ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠤᠰᠤᠨ ᠤ ᠵᠦᠢᠯ Идээ ундааны жинхэнэ товч– Хүсэхүй ᠂Хөхлуу нар – <2-р боть> Усны зүйл ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠤᠰᠤᠨ ᠤ ᠵᠦᠢᠯ Идээ ундааны жинхэнэ товч– Хүсэхүй ᠂Хөхлуу нар – <2-р боть> Усны зүйл

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠤᠰᠤᠨ ᠤ ᠵᠦᠢᠯ Идээ ундааны жинхэнэ товч– Хүсэхүй ᠂Хөхлуу нар – <2-р боть> Усны зүйл

2026-08-26

1

ᠤᠰᠤᠨ ᠤ᠋ ᠵᠦᠢᠯ


ᠪᠤᠯᠠᠭ ᠤ᠋ᠨ ᠤᠰᠤ  
       ᠪᠤᠯᠠᠭ ᠤ᠋ᠨ ᠤᠰᠤ ᠠᠨᠤ ᠠᠮᠲᠠᠯᠢᠭ ᠲᠡᠭᠰᠢ ᠪᠥᠭᠡᠳ ᠬᠣᠣᠷ ᠦᠭᠡᠢ᠂ ᠤᠮᠳᠠᠭᠠᠰᠴᠤ ᠴᠠᠩᠭᠠᠬᠤ᠂ ᠬᠣᠳᠣᠭᠣᠳᠣ ᠤᠷᠪᠠᠬᠤ᠂ ᠰᠢᠷ᠎ᠠ ᠶ᠋ᠢ ᠬᠠᠯᠠᠭᠤᠨ ᠢ᠋ᠶ᠋ᠠᠷ ᠶᠣᠯᠬᠣᠳᠠᠰᠤᠯᠠᠬᠤ ᠶ᠋ᠢ ᠡᠮᠨᠡᠮᠦᠢ᠃ ᠡᠳᠦᠭᠡ ᠶ᠋ᠢᠨ ᠰᠢ ᠱᠠᠨ ᠠᠭᠤᠯᠠᠨ ᠳ᠋ᠤᠷ ᠬᠠᠰ ᠪᠤᠯᠠᠭ ᠠᠬᠤᠢ ᠪᠥᠭᠡᠳ ᠲᠡᠭᠦᠨ ᠦ᠌ ᠤᠰᠤ ᠠᠨᠤ ᠠᠮᠲᠠᠯᠢᠭ ᠰᠠᠢᠬᠠᠨ ᠠᠮᠲᠠ ᠲᠠᠢ ᠲᠤᠯᠠ ᠪᠤᠰᠤᠳ ᠣᠯᠠᠨ ᠪᠤᠯᠠᠭ ᠠ᠋ᠴᠠ ᠬᠡᠲᠦᠢᠳᠦᠪᠡ᠃ 

ᠵᠢᠩ ᠬᠤᠸᠠ ᠭᠠᠵᠠᠷ ᠤ᠋ᠨ ᠤᠰᠤ  
       ᠡᠨᠡ ᠤᠰᠤ ᠠᠨᠤ ᠠᠮᠲᠠᠯᠢᠭ ᠲᠡᠭᠰᠢ ᠴᠢᠨᠠᠷᠲᠠᠢ᠂ ᠬᠣᠣᠷ ᠦᠭᠡᠢ ᠬᠡᠲᠦᠷᠬᠡᠢ ᠠᠶᠤᠵᠤ ᠰᠣᠴᠢᠭᠰᠠᠨ ᠠ᠋ᠴᠠ ᠶᠢᠰᠦᠨ ᠰᠦᠪᠡ ᠡᠴᠡ ᠴᠢᠰᠤ ᠭᠠᠷᠪᠠᠰᠤ ᠡᠨᠡ ᠤᠰᠤ ᠪᠠᠷ ᠨᠢᠭᠤᠷ ᠴᠢᠷᠠᠢ ᠳᠡᠭᠡᠷ᠎ᠡ ᠢᠨᠦ ᠰᠦᠷᠴᠢᠪᠡᠰᠦ ᠳᠠᠷᠤᠢ ᠴᠢᠰᠤ ᠭᠠᠷᠬᠤ ᠶ᠋ᠢ ᠵᠣᠭᠰᠣᠭᠠᠮᠤᠢ᠃ ᠵᠢᠴᠢ ᠡᠨᠡ ᠬᠦ᠌ ᠤᠰᠤ ᠪᠠᠷ ᠨᠢᠳᠦᠨ ᠦ᠌ ᠡᠭᠦᠯᠡ ᠶ᠋ᠢ ᠤᠬᠢᠶᠠᠪᠠᠰᠤ ᠲᠤᠰᠠᠯᠠᠮᠤᠢ᠃ ᠬᠡᠷᠪᠡ ᠡᠨᠡ ᠤᠰᠤ ᠶ᠋ᠢ ᠠᠷᠢᠬᠢ ᠪᠠ ᠼᠤᠤ ᠳᠣᠲᠣᠷ᠎ᠠ ᠴᠢᠳᠬᠤᠵᠤ ᠡᠪᠳᠡᠷᠡᠭᠦᠯᠬᠦ ᠦᠭᠡᠢ ᠪᠠᠢᠵᠤ ᠪᠣᠯᠬᠤ ᠨᠢ ᠴᠥᠮ ᠥᠷᠯᠥᠭᠡ ᠡᠷᠲᠡ ᠠᠪᠤᠭᠰᠠᠨ ᠤᠰᠤ ᠪᠣᠯᠠᠢ᠃ ᠡᠳᠦᠭᠡ ᠳᠣᠲᠣᠭᠠᠳᠤ ᠣᠷᠳᠣᠨ ᠳ᠋ᠤᠷ ᠬᠠᠭᠠᠨ ᠤ᠋ ᠬᠡᠷᠡᠭᠯᠡᠳᠡᠭ ᠤᠰᠤ ᠪᠣᠯ ᠶᠡᠷᠦ ᠵᠧᠦ ᠳ᠋ᠢᠶᠠᠨ ᠬᠡᠮᠡᠬᠦ ᠭᠠᠵᠠᠷ ᠠ᠋ᠴᠠ ᠠᠪᠴᠢᠷᠠᠭᠰᠠᠨ ᠠᠨᠤ ᠪᠣᠯᠠᠢ᠃ ᠤᠴᠢᠷ ᠶᠠᠭᠤᠨ ᠬᠡᠮᠡᠪᠡᠰᠦ ᠤᠤᠯ ᠠᠨᠤ ᠵᠠᠢ ᠳᠠ ᠬᠡᠮᠡᠬᠦ ᠣᠨ (ᠶᠤᠸᠠᠨ ᠤᠯᠤᠰ ᠤ᠋ᠨ ᠦ ᠼᠦᠩ ᠬᠠᠭᠠᠨ ᠬᠠᠢ ᠱᠠᠨ) ᠠᠩᠬᠠᠨ ᠤ᠋ ᠦᠶᠡᠰ ᠯᠤᠤ ᠯᠤ ᠽᠦᠩ ᠬᠤᠸᠠᠩ ᠳᠢ ᠬᠠᠭᠠᠨ ᠯᠢᠦ ᠯᠢᠨ ᠭᠠᠵᠠᠷ ᠵᠠᠯᠠᠷᠠᠨ᠂ ᠠᠩ ᠬᠦᠷᠦᠭᠡ ᠬᠢᠵᠦ ᠠᠪᠠ ᠬᠣᠮᠣᠷᠭ᠎ᠠ ᠲᠠᠯᠪᠢᠨ ᠮᠣᠷᠢᠯᠠᠬᠤ ᠳ᠋ᠠᠭᠠᠨ ᠬᠤᠸᠠᠩ ᠲᠠᠢᠬᠡᠦ ᠡᠬᠡ ᠶ᠋ᠢ ᠵᠠᠯᠠᠵᠤ ᠴᠤᠭᠭᠠᠷ ᠮᠣᠷᠢᠯᠠᠵᠤ ᠰᠣᠨᠢᠷᠬᠠᠭᠤᠯᠤᠭᠰᠠᠨ ᠪᠥᠯᠥᠭᠡ᠃ ᠲᠡᠭᠦᠨᠴᠡ ᠵᠠᠮ ᠭᠣᠳᠣᠰ ᠲᠠᠭᠠᠨ ᠵᠧᠦ ᠳ᠋ᠢᠶᠠᠨ ᠬᠡᠮᠡᠬᠦ ᠭᠠᠵᠠᠷ ᠢ᠋ᠶ᠋ᠠᠷ ᠥᠩᠭᠡᠷᠡᠬᠦ ᠦᠶ᠎ᠡ ᠳ᠋ᠦ᠍ᠷ ᠬᠠᠷᠠᠬᠠᠨ ᠤᠮᠳᠠᠭᠠᠰᠤᠭᠰᠠᠨ ᠤᠴᠢᠷ ᠠ᠋ᠴᠠ ᠴᠠᠢ ᠵᠣᠭᠣᠭᠯᠠᠬᠤ ᠭᠡᠮᠡᠨ ᠰᠠᠨᠠᠭᠰᠠᠨ ᠳ᠋ᠠᠭᠠᠨ ᠳᠠᠷᠤᠢ ᠤᠯᠤᠰ ᠤ᠋ᠨ ᠬᠦᠩ ᠫᠦ ᠯᠠᠨ ᠰᠢ ᠵᠢᠴᠢ ᠵᠢᠨᠵᠢᠶ᠋ᠸᠨᠦ ᠲᠦᠷ ᠴᠠᠢ ᠤᠰᠤ ᠪᠤᠴᠠᠯᠭᠠᠲᠤᠭᠠᠢ ᠭᠡᠮᠡᠨ ᠲᠤᠰᠢᠶᠠᠪᠠᠢ᠃ ᠡᠭᠦᠨ ᠳ᠋ᠦ᠍ᠷ ᠤᠯᠤᠰ ᠤ᠋ᠨ ᠬᠦᠩ ᠢᠨᠦ ᠪᠡᠶ᠎ᠡ ᠪᠡᠷ ᠢ᠋ᠶ᠋ᠡᠨ ᠣᠯᠠᠨ ᠬᠤᠳᠳᠤᠭ ᠳᠡᠭᠡᠷ᠎ᠡ ᠬᠦᠷᠴᠦ ᠤᠰᠤ ᠶ᠋ᠢ ᠰᠢᠨᠵᠢᠬᠦᠢ ᠳ᠋ᠦ᠍ᠷ ᠭᠠᠭᠴᠠ ᠨᠢᠭᠡᠨ ᠬᠤᠳᠳᠤᠭ ᠤ᠋ᠨ ᠤᠰᠤ ᠠᠨᠤ ᠮᠠᠰᠢ ᠲᠤᠩᠭᠠᠯᠠᠭ ᠪᠥᠭᠡᠳ ᠠᠮᠲᠠᠯᠢᠭ ᠠᠮᠲᠠᠲᠠᠢ ᠴᠢᠩᠭᠢᠭᠡᠳ ᠤᠰᠤ ᠶ᠋ᠢ ᠠᠪᠴᠤ ᠴᠠᠢ ᠪᠤᠴᠠᠯᠭᠠᠨ ᠡᠷᠭᠦᠭᠰᠡᠨ᠎ᠡ ᠬᠠᠭᠠᠨ ᠠ᠋ᠴᠠ ᠡᠨᠡ ᠬᠦ᠌ ᠴᠠᠢ ᠠᠨᠤ ᠣᠨᠴᠠᠭᠠᠢ ᠰᠠᠢᠬᠠᠨ ᠠᠮᠲᠠ ᠲᠠᠢ ᠭᠡᠮᠡᠨ ᠰᠠᠢᠰᠢᠶᠠᠪᠠᠢ᠃ 
       ᠳᠣᠲᠣᠭᠠᠳᠤ ᠣᠷᠳᠣᠨ ᠠ᠋ᠴᠠ ᠶᠡᠷᠦ ᠳᠡᠭᠡᠭᠰᠢ ᠡᠷᠭᠦᠬᠦ ᠴᠠᠢ ᠪᠣᠯᠪᠠᠰᠤ ᠠᠮᠲᠠ ᠥᠩᠭᠡ ᠶ᠋ᠢᠨ ᠭᠠᠢᠬᠠᠮᠰᠢᠭ ᠲᠠᠢ ᠰᠠᠢᠬᠠᠨ ᠠᠨᠤ ᠲᠤᠢᠯ ᠳ᠋ᠤ᠌ ᠪᠠᠨ ᠲᠤᠯᠵᠤᠬᠤᠢ᠃ᠲᠡᠭᠦᠨᠴᠡ ᠤᠯᠤᠰ ᠤ᠋ᠨ ᠬᠦᠩ ᠨᠣᠶᠠᠨ ᠳ᠋ᠤᠷ ᠵᠠᠷᠯᠢᠭᠯᠠᠨ ᠲᠡᠷᠡ ᠬᠤᠳᠳᠤᠭ ᠤ᠋ᠨ ᠬᠠᠪᠢ ᠳ᠋ᠤᠷ ᠪᠣᠳᠢᠰᠠᠳ᠋ᠸ᠎ᠠ ᠪᠤᠷᠬᠠᠨ ᠤ᠋ ᠲᠠᠩᠬᠢᠮ ᠪᠠᠢᠭᠤᠯᠤᠭᠤᠯᠵᠤ᠂ ᠵᠢᠴᠢ ᠬᠤᠳᠳᠤᠭ ᠤ᠋ᠨ ᠳᠡᠭᠡᠷ᠎ᠡ ᠢᠨᠦ ᠪᠦᠷᠭᠡ ᠪᠠᠷᠢᠭᠤᠯᠵᠤ ᠪᠠᠰᠠ ᠵᠢᠭᠦᠷᠯᠡᠵᠦ ᠬᠡᠷᠡᠰᠬᠡ ᠪᠣᠰᠬᠠᠭᠠᠳ᠂ ᠴᠢᠯᠠᠭᠤᠨ ᠬᠥᠰᠢᠶᠡᠨ ᠳᠡᠭᠡᠷ᠎ᠡ ᠡᠨᠡ ᠬᠦ᠌ ᠦᠢᠯᠡ ᠶᠠᠪᠤᠳᠠᠯ ᠢ᠋ ᠲᠡᠮᠳᠡᠭᠯᠡᠭᠦᠯᠪᠡ᠃ ᠡᠭᠦᠨ ᠡᠴᠡ ᠬᠣᠢᠰᠢ ᠬᠠᠭᠠᠨ ᠤ᠋ ᠬᠡᠷᠡᠭᠯᠡᠬᠦ ᠤᠰᠤ ᠶ᠋ᠢ ᠡᠳᠦᠷ ᠪᠦᠷᠢ ᠡᠨᠡ ᠭᠠᠵᠠᠷ ᠠ᠋ᠴᠠ ᠠᠪᠳᠠᠭ ᠪᠣᠯᠤᠭᠰᠠᠨ ᠪᠥᠯᠥᠭᠡ᠃ ᠡᠨᠳᠡᠬᠢ ᠤᠰᠤ ᠪᠠᠷ ᠪᠤᠴᠠᠯᠭᠠᠭᠰᠠᠨ ᠴᠠᠢ ᠤᠮᠳᠠ ᠠᠨᠤ ᠪᠤᠰᠤᠳ ᠣᠯᠠᠨ ᠬᠤᠳᠳᠤᠭ ᠤ᠋ᠨ ᠤᠰᠤ ᠶ᠋ᠢ ᠪᠣᠳᠣᠪᠠᠰᠤ ᠣᠨᠴᠠᠭᠠᠢ ᠠᠮᠲᠠᠲᠠᠢ ᠨᠢ ᠬᠦᠷᠰᠢ ᠵᠡᠷᠭᠡᠯᠡᠳᠡᠭᠡ ᠳ᠋ᠦ᠍ᠷ ᠠᠬᠤᠢ ᠬᠤᠳᠳᠤᠭ ᠤ᠋ᠳ ᠤ᠋ᠨ ᠤᠰᠤ ᠴᠥᠮ ᠡᠭᠦᠨ ᠢ᠋ ᠦᠯᠦ ᠬᠥᠷᠥᠮᠦᠢ᠃ ᠡᠨᠡ ᠤᠰᠤ ᠶ᠋ᠢ ᠪᠤᠴᠠᠯᠭᠠᠭᠠᠳ ᠱᠦᠭᠦᠵᠦ ᠲᠤᠩᠭᠠᠭᠰᠠᠨ ᠴᠤ᠌ ᠬᠡᠪ ᠢ᠋ᠶ᠋ᠡᠷ ᠢ᠋ᠶ᠋ᠡᠨ ᠲᠣᠪ ᠲᠤᠩᠭᠠᠯᠠᠭ ᠪᠥᠭᠡᠳ ᠲᠡᠭᠦᠨ ᠦ᠌ ᠬᠦᠨᠳᠦ ᠶ᠋ᠢᠨ ᠬᠡᠮᠵᠢᠶ᠎ᠡ ᠶ᠋ᠢ ᠲᠤᠷᠰᠢᠨ ᠠᠳᠠᠯᠢᠳᠬᠠᠪᠠᠰᠤ ᠮᠥᠨ ᠪᠤᠰᠤᠳ ᠤᠰᠤᠨ ᠠ᠋ᠴᠠ ᠬᠦᠨᠳᠦ ᠠᠵᠠᠢ᠃  

              ᠦᠰᠦᠭ ᠠᠮᠢᠯᠠᠭᠤᠯᠤᠭᠰᠠᠨ ᠨᠢ ᠄ ᠭᠠᠸᠠ