ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠳᠥᠷᠪᠡ> Элсэнд булагдсан сувдаа – П.Оюунгэрэл <4>
ᠬᠣᠰᠢᠭᠤ ᠥᠨᠳᠥᠷ ᠳᠤᠮᠳᠠᠳᠤᠠ᠋ᠴᠠ ᠲᠡᠭᠦᠰᠦᠭᠰᠡᠨ ᠬᠡᠳᠦᠨ ᠪᠠᠭᠰᠢᠨᠠᠷ ᠤ᠋ᠨ ᠳᠣᠲᠣᠷ᠎ᠠ ᠴᠡᠩᠭᠡᠯ᠂ ᠪᠠᠢ ᠪᠠᠲᠤ᠂ ᠬᠠᠢ ᠯᠢᠶᠠᠨ᠂ ᠴᠢᠶᠠᠩ ᠭᠦᠸᠧ ᠷᠦᠩ᠂ ᠪᠤᠤ ᠵᠢᠩ᠂ ᠰᠢᠦᠢ ᠮᠧᠢ ᠵᠡᠷᠭᠡ ᠵᠠᠯᠠᠭᠤᠴᠤᠳ ᠪᠠᠢᠯ᠎ᠠ᠃ ᠵᠢᠷᠭᠤᠭᠠᠨ ᠭᠠᠴᠠᠭᠠᠨ ᠤ᠋ ᠨᠠᠶᠠ ᠭᠠᠷᠤᠢ ᠰᠤᠷᠤᠭᠴᠢ ᠨᠡᠷ᠎ᠡ ᠪᠦᠷᠢᠳᠬᠡᠭᠦᠯᠦᠭᠰᠡᠨ ᠪᠣᠯᠪᠠᠴᠤ ᠡᠨᠳᠡ ᠢᠷᠡᠭᠰᠡᠨ ᠨᠢ ᠲᠠᠪᠢᠨ ᠲᠠᠪᠤᠬᠠᠨ ᠰᠤᠷᠤᠭᠴᠢ᠃ ᠬᠣᠶᠠᠷ ᠠᠩᠭᠢ ᠬᠤᠪᠢᠶᠠᠵᠤ᠂ ᠰᠠᠢᠰᠢᠶᠠᠯᠲᠤ ᠭᠠᠪᠢᠷ᠎ᠠ ᠬᠣᠶᠠᠷ ᠲᠤᠰ ᠲᠤᠰ ᠠᠩᠭᠢ ᠶ᠋ᠢᠨ ᠡᠷᠬᠢᠯᠡᠭᠴᠢ ᠪᠣᠯᠪᠠ᠃
ᠬᠠᠢ ᠯᠢᠶᠠᠨ ᠢ᠋ ᠳᠠᠭᠤᠨ ᠤ᠋ ᠪᠠᠭᠰᠢ ᠪᠠᠷ᠂ ᠴᠡᠩᠭᠡᠯ ᠢ᠋ ᠠᠩᠬ᠎ᠠ ᠪᠠᠭ᠎ᠠ ᠪᠣᠯᠤᠨ ᠠᠩᠬ᠎ᠠ ᠳᠤᠮᠳᠠᠳᠤ(ᠬᠢᠲᠠᠳ) ᠤ᠋ᠨ ᠠᠩᠭᠢ ᠳ᠋ᠤ᠌ ᠲᠠᠮᠢᠷ ᠤ᠋ᠨ ᠬᠢᠴᠢᠶᠡᠯ ᠪᠣᠯᠤᠨ ᠮᠣᠩᠭᠣᠯ ᠬᠡᠯᠡᠨ ᠦ᠌ ᠬᠢᠴᠢᠶᠡᠯ ᠢ᠋ ᠣᠷᠣᠭᠤᠯᠪᠠ᠃ ᠪᠤᠤ ᠵᠢᠩ ᠠᠩᠬ᠎ᠠ ᠳᠤᠮᠳᠠᠳᠤ ᠶ᠋ᠢᠨ ᠲᠣᠭ᠎ᠠ᠂ ᠲᠡᠦᠬᠡ ᠶ᠋ᠢ ᠵᠢᠭᠠᠵᠤ᠂ ᠴᠢᠶᠠᠩ ᠭᠦᠸᠧ ᠷᠦᠩ᠂ ᠪᠠᠢ ᠪᠠᠲᠤ ᠨᠠᠷ ᠬᠢᠲᠠᠳ ᠬᠡᠯᠡᠨ ᠦ᠌ ᠬᠢᠴᠢᠶᠡᠯ ᠢ᠋ ᠣᠷᠣᠵᠤ᠂ ᠰᠢᠦᠢ ᠮᠧᠢ ᠵᠢᠷᠤᠭ ᠤᠷᠠᠯᠢᠭ ᠤ᠋ᠨ ᠬᠢᠴᠢᠶᠡᠯ ᠢ᠋ ᠣᠷᠣᠬᠤ ᠪᠠᠷ ᠪᠣᠯᠵᠤ᠂ ᠤᠭ ᠤ᠋ᠨ ᠲᠠᠷᠢᠶᠠᠯᠠᠬᠤ ᠪᠠᠷᠢᠭᠠᠳᠠ ᠳ᠋ᠤ᠌ ᠪᠠᠭᠰᠢᠯᠠᠵᠤ ᠪᠠᠢᠭᠰᠠᠨ ᠰᠥᠩ᠂ ᠰᠦᠨ ᠣᠪᠣᠭᠲᠤ ᠬᠣᠶᠠᠷ ᠪᠠᠭᠰᠢ ᠠᠩᠬ᠎ᠠ ᠳᠤᠮᠳᠠᠳᠤ ᠶ᠋ᠢᠨ ᠬᠣᠶᠠᠷ ᠠᠩᠭᠢ ᠶ᠋ᠢᠨ ᠡᠷᠬᠢᠯᠡᠭᠴᠢ ᠶ᠋ᠢᠨ ᠠᠵᠢᠯ ᠢ᠋ ᠡᠭᠦᠷᠭᠡᠯᠡᠵᠦ ᠬᠢᠮᠢ ᠹᠢᠽᠢᠺ ᠦ᠋ᠨ ᠬᠢᠴᠢᠶᠡᠯ ᠢ᠋ ᠵᠢᠭᠠᠪᠠ᠃ ᠰᠣᠶᠣᠯᠡᠷᠳᠡᠨᠢ ᠭᠤᠸᠠᠢ ᠰᠤᠷᠭᠠᠭᠤᠯᠢ ᠶ᠋ᠢᠨ ᠵᠠᠬᠢᠷᠤᠯ ᠢ᠋ᠶ᠋ᠠᠷ ᠠᠵᠢᠯᠯᠠᠵᠤ᠂ ᠰᠠᠢᠰᠢᠶᠠᠯᠳᠤ ᠪᠠᠷ ᠠᠷᠤ ᠲᠠᠯ᠎ᠠ ᠶ᠋ᠢᠨ ᠠᠵᠢᠯ ᠢ᠋ ᠬᠠᠪᠰᠤᠷᠭᠠᠨ ᠬᠠᠷᠢᠭᠤᠴᠠᠭᠤᠯᠪᠠ᠃
ᠳᠡᠭᠡᠳᠦ ᠱᠠᠲᠤᠨᠠ᠋ᠴᠠ ᠥᠭᠭᠦᠨ᠎ᠡ ᠭᠡᠰᠡᠨ ᠮᠥᠩᠭᠥ ᠵᠣᠭᠣᠰ ᠨᠢ ᠪᠠᠭᠤᠭ᠎ᠠ ᠦᠭᠡᠢ ᠪᠠᠢᠭᠰᠠᠨ ᠪᠣᠯᠬᠣᠷ ᠮᠥᠨ ᠬᠦ᠌ ᠰᠢᠷᠡᠭᠡ ᠪᠡᠷ ᠵᠡᠷᠭᠡᠯᠡᠭᠰᠡᠨ ᠣᠷᠣᠨ ᠳᠡᠭᠡᠷ᠎ᠡ ᠪᠡᠨ ᠬᠣᠨᠣᠵᠤ ᠪᠠᠢᠯ᠎ᠠ᠃ ᠴᠣᠩᠬᠣᠨ ᠰᠢᠯ ᠢ᠋ ᠮᠣᠣᠲᠤᠤ ᠴᠠᠭᠠᠰᠤ ᠪᠠᠷ ᠨᠠᠭᠠᠭᠰᠠᠨ ᠬᠡᠪ ᠢ᠋ᠶ᠋ᠡᠷ ᠢ᠋ᠶ᠋ᠡᠨ᠃ ᠴᠠᠰᠤ ᠶᠡᠬᠡᠳᠴᠦ ᠠᠭᠤᠷ ᠠᠮᠢᠰᠬᠤᠯ ᠬᠠᠬᠢᠷ ᠬᠦᠢᠲᠡᠨ ᠪᠣᠯᠵᠤ ᠪᠠᠢᠭ᠎ᠠ ᠴᠤ᠌ ᠡᠨᠡᠬᠦ ᠲᠣᠮᠣ ᠬᠦᠷᠢᠶᠡᠨ ᠳ᠋ᠦ᠍ ᠬᠡᠦᠬᠡᠳ ᠪᠠᠭᠠᠴᠤᠳ ᠤ᠋ᠨ ᠬᠥᠭᠵᠢᠯᠲᠡᠢ ᠢᠨᠢᠶᠡᠳᠦ ᠪᠢᠯᠬᠠᠷᠠᠵᠤ᠂ ᠡᠨᠳᠡ ᠠᠵᠢᠯᠯᠠᠵᠤ ᠪᠠᠢᠭ᠎ᠠ ᠵᠠᠯᠠᠭᠤ ᠢᠳᠡᠷ ᠪᠠᠭᠰᠢᠨᠠᠷ ᠤ᠋ᠨ ᠬᠠᠲᠠᠭᠤᠵᠢᠯᠲᠠᠢ ᠬᠥᠳᠡᠯᠮᠦᠷᠢ ᠪᠡᠷ ᠰᠢᠨ᠎ᠡ ᠪᠠᠢᠭᠤᠯᠤᠭᠳᠠᠭᠰᠠᠨ ᠰᠤᠷᠭᠠᠭᠤᠯᠢ ᠮᠠᠨᠢ ᠠᠭᠠᠵᠢᠮ ᠢ᠋ᠶ᠋ᠠᠷ ᠡᠪ ᠵᠦᠢ ᠳ᠋ᠡᠭᠡᠨ ᠣᠷᠣᠨ ᠡᠮᠬᠢ ᠲᠢᠭᠯᠡᠮ ᠲᠡᠢ ᠪᠣᠯᠵᠤ ᠲᠥᠪᠬᠢᠨᠡᠨ ᠲᠣᠭᠲᠠᠪᠤᠷᠢᠵᠢᠵᠤ ᠪᠠᠢᠯ᠎ᠠ᠃
ᠠᠩᠬ᠎ᠠ ᠪᠠᠭᠰᠢᠯᠠᠵᠤ ᠠᠩᠭᠢ ᠡᠷᠬᠢᠯᠡᠵᠦ ᠪᠠᠢᠭ᠎ᠠ ᠰᠠᠢᠰᠢᠶᠠᠯᠳᠤ ᠭᠠᠪᠢᠷ᠎ᠠ ᠬᠣᠶᠠᠷ ᠮᠠᠨᠢ ᠶᠣᠰᠣᠲᠠᠢ ᠴᠤ᠌ ᠤᠨᠠᠭᠰᠠᠨ ᠮᠠᠯᠠᠭᠠᠢ ᠪᠠᠨ ᠠᠪᠬᠤ ᠵᠠᠪ ᠦᠭᠡᠢ ᠶᠠᠭᠠᠷᠠᠯᠲᠠᠢ ᠠᠵᠢᠯᠯᠠᠨ᠎ᠠ᠃ ᠪᠠᠢᠷᠢ ᠳ᠋ᠤ᠌ ᠰᠠᠭᠤᠭ᠎ᠠ ᠰᠤᠷᠤᠭᠴᠢᠳ ᠢ᠋ᠶ᠋ᠠᠨ ᠬᠠᠷᠠᠭᠠᠯᠵᠠᠬᠤ ᠪᠦᠬᠦ ᠠᠵᠢᠯ ᠡᠳᠡ ᠬᠣᠶᠠᠷ ᠤ᠋ᠨ ᠬᠢ᠃ ᠭᠡᠷ ᠢ᠋ᠶ᠋ᠡᠨ ᠰᠠᠨᠠᠵᠤ ᠤᠷᠭᠤᠵᠤ ᠳᠤᠲᠠᠭᠠᠬᠤ ᠬᠡᠦᠬᠡᠳ ᠴᠦ᠍ ᠵᠥᠩᠳᠡᠭᠡᠨ᠃ ᠬᠡᠷᠪᠡ ᠬᠠᠢᠬᠤᠷᠤᠮᠵᠢ ᠦᠭᠡᠢ ᠪᠠᠢᠵᠤ ᠠᠯᠳᠠᠴᠢᠬᠠᠪᠠᠯ ᠬᠠᠬᠢᠷ ᠬᠦᠢᠲᠡᠨ ᠳ᠋ᠦ᠍ ᠬᠥᠯᠳᠡᠵᠦ ᠦᠬᠦᠬᠦ ᠪᠤᠶᠤ ᠬᠡᠭᠡᠷ᠎ᠡ ᠶ᠋ᠢᠨ ᠠᠷᠢᠶᠠᠲᠠᠨ᠂ ᠴᠢᠨᠣ᠎ᠠ ᠨᠣᠬᠠᠢ ᠳ᠋ᠤ᠌ ᠪᠠᠷᠢᠭᠳᠠᠬᠤ ᠪᠣᠯ ᠡᠨᠡᠭᠦᠬᠡᠨ ᠳ᠋ᠦ᠍ ᠭᠠᠷᠬᠤ ᠤᠴᠢᠷ᠃ ᠲᠡᠷᠡ ᠦᠶ᠎ᠡ ᠳ᠋ᠦ᠍ ᠡᠪᠦᠯ ᠦ᠋ᠨ ᠴᠠᠭ ᠴᠢᠨᠣ᠎ᠠ ᠰᠦᠷᠦᠭᠯᠡᠵᠦ ᠶᠠᠪᠤᠳᠠᠭ ᠪᠥᠭᠡᠳ ᠬᠠᠷᠭᠠᠨᠠᠲᠠᠢ ᠠᠭᠤᠯᠠᠨ ᠳ᠋ᠤ᠌ ᠵᠡᠷᠯᠢᠭ ᠭᠠᠬᠠᠢ ᠴᠤ᠌ ᠵᠥᠩᠳᠡᠭᠡᠨ ᠪᠠᠢᠳᠠᠭ ᠪᠠᠢᠭᠰᠠᠨ ᠶᠤᠮ᠃ ᠲᠡᠭᠡᠬᠦᠯᠡᠷ ᠬᠠᠷᠠᠵᠤ ᠬᠠᠮᠢᠶᠠᠷᠬᠤ ᠨᠢ ᠬᠠᠮᠤᠭ ᠤ᠋ᠨ ᠴᠢᠬᠤᠯᠠ ᠠᠵᠢᠯ᠃ ᠪᠠᠰᠠ ᠲᠡᠭᠡᠭᠡᠳ ᠬᠡᠦᠬᠡᠳ ᠦ᠋ᠳ ᠦ᠋ᠨ ᠬᠤᠪᠴᠠᠰᠤ ᠬᠤᠨᠠᠷ ᠢ᠋ ᠤᠬᠢᠶᠠᠵᠤ ᠴᠡᠪᠡᠷᠯᠡᠬᠦ᠂ ᠪᠥᠭᠡᠰᠦ ᠬᠢᠭᠤᠷᠰᠤ ᠶ᠋ᠢ ᠨᠢ ᠠᠷᠢᠯᠭᠠᠵᠤ᠂ ᠦᠰᠦ ᠭᠡᠵᠢᠭᠡ ᠶ᠋ᠢ ᠨᠢ ᠵᠠᠰᠠᠵᠤ ᠥᠭᠭᠦᠨ᠎ᠡ᠃ ᠭᠤᠲᠤᠯ ᠣᠢᠮᠣᠰᠤ ᠶ᠋ᠢ ᠨᠢ ᠬᠠᠲᠠᠭᠠᠵᠤ ᠢᠰᠡᠭᠡᠢ ᠣᠢᠮᠣᠰᠤ ᠶ᠋ᠢ ᠨᠢ ᠣᠶᠣᠵᠤ ᠴᠣᠭᠣᠯᠢᠳᠴᠤ ᠥᠭᠭᠦᠨ᠎ᠡ᠃ ᠭᠠᠯ ᠵᠤᠤᠬ᠎ᠠ ᠶ᠋ᠢ ᠨᠢ ᠲᠦᠯᠡᠵᠦ ᠨᠡᠭᠦᠷᠡᠰᠦᠨ ᠦ᠌ ᠤᠲᠤᠭᠠᠨ ᠳ᠋ᠤ᠌ ᠬᠤᠤᠷᠳᠠᠭᠳᠠᠬᠤ ᠠ᠋ᠴᠠ ᠬᠢᠴᠢᠶᠡᠨ ᠰᠥᠨᠢ ᠳ᠋ᠡᠭᠡᠨ ᠬᠡᠳᠦ ᠪᠣᠰᠴᠤ ᠡᠷᠭᠢᠵᠦ ᠲᠣᠭᠣᠷᠢᠨ ᠦᠵᠡᠨ᠎ᠡ᠃ ᠬᠣᠭᠣᠯᠠᠨ ᠭᠡᠷ ᠦ᠋ᠨ ᠬᠣᠭᠣᠯᠠ ᠵᠠᠭᠤᠰᠢ ᠵᠣᠬᠢᠯᠳᠤᠬᠤ ᠦᠭᠡᠢ ᠨᠠᠰᠤ ᠪᠠᠭ᠎ᠠ ᠬᠡᠦᠬᠡᠳ ᠦ᠋ᠳ ᠭᠡᠳᠡᠰᠦ ᠡᠪᠡᠳᠴᠦ ᠥᠮᠥᠳᠦᠨ ᠳ᠋ᠡᠭᠡᠨ ᠭᠠᠷᠭᠠᠬᠤ ᠴᠤ᠌ ᠤᠳᠠᠭ᠎ᠠ ᠲᠠᠢ᠃ ᠲᠡᠷᠡ ᠦᠶ᠎ᠡ ᠳ᠋ᠦ᠍ ᠬᠥᠳᠡᠭᠡ ᠶ᠋ᠢᠨ ᠬᠡᠦᠬᠡᠳ ᠦ᠋ᠳ ᠣᠯᠠᠩᠬᠢ ᠨᠢ ᠳᠣᠲᠣᠷ᠎ᠠ ᠥᠮᠥᠳᠥ ᠡᠮᠦᠰᠳᠡᠭ ᠦᠭᠡᠢ ᠪᠣᠯᠬᠣᠷ ᠠᠷᠠᠰᠤᠨ ᠥᠮᠥᠳᠦᠨ ᠳ᠋ᠡᠭᠡᠨ ᠥᠳᠬᠡᠨ ᠰᠢᠩᠭᠡᠨ ᠢ᠋ᠶ᠋ᠡᠨ ᠭᠠᠷᠭᠠᠵᠤ ᠣᠷᠬᠢᠪᠠᠯ ᠴᠡᠪᠡᠷᠯᠡᠬᠦ ᠳ᠋ᠦ᠍ ᠲᠤᠩ ᠴᠤ᠌ ᠬᠡᠴᠡᠭᠦᠦ ᠪᠠᠢᠳᠠᠭ᠂ ᠲᠡᠭᠡᠭᠰᠡᠨ ᠴᠦ᠍ ᠵᠠᠪᠠᠯ ᠴᠡᠪᠡᠷᠯᠡᠵᠦ ᠬᠠᠭᠤᠷᠠᠢᠯᠠᠵᠤ ᠥᠭᠬᠦ ᠯᠡ ᠬᠡᠷᠡᠭᠲᠡᠢ᠃ ᠡᠳᠡᠭᠡᠷ ᠪᠦᠬᠦᠨ ᠢ᠋ ᠲᠡᠳᠡ ᠬᠣᠶᠠᠷ ᠬᠢᠭᠰᠡᠭᠡᠷ ᠯᠡ ᠶᠠᠪᠤᠨ᠎ᠠ᠃ ᠤᠤᠯ ᠨᠢ ᠪᠠᠭᠰᠢ ᠪᠣᠯᠬᠤ ᠡᠢᠮᠦ ᠬᠦᠴᠢᠷ ᠭᠡᠳᠡᠭ ᠢ᠋ ᠭᠠᠪᠢᠷ᠎ᠠ ᠣᠭᠲᠣ ᠪᠣᠳᠣᠵᠤ ᠣᠯᠤᠭᠰᠠᠨ ᠦᠭᠡᠢ ᠪᠢᠯᠡ᠃ ᠬᠡᠦᠬᠡᠳ ᠪᠠᠢᠬᠤ ᠳ᠋ᠠᠭᠠᠨ ᠠᠩᠬ᠎ᠠ ᠰᠤᠷᠭᠠᠭᠤᠯᠢ ᠳ᠋ᠤ᠌ ᠣᠷᠣᠭᠰᠠᠨ ᠲᠡᠷᠡ ᠡᠳᠦᠷ ᠥᠪᠡᠷ ᠦ᠋ᠨ ᠠᠩᠭᠢ ᠶ᠋ᠢᠨ ᠡᠷᠬᠢᠯᠡᠭᠴᠢ ᠡᠮᠡᠭᠲᠡᠢ ᠪᠠᠭᠰᠢ ᠲᠠᠢ ᠪᠠᠨ ᠤᠴᠠᠷᠠᠭᠰᠠᠨ ᠦᠶ᠎ᠡ ᠡᠴᠡ ᠡᠬᠢᠯᠡᠨ ᠲᠣᠮᠣ ᠪᠣᠯᠪᠠᠯ ᠪᠠᠭᠰᠢ ᠪᠣᠯᠤᠨ᠎ᠠ ᠭᠡᠵᠦ ᠪᠣᠳᠣᠭᠰᠠᠨ ᠪᠠᠢᠵᠠᠢ᠃ ᠲᠡᠭᠡᠭᠡᠳ ᠬᠣᠲᠠ ᠤᠰᠤᠨ ᠤ᠋ ᠪᠠᠨ ᠨᠢᠰᠤᠩᠬᠠᠢ ᠵᠢᠭᠠᠯ ᠤ᠋ᠳ ᠢ᠋ ᠴᠤᠭᠯᠠᠭᠤᠯᠤᠨ ᠥᠪᠡᠷ ᠢ᠋ᠶ᠋ᠡᠨ ᠪᠠᠭᠰᠢ ᠪᠣᠯᠵᠤ ᠲᠣᠭᠯᠠᠳᠠᠭ ᠪᠠᠢᠵᠠᠢ᠃ ᠲᠡᠭᠦᠨ ᠦ᠌ ᠪᠠᠭ᠎ᠠ ᠪᠠᠯᠴᠢᠷ ᠣᠶᠤᠨ ᠤᠬᠠᠭᠠᠨ ᠳ᠋ᠤ᠌ ᠪᠠᠭᠰᠢ ᠬᠥᠮᠦᠨ ᠦ᠌ ᠳᠦᠷᠢ ᠲᠥᠷᠬᠦ ᠪᠣᠯ ᠶᠠᠭ ᠯᠠ ᠨᠣᠭᠣᠭᠠᠨ ᠳ᠋ᠠᠷ᠎ᠠ ᠡᠬᠡ ᠰᠢᠭ ᠡᠷᠬᠢᠮᠰᠦᠭ ᠭᠡᠭᠡᠨ᠂ ᠰᠦᠷ ᠭᠡᠷᠡᠯᠲᠡᠢ ᠰᠠᠨᠠᠭᠳᠠᠳᠠᠭ ᠪᠠᠢᠯ᠎ᠠ᠃ ᠲᠡᠭᠦᠨ ᠦ᠌ ᠬᠦᠰᠡᠯᠡᠩ ᠥᠨᠥᠳᠥᠷ ᠦᠨᠡᠨ ᠪᠣᠯᠵᠤ ᠪᠡᠶᠡᠯᠡᠭᠳᠡᠵᠡᠢ᠃ ᠮᠥᠨ ᠴᠦ᠍ ᠬᠡᠢ ᠬᠦᠰᠡᠯᠡᠩ ᠪᠠ ᠪᠣᠳᠠᠲᠤ ᠠᠬᠤᠢ ᠬᠣᠶᠠᠷ ᠤ᠋ᠨ ᠬᠣᠭᠣᠷᠣᠨᠳᠣ ᠬᠡᠴᠢᠨᠡᠨ ᠶᠡᠬᠡ ᠵᠥᠷᠢᠶ᠎ᠡ ᠲᠡᠢ ᠪᠠᠢᠳᠠᠭ ᠢ᠋ ᠥᠪ ᠦᠨᠡᠨᠬᠦ ᠤᠬᠠᠮᠰᠠᠷᠯᠠᠨ ᠮᠡᠳᠡᠷᠡᠭᠰᠡᠨ ᠪᠠᠢᠯ᠎ᠠ᠃ ᠲᠡᠭᠡᠪᠡᠴᠦ ᠲᠡᠷᠡ ᠬᠠᠷᠠᠮᠰᠠᠭᠰᠠᠨ ᠦᠭᠡᠢ᠃
ᠣᠳᠣ ᠲᠡᠷᠡ ᠥᠪᠡᠷ ᠦ᠋ᠨ ᠬᠢᠨᠢ ᠡᠭᠦᠷᠭᠡ ᠬᠠᠷᠢᠭᠤᠴᠠᠯᠭ᠎ᠠ ᠶᠠᠭᠤ ᠪᠣᠯᠬᠤ ᠶ᠋ᠢ ᠭᠦᠢᠴᠡᠳ ᠲᠠᠨᠢᠵᠤ ᠤᠬᠠᠭᠠᠷᠠᠪᠠ᠃ ᠲᠡᠷᠡ ᠣᠳᠣ ᠬᠢᠬᠦ ᠶᠣᠰᠣᠲᠠᠢ ᠪᠠᠨ ᠬᠢᠵᠦ ᠶᠠᠪᠤᠭ᠎ᠠ ᠠᠵᠢ᠃ ᠲᠡᠷᠡ ᠪᠣᠯ ᠪᠦᠷᠢᠮᠦᠰᠦᠨ ᠥᠪᠡᠷ ᠦ᠋ᠨ ᠵᠣᠷᠢᠭ ᠴᠢᠷᠮᠠᠢᠯᠭ᠎ᠠ ᠬᠣᠶᠠᠷ ᠲᠤ᠌ ᠲᠦᠰᠢᠭᠯᠡᠨ ᠥᠨᠥᠳᠥᠷ ᠲᠦ᠍ ᠬᠦᠷᠦᠭᠰᠡᠨ ᠶᠦᠮ᠃ ᠲᠡᠷᠡ ᠪᠠᠭᠠᠠ᠋ᠴᠠ ᠪᠠᠨ ᠨᠣᠮ ᠵᠣᠬᠢᠶᠠᠯ ᠢ᠋ ᠠᠩᠭᠠᠭᠰᠠᠨ ᠦᠬᠡᠷ ᠤᠰᠤ ᠤᠤᠭᠤᠬᠤ ᠰᠢᠭ᠋ ᠰᠢᠨᠤᠯ ᠲᠠᠢ ᠤᠩᠰᠢᠳᠠᠭ ᠬᠡᠦᠬᠡᠳ ᠪᠠᠢᠵᠠᠢ᠃ ᠤᠷᠠᠨ ᠵᠣᠬᠢᠶᠠᠯ ᠳ᠋ᠤ᠌ ᠣᠨᠴᠠᠭᠠᠢ ᠳᠤᠷ᠎ᠠ ᠪᠠᠬ᠎ᠠ ᠲᠠᠢ᠃ ᠲᠡᠭᠡᠭᠡᠳ ᠴᠦ᠍ ᠮᠣᠩᠭᠣᠯ ᠤ᠋ᠨ ᠰᠣᠩᠭᠣᠳᠠᠭ ᠤᠷᠠᠨ ᠵᠣᠬᠢᠶᠠᠯ ᠲᠠᠢ ᠶᠡᠬᠡ ᠡᠷᠲᠡ ᠡᠴᠡ ᠪᠠᠷᠢᠯᠳᠤᠯᠭ᠎ᠠ ᠲᠠᠢ᠃ ᠲᠡᠳᠡᠨ ᠦ᠌ ᠨᠤᠲᠤᠭ ᠬᠢᠯᠢ ᠳᠠᠭᠠᠤ ᠣᠷᠣᠨ ᠳ᠋ᠤ᠌ ᠪᠠᠢᠳᠠᠭ ᠪᠣᠯᠬᠣᠷ ᠪᠠᠭ᠎ᠠ ᠰᠤᠷᠭᠠᠭᠤᠯᠢ ᠶ᠋ᠢᠨ ᠦᠶ᠎ᠡ ᠳ᠋ᠡᠬᠢ ᠨᠥᠬᠥᠴᠡᠯ ᠨᠢ ᠲᠤᠩ ᠰᠠᠢᠨ ᠪᠠᠢᠵᠠᠢ᠃ ᠰᠤᠷᠭᠠᠭᠤᠯᠢ ᠨᠢ ᠨᠣᠮ ᠬᠠᠳᠠᠭᠠᠯᠠᠬᠤ ᠲᠤᠰᠬᠠᠢ ᠥᠷᠭᠥᠭᠡ ᠲᠡᠢ᠂ ᠭᠠᠷᠠᠭ ᠪᠦᠷᠢ ᠶ᠋ᠢᠨ ᠠᠮᠠᠷᠠᠯᠲᠠ ᠳ᠋ᠤ᠌ ᠰᠤᠷᠤᠭᠴᠢᠳ ᠲᠠᠭᠠᠨ ᠨᠣᠮ ᠥᠭᠴᠦ ᠤᠩᠰᠢᠭᠤᠯᠳᠠᠭ᠃ ᠦᠢᠮᠡᠭᠡᠨ ᠰᠠᠮᠠᠭᠤᠨ ᠳᠡᠭᠳᠡᠵᠦ᠂ ᠳᠥᠷᠪᠡᠨ ᠬᠣᠣᠷᠲᠠᠨ ᠢ᠋ ᠤᠰᠠᠳᠬᠠᠬᠤ ᠬᠥᠳᠡᠯᠭᠡᠭᠡᠨ ᠳᠤᠮᠳᠠ ᠨᠥᠭᠦᠭᠡ ᠣᠯᠠᠨ ᠨᠣᠮ ᠤ᠋ᠳ ᠢ᠋ ᠪᠦᠳᠦᠭᠦᠨ ᠲᠡᠷᠭᠡ ᠪᠡᠷ ᠲᠡᠭᠡᠭᠡᠵᠦ ᠪᠤᠯᠠᠭ ᠤ᠋ᠨ ᠬᠥᠪᠡᠭᠡᠨ ᠦ᠌ ᠡᠷᠭᠢ ᠤᠷᠤᠭᠤ ᠠᠰᠬᠠᠵᠤ ᠣᠷᠬᠢᠭᠠᠳ ᠭᠠᠯᠳᠠᠵᠠᠢ᠃ ᠬᠠᠵᠠᠭᠤ ᠳ᠋ᠤᠨᠢ ᠬᠡᠷᠡᠭ ᠲᠦ᠍ ᠳᠤᠷᠠᠯᠠᠨ ᠬᠠᠷᠠᠵᠤ ᠵᠣᠭᠰᠣᠭᠰᠠᠨ ᠭᠠᠪᠢᠷ᠎ᠠ ᠳ᠋ᠤ᠌ ᠲᠡᠳᠡᠭᠡᠷ ᠭᠣᠶᠣ ᠬᠠᠪᠢᠰᠤ ᠲᠠᠢ ᠨᠣᠮ᠂ ᠵᠢᠷᠤᠭᠲᠤ ᠳᠡᠪᠲᠡᠷ ᠦ᠋ᠳ ᠮᠠᠰᠢ ᠬᠠᠢᠷᠠᠨ ᠰᠠᠨᠠᠭᠳᠠᠭᠰᠠᠨ ᠶᠤᠮ᠃ ᠲᠡᠭᠡᠭᠡᠳ ᠬᠥᠮᠦᠨ ᠠᠮᠢᠲᠠᠨ ᠤ᠋ ᠴᠢᠯᠥᠭᠡ ᠬᠠᠷᠠᠭᠤᠯᠳᠠᠨ ᠨᠢᠭᠤᠵᠤ ᠪᠠᠢᠭᠠᠳ ᠨᠡᠯᠢᠶᠡᠳ ᠬᠡᠳᠦᠨ ᠨᠣᠮ ᠢ᠋ ᠭᠠᠯ ᠳᠣᠲᠣᠷᠠᠠ᠋ᠴᠠ ᠰᠢᠭᠦᠷᠡᠨ ᠠᠪᠴᠤ ᠭᠠᠳᠠᠷ ᠴᠠᠮᠴᠠᠨ ᠳ᠋ᠠᠭᠠᠨ ᠪᠠᠭᠲᠠᠵᠤ ᠶᠠᠳᠠᠲᠠᠯ᠎ᠠ ᠪᠠᠭᠯᠠᠭᠠᠳ ᠡᠭᠦᠷᠴᠦ ᠬᠠᠷᠢᠵᠠᠢ᠃ ᠡᠵᠢ ᠨᠢ ᠭᠠᠢᠬᠠᠰᠢ ᠠᠯᠳᠠᠵᠤ
— ᠬᠥᠮᠦᠰ ᠬᠣᠣᠷᠲᠤ ᠡᠪᠡᠰᠦ ᠭᠡᠳ ᠭᠠᠯᠳᠠᠵᠤ ᠪᠠᠢᠬᠤ ᠳ᠋ᠤ᠌ ᠮᠢᠨᠦ ᠥᠬᠢᠨ ᠡᠭᠦᠨ ᠢ᠋ ᠠᠪᠴᠢᠷᠠᠭᠠᠳ ᠶᠠᠭᠠᠬᠢᠬᠤ ᠭᠡᠰᠡᠨ ᠶᠦᠮ? ᠭᠡᠪᠡ᠃
— ᠵᠦᠭᠡᠷ᠂ ᠡᠵᠢ ᠠ᠋᠂ ᠨᠠᠳᠠᠳᠤ ᠴᠠᠭᠠᠰᠢ ᠨᠢᠭᠤᠵᠤ ᠬᠠᠳᠠᠭᠠᠯᠠᠵᠤ ᠥᠭᠭᠦᠭᠡᠷᠡᠢ᠃ ᠳᠣᠲᠣᠷ᠎ᠠ ᠨᠢ ᠣᠯᠠᠨ ᠰᠠᠢᠬᠠᠨ ᠵᠢᠷᠤᠭ ᠲᠠᠢ᠃ ᠵᠢᠷᠤᠭ ᠢ᠋ ᠨᠢ ᠰᠣᠨᠢᠷᠬᠠᠶ᠎ᠠ ᠭᠡᠰᠡᠨ ᠶᠦᠮ᠃
ᠲᠡᠳᠡᠭᠡᠷ ᠨᠢ ᠨᠡᠭᠡᠷᠡᠨ ᠴᠦ᠍ ᠭᠠᠢᠬᠠᠮᠰᠢᠭᠲᠤ ᠪᠦᠲᠦᠭᠡᠯ ᠦ᠋ᠳ ᠪᠠᠢᠵᠤ ᠪᠢᠯᠡ᠃ ᠨᠠ᠊· ᠰᠠᠢᠨᠴᠣᠭᠲᠣ ᠶ᠋ᠢᠨ ᠰᠢᠯᠦᠭ ᠦ᠋ᠨ ᠲᠡᠭᠦᠪᠦᠷᠢ᠂ ᠳ· ᠨᠠᠴᠤᠭᠳᠣᠷᠵᠢ ᠶ᠋ᠢᠨ ᠵᠣᠬᠢᠶᠠᠯ᠂ ᠭᠣᠷᠺᠢ ᠶ᠋ᠢᠨ《ᠡᠬᠡ》᠂《ᠪᠣᠯᠣᠳ ᠬᠡᠷᠬᠢᠨ ᠬᠠᠲᠠᠭᠠᠭᠳᠠᠭᠰᠠᠨ ᠪᠣᠢ》᠂《ᠲᠠᠯ᠎ᠠ ᠶ᠋ᠢᠨ ᠲᠦᠳᠡᠭ》᠂《ᠵᠠᠯᠠᠭᠤ ᠨᠠᠰᠤᠨ ᠤ᠋ ᠳᠠᠭᠤᠯᠠᠯ》᠂《ᠤᠯᠠᠭᠠᠨ ᠠᠰᠠᠷ ᠤ᠋ᠨ ᠵᠡᠭᠦᠳᠦ》᠂《ᠰᠠᠷᠠᠭᠤᠯ ᠲᠠᠯ᠎ᠠ》 ᠵᠡᠷᠭᠡ ᠵᠣᠬᠢᠶᠠᠯ ᠤ᠋ᠳ ᠪᠠᠢᠵᠠᠢ᠃ ᠡᠵᠢ ᠨᠢ ᠲᠡᠳᠡᠭᠡᠷ ᠨᠣᠮ ᠢ᠋ ᠢᠯᠡᠭᠦᠴᠡ ᠶᠠᠭᠤᠮᠠᠰ ᠢ᠋ᠶ᠋ᠠᠨ ᠴᠢᠬᠢᠳᠡᠭ ᠬᠠᠨᠵᠤ ᠠᠪᠳᠠᠷ᠎ᠠ ᠶ᠋ᠢᠨ ᠢ᠋ᠶ᠋ᠡᠨ ᠢᠷᠣᠭᠠᠷ ᠲᠤ᠌ ᠨᠢᠭᠤᠴᠠᠯᠠᠨ ᠬᠠᠳᠠᠭᠠᠯᠠᠵᠠᠢ᠃ ᠭᠠᠪᠢᠷ᠎ᠠ ᠬᠠᠶᠠ ᠨᠥᠭᠦᠭᠡ ᠨᠣᠮ ᠤ᠋ᠳ ᠢ᠋ ᠭᠠᠷᠭᠠᠨ ᠤᠩᠰᠢᠨ᠎ᠠ᠃ ᠨᠠ᠊· ᠰᠠᠢᠨᠴᠣᠭᠲᠣ ᠶ᠋ᠢᠨ《ᠡᠯᠡᠰᠦ ᠮᠠᠩᠬᠠᠨ ᠤ᠋ ᠡᠬᠡ ᠨᠤᠲᠤᠭ》᠂《ᠬᠥᠬᠡ ᠲᠣᠷᠭᠠᠨ ᠲᠡᠷᠯᠢᠭ》 ᠢ᠋ ᠲᠡᠷᠡ ᠦᠶ᠎ᠡ ᠳ᠋ᠦ᠍ ᠴᠥᠮ ᠴᠡᠭᠡᠵᠢᠯᠡᠴᠢᠬᠡᠭᠰᠡᠨ ᠪᠠᠢᠭᠰᠠᠨ ᠶᠤᠮ᠃ ᠠᠪᠴᠤ ᠦᠵᠡᠬᠦ ᠳ᠋ᠦ᠍ ᠳᠥᠭᠥᠮ ᠢ᠋ ᠪᠣᠳᠣᠵᠤ ᠡᠵᠢ ᠶ᠋ᠢᠨ ᠢ᠋ᠶ᠋ᠡᠨ ᠲᠡᠮᠡᠭᠡᠨ ᠨᠣᠣᠰᠣ ᠬᠢᠯᠭᠠᠰᠤ ᠬᠢᠳᠡᠭ ᠤᠭᠤᠲᠠᠨ ᠳ᠋ᠤ᠌ ᠰᠢᠷᠭᠤᠭᠤᠯᠵᠤ ᠲᠠᠯᠪᠢᠳᠠᠭ᠃ ᠲᠡᠳᠡᠭᠡᠷ ᠨᠣᠮ ᠲᠡᠭᠦᠨ ᠦ᠌ ᠵᠠᠯᠠᠭᠤ ᠨᠠᠰᠤᠨ ᠤ᠋ ᠬᠦᠰᠡᠯ ᠵᠣᠷᠢᠭ ᠢ᠋ ᠣᠷᠭᠢᠯᠤᠭᠤᠯᠵᠤ ᠣᠶᠤᠨ ᠤᠬᠠᠭᠠᠨ ᠢ᠋ ᠨᠡᠭᠡᠭᠡᠭᠳᠡᠭᠦᠯᠦᠨ ᠤᠷᠠᠨ ᠵᠣᠬᠢᠶᠠᠯ ᠤ᠋ᠨ᠂ ᠠᠯᠳᠠᠷᠲᠤ ᠵᠣᠬᠢᠶᠠᠯᠴᠢᠳ ᠤ᠋ᠨ ᠭᠠᠢᠬᠠᠮᠰᠢᠭᠲᠤ ᠠᠪᠢᠶᠠᠰ ᠢ᠋ ᠮᠡᠳᠡᠷᠡᠭᠦᠯᠵᠦ ᠪᠠᠶᠠᠯᠢᠭ ᠰᠠᠢᠬᠠᠨ ᠬᠡᠢ ᠬᠦᠰᠡᠯᠡᠩ ᠦ᠋ᠨ ᠪᠤᠶᠤ ᠳᠦᠷᠰᠦᠯᠡᠯ ᠰᠡᠳᠬᠢᠬᠦᠢ ᠲᠡᠢ ᠪᠣᠯᠵᠤ ᠠᠰᠤᠷᠤ ᠶᠡᠬᠡ ᠶᠠᠭᠤᠮ᠎ᠠ ᠶ᠋ᠢ ᠰᠤᠷᠴᠤ ᠮᠡᠳᠡᠬᠦ ᠶ᠋ᠢᠨ ᠬᠦᠰᠡᠯ ᠵᠣᠷᠢᠭ ᠢ᠋ ᠬᠥᠪᠴᠢᠯᠡᠵᠦ ᠲᠠᠰᠤᠷᠠᠯ ᠦᠭᠡᠢ ᠮᠡᠷᠡᠢᠨ ᠰᠤᠷᠤᠯᠴᠠᠬᠤ ᠳᠠᠳᠬᠠᠯ ᠲᠠᠢ ᠪᠣᠯᠤᠨ ᠬᠥᠮᠦᠵᠢᠭᠰᠡᠨ ᠶᠦᠮ᠃ ᠲᠡᠷᠡ ᠬᠡᠳᠦ ᠪᠠᠭ᠎ᠠ ᠠ᠋ᠴᠠ ᠪᠠᠨ ᠦᠯᠡᠮᠵᠢ ᠣᠯᠠᠨ ᠨᠣᠮ ᠵᠣᠬᠢᠶᠠᠯ ᠤᠩᠰᠢᠵᠤ ᠣᠯᠠᠨ ᠢ᠋ ᠣᠢᠯᠠᠭᠠᠵᠤ ᠮᠡᠳᠡᠭᠰᠡᠨ ᠢ᠋ᠶ᠋ᠡᠷ ᠢ᠋ᠶ᠋ᠡᠨ ᠲᠡᠭᠦᠨ ᠦ᠌ ᠥᠪᠡᠷᠮᠢᠴᠡ ᠵᠠᠩ ᠴᠢᠨᠠᠷ᠂ ᠤᠷ᠎ᠠ ᠤᠬᠠᠭᠠᠨ᠂ ᠥᠪᠡᠷ ᠢ᠋ ᠪᠡᠨ ᠬᠡᠳᠦ ᠢᠲᠡᠭᠡᠬᠦ ᠵᠠᠩ ᠠᠷᠠᠨᠰᠢᠨ ᠪᠦᠷᠢᠯᠳᠦᠨ ᠲᠣᠭᠲᠠᠵᠤ ᠬᠡᠲᠦᠷᠬᠡᠢ ᠭᠣᠢᠳᠠ ᠣᠮᠣᠷᠬᠠᠭ ᠳᠦᠷᠢ ᠲᠥᠷᠬᠦ ᠨᠢ ᠥᠭᠡᠷ᠎ᠡ ᠪᠤᠰᠤᠳ ᠤ᠋ᠨ ᠠᠲᠠᠭ᠎ᠠ ᠬᠣᠨᠵᠢᠩ ᠤ᠋ᠨ ᠭᠠᠯ ᠢ᠋ ᠳᠡᠪᠡᠷᠭᠡᠵᠦ ᠥᠪᠡᠷ ᠲᠤᠨᠢ ᠬᠣᠣᠷᠯᠠᠯ ᠳᠠᠢᠰᠤᠩᠨᠠᠯ ᠤ᠋ᠨ ᠦᠨᠳᠦᠰᠦ ᠪᠣᠯᠵᠤ ᠪᠠᠢᠭᠰᠠᠨ ᠭᠡᠳᠡᠭ ᠢ᠋ ᠲᠡᠷᠡ ᠶᠡᠬᠡ ᠬᠣᠵᠢᠳ ᠰᠠᠶᠢ ᠤᠬᠠᠭᠠᠷᠠᠭᠰᠠᠨ ᠪᠣᠯᠪᠠᠴᠤ ᠡᠨᠡ ᠪᠦᠬᠦᠨ ᠣᠷᠣᠢᠲᠠᠴᠢᠬᠠᠭᠰᠠᠨ ᠪᠠᠢᠯ᠎ᠠ᠃
ᠰᠠᠢᠰᠢᠶᠠᠯᠲᠤ ᠪᠣᠯ ᠲᠥᠷᠥᠯᠬᠢ ᠳᠠᠷᠤᠤ ᠲᠣᠭᠲᠠᠭᠤᠨ᠂ ᠦᠭᠡ ᠳᠠᠭᠤ ᠴᠥᠭᠡᠨ ᠲᠡᠢ ᠪᠣᠯᠪᠠᠴᠤ ᠶᠡᠬᠡᠯ᠎ᠡ ᠨᠢᠭᠤᠴᠠ ᠲᠠᠮᠢᠷᠯᠢᠭ ᠠᠷᠠᠨᠰᠢᠨ ᠲᠠᠢ ᠵᠠᠯᠠᠭᠤ᠃ ᠲᠡᠷᠡ ᠭᠣᠣᠯᠴᠢ ᠰᠢᠳᠤᠷᠭᠤ᠂ ᠥᠪᠡᠷ ᠢ᠋ ᠪᠡᠨ ᠦᠷᠡᠭᠳᠡᠭᠦᠯᠬᠦ ᠵᠣᠷᠢᠭ ᠰᠠᠨᠠᠭ᠎ᠠ ᠶ᠋ᠢ ᠪᠢᠰᠢᠷᠡᠳᠡᠭ᠃ ᠠᠮᠢ ᠬᠠᠢᠷ᠎ᠠ ᠦᠭᠡᠢ ᠠᠵᠢᠯᠯᠠᠵᠤ ᠰᠤᠷᠤᠯᠴᠠᠵᠤ ᠠᠮᠵᠢᠯᠲᠠ ᠡᠭᠦᠳᠦᠯᠲᠡ ᠲᠡᠢ ᠶᠠᠪᠤᠬᠤ ᠪᠠᠷ ᠥᠪᠡᠷ ᠦ᠋ᠨ ᠪᠠᠬᠠᠷᠬᠠᠯ ᠬᠥᠭᠡᠭᠡᠴᠡᠯᠳᠦᠯ ᠪᠣᠯᠭᠠᠵᠤ ᠶᠠᠪᠤᠳᠠᠭ ᠬᠥᠮᠦᠨ᠃ ᠲᠡᠷᠡ ᠬᠠᠷ᠎ᠠ ᠪᠠᠭᠠᠠ᠋ᠴᠠ ᠪᠠᠨ ᠥᠨᠥᠴᠢᠷᠡᠵᠦ ᠠᠬ᠎ᠠ ᠪᠡᠷᠭᠡᠨ ᠦ᠌ ᠪᠡᠨ ᠭᠠᠷ ᠳᠡᠭᠡᠷ᠎ᠡ ᠥᠰᠴᠦ ᠬᠥᠮᠦᠵᠢᠵᠡᠢ᠃ ᠪᠠᠭᠠᠠ᠋ᠴᠠ ᠪᠠᠨ ᠰᠣᠶᠣᠯ ᠤ᠋ᠨ ᠮᠥᠷ ᠬᠠᠢᠵᠤ ᠰᠤᠷᠴᠤ ᠮᠡᠳᠡᠬᠦ ᠳᠤᠷᠠᠲᠠᠢ᠂ ᠨᠣᠮ ᠪᠢᠴᠢᠭ ᠲᠦ᠍ ᠪᠠᠬᠠᠲᠠᠢ᠃ ᠬᠡᠯᠡᠨ ᠦ᠌ ᠲᠠᠯ᠎ᠠ ᠶ᠋ᠢᠨ ᠮᠡᠳᠡᠯᠭᠡ ᠶᠡᠬᠡ ᠰᠠᠢᠨ᠂ ᠦᠰᠦᠨ ᠪᠢᠷ ᠦ᠋ᠨ ᠪᠢᠴᠢᠯᠭᠡ ᠶ᠋ᠢ ᠭᠣᠴᠣ ᠰᠠᠢᠬᠠᠨ ᠪᠢᠴᠢᠨ᠎ᠡ᠃ ᠮᠣᠩᠭᠣᠯ ᠬᠥᠮᠦᠨ ᠦ᠌ ᠴᠡᠪᠡᠷ ᠴᠠᠢᠯᠭᠠᠨ᠂ ᠡᠷᠡᠰ ᠬᠠᠳᠠᠨ ᠵᠣᠷᠢᠭ ᠢ᠋ ᠨᠢᠭᠡ ᠪᠡᠶ᠎ᠡ ᠳ᠋ᠡᠭᠡᠨ ᠥᠪᠯᠡᠵᠦ ᠰᠢᠩᠭᠡᠭᠡᠭᠰᠡᠨ᠂ ᠶᠠᠮᠠᠷᠴᠤ ᠣᠷᠴᠢᠨ ᠳ᠋ᠤ᠌ ᠬᠡᠨ ᠬᠥᠮᠦᠨ ᠳ᠋ᠦ᠍ ᠴᠦ᠍ ᠥᠭᠡᠯᠡᠭᠳᠡᠮᠡᠷ ᠦᠭᠡᠢ ᠲᠡᠭᠦᠰ ᠰᠢᠯᠢᠳᠡᠭ ᠬᠥᠪᠡᠭᠦᠳ ᠦ᠋ᠨ ᠨᠢᠭᠡᠨ ᠪᠢᠯᠡ᠃ ᠤᠳᠤᠷᠢᠳᠤᠯᠭ᠎ᠠ ᠬᠢᠭᠡᠳ ᠬᠠᠮᠲᠤ ᠠᠵᠢᠯᠯᠠᠳᠠᠭ ᠪᠠᠭᠰᠢᠨᠠᠷ ᠨᠢ ᠲᠡᠭᠦᠨ ᠢ᠋ ᠲᠣᠩ ᠴᠤ᠌ ᠪᠢᠰᠢᠷᠡᠨ ᠬᠦᠨᠳᠦᠯᠡᠳᠡᠭ᠃ ᠭᠡᠷ ᠦ᠋ᠨ ᠠᠬᠠᠮᠠᠳ ᠢ᠋ ᠨᠡᠩ ᠴᠦ᠍ ᠬᠡᠯᠡᠬᠦ ᠶ᠋ᠢᠨ ᠭᠠᠵᠠᠷ ᠦᠭᠡᠢ᠃
ᠬᠠᠷᠭᠠᠨᠠᠲᠠᠢ ᠰᠤᠷᠭᠠᠭᠤᠯᠢ ᠳ᠋ᠤ᠌ ᠬᠣᠶᠠᠷ ᠰᠥᠩ᠂ ᠰᠦᠨ ᠢ᠋ ᠭᠠᠷᠭᠠᠪᠠᠯ ᠪᠤᠰᠤᠳ ᠨᠢ ᠴᠥᠮ ᠵᠠᠯᠠᠭᠤᠴᠤᠳ ᠪᠣᠯᠤᠨ᠎ᠠ᠃ ᠦᠷ᠎ᠡ ᠬᠤᠷᠠᠭ ᠤ᠋ᠨ ᠵᠠᠯᠠᠭᠤᠴᠤᠳ ᠨᠢᠭᠡ ᠳᠣᠣᠷ᠎ᠠ ᠠᠵᠢᠯᠯᠠᠭᠰᠠᠨᠠ᠋ᠴᠠ ᠣᠯᠠᠨ ᠢ᠋ᠶ᠋ᠠᠷ ᠢ᠋ᠶ᠋ᠠᠨ ᠬᠡᠵᠢᠶᠡᠳᠡ ᠬᠥᠭᠵᠢᠶᠡᠨ ᠨᠠᠷᠭᠢᠶᠠᠨ ᠲᠠᠢ᠃ ᠰᠡᠭᠦᠯ ᠳ᠋ᠦ᠍ ᠬᠤᠪᠢᠶᠠᠭᠳᠠᠵᠤ ᠢᠷᠡᠭᠰᠡᠨ ᠪᠠᠭᠰᠢᠨᠠᠷ ᠴᠣ ᠠᠪᠢᠶᠠᠰ ᠴᠢᠳᠠᠪᠤᠷᠢ ᠲᠠᠢ ᠬᠥᠮᠦᠰ᠃ ᠲᠡᠳᠡ ᠪᠡᠶ᠎ᠡ ᠪᠡᠶ᠎ᠡ ᠲᠡᠢ ᠪᠡᠨ ᠢᠯᠡ ᠳᠠᠯᠳᠠ ᠥᠷᠢᠰᠦᠯᠳᠦᠨ ᠥᠪᠡᠷ ᠥᠪᠡᠷ ᠦ᠋ᠨ ᠠᠵᠢᠯ ᠳ᠋ᠠᠭᠠᠨ ᠭᠠᠪᠰᠢᠭᠠᠢᠯᠠᠵᠠᠭᠠᠨᠠ᠃
ᠴᠡᠩᠭᠡᠯ ᠭᠡᠵᠦ ᠲᠡᠭᠰᠢ ᠨᠠᠮᠬᠠᠨ ᠪᠡᠶ᠎ᠡ ᠲᠡᠢ ᠴᠦ᠍ ᠴᠢᠭᠢᠷᠠᠭ ᠬᠦᠳᠡᠷᠯᠢᠭ ᠲᠥᠷᠥᠭᠰᠡᠨ ᠵᠠᠯᠢᠷᠬᠠᠭ ᠭᠢᠯᠠᠯᠵᠠᠭᠰᠠᠨ ᠬᠤᠷᠴᠠ ᠬᠠᠷ᠎ᠠ ᠨᠢᠳᠦ ᠲᠡᠢ᠂ ᠨᠢᠮᠭᠡᠨ ᠤᠷᠤᠭᠤᠯ ᠲᠠᠢ ᠨᠢ ᠵᠣᠬᠢᠴᠠᠭᠰᠠᠨ ᠢᠷᠠᠯᠵᠠᠭᠰᠠᠨ ᠴᠠᠭᠠᠨ ᠰᠢᠲᠦ ᠲᠡᠢ᠃ ᠪᠠᠬᠠᠨ ᠬᠦᠪᠰᠦᠷᠳᠡᠭᠦᠦ ᠬᠥᠭᠡᠷᠦᠦ ᠵᠠᠩ ᠲᠠᠢ ᠪᠥᠭᠡᠳ ᠬᠠᠴᠢᠨ ᠳᠣᠯᠭᠢᠨ ᠠᠭᠤᠷ ᠣᠮᠣᠭ ᠲᠠᠢ ᠵᠠᠯᠠᠭᠤ ᠶᠤᠮ᠃ ᠪᠡᠶ᠎ᠡ ᠲᠠᠮᠢᠷ ᠲᠤ᠌ ᠪᠠᠬᠠᠲᠠᠢ᠂ ᠮᠣᠩᠭᠣᠯ ᠬᠢᠲᠠᠳ ᠦᠰᠦᠭ ᠦ᠋ᠨ ᠭᠠᠷ ᠤ᠋ᠨ ᠲᠢᠭ ᠨᠢ ᠭᠣᠴᠣ ᠰᠠᠢᠬᠠᠨ᠃ ᠬᠡᠯᠡ ᠬᠣᠩᠰᠢᠶᠠᠷ ᠨᠢ ᠬᠢᠲᠤᠭ᠎ᠠ ᠰᠢᠭ᠋ ᠬᠤᠷᠴᠠ᠂ ᠲᠠᠷᠢᠬᠢ ᠬᠣᠩᠰᠢᠶᠠᠷ ᠬᠣᠶᠠᠷ ᠢ᠋ᠶ᠋ᠠᠨ ᠮᠠᠰᠢ ᠵᠣᠬᠢᠴᠠᠯᠲᠠᠢ ᠠᠵᠢᠯᠯᠠᠭᠤᠯᠵᠤ ᠴᠢᠳᠠᠳᠠᠭ ᠨᠢᠭᠡᠨ ᠪᠠᠢᠯ᠎ᠠ᠃
ᠪᠠᠢ ᠪᠠᠲᠤ ᠪᠣᠯ ᠮᠠᠷᠢᠶᠠᠯᠢᠭ ᠲᠠᠷᠭᠤᠨ ᠪᠡᠶ᠎ᠡ ᠲᠡᠢ᠂ ᠪᠤᠷᠵᠢᠭᠢᠷ ᠦᠰᠦ ᠲᠡᠢ᠂ ᠲᠣᠳᠣ ᠳᠠᠪᠬᠤᠷ᠎ᠠ ᠲᠠᠢ ᠲᠣᠭᠣᠷᠠᠭ ᠬᠠᠷ᠎ᠠ ᠨᠢᠳᠦ ᠲᠡᠢ᠂ ᠳᠠᠪᠬᠤᠷ ᠰᠣᠶᠣᠭ᠎ᠠ ᠲᠠᠢ ᠠᠷᠵᠠᠭᠠᠷ ᠰᠢᠳᠦ᠂ ᠵᠤᠵᠠᠭᠠᠨ ᠤᠷᠤᠭᠤᠯ ᠲᠠᠢ᠃ ᠬᠢᠲᠠᠳ ᠢ᠋ᠶ᠋ᠠᠷ ᠰᠤᠷᠤᠭᠰᠠᠨ ᠪᠣᠯᠬᠣᠷ ᠬᠢᠲᠠᠳ ᠲᠠᠭᠠᠨ ᠶᠡᠬᠡ ᠰᠠᠢᠨ᠂ ᠵᠢᠭᠠᠬᠠᠨ ᠳᠡᠭᠡᠭᠦᠷ ᠰᠠᠨᠠᠭ᠎ᠠ᠂ ᠪᠠᠷᠳᠠᠮ ᠵᠠᠩ ᠲᠠᠢ ᠵᠠᠯᠠᠭᠤ ᠪᠢᠯᠡ᠃ ᠪᠤᠤ ᠵᠢᠩ ᠭᠡᠵᠦ ᠡᠴᠡᠩᠬᠡᠢ ᠲᠤᠷᠠᠩᠬᠠᠢ ᠪᠡᠶ᠎ᠡ ᠲᠡᠢ᠂ ᠣᠨᠢᠭᠠᠷ ᠳᠠᠩ ᠨᠢᠳᠦ ᠲᠡᠢ᠂ ᠣᠢᠷ᠎ᠠ ᠬᠠᠷᠠᠭ᠎ᠠ ᠲᠠᠢ ᠲᠤᠯᠠ ᠥᠨᠳᠥᠷ ᠲᠣᠮᠣᠷᠠᠭᠤᠯᠤᠭᠴᠢ ᠲᠠᠢ ᠨᠢᠳᠦᠨ ᠰᠢᠯ ᠵᠡᠭᠦᠳᠡᠭ ᠡᠴᠡ ᠨᠢᠳᠦ ᠨᠢ ᠤᠯᠠᠮ ᠴᠤ᠌ ᠵᠢᠵᠢᠭ ᠬᠠᠷᠠᠭᠳᠠᠨ᠎ᠠ᠃ ᠨᠢᠮᠭᠡᠨ ᠬᠥᠷᠥᠰᠥ ᠲᠡᠢ ᠰᠢᠷᠠᠮᠠᠩ ᠴᠠᠭᠠᠨ ᠴᠢᠷᠠᠢ ᠲᠠᠢ᠂ ᠦᠭᠡ ᠳᠠᠭᠤ ᠴᠥᠭᠡᠨᠲᠡᠢ᠂ ᠬᠥᠮᠦᠨ ᠳ᠋ᠦ᠍ ᠨᠡᠯᠢᠶᠡᠳ ᠪᠣᠯᠪᠠᠰᠤᠷᠠᠯ ᠲᠠᠢ ᠪᠢᠴᠢᠭᠲᠡᠨ ᠰᠢᠭ ᠲᠥᠷᠥᠭᠳᠡᠯ ᠥᠭᠭᠦᠨ᠎ᠡ᠃ ᠴᠢᠶᠠᠩ ᠭᠦᠸᠧ ᠷᠦᠩ ᠭᠡᠳᠡᠭ ᠬᠢᠲᠠᠳ ᠵᠠᠯᠠᠭᠤ ᠪᠣᠯ ᠬᠠᠷᠢᠨ ᠰᠢᠭᠤᠳ ᠰᠢᠯᠤᠭᠤᠨ ᠶᠠᠷᠢᠶ᠎ᠠ ᠬᠥᠭᠡᠷᠦᠭᠡ ᠲᠡᠢ᠂ ᠥᠨᠳᠥᠷ ᠲᠣᠮᠣ ᠪᠡᠶ᠎ᠡ ᠲᠡᠢ᠂ ᠲᠣᠭᠠᠨ ᠤ᠋ ᠤᠬᠠᠭᠠᠨ ᠳ᠋ᠤ᠌ ᠪᠠᠬᠠᠲᠠᠢ᠂ ᠰᠠᠭᠰᠤᠨ ᠪᠥᠮᠪᠥᠭᠡ ᠰᠠᠢᠬᠠᠨ ᠴᠣᠬᠢᠳᠠᠭ᠃
ᠬᠠᠢ ᠯᠢᠶᠠᠨ ᠪᠣᠯ ᠳᠥᠩᠭᠡᠵᠦ ᠠᠷᠪᠠᠨ ᠨᠠᠢ᠍ᠮᠠ ᠬᠦᠷᠴᠦ ᠶᠠᠪᠤᠭ᠎ᠠ ᠥᠨᠳᠥᠷ ᠨᠠᠷᠢᠬᠠᠨ ᠪᠡᠶ᠎ᠡ ᠲᠡᠢ᠂ ᠪᠣᠮᠪᠣᠢᠭᠰᠠᠨ ᠴᠠᠭᠠᠨ ᠴᠢᠷᠠᠢ ᠲᠠᠢ᠂ ᠮᠣᠢᠯ ᠬᠠᠷ᠎ᠠ ᠨᠢᠳᠦ᠂ ᠰᠢᠨ᠎ᠡ ᠶ᠋ᠢᠨ ᠰᠠᠷᠠᠨ ᠬᠥᠮᠥᠰᠬᠡ ᠲᠡᠢ᠂ ᠪᠣᠰᠤᠭ᠎ᠠ ᠮᠥᠭᠡᠷ ᠦ᠋ᠨ ᠲᠣᠮᠣ ᠬᠠᠮᠠᠷ ᠲᠠᠢ᠂ ᠰᠢᠩᠬᠤ ᠲᠦᠷᠬᠢᠭᠰᠡᠨ ᠰᠢᠭ ᠨᠢᠮᠭᠡᠨ ᠤᠯᠠᠭᠠᠨ ᠤᠷᠤᠭᠤᠯ᠂ ᠬᠤᠷᠴᠠ ᠦᠵᠦᠭᠦᠷ ᠲᠡᠢ ᠵᠢᠵᠢᠭ ᠴᠠᠭᠠᠨ ᠰᠢᠲᠦ ᠲᠡᠢ ᠨᠡᠯᠢᠶᠡᠳ ᠵᠢᠰᠦᠷᠬᠡᠭ ᠲᠥᠷᠥᠭᠰᠡᠨ ᠥᠬᠢᠨ ᠪᠣᠯᠪᠠᠴᠤ ᠪᠠᠬᠠᠨ ᠳᠣᠯᠭᠢᠨ ᠵᠠᠩ ᠲᠠᠢ᠂ ᠪᠠᠶᠠᠷᠯᠠᠵᠤ ᠠᠭᠤᠷᠯᠠᠬᠤ ᠨᠢ ᠡᠳᠦᠷ ᠦ᠋ᠨ ᠬᠡᠳᠦ ᠬᠤᠪᠢᠷᠠᠨ ᠵᠠᠪᠳᠤᠵᠤ ᠶᠣᠰᠣᠲᠠᠢ ᠤᠬᠠᠭᠠᠨ ᠬᠥᠯ ᠨᠢ ᠣᠯᠳᠠᠬᠤ ᠦᠭᠡᠢ᠃ ᠲᠡᠷᠡ ᠪᠣᠯ ᠲᠦᠩᠯᠢᠶᠣᠣ ᠬᠣᠲᠠ ᠶ᠋ᠢᠨ ᠭᠠᠨᠵᠤᠭ᠎ᠠ ᠪᠠᠯᠭᠠᠰᠤᠨ ᠤ᠋ ᠡᠮᠡᠭᠡᠯ ᠰᠤᠮᠤᠨ ᠤ᠋ ᠬᠥᠮᠦᠨ ᠪᠠᠢᠵᠤ᠂ ᠡᠨᠳᠡ ᠰᠠᠳᠤᠨ ᠢ᠋ᠶ᠋ᠠᠨ ᠳᠥᠰᠢᠨ ᠢᠷᠡᠵᠦ ᠥᠨᠳᠥᠷ ᠳᠤᠮᠳᠠᠳᠤ ᠶ᠋ᠢ ᠲᠡᠭᠦᠰᠴᠡᠢ᠃ ᠳᠠᠭᠤᠤ ᠰᠠᠢᠬᠠᠨ ᠳᠠᠭᠤᠯᠠᠳᠠᠭᠠ᠋ᠴᠠ ᠲᠡᠭᠦᠨ ᠢ᠋ ᠳᠠᠭᠤᠨ ᠤ᠋ ᠪᠠᠭᠰᠢ ᠪᠠᠷ ᠬᠤᠪᠢᠶᠠᠪᠠ᠃ ᠭᠡᠲᠡᠯ᠎ᠡ ᠲᠡᠷᠡ ᠮᠠᠨᠢ ᠦᠨᠳᠦᠰᠦᠨ ᠳᠣᠯᠣᠭᠠᠨ ᠠᠶᠠᠯᠭᠤ ᠶ᠋ᠢ ᠴᠦ᠍ ᠵᠥᠪ ᠭᠠᠷᠭᠠᠵᠤ ᠴᠢᠳᠠᠳᠠᠭ ᠦᠭᠡᠢ᠃ ᠬᠢᠲᠠᠳ ᠮᠣᠩᠭᠣᠯ ᠢ᠋ᠶ᠋ᠠᠷ ᠬᠣᠯᠢᠯᠳᠤᠭᠤᠯᠤᠨ ᠵᠥᠪ ᠪᠤᠷᠤᠭᠤ ᠦᠭᠡᠢ ᠨᠢᠭᠡ ᠶᠠᠭᠤᠮ᠎ᠠ ᠳᠠᠭᠤᠯᠠᠨ᠎ᠠ᠃ ᠬᠥᠮᠦᠨ ᠬᠡᠯᠡᠵᠦ ᠵᠠᠰᠠᠵᠤ ᠥᠭᠪᠡᠯ ᠠᠭᠤᠷᠯᠠᠴᠢᠬᠠᠵᠤ᠂ ᠲᠤᠩ ᠴᠤ᠌ ᠮᠡᠳᠡᠮᠡᠬᠡᠢ ᠳᠡᠭᠡᠷᠡᠩᠭᠦᠢ ᠵᠠᠩ ᠲᠠᠢ᠃ ᠨᠣᠲ ᠰᠤᠷᠴᠤ ᠪᠠᠢᠨ᠎ᠠ ᠭᠡᠳ ᠪᠠᠯᠪᠠᠷᠬᠠᠢ ᠤᠷᠭᠠᠨ ᠢ᠋ ᠴᠣᠬᠢᠯᠠᠨ ᠫᠠᠷᠴᠢᠭᠢᠨᠠᠭᠤᠯᠵᠤ ᠰᠣᠯᠣᠭᠠᠢ ᠪᠤᠷᠤᠭᠤ ᠦᠭᠡᠢ ᠠᠶᠠᠰ ᠬᠥᠭᠵᠢᠮᠳᠡᠵᠦ ᠭᠠᠷᠤᠨ᠎ᠠ᠃ ᠲᠡᠷᠡ ᠪᠠᠰᠠ ᠳᠠᠭᠤᠨ ᠤ᠋ ᠦᠭᠡ ᠶ᠋ᠢ ᠲᠠᠩᠳᠠ ᠪᠤᠷᠤᠭᠤ ᠴᠡᠭᠡᠵᠢᠯᠡᠨ᠎ᠡ᠃ ᠦᠨᠡᠨᠳᠡᠭᠡᠨ ᠲᠡᠭᠦᠨ ᠦ᠌ ᠬᠣᠭᠣᠯᠠᠢ ᠶ᠋ᠢᠨ ᠥᠩᠭᠡ᠂ ᠨᠥᠬᠥᠴᠡᠯ ᠶᠡᠬᠡ ᠰᠠᠢᠨ᠃ ᠪᠠᠭᠠᠠ᠋ᠴᠠ ᠨᠢ ᠲᠤᠰᠬᠠᠢ ᠪᠣᠯᠪᠠᠰᠤᠷᠠᠯ ᠬᠢᠯᠭᠡᠭᠰᠡᠨ ᠳ᠋ᠦ᠍ ᠬᠦᠷᠪᠡᠯ ᠡᠮᠡᠭᠲᠡᠢ ᠶ᠋ᠢᠨ ᠬᠠᠩᠭᠢᠨᠠᠮ᠎ᠠ ᠬᠣᠭᠣᠯᠠᠢ ᠶ᠋ᠢᠨ ᠳᠠᠭᠤᠴᠢᠨ ᠪᠣᠯᠤᠮᠠᠷ ᠰᠠᠨ ᠳᠠ᠃ ᠭᠡᠪᠡᠴᠦ ᠲᠡᠭᠦᠨ ᠳ᠋ᠦ᠍ ᠡᠨᠡ ᠲᠠᠯ᠎ᠠ ᠶ᠋ᠢᠨ ᠪᠣᠯᠪᠠᠰᠤᠷᠠᠯ ᠶᠠᠭ ᠦᠭᠡᠢ᠃
ᠲᠡᠷᠡ ᠨᠢ ᠴᠦ᠍ ᠪᠠᠰᠠ ᠶᠠᠭᠠᠬᠢᠬᠤᠪ᠃ ᠲᠡᠭᠡᠵᠦ ᠵᠥᠪ ᠪᠤᠷᠤᠭᠤ ᠦᠭᠡᠢ ᠨᠦᠳᠦᠵᠦ ᠪᠠᠢᠭᠠᠳ ᠠᠭᠠᠵᠢᠮ ᠳ᠋ᠠᠭᠠᠨ ᠤᠬᠠᠭᠠᠨ ᠢ᠋ ᠨᠢ ᠣᠯᠵᠤ ᠶᠠᠭᠤᠮ᠎ᠠ ᠰᠤᠷᠬᠤ ᠪᠠᠢᠯᠭᠦᠢ᠃ ᠭᠡᠲᠡᠯ᠎ᠡ ᠬᠠᠮᠲᠤ ᠰᠠᠭᠤᠳᠠᠭ ᠭᠠᠪᠢᠷ᠎ᠠ ᠪᠣᠯᠤᠨ ᠬᠠᠶᠠᠭ᠎ᠠ ᠨᠠᠭᠠᠯᠳᠤᠨ ᠰᠠᠢᠰᠢᠶᠠᠯᠲᠤ ᠲᠠᠢ ᠰᠠᠭᠤᠳᠠᠭ ᠪᠤᠤ ᠵᠢᠩ ᠬᠣᠶᠠᠷ ᠲᠤ᠌ ᠪᠦᠷ ᠴᠦ᠍ ᠦᠢᠮᠡᠭᠡᠨ ᠭᠠᠮᠰᠢᠭ ᠪᠣᠯᠵᠤ ᠪᠠᠢᠯ᠎ᠠ᠃ ᠤᠤᠯᠠ᠋ᠴᠠ ᠪᠠᠨ ᠨᠠᠮ ᠰᠡᠯᠡᠭᠦᠬᠡᠨ ᠰᠠᠭᠤᠵᠤ ᠤᠩᠰᠢᠵᠤ ᠪᠢᠴᠢᠵᠦ ᠰᠠᠭᠤᠬᠤ ᠳᠤᠷᠠᠲᠠᠢ ᠭᠠᠪᠢᠷ᠎ᠠ ᠳ᠋ᠤ᠌ ᠬᠡᠴᠡᠭᠦᠦ ᠴᠢᠯᠡᠭᠡᠭᠥᠷ ᠲᠡᠢ ᠰᠠᠨᠠᠭᠳᠠᠨ᠎ᠠ᠃ ᠪᠤᠤ ᠵᠢᠩ ᠳᠠᠷᠠᠭ᠎ᠠ ᠵᠢᠯ ᠶᠡᠬᠡ ᠰᠤᠷᠭᠠᠭᠤᠯᠢ ᠳ᠋ᠤ᠌ ᠳᠠᠬᠢᠨ ᠰᠢᠯᠭᠠᠬᠤ ᠭᠡᠵᠦ ᠬᠢᠴᠢᠶᠡᠯ ᠣᠷᠣᠬᠤᠠ᠋ᠴᠠ ᠪᠤᠰᠤᠳ ᠴᠠᠭ ᠲᠤ᠌ ᠲᠣᠯᠣᠭᠠᠢ ᠥᠨᠳᠡᠢᠬᠦ ᠦᠭᠡᠢ ᠨᠣᠮ ᠱᠠᠭᠠᠢᠵᠤ᠂ ᠴᠡᠭᠡᠵᠢᠯᠡᠬᠦ ᠵᠦᠢᠯ ᠢ᠋ᠶ᠋ᠡᠨ ᠣᠷᠣᠨ ᠤ᠋ ᠪᠠᠨ ᠬᠠᠶᠠᠭ᠎ᠠ ᠪᠠᠷ ᠳᠦᠭᠦᠷᠡᠩ ᠨᠠᠭᠠᠵᠤ ᠲᠠᠯᠪᠢᠭᠠᠳ ᠲᠡᠭᠦᠨ ᠢ᠋ᠶ᠋ᠡᠨ ᠨᠢᠳᠦ ᠰᠠᠯᠭᠠᠯ ᠦᠭᠡᠢ ᠬᠠᠷᠠᠵᠤ ᠬᠡᠪᠲᠡᠳᠡᠭ ᠪᠠᠢᠯ᠎ᠠ᠃ ᠲᠡᠢᠮᠦ ᠦᠶ᠎ᠡ ᠳ᠋ᠦ᠍ᠨᠢ ᠬᠠᠵᠠᠭᠤ ᠳ᠋ᠤᠨᠢ ᠶᠠᠭᠠᠬᠢᠵᠤ ᠪᠠᠢᠭᠰᠠᠨ ᠴᠤ᠌ ᠣᠭᠲᠣ ᠠᠵᠢᠭ ᠦᠭᠡᠢ ᠪᠦᠬᠦ ᠠᠩᠬᠠᠷᠤᠯ ᠢ᠋ᠶ᠋ᠠᠨ ᠴᠡᠭᠡᠵᠢᠯᠡᠵᠦ ᠪᠠᠢᠭ᠎ᠠ ᠰᠡᠳᠦᠪ ᠲᠦ᠍ ᠲᠥᠪᠯᠡᠷᠡᠭᠦᠯᠵᠦ ᠴᠢᠳᠠᠳᠠᠭ ᠪᠠᠢᠯ᠎ᠠ᠃ ᠭᠡᠪᠡᠴᠦ ᠣᠳᠣ ᠵᠡᠷᠭᠡᠴᠡᠭᠡ ᠪᠠᠢᠷᠢ ᠳ᠋ᠠᠬᠢ ᠬᠠᠢ ᠯᠢᠶᠠᠨ ᠤ᠋ ᠵᠥᠪ ᠪᠤᠷᠤᠭᠤ ᠦᠭᠡᠢ ᠪᠠᠷᠬᠢᠷᠠᠵᠤ᠂ ᠤᠷᠭᠠᠨ ᠪᠠᠯᠪᠠᠨ ᠫᠠᠷᠴᠢᠭᠢᠨᠠᠭᠤᠯᠬᠤ ᠳ᠋ᠤ᠌ ᠲᠡᠰᠬᠦ ᠠᠯᠲᠠᠨ ᠠᠭᠤᠷ ᠤᠴᠠᠭᠠᠷ ᠨᠢ ᠬᠥᠳᠡᠯᠦᠨ᠄《ᠦᠨᠳᠦᠰᠦᠨ ᠳᠣᠯᠣᠭᠠᠨ ᠠᠶᠠᠯᠭᠤ ᠶ᠋ᠢ ᠴᠦ᠍ ᠴᠢᠳᠠᠬᠤ ᠦᠭᠡᠢ ᠪᠠᠢᠭᠠᠳ ᠶᠠᠭᠤᠨ ᠤ᠋ ᠬᠢᠨᠢ ᠳᠠᠭᠤᠨ ᠤ᠋ ᠪᠠᠭᠰᠢ ᠪᠣᠯᠬᠤ ᠪᠣᠢ? ᠶᠣᠰᠣᠲᠠᠢ ᠯᠠ ᠪᠤᠷᠬᠠᠨ ᠦᠭᠡᠢ ᠭᠠᠵᠠᠷ ᠪᠣᠮᠪᠣ ᠭᠠᠯᠵᠠᠭᠤᠷᠠᠭᠰᠠᠨ ᠭᠡᠭᠴᠢ ᠪᠣᠯᠬᠤ ᠨᠢ!》 ᠭᠡᠵᠦ ᠡᠭᠳᠡᠭᠦᠴᠡᠨ ᠪᠣᠳᠣᠪᠠ᠃
ᠲᠡᠭᠡᠭᠡᠳ ᠪᠤᠤ ᠵᠢᠩ ᠬᠡᠳᠦᠨ ᠤᠳᠠᠭ᠎ᠠ ᠬᠠᠢ ᠯᠢᠶᠠᠨ ᠳ᠋ᠤ᠌ ᠰᠠᠨᠠᠭᠤᠯᠤᠭᠰᠠᠨ ᠴᠤ᠌᠂ ᠲᠡᠷᠡ ᠤᠯᠠᠮ ᠥᠰᠢᠵᠦ᠄《ᠬᠡᠳᠦᠢ ᠬᠢᠷᠢ ᠪᠡᠨ ᠮᠡᠳᠡᠬᠦ ᠦᠭᠡᠢ ᠠᠮᠢᠲᠠᠨ ᠪᠣᠢ! ᠡᠨᠡ ᠨᠠᠢᠨᠠᠢ ᠨᠢ ᠤᠯᠠᠮ ᠬᠦᠴᠦᠲᠡᠢ ᠳᠠᠷᠤᠨ᠎ᠠ᠂ ᠶᠠᠭᠠᠬᠢᠳᠠᠭ ᠶᠤᠮ?》 ᠭᠡᠵᠦ ᠬᠡᠷᠡᠭᠦᠯ ᠬᠢᠨ᠎ᠡ᠃ ᠲᠡᠷᠡ ᠬᠣᠶᠠᠷ ᠬᠡᠳᠦ ᠤᠳᠠᠭ᠎ᠠ ᠬᠡᠷᠡᠯᠳᠦᠵᠦ᠂ ᠬᠠᠢ ᠯᠢᠶᠠᠨ ᠵᠠᠬᠢᠷᠤᠯ ᠳ᠋ᠤ᠌ ᠵᠠᠭᠠᠯᠳᠤᠵᠤ ᠬᠡᠯᠡ ᠠᠮᠠ ᠪᠣᠯᠤᠭᠰᠠᠨ ᠳ᠋ᠤ᠌ ᠨᠡᠷᠡᠯᠬᠡᠦ ᠵᠠᠩ ᠲᠠᠢ ᠪᠤᠤ ᠵᠢᠩ ᠡᠨᠡ ᠬᠥᠨᠳᠡᠯᠡᠨ ᠲᠡᠨᠡᠭ ᠲᠡᠢ ᠬᠡᠯᠡ ᠠᠮᠠ ᠪᠣᠯᠵᠤ ᠨᠢᠭᠤᠷ ᠪᠠᠷᠠᠬᠤ ᠶ᠋ᠢ ᠪᠣᠯᠢᠶ᠎ᠠ ᠭᠡᠮᠡᠨ ᠪᠣᠳᠣᠭᠠᠳ ᠬᠣᠶᠠᠷ ᠴᠢᠬᠢ ᠪᠡᠨ ᠬᠥᠪᠥᠩ ᠢ᠋ᠶ᠋ᠡᠷ ᠪᠥᠭᠯᠡᠨ ᠬᠡᠪᠲᠡᠬᠦ ᠪᠣᠯᠵᠠᠢ᠃
ᠭᠠᠪᠢᠷ᠎ᠠ᠂ ᠬᠠᠢ ᠯᠢᠶᠠᠨᠠ᠋ᠴᠠ ᠬᠣᠶᠠᠷ ᠡᠭᠡᠴᠢ ᠪᠥᠭᠡᠳ ᠬᠠᠢ ᠯᠢᠶᠠᠨ ᠤ᠋ ᠵᠥᠷᠢᠭᠦᠳ ᠬᠡᠦᠬᠡᠳᠯᠢᠭ ᠴᠠᠭᠠᠪᠤᠷ ᠵᠠᠩ ᠢ᠋ ᠣᠢᠯᠠᠭᠠᠵᠤ ᠠᠭᠤᠴᠢᠯᠠᠳᠠᠭ ᠲᠤᠯᠠ ᠬᠡᠵᠢᠶᠡᠳᠡ ᠡᠶᠡᠯᠳᠡᠭ ᠵᠥᠭᠡᠯᠡᠨ ᠢ᠋ᠶ᠋ᠡᠷ ᠢᠳᠬᠠᠵᠤ ᠰᠠᠨᠠᠭᠤᠯᠤᠨ᠂ ᠬᠠᠯᠠᠮᠵᠢᠯᠠᠨ ᠬᠠᠪᠰᠤᠷᠳᠠᠭᠠ᠋ᠴᠠ ᠬᠠᠢ ᠯᠢᠶᠠᠨ ᠭᠠᠪᠢᠷ᠎ᠠ ᠳ᠋ᠤ᠌ ᠶᠡᠬᠡ ᠰᠠᠢᠨ᠃ ᠰᠡᠭᠦᠯᠡᠷ ᠨᠢ ᠭᠠᠪᠢᠷ᠎ᠠ ᠰᠠᠢᠬᠠᠨ ᠦᠭᠡ ᠪᠡᠷ ᠠᠷᠭᠠᠳᠠᠵᠤ ᠪᠠᠢᠭᠠᠳ ᠨᠥᠭᠦᠭᠡ ᠮᠠᠭᠤ ᠪᠠᠯᠪᠠᠷᠬᠠᠢ ᠤᠷᠭᠠᠨ ᠢ᠋ ᠨᠢ ᠠᠩᠭᠢ ᠳ᠋ᠤ᠌ ᠣᠷᠣᠭᠤᠯᠵᠤ ᠲᠠᠯᠪᠢᠭᠰᠠᠨ ᠢ᠋ᠶ᠋ᠠᠷ ᠪᠦᠭᠦᠳᠡᠭᠡᠷ ᠨᠢᠭᠡ ᠴᠢᠬᠢ ᠠᠮᠠᠷᠠᠪᠠ᠃
ᠴᠠᠰᠤ ᠵᠤᠳ ᠶᠡᠬᠡᠳᠴᠦ ᠲᠩᠷᠢ ᠬᠡᠴᠡᠭᠦᠦ ᠬᠦᠢᠲᠡᠷᠡᠪᠡ᠃ ᠰᠥᠨᠢᠵᠢᠨ ᠰᠠᠯᠬᠢᠯᠠᠵᠤ ᠴᠠᠭᠠᠨ ᠰᠢᠭᠤᠷᠭ᠎ᠠ ᠭᠤᠶᠠᠳᠠᠬᠤ ᠳ᠋ᠤ᠌᠂ ᠴᠣᠩᠬᠣᠨ ᠤ᠋ ᠬᠢᠨᠢ ᠮᠣᠣᠲᠤᠤ ᠴᠠᠭᠠᠰᠤ ᠤᠷᠠᠭᠳᠠᠨ᠂ ᠥᠷᠯᠥᠭᠡ ᠪᠣᠰᠬᠤ ᠳ᠋ᠤ᠌ ᠬᠥᠯ ᠦ᠋ᠨ ᠦᠵᠦᠭᠦᠷ ᠬᠥᠨᠵᠢᠯᠡ ᠳᠡᠪᠢᠰᠬᠡᠷ ᠨᠢ ᠴᠠᠰᠤᠨ ᠳ᠋ᠤ᠌ ᠳᠠᠷᠤᠭᠳᠠᠵᠤ᠂ ᠲᠡᠮᠦᠷ ᠬᠢᠰᠠ ᠶ᠋ᠢᠨ ᠭᠠᠯ ᠤᠨᠲᠠᠷᠠᠮᠠᠭᠴᠠ ᠭᠠᠳᠠᠨ᠎ᠠ ᠤᠨᠲᠠᠵᠤ ᠪᠠᠢᠭᠠᠠ᠋ᠴᠠ ᠳᠡᠮᠡᠢ ᠴᠦ᠍ ᠳᠡᠭᠡᠷ᠎ᠡ ᠦᠭᠡᠢ ᠪᠣᠯᠪᠠ᠃ ᠡᠮᠡᠭᠲᠡᠢ ᠪᠠᠭᠰᠢᠨᠠᠷ ᠴᠥᠮ ᠲᠠᠭᠰᠢᠭᠤᠷ ᠲᠤ᠌ ᠨᠡᠷᠪᠡᠭᠳᠡᠨ ᠬᠠᠯᠠᠭᠤᠷᠠᠵᠤ ᠪᠦᠯᠢᠶᠡᠷᠡᠨ᠂ ᠰᠤᠷᠤᠭᠴᠢᠳ ᠴᠤ᠌ ᠵᠠᠯᠭᠠᠭ᠎ᠠ ᠵᠠᠯᠭᠠᠭ᠎ᠠ ᠪᠠᠷ ᠬᠠᠨᠢᠶᠠᠳᠤ ᠲᠠᠭᠰᠢᠭᠤᠷ ᠬᠦᠷᠴᠦ ᠪᠠᠢᠯ᠎ᠠ᠃ ᠵᠦᠢᠯ ᠪᠦᠷᠢ ᠶ᠋ᠢᠨ ᠬᠦᠴᠢᠷ ᠰᠢᠯᠲᠠᠭᠠᠨᠠ᠋ᠴᠠ ᠪᠣᠯᠤᠭᠠᠳ ᠰᠤᠷᠭᠠᠭᠤᠯᠢ ᠴᠠᠭᠠ᠋ᠴᠠ ᠪᠠᠨ ᠡᠷᠲᠡ ᠴᠢᠯᠥᠭᠡ ᠲᠠᠯᠪᠢᠬᠤ ᠪᠠᠷ ᠪᠠᠢᠲᠠᠯ᠎ᠠ ᠵᠣᠯ ᠢ᠋ᠶ᠋ᠠᠷ ᠳᠡᠭᠡᠳᠦ ᠱᠠᠲᠤᠨᠠ᠋ᠴᠠ ᠮᠥᠩᠭᠥ ᠵᠣᠭᠣᠰ ᠪᠠᠭᠤᠵᠤ᠂ ᠰᠤᠮᠤᠨ ᠠ᠋ᠴᠠ ᠪᠠᠭᠰᠢᠨᠠᠷ ᠤ᠋ᠨ ᠪᠠᠢᠷᠢ ᠶ᠋ᠢᠨ ᠴᠣᠩᠬᠣ ᠡᠭᠦᠳᠡᠨ ᠦ᠌ ᠰᠢᠯ ᠢ᠋ ᠲᠠᠭᠠᠷᠠᠭᠤᠯᠵᠤ᠂ ᠪᠠᠭᠰᠢ ᠨᠠᠷ ᠲᠤ᠌ ᠲᠡᠮᠦᠷ ᠣᠷᠣ ᠠᠪᠴᠤ ᠥᠭᠴᠡᠢ᠃ ᠡᠯ᠎ᠡ ᠭᠠᠴᠠᠭᠠᠨᠠ᠋ᠴᠠ ᠥᠭᠭᠦᠭᠰᠡᠨ ᠢᠳᠡᠰᠢᠨ ᠦ᠌ ᠮᠠᠯ ᠴᠦ᠍ ᠢᠷᠡᠵᠦ᠂ ᠡᠪᠦᠯ ᠬᠠᠪᠤᠷ ᠤ᠋ᠨ ᠢᠳᠡᠰᠢᠨ ᠦ᠌ ᠠᠰᠠᠭᠤᠳᠠᠯ ᠴᠤ᠌ ᠰᠢᠢᠳᠪᠦᠷᠢᠯᠡᠭᠳᠡᠵᠦ᠂ ᠬᠣᠭᠣᠯᠠᠨ ᠭᠡᠷ ᠦ᠋ᠨ ᠬᠣᠭᠣᠯᠠ ᠵᠠᠭᠤᠰᠢ ᠴᠤ᠌ ᠰᠠᠢᠵᠢᠷᠠᠪᠠ᠃ ᠶᠠᠭᠤ ᠴᠤ᠌ ᠭᠡᠰᠡᠨ ᠨᠠᠮ ᠵᠠᠰᠠᠭ᠂ ᠮᠠᠯᠴᠢᠨ ᠲᠦᠮᠡᠨ ᠦ᠌ ᠪᠡᠨ ᠬᠠᠯᠠᠮᠵᠢ ᠳᠡᠮᠵᠢᠯᠭᠡ ᠪᠡᠷ ᠬᠠᠷᠭᠠᠨᠠᠲᠠᠢ ᠪᠠᠭ᠎ᠠ ᠰᠤᠷᠭᠠᠭᠤᠯᠢ ᠪᠠᠢᠭᠤᠯᠤᠭᠳᠠᠭᠰᠠᠨ ᠠᠩᠬᠠᠨ ᠤ᠋ ᠬᠤᠭᠤᠴᠠᠭ᠎ᠠ ᠪᠠᠨ ᠠᠮᠤᠷ ᠲᠦᠪᠰᠢᠨ ᠰᠠᠢᠬᠠᠨ ᠥᠩᠭᠡᠷᠡᠭᠦᠯᠵᠦ ᠠᠷᠪᠠᠨ ᠬᠣᠶᠠᠷ ᠰᠠᠷ᠎ᠠ ᠶ᠋ᠢᠨ ᠡᠬᠢ ᠪᠡᠷ ᠡᠪᠦᠯ ᠦ᠋ᠨ ᠴᠢᠯᠥᠭᠡ ᠲᠠᠯᠪᠢᠯ᠎ᠠ᠃
ᠣᠯᠠᠩᠬᠢ ᠪᠠᠭᠰᠢ ᠨᠠᠷ ᠤ᠋ᠨ ᠭᠡᠷ ᠣᠷᠣᠨ ᠨᠢ ᠬᠣᠰᠢᠭᠤ ᠪᠤᠶᠤ ᠣᠢᠷᠠᠯᠴᠠᠭ᠎ᠠ ᠰᠤᠮᠤᠨ ᠳ᠋ᠤ᠌ ᠪᠠᠢᠳᠠᠭ ᠪᠠᠢᠯ᠎ᠠ᠃ ᠬᠠᠮᠤᠭ ᠬᠣᠯᠠ ᠭᠡᠷ ᠲᠡᠢ ᠨᠢ ᠬᠠᠢ ᠯᠢᠶᠠᠨ ᠭᠠᠪᠢᠶ᠎ᠠ ᠬᠣᠶᠠᠷ ᠶᠤᠮ᠃ ᠲᠡᠳᠡ ᠬᠣᠶᠠᠷ ᠬᠠᠮᠤᠭ ᠲᠦᠷᠦᠭᠦᠨ ᠳ᠋ᠦ᠍ ᠶᠠᠪᠤᠵᠠᠢ᠃ ᠰᠠᠢᠰᠢᠶᠠᠯᠲᠤ ᠡᠨᠳᠡ ᠭᠡᠷ ᠲᠡᠢ ᠬᠡᠳᠦᠨ ᠪᠠᠭᠰᠢ ᠲᠠᠢ ᠬᠣᠴᠣᠷᠴᠤ᠂ ᠳᠠᠷᠠᠭ᠎ᠠ ᠬᠤᠭᠤᠴᠠᠭᠠᠨ ᠤ᠋ ᠰᠤᠷᠤᠯᠭ᠎ᠠ ᠡᠬᠢᠯᠡᠬᠦ ᠡᠴᠡ ᠡᠮᠦᠨᠡᠬᠢ ᠠᠵᠢᠯ ᠤ᠋ᠳ ᠢ᠋ᠶ᠋ᠠᠨ ᠪᠡᠯᠡᠳᠬᠡᠵᠦ ᠵᠦᠭᠰᠢᠷᠡᠭᠦᠯᠦᠭᠡᠳ ᠲᠠᠪᠤᠨ ᠵᠠᠭᠤᠭᠠᠳ ᠭᠠᠵᠠᠷ ᠤ᠋ᠨ ᠵᠠᠢᠲᠠᠢ ᠪᠠᠢᠳᠠᠭ ᠭᠡᠷ ᠤᠷᠤᠭᠤ ᠪᠠᠨ ᠮᠣᠷᠢᠲᠠᠢ ᠶᠠᠪᠤᠭᠰᠠᠨ ᠪᠠᠢᠵᠠᠢ᠃ ᠲᠡᠳᠡᠨ ᠦ᠌ ᠬᠢ ᠪᠣᠯ ᠬᠤᠰᠢᠭᠤᠨ ᠲᠥᠪ ᠡᠴᠡ ᠪᠡᠨ ᠬᠣᠢᠲᠤ ᠵᠦᠭ ᠲᠦ᠍ ᠪᠠᠢᠳᠠᠭ ᠪᠠᠶᠠᠨ ᠰᠤᠮᠤᠨ ᠳ᠋ᠤ᠌ ᠪᠠᠢᠳᠠᠭ ᠠᠵᠢ᠃ ᠴᠠᠰᠤ ᠶᠡᠬᠡᠰᠴᠦ ᠴᠠᠭᠠᠨ ᠵᠤᠳ ᠪᠣᠯᠤᠭᠰᠠᠨ ᠲᠤᠯᠠ ᠵᠠᠮ ᠨᠡᠪᠲᠡᠷᠡᠯᠭᠡ ᠨᠢᠭᠡᠨᠲᠡ ᠬᠠᠭᠠᠭᠳᠠᠵᠠᠢ᠃ ᠲᠡᠷᠡ ᠪᠣᠯ ᠲᠡᠦᠬᠡᠨ ᠳ᠋ᠦ᠍ ᠬᠣᠪᠣᠷ ᠲᠣᠬᠢᠶᠠᠯᠳᠤᠭᠰᠠᠨ ᠳᠠᠯᠠᠨ ᠳᠣᠯᠣᠭᠠᠨ ᠣᠨ ᠤ᠋ ᠲᠡᠮᠦᠷ ᠵᠤᠳ ᠪᠣᠯᠬᠤ ᠶᠤᠮ᠃ ᠪᠦᠬᠦ ᠰᠢᠯᠢ ᠶ᠋ᠢᠨ ᠭᠣᠣᠯ ᠤ᠋ᠨ ᠬᠡᠪᠴᠢᠶᠡᠨ ᠳ᠋ᠦ᠍ ᠵᠠᠮ ᠨᠡᠪᠲᠡᠷᠡᠯᠭᠡ ᠲᠠᠭ ᠬᠠᠭᠠᠭᠳᠠᠵᠤ᠂ ᠲᠠᠩᠺ ᠢ᠋ᠶ᠋ᠠᠷ ᠵᠠᠮ ᠭᠠᠷᠭᠠᠭᠠᠳ ᠴᠤ᠌ ᠦᠯᠦ ᠬᠦᠴᠦᠷᠡᠨ᠂ ᠰᠡᠭᠦᠯ ᠳ᠋ᠡᠭᠡᠨ ᠲᠠᠩᠺ ᠴᠤ᠌ ᠶᠠᠪᠤᠵᠤ ᠴᠢᠳᠠᠬᠤ ᠪᠠᠨ ᠪᠣᠯᠢᠭᠰᠠᠨ ᠶᠤᠮ᠃ ᠭᠠᠮᠰᠢᠭᠳᠠᠭᠰᠠᠨ ᠣᠷᠣᠨ ᠳ᠋ᠤ᠌ ᠨᠢᠰᠬᠡᠯ ᠢ᠋ᠶ᠋ᠡᠷ ᠡᠳ᠋ ᠪᠣᠳᠠᠰ ᠬᠦᠷᠭᠡᠳᠡᠭ ᠪᠠᠢᠵᠤ ᠪᠢᠯᠡ᠃
ᠭᠠᠪᠢᠷ᠎ᠠ᠂ ᠣᠴᠢᠭᠰᠠᠨ ᠭᠠᠵᠠᠷ ᠪᠦᠬᠦᠨ ᠳ᠋ᠦ᠍ ᠵᠤᠳ ᠲᠤ᠌ ᠬᠠᠰᠢᠭᠳᠠᠨ ᠪᠠᠢᠵᠤ᠂ ᠬᠡᠰᠢᠭᠲᠡᠨ᠂ ᠬᠥᠬᠡᠬᠣᠲᠠ᠂ ᠪᠠᠷᠠᠭᠤᠨ ᠵᠡᠭᠦᠨ ᠰᠥᠨᠢᠳ ᠢ᠋ᠶ᠋ᠡᠷ ᠳᠠᠮᠵᠢᠨ ᠪᠠᠢᠵᠤ ᠠᠷᠠᠢ ᠭᠡᠵᠦ ᠴᠠᠭᠠᠨ ᠰᠠᠷ᠎ᠠ ᠶ᠋ᠢᠨ ᠡᠮᠦᠨᠡᠬᠡᠨ ᠭᠡᠷ ᠲᠡᠭᠡᠨ ᠬᠦᠷᠴᠡᠢ᠃
1977 ᠣᠨ ᠤ᠋ ᠭᠤᠷᠪᠠᠳᠤᠭᠠᠷ ᠰᠠᠷ᠎ᠠ ᠶ᠋ᠢᠨ ᠰᠢᠨᠡᠳ ᠭᠠᠷᠴᠤ ᠪᠠᠢᠯ᠎ᠠ᠃ ᠥᠩᠭᠡᠷᠡᠭᠴᠢ ᠡᠪᠦᠯ ᠴᠠᠭᠠᠨ ᠵᠤᠳ ᠪᠣᠯᠵᠤ ᠭᠠᠮᠰᠢᠭ ᠬᠥᠨᠥᠭᠡᠯ ᠶᠡᠬᠡᠲᠡᠢ ᠪᠠᠢᠭᠰᠠᠨ ᠴᠤ᠌ ᠦᠵᠦᠮᠦᠴᠢᠨ ᠨᠤᠲᠤᠭ ᠲᠤ᠌ ᠬᠠᠪᠤᠷ ᠡᠷᠲᠡ ᠰᠠᠭᠠᠲᠠᠭᠰᠠᠨ ᠠᠵᠢ᠃ ᠮᠠᠯ ᠰᠦᠷᠦᠭ ᠶᠡᠬᠡ ᠬᠡᠮᠵᠢᠶ᠎ᠡ ᠪᠡᠷ ᠬᠣᠬᠢᠷᠠᠭᠰᠠᠨ ᠪᠣᠯᠪᠠᠴᠤ ᠤᠤᠯᠠ᠋ᠴᠠ ᠥᠨᠢᠷ ᠥᠳᠬᠡᠨ ᠮᠠᠯ ᠰᠦᠷᠦᠭ ᠲᠡᠢ ᠦᠵᠦᠮᠦᠴᠢᠨ ᠨᠤᠲᠤᠭ ᠲᠤ᠌ ᠠᠪᠴᠤ ᠬᠡᠯᠡᠪᠡᠯ ᠲᠠᠪᠤᠨ ᠬᠣᠰᠢᠭᠤ ᠮᠠᠯ ᠤ᠋ᠳ ᠴᠢᠮᠠᠯᠠᠬᠤ ᠪᠠᠷ ᠦᠭᠡᠢ ᠣᠯᠠᠨ ᠲᠣᠭ᠎ᠠ ᠪᠠᠷ ᠦᠯᠡᠳᠡᠵᠡᠢ᠃ ᠴᠠᠭᠠᠨ ᠰᠠᠷ᠎ᠠ ᠥᠩᠭᠡᠷᠡᠭᠡᠳ ᠬᠠᠪᠤᠷ ᠤ᠋ᠨ ᠤᠷᠢ ᠣᠷᠣᠵᠤ ᠠᠭᠤᠯᠠ ᠲᠤᠯᠤᠭᠠᠳ ᠤ᠋ᠨ ᠣᠷᠣᠢ ᠴᠣᠬᠣᠷᠲᠤᠨ ᠬᠠᠢᠯ ᠭᠠᠷᠴᠤ ᠭᠣᠣᠯ ᠤᠰᠤᠨ ᠤ᠋ ᠮᠥᠰᠥ ᠬᠠᠢᠯᠤᠨ ᠭᠡᠰᠴᠦ ᠤᠷᠤᠰᠬᠠᠯ ᠤᠷᠤᠭᠤᠳᠠᠨ ᠬᠥᠪᠴᠦ᠂ ᠴᠠᠰᠤᠨ ᠤ᠋ ᠴᠢᠭᠢᠭ ᠢ᠋ᠶ᠋ᠡᠷ ᠤᠬᠢᠶᠠᠭᠳᠠᠨ ᠴᠡᠪᠡᠷᠰᠢᠭᠰᠡᠨ ᠥᠳᠬᠡᠨ ᠰᠢᠷᠭᠠᠯ ᠪᠡᠯᠴᠢᠭᠡᠷ ᠤᠷᠢᠬᠠᠨ ᠰᠠᠯᠬᠢᠨ ᠤ᠋ ᠠᠶ᠎ᠠ ᠪᠠᠷ ᠬᠠᠯᠢᠭᠤᠷᠠᠨ ᠵᠤᠳ ᠭᠠᠮᠰᠢᠭ ᠢ᠋ ᠮᠡᠨᠳᠦ ᠲᠤᠭᠤᠯᠤᠭᠰᠠᠨ ᠮᠠᠯ ᠰᠦᠷᠦᠭ ᠬᠠ ᠶᠠ ᠦᠭᠡᠢ ᠠᠯᠠᠭᠰᠢᠨ ᠲᠠᠪᠠᠲᠠᠢ ᠠᠮᠤᠭᠤᠯᠠᠩ ᠢᠳᠡᠰᠢᠯᠡᠨ᠎ᠡ᠃
ᠰᠤᠷᠭᠠᠭᠤᠯᠢ ᠵᠢᠩᠬᠢᠨᠢ ᠪᠡᠷ ᠬᠢᠴᠢᠶᠡᠯ ᠣᠷᠣᠬᠤᠠ᠋ᠴᠠ ᠠᠷᠪᠠᠭᠠᠳ ᠡᠳᠦᠷ ᠦ᠋ᠨ ᠡᠮᠦᠨ᠎ᠡ ᠪᠠᠭᠰᠢ ᠨᠠᠷ ᠬᠠᠷᠢᠵᠤ ᠢᠷᠡᠵᠡᠭᠡᠪᠡ᠃ ᠲᠡᠳᠡ ᠣᠷᠣᠨ ᠰᠠᠭᠤᠴᠠ ᠪᠠᠨ ᠴᠡᠪᠡᠷᠯᠡᠵᠦ ᠲᠡᠭᠰᠢᠯᠡᠨ ᠲᠥᠪᠬᠢᠨᠡᠭᠦᠯᠬᠦ ᠵᠠᠭᠤᠷ᠎ᠠ ᠨᠠᠭᠠᠳᠤᠮ ᠲᠣᠭᠯᠠᠭᠠᠮ ᠬᠢᠵᠦ ᠱᠣᠭ ᠢᠨᠢᠶᠡᠳᠦᠮ ᠭᠠᠷᠭᠠᠨ ᠬᠥᠭᠵᠢᠯᠳᠦᠨ᠎ᠡ᠃ ᠡᠷᠡᠭᠲᠡᠢ ᠪᠠᠭᠰᠢᠨᠠᠷ ᠬᠣᠭᠣᠷᠣᠨᠳᠣ ᠪᠠᠨ ᠭᠠᠭᠴᠠ ᠬᠣᠶᠠᠷᠬᠠᠨ ᠨᠠᠰᠤᠨ ᠤ᠋ ᠵᠥᠷᠢᠶ᠎ᠡ ᠲᠡᠢ ᠪᠣᠯᠪᠠᠴᠤ ᠪᠡᠶ᠎ᠡ ᠪᠡᠶ᠎ᠡ ᠪᠡᠨ《ᠲᠡᠷᠡ ᠭᠤᠸᠠᠢ᠂ ᠡᠨᠡ ᠭᠤᠸᠠᠢ》ᠭᠡᠵᠦ ᠳᠠᠭᠤᠳᠠᠨ᠎ᠠ᠃ ᠪᠠᠢ ᠪᠠᠲᠤ ᠳᠠᠷᠪᠠᠭᠠᠷ ᠠᠮᠠ ᠪᠠᠨ ᠳᠠᠷᠪᠠᠢᠯᠭᠠᠨ ᠳᠠᠪᠬᠤᠷ ᠰᠣᠶᠣᠭ᠎ᠠ ᠲᠠᠢ ᠲᠣᠮᠣ ᠰᠢᠲᠦ ᠪᠡᠨ ᠠᠷᠰᠠᠢᠯᠭᠠᠨ ᠢᠨᠢᠶᠡᠵᠦ᠂
— ᠬᠥᠶᠢ᠂ ᠰᠠᠶ᠋ᠶ᠋᠊ ᠭᠤᠸᠠᠢ᠂ ᠡᠨᠳᠡᠬᠢ ᠠᠵᠢᠯ ᠢ᠋ ᠮᠠᠨᠤᠰ ᠬᠢᠴᠢᠬᠡᠶ᠎ᠡ ᠯᠡ ᠳᠡ᠃ ᠲᠠ ᠬᠤᠷᠳᠤᠨ ᠠᠮᠠᠷᠠᠭ ᠲᠠᠢ ᠪᠠᠨ ᠠᠭᠤᠯᠵᠠᠬᠤ ᠪᠠᠷ ᠣᠴᠢᠬᠤ ᠦᠭᠡᠢ ᠶᠦᠮ ᠤᠤ? ᠲᠠᠨ ᠢ᠋ ᠶᠠᠭᠠᠬᠢᠵᠤ ᠶᠡᠬᠡ ᠰᠠᠨᠠᠭᠰᠠᠨ ᠪᠣᠯ ᠳᠠ᠂ ᠴᠠᠭᠠᠳᠤᠬᠢ ᠴᠢᠨᠢ! ᠭᠡᠪᠡ᠃ ᠰᠠᠢᠰᠢᠶᠠᠯᠲᠤ ᠴᠢᠷᠠᠢ ᠪᠠᠨ ᠤᠯᠠᠢᠯᠭᠠᠨ ᠵᠤᠤᠮᠠᠯᠵᠠᠨ ᠢᠨᠢᠶᠡᠭᠡᠳ
— ᠪᠢᠲᠡᠭᠡᠢ ᠳᠤᠷ᠎ᠠ ᠪᠠᠷ ᠢ᠋ᠶ᠋ᠠᠨ ᠴᠠᠯᠴᠢ! ᠪᠢᠳᠡ ᠬᠣᠶᠠᠷ ᠤ᠋ᠨ ᠬᠠᠷᠢᠴᠠᠭ᠎ᠠ ᠬᠠᠮᠲᠤ ᠰᠤᠷᠤᠯᠭᠠᠲᠠᠨ ᠤ᠋ ᠬᠠᠷᠢᠴᠠᠭ᠎ᠠ ᠠ᠋ᠴᠠ ᠬᠡᠲᠦᠷᠡᠭᠰᠡᠨ ᠶᠠᠭᠤᠮ᠎ᠠ ᠦᠭᠡᠢ ᠭᠡᠬᠦ ᠳ᠋ᠦ᠍᠂ ᠪᠤᠤ ᠵᠢᠩ ᠲᠣᠮᠣ ᠬᠦᠷᠢᠶ᠎ᠡ ᠲᠡᠢ ᠨᠢᠳᠦᠨ ᠰᠢᠯ ᠢ᠋ᠶ᠋ᠡᠨ ᠳᠣᠯᠢᠶᠠᠪᠤᠷ ᠬᠤᠷᠤᠭᠤ ᠪᠠᠷ ᠢ᠋ᠶ᠋ᠠᠨ ᠳᠡᠭᠡᠭᠰᠢ ᠡᠳᠦᠭᠡᠳ ᠨᠢᠳᠦ ᠪᠡᠨ ᠰᠢᠢᠬᠢᠯᠭᠡᠨ ᠢᠨᠢᠶᠡᠵᠦ᠂
— ᠲᠠ ᠬᠣᠶᠠᠷ ᠰᠤᠷᠭᠠᠭᠤᠯᠢ ᠳ᠋ᠤ᠌ ᠪᠠᠢᠬᠤ ᠳ᠋ᠠᠭᠠᠨ ᠤᠷᠤᠭ ᠲᠣᠭᠲᠠᠴᠢᠬᠠᠭᠠᠳ ᠬᠠᠮᠲᠤ ᠢᠷᠡᠭᠰᠡᠨ ᠪᠢᠵᠡ ᠳᠡ᠂ ᠳᠠᠬᠢᠭᠠᠳ ᠬᠡᠯᠡᠪᠡᠯ ᠪᠢᠳᠡᠨ ᠢ᠋ ᠢᠷᠡᠬᠦ ᠡᠴᠡ ᠡᠮᠦᠨ᠎ᠡ ᠲᠠ ᠬᠣᠶᠠᠭᠤᠯᠠ ᠡᠨᠡ ᠠᠷᠪᠠᠨ ᠲᠠᠰᠤᠯᠭ᠎ᠠ ᠪᠠᠢᠰᠢᠩ ᠳ᠋ᠤ᠌ ᠬᠣᠶᠠᠭᠤᠯᠠᠬᠠᠨ ᠢ᠋ᠶ᠋ᠠᠨ ᠪᠠᠢᠭᠰᠠᠨ ᠰᠢᠦ ᠳᠡ᠃ ᠢᠨᠠᠭᠯᠠᠵᠤ ᠠᠮᠠᠷᠠᠭᠯᠠᠵᠤ ᠠᠮᠵᠢᠭ᠎ᠠ ᠦᠭᠡᠢ ᠭᠡᠳᠡᠭ ᠢ᠋ ᠬᠡᠨ ᠢᠲᠡᠭᠡᠨ᠎ᠡ ᠪᠣᠢ? ᠶᠠᠭᠤ ᠶ᠋ᠢ ᠨᠢ ᠨᠢᠭᠤᠴᠢᠬᠠᠭᠰᠠᠨ ᠶᠤᠮ ᠪᠣᠢ? ᠭᠡᠪᠡ᠃ ᠴᠡᠩᠭᠡᠯ ᠵᠠᠯᠢᠷᠬᠠᠭ ᠬᠠᠷ᠎ᠠ ᠨᠢᠳᠦ ᠪᠡᠨ ᠴᠠᠪᠴᠢᠯᠠᠨ ᠬᠠᠳᠠᠭᠠᠨᠠᠨ ᠢᠨᠢᠶᠡᠭᠡᠳ᠂
— ᠰᠠᠶ᠋ᠶ᠋᠊ ᠭᠤᠸᠠᠢ ᠠ᠋᠂ ᠴᠢ ᠳᠠᠩᠴᠤ ᠳᠣᠷᠣᠢ ᠶᠤᠮ ᠠ᠋ ᠬᠦ᠂ ᠪᠢ ᠪᠣᠯᠤᠭᠰᠠᠨ ᠪᠣᠯ ᠤᠤ᠂ ᠠᠯᠢ ᠤᠵᠠᠭᠤᠷ ᠢᠨᠠᠭᠯᠠᠬᠤ ᠶ᠋ᠢ ᠪᠦᠦ ᠬᠡᠯᠡ᠂ ᠪᠦᠷ ᠡᠪᠦᠷᠯᠡᠵᠦ ᠤᠨᠲᠠᠭᠠᠳ ᠯᠠ ᠁ ᠣᠳᠣ ᠠᠪᠤ ᠪᠣᠯᠴᠢᠬᠠᠭᠰᠠᠨ ᠴᠤ᠌ ᠪᠠᠢᠵᠤ ᠮᠡᠳᠡᠨ᠎ᠡ ᠭᠡᠬᠦ ᠳ᠋ᠦ᠍
— ᠱᠠᠯᠢᠭ ᠠᠮᠢᠲᠠᠨ! ᠬᠡᠨ ᠴᠢᠮ᠎ᠠ ᠰᠢᠭ ᠶᠦᠮ ᠪᠣᠢ! ᠳᠠᠬᠢᠭᠠᠳ ᠳᠤᠷ᠎ᠠ ᠪᠠᠷ ᠢ᠋ᠶ᠋ᠠᠨ ᠴᠠᠯᠴᠢᠪᠠᠯ ᠨᠠᠮᠠᠯᠳᠠᠭ ᠢ᠋ ᠴᠢᠨᠢ ᠴᠥᠮᠥ ᠴᠣᠬᠢᠨ᠎ᠠ ᠰᠢᠦ ᠭᠡᠳ ᠴᠡᠩᠭᠡᠯ ᠢ᠋ ᠬᠦᠴᠦᠲᠡᠢ ᠬᠡᠳᠦ ᠨᠢᠳᠤᠷᠭᠠᠳᠠᠵᠤ᠂ ᠥᠪᠡᠷ ᠢ᠋ᠶ᠋ᠡᠨ ᠬᠥᠭᠵᠢᠯᠲᠡᠢ ᠢᠨᠢᠶᠡᠨ᠎ᠡ᠃
ᠭᠠᠪᠢᠷ᠎ᠠ ᠬᠠᠢ ᠯᠢᠶᠠᠨ ᠬᠣᠶᠠᠷ ᠥᠬᠢᠨ ᠪᠠᠰᠠ ᠢᠨᠢᠶᠡᠳᠦ ᠬᠥᠭᠵᠢᠯᠲᠡᠢ ᠵᠣᠭᠣᠭᠳᠠᠵᠤ ᠪᠠᠢᠯ᠎ᠠ᠃ ᠬᠠᠢ ᠯᠢᠶᠠᠨ ᠠᠷᠠᠰᠤᠨ ᠳᠡᠪᠰᠡᠭ ᠡᠴᠡ ᠪᠡᠨ《ᠵᠠᠯᠠᠭᠤ ᠨᠠᠰᠤᠨ ᠤ᠋ ᠳᠠᠭᠤᠯᠠᠯ》 ᠭᠡᠬᠦ ᠨᠣᠮ ᠢ᠋ ᠭᠠᠷᠭᠠᠨ ᠬᠣᠶᠠᠷ ᠭᠠᠷ ᠢ᠋ᠶ᠋ᠠᠷ ᠢ᠋ᠶ᠋ᠠᠨ ᠭᠠᠪᠢᠷ᠎ᠠ ᠳ᠋ᠤ᠌ ᠥᠭᠴᠦ
— ᠮᠠᠢ᠂ ᠨᠣᠮ ᠢ᠋ ᠴᠢᠨᠢ ᠪᠤᠴᠠᠭᠠᠶ᠎ᠠ᠃ ᠡᠨᠡ ᠨᠣᠮ ᠶᠣᠰᠣᠲᠠᠢ ᠭᠣᠶᠣ᠂ ᠪᠢ ᠤᠩᠰᠢᠭᠠᠳ ᠲᠡᠷᠡ ᠰᠡᠳᠬᠢᠯ ᠬᠥᠳᠡᠯᠦᠭᠰᠡᠨ ᠭᠡᠵᠢ ᠠ᠋᠃ ᠣᠳᠣ ᠪᠢ ᠬᠠᠷᠢᠨ ᠬᠤᠷᠳᠤᠬᠠᠨ ᠢᠨᠠᠭᠯᠠᠶᠠ ᠭᠡᠳ ᠪᠣᠳᠣᠴᠢᠬᠠᠯᠠ ᠭᠡᠳ ᠭᠡᠳᠡᠭᠡᠯᠡᠭᠦᠯᠦᠭᠰᠡᠨ ᠶᠦᠮ ᠰᠢᠭ ᠬᠢᠳ ᠬᠢᠳ ᠢᠨᠢᠶᠡᠨ᠎ᠡ᠃ ᠭᠠᠪᠢᠷ᠎ᠠ ᠲᠡᠭᠦᠨ ᠢ᠋ ᠨᠢᠳᠦ ᠪᠡᠨ ᠲᠣᠮᠣᠷᠠᠭᠤᠯᠤᠨ ᠬᠠᠷᠠᠵᠤ᠂
— ᠰᠢᠨᠵᠢ ᠦᠭᠡᠢ ᠥᠬᠢᠨ ᠢ᠋ ᠬᠠᠷ᠎ᠠ ᠯᠠ ᠳᠠ᠃ ᠴᠢ ᠰᠠᠶᠢ ᠬᠡᠳᠦᠲᠡᠢ ᠪᠣᠢ? ᠶᠠᠭᠠᠬᠢᠭ᠎ᠠ ᠴᠤ᠌ ᠦᠭᠡᠢ ᠪᠡᠷ ᠪᠠᠰᠠ ᠨᠥᠬᠥᠷ ᠲᠡᠢ ᠪᠣᠯᠬᠤ ᠶ᠋ᠢ ᠪᠤᠳᠤᠴᠢᠬᠠᠵᠠᠢ ᠭᠡᠪᠡ᠃ ᠬᠠᠢ ᠯᠢᠶᠠᠨ ᠰᠢᠷᠦᠭᠦᠨ ᠬᠠᠷ᠎ᠠ ᠨᠢᠳᠦ ᠪᠡᠨ ᠭᠢᠯᠠᠯᠵᠠᠭᠤᠯᠤᠨ ᠬᠥᠭᠡᠷᠦᠨ ᠢᠨᠢᠶᠡᠭᠡᠳ᠂
— ᠸᠠᠰᠢ ᠳᠠ᠂ ᠡᠭᠡᠴᠢ ᠭᠤᠸᠠᠢ ᠮᠢᠨᠢ ᠳᠡ᠂ ᠲᠠ ᠥᠪᠡᠷ ᠢ᠋ᠶ᠋ᠡᠨ ᠠᠮᠠᠷᠠᠭ ᠬᠣᠩᠭᠣᠷ ᠲᠠᠢ ᠪᠠᠨ ᠬᠠᠮᠲᠤ ᠢᠷᠡᠴᠢᠬᠡᠭᠡᠳ ᠲᠡᠭᠡᠵᠦ ᠠᠮᠠ ᠪᠠᠷᠳᠠᠮ ᠳᠤᠤᠭᠠᠷᠴᠤ ᠪᠠᠢᠬᠤ ᠦᠭᠡᠢ ᠤᠤ? ᠬᠡᠨ ᠮᠡᠳᠡᠯ᠎ᠡ᠂ ᠴᠢ ᠬᠡᠳᠦᠨ ᠨᠠᠰᠤᠲᠠᠢ ᠢᠨᠠᠭᠯᠠᠭᠰᠠᠨ ᠢ᠋? ᠭᠡᠬᠦ ᠳ᠋ᠦ᠍ᠨᠢ ᠭᠠᠪᠢᠷ᠎ᠠ ᠶ᠋ᠢᠨ ᠴᠢᠷᠠᠢ ᠳ᠋ᠤ᠌ ᠤᠯᠠᠪᠤᠷ ᠲᠤᠶᠠᠭ᠎ᠠ ᠲᠠᠲᠠᠵᠤ
— ᠪᠢᠳᠡ ᠬᠣᠶᠠᠷ ᠬᠠᠮᠲᠤ ᠰᠤᠷᠤᠭᠴᠢ ᠪᠣᠯᠬᠤᠠ᠋ᠴᠠ ᠪᠢᠰᠢ᠂ ᠨᠡᠭᠡᠷᠡᠨ ᠢᠨᠠᠭ ᠠᠮᠠᠷᠠᠭ ᠪᠢᠰᠢ ᠰᠢᠦ! ᠭᠡᠵᠡᠢ᠃
— ᠵᠠ᠂ ᠶᠠᠭᠠᠬᠢᠬᠤᠪ᠂ ᠲᠡᠢᠮᠦ ᠭᠡᠳ ᠪᠣᠳᠣᠴᠢᠬᠠᠶᠠ᠃ ᠭᠡᠪᠡᠴᠦ ᠲᠠᠨ ᠤ᠋ ᠬᠣᠶᠠᠷ ᠬᠣᠵᠢᠮ ᠯᠠᠪᠲᠠᠢ ᠨᠢᠭᠡ ᠭᠡᠷ ᠦ᠋ᠨ ᠬᠢ ᠪᠣᠯᠤᠨ᠎ᠠ ᠭᠡᠳᠡᠭ ᠢ᠋ ᠪᠠᠲᠤᠯᠠᠶ᠎ᠠ ᠭᠡᠪᠡᠯ᠂ ᠭᠠᠪᠢᠷ᠎ᠠ ᠲᠥᠪ ᠴᠢᠷᠠᠢᠯᠠᠨ᠂
— ᠡᠨᠡ ᠮᠠᠭᠤ ᠠᠮᠢᠲᠠᠨ᠂ ᠨᠤᠲᠤᠭ ᠲᠠᠭᠠᠨ ᠬᠠᠷᠢᠭᠠᠳ ᠢᠷᠡᠭᠰᠡᠨ ᠴᠢᠨᠢ ᠢᠨᠠᠭᠯᠠᠵᠤ ᠬᠤᠷᠢᠮᠯᠠᠬᠤ ᠶ᠋ᠢᠨ ᠲᠤᠩ ᠱᠦᠭᠯᠡᠭᠡᠳ ᠢᠷᠡᠴᠢᠬᠡᠵᠡᠢ᠃ ᠴᠢ ᠪᠠᠰᠠ ᠭᠤᠷᠪᠠ ᠳᠥᠷᠪᠡᠨ ᠪᠠᠨᠳᠢ ᠲᠠᠢ ᠬᠠᠮᠲᠤ ᠢᠷᠡᠭᠰᠡᠨ ᠪᠢᠰᠢ ᠤᠤ? ᠨᠢᠭᠡ ᠶ᠋ᠢ ᠨᠢ ᠰᠣᠩᠭᠣᠭᠠᠳ ᠣᠳᠣ ᠪᠠᠷ ᠢ᠋ᠶ᠋ᠠᠨ ᠬᠤᠷᠢᠮᠯᠠᠴᠢᠬᠠ ᠳᠠ ᠭᠡᠪᠡᠯ ᠬᠠᠢ ᠯᠢᠶᠠᠨ ᠨᠢᠮᠭᠡᠨ ᠤᠯᠠᠭᠠᠨ ᠤᠷᠤᠭᠤᠯ ᠢ᠋ᠶ᠋ᠠᠨ ᠮᠤᠰᠢᠢᠯᠭᠠᠨ ᠢᠷᠪᠠᠢᠭᠠᠳ᠂
— ᠢᠱ᠌ᠢ᠂ ᠲᠡᠳᠡᠨ ᠢ᠋ ᠴᠢᠨᠢ ᠪᠢ ᠲᠣᠭᠣᠬᠤ ᠴᠤ᠌ ᠦᠭᠡᠢ᠃ ᠬᠣᠵᠢᠮ ᠪᠢ ᠯᠦ᠍ ᠵᠢᠶᠠ ᠴᠤᠸᠠᠨ᠂ ᠵᠢᠶᠠᠩ ᠬᠤᠸᠠ ᠰᠢᠭ᠋ ᠭᠣᠶᠣ ᠨᠥᠬᠥᠷ ᠲᠦ᠍ ᠮᠣᠷᠳᠠᠨ᠎ᠠ ᠭᠡᠪᠡ᠃
— ᠴᠢᠮ᠎ᠠ ᠳ᠋ᠤ᠌ ᠢᠦᠢ ᠶᠦᠩ ᠽᠧ ᠰᠢᠭ ᠨᠥᠬᠥᠷ ᠯᠡ ᠲᠣᠬᠢᠷᠠᠨ᠎ᠠ᠃ ᠶᠡᠬᠡ ᠰᠠᠨᠠᠭ᠎ᠠ ᠲᠠᠢ ᠭᠡᠳᠡᠭ ᠨᠢ!
ᠬᠠᠢ ᠯᠢᠶᠠᠨ ᠦᠰᠦᠷᠦᠨ ᠪᠣᠰᠴᠤ ᠭᠠᠪᠢᠷ᠎ᠠ ᠶ᠋ᠢ ᠣᠷᠣᠨ ᠳᠡᠭᠡᠷ᠎ᠡ ᠨᠢ ᠳᠠᠷᠤᠵᠤ ᠤᠨᠠᠭᠠᠨ᠂ ᠰᠤᠭᠤᠨ ᠳ᠋ᠤᠨᠢ ᠭᠠᠷ ᠢ᠋ᠶ᠋ᠠᠨ ᠣᠷᠣᠭᠤᠯᠤᠨ ᠭᠡᠳᠡᠭᠡᠯᠡᠨ ᠶᠠᠭᠠᠬᠢᠯ᠎ᠠ ᠭᠡᠨ᠎ᠡ ᠠ᠋᠂ ᠬᠥᠮᠦᠨ ᠮᠠᠭᠤ ᠦᠵᠡᠨ᠎ᠡ ᠤᠤ? ᠭᠡᠵᠦ ᠠᠮᠠ ᠶ᠋ᠢ ᠨᠢ ᠠᠰᠠᠭᠤᠨ᠎ᠠ᠃ ᠡᠨᠡ ᠪᠣᠯ ᠭᠠᠪᠢᠷ᠎ᠠ ᠶ᠋ᠢ ᠰᠢᠢᠳᠬᠡᠳᠡᠭ ᠬᠠᠮᠤᠭ ᠤ᠋ᠨ ᠬᠠᠲᠠᠭᠤ ᠰᠢᠢᠳᠬᠡᠯ ᠶᠦᠮ᠃ ᠲᠡᠷᠡ ᠭᠠᠪᠢᠷ᠎ᠠ ᠶ᠋ᠢ ᠦᠭᠡ ᠪᠡᠷ ᠳᠡᠢᠯᠬᠦ ᠦᠭᠡᠢ ᠦᠶ᠎ᠡ ᠳ᠋ᠦ᠍ ᠡᠢᠮᠦ ᠠᠷᠭ᠎ᠠ ᠪᠠᠷ ᠳᠡᠢᠯᠳᠡᠭ ᠪᠠᠢᠯ᠎ᠠ᠃ ᠠᠢᠬᠤᠪᠲᠤᠷ ᠭᠡᠳᠡᠭᠡ ᠲᠡᠢ ᠭᠠᠪᠢᠷ᠎ᠠ ᠥᠬᠢᠨ ᠠᠮᠢ ᠲᠡᠮᠡᠴᠡᠨ ᠲᠡᠯᠴᠢᠯᠡᠵᠦ ᠪᠦᠷ ᠴᠢᠷᠠᠢ ᠨᠢ ᠬᠥᠬᠡᠷᠡᠭᠡᠳ᠂
— ᠭᠤᠶᠤᠶ᠎ᠠ ᠠ᠋᠂ ᠭᠤᠶᠤᠶ᠎ᠠ᠂ ᠰᠠᠢᠨ ᠳᠡᠭᠦᠦ ᠮᠢᠨᠢ! ᠳᠠᠬᠢᠭᠠᠳ ᠴᠢᠮ᠎ᠠ ᠶ᠋ᠢ ᠬᠡᠯᠡᠬᠦ ᠦᠭᠡᠢ ᠭᠡᠵᠦ ᠬᠠᠴᠢᠨ ᠬᠥᠭᠡᠷᠦᠬᠦᠢᠯᠡᠯᠲᠡᠢ ᠭᠤᠶᠤᠵᠤ ᠪᠠᠢᠯ᠎ᠠ᠃
ᠬᠠᠢ ᠯᠢᠶᠠᠨ ᠪᠠᠬ᠎ᠠ ᠨᠢ ᠬᠠᠨᠤᠨ ᠭᠢᠰ ᠭᠢᠰ ᠢᠨᠢᠶᠡᠨ᠎ᠡ᠃ ᠦᠶ᠎ᠡ ᠬᠤᠷᠠᠭ ᠤ᠋ᠨ ᠬᠣᠶᠠᠷ ᠥᠬᠢᠨ ᠡᠢᠨᠬᠦ ᠬᠥᠭᠵᠢᠯᠳᠦᠵᠦ ᠮᠠᠭᠤᠵᠢᠷᠠᠲᠠᠯᠠ ᠪᠠᠨ ᠭᠡᠳᠡᠭᠡᠯᠡᠭᠦᠯᠦᠭᠰᠡᠨ ᠭᠠᠪᠢᠷ᠎ᠠ ᠥᠬᠢᠨ ᠣᠷᠣᠨ ᠳᠡᠭᠡᠷ᠎ᠡ ᠪᠡᠨ ᠰᠤᠯᠳᠠᠢᠨ ᠬᠡᠪᠲᠡᠨ᠎ᠡ᠃
ᠬᠡᠳᠦᠨ ᠡᠳᠦᠷ ᠦ᠋ᠨ ᠬᠢᠨᠢ ᠳᠠᠷᠠᠭ᠎ᠠ ᠰᠤᠷᠤᠭᠴᠢᠳ ᠬᠣᠢᠨ᠎ᠠ ᠬᠣᠢᠨ᠎ᠠ᠎ᠠ᠋ᠴᠠ ᠴᠤᠪᠤᠷᠠᠯᠳᠤᠨ ᠢᠷᠡᠯ᠎ᠡ᠃ ᠭᠠᠭᠴᠠ ᠴᠤ᠌ ᠬᠡᠦᠬᠡᠳ ᠬᠣᠴᠣᠷᠤᠭᠰᠠᠨ ᠦᠭᠡᠢ ᠪᠥᠭᠡᠳ ᠪᠠᠰᠠ ᠨᠡᠯᠢᠶᠡᠳ ᠰᠤᠷᠤᠭᠴᠢ ᠨᠡᠮᠡᠭᠳᠡᠨ ᠢᠷᠡᠵᠡᠢ᠃ ᠡᠨᠡ ᠪᠣᠯ ᠲᠤᠩ ᠴᠣ ᠪᠠᠶᠠᠷᠯᠠᠭᠤᠰᠢᠲᠠᠢ ᠤᠴᠢᠷ ᠶᠤᠮ᠃ ᠭᠡᠷ ᠦ᠋ᠨ ᠠᠬᠠᠮᠠᠳ᠄《ᠮᠠᠨ ᠤ᠋ ᠬᠡᠦᠬᠡᠳ ᠦ᠋ᠳ ᠬᠢᠴᠢᠶᠡᠯ ᠬᠣᠴᠣᠷᠬᠤ ᠦᠭᠡᠢ ᠭᠡᠵᠦ ᠪᠢᠳᠡᠨ ᠢ᠋ ᠬᠡᠳᠦᠨ ᠡᠳᠦᠷ ᠦ᠋ᠨ ᠡᠮᠦᠨ᠎ᠡ ᠰᠢᠪᠠᠳᠠᠭᠤᠯᠤᠭᠠᠳ ᠪᠣᠯᠳᠠᠭ ᠦᠭᠡᠢ᠃ ᠪᠠᠭᠰᠢᠨᠠᠷ ᠢ᠋ᠶ᠋ᠠᠨ ᠲᠤᠵᠢ ᠮᠠᠭᠲᠠᠨ᠎ᠠ᠂ ᠨᠡᠩ ᠢᠯᠠᠩᠭᠤᠶ᠎ᠠ ᠰᠠᠶ᠋ᠶ᠋᠊ ᠪᠠᠭᠰᠢ ᠪᠣᠯᠤᠨ ᠭᠠ ᠪᠠᠭᠰᠢ ᠪᠠᠨ ᠪᠦᠷ ᠴᠦ᠍ ᠢᠯᠡᠭᠦᠦ ᠳᠤᠷᠠᠰᠤᠨ᠎ᠠ᠃ ᠲᠠᠨᠠᠷ ᠲᠤ᠌ ᠪᠠᠶᠠᠷᠯᠠᠭᠰᠠᠨ ᠰᠡᠳᠬᠢᠯᠭᠡ ᠪᠡᠨ ᠶᠠᠭᠠᠬᠢᠵᠤ ᠢᠯᠡᠳᠬᠡᠬᠦ ᠪᠡᠨ ᠣᠯᠬᠤ ᠦᠭᠡᠢ ᠪᠠᠢᠨ᠎ᠠ》 ᠭᠡᠵᠡᠭᠡᠨ᠎ᠡ᠃ ᠡᠨᠡ ᠨᠢ ᠪᠠᠭᠰᠢ ᠨᠠᠷ ᠲᠤ᠌ ᠲᠤᠩ ᠴᠤ᠌ ᠶᠡᠬᠡ ᠵᠣᠷᠢᠭᠵᠢᠭᠤᠯᠤᠯ ᠪᠣᠯᠵᠤ ᠪᠠᠢᠯ᠎ᠠ᠃
ᠬᠢᠴᠢᠶᠡᠯ ᠡᠬᠢᠯᠡᠭᠰᠡᠨ ᠪᠣᠯᠬᠣᠷ ᠪᠠᠭᠰᠢᠨᠠᠷ ᠲᠤᠩ ᠴᠤ᠌ ᠶᠠᠭᠠᠷᠠᠯᠲᠠᠢ ᠠᠵᠢᠯᠯᠠᠵᠠᠭᠠᠨ᠎ᠠ᠃
ᠰᠠᠢᠰᠢᠶᠠᠯᠳᠤ ᠭᠠᠪᠢᠷ᠎ᠠ ᠬᠣᠶᠠᠷ ᠨᠢᠭᠡ ᠠᠯᠪᠠᠨ ᠭᠡᠷ ᠲᠦ᠍ ᠥᠭᠡᠳᠡ ᠥᠭᠡᠳᠡ ᠡᠴᠡ ᠪᠡᠨ ᠨᠢᠭᠤᠷᠯᠠᠵᠤ ᠰᠠᠭᠤᠳᠠᠭ ᠴᠤ᠌ ᠬᠣᠶᠠᠷ ᠦᠭᠡ ᠪᠦᠲᠦᠨ ᠰᠣᠯᠢᠯᠴᠠᠬᠤ ᠵᠠᠪ ᠦᠭᠡᠢ ᠬᠤᠪᠢ ᠬᠣᠪᠢᠨ ᠳ᠋ᠠᠭᠠᠨ ᠶᠠᠭᠠᠷᠠᠵᠠᠭᠠᠵᠤ ᠪᠠᠢᠯ᠎ᠠ᠃ ᠭᠡᠪᠡᠴᠦ ᠲᠡᠷᠡ ᠬᠣᠶᠠᠷ ᠤ᠋ᠨ ᠰᠡᠳᠬᠢᠯ ᠳ᠋ᠦ᠍ ᠢᠨᠠᠭ ᠬᠠᠢᠷ᠎ᠠ ᠶ᠋ᠢᠨ ᠦᠷ᠎ᠡ ᠰᠣᠶᠣᠭᠠᠯᠠᠭᠠᠳ ᠤᠳᠠᠵᠤ ᠪᠣᠢ᠃ ᠵᠢᠷᠦᠬᠡ ᠰᠡᠳᠬᠢᠯ ᠨᠢ ᠬᠣᠶᠠᠷ ᠪᠡᠶ᠎ᠡ ᠪᠡᠨ ᠬᠦᠰᠡᠨ ᠲᠡᠮᠡᠦᠯᠦᠭᠰᠡᠭᠡᠷ ᠪᠠᠢᠭᠰᠠᠨ ᠶᠤᠮ᠃
ᠰᠠᠢᠰᠢᠶᠠᠯᠳᠤ ᠳ᠋ᠤ᠌ ᠠᠪᠴᠤ ᠬᠡᠯᠡᠪᠡᠯ᠂ ᠭᠠᠪᠢᠷ᠎ᠠ ᠪᠣᠯ ᠥ ᠰᠡᠪ ᠦᠭᠡᠢ ᠲᠡᠭᠦᠰ ᠰᠠᠢᠬᠠᠨ ᠥᠬᠢᠨ᠃ ᠲᠡᠭᠦᠨ ᠦ᠌ ᠭᠠᠯᠪᠢᠷ ᠲᠡᠭᠰᠢ ᠨᠢᠷᠤᠭᠤ᠂ ᠠᠪᠬᠠᠯᠵᠢ ᠰᠡᠷᠭᠦᠯᠡᠩ᠂ ᠠᠰᠪᠤᠷ ᠴᠠᠭᠠᠬᠠᠨ ᠡᠷᠡᠰ ᠰᠢᠭᠤᠷᠬᠠᠢ ᠵᠠᠩ ᠠᠷᠠᠨᠰᠢᠨ᠂ ᠪᠤᠯᠪᠠᠷᠠᠢ ᠴᠠᠭᠠᠨ ᠴᠢᠷᠠᠢ᠂ ᠲᠠᠯᠮᠢᠶᠠᠷᠠᠭᠰᠠᠨ ᠵᠥᠭᠡᠯᠡᠨ ᠪᠣᠷᠣ ᠨᠢᠳᠦ᠂ ᠭᠢᠯᠲᠠᠭᠠᠨᠠᠭᠰᠠᠨ ᠪᠣᠲᠣᠭᠣᠨ ᠬᠠᠯᠢᠭᠤᠨ ᠭᠡᠵᠢᠭᠡ᠂ ᠬᠤᠨᠳᠠᠭ᠎ᠠ ᠲᠠᠢ ᠬᠠᠴᠠᠷ ᠁ ᠡᠨᠡ ᠪᠦᠭᠦᠳᠡ ᠨᠢ ᠲᠡᠭᠦᠨ ᠳ᠋ᠦ᠍ ᠬᠠᠢᠷᠠᠯᠠᠭᠠᠳ ᠬᠠᠨᠤᠰᠢ ᠦᠭᠡᠢ ᠬᠥᠭᠡᠷᠦᠬᠦᠨ ᠬᠠᠷᠠᠭᠳᠠᠨ᠎ᠠ᠃ ᠭᠠᠪᠢᠷ᠎ᠠ ᠶ᠋ᠢ ᠠᠪᠤᠨ ᠬᠠᠷᠠᠬᠤ ᠳ᠋ᠤ᠌ ᠡᠷᠡᠰ ᠰᠢᠭᠤᠳ᠂ ᠡᠷᠡᠭᠡ ᠴᠡᠭᠡᠷ ᠦᠭᠡᠢ ᠵᠠᠩ ᠲᠠᠢ ᠰᠢᠭ᠋ ᠴᠦ᠍ ᠶᠡᠬᠡᠯ᠎ᠡ ᠨᠢᠭᠤᠷᠮᠠᠲᠠᠭᠠᠢ᠂ ᠥᠪᠡᠷ ᠢ ᠪᠡᠨ ᠬᠦᠨᠳᠦᠳᠬᠡᠬᠦ ᠰᠡᠳᠬᠢᠯᠭᠡ ᠪᠡᠷ ᠮᠠᠰᠢ ᠴᠢᠩᠭ᠎ᠠ ᠥᠬᠢᠨ᠃ ᠲᠡᠷᠡ ᠶᠠᠭᠠᠬᠢᠪᠠᠴᠤ ᠡᠷᠡᠭᠲᠡᠢ ᠬᠥᠮᠦᠨ ᠳ᠋ᠦ᠍ ᠤᠷᠢᠳ ᠢ᠋ᠶ᠋ᠠᠷ ᠬᠠᠢᠷ᠎ᠠ ᠰᠡᠳᠬᠢᠯᠭᠡ ᠪᠡᠨ ᠢᠯᠡᠳᠬᠡᠬᠦ ᠦᠭᠡᠢ ᠶᠦᠮ ᠭᠡᠳᠡᠭ ᠢ᠋ ᠲᠡᠷᠡ ᠣᠢᠯᠠᠭᠠᠨ᠎ᠠ᠃ ᠡᠪᠦᠯ ᠦ᠋ᠨ ᠴᠢᠯᠥᠭᠡᠨ ᠦ᠌ ᠬᠤᠭᠤᠴᠠᠭᠠᠨ ᠳ᠋ᠠᠬᠢ ᠬᠡᠳᠦᠨ ᠰᠠᠷ᠎ᠠ ᠳ᠋ᠤ᠌ ᠲᠡᠷᠡ ᠭᠠᠪᠢᠷ᠎ᠠ ᠶ᠋ᠢ ᠲᠤᠢᠯ ᠢ᠋ᠶ᠋ᠠᠷ ᠰᠠᠨᠠᠨ ᠮᠥᠷᠥᠭᠡᠳᠴᠦ ᠬᠠᠢᠷ᠎ᠠ ᠪᠢᠯᠬᠠᠭᠰᠠᠨ ᠦᠭᠡᠰ ᠲᠡᠢ ᠤᠷᠲᠤ ᠭᠡᠭᠴᠢ ᠢᠨᠠᠭ ᠤ᠋ᠨ ᠵᠠᠬᠢᠳᠠᠯ ᠪᠢᠴᠢᠭᠰᠡᠨ ᠪᠣᠯᠪᠠᠴᠤ ᠢᠯᠡᠭᠡᠬᠦ ᠵᠣᠷᠢᠭ ᠬᠦᠷᠦᠭᠰᠡᠨ ᠦᠭᠡᠢ᠂ ᠡᠳᠦᠭᠡ ᠪᠣᠯᠲᠠᠯ᠎ᠠ ᠬᠠᠳᠠᠭᠠᠯᠠᠭᠰᠠᠭᠠᠷ ᠪᠢᠯᠡ᠃ ᠨᠢᠭᠡᠨ ᠳᠡᠪᠲᠡᠷ ᠡᠳᠦᠷ ᠦ᠋ᠨ ᠲᠡᠮᠳᠡᠭᠯᠡᠯ ᠢ᠋ ᠪᠠᠷᠤᠭ ᠳᠦᠭᠦᠷᠲᠡᠯ᠎ᠡ ᠭᠠᠪᠢᠷ᠎ᠠ ᠶ᠋ᠢᠨ ᠲᠤᠬᠠᠢ ᠯᠠ ᠪᠢᠴᠢᠭᠰᠡᠨ ᠠᠵᠢ᠃
ᠰᠤᠷᠭᠠᠭᠤᠯᠢ ᠳ᠋ᠤ᠌ ᠪᠠᠢᠬᠤ ᠳ᠋ᠤ᠌ ᠡᠷᠡᠭᠲᠡᠢ ᠬᠠᠮᠲᠤ ᠰᠤᠷᠤᠯᠭᠠᠲᠠᠨ ᠨᠠᠷ ᠲᠠᠢ ᠪᠠᠨ ᠬᠡᠨ ᠲᠡᠢ ᠴᠦ᠍ ᠲᠡᠳᠦᠢ ᠣᠢᠷᠠᠳᠴᠤ ᠳᠣᠲᠣᠨᠣᠴᠢᠯᠠᠳᠠᠭ ᠦᠭᠡᠢ᠃ ᠨᠣᠮ ᠤ᠋ᠨ ᠰᠠᠩ ᠪᠤᠶᠤ ᠰᠠᠭᠰᠤᠨ ᠪᠥᠮᠪᠦᠭᠡᠨ ᠦ᠌ ᠲᠠᠯᠠᠪᠠᠢ ᠪᠠᠷ ᠭᠣᠣᠯᠲᠠᠢ ᠣᠴᠢᠨ᠎ᠠ᠃ ᠡᠷᠡᠭᠲᠡᠢ ᠰᠤᠷᠤᠭᠴᠢᠳ ᠭᠠᠪᠢᠷ᠎ᠠ ᠶ᠋ᠢ 《ᠣᠮᠣᠷᠬᠠᠭ ᠰᠢᠷ᠎ᠠ》 ᠭᠡᠵᠦ ᠬᠣᠴᠢᠯᠠᠳᠠᠭ᠃ ᠣᠳᠣ ᠰᠠᠢᠰᠢᠶᠠᠯᠳᠤ ᠭᠠᠪᠢᠷ᠎ᠠ ᠳ᠋ᠤ᠌ ᠮᠠᠰᠢ ᠷᠣᠮᠠᠨᠲ᠋ᠢᠭ ᠬᠡᠯᠪᠡᠷᠢ ᠪᠡᠷ ᠬᠠᠢᠷ᠎ᠠ ᠪᠠᠨ ᠢᠯᠡᠳᠬᠡᠵᠦ ᠵᠢᠩᠬᠢᠨᠢ ᠪᠡᠷ ᠤᠷᠤᠭ ᠭᠤᠶᠤᠬᠤ ᠶ᠋ᠢ ᠪᠣᠳᠣᠵᠤ ᠶᠠᠪᠤᠨ᠎ᠠ᠃
ᠭᠠᠪᠢᠷ᠎ᠠ ᠴᠤ᠌ ᠡᠳᠦᠷ ᠢᠷᠡᠬᠦᠶ᠎ᠡ ᠰᠠᠢᠰᠢᠶᠠᠯᠲᠤ ᠳ᠋ᠤ᠌ ᠬᠠᠢᠷᠠᠲᠠᠢ ᠪᠣᠯᠵᠤ ᠪᠠᠢᠯ᠎ᠠ᠃ ᠡᠨᠡᠬᠦ ᠪᠣᠳᠠᠲᠤ ᠨᠠᠰᠤᠨᠠ᠋ᠴᠠ ᠪᠠᠨ ᠬᠣᠯᠠ ᠲᠣᠮᠣᠵᠢᠭᠤᠨ ᠲᠥᠪᠯᠡᠭᠦᠨ᠂ ᠳᠠᠷᠤᠤ ᠬᠦᠯᠢᠴᠡᠩᠭᠦᠢ ᠨᠣᠮᠣᠬᠠᠨ ᠠᠷᠠᠨᠰᠢᠨ ᠲᠠᠢ᠂ ᠠᠷᠠᠯ ᠤ᠋ᠨ ᠱᠠᠷ ᠰᠢᠭ᠋ ᠵᠣᠷᠢᠭᠰᠠᠨ ᠵᠦᠭ ᠲᠡᠭᠡᠨ ᠵᠢᠳᠬᠦᠭᠰᠡᠨ ᠡᠨᠡᠬᠦ ᠥᠨᠳᠥᠷ ᠰᠦᠷᠯᠢᠭᠵᠢᠭᠦᠨ ᠴᠣᠭ ᠵᠢᠪᠬᠤᠭ᠎ᠠ ᠲᠠᠢ ᠵᠠᠯᠠᠭᠤ ᠶ᠋ᠢ ᠰᠡᠳᠬᠢᠯ ᠦ᠋ᠨ ᠭᠦᠨ ᠡᠴᠡ ᠪᠡᠨ ᠲᠣᠭᠣᠵᠤ ᠪᠢᠰᠢᠷᠡᠬᠦ ᠪᠣᠯᠵᠠᠢ᠃ ᠲᠡᠭᠦᠨ ᠦ᠌ ᠥᠪᠡᠷ ᠢ᠋ ᠨᠢ ᠬᠢᠵᠠᠭᠠᠷ ᠦᠭᠡᠢ ᠬᠠᠢᠷᠠᠯᠠᠨ ᠥᠬᠥᠭᠡᠷᠳᠡᠭᠰᠡᠨ ᠢᠯᠳᠠᠮᠬᠠᠨ ᠵᠥᠭᠡᠯᠡᠨ ᠬᠠᠷ᠎ᠠ ᠨᠢᠳᠦ ᠲᠡᠢ ᠬᠠᠷᠠᠴᠠ ᠮᠥᠷᠭᠥᠯᠳᠦᠬᠦ ᠭᠱᠠᠨ ᠳ᠋ᠤ᠌ ᠬᠠᠴᠠᠷ ᠨᠢ ᠬᠠᠯᠠᠭᠤ ᠰᠢᠳᠡᠨ ᠢᠯᠴᠢᠭᠢᠨᠡᠵᠦ ᠵᠢᠷᠦᠬᠡᠨ ᠴᠣᠬᠢᠯᠭ᠎ᠠ ᠨᠢ ᠰᠢᠷᠦᠭᠦᠰᠦᠨᠡ᠃
ᠨᠢᠭᠡᠨ ᠠᠶᠤᠯᠲᠤ ᠤᠴᠠᠷᠠᠯ ᠤ᠋ᠨ ᠳᠠᠷᠠᠭ᠎ᠠ ᠬᠣᠶᠠᠷ ᠵᠠᠯᠠᠭᠤ ᠶ᠋ᠢᠨ ᠬᠠᠢᠷᠠᠯᠠᠯᠴᠠᠵᠤ᠂ ᠬᠦᠰᠡᠵᠦ ᠤᠳᠠᠭᠰᠠᠨ ᠢᠨᠠᠭ ᠬᠠᠢᠷ᠎ᠠ ᠶ᠋ᠢᠨ ᠭᠠᠯ ᠢ᠋ ᠳᠦᠷᠡᠯᠵᠡᠭᠦᠯᠵᠡᠢ᠃
ᠵᠤᠨ ᠤ᠋ ᠡᠬᠢᠨ ᠰᠠᠷ᠎ᠠ ᠭᠠᠷᠴᠤ ᠪᠠᠢᠭᠰᠠᠨ ᠨᠢᠭᠡᠨ ᠭᠠᠷᠠᠭ ᠤ᠋ᠨ ᠡᠳᠦᠷ᠃ ᠬᠤᠷ᠎ᠠ ᠪᠣᠷᠣᠭᠠᠨ ᠡᠯᠪᠡᠭ ᠥᠩᠰᠡᠭ ᠰᠠᠢᠬᠠᠨ ᠵᠤᠨ ᠤ᠋ ᠤᠯᠠᠷᠢᠯ ᠪᠣᠯᠵᠤ ᠬᠥᠳᠡᠭᠡ ᠨᠤᠲᠤᠭ ᠴᠡᠯᠭᠡᠷᠡᠨ ᠨᠣᠭᠣᠭᠠᠷᠠᠵᠤ ᠭᠣᠷᠣᠬᠠᠨ ᠭᠣᠣᠯ ᠬᠡᠪᠡᠯᠢ ᠪᠡᠨ ᠳᠠᠯᠠᠨ ᠬᠠᠯᠢᠶᠠᠯᠠᠵᠤ ᠭᠠᠵᠠᠷ ᠰᠠᠢ ᠦᠭᠡᠢ ᠨᠠᠭᠤᠷ ᠲᠣᠭᠣᠷᠢᠮ ᠮᠡᠯᠲᠡᠢᠵᠦ᠂ ᠭᠠᠯᠠᠭᠤ ᠰᠢᠪᠠᠭᠤᠳ ᠭᠠᠩᠭᠠᠨᠠᠯᠳᠤᠨ ᠵᠢᠷᠭᠢᠵᠦ᠂ ᠠᠭᠤᠯᠠ ᠭᠠᠩᠭ᠎ᠠ ᠪᠠᠷ ᠭᠦᠢᠯᠡᠰᠦᠨ ᠴᠡᠴᠡᠭ ᠶᠠᠭᠠᠷᠠᠵᠤ ᠵᠢᠮᠢᠰ ᠨᠢ ᠪᠣᠯᠪᠠᠰᠤᠷᠠᠵᠤ ᠡᠬᠢᠯᠡᠵᠡᠢ᠃
ᠰᠠᠢᠰᠢᠶᠠᠯᠲᠤ ᠭᠠᠪᠢᠷ᠎ᠠ ᠬᠣᠶᠠᠷ ᠠᠩᠭᠢ ᠶ᠋ᠢᠨ ᠰᠤᠷᠤᠭᠴᠢᠳ ᠢ᠋ᠶ᠋ᠠᠨ ᠳᠠᠭᠠᠭᠤᠯᠤᠨ ᠬᠡᠭᠡᠷ᠎ᠡ ᠵᠤᠭᠠᠴᠠᠬᠤ ᠪᠠᠷ ᠭᠠᠷᠤᠯ᠎ᠠ᠃ ᠪᠠᠭᠰᠢ ᠲᠠᠢ ᠪᠠᠨ ᠬᠠᠮᠲᠤ ᠬᠡᠭᠡᠷ᠎ᠡ ᠭᠠᠷᠴᠤ ᠲᠣᠭᠯᠠᠬᠤ ᠪᠣᠯᠤᠭᠰᠠᠨ ᠳ᠋ᠠᠭᠠᠨ ᠬᠡᠦᠬᠡᠳ ᠦ᠋ᠳ ᠬᠢᠵᠠᠭᠠᠷ ᠦᠭᠡᠢ ᠬᠥᠭᠵᠢᠯᠳᠦᠨ ᠪᠡᠶᠡᠰᠦᠨ᠎ᠡ᠃
ᠭᠣᠣᠯ ᠤ᠋ᠨ ᠤᠰᠤ ᠶᠡᠬᠡ ᠪᠣᠯᠬᠣᠷ ᠲᠡᠳᠡ ᠭᠠᠭᠴᠠ ᠮᠣᠳᠣᠨ ᠭᠦᠦᠷ ᠢ᠋ᠶ᠋ᠡᠷ ᠭᠠᠷᠤᠭᠰᠠᠨ ᠦᠭᠡᠢ᠂ ᠬᠣᠯᠠ ᠡᠮᠦᠨᠡᠭᠦᠷ ᠲᠣᠭᠣᠷᠢᠨ ᠲᠣᠮᠣ ᠮᠣᠳᠣᠨ ᠬᠥᠭᠥᠷᠭᠡ ᠪᠡᠷ ᠭᠠᠷᠪᠠ᠃ ᠤᠳᠠᠯ ᠦᠭᠡᠢ ᠲᠣᠭᠲᠠᠭᠰᠠᠨ ᠭᠠᠵᠠᠷ ᠲᠠᠭᠠᠨ ᠬᠦᠷᠴᠦ ᠠᠭᠤᠯᠠᠨ ᠤ᠋ ᠭᠣᠣ ᠭᠠᠩᠭ᠎ᠠ ᠪᠠᠷ ᠪᠤᠲᠠᠯᠠᠨ ᠤᠷᠭᠤᠭᠰᠠᠨ ᠭᠦᠢᠯᠡᠰᠦᠨ ᠮᠣᠳᠣᠨ ᠤ᠋ ᠬᠤᠨᠳᠠᠨ ᠶᠠᠭᠠᠨ ᠴᠡᠴᠡᠭ ᠳᠡᠯᠭᠡᠷᠡᠭᠰᠡᠨ ᠭᠠᠵᠠᠷ ᠲᠤ᠌ ᠰᠤᠷᠤᠭᠴᠢᠳ ᠢ᠋ᠶ᠋ᠠᠨ ᠲᠠᠷᠬᠠᠭᠠᠨ ᠰᠠᠯᠠᠭ᠎ᠠ ᠨᠠᠮᠠᠭ᠎ᠠ ᠪᠠᠨ ᠳᠠᠭᠠᠭᠠᠵᠤ ᠶᠠᠳᠠᠮ᠎ᠠ ᠰᠠᠭᠤᠭᠰᠠᠨ ᠭᠦᠢᠯᠡᠰᠦ ᠶ᠋ᠢ ᠲᠡᠭᠦᠨ ᠭᠦᠶᠦᠯᠳᠦᠬᠦ ᠰᠤᠷᠤᠭᠴᠢᠳ ᠲᠠᠭᠠᠨ ᠠᠮᠤᠷ ᠲᠦᠪᠰᠢᠨ ᠢ᠋ ᠠᠩᠬᠠᠷᠬᠤ ᠶ᠋ᠢ ᠳᠠᠬᠢᠨ ᠳᠠᠪᠲᠠᠨ ᠰᠠᠨᠠᠭᠤᠯᠵᠤ᠄ 《ᠭᠦᠢᠯᠡᠰᠦ ᠶ᠋ᠢ ᠨᠢ ᠲᠡᠭᠦᠵᠦ ᠪᠣᠯᠤᠨ᠎ᠠ᠃ ᠭᠡᠬᠦ ᠳ᠋ᠡᠭᠡᠨ ᠨᠠᠮᠠᠭ᠎ᠠ ᠮᠥᠴᠢᠷ ᠢ᠋ ᠨᠢ ᠬᠤᠭᠤᠯᠵᠤ ᠪᠣᠯᠬᠤ ᠦᠭᠡᠢ᠃ ᠴᠡᠴᠡᠭ ᠨᠠᠪᠴᠢ ᠴᠤᠭᠯᠠᠭᠤᠯᠤᠨ ᠨᠠᠪᠴᠢᠨ ᠤ᠋ ᠦᠵᠡᠭᠦᠯᠦᠮᠵᠢ ᠬᠢᠭᠡᠷᠡᠢ!》 ᠭᠡᠬᠦ ᠵᠡᠷᠭᠡ ᠶ᠋ᠢ ᠵᠠᠬᠢᠭᠠᠳ ᠨᠢᠭᠡᠨ ᠬᠠᠪᠲᠠᠭᠠᠢ ᠴᠢᠯᠠᠭᠤᠨ ᠳᠡᠭᠡᠷ᠎ᠡ ᠬᠣᠶᠠᠭᠤᠯᠠ ᠪᠠᠨ ᠵᠡᠷᠭᠡᠴᠡᠨ ᠰᠠᠭᠤᠵᠤ᠂ ᠭᠦᠢᠯᠡᠰᠦᠨ ᠴᠡᠴᠡᠭ ᠦ᠋ᠨ ᠳᠤᠮᠳᠠ ᠬᠥᠭᠡᠷᠴᠦ ᠪᠡᠶᠡᠰᠦᠨ ᠲᠣᠭᠯᠠᠬᠤ ᠰᠤᠷᠤᠭᠴᠢᠳ ᠢ᠋ᠶ᠋ᠠᠨ ᠪᠠᠬᠠᠷᠬᠠᠨ ᠬᠠᠷᠠᠨ᠎ᠠ᠃
ᠭᠠᠪᠢᠷ᠎ᠠ ᠨᠢᠭᠡ ᠪᠡᠶ᠎ᠡ ᠬᠥᠬᠡ ᠥᠩᠭᠡᠲᠡᠢ ᠪᠥᠰ ᠬᠤᠪᠴᠠᠰᠤ ᠡᠮᠦᠰᠴᠦ᠂ ᠲᠠᠮᠢᠷᠴᠢᠨ ᠤ᠋ ᠴᠠᠭᠠᠨ ᠱᠠᠬᠠᠢ ᠡᠮᠦᠰᠦᠨ᠂ ᠳᠡᠯᠭᠡᠮᠡᠯ ᠵᠠᠭᠠᠮᠠᠨ ᠤ᠋ ᠳᠣᠲᠣᠷ᠎ᠠ ᠠ᠋ᠴᠠ ᠴᠠᠰᠤ ᠴᠠᠭᠠᠨ ᠬᠠᠨᠲᠠᠭᠠᠰᠤᠨ ᠤ᠋ ᠬᠢᠨᠢ ᠵᠠᠬ᠎ᠠ ᠴᠤᠬᠤᠢᠵᠤ ᠨᠡᠩ ᠴᠦ᠍ ᠴᠡᠪᠡᠷ ᠪᠣᠷᠣᠭᠵᠢᠭᠤᠨ ᠬᠠᠷᠠᠭᠳᠠᠨ᠎ᠠ᠃ ᠨᠠᠷᠠᠨ ᠤ᠋ ᠭᠡᠷᠡᠯ ᠳ᠋ᠦ᠍ ᠪᠣᠲᠣᠭᠣᠨ ᠬᠠᠯᠢᠭᠤᠨ ᠦᠰᠦ ᠨᠢ ᠭᠢᠯᠲᠠᠭᠠᠨᠠᠨ ᠭᠡᠷᠡᠯᠲᠦᠨ᠎ᠡ᠃ ᠪᠣᠮᠪᠣᠭᠣᠷ ᠬᠥᠭᠡᠷᠦᠬᠦᠨ ᠬᠥᠬᠥ ᠲᠡᠢ ᠡᠪᠯᠢᠭᠬᠡᠨ ᠭᠤᠸ᠎ᠠ ᠴᠡᠭᠡᠵᠢᠨ ᠦ᠌ ᠳᠣᠲᠣᠷ᠎ᠠ ᠪᠠᠨ ᠵᠠᠯᠠᠭᠤ ᠬᠠᠯᠠᠭᠤᠬᠠᠨ ᠵᠢᠷᠦᠬᠡ ᠨᠢ ᠳᠣᠭᠳᠣᠯᠤᠨ ᠪᠠᠢᠭ᠎ᠠ ᠨᠢ ᠢᠯᠡᠬᠡᠨ᠃ ᠲᠡᠷᠡ ᠨᠠᠷᠢᠬᠠᠨ ᠬᠤᠷᠤᠭᠤ ᠲᠠᠢ ᠲᠣᠷᠭᠠᠨ ᠵᠥᠭᠡᠯᠡᠨ ᠠᠯᠠᠭ᠎ᠠ ᠪᠠᠷ ᠢ᠋ᠶ᠋ᠠᠨ ᠰᠢᠨ᠎ᠡ ᠶ᠋ᠢᠨ ᠦᠰᠦ ᠪᠡᠨ ᠠᠷᠤᠨᠰᠢ ᠢᠯᠪᠢᠭᠡᠳ ᠤᠨᠢᠶᠠᠷ ᠲᠡᠳᠡᠨ ᠴᠡᠩᠬᠡᠷᠲᠦᠬᠦ ᠠᠭᠤᠯᠠᠰ ᠤ᠋ᠨ ᠣᠷᠣᠢ ᠶ᠋ᠢ ᠪᠠᠷᠠᠯᠠᠨ ᠬᠠᠷᠠᠭᠰᠠᠭᠠᠷ᠂
— ᠠᠭᠤᠯᠠᠰ ᠬᠥᠬᠡᠷᠡᠨ ᠤᠰᠤ ᠮᠥᠷᠡᠨ ᠴᠡᠩᠬᠡᠷᠯᠡᠨ ᠤᠳᠠ ᠤᠯᠢᠶᠠᠰᠤ ᠴᠡᠯᠭᠡᠷᠡᠭᠰᠡᠨ ᠳ᠋ᠧᠪᠠᠵᠠᠨ ᠰᠢᠭ᠋ ᠣᠷᠣᠨ ᠭᠡᠵᠦ ᠦᠵᠦᠮᠦᠴᠢᠨ ᠨᠤᠲᠤᠭ ᠢ᠋ ᠮᠢᠨᠢ ᠳᠦᠷᠰᠦᠯᠡᠭᠰᠡᠨ ᠪᠠᠢᠬᠤ ᠳᠠ᠃ ᠳᠡᠯᠭᠡᠷ ᠵᠤᠨ ᠤ᠋ ᠦᠵᠦᠮᠦᠴᠢᠨ ᠨᠤᠲᠤᠭ ᠶᠠᠭᠤᠲᠠᠢ ᠭᠣᠶᠣᠬᠠᠨ ᠠᠵᠢ!
ᠪᠢᠳᠡᠨ ᠳ᠋ᠦ᠍ ᠨᠢᠭᠡ ᠰᠡᠭᠦᠳᠡᠷᠯᠡᠬᠦ ᠮᠠᠰᠢᠨ ᠲᠠᠢ ᠪᠣᠯ ᠶᠠᠮᠠᠷ ᠰᠠᠢᠬᠠᠨ ᠪᠣᠢ! ᠡᠰᠡᠬᠦᠯ᠎ᠡ ᠵᠢᠷᠤᠭ ᠵᠢᠷᠤᠵᠤ ᠴᠢᠳᠠᠳᠠᠭ ᠰᠠᠨ ᠪᠣᠯ ᠣᠳᠣ ᠶ᠋ᠢᠨ ᠡᠨᠡ ᠦᠵᠡᠮᠵᠢ ᠶ᠋ᠢ ᠪᠠᠭᠤᠯᠭᠠᠨ ᠵᠢᠷᠤᠭᠰᠠᠨ ᠪᠣᠯ ᠳᠠ᠃ ᠪᠢ ᠵᠢᠷᠤᠭ ᠤ᠋ᠨ ᠬᠢᠴᠢᠶᠡᠯ ᠢ᠋ ᠶᠡᠷᠦ ᠡᠴᠡ ᠪᠡᠨ ᠬᠠᠢᠬᠤᠷᠳᠠᠭ ᠦᠭᠡᠢ ᠪᠠᠢᠭᠰᠠᠨ ᠢ᠋ᠶ᠋ᠠᠨ ᠪᠣᠳᠣᠭᠠᠳ ᠣᠳᠣ ᠬᠠᠷᠢᠨ ᠬᠠᠷᠠᠮᠰᠠᠴᠢᠬᠠᠯᠠ ᠭᠡᠰᠡᠨ ᠳ᠋ᠦ᠍᠂ ᠰᠠᠢᠰᠢᠶᠠᠯᠳᠤ᠄
— ᠪᠢ ᠴᠦ᠍ ᠠᠳᠠᠯᠢᠬᠠᠨ᠂ ᠬᠣᠩ ᠧ ᠪᠠᠭᠰᠢ ᠵᠢᠷᠤᠭ ᠢ᠋ ᠶᠣᠰᠣᠲᠠᠢ ᠭᠣᠶᠣ ᠵᠢᠭᠠᠳᠠᠭ᠃ ᠪᠢ ᠦᠰᠦᠭ ᠤᠷᠠᠯᠠᠬᠤ ᠪᠣᠯᠤᠨ ᠦᠰᠦᠨ ᠪᠢᠷ ᠦ᠋ᠨ ᠪᠢᠴᠢᠯᠭᠡ ᠳ᠋ᠦ᠍ ᠶᠡᠬᠡ ᠪᠠᠬᠠᠲᠠᠢᠠ᠋ᠴᠠ ᠪᠢᠰᠢ ᠵᠢᠷᠤᠭ ᠤ᠋ᠨ ᠮᠡᠷᠭᠡᠵᠢᠯ ᠢ᠋ ᠰᠤᠷᠬᠤ ᠭᠡᠵᠦ ᠶᠡᠷᠦ ᠬᠦᠴᠦᠯᠡᠭᠰᠡᠨ ᠦᠭᠡᠢ ᠶᠦᠮ᠃
— ᠭᠡᠲᠡᠯ᠎ᠡ ᠴᠢ ᠨᠠᠮ᠎ᠠ ᠶ᠋ᠢ ᠪᠣᠳᠣᠪᠠᠯ ᠵᠢᠷᠤᠭ ᠢ᠋ ᠰᠠᠢᠬᠠᠨ ᠵᠢᠷᠤᠨ᠎ᠠ ᠰᠢᠦ ᠳᠡ᠃ ᠶᠡᠷᠦᠨᠢ ᠲᠡᠭᠡᠭᠡᠳ ᠪᠠᠭᠰᠢ ᠪᠣᠯᠬᠤ ᠬᠥᠮᠦᠨ ᠠᠰᠤᠷᠤ ᠶᠡᠬᠡ ᠶᠠᠭᠤᠮ᠎ᠠ ᠶ᠋ᠢ ᠮᠡᠳᠡᠬᠦ ᠬᠡᠷᠡᠭᠲᠡᠢ ᠶᠦᠮ ᠪᠠᠢᠨ᠎ᠠ᠃ ᠮᠢᠨᠦ ᠮᠡᠳᠡᠯᠭᠡ ᠶ᠋ᠢᠨ ᠬᠡᠮᠵᠢᠶ᠎ᠡ ᠳᠠᠩᠴᠤ ᠳᠤᠯᠢᠬᠠᠨ ᠭᠡᠳᠡᠭ ᠢ᠋ ᠪᠠᠭᠰᠢᠯᠠᠭᠰᠠᠨ ᠤ᠋ ᠰᠡᠭᠦᠯᠡᠷ ᠰᠠᠶᠢ ᠣᠢᠯᠠᠭᠠᠯ᠎ᠠ᠃ ᠬᠣᠵᠢᠮ ᠪᠣᠯᠤᠮᠵᠢ ᠲᠠᠢ ᠪᠣᠯ ᠮᠡᠳᠡᠯᠭᠡ ᠪᠡᠨ ᠳᠡᠭᠡᠭᠰᠢᠯᠡᠭᠦᠯᠬᠦ ᠪᠣᠯᠪᠠᠰᠤᠷᠠᠯ ᠳ᠋ᠤ᠌ ᠣᠷᠣᠯᠴᠠᠶ᠎ᠠ ᠭᠡᠵᠦ ᠪᠣᠳᠣᠵᠤ ᠪᠠᠢᠨ᠎ᠠ᠃
ᠰᠠᠢᠰᠢᠶᠠᠯᠳᠤ᠂ ᠭᠠᠪᠢᠷ᠎ᠠ ᠶ᠋ᠢᠨ ᠢᠨᠢᠶᠡᠮᠰᠦᠭᠯᠡᠬᠦ ᠳ᠋ᠦ᠍ᠨᠢ ᠲᠣᠳᠣᠷᠠᠳᠠᠭ ᠬᠠᠴᠠᠷ ᠤ᠋ᠨ ᠬᠤᠨᠳᠠᠭ᠎ᠠ ᠶ᠋ᠢ ᠰᠢᠷᠲᠡᠭᠰᠡᠭᠡᠷ᠄
— ᠪᠢ ᠴᠢᠮᠠᠠ᠋ᠴᠠ ᠨᠢᠭᠡ ᠶᠠᠭᠤᠮ᠎ᠠ ᠠᠰᠠᠭᠤᠪᠠᠯ ᠪᠣᠯᠬᠤ ᠤᠤ?
— ᠶᠠᠭᠤ ᠶᠤᠮ ᠪᠣᠢ? ᠬᠡᠯᠡᠯ ᠳᠡ ᠃
— ᠴᠢᠮ᠎ᠠ ᠳ᠋ᠤ᠌ ᠢᠨᠠᠭᠯᠠᠭᠰᠠᠨ ᠨᠠᠢᠵᠠ ᠲᠠᠢ ᠤᠤ? ᠭᠠᠪᠢᠷ᠎ᠠ ᠲᠡᠭᠦᠨ ᠦ᠌ ᠤᠯᠠᠪᠤᠷ ᠲᠤᠶᠠᠭ᠎ᠠ ᠲᠠᠲᠠᠭᠰᠠᠨ ᠴᠢᠷᠠᠢ ᠶ᠋ᠢ ᠬᠠᠷᠠᠵᠤ ᠠᠪᠤᠭᠠᠳ᠄
— ᠮᠢᠨᠦ ᠰᠡᠳᠬᠢᠯ ᠦ᠋ᠨ ᠬᠣᠩᠭᠣᠷ ᠵᠠᠯᠠᠭᠤ ᠣᠳᠣ ᠪᠥᠮᠪᠥᠷᠴᠡᠭ ᠦ᠋ᠨ ᠠᠯᠢ ᠡᠷᠬᠡᠨ ᠳ᠋ᠦ᠍ ᠲᠥᠭᠡᠷᠢᠵᠦ ᠶᠠᠪᠤᠭ᠎ᠠ ᠶ᠋ᠢ ᠬᠡᠨ ᠮᠡᠳᠡᠬᠦ ᠪᠣᠢ? ᠤᠴᠠᠷᠠᠭ᠎ᠠ ᠦᠭᠡᠢ ᠶᠠᠪᠤᠭ᠎ᠠ ᠳᠠ᠃
— ᠪᠥᠮᠪᠥᠷᠴᠡᠭ ᠦ᠋ᠨ ᠬᠢᠵᠠᠭᠠᠷ ᠢ᠋ᠶ᠋ᠠᠷ ᠲᠥᠭᠡᠷᠢᠬᠦ ᠨᠢ ᠴᠦ᠍ ᠶᠠᠭᠤ ᠶᠤᠮ ᠳᠠ᠃ ᠬᠠᠮᠠᠷ ᠳᠣᠣᠷ᠎ᠠ ᠴᠢᠨᠢ ᠪᠠᠢᠬᠤ ᠳ᠋ᠤ᠌ ᠬᠠᠷᠠᠬᠤ ᠦᠭᠡᠢ ᠯᠡ ᠶᠠᠪᠤᠭ᠎ᠠ ᠪᠢᠵᠡ᠃
— ᠨᠢᠭᠤᠷ ᠳᠠᠬᠢ ᠡᠷᠬᠡᠲᠡᠨ ᠢ᠋ᠶ᠋ᠡᠨ ᠨᠢᠳᠦ ᠬᠡᠵᠢᠶ᠎ᠡ ᠴᠦ᠍ ᠬᠠᠷᠠᠳᠠᠭ ᠦᠭᠡᠢ ᠪᠢᠰᠢ ᠤᠤ ᠬᠠᠮᠠᠷ ᠤ᠋ᠨ ᠮᠢᠨᠢ ᠳᠣᠣᠷ᠎ᠠ ᠨᠢᠭᠤᠭᠳᠠᠭᠠᠳ ᠪᠠᠢᠭ᠎ᠠ ᠶᠠᠭᠤᠮ᠎ᠠ ᠶ᠋ᠢ ᠴᠢᠨᠢ ᠪᠢ ᠶᠠᠭᠠᠬᠢᠵᠤ ᠮᠡᠳᠡᠬᠦᠪ᠃ ᠴᠠᠭ ᠨᠢ ᠲᠤᠯᠪᠠᠯ ᠥᠪᠡᠷ ᠢ᠋ᠶ᠋ᠡᠨ ᠭᠠᠷᠤᠭᠠᠳ ᠢᠷᠡᠬᠦ ᠪᠠᠢᠯᠭᠦᠢ ᠭᠡᠵᠦ ᠦᠭᠡᠨ ᠦ᠌ ᠦ ᠲᠠᠭᠠᠷᠠᠭᠤᠯᠤᠨ ᠶᠥᠭᠡᠳᠡᠪᠡ᠃
ᠰᠠᠢᠰᠢᠶᠠᠯᠳᠤ ᠶᠠᠭᠤ ᠬᠡᠯᠡᠬᠦ ᠪᠡᠨ ᠣᠯᠬᠤ ᠦᠭᠡᠢ ᠬᠡᠰᠡᠭ ᠲᠦᠭᠳᠡᠷᠡᠪᠡ᠃ ᠴᠢᠮ᠎ᠠ ᠳ᠋ᠤ᠌ ᠬᠠᠢᠷ᠎ᠠ ᠳᠤᠷᠠᠲᠠᠢ ᠶ᠋ᠢ ᠮᠡᠳᠡᠭᠰᠡᠭᠡᠷ ᠪᠠᠢᠭᠠᠳ ᠶᠠᠭᠤᠨ ᠳ᠋ᠤᠨᠢ ᠲᠣᠭᠣᠷᠢᠭᠤᠯᠵᠤ ᠲᠣᠭᠰᠢᠭᠤᠯᠴᠢᠬᠠᠭᠰᠠᠨ ᠶᠤᠮ ᠪᠣᠢ?ᠭᠡᠰᠡᠨ ᠰᠠᠨᠠᠭ᠎ᠠ ᠢᠯᠡᠬᠡᠨ ᠪᠠᠢᠭ᠎ᠠ ᠶ᠋ᠢ ᠮᠡᠳᠡᠭᠡᠳ ᠲᠡᠭᠦᠨ ᠦ᠌ ᠵᠢᠷᠦᠬᠡ ᠪᠤᠯᠭᠢᠯᠠᠨ ᠳᠣᠭᠳᠣᠯᠵᠤ ᠬᠠᠢᠷᠠᠲᠤ ᠪᠦᠰᠡᠭᠦᠢ ᠪᠡᠨ ᠲᠡᠪᠡᠷᠢᠵᠦ ᠠᠪᠤᠭᠠᠳ ᠦᠨᠦᠰᠴᠢᠬᠡᠮᠡᠷ ᠰᠠᠨᠠᠭᠳᠠᠪᠠ᠃ ᠶᠠᠭ ᠡᠨᠡ ᠦᠶ᠎ᠡ ᠳ᠋ᠦ᠍᠂ ᠬᠡᠳᠦᠨ ᠬᠡᠦᠬᠡᠳ ᠭᠦᠶᠦᠯᠴᠡᠨ ᠢᠷᠡᠵᠦ
— ᠪᠠᠭᠰᠢ ᠠ᠋᠂ ᠠᠯᠲᠠ᠂ ᠪᠠᠭᠠᠨ᠎ᠠ ᠬᠣᠶᠠᠷ ᠭᠣᠣᠯ ᠤᠷᠤᠭᠤ ᠭᠦᠶᠦᠭᠡᠳ ᠶᠠᠪᠤᠴᠢᠬᠠᠯ᠎ᠠ ᠭᠡᠵᠦ ᠮᠡᠳᠡᠭᠦᠯᠪᠡ᠃
ᠲᠡᠷᠡ ᠬᠣᠶᠠᠷ ᠶᠠᠭᠠᠷᠠᠨ ᠰᠤᠷᠤᠭᠴᠢᠳ ᠢ᠋ᠶ᠋ᠠᠨ ᠴᠤᠭᠯᠠᠭᠤᠯᠤᠨ ᠪᠦᠷᠢᠳᠬᠡᠭᠡᠳ ᠭᠣᠣᠯ ᠤᠷᠤᠭᠤ ᠶᠠᠪᠤᠯ᠎ᠠ᠃ ᠭᠣᠣᠯ ᠤ᠋ᠨ ᠤᠰᠤ ᠮᠠᠰᠢ ᠭᠦᠨ ᠲᠤᠯᠠ ᠭᠣᠣᠯ ᠳ᠋ᠤ᠌ ᠣᠷᠣᠵᠤ ᠨᠠᠭᠠᠳᠬᠤ ᠨᠢ ᠲᠤᠩ ᠴᠤ᠌ ᠠᠶᠤᠯ ᠲᠠᠢ᠃ ᠲᠡᠳᠡᠨ ᠢ᠋ ᠣᠢᠷᠠᠲᠤᠨ ᠣᠴᠢᠬᠤ ᠳ᠋ᠤ᠌ ᠨᠥᠭᠦᠭᠡ ᠬᠣᠶᠠᠷ ᠬᠡᠦᠬᠡᠳ ᠨᠠᠷᠢᠨ ᠮᠣᠳᠣᠨ ᠭᠦᠦᠷ ᠳᠡᠭᠡᠭᠦᠷ ᠴᠠᠭᠠᠰᠢ ᠭᠣᠣᠯ ᠭᠡᠲᠦᠯᠬᠦ ᠭᠡᠵᠦ ᠪᠠᠢᠯ᠎ᠠ᠃ ᠪᠦᠭᠦᠳᠡᠭᠡᠷ᠄ 《ᠬᠦᠢ᠂ ᠲᠠ ᠬᠣᠶᠠᠷ ᠬᠤᠷᠳᠤᠨ ᠪᠤᠴᠠᠵᠤ ᠢᠷ᠎ᠡ》 ᠭᠡᠵᠦ ᠬᠠᠰᠬᠢᠷᠤᠭᠰᠠᠨ ᠳ᠋ᠤ᠌᠂ ᠪᠠᠭᠠᠨ᠎ᠠ ᠭᠡᠳᠡᠭ ᠬᠡᠦᠬᠡᠳ ᠵᠣᠭ ᠲᠣᠰᠣᠨ ᠡᠷᠭᠢᠵᠦ ᠬᠠᠷᠠᠬᠤ ᠭᠡᠳ ᠬᠥᠯ ᠠᠯᠲᠠᠨ ᠭᠣᠣᠯ ᠳ᠋ᠤ᠌ ᠤᠨᠠᠪᠠ᠃
ᠭᠣᠣᠯ ᠤ᠋ᠨ ᠡᠷᠭᠢᠨ ᠦ᠌ ᠤᠰᠤ ᠠᠢᠬᠤᠪᠲᠤᠷ ᠭᠦᠨ ᠲᠤᠯᠠ ᠲᠡᠷᠡ ᠬᠡᠦᠬᠡᠳ ᠠᠮᠢ ᠲᠡᠮᠡᠴᠡᠨ ᠲᠡᠯᠴᠢᠯᠡᠵᠦ ᠪᠠᠢᠯ᠎ᠠ᠃ 《ᠣᠳᠣ ᠴᠤ᠌ ᠳᠠᠭᠤᠰᠤᠯ᠎ᠠ》 ᠭᠡᠵᠦ ᠪᠣᠳᠣᠭᠰᠠᠨ ᠭᠠᠪᠢᠷ᠎ᠠ ᠶ᠋ᠢᠨ ᠴᠢᠷᠠᠢ ᠴᠢᠰᠤ ᠦᠭᠡᠢ ᠴᠠᠢᠪᠠ᠃
ᠡᠨᠡ ᠬᠣᠷᠣᠮ ᠳ᠋ᠤ᠌᠂ ᠰᠠᠢᠰᠢᠶᠠᠯᠳᠤ ᠰᠠᠯᠬᠢᠨ ᠰᠢᠨᠧᠯ ᠢ᠋ᠶ᠋ᠡᠨ ᠲᠠᠢᠯᠵᠤ ᠰᠢᠳᠡᠭᠡᠳ ᠭᠣᠣᠯ ᠳ᠋ᠤ᠌ ᠦᠰᠦᠷᠦᠨ ᠣᠷᠣᠪᠠ᠃ ᠲᠡᠷᠡ ᠤᠮᠪᠠᠵᠤ ᠴᠢᠳᠠᠬᠤ ᠦᠭᠡᠢ᠂ ᠲᠡᠭᠡᠪᠡᠴᠦ ᠲᠡᠭᠦᠨ ᠦ᠌ ᠮᠧᠲ᠋ᠷ ᠨᠠᠶᠠᠨ ᠲᠠᠪᠤ ᠶ᠋ᠢᠨ ᠥᠨᠳᠥᠷ ᠪᠡᠶ᠎ᠡ ᠬᠡᠷᠡᠭ ᠲᠦ᠍ ᠬᠦᠷᠴᠦ᠂ ᠥᠯᠮᠡᠢ ᠪᠡᠷ ᠢ᠋ᠶ᠋ᠡᠨ ᠭᠣᠣᠯ ᠤ᠋ᠨ ᠢᠷᠣᠭᠠᠷ ᠤ᠋ᠨ ᠬᠠᠢᠷ ᠴᠢᠯᠠᠭᠤᠨ ᠳ᠋ᠤ᠌ ᠭᠢᠰᠬᠢᠨ ᠪᠠᠢᠵᠤ ᠬᠡᠦᠬᠡᠳ ᠦ᠋ᠨ ᠳᠡᠷᠭᠡᠳᠡ ᠬᠦᠷᠴᠦ ᠲᠡᠪᠡᠷᠢᠨ ᠠᠪᠤᠭᠠᠳ ᠭᠣᠣᠯ ᠤ᠋ᠨ ᠬᠥᠪᠡᠭᠡᠨ ᠦ᠌ ᠭᠦᠢᠬᠡᠨ ᠬᠡᠰᠡᠭ ᠵᠦᠭ ᠢᠳᠡᠭ ᠢᠳᠡᠭ ᠢ᠋ᠶ᠋ᠡᠷ ᠶᠤᠭᠤᠨ ᠣᠢᠷᠠᠲᠤᠨ᠎ᠠ᠃ᠭᠣᠣᠯ ᠤ᠋ᠨ ᠤᠰᠤ ᠬᠤᠸᠠ ᠰᠢᠷᠭᠠᠯ ᠥᠩᠭᠡ ᠪᠡᠷ ᠡᠷᠭᠢᠯᠳᠦᠨ ᠤᠷᠤᠰᠬᠠᠯ ᠮᠠᠰᠢ ᠰᠢᠷᠦᠭᠦᠨ ᠬᠦᠴᠦᠲᠡᠢ᠃ ᠭᠣᠣᠯ ᠤ᠋ᠨ ᠲᠠᠬᠢᠷ ᠲᠣᠬᠣᠢ ᠳ᠋ᠠᠬᠢ ᠤᠰᠤ ᠪᠠᠷᠤᠭ ᠬᠣᠶᠠᠷ ᠮᠧᠲ᠋ᠷ ᠢᠯᠡᠭᠦᠦ ᠭᠦᠨ ᠪᠠᠢᠳᠠᠭ᠃ ᠰᠠᠢᠰᠢᠶᠠᠯᠲᠤ ᠮᠠᠰᠢ ᠯᠠᠪᠳᠠᠭᠤᠨ ᠲᠣᠭᠲᠠᠭᠤᠨ ᠢ᠋ᠶ᠋ᠠᠷ ᠬᠡᠦᠬᠡᠳ ᠢ᠋ ᠴᠢᠩᠭ᠎ᠠ ᠲᠡᠪᠡᠷᠢᠨ ᠮᠥᠷᠥ ᠪᠡᠷ ᠨᠢ ᠳᠠᠪᠠᠭᠰᠠᠨ ᠤᠰᠤᠨ ᠳ᠋ᠤ᠌ ᠡᠷᠭᠢ ᠵᠦᠭ ᠶᠤᠭᠤᠭᠰᠠᠭᠠᠷ ᠶᠠᠭᠤ ᠴᠤ᠌ ᠭᠡᠰᠡᠨ ᠡᠰᠡᠨ ᠮᠡᠨᠳᠦ ᠭᠣᠣᠯᠠ᠋ᠴᠠ ᠭᠠᠷᠴᠤ ᠢᠷᠡᠪᠡ᠃
ᠠᠶᠤᠭᠠᠳ ᠤᠬᠠᠭ᠎ᠠ ᠠᠯᠳᠠᠬᠤ ᠰᠢᠬᠠᠵᠤ ᠪᠠᠢᠭᠰᠠᠨ ᠭᠠᠪᠢᠷ᠎ᠠ ᠬᠠᠮᠤᠭ ᠪᠡᠶ᠎ᠡ ᠡᠴᠡ ᠨᠢ ᠤᠰᠤ ᠱᠦᠭᠦᠷᠡᠭᠰᠡᠨ ᠰᠠᠢᠰᠢᠶᠠᠯᠲᠤ ᠬᠡᠦᠬᠡᠳ ᠬᠣᠶᠠᠷ ᠢ᠋ ᠲᠡᠪᠡᠷᠢᠨ ᠳᠠᠭᠤ ᠠᠯᠠᠳᠠᠨ ᠤᠬᠢᠯᠠᠪᠠ᠃
— ᠣᠳᠣ ᠵᠦᠭᠡᠷ ᠪᠣᠯᠤᠭᠰᠠᠨ᠂ ᠲᠠᠢᠪᠤᠰᠢᠷᠠ᠂ ᠲᠠᠢᠪᠤᠰᠢᠷᠠ! ᠭᠡᠳ ᠰᠠᠢᠰᠢᠶᠠᠯᠳᠤ ᠭᠠᠪᠢᠷ᠎ᠠ ᠶ᠋ᠢ ᠴᠢᠩᠭ᠎ᠠ ᠲᠡᠪᠡᠷᠢᠨ ᠬᠠᠴᠠᠷ ᠲᠤᠨᠢ ᠨᠢᠭᠤᠷ ᠢ᠋ᠶ᠋ᠠᠨ ᠨᠠᠭᠠᠯᠳᠤᠭᠤᠯᠤᠨ ᠮᠡᠭᠰᠢᠬᠦ ᠳ᠋ᠡᠭᠡᠨ ᠴᠡᠴᠡᠷᠬᠢᠯᠡᠬᠦ ᠮᠥᠷᠥ ᠶ᠋ᠢ ᠨᠢ ᠳᠠᠪᠰᠢᠨ᠎ᠠ᠃ ᠤᠰᠤᠨ ᠳᠣᠲᠣᠷ᠎ᠠ ᠨᠡᠯᠢᠶᠡᠳ ᠤᠳᠠᠭᠰᠠᠨᠠ᠋ᠴᠠ ᠥᠪᠡᠷ ᠢ᠋ᠶ᠋ᠡᠨ ᠴᠦ᠍ ᠡᠷᠡᠦ ᠨᠢ ᠬᠠᠪᠬᠢᠨᠠᠨ ᠴᠡᠴᠡᠷᠬᠢᠯᠡᠨ᠎ᠡ᠃ ᠠᠶᠤᠵᠤ ᠴᠣᠴᠢᠷᠳᠠᠭᠰᠠᠨᠠ᠋ᠴᠠ ᠴᠢᠷᠠᠢ ᠨᠢ ᠵᠢᠪᠡᠬᠡᠢ ᠴᠠᠢᠵᠠᠢ᠃
ᠠᠩᠭᠢ ᠶ᠋ᠢᠨ ᠨᠥᠬᠥᠳ ᠡᠴᠡ ᠪᠡᠨ ᠰᠠᠯᠵᠤ᠂ ᠳᠤᠷ᠎ᠠ ᠪᠠᠷ ᠢ᠋ᠶ᠋ᠠᠨ ᠭᠦᠶᠦᠵᠦ ᠡᠰᠡ ᠯᠡ ᠠᠮᠢᠨ ᠬᠡᠷᠡᠭ ᠭᠠᠷᠭᠠᠬᠤ ᠰᠢᠬᠠᠭᠰᠠᠨ ᠬᠣᠶᠠᠷ ᠰᠤᠷᠤᠭᠴᠢ ᠪᠠᠨ ᠴᠢᠩᠭ᠎ᠠ ᠵᠠᠩᠨᠠᠵᠤ ᠳᠣᠩᠭᠣᠳᠬᠤ ᠶ᠋ᠢ ᠪᠣᠳᠣᠭᠰᠠᠨ ᠴᠤ᠌ ᠠᠶᠤᠬᠤ ᠳ᠋ᠠᠭᠠᠨ ᠬᠤᠵᠢᠭᠠᠷ ᠴᠠᠭᠠᠨ ᠴᠢᠷᠠᠢᠯᠠᠵᠤ ᠤᠰᠤᠨ ᠬᠤᠯᠤᠭᠠᠨ᠎ᠠ ᠰᠢᠭ᠋ ᠱᠣᠯᠪᠢᠨ ᠵᠣᠭᠰᠣᠬᠤ ᠰᠤᠷᠤᠭᠴᠢ ᠪᠠᠨ ᠬᠠᠷᠠᠭᠠᠳ ᠭᠠᠪᠢᠷ᠎ᠠ ᠦᠷᠦ ᠡᠪᠡᠳᠴᠦ᠂ ᠪᠠᠭᠠᠨ᠎ᠠ ᠶ᠋ᠢᠨ ᠬᠤᠪᠴᠠᠰᠤ ᠬᠤᠨᠠᠷ ᠢ᠋ ᠨᠢ ᠲᠠᠢᠯᠤᠨ ᠠᠪᠴᠤ ᠤᠰᠤ ᠶ᠋ᠢ ᠨᠢ ᠰᠢᠪᠬᠠᠨ ᠳᠡᠯᠭᠡᠭᠡᠳ᠄
— ᠪᠠᠭᠠᠨ᠎ᠠ ᠠ᠋᠂ ᠴᠢ ᠶᠠᠭᠠᠬᠢᠭᠰᠠᠨ ᠪᠦᠳᠦᠭᠦᠨ ᠵᠢᠷᠦᠬᠡ ᠲᠡᠢ ᠬᠡᠦᠬᠡᠳ ᠪᠣᠢ! ᠬᠡᠴᠢᠨᠡᠨ ᠠᠶᠤᠯ ᠲᠠᠢ ᠭᠡᠳᠡᠭ ᠢ᠋ ᠣᠳᠣ ᠮᠡᠳᠡᠭᠰᠡᠨ ᠤᠤ? ᠪᠢᠳᠡᠨ ᠦ᠌ ᠳᠣᠲᠣᠷ᠎ᠠ ᠤᠰᠤᠨ ᠳ᠋ᠤ᠌ ᠤᠮᠪᠠᠵᠤ ᠴᠢᠳᠠᠬᠤ ᠬᠥᠮᠦᠨ ᠦᠭᠡᠢ᠂ ᠰᠠᠶ᠋ᠶ᠋᠊ ᠪᠠᠭᠰᠢ ᠴᠢᠨᠢ ᠥᠨᠳᠥᠷ ᠪᠡᠶ᠎ᠡ ᠲᠡᠢ ᠪᠠᠢᠭᠰᠠᠨ ᠳ᠋ᠠᠭᠠᠨ ᠯᠠ ᠪᠣᠯᠵᠠᠢ᠃ ᠦᠭᠡᠢ ᠪᠣᠯ ᠦᠷ᠎ᠡ ᠳ᠋ᠦᠩ ᠨᠢ ᠶᠠᠭᠤ ᠪᠣᠯᠬᠤ ᠶ᠋ᠢ ᠪᠤᠤ ᠮᠡᠳᠡ᠃ ᠳᠠᠬᠢᠭᠠᠳ ᠢᠩᠭᠢᠵᠦ ᠭᠡᠨᠡᠨ ᠠᠭᠠᠰᠢᠯᠠᠵᠤ ᠶᠠᠭᠠᠬᠢᠭᠰᠠᠨ ᠴᠤ᠌ ᠪᠣᠯᠬᠤ ᠦᠭᠡᠢ᠂ ᠮᠡᠳᠡᠪᠡ ᠤᠤ?
— ᠮᠡᠳᠡᠭᠰᠡᠨ᠂ ᠪᠠᠭᠰᠢ ᠠ᠋᠂ ᠪᠢ ᠥᠷᠯᠥᠭᠡ ᠬᠣᠭᠣᠯᠠ ᠢᠳᠡᠭᠰᠡᠨ ᠦᠭᠡᠢ᠃ ᠥᠯᠥᠰᠦᠭᠡᠳ ᠪᠠᠢᠬᠤᠯᠠᠷ ᠬᠤᠷᠳᠤᠨ ᠬᠠᠷᠢᠶ᠎ᠠ ᠭᠡᠵᠦ ᠪᠣᠳᠣᠭᠰᠠᠨ᠃
— ᠦ᠂ ᠤᠤᠯ ᠨᠢ ᠡᠢᠮᠦ ᠪᠠᠢᠭᠰᠠᠨ ᠤᠤ? ᠲᠡᠭᠡᠪᠡᠯ ᠲᠣᠮᠣ ᠬᠥᠭᠥᠷᠭᠡ ᠪᠡᠷ ᠭᠠᠷᠤᠨ᠎ᠠ ᠪᠢᠵᠡ ᠳᠡ᠃
— ᠳᠠᠬᠢᠭᠠᠳ ᠲᠡᠭᠡᠬᠦ ᠦᠭᠡᠢ᠂ ᠪᠠᠭᠰᠢ ᠠ᠋᠃
ᠰᠠᠢᠰᠢᠶᠠᠯᠳᠤ ᠭᠠᠳᠠᠷ ᠬᠤᠪᠴᠠᠰᠤ ᠪᠠᠨ ᠲᠠᠢᠯᠤᠨ ᠤᠰᠤ ᠶ᠋ᠢ ᠨᠢ ᠰᠢᠪᠬᠠᠭᠠᠳ ᠨᠠᠷᠠᠨ ᠳ᠋ᠤ᠌ ᠳᠡᠯᠭᠡᠵᠦ ᠲᠠᠯᠪᠢᠨ᠎ᠠ᠃ ᠨᠢᠭᠡᠨ ᠤᠳᠠᠭᠠᠨ ᠤ᠋ ᠠᠶᠤᠯ ᠲᠦᠭᠰᠢᠭᠦᠷᠢ ᠡᠢᠨᠬᠦ ᠥᠩᠭᠡᠷᠡᠵᠦ ᠪᠦᠭᠦᠳᠡᠭᠡᠷ ᠰᠡᠳᠬᠢᠯ ᠲᠠᠢᠪᠤᠰᠢᠷᠠᠨ ᠭᠣᠣᠯ ᠤ᠋ᠨ ᠬᠥᠪᠡᠭᠡᠨ ᠦ᠌ ᠨᠣᠭᠣᠭᠠᠨ ᠵᠦᠯᠭᠡᠨ ᠳᠡᠭᠡᠷ᠎ᠡ ᠰᠠᠭᠤᠵᠠᠭᠠᠵᠤ ᠬᠡᠰᠡᠭ ᠠᠮᠠᠷᠠᠭᠠᠳ ᠰᠤᠷᠭᠠᠭᠤᠯᠢ ᠤᠷᠤᠭᠤ ᠪᠠᠨ ᠪᠤᠴᠠᠪᠠ᠃
ᠭᠠᠪᠢᠷ᠎ᠠ ᠲᠡᠷᠡ ᠰᠥᠨᠢ ᠨᠣᠢᠷ ᠬᠦᠷᠴᠦ ᠥᠭᠬᠦ ᠦᠭᠡᠢ ᠣᠷᠣᠨ ᠳ᠋ᠠᠭᠠᠨ ᠤᠷᠪᠠᠨ ᠬᠥᠷᠪᠡᠨ ᠪᠣᠳᠣᠯ ᠪᠣᠯᠤᠨ᠎ᠠ᠃ ᠡᠳᠦᠷ ᠦ᠋ᠨ ᠪᠣᠯᠤᠭᠰᠠᠨ ᠶᠠᠪᠤᠳᠠᠯ ᠢ᠋ ᠪᠣᠳᠣᠬᠤ ᠳ᠋ᠤ᠌ ᠵᠢᠷᠦᠬᠡ ᠲᠦᠭᠰᠢᠨ ᠠᠢᠳᠠᠰ ᠬᠦᠷᠦᠨ᠎ᠡ᠃ ᠥᠪᠡᠷ ᠢ᠋ᠶ᠋ᠡᠨ ᠠᠶᠤᠭᠠᠳ ᠤᠬᠢᠯᠠᠬᠤᠠ᠋ᠴᠠ ᠴᠠᠭᠠᠰᠢ ᠦᠭᠡᠢ ᠪᠠᠢᠬᠤ ᠳ᠋ᠤ᠌᠂ ᠲᠡᠷᠡᠬᠦ ᠠᠶᠤᠯ ᠲᠦᠭᠰᠢᠭᠦᠷᠢ ᠲᠡᠢ ᠦᠶ᠎ᠡ ᠳ᠋ᠦ᠍ ᠰᠠᠢᠰᠢᠶᠠᠯᠳᠤ ᠬᠠᠷᠢᠨ ᠣᠭᠲᠣ ᠡᠷᠡᠭᠡᠯᠵᠡᠯ ᠦᠭᠡᠢ ᠤᠰᠤᠨ ᠳ᠋ᠤ᠌ ᠦᠰᠦᠷᠦᠨ ᠣᠷᠣᠵᠠᠢ᠃ ᠬᠡᠷᠪᠡ ᠪᠠᠭᠰᠢ ᠰᠤᠷᠤᠭᠴᠢ ᠬᠣᠶᠠᠭᠤᠯᠠ ᠪᠠᠨ ᠭᠠᠷᠴᠤ ᠢᠷᠡᠵᠦ ᠴᠢᠳᠠᠭᠰᠠᠨ ᠦᠭᠡᠢ ᠪᠣᠯ ᠶᠠᠭᠠᠬᠢᠨ᠎ᠠ ᠪᠣᠢ? ᠭᠡᠵᠦ ᠪᠣᠳᠣᠬᠤ ᠳ᠋ᠤ᠌ ᠬᠤᠢᠬ᠎ᠠ ᠶ᠋ᠢᠨ ᠦᠰᠦ ᠨᠢ ᠪᠣᠰᠤᠨ᠎ᠠ᠃ ᠪᠠᠰᠠ ᠲᠡᠭᠦᠨ ᠦ᠌ ᠤᠰᠤ ᠳᠤᠰᠤᠯᠠᠭᠰᠠᠨ ᠨᠣᠢᠲᠠᠨ ᠪᠡᠶ᠎ᠡ ᠳ᠋ᠦ᠍ ᠨᠠᠭᠠᠯᠳᠤᠨ ᠲᠡᠪᠡᠷᠢᠭᠦᠯᠦᠭᠰᠡᠨ ᠲᠡᠷᠡᠬᠦ ᠭᠱᠠᠨ ᠢ᠋ ᠪᠣᠳᠣᠬᠤ ᠳ᠋ᠤ᠌ ᠡᠭᠦᠷᠢᠳᠡ ᠮᠠᠷᠲᠠᠬᠤ ᠶ᠋ᠢᠨ ᠠᠷᠭ᠎ᠠ ᠦᠭᠡᠢ ᠵᠢᠷᠭᠠᠯ ᠲᠠᠢ ᠰᠠᠨᠠᠭᠳᠠᠨ᠎ᠠ᠃ ᠲᠡᠭᠦᠨ ᠦ᠌ ᠬᠠᠨᠠᠭᠠᠷ ᠰᠠᠢᠬᠠᠨ ᠴᠡᠭᠡᠵᠢᠨ ᠦ᠌ ᠬᠠᠯᠠᠭᠤᠨ ᠢᠯᠴᠢ ᠨᠣᠢᠲᠠᠨ ᠬᠤᠪᠴᠠᠰᠤ ᠶ᠋ᠢ ᠨᠢ ᠨᠡᠪᠲᠡᠯᠦᠨ ᠪᠦᠲᠦᠨ ᠪᠡᠶ᠎ᠡ ᠶ᠋ᠢᠨ ᠬᠢᠨᠢ ᠡᠰ ᠮᠡᠳᠡᠷᠡᠯ ᠳ᠋ᠦ᠍ ᠰᠢᠩᠭᠡᠨ ᠲᠠᠷᠬᠠᠬᠤ ᠶ᠋ᠢ ᠮᠡᠳᠡᠷᠡᠵᠦ ᠪᠠᠢᠯ᠎ᠠ᠃ ᠲᠡᠷᠡ ᠬᠥᠮᠦᠨ ᠪᠣᠯᠤᠭᠰᠠᠨ ᠡᠴᠡ ᠪᠡᠨ ᠠᠪᠤᠭᠠᠳ ᠠᠩᠬ᠎ᠠ ᠤᠳᠠᠭ᠎ᠠ ᠢᠩᠭᠢᠵᠦ ᠨᠢᠭᠡᠨ ᠡᠷ᠎ᠡ ᠬᠥᠮᠦᠨ ᠦ᠌ ᠲᠥᠯᠥᠭᠡ ᠣᠩᠭᠣᠨ ᠵᠢᠷᠦᠬᠡ ᠪᠡᠨ ᠪᠤᠯᠭᠢᠭᠤᠯᠤᠨ ᠳᠣᠭᠳᠣᠯᠵᠤ᠂ ᠡᠨᠡ ᠬᠥᠮᠦᠨ ᠳ᠋ᠦ᠍ ᠯᠡ ᠭᠡᠷᠭᠡᠢ ᠪᠣᠯᠤᠨ᠎ᠠ ᠭᠡᠵᠦ ᠪᠣᠳᠣᠭᠠᠳ ᠢᠯᠴᠢᠭᠢᠨᠡᠨ ᠬᠠᠯᠠᠭᠤ ᠣᠷᠬᠢᠬᠤ ᠨᠢᠭᠤᠷ ᠢ᠋ᠶ᠋ᠠᠨ ᠬᠥᠨᠵᠢᠯᠡ ᠪᠡᠷ ᠢ᠋ᠶ᠋ᠡᠨ ᠪᠦᠲᠡᠭᠡᠪᠡ᠃
ᠪᠠᠰᠠ ᠨᠢᠭᠡᠨ ᠪᠦᠲᠦᠨ ᠰᠠᠢᠨ ᠡᠳᠦᠷ ᠪᠣᠯᠤᠭᠠᠳ ᠪᠠᠢᠯ᠎ᠠ᠃ ᠰᠠᠢᠰᠢᠶᠠᠯᠲᠤ ᠶ᠋ᠢᠨ ᠪᠠᠢᠷᠢ ᠳ᠋ᠤ᠌ ᠪᠠᠢ ᠪᠠᠲᠤ᠂ ᠴᠡᠩᠭᠡᠯ ᠬᠣᠶᠠᠷ ᠴᠠᠢ ᠤᠤᠭᠤᠵᠤ ᠵᠣᠭᠣᠭᠳᠠᠵᠤ ᠰᠠᠭᠤᠨ᠎ᠠ᠃ ᠰᠠᠢᠰᠢᠶᠠᠯᠳᠤ ᠬᠥᠨᠵᠢᠯᠡ ᠶ᠋ᠢᠨ ᠢ᠋ᠶ᠋ᠡᠨ ᠳᠣᠲᠣᠷ ᠢ᠋ ᠬᠠᠲᠠᠬᠤ ᠭᠡᠵᠦ ᠵᠡᠭᠦᠦ ᠤᠲᠠᠰᠤ ᠶ᠋ᠢ ᠡᠪ ᠮᠠᠭᠤᠲᠠᠢᠬᠠᠨ ᠪᠠᠷᠢᠵᠤ ᠣᠶᠣᠬᠤ ᠭᠡᠵᠦ ᠣᠷᠣᠯᠳᠣᠨ᠎ᠠ᠃ ᠡᠨᠡ ᠦᠶ᠎ᠡ ᠳ᠋ᠦ᠍ ᠭᠠᠪᠢᠷ᠎ᠠ ᠬᠠᠢ ᠯᠢᠶᠠᠨ ᠬᠣᠶᠠᠷ ᠣᠷᠣᠵᠤ ᠢᠷᠡᠪᠡ᠃ ᠭᠠᠪᠢᠷ᠎ᠠ ᠰᠠᠢᠰᠢᠶᠠᠯᠳᠤ ᠶ᠋ᠢᠨ ᠵᠡᠭᠦᠦ ᠤᠲᠠᠰᠤ ᠶ᠋ᠢ ᠰᠢᠭᠦᠷᠡᠨ ᠠᠪᠴᠤ
—ᠠᠯᠢᠪ᠂ ᠪᠢ ᠬᠠᠲᠠᠭᠠᠳ ᠥᠭᠭᠦᠶ᠎ᠡ ᠭᠡᠵᠦ ᠬᠤᠷᠳᠤᠨ ᠱᠠᠯᠠᠮᠠᠭᠠᠢ ᠲᠠᠲᠠᠯᠠᠨ ᠣᠶᠣᠨ᠎ᠠ᠃
ᠪᠠᠢ ᠪᠠᠲᠤ ᠠᠷᠵᠠᠢᠨ ᠢᠨᠢᠶᠡᠵᠦ ᠠᠮᠠᠨ ᠳ᠋ᠠᠬᠢ ᠪᠠᠨ ᠱᠠᠯ ᠱᠠᠯ ᠵᠠᠵᠢᠯᠤᠭᠰᠠᠨ ᠢ᠋ᠶ᠋ᠠᠨ
— ᠠᠪᠠᠭᠠᠢ ᠲᠠᠢ ᠬᠥᠮᠦᠨ ᠮᠥᠨ ᠴᠦ᠍ ᠰᠠᠢᠬᠠᠨ ᠶᠤᠮ ᠠ᠋᠂ ᠨᠠᠳᠠ ᠰᠢᠭ᠋ ᠭᠣᠩ ᠪᠡᠶ᠎ᠡ ᠭᠣᠵᠣᠩ ᠲᠣᠯᠣᠭᠠᠢ ᠳ᠋ᠤ᠌ ᠪᠣᠯ ᠬᠠᠨᠵᠠᠷᠠᠭᠰᠠᠨ ᠲᠣᠪᠴᠢ ᠶ᠋ᠢ ᠲᠣᠷᠭᠣᠭᠠᠳ ᠥᠭᠬᠦ ᠬᠥᠮᠦᠨ ᠦᠭᠡᠢ᠃ ᠣᠳᠣᠬᠠᠨ ᠨᠢᠭᠡ ᠲᠣᠭᠣᠭ᠎ᠠ ᠰᠢᠨᠠᠭ᠎ᠠ ᠴᠣᠬᠢᠬᠤ ᠶᠠᠭᠤᠮ᠎ᠠ ᠣᠯᠬᠤ ᠠ᠋ᠴᠠ ᠳᠠ ᠭᠡᠳ ᠮᠠᠭ ᠮᠠᠭ ᠢᠨᠢᠶᠡᠨ᠎ᠡ᠃ ᠴᠡᠩᠭᠡᠯ ᠵᠢᠵᠢᠭᠬᠡᠨ ᠬᠠᠷ᠎ᠠ ᠨᠢᠳᠦ ᠪᠡᠨ ᠭᠢᠯᠠᠯᠵᠠᠭᠤᠯᠤᠨ ᠵᠠᠯᠢᠷᠬᠠᠭ ᠢᠨᠢᠶᠡᠭᠡᠳ ᠬᠠᠢ ᠯᠢᠶᠠᠨ ᠤ᠋ ᠮᠥᠷᠥ ᠶ᠋ᠢ ᠠᠯᠠᠭᠠᠳᠠᠵᠤ᠂
— ᠮᠢᠨᠦ ᠬᠥᠭᠰᠢᠨ᠂ ᠡᠪᠦᠭᠡᠨ ᠳ᠋ᠡᠭᠡᠨ ᠥᠨᠥᠳᠥᠷ ᠬᠣᠶᠠᠷ ᠵᠠᠬ᠎ᠠ ᠬᠤᠪᠴᠠᠰᠤ ᠤᠬᠢᠶᠠᠭᠠᠳ ᠠᠯᠢ᠃ ᠬᠥᠮᠦᠨ ᠦ᠌ ᠰᠠᠢ ᠭᠤᠸᠠᠢ ᠶ᠋ᠢᠨ ᠪᠦᠰᠡᠭᠦᠢ ᠶ᠋ᠢ ᠬᠠᠷᠠᠭᠠᠴᠢ᠂ ᠰᠠᠨᠠᠭᠠᠨ ᠡᠴᠡ ᠪᠡᠨ ᠪᠦᠬᠦ ᠶᠠᠭᠤᠮ᠎ᠠ ᠶ᠋ᠢ ᠨᠢ ᠬᠢᠭᠡᠳ ᠥᠭᠭᠦᠨ᠎ᠡ᠃ ᠴᠢ ᠠᠷᠠᠢ ᠴᠤ᠌ ᠳᠡᠩᠳᠡᠭᠦᠦ ᠶᠦ᠍ᠮ ᠠ᠋ ᠭᠡᠳ ᠰᠠᠢᠰᠢᠶᠠᠯᠳᠤ ᠤᠷᠤᠭᠤ ᠨᠢᠳᠦ ᠪᠡᠨ ᠢᠷᠮᠡᠨ ᠯᠠᠪᠠᠢ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠨ᠎ᠡ᠃ ᠰᠠᠢᠰᠢᠶᠠᠯᠲᠤ᠂ ᠴᠡᠩᠭᠡᠯ ᠢ᠋ ᠰᠢᠯᠢᠨ ᠬᠦᠵᠦᠭᠦᠨ ᠡᠴᠡ ᠨᠢ ᠳᠠᠷᠤᠨ ᠪᠠᠵᠠᠭᠳᠠᠵᠤ
— ᠴᠠᠭᠠᠳᠤ ᠪᠣᠭᠣᠷᠰᠣᠭ ᠢ᠋ᠶ᠋ᠠᠨ ᠠᠮᠠᠨ ᠳ᠋ᠠᠭᠠᠨ ᠴᠢᠬᠢᠭᠡᠳ ᠳᠤᠭᠤᠢ ᠰᠠᠭᠤᠵᠤ ᠪᠠᠢ ᠭᠡᠰᠡᠨ ᠳ᠋ᠦ᠍᠂ ᠬᠠᠢ ᠯᠢᠶᠠᠨ ᠴᠡᠩᠭᠡᠯ ᠢ᠋ ᠨᠢᠳᠤᠷᠭᠠᠳᠠᠨ
— ᠰᠢᠨᠵᠢ ᠪᠡᠨ ᠦᠵᠡ ᠳᠡ᠃ ᠬᠡᠨ ᠴᠢᠨᠦ ᠬᠥᠭᠰᠢᠨ ᠪᠣᠯᠴᠢᠬᠠᠪᠠ?
— ᠴᠢᠨᠦ ᠬᠥᠭᠰᠢᠨ ᠪᠣᠯ ᠲᠡᠷᠡ᠂ ᠲᠡᠷᠡ ᠬᠡᠨ ᠰᠢᠲᠠ᠁ ᠭᠡᠲᠡᠯ᠎ᠡ ᠴᠡᠩᠭᠡᠯ ᠰᠠᠨᠳᠤᠷᠤᠨ ᠬᠠᠢ ᠯᠢᠶᠠᠨ ᠤ᠋ ᠠᠮᠠ ᠶ᠋ᠢ ᠠᠯᠠᠭ᠎ᠠ ᠪᠠᠷ ᠢ᠋ᠶ᠋ᠠᠨ ᠳᠠᠷᠤᠵᠤ
— ᠳᠤᠭᠤᠢ ᠪᠠᠢ ᠂ ᠲᠡᠨᠡᠭ ᠡᠮᠡᠭᠡ ᠮᠢᠨᠢ ᠠ᠋! ᠪᠢ ᠳᠠᠬᠢᠭᠠᠳ ᠬᠡᠯᠡᠬᠦ ᠦᠭᠡᠢ ᠂ ᠪᠣᠯᠤᠯ᠎ᠠ ᠪᠠ! ᠭᠡᠳ ᠠᠯᠠᠭ᠎ᠠ ᠪᠠᠨ ᠬᠠᠪᠰᠤᠷᠤᠨ ᠭᠤᠶᠤᠬᠤ ᠳᠦᠷᠢ ᠭᠠᠷᠭᠠᠨ ᠵᠠᠢᠯᠠᠵᠤ ᠪᠣᠰᠤᠭᠠᠳ ᠡᠭᠦᠳᠡ ᠤᠷᠤᠭᠤ ᠶᠠᠪᠤᠭᠰᠠᠨ ᠢ᠋ᠶ᠋ᠠᠨ
— ᠤᠬᠠᠭᠠᠨ ᠳᠤᠲᠠᠭᠤ ᠮᠥᠷᠲᠡᠭᠡᠨ ᠬᠣᠩᠰᠢᠶᠠᠷ ᠰᠤᠯᠠ ᠡᠬᠡᠨᠡᠷ ᠲᠡᠢ ᠪᠠᠢᠬᠤ ᠮᠥᠨ ᠴᠦ᠍ ᠬᠡᠴᠡᠭᠦᠦ ᠶᠦᠮ ᠠ᠋ ᠭᠡᠴᠢᠬᠡᠭᠡᠳ ᠭᠠᠷᠴᠤ ᠭᠦᠶᠦᠪᠡ᠃ ᠬᠠᠢ ᠯᠢᠶᠠᠨ ᠠᠷᠤ ᠠ᠋ᠴᠠ ᠬᠥᠭᠡᠭᠡᠵᠦ ᠭᠠᠷᠤᠨ
— ᠴᠢ ᠰᠠᠶᠢ ᠤᠬᠠᠭᠠᠨ ᠳᠤᠲᠠᠭᠤ! ᠭᠡᠮᠡᠨ ᠬᠠᠰᠬᠢᠷᠤᠨ᠎ᠠ᠃
ᠴᠢᠬᠢ ᠦᠭᠡᠢ ᠲᠣᠯᠣᠭᠠᠢ ᠰᠢᠭ᠋ ᠣᠷᠣᠨ ᠳᠡᠭᠡᠷ᠎ᠡ ᠪᠡᠨ ᠨᠣᠮ ᠦᠵᠡᠵᠦ ᠬᠡᠪᠲᠡᠭᠰᠡᠨ ᠪᠤᠤ ᠵᠢᠩ ᠥᠨᠳᠡᠢᠨ ᠪᠣᠰᠴᠤ ᠨᠢᠳᠦᠨ ᠰᠢᠯ ᠢ᠋ᠶ᠋ᠡᠨ ᠳᠡᠭᠡᠭᠰᠢ ᠡᠲᠡᠭᠡᠳ
— ᠠᠮᠠᠷᠠᠭ ᠲᠠᠢ᠂ ᠭᠡᠷᠭᠡᠢ ᠲᠡᠢ ᠠᠬ᠎ᠠ ᠨᠠᠷ ᠮᠢᠨᠢ ᠠ᠋᠂ ᠪᠠᠢ ᠭᠤᠸᠠᠢ ᠪᠢᠳᠡ ᠬᠣᠶᠠᠷ ᠰᠢᠭ᠋ ᠭᠣᠩ ᠪᠡᠶ᠎ᠡ ᠬᠥᠮᠦᠰ ᠢ᠋ ᠪᠠᠬᠠᠨ ᠠᠮᠤᠷ ᠪᠠᠢᠯᠭᠠᠵᠤ ᠬᠠᠢᠷᠠᠯᠠ! ᠬᠥᠶᠢ᠂ ᠯᠢᠨ ᠥᠬᠢᠨ ᠳᠡᠭᠦᠦ ᠠ᠋᠂ ᠪᠤᠤ ᠠᠬ᠎ᠠ ᠳ᠋ᠠᠭᠠᠨ ᠡᠭᠦᠨ ᠢ᠋ ᠤᠬᠢᠶᠠᠭᠠᠳ ᠥᠭᠭᠦᠭᠡᠴᠢ ᠳᠡ ᠭᠡᠳ ᠳᠡᠷᠡ ᠶ᠋ᠢᠨ ᠢ᠋ᠶ᠋ᠡᠨ ᠳᠣᠣᠷ᠎ᠠ ᠠ᠋ᠴᠠ ᠴᠡᠷᠢᠭ ᠦ᠋ᠨ ᠨᠣᠭᠣᠭᠠᠨ ᠬᠦᠷᠮ᠎ᠡ ᠲᠠᠲᠠᠵᠤ ᠭᠠᠷᠭᠠᠨ ᠭᠠᠪᠢᠷ᠎ᠠ ᠳ᠋ᠤ᠌ ᠰᠢᠳᠡᠵᠦ ᠥᠭᠪᠡ᠃
— ᠵᠠᠯᠬᠠᠭᠤ ᠳᠡᠭᠡᠷ᠎ᠡ ᠪᠡᠨ ᠪᠢᠴᠢᠭ ᠦ᠋ᠨ ᠮᠠᠩᠬᠤᠤ! ᠭᠡᠳ ᠭᠠᠪᠢᠷ᠎ᠠ ᠬᠦᠷᠮ᠎ᠡ ᠶ᠋ᠢ ᠲᠣᠰᠴᠤ ᠠᠪᠤᠭᠠᠳ ᠰᠠᠢᠰᠢᠶᠠᠯᠲᠤ ᠶ᠋ᠢᠨ ᠬᠤᠪᠴᠠᠰᠤ ᠲᠠᠢ ᠬᠤᠮᠢᠨ ᠠᠪᠴᠤ ᠭᠠᠷᠪᠠ᠃
ᠬᠠᠢ ᠯᠢᠶᠠᠨ᠂ ᠴᠡᠩᠭᠡᠯ ᠦ᠋ᠨ ᠪᠠᠢᠷᠢ ᠳ᠋ᠤ᠌ ᠬᠥᠭᠡᠭᠡᠴᠡᠯᠳᠦᠨ ᠣᠴᠢᠵᠤ ᠦᠷᠭᠦᠯᠵᠢᠯᠡᠨ ᠬᠡᠯᠡ ᠠᠮᠠ ᠪᠤᠯᠢᠶᠠᠯᠴᠠᠨ ᠨᠣᠣᠷᠠᠨᠠ᠃ ᠪᠠᠢ ᠪᠠᠲᠤ ᠡᠳᠡ ᠭᠤᠷᠪᠠ ᠪᠣᠯ ᠥᠨᠳᠥᠷ ᠳᠤᠮᠳᠠᠳᠤ ᠳ᠋ᠤ᠌ ᠨᠢᠭᠡ ᠠᠩᠭᠢ ᠳ᠋ᠤ᠌ ᠪᠠᠢᠭᠰᠠᠨ ᠬᠠᠮᠲᠤ ᠰᠤᠷᠤᠯᠭᠠᠲᠠᠨ᠃ ᠴᠡᠩᠭᠡᠯ ᠲᠠᠩᠳᠠ ᠬᠠᠢ ᠯᠢᠶᠠᠨ ᠢ᠋ᠶ᠋ᠠᠷ ᠲᠣᠭᠯᠠᠭᠠᠮ ᠬᠢᠨ᠎ᠡ᠃ ᠬᠥᠪᠰᠥᠷᠭᠡᠨ ᠬᠥᠭᠡᠷᠦᠦ᠂ ᠲᠦᠷᠭᠡᠨ ᠵᠠᠩ ᠲᠠᠢ ᠴᠤ᠌ ᠬᠠᠢ ᠯᠢᠶᠠᠨ ᠳᠣᠲᠣᠷ᠎ᠠ ᠪᠠᠨ ᠶᠠᠭᠤ ᠴᠤ᠌ ᠪᠣᠳᠣᠬᠤ ᠦᠭᠡᠢ ᠴᠠᠭᠠᠪᠤᠷ᠃ ᠰᠠᠢᠬᠠᠨ ᠠᠭᠠᠰᠢ ᠲᠠᠢ ᠦᠶ᠎ᠡ ᠳ᠋ᠦ᠍ᠨᠢ ᠬᠡᠨ ᠶᠠᠭᠤ ᠬᠡᠯᠡᠵᠦ ᠪᠠᠢᠭᠰᠠᠨ ᠴᠤ᠌ ᠠᠭᠤᠷᠯᠠᠬᠤ ᠦᠭᠡᠢ᠂ ᠬᠡᠷᠪᠡ ᠦᠨᠡᠬᠡᠷ ᠠᠭᠤᠷ ᠬᠢᠯᠢᠩ ᠢ᠋ ᠨᠢ ᠬᠦᠷᠭᠡᠴᠢᠬᠡᠬᠦ ᠶᠦᠮ ᠪᠣᠯ ᠤᠤ᠂《ᠨᠠᠢᠨᠠᠢ ᠪᠠᠨⅩⅩⅩ》᠂《ᠰᠠᠰᠤᠩ ᠢ᠋ᠶ᠋ᠠᠨⅩⅩⅩ》 ᠭᠡᠳ ᠬᠡᠴᠡᠭᠦᠦ ᠨᠡᠷᠡᠲᠦ ᠬᠠᠷᠢᠶᠠᠯ ᠢ᠋ ᠤᠷᠤᠰᠬᠠᠵᠤ ᠭᠠᠷᠤᠨ᠎ᠠ᠃ ᠴᠡᠩᠭᠡᠯ ᠠᠩᠬ᠎ᠠ ᠳᠤᠮᠳᠠᠳᠤ ᠶ᠋ᠢᠨ ᠭᠤᠷᠪᠠᠳᠤᠭᠠᠷ ᠣᠨ ᠤ᠋ ᠨᠠᠰᠤ ᠬᠤᠷᠠᠭ ᠤ᠋ᠨ ᠠᠯᠢᠶ᠎ᠠ ᠭᠡᠳᠡᠭ ᠭᠣᠶᠣ ᠥᠬᠢᠨ ᠲᠡᠢ ᠨᠢᠭᠤᠴᠠᠬᠠᠨ ᠢᠨᠠᠭᠯᠠᠵᠤ ᠪᠠᠢᠭᠰᠠᠨ ᠢ᠋ ᠬᠡᠷᠡᠭ ᠲᠦ᠍ ᠳᠤᠷᠠᠲᠠᠢ ᠬᠠᠢ ᠯᠢᠶᠠᠨ ᠮᠡᠳᠡᠴᠢᠬᠡᠭᠡᠳ ᠬᠠᠯᠲᠤᠰᠬᠢᠪᠡᠯ ᠬᠡᠯᠡᠵᠦ ᠭᠠᠷᠭᠠᠴᠢᠬᠠᠬᠤ ᠭᠡᠳ ᠪᠣᠯᠳᠠᠭ ᠦᠭᠡᠢ ᠪᠣᠯᠬᠣᠷ ᠴᠡᠩᠭᠡᠯ ᠢ᠋ ᠠᠷᠭ᠎ᠠ ᠪᠠᠷᠠᠭᠳᠠᠭᠤᠯᠤᠨ᠎ᠠ᠃ ᠲᠡᠭᠡᠭᠡᠳ ᠲᠡᠷᠡ ᠦᠨᠡᠨ ᠪᠠᠢᠳᠠᠯ ᠢ᠋ᠶ᠋ᠠᠨ ᠳᠠᠯᠳᠠᠯᠠᠬᠤ ᠭᠡᠵᠦ ᠥᠪᠡᠷ ᠢ᠋ ᠪᠡᠨ ᠲᠠᠩᠳᠠ ᠬᠠᠢ ᠯᠢᠶᠠᠨ ᠲᠠᠢ ᠬᠣᠯᠪᠣᠵᠤ ᠶᠠᠷᠢᠳᠠᠭ᠃ ᠡᠨᠡ ᠨᠢ ᠬᠡᠯᠡᠯᠭᠡᠨ ᠦᠭᠡᠢ ᠬᠠᠢ ᠯᠢᠶᠠᠨ ᠤ᠋ ᠠᠭᠠᠰᠢ ᠰᠠᠢᠬᠠᠨ ᠪᠠᠢᠬᠤ ᠦᠶ᠎ᠡ ᠳ᠋ᠦ᠍ ᠵᠣᠬᠢᠴᠠᠭᠤᠯᠤᠨ ᠬᠡᠷᠡᠭᠯᠡᠳᠡᠭ ᠠᠷᠭ᠎ᠠ ᠪᠣᠯᠬᠤ ᠶᠤᠮ᠃
ᠭᠠᠪᠢᠷ᠎ᠠ ᠪᠣᠯ ᠥᠪᠡᠷ ᠦ᠋ᠨ ᠠᠪᠤ ᠪᠣᠯᠤᠨ ᠦᠷᠡᠴᠢᠯᠡᠭᠳᠡᠭᠰᠡᠨ ᠭᠡᠷ ᠦ᠋ᠨ ᠢ᠋ᠶ᠋ᠡᠨ ᠨᠥᠯᠥᠭᠡ ᠪᠡᠷ ᠪᠤᠷᠬᠠᠨ ᠤ᠋ ᠰᠤᠷᠭᠠᠯ ᠲᠠᠢ ᠭᠡᠷ ᠲᠦ᠍ ᠥᠰᠴᠦ ᠬᠥᠮᠦᠵᠢᠭᠰᠡᠨ ᠬᠡᠦᠬᠡᠳ ᠪᠣᠯᠬᠣᠷ ᠪᠤᠰᠤᠳ ᠤ᠋ᠨ ᠥᠭᠡᠳᠡ ᠡᠴᠡ ᠭᠠᠭᠴᠠ ᠬᠠᠷᠢᠶᠠᠯ ᠤ᠋ᠨ ᠦᠭᠡ ᠬᠡᠯᠡᠵᠦ ᠴᠢᠳᠠᠳᠠᠭ ᠦᠭᠡᠢ᠃ ᠬᠣᠵᠢᠮ ᠨᠢ ᠬᠠᠢ ᠯᠢᠶᠠᠨ ᠭᠠᠪᠢᠷ᠎ᠠ ᠶ᠋ᠢᠨ ᠨᠥᠯᠥᠭᠡ ᠪᠡᠷ ᠥᠨᠥᠬᠢ ᠬᠡᠴᠡᠭᠦᠦ ᠨᠡᠷᠡᠲᠦ ᠬᠠᠷᠢᠶᠠᠯ ᠢ᠋ᠶ᠋ᠠᠨ ᠬᠡᠯᠡᠬᠦ ᠪᠡᠨ ᠠᠭᠠᠵᠢᠮ ᠪᠣᠯᠢᠭᠰᠠᠨ ᠪᠠᠢᠯ᠎ᠠ᠃
ᠦᠶ᠎ᠡ ᠬᠤᠷᠠᠭ ᠤ᠋ᠨ ᠵᠠᠯᠠᠭᠤᠴᠤᠳ ᠮᠥᠨ ᠡᠢᠮᠦᠷᠬᠦᠦ ᠦᠯᠢᠭᠡᠷ ᠢᠨᠢᠶᠡᠳᠦ ᠲᠡᠢ ᠡᠳᠦᠷ ᠰᠠᠷ᠎ᠠ ᠶ᠋ᠢ ᠦᠷᠭᠦᠯᠵᠢᠯᠡᠭᠦᠯᠦᠭᠰᠡᠭᠡᠷ ᠪᠠᠢᠯ᠎ᠠ᠃
ᠨᠢᠭᠡᠨ ᠡᠳᠦᠷ᠂ ᠰᠠᠢᠰᠢᠶᠠᠯᠲᠤ ᠥᠪᠡᠷ ᠦ᠋ᠨ ᠡᠳᠦᠷ ᠦ᠋ᠨ ᠲᠡᠮᠳᠡᠭᠯᠡᠯ ᠢ᠋ᠶ᠋ᠡᠨ ᠭᠠᠪᠢᠷ᠎ᠠ ᠶ᠋ᠢᠨ ᠰᠢᠷᠡᠭᠡᠨ ᠦ᠌ ᠰᠢᠷᠭᠤᠤᠯ ᠳ᠋ᠤ᠌ ᠬᠢᠵᠦ ᠲᠠᠯᠪᠢᠵᠠᠢ᠃ ᠲᠡᠷᠡ ᠳᠡᠪᠲᠡᠷ ᠲᠦ᠍ ᠪᠦᠷ ᠯᠡ ᠭᠠᠪᠢᠷ᠎ᠠ ᠳ᠋ᠤ᠌ ᠵᠣᠷᠢᠭᠤᠯᠤᠨ ᠪᠢᠴᠢᠭᠰᠡᠨ ᠰᠡᠳᠬᠢᠯ ᠵᠢᠷᠦᠬᠡ ᠶ᠋ᠢ ᠳᠣᠭᠳᠣᠯᠤᠭᠤᠯᠤᠮ᠎ᠠ ᠬᠠᠢᠷ᠎ᠠ ᠪᠢᠯᠬᠠᠭᠰᠠᠨ ᠨᠠᠢᠷᠠᠭᠤᠯᠤᠯ ᠤ᠋ᠨ ᠵᠣᠬᠢᠶᠠᠯ ᠤ᠋ᠳ ᠭᠡᠯᠲᠡᠢ᠃ ᠲᠡᠭᠦᠨ ᠡᠴᠡ ᠬᠣᠢᠰᠢ ᠲᠡᠳᠡ ᠬᠣᠶᠠᠭᠤᠯᠠ ᠵᠢᠩᠬᠢᠨᠢ ᠪᠡᠷ ᠢᠨᠠᠭᠯᠠᠵᠤ ᠡᠬᠢᠯᠡᠵᠡᠢ᠃ ᠲᠡᠳᠡᠨ ᠦ᠌ ᠢᠨᠠᠭ ᠬᠠᠢᠷ᠎ᠠ ᠨᠢ ᠪᠠᠯ ᠪᠤᠷᠠᠮ ᠰᠢᠭ᠋ ᠠᠮᠲᠠᠲᠠᠢᠬᠠᠨ ᠮᠥᠷᠲᠡᠭᠡᠨ ᠷᠣᠮᠠᠨᠲ᠋ᠢᠭ ᠪᠠᠢᠯ᠎ᠠ᠃ ᠡᠨᠡ ᠨᠤᠲᠤᠭ ᠤ᠋ᠨ ᠠᠭᠤᠯᠠ ᠤᠰᠤ᠂ ᠲᠠᠯ᠎ᠠ ᠬᠥᠳᠡᠭᠡ᠂ ᠴᠡᠴᠡᠭ ᠡᠪᠡᠰᠦ ᠪᠦᠬᠦᠨ ᠳ᠋ᠦ᠍᠂ ᠭᠣᠣᠯ ᠭᠣᠷᠣᠬ᠎ᠠ ᠶ᠋ᠢᠨ ᠬᠥᠪᠡᠭᠡᠨ ᠳ᠋ᠦ᠍ ᠡᠳᠡ ᠬᠣᠶᠠᠷ ᠤ᠋ᠨ ᠬᠥᠯ ᠦ᠋ᠨ ᠮᠥᠷ᠂ ᠬᠠᠢᠷ᠎ᠠ ᠶ᠋ᠢᠨ ᠰᠢᠪᠡᠨᠡᠭᠡ ᠶ᠋ᠢ ᠰᠢᠩᠭᠡᠭᠡᠨ ᠦᠯᠡᠳᠡᠭᠡᠵᠡᠢ᠃ ᠰᠤᠷᠭᠠᠭᠤᠯᠢ ᠶ᠋ᠢᠨ ᠬᠢᠨᠢ ᠪᠠᠷᠠᠭᠤᠨ ᠲᠠᠯ᠎ᠠ ᠳ᠋ᠤ᠌ ᠨᠢᠭᠡᠨ ᠥᠨᠳᠥᠷᠬᠡᠨ ᠪᠥᠨᠲᠥᠭᠡᠷ ᠣᠷᠣᠢ ᠲᠠᠢ ᠨᠠᠮᠬᠠᠨ ᠪᠣᠯᠳᠣᠭ ᠪᠠᠢᠳᠠᠭ᠃ ᠦᠳᠡᠰᠢ ᠣᠷᠣᠢ ᠶ᠋ᠢᠨ ᠰᠡᠯᠡᠭᠦᠬᠡᠨ ᠴᠠᠭ ᠢ᠋ᠶ᠋ᠠᠷ ᠢ᠋ᠶ᠋ᠠᠨ ᠲᠡᠳᠡ ᠬᠣᠶᠠᠷ ᠲᠡᠷᠡᠬᠦ ᠪᠥᠨᠲᠥᠭᠡᠷ ᠲᠣᠯᠣᠭᠠᠢ ᠶ᠋ᠢᠨ ᠣᠷᠣᠢ ᠳᠡᠭᠡᠷ᠎ᠡ ᠲᠡᠷᠭᠡᠯ ᠰᠠᠷᠠᠨ ᠤ᠋ ᠴᠡᠭᠡᠨ ᠲᠤᠶᠠᠭ᠎ᠠ ᠭᠠᠵᠠᠷ ᠳᠦᠭᠦᠷᠡᠩ ᠠᠰᠬᠠᠷᠠᠭᠰᠠᠨ ᠨᠠᠮᠤᠭᠤᠬᠠᠨ ᠦᠳᠡᠰᠢ᠂ ᠴᠡᠴᠡᠭᠡᠰ ᠦ᠋ᠨ ᠦᠨᠦᠷ ᠲᠡᠢ ᠠᠭᠠᠷ ᠢ᠋ ᠴᠡᠭᠡᠵᠢ ᠳᠦᠭᠦᠷᠡᠩ ᠠᠮᠢᠰᠬᠤᠯᠯᠠᠨ ᠤᠳᠠᠲᠠᠯ᠎ᠠ ᠲᠡᠪᠡᠷᠢᠯᠳᠦᠨ ᠵᠣᠭᠣᠭᠳᠠᠳᠠᠭ ᠪᠠᠢᠯ᠎ᠠ᠃
ᠲᠤᠰ ᠵᠢᠯ ᠦ᠋ᠨ ᠬᠢᠨᠢ ᠨᠠᠮᠤᠷ ᠤ᠋ᠨ ᠨᠠᠢ᠍ᠮᠠᠨ ᠰᠠᠷ᠎ᠠ ᠳ᠋ᠤ᠌ ᠬᠤᠷᠢᠮ ᠢ᠋ᠶ᠋ᠠᠨ ᠬᠢᠬᠦ ᠪᠡᠷ ᠲᠣᠭᠲᠠᠪᠠ᠃ ᠰᠤᠷᠭᠠᠭᠤᠯᠢ ᠠ᠋ᠴᠠ ᠨᠢ ᠬᠣᠶᠠᠷ ᠲᠠᠰᠤᠯᠭ᠎ᠠ ᠪᠠᠢᠷᠢ ᠶ᠋ᠢᠨ ᠭᠡᠷ ᠢ᠋ ᠰᠤᠯᠠᠯᠠᠨ ᠭᠠᠷᠭᠠᠵᠤ ᠲᠡᠳᠡ ᠬᠣᠶᠠᠷ ᠳᠤ ᠵᠠᠰᠠᠵᠤ ᠥᠭᠭᠦᠯ᠎ᠡ᠃
ᠲᠡᠷᠡ ᠦᠶ᠎ᠡ ᠳ᠋ᠦ᠍ ᠬᠣᠶᠠᠭᠤᠯᠠ ᠨᠡᠢᠯᠡᠭᠡᠳ ᠨᠠᠶᠠᠨ ᠬᠣᠶᠠᠷ ᠲᠥᠭᠥᠷᠢᠭ ᠦ᠋ᠨ ᠴᠠᠯᠢᠩ ᠲᠠᠢ ᠪᠠᠢᠭᠰᠠᠨ ᠴᠣ ᠵᠣᠭᠣᠰ ᠦᠨᠡᠲᠡᠢ᠂ ᠶᠠᠭᠤᠮ᠎ᠠ ᠬᠢᠮᠳᠠ ᠴᠠᠭ ᠪᠣᠯᠬᠣᠷ ᠲᠤᠬᠠᠢ ᠶ᠋ᠢᠨ ᠦᠶ᠎ᠡ ᠳ᠋ᠡᠭᠡᠨ ᠬᠠᠮᠤᠭ ᠰᠢᠨ᠎ᠡ ᠮᠠᠶᠢᠭ ᠤ᠋ᠨ ᠭᠡᠭᠳᠡᠵᠦ ᠪᠠᠢᠭᠰᠠᠨ ᠠᠪᠳᠠᠷ᠎ᠠ ᠬᠣᠷᠭᠣ᠂ ᠡᠳ᠋ᠯᠡᠯ ᠬᠡᠷᠡᠭᠰᠡᠯ ᠢ᠋ ᠪᠦᠷᠢᠳᠦᠭᠦᠯᠵᠦ ᠲᠣᠬᠢᠯᠢᠭ ᠰᠠᠢᠬᠠᠨ ᠰᠢᠨ᠎ᠡ ᠠᠢᠯ ᠭᠠᠷᠤᠯ᠎ᠠ᠃
ᠲᠡᠳᠡ ᠭᠡᠢᠴᠢᠳ ᠵᠣᠴᠢᠳ ᠴᠤᠭᠯᠠᠭᠰᠠᠨ ᠨᠢᠵᠢᠭᠡᠷ ᠰᠠᠢᠬᠠᠨ ᠬᠤᠷᠢᠮ ᠤ᠋ᠨ ᠶᠣᠰᠣᠯᠠᠯ ᠢ᠋ᠶ᠋ᠠᠨ ᠬᠢᠵᠦ ᠵᠢᠩᠬᠢᠨᠢ ᠠᠮᠢᠳᠤᠷᠠᠯ ᠢ᠋ᠶ᠋ᠠᠨ ᠡᠬᠢᠯᠡᠭᠦᠯᠦᠯ᠎ᠡ᠃
ᠬᠤᠷᠢᠮ ᠤ᠋ᠨ ᠬᠢᠨᠢ ᠣᠷᠣᠢ ᠦᠶ᠎ᠡ ᠬᠤᠷᠠᠭ ᠤ᠋ᠨ ᠬᠢᠨᠢ ᠵᠠᠯᠠᠭᠤᠴᠤᠳ ᠰᠥᠨᠢ ᠳᠦᠯᠢ ᠥᠩᠭᠡᠷᠡᠲᠡᠯ᠎ᠡ ᠦᠢᠮᠡᠭᠦᠯᠦᠨ ᠶᠣᠰᠣᠲᠠᠢ ᠴᠤ᠌ ᠱᠠᠪᠠᠢ ᠪᠠᠨ ᠬᠠᠨᠲᠠᠯ᠎ᠠ ᠨᠠᠭᠠᠳᠤᠮ ᠲᠣᠭᠯᠠᠭᠠᠮ ᠬᠢᠵᠦ ᠠᠷᠠᠢ ᠠᠩᠬᠠᠨ ᠤ᠋ ᠰᠥᠨᠢ ᠳ᠋ᠦ᠍ᠨᠢ ᠠᠮᠠᠷᠠᠭᠤᠯᠬᠤ ᠦᠭᠡᠢ ᠦᠷ ᠴᠠᠢᠯᠭᠠᠬᠤ ᠠ᠋ᠴᠠ ᠪᠤᠴᠠᠬᠤ ᠦᠭᠡᠢ ᠪᠣᠯᠤᠭᠰᠠᠨ ᠳ᠋ᠤ᠌ ᠨᠠᠢᠵᠠ ᠪᠡᠷᠭᠡᠨ ᠢ᠋ᠶ᠋ᠡᠷ ᠦᠯᠡᠳᠡᠭᠰᠡᠨ ᠪᠦᠰᠡᠭᠦᠢ ᠬᠡᠯᠡᠬᠦ ᠶ᠋ᠢᠨ ᠬᠦᠴᠦᠨ ᠳ᠋ᠦ᠍ ᠳᠥᠩᠭᠡᠵᠦ ᠶᠠᠪᠤᠵᠠᠭᠠᠪᠠ᠃
ᠬᠠᠷᠠᠴᠢᠨ ᠨᠤᠲᠤᠭ ᠲᠠᠢ ᠨᠠᠢᠵᠠ ᠪᠡᠷᠭᠡᠨ ᠨᠢ ᠲᠡᠷᠡ ᠬᠣᠶᠠᠷ ᠤ᠋ᠨ ᠣᠷᠣ ᠶ᠋ᠢ ᠵᠠᠰᠠᠵᠤ᠂ ᠤᠷᠠᠨ ᠬᠠᠵᠢᠨ ᠬᠠᠳᠬᠤᠮᠠᠯ ᠲᠠᠢ ᠲᠣᠷᠭᠠᠨ ᠳᠡᠷᠡ ᠶ᠋ᠢ ᠵᠡᠷᠭᠡᠴᠡᠭᠦᠯᠦᠨ ᠲᠠᠯᠪᠢᠵᠤ ᠠᠯᠲᠠᠨ ᠰᠠᠷᠭᠠᠢ ᠴᠡᠴᠡᠭ ᠦ᠋ᠨ ᠬᠡ ᠲᠡᠢ ᠤᠯᠠᠭᠠᠨ ᠲᠣᠷᠭᠠᠨ ᠬᠥᠨᠵᠢᠯᠡ ᠶ᠋ᠢ ᠨᠢ ᠳᠡᠯᠭᠡᠨ ᠯᠣᠬᠠᠱᠧᠩ ᠦ᠋ᠨ ᠦᠷ᠎ᠡ᠂ ᠤᠯᠠᠭᠠᠨ ᠴᠢᠪᠠᠭ᠎ᠠ ᠶ᠋ᠢ ᠣᠷᠣᠨ ᠳᠡᠭᠡᠷ᠎ᠡ ᠨᠢ ᠰᠠᠴᠤᠵᠤ 《ᠬᠥᠨᠵᠢᠯᠡ ᠳᠦᠭᠦᠷᠡᠩ ᠬᠡᠦᠬᠡᠳ ᠲᠡᠢ ᠪᠣᠯᠤᠭᠠᠷᠠᠢ!》 ᠭᠡᠮᠡᠨ ᠢᠷᠦᠭᠡᠭᠡᠳ ᠡᠷᠲᠡᠬᠡᠨ ᠤᠨᠲᠠ ᠭᠡᠳ ᠭᠠᠷᠴᠤ ᠶᠠᠪᠤᠪᠠ᠃
ᠰᠢᠷᠡᠭᠡᠨ ᠳᠡᠭᠡᠷ᠎ᠡ ᠭᠤᠷᠪᠠᠨ ᠲᠣᠮᠣ ᠤᠯᠠᠭᠠᠨ ᠯᠠ ᠪᠠᠳᠮᠠᠯᠠᠨ ᠠᠰᠠᠵᠤ ᠡᠪᠯᠢᠭ ᠲᠣᠬᠢᠲᠠᠢ ᠪᠠᠢᠷᠢᠯᠠᠭᠤᠯᠤᠭᠰᠠᠨ ᠰᠢᠨ᠎ᠡ ᠭᠡᠷ ᠢ᠋ ᠭᠡᠷᠡᠯᠲᠦᠭᠦᠯᠦᠨ᠎ᠡ᠃ ᠴᠣᠩᠬᠣᠨ ᠤ᠋ ᠲᠣᠷᠭᠠᠨ ᠬᠥᠰᠢᠭᠡᠨ ᠦ᠌ ᠴᠠᠭᠠᠨᠠᠠ᠋ᠴᠠ ᠠᠷᠪᠠᠨ ᠲᠠᠪᠤᠨ ᠤ᠋ ᠲᠡᠷᠭᠡᠯ ᠰᠠᠷᠠᠨ ᠤ᠋ ᠭᠡᠭᠡᠨ ᠲᠤᠶᠠᠭ᠎ᠠ ᠨᠡᠪᠲᠡᠯᠦᠨ ᠲᠤᠢᠯᠠᠨᠠ᠃
ᠭᠠᠪᠢᠷ᠎ᠠ ᠬᠠᠢᠷᠠᠲᠤ ᠬᠥᠮᠦᠨ ᠦ᠌ ᠪᠡᠨ ᠬᠠᠨᠠᠭᠠᠷ ᠡᠯᠢᠭᠡᠨ ᠳ᠋ᠦ᠍ ᠨᠠᠭᠠᠯᠳᠤᠨ ᠬᠡᠪᠲᠡᠬᠦ ᠳ᠋ᠦ᠍ ᠬᠠᠮᠤᠭ ᠪᠡᠶ᠎ᠡ ᠨᠢ ᠴᠡᠴᠡᠷᠬᠢᠯᠡᠨ ᠳᠣᠭᠳᠣᠯᠤᠨ᠎ᠠ᠃ ᠲᠡᠷᠡ ᠬᠣᠶᠠᠷ ᠡᠢᠮᠦ ᠨᠢᠭᠡᠨ ᠡᠳᠦᠷ ᠢ᠋ ᠬᠦᠰᠡᠭᠡᠳ ᠤᠳᠠᠭᠰᠠᠨ ᠪᠠᠢᠯ᠎ᠠ᠃ ᠨᠥᠬᠥᠷ ᠨᠢ ᠲᠡᠭᠦᠨ ᠦ᠌ ᠬᠠᠯᠠᠭᠤ ᠰᠢᠲᠠᠭᠰᠠᠨ ᠤᠷᠤᠭᠤᠯ ᠢ᠋ ᠰᠢᠮᠡᠨ ᠦᠨᠦᠰᠴᠦ ᠵᠥᠭᠡᠯᠡᠨ ᠤᠯᠠᠭᠠᠨ ᠬᠡᠯᠡ ᠶ᠋ᠢ ᠨᠢ ᠲᠠᠰᠤ ᠬᠠᠵᠠᠮᠠᠷ ᠰᠤᠷᠤᠨ᠎ᠠ᠃ ᠡᠷ᠎ᠡ ᠬᠥᠮᠦᠨ ᠦ᠌ ᠢᠳᠡᠯᠢᠭ ᠴᠢᠩᠭ᠎ᠠ ᠲᠡᠪᠡᠷᠢᠯᠲᠡ ᠡᠷᠴᠢᠯᠢᠭ ᠣᠭᠵᠣᠮ ᠠᠮᠢᠰᠬᠤᠭ᠎ᠠ ᠭᠡᠭᠴᠢ ᠬᠡᠴᠢᠨᠡᠨ ᠭᠠᠢᠬᠠᠮᠰᠢᠭᠲᠤ ᠷᠢᠳᠢ ᠰᠢᠳᠢ ᠲᠡᠢ ᠪᠠᠢᠳᠠᠭ ᠢ᠋ ᠠᠩᠬ᠎ᠠ ᠮᠡᠳᠡᠷᠡᠵᠦ ᠪᠠᠢᠭ᠎ᠠ ᠵᠠᠯᠠᠭᠤ ᠥᠬᠢᠨ ᠳ᠋ᠦ᠍ ᠬᠣᠷᠸ᠎ᠠ ᠳ᠋ᠤ᠌ ᠲᠡᠭᠦᠨ ᠡᠴᠡ ᠥᠭᠡᠷ᠎ᠡ ᠵᠢᠷᠭᠠᠯᠲᠠᠢ ᠬᠥᠮᠦᠨ ᠦᠭᠡᠢ ᠰᠢᠭ ᠰᠠᠨᠠᠭᠳᠠᠨ᠎ᠠ᠃ ᠬᠣᠩᠭᠣᠷ ᠵᠢᠭᠠᠬᠠᠨ ᠪᠦᠰᠡᠭᠦᠢ ᠶ᠋ᠢᠨ ᠢ᠋ᠶ᠋ᠡᠨ ᠭᠤᠸᠠᠯᠢᠭ ᠵᠥᠭᠡᠯᠡᠨ ᠴᠣᠭᠴᠠᠰ ᠢ᠋ ᠲᠠᠭᠠᠯᠠᠨ ᠢᠯᠪᠢᠵᠦ ᠬᠡᠪᠲᠡᠬᠦ ᠳ᠋ᠦ᠍ ᠬᠠᠮᠤᠭ ᠪᠡᠶ᠎ᠡ ᠶ᠋ᠢᠨ ᠬᠢᠨᠢ ᠬᠠᠯᠠᠭᠤᠨ ᠴᠢᠰᠤ ᠪᠤᠴᠠᠯᠵᠤ ᠪᠠᠢᠬᠤ ᠰᠢᠭ᠋ ᠢᠯᠴᠢᠭᠢᠨᠡᠵᠦ᠂ ᠡᠮᠵᠡᠭ ᠳᠠᠷᠬᠠᠨ ᠭᠠᠵᠠᠷ ᠲᠤᠨᠢ ᠬᠦᠷᠦᠯᠴᠡᠬᠦ ᠶ᠋ᠢᠨ ᠲᠡᠷᠡ ᠭᠱᠠᠨ ᠳ᠋ᠤ᠌ ᠡᠷ᠎ᠡ ᠪᠡᠶ᠎ᠡ ᠶ᠋ᠢᠨ ᠣᠮᠣᠭ ᠡᠷᠴᠢᠯᠡᠨ ᠴᠢᠩᠭᠠᠷᠠᠬᠤ ᠳ᠋ᠤ᠌᠂ ᠡᠷᠭᠢ ᠪᠡᠨ ᠳᠡᠯᠡᠭᠰᠡᠨ ᠮᠥᠷᠡᠨ ᠦ᠌ ᠬᠦᠴᠦᠲᠦ ᠤᠷᠤᠰᠬᠠᠯ ᠳ᠋ᠤ᠌ ᠶᠡᠭᠦᠷᠡᠨ ᠡᠮᠲᠡᠷᠡᠬᠦ ᠬᠥᠷᠥᠰᠥ ᠰᠢᠭ ᠡᠪᠬᠡᠷᠡᠨ ᠡᠮᠵᠡᠭᠯᠡᠬᠦ ᠵᠥᠭᠡᠯᠡᠨ ᠭᠤᠸ᠎ᠠ ᠴᠣᠭᠴᠠᠰ᠂ ᠡᠪᠡᠷᠰᠢᠶᠡᠯ ᠲᠠᠭᠠᠰᠢᠶᠠᠯ ᠬᠣᠶᠠᠷ ᠢ᠋ ᠢᠵᠢᠯᠬᠡᠨ ᠮᠡᠳᠡᠷᠡᠬᠦᠢ ᠶ᠋ᠢᠨ ᠲᠡᠷᠡ ᠯᠠ ᠬᠣᠷᠣᠮ ᠳ᠋ᠤ᠌ ᠠᠷᠭ᠎ᠠ ᠶ᠋ᠢᠨ ᠬᠤᠷ᠎ᠠ ᠶ᠋ᠢ ᠠᠮᠲᠠᠲᠠᠢ ᠲᠣᠰᠴᠤ ᠪᠢᠯᠢᠭ ᠦ᠋ᠨ ᠠᠮᠢᠰᠬᠤᠯ ᠲᠠᠯᠪᠢᠭᠤᠷᠠᠨ ᠪᠠᠳᠮ᠎ᠠ ᠶ᠋ᠢᠨ ᠳᠡᠯᠪᠢ ᠨᠢᠭᠡᠨᠲᠡ ᠰᠡᠬᠦᠭᠳᠡᠬᠦᠶᠡ ᠢᠩᠲᠣᠣᠷ ᠤ᠋ᠨ ᠤᠯᠠᠭᠠᠨ ᠰᠢᠭᠦᠰᠦ ᠰᠢᠨ᠎ᠡ ᠳᠡᠪᠢᠰᠬᠡᠷ ᠢ᠋ ᠮᠢᠯᠢᠶᠠᠪᠠᠢ᠃
ᠶᠢᠷᠲᠢᠨᠴᠦ ᠶ᠋ᠢᠨ ᠵᠢᠷᠭᠠᠯ ᠢ᠋ ᠠᠩᠬ᠎ᠠ ᠡᠳ᠋ᠯᠡᠵᠦ ᠪᠠᠢᠭ᠎ᠠ ᠬᠣᠶᠠᠷ ᠵᠠᠯᠠᠭᠤ ᠮᠠᠨᠢ ᠠᠩᠬᠠᠨ ᠤ᠋ ᠰᠥᠨᠢ ᠶ᠋ᠢᠨ ᠠᠮᠠᠷᠠᠭ ᠬᠠᠢᠷ᠎ᠠ ᠳ᠋ᠠᠭᠠᠨ ᠦᠷ ᠢ᠋ ᠭᠡᠭᠡᠷᠡᠲᠡᠯ᠎ᠡ ᠡᠷᠬᠡᠯᠡᠨ ᠵᠢᠷᠭᠠᠵᠠᠢ᠃ ᠠᠮᠢᠳᠤᠷᠠᠯ ᠬᠡᠵᠢᠶᠡᠳᠡ ᠠᠩᠬᠠᠨ ᠤ᠋ ᠰᠥᠨᠢ ᠰᠢᠭ ᠢ᠋ᠶ᠋ᠡᠨ ᠮᠥᠩᠬᠡᠷᠡᠳᠡᠭ ᠰᠠᠨ ᠴᠦ᠍ ᠪᠣᠯᠤᠭᠠᠰᠠᠢ ᠭᠡᠵᠦ ᠭᠠᠪᠢᠷ᠎ᠠ ᠬᠣᠵᠢᠮ ᠨᠢ ᠥᠩᠭᠡᠷᠡᠭᠦᠯᠦᠭᠰᠡᠨ ᠭᠠᠰᠢᠭᠤᠬᠠᠨ ᠬᠤᠪᠢ ᠲᠠᠪᠢᠯᠠᠩ ᠤ᠋ᠨ ᠢ᠋ᠶ᠋ᠠᠨ ᠳᠠᠭᠤᠰᠤᠰᠢ ᠦᠭᠡᠢ ᠤᠷᠲᠤ ᠬᠣᠨᠣᠭ ᠤ᠋ᠳ ᠲᠤ᠌ ᠵᠢᠷᠦᠬᠡ ᠰᠢᠮᠰᠢᠷᠡᠨ ᠳᠤᠷᠠᠰᠳᠠᠭ ᠪᠠᠢᠵᠤ ᠪᠢᠯᠡ᠃
ᠳᠠᠷᠠᠭ᠎ᠠ ᠥᠷᠯᠥᠭᠡ ᠨᠢ ᠬᠠᠮᠲᠤ ᠠᠵᠢᠯᠯᠠᠭᠴᠢ ᠵᠠᠯᠠᠭᠤᠴᠤᠳ ᠨᠢ ᠮᠣᠩᠭᠣᠯ ᠤ᠋ᠨ ᠵᠠᠩᠰᠢᠯ ᠢ᠋ᠶ᠋ᠠᠷ ᠢ᠋ᠶ᠋ᠠᠨ ᠰᠢᠨ᠎ᠡ ᠪᠡᠷᠢ ᠶ᠋ᠢᠨ ᠴᠠᠢ ᠤᠤᠭᠤᠨ᠎ᠠ ᠭᠡᠵᠦ ᠭᠡᠷ ᠲᠦ᠋ᠨᠢ ᠢᠷᠡᠵᠡᠭᠡᠯ᠎ᠡ᠃ ᠪᠠᠢ ᠪᠠᠲᠤ ᠳᠠᠷᠪᠠᠢᠨ ᠢᠨᠢᠶᠡᠵᠦ
— ᠲᠠᠨᠠᠷ ᠰᠠᠶ᠋ᠶ᠋᠊ ᠭᠤᠸᠠᠢ ᠶ᠋ᠢ ᠬᠠᠷ᠎ᠠ ᠯᠠ ᠳᠠ᠂ ᠬᠠᠭᠠᠰᠬᠠᠨ ᠰᠥᠨᠢ ᠶ᠋ᠢᠨ ᠬᠣᠭᠣᠷᠣᠨᠳᠣ ᠨᠢᠳᠦ ᠨᠢ ᠬᠣᠩᠬᠣᠢᠨ ᠰᠠᠭᠤᠴᠢᠬᠠᠵᠠᠢ᠃ ᠪᠡᠶ᠎ᠡ ᠪᠡᠨ ᠭᠠᠮᠨᠠᠬᠤ ᠶᠤᠮ ᠰᠢᠦ! ᠭᠡᠰᠡᠨ ᠳ᠋ᠦ᠍᠂ ᠴᠡᠩᠭᠡᠯ ᠠᠮᠠᠳᠠᠵᠤ ᠠᠪᠤᠭᠠᠳ
— ᠬᠠᠷᠢᠨ ᠲᠡᠢᠮᠦ ᠪᠠᠢᠨ᠎ᠠ᠃ ᠵᠠ᠂ ᠰᠠᠶ᠋ᠶ᠋᠊ ᠭᠤᠸᠠᠢ ᠨᠢᠭᠡ ᠰᠥᠨᠢ ᠲᠤᠷᠰᠢ ᠶᠠᠭᠤ ᠬᠢᠵᠦ ᠥᠩᠭᠡᠷᠡᠭᠡ ᠪᠣᠢ? ᠰᠣᠨᠢᠨ ᠶᠠᠭᠤᠮ᠎ᠠ ᠶᠠᠷᠢ ᠯᠠ ᠳᠠ᠃ ᠬᠥᠶᠢ᠂ ᠭᠠ ᠪᠠᠭᠰᠢ ᠨᠢᠭᠡ ᠯᠡ ᠣᠨᠳᠣᠣ ᠪᠣᠯᠴᠢᠬᠠᠵᠠᠢ ᠰᠢᠦ! ᠪᠤᠤ ᠵᠢᠩ ᠴᠦ᠍ ᠵᠦᠭᠡᠷ ᠪᠠᠢᠯ ᠦᠭᠡᠢ᠂ ᠣᠨᠢᠭᠠᠷ ᠨᠢᠳᠦ ᠪᠡᠨ ᠰᠡᠭᠡᠢᠯᠭᠡᠨ ᠢᠨᠢᠶᠡᠵᠦ᠂ ᠴᠢᠷᠠᠢ ᠪᠠᠨ ᠴᠢᠰ ᠤᠯᠠᠢᠯᠭᠠᠨ ᠵᠣᠭᠰᠣᠬᠤ ᠭᠠᠪᠢᠷ᠎ᠠ ᠶ᠋ᠢᠨ ᠨᠢᠭᠤᠷ ᠢ᠋ ᠥᠩᠭᠡᠢᠨ ᠱᠠᠭᠠᠢᠵᠤ
— ᠥᠬᠢᠨ ᠳᠡᠭᠦᠦ ᠬᠤᠷᠢᠮᠯᠠᠴᠢᠬᠠᠭᠰᠠᠨ ᠴᠢᠨᠢ ᠤᠯᠠᠮ ᠴᠤ᠌ ᠭᠣᠶᠣ ᠪᠣᠯᠴᠢᠬᠠᠵᠠᠢ ᠭᠡᠨ᠎ᠡ᠃ ᠬᠠᠢ ᠯᠢᠶᠠᠨ ᠭᠡᠳᠡᠭᠡᠨᠡᠨ ᠢᠨᠢᠶᠡᠵᠦ᠂
— ᠬᠤᠷᠢᠮᠯᠠᠬᠤ ᠲᠡᠭᠡᠭᠡᠳ ᠭᠣᠶᠣ ᠶᠤᠮ ᠤᠤ? ᠡᠭᠡᠴᠢ ᠠ᠋! ᠭᠡᠨ᠎ᠡ ᠃ ᠰᠠᠢᠰᠢᠶᠠᠯᠳᠤ᠂ ᠢᠴᠢᠵᠦ ᠰᠢᠷᠪᠡᠭᠡᠲᠦᠭᠡᠳ ᠪᠠᠷᠢᠵᠤ ᠲᠠᠯᠪᠢᠬᠤ ᠪᠠᠨ ᠣᠯᠵᠤ ᠶᠠᠳᠠᠨ ᠪᠠᠢᠭ᠎ᠠ ᠭᠠᠪᠢᠷ᠎ᠠ ᠪᠠᠨ ᠮᠥᠷᠥ ᠪᠡᠷ ᠨᠢ ᠲᠡᠪᠡᠷᠢᠨ ᠥᠬᠥᠭᠡᠷᠳᠡᠵᠦ ᠬᠠᠢᠷᠠᠯᠠᠭᠰᠠᠨ ᠵᠥᠭᠡᠯᠡᠨ ᠬᠠᠷᠠᠴᠠ ᠪᠠᠷ ᠰᠢᠷᠳᠡᠨ ᠨᠥᠭᠦᠭᠡ ᠬᠡᠳᠦᠭᠦᠯᠡ ᠳ᠋ᠡᠭᠡᠨ
— ᠳᠠᠮᠰᠢᠭ ᠤ᠋ᠳ ᠮᠢᠨᠢ! ᠲᠥᠪᠯᠡᠭᠦᠨ ᠰᠢᠭ ᠰᠠᠭᠤᠭᠠᠳ ᠢᠳᠡᠵᠦ ᠤᠤᠭᠤᠵᠠᠭ᠎ᠠ᠂ ᠲᠡᠢᠮᠦ ᠣᠯᠠᠨ ᠢ᠋ ᠮᠡᠳᠡᠶ᠎ᠡ ᠭᠡᠵᠦ ᠬᠦᠰᠡᠭᠡᠳ ᠪᠠᠢᠭ᠎ᠠ ᠪᠣᠯ ᠥᠪᠡᠷᠰᠡᠳ ᠢ᠋ᠶ᠋ᠡᠨ ᠠᠪᠠᠭᠠᠢ ᠠᠪᠤᠭᠠᠳ ᠯᠠ ᠮᠡᠳᠡᠬᠦ ᠦᠭᠡᠢ ᠤᠤ ᠳᠠ ᠭᠡᠪᠡ᠃
ᠪᠦᠭᠦᠳᠡᠭᠡᠷ ᠬᠥᠭᠵᠢᠯᠲᠡᠢ ᠨᠠᠷᠭᠢᠯᠳᠤᠨ᠂ ᠰᠢᠨ᠎ᠡ ᠠᠢᠯ ᠤ᠋ᠨ ᠡᠯᠪᠡᠭ ᠲᠠᠩᠰᠤᠭ ᠢᠳᠡᠭᠡ ᠴᠠᠢ ᠶ᠋ᠢ ᠠᠮᠲᠠᠷᠬᠠᠨ ᠵᠣᠭᠣᠭᠯᠠᠨ᠎ᠠ᠃ ᠦᠶ᠎ᠡ ᠬᠤᠷᠠᠭ ᠤ᠋ᠨ ᠵᠠᠯᠠᠭᠤᠴᠤᠳ ᠤ᠋ᠨ ᠳᠣᠲᠣᠷᠠᠠ᠋ᠴᠠ ᠬᠠᠮᠤᠭ ᠲᠡᠷᠢᠭᠦᠨ ᠳ᠋ᠦ᠍ ᠠᠢᠯ ᠭᠡᠷ ᠪᠣᠯᠵᠤ ᠪᠠᠢᠭ᠎ᠠ ᠡᠳᠡ ᠬᠣᠶᠠᠭᠤᠯᠠ ᠶ᠋ᠢ ᠢᠩᠭᠢᠵᠦ ᠪᠠᠢᠵᠤ ᠶᠠᠳᠠᠨ ᠲᠣᠭᠯᠠᠭᠠᠮ ᠬᠢᠵᠦ ᠪᠠᠢᠭ᠎ᠠ ᠠᠵᠢ᠃ ᠤᠬᠠᠭᠠᠷᠠᠵᠤ ᠭᠦᠢᠴᠡᠭᠡ ᠦᠭᠡᠢ ᠵᠠᠯᠠᠭᠤ ᠽᠠᠨᠳᠠᠨ ᠨᠠᠰᠤ ᠭᠡᠵᠦ ᠨᠡᠭᠡᠷᠡᠨ ᠴᠦ᠍ ᠨᠠᠷᠭᠢᠶᠠᠨ ᠲᠠᠢ ᠮᠥᠷᠲᠡᠭᠡᠨ ᠪᠠᠶᠠᠷ ᠬᠥᠭᠵᠢᠯ ᠲᠡᠢ ᠰᠠᠢᠬᠠᠨ ᠯᠠ ᠪᠠᠢᠵᠤ ᠳᠠ᠃
ᠰᠠᠢᠰᠢᠶᠠᠯᠲᠤ ᠭᠠᠪᠢᠷ᠎ᠠ ᠬᠣᠶᠠᠷ ᠤ᠋ᠨ ᠠᠮᠢᠳᠤᠷᠠᠯ ᠶᠣᠰᠣᠲᠠᠢ ᠪᠠᠯ ᠪᠤᠷᠠᠮ ᠰᠢᠭ᠋ ᠪᠠᠢᠯ᠎ᠠ᠃ ᠵᠢᠷᠭᠠᠯ ᠪᠢᠯᠬᠠᠭᠰᠠᠨ ᠡᠨᠡ ᠠᠢᠯ ᠡᠭᠦᠳᠡ ᠪᠡᠨ ᠰᠡᠬᠦᠮᠡᠭᠴᠡ ᠯᠡ ᠬᠥᠮᠦᠨ ᠦ᠌ ᠳᠠᠯᠠᠯᠭ᠎ᠠ ᠠᠪᠴᠢᠬᠠᠭᠰᠠᠨ ᠶᠤᠮ ᠰᠢᠭ᠋ ᠭᠡᠢᠴᠢᠨ ᠵᠣᠴᠢᠨ ᠲᠠᠰᠤᠷᠠᠳᠠᠭ ᠦᠭᠡᠢ ᠠᠢᠯ ᠪᠣᠯᠵᠤ᠂ ᠭᠠᠭᠴᠠ ᠪᠡᠶ᠎ᠡ ᠪᠠᠭᠰᠢᠨᠠᠷ ᠨᠢ ᠥᠨᠵᠢᠵᠦ ᠬᠣᠨᠣᠯ ᠦᠭᠡᠢ ᠡᠳᠡᠨ ᠦ᠌ ᠲᠣᠭᠣᠭ᠎ᠠ ᠶ᠋ᠢ ᠬᠠᠳᠠᠨ᠎ᠠ᠃ ᠭᠠᠪᠢᠷ᠎ᠠ ᠬᠣᠭᠣᠯᠠ ᠵᠠᠭᠤᠰᠢᠨ ᠳ᠋ᠠᠭᠠᠨ ᠭᠠᠷᠮᠠᠭᠠᠢ᠂ ᠵᠣᠴᠢᠨᠰᠠᠭ ᠬᠠᠯᠠᠭᠤᠨ ᠵᠠᠩ ᠲᠠᠢ᠃ ᠰᠠᠷ᠎ᠠ ᠶ᠋ᠢᠨ ᠬᠢᠨᠢ ᠳᠠᠷᠠᠭ᠎ᠠ ᠭᠠᠪᠢᠷ᠎ᠠ ᠤᠤᠭᠠᠨ ᠬᠡᠦᠬᠡᠳ ᠢ᠋ᠶ᠋ᠡᠨ ᠵᠢᠷᠮᠦᠰᠦᠯᠡᠵᠦ ᠡᠳᠡᠨ ᠦ᠌ ᠳ᠋ᠦ᠍ ᠪᠠᠰᠠ ᠨᠢᠭᠡᠨ ᠪᠠᠶᠠᠷ ᠨᠡᠮᠡᠭᠳᠡᠵᠡᠢ᠃
ᠭᠠᠪᠢᠷ᠎ᠠ ᠶ᠋ᠢᠨ ᠵᠢᠷᠮᠦᠰᠦᠨ ᠦ᠌ ᠬᠠᠷᠰᠢᠯᠠᠯ ᠳᠠᠩᠴᠤ ᠬᠡᠴᠡᠭᠦᠦ ᠪᠠᠢᠵᠤ ᠵᠢᠮᠢᠰ ᠦ᠋ᠨ ᠵᠦᠢᠯ ᠡᠴᠡ ᠪᠤᠰᠤᠳ ᠶᠠᠭᠤᠮ᠎ᠠ ᠶ᠋ᠢ ᠶᠠᠭᠤ ᠴᠤ᠌ ᠢᠳᠡᠵᠦ ᠣᠷᠣᠬᠤ ᠦᠭᠡᠢ ᠪᠥᠭᠡᠯᠵᠢᠵᠦ ᠣᠭᠰᠢᠭᠤᠯᠤᠭᠠᠳ ᠠᠢᠬᠤᠪᠲᠤᠷ ᠵᠣᠪᠠᠭᠠᠵᠤ ᠪᠠᠢᠯ᠎ᠠ᠃ ᠲᠡᠭᠦᠨ ᠦ᠌ ᠭᠡᠷᠡᠯ ᠲᠡᠳᠡᠨ ᠬᠦᠯᠲᠦᠭᠡᠨᠡᠵᠦ ᠪᠠᠢᠳᠠᠭ ᠴᠠᠭᠠᠨ ᠴᠢᠷᠠᠢ ᠬᠣᠵᠢᠨ ᠰᠢᠷᠠᠯᠠᠵᠤ ᠤᠷᠤᠭᠤᠯ ᠨᠢ ᠣᠮᠣᠭᠣᠯᠲᠤᠨ ᠭᠠᠳᠠᠵᠤ ᠵᠠᠷᠢᠮ ᠳ᠋ᠠᠭᠠᠨ ᠳᠣᠣᠷ᠎ᠠ ᠬᠠᠯᠠᠭᠤᠷᠠᠬᠤ ᠵᠡᠷᠭᠡ ᠪᠡᠷ ᠵᠣᠪᠠᠵᠤ ᠬᠠᠶᠠ ᠠᠵᠢᠯ ᠳ᠋ᠠᠭᠠᠨ ᠴᠤ᠌ ᠣᠴᠢᠵᠤ ᠴᠢᠳᠠᠬᠤ ᠦᠭᠡᠢ ᠭᠠᠴᠢᠭᠳᠠᠨ᠎ᠠ᠃ ᠰᠠᠢᠰᠢᠶᠠᠯᠲᠤ᠂ ᠦᠷ᠎ᠡ ᠶ᠋ᠢᠨ ᠢ᠋ᠶ᠋ᠡᠨ ᠵᠤᠯᠠᠢ ᠶ᠋ᠢ ᠦᠨᠦᠷᠯᠡᠨ ᠡᠴᠢᠭᠡ ᠪᠣᠯᠬᠤ ᠶ᠋ᠢᠨ ᠪᠠᠶᠠᠰᠤᠯ ᠳ᠋ᠤ᠌ ᠴᠠᠯᠭᠢᠵᠤ ᠶᠠᠪᠤᠭᠰᠠᠨ ᠴᠤ᠌ ᠪᠦᠰᠡᠭᠦᠢ ᠶ᠋ᠢᠨ ᠢ᠋ᠶ᠋ᠡᠨ ᠴᠢᠷᠠᠢ ᠠᠯᠲᠠᠨ ᠮᠠᠭᠤᠵᠢᠷᠠᠬᠤ ᠶ᠋ᠢ ᠬᠠᠷᠠᠭᠠᠳ ᠪᠠᠷᠢᠭᠰᠠᠨ ᠲᠠᠯᠪᠢᠭᠰᠠᠨ ᠢ᠋ᠶ᠋ᠠᠨ ᠠᠯᠲᠠᠨ ᠰᠠᠨᠳᠤᠷᠤᠨ᠎ᠠ᠃ ᠨᠠᠮᠤᠷ ᠣᠷᠣᠢ ᠪᠣᠯᠵᠤ ᠵᠢᠮᠢᠰᠦᠨ ᠦ᠌ ᠵᠦᠢᠯ ᠴᠦ᠍ ᠣᠯᠳᠠᠬᠤ ᠦᠭᠡᠢ ᠪᠣᠯᠤᠭᠰᠠᠨ ᠳ᠋ᠤ᠌ ᠲᠡᠷᠡ ᠭᠠᠷᠠᠭ ᠤ᠋ᠨ ᠠᠮᠠᠷᠠᠯᠲᠠ ᠪᠠᠷ ᠢ᠋ᠶ᠋ᠠᠨ ᠯᠢᠨᠰᠢ ᠣᠷᠣᠵᠤ ᠰᠢᠨ᠎ᠡ ᠵᠢᠮᠢᠰ ᠢ᠋ ᠬᠦᠷᠦᠯᠴᠡᠬᠦᠢᠴᠡ ᠬᠡᠮᠵᠢᠶ᠎ᠡ ᠪᠡᠷ ᠠᠪᠴᠢᠷᠠᠵᠤ ᠪᠦᠰᠡᠭᠦᠢ ᠳ᠋ᠡᠭᠡᠨ ᠢᠳᠡᠭᠦᠯᠵᠦ ᠪᠠᠢᠯ᠎ᠠ᠃ ᠤᠳᠠᠯ ᠦᠭᠡᠢ ᠡᠪᠦᠯ ᠪᠣᠯᠵᠤ ᠠᠵᠢᠯ ᠨᠢ ᠴᠦ᠍ ᠠᠮᠵᠢᠯ ᠦᠭᠡᠢ ᠪᠣᠯᠤᠭᠰᠠᠨ ᠪᠣᠯᠬᠣᠷ ᠳᠠᠬᠢᠭᠠᠳ ᠵᠢᠮᠢᠰ ᠠᠪᠬᠤ ᠪᠠᠷ ᠶᠠᠪᠤᠬᠤ ᠴᠢᠯᠥᠭᠡ ᠦᠭᠡᠢ ᠪᠣᠯᠤᠭᠰᠠᠨ ᠳ᠋ᠤ᠌ ᠠᠷᠭ᠎ᠠ ᠪᠤᠰᠤ ᠪᠡᠯᠡᠨ ᠭᠤᠸᠠᠨᠲᠤᠤ᠂ ᠬᠥᠯᠳᠡᠭᠦᠦ ᠬᠠᠷ᠎ᠠ ᠠᠯᠢᠮ᠎ᠠ ᠶ᠋ᠢ ᠤᠰᠤᠨ ᠳ᠋ᠤ᠌ ᠭᠡᠰᠬᠡᠵᠦ ᠪᠠᠢᠭᠠᠳ ᠢᠳᠡᠬᠦ ᠪᠣᠯᠪᠠ᠃
ᠡᠬᠢᠨ ᠦ᠌ ᠭᠤᠷᠪᠠᠨ ᠰᠠᠷ᠎ᠠ ᠢᠯᠡᠭᠦᠦ ᠶ᠋ᠢ ᠥᠩᠭᠡᠷᠡᠭᠡᠭᠡᠳ ᠭᠠᠪᠢᠷ᠎ᠠ ᠬᠣᠭᠣᠯᠠ ᠬᠣᠰᠢ ᠢᠳᠡᠬᠦ ᠪᠣᠯᠵᠤ ᠪᠡᠶ᠎ᠡ ᠨᠢ ᠴᠦ᠍ ᠠᠭᠠᠵᠢᠮ ᠢ᠋ᠶ᠋ᠠᠷ ᠲᠡᠭᠰᠢᠷᠡᠵᠦ ᠡᠬᠢᠯᠡᠪᠡ᠃
ᠢᠷᠡᠬᠦ ᠵᠢᠯ ᠦ᠋ᠨ ᠬᠢᠨᠢ ᠲᠠᠪᠤᠨ ᠰᠠᠷ᠎ᠠ ᠳ᠋ᠤ᠌ ᠭᠠᠪᠢᠷ᠎ᠠ ᠬᠥᠩᠭᠡᠵᠢᠵᠦ ᠬᠥᠭᠡᠷᠦᠬᠦᠨ ᠥᠬᠢᠨ ᠲᠡᠢ ᠪᠣᠯᠪᠠ᠃ ᠡᠭᠡᠯ ᠠᠮᠢᠳᠤᠷᠠᠯ ᠤ᠋ᠨ ᠪᠣᠷᠣ ᠬᠣᠨᠣᠭ ᠤ᠋ᠳ ᠡᠭᠡᠯᠵᠢᠯᠡᠨ ᠰᠣᠯᠢᠯᠴᠠᠭᠰᠠᠭᠠᠷ ᠨᠠᠶᠠᠭᠠᠳ ᠣᠨ ᠢ᠋ ᠤᠭᠲᠤᠯ᠎ᠠ᠃ ᠤᠯᠤᠰ ᠣᠷᠣᠨ ᠠᠮᠤᠷ ᠲᠣᠭᠲᠠᠭᠤᠨ ᠪᠠᠢᠵᠤ᠂ ᠠᠵᠤ ᠦᠢᠯᠡᠳᠪᠦᠷᠢᠯᠡᠯ ᠪᠠ ᠮᠠᠯ ᠠᠵᠤ ᠠᠬᠤᠢ ᠳ᠋ᠤ᠌ ᠯᠤᠲᠤ ᠶᠡᠬᠡ ᠥᠭᠡᠷᠡᠴᠢᠯᠡᠯᠲᠡ ᠭᠠᠷᠴᠤ᠂ ᠦᠨᠳᠦᠰᠦᠲᠡᠨ ᠦ᠌ ᠰᠣᠶᠣᠯ ᠰᠤᠷᠭᠠᠨ ᠬᠥᠮᠦᠵᠢᠯ ᠦ᠋ᠨ ᠦᠢᠯᠡᠰ ᠴᠦ᠍ ᠭᠠᠢᠬᠠᠮ᠎ᠠ ᠬᠤᠪᠢᠷᠠᠯᠲᠠ ᠭᠠᠷᠴᠤ ᠪᠠᠢᠯ᠎ᠠ᠃ ᠠᠷᠠᠳᠠ᠋ᠴᠠ ᠡᠷᠬᠢᠯᠡᠭᠰᠡᠨ ᠭᠠᠴᠠᠭᠠᠨ ᠤ᠋ ᠰᠤᠷᠭᠠᠭᠤᠯᠢ ᠨᠤᠭᠤᠳ ᠢ᠋ ᠰᠤᠮᠤᠨ ᠤ᠋ ᠲᠥᠪ ᠲᠦ᠍ ᠲᠥᠪᠯᠡᠷᠡᠭᠦᠯᠵᠦ ᠤᠤᠯ ᠤ᠋ᠨ ᠬᠠᠷᠭᠠᠨᠠᠲᠠᠢ ᠪᠠᠭ᠎ᠠ ᠰᠤᠷᠭᠠᠭᠤᠯᠢ ᠬᠡᠳᠦᠨ ᠠᠷᠪᠠᠨ ᠰᠤᠷᠤᠭᠴᠢ ᠲᠠᠢ ᠪᠠᠢᠭᠰᠠᠨ ᠡᠴᠡ ᠪᠡᠨ ᠬᠡᠳᠦᠨ ᠵᠠᠭᠤᠨ ᠰᠤᠷᠤᠭᠴᠢ ᠲᠠᠢ ᠪᠣᠯᠵᠤ᠂ ᠬᠡᠳᠦᠬᠡᠨ ᠪᠠᠭᠰᠢ ᠲᠠᠢ ᠪᠠᠢᠭᠰᠠᠨ ᠡᠴᠡ ᠪᠡᠨ ᠬᠡᠳᠦᠨ ᠠᠷᠪᠠᠨ ᠪᠠᠭᠰᠢ ᠠᠵᠢᠯᠲᠠᠨ ᠲᠠᠢ ᠪᠣᠯᠤᠯ᠎ᠠ᠃ ᠰᠤᠷᠭᠠᠭᠤᠯᠢ ᠪᠠᠨ ᠥᠷᠭᠡᠳᠬᠡᠨ ᠪᠠᠢᠭᠤᠯᠵᠤ᠂ ᠰᠤᠷᠤᠭᠴᠢ ᠶ᠋ᠢᠨ ᠪᠠᠢᠷᠢ᠂ ᠪᠠᠭᠰᠢᠨᠠᠷ ᠤ᠋ᠨ ᠣᠷᠣᠨ ᠰᠠᠭᠤᠴᠠ ᠶ᠋ᠢ ᠴᠦ᠍ ᠰᠢᠨ᠎ᠡ ᠪᠡᠷ ᠪᠠᠢᠭᠤᠯᠪᠠ᠃
ᠪᠠᠭᠰᠢ ᠨᠠᠷ ᠢ᠋ ᠴᠦ᠍ ᠨᠠᠭᠠᠰᠢ ᠴᠠᠭᠠᠰᠢ ᠰᠢᠯᠵᠢᠭᠦᠯᠦᠨ ᠬᠥᠳᠡᠯᠭᠡᠪᠡ᠃ ᠰᠣᠶᠣᠯᠠᠷᠳᠠᠨᠢ ᠭᠤᠸᠠᠢ ᠬᠤᠰᠢᠭᠤᠨ ᠳ᠋ᠤ᠌ ᠰᠢᠯᠵᠢᠵᠦ᠂ ᠪᠤᠭᠤᠲᠤ ᠠ᠋ᠴᠠ ᠪᠠᠲᠤᠴᠢᠯᠠᠭᠤ ᠭᠡᠳᠡᠭ ᠰᠢᠨ᠎ᠡ ᠵᠠᠬᠢᠷᠤᠯ ᠢᠷᠡᠵᠦ᠂ ᠳᠣᠩᠷᠤᠪ ᠭᠡᠳᠡᠭ ᠳᠡᠳ᠋ ᠵᠠᠬᠢᠷᠤᠯ ᠲᠠᠢ ᠪᠣᠯᠤᠯ᠎ᠠ᠃ ᠰᠠᠢᠰᠢᠶᠠᠯᠳᠤ ᠬᠢᠴᠢᠶᠡᠯ ᠬᠥᠮᠦᠵᠢᠯ ᠦ᠋ᠨ ᠡᠷᠬᠢᠯᠡᠭᠴᠢ ᠪᠣᠯᠵᠤ ᠠᠷᠤ ᠲᠠᠯ᠎ᠠ ᠶ᠋ᠢᠨ ᠠᠵᠢᠯ ᠢ᠋ ᠬᠠᠪᠰᠤᠷᠭᠠᠨ ᠬᠠᠷᠢᠭᠤᠴᠠᠬᠤ ᠪᠣᠯᠤᠭᠰᠠᠨ ᠪᠥᠭᠡᠳ ᠰᠤᠷᠤᠭᠴᠢ ᠣᠯᠠᠰᠢᠷᠠᠭᠰᠠᠨᠠ᠋ᠴᠠ ᠪᠠᠭᠰᠢ ᠮᠥᠨ ᠯᠡ ᠬᠦᠷᠦᠯᠴᠡᠬᠦ ᠦᠭᠡᠢ ᠪᠠᠢᠵᠤ ᠪᠠᠰᠠ ᠳᠥᠷᠪᠡ ᠲᠠᠪᠤᠨ ᠣᠨ ᠤ᠋ ᠬᠡᠯᠡᠨ ᠦ᠌ ᠬᠢᠴᠢᠶᠡᠯ ᠢ᠋ ᠣᠷᠣᠵᠤ ᠪᠠᠢᠯ᠎ᠠ᠃
ᠭᠠᠪᠢᠷ᠎ᠠ ᠠᠩᠭᠢ ᠡᠷᠬᠢᠯᠡᠵᠦ᠂ ᠨᠢᠭᠡ ᠡᠴᠡ ᠲᠠᠪᠤᠨ ᠣᠨ ᠤ᠋ ᠬᠡᠯᠡ ᠪᠢᠴᠢᠭ ᠪᠣᠯᠤᠨ ᠪᠤᠰᠤᠳ ᠬᠢᠴᠢᠶᠡᠯ ᠢ᠋ ᠴᠦ᠍ ᠣᠷᠣᠨ᠎ᠠ᠃
ᠴᠡᠩᠭᠡᠯ ᠭᠠᠳᠠᠷ ᠣᠷᠣᠨ ᠳ᠋ᠤ᠌ ᠤᠷᠢᠭᠳᠠᠨ ᠶᠠᠪᠤᠵᠤ᠂ ᠴᠢᠶᠠᠩ ᠭᠦᠸᠧ ᠷᠦᠩ᠂ ᠰᠢᠦᠢ ᠮᠧᠢ ᠨᠠᠷ ᠥᠭᠡᠷ᠎ᠡ ᠰᠤᠮᠤᠨ ᠳ᠋ᠤ᠌ ᠠᠵᠢᠯ ᠰᠢᠯᠵᠢᠵᠦ᠂ ᠪᠠᠢ ᠪᠠᠲᠤ ᠪᠠᠭᠰᠢᠯᠠᠬᠤ ᠪᠠᠨ ᠪᠣᠯᠢᠵᠤ᠂ ᠬᠤᠰᠢᠭᠤᠨ ᠤ᠋ ᠵᠠᠰᠠᠭ ᠤ᠋ᠨ ᠪᠠᠢᠭᠤᠯᠭ᠎ᠠ ᠳ᠋ᠤ᠌ ᠠᠵᠢᠯ ᠰᠢᠯᠵᠢᠪᠡ᠃ ᠬᠠᠢ ᠯᠢᠶᠠᠨ ᠤᠯᠠᠭᠠᠨᠬᠠᠳᠠ ᠬᠣᠲᠠ ᠶ᠋ᠢᠨ ᠨᠢᠭᠡᠨ ᠲᠡᠮᠦᠷ ᠵᠠᠮ ᠤ᠋ᠨ ᠠᠵᠢᠯᠲᠠᠨ ᠲᠠᠢ ᠬᠤᠷᠢᠮᠯᠠᠵᠤ ᠰᠢᠯᠵᠢᠵᠦ ᠶᠠᠪᠤᠴᠢᠬᠠᠪᠠ᠃ ᠬᠣᠶᠠᠷ ᠰᠥᠩ᠂ ᠰᠦᠨ ᠢ᠋ ᠭᠣᠷᠣᠬᠠᠨ ᠮᠠᠯᠵᠢᠯ ᠤ᠋ᠨ ᠲᠠᠯᠠᠪᠠᠢ ᠳ᠋ᠤ᠌ ᠰᠢᠯᠵᠢᠭᠦᠯᠪᠡ᠃ ᠣᠳᠣ ᠬᠠᠭᠤᠴᠢᠨ ᠪᠠᠢᠭᠰᠠᠨᠠ᠋ᠴᠠ ᠰᠥᠩ ᠣᠪᠣᠭᠲᠠᠢ ᠡᠪᠦᠭᠡᠨ ᠲᠣᠭᠣᠭᠠᠴᠢ᠂ ᠭᠠᠪᠢᠷ᠎ᠠ᠂ ᠰᠠᠢᠰᠢᠶᠠᠯᠳᠤ ᠬᠣᠶᠠᠷ ᠯᠠ ᠦᠯᠡᠳᠡᠵᠡᠢ᠃ ᠣᠳᠣ ᠶ᠋ᠢᠨ ᠪᠠᠢᠭ᠎ᠠ ᠨᠢ ᠴᠥᠮ ᠠᠳᠠᠯᠢ ᠪᠤᠰᠤ ᠭᠠᠵᠠᠷ ᠣᠷᠣᠨᠠ᠋ᠴᠠ ᠰᠢᠯᠵᠢᠵᠦ ᠢᠷᠡᠭᠰᠡᠨ ᠪᠤᠶᠤ ᠰᠠᠶᠢᠬᠠᠨ ᠪᠠᠭᠰᠢ ᠶ᠋ᠢᠨ ᠰᠤᠷᠭᠠᠭᠤᠯᠢᠠ᠋ᠴᠠ ᠲᠡᠭᠦᠰᠴᠦ ᠢᠷᠡᠭᠰᠡᠨ ᠪᠠᠭᠰᠢᠨᠠᠷ ᠪᠣᠯᠬᠤ ᠶᠤᠮ᠃
ᠨᠠᠶᠠᠨ ᠳᠥᠷᠪᠡᠨ ᠣᠨ ᠨᠠᠮᠤᠷ᠃ ᠰᠠᠢᠰᠢᠶᠠᠯᠲᠤ ᠶ᠋ᠢᠨ ᠬᠢ ᠰᠠᠢᠬᠠᠨ ᠰᠢᠨ᠎ᠡ ᠰᠠᠭᠤᠴᠠ ᠳ᠋ᠤ᠌ ᠣᠷᠣᠭᠠᠳ ᠪᠠᠢᠯ᠎ᠠ᠃ ᠠᠭᠤᠳᠠᠮ ᠰᠠᠷᠠᠭᠤᠯᠬᠠᠨ ᠭᠤᠷᠪᠠᠨ ᠲᠠᠰᠤᠯᠭ᠎ᠠ ᠦᠷᠭᠦᠭᠡᠨ ᠦ᠌ ᠳᠣᠲᠣᠷᠠᠬᠢ ᠶᠠᠭᠤᠮ᠎ᠠ ᠪᠦᠬᠦᠨ ᠣᠷᠣᠨ ᠪᠠᠢᠷᠢ ᠳ᠋ᠠᠭᠠᠨ ᠡᠪ ᠲᠣᠬᠢᠲᠠᠢ ᠪᠠᠢᠷᠢᠰᠢᠵᠤ ᠴᠡᠮᠴᠡᠭᠡᠷ ᠴᠡᠪᠡᠷᠬᠡᠨ᠃ ᠬᠣᠨᠣᠬᠤ ᠦᠷᠭᠦᠭᠡᠨ ᠦ᠌ ᠵᠢᠵᠢᠭᠬᠡᠨ ᠲᠡᠮᠦᠷ ᠬᠢᠰᠠ ᠳ᠋ᠤ᠌ ᠨᠡᠭᠦᠷᠡᠰᠦᠨ ᠦ᠌ ᠴᠣᠭ ᠤᠯᠠᠢᠵᠤ ᠬᠠᠯᠠᠭᠤᠨ ᠢᠯᠴᠢ ᠲᠦᠭᠡᠨᠡᠷᠡᠨ ᠭᠡᠷ ᠳᠣᠲᠣᠷ᠎ᠠ ᠲᠣᠪ ᠳᠤᠯᠠᠭᠠᠬᠠᠨ᠃
ᠬᠠᠯᠠᠭᠤᠨ ᠢᠯᠴᠢ ᠲᠥᠭᠡᠨᠡᠭᠰᠡᠨ ᠲᠣᠭᠣᠰᠬᠠᠨ ᠬᠠᠨᠵᠤᠨ ᠳᠡᠭᠡᠷ᠎ᠡ ᠬᠥᠪᠰᠥᠭᠡᠷ ᠵᠥᠭᠡᠯᠡᠨ ᠬᠥᠪᠥᠩ ᠬᠥᠨᠵᠢᠯᠡ ᠳ᠋ᠦ᠍ ᠢᠵᠢᠯᠬᠡᠨ ᠤᠯᠠᠭᠠᠨ ᠴᠡᠭᠡᠵᠢᠮᠡᠭ ᠲᠡᠢ ᠭᠤᠷᠪᠠᠨ ᠵᠢᠭᠠᠯ ᠥᠬᠢᠨ ᠮᠠᠷᠢᠶᠠᠯᠢᠭ ᠵᠥᠭᠡᠯᠡᠨ ᠮᠥᠴᠢ ᠪᠡᠨ ᠲᠡᠨᠢᠢᠯᠭᠡᠨ ᠲᠠᠭᠠᠲᠠᠢᠬᠠᠨ ᠤᠨᠲᠠᠵᠤ ᠪᠠᠢᠯ᠎ᠠ᠃ ᠡᠵᠢ ᠪᠡᠨ ᠳᠠᠭᠤᠷᠢᠶᠠᠭᠰᠠᠨ ᠪᠣᠲᠣᠭᠣᠨ ᠬᠠᠯᠢᠭᠤᠨ ᠦᠰᠦ ᠲᠡᠢ ᠪᠥᠨᠲᠥᠭᠡᠷ ᠬᠥᠭᠡᠷᠦᠬᠦᠨ ᠲᠣᠯᠣᠭᠠᠢ ᠨᠤᠭᠤᠳ ᠬᠥᠨᠵᠢᠯᠡ ᠶ᠋ᠢᠨ ᠢ᠋ᠶ᠋ᠡᠨ ᠲᠤᠩ ᠴᠠᠭᠠᠨ ᠳᠣᠲᠣᠷ ᠲᠠᠢ ᠢᠯᠭᠠᠷᠠᠨ ᠬᠠᠷᠠᠭᠳᠠᠨ᠎ᠠ᠃ ᠬᠤᠯᠤᠰᠤ ᠨᠤᠮᠤᠳᠠᠵᠤ ᠤᠯᠠᠭᠠᠨ ᠲᠣᠷᠭ᠎ᠠ ᠪᠠᠷ ᠪᠦᠷᠬᠦᠵᠦ ᠬᠢᠭᠰᠡᠨ ᠬᠠᠷᠠᠭ᠎ᠠ ᠲᠠᠢ᠂ ᠬᠡ ᠤᠭᠠᠯᠵᠠ ᠭᠠᠷᠭᠠᠨ ᠤᠷᠠᠯᠠᠵᠤ ᠬᠢᠭᠰᠡᠨ ᠪᠡᠬᠢᠯᠢᠭ ᠮᠣᠳᠣᠨ ᠥᠯᠥᠭᠡᠢ ᠳ᠋ᠦ᠍᠂ ᠰᠠᠶᠢᠬᠠᠨ ᠰᠠᠷ᠎ᠠ ᠳᠦᠭᠦᠷᠦᠭᠰᠡᠨ ᠮᠠᠨᠳᠠᠭᠠᠷ ᠴᠠᠭᠠᠨ ᠬᠦᠦ ᠤᠷᠤᠭᠤᠯ ᠢ᠋ᠶ᠋ᠠᠨ ᠰᠢᠮᠡᠨ ᠤᠨᠲᠠᠨ᠎ᠠ᠃
ᠬᠣᠢᠲᠤ ᠬᠠᠶᠠᠭ᠎ᠠ ᠪᠠᠷ ᠢ᠋ᠶ᠋ᠠᠨ ᠰᠢᠷᠭᠠᠯ ᠥᠩᠭᠡ ᠲᠡᠢ ᠠᠷᠠᠰᠤᠨ ᠱᠠᠹᠠ ᠲᠠᠯᠪᠢᠵᠤ᠂ ᠵᠡᠭᠦᠨ ᠬᠡᠷᠡᠮ ᠢ᠋ᠶ᠋ᠡᠨ ᠳᠠᠭᠠᠭᠤᠯᠤᠨ ᠲᠣᠮᠣ ᠪᠢᠴᠢᠭ ᠦ᠋ᠨ ᠰᠢᠷᠡᠭᠡ ᠲᠠᠯᠪᠢᠵᠤ᠂ ᠨᠥᠬᠥᠷ ᠭᠡᠷᠭᠡᠢ ᠬᠣᠶᠠᠭᠤᠯᠠ ᠵᠡᠷᠭᠡᠴᠡᠨ ᠰᠠᠭᠤᠵᠤ ᠬᠢᠴᠢᠶᠡᠯ ᠪᠡᠯᠡᠳᠬᠡᠬᠦ᠂ ᠳᠠᠰᠬᠠᠯ ᠬᠢᠨᠠᠬᠤᠠ᠋ᠴᠠ ᠡᠬᠢᠯᠡᠭᠡᠳ ᠰᠠᠢᠰᠢᠶᠠᠯᠲᠤ ᠶ᠋ᠢᠨ ᠵᠢᠭᠠᠨ ᠰᠤᠷᠭᠠᠯᠲᠠ ᠳ᠋ᠤ᠌ ᠬᠡᠷᠡᠭᠯᠡᠳᠡᠭ ᠨᠢᠭᠡ ᠠᠷᠪᠢᠨ ᠬᠦᠰᠦᠨᠦᠭᠲᠦ ᠪᠣᠯᠤᠨ ᠰᠠᠩ ᠬᠥᠮᠥᠷᠭᠡ᠂ ᠬᠣᠭᠣᠯᠠᠨ ᠭᠡᠷ ᠦ᠋ᠨ ᠳᠠᠩᠰᠠ ᠬᠠᠷ᠎ᠠ ᠬᠢᠭᠡᠳ ᠵᠠᠬᠠᠠ᠋ᠴᠠ ᠪᠠᠨ ᠪᠠᠢᠬᠤ ᠠᠵᠢᠯ ᠡᠳᠡ ᠬᠣᠶᠠᠷ ᠲᠤ᠌ ᠮᠤᠩᠳᠠᠬᠤ ᠦᠭᠡᠢ᠃ ᠪᠢᠷ ᠴᠠᠭᠠᠰᠤᠨ ᠤ᠋ ᠱᠦᠷᠭᠦᠭᠡᠯᠳᠦᠬᠦ ᠳᠠᠭᠤᠨᠠ᠋ᠴᠠ ᠥᠭᠡᠷ᠎ᠡ ᠠᠨᠢᠷ ᠴᠢᠮᠡᠭᠡ ᠦᠭᠡᠢ᠃ ᠴᠠᠭ ᠤ᠋ᠨ ᠵᠡᠭᠦᠦ ᠰᠥᠨᠢ ᠶ᠋ᠢᠨ ᠠᠷᠪᠠᠨ ᠬᠣᠶᠠᠷ ᠴᠠᠭ ᠢ᠋ ᠵᠢᠭᠠᠵᠤ ᠪᠠᠢᠯ᠎ᠠ᠃
ᠨᠡᠯᠢᠶᠡᠳ ᠤᠳᠠᠭᠠᠳ ᠰᠠᠢᠰᠢᠶᠠᠯᠲᠤ ᠠᠵᠢᠯ ᠢ᠋ᠶ᠋ᠠᠨ ᠳᠠᠭᠤᠰᠬᠠᠭᠠᠳ ᠪᠢᠷ ᠴᠠᠭᠠᠰᠤ ᠪᠠᠨ ᠡᠮᠬᠢᠯᠡᠨ ᠬᠤᠷᠢᠶᠠᠭᠠᠳ ᠤᠷᠲᠤ ᠪᠠᠷ ᠡᠪᠰᠢᠶᠡᠯᠭᠡᠨ ᠰᠤᠨᠢᠶᠠᠵᠤ᠂ ᠪᠡᠶ᠎ᠡ ᠭᠠᠷ ᠤ᠋ᠨ ᠢ᠋ᠶ᠋ᠠᠨ ᠴᠢᠯᠡᠭᠡ ᠶ᠋ᠢ ᠭᠠᠷᠭᠠᠨ ᠨᠡᠰᠢ ᠴᠠᠰᠢ ᠠᠯᠬᠤᠯᠠᠨ ᠬᠥᠳᠡᠯᠭᠡᠭᠡᠨ ᠬᠢᠭᠡᠳ ᠬᠥᠯ ᠤᠬᠢᠶᠠᠳᠠᠭ ᠭᠠᠳᠤᠷ᠎ᠠ ᠪᠠᠨ ᠠᠪᠴᠤ ᠱᠠᠹᠠ ᠳᠡᠭᠡᠷ᠎ᠡ ᠪᠡᠨ ᠰᠠᠭᠤᠵᠤ ᠲᠡᠮᠦᠷ ᠬᠢᠰᠠ ᠳᠡᠭᠡᠷᠡᠬᠢ ᠳᠡᠪᠦᠷ᠎ᠡ ᠲᠡᠢ ᠬᠠᠯᠠᠭᠤᠨ ᠤᠰᠤᠨᠠ᠋ᠴᠠ ᠬᠢᠵᠦ ᠬᠥᠯ ᠢ᠋ᠶ᠋ᠡᠨ ᠲᠥᠷᠥᠭᠡᠳ ᠠᠷᠤᠨᠰᠢ ᠪᠠᠨ ᠨᠠᠯᠠᠨ ᠨᠢᠳᠦ ᠪᠡᠨ ᠠᠨᠢᠨ ᠬᠡᠰᠡᠭ ᠰᠠᠭᠤᠬᠤ ᠳ᠋ᠤ᠌ ᠭᠠᠪᠢᠷ᠎ᠠ ᠶ᠋ᠢᠨ ᠴᠠᠭᠠᠰᠤ ᠱᠠᠵᠢᠭᠢᠨᠠᠭᠤᠯᠤᠨ ᠶᠠᠭᠤᠮ᠎ᠠ ᠪᠢᠴᠢᠬᠦ ᠴᠢᠮᠡᠭᠡ ᠠᠶᠠᠲᠠᠢᠬᠠᠨ ᠰᠣᠨᠣᠰᠳᠠᠨ᠎ᠠ᠃
ᠲᠡᠷᠡ ᠶᠠᠳᠠᠷᠠᠭᠰᠠᠨᠠ᠋ᠴᠠ ᠪᠣᠯᠵᠤ ᠵᠣᠪᠬᠢ ᠨᠢ ᠦᠯᠦ ᠮᠡᠳᠡᠭ ᠤᠯᠠᠢᠭᠰᠠᠨ ᠨᠢᠳᠦ ᠪᠡᠷ ᠢ᠋ᠶ᠋ᠡᠨ ᠬᠠᠨᠵᠤ ᠳᠦᠭᠦᠷᠡᠩ ᠤᠨᠲᠠᠬᠤ ᠬᠡᠦᠬᠡᠳ ᠦ᠋ᠳ ᠢ᠋ᠶ᠋ᠡᠨ ᠥᠬᠥᠭᠡᠷᠳᠡᠨ ᠬᠠᠷᠠᠭᠠᠳ ᠢᠨᠢᠶᠡᠮᠰᠦᠭᠯᠡᠨ ᠪᠢᠳᠡ ᠬᠣᠶᠠᠷ ᠴᠤ᠌ ᠶᠣᠰᠣᠲᠠᠢ ᠬᠥᠨᠵᠢᠯᠡ ᠳᠦᠭᠦᠷᠡᠩ ᠬᠡᠦᠬᠡᠳ ᠲᠡᠢ ᠪᠣᠯᠵᠠᠢ ᠭᠡᠮᠡᠨ ᠪᠣᠳᠣᠵᠤ᠂ ᠪᠦᠰᠡᠭᠦᠢ ᠶ᠋ᠢᠨ ᠢ᠋ᠶ᠋ᠡᠨ ᠠᠷᠤ᠎ᠠ᠋ᠴᠠ ᠬᠠᠷᠠᠵᠤ᠂ ᠡᠴᠡᠵᠦ ᠲᠤᠷᠠᠭᠠᠳ ᠤᠯᠠᠮ ᠴᠤ᠌ ᠨᠠᠷᠢᠬᠠᠨ ᠪᠣᠯᠤᠭᠰᠠᠨ ᠰᠤᠭᠳᠠᠭᠠᠷ ᠲᠡᠭᠰᠢ ᠨᠢᠷᠤᠭᠤ᠂ ᠠᠷᠤ ᠪᠠᠨ ᠳ᠋ᠠᠭᠠᠨ ᠠᠰᠬᠠᠷᠠᠬᠤ ᠬᠠᠯᠢᠭᠤᠨ ᠬᠦᠷᠡᠩ ᠦᠰᠦ ᠁ ᠦᠭᠡᠢ ᠶᠡᠷᠦᠨᠢ ᠳᠥᠷᠪᠡᠨ ᠬᠡᠦᠬᠡᠳ ᠬᠠᠮᠢᠭᠠᠠ᠋ᠴᠠ ᠨᠢ ᠭᠠᠷᠤᠭ᠎ᠠ ᠪᠣᠯ ᠭᠡᠮᠡᠷ ᠭᠤᠸᠠᠯᠢᠭ ᠬᠡᠪ ᠲᠥᠷᠬᠦ ᠶ᠋ᠢ ᠨᠢ ᠪᠠᠬᠠᠷᠬᠠᠨ ᠬᠠᠷᠠᠵᠤ ᠰᠠᠭᠤᠭᠰᠠᠨ ᠢ᠋ᠶ᠋ᠠᠨ ᠪᠣᠰᠴᠤ ᠠᠷᠤ᠎ᠠ᠋ᠴᠠ ᠨᠢ ᠲᠡᠪᠡᠷᠢᠨ ᠬᠠᠴᠠᠷ ᠲᠤᠨᠢ ᠬᠠᠴᠠᠷ ᠢ᠋ᠶ᠋ᠠᠨ ᠨᠠᠭᠠᠯᠳᠤᠭᠤᠯᠤᠨ
— ᠣᠳᠣ ᠤᠨᠲᠠᠶ᠎ᠠ ᠯᠠ ᠳᠠ ᠭᠡᠰᠡᠨ ᠳ᠋ᠦ᠍᠂ ᠭᠠᠪᠢᠷ᠎ᠠ ᠬᠣᠶᠠᠷ ᠭᠠᠷ ᠢ᠋ᠶ᠋ᠠᠨ ᠠᠷᠤᠨᠰᠢ ᠰᠤᠩᠭᠠᠨ ᠨᠥᠬᠥᠷ ᠦ᠋ᠨ ᠢ᠋ᠶ᠋ᠡᠨ ᠬᠦᠵᠦᠭᠦᠦ ᠪᠡᠷ ᠲᠡᠪᠡᠷᠢᠨ ᠰᠤᠨᠢᠶᠠᠭᠠᠳ
— ᠣᠳᠣ ᠪᠠᠷᠠᠯ᠎ᠠ᠃ ᠴᠢ ᠤᠷᠢᠳ ᠢ᠋ᠶ᠋ᠠᠷ ᠤᠨᠲᠠᠵᠤ ᠪᠠᠢ ᠭᠡᠳ ᠡᠷᠬᠡᠯᠡᠩᠭᠦᠢ ᠢᠨᠢᠶᠡᠨ᠎ᠡ᠃ ᠲᠡᠷᠡ᠂ ᠭᠡᠷᠭᠡᠢ ᠶ᠋ᠢᠨ ᠢ᠋ᠶ᠋ᠡᠨ ᠬᠠᠴᠠᠷ ᠢ᠋ ᠱᠣᠪ ᠬᠢᠲᠡᠯ᠎ᠡ ᠦᠨᠦᠰᠦᠭᠡᠳ ᠴᠢᠬᠢᠨ ᠳ᠋ᠦ᠍ᠨᠢ ᠤᠷᠤᠭᠤᠯ ᠢ᠋ᠶ᠋ᠠᠨ ᠲᠤᠯᠭᠠᠨ
— ᠬᠦᠢ᠂ ᠴᠢ ᠬᠦᠦ ᠪᠡᠨ ᠭᠠᠷᠤᠭᠰᠠᠨᠠ᠋ᠴᠠ ᠬᠣᠢᠰᠢ ᠡᠪᠦᠭᠡᠨ ᠲᠡᠢ ᠪᠡᠨ ᠣᠢᠷᠠᠲᠤᠭ᠎ᠠ ᠦᠭᠡᠢ ᠰᠢᠦ᠂ ᠬᠤᠷᠳᠤᠨ ᠭᠡᠵᠦ ᠪᠠᠢᠬᠤ ᠳ᠋ᠤ᠌ ᠭᠡᠵᠦ ᠰᠢᠪᠡᠨᠡᠭᠡᠳ᠂ ᠬᠡᠦᠬᠡᠳ ᠦ᠋ᠳ ᠦ᠋ᠨ ᠢ᠋ᠶ᠋ᠡᠨ ᠬᠤᠴᠢᠯᠭ᠎ᠠ ᠶ᠋ᠢ ᠵᠠᠰᠠᠵᠤ᠂ ᠮᠠᠨᠲᠠᠢᠨ ᠤᠨᠲᠠᠬᠤ ᠬᠦᠦ ᠶ᠋ᠢᠨ ᠢ᠋ᠶ᠋ᠡᠨ ᠰᠦᠨ ᠦ᠌ ᠦᠨᠦᠷ ᠲᠡᠢ ᠲᠣᠯᠣᠭᠠᠢ ᠶ᠋ᠢ ᠦᠨᠦᠷᠯᠡᠨ ᠦᠨᠦᠰᠦᠭᠡᠳ ᠣᠷᠣᠨ ᠳ᠋ᠠᠭᠠᠨ ᠣᠷᠣᠵᠤ ᠬᠡᠪᠲᠡᠪᠡ᠃ ᠶᠡᠬᠡ ᠴᠦ᠍ ᠤᠳᠠᠭᠰᠠᠨ ᠦᠭᠡᠢ ᠦᠷ ᠮᠠᠩᠬᠠᠢᠨ ᠴᠠᠢᠵᠤ ᠡᠬᠢᠯᠡᠯ᠎ᠡ᠃ ᠭᠠᠪᠢᠶ᠎ᠠ ᠰᠡᠷᠡᠵᠦ ᠪᠣᠰᠬᠤ ᠭᠡᠬᠦ ᠳ᠋ᠦ᠍ ᠥᠪᠡᠷ ᠢ᠋ ᠨᠢ ᠠᠯᠳᠠᠴᠢᠬᠠᠬᠤᠠ᠋ᠴᠠ ᠠᠶᠤᠭᠰᠠᠨ ᠶᠤᠮ ᠰᠢᠭ᠋ ᠨᠢᠷᠤᠭᠤ ᠪᠠᠷ ᠨᠢ ᠴᠢᠩᠭ᠎ᠠ ᠲᠡᠪᠡᠷᠢᠨ ᠤᠨᠲᠠᠵᠤ ᠪᠠᠢᠭᠰᠠᠨ ᠨᠥᠬᠥᠷ ᠨᠢ ᠲᠡᠭᠦᠨ ᠢ᠋ ᠪᠡᠶ᠎ᠡ ᠥᠭᠡᠳᠡ ᠪᠡᠨ ᠬᠠᠨᠳᠤᠭᠤᠯᠤᠨ ᠲᠡᠪᠡᠷᠢᠭᠡᠳ ᠤᠷᠤᠭᠤᠯ ᠢ᠋ ᠰᠢᠮᠡᠨ
— ᠡᠪᠦᠭᠡᠨ ᠨᠢ ᠪᠣᠰᠤᠶ᠎ᠠ᠃ ᠴᠢ ᠣᠳᠣ ᠵᠢᠭᠠᠬᠠᠨ ᠤᠨᠲᠠᠵᠤ ᠪᠠᠢᠭᠠᠳ ᠪᠣᠰ᠂ ᠰᠥᠨᠢ ᠬᠦᠦ ᠤᠬᠢᠯᠠᠭᠠᠳ ᠴᠢᠮᠠᠶ᠋ᠢ ᠪᠠᠷᠤᠭ ᠤᠨᠲᠠᠭᠤᠯᠤᠭᠰᠠᠨ ᠦᠭᠡᠢ᠃ ᠭᠠᠪᠢᠷ᠎ᠠ᠂ ᠵᠢᠷᠭᠠᠯᠲᠠᠢᠬᠠᠨ ᠢᠨᠢᠶᠡᠭᠡᠳ ᠨᠥᠬᠥᠷ ᠲᠡᠭᠡᠨ ᠡᠷᠬᠡᠯᠡᠵᠦ ᠬᠡᠰᠡᠭ ᠬᠡᠪᠲᠡᠭᠡᠳ
— ᠲᠡᠭᠡᠪᠡᠯ ᠪᠢ ᠤᠨᠲᠠᠯ᠎ᠠ ᠰᠢᠦ ᠭᠡᠳ ᠬᠥᠨᠵᠢᠯᠡ ᠪᠡᠷ ᠢ᠋ᠶ᠋ᠡᠨ ᠪᠡᠶ᠎ᠡ ᠪᠡᠨ ᠴᠢᠩᠭ᠎ᠠ ᠣᠷᠢᠶᠠᠨ ᠵᠠᠰᠠᠵᠤ ᠬᠡᠪᠲᠡᠯ᠎ᠡ᠃
ᠰᠠᠢᠰᠢᠶᠠᠯᠳᠤ ᠶᠠᠭᠠᠷᠠᠨ ᠪᠣᠰᠴᠤ ᠭᠠᠯ ᠵᠤᠤᠬ᠎ᠠ ᠪᠠᠨ ᠬᠥᠭᠵᠢᠭᠡᠨ ᠴᠠᠢ ᠪᠠᠨ ᠴᠢᠨᠠᠭᠠᠳ᠂ ᠴᠠᠭᠠᠨ ᠢᠳᠡᠭᠡ᠂ ᠪᠣᠣᠪᠣ ᠪᠣᠭᠣᠷᠰᠣᠭ᠂ ᠴᠢᠨᠠᠭᠰᠠᠨ ᠮᠢᠬ᠎ᠠ ᠪᠠᠨ ᠰᠢᠷᠡᠭᠡ ᠳᠦᠭᠦᠷᠡᠩ ᠥᠷᠥᠵᠦ ᠲᠠᠯᠪᠢᠭᠠᠳ ᠭᠠᠷᠴᠤ ᠬᠤᠯᠤᠰᠤᠨ ᠱᠦᠭᠦᠷ ᠠᠳᠬᠤᠨ ᠬᠦᠷᠢᠶ᠎ᠡ ᠬᠠᠰᠢᠶ᠎ᠠ ᠪᠠᠨ ᠱᠦᠭᠦᠷᠳᠡᠨ ᠴᠡᠪᠡᠷᠯᠡᠨ᠎ᠡ᠃ ᠲᠡᠷᠡ ᠥᠷᠯᠥᠭᠡ ᠪᠦᠷᠢ ᠢᠩᠭᠢᠵᠦ ᠬᠢᠳᠡᠭ ᠵᠠᠩᠰᠢᠯ ᠲᠠᠢ᠃
ᠲᠡᠭᠡᠭᠡᠳ ᠭᠡᠷ ᠲᠡᠭᠡᠨ ᠣᠷᠣᠵᠤ ᠬᠡᠦᠬᠡᠳ ᠦ᠋ᠳ ᠢ᠋ᠶ᠋ᠡᠨ ᠳᠠᠭᠤᠳᠠᠨ
— ᠠᠪᠤ ᠶ᠋ᠢᠨ ᠬᠥᠭᠡᠷᠦᠬᠦᠨ ᠳᠠᠭᠢᠨᠢ ᠨᠤᠭᠤᠳ ᠠ᠋᠂ ᠪᠣᠰᠤᠭᠠᠷᠠᠢ! ᠠᠪᠤ ᠡᠵᠢ ᠨᠢ ᠠᠵᠢᠯ ᠳ᠋ᠠᠭᠠᠨ ᠶᠠᠪᠤᠬᠤ ᠴᠠᠭ ᠪᠣᠯᠤᠭᠰᠠᠨ ᠰᠢᠦ ᠭᠡᠳᠡᠭ᠃ ᠭᠠᠭᠴᠠ ᠭᠠᠭᠴᠠᠬᠠᠨ ᠨᠠᠰᠤᠨ ᠤ᠋ ᠵᠥᠷᠢᠶ᠎ᠡ ᠲᠡᠢ ᠭᠤᠷᠪᠠᠨ ᠵᠢᠭᠠᠬᠠᠨ ᠠᠮᠢᠲᠠᠨ ᠨᠣᠢᠷᠮᠤᠭᠯᠠᠨ ᠪᠣᠰᠤᠭᠠᠳ ᠠᠪᠤ ᠶ᠋ᠢᠨ ᠢ᠋ᠶ᠋ᠡᠨ ᠬᠠᠪᠰᠤᠷᠤᠯᠭ᠎ᠠ ᠲᠠᠢ ᠪᠠᠷ ᠬᠤᠪᠴᠠᠰᠤ ᠬᠤᠨᠠᠷ ᠢ᠋ᠶ᠋ᠠᠨ ᠡᠮᠦᠰᠴᠦ ᠭᠡᠵᠢᠭᠡ ᠦᠰᠦ ᠪᠡᠨ ᠱᠦᠭᠦᠷᠳᠡᠭᠦᠯᠦᠨᠡ᠃ ᠲᠡᠭᠡᠵᠦ ᠪᠠᠢᠲᠠᠯ᠎ᠠ ᠭᠠᠪᠢᠷ᠎ᠠ ᠪᠣᠰᠴᠤ ᠤᠬᠢᠶᠠᠵᠤ ᠴᠡᠪᠡᠷᠯᠡᠭᠡᠳ᠂ ᠬᠦᠦ ᠪᠡᠨ ᠬᠠᠭᠤᠷᠠᠢᠯᠠᠨ ᠰᠢᠭᠡᠰᠦᠨ ᠪᠥᠰ ᠦ᠋ᠳ ᠢ᠋ ᠨᠢ ᠤᠬᠢᠶᠠᠵᠤ ᠪᠠᠷᠠᠪᠠᠯ ᠪᠦᠭᠦᠳᠡᠭᠡᠷ ᠰᠢᠷᠡᠭᠡ ᠪᠡᠨ ᠲᠣᠭᠣᠷᠢᠨ ᠰᠠᠭᠤᠵᠤ ᠡᠷᠲᠡ ᠶ᠋ᠢᠨ ᠴᠠᠢ ᠪᠠᠨ ᠤᠤᠭᠤᠵᠠᠭᠠᠳᠠᠭ ᠠᠵᠢ᠃
ᠲᠡᠷᠡ ᠬᠣᠶᠠᠷ ᠬᠤᠷᠢᠮᠯᠠᠭᠰᠠᠨ ᠤ᠋ ᠪᠠᠨ ᠳᠠᠷᠠᠭ᠎ᠠ ᠪᠠᠷᠤᠭ ᠵᠢᠯ ᠥᠨᠵᠢᠭᠡᠳ ᠰᠢᠬᠠᠭᠤ ᠨᠢᠭᠡ ᠬᠡᠦᠬᠡᠳ ᠨᠡᠮᠡᠭᠳᠡᠵᠦ ᠪᠠᠢᠪᠠ᠃ ᠠᠩᠬᠠᠨ ᠤ᠋ ᠬᠡᠦᠬᠡᠳ ᠳᠡᠭᠡᠷ᠎ᠡ ᠪᠡᠨ ᠰᠦᠷᠡᠬᠡᠢ ᠵᠣᠪᠠᠭᠰᠠᠨ ᠭᠠᠪᠢᠷ᠎ᠠ ᠬᠣᠶᠠᠳᠠᠬᠢ ᠬᠡᠦᠬᠡᠳ ᠢ᠋ᠶ᠋ᠡᠨ ᠠᠪᠤᠮᠠᠭᠴᠠ ᠲᠠᠰᠤ ᠲᠦᠰ ᠠᠷᠭ᠎ᠠ ᠠᠪᠬᠤ ᠭᠡᠰᠡᠨ ᠳ᠋ᠦ᠍ ᠨᠥᠬᠥᠷ ᠨᠢ ᠵᠥᠪᠰᠢᠶᠡᠷᠡᠭᠰᠡᠨ ᠦᠭᠡᠢ᠂ ᠵᠠᠪᠠᠯ ᠨᠢᠭᠡ ᠬᠦᠦ ᠲᠡᠢ ᠪᠣᠯᠬᠤ ᠶ᠋ᠢ ᠬᠦᠰᠡᠨ᠎ᠡ᠃ ᠥᠪᠡᠷ ᠲᠦ᠋ᠨᠢ ᠦᠯᠡᠮᠵᠢᠬᠡᠨ ᠦᠨᠡᠨᠴᠢ ᠬᠠᠢᠷ᠎ᠠ ᠲᠠᠢ ᠪᠠᠢᠳᠠᠭ ᠨᠥᠬᠥᠷ ᠦ᠋ᠨ ᠢ᠋ᠶ᠋ᠡᠨ ᠰᠠᠨᠠᠭᠠᠨ ᠠ᠋ᠴᠠ ᠵᠥᠷᠢᠬᠦ ᠶ᠋ᠢ ᠪᠣᠳᠣᠭᠰᠠᠨ ᠦᠭᠡᠢ᠃ ᠭᠡᠲᠡᠯ᠎ᠡ ᠥᠬᠢᠨ ᠭᠠᠷᠤᠭᠠᠳ ᠯᠠ ᠪᠠᠢᠬᠤ ᠳ᠋ᠤ᠌ ᠭᠠᠪᠢᠷ᠎ᠠ ᠪᠠᠬᠠᠨ ᠰᠡᠳᠬᠢᠯ ᠴᠥᠬᠥᠷᠡᠪᠡ᠃ ᠭᠡᠲᠡᠯ᠎ᠡ ᠨᠥᠬᠥᠷ ᠨᠢ ᠠᠯᠢ ᠴᠤ᠌ ᠬᠡᠦᠬᠡᠳ ᠢ᠋ᠶ᠋ᠡᠨ ᠪᠠᠶᠠᠰᠤᠯ ᠳᠦᠭᠦᠷᠡᠩ ᠲᠣᠰᠴᠤ
— ᠡᠭᠡᠴᠢ ᠳᠡᠭᠦᠦ ᠣᠯᠠᠭᠤᠯᠠ ᠪᠠᠨ ᠰᠠᠢᠨ᠂ ᠬᠠᠷᠢᠯᠴᠠᠨ ᠲᠦᠰᠢᠭ ᠲᠡᠢ᠃ ᠳᠠᠬᠢᠭᠠᠳ ᠬᠡᠯᠡᠪᠡᠯ ᠬᠦᠦ ᠥᠬᠢᠨ ᠭᠡᠰᠡᠨ ᠦᠭᠡᠢ ᠪᠦᠷ ᠠᠳᠠᠯᠢᠬᠠᠨ᠃ ᠴᠢ ᠪᠢᠳᠡ ᠬᠣᠶᠠᠷ ᠤ᠋ᠨ ᠴᠢᠰᠤ ᠮᠢᠬᠠᠨ ᠤ᠋ ᠮᠢᠨᠢ ᠲᠠᠰᠤᠷᠬᠠᠢ ᠪᠢᠰᠢ ᠤᠤ? ᠭᠡᠨ᠎ᠡ᠃ ᠲᠡᠷᠡ ᠦᠶ᠎ᠡ ᠳ᠋ᠦ᠍ ᠦᠨᠳᠦᠰᠦᠨ ᠱᠠᠲᠤᠨ ᠤ᠋ ᠡᠮ ᠡᠮᠨᠡᠯᠭᠡ ᠶ᠋ᠢᠨ ᠨᠥᠬᠥᠴᠡᠯ ᠲᠤᠩ ᠴᠤ᠌ ᠪᠠᠷᠤᠭᠲᠠᠢ᠃ ᠭᠠᠪᠢᠷ᠎ᠠ ᠬᠡᠳᠦᠨ ᠬᠡᠦᠬᠡᠳ ᠢ᠋ᠶ᠋ᠡᠨ ᠴᠥᠮ ᠭᠡᠷ ᠲᠡᠭᠡᠨ ᠬᠥᠩᠭᠡᠵᠢᠵᠡᠢ᠃ ᠰᠤᠮᠤᠨ ᠤ᠋ ᠡᠮᠴᠢ ᠶ᠋ᠢᠨ ᠬᠣᠷᠢᠶᠠᠨ ᠤ᠋ ᠡᠮᠴᠢ ᠨᠠᠷ ᠠᠯᠢ ᠲᠠᠭᠠᠷᠠᠭᠰᠠᠨ ᠨᠢ ᠲᠣᠰᠴᠤ ᠠᠪᠳᠠᠭ᠃ ᠣᠳᠣ ᠪᠣᠯᠤᠭᠰᠠᠨ ᠪᠣᠯ ᠶᠣᠰᠣᠲᠠᠢ ᠪᠠᠢᠵᠤ ᠪᠣᠯᠣᠰᠢ ᠦᠭᠡᠢ ᠤᠴᠢᠷ ᠶᠤᠮ᠃ ᠭᠡᠪᠡᠴᠦ ᠵᠣᠯ ᠢ᠋ᠶ᠋ᠠᠷ ᠭᠠᠪᠢᠷ᠎ᠠ ᠬᠡᠳᠦᠨ ᠬᠡᠦᠬᠡᠳ ᠢ᠋ᠶ᠋ᠡᠨ ᠮᠡᠨᠳᠦ ᠲᠥᠷᠥᠵᠦ᠂ ᠥᠨᠥ ᠵᠢᠯ ᠬᠦᠦ ᠲᠡᠢ ᠪᠣᠯᠵᠤ ᠪᠥᠭᠡᠮ ᠪᠠᠶᠠᠷ ᠪᠣᠯᠵᠠᠢ᠃
ᠲᠡᠳᠡ ᠬᠣᠶᠠᠷ ᠤ᠋ᠨ ᠠᠵᠢᠯ ᠠᠮᠢᠳᠤᠷᠠᠯ ᠤ᠋ᠨ ᠬᠥᠭ ᠠᠢᠵᠠᠮ ᠳᠠᠩᠴᠤ ᠶᠠᠭᠠᠷᠠᠯ ᠲᠠᠢ ᠪᠣᠯᠵᠠᠢ᠃ ᠬᠣᠶᠠᠷ ᠨᠠᠷᠠᠨ ᠢ᠋ ᠰᠤᠨᠳᠠᠯᠠᠨ ᠶᠠᠳᠠᠷᠠᠵᠤ ᠵᠦᠳᠡᠷᠡᠨ ᠠᠵᠢᠯᠯᠠᠳᠠᠭ ᠴᠤ᠌ ᠲᠡᠳᠡᠨ ᠦ᠌ ᠬᠢᠨ ᠴᠦ᠍ ᠲᠤᠩ ᠵᠢᠷᠭᠠᠯ ᠲᠠᠢ᠃ ᠲᠡᠷᠡ ᠬᠣᠶᠠᠷ ᠪᠣᠯ ᠶᠣᠰᠣᠲᠠᠢ ᠰᠠᠨᠠᠭ᠎ᠠ ᠵᠠᠶᠠᠭ᠎ᠠ ᠲᠡᠩᠴᠡᠭᠰᠡᠨ ᠨᠢᠭᠡᠨ ᠬᠣᠣᠰ ᠶᠤᠮ᠃
ᠢᠩᠭᠢᠵᠦ ᠪᠠᠢᠲᠠᠯ᠎ᠠ ᠭᠡᠨᠡᠳᠲᠡ ᠨᠢᠭᠡᠨ ᠡᠳᠦᠷ ᠰᠠᠢᠰᠢᠶᠠᠯᠲᠤ ᠶ᠋ᠢ ᠠᠵᠢᠯ ᠰᠢᠯᠵᠢᠭᠦᠯᠦᠭᠰᠡᠨ ᠮᠡᠳᠡᠭᠳᠡᠯ ᠪᠠᠭᠤᠭᠰᠠᠨ ᠨᠢ ᠡᠳᠡᠨ ᠦ᠌ ᠠᠮᠤᠷ ᠲᠣᠭᠲᠠᠭᠤᠨ ᠠᠮᠢᠳᠤᠷᠠᠯ ᠳ᠋ᠤᠨᠢ ᠳᠣᠯᠭᠢᠶᠠᠨ ᠡᠭᠦᠰᠬᠡᠪᠡ᠃
