᠬᠦᠷᠴᠦ ᠲᠡᠭᠦᠰᠬᠦ ᠶ᠋ᠢ ᠪᠥᠬᠡ ᠢᠳᠤᠭᠠᠨ᠂ ᠯᠤᠤᠰ ᠰᠠᠪᠳᠠᠭ᠂ ᠲᠩᠷᠢ ᠰᠠᠬᠢᠭᠤᠰᠤ ᠳᠠᠭᠠᠵᠤ ᠬᠡᠯᠡᠬᠦ ᠶ᠋ᠢᠨ ᠠᠷᠭ᠎ᠠ ᠦᠭᠡᠢ ᠪᠢᠯᠡ᠃ ᠲᠡᠭᠡᠯ᠎ᠡ ᠴᠦ᠍ ᠲᠡᠢᠨ ᠳᠣᠯᠣᠭᠠᠨ ᠪᠠᠰᠠ ᠥᠪᠡᠷ ᠦ᠋ᠨ ᠬᠠᠤᠯᠢ ᠲᠠᠢ᠃ ᠲᠡᠷᠡ ᠬᠠᠤᠯᠢ ᠪᠠᠷ ᠢ᠋ᠶ᠋ᠠᠨ ᠡᠮᠦᠨ᠎ᠡ ᠵᠦᠭ ᠲᠦ᠍ ᠶᠠᠪᠤᠭᠤᠯᠬᠤ ᠳᠣᠯᠣᠭᠠᠨ ᠰᠢᠢᠳᠬᠦ ᠨᠢ ᠭᠠᠷᠴᠠᠭ᠎ᠠ ᠦᠭᠡᠢ᠃ 
       ᠬᠠᠷᠠᠬᠣᠷᠣᠮ ᠬᠣᠲᠠ ᠥᠨᠥᠴᠢᠷᠡᠵᠦ᠂ ᠥᠪᠡᠷ ᠦ᠋ᠨ ᠭᠡᠬᠦ ᠡᠵᠡᠨ ᠦᠭᠡᠢ ᠪᠣᠯᠵᠤ ᠪᠠᠢᠭ᠎ᠠ ᠴᠤ᠌ ᠶᠤᠮ ᠰᠢᠭ᠋᠂ ᠣᠯᠠᠨ ᠰᠦᠮ᠎ᠡ ᠳᠤᠭᠠᠩ ᠤ᠋ᠨ ᠡᠭᠦᠳᠡᠨ ᠳ᠋ᠦ᠍ ᠬᠡᠢᠰᠬᠡᠭᠰᠡᠨ ᠲᠤᠭ ᠬᠢᠭᠢᠷᠢ ᠳᠠᠯᠠᠯᠤᠨ ᠬᠣᠴᠣᠷᠬᠤ ᠳ᠋ᠤ᠌ ᠪᠠᠨ ᠳᠠᠯᠳᠠ ᠶ᠋ᠢ ᠮᠡᠳᠡᠳᠡᠭ ᠰᠠᠨ ᠪᠣᠯ《ᠪᠢ ᠡᠵᠡᠨ ᠡᠴᠡ ᠪᠡᠨ ᠬᠠᠭᠠᠴᠠᠯ᠎ᠠ》 ᠭᠡᠵᠦ ᠰᠢᠪᠡᠨᠡᠨ ᠤᠬᠢᠯᠠᠵᠤ ᠪᠠᠢᠭ᠎ᠠ ᠪᠣᠯᠪᠠ ᠤᠤ ᠭᠡᠮᠡᠷ ᠤᠢᠳᠬᠠᠷᠲᠠᠢ ᠪᠠᠷ ᠨᠡᠪᠰᠡᠢᠵᠦ ᠬᠠᠷᠠᠯᠠᠨ ᠦᠯᠡᠳᠡᠪᠡ᠃ ᠲᠡᠭᠡᠯ᠎ᠡ ᠴᠦ᠍ ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ ᠭᠡᠭᠴᠢ ᠪᠡᠷ ᠲᠡᠷᠡ ᠬᠣᠲᠠ ᠶ᠋ᠢᠨ ᠤᠤᠭᠠᠯ ᠡᠵᠡᠳ ᠪᠣᠯᠬᠤ ᠲᠦᠮᠡᠨ ᠣᠯᠠᠨ ᠨᠢ ᠥᠪᠡᠷ ᠢ᠋ ᠪᠡᠨ ᠬᠠᠮᠠᠭᠠᠯᠠᠬᠤ ᠶᠣᠰᠣᠲᠠᠢ ᠪᠣᠯᠵᠠᠢ᠃ ᠭᠡᠯ᠎ᠡ ᠴᠦ᠍ ᠭᠠᠭᠴᠠ ᠨᠢᠭᠡ ᠠᠭᠠᠭ ᠣᠮᠣᠭ ᠲᠠᠢ ᠬᠥᠮᠦᠨ ᠪᠦᠬᠦᠨ ᠢ᠋ ᠳᠤᠷ᠎ᠠ ᠵᠣᠷᠢᠭ ᠢ᠋ᠶ᠋ᠠᠷ ᠢ᠋ᠶ᠋ᠠᠨ ᠰᠢᠢᠳᠴᠦ ᠪᠠᠢᠭ᠎ᠠ ᠶ᠋ᠢ ᠬᠠᠷ᠎ᠠ ᠬᠣᠷᠣᠮ ᠤᠳᠠᠬᠤ ᠦᠭᠡᠢ ᠬᠠᠷᠠᠬᠤ ᠪᠢᠵᠡ ᠠ᠋᠃ 
       ᠶᠡᠬᠡ ᠴᠡᠷᠢᠭ ᠤᠷᠤᠭᠰᠢᠯᠠᠭᠰᠠᠭᠠᠷ ᠭᠠᠵᠠᠷ ᠤ᠋ᠨ ᠬᠥᠷᠥᠰᠥ ᠠᠳᠠᠯᠢ ᠲᠣᠭᠣᠰᠣ ᠮᠠᠨᠠᠷᠠᠵᠤ᠂ ᠣᠩᠭᠢ ᠶ᠋ᠢᠨ ᠴᠡᠩᠬᠡᠷ ᠭᠣᠣᠯ ᠢ᠋ ᠭᠠᠲᠤᠯᠤᠨ᠂ ᠡᠮᠦᠨ᠎ᠡ ᠵᠦᠭ ᠴᠢᠭᠯᠡᠨ ᠴᠤᠪᠤᠭᠰᠠᠭᠠᠷ ᠪᠠᠢᠪᠠ᠃ ᠡᠨᠡ ᠴᠡᠷᠢᠭ ᠢ᠋ ᠪᠠᠷᠠᠭᠤᠨ᠂ ᠵᠡᠭᠦᠨ ᠬᠣᠶᠠᠷ ᠵᠢᠭᠦᠷ ᠪᠣᠯᠭᠠᠨ ᠬᠤᠪᠢᠶᠠᠵᠤ᠂ ᠪᠠᠷᠠᠭᠤᠨ ᠢ᠋ ᠨᠢ ᠬᠠᠭᠠᠨ ᠥᠪᠡᠷ ᠢ᠋ᠶ᠋ᠡᠨ᠂ ᠵᠡᠭᠦᠨ ᠵᠢᠭᠦᠷ ᠢ᠋ ᠠᠯᠠᠨᠳᠠᠷ ᠵᠠᠩᠵᠤᠨ ᠲᠡᠷᠢᠭᠦᠯᠡᠵᠦ ᠶᠠᠪᠤᠪᠠ᠃ ᠬᠠᠷ᠎ᠠ ᠬᠣᠷᠣᠮ ᠠ᠋ᠴᠠ ᠶᠡᠬᠡ ᠴᠡᠷᠢᠭ ᠬᠥᠳᠡᠯᠦᠭᠰᠡᠨ ᠢ᠋ ᠬᠤᠪᠢᠯᠠᠢ ᠶ᠋ᠢᠨ ᠴᠢᠬᠢᠨ ᠳ᠋ᠦ᠍ ᠰᠣᠨᠣᠰᠬᠠᠬᠤ ᠢᠴᠡᠭᠡᠨ ᠦ᠌ ᠨᠣᠬᠠᠢ ᠰᠢᠭ᠋ ᠠᠮᠢᠲᠠᠨ ᠪᠠᠢᠯ ᠦᠭᠡᠢ ᠶᠠᠭᠠᠬᠢᠬᠤ ᠪᠣᠢ᠃ ᠡᠨᠡ ᠴᠢᠮᠡᠭᠡ ᠶ᠋ᠢ ᠲᠡᠷᠡ ᠵᠠᠬᠢᠷᠤᠭᠴᠢ ᠮᠡᠳᠡᠭᠡᠳ ᠶᠠᠭᠠᠬᠢᠵᠤ ᠬᠥᠳᠡᠯᠵᠦ ᠪᠠᠢᠭ᠎ᠠ ᠶ᠋ᠢ ᠲᠣᠯᠢᠨ ᠳ᠋ᠤ᠌  ᠲᠤᠰᠬᠠᠨ ᠬᠠᠷᠠᠪᠠᠯ ᠪᠠᠰᠠ ᠰᠣᠨᠢᠷᠬᠠᠯᠲᠠᠢ ᠲᠡᠳᠦᠢ ᠦᠭᠡᠢ ᠪᠦᠬᠦᠨ ᠦ᠌ ᠬᠢᠯᠢᠩ ᠪᠠᠳᠠᠷᠠᠭᠠᠬᠤ ᠬᠡᠷᠡᠭ ᠢ᠋ ᠲᠡᠷᠡ ᠪᠡᠷ ᠬᠢᠲᠠᠳ ᠨᠣᠶᠠᠳ ᠲᠠᠢ ᠨᠡᠢᠯᠡᠨ ᠦᠢᠯᠡᠳᠦᠭᠰᠡᠭᠡᠷ ᠪᠠᠢᠭ᠎ᠠ ᠨᠢ ᠮᠠᠭᠠᠳ ᠲᠠᠢ ᠪᠢᠯᠡ᠃ 
       ᠠᠷᠢᠭᠪᠥ᠋ᠬᠡ ᠶᠡᠬᠡ ᠴᠡᠷᠢᠭ ᠦ᠋ᠨ ᠢ᠋ᠶ᠋ᠡᠨ ᠲᠦᠷᠦᠭᠦᠨ ᠳ᠋ᠦ᠍ ᠨᠢ ᠨᠢᠭᠡ ᠭᠠᠷᠴᠤ᠂ ᠰᠡᠭᠦᠯ ᠳ᠋ᠦ᠍ ᠨᠢ ᠪᠠᠰᠠ ᠣᠷᠣᠵᠤ ᠦᠵᠡᠨ᠂ ᠳᠣᠭᠳᠣᠯᠤᠭᠰᠠᠨ ᠰᠡᠳᠬᠢᠯ ᠳ᠋ᠦ᠍ ᠪᠡᠨ ᠬᠥᠲᠥᠯᠦᠭᠳᠡᠨ ᠶᠠᠪᠤᠭ᠎ᠠ ᠴᠤ᠌ ᠭᠡᠰᠡᠨ《ᠪᠢ ᠮᠣᠩᠭᠣᠯ ᠲᠦᠮᠡᠨ᠂ ᠬᠠᠷᠠᠬᠣᠷᠣᠮ ᠨᠡᠢᠰᠯᠡᠯ ᠦ᠋ᠨ ᠢ᠋ᠶ᠋ᠡᠨ ᠲᠥᠯᠥᠭᠡ ᠶᠠᠪᠤᠵᠤ ᠪᠠᠢᠭ᠎ᠠ ᠪᠣᠯᠬᠣᠷ ᠪᠤᠷᠤᠭᠤ ᠰᠠᠨᠠᠭᠠᠲᠠᠨ ᠤ᠋ ᠪᠣᠯᠵᠣᠭᠠᠲᠤ ᠰᠤᠮᠤᠨ ᠠ᠋ᠴᠠ ᠪᠤᠴᠠᠵᠤ ᠵᠠᠢᠯᠠᠬᠤ ᠦᠭᠡᠢ》 ᠂ 《ᠪᠢ ᠨᠢᠭᠡ ᠦᠬᠦᠨ᠎ᠡ ᠤᠤ ᠪᠣᠯᠬᠤ ᠠ᠋ᠴᠠ ᠪᠢᠰᠢ ᠬᠣᠶᠠᠷ ᠳᠠᠬᠢᠨ ᠦᠬᠦᠬᠦ ᠦᠭᠡᠢ᠃ ᠪᠢ ᠬᠡᠵᠢᠶ᠎ᠡ ᠴᠦ᠍ ᠰᠠᠨᠳᠤᠷᠬᠤ ᠦᠭᠡᠢ》 ᠭᠡᠵᠦ ᠥᠪᠡᠷ ᠲᠦ᠍ ᠪᠡᠨ ᠬᠡᠯᠡᠵᠦ ᠶᠠᠪᠤᠭ᠎ᠠ ᠶ᠋ᠢ ᠲᠡᠭᠦᠨ ᠦ᠌ ᠳᠣᠭᠰᠢᠨ ᠬᠠᠷᠠᠴᠠ ᠠ᠋ᠴᠠ ᠨᠢ ᠠᠵᠢᠵᠤ ᠮᠡᠳᠡᠬᠦ ᠳ᠋ᠦ᠍ ᠲᠦᠪᠡᠭ ᠦᠭᠡᠢ ᠪᠠᠢᠪᠠ᠃ 
       ᠶᠡᠬᠡ ᠴᠡᠷᠢᠭ ᠬᠡᠭᠡᠷ᠎ᠡ ᠪᠠᠭᠤᠳᠠᠯᠯᠠᠨ᠂ ᠲᠦᠮᠡᠨ ᠭᠠᠯ ᠠᠰᠠᠭᠠᠵᠤ ᠬᠣᠭᠣᠯᠠᠯᠠᠨ ᠤᠮᠳᠠᠯᠠᠭᠰᠠᠭᠠᠷ᠂ ᠡᠳᠦᠷ ᠬᠠᠯᠠᠭᠤᠨ ᠳ᠋ᠤ᠌ ᠮᠣᠷᠢ ᠮᠠᠯ ᠢ᠋ᠶ᠋ᠠᠨ ᠠᠮᠠᠷᠠᠭᠠᠵᠤ᠂ ᠰᠥᠨᠢ ᠰᠡᠷᠢᠭᠦᠨ ᠳᠡᠭᠡᠷ᠎ᠡ ᠠᠶᠠᠯᠠᠯ ᠶᠤᠭᠠᠨ ᠦᠷᠭᠦᠯᠵᠢᠯᠡᠭᠦᠯᠦᠭᠰᠡᠭᠡᠷ ᠨᠢᠭᠡ ᠮᠡᠳᠡᠬᠦ ᠳ᠋ᠦ᠍ ᠵᠡᠭᠦᠨ ᠪᠣᠭᠳᠠ ᠶ᠋ᠢᠨ ᠵᠡᠭᠦᠨ ᠰᠤᠭᠤ ᠪᠠᠷ᠂ ᠵᠡᠭᠦᠨ ᠡᠮᠦᠨ᠎ᠡ ᠵᠦᠭ ᠲᠦᠮᠡᠨ ᠳᠠᠭᠤ ᠪᠠᠷᠢᠬᠤ ᠬᠡᠮᠵᠢᠶᠡᠨ ᠦ᠌ ᠭᠠᠵᠠᠷ ᠲᠤ᠌ ᠠᠶᠠᠯᠠᠭᠰᠠᠨ ᠪᠠᠢᠪᠠ᠃ ᠠᠷᠢᠭᠪᠥ᠋ᠬᠡ ᠬᠠᠭᠠᠨ ᠥᠪᠡᠷ ᠦ᠋ᠨ ᠲᠠᠭᠠᠯᠠᠯ ᠢ᠋ᠶ᠋ᠠᠷ ᠬᠡᠭᠡᠷ᠎ᠡ ᠶ᠋ᠢᠨ ᠠᠭᠠᠷ ᠲᠤ᠌ ᠦᠬᠡᠷ ᠦ᠋ᠨ ᠰᠢᠷᠢ ᠳᠡᠪᠢᠰᠦᠨ ᠬᠡᠪᠲᠡᠵᠦ᠂ ᠭᠡᠬᠦᠨ ᠦ᠌ ᠢᠰᠬᠦᠯᠡᠩ ᠠᠢᠷᠠᠭ ᠵᠠᠯᠭᠢᠯᠠᠭᠰᠠᠭᠠᠷ ᠶᠠᠪᠤᠬᠤ ᠳ᠋ᠤ᠌ ᠪᠠᠨ ᠰᠠᠨᠠᠭ᠎ᠠ ᠦᠭᠡᠢ ᠪᠡᠨ ᠰᠠᠨᠠᠯ᠎ᠠ ᠭᠡᠵᠦ ᠪᠣᠯᠬᠤ ᠪᠠᠷ ᠡᠯᠳᠡᠪ ᠢ᠋ ᠪᠣᠳᠣᠭᠰᠠᠨ ᠤ᠋ ᠭᠣᠣᠯ ᠨᠢ 《ᠠᠬ᠎ᠠ ᠳᠡᠭᠦᠦ ᠬᠡᠮᠡᠭᠳᠡᠬᠦ ᠪᠢᠳᠡ ᠬᠣᠶᠠᠷ ᠤ᠋ᠨ ᠡᠨᠡ ᠰᠠᠮᠠᠭᠤᠨ ᠠ᠋ᠴᠠ ᠪᠣᠯᠤᠭᠠᠳ ᠤᠯᠤᠰ ᠭᠦᠷᠦᠨ ᠪᠦᠬᠦᠯᠢ ᠳ᠋ᠦ᠍ ᠪᠡᠨ ᠦᠢᠮᠡᠵᠦ ᠣᠷᠬᠢᠬᠤ ᠪᠣᠢ᠃ ᠲᠡᠭᠡᠪᠡᠯ ᠲᠡᠭᠦᠨ ᠰᠢᠭ ᠠᠶᠤᠯ ᠬᠠᠮᠢᠭ᠎ᠠ ᠪᠠᠢᠬᠤ ᠪᠣᠢ᠃ ᠪᠣᠭᠳᠠ ᠡᠪᠦᠭᠡ ᠶ᠋ᠢᠨ ᠢ᠋ᠶ᠋ᠡᠨ ᠪᠤᠰᠬᠠᠵᠤ ᠪᠣᠢᠵᠢᠭᠤᠯᠤᠭᠰᠠᠨ ᠤᠯᠤᠰ ᠢ᠋ ᠴᠠᠴᠤᠭᠰᠠᠨ ᠲᠠᠷᠢᠶ᠎ᠠ ᠠᠳᠠᠯᠢ ᠪᠣᠯᠭᠠᠵᠤ ᠣᠷᠬᠢᠪᠠᠯ ᠬᠡᠨ᠂ ᠬᠡᠵᠢᠶ᠎ᠡ ᠴᠦ᠍ ᠨᠥᠬᠥᠵᠦ ᠴᠢᠳᠠᠬᠤ ᠦᠭᠡᠢ ᠭᠠᠷᠤᠵᠠ ᠪᠣᠯᠵᠤ ᠣᠷᠬᠢᠬᠤ ᠰᠢᠦ ᠳᠡ᠃ ᠡᠨᠡ ᠠᠶᠤᠯ ᠳ᠋ᠤ᠌ ᠬᠦᠷᠬᠦ ᠦᠭᠡᠢ ᠶᠦᠮ ᠰᠠᠨ 》 ᠭᠡᠮᠡᠨ ᠪᠣᠳᠣᠵᠤ ᠪᠠᠢᠪᠠ᠃ 
       ᠠᠯᠠᠨᠳᠠᠷ ᠵᠠᠩᠵᠤᠨ ᠠᠶᠠᠨ ᠤ᠋ ᠵᠠᠮ ᠤ᠋ᠨ ᠲᠤᠷᠰᠢᠲᠠ ᠬᠦᠷᠡᠯᠭᠡᠷ ᠴᠢᠷᠠᠢ ᠪᠠᠨ ᠪᠠᠷᠤᠢᠯᠭᠠᠨ ᠳᠠᠭᠤ ᠪᠠᠨ ᠬᠤᠷᠢᠶᠠᠵᠤ᠂ ᠲᠡᠭᠷᠢ ᠶ᠋ᠢᠨ ᠬᠠᠶᠠᠭ᠎ᠠ ᠰᠢᠷᠲᠡᠨ ᠶᠠᠪᠤᠬᠤ ᠳ᠋ᠤ᠌ ᠪᠠᠨ 《ᠮᠣᠩᠭᠣᠯ ᠮᠣᠷᠢᠲᠤ ᠴᠡᠷᠢᠭ ᠲᠤᠯᠤᠯᠳᠤᠬᠤ ᠳ᠋ᠤ᠌ ᠪᠠᠷᠢᠮᠵᠢᠶ᠎ᠠ ᠲᠠᠢ᠃  ᠬᠢᠲᠠᠳ ᠴᠡᠷᠢᠭ ᠯᠡ ᠬᠤᠢᠬᠠᠯᠠᠭᠳᠠᠭᠰᠠᠨ ᠨᠤᠷᠮᠠᠨ ᠳᠣᠲᠣᠷ᠎ᠠ ᠠ᠋ᠴᠠ ᠬᠤᠯᠤᠰᠤᠨ ᠰᠤᠮᠤ ᠪᠠᠷ ᠬᠠᠷᠪᠤᠨ ᠭᠠᠷᠴᠤ ᠢᠷᠡᠭᠡᠳ᠂ ᠦᠬᠦᠵᠦ ᠪᠠᠢᠭ᠎ᠠ ᠮᠠᠭᠤᠬᠠᠢ ᠳᠠᠭᠤ ᠪᠠᠷ ᠬᠠᠰᠬᠢᠷᠤᠨ ᠪᠠᠢᠯᠳᠤᠳᠠᠭ ᠳᠠ᠃ ᠴᠠᠭᠠᠨ ᠵᠠᠩᠵᠤᠨ ᠨᠢᠭᠡᠨ ᠬᠡᠰᠡᠭ ᠴᠡᠷᠢᠭ ᠲᠡᠷᠢᠭᠦᠯᠡᠨ ᠶᠠᠪᠤᠭ᠎ᠠ ᠪᠢᠵᠡ᠃  ᠲᠡᠷᠡ ᠬᠥᠮᠦᠨ ᠣᠪᠯᠢᠭ ᠮᠠᠭᠤᠲᠠᠢ᠂ ᠲᠣᠭᠰᠢᠨ ᠬᠡᠷᠴᠡᠭᠡᠢ ᠵᠠᠩᠲᠠᠢ ᠰᠢᠦ᠃ ᠪᠠᠶᠠᠨ ᠵᠠᠩᠵᠤᠨ ᠤᠷᠢᠶᠠᠩᠬᠠᠢᠳᠠᠢ ᠨᠠᠷ ᠶᠠᠪᠤᠭ᠎ᠠ ᠪᠣᠯ ᠮᠣᠩᠭᠣᠯ ᠴᠡᠷᠢᠭ ᠲᠡᠢ ᠪᠡᠨ ᠬᠦᠴᠦᠯᠡᠨ ᠪᠠᠢᠯᠳᠤᠬᠤ ᠦᠭᠡᠢ᠂ ᠢᠯᠠᠭᠰᠠᠨ ᠢᠯᠠᠭᠳᠠᠭᠰᠠᠨ ᠬᠣᠶᠠᠷ ᠢᠯᠭᠠᠭ᠎ᠠ ᠦᠭᠡᠢ ᠭᠡᠬᠦ ᠪᠢᠵᠡ》 ᠭᠡᠮᠡᠨ ᠪᠣᠳᠣᠭᠰᠠᠭᠠᠷ ᠪᠠᠢᠪᠠ᠃ 
       ᠶᠡᠬᠡ ᠴᠡᠷᠢᠭ ᠬᠡᠳᠦᠨ ᠬᠣᠨᠣᠭ ᠠᠶᠠᠯᠠᠭᠠᠳ ᠲᠦᠷᠦᠭᠦᠴᠢ ᠨᠢ ᠵᠢᠷᠦᠬᠡ ᠬᠠᠢᠷᠬᠠᠨ ᠤ᠋ ᠵᠡᠭᠦᠨ ᠬᠣᠭᠣᠯᠠᠢ᠂ ᠠᠷᠰᠯᠠᠨ ᠴᠤᠬᠢᠶᠠᠳᠤ ᠶ᠋ᠢᠨ ᠥᠪᠥᠷ ᠪᠠᠯ ᠳ᠋ᠤ᠌ ᠣᠷᠣᠵᠤ ᠢᠷᠡᠵᠦ᠂ ᠶᠡᠬᠡ ᠡᠯᠡᠰᠦᠨ ᠦ᠌ ᠵᠠᠬ᠎ᠠ ᠪᠠᠷ ᠤᠷᠤᠭᠰᠢ ᠠᠬᠢᠬᠤ ᠪᠣᠯᠤᠯ᠎ᠠ᠃ ᠭᠠᠵᠠᠷ ᠤ᠋ᠨ ᠪᠠᠢᠳᠠᠯ ᠢ᠋ ᠳᠤᠷᠠᠨᠳᠠᠨ ᠰᠢᠨᠵᠢᠵᠦ ᠶᠠᠪᠤᠭ᠎ᠠ ᠠᠷᠢᠭᠪᠥ᠋ᠬᠡ ᠨᠢᠭᠡᠨ ᠥᠨᠳᠥᠷᠯᠢᠭ ᠳᠡᠭᠡᠷ᠎ᠡ ᠵᠣᠭᠰᠣᠵᠤ ᠪᠠᠬᠠᠨ ᠬᠠᠷᠠᠵᠤ ᠪᠠᠢᠭᠰᠠᠨ ᠢ᠋ᠶ᠋ᠠᠨ ᠳᠡᠷᠭᠡᠳᠡ ᠶ᠋ᠢᠨ ᠬᠥᠮᠦᠰ ᠲᠦ᠍ ᠪᠡᠨ ᠬᠠᠨᠳᠤᠵᠤ᠄ 
       — ᠲᠡᠷᠲᠡᠭᠡ ᠠᠯᠤᠰ ᠲᠤ᠌ ᠶᠡᠬᠡ ᠲᠣᠭᠣᠰᠣ ᠮᠠᠨᠠᠷᠠᠨ ᠬᠠᠷᠠᠭᠳᠠᠨ᠎ᠠ᠃ ᠲᠡᠷᠡ ᠪᠣᠯ ᠦᠷᠭᠦᠭᠰᠡᠨ ᠰᠦᠷᠦᠭ ᠬᠤᠯᠠᠨ ᠤ᠋ ᠲᠣᠭᠣᠰᠣ ᠪᠢᠵᠡ᠃ ᠠᠯᠢ ᠲᠡᠨᠳᠡ ᠤᠷᠢᠳ ᠠ᠋ᠴᠠ ᠴᠡᠷᠢᠭ ᠣᠷᠣᠵᠤ ᠢᠷᠡᠯ᠎ᠡ ᠭᠡᠰᠡᠨ ᠦᠭᠡ ᠤᠤ ?  ᠬᠤᠪᠢᠯᠠᠢ ᠭᠣᠪᠢ ᠶ᠋ᠢᠨ ᠶᠡᠬᠡ ᠡᠯᠡᠰᠦ ᠶ᠋ᠢ ᠪᠢᠳᠡ ᠨᠠᠷ ᠢ᠋ᠶ᠋ᠠᠷ ᠳᠣᠭᠣᠯᠤᠭᠤᠯᠵᠤ ᠰᠡᠲᠡᠯᠦᠨ ᠬᠦᠴᠦ ᠪᠠᠷᠠᠭᠠᠳ᠂ ᠥᠪᠡᠷ ᠢ᠋ᠶ᠋ᠡᠨ ᠲᠡᠨᠳᠡ ᠠᠮᠤᠷ ᠪᠠᠢᠭᠰᠠᠨ ᠴᠡᠷᠢᠭ ᠢ᠋ᠶ᠋ᠡᠷ ᠢ᠋ᠶ᠋ᠡᠨ ᠮᠠᠨ ᠢ᠋ ᠠᠮᠠᠳᠠᠨ ᠲᠣᠰᠴᠤ ᠴᠣᠬᠢᠬᠤ ᠭᠡᠵᠦ ᠪᠣᠳᠣᠵᠤ ᠪᠠᠢᠭ᠎ᠠ ᠪᠣᠯᠪᠠ ᠤᠤ᠃  ᠲᠡᠢᠮᠦ ᠰᠠᠨᠠᠭ᠎ᠠ ᠶ᠋ᠢ ᠬᠤᠪᠢᠯᠠᠢ ᠭᠠᠷᠭᠠᠵᠤ ᠴᠢᠳᠠᠨ᠎ᠠ ᠭᠡᠵᠦ ᠬᠡᠯᠡᠪᠡ ᠃ ᠦᠨᠡᠬᠡᠷ ᠴᠦ᠍ ᠲᠡᠢᠮᠦ ᠪᠠᠢᠵᠠᠢ᠃  
       ᠬᠠᠷᠠᠬᠣᠷᠣᠮ ᠤ᠋ᠨ ᠴᠡᠷᠢᠭ ᠬᠤᠪᠢᠯᠠᠢ ᠶ᠋ᠢ ᠤᠷᠢᠲᠠᠵᠤ ᠴᠣᠬᠢᠨ᠎ᠠ ᠭᠡᠰᠡᠨ ᠰᠠᠨᠠᠭᠠᠨ ᠳ᠋ᠤ᠌ ᠪᠠᠨ ᠬᠥᠲᠥᠯᠦᠭᠳᠡᠨ ᠳᠣᠪᠲᠣᠯᠤᠭᠰᠠᠭᠠᠷ ᠬᠠᠷᠭᠠᠨᠠᠳᠤ ᠶ᠋ᠢᠨ ᠬᠥᠨᠳᠡᠢ ᠶ᠋ᠢᠨ ᠶᠡᠬᠡ ᠡᠯᠡᠰᠦ᠂ ᠮᠣᠩᠭᠣᠯ ᠤ᠋ᠨ ᠡᠯᠡᠰᠦ ᠶ᠋ᠢ ᠮᠠᠴᠤᠨ ᠵᠢᠳᠬᠦᠵᠦ ᠳᠠᠪᠠᠭᠠᠳ᠂ ᠳᠠᠯᠠᠨ ᠲᠦᠷᠦᠭᠦᠦ᠂ ᠴᠠᠭᠠᠨ ᠡᠯᠡᠰᠦᠨ ᠳ᠋ᠦ᠍ ᠣᠷᠣᠵᠤ ᠢᠷᠡᠬᠦ ᠳ᠋ᠦ᠍ ᠳᠠᠢᠰᠤᠨ ᠤ᠋ ᠲᠦᠷᠦᠭᠦᠴᠢ ᠨᠢ ᠦᠵᠡᠭᠳᠡᠵᠦ ᠡᠬᠢᠯᠡᠪᠡ᠃  ᠲᠡᠳᠡ ᠬᠣᠢᠲᠤ ᠵᠦᠭ ᠲᠠᠪᠰᠢᠬᠤ ᠦᠭᠡᠢ᠂ ᠬᠣᠷᠢᠭᠯᠠᠨ ᠬᠠᠭᠠᠭᠰᠠᠨ ᠰᠢᠨᠵᠢ ᠲᠡᠢ ᠪᠠᠢᠭ᠎ᠠ ᠨᠢ ᠥᠪᠡᠷᠰᠡᠳ ᠢ᠋ᠶ᠋ᠡᠨ ᠬᠦᠴᠦ ᠪᠡᠨ ᠪᠥᠭᠡᠮᠨᠡᠷᠡᠭᠦᠯᠦᠨ᠂ ᠨᠥᠭᠦᠭᠡ ᠲᠠᠯ᠎ᠠ ᠶ᠋ᠢᠨ ᠴᠡᠷᠢᠭ ᠢ᠋ ᠪᠤᠲᠠᠷᠠᠭᠠᠬᠤ ᠠᠷᠭ᠎ᠠ ᠪᠣᠳᠣᠭᠰᠠᠨ ᠨᠢ ᠢᠯᠡᠳᠲᠡ᠃  ᠬᠣᠶᠠᠷ ᠲᠠᠯ᠎ᠠ ᠶ᠋ᠢᠨ ᠴᠡᠷᠢᠭ ᠪᠡᠶ᠎ᠡ ᠪᠡᠶ᠎ᠡ ᠳ᠋ᠦ᠍ ᠪᠡᠨ ᠠᠷᠪᠠᠨ ᠳᠠᠭᠤᠨ ᠤ᠋ ᠵᠠᠢᠲᠠᠢ ᠭᠠᠵᠠᠷ ᠲᠤ᠌ ᠣᠢᠷᠠᠲᠤᠵᠤ ᠢᠷᠡᠭᠡᠳ ᠬᠥᠳᠡᠯᠬᠦ ᠦᠭᠡᠢ᠂ ᠨᠢᠭᠡ ᠪᠠᠢᠷᠢᠨ ᠳᠡᠭᠡᠷ᠎ᠡ ᠪᠡᠨ ᠶᠠᠭ ᠵᠣᠭᠰᠣᠵᠤ ᠣᠷᠬᠢᠯ᠎ᠠ᠃  ᠡᠨᠡ ᠨᠢ ᠠᠭᠲᠠ ᠮᠣᠷᠢᠳ ᠤ᠋ᠨ ᠢ᠋ᠶ᠋ᠠᠨ ᠠᠮᠢᠰᠬᠤᠭ᠎ᠠ ᠶ᠋ᠢ ᠳᠠᠷᠤᠬᠤ᠂ ᠭᠠᠵᠠᠷ ᠤ᠋ᠨ ᠪᠠᠢᠳᠠᠯ ᠢ᠋ ᠰᠢᠨᠵᠢᠬᠦ᠂ ᠳᠠᠢᠳᠤᠬᠤ ᠠᠷᠭ᠎ᠠ ᠪᠠᠨ ᠪᠣᠯᠪᠠᠰᠤᠷᠠᠭᠤᠯᠵᠤ ᠦᠵᠡᠬᠦ ᠭᠡᠰᠡᠨ ᠰᠠᠨᠠᠭ᠎ᠠ ᠪᠠᠢᠪᠠ᠃ ᠲᠡᠭᠡᠵᠦ ᠲᠡᠳᠡ ᠬᠣᠶᠠᠷ ᠪᠦᠲᠦᠨ ᠡᠳᠦᠷ ᠢ᠋ ᠪᠠᠷᠠᠭᠠᠳ᠂ ᠮᠠᠷᠭᠠᠰᠢ ᠨᠢ ᠬᠡᠯᠡᠯᠴᠡᠵᠦ ᠲᠣᠪᠯᠠᠭᠰᠠᠨ ᠮᠡᠲᠦ ᠤᠷᠭᠤᠬᠤ ᠶ᠋ᠢᠨ ᠤᠯᠠᠭᠠᠨ ᠨᠠᠷᠠᠨ ᠢ᠋ᠶ᠋ᠠᠷ ᠬᠣᠶᠠᠷ ᠲᠠᠯ᠎ᠠ ᠪᠡᠶ᠎ᠡ ᠪᠡᠶ᠎ᠡ ᠤᠷᠤᠭᠤ ᠪᠠᠨ ᠵᠡᠷᠭᠡ ᠳᠠᠭᠠᠷᠢᠨ ᠳᠣᠪᠲᠣᠯᠵᠤ ᠡᠬᠢᠯᠡᠪᠡ᠃ ᠪᠠᠷᠠᠭᠤᠨ ᠵᠢᠭᠦᠷ ᠲᠦ᠍ ᠶᠠᠪᠤᠭ᠎ᠠ ᠴᠡᠷᠢᠭ ᠢ᠋ ᠬᠣᠶᠠᠷ ᠬᠠᠭᠠᠨ᠂ ᠵᠡᠭᠦᠨ ᠵᠢᠭᠦᠷ ᠲᠦ᠍ ᠳᠣᠪᠲᠣᠯᠵᠤ ᠪᠠᠢᠭ᠎ᠠ ᠴᠡᠷᠢᠭ ᠢ᠋ ᠠᠯᠠᠨᠳᠠᠷ᠂ ᠬᠠᠳᠠᠨ ᠨᠠᠷ ᠲᠡᠷᠢᠭᠦᠯᠡᠨ ᠵᠠᠯᠠᠵᠤ ᠶᠠᠪᠤᠭ᠎ᠠ ᠨᠢ ᠢᠯᠡ ᠪᠣᠯᠤᠯ᠎ᠠ᠃ ᠠᠬ᠎ᠠ ᠳᠡᠭᠦᠦ ᠬᠣᠶᠠᠷ ᠤ᠋ᠨ ᠴᠡᠷᠢᠭ ᠠᠯᠢ ᠠᠯᠢ ᠨᠢ ᠬᠣᠶᠠᠷ ᠠ᠋ᠴᠠ ᠳᠥᠷᠪᠡᠨ ᠲᠦᠮᠡ ᠪᠡᠷ ᠲᠣᠭᠠᠯᠠᠭᠳᠠᠬᠤ ᠪᠠᠢᠲᠠᠯᠲᠠᠢ ᠠᠵᠢ᠃ ᠲᠡᠳᠡ ᠪᠡᠶ᠎ᠡ ᠪᠡᠶ᠎ᠡ ᠤᠷᠤᠭᠤ ᠪᠠᠨ ᠭᠤᠷᠪᠠ ᠳᠠᠬᠢᠨ ᠳᠠᠭᠠᠷᠢᠭᠠᠳ ᠠᠯᠢᠨ ᠤ᠋ ᠪᠠᠨ ᠴᠦ᠍ ᠡᠩᠨᠡᠭᠡ ᠶ᠋ᠢ ᠰᠡᠲᠡᠯᠦᠨ ᠡᠪᠳᠡᠵᠦ ᠴᠢᠳᠠᠯ ᠦᠭᠡᠢ ᠪᠠᠬᠠᠨ ᠬᠥᠮᠦᠨ᠂ ᠮᠣᠷᠢᠳ ᠤ᠋ᠨ ᠰᠡᠭ ᠲᠤᠯᠤᠯᠳᠤᠭᠠᠨ ᠤ᠋ ᠲᠠᠯᠠᠪᠤᠷ ᠲᠤ᠌ ᠦᠯᠡᠳᠡᠭᠡᠨ ᠬᠠᠶᠠᠭᠠᠳ ᠡᠷᠭᠢᠨ ᠪᠤᠴᠠᠵᠤ᠂ ᠬᠠᠷᠭᠠᠨ᠎ᠠ ᠶ᠋ᠢᠨ ᠪᠤᠲᠠ᠂ ᠵᠠᠭ ᠤ᠋ᠨ ᠰᠢᠭᠤᠢ ᠳᠣᠲᠣᠷ᠎ᠠ ᠣᠷᠣᠵᠤ ᠪᠦᠭᠭᠦᠨ ᠬᠣᠨᠣᠭᠯᠠᠬᠤ ᠪᠣᠯᠪᠠ᠃ ᠠᠩᠬᠠᠨ ᠤ᠋ ᠡᠳᠦᠷ ᠦ᠋ᠨ ᠡᠨᠡ ᠲᠤᠯᠤᠯᠳᠤᠭᠠᠨ ᠳ᠋ᠤ᠌ ᠬᠣᠶᠠᠷ ᠲᠠᠯ᠎ᠠ ᠨᠢ ᠴᠦ᠍ ᠪᠠᠭ᠎ᠠ ᠦᠭᠡᠢ ᠵᠡᠬᠡᠭᠰᠡᠨ ᠬᠣᠬᠢᠷᠠᠯ ᠦᠵᠡᠵᠡᠢ᠃ 
       ᠠᠷᠢᠭᠪᠥ᠋ᠬᠡ᠂ ᠠᠯᠠᠨᠳᠠᠷ ᠬᠣᠶᠠᠷ ᠤ᠋ᠨ ᠬᠣᠭᠣᠷᠣᠨᠳᠣ ᠬᠣᠶᠠᠷ ᠥᠷᠲᠡᠭᠡ ᠵᠠᠢᠲᠠᠢ ᠪᠠᠢᠭ᠎ᠠ ᠪᠣᠯᠪᠠᠴᠤ ᠮᠣᠷᠢᠲᠠᠨ ᠨᠤᠭᠤᠳ ᠰᠠᠯᠵᠤ ᠳᠠᠪᠬᠢᠨ᠂ ᠲᠡᠢᠨ ᠦ᠌ ᠲᠠᠯᠠᠪᠤᠷ ᠲᠤ᠌ ᠶᠠᠭᠤ ᠪᠣᠯᠵᠤ ᠪᠠᠢᠭ᠎ᠠ ᠪᠠᠨ ᠪᠡᠶ᠎ᠡ ᠪᠡᠶ᠎ᠡ ᠳ᠋ᠦ᠍ ᠪᠡᠨ ᠬᠡᠯᠡᠵᠦ ᠴᠢᠳᠠᠭᠰᠠᠨ ᠪᠠᠢᠪᠠ᠃ ᠠᠯᠠᠨᠳᠠᠷ ᠤ᠋ᠨ ᠲᠠᠯ᠎ᠠ ᠳ᠋ᠤ᠌ ᠳᠠᠢᠰᠤᠨ ᠤ᠋ ᠴᠡᠷᠢᠭ ᠢ᠋ ᠬᠠᠳᠠᠨ ᠲᠡᠷᠢᠭᠦᠯᠡᠨ ᠵᠠᠬᠢᠷᠴᠤ᠂ ᠠᠷᠢᠭᠪᠥ᠋ᠬᠡ ᠶ᠋ᠢᠨ ᠲᠠᠯ᠎ᠠ ᠳ᠋ᠤ᠌ ᠳᠠᠢᠰᠤᠨ ᠤ᠋ ᠴᠡᠷᠢᠭ ᠢ᠋ ᠬᠤᠪᠢᠯᠠᠢ ᠵᠠᠬᠢᠷᠤᠨ ᠲᠤᠯᠤᠯᠳᠤᠭᠠᠨ ᠳ᠋ᠤ᠌ ᠤᠳᠤᠷᠢᠳᠴᠤ ᠪᠠᠢᠭ᠎ᠠ ᠨᠢ ᠪᠦᠷ ᠠᠩᠬᠠᠨ ᠠ᠋ᠴᠠ ᠪᠠᠨ ᠮᠡᠳᠡᠭᠳᠡᠵᠦ ᠪᠢᠯᠡ᠃  ᠳᠤᠷᠠᠨ ᠤ᠋ ᠬᠠᠷᠠᠭᠠᠨ ᠳ᠋ᠤ᠌ ᠬᠤᠪᠢᠯᠠᠢ ᠮᠠᠰᠢ ᠣᠯᠠᠨ ᠳᠠᠭᠠᠭᠤᠯ ᠲᠠᠢ᠂ ᠰᠢᠷ᠎ᠠ ᠲᠣᠷᠭᠠᠨ ᠴᠠᠴᠠᠷ ᠬᠣᠣᠰ ᠢ᠋ᠶ᠋ᠠᠷ ᠪᠣᠰᠬᠠᠭᠤᠯᠵᠤ᠂ ᠥᠪᠡᠷ ᠢ᠋ᠶ᠋ᠡᠨ ᠬᠥᠬᠡ ᠮᠠᠩᠨᠤᠭ ᠳᠡᠪᠡᠯ ᠲᠡᠢ᠂ ᠣᠯᠠᠨ ᠨᠤᠭᠤᠯᠤᠭᠠᠲᠤ ᠳᠤᠷᠠᠨ ᠪᠠᠷᠢᠨ᠂ ᠭᠣᠣᠯᠳᠠᠭᠤ ᠰᠡᠦᠬᠡ ᠲᠡᠷᠭᠡ ᠪᠡᠷ ᠶᠠᠪᠤᠵᠤ ᠪᠠᠢᠭ᠎ᠠ ᠨᠢ ᠲᠣᠳᠣᠷᠠᠨ ᠬᠠᠷᠠᠭᠳᠠᠨ᠎ᠠ᠃ ᠲᠡᠷᠡ ᠪᠡᠷ ᠶᠠᠭ ᠳᠠᠢᠳᠤᠵᠤ ᠪᠠᠢᠭ᠎ᠠ ᠴᠡᠷᠢᠭ ᠦ᠋ᠳ ᠦ᠋ᠨ ᠳᠣᠲᠣᠷ᠎ᠠ ᠣᠷᠣᠵᠤ ᠢᠷᠡᠬᠦ ᠦᠭᠡᠢ᠂ ᠲᠤᠯᠤᠯᠳᠤᠭᠠᠨ ᠤ᠋ ᠲᠠᠯᠠᠪᠤᠷ ᠲᠤ᠌ ᠨᠢᠭᠡ ᠣᠢᠷᠠᠲᠤᠨ ᠵᠢᠭᠠᠪᠤᠷᠢ ᠥᠭᠭᠦᠭᠡᠳ᠂ ᠡᠷᠭᠢᠵᠦ ᠪᠤᠴᠠᠨ ᠶᠠᠮᠠᠷ ᠨᠢᠭᠡ ᠥᠨᠳᠥᠷᠯᠢᠭ ᠳᠡᠭᠡᠷ᠎ᠡ ᠪᠠᠢᠷᠢᠯᠠᠵᠤ ᠲᠡᠢᠨ ᠢ᠋ ᠤᠳᠤᠷᠢᠳᠤᠨ᠎ᠠ᠃  ᠲᠡᠳᠡᠨ ᠤ ᠲᠡᠢᠨ ᠥᠷᠯᠥᠭᠡ ᠶ᠋ᠢᠨ ᠨᠠᠷᠠᠨ ᠢ᠋ᠶ᠋ᠠᠷ ᠡᠬᠢᠯᠡᠭᠡᠳ᠂ ᠣᠷᠣᠢ ᠪᠦᠷᠦᠩᠬᠦᠢ ᠪᠣᠯᠬᠤ ᠪᠣᠷ ᠲᠦᠷ ᠵᠠᠪᠰᠠᠷᠯᠬᠤ ᠪᠠᠢᠳᠠᠯᠳᠠᠢ ᠭᠤᠷᠪᠠ ᠳᠥᠷᠪᠡᠨ ᠬᠣᠨᠣᠭ ᠦᠷᠭᠦᠯᠵᠢᠯᠡᠪᠡ᠃  ᠬᠠᠷᠠᠭᠰᠠᠭᠠᠷ ᠪᠠᠢᠲᠠᠯ᠎ᠠ ᠬᠣᠶᠠᠷ ᠲᠠᠯ᠎ᠠ ᠶ᠋ᠢᠨ ᠮᠣᠩᠭᠣᠯ ᠴᠡᠷᠢᠭ ᠦ᠋ᠳ ᠠᠯᠢ ᠠᠯᠢ ᠨᠢ ᠪᠡᠶ᠎ᠡ ᠪᠡᠶ᠎ᠡ ᠪᠡᠨ ᠬᠢᠲᠦᠶ᠎ᠡ ᠭᠡᠵᠦ ᠮᠡᠷᠡᠢᠨ ᠲᠤᠯᠤᠯᠳᠤᠬᠤ ᠦᠭᠡᠢ ᠪᠠᠢᠭ᠎ᠠ ᠨᠢ ᠠᠵᠢᠭᠯᠠᠭᠳᠠᠨ᠎ᠠ᠃ ᠠᠷᠢᠭᠪᠥ᠋ᠬᠡ ᠶ᠋ᠢᠨ ᠬᠤᠪᠢ ᠳ᠋ᠤ᠌ ᠬᠤᠪᠢᠯᠠᠢ ᠠ᠋ᠴᠠ ᠥᠭᠡᠷ᠎ᠡ ᠪᠠᠢᠲᠠᠯᠲᠠᠢ ᠭᠡᠬᠦ ᠤᠤ᠂ ᠥᠪᠡᠷ ᠦ᠋ᠨ ᠪᠡᠶ᠎ᠡ ᠪᠡᠷ ᠬᠣᠰᠢᠭᠤᠴᠢᠯᠠᠨ ᠴᠣᠬᠢᠬᠤ ᠠᠩᠭᠢ ᠶ᠋ᠢ ᠠᠪᠴᠤ ᠳᠠᠪᠬᠢᠨ᠂ ᠳᠠᠢᠰᠤᠨ ᠤ᠋ ᠶᠡᠬᠡ ᠴᠡᠷᠢᠭ ᠦ᠋ᠨ ᠬᠠᠵᠠᠭᠤ ᠲᠠᠯ᠎ᠠ ᠠ᠋ᠴᠠ ᠳᠠᠭᠠᠷᠢᠵᠤ ᠡᠩᠨᠡᠭᠡ ᠶ᠋ᠢ ᠡᠪᠳᠡᠨ ᠰᠠᠷᠨᠢᠭᠤᠯᠬᠤ ᠠᠷᠭ᠎ᠠ ᠨᠢᠭᠡ ᠪᠢᠰᠢ ᠤᠳᠠᠭ᠎ᠠ ᠬᠢᠯ᠎ᠡ᠃ ᠡᠨᠡ ᠶᠠᠩᠵᠤ ᠪᠠᠷ ᠪᠣᠯ ᠬᠤᠪᠢᠯᠠᠢ ᠶ᠋ᠢᠨ ᠲᠠᠯ᠎ᠠ ᠠᠮᠵᠢᠯᠲᠠ ᠣᠯᠬᠤ ᠦᠭᠡᠢ ᠰᠢᠨᠵᠢᠲᠡᠢ ᠮᠡᠲᠦ᠃ ᠲᠡᠷᠡ ᠨᠢ ᠨᠥᠭᠦᠭᠡ ᠲᠠᠯ᠎ᠠ ᠶ᠋ᠢᠨ ᠴᠡᠷᠢᠭ ᠦ᠋ᠳ ᠬᠠᠷᠠᠬᠣᠷᠣᠮ ᠤ᠋ᠨ ᠴᠡᠷᠢᠭ ᠦ᠋ᠨ ᠥᠭᠡᠳᠡ ᠡᠴᠡ ᠬᠦᠴᠦ ᠭᠠᠷᠭᠠᠨ ᠦᠬᠦᠨ ᠲᠤᠯᠤᠯᠳᠤᠬᠤ ᠦᠭᠡᠢ ᠪᠣᠯᠤᠯᠲᠠᠢ ᠶᠠᠪᠤᠭ᠎ᠠ ᠠ᠋ᠴᠠ ᠨᠢ ᠰᠢᠯᠲᠠᠭᠠᠯᠠᠵᠤ ᠪᠠᠢᠭ᠎ᠠ ᠨᠢ ᠮᠡᠳᠡᠭᠡᠵᠢ᠃ ᠭᠡᠬᠦ ᠳ᠋ᠦ᠍ ᠪᠠᠨ ᠯᠠ ᠲᠤᠯᠤᠯᠳᠤᠭᠠᠨ ᠤ᠋ ᠲᠠᠯᠠᠪᠤᠷ ᠳᠤ ᠦᠳᠡᠰᠢ ᠶ᠋ᠢᠨ ᠪᠦᠷᠦᠢ ᠪᠡᠷ ᠠᠯᠠᠭᠤᠯᠤᠭᠰᠠᠨ ᠴᠡᠷᠢᠭ᠂ ᠮᠣᠷᠢᠳ ᠡᠨᠳᠡ ᠲᠡᠨᠳᠡ ᠦᠭᠡᠢ ᠲᠡᠷᠡᠢᠨ ᠬᠡᠪᠲᠡᠵᠦ᠂ ᠬᠢᠩᠭᠢᠨᠡᠨ ᠣᠷᠢᠯᠠᠬᠤ ᠬᠥᠮᠦᠨ ᠦ᠌ ᠳᠠᠭᠤᠨ ᠴᠢᠬᠢᠨ ᠳ᠋ᠦ᠍ ᠴᠢᠬᠢᠷ᠎ᠡ ᠪᠣᠯᠤᠨ ᠵᠢᠷᠦᠬᠡ ᠰᠢᠮᠰᠢᠷᠡᠭᠦᠯᠵᠦ ᠰᠣᠨᠣᠰᠤᠭᠳᠠᠨ᠎ᠠ᠃ ᠲᠡᠳᠡ ᠴᠣᠬᠣᠮ ᠶᠠᠭᠤᠨ ᠤ᠋ ᠲᠥᠯᠥᠭᠡ ᠢᠩᠭᠢᠵᠦ ᠠᠮᠢ ᠨᠠᠰᠤ ᠪᠠᠨ ᠪᠦᠷᠢᠯᠭᠡᠵᠦ ᠪᠠᠢᠭ᠎ᠠ ᠶ᠋ᠢ ᠪᠣᠳᠣᠬᠤ᠂ ᠠᠷᠤ ᠳ᠋ᠤ᠌ ᠦᠯᠡᠳᠡᠭᠰᠡᠨ ᠡᠬᠡᠨᠡᠷ ᠬᠡᠦᠬᠡᠳ ᠦ᠋ᠳ ᠢ᠋ᠶ᠋ᠡᠨ ᠰᠠᠨᠠᠬᠤ ᠰᠡᠭᠡᠭᠡ ᠦᠭᠡᠢ ᠪᠠᠢᠪᠠ᠃ 
       ᠠᠷᠢᠭᠪᠥ᠋ᠬᠡ ᠲᠡᠷᠡ ᠦᠳᠡᠰᠢ ᠳᠠᠢᠳᠤᠭᠰᠠᠨ ᠲᠠᠯᠠᠪᠤᠷ ᠳᠤᠮᠳᠠᠭᠤᠷ ᠮᠣᠷᠢ ᠪᠠᠷ ᠳᠠᠪᠬᠢᠨ ᠶᠠᠪᠤᠵᠤ ᠦᠵᠡᠭᠡᠳ ᠦᠦᠷᠰᠡᠨ ᠣᠷᠢᠯᠠᠵᠤ ᠪᠥᠭᠰᠡ ᠪᠡᠨ ᠴᠢᠷᠦᠨ ᠪᠣᠰᠬᠤ ᠭᠡᠵᠦ ᠲᠡᠮᠡᠦᠯᠦᠨ ᠪᠣᠢ ᠮᠣᠷᠢᠳ᠂ ᠳᠤᠲᠠᠭᠤ ᠠᠯᠠᠭᠳᠠᠨ ᠦᠬᠦᠵᠦ ᠴᠢᠳᠠᠬᠤ ᠦᠭᠡᠢ ᠭᠢᠩᠰᠢᠨ ᠪᠠᠢᠭ᠎ᠠ ᠴᠡᠷᠢᠭ ᠦ᠋ᠨ ᠳᠠᠭᠤ ᠶ᠋ᠢ ᠰᠣᠨᠣᠰᠤᠭᠠᠳ 
       — ᠡᠨᠡ ᠪᠣᠯᠠᠢ ᠬᠡᠷᠡᠭ ᠢ᠋ ᠪᠢ ᠪᠢᠰᠢ᠂ ᠬᠤᠪᠢᠯᠠᠢ ᠡᠳ᠋ᠯᠡᠭᠦᠯᠦᠭᠰᠡᠨ ᠭᠡᠵᠦ ᠠᠮᠢᠲᠠᠳ ᠮᠡᠳᠡᠵᠦ ᠪᠠᠢᠭ᠎ᠠ ᠪᠣᠯᠪᠠ ᠤᠤ ᠶᠠᠭᠤᠮ᠎ᠠ ᠶᠠᠭᠠᠬᠢᠭᠰᠠᠨ ᠬᠡᠴᠡᠭᠦᠦ᠂ ᠮᠠᠭᠤᠬᠠᠢ ᠪᠠᠢᠳᠠᠭ ᠶᠤᠮ ᠪᠣᠢ ᠭᠡᠵᠦ ᠬᠦᠨᠳᠦ ᠪᠣᠳᠣᠯ ᠳ᠋ᠤ᠌ ᠳᠠᠷᠤᠭᠳᠠᠭᠰᠠᠨ ᠪᠠᠢᠳᠠᠯ ᠢ᠋ᠶ᠋ᠠᠷ ᠬᠡᠯᠡᠵᠦ ᠪᠢᠯᠡ᠃ 
       ᠪᠠᠷᠠᠭᠤᠨ ᠵᠢᠭᠦᠷ ᠦ᠋ᠨ ᠡᠨᠡ ᠲᠤᠯᠤᠯᠳᠤᠭᠠᠨ ᠳᠠᠯᠠᠨ ᠪᠤᠯᠠᠭ ᠤ᠋ᠨ ᠠᠭᠤᠯᠵᠠᠭᠤᠷ ᠭᠡᠳᠡᠭ ᠭᠠᠵᠠᠷ ᠲᠤ ᠪᠣᠯᠵᠤ ᠪᠠᠢᠭ᠎ᠠ ᠠᠵᠢ᠃ ᠨᠥᠭᠦᠭᠡ ᠵᠡᠭᠦᠨ ᠵᠢᠭᠦᠷ ᠦ᠋ᠨ ᠠᠯᠠᠨᠳᠠᠷ ᠤ᠋ᠨ ᠲᠡᠷᠢᠭᠦᠯᠡᠨ ᠶᠠᠪᠤᠭᠤᠯᠵᠤ ᠪᠣᠢ ᠲᠤᠯᠤᠯᠳᠤᠭᠠᠨ ᠨᠢ ᠭᠠᠰᠢᠭᠤᠨ ᠤ᠋ ᠭᠣᠪᠢ ᠳ᠋ᠤ᠌ ᠪᠣᠯᠵᠤ ᠪᠠᠢᠭ᠎ᠠ᠃ ᠲᠡᠳᠡ ᠪᠠᠰᠠ ᠯᠠ ᠳᠥᠷᠪᠡᠳᠡᠬᠢ ᠡᠳᠦᠷ ᠲᠦ᠍ ᠪᠡᠨ ᠪᠡᠶ᠎ᠡ ᠪᠡᠶ᠎ᠡ ᠤᠷᠤᠭᠤ ᠪᠠᠨ ᠳᠠᠭᠠᠷᠢᠯᠲᠠ ᠬᠢᠭᠡᠳ ᠬᠠᠢᠨᠴᠡᠭᠤ ᠪᠠᠢᠳᠠᠯᠲᠠᠢ ᠪᠠᠷ ᠣᠷᠣᠢ ᠵᠠᠪᠰᠠᠷᠯᠠᠵᠠᠢ᠃ 
       — ᠪᠢᠳᠡ ᠴᠢᠩ ᠰᠡᠳᠬᠢᠯ ᠡᠴᠡ ᠪᠡᠨ ᠬᠦᠴᠦ ᠭᠠᠷᠭᠠᠨ ᠲᠤᠯᠤᠯᠳᠤᠶ᠎ᠠ ᠭᠡᠬᠦ ᠳ᠋ᠦ᠍ ᠴᠡᠷᠢᠭ᠂ ᠮᠣᠷᠢ ᠠᠯᠢ ᠠᠯᠢ ᠨᠢ ᠣᠷᠣᠭᠰᠢ ᠠᠬᠢᠵᠤ ᠥᠭᠬᠦ ᠦᠭᠡᠢ ᠬᠣᠯᠬᠢᠵᠤ ᠤᠬᠤᠷᠢᠭᠠᠳ ᠪᠠᠢᠬᠤ ᠬᠠᠷᠠᠯᠠᠭᠰᠠᠨ ᠶᠤᠮ᠃ ᠮᠣᠩᠭᠣᠯ ᠮᠣᠩᠭᠣᠯ ᠲᠠᠢ ᠪᠠᠨ ᠳᠠᠢᠳᠤᠨ᠎ᠠ ᠭᠡᠳᠡᠭ ᠦᠨᠡᠬᠡᠷ ᠨᠢᠭᠦᠯᠲᠦ ᠬᠡᠷᠡᠭ ᠭᠡᠳᠡᠭ ᠢ᠋ ᠮᠣᠷᠢ ᠬᠦᠷᠲᠡᠯ᠎ᠡ ᠮᠡᠳᠡᠭᠰᠡᠨ ᠪᠠᠢᠨ᠎ᠠ ᠭᠡᠵᠦ ᠤᠤ ᠳᠠ ᠭᠡᠮᠡᠨ ᠣᠷᠣᠢ ᠶ᠋ᠢᠨ ᠵᠣᠭᠣᠭ ᠳᠡᠭᠡᠷ᠎ᠡ ᠪᠡᠨ ᠠᠷᠢᠭᠪᠥ᠋ᠬᠡ ᠬᠡᠯᠡᠵᠦ ᠪᠢᠯᠡ᠃ ᠲᠡᠭᠡᠬᠦ ᠳ᠋ᠦ᠍ ᠴᠡᠷᠢᠭ ᠦ᠋ᠨ ᠥᠭᠡᠷ᠎ᠡ ᠨᠢᠭᠡ ᠳᠠᠭᠠᠭᠠᠮᠠᠯ ᠳᠠᠭᠤ ᠪᠠᠨ ᠡᠷᠭᠦᠨ᠄   
       — ᠪᠢᠳᠡᠨ ᠦ᠌ ᠬᠡᠨ ᠨᠢ ᠬᠤᠪᠢᠯᠠᠢ ᠶ᠋ᠢᠨ ᠴᠠᠭᠠᠳᠤ ᠲᠠᠯ᠎ᠠ ᠳ᠋ᠤ᠌ ᠬᠥᠬᠡ ᠳᠡᠪᠡᠯ ᠲᠡᠢ ᠬᠢᠲᠠᠳ ᠬᠥᠮᠦᠰ ᠵᠣᠭᠰᠣᠵᠤ ᠪᠣᠢ ᠶ᠋ᠢ ᠯᠡ ᠳᠤᠲᠠᠭᠤ ᠮᠡᠳᠡᠵᠦ ᠪᠠᠢᠭ᠎ᠠ ᠠ᠋ᠴᠠ ᠤᠨᠤᠭᠰᠠᠨ ᠮᠣᠷᠢ ᠮᠠᠨᠠᠢ ᠲᠤᠰᠢᠶ᠎ᠠ ᠲᠠᠢ ᠮᠡᠲᠦ ᠰᠠᠵᠢᠯᠠᠵᠤ ᠶᠠᠪᠤᠨ᠎ᠠ ᠭᠡᠵᠦ ᠬᠡᠯᠡᠪᠡ᠃ 
       ᠭᠠᠰᠢᠭᠤᠨ ᠤ᠋ ᠭᠣᠪᠢ ᠳ᠋ᠤ᠌ ᠪᠣᠯᠵᠤ ᠪᠠᠢᠭ᠎ᠠ ᠲᠡᠢᠨ ᠦ᠌ ᠲᠠᠯᠠᠪᠤᠷ ᠲᠤ ᠪᠠᠰᠠ ᠯᠠ ᠰᠡᠭ ᠵᠡᠮᠳᠡᠭ ᠪᠣᠯᠤᠭᠰᠠᠨ ᠬᠥᠮᠦᠨ᠂ ᠮᠣᠷᠢ ᠲᠡᠮᠡᠭᠡ ᠮᠠᠯ ᠪᠠᠷᠤᠭ ᠪᠤᠲᠠᠨ ᠢ᠋ ᠲᠣᠭᠠᠯᠠᠨ ᠲᠡᠷᠡᠢᠵᠦ ᠬᠡᠪᠲᠡᠨ᠎ᠡ᠃ ᠲᠡᠨᠳᠡ ᠦᠶ᠎ᠡ ᠦᠶ᠎ᠡ ᠬᠥᠮᠦᠨ ᠮᠣᠷᠢᠳ ᠪᠠᠴᠢᠮᠳᠠᠨ《ᠠᠮᠢ ᠠᠪᠤᠷᠠᠭᠠᠴᠢ》 ᠭᠡᠰᠡᠨ ᠶᠠᠩᠵᠤᠲᠠᠢ ᠬᠠᠰᠬᠢᠷᠬᠤ᠂《ᠡᠵᠢ ᠠ᠋!》 ᠭᠡᠵᠦ ᠡᠬᠡ ᠶ᠋ᠢ ᠪᠡᠨ ᠳᠠᠭᠤᠳᠠᠬᠤ ᠬᠥᠮᠦᠨ ᠦ᠌ ᠰᠥᠭᠡᠩᠭᠢᠲᠦᠭᠰᠡᠨ ᠳᠠᠭᠤ ᠶ᠋ᠢ ᠰᠣᠨᠣᠰᠤᠭᠠᠳ ᠴᠡᠷᠢᠭ《ᠳᠠᠬᠢᠭᠠᠳ ᠡᠢᠮᠦ ᠦᠭᠡ ᠴᠢᠬᠢᠨ ᠳ᠋ᠦ᠍ ᠪᠤᠤ ᠳᠣᠭᠣᠯᠤᠭᠠᠰᠠᠢ》 ᠭᠡᠵᠦ ᠪᠣᠳᠣᠬᠤ ᠦᠭᠡᠢ ᠥᠩᠭᠡᠷᠡᠬᠦ ᠨᠢ ᠦᠭᠡᠢ ᠠᠵᠢ᠃ 
       — ᠶᠠᠭᠠᠬᠢᠵᠤ ᠭᠡᠵᠦ ᠪᠢᠳᠡ ᠬᠣᠭᠣᠷᠣᠨᠳᠣ ᠪᠠᠨ ᠳᠠᠢᠳᠤᠵᠤ ᠶᠠᠪᠤᠭ᠎ᠠ ᠪᠢᠯᠡ? 
       — ᠬᠤᠪᠢᠯᠠᠢ ᠶᠠᠭᠤ ᠶ᠋ᠢ ᠬᠦᠰᠡᠵᠦ ᠨᠡᠢᠰᠯᠡᠯ ᠬᠠᠷᠠᠬᠣᠷᠣᠮ ᠢ᠋ᠶ᠋ᠠᠨ ᠳᠣᠪᠣ ᠪᠣᠯᠭᠠᠬᠤ ᠭᠡᠵᠦ ᠨᠠᠭᠠᠰᠢ ᠪᠠᠨ ᠵᠦᠭᠯᠡᠭᠡ ᠪᠣᠢ? 
       — ᠬᠤᠪᠢᠯᠠᠢ᠂ ᠠᠷᠢᠭᠪᠥ᠋ᠬᠡ ᠬᠣᠶᠠᠷ ᠨᠢᠭᠡ ᠡᠬᠡ ᠶ᠋ᠢᠨ ᠠᠯᠲᠠᠨ ᠬᠡᠪᠡᠯᠢ ᠡᠴᠡ ᠴᠤᠪᠤᠷᠠᠨ ᠭᠠᠷᠤᠭᠰᠠᠨ ᠠᠬᠠᠨ ᠳᠡᠭᠦᠦᠰ ᠪᠢᠰᠢ ᠤᠤ? ᠲᠡᠭᠡᠭᠡᠳ᠁ ᠭᠡᠵᠦ ᠬᠡᠯᠡᠬᠦ ᠦᠭᠡᠢ ᠴᠡᠷᠢᠭ᠂ ᠲᠦᠰᠢᠮᠡᠳ ᠨᠠᠷ ᠲᠡᠢᠨ ᠦ᠌ ᠲᠠᠯᠠᠪᠤᠷ ᠲᠤ ᠪᠠᠷᠤᠭ ᠦᠭᠡᠢ ᠠᠵᠢ᠃ 
       ᠬᠠᠷᠠᠬᠣᠷᠣᠮ ᠤ᠋ᠨ ᠴᠡᠷᠢᠭ ᠦ᠋ᠳ ᠬᠤᠪᠢᠯᠠᠢ ᠶ᠋ᠢᠨ ᠴᠡᠷᠢᠭ ᠤᠷᠤᠭᠤ ᠬᠡᠳᠦ ᠬᠡᠳᠦᠨ ᠤᠳᠠᠭ᠎ᠠ ᠰᠢᠷᠦᠭᠦᠨ ᠳᠠᠭᠠᠷᠢᠯᠲᠠ ᠬᠢᠵᠦ᠂ ᠲᠡᠳᠡᠨ ᠦ᠌ ᠡᠩᠨᠡᠭᠡ ᠶ᠋ᠢ ᠰᠡᠲᠡᠯᠦᠨ᠂ ᠵᠠᠷᠢᠮ ᠭᠠᠵᠠᠷ ᠲᠤ ᠬᠦᠴᠦ ᠶ᠋ᠢ ᠨᠢ ᠰᠠᠷᠨᠢᠭᠤᠯᠬᠤ ᠪᠠᠢᠳᠠᠯ ᠳ᠋ᠤ᠌ ᠣᠷᠣᠭᠤᠯᠵᠠᠢ᠃ ᠶᠠᠭ ᠢᠩᠭᠢᠬᠦ ᠦᠶ᠎ᠡ ᠳ᠋ᠦ᠍ ᠬᠠᠳᠠᠨ ᠵᠠᠩᠵᠤᠨ ᠬᠤᠪᠢᠯᠠᠢ ᠶ᠋ᠢᠨ ᠵᠠᠷᠯᠢᠭ ᠢ᠋ᠶ᠋ᠠᠷ ᠬᠠᠷᠭᠠᠨ᠎ᠠ ᠶ᠋ᠢᠨ ᠪᠤᠲᠠᠨ ᠳ᠋ᠤ᠌ ᠬᠢᠷᠦᠭᠰᠡᠨ ᠲᠠᠤᠯᠠᠢ ᠠᠳᠠᠯᠢ ᠨᠢᠭᠤᠭᠳᠠᠭᠰᠠᠨ ᠬᠢᠲᠠᠳ ᠴᠡᠷᠢᠭ ᠮᠣᠩᠭᠣᠯ ᠴᠡᠷᠢᠭ ᠦ᠋ᠨ ᠠᠷᠤ ᠠ᠋ᠴᠠ ᠭᠠᠷᠴᠤ ᠢᠷᠡᠵᠦ ᠲᠠᠪᠤ ᠳᠣᠯᠣᠭᠠᠨ ᠳᠠᠪᠬᠤᠷ ᠡᠩᠨᠡᠭᠡ ᠪᠡᠷ ᠵᠣᠭᠰᠣᠭᠠᠳ᠂ ᠬᠤᠯᠤᠰᠤᠨ ᠰᠤᠮᠤ ᠪᠠᠷ ᠮᠥᠨᠳᠥᠷ ᠪᠠᠭᠤᠯᠭᠠᠵᠤ᠂ ᠮᠣᠩᠭᠣᠯ ᠴᠡᠷᠢᠭ ᠦ᠋ᠨ ᠤᠨᠤᠭ᠎ᠠ ᠮᠣᠷᠢᠳ ᠢ᠋ ᠬᠠᠷᠪᠤᠨ ᠶᠠᠪᠠᠭᠠᠯᠠᠵᠤ ᠪᠠᠢᠪᠠ᠃ ᠡᠨᠡ ᠪᠣᠯ ᠵᠢᠩᠬᠢᠨᠢ ᠬᠢᠲᠠᠳ ᠴᠡᠷᠢᠭ ᠦ᠋ᠨ ᠳᠠᠢᠳᠤᠬᠤ ᠨᠢᠭᠡᠨ ᠠᠷᠭ᠎ᠠ ᠪᠢᠯᠡ᠃  
       — ᠬᠤᠪᠢᠯᠠᠢ ᠡᠢᠮᠦ ᠬᠠᠭᠠᠯᠲᠠ ᠶ᠋ᠢ ᠲᠤᠯᠤᠯᠳᠤᠭᠠᠨ ᠤ᠋ ᠪᠠᠷᠠᠭᠤᠨ᠂ ᠵᠡᠭᠦᠨ ᠵᠢᠭᠦᠷ ᠲᠦ᠍ ᠢᠯᠭᠠᠭ᠎ᠠ ᠦᠭᠡᠢ ᠪᠣᠢ ᠪᠣᠯᠭᠠᠵᠤ ᠬᠡᠷᠡᠭᠯᠡᠭᠰᠡᠨ ᠪᠠᠢᠨ᠎ᠠ᠃ ᠬᠢᠲᠠᠳ ᠴᠡᠷᠢᠭ ᠲᠤᠯᠤᠯᠳᠤᠭᠠᠨ ᠳ᠋ᠤ᠌ ᠬᠣᠰᠢᠭᠤᠴᠢᠯᠠᠨ ᠣᠷᠣᠬᠤ ᠦᠭᠡᠢ ᠪᠡᠷ ᠪᠠᠷᠠᠬᠤ ᠦᠭᠡᠢ ᠲᠠᠯᠠᠪᠤᠷ ᠲᠤ ᠪᠠᠢᠭ᠎ᠠ ᠡᠰᠡᠬᠦ ᠨᠢ ᠪᠠᠷᠤᠭ ᠮᠡᠳᠡᠭᠳᠡᠬᠦ ᠦᠭᠡᠢ ᠠᠲᠠᠯ᠎ᠠ ᠬᠦᠴᠦ ᠪᠡᠨ ᠭᠡᠨᠡᠳᠲᠡ ᠭᠠᠷᠭᠠᠨ ᠢᠷᠡᠵᠦ ᠰᠡᠯᠪᠢᠳᠡᠭ ᠠᠷᠭ᠎ᠠ ᠶ᠋ᠢ ᠬᠡᠷᠡᠭᠯᠡᠵᠦ ᠪᠠᠢᠯᠳᠤᠨ᠎ᠠ᠃ ᠡᠢᠮᠦ ᠨᠢᠭᠡᠨ《ᠰᠣᠩᠭᠣᠮᠠᠯ》 ᠠᠷᠭ᠎ᠠ ᠶ᠋ᠢ ᠬᠤᠪᠢᠯᠠᠢ ᠶ᠋ᠢᠨ ᠪᠢᠰᠢ᠂ ᠠᠩᠬᠠᠨ ᠪᠠᠶᠠᠨ ᠥᠷᠯᠥᠭ ᠰᠢᠷ᠎ᠠ ᠮᠥᠷᠡᠨ ᠦ᠌ ᠠᠳᠠᠭ ᠳᠤ ᠤᠮᠠᠷᠠᠲᠤ ᠬᠢᠲᠠᠳ ᠲᠠᠢ ᠪᠠᠢᠯᠳᠤᠬᠤ ᠳ᠋ᠤ᠌ ᠪᠠᠨ ᠬᠡᠷᠡᠭᠯᠡᠭᠰᠡᠨ᠂ ᠬᠣᠵᠢᠮ ᠨᠢ ᠰᠥᠩ ᠦ᠋ᠨ ᠬᠠᠭᠠᠨ ᠤ᠋ ᠴᠡᠷᠢᠭ ᠲᠡᠢ ᠲᠤᠯᠤᠯᠳᠤᠬᠤ ᠳ᠋ᠤ᠌ ᠪᠠᠨ ᠪᠠᠰᠠ ᠬᠡᠷᠡᠭᠯᠡᠭᠰᠡᠨ ᠤᠳᠠᠭ᠎ᠠ ᠲᠠᠢ ᠠᠵᠢ᠃ 
       ᠳᠠᠯᠠᠨ ᠪᠤᠯᠠᠭ ᠤ᠋ᠨ ᠠᠭᠤᠯᠵᠠᠭᠤᠷ ᠲᠤ ᠬᠢᠵᠦ ᠪᠠᠢᠭ᠎ᠠ ᠲᠡᠢᠨ ᠦ᠌ ᠲᠠᠪᠤᠳᠠᠬᠢ ᠡᠳᠦᠷ ᠠᠷᠢᠭᠪᠥ᠋ᠬᠡ ᠨᠢᠭᠡ ᠳᠣᠪᠣᠴᠠᠭ ᠳᠡᠭᠡᠷ᠎ᠡ ᠭᠠᠷᠴᠤ ᠳᠤᠷᠠᠨᠳᠠᠭᠠᠳ ᠪᠠᠢᠭᠰᠠᠨ ᠢ᠋ᠶ᠋ᠠᠨ ᠶᠠᠭᠤ ᠪᠣᠯᠪᠠ ᠭᠡᠮᠡᠷ ᠤᠤᠯᠭᠠᠯᠠᠨ 
       — ᠳᠤᠲᠠᠭᠤᠳᠠᠯ᠎ᠠ᠃ ᠳᠠᠬᠢᠭᠠᠳ ᠬᠥᠭᠡᠭᠡᠴᠢ! ᠭᠡᠵᠦ ᠳᠠᠭᠤᠨ ᠠᠯᠳᠠᠪᠠ᠃ ᠶᠠᠭᠠᠬᠢᠬᠤ ᠨᠢ ᠡᠨᠡ ᠪᠣᠢ? ᠭᠡᠵᠦ ᠳᠡᠷᠭᠡᠳᠡ ᠶ᠋ᠢᠨ ᠬᠢᠶ᠎ᠡ ᠪᠡᠨ ᠠᠰᠠᠭᠤᠪᠠᠯ ᠬᠠᠭᠠᠨ ᠬᠢᠯᠢᠩᠲᠡᠢ ᠪᠠᠢᠳᠠᠯ ᠢ᠋ᠶ᠋ᠠᠷ᠄ 
       — ᠮᠠᠨ ᠤ᠋ ᠰᠦ᠍ ᠵᠠᠩᠵᠤᠨ ᠤ᠋ ᠮᠢᠩᠭᠠᠲᠤ ᠬᠤᠪᠢᠯᠠᠢ ᠶ᠋ᠢᠨ ᠴᠠᠴᠠᠷ ᠤᠷᠤᠭᠤ ᠵᠠᠭ ᠤ᠋ᠨ ᠰᠢᠭᠤᠢ ᠳᠣᠲᠣᠷ᠎ᠠ ᠠ᠋ᠴᠠ ᠭᠡᠨᠡᠳᠲᠡ ᠳᠠᠭᠠᠷᠢᠭᠠᠳ ᠲᠡᠭᠦᠨ ᠢ᠋ ᠪᠠᠷᠢᠵᠤ ᠴᠢᠳᠠᠯ ᠦᠭᠡᠢ ᠴᠠᠭᠠᠰᠢ ᠨᠢ ᠵᠡᠭᠤᠳᠠᠭᠤᠯᠴᠢᠬᠠᠯ᠎ᠠ᠃ ᠬᠠᠢᠷᠠᠨ ᠶᠤᠮ᠃ ᠴᠠᠭᠠᠭᠤᠷ ᠨᠢ ᠲᠣᠭᠣᠷᠢᠵᠤ ᠳᠠᠭᠠᠷᠢᠭᠰᠠᠨ ᠪᠣᠯ ᠲᠡᠭᠦᠨ ᠢ᠋ ᠪᠠᠷᠢᠵᠤ ᠠᠪᠤᠭᠠᠳ ᠪᠠᠭᠠᠯᠵᠠᠭᠤᠷ ᠢ᠋ ᠨᠢ ᠰᠢᠬᠠᠨ ᠨᠠᠭᠠᠰᠢ ᠨᠢ ᠴᠢᠷᠴᠦ ᠢᠷᠡᠭᠡᠳ ᠮᠠᠨ ᠤ᠋ ᠬᠥᠯ ᠳᠣᠣᠷ᠎ᠠ ᠬᠠᠶᠠᠬᠤ ᠪᠠᠢᠭᠰᠠᠨ᠃ ᠲᠣᠭ᠎ᠠ ᠦᠭᠡᠢ ᠬᠡᠷᠡᠭ ᠪᠣᠯᠤᠯ᠎ᠠ ᠭᠡᠪᠡ᠃ ᠡᠨᠡ ᠴᠠᠭ ᠠ᠋ᠴᠠ ᠬᠣᠢᠰᠢ ᠬᠤᠪᠢᠯᠠᠢ ᠶᠠᠭ ᠲᠤᠯᠤᠯᠳᠤᠭᠠᠨ ᠬᠢᠵᠦ ᠪᠠᠢᠭ᠎ᠠ ᠲᠠᠯᠠᠪᠤᠷ ᠲᠤ ᠤᠢᠷᠲᠤᠨ ᠢᠷᠡᠬᠦ ᠪᠡᠨ ᠪᠦᠷ ᠪᠠᠢᠵᠤ᠂ ᠠᠯᠤᠰᠬᠠᠨ ᠥᠨᠳᠥᠷᠯᠢᠭ ᠳᠡᠭᠡᠷ᠎ᠡ ᠲᠣᠷᠭᠠᠨ ᠴᠠᠴᠠᠷ ᠪᠤᠰᠬᠠᠭᠤᠯᠤᠭᠠᠳ ᠲᠡᠨᠳᠡ ᠪᠠᠢᠬᠤ ᠪᠣᠯᠵᠠᠢ᠃ ᠲᠡᠭᠦᠨ ᠦ᠌ ᠴᠡᠷᠢᠭ ᠢ᠋ ᠠᠷᠢᠭᠪᠥ᠋ᠬᠡ ᠮᠤᠩᠳᠠᠬᠤ ᠦᠭᠡᠢ ᠬᠣᠷᠣᠭᠠᠵᠤ ᠴᠢᠳᠠᠵᠤ ᠪᠠᠢᠭ᠎ᠠ ᠪᠣᠯᠪᠠᠴᠤ ᠴᠠᠭᠠᠨ᠎ᠠ ᠠ᠋ᠴᠠ ᠪᠠᠨ ᠬᠢᠲᠠᠳ ᠴᠡᠷᠢᠭ ᠤᠰᠤᠨ ᠤᠨᠳᠤᠷᠤᠭ᠎ᠠ ᠮᠡᠲᠦ ᠭᠠᠷᠴᠤ ᠢᠷᠡᠭᠰᠡᠭᠡᠷ ᠪᠠᠢᠭ᠎ᠠ ᠨᠢ ᠡᠮᠦᠨ᠎ᠡ ᠵᠦᠭ ᠲᠦ᠍ ᠰᠥᠩ ᠦ᠋ᠨ ᠴᠡᠷᠢᠭ ᠲᠡᠢ ᠳᠠᠢᠳᠤᠵᠤ ᠪᠣᠢ ᠬᠦᠴᠦ ᠪᠡᠨ ᠨᠠᠭᠠᠰᠢ ᠨᠢ ᠪᠠᠷᠤᠭ ᠪᠦᠭᠦᠳᠡ ᠶ᠋ᠢ ᠲᠠᠲᠠᠭᠰᠠᠨ ᠤ᠋ ᠭᠡᠷᠡᠴᠢ᠃ 
       ᠭᠠᠰᠢᠭᠤᠨ ᠤ᠋ ᠭᠣᠪᠢ ᠳ᠋ᠤ᠌ ᠪᠣᠯᠵᠤ ᠪᠣᠢ ᠲᠤᠯᠤᠯᠳᠤᠭᠠᠨ ᠵᠢᠷᠭᠤᠭᠠᠳᠠᠬᠢ ᠡᠳᠦᠷ ᠲᠦ᠍ ᠪᠡᠨ ᠢᠳᠡ ᠡᠷᠴᠢ ᠶ᠋ᠢ ᠣᠯᠵᠤ ᠥᠷᠨᠢᠨ᠂ ᠬᠣᠶᠠᠷ ᠲᠠᠯ᠎ᠠ ᠪᠡᠶ᠎ᠡ ᠪᠡᠶ᠎ᠡ ᠤᠷᠤᠭᠤ ᠪᠠᠨ ᠬᠠᠮᠤᠭ ᠬᠦᠴᠦ ᠪᠡᠨ ᠪᠥᠭᠡᠮᠨᠡᠷᠡᠭᠦᠯᠦᠨ ᠳᠠᠭᠠᠷᠢᠵᠠᠢ᠃ ᠡᠨᠡ ᠡᠳᠦᠷ ᠦᠨᠡᠬᠡᠷ ᠭᠠᠰᠢᠭᠤᠨ ᠶᠠᠪᠤᠳᠠᠯ ᠣᠯᠠᠨ ᠪᠣᠯᠵᠤ᠂ ᠬᠣᠶᠠᠷ ᠲᠠᠯ᠎ᠠ ᠶ᠋ᠢᠨ ᠴᠡᠷᠢᠭ᠂ ᠮᠣᠷᠢ ᠡᠩᠨᠡᠭᠡ ᠡᠩᠨᠡᠭᠡ ᠪᠡᠷ ᠢ᠋ᠶ᠋ᠡᠨ ᠬᠢᠳᠤᠭᠳᠠᠭᠰᠠᠨ ᠪᠠᠢᠨ᠎ᠠ᠃ ᠬᠠᠷᠠᠬᠣᠷᠣᠮ ᠤ᠋ᠨ ᠬᠡᠰᠡᠭ ᠴᠡᠷᠢᠭ ᠡᠷᠴᠢ ᠪᠡᠷ ᠢ᠋ᠶ᠋ᠡᠨ ᠳᠠᠢᠰᠤᠨ ᠤᠷᠤᠭᠤ ᠳᠠᠭᠠᠷᠢᠵᠤ ᠳᠠᠪᠬᠢᠭᠠᠳ ᠡᠯᠡᠰᠦᠨ ᠳ᠋ᠦ᠍ ᠰᠢᠭᠠᠭᠳᠠᠨ ᠴᠤᠴᠠᠬᠤ ᠳ᠋ᠤ᠌ ᠠᠯᠠᠨᠳᠠᠷ ᠵᠠᠩᠵᠤᠨ ᠵᠦᠭᠡᠷ ᠵᠣᠭᠰᠣᠵᠤ ᠠᠷᠭ᠎ᠠ ᠦᠭᠡᠢ ᠪᠣᠯᠤᠭᠠᠳ᠂ ᠳᠡᠷᠭᠡᠳᠡ ᠪᠡᠨ ᠪᠡᠯᠡᠳᠬᠡᠯ ᠳ᠋ᠦ᠍ ᠪᠠᠢᠭ᠎ᠠ ᠴᠡᠷᠢᠭ ᠢ᠋ᠶ᠋ᠡᠨ ᠠᠪᠴᠤ ᠳᠠᠭᠠᠭᠤᠯᠤᠨ ᠳᠣᠪᠲᠣᠯᠤᠭᠰᠠᠨ ᠳ᠋ᠤ᠌ ᠬᠤᠪᠢᠯᠠᠢ ᠮᠣᠷᠢᠲᠤ ᠴᠡᠷᠢᠭ ᠦ᠋ᠨ ᠠᠷᠤ ᠠ᠋ᠴᠠ ᠳᠠᠭᠠᠵᠤ ᠶᠠᠪᠤᠭᠰᠠᠨ ᠬᠢᠲᠠᠳ ᠴᠡᠷᠢᠭ ᠦ᠋ᠨ ᠡᠩᠨᠡᠭᠡ ᠡᠴᠡ ᠬᠡᠳᠦᠨ ᠵᠠᠭᠤᠨ ᠰᠤᠮᠤ ᠬᠠᠷᠪᠤᠵᠤ᠂ ᠶᠡᠬᠡ ᠳᠠᠭᠠᠭᠠᠮᠠᠯ ᠤ᠋ᠨ ᠪᠡᠶ᠎ᠡ ᠳᠡᠭᠡᠷ᠎ᠡ ᠣᠯᠠᠨ ᠵᠡᠷᠭᠡ ᠲᠣᠰᠣᠨ᠂ ᠲᠡᠭᠦᠨ ᠦ᠌ ᠪᠡᠶ᠎ᠡ ᠭᠠᠵᠠᠷᠳᠠᠨ ᠬᠥᠰᠡᠷᠳᠡᠨ ᠤᠨᠠᠯ᠎ᠠ᠃ ᠵᠡᠭᠦᠨ ᠵᠢᠭᠦᠷ ᠦ᠋ᠨ ᠲᠡᠷᠢᠭᠦᠨ ᠡᠢᠨ ᠬᠦ᠌ ᠲᠤᠯᠤᠯᠳᠤᠭᠠᠨ ᠤ᠋ ᠲᠠᠯᠠᠪᠤᠷ ᠲᠤ ᠠᠮᠢ ᠪᠡᠶ᠎ᠡ ᠬᠥᠨᠦᠭᠡᠯᠭᠡᠵᠡᠢ᠃  
       ᠡᠨᠡ ᠬᠡᠷᠡᠭ ᠪᠠᠢᠯᠳᠤᠭᠠᠨ ᠤ᠋ ᠪᠦᠬᠦ ᠶᠠᠪᠤᠴᠠ ᠳ᠋ᠤ᠌ ᠨᠥᠯᠥᠭᠡᠯᠡᠬᠦ ᠡᠷᠭᠢᠯᠲᠡ ᠪᠣᠯᠪᠠ᠃ ᠵᠡᠭᠦᠨ ᠵᠢᠭᠦᠷ ᠦ᠋ᠨ ᠶᠡᠬᠡ᠂ ᠪᠠᠭ᠎ᠠ ᠳᠠᠭᠠᠭᠠᠮᠠᠯ ᠤ᠋ᠳ᠂ ᠵᠠᠬᠢᠷᠤᠭᠴᠢᠳ ᠴᠡᠷᠢᠭ ᠢ᠋ᠶ᠋ᠡᠨ ᠡᠮᠬᠢᠯᠡᠵᠦ ᠳᠡᠢᠯᠬᠦ ᠦᠭᠡᠢ ᠪᠣᠯᠲᠠᠯ᠎ᠠ ᠪᠠᠨ ᠰᠠᠷᠨᠢᠵᠤ᠂ ᠡᠮᠬᠢ ᠵᠠᠮᠪᠠᠷᠠᠭ᠎ᠠ ᠪᠠᠨ ᠠᠯᠳᠠᠯ᠎ᠠ᠃ ᠴᠡᠷᠢᠭ ᠦ᠋ᠳ ᠣᠷᠣᠭᠰᠢ ᠳᠠᠪᠰᠢᠵᠤ ᠲᠤᠯᠤᠯᠳᠤᠬᠤ ᠡᠷᠡᠮᠡᠯᠵᠡᠯ ᠦᠭᠡᠢ᠂ ᠰᠡᠪ ᠯᠠ ᠬᠢᠪᠡᠯ ᠭᠡᠳᠡᠷᠭᠦ ᠤᠬᠤᠷᠢᠬᠤ ᠭᠡᠵᠦ ᠲᠡᠮᠡᠦᠯᠳᠡᠭ ᠨᠢ《ᠮᠣᠩᠭᠣᠯ ᠪᠠᠢᠵᠤ ᠮᠣᠩᠭᠣᠯ ᠢ᠋ᠶ᠋ᠠᠨ ᠬᠢᠳᠤᠭᠠᠳ ᠶᠠᠭᠠᠬᠢᠬᠤ ᠪᠣᠢ᠃ ᠢᠩᠭᠢᠭᠰᠡᠨ ᠳ᠋ᠦ᠍ ᠣᠷᠣᠪᠠᠯ ᠮᠥᠷ ᠢ᠋ᠶ᠋ᠡᠷ ᠢ᠋ᠶ᠋ᠡᠨ ᠵᠠᠢᠯᠠᠭᠰᠠᠨ ᠨᠢ ᠳᠡᠭᠡᠷ᠎ᠡ》 ᠭᠡᠰᠡᠨ ᠪᠣᠳᠣᠯ ᠳ᠋ᠤ᠌ ᠠᠪᠲᠠᠨ᠂ ᠲᠤᠯᠤᠯᠳᠤᠬᠤ ᠭᠠᠯ ᠳᠥᠯᠥ ᠪᠡᠨ ᠤᠨᠲᠠᠷᠠᠭᠠᠵᠠᠢ᠃ ᠡᠢᠮᠦ ᠪᠣᠳᠣᠯ ᠴᠡᠷᠢᠭ ᠦ᠋ᠨ ᠳᠠᠭᠠᠭᠠᠮᠠᠯ᠂ ᠵᠠᠬᠢᠷᠤᠭᠴᠢ ᠨᠠᠷ ᠤ᠋ᠨ ᠰᠡᠳᠬᠢᠯ ᠳ᠋ᠦ᠍ ᠤᠯᠠᠮ ᠪᠦᠷ ᠨᠡᠪᠲᠡᠷᠡᠨ ᠣᠷᠣᠭᠰᠠᠭᠠᠷ ᠪᠠᠢᠪᠠ᠃ ᠢᠩᠭᠢᠭᠡᠳ ᠠᠯᠠᠨᠳᠠᠷ ᠵᠠᠩᠵᠤᠨ ᠤ᠋ ᠲᠡᠷᠢᠭᠦᠯᠡᠵᠦ ᠶᠠᠪᠤᠭᠰᠠᠨ ᠪᠦᠬᠦ ᠴᠡᠷᠢᠭ ᠭᠡᠳᠡᠷᠭᠦ ᠤᠬᠤᠷᠢᠨ ᠰᠠᠷᠨᠢᠵᠤ ᠡᠬᠢᠯᠡᠪᠡ᠃ ᠬᠠᠳᠠᠨ ᠵᠠᠩᠵᠤᠨ ᠤ᠋ ᠴᠡᠷᠢᠭ ᠡᠨᠡ ᠰᠡᠢᠮᠡᠬᠡᠢ ᠶ᠋ᠢ ᠶᠠᠭᠤᠨ ᠡᠰᠡ ᠠᠨᠳᠠᠬᠤ ᠪᠢᠯᠡ᠃ ᠦᠵᠡᠭᠰᠡᠨ ᠬᠠᠷᠠᠭᠰᠠᠨ ᠪᠦᠬᠦᠨ ᠢ᠋ᠶ᠋ᠡᠨ ᠬᠢᠳᠤᠨ ᠰᠥᠨᠥᠭᠡᠬᠦ ᠡᠷᠡᠮᠡᠯᠵᠡᠯ ᠳ᠋ᠦ᠍ ᠠᠪᠲᠠᠭᠰᠠᠨ ᠡᠲᠡᠭᠡᠳ ᠨᠦ᠍ᠭᠦᠳ ᠮᠣᠩᠭᠣᠯ ᠮᠢᠨᠢ ᠭᠡᠰᠡᠨ ᠦᠵᠡᠯ ᠶᠠᠭᠠᠬᠢᠵᠤ ᠪᠢᠯᠡ᠃ 
       ᠨᠢᠭᠡᠨᠲᠡ ᠵᠡᠭᠦᠨ ᠵᠢᠭᠦᠷ ᠡᠢᠮᠦ ᠪᠣᠯᠤᠭᠰᠠᠨ ᠪᠣᠯᠬᠣᠷ ᠡᠨᠳᠡ ᠲᠤᠯᠤᠯᠳᠤᠵᠤ ᠶᠠᠪᠤᠭ᠎ᠠ ᠬᠤᠪᠢᠯᠠᠢ ᠶ᠋ᠢᠨ ᠲᠠᠯ᠎ᠠ ᠶ᠋ᠢᠨ ᠴᠡᠷᠢᠭ ᠦ᠋ᠳ ᠨᠥᠭᠦᠭᠡ ᠵᠢᠭᠦᠷ ᠤᠷᠤᠭᠤ ᠰᠢᠯᠵᠢᠨ᠂ ᠠᠷᠢᠭᠪᠥ᠋ᠬᠡ ᠬᠠᠭᠠᠨ ᠤ᠋ ᠥᠭᠡᠳᠡ ᠡᠴᠡ ᠮᠠᠴᠤᠵᠤ ᠪᠠᠢᠭ᠎ᠠ ᠳᠠᠢᠰᠤᠨ ᠤ᠋ ᠴᠡᠷᠢᠭ ᠦ᠋ᠨ ᠬᠦᠴᠦᠨ ᠦᠢ ᠣᠯᠠᠨ ᠢ᠋ᠶ᠋ᠠᠷ ᠨᠡᠮᠡᠭᠳᠡᠵᠦ᠂ ᠬᠣᠶᠠᠷ ᠲᠠᠯ᠎ᠠ ᠶ᠋ᠢᠨ ᠲᠡᠩᠴᠡᠭᠦᠷᠢ ᠶ᠋ᠢ ᠠᠯᠳᠠᠭᠳᠠᠭᠤᠯᠪᠠ᠃ ᠳᠠᠯᠠᠨ ᠪᠤᠯᠠᠭ ᠤ᠋ᠨ ᠠᠭᠤᠯᠵᠠᠭᠤᠷ ᠭᠡᠳᠡᠭ ᠥᠷᠭᠡᠨ ᠬᠥᠨᠳᠡᠢ ᠳ᠋ᠦ᠍ ᠬᠤᠪᠢᠯᠠᠢ ᠴᠡᠷᠢᠭ ᠢ᠋ᠶ᠋ᠡᠨ ᠰᠢᠨ᠎ᠡ ᠪᠡᠷ ᠵᠢᠰᠢᠵᠤ᠂ ᠪᠦᠬᠦ ᠡᠩᠨᠡᠭᠡ ᠪᠡᠨ ᠭᠤᠷᠪᠠᠨ ᠳᠠᠪᠬᠤᠷ ᠪᠣᠯᠭᠠᠭᠠᠳ ᠬᠣᠢᠰᠢ ᠲᠠᠪᠰᠢᠭᠤᠯᠤᠯ᠎ᠠ᠃ ᠬᠠᠷ᠎ᠠ ᠬᠣᠷᠣᠮ ᠤ᠋ᠨ ᠴᠡᠷᠢᠭ ᠲᠣᠭ᠎ᠠ ᠪᠠᠷ ᠦᠯᠡᠮᠵᠢ ᠳᠤᠲᠠᠭᠤ ᠪᠣᠯᠤᠭᠰᠠᠨ ᠤᠴᠢᠷ ᠠᠷᠭ᠎ᠠ ᠪᠤᠶᠤ ᠭᠡᠳᠡᠷᠭᠦ ᠲᠦᠷᠢᠭᠳᠡᠨ ᠤᠬᠤᠷᠢᠵᠤ ᠡᠬᠢᠯᠡᠪᠡ᠃  ᠳᠠᠢᠰᠤᠨ ᠤ᠋ ᠲᠠᠯ᠎ᠠ ᠶ᠋ᠢᠨ ᠴᠡᠷᠢᠭ ᠦ᠋ᠨ ᠣᠮᠣᠭ ᠰᠢᠲᠠᠨ᠂ ᠪᠦᠷ ᠴᠦ᠍ ᠶᠡᠬᠡ ᠤᠯᠠᠢᠷᠠᠨ ᠲᠦᠷᠢᠵᠦ ᠬᠥᠭᠡᠭᠡᠬᠦ ᠪᠣᠯᠪᠠ᠃ ᠭᠡᠯ᠎ᠡ ᠴᠦ᠍ ᠠᠷᠢᠭᠪᠥ᠋ᠬᠡ ᠬᠠᠭᠠᠨ ᠤ᠋ ᠴᠡᠷᠢᠭ ᠦᠶ᠎ᠡ ᠦᠶ᠎ᠡ ᠡᠷᠭᠢᠨ ᠪᠠᠢᠯᠳᠤᠵᠤ ᠦᠨᠡᠨ ᠲᠤᠯᠤᠯᠳᠤᠵᠤ ᠪᠠᠢᠯ᠎ᠠ᠃ ᠬᠤᠪᠢᠯᠠᠢ ᠮᠣᠩᠭᠣᠯ ᠴᠡᠷᠢᠭ ᠦ᠋ᠨ ᠢ᠋ᠶ᠋ᠡᠨ ᠠᠷᠤ ᠠ᠋ᠴᠠ ᠪᠠᠰᠠ ᠬᠢᠲᠠᠳ ᠴᠡᠷᠢᠭ ᠲᠠᠪᠰᠢᠭᠤᠯᠵᠤ ᠪᠠᠢᠭ᠎ᠠ ᠪᠣᠯᠬᠣᠷ ᠠᠭᠱᠠᠨ ᠪᠦᠷᠢ ᠳ᠋ᠦ᠍ ᠬᠦᠴᠦᠨ ᠦ᠌ ᠬᠠᠷᠢᠴᠠᠭ᠎ᠠ ᠱᠠᠩᠳᠤ ᠶ᠋ᠢᠨ ᠴᠡᠷᠢᠭ ᠲᠦ᠍ ᠠᠰᠢᠭᠲᠠᠢ ᠪᠠᠷ ᠥᠭᠡᠷᠡᠴᠢᠯᠡᠭᠳᠡᠨ᠂ ᠬᠠᠷ᠎ᠠ ᠬᠣᠷᠣᠮ ᠤ᠋ᠨ ᠴᠡᠷᠢᠭ ᠤᠬᠤᠷᠢᠭᠠᠳ ᠪᠠᠢᠬᠤ ᠠ᠋ᠴᠠ ᠥᠭᠡᠷ᠎ᠡ ᠠᠷᠭ᠎ᠠ ᠦᠭᠡᠢ ᠳ᠋ᠦ᠍ ᠬᠦᠷᠴᠡᠢ᠃ ᠡᠢᠨ ᠬᠦ᠌ ᠬᠤᠪᠢᠯᠠᠢ ᠶᠡᠬᠡ ᠭᠣᠪᠢ ᠶ᠋ᠢᠨ ᠡᠮᠦᠨᠡᠲᠦ ᠬᠡᠰᠡᠭ ᠢ᠋ ᠴᠢᠰᠤ ᠪᠠᠷ ᠪᠣᠳᠣᠨ ᠤᠮᠠᠷ᠎ᠠ ᠶ᠋ᠢ  ᠳᠣᠪᠲᠣᠯᠤᠭᠰᠠᠭᠠᠷ ᠪᠠᠢᠪᠠ᠃ 
       ᠠᠷᠢᠭᠪᠥ᠋ᠬᠡ ᠬᠡᠳᠦᠨ ᠳᠠᠬᠢᠨ ᠡᠷᠭᠢᠵᠦ ᠳᠠᠭᠠᠷᠢᠯᠲᠠ ᠬᠢᠭᠰᠡᠨ ᠪᠣᠯᠪᠠᠴᠤ ᠳᠠᠩᠴᠢ ᠬᠦᠴᠦᠨ ᠮᠡᠬᠦᠰᠳᠡᠵᠦ ᠪᠢᠯᠡ᠃ ᠰᠠᠢᠷ ᠤᠰᠤᠨ ᠤ᠋ ᠪᠠᠷᠠᠭᠤᠨ ᠬᠥᠨᠳᠡᠢ ᠳ᠋ᠦ᠍ ᠨᠢᠭᠡ ᠤᠳᠠᠭ᠎ᠠ ᠠᠷᠢᠭᠪᠥ᠋ᠬᠡ ᠡᠷᠭᠢᠵᠦ ᠳᠠᠭᠠᠷᠢᠭᠠᠳ ᠠᠷᠤ ᠠ᠋ᠴᠠ ᠪᠠᠨ ᠡᠯᠳᠡᠵᠦ ᠶᠠᠪᠤᠭ᠎ᠠ ᠮᠣᠩᠭᠣᠯ ᠴᠡᠷᠢᠭ ᠦ᠋ᠨ ᠡᠩᠨᠡᠭᠡ ᠶ᠋ᠢ ᠰᠡᠲᠡᠯᠦᠨ ᠡᠪᠳᠡᠵᠦ᠂ ᠳᠠᠢᠰᠤᠨ ᠢ᠋ ᠰᠠᠨᠳᠤᠷᠭᠠᠭᠰᠠᠨ ᠪᠣᠯᠪᠠᠴᠤ ᠬᠢᠲᠠᠳ ᠴᠡᠷᠢᠭ ᠦ᠋ᠨ ᠬᠡᠳᠦᠨ ᠳᠠᠪᠬᠤᠷ ᠡᠩᠨᠡᠭᠡ ᠳ᠋ᠦ᠍ ᠲᠤᠯᠵᠤ ᠣᠴᠢᠭᠠᠳ ᠶᠠᠭᠠᠬᠢᠵᠤ ᠴᠦ᠍ ᠴᠢᠳᠠᠬᠤ ᠦᠭᠡᠢ ᠪᠣᠯᠵᠤ᠂ ᠪᠠᠰᠠ ᠯᠠ ᠴᠡᠷᠢᠭ᠂ ᠮᠣᠷᠢ ᠬᠣᠶᠠᠷ ᠢ᠋ᠶ᠋ᠠᠨ ᠪᠠᠬᠠᠨ ᠭᠠᠵᠠᠷᠳᠠᠭᠤᠯᠤᠭᠠᠳ ᠡᠷᠭᠢᠵᠦ ᠳᠤᠲᠠᠭᠠᠪᠠ᠃ ᠡᠨᠡ ᠪᠣᠯ ᠶᠡᠬᠡ ᠭᠣᠪᠢ ᠳ᠋ᠤ᠌ ᠶᠠᠪᠤᠭᠤᠯᠤᠭᠰᠠᠨ ᠠᠷᠢᠭᠪᠥ᠋ᠬᠡ ᠬᠤᠪᠢᠯᠠᠢ ᠬᠣᠶᠠᠷ ᠤ᠋ᠨ ᠠᠩᠬᠠᠨ ᠤ᠋ ᠶᠡᠬᠡ ᠲᠤᠯᠤᠯᠳᠤᠭᠠᠨ ᠤ᠋ ᠰᠡᠭᠦᠯᠴᠢ ᠶ᠋ᠢᠨ ᠬᠢᠨᠢ ᠪᠣᠯᠵᠠᠢ᠃ 
       ᠠᠷᠢᠭᠪᠥ᠋ᠬᠡ ᠶ᠋ᠢᠨ ᠴᠡᠷᠢᠭ ᠪᠠᠷᠠᠭᠤᠨ ᠬᠣᠢᠲᠤ ᠵᠦᠭ ᠢ᠋ ᠴᠢᠭᠯᠡᠨ ᠵᠣᠭᠰᠣᠯ ᠦᠭᠡᠢ ᠪᠡᠷ ᠤᠬᠤᠷᠢᠨ ᠰᠠᠷᠨᠢᠵᠤ᠂ ᠳᠠᠬᠢᠨ ᠡᠨᠡ ᠤᠳᠠᠭ᠎ᠠ ᠳ᠋ᠤ᠌ ᠡᠮᠬᠢᠯᠡᠭᠦᠯᠦᠨ ᠠᠪᠬᠤ ᠠᠷᠭ᠎ᠠ ᠦᠭᠡᠢ ᠳ᠋ᠦ᠍ ᠬᠦᠷᠪᠡ᠃ ᠬᠠᠭᠠᠨ ᠥᠪᠡᠷ ᠢ᠋ᠶ᠋ᠡᠨ ᠪᠠᠢᠭ᠎ᠠ ᠬᠦᠴᠦ ᠪᠡᠷ ᠢ᠋ᠶ᠋ᠡᠨ ᠭᠡᠨᠡᠳᠡᠭᠦᠯᠦᠨ ᠡᠷᠭᠢᠵᠦ ᠬᠤᠪᠢᠯᠠᠢ ᠶ᠋ᠢ ᠳᠠᠭᠠᠷᠢᠨ᠂ ᠪᠠᠷᠢᠵᠤ ᠠᠪᠬᠤ ᠰᠠᠨᠠᠭ᠎ᠠ ᠰᠡᠳᠦᠭᠰᠡᠨ ᠪᠣᠯᠪᠠᠴᠤ ᠲᠡᠭᠦᠨ ᠦ᠌ ᠪᠡᠶ᠎ᠡ ᠶ᠋ᠢ ᠬᠠᠮᠠᠭᠠᠯᠠᠵᠤ ᠶᠠᠪᠤᠭ᠎ᠠ ᠲᠣᠷᠭᠠᠨ ᠬᠡᠪᠲᠡᠭᠦᠯ ᠴᠡᠷᠢᠭ ᠨᠢ ᠲᠡᠭᠡᠵᠦ ᠵᠣᠷᠢᠭ ᠢ᠋ᠶ᠋ᠠᠷ ᠨᠢ ᠲᠠᠯᠪᠢᠭᠰᠠᠨ ᠦᠭᠡᠢ᠂ ᠪᠡᠶ᠎ᠡ ᠶ᠋ᠢ ᠨᠢ ᠬᠠᠭᠠᠴᠠᠢᠯᠠᠨ ᠭᠡᠳᠡᠷᠭᠦ ᠨᠢ ᠠᠪᠴᠤ ᠭᠠᠷᠴᠤ᠂ ᠠᠯᠤᠰ ᠤ᠋ᠨ ᠵᠠᠮ ᠳ᠋ᠤ᠌ ᠰᠢᠯᠤᠭᠤᠳᠤᠨ ᠳᠣᠪᠲᠣᠯᠭᠠᠵᠠᠢ᠃ ᠬᠤᠪᠢᠯᠠᠢ ᠶ᠋ᠢᠨ ᠴᠡᠷᠢᠭ ᠵᠣᠬᠢᠶᠠᠨ ᠪᠠᠢᠭᠤᠯᠤᠯᠲᠠ ᠪᠠᠨ ᠰᠠᠬᠢᠨ᠂ ᠪᠦᠬᠦ ᠬᠦᠴᠦ ᠪᠡᠷ ᠢ᠋ᠶ᠋ᠡᠨ ᠵᠣᠭᠰᠣᠯᠲᠠ ᠦᠭᠡᠢ ᠳᠣᠪᠲᠣᠯᠵᠤ᠂ ᠤᠮᠠᠷ᠎ᠠ ᠶ᠋ᠢ ᠵᠣᠷᠢᠨ ᠶᠠᠪᠤᠭ᠎ᠠ ᠶ᠋ᠢ ᠠᠷᠢᠭᠪᠥ᠋ᠬᠡ ᠲᠤᠷᠰᠢᠭᠤᠯ ᠤ᠋ᠨ ᠮᠡᠳᠡᠭᠡ ᠪᠡᠷ ᠪᠦᠷᠢᠨ ᠮᠡᠳᠡᠵᠦ ᠪᠠᠢᠪᠠ᠃ ᠢᠩᠭᠢᠵᠦ ᠲᠤᠷᠰᠢᠬᠤ ᠬᠡᠷᠡᠭ ᠢ᠋ ᠪᠢᠯᠢᠭᠦᠨ ᠲᠦᠰᠢᠮᠡᠯ ᠲᠡᠷᠢᠭᠦᠯᠡᠬᠦ ᠪᠣᠯᠤᠭᠰᠠᠨ ᠪᠢᠯᠡ᠃ ᠬᠠᠭᠠᠨ ᠤ᠋ ᠵᠠᠷᠯᠢᠭ ᠢ᠋ᠶ᠋ᠠᠷ ᠬᠡᠰᠡᠭ ᠰᠢᠯᠢᠮᠡᠯ(ᠲᠠᠪᠢᠲᠤ) ᠴᠡᠷᠢᠭ ᠢ᠋ ᠲᠡᠭᠦᠨ ᠦ᠌ ᠮᠠᠲᠠᠯ ᠳ᠋ᠤ᠌ ᠭᠠᠷᠭᠠᠨ ᠥᠭᠴᠦ᠂ ᠪᠢᠯᠢᠭᠦᠨ ᠬᠦᠯᠦᠭ ᠦ᠋ᠨ ᠬᠤᠷᠳᠤᠨ ᠢ᠋ᠶ᠋ᠠᠷ ᠬᠡᠭᠡᠷ᠎ᠡ ᠲᠠᠯ᠎ᠠ ᠶ᠋ᠢ ᠳᠠᠮᠵᠢᠨ᠂ ᠬᠤᠢ ᠰᠠᠯᠬᠢ ᠠᠳᠠᠯᠢ ᠬᠤᠢᠷᠠᠭᠨᠠᠭᠤᠯᠵᠦ ᠶᠠᠪᠤᠬᠤ ᠪᠣᠯᠤᠭᠰᠠᠨ ᠪᠠᠢᠪᠠ᠃ ᠲᠡᠷᠡ ᠪᠡᠷ ᠰᠢᠨᠳᠠᠰᠤᠲᠤ ᠬᠦᠯᠦᠭ ᠦ᠋ᠨ ᠨᠢᠷᠤᠭᠤᠨ ᠳᠡᠭᠡᠷ᠎ᠡ ᠭᠠᠷᠬᠤ ᠪᠠᠷ ᠢ᠋ᠶ᠋ᠠᠨ ᠴᠣᠭ ᠬᠡᠢ ᠮᠣᠷᠢ ᠪᠠᠨ ᠵᠠᠯᠠᠵᠤ ᠪᠠᠳᠠᠷᠠᠭᠠᠭᠰᠠᠨ ᠠᠳᠠᠯᠢ ᠵᠢᠪᠬᠤᠯᠠᠩᠲᠤ ᠪᠣᠯᠳᠠᠭ ᠢ᠋ ᠥᠭᠦᠯᠡᠬᠦ ᠶᠠᠭᠤᠨ ᠪᠢᠯᠡ᠃ ᠡᠨᠡ ᠲᠡᠢᠨ ᠲᠡᠭᠦᠰᠲᠡᠯ᠎ᠡ ᠲᠡᠮᠡᠴᠡᠯ ᠬᠢᠮᠤᠷᠠᠯ ᠢ᠋ ᠡᠴᠦᠰ ᠪᠣᠯᠭᠠᠭᠰᠠᠨ ᠨᠢ ᠪᠢᠰᠢ᠃ ᠦᠢᠮᠡᠭᠡᠨ ᠰᠠᠮᠠᠭᠤᠨ ᠴᠠᠭᠠᠰᠢᠳᠠ ᠤᠯᠠᠮ ᠬᠣᠷᠣᠰᠤᠯᠲᠠᠢ ᠪᠠᠷ ᠦᠷᠭᠦᠯᠵᠢᠯᠡᠬᠦ ᠨᠢ ᠬᠡᠨ ᠪᠦᠬᠦᠨ ᠳ᠋ᠦ᠍ ᠢᠯᠡᠷᠬᠡᠢ᠃

              ᠦᠰᠦᠭ ᠠᠮᠢᠯᠠᠭᠤᠯᠤᠭᠴᠢ᠄ ᠲᠩᠷᠢ ᠡᠵᠢ᠂ ᠪᠠᠭᠠᠲᠤᠷ᠂ ᠴᠣᠯᠮᠣᠨᠲᠤᠶᠠᠭ᠎ᠠ