ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠵᠢᠷᠭᠤᠭ᠎ᠠ᠂ Дайчин улсын үеийн монголын түүх-Намсрай 3-6
ᠵᠢᠷᠭᠤᠳᠤᠭᠠᠷ ᠬᠡᠰᠡᠭ᠂ ᠵᠠᠭᠤᠨ ᠮᠣᠳᠣ ᠶ᠋ᠢᠨ ᠳᠠᠶ᠋ᠢᠨ ᠬᠢᠭᠡᠳ ᠪᠣᠱᠣᠭᠲᠤ ᠬᠠᠭᠠᠨ ᠤ ᠦᠬᠦᠯ
ᠬᠣᠪᠲᠣ ᠶ᠋ᠢᠨ ᠰᠠᠭᠤᠷᠢᠨ ᠭᠠᠵᠠᠷ ᠲᠠᠭᠠᠨ ᠪᠤᠴᠠᠭᠰᠠᠨ ᠤ᠋ ᠳᠠᠷᠠᠭ᠎ᠠ ᠬᠡᠳᠦᠨ ᠵᠢᠯ ᠦ᠋ᠨ ᠳᠣᠲᠣᠷ᠎ᠠ᠂ ᠪᠣᠱᠣᠭᠲᠤ ᠬᠠᠨ ᠭᠠᠳᠠᠨᠠᠬᠢ ᠲᠤᠰᠠᠯᠠᠮᠵᠢ ᠶ᠋ᠢ ᠬᠦᠷᠲᠡᠭᠰᠡᠨ ᠢ᠋ᠶ᠋ᠡᠷ ᠦᠯᠦ ᠪᠠᠷᠠᠨ᠂ ᠮᠠᠯ ᠲᠠᠷᠢᠶᠠᠯᠠᠩ ᠠᠵᠤ ᠠᠬᠤᠢ ᠶ᠋ᠢ ᠪᠠᠰᠠ ᠮᠠᠰᠢ ᠬᠦᠨᠳᠦᠳᠬᠡᠨ ᠠᠳᠬᠤᠵᠠᠢ᠃
ᠲᠡᠷᠡ ᠣᠯᠠᠨ ᠣᠲᠣᠭ ᠤ᠋ᠨ ᠵᠠᠢᠰᠠᠩ ᠨᠠᠷ ᠲᠠᠭᠠᠨ ᠵᠠᠷᠯᠢᠭ ᠪᠠᠭᠤᠯᠭᠠᠨ ᠤᠯᠠᠭᠠᠨ ᠭᠣᠮ᠂ ᠬᠥᠩᠬᠥᠢ᠂ ᠵᠠᠪᠬᠠᠨ᠂ ᠴᠠᠭᠠᠨ ᠰᠡᠭᠦᠯ᠂ ᠵᠠᠪᠬᠠᠨ ᠬᠠᠰᠠᠭᠳᠤ᠂ ᠵᠡᠷᠭᠡ ᠭᠠᠵᠠᠷ ᠲᠤ ᠲᠠᠷᠢᠶ᠎ᠠ ᠲᠠᠷᠢᠬᠤ ᠪᠠ ᠮᠠᠯ ᠠᠳᠤᠭᠤᠰᠤ ᠠᠷᠠᠴᠢᠯᠠᠨ ᠲᠡᠵᠢᠭᠡᠬᠦ ᠶ᠋ᠢ ᠬᠣᠣᠰᠯᠠᠭᠤᠯᠪᠠ᠃ ᠲᠩᠷᠢ ᠠᠭᠤᠯᠠ ᠶ᠋ᠢᠨ ᠡᠮᠦᠨᠡᠬᠢ ᠢᠷᠬᠢᠶᠠᠩ ᠠ᠋ᠴᠠ ᠠᠪᠴᠢᠷᠠᠭᠰᠠᠨ ᠠᠪᠤᠳᠤᠯᠠᠰᠢᠳᠠᠢ ᠬᠠᠨ ᠤ᠋ ᠬᠠᠷᠢᠶᠠᠲᠤ ᠨᠠᠷ ᠨᠢ ᠲᠠᠷᠢᠶᠠᠯᠠᠬᠤ ᠮᠡᠷᠭᠡᠵᠢᠯ ᠳ᠋ᠦ᠍ ᠰᠢᠯᠭᠠᠷᠠᠭᠰᠠᠨ ᠬᠥᠮᠦᠰ ᠪᠠᠢᠵᠠᠢ᠃ ᠲᠡᠳᠡ ᠤᠯᠠᠭᠠᠨ ᠭᠣᠮ᠂ ᠵᠠᠪᠬᠠᠨ ᠬᠠᠰᠠᠬᠳᠤ ᠵᠡᠷᠭᠡ ᠲᠠᠷᠢᠶᠠᠯᠠᠬᠤ ᠭᠠᠵᠠᠷ ᠲᠤ ᠥᠪᠡᠷ ᠦ᠋ᠨ ᠮᠡᠷᠭᠡᠵᠢᠯ ᠢ᠋ᠶ᠋ᠡᠨ ᠭᠦᠢᠴᠡᠳ ᠪᠠᠳᠠᠷᠠᠭᠤᠯᠤᠨ᠂ ᠬᠣᠪᠲᠣ ᠶ᠋ᠢᠨ ᠰᠠᠭᠤᠷᠢᠨ ᠭᠠᠵᠠᠷ ᠲᠤ ᠲᠠᠷᠢᠶᠠᠯᠠᠩ ᠠᠵᠤ ᠠᠬᠤᠢ ᠶ᠋ᠢᠨ ᠬᠥᠭᠵᠢᠯᠲᠡ ᠳ᠋ᠦ᠍ ᠮᠠᠰᠢ ᠶᠡᠬᠡ ᠦᠢᠯᠡᠳᠦᠯ ᠦᠵᠡᠭᠦᠯᠪᠡ᠃ ᠬᠣᠪᠲᠣ ᠶ᠋ᠢᠨ ᠴᠡᠷᠢᠭ ᠠᠷᠠᠳ ᠤ᠋ᠨ ᠬᠠᠮᠲᠤ ᠶ᠋ᠢᠨ ᠴᠢᠷᠮᠠᠢᠯᠭ᠎ᠠ ᠪᠠᠷ ᠮᠠᠯ ᠠᠵᠤ ᠠᠬᠤᠢ ᠪᠠ ᠲᠠᠷᠢᠶᠠᠯᠠᠩ ᠨᠢ ᠡᠯᠪᠡᠭ ᠬᠤᠷᠢᠶᠠᠯᠲᠠ ᠣᠯᠵᠤ᠂《ᠢᠳᠡᠬᠦ ᠬᠦᠨᠡᠰᠦ ᠡᠯᠪᠡᠭᠵᠢᠨ ᠠᠳᠤᠭᠤ ᠮᠠᠯ ᠶᠡᠬᠡᠯ᠎ᠡ ᠦᠷᠡᠵᠢᠵᠡᠢ》[101]᠃ ᠲᠡᠭᠦᠨᠴᠡ ᠪᠣᠱᠣᠭᠲᠤ ᠬᠠᠨ ᠤ᠋ ᠡᠳ᠋ ᠦ᠋ᠨ ᠵᠠᠰᠠᠭ᠂ ᠠᠵᠤ ᠠᠬᠤᠢ᠂ ᠴᠡᠷᠢᠭ ᠦ᠋ᠨ ᠬᠦᠴᠦ ᠨᠢ ᠲᠡᠢᠨ ᠦ᠌ ᠡᠮᠦᠨᠡᠬᠢ ᠬᠢᠷᠢ ᠬᠡᠮᠵᠢᠶᠡᠨ ᠳ᠋ᠦ᠍ ᠬᠦᠷᠦᠭᠰᠡᠨ ᠪᠠᠢᠨ᠎ᠠ᠃
ᠣᠢᠷᠠᠳ ᠤ᠋ᠨ ᠬᠦᠴᠦᠨ ᠴᠢᠳᠠᠯ ᠰᠡᠷᠭᠦᠬᠦ ᠶ᠋ᠢ ᠳᠠᠭᠠᠯᠳᠤᠨ᠂ ᠳᠣᠯᠣᠭᠠᠨ ᠬᠣᠰᠢᠭᠤ ᠬᠠᠯᠬ᠎ᠠ ᠶ᠋ᠢ ᠤᠤᠯ ᠭᠠᠵᠠᠷ ᠲᠤᠨᠢ ᠪᠤᠴᠠᠭᠠᠵᠤ᠂ ᠲᠡᠭᠦᠨ ᠦ᠌ ᠨᠣᠶᠠᠷᠬᠠᠯ ᠢ᠋ ᠬᠦᠯᠢᠶᠡᠬᠦ ᠬᠡᠷᠡᠭᠲᠡᠢ ᠭᠡᠮᠡᠨ ᠪᠣᠱᠣᠭᠲᠤ ᠬᠠᠨ ᠱᠠᠭᠠᠷᠳᠠᠵᠤ ᠡᠬᠢᠯᠡᠵᠡᠢ᠃1692 ᠣᠨ ᠠ᠋ᠴᠠ1695 ᠣᠨ ᠤ᠋ ᠬᠣᠭᠣᠷᠣᠨᠳᠣ᠂ ᠪᠣᠱᠣᠭᠲᠤ ᠬᠠᠨ ᠠ᠋ᠴᠠ ᠡᠷᠳᠡᠨᠢ ᠴᠣᠷᠵᠢ᠂ ᠰᠢᠯᠢᠨ ᠬᠣᠵᠣ᠂ ᠮᠧᠢ ᠵᠠᠢᠰᠠᠩ᠂ ᠪᠣᠯᠣᠳ ᠬᠣᠵᠣ ᠨᠠᠷ ᠢ᠋ ᠤᠷᠢᠳ ᠬᠣᠵᠢᠳ ᠪᠡᠭᠡᠵᠢᠩ ᠳ᠋ᠦ᠍ ᠲᠣᠮᠢᠯᠠᠨ ᠲᠦᠰᠢᠶᠡᠲᠦ ᠬᠠᠨ᠂ ᠵᠢᠪᠽᠥ᠋ᠨ᠌ᠳᠠᠮᠪᠠ ᠲᠡᠷᠢᠭᠦᠲᠡᠢ ᠬᠠᠯᠬᠠᠴᠤᠳ ᠢ᠋ ᠤᠤᠯ ᠨᠤᠲᠤᠭ ᠲᠤᠨᠢ ᠪᠤᠴᠠᠭᠠᠲᠤᠭᠠᠢ ᠭᠡᠮᠡᠨ ᠤᠳᠠᠭ᠎ᠠ ᠳᠠᠷᠠᠭ᠎ᠠ ᠱᠠᠭᠠᠷᠳᠠᠪᠠ᠃ ᠳ᠋ᠢᠪᠠ ᠰᠠᠩᠵᠠᠢᠵᠠᠮᠰᠤ ᠪᠠᠰᠠ ᠪᠡᠭᠡᠵᠢᠩ ᠵᠦᠭ ᠡᠯᠴᠢ ᠵᠠᠷᠤᠵᠤ᠄《ᠳᠣᠯᠣᠭᠠᠨ ᠬᠣᠰᠢᠭᠤ ᠬᠠᠯᠬ᠎ᠠ ᠶ᠋ᠢ ᠤᠭ ᠭᠠᠵᠠᠷ ᠲᠤᠨᠢ ᠪᠤᠴᠠᠭᠠᠬᠤ ᠶ᠋ᠢ ᠬᠦᠰᠡᠮᠦᠢ》[102] ᠭᠡᠵᠡᠢ᠃
ᠪᠣᠱᠣᠭᠲᠤ ᠬᠠᠨ ᠠᠶᠠᠨ ᠲᠡᠢᠨ ᠦ᠌ ᠶᠠᠪᠤᠳᠠᠯ ᠳ᠋ᠤ᠌ ᠤᠤᠯ ᠠ᠋ᠴᠠ ᠮᠠᠰᠢ ᠪᠣᠯᠭᠣᠮᠵᠢᠲᠠᠢ ᠬᠥᠮᠦᠨ ᠶᠦᠮ᠃ ᠶᠡᠷᠦ ᠡᠴᠡ ᠠᠷᠭ᠎ᠠ ᠤᠬᠠᠭᠠᠨ ᠦᠯᠡᠮᠵᠢ ᠪᠥᠭᠡᠳ ᠬᠥᠮᠦᠨ ᠦ᠌ ᠰᠡᠳᠬᠢᠯ ᠢ᠋ ᠶᠡᠬᠡ ᠯᠡ ᠣᠯᠵᠠᠢ᠃ ᠲᠡᠷᠡ《ᠤᠯᠠᠭᠠᠨ ᠪᠣᠳᠣᠩ ᠳ᠋ᠤ᠌ ᠭᠦᠨ ᠣᠷᠣᠵᠤ᠂ ᠬᠥᠩᠭᠡᠪᠴᠢᠯᠡᠨ ᠪᠠᠢᠯᠳᠤᠭᠰᠠᠨ ᠳ᠋ᠠᠭᠠᠨ ᠮᠠᠰᠢ ᠭᠡᠮᠰᠢᠳᠡᠭ ᠪᠠᠢᠭᠰᠠᠨ》[103] ᠶᠤᠮ᠃1690 ᠣᠨ ᠳ᠋ᠤ᠌ ᠪᠣᠱᠣᠭᠲᠤ ᠬᠠᠨ ᠵᠢᠷᠤᠩ ᠬᠤᠲᠤᠭᠲᠤ ᠶ᠋ᠢᠨ ᠰᠢᠬᠠᠮᠳᠠᠯᠭ᠎ᠠ ᠪᠠᠷ ᠠᠷᠭ᠎ᠠ ᠪᠤᠰᠤ ᠳᠠᠯᠠᠢ ᠯᠠᠮᠠ ᠶ᠋ᠢᠨ ᠵᠢᠭᠠᠪᠤᠷᠢ ᠶ᠋ᠢ ᠬᠦᠯᠢᠶᠡᠨ ᠠᠪᠴᠤ ᠤᠯᠠᠭᠠᠨ ᠪᠣᠳᠣᠩ ᠵᠦᠭ ᠣᠷᠣᠵᠠᠢ᠃
1695 ᠣᠨ ᠤ᠋ ᠬᠠᠪᠤᠷ᠂ ᠳᠠᠯᠠᠢ ᠯᠠᠮᠠ ᠶ᠋ᠢᠨ ᠡᠯᠴᠢ ᠨᠠᠢᠴᠤᠩ ᠣᠮᠪᠣ ᠪᠠᠰᠠ ᠪᠠᠷᠠᠭᠤᠨ ᠵᠣᠣ ᠠ᠋ᠴᠠ ᠪᠤᠴᠠᠵᠤ ᠢᠷᠡᠭᠡᠳ᠂ ᠳᠠᠯᠠᠢ ᠯᠠᠮᠠ ᠶ᠋ᠢᠨ ᠰᠢᠨ᠎ᠡ ᠵᠢᠭᠠᠪᠤᠷᠢ ᠶ᠋ᠢ ᠤᠯᠠᠮᠵᠢᠯᠠᠵᠤ《 ᠡᠮᠦᠨᠡᠰᠢ ᠳᠠᠢᠯᠠᠪᠠᠯ ᠰᠠᠢᠨ ᠢᠷᠣ᠎ᠠ》(ᠲᠦᠷᠺ ᠵᠦᠭ )[104] ᠭᠡᠮᠡᠨ ᠴᠡᠷᠢᠭ ᠭᠠᠷᠤᠭᠲᠤᠨ ᠭᠡᠪᠡ᠃ ᠡᠨᠡ ᠬᠦ᠌ ᠵᠢᠭᠠᠪᠤᠷᠢ ᠨᠢ ᠣᠢᠷᠠᠳ ᠤ᠋ᠨ ᠴᠡᠷᠢᠭ ᠠᠷᠠᠳ ᠤ᠋ᠨ ᠡᠰᠡᠷᠭᠦᠴᠡᠯ ᠢ᠋ ᠣᠯᠵᠠᠢ᠃ ᠪᠣᠱᠣᠭᠲᠤ ᠬᠠᠨ ᠪᠠᠰᠠ ᠰᠣᠬᠣᠷ ᠪᠠᠯᠠᠢ ᠪᠠᠷ ᠴᠡᠷᠢᠭ ᠭᠠᠷᠭᠠᠬᠤ ᠠᠶᠤᠯ ᠬᠣᠣᠷ ᠢ᠋ ᠨᠠᠢᠴᠤᠩ ᠣᠮᠪᠣ ᠳ᠋ᠤ᠌ ᠲᠠᠢᠯᠪᠤᠷᠢᠯᠠᠭᠰᠠᠨ ᠪᠣᠯᠪᠠᠴᠤ᠂ ᠲᠡᠷᠡ ᠳᠠᠯᠠᠢ ᠯᠠᠮᠠ ᠶ᠋ᠢᠨ ᠵᠢᠭᠠᠪᠤᠷᠢ ᠶ᠋ᠢ ᠪᠡᠶᠡᠯᠡᠭᠦᠯᠬᠦ ᠬᠡᠷᠡᠭᠲᠡᠢ ᠭᠡᠮᠡᠨ ᠪᠠᠷᠢᠮᠲᠠᠯᠠᠪᠠ ᠃ ᠭᠡᠲᠡᠯ᠎ᠡ ᠳᠠᠯᠠᠢ ᠯᠠᠮᠠ ᠶ᠋ᠢᠨ ᠵᠢᠭᠠᠪᠤᠷᠢ ᠶ᠋ᠢ ᠲᠡᠷᠰᠯᠡᠵᠦ ᠪᠣᠯᠬᠤ ᠦᠭᠡᠢ ᠲᠤᠯᠠ ᠪᠣᠱᠣᠭᠲᠤ ᠬᠠᠨ ᠠᠷᠭ᠎ᠠ ᠦᠭᠡᠢ ᠬᠦᠯᠢᠶᠡᠨ ᠠᠪᠴᠤ᠂ ᠳᠣᠣᠷᠠᠬᠢ ᠵᠠᠢᠰᠠᠩ ᠨᠠᠷ ᠲᠠᠭᠠᠨ᠄《ᠴᠡᠷᠢᠭ ᠭᠠᠷᠭᠠᠬᠤ ᠨᠢ ᠮᠢᠨᠦ ᠰᠠᠨᠠᠭ᠎ᠠ ᠪᠤᠰᠤ》[105] ᠭᠡᠮᠡᠨ ᠥᠭᠦᠯᠡᠵᠡᠢ᠃
1695 ᠣᠨ ᠤ᠋ ᠬᠣᠶᠠᠳᠤᠭᠠᠷ ᠰᠠᠷ᠎ᠠ ᠳ᠋ᠤ᠌᠂ ᠪᠣᠱᠣᠭᠲᠤ ᠬᠠᠨ ᠵᠠᠷᠯᠢᠭ ᠤᠯᠠᠮᠵᠢᠯᠠᠨ ᠤᠯᠠᠭᠠᠨ ᠭᠣᠮ᠂ ᠬᠣᠪᠲᠣ᠂ ᠬᠥᠩᠬᠥᠢ᠂ ᠵᠠᠪᠠᠬᠠᠨ᠂ ᠴᠠᠭᠠᠨ ᠰᠡᠭᠦᠯ᠂ ᠬᠠᠰᠠᠭᠲᠤ ᠵᠡᠷᠭᠡ ᠭᠠᠵᠠᠷ ᠤ᠋ᠨ ᠣᠯᠠᠨ ᠵᠠᠢᠰᠠᠩ ᠨᠠᠷ ᠢ᠋ ᠬᠥᠩᠬᠥᠢ ᠵᠠᠪᠠᠬᠠᠨ ᠳ᠋ᠤ᠌ ᠴᠤᠭᠯᠠᠷᠠᠨ ᠵᠡᠭᠦᠨᠰᠢ ᠠᠶᠠᠯᠠᠬᠤ ᠪᠠᠷ ᠪᠡᠯᠡᠳᠬᠡᠭᠲᠦᠨ ᠭᠡᠪᠡ᠃ ᠢᠩᠭᠢᠭᠡᠳ ᠲᠡᠷᠡ ᠲᠠᠪᠤᠳᠤᠭᠠᠷ ᠰᠠᠷ᠎ᠠ ᠶ᠋ᠢᠨ ᠡᠬᠢ ᠪᠡᠷ ᠭᠤᠷᠪᠠᠨ ᠲᠦᠮᠡ ᠰᠢᠬᠠᠮ ᠴᠡᠷᠢᠭ ᠳᠠᠢᠴᠢᠯᠠᠨ ᠮᠣᠷᠳᠠᠵᠤ᠂ ᠵᠢᠷᠭᠤᠳᠤᠭᠠᠷ ᠰᠠᠷ᠎ᠠ ᠳ᠋ᠤ᠌ ᠲᠠᠮᠢᠷ ᠤ᠋ᠨ ᠭᠣᠣᠯ ᠳ᠋ᠤ᠌ ᠬᠦᠷᠴᠦ ᠢᠷᠡᠵᠡᠢ᠃ ᠨᠠᠢ᠍ᠮᠠᠳᠤᠭᠠᠷ ᠰᠠᠷ᠎ᠠ ᠳ᠋ᠤ᠌ ᠬᠠᠯᠬ᠎ᠠ ᠨᠤᠲᠤᠭ ᠲᠤ᠌ ᠲᠦᠷᠢᠨ ᠣᠷᠣᠭᠠᠳ᠂ ᠳᠣᠣᠷᠠᠬᠢ ᠵᠠᠢᠰᠠᠩ ᠨᠠᠷ ᠲᠠᠭᠠᠨ ᠬᠠᠯᠬ᠎ᠠ ᠶ᠋ᠢᠨ ᠲᠠᠢᠵᠢ ᠨᠠᠷ ᠲᠣᠬᠢᠶᠠᠯᠳᠤᠪᠠᠰᠤ᠂ ᠲᠡᠳᠡᠨ ᠢ᠋ ᠳᠤᠷ᠎ᠠ ᠵᠣᠷᠢᠭ ᠢ᠋ᠶ᠋ᠠᠷ ᠪᠤᠯᠢᠶᠠᠨ ᠤᠤᠯᠭᠠᠯᠠᠵᠤ ᠪᠣᠯᠬᠤ ᠦᠭᠡᠢ [106] ᠭᠡᠵᠦ ᠵᠠᠬᠢᠬᠤ ᠶ᠋ᠢᠨ ᠬᠠᠮᠲᠤ ᠲᠤᠭᠠᠷ ᠠᠷᠠᠪᠲᠠᠨ᠂ ᠳᠠᠨᠵᠢᠯᠠ᠂ ᠳᠡᠨᠵᠢᠨ ᠣᠮᠪᠣ ᠨᠠᠷ ᠲᠤ᠌ ᠭᠤᠷᠪᠠᠨ ᠮᠢᠩᠭᠠᠨ ᠴᠡᠷᠢᠭ ᠥᠭᠴᠦ ᠬᠡᠷᠦᠯᠦᠨ ᠭᠣᠣᠯ ᠤ᠋ᠨ ᠤᠷᠤᠰᠬᠠᠯ ᠳᠠᠭᠠᠤ ᠬᠣᠷᠭᠣᠳᠠᠵᠤ ᠪᠠᠢᠭ᠎ᠠ ᠬᠠᠯᠬ᠎ᠠ ᠲᠠᠢᠵᠢ ᠨᠠᠷ ᠢ᠋ ᠠᠮᠤᠷ ᠲᠠᠢᠪᠤᠩ ᠢ᠋ᠶ᠋ᠠᠷ ᠠᠵᠤ ᠲᠦᠷᠦᠭᠲᠦᠨ ᠭᠡᠮᠡᠨ ᠤᠬᠠᠭᠤᠯᠤᠨ᠂ ᠪᠠᠰᠠ ᠨᠠᠮᠵᠢᠯ ᠲᠣᠢᠨ ᠳ᠋ᠤ᠌ ᠪᠢᠴᠢᠭ ᠢᠯᠡᠭᠡᠵᠦ ᠠᠮᠤᠷᠵᠢᠭᠤᠯᠪᠠ [107]᠃ ᠨᠠᠮᠵᠢᠯ ᠲᠣᠢᠨ ᠪᠠᠢᠳᠠᠯ ᠢ᠋ ᠣᠢᠯᠠᠭᠠᠬᠤ ᠦᠭᠡᠢ ᠲᠤᠯᠠ ᠦᠬᠡᠷ ᠬᠣᠨᠢ ᠪᠠᠨ ᠪᠦᠬᠦᠨ ᠢ᠋ ᠣᠷᠬᠢᠵᠤ ᠳᠤᠲᠠᠭᠠᠵᠠᠢ᠃
ᠡᠩᠬᠡ ᠠᠮᠤᠭᠤᠯᠠᠩ ᠬᠠᠭᠠᠨ ᠤ᠋ ᠵᠠᠷᠯᠢᠭ ᠢ᠋ᠶ᠋ᠠᠷ ᠬᠠᠯᠬ᠎ᠠ ᠶ᠋ᠢᠨ ᠬᠥᠨᠳᠡᠯᠡᠨ ᠪᠣᠱᠣᠭᠲᠤ ᠭᠣᠮᠪᠣ ᠬᠡᠳᠦᠢᠨ ᠲᠤᠷᠰᠢᠭᠤᠯ ᠲᠣᠮᠢᠯᠠᠨ ᠪᠣᠱᠣᠭᠲᠤ ᠬᠠᠨ ᠤ᠋ ᠬᠥᠳᠡᠯᠭᠡᠭᠡᠨ ᠢ᠋ ᠠᠵᠢᠭᠯᠠᠵᠤ ᠪᠠᠢᠪᠠ᠃ ᠨᠠᠢ᠍ᠮᠠᠳᠤᠭᠠᠷ ᠰᠠᠷ᠎ᠠ ᠶ᠋ᠢᠨ ᠬᠣᠷᠢᠨ ᠨᠢᠭᠡᠨ ᠦ᠌ ᠡᠳᠦᠷ ᠲᠤᠷᠰᠢᠭᠤᠯ ᠨᠢ ᠲᠡᠭᠦᠨ ᠳ᠋ᠦ᠍ 《ᠶᠡᠬᠡ ᠴᠡᠷᠢᠭ ᠭᠠᠵᠠᠷ ᠤ᠋ᠨ ᠬᠥᠷᠥᠰᠥ ᠶ᠋ᠢ ᠪᠦᠷᠬᠦᠵᠦ ᠢᠷᠡᠮᠦᠢ᠃ ᠴᠡᠷᠢᠭ ᠦ᠋ᠨ ᠳᠤᠮᠳᠠ ᠲᠤᠭ ᠬᠢᠭᠢᠷᠢ ᠳᠡᠮᠡᠢ ᠦᠵᠡᠭᠳᠡᠬᠦ ᠦᠭᠡᠢ᠁ ᠲᠡᠷᠢᠭᠦᠨ ᠳ᠋ᠦ᠍ ᠶᠠᠪᠤᠬᠤ ᠠᠴᠢᠶ᠎ᠠ ᠬᠦᠰᠡᠭᠡ ᠨᠢ ᠨᠠᠷᠠ ᠰᠢᠩᠭᠡᠬᠦ ᠶ᠋ᠢᠨ ᠦᠶ᠎ᠡ ᠪᠡᠷ ᠪᠠᠭᠤᠵᠤ ᠡᠬᠢᠯᠡᠭᠰᠡᠨ ᠪᠥᠭᠡᠳ ᠳᠣᠨᠣᠢ ᠭᠣᠣᠯ ᠢ᠋ ᠠᠯᠤᠰᠯᠠᠨ ᠭᠤᠴᠢᠨ ᠭᠠᠵᠠᠷ ᠦᠷᠭᠦᠯᠵᠢᠯᠡᠵᠦᠬᠦᠢ》 ᠭᠡᠵᠡᠢ[108]᠃ ᠨᠠᠢ᠍ᠮᠠᠳᠤᠭᠠᠷ ᠰᠠᠷ᠎ᠠ ᠶ᠋ᠢᠨ ᠬᠣᠷᠢᠨ ᠬᠣᠶᠠᠷ ᠤ᠋ᠨ ᠡᠳᠦᠷ᠂ ᠪᠣᠱᠣᠭᠲᠤ ᠬᠠᠨ ᠳᠣᠨᠣᠢ ᠳᠠᠪᠠᠭ᠎ᠠ ᠶ᠋ᠢ ᠳᠠᠪᠠᠵᠤ ᠬᠡᠷᠦᠯᠦᠨ ᠭᠣᠣᠯ ᠢ᠋ ᠤᠷᠤᠭᠤᠳᠠᠨ ᠪᠠᠶᠠᠨ ᠤᠯᠠᠭᠠᠨ ᠳ᠋ᠤ᠌ ᠬᠦᠷᠴᠦ ᠪᠠᠭᠤᠭᠠᠳ ᠡᠨᠳᠡ ᠡᠪᠦᠯᠵᠢᠬᠦ ᠪᠡᠷ ᠪᠣᠯᠪᠠ᠃ ᠲᠡᠭᠡᠭᠡᠳ ᠬᠥᠬᠡ ᠳᠠᠷᠠᠰᠤ᠂ ᠤᠨᠤᠨ ᠪᠠᠷᠵᠢ᠂ ᠬᠡᠷᠦᠯᠦᠨ ᠦ᠌ ᠳᠣᠣᠷ᠎ᠠ ᠤᠷᠤᠰᠬᠠᠯ ᠳ᠋ᠤ᠌ ᠲᠣᠰᠪᠣᠷᠢ ᠭᠤᠴᠢᠨ ᠬᠥᠮᠦᠨ ᠦ᠌ ᠬᠠᠷᠠᠭᠤᠯ ᠭᠠᠷᠭᠠᠵᠠᠢ᠃
ᠢᠯᠠᠭᠤᠭᠰᠠᠨ ᠬᠤᠲᠤᠭᠲᠤ ᠤᠷᠪᠠᠨ ᠳᠤᠲᠠᠭᠠᠭᠰᠠᠨ ᠤ᠋ ᠳᠠᠷᠠᠭ᠎ᠠ ᠬᠥᠬᠡᠬᠣᠲᠠ᠂ ᠴᠢᠭᠤᠯᠤᠯᠲᠤ ᠬᠠᠭᠠᠯᠭ᠎ᠠ᠃ ᠪᠡᠭᠡᠵᠢᠩ ᠳ᠋ᠦ᠍ ᠨᠢᠭᠤᠭᠳᠠᠵᠤ ᠪᠠᠢᠭᠰᠠᠨ ᠲᠠᠩᠨᠠᠭᠤᠯ ᠢ᠋ ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ ᠨᠡᠩᠵᠢᠨ ᠭᠠᠷᠭᠠᠭᠠᠳ ᠠᠯᠠᠬᠤ ᠶ᠋ᠢ ᠨᠢ ᠠᠯᠠᠵᠤ᠂ ᠬᠥᠭᠡᠬᠦ ᠶ᠋ᠢ ᠨᠢ ᠬᠥᠭᠡᠭᠡᠭᠰᠡᠨ ᠪᠣᠯᠪᠠᠴᠤ ᠳᠣᠲᠣᠭᠠᠳᠤ ᠵᠠᠰᠠᠭ ᠮᠣᠩᠭᠣᠯ ᠳ᠋ᠤ᠌ ᠦᠯᠡᠳᠡᠭᠰᠡᠨ ᠦᠢᠵᠡᠩ ᠯᠠᠮᠠ᠂ ᠷᠠᠭᠪᠠ ᠭᠡᠯᠦᠩ᠂ ᠬᠠᠢᠯᠠᠲᠤ ᠨᠠᠩᠰᠤ᠂ ᠯᠣᠪᠰᠠᠩᠳᠠᠨᠵᠢᠨ᠂ ᠳᠡᠨᠵᠢᠨ ᠣᠮᠪᠣ᠂ ᠲᠠᠷᠵᠠ᠂ ᠵᠤᠷᠠᠲᠤ ᠵᠡᠷᠭᠡ ᠯᠠᠮᠠ ᠪᠠᠨᠳᠢ ᠨᠠᠷ ᠮᠥᠨ ᠬᠣᠪᠲᠣ ᠲᠠᠢ ᠳᠠᠯᠳᠠᠭᠤᠷ ᠶᠠᠪᠤᠯᠴᠠᠵᠤ ᠢᠯᠠᠭᠤᠭᠰᠠᠨ ᠬᠤᠲᠤᠭᠲᠤ ᠳ᠋ᠤ᠌ ᠮᠡᠳᠡᠭᠡ ᠬᠦᠷᠭᠡᠵᠦ ᠪᠠᠢᠪᠠ᠃
ᠬᠣᠶᠠᠷ᠂ ᠵᠠᠭᠤᠨ ᠮᠣᠳᠣ ᠶ᠋ᠢᠨ ᠲᠡᠢᠨ
ᠪᠣᠱᠣᠭᠲᠤ ᠬᠠᠨ ᠬᠡᠷᠦᠯᠦᠨ ᠦ᠌ ᠭᠠᠵᠠᠷ ᠰᠠᠭᠠᠲᠠᠭᠰᠠᠨ ᠨᠢ ᠡᠩᠬᠡ ᠠᠮᠤᠭᠤᠯᠠᠩ ᠬᠠᠭᠠᠨ ᠳ᠋ᠤ᠌ ᠰᠢᠢᠳᠪᠦᠷᠢᠲᠦ ᠲᠤᠯᠤᠯᠳᠤᠭᠠᠨ ᠬᠢᠬᠦ ᠲᠣᠬᠢᠶᠠᠯ ᠣᠯᠭᠤᠵᠠᠢ᠃ᠤᠯᠠᠭᠠᠨ ᠪᠣᠳᠣᠩ ᠤ᠋ᠨ ᠠᠯᠳᠠᠰᠢ ᠶ᠋ᠢ ᠳᠠᠬᠢᠨ ᠭᠠᠷᠭᠠᠬᠤ ᠦᠭᠡᠢ ᠭᠡᠮᠡᠨ ᠲᠡᠷᠡ ᠥᠪᠡᠷ ᠦ᠋ᠨ ᠪᠡᠶ᠎ᠡ ᠪᠡᠷ ᠴᠡᠷᠢᠭ ᠳᠠᠢᠴᠢᠯᠠᠨ᠂ ᠪᠣᠱᠣᠭᠲᠤ ᠬᠠᠨ ᠳ᠋ᠤ᠌ ᠰᠥᠨᠥᠭᠡᠬᠦ ᠴᠢᠨᠠᠷ ᠲᠠᠢ ᠴᠣᠬᠢᠯᠲᠠ ᠥᠭᠬᠦ ᠪᠡᠷ ᠰᠢᠢᠳᠪᠡ᠃ ᠡᠩᠬᠡ ᠠᠮᠤᠭᠤᠯᠠᠩ ᠬᠠᠭᠠᠨ ᠲᠡᠭᠦᠨ ᠦ᠌ ᠬᠤᠢᠪᠢ ᠶ᠋ᠢᠨ ᠰᠠᠢᠳ ᠲᠠᠢ ᠪᠠᠨ ᠴᠡᠷᠢᠭ ᠭᠠᠷᠭᠠᠬᠤ ᠲᠥᠯᠥᠪᠯᠡᠭᠡ ᠵᠢᠴᠢ ᠪᠠᠢᠯᠳᠤᠬᠤ ᠠᠷᠭ᠎ᠠ ᠪᠣᠳᠣᠯᠭ᠎ᠠ ᠪᠠᠨ ᠨᠠᠷᠢᠨ ᠨᠢᠭᠲᠠ ᠵᠥᠪᠯᠡᠨ ᠲᠣᠭᠲᠠᠭᠠᠵᠠᠢ᠃ ᠲᠡᠭᠡᠭᠡᠳ1696 ᠣᠨ ᠤ᠋ ᠬᠣᠶᠠᠳᠤᠭᠠᠷ ᠰᠠᠷ᠎ᠠ ᠳ᠋ᠤ᠌᠂ ᠶᠡᠬᠡ ᠴᠡᠷᠢᠭ ᠭᠤᠷᠪᠠᠨ ᠵᠠᠮ ᠢ᠋ᠶ᠋ᠠᠷ ᠮᠣᠷᠳᠠᠵᠤ ᠣᠢᠷᠠᠳ ᠤ᠋ᠨ ᠴᠡᠷᠢᠭ ᠦ᠋ᠨ ᠠᠭᠲᠠ ᠲᠤᠷᠠᠩᠬᠠᠢ᠂ ᠬᠣᠯᠠ ᠶᠠᠪᠤᠬᠤ ᠳ᠋ᠤ᠌ ᠳᠥᠭᠥᠮ ᠦᠭᠡᠢ ᠳ᠋ᠦ᠍ᠨᠢ ᠵᠠᠪᠳᠤᠵᠤ ᠲᠤᠤᠯᠠ ᠭᠣᠣᠯ ᠣᠷᠴᠢᠮ ᠰᠥᠨᠥᠭᠡᠬᠦ ᠭᠡᠪᠡ᠃ ᠭᠤᠷᠪᠠᠨ ᠵᠠᠮ ᠤ᠋ᠨ ᠴᠡᠷᠢᠭ ᠦ᠋ᠨ ᠪᠠᠷᠠᠭᠤᠨ ᠵᠠᠮ ᠨᠢ ᠮᠠᠰᠢ ᠴᠢᠬᠤᠯᠠ ᠲᠤᠯᠠ ᠬᠢᠶ᠎ᠡ ᠶ᠋ᠢ ᠵᠠᠬᠢᠷᠬᠤ ᠳᠣᠲᠣᠭᠠᠳᠤ ᠰᠠᠢᠳ ᠫᠢᠶᠠᠩᠭᠤ ᠶ᠋ᠢ ᠬᠣᠯᠠᠳᠠᠬᠢᠨ ᠢ᠋ ᠠᠮᠤᠷᠵᠢᠭᠤᠯᠤᠭᠴᠢ ᠶᠡᠬᠡ ᠵᠠᠩᠵᠤᠨ ᠡᠷᠭᠦᠮᠵᠢᠯᠡᠵᠦ ᠶᠡᠷᠦᠩᠬᠡᠢᠯᠡᠨ ᠵᠠᠬᠢᠷᠤᠭᠤᠯᠵᠠᠢ᠃ ᠢᠩᠭᠢᠭᠡᠳ ᠬᠣᠶᠠᠳᠤᠭᠠᠷ ᠰᠠᠷ᠎ᠠ ᠶ᠋ᠢᠨ ᠠᠷᠪᠠᠨ ᠨᠠᠢ᠍ᠮᠠᠨ ᠤ᠋ ᠡᠳᠦᠷ ᠬᠥᠬᠡᠬᠣᠲᠠ ᠠ᠋ᠴᠠ ᠲᠤᠤᠯᠠ ᠭᠣᠣᠯ ᠵᠦᠭ ᠮᠣᠷᠳᠠᠵᠤ ᠪᠣᠱᠣᠭᠲᠤ ᠬᠠᠨ ᠤ᠋ ᠪᠤᠴᠠᠬᠤ ᠵᠠᠮ ᠢ᠋ ᠲᠠᠰᠤᠯᠬᠤ ᠭᠡᠪᠡ᠃ ᠡᠭᠦᠨ ᠳ᠋ᠦ᠍ ᠴᠠᠬᠠᠷ ᠪᠠᠷᠠᠭᠤᠨ ᠭᠠᠷᠤᠨ ᠳᠥᠷᠪᠡᠨ ᠬᠣᠰᠢᠭᠤ᠂ ᠬᠥᠬᠡᠬᠣᠲᠠ ᠶ᠋ᠢᠨ ᠲᠦᠮᠡᠳ᠂ ᠳᠥᠷᠪᠡᠨ ᠬᠡᠦᠬᠡᠳ ᠦ᠋ᠨ ᠬᠣᠰᠢᠭᠤ᠂ ᠣᠷᠳᠣᠰ ᠤ᠋ᠨ ᠴᠡᠷᠢᠭ ᠣᠷᠣᠯᠴᠠᠭᠰᠠᠨ ᠪᠥᠭᠡᠳ ᠪᠠᠷᠠᠭᠤᠨ ᠵᠠᠮ ᠤ᠋ᠨ ᠴᠡᠷᠢᠭ ᠦ᠋ᠨ ᠬᠦᠴᠦ ᠶ᠋ᠢ ᠴᠢᠩᠭᠠᠳᠬᠠᠬᠤ ᠭᠡᠮᠡᠨ ᠭᠠᠨᠰᠦ ᠶ᠋ᠢᠨ ᠵᠠᠩᠵᠤᠨ ᠰᠦᠨ ᠰᠧ ᠺᠧ᠂ ᠰᠢ ᠠᠨ ᠤ᠋ ᠵᠠᠩᠵᠤᠨ ᠪᠤᠵᠢ᠂ ᠰᠥᠨᠥ ᠨᠠᠷ ᠤ᠋ᠨ ᠳᠠᠢᠴᠢᠯᠠᠭᠰᠠᠨ ᠱᠠᠨᠰᠢ᠂ ᠭᠠᠨᠰᠦ ᠶ᠋ᠢᠨ ᠮᠠᠨᠵᠤ ᠴᠡᠷᠢᠭ᠂ ᠬᠦᠨᠳᠦ ᠴᠡᠷᠢᠭ᠂ ᠨᠣᠭᠣᠭᠠᠨ ᠲᠤᠭᠲᠤ ᠴᠡᠷᠢᠭ᠂ ᠡᠵᠡᠨ᠎ᠡ ᠶ᠋ᠢᠨ ᠬᠥᠨᠳᠡᠯᠡᠨ ᠭᠣᠣᠯ ᠠ᠋ᠴᠠ ᠬᠠᠯᠬ᠎ᠠ ᠶ᠋ᠢᠨ ᠣᠩᠬᠢ ᠭᠣᠣᠯ ᠵᠦᠭ ᠢᠷᠡᠵᠦ ᠨᠡᠢᠯᠡᠨ᠂ ᠶᠡᠬᠡ ᠵᠠᠩᠵᠤᠨ ᠫᠢᠶᠠᠩᠭᠤ ᠶ᠋ᠢᠨ ᠴᠡᠷᠢᠭ ᠪᠠᠷᠤᠭ ᠲᠠᠪᠤᠨ ᠲᠦᠮᠡ ᠶ᠋ᠢ ᠳᠠᠪᠠᠵᠠᠢ᠃ 139 ᠡᠩᠬᠡ ᠠᠮᠤᠭᠤᠯᠠᠩ ᠬᠠᠭᠠᠨ ᠥᠪᠡᠷ ᠦ᠋ᠨ ᠪᠡᠶ᠎ᠡ ᠪᠡᠷ ᠳᠤᠮᠳᠠᠳᠤ ᠵᠠᠮ ᠤ᠋ᠨ ᠴᠡᠷᠢᠭ ᠢ᠋ ᠳᠠᠢᠴᠢᠯᠠᠪᠠ᠃ ᠡᠭᠦᠨ ᠳ᠋ᠦ᠍ ᠨᠡᠢᠰᠯᠡᠯ ᠳ᠋ᠡᠬᠢ ᠮᠠᠨᠵᠤ ᠮᠣᠩᠭᠣᠯ ᠨᠠᠢ᠍ᠮᠠᠨ ᠬᠤᠰᠢᠭᠤᠨ ᠤ᠋ ᠴᠡᠷᠢᠭ ᠡᠴᠡ ᠭᠠᠳᠠᠨ᠎ᠠ᠂ ᠮᠦᠭᠳᠡᠨ᠂ ᠨᠢᠩᠭᠦᠲᠡ᠂ ᠬᠠᠷ᠎ᠠ ᠮᠥᠷᠡᠨ᠂ ᠰᠢᠦᠸᠠᠨ ᠹᠦ᠂ ᠮᠣᠯᠲᠣᠰᠢ ᠬᠠᠭᠠᠯᠭ᠎ᠠ ᠶ᠋ᠢᠨ ᠮᠠᠨᠵᠤ ᠴᠡᠷᠢᠭ᠂ ᠨᠣᠭᠣᠭᠠᠨ ᠲᠤᠭᠲᠤ ᠴᠡᠷᠢᠭ᠂ ᠬᠠᠯᠬ᠎ᠠ ᠶ᠋ᠢᠨ ᠡᠯ᠎ᠡ ᠵᠠᠰᠠᠭ ᠤ᠋ᠨ ᠴᠡᠷᠢᠭ ᠨᠡᠢᠯᠡᠵᠦ᠂ ᠪᠦᠬᠦ ᠴᠡᠷᠢᠭ ᠳᠥᠷᠪᠡᠨ ᠲᠦᠮᠡᠨ ᠢᠯᠡᠭᠦᠦ᠃ ᠬᠠᠭᠠᠨ ᠤ᠋ ᠬᠥᠪᠡᠭᠦᠨ᠂ ᠳᠣᠲᠣᠭᠠᠳᠤ ᠰᠠᠢᠳ᠂ ᠬᠢᠶ᠎ᠡ᠂ ᠪᠢᠴᠢᠭ ᠦ᠋ᠨ ᠡᠷᠭᠢᠨ ᠰᠠᠢᠳ᠂ ᠬᠣᠰᠢᠭᠤ ᠶ᠋ᠢ ᠵᠠᠬᠢᠷᠤᠭᠴᠢ ᠰᠠᠢᠳ᠂ ᠶᠠᠪᠠᠭᠠᠨ ᠴᠡᠷᠢᠭ ᠦ᠋ᠨ ᠪᠦᠭᠦᠳᠡ ᠶ᠋ᠢᠨ ᠳᠠᠷᠤᠭ᠎ᠠ᠂ ᠤᠯᠠᠭ᠎ᠠ ᠶ᠋ᠢᠨ ᠰᠠᠢᠳ᠂ ᠳᠤᠮᠳᠠᠳᠤ ᠵᠠᠮ ᠤ᠋ᠨ ᠪᠦᠬᠦ ᠴᠡᠷᠢᠭ ᠢ᠋ ᠬᠣᠶᠠᠷ ᠰᠠᠯᠠᠭ᠎ᠠ ᠬᠤᠪᠢᠶᠠᠵᠤ᠂ ᠨᠢᠭᠡᠨ ᠰᠠᠯᠠᠭ᠎ᠠ ᠶ᠋ᠢ ᠡᠩᠬᠡ ᠠᠮᠤᠭᠤᠯᠠᠩ ᠬᠠᠭᠠᠨ ᠪᠡᠶ᠎ᠡ ᠪᠡᠷ ᠳᠠᠢᠴᠢᠯᠠᠨ ᠥᠷᠥᠭᠡᠰᠦᠨ ᠴᠢᠯᠠᠭᠤᠨ ᠬᠠᠯᠭᠠᠯᠭᠠ ᠪᠠᠷ ᠮᠣᠷᠳᠠᠵᠤ᠂ ᠨᠥᠭᠦᠭᠡ ᠨᠢᠭᠡᠨ ᠰᠠᠯᠠᠭ᠎ᠠ ᠶ᠋ᠢ ᠳᠣᠲᠣᠭᠠᠳᠤ ᠰᠠᠢᠳ ᠨᠠᠷ ᠳᠠᠢᠴᠢᠯᠠᠵᠤ ᠮᠣᠯᠲᠣᠰᠢ ᠬᠠᠭᠠᠯᠭ᠎ᠠ ᠪᠠᠷ ᠭᠠᠷᠴᠤ᠂ ᠪᠣᠯᠵᠣᠭᠰᠠᠨ ᠭᠠᠵᠠᠷ ᠲᠤ᠌ ᠨᠡᠢᠯᠡᠭᠡᠳ ᠬᠡᠷᠦᠯᠦᠨ ᠮᠥᠷᠡᠨ ᠢ᠋ ᠴᠢᠭᠯᠡᠪᠡ᠃
ᠵᠡᠭᠦᠨ ᠵᠠᠮ ᠤ᠋ᠨ ᠶᠡᠬᠡ ᠴᠡᠷᠢᠭ ᠨᠢ ᠬᠠᠷ᠎ᠠ ᠮᠥᠷᠡᠨ ᠦ᠌ ᠵᠠᠩᠵᠤᠨ ᠰᠠᠪᠰᠤ᠂ ᠨᠢᠩᠭᠦᠲᠡ ᠶ᠋ᠢᠨ ᠵᠠᠩᠵᠤᠨ ᠲᠦᠩ ᠪᠤᠤ᠂ ᠮᠦᠭᠳᠡᠨ ᠦ᠌ ᠵᠠᠩᠵᠤᠨ ᠴᠣᠭᠲᠤ ᠨᠠᠷ ᠤ᠋ᠨ ᠮᠠᠨᠵᠤ ᠴᠡᠷᠢᠭ ᠢ᠋ᠶ᠋ᠡᠷ ᠭᠣᠣᠯᠯᠠᠵᠤ᠂ ᠳᠥᠷᠪᠡᠳᠦᠭᠡᠷ ᠰᠠᠷ᠎ᠠ ᠶ᠋ᠢᠨ ᠡᠬᠢ ᠪᠡᠷ ᠰᠣᠶᠣᠯᠵᠢ ᠠᠭᠤᠯᠠᠨ ᠳ᠋ᠤ᠌ ᠲᠥᠪᠯᠡᠷᠡᠵᠡᠢ᠃ ᠪᠠᠰᠠ ᠬᠣᠶᠠᠷ ᠦᠵᠦᠮᠦᠴᠢᠨ᠂ ᠬᠣᠶᠠᠷ ᠬᠠᠭᠤᠴᠢᠳ᠂ ᠬᠣᠶᠠᠷ ᠠᠪᠠᠬᠠᠨᠠᠷ᠂ ᠬᠣᠶᠠᠷ ᠠᠪᠠᠭ᠎ᠠ᠂ ᠬᠣᠶᠠᠷ ᠪᠠᠭᠠᠷᠢᠨ᠂ ᠬᠣᠶᠠᠷ ᠵᠠᠷᠤᠳ᠂ ᠠᠷᠪᠠᠨ ᠬᠣᠷᠴᠢᠨ᠂ ᠬᠡᠰᠢᠭᠲᠡᠨ᠂ ᠠᠤᠬᠠᠨ᠂ ᠨᠠᠢ᠍ᠮᠠᠨ ᠬᠤᠰᠢᠭᠤᠨ ᠤ᠋ ᠴᠡᠷᠢᠭ ᠰᠣᠶᠣᠯᠵᠢ ᠠᠭᠤᠯᠠ ᠶ᠋ᠢᠨ ᠪᠠᠷᠠᠭᠤᠨ ᠪᠠᠯ ᠳ᠋ᠠᠬᠢ ᠣᠷᠬᠣᠢ ᠭᠣᠣᠯ ᠳ᠋ᠤ᠌ ᠴᠤᠭᠯᠠᠷᠠᠨ᠂ ᠲᠡᠨᠳᠡ ᠡᠴᠡ ᠵᠠᠩᠵᠤᠨ ᠰᠠᠪᠰᠤ ᠲᠠᠢ ᠨᠡᠢᠯᠡᠵᠦ ᠬᠡᠷᠦᠯᠦᠨ ᠮᠥᠷᠡᠨ ᠦ᠌ ᠳᠣᠣᠷ᠎ᠠ ᠤᠷᠤᠰᠬᠠᠯ ᠢ᠋ ᠴᠢᠭᠯᠡᠨ ᠪᠣᠱᠣᠭᠲᠤ ᠬᠠᠨ ᠤ᠋ ᠵᠡᠭᠦᠨᠰᠢ ᠶᠠᠪᠤᠬᠤ ᠵᠠᠮ ᠢ᠋ ᠲᠠᠰᠤᠯᠪᠠ᠃
ᠭᠤᠷᠪᠠᠨ ᠵᠠᠮ ᠤ᠋ᠨ ᠴᠡᠷᠢᠭ ᠮᠣᠷᠳᠠᠨ ᠭᠠᠷᠬᠤ ᠶ᠋ᠢᠨ ᠤᠷᠢᠳ ᠪᠣᠱᠣᠭᠲᠤ ᠬᠠᠨ ᠢ᠋ ᠬᠣᠯᠠ ᠶᠠᠪᠤᠭᠤᠯᠬᠤ ᠦᠭᠡᠢ ᠭᠡᠮᠡᠨ ᠡᠩᠬᠡ ᠠᠮᠤᠭᠤᠯᠠᠩ ᠬᠠᠭᠠᠨ ᠠᠷᠭ᠎ᠠ ᠤᠬᠠᠭᠠᠨ ᠵᠢᠭᠠᠵᠤ ᠲᠦᠰᠢᠮᠡᠯ ᠠᠷᠠᠪᠠᠳᠬᠣ᠂ ᠬᠢᠶ᠎ᠡ ᠬᠡᠰᠢᠭᠲᠦ᠂ ᠲᠡᠮᠳᠡᠭᠯᠡᠭᠴᠢ ᠲᠦᠰᠢᠮᠡᠯ ᠪᠦᠦ ᠵᠣ᠌᠂ ᠬᠣᠷᠴᠢᠨ᠂ ᠤᠴᠢᠷ ᠵᠡᠷᠭᠡ ᠬᠥᠮᠦᠰ ᠢ᠋ ᠤᠷᠢᠳ ᠬᠣᠵᠢᠳ ᠡᠯᠴᠢ ᠪᠡᠷ ᠢᠯᠡᠭᠡᠵᠡᠢ᠃ ᠪᠣᠱᠣᠭᠲᠤ ᠬᠠᠨ ᠪᠠᠰᠠ ᠡᠩᠬᠡ ᠠᠮᠤᠭᠤᠯᠠᠩ ᠬᠠᠭᠠᠨ ᠤ᠋ ᠰᠠᠨᠠᠭ᠎ᠠ ᠶ᠋ᠢ ᠮᠡᠳᠡᠵᠦ᠂ ᠲᠦᠰᠢᠮᠡᠯ ᠠᠷᠠᠪᠠᠳᠬᠣ ᠶ᠋ᠢ ᠪᠤᠴᠠᠭᠠᠬᠤ ᠦᠶ᠎ᠡ ᠳ᠋ᠦ᠍ ᠥᠷᠭᠥᠭᠡ ᠮᠠᠢᠬᠠᠨ ᠢ᠋ᠶ᠋ᠠᠨ ᠪᠠᠭᠤᠯᠭᠠᠨ ᠲᠡᠭᠰᠢᠯᠡᠵᠦ ᠭᠦᠨ ᠬᠠᠯᠠᠭᠤᠳᠤ ᠵᠦᠭ ᠰᠢᠯᠵᠢᠬᠦ ᠳᠦᠷᠢ ᠦᠵᠡᠭᠦᠯᠦᠭᠡᠳ [109] ᠦᠨᠡᠨᠳᠡᠭᠡᠨ ᠬᠥᠳᠡᠯᠦᠭᠰᠡᠨ ᠦᠭᠡᠢ ᠪᠢᠯᠡ ᠃ ᠬᠢᠶ᠎ᠡ ᠬᠡᠰᠢᠭᠲᠦ ᠪᠣᠯᠤᠨ ᠲᠡᠮᠳᠡᠭᠯᠡᠭᠴᠢ ᠲᠦᠰᠢᠮᠡᠯ ᠪᠦᠦ ᠵᠣ᠌ ᠨᠠᠷ ᠤᠷᠢᠳ ᠬᠣᠵᠢᠳ ᠢ᠋ᠶ᠋ᠠᠷ ᠬᠦᠷᠴᠦ ᠢᠷᠡᠬᠦ ᠳ᠋ᠦ᠍ ᠴᠡᠷᠢᠭ ᠦ᠋ᠨ ᠪᠠᠢᠳᠠᠯ ᠢ᠋ ᠮᠡᠳᠡᠬᠦ ᠡᠴᠡ ᠬᠢᠴᠢᠶᠡᠵᠦ᠂ ᠲᠡᠳᠡ ᠬᠣᠶᠠᠭᠤᠯᠠ ᠶ᠋ᠢ ᠪᠠᠷᠢᠵᠤ ᠬᠣᠷᠢᠭᠰᠠᠨ ᠪᠥᠭᠡᠳ ᠲᠠᠯᠪᠢᠬᠤ ᠦᠶ᠎ᠡ ᠳ᠋ᠦ᠍ᠨᠢ ᠮᠣᠷᠢ ᠴᠤ᠌ ᠥᠭᠭᠦᠭᠰᠡᠨ ᠦᠭᠡᠢ ᠪᠡᠷ ᠶᠠᠪᠠᠭᠠᠨ ᠪᠤᠴᠠᠭᠠᠵᠠᠢ᠃ ᠳᠥᠷᠪᠡᠳᠦᠭᠡᠷ ᠰᠠᠷ᠎ᠠ ᠶ᠋ᠢᠨ ᠳᠣᠯᠣᠭᠠᠨ ᠤ᠋ ᠡᠳᠦᠷ(1696 ᠣᠨ) ᠲᠡᠳᠡ ᠬᠣᠶᠠᠭᠤᠯᠠ ᠳᠤᠮᠳᠠᠳᠤ ᠵᠠᠮ ᠤ᠋ᠨ ᠴᠡᠷᠢᠭ ᠲᠡᠢ ᠤᠴᠠᠷᠠᠬᠤ ᠳ᠋ᠤ᠌ ᠪᠣᠱᠣᠭᠲᠤ ᠬᠠᠨ ᠤ᠋ ᠲᠤᠬᠠᠢ ᠣᠯᠵᠤ ᠮᠡᠳᠡᠭᠰᠡᠨ ᠶᠠᠭᠤᠮ᠎ᠠ ᠦᠭᠡᠢ ᠪᠠᠢᠪᠠ᠃
ᠡᠩᠬᠡ ᠠᠮᠤᠭᠤᠯᠠᠩ ᠬᠠᠭᠠᠨ ᠭᠤᠷᠪᠠᠨ ᠵᠠᠮ ᠢ᠋ᠶ᠋ᠠᠷ ᠴᠡᠷᠢᠭ ᠲᠠᠪᠰᠢᠭᠤᠯᠤᠨ᠂ ᠤᠳᠠᠭ᠎ᠠ ᠳᠠᠷᠠᠭ᠎ᠠ ᠪᠠᠷ ᠡᠯᠴᠢ ᠵᠠᠷᠤᠵᠤ ᠬᠠᠷᠠᠯᠲᠠ ᠪᠠᠨ ᠲᠤᠤᠯᠠ ᠭᠣᠣᠯ ᠵᠦᠭ ᠲᠠᠯᠪᠢᠵᠤ ᠪᠠᠢᠭᠰᠠᠨ ᠢ᠋ ᠪᠣᠱᠣᠭᠲᠤ ᠬᠠᠨ ᠪᠠᠷᠤᠭᠯᠠᠭᠠᠳ᠂ ᠲᠡᠭᠦᠨ ᠦ᠌ ᠲᠥᠯᠥᠪᠯᠡᠭᠡ ᠶ᠋ᠢ ᠨᠢᠴᠤᠭᠠᠬᠤ ᠭᠡᠮᠡᠨ ᠲᠤᠤᠯᠠ ᠭᠣᠣᠯ ᠠ᠋ᠴᠠ ᠰᠢᠯᠵᠢᠬᠦ ᠪᠡᠷ ᠲᠣᠭᠲᠠᠵᠠᠢ᠃ ᠢᠩᠭᠢᠭᠡᠳ 1696 ᠣᠨ ᠤ᠋ ᠳᠥᠷᠪᠡᠳᠦᠭᠡᠷ ᠰᠠᠷ᠎ᠠ ᠶ᠋ᠢᠨ ᠡᠬᠢ ᠪᠡᠷ ᠲᠤᠤᠯᠠ ᠭᠣᠣᠯ ᠤ᠋ᠨ ᠪᠣᠯᠴᠠᠭ ᠠ᠋ᠴᠠ ᠡᠮᠦᠨᠡᠰᠢ ᠠᠷᠪᠠᠨ ᠥᠷᠲᠡᠭᠡᠨ ᠦ᠌ ᠤᠰᠤ ᠡᠪᠡᠰᠦ ᠲᠡᠢ ᠭᠠᠵᠠᠷ ᠢ᠋ ᠲᠦᠢᠮᠡᠷᠳᠡᠵᠦ [ 110 ] ᠂ ᠪᠠᠷᠠᠭᠤᠨ ᠵᠠᠮ ᠤ᠋ᠨ ᠴᠡᠷᠢᠭ ᠲᠦ᠍ ᠰᠠᠭᠠᠳ ᠤᠴᠠᠷᠠᠭᠤᠯᠬᠤ ᠶ᠋ᠢᠨ ᠰᠠᠴᠠᠭᠤ ᠥᠷᠥᠭᠡ ᠮᠠᠢᠬᠠᠨ ᠢ᠋ᠶ᠋ᠠᠨ ᠪᠠᠭᠤᠯᠭᠠᠵᠤ ᠂ ᠬᠡᠷᠦᠯᠦᠨ ᠢ᠋ ᠤᠷᠤᠭᠤᠳᠠᠨ ᠳᠠᠷᠬᠠᠨ ᠠᠭᠤᠯᠠᠨ ᠳ᠋ᠤ᠌ ᠢᠷᠡᠵᠦ ᠬᠦᠷᠢᠶ᠎ᠡ ᠪᠠᠭᠤᠪᠠ᠃ ᠳᠥᠷᠪᠡᠳᠦᠭᠡᠷ ᠰᠠᠷ᠎ᠠ ᠶ᠋ᠢᠨ ᠰᠡᠭᠦᠯᠴᠢ ᠪᠡᠷ᠂ ᠡᠩᠬᠡ ᠠᠮᠤᠭᠤᠯᠠᠩ ᠬᠠᠭᠠᠨ ᠳᠠᠷᠬᠠᠨ ᠠᠭᠤᠯᠠ ᠠ᠋ᠴᠠ ᠲᠠᠪᠤᠨ ᠡᠳᠦᠷ ᠦ᠋ᠨ ᠵᠠᠢᠲᠠᠢ ᠭᠠᠵᠠᠷ ᠬᠦᠷᠴᠦ ᠢᠷᠡᠬᠦ ᠳ᠋ᠦ᠍ ᠳᠣᠲᠣᠭᠠᠳᠤ ᠰᠠᠢᠳ ᠪᠣᠯᠤᠨ ᠪᠢᠴᠢᠭ ᠦ᠋ᠨ ᠡᠷᠭᠢᠨ ᠰᠠᠢᠳ ᠨᠠᠷ ᠨᠢ ᠲᠡᠭᠦᠨ ᠢ᠋ ᠢᠳᠬᠠᠵᠤ ᠲᠠᠪᠰᠢᠬᠤ ᠶ᠋ᠢ ᠦᠯᠦ ᠶᠠᠭᠠᠷᠠᠨ᠂ ᠪᠠᠷᠠᠭᠤᠨ ᠵᠠᠮ ᠤ᠋ᠨ ᠴᠡᠷᠢᠭ ᠢ᠋ ᠬᠦᠯᠢᠶᠡᠪᠡᠯ ᠰᠠᠢᠨ ᠭᠡᠵᠡᠢ᠃ ᠪᠠᠷᠠᠭᠤᠨ ᠵᠠᠮ ᠤ᠋ᠨ ᠴᠡᠷᠢᠭ ᠢ᠋ ᠬᠦᠯᠢᠶᠡᠬᠦ ᠶ᠋ᠢᠨ ᠬᠠᠮᠲᠤ ᠪᠣᠱᠣᠭᠲᠤ ᠬᠠᠨ ᠤ᠋ ᠬᠥᠯ ᠢ᠋ ᠲᠤᠱᠠᠬᠤ ᠶ᠋ᠢᠨ ᠲᠤᠯᠠ ᠡᠩᠬᠡ ᠠᠮᠤᠭᠤᠯᠠᠩ ᠬᠠᠭᠠᠨ ᠬᠠᠮᠤᠭ ᠡᠴᠦᠰ ᠦ᠋ᠨ《ᠬᠡᠴᠡᠭᠦᠦ ᠠᠷᠭ᠎ᠠ》 ᠪᠠᠨ ᠬᠡᠷᠡᠭᠯᠡᠬᠦ ᠪᠡᠷ ᠰᠢᠢᠳᠴᠦ᠂ ᠲᠠᠪᠤᠳᠤᠭᠠᠷ ᠰᠠᠷ᠎ᠠ ᠶ᠋ᠢᠨ ᠳᠥᠷᠪᠡᠨ ᠦ᠌ ᠡᠳᠦᠷ ᠪᠡᠭᠡᠵᠢᠩ ᠡᠴᠡ ᠲᠤᠰᠬᠠᠢᠯᠠᠨ ᠳᠠᠭᠠᠭᠤᠯᠵᠤ ᠢᠷᠡᠭᠰᠡᠨ ᠳ᠋ᠦᠸᠧ ᠴᠡᠨ ᠭᠦᠩᠵᠦ ᠶ᠋ᠢ ᠪᠣᠱᠣᠭᠲᠤ ᠬᠠᠨ ᠳ᠋ᠤ᠌ ᠤᠷᠤᠭᠯᠠᠭᠤᠯᠬᠤ ᠭᠡᠮᠡᠨ ᠬᠣᠶᠠᠷ ᠵᠠᠭᠤᠨ ᠯᠠᠩ ᠮᠥᠩᠭᠥ᠂ ᠬᠡᠯᠬᠢᠶ᠎ᠡ ᠲᠡᠢ ᠵᠣᠭᠣᠰ᠂ ᠠᠯᠲᠠᠨ ᠭᠣᠬ᠎ᠠ᠂ ᠮᠠᠩᠨᠤᠭ ᠳᠡᠪᠡᠯ᠂ ᠳᠤᠯᠠᠭᠠᠨ ᠮᠠᠯᠠᠭᠠᠢ᠂ ᠵᠢᠮᠢᠰ ᠪᠣᠭᠣᠷᠰᠣᠭ ᠵᠡᠷᠭᠡ ᠪᠡᠯᠡᠭ ᠰᠡᠯᠲᠡ ᠶ᠋ᠢ ᠠᠬᠤᠭᠤᠯᠤᠨ ᠳᠣᠲᠣᠭᠠᠳᠤ ᠪᠢᠴᠢᠭᠡᠴᠢ ᠠᠪᠢᠳᠠ᠂ ᠲᠡᠷᠢᠭᠦᠨ ᠳᠡᠰ ᠦ᠋ᠨ ᠬᠢᠶ᠎ᠡ ᠬᠠᠸᠠᠷᠲᠠ᠂ ᠲᠡᠷᠢᠭᠦᠨ ᠳᠡᠰ ᠦ᠋ᠨ ᠲᠠᠢᠵᠢ ᠠᠷᠠᠪᠲᠠᠨ ᠨᠠᠷ ᠢ᠋ ᠬᠣᠶᠠᠷ ᠵᠠᠭᠤᠨ ᠭᠠᠪᠰᠢᠭᠠᠢ ᠴᠡᠷᠢᠭ ᠦ᠋ᠨ ᠬᠠᠮᠲᠤ ᠲᠣᠮᠢᠯᠠᠪᠠ [111]᠃ ᠵᠢᠷᠭᠤᠭᠠᠨ ᠤ᠋ ᠡᠳᠦᠷ᠂ ᠪᠣᠱᠣᠭᠲᠤ ᠬᠠᠨ ᠤ᠋ ᠲᠦᠰᠢᠮᠡᠯ ᠳᠠᠨᠵᠢᠯᠠ ᠮᠢᠩᠭ᠎ᠠ ᠭᠠᠷᠤᠢ ᠴᠡᠷᠢᠭ ᠢ᠋ᠶ᠋ᠡᠷ ᠳ᠋ᠦᠸᠧ ᠴᠡᠨ ᠭᠦᠩᠵᠦ ᠶ᠋ᠢ ᠲᠣᠰᠴᠤ ᠠᠪᠤᠭᠠᠳ᠂ ᠪᠣᠱᠣᠭᠲᠤ ᠬᠠᠨ ᠢ᠋ ᠲᠤᠤᠯᠠ ᠭᠣᠣᠯ ᠳ᠋ᠤ᠌ ᠪᠠᠢᠭᠰᠠᠭᠠᠷ ᠭᠡᠮᠡᠨ ᠬᠤᠳᠠᠯ ᠬᠡᠯᠡᠵᠦ ᠬᠠᠸᠠᠷᠲᠠᠨ ᠪᠣᠯᠤᠨ ᠠᠷᠠᠪᠲᠠᠨ ᠢ᠋ ᠭᠡᠳᠡᠷᠭᠦ ᠪᠤᠴᠠᠭᠠᠵᠠᠢ᠃ ᠡᠩᠬᠡ ᠠᠮᠤᠭᠤᠯᠠᠩ ᠬᠠᠭᠠᠨ 《ᠭᠤᠸ᠎ᠠ ᠬᠥᠮᠦᠨ ᠦ᠌ ᠠᠷᠭ᠎ᠠ》 ᠵᠠᠷᠤᠵᠤ᠂ ᠪᠠᠷᠠᠭᠤᠨ ᠵᠠᠮ ᠤ᠋ᠨ ᠴᠡᠷᠢᠭ ᠲᠡᠢ ᠪᠡᠨ ᠬᠠᠪᠴᠢᠨ ᠴᠣᠬᠢᠬᠤ ᠭᠡᠵᠦ ᠪᠠᠢᠬᠤ ᠶ᠋ᠢ ᠪᠣᠱᠣᠭᠲᠤ ᠬᠠᠨ ᠮᠡᠳᠡᠵᠦ᠂ ᠳᠣᠯᠣᠭᠠᠨ ᠤ᠋ ᠡᠳᠦᠷ ᠠᠯᠢᠪᠠ ᠪᠠᠨ ᠲᠡᠭᠰᠢᠯᠡᠵᠦ ᠳᠠᠷᠬᠠᠨ ᠠᠭᠤᠯᠠ ᠠ᠋ᠴᠠ ᠵᠠᠢᠯᠠᠨ᠂ ᠬᠡᠷᠦᠯᠦᠨ ᠢ᠋ ᠥᠭᠰᠥᠵᠦ ᠬᠡᠷᠢᠶ᠎ᠡ ᠬᠣᠰᠢᠭᠤ᠂ ᠳᠣᠨᠣᠢ ᠠᠭᠤᠯᠠ ᠪᠠᠷ ᠥᠩᠭᠡᠷᠡᠨ ᠪᠠᠶᠠᠨ ᠤᠯᠠᠭᠠᠨ ᠳ᠋ᠤ᠌ ᠬᠦᠯᠢᠶᠡᠵᠦ ᠪᠠᠢᠭᠰᠠᠨ ᠲᠤᠭᠠᠷ ᠠᠷᠠᠪᠲᠠᠨ ᠲᠠᠢ ᠨᠡᠢᠯᠡᠪᠡ᠃ ᠢᠩᠭᠢᠭᠡᠳ ᠲᠡᠷᠡ ᠬᠣᠶᠠᠷ ᠪᠠᠷᠠᠭᠤᠨᠰᠢ ᠲᠦᠷᠭᠡᠯᠡᠨ ᠠᠶᠠᠯᠠᠵᠤ᠂ ᠠᠷᠪᠠᠨ ᠬᠣᠶᠠᠷ ᠤ᠋ᠨ ᠡᠳᠦᠷ ᠲᠤᠤᠯᠠ ᠭᠣᠣᠯ ᠤ᠋ᠨ ᠲᠡᠷᠡᠯᠵᠢ ᠶ᠋ᠢᠨ ᠠᠮᠠ ᠳ᠋ᠤ᠌ ᠬᠦᠷᠢᠶ᠎ᠡ ᠪᠠᠭᠤᠵᠤ᠂ ᠪᠠᠷᠠᠭᠤᠨ ᠵᠠᠮ ᠤ᠋ᠨ ᠴᠡᠷᠢᠭ ᠢ᠋ ᠴᠣᠬᠢᠬᠤ ᠪᠠᠷ ᠲᠥᠯᠥᠪᠯᠡᠵᠡᠢ᠃ ᠡᠩᠬᠡ ᠠᠮᠤᠭᠤᠯᠠᠩ ᠬᠠᠭᠠᠨ ᠲᠡᠭᠦᠨ ᠦ᠌ ᠬᠢᠶ᠎ᠡ ᠶ᠋ᠢ ᠵᠠᠬᠢᠷᠬᠤ ᠳᠣᠲᠣᠭᠠᠳᠤ ᠰᠠᠢᠳ ᠮᠠᠰᠢᠬᠠᠶ ᠢ᠋ ᠶᠡᠬᠡ ᠵᠠᠩᠵᠤᠨ ᠡᠷᠭᠦᠮᠵᠢᠯᠡᠵᠦ᠂ ᠨᠢᠭᠡᠨ ᠰᠠᠯᠠᠭ᠎ᠠ ᠴᠡᠷᠢᠭ ᠥᠭᠴᠦ ᠪᠣᠱᠣᠭᠲᠤ ᠬᠠᠨ ᠢ᠋ ᠪᠠᠶᠠᠨ ᠤᠯᠠᠭᠠᠨ ᠬᠦᠷᠲᠡᠯ᠎ᠡ ᠨᠡᠬᠡᠮᠵᠢᠯᠡᠭᠡᠳ ᠭᠦᠢᠴᠡᠭᠰᠡᠨ ᠦᠭᠡᠢ ᠪᠤᠴᠠᠪᠠ᠃
ᠲᠡᠷᠡ ᠦᠶ᠎ᠡ ᠳ᠋ᠦ᠍᠂ ᠵᠠᠩᠵᠤᠨ ᠫᠢᠶᠠᠩᠭᠤ ᠶ᠋ᠢᠨ ᠳᠠᠢᠴᠢᠯᠠᠭᠰᠠᠨ ᠪᠠᠷᠠᠭᠤᠨ ᠵᠠᠮ ᠤ᠋ᠨ ᠴᠡᠷᠢᠭ ᠡᠯᠡᠰᠦᠨ ᠴᠦᠯ ᠢ᠋ ᠲᠤᠭᠤᠯᠵᠤ᠂ ᠠᠮᠤ ᠬᠦᠨᠡᠰᠦ ᠳᠤᠲᠠᠭᠳᠠᠭᠠᠳ ᠲᠠᠪᠤᠳᠤᠭᠠᠷ ᠰᠠᠷ᠎ᠠ ᠶ᠋ᠢᠨ ᠭᠤᠷᠪᠠᠨ ᠤ᠋ ᠡᠳᠦᠷ ᠲᠤᠤᠯᠠ ᠭᠣᠣᠯ ᠣᠢᠷᠠᠲᠤᠬᠤ ᠳ᠋ᠤ᠌ ᠳᠠᠭᠠᠵᠤ ᠳᠡᠢᠯᠦᠭᠰᠡᠨ ᠴᠡᠷᠢᠭ ᠨᠢ ᠳᠥᠩᠭᠡᠵᠦ ᠲᠦᠮᠡ ᠲᠠᠪᠤᠨ ᠮᠢᠩᠭ᠎ᠠ ᠰᠢᠬᠠᠮ ᠪᠠᠢᠵᠠᠢ᠃ ᠠᠷᠪᠠᠨ ᠬᠣᠶᠠᠷ ᠤ᠋ᠨ ᠡᠳᠦᠷ ᠫᠢᠶᠠᠩᠭᠤ ᠶ᠋ᠢᠨ ᠴᠡᠷᠢᠭ ᠲᠡᠷᠡᠯᠵᠢ ᠶ᠋ᠢᠨ ᠠᠮᠠ ᠠ᠋ᠴᠠ ᠭᠤᠴᠢᠨ ᠭᠠᠵᠠᠷ ᠵᠠᠢᠲᠠᠢ ᠪᠠᠭᠤᠭᠠᠳ᠂ ᠳᠠᠷᠠᠭ᠎ᠠ ᠡᠳᠦᠷ ᠦ᠋ᠨ ᠦᠷ ᠢ᠋ᠶ᠋ᠡᠷ ᠵᠡᠭᠦᠨᠰᠢ ᠬᠣᠷᠢᠨ ᠭᠠᠵᠠᠷ ᠰᠢᠬᠠᠮ ᠲᠠᠪᠰᠢᠵᠤ᠂ ᠪᠣᠱᠣᠭᠲᠤ ᠬᠠᠨ ᠤ᠋ ᠴᠡᠷᠢᠭ ᠦ᠋ᠨ ᠬᠣᠷᠢᠶ᠎ᠠ ᠠ᠋ᠴᠠ ᠠᠷᠪᠠᠨ ᠬᠣᠶᠠᠷ ᠭᠠᠵᠠᠷ ᠠᠯᠤᠰ ᠵᠠᠭᠤᠨ ᠮᠣᠳᠣ ᠭᠡᠳᠡᠭ ᠭᠠᠵᠠᠷ ᠬᠦᠷᠴᠦ ᠢᠷᠡᠪᠡ᠃ ᠵᠠᠭᠤᠨ ᠮᠣᠳᠣ ᠨᠢ ᠲᠤᠤᠯᠠ ᠭᠣᠣᠯ ᠤ᠋ᠨ ᠠᠷᠤ ᠳ᠋ᠤ᠌ ᠣᠷᠣᠰᠢᠬᠤ ᠲᠡᠭᠰᠢ ᠠᠭᠤᠳᠠᠮ ᠭᠠᠵᠠᠷ ᠶᠤᠮ᠃ ᠡᠷᠲᠡ ᠮᠢᠩ ᠤᠯᠤᠰ ᠤ᠋ᠨ ᠦᠶ᠎ᠡ ᠳ᠋ᠦ᠍᠂ ᠴᠧᠩᠽᠦ ᠬᠠᠭᠠᠨ ᠡᠨᠡ ᠭᠠᠵᠠᠷ ᠳᠤ ᠮᠣᠩᠭᠣᠯ ᠤ᠋ᠨ ᠠᠷᠤᠭᠲᠠᠢ ᠲᠠᠢᠱ᠌ᠢ ᠲᠠᠢ ᠪᠠᠢᠯᠳᠤᠵᠤ ᠥᠩᠭᠡᠷᠡᠵᠡᠢ᠃ ᠵᠠᠭᠤᠨ ᠮᠣᠳᠣ ᠪᠠᠷᠠᠭᠤᠨ ᠲᠠᠯ᠎ᠠ ᠳ᠋ᠠᠭᠠᠨ ᠬᠠᠨ ᠠᠭᠤᠯᠠ᠂ ᠠᠷᠤ ᠲᠠᠯ᠎ᠠ ᠳ᠋ᠠᠭᠠᠨ ᠬᠡᠨᠲᠡᠢ ᠠᠭᠤᠯᠠ ᠶ᠋ᠢ ᠲᠦᠰᠢᠵᠦ᠂ ᠡᠮᠦᠨ᠎ᠡ ᠲᠠᠯ᠎ᠠ ᠳ᠋ᠤᠨᠢ ᠡᠮᠡᠭᠡᠯ ᠦ᠋ᠨ ᠬᠡᠯᠪᠡᠷᠢ ᠲᠡᠢ ᠨᠢᠭᠡᠨ ᠪᠣᠭᠣᠨᠢ ᠠᠭᠤᠯᠠ ᠪᠣᠢ᠃ ᠫᠢᠶᠠᠩᠭᠤ ᠡᠨᠳᠡ ᠴᠡᠷᠢᠭ ᠢ᠋ᠶ᠋ᠡᠨ ᠭᠤᠷᠪᠠᠨ ᠠᠩᠭᠢ ᠬᠤᠪᠢᠶᠠᠵᠤ ᠨᠡᠢᠰᠯᠡᠯ ᠬᠣᠲᠠ ᠶ᠋ᠢᠨ ᠴᠡᠷᠢᠭ᠂ ᠰᠢ ᠠᠨ ᠬᠣᠲᠠ ᠶ᠋ᠢᠨ ᠴᠡᠷᠢᠭ᠂ ᠴᠠᠬᠠᠷ ᠤ᠋ᠨ ᠴᠡᠷᠢᠭ ᠢ᠋ ᠲᠠᠯ᠎ᠠ ᠶ᠋ᠢᠨ ᠵᠡᠭᠦᠨᠲᠡᠢ᠂ ᠳ᠋ᠠᠲ᠋ᠦ᠋ᠩ ᠦ᠋ᠨ ᠴᠡᠷᠢᠭ᠂ ᠴᠠᠬᠠᠷ ᠤ᠋ᠨ ᠴᠡᠷᠢᠭ ᠦ᠋ᠨ ᠨᠢᠭᠡ ᠪᠦᠯᠦᠭ ᠢ᠋ ᠲᠤᠤᠯᠠ ᠭᠣᠣᠯ ᠳᠠᠭᠠᠤ ᠲᠠᠯ᠎ᠠ ᠶ᠋ᠢᠨ ᠡᠮᠦᠨᠡᠭᠦᠷ᠂ ᠵᠠᠩᠵᠤᠨ ᠰᠦᠨ ᠰᠧ ᠺᠧ ᠶ᠋ᠢᠨ ᠨᠣᠭᠣᠭᠠᠨ ᠲᠤᠭᠲᠤ ᠴᠡᠷᠢᠭ ᠢ᠋ ᠡᠮᠡᠭᠡᠯ ᠬᠡᠯᠪᠡᠷᠢ ᠲᠡᠢ ᠠᠭᠤᠯᠠᠨ ᠳᠡᠭᠡᠷ᠎ᠡ ᠲᠤᠰ ᠲᠤᠰ ᠲᠣᠬᠢᠷᠠᠭᠤᠯᠪᠠ᠃ ᠲᠡᠭᠡᠭᠡᠳ ᠣᠢᠷᠠᠳ ᠴᠡᠷᠢᠭ ᠢ᠋ ᠵᠠᠭᠤᠨ ᠮᠣᠳᠣ ᠶ᠋ᠢᠨ ᠵᠢᠭᠰᠠᠭᠠᠯ ᠳ᠋ᠤ᠌ ᠥᠳᠥᠭᠡᠨ ᠠᠪᠴᠢᠷᠠᠬᠤ ᠭᠡᠮᠡᠨ ᠭᠠᠪᠰᠢᠭᠠᠢ ᠴᠡᠷᠢᠭ ᠦ᠋ᠨ ᠪᠦᠭᠦᠳᠡ ᠶ᠋ᠢᠨ ᠳᠠᠷᠤᠭ᠎ᠠ ᠰᠤᠳᠠᠢ᠂ ᠮᠡᠢᠷᠡᠨ ᠦ᠌ ᠵᠠᠩᠭᠢ ᠠᠨᠠᠨᠳᠠ ᠳ᠋ᠤ᠌ ᠳᠥᠷᠪᠡᠨ ᠵᠠᠭᠤᠨ ᠴᠡᠷᠢᠭ ᠥᠭᠴᠦ ᠢᠯᠡᠭᠡᠵᠡᠢ᠃
ᠣᠢᠷᠠᠳ ᠴᠡᠷᠢᠭ ᠬᠡᠳᠦᠢᠨ ᠲᠡᠢᠨ ᠦ᠌ ᠪᠡᠯᠡᠳᠬᠡᠯ ᠢ᠋ᠶ᠋ᠡᠨ ᠬᠢᠭᠰᠡᠨ ᠪᠣᠯᠬᠣᠷ᠂ ᠠᠨᠠᠨᠲᠠ ᠶ᠋ᠢᠨ ᠥᠳᠥᠭᠡᠬᠦ ᠴᠡᠷᠢᠭ ᠢ᠋ ᠦᠵᠡᠭᠡᠳ ᠳᠠᠭᠠᠷᠢᠨ ᠢᠷᠡᠬᠦ ᠳ᠋ᠦ᠍ ᠲᠡᠷᠡ ᠪᠠᠢᠯᠳᠤᠬᠤ ᠶ᠋ᠢᠨ ᠳᠠᠭᠤ ᠵᠢᠭᠰᠠᠭᠠᠯ ᠵᠦᠭ ᠢ᠋ᠶ᠋ᠡᠨ ᠤᠬᠤᠷᠢᠪᠠ᠃ ᠬᠣᠨᠢᠨ ᠴᠠᠭ ᠤ᠋ᠨ ᠦᠶ᠎ᠡ ᠪᠡᠷ ᠣᠢᠷᠠᠳ ᠤ᠋ᠨ ᠲᠡᠷᠢᠭᠦᠨ ᠠᠩᠭᠢ ᠲᠠᠯ᠎ᠠ ᠶ᠋ᠢᠨ ᠵᠡᠭᠦᠨ ᠳ᠋ᠦ᠍ ᠵᠢᠭᠰᠠᠭᠰᠠᠨ ᠴᠡᠷᠢᠭ ᠢ᠋ ᠳᠠᠭᠠᠷᠢᠬᠤ ᠳ᠋ᠤ᠌ ᠳᠠᠢᠴᠢᠩ ᠤᠯᠤᠰ ᠤ᠋ᠨ ᠴᠡᠷᠢᠭ ᠨᠢᠭᠡ ᠭᠠᠷ ᠲᠠᠭᠠᠨ ᠬᠤᠯᠤᠰᠤᠨ ᠬᠠᠯᠬᠠᠪᠴᠢ (ᠪᠠᠮᠪᠠᠢ) ᠨᠥᠭᠦᠭᠡ ᠭᠠᠷ ᠲᠠᠭᠠᠨ ᠵᠢᠳᠠ ᠰᠡᠯᠡᠮ᠎ᠡ ᠪᠠᠷᠢᠵᠤ ᠪᠠᠢᠯᠳᠤᠭᠰᠠᠨ ᠪᠣᠯᠪᠠᠴᠤ᠂ ᠣᠢᠷᠠᠳ ᠴᠡᠷᠢᠭ ᠦ᠋ᠨ ᠳᠠᠭᠠᠷᠢᠯᠲᠠ ᠶ᠋ᠢ ᠲᠡᠰᠪᠦᠷᠢᠯᠡᠵᠦ ᠴᠢᠳᠠᠭᠰᠠᠨ ᠦᠭᠡᠢ᠃ ᠣᠢᠷᠠᠳ ᠴᠡᠷᠢᠭ ᠦ᠋ᠨ ᠵᠡᠭᠦᠨ ᠲᠠᠯ᠎ᠠ ᠶ᠋ᠢᠨ ᠵᠢᠭᠰᠠᠭᠠᠯ ᠢ᠋ ᠡᠪᠳᠡᠵᠦ ᠠᠭᠤᠯᠠ ᠶ᠋ᠢ ᠡᠵᠡᠯᠡᠬᠦ ᠪᠡᠷ ᠴᠢᠷᠮᠠᠢᠪᠠ᠃ ᠠᠭᠤᠯᠠᠨ ᠳᠡᠭᠡᠷ᠎ᠡ ᠡᠴᠡ ᠶᠡᠬᠡ ᠫᠤᠤ᠂ ᠭᠠᠯ ᠫᠤᠤ᠂ ᠨᠤᠮᠤ ᠰᠤᠮᠤ ᠪᠠᠷ ᠳᠣᠷᠣᠭᠰᠢ ᠬᠠᠷᠪᠤᠬᠤ ᠳ᠋ᠤ᠌ ᠣᠢᠷᠠᠳ ᠴᠡᠷᠢᠭ ᠦ᠋ᠳ ᠪᠠᠰᠠ ᠭᠠᠯ ᠫᠤᠤ᠂ ᠨᠤᠮᠤ ᠵᠡᠪᠡ ᠪᠡᠨ ᠲᠥᠪᠯᠡᠷᠡᠭᠦᠯᠦᠨ ᠬᠠᠷᠢᠭᠤ ᠬᠠᠷᠪᠤᠬᠤ ᠶ᠋ᠢᠨ ᠳᠠᠭᠠᠤ ᠠᠭᠤᠯᠠ ᠥᠭᠡᠳᠡ ᠮᠠᠴᠤᠵᠠᠢ᠃ ᠲᠤᠯᠤᠯᠳᠤᠭᠠᠨ ᠤᠯᠠᠮ ᠢ᠋ᠶ᠋ᠠᠷ ᠰᠢᠷᠦᠭᠦᠨ ᠪᠣᠯᠤᠭᠰᠠᠨ ᠳ᠋ᠤ᠌ ᠪᠣᠱᠣᠭᠲᠤ ᠬᠠᠨ ᠪᠡᠶ᠎ᠡ ᠪᠡᠷ ᠲᠡᠷᠢᠭᠦᠯᠡᠨ᠂ ᠠᠨᠤ ᠳᠠᠷᠠ ᠬᠠᠲᠤᠨ ᠲᠠᠢ ᠮᠣᠷᠢ ᠪᠠᠨ ᠬᠠᠶᠠᠵᠤ ᠶᠠᠪᠠᠭᠠᠨ ᠢ᠋ᠶ᠋ᠠᠷ ᠪᠠᠢᠯᠳᠤᠵᠤ ᠡᠬᠢᠯᠡᠪᠡ᠃ ᠲᠤᠭᠠᠷ ᠠᠷᠠᠪᠲᠠᠨ ᠬᠡᠳᠦ ᠬᠡᠳᠦᠨ ᠰᠢᠷᠬ᠎ᠠ ᠣᠯᠤᠭᠰᠠᠨ ᠪᠣᠯᠪᠠᠴᠤ ᠴᠡᠷᠢᠭ ᠢ᠋ᠶ᠋ᠡᠨ ᠤᠳᠤᠷᠢᠳᠤᠨ ᠳᠡᠭᠡᠭᠰᠢ ᠮᠠᠴᠤᠨ ᠠᠭᠤᠯᠠ ᠶ᠋ᠢᠨ ᠬᠠᠭᠠᠰ ᠢ᠋ ᠡᠵᠡᠯᠡᠨ ᠠᠪᠴᠠᠢ᠃ ᠬᠣᠶᠠᠷ ᠲᠠᠯ᠎ᠠ ᠶ᠋ᠢᠨ ᠴᠡᠷᠢᠭ ᠠᠭᠤᠯᠠᠨ ᠳᠡᠭᠡᠷ᠎ᠡ ᠬᠠᠷᠢᠯᠴᠠᠨ ᠬᠠᠷᠪᠤᠯᠴᠠᠵᠤ᠂ ᠠᠭᠤᠯᠠ ᠶ᠋ᠢᠨ ᠳᠣᠣᠷ᠎ᠠ ᠵᠢᠭᠤᠷᠠᠯᠳᠤᠨ ᠪᠠᠢᠯᠳᠤᠵᠤ᠂ ᠬᠣᠨᠢᠨ ᠴᠠᠭ ᠠ᠋ᠴᠠ ᠨᠠᠷᠠ ᠰᠢᠩᠭᠡᠲᠡᠯ᠎ᠡ ᠲᠠᠢᠯᠤᠨ ᠳᠡᠢᠯᠦᠭᠳᠡᠬᠦ ᠦᠯᠦ ᠢᠯᠭᠠᠷᠠᠨ᠂ ᠬᠣᠶᠠᠷ ᠡᠲᠡᠭᠡᠳ ᠦ᠋ᠨ ᠴᠡᠷᠢᠭ ᠨᠡᠯᠢᠶᠡᠳ ᠰᠦᠢᠳᠪᠡ᠃ ᠠᠭᠤᠯᠠᠨ ᠣᠷᠣᠢ ᠳ᠋ᠤ᠌ ᠲᠡᠢᠨ ᠵᠢᠯᠣᠭᠣᠳᠴᠤ ᠪᠠᠢᠭᠰᠠᠨ ᠫᠢᠶᠠᠩᠭᠤ ᠲᠡᠭᠦᠨ ᠦ᠌ ᠳᠣᠣᠷᠠᠬᠢ ᠬᠥᠮᠦᠨ ᠦ᠌ ᠦᠭᠡ ᠪᠡᠷ ᠨᠢᠭᠡᠨ ᠠᠷᠭ᠎ᠠ ᠣᠯᠵᠤ᠂ ᠠᠭᠤᠯᠠ ᠶ᠋ᠢᠨ ᠪᠠᠷᠠᠭᠤᠨ ᠳ᠋ᠤ᠌ ᠪᠠᠢᠭᠰᠠᠨ ᠨᠢᠭᠡᠨ ᠰᠠᠯᠠᠭ᠎ᠠ ᠴᠡᠷᠢᠭ ᠢ᠋ ᠢᠯᠡᠭᠡᠵᠦ᠂ ᠣᠢᠷᠠᠳ ᠴᠡᠷᠢᠭ ᠦ᠋ᠨ ᠠᠷᠤ ᠳ᠋ᠠᠬᠢ ᠠᠴᠢᠶ᠎ᠠ ᠬᠥᠰᠬᠡ᠂ ᠬᠡᠦᠬᠡᠳ ᠪᠦᠰᠡᠭᠦᠢᠴᠦᠳ ᠢ᠋ ᠨᠢ ᠲᠠᠭᠠᠷᠢᠭᠤᠯᠵᠠᠢ᠃ ᠴᠡᠷᠢᠭ ᠦ᠋ᠨ ᠠᠷᠤ ᠲᠠᠯ᠎ᠠ ᠳ᠋ᠤ᠌ ᠬᠥᠮᠦᠨ ᠬᠠᠰᠬᠢᠷᠤᠯᠳᠤᠨ᠂ ᠬᠡᠦᠬᠡᠳ ᠤᠬᠢᠯᠠᠯᠳᠤᠭᠰᠠᠨ ᠳ᠋ᠤ᠌ ᠡᠷᠡᠯᠬᠡᠭ ᠢ᠋ᠶ᠋ᠡᠷ ᠪᠠᠢᠯᠳᠤᠵᠤ ᠪᠠᠢᠭᠰᠠᠨ ᠣᠢᠷᠠᠳ ᠤ᠋ᠳ ᠲᠠᠢᠴᠢᠩ ᠤᠯᠤᠰ ᠤ᠋ᠨ ᠲᠤᠰᠯᠠᠬᠤ ᠴᠡᠷᠢᠭ ᠢᠷᠡᠵᠡᠢ ᠭᠡᠮᠡᠨ ᠪᠣᠳᠣᠭᠠᠳ ᠰᠡᠳᠬᠢᠯ ᠰᠠᠮᠠᠭᠤᠷᠠᠵᠤ ᠬᠥᠯ ᠠᠯᠳᠠᠪᠠ᠃ ᠡᠨᠡ ᠲᠠᠰᠢᠷᠠᠮ ᠳ᠋ᠤ᠌ ᠠᠭᠤᠯᠠᠨ ᠳᠡᠭᠡᠷᠡᠬᠢ ᠪᠡᠯᠡᠳᠬᠡᠯ ᠴᠡᠷᠢᠭ ᠳᠣᠷᠣᠭᠰᠢ ᠳᠠᠭᠠᠷᠢᠬᠤ ᠳ᠋ᠤ᠌ ᠣᠢᠷᠠᠳ ᠴᠡᠷᠢᠭ ᠦ᠋ᠳ ᠪᠦᠯᠦᠭ ᠪᠦᠯᠦᠭ ᠢ᠋ᠶ᠋ᠡᠷ ᠬᠣᠢᠰᠢ ᠤᠬᠤᠷᠢᠵᠠᠢ᠃ ᠲᠡᠷᠡ ᠬᠢᠷᠢ ᠳ᠋ᠦ᠍ ᠠᠨᠤ ᠳ᠋ᠠᠷ᠎ᠠ ᠬᠠᠲᠤᠨ ᠭᠠᠯ ᠫᠤᠤ ᠳ᠋ᠤ᠌ ᠣᠨᠣᠭᠳᠠᠨ ᠨᠠᠰᠤ ᠪᠠᠷᠠᠵᠤ᠂ ᠳ᠋ᠠᠢ ᠪᠠᠭᠠᠲᠤᠷ ᠵᠠᠢᠰᠠᠩ ᠂ ᠪᠣᠯᠣᠳ ᠬᠣᠵᠣ ᠪᠡᠶ᠎ᠡ ᠦᠷᠡᠭᠳᠡᠵᠦ᠂ ᠳᠡᠨᠵᠢᠨ ᠣᠮᠪᠣ ᠪᠠᠰᠠ ᠰᠢᠷᠬ᠎ᠠ ᠣᠯᠪᠠ᠃ ᠴᠢᠩ ᠤᠯᠤᠰ ᠤ᠋ᠨ ᠴᠡᠷᠢᠭ ᠦ᠋ᠳ ᠣᠢᠷᠠᠳ ᠴᠡᠷᠢᠭ ᠢ᠋ ᠲᠡᠷᠡᠯᠵᠢ ᠶ᠋ᠢᠨ ᠠᠮᠠᠨ ᠬᠦᠷᠲᠡᠯ᠎ᠡ ᠨᠡᠬᠡᠮᠵᠢᠯᠡᠭᠡᠳ ᠨᠠᠷᠠ ᠰᠢᠩᠭᠡᠵᠦ᠂ ᠮᠣᠷᠢᠨ ᠤ᠋ ᠲᠡᠩᠬᠡ ᠮᠠᠭᠤᠳᠠᠭᠰᠠᠨ ᠪᠣᠯᠬᠣᠷ ᠡᠷᠭᠢᠵᠡᠢ᠃ ᠡᠨᠡ ᠲᠡᠢᠨ ᠳ᠋ᠦ᠍ ᠬᠣᠶᠠᠷ ᠡᠲᠡᠭᠡᠳ ᠦ᠋ᠨ ᠴᠡᠷᠢᠭ ᠬᠣᠶᠠᠷ ᠮᠢᠩᠭ᠎ᠠ ᠭᠠᠷᠤᠢ ᠠᠯᠠᠭᠳᠠᠵᠤ ᠰᠢᠷᠠᠭᠳᠤᠭᠰᠠᠨ ᠪᠠᠢᠭᠰᠠᠨ᠃ ᠪᠣᠱᠣᠭᠲᠤ ᠬᠠᠨ ᠤᠬᠤᠷᠢᠨ ᠭᠠᠷᠬᠤ ᠳ᠋ᠠᠭᠠᠨ ᠪᠡᠯᠡᠳᠬᠡᠯ ᠦᠭᠡᠢ ᠲᠤᠯᠠ ᠠᠴᠢᠶ᠎ᠠ ᠬᠥᠰᠬᠡ᠂ ᠬᠣᠶᠠᠷ ᠲᠦᠮᠡᠨ ᠦᠬᠡᠷ᠂ ᠳᠥᠷᠪᠡᠨ ᠲᠦᠮᠡ ᠰᠢᠬᠠᠮ ᠬᠣᠨᠢ ᠪᠠᠨ ᠣᠯᠵᠠᠯᠠᠭᠤᠯᠵᠠᠢ [112]᠃
ᠭᠤᠷᠪᠠ᠂ ᠪᠣᠱᠣᠭᠲᠤ ᠬᠠᠨ ᠡᠪᠡᠳᠴᠢᠨ ᠢ᠋ᠶ᠋ᠡᠷ ᠨᠠᠰᠤ ᠪᠠᠷᠠᠭᠰᠠᠨ ᠨᠢ
ᠪᠣᠱᠣᠭᠲᠤ ᠬᠠᠨ ᠲᠠᠪᠢ ᠭᠠᠷᠤᠢ ᠴᠡᠷᠢᠭ ᠦ᠋ᠨ ᠬᠠᠮᠠᠭᠠᠯᠠᠯ ᠳᠣᠣᠷ᠎ᠠ᠂ ᠵᠠᠭᠤᠨ ᠮᠣᠳᠣ ᠠ᠋ᠴᠠ ᠤᠬᠤᠷᠢᠨ ᠭᠠᠷᠴᠤ ᠲᠡᠷᠡᠯᠵᠢ ᠶ᠋ᠢᠨ ᠠᠮᠠ ᠪᠠᠷ ᠳᠠᠮᠵᠢᠨ ᠠᠭᠤᠯᠠ ᠰᠢᠭᠤᠢ ᠳ᠋ᠤ᠌ ᠳᠠᠯᠳᠠᠯᠠᠨ ᠣᠷᠣᠪᠠ᠃ ᠳᠠᠨᠵᠢᠯᠠ᠂ ᠳᠡᠨᠵᠢᠨ ᠣᠮᠪᠣ᠂ ᠲᠤᠭᠠᠷ ᠠᠷᠠᠪᠳᠠᠨ᠂ ᠨᠣᠶᠠᠨ ᠭᠡᠯᠦᠩ᠂ ᠣᠷᠵᠢᠵᠠᠪ᠂ ᠢᠯᠠᠭᠤᠭᠰᠠᠨ ᠬᠤᠲᠤᠭᠲᠤ ᠨᠠᠷ ᠪᠤᠲᠠᠷᠠᠭᠰᠠᠨ ᠬᠥᠮᠦᠰ ᠢ᠋ᠶ᠋ᠡᠨ ᠴᠤᠭᠯᠠᠭᠤᠯᠤᠨ ᠳᠥᠷᠪᠡᠨ ᠵᠦᠭ ᠬᠥᠮᠦᠨ ᠲᠣᠮᠢᠯᠠᠨ ᠪᠣᠱᠣᠭᠲᠤ ᠬᠠᠨ ᠢ᠋ᠶ᠋ᠠᠨ ᠡᠷᠢᠵᠡᠢ᠃
ᠲᠡᠳᠡ ᠪᠣᠱᠣᠭᠲᠤ ᠬᠠᠨ ᠢ᠋ ᠲᠠᠮᠢᠷ ᠤ᠋ᠨ ᠲᠠᠢᠬᠤᠷ ᠭᠡᠳᠡᠭ ᠭᠠᠵᠠᠷ ᠪᠠᠢᠭ᠎ᠠ ᠶ᠋ᠢ ᠮᠡᠳᠡᠭᠡᠳ᠂ ᠲᠠᠢᠬᠤᠷ ᠲᠤ᠌ ᠢᠷᠡᠵᠦ ᠪᠣᠱᠣᠭᠲᠤ ᠬᠠᠨ ᠲᠠᠢ ᠨᠡᠢᠯᠡᠭᠰᠡᠨ ᠳ᠋ᠦ᠍ ᠵᠠᠯᠭᠠᠪᠠᠷ ᠴᠤᠭᠯᠠᠷᠠᠨ ᠢᠷᠡᠭᠰᠡᠨ ᠴᠡᠷᠢᠭ ᠠᠷᠠᠳ ᠲᠠᠪᠤᠨ ᠮᠢᠩᠭ᠎ᠠ ᠢᠯᠡᠭᠦᠦ ᠬᠥᠮᠦᠨ ᠪᠣᠯᠪᠠ [113] ᠃ ᠡᠭᠦᠨ ᠦ᠌ ᠳᠣᠲᠣᠷ᠎ᠠ ᠳᠠᠯᠠᠢ ᠯᠠᠮᠠ ᠶ᠋ᠢᠨ ᠡᠯᠴᠢ ᠳᠠᠷᠬᠠᠨ ᠣᠮᠪᠣ ᠪᠣᠯᠤᠨ ᠬᠥᠬᠡᠨᠠᠭᠤᠷ ᠤ᠋ᠨ ᠪᠣᠱᠣᠭᠲᠤ ᠵᠢᠨᠦᠩ ᠦ᠋ᠨ ᠡᠯᠴᠢ ᠠᠯᠳᠠᠷ ᠵᠠᠢᠰᠠᠩ ᠪᠠᠰᠠ ᠪᠠᠢᠵᠠᠢ᠃ ᠠᠴᠢᠶ᠎ᠠ ᠬᠥᠰᠬᠡ᠂ ᠦᠬᠡᠷ ᠬᠣᠨᠢ ᠪᠠᠨ ᠣᠷᠬᠢᠭᠰᠠᠨ ᠲᠠᠪᠤᠨ ᠮᠢᠩᠭ᠎ᠠ ᠢᠯᠡᠭᠦᠦ ᠴᠡᠷᠢᠭ ᠠᠷᠠᠳ ᠤ᠋ᠳ ᠲᠠᠮᠢᠷ ᠤ᠋ᠨ ᠭᠠᠵᠠᠷ ᠲᠤ᠌ ᠠᠩ ᠬᠦᠷᠦᠭᠡ ᠬᠢᠵᠦ᠂ ᠵᠢᠭᠠᠰᠤ ᠭᠥᠬᠢᠳᠡᠵᠦ ᠠᠮᠢᠳᠤᠷᠠᠬᠤ ᠨᠢ ᠬᠣᠯᠠ ᠪᠣᠳᠣᠯᠭ᠎ᠠ ᠪᠢᠰᠢ ᠲᠤᠯᠠ ᠪᠣᠱᠣᠭᠲᠤ ᠬᠠᠨ ᠰᠠᠷᠨᠢᠭᠰᠠᠨ ᠬᠠᠷᠢᠶᠠᠲᠤ ᠪᠠᠨ ᠴᠤᠭᠯᠠᠭᠤᠯᠬᠤ ᠶ᠋ᠢᠨ ᠬᠠᠮᠲᠤ᠂ ᠬᠠᠮᠢᠭᠠᠰᠢ ᠶᠠᠪᠤᠬᠤ ᠪᠠ ᠬᠡᠷᠬᠢᠨ ᠠᠵᠤ ᠲᠥᠷᠥᠬᠦ ᠶᠠᠪᠤᠳᠠᠯ ᠢ᠋ ᠵᠠᠢᠰᠠᠩ ᠨᠠᠷ ᠲᠠᠢ ᠪᠠᠨ ᠵᠥᠪᠯᠡᠪᠡ᠃ ᠡᠭᠦᠨ ᠳ᠋ᠦ᠍ ᠲᠦᠰᠢᠮᠡᠯ ᠵᠠᠢᠰᠠᠩ ᠨᠠᠷ ᠨᠢ ᠥᠪᠡᠷ ᠥᠪᠡᠷ ᠦ᠋ᠨ ᠪᠣᠳᠣᠭᠰᠠᠨ ᠰᠠᠨᠠᠭᠰᠠᠨ ᠢ᠋ᠶ᠋ᠠᠨ ᠶᠠᠷᠢᠭᠰᠠᠨ ᠪᠣᠯᠪᠠᠴᠤ ᠨᠢᠭᠡᠳᠦᠯᠲᠡᠢ ᠰᠠᠨᠠᠯ ᠭᠠᠷᠭᠠᠵᠤ ᠳᠡᠢᠯᠦᠭᠰᠡᠨ ᠦᠭᠡᠢ᠃ ᠵᠠᠷᠢᠮ ᠨᠢ ᠣᠩᠭᠢ ᠶ᠋ᠢᠨ ᠭᠣᠣᠯ ᠳ᠋ᠤ᠌ ᠬᠦᠷᠴᠦ᠂ ᠬᠠᠯᠬ᠎ᠠ ᠲᠠᠢᠵᠢ ᠨᠠᠷ ᠤ᠋ᠨ ᠠᠮᠤ ᠬᠦᠨᠡᠰᠦ ᠶ᠋ᠢ ᠣᠯᠤᠶ᠎ᠠ ᠭᠡᠪᠡ᠃ ᠵᠠᠷᠢᠮ ᠨᠢ ᠪᠠᠰᠠ ᠬᠠᠮᠢ ᠠ᠋ᠴᠠ ᠠᠮᠤ ᠬᠦᠨᠡᠰᠦ ᠣᠯᠬᠤ ᠶ᠋ᠢ ᠬᠦᠰᠡᠵᠦ᠂ ᠬᠡᠷᠪᠡ ᠲᠡᠨᠳᠡᠬᠢ ᠬᠥᠮᠦᠰ ᠴᠢᠷᠠᠢ ᠬᠤᠪᠢᠯᠪᠠᠰᠤ ᠪᠢᠳᠡ ᠬᠦᠴᠦᠨ ᠢ᠋ᠶ᠋ᠡᠷ ᠡᠵᠡᠯᠡᠰᠦᠭᠡᠢ ᠭᠡᠵᠡᠢ᠃ ᠡᠨᠡᠬᠦ ᠰᠠᠨᠠᠯ ᠨᠢ ᠪᠣᠱᠣᠭᠲᠤ ᠬᠠᠨ ᠤ᠋ ᠰᠠᠨᠠᠭᠠᠨ ᠳ᠋ᠤ᠌ ᠨᠡᠢᠴᠡᠭᠰᠡᠨ ᠪᠣᠯᠪᠠᠴᠤ ᠳᠡᠨᠵᠢᠨ ᠣᠮᠪᠣ ᠪᠣᠯᠤᠨ ᠲᠤᠭᠠᠷ ᠠᠷᠠᠪᠲᠠᠨ ᠤ᠋ ᠡᠰᠡᠭᠦᠴᠡᠯ ᠢ᠋ ᠣᠯᠪᠠ᠃ ᠲᠡᠳᠡ ᠤᠮᠠᠷᠠᠰᠢ ᠶᠠᠪᠤᠵᠤ᠂ ᠣᠷᠣᠰ ᠬᠥᠮᠦᠰ ᠦ᠋ᠨ ᠨᠠᠮᠤ ᠬᠦᠨᠡᠰᠦ ᠶ᠋ᠢ ᠤᠤᠯᠭᠠᠯᠠᠭᠰᠠᠨ ᠤ᠋ ᠳᠠᠷᠠᠭ᠎ᠠ ᠠᠯᠲᠠᠢ ᠳ᠋ᠤ᠌ ᠣᠷᠣᠵᠤ ᠰᠠᠭᠤᠶ᠎ᠠ ᠬᠡᠮᠡᠭᠡᠳ ᠪᠣᠱᠣᠭᠲᠤ ᠬᠠᠨ ᠤ᠋ ᠳᠤᠷ᠎ᠠ ᠦᠭᠡᠢᠴᠡᠯ ᠢ᠋ ᠬᠦᠷᠭᠡᠵᠡᠢ᠃ ᠳᠡᠨᠵᠢᠨ ᠣᠮᠪᠣ ᠶ᠋ᠢᠨ ᠬᠠᠷᠢᠶᠠᠲᠤ ᠨᠢ ᠪᠤᠰᠤᠳ ᠤ᠋ᠨ ᠮᠣᠷᠢ ᠲᠡᠮᠡᠭᠡ ᠶ᠋ᠢ ᠬᠤᠯᠠᠭᠠᠢᠯᠠᠨ ᠨᠢᠭᠤᠭᠠᠳ ᠪᠤᠴᠠᠭᠠᠭᠰᠠᠨ ᠦᠭᠡᠢ ᠳ᠋ᠦ᠍ ᠪᠣᠱᠣᠭᠲᠤ ᠬᠠᠨ ᠲᠡᠭᠦᠨ ᠢ᠋ ᠴᠢᠩᠭ᠎ᠠ ᠪᠤᠷᠤᠭᠤᠰᠢᠶᠠᠪᠠ᠃ ᠡᠨᠡᠬᠦ ᠶᠠᠪᠤᠳᠠᠯ ᠳ᠋ᠤ᠌ ᠳᠡᠨᠵᠢᠨ ᠣᠮᠪᠣ ᠭᠣᠮᠣᠳᠠᠵᠤ ᠪᠣᠱᠣᠭᠲᠤ ᠬᠠᠨ ᠠ᠋ᠴᠠ ᠵᠠᠢᠯᠠᠬᠤ ᠰᠠᠨᠠᠭ᠎ᠠ ᠡᠭᠦᠰᠴᠡᠢ᠃
ᠵᠢᠷᠭᠤᠳᠤᠭᠠᠷ ᠰᠠᠷ᠎ᠠ ᠶ᠋ᠢᠨ ᠬᠣᠷᠢᠨ ᠨᠠᠢ᠍ᠮᠠᠨ ᠤ᠋ ᠡᠳᠦᠷ᠂ ᠪᠣᠱᠣᠭᠲᠤ ᠬᠠᠨ ᠠᠴᠢᠶ᠎ᠠ ᠬᠥᠰᠬᠡ ᠪᠡᠨ ᠲᠠᠮᠢᠷ ᠤ᠋ᠨ ᠲᠠᠢᠬᠤᠷ ᠲᠤ᠌ ᠦᠯᠡᠳᠡᠭᠡᠵᠦ ᠳᠡᠨᠵᠢᠨ ᠣᠮᠪᠣ ᠪᠠᠷ ᠵᠡᠭᠦᠨ ᠵᠢᠭᠦᠷ᠂ ᠲᠤᠭᠠᠷ ᠠᠷᠠᠪᠳᠠᠨ ᠢ᠋ᠶ᠋ᠠᠷ ᠪᠠᠷᠠᠭᠤᠨ ᠵᠢᠭᠦᠷ ᠪᠣᠯᠭᠠᠵᠤ ᠲᠠᠢᠬᠤᠷ ᠠ᠋ᠴᠠ ᠣᠩᠭᠢ ᠭᠣᠣᠯ ᠵᠦᠭ ᠮᠣᠷᠳᠠᠪᠠ᠃ ᠵᠠᠮ ᠳᠤᠮᠳᠠ ᠪᠠᠨ ᠳᠡᠨᠵᠢᠨ ᠣᠮᠪᠣ ᠬᠦᠴᠦ ᠪᠡᠷ ᠲᠤᠭᠠᠷ ᠠᠷᠠᠪᠳᠠᠨ ᠳ᠋ᠤ᠌ ᠳᠠᠷᠤᠯᠲᠠ ᠦᠵᠡᠭᠦᠯᠦᠨ᠂ ᠲᠡᠭᠦᠨ ᠲᠡᠢ ᠬᠠᠮᠲᠤ ᠪᠣᠱᠣᠭᠲᠤ ᠬᠠᠨ ᠠ᠋ᠴᠠ ᠵᠠᠢᠯᠠᠵᠤ ᠴᠠᠸᠠᠩᠷᠠᠪᠲᠠᠨ ᠢ᠋ ᠲᠦᠰᠢᠷ᠎ᠡ ᠣᠴᠢᠰᠤᠭᠠᠢ ᠭᠡᠪᠡ᠃ ᠲᠤᠭᠠᠷ ᠠᠷᠠᠪᠲᠠᠨ ᠳᠤᠷ᠎ᠠ ᠦᠭᠡᠢ ᠪᠣᠯᠪᠠᠴᠤ ᠠᠷᠭ᠎ᠠ ᠦᠭᠡᠢ ᠳᠠᠭᠠᠵᠠᠢ᠃ ᠳᠣᠯᠣᠳᠤᠭᠠᠷ ᠰᠠᠷ᠎ᠠ ᠶ᠋ᠢᠨ ᠨᠢᠭᠡᠨ ᠦ᠌ ᠡᠳᠦᠷ᠂ ᠳᠡᠨᠵᠢᠨ ᠣᠮᠪᠣ ᠬᠠᠯᠠᠭᠤᠨ ᠪᠤᠯᠠᠭ ᠲᠤ᠌ ᠰᠢᠷᠬ᠎ᠠ ᠪᠠᠨ ᠤᠬᠢᠶᠠᠬᠤ ᠭᠡᠮᠡᠨ ᠮᠢᠩᠭ᠎ᠠ ᠭᠠᠷᠤᠢ ᠬᠥᠮᠦᠨ ᠳᠠᠢᠴᠢᠯᠠᠨ ᠶᠠᠪᠤᠵᠤ᠂ ᠲᠤᠭᠠᠷ ᠠᠷᠠᠪᠳᠠᠨ ᠪᠠᠰᠠ ᠡᠳᠡᠷ ᠴᠢᠯᠠᠭᠤ ᠠ᠋ᠴᠠ ᠠᠴᠢᠶ᠎ᠠ ᠬᠥᠰᠬᠡ ᠪᠡᠨ ᠠᠪᠬᠤ ᠰᠢᠯᠲᠠᠭᠠᠨ ᠢ᠋ᠶ᠋ᠠᠷ ᠮᠢᠩᠭ᠎ᠠ ᠭᠠᠷᠤᠢ ᠬᠥᠮᠦᠨ ᠳᠠᠢᠴᠢᠯᠠᠨ ᠶᠠᠪᠤᠵᠤ᠂ ᠲᠤᠭᠠᠷ ᠠᠷᠠᠪᠲᠠᠨ ᠪᠠᠰᠠ ᠡᠳᠡᠷ ᠴᠢᠯᠠᠭᠤ ᠠ᠋ᠴᠠ ᠠᠴᠢᠶ᠎ᠠ ᠬᠥᠰᠬᠡ ᠪᠡᠨ ᠠᠪᠬᠤ ᠰᠢᠯᠲᠠᠭᠠᠨ ᠢ᠋ᠶ᠋ᠠᠷ ᠮᠢᠩᠭ᠎ᠠ ᠭᠠᠷᠤᠢ ᠬᠥᠮᠦᠨ ᠤᠳᠤᠷᠢᠳᠤᠨ ᠶᠠᠪᠤᠪᠠ᠃ ᠭᠡᠪᠡᠴᠦ ᠳᠡᠮᠡᠢ ᠤᠳᠠᠯ ᠦᠭᠡᠢ ᠲᠤᠭᠠᠷ ᠠᠷᠠᠪᠲᠠᠨ ᠬᠥᠮᠦᠨ ᠢᠯᠡᠭᠡᠵᠦ᠂ ᠳᠡᠨᠵᠢᠨ ᠣᠮᠪᠣ ᠶ᠋ᠢᠨ ᠰᠠᠯᠵᠤ ᠶᠠᠪᠤᠭᠰᠠᠨ ᠢ᠋ ᠪᠣᠱᠣᠭᠲᠤ ᠬᠠᠨ ᠳ᠋ᠤ᠌ ᠮᠡᠳᠡᠭᠳᠡᠬᠦ ᠶ᠋ᠢᠨ ᠬᠠᠮᠲᠤ᠂ ᠥᠪᠡᠷ ᠢ᠋ᠶ᠋ᠡᠨ ᠠᠮᠤ ᠬᠦᠨᠡᠰᠦ ᠣᠯᠤᠭᠰᠠᠨ ᠤ᠋ ᠳᠠᠷᠠᠭ᠎ᠠ ᠢᠷᠡᠵᠦ ᠨᠡᠢᠯᠡᠰᠦᠭᠡᠢ ᠭᠡᠪᠡ᠃ ᠳᠣᠯᠣᠭᠠᠨ ᠤ᠋ ᠡᠳᠦᠷ᠂ ᠪᠣᠱᠣᠭᠲᠤ ᠬᠠᠨ ᠮᠢᠩᠭ᠎ᠠ ᠭᠠᠷᠤᠢ ᠴᠡᠷᠢᠭ ᠢ᠋ᠶ᠋ᠡᠷ ᠳᠡᠨᠵᠢᠨ ᠣᠮᠪᠣ ᠶ᠋ᠢ ᠨᠡᠬᠡᠵᠦ ᠭᠦᠢᠴᠡᠭᠡᠳ᠂ ᠪᠠᠢᠯᠳᠤᠭᠰᠠᠨ ᠦᠭᠡᠢ ᠪᠡᠷ ᠲᠠᠪᠤᠨ ᠵᠠᠭᠤ ᠭᠠᠷᠤᠢ ᠬᠥᠮᠦᠨ ᠢ᠋ ᠰᠠᠯᠭᠠᠵᠤ ᠠᠪᠴᠢᠷᠠᠭᠰᠠᠨ [114]ᠪᠥᠭᠡᠳ ᠴᠢᠨᠠᠭᠰᠢ ᠳᠠᠭᠠᠵᠤ ᠶᠠᠪᠤᠭᠰᠠᠨ ᠬᠡᠳᠦᠨ ᠵᠠᠭᠤᠨ ᠬᠥᠮᠦᠨ ᠪᠠᠰᠠ ᠤᠳᠠᠯ ᠦᠭᠡᠢ ᠪᠤᠴᠠᠵᠤ ᠢᠷᠡᠵᠡᠢ᠃ ᠳᠡᠨᠵᠢᠨ ᠣᠮᠪᠣ ᠦᠯᠡᠳᠡᠭᠰᠡᠨ ᠵᠢᠷᠠ ᠳᠠᠯᠠᠨ ᠬᠥᠮᠦᠨ ᠢ᠋ᠶ᠋ᠡᠨ ᠳᠠᠭᠠᠭᠤᠯᠤᠨ ᠲᠡᠭᠦᠨ ᠦ᠌ ᠬᠠᠳᠠᠮ ᠡᠴᠢᠭᠡ ᠴᠠᠬᠤᠨ ᠲᠠᠢᠵᠢ᠂ ᠮᠢᠩᠭᠠᠳ ᠤ᠋ᠨ ᠨᠠᠮᠰᠢᠰᠢ ᠲᠠᠢᠵᠢ ᠲᠠᠢ ᠨᠡᠢᠯᠡᠭᠡᠳ ᠬᠡᠳᠦᠨ ᠵᠠᠭᠤᠨ ᠬᠥᠮᠦᠨ ᠪᠣᠯᠵᠤ ᠬᠣᠩᠬᠣᠯᠠᠢ ᠵᠦᠭ ᠶᠠᠪᠤᠪᠠ᠃ ᠳᠡᠨᠵᠢᠨ ᠣᠮᠪᠣ ᠪᠣᠯᠤᠨ ᠲᠤᠭᠠᠷ ᠠᠷᠠᠪᠳᠠᠨ ᠤ᠋ ᠰᠠᠯᠵᠤ ᠶᠠᠪᠤᠭᠰᠠᠨ ᠨᠢ ᠪᠣᠱᠣᠭᠲᠤ ᠬᠠᠨ ᠤ᠋ ᠣᠩᠭᠢ ᠭᠣᠣᠯ ᠵᠦᠭ ᠶᠠᠪᠤᠬᠤ ᠲᠥᠯᠥᠪᠯᠡᠭᠡ ᠶ᠋ᠢ ᠨᠥᠯᠥᠭᠡᠯᠡᠵᠡᠢ᠃ ᠢᠩᠭᠢᠭᠡᠳ ᠠᠷᠪᠠᠨ ᠳᠣᠯᠣᠭᠠᠨ ᠤ᠋ ᠡᠳᠦᠷ᠂ ᠤᠤᠯ ᠲᠥᠯᠥᠪᠯᠡᠯᠭᠡ ᠪᠡᠨ ᠥᠭᠡᠷᠡᠴᠢᠯᠡᠨ ᠲᠠᠢᠬᠤᠷ ᠵᠦᠭ ᠡᠷᠭᠢᠵᠦ᠂ ᠳᠠᠷᠠᠭ᠎ᠠ ᠡᠳᠦᠷ ᠨᠢ ᠳᠠᠨᠵᠢᠯᠠ᠂ ᠦᠷᠡᠵᠢᠵᠡᠪ᠂ ᠨᠣᠶᠠᠨ ᠭᠡᠯᠦᠩ᠂ ᠨᠠᠢᠴᠤᠩ ᠣᠮᠪᠣ ᠂ ᠢᠯᠠᠭᠤᠭᠰᠠᠨ ᠬᠤᠲᠤᠭᠲᠤ ᠂ ᠳᠥᠷᠪᠡᠳ ᠦ᠋ᠨ ᠴᠡᠷᠢᠭ ᠲᠠᠢᠵᠢ ᠨᠠᠷ ᠵᠢᠴᠢ ᠳᠥᠷᠪᠡᠨ ᠮᠢᠩᠭ᠎ᠠ ᠢᠯᠡᠭᠦᠦ ᠬᠥᠮᠦᠨ ᠢ᠋ᠶ᠋ᠡᠨ ᠳᠠᠭᠠᠭᠤᠯᠤᠨ ᠬᠦᠷᠡᠩ ᠪᠡᠯᠴᠢᠭᠡᠷ ᠦ᠋ᠨ ᠲᠦᠢ ᠭᠣᠣᠯ ᠵᠦᠭ ᠲᠠᠪᠰᠢᠪᠠ [115] ᠨᠠᠢ᠍ᠮᠠᠳᠤᠭᠠᠷ ᠰᠠᠷ᠎ᠠ ᠳ᠋ᠤ᠌᠂ ᠬᠠᠩᠭᠠᠢ ᠠ᠋ᠴᠠ ᠪᠠᠷᠠᠭᠤᠨᠰᠢ ᠣᠷᠣᠨ ᠤ᠋ ᠠᠭᠤᠷ ᠠᠮᠢᠰᠬᠤᠯ ᠶᠡᠷᠦ ᠪᠤᠰᠤ ᠪᠠᠷ ᠬᠤᠪᠢᠷᠠᠵᠤ᠂ ᠭᠡᠨᠡᠳᠲᠡ ᠪᠡᠷ ᠴᠠᠰᠤ ᠣᠷᠣᠵᠤ ᠡᠬᠢᠯᠡᠵᠡᠢ᠃ ᠡᠢᠮᠦ ᠡᠴᠡ ᠪᠣᠱᠣᠭᠲᠤ ᠬᠠᠨ ᠬᠥᠩᠬᠥᠢ ᠵᠠᠪᠠᠬᠠᠨ ᠳ᠋ᠤ᠌ ᠡᠪᠦᠯᠵᠢᠬᠦ ᠪᠡᠷ ᠪᠣᠯᠵᠤ᠂ ᠳᠠᠨᠵᠢᠯᠠ ᠶ᠋ᠢ ᠣᠩᠬᠢ ᠶ᠋ᠢᠨ ᠭᠣᠣᠯ ᠠ᠋ᠴᠠ ᠠᠮᠤ ᠬᠦᠨᠡᠰᠦ ᠣᠯᠵᠤ ᠠᠪᠴᠢᠷᠠᠭᠤᠯᠬᠤ ᠪᠠᠷ ᠶᠠᠪᠤᠭᠤᠯᠪᠠ᠃ ᠲᠡᠷᠡ ᠬᠢᠷᠢ ᠳ᠋ᠦ᠍ ᠲᠠᠢᠴᠢᠩ ᠤᠯᠤᠰ ᠤ᠋ᠨ ᠪᠠᠷᠠᠭᠤᠨ ᠵᠠᠮ ᠤ᠋ᠨ ᠴᠡᠷᠢᠭ ᠦ᠋ᠨ ᠢᠯᠡᠭᠦᠴᠡ ᠠᠮᠤ ᠶ᠋ᠢ ᠣᠩᠭᠢ ᠶ᠋ᠢᠨ ᠭᠣᠣᠯ ᠳ᠋ᠤ᠌ ᠲᠠᠯᠪᠢᠵᠤ ᠪᠠᠢᠭᠰᠠᠨ ᠪᠥᠭᠡᠳ ᠮᠡᠢᠷᠡᠨ ᠦ᠌ ᠵᠠᠩᠭᠢ ᠵᠣ᠌ ᠯᠢᠶᠠᠩ ᠪᠢ ᠵᠠᠷᠯᠢᠭ ᠢ᠋ᠶ᠋ᠠᠷ ᠬᠠᠭᠠᠰ ᠢ᠋ ᠨᠢ ᠲᠡᠭᠡᠭᠡᠵᠦ᠂ ᠦᠯᠡᠳᠡᠭᠰᠡᠨ ᠢ᠋ ᠨᠢ ᠰᠢᠲᠠᠭᠠᠬᠤ ᠪᠠᠷ ᠪᠠᠵᠠᠭᠠᠵᠤ ᠪᠠᠢᠵᠠᠢ᠃ ᠳᠠᠨᠵᠢᠯᠠ ᠬᠣᠶᠠᠷ ᠮᠢᠩᠭᠠᠨ ᠴᠡᠷᠢᠭ ᠳᠠᠢᠴᠢᠯᠠᠨ ᠬᠦᠷᠦᠭᠡᠳ ᠨᠢᠭᠡᠨ ᠵᠡᠷᠭᠡ ᠪᠠᠢᠯᠳᠤᠵᠤ ᠠᠴᠢᠶ᠎ᠠ ᠬᠥᠰᠬᠡ ᠲᠡᠢ ᠠᠮᠤ ᠬᠦᠨᠡᠰᠦ ᠶ᠋ᠢ ᠨᠢ ᠨᠡᠯᠢᠶᠡᠳ ᠪᠤᠯᠢᠶᠠᠵᠤ᠂ ᠤᠨᠠᠭᠠᠨ ᠪᠣᠷᠣ ᠬᠡᠮᠡᠬᠦ ᠭᠠᠵᠠᠷ ᠪᠣᠱᠣᠭᠲᠤ ᠬᠠᠨ ᠲᠠᠢ ᠨᠡᠢᠯᠡᠵᠦ ᠳᠠᠬᠢᠨ ᠬᠦᠷᠡᠩ ᠪᠡᠯᠴᠢᠭᠡᠷ ᠢ᠋ ᠴᠢᠭᠯᠡᠪᠡ᠃ ᠠᠷᠪᠠᠳᠤᠭᠠᠷ ᠰᠠᠷ᠎ᠠ ᠶ᠋ᠢᠨ ᠡᠬᠢ ᠪᠡᠷ ᠪᠣᠱᠣᠭᠲᠤ ᠬᠠᠨ ᠵᠢᠴᠢ ᠬᠡᠳᠦᠨ ᠮᠢᠩᠭᠠᠨ ᠬᠥᠮᠦᠨ ᠬᠦᠷᠡᠩ ᠪᠡᠯᠴᠢᠭᠡᠷ ᠡᠴᠡ ᠪᠠᠷᠠᠭᠤᠰᠢ ᠬᠡᠳᠦᠨ ᠵᠠᠭᠤᠨ ᠭᠠᠵᠠᠷ ᠠᠶᠠᠯᠠᠵᠤ ᠪᠡᠬᠡᠷ ᠴᠠᠭᠠᠨ ᠥᠷᠥᠭᠡ(ᠵᠠᠰᠠᠭᠲᠤ ᠬᠠᠨ ᠠᠢᠮᠠᠭ ᠤ᠋ᠨ ᠪᠠᠷᠠᠭᠤᠨ ᠭᠠᠷᠤᠨ ᠵᠡᠭᠦᠨ ᠬᠤᠰᠢᠭᠤᠨ ᠳ᠋ᠤ᠌ ᠪᠣᠢ) ᠳ᠋ᠤ᠌ ᠬᠦᠷᠴᠦ ᠬᠦᠷᠢᠶ᠎ᠡ ᠪᠠᠭᠤᠵᠠᠢ᠃ ᠡᠨᠳᠡ ᠳᠣᠯᠣᠭᠠᠨ ᠤ᠋ ᠡᠳᠦᠷ᠂ ᠪᠣᠱᠣᠭᠲᠤ ᠬᠠᠨ ᠮᠢᠩᠭ᠎ᠠ ᠭᠠᠷᠤᠢ ᠴᠡᠷᠢᠭ ᠢ᠋ᠶ᠋ᠡᠷ ᠳᠡᠨᠵᠢᠨ ᠣᠮᠪᠣ ᠶ᠋ᠢ ᠨᠡᠬᠡᠵᠦ ᠭᠦᠢᠴᠡᠭᠡᠳ᠂ ᠪᠠᠢᠯᠳᠤᠭᠰᠠᠨ ᠦᠭᠡᠢ ᠪᠡᠷ ᠲᠠᠪᠤᠨ ᠵᠠᠭᠤ ᠭᠠᠷᠤᠢ ᠬᠥᠮᠦᠨ ᠢ᠋ ᠰᠠᠯᠭᠠᠵᠤ ᠠᠪᠴᠢᠷᠠᠭᠰᠠᠨ [114]ᠪᠥᠭᠡᠳ ᠴᠢᠨᠠᠭᠰᠢ ᠳᠠᠭᠠᠵᠤ ᠶᠠᠪᠤᠭᠰᠠᠨ ᠬᠡᠳᠦᠨ ᠵᠠᠭᠤᠨ ᠬᠥᠮᠦᠨ ᠪᠠᠰᠠ ᠤᠳᠠᠯ ᠦᠭᠡᠢ ᠪᠤᠴᠠᠵᠤ ᠢᠷᠡᠵᠡᠢ᠃ ᠳᠡᠨᠵᠢᠨ ᠣᠮᠪᠣ ᠦᠯᠡᠳᠡᠭᠰᠡᠨ ᠵᠢᠷᠠ ᠳᠠᠯᠠᠨ ᠬᠥᠮᠦᠨ ᠢ᠋ᠶ᠋ᠡᠨ ᠳᠠᠭᠠᠭᠤᠯᠤᠨ ᠲᠡᠭᠦᠨ ᠦ᠌ ᠬᠠᠳᠠᠮ ᠡᠴᠢᠭᠡ ᠴᠠᠬᠤᠨ ᠲᠠᠢᠵᠢ᠂ ᠮᠢᠩᠭᠠᠳ ᠤ᠋ᠨ ᠨᠠᠮᠰᠢᠰᠢ ᠲᠠᠢᠵᠢ ᠲᠠᠢ ᠨᠡᠢᠯᠡᠭᠡᠳ ᠬᠡᠳᠦᠨ ᠵᠠᠭᠤᠨ ᠬᠥᠮᠦᠨ ᠪᠣᠯᠵᠤ ᠬᠣᠩᠬᠣᠯᠠᠢ ᠵᠦᠭ ᠶᠠᠪᠤᠪᠠ᠃
ᠳᠡᠨᠵᠢᠨ ᠣᠮᠪᠣ ᠪᠣᠯᠤᠨ ᠲᠤᠭᠠᠷ ᠠᠷᠠᠪᠳᠠᠨ ᠤ᠋ ᠰᠠᠯᠵᠤ ᠶᠠᠪᠤᠭᠰᠠᠨ ᠨᠢ ᠪᠣᠱᠣᠭᠲᠤ ᠬᠠᠨ ᠤ᠋ ᠣᠩᠭᠢ ᠭᠣᠣᠯ ᠵᠦᠭ ᠶᠠᠪᠤᠬᠤ ᠲᠥᠯᠥᠪᠯᠡᠭᠡ ᠶ᠋ᠢ ᠨᠥᠯᠥᠭᠡᠯᠡᠵᠡᠢ᠃ ᠢᠩᠭᠢᠭᠡᠳ ᠠᠷᠪᠠᠨ ᠳᠣᠯᠣᠭᠠᠨ ᠤ᠋ ᠡᠳᠦᠷ᠂ ᠤᠤᠯ ᠲᠥᠯᠥᠪᠯᠡᠯᠭᠡ ᠪᠡᠨ ᠥᠭᠡᠷᠡᠴᠢᠯᠡᠨ ᠲᠠᠢᠬᠤᠷ ᠵᠦᠭ ᠡᠷᠭᠢᠵᠦ᠂ ᠳᠠᠷᠠᠭ᠎ᠠ ᠡᠳᠦᠷ ᠨᠢ ᠳᠠᠨᠵᠢᠯᠠ᠂ ᠦᠷᠡᠵᠢᠵᠡᠪ᠂ ᠨᠣᠶᠠᠨ ᠭᠡᠯᠦᠩ ᠂ ᠨᠠᠢᠴᠤᠩ ᠣᠮᠪᠣ ᠂ ᠢᠯᠠᠭᠤᠭᠰᠠᠨ ᠬᠤᠲᠤᠭᠲᠤ ᠂ ᠳᠥᠷᠪᠡᠳ ᠦ᠋ᠨ ᠴᠡᠷᠢᠭ ᠲᠠᠢᠵᠢ ᠨᠠᠷ ᠵᠢᠴᠢ ᠳᠥᠷᠪᠡᠨ ᠮᠢᠩᠭ᠎ᠠ ᠢᠯᠡᠭᠦᠦ ᠬᠥᠮᠦᠨ ᠢ᠋ᠶ᠋ᠡᠨ ᠳᠠᠭᠠᠭᠤᠯᠤᠨ ᠬᠦᠷᠡᠩ ᠪᠡᠯᠴᠢᠭᠡᠷ ᠦ᠋ᠨ ᠲᠦᠢ ᠭᠣᠣᠯ ᠵᠦᠭ ᠲᠠᠪᠰᠢᠪᠠ [115] ᠨᠠᠢ᠍ᠮᠠᠳᠤᠭᠠᠷ ᠰᠠᠷ᠎ᠠ ᠳ᠋ᠤ᠌ ᠂ ᠬᠠᠩᠭᠠᠢ ᠠ᠋ᠴᠠ ᠪᠠᠷᠠᠭᠤᠨᠰᠢ ᠣᠷᠣᠨ ᠤ᠋ ᠠᠭᠤᠷ ᠠᠮᠢᠰᠬᠤᠯ ᠶᠡᠷᠦ ᠪᠤᠰᠤ ᠪᠠᠷ ᠬᠤᠪᠢᠷᠠᠵᠤ᠂ ᠭᠡᠨᠡᠳᠲᠡ ᠪᠡᠷ ᠴᠠᠰᠤ ᠣᠷᠣᠵᠤ ᠡᠬᠢᠯᠡᠵᠡᠢ᠃ ᠡᠢᠮᠦ ᠡᠴᠡ ᠪᠣᠱᠣᠭᠲᠤ ᠬᠠᠨ ᠬᠥᠩᠬᠥᠢ ᠵᠠᠪᠠᠬᠠᠨ ᠳ᠋ᠤ᠌ ᠡᠪᠦᠯᠵᠢᠬᠦ ᠪᠡᠷ ᠪᠣᠯᠵᠤ᠂ ᠳᠠᠨᠵᠢᠯᠠ ᠶ᠋ᠢ ᠣᠩᠬᠢ ᠶ᠋ᠢᠨ ᠭᠣᠣᠯ ᠠ᠋ᠴᠠ ᠠᠮᠤ ᠬᠦᠨᠡᠰᠦ ᠣᠯᠵᠤ ᠠᠪᠴᠢᠷᠠᠭᠤᠯᠬᠤ ᠪᠠᠷ ᠶᠠᠪᠤᠭᠤᠯᠪᠠ᠃ ᠲᠡᠷᠡ ᠬᠢᠷᠢ ᠳ᠋ᠦ᠍ ᠲᠠᠢᠴᠢᠩ ᠤᠯᠤᠰ ᠤ᠋ᠨ ᠪᠠᠷᠠᠭᠤᠨ ᠵᠠᠮ ᠤ᠋ᠨ ᠴᠡᠷᠢᠭ ᠦ᠋ᠨ ᠢᠯᠡᠭᠦᠴᠡ ᠠᠮᠤ ᠶ᠋ᠢ ᠣᠩᠭᠢ ᠶ᠋ᠢᠨ ᠭᠣᠣᠯ ᠳ᠋ᠤ᠌ ᠲᠠᠯᠪᠢᠵᠤ ᠪᠠᠢᠭᠰᠠᠨ ᠪᠥᠭᠡᠳ ᠮᠡᠢᠷᠡᠨ ᠦ᠌ ᠵᠠᠩᠭᠢ ᠵᠣ᠌ ᠯᠢᠶᠠᠩ ᠪᠢ ᠵᠠᠷᠯᠢᠭ ᠢ᠋ᠶ᠋ᠠᠷ ᠬᠠᠭᠠᠰ ᠢ᠋ ᠨᠢ ᠲᠡᠭᠡᠭᠡᠵᠦ᠂ ᠦᠯᠡᠳᠡᠭᠰᠡᠨ ᠢ᠋ ᠨᠢ ᠰᠢᠲᠠᠭᠠᠬᠤ ᠪᠠᠷ ᠪᠠᠵᠠᠭᠠᠵᠤ ᠪᠠᠢᠵᠠᠢ᠃ ᠳᠠᠨᠵᠢᠯᠠ ᠬᠣᠶᠠᠷ ᠮᠢᠩᠭᠠᠨ ᠴᠡᠷᠢᠭ ᠳᠠᠢᠴᠢᠯᠠᠨ ᠬᠦᠷᠦᠭᠡᠳ ᠨᠢᠭᠡᠨ ᠵᠡᠷᠭᠡ ᠪᠠᠢᠯᠳᠤᠵᠤ ᠠᠴᠢᠶ᠎ᠠ ᠬᠥᠰᠬᠡ ᠲᠡᠢ ᠠᠮᠤ ᠬᠦᠨᠡᠰᠦ ᠶ᠋ᠢ ᠨᠢ ᠨᠡᠯᠢᠶᠡᠳ ᠪᠤᠯᠢᠶᠠᠵᠤ᠂ ᠤᠨᠠᠭᠠᠨ ᠪᠣᠷᠣ ᠬᠡᠮᠡᠬᠦ ᠭᠠᠵᠠᠷ ᠪᠣᠱᠣᠭᠲᠤ ᠬᠠᠨ ᠲᠠᠢ ᠨᠡᠢᠯᠡᠵᠦ ᠳᠠᠬᠢᠨ ᠬᠦᠷᠡᠩ ᠪᠡᠯᠴᠢᠭᠡᠷ ᠢ᠋ ᠴᠢᠭᠯᠡᠪᠡ᠃
ᠠᠷᠪᠠᠳᠤᠭᠠᠷ ᠰᠠᠷ᠎ᠠ ᠶ᠋ᠢᠨ ᠡᠬᠢ ᠪᠡᠷ ᠪᠣᠱᠣᠭᠲᠤ ᠬᠠᠨ ᠵᠢᠴᠢ ᠬᠡᠳᠦᠨ ᠮᠢᠩᠭᠠᠨ ᠬᠥᠮᠦᠨ ᠬᠦᠷᠡᠩ ᠪᠡᠯᠴᠢᠭᠡᠷ ᠡᠴᠡ ᠪᠠᠷᠠᠭᠤᠰᠢ ᠬᠡᠳᠦᠨ ᠵᠠᠭᠤᠨ ᠭᠠᠵᠠᠷ ᠠᠶᠠᠯᠠᠵᠤ ᠪᠡᠬᠡᠷ ᠴᠠᠭᠠᠨ ᠥᠷᠥᠭᠡ(ᠵᠠᠰᠠᠭᠲᠤ ᠬᠠᠨ ᠠᠢᠮᠠᠭ ᠤ᠋ᠨ ᠪᠠᠷᠠᠭᠤᠨ ᠭᠠᠷᠤᠨ ᠵᠡᠭᠦᠨ ᠬᠤᠰᠢᠭᠤᠨ ᠳ᠋ᠤ᠌ ᠪᠣᠢ) ᠳ᠋ᠤ᠌ ᠬᠦᠷᠴᠦ ᠬᠦᠷᠢᠶ᠎ᠡ ᠪᠠᠭᠤᠵᠠᠢ᠃ ᠡᠨᠳᠡ ᠬᠡᠳᠦᠢᠪᠡᠷ ᠠᠩ ᠬᠦᠷᠦᠭᠡ ᠮᠠᠰᠢ ᠡᠯᠪᠡᠭ ᠪᠣᠯᠪᠠᠴᠤ ᠬᠡᠳᠦᠨ ᠮᠢᠩᠭᠠᠨ ᠬᠥᠮᠦᠨ ᠦ᠌ ᠡᠳᠦᠷ ᠳᠣᠳᠣᠮ ᠤ᠋ᠨ ᠬᠡᠷᠡᠭᠯᠡᠯ ᠢ᠋ ᠪᠠᠰᠠ ᠰᠢᠢᠳᠪᠦᠷᠢᠯᠡᠬᠦ ᠴᠢᠬᠤᠯᠠ ᠲᠠᠢ ᠲᠤᠯᠠ ᠡᠨᠡᠬᠦ ᠰᠠᠨᠠᠭ᠎ᠠ ᠪᠠᠨ ᠲᠤᠭᠠᠷ ᠠᠷᠠᠪᠲᠠᠨ ᠳ᠋ᠤ᠌ ᠮᠡᠳᠡᠭᠳᠡᠬᠦ ᠭᠡᠮᠡᠨ ᠴᠡᠷᠢᠩᠪᠡᠨ ᠢ᠋ ᠵᠠᠪᠠᠬᠠᠨ ᠭᠣᠣᠯ ᠤ᠋ᠨ ᠴᠠᠭᠠᠨ ᠲᠣᠬᠣᠢ ᠳ᠋ᠤ᠌ ᠪᠠᠢᠬᠤ ᠲᠤᠭᠠᠷ ᠠᠷᠠᠪᠲᠠᠨ ᠤ᠋ ᠲᠡᠨᠳᠡ ᠢᠯᠡᠭᠡᠪᠡ᠃ ᠠᠷᠪᠠᠨ ᠨᠢᠭᠡᠳᠦᠭᠡᠷ ᠰᠠᠷ᠎ᠠ ᠶ᠋ᠢᠨ ᠳᠤᠮᠳᠠᠴᠢ ᠪᠠᠷ᠂ ᠪᠣᠱᠣᠭᠲᠤ ᠬᠠᠨ ᠰᠠᠭᠰᠤ ᠲᠥᠭᠥᠷᠢᠭ ᠭᠣᠣᠯ ᠳ᠋ᠤ᠌ ᠰᠢᠯᠵᠢᠨ ᠢᠷᠡᠵᠦ᠂ ᠡᠨᠳᠡ ᠡᠴᠡ ᠬᠣᠶᠠᠷ ᠠᠷᠠᠯᠵᠢᠶᠠᠨ ᠤ᠋ ᠠᠩᠭᠢ ᠲᠣᠮᠢᠯᠠᠵᠠᠢ᠃ ᠨᠢᠭᠡ ᠠᠩᠭᠢ ᠶ᠋ᠢ ᠪᠤᠬᠠᠷ ᠬᠥᠮᠦᠨ ᠳᠠᠢᠴᠢᠯᠠᠵᠤ᠂ ᠴᠠᠭᠠᠨ ᠲᠣᠬᠣᠢ ᠪᠠᠷ ᠥᠩᠭᠡᠷᠡᠨ ᠲᠤᠭᠠᠷ ᠠᠷᠠᠪᠳᠠᠨ ᠤ᠋ ᠠᠷᠠᠯᠵᠢᠶᠠᠨ ᠤ᠋ ᠠᠩᠭᠢ ᠲᠠᠢ ᠨᠡᠢᠯᠡᠵᠦ ᠤᠮᠠᠷᠠᠰᠢ ᠣᠷᠣᠰ ᠤ᠋ᠨ ᠵᠦᠭ ᠶᠠᠪᠤᠪᠠ᠃ ᠨᠥᠭᠦᠭᠡ ᠠᠩᠭᠢ ᠶ᠋ᠢ ᠡᠮᠡᠭᠲᠦ ᠬᠠᠰᠢᠭ᠎ᠠ ᠳᠠᠭᠠᠭᠤᠯᠤᠨ ᠠᠮᠤ ᠪᠤᠳᠠᠭ᠎ᠠ ᠣᠯᠬᠤ ᠪᠠᠷ ᠬᠠᠮᠢ ᠵᠦᠭ ᠮᠣᠷᠳᠠᠵᠠᠢ᠃ ᠣᠯᠠᠨ ᠵᠠᠢᠰᠠᠩ ᠨᠠᠷ ᠪᠣᠱᠣᠭᠲᠤ ᠬᠠᠨ ᠤ᠋ ᠵᠠᠷᠯᠢᠭ ᠢ᠋ᠶ᠋ᠠᠷ ᠲᠣᠰᠪᠣᠷᠢ ᠶ᠋ᠢᠨ ᠬᠠᠷᠢᠶᠠᠲᠤ ᠪᠠᠨ ᠠᠪᠴᠤ ᠰᠠᠭᠰᠤ ᠲᠥᠭᠥᠷᠢᠭ ᠦ᠋ᠨ ᠲᠣᠭᠣᠷᠢᠨ ᠳ᠋ᠤ᠌ ᠠᠩ ᠬᠦᠷᠦᠭᠡ ᠬᠢᠵᠦ ᠬᠣᠭᠣᠯᠠ ᠬᠦᠨᠡᠰᠦᠨ ᠦ᠌ ᠠᠰᠠᠭᠤᠳᠠᠯ ᠢ᠋ᠶ᠋ᠠᠨ ᠰᠢᠢᠳᠪᠦᠷᠢᠯᠡᠵᠦ ᠪᠠᠢᠭᠰᠠᠨ ᠲᠤᠯᠠ ᠪᠣᠱᠣᠭᠲᠤ ᠬᠠᠨ ᠤ᠋ ᠬᠥᠪᠡᠭᠦᠨ ᠰᠠᠪᠲᠠᠨᠪᠠᠯᠵᠤᠤᠷ ᠮᠥᠨ ᠬᠥᠬᠥᠯᠲᠦ ᠡᠬᠡ ᠡᠴᠢᠭᠡ ᠶ᠋ᠢᠨ ᠬᠠᠮᠲᠤ ᠬᠠᠮᠢ ᠶ᠋ᠢᠨ ᠠᠷᠤ ᠳ᠋ᠠᠬᠢ ᠪᠠᠷᠰ ᠬᠥᠯ ᠦ᠋ᠨ ᠳᠠᠪᠠᠭᠠᠨ ᠤ᠋ ᠵᠡᠭᠦᠨ ᠬᠣᠢᠲᠤ ᠪᠡᠶ᠎ᠡ ᠳ᠋ᠦ᠍ ᠠᠩ ᠬᠦᠷᠦᠭᠡ ᠬᠢᠬᠦ ᠪᠡᠷ ᠶᠠᠪᠤᠪᠠ᠃ ᠲᠡᠷᠡ ᠬᠢᠷᠢ ᠳ᠋ᠦ᠍ ᠬᠠᠮᠢ ᠶ᠋ᠢᠨ ᠲᠦᠷᠦᠭᠦᠦ ᠳᠠᠷᠬᠠᠨ ᠪᠡᠬᠢ ᠰᠠᠪᠲᠠᠨᠪᠠᠯᠵᠤᠤᠷ ᠢ᠋ ᠪᠠᠷᠰ ᠬᠥᠯ ᠳ᠋ᠦ᠍ ᠠᠩ ᠬᠦᠷᠦᠭᠡ ᠬᠢᠵᠦ ᠪᠠᠢᠬᠤ ᠶ᠋ᠢ ᠮᠡᠳᠡᠭᠡᠳ᠂ ᠠᠬᠠᠮᠠᠳ ᠬᠥᠪᠡᠭᠦᠨ ᠭᠤᠫᠠ ᠪᠡᠬᠢ ᠳ᠋ᠦ᠍ ᠭᠤᠷᠪᠠᠨ ᠵᠠᠭᠤᠨ ᠴᠡᠷᠢᠭ ᠥᠭᠴᠦ ᠢᠯᠡᠭᠡᠭᠡᠳ ᠲᠡᠭᠦᠨ ᠢ᠋ ᠪᠠᠷᠢᠪᠴᠢᠯᠠᠵᠠᠢ᠃ ᠡᠭᠦᠨ ᠦ᠌ ᠬᠠᠮᠲᠤ ᠬᠠᠮᠢ ᠠ᠋ᠴᠠ ᠠᠮᠤ ᠪᠤᠳᠠᠭ᠎ᠠ ᠣᠯᠬᠤ ᠪᠠᠷ ᠢᠷᠡᠭᠰᠡᠨ ᠡᠮᠡᠭᠲᠦ ᠬᠠᠰᠢᠭ᠎ᠠ ᠪᠠᠰᠠ ᠪᠠᠷᠢᠭᠳᠠᠪᠠ᠃ ᠳᠠᠢᠴᠢᠩ ᠤᠯᠤᠰ ᠠ᠋ᠴᠠ ᠭᠠᠪᠢᠶ᠎ᠠ ᠣᠯᠬᠤ ᠭᠡᠮᠡᠨ ᠳᠠᠷᠬᠠᠨ ᠪᠡᠬᠢ ᠲᠡᠳᠡᠨ ᠢ᠋ ᠡᠵᠡᠨ᠎ᠡ ᠶ᠋ᠢᠨ ᠬᠥᠨᠳᠡᠯᠡᠨ ᠭᠣᠣᠯ ᠳ᠋ᠤ᠌ ᠰᠡᠷᠭᠡᠢᠯᠡᠨ ᠰᠠᠭᠤᠵᠤ ᠪᠠᠢᠭᠰᠠᠨ ᠴᠠᠬᠠᠷ ᠤ᠋ᠨ ᠮᠡᠢᠷᠡᠨ ᠦ᠌ ᠵᠠᠩᠭᠢ ᠠᠨᠠᠨᠲᠠ ᠳ᠋ᠤ᠌ ᠲᠤᠰᠢᠶᠠᠭᠠᠳ ᠪᠡᠭᠡᠵᠢᠩ ᠵᠦᠭ ᠬᠦᠷᠭᠡᠵᠡᠢ᠃
1697 ᠣᠨ ᠤ᠋ ᠭᠤᠷᠪᠠᠳᠤᠭᠠᠷ ᠰᠠᠷ᠎ᠠ ᠳ᠋ᠤ᠌᠂ ᠰᠠᠭᠰᠤ ᠲᠥᠭᠥᠷᠢᠭ ᠡᠴᠡ ᠡᠮᠦᠨᠡᠬᠢ ᠬᠠᠩᠭᠠᠢ ᠡᠯᠡᠰᠦᠨ ᠳ᠋ᠦ᠍ ᠫᠤᠤ ᠶ᠋ᠢᠨ ᠳᠠᠭᠤᠨ ᠬᠡᠳᠦᠨᠲᠡ ᠰᠣᠨᠣᠰᠳᠠᠪᠠ᠃ ᠡᠭᠦᠨ ᠳ᠋ᠦ᠍ ᠪᠣᠱᠣᠭᠲᠤ ᠬᠠᠨ ᠳᠠᠢᠴᠢᠩ ᠤᠯᠤᠰ ᠤ᠋ᠨ ᠴᠡᠷᠢᠭ ᠢᠷᠡᠬᠦ ᠮᠠᠭᠠᠳ ᠭᠡᠮᠡᠨ ᠪᠣᠯᠭᠣᠮᠵᠢᠯᠠᠵᠤ᠂ ᠲᠠᠷᠬᠠᠵᠤ ᠪᠤᠲᠠᠷᠠᠭᠠᠳ ᠠᠩ ᠬᠦᠷᠦᠭᠡ ᠬᠢᠵᠦ ᠪᠠᠢᠭᠰᠠᠨ ᠬᠠᠷᠢᠶᠠᠲᠤ ᠪᠠᠨ ᠴᠤᠭᠯᠠᠭᠤᠯᠤᠨ ᠰᠠᠭᠰᠤ ᠳᠦᠭᠦᠷᠡᠩ ᠡᠴᠡ ᠰᠢᠯᠵᠢᠵᠦ ᠠᠴᠠ ᠠᠮᠲᠠᠲᠠᠢ ᠣᠷᠴᠢᠮ ᠨᠡᠭᠦᠵᠦ ᠢᠷᠡᠵᠡᠢ᠃
ᠰᠠᠪᠲᠠᠨᠪᠠᠯᠵᠤᠤᠷ ᠤ᠋ᠨ ᠪᠠᠷᠢᠭᠳᠠᠭᠰᠠᠨ ᠢ᠋ ᠮᠡᠳᠡᠬᠦ ᠦᠭᠡᠢ ᠲᠤᠯᠠ ᠪᠣᠱᠣᠭᠲᠤ ᠬᠠᠨ ᠬᠥᠮᠦᠨ ᠢᠯᠡᠭᠡᠵᠦ ᠡᠷᠢᠬᠦᠯᠦᠭᠰᠡᠨ ᠪᠣᠯᠪᠠᠴᠤ ᠰᠤᠷᠠᠭ ᠦᠭᠡᠢ ᠪᠠᠢᠪᠠ᠃ ᠠᠴᠠ ᠠᠮᠲᠠᠲᠠᠢ ᠳ᠋ᠤ᠌ ᠪᠠᠢᠬᠤ ᠡᠳᠦᠷ ᠦ᠋ᠳ ᠲᠦ᠍ ᠰᠡᠳᠬᠢᠯ ᠵᠣᠪᠠᠬᠤ ᠪᠠ ᠬᠠᠲᠠᠭᠤ ᠪᠡᠷᠬᠡᠰᠢᠶᠡᠯ ᠲᠡᠢ ᠠᠮᠢᠳᠤᠷᠠᠯ ᠤ᠋ᠨ ᠣᠷᠴᠢᠨ ᠨᠢ ᠪᠣᠱᠣᠭᠲᠤ ᠬᠠᠨ ᠤ᠋ ᠡᠷᠡᠭᠦᠯ ᠮᠡᠨᠳᠦ ᠶ᠋ᠢ ᠮᠠᠰᠢ ᠨᠥᠯᠥᠭᠡᠯᠡᠵᠡᠢ᠃ ᠲᠡᠭᠦᠨᠴᠡ ᠪᠣᠱᠣᠭᠲᠤ ᠬᠠᠨ ᠬᠦᠨᠳᠦ ᠡᠪᠡᠳᠴᠢᠯᠡᠵᠦ᠂ ᠡᠳᠦᠷ ᠢᠷᠡᠬᠦᠶ᠎ᠡ ᠬᠦᠨᠳᠦᠷᠡᠪᠡ᠃ ᠪᠣᠱᠣᠭᠲᠤ ᠬᠠᠨ ᠤ᠋ ᠳᠠᠭᠠᠯᠲᠠ ᠡᠮᠴᠢ ᠴᠠᠩᠪᠤᠽᠠᠩᠪᠤ ᠴᠢᠳᠠᠯ ᠤ᠋ᠨ ᠬᠢᠷᠢ ᠪᠡᠷ ᠵᠠᠰᠠᠭᠰᠠᠨ ᠪᠣᠯᠪᠠᠴᠤ ᠰᠠᠢᠵᠢᠷᠠᠬᠤ ᠰᠢᠨᠵᠢ ᠦᠭᠡᠢ᠂ ᠣᠯᠠᠨ ᠯᠠᠮᠠ ᠨᠠᠷ ᠢ᠋ᠶ᠋ᠠᠷ ᠨᠣᠮ ᠤᠩᠰᠢᠭᠤᠯᠵᠤ ᠭᠦᠷᠢᠮ ᠬᠢᠯᠭᠡᠭᠰᠡᠨ ᠴᠦ᠍ ᠮᠥᠨ ᠲᠤᠰᠠ ᠪᠣᠯᠤᠭᠰᠠᠨ ᠦᠭᠡᠢ ᠪᠢᠯᠡ [116] ᠃ 1697 ᠣᠨ ᠤ᠋ ᠢᠯᠡᠭᠦᠦ ᠭᠤᠷᠪᠠᠳᠤᠭᠠᠷ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ ᠦ᠋ᠨ ᠥᠷᠯᠥᠭᠡ᠂ ᠪᠣᠱᠣᠭᠲᠤ ᠬᠠᠨ ᠬᠥᠮᠦᠨ ᠵᠠᠷᠤᠵᠤ ᠳᠠᠨᠵᠢᠯᠠ ᠶ᠋ᠢ ᠳᠠᠭᠤᠳᠠᠭᠤᠯᠪᠠ᠃ ᠪᠣᠱᠣᠭᠲᠤ ᠬᠠᠨ ᠤ᠋ ᠬᠠᠯᠢᠬᠤ ᠣᠢᠷᠠᠲᠤᠭᠰᠠᠨ ᠢ᠋ ᠳᠠᠨᠵᠢᠯᠠ ᠮᠡᠳᠡᠭᠡᠳ ᠨᠣᠶᠠᠨ ᠭᠡᠯᠦᠩ᠂ ᠢᠯᠡᠷᠪᠡᠢ᠂ ᠠᠪᠠᠯᠠᠷᠰᠤᠨ᠂ ᠦᠷᠵᠢᠵᠡᠪ᠂ ᠰᠡᠷᠡᠩ᠂ ᠴᠠᠷᠢᠩᠪᠤᠮᠤ᠂ ᠦᠰᠳᠡ ᠵᠡᠷᠭᠡ ᠶᠡᠬᠡ ᠵᠠᠢᠰᠠᠩ ᠨᠠᠷ ᠲᠤ᠌ ᠮᠡᠳᠡᠭᠡ ᠥᠭᠴᠡᠢ᠃ ᠠᠷᠪᠠᠨ ᠭᠤᠷᠪᠠᠨ ᠤ᠋ ᠦᠳᠡ ᠶ᠋ᠢᠨ ᠡᠮᠦᠨ᠎ᠡ᠂ ᠵᠡᠭᠦᠨᠭᠠᠷ ᠬᠠᠭᠠᠨᠲᠤ ᠤᠯᠤᠰ ᠤ᠋ᠨ ᠪᠣᠱᠣᠭᠲᠤ ᠬᠠᠨ ᠨᠠᠰᠤᠨ ᠨᠥᠭᠴᠢᠪᠡ᠃ ᠲᠡᠷᠡ ᠵᠢᠯ ᠨᠠᠰᠤᠨ ᠰᠡᠭᠦᠳᠡᠷ ᠲᠠᠪᠢᠨ ᠳᠥᠷᠪᠡ ᠪᠥᠯᠥᠭᠡ᠃ ᠪᠣᠱᠣᠭᠲᠤ ᠬᠠᠨ ᠢ᠋ ᠣᠷᠣᠰᠢᠭᠤᠯᠬᠤ ᠶᠠᠪᠤᠳᠠᠯ ᠢ᠋ ᠳᠠᠨᠵᠢᠯᠠ ᠡᠷᠬᠢᠯᠡᠭᠡᠳ᠂ ᠮᠥᠨ ᠣᠷᠣᠢ ᠳ᠋ᠤᠨᠢ ᠭᠠᠯ ᠣᠷᠣᠰᠢᠭᠤᠯᠭ᠎ᠠ ᠬᠢᠵᠦ ᠴᠢᠨᠳᠠᠷ ᠢ᠋ ᠲᠡᠭᠦᠵᠦ ᠠᠪᠴᠠᠢ᠃ᠢᠯᠡᠭᠦᠦ ᠭᠤᠷᠪᠠᠳᠤᠭᠠᠷ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ᠂ ᠳᠠᠨᠵᠢᠯᠠ ᠣᠯᠠᠨ ᠢ᠋ ᠴᠤᠭᠯᠠᠭᠤᠯᠤᠨ ᠥᠪᠡᠷ ᠥᠪᠡᠷ ᠦ᠋ᠨ ᠳᠤᠷ᠎ᠠ ᠲᠠᠢ ᠵᠦᠭ ᠲᠦᠰᠢᠷ᠎ᠡ ᠶᠠᠪᠤᠭᠲᠤᠨ ᠭᠡᠮᠡᠨ ᠵᠠᠷᠯᠠᠵᠤ᠂ ᠥᠪᠡᠷ ᠢ᠋ᠶ᠋ᠡᠨ ᠪᠣᠱᠣᠭᠲᠤ ᠬᠠᠨ ᠤ᠋ ᠴᠢᠨᠳᠠᠷ ᠪᠣᠯᠤᠨ ᠪᠣᠱᠣᠭᠲᠤ ᠬᠠᠨ ᠤ᠋ ᠥᠬᠢᠨ ᠵᠦᠩᠴᠢᠬᠠᠢ ᠶ᠋ᠢ ᠳᠠᠭᠠᠭᠤᠯᠵᠤ ᠳᠠᠯᠠᠢ ᠯᠠᠮᠠ ᠳ᠋ᠤ᠌ ᠬᠦᠷᠭᠡᠬᠦ ᠪᠡᠷ ᠮᠣᠷᠳᠠᠪᠠ᠃ ᠲᠡᠭᠡᠭᠡᠳ ᠠᠴᠠ ᠠᠮᠲᠠᠲᠠᠢ ᠠ᠋ᠴᠠ ᠪᠠᠷᠠᠭᠤᠨ ᠡᠮᠦᠨᠡᠰᠢ ᠠᠷᠪᠠᠨ ᠡᠳᠦᠷ ᠠᠶᠠᠯᠠᠵᠤ ᠪᠠᠶᠠᠨ ᠥᠨᠳᠥᠷ ᠲᠦ᠍ ᠬᠦᠷᠬᠦ ᠳ᠋ᠦ᠍ ᠬᠥᠬᠡᠨᠠᠭᠤᠷ ᠵᠦᠭ ᠶᠠᠪᠤᠬᠤ ᠵᠠᠮ ᠢ᠋ ᠨᠢ ᠲᠠᠢᠴᠢᠩ ᠤᠯᠤᠰ ᠤ᠋ᠨ ᠴᠡᠷᠢᠭ ᠬᠠᠭᠠᠭᠰᠠᠨ ᠲᠤᠯᠠ ᠠᠷᠭ᠎ᠠ ᠪᠤᠰᠤ ᠵᠡᠭᠦᠨᠭᠠᠷ ᠤ᠋ᠨ ᠴᠠᠸᠠᠩᠷᠠᠪᠳᠠᠨ ᠢ᠋ ᠲᠦᠰᠢᠷ᠎ᠡ ᠣᠴᠢᠵᠠᠢ᠃
— — — —
ᠵᠡᠭᠦᠯᠲᠡ
[1]《ᠲᠠᠪᠤᠳᠤᠭᠠᠷ ᠳᠠᠯᠠᠢ ᠠᠮᠠ ᠶ᠋ᠢᠨ ᠨᠠᠮᠲᠠᠷ》᠃
[2]《ᠵᠡᠭᠦᠨᠭᠠᠷ ᠤ᠋ᠨ ᠬᠤᠷᠢᠶᠠᠩᠭᠤᠢ ᠲᠡᠦᠬᠡ》᠂ ᠲᠣᠳᠣ ᠦᠰᠦᠭ ᠦ᠋ᠨ᠃
[3] [4] [6] [7]《ᠵᠡᠭᠦᠨᠭᠠᠷ ᠤ᠋ᠨ ᠬᠤᠷᠢᠶᠠᠩᠭᠤᠢ ᠲᠡᠦᠬᠡ》᠂ ᠲᠣᠳᠣ ᠦᠰᠦᠭ ᠦ᠋ᠨ᠃
[5]《ᠴᠢᠩ ᠤᠯᠤᠰ ᠤ᠋ᠨ ᠬᠢᠵᠠᠭᠠᠷ ᠤ᠋ᠨ ᠲᠡᠮᠳᠡᠭᠯᠡᠯ》 ᠳ᠋ᠡᠬᠢ 《ᠭᠠᠯᠳᠠᠨ ᠤ᠋ ᠨᠠᠮᠲᠠᠷ》᠃
[8] ᠵᠢᠮᠪᠠᠳᠣᠷᠵᠢ᠄《ᠪᠣᠯᠣᠷ ᠲᠣᠯᠢ 》 ᠂ 508 ᠨᠢᠭᠤᠷ ᠃
[9] ᠭᠠᠪᠠᠩ ᠰᠢᠷᠠᠪ᠄《ᠳᠥᠷᠪᠡᠨ ᠣᠢᠷᠠᠳ ᠤ᠋ᠨ ᠲᠡᠦᠬᠡ》᠃
[10] ᠪᠠᠭᠠᠲᠤᠷ ᠤᠪᠠᠰᠢ ᠲᠦᠮᠡᠨ᠄《ᠳᠥᠷᠪᠡᠨ ᠣᠢᠷᠠᠳ ᠤ᠋ᠨ ᠲᠡᠦᠬᠡ》᠃
[11] [12] [13]《ᠵᠡᠭᠦᠨᠭᠠᠷ ᠤ᠋ᠨ ᠬᠤᠷᠢᠶᠠᠩᠭᠤᠢ ᠲᠡᠦᠬᠡ 》 ᠂ ᠲᠣᠳᠣ ᠦᠰᠦᠭ ᠦ᠋ᠨ ᠃
[14] 《ᠽᠠᠶ᠎ᠠ ᠪᠠᠨᠳᠢᠳᠠ ᠶ᠋ᠢᠨ ᠨᠠᠮᠲᠠᠷ》 ᠃
[15] [16] 《ᠲᠠᠪᠤᠳᠤᠭᠠᠷ ᠳᠠᠯᠠᠢ ᠯᠠᠮᠠ ᠶ᠋ᠢᠨ ᠨᠠᠮᠲᠠᠷ》 ᠂ 3 ᠳ᠋ᠤᠭᠠᠷ ᠪᠣᠳᠢ ᠃
[17] [18] [19] 《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ 》 ᠂ 3 ᠳ᠋ᠤᠭᠠᠷ ᠪᠣᠳᠢ᠃
[20] [22] 《ᠽᠠᠶ᠎ᠠ ᠪᠠᠨᠳᠢᠳᠠ ᠶ᠋ᠢᠨ ᠨᠠᠮᠲᠠᠷ ) ᠃
[23] 《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ 》 ᠂ 3 ᠳ᠋ᠤᠭᠠᠷ ᠪᠣᠳᠢ᠃
[24] ᠶ· ᠪᠸᠯᠢ᠄《ᠣᠷᠣᠰ᠂ ᠮᠣᠩᠭᠣᠯ᠂ ᠬᠢᠲᠠᠳ》᠂1235 ᠨᠢᠭᠤᠷ᠃
[25]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂3 ᠳ᠋ᠤᠭᠠᠷ ᠪᠣᠳᠢ ᠃
[26]《ᠸᠠᠩ ᠬᠦᠩ ᠦ᠋ᠨ ᠢᠯᠡᠳᠬᠡᠯ ᠱᠠᠰᠲᠢᠷ》᠂ 79 ᠳ᠋ᠦ᠍ᠭᠡᠷ ᠪᠣᠳᠢ᠃
[27] [28]《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂ 3 ᠳ᠋ᠤᠭᠠᠷ ᠪᠣᠳᠢ᠃
[29] [30] [31] 《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 3 ᠳ᠋ᠤᠭᠠᠷ ᠪᠣᠳᠢ᠃
[32] [39] 《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂ 3 ᠳ᠋ᠤᠭᠠᠷ ᠪᠣᠳᠢ᠂
[33]《ᠸᠠᠩ ᠬᠦᠩ ᠦ᠋ᠨ ᠢᠯᠡᠳᠬᠡᠯ ᠱᠠᠰᠲᠢᠷ》᠂ 45 ᠳ᠋ᠤᠭᠠᠷ ᠪᠣᠳᠢ᠃
[34] [35] [36] [37] [38] 《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ 》 ᠂4 ᠳ᠋ᠦ᠍ᠭᠡᠷ ᠪᠣᠳᠢ᠃
[40] 《ᠽᠠᠶ᠎ᠠ ᠪᠠᠨᠳᠢᠳᠠ ᠶ᠋ᠢᠨ ᠨᠠᠮᠲᠠᠷ 》 ᠃
[41]《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠬᠣᠷᠢᠨ ᠵᠢᠷᠭᠤᠳᠤᠭᠠᠷ ᠣᠨ ᠤ᠋ ᠶᠢᠰᠦᠨ ᠰᠠᠷ᠎ᠠ ᠶ᠋ᠢᠨ ᠴᠠᠭᠠᠨ ᠬᠤᠯᠤᠭᠠᠨ᠎ᠠ ᠡᠳᠦᠷ ᠦ᠋ᠨ ᠵᠤᠷᠪᠤᠰ᠃
[42] ᠨ· ᠱᠠᠰᠲ᠋ᠢᠨᠠ ᠄ 《17 ᠳ᠋ᠤᠭᠠᠷ ᠵᠠᠭᠤᠨ ᠤ᠋ ᠣᠷᠣᠰ ᠮᠣᠩᠭᠣᠯ ᠤ᠋ᠨ ᠡᠯᠴᠢ ᠶ᠋ᠢᠨ ᠬᠠᠷᠢᠴᠠᠭ᠎ᠠ》᠂ 138 ᠨᠢᠭᠤᠷ᠃
[43] [44] [ 45] 《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 4 ᠳ᠋ᠦ᠍ᠭᠡᠷ ᠪᠣᠳᠢ᠃
[46]《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠬᠣᠷᠢᠨ ᠳᠣᠯᠣᠳᠤᠭᠠᠷ ᠣᠨ ᠤ᠋ ᠳᠣᠯᠣᠭᠠᠨ ᠰᠠᠷ᠎ᠠ ᠶ᠋ᠢᠨ ᠬᠠᠷ᠎ᠠ ᠪᠡᠴᠢᠨ ᠡᠳᠦᠷ ᠦ᠋ᠨ ᠵᠤᠷᠪᠤᠰ᠃
[47] [48] [49]᠂ 《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》 ᠂4 ᠳ᠋ᠦ᠍ᠭᠡᠷ ᠪᠣᠳᠢ᠃
[50]《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂ 3 ᠳ᠋ᠤᠭᠠᠷ ᠪᠣᠳᠢ᠃
[51] [52] [53] [58]《ᠽᠠᠶ᠎ᠠ ᠪᠠᠨᠳᠢᠳᠠ ᠶ᠋ᠢᠨ ᠨᠠᠮᠲᠠᠷ》᠃
[54] ᠵᠢᠮᠪᠠᠳᠣᠷᠵᠢ ᠄ 《ᠪᠣᠯᠣᠷ ᠲᠣᠯᠢ》᠃
[55] [56]《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂ 9 ᠳ᠋ᠦ᠍ᠭᠡᠷ ᠪᠣᠳᠢ᠃
[57]《ᠪᠠᠷᠠᠭᠤᠨ ᠬᠢᠵᠠᠭᠠᠷ ᠤ᠋ᠨ ᠲᠡᠮᠳᠡᠭᠯᠡᠯ》᠂ 47 ᠳ᠋ᠤᠭᠠᠷ ᠪᠣᠳᠢ ᠃
[59]《ᠽᠠᠶ᠎ᠠ ᠪᠠᠨᠳᠢᠳᠠ ᠶ᠋ᠢᠨ ᠨᠠᠮᠲᠠᠷ》᠃
[60]《ᠭᠤᠯᠤᠸᠢᠨ ᠤ᠋ ᠡᠯᠴᠢ ᠪᠡᠷ ᠭᠠᠷᠤᠭᠰᠠᠨ ᠮᠡᠳᠡᠭᠦᠯᠦᠯᠲᠡ》᠂ 623 ᠨᠢᠭᠤᠷ᠃
[61] [62.] ᠨ· ᠱᠠᠰᠲ᠋ᠢᠨᠠ ᠄ 《17 ᠳ᠋ᠤᠭᠠᠷ ᠵᠠᠭᠤᠨ ᠤ᠋ ᠣᠷᠣᠰ ᠮᠣᠩᠭᠣᠯ ᠤ᠋ᠨ ᠡᠯᠴᠢ ᠶ᠋ᠢᠨ ᠬᠠᠷᠢᠴᠠᠭ᠎ᠠ》᠂ 146 ᠨᠢᠭᠤᠷ᠃
[63]《ᠭᠤᠯᠤᠸᠢᠨ ᠤ᠋ ᠡᠯᠴᠢ ᠪᠡᠷ ᠭᠠᠷᠤᠭᠰᠠᠨ ᠮᠡᠳᠡᠭᠦᠯᠦᠯᠲᠡ》᠂ 659 ᠨᠢᠭᠤᠷ᠃
[64] ᠨᠠ · ᠱᠠᠰᠲ᠋ᠢᠨᠠ ᠄ 《17 ᠳ᠋ᠤᠭᠠᠷ ᠵᠠᠭᠤᠨ ᠤ᠋ ᠣᠷᠣᠰ ᠮᠣᠩᠭᠣᠯ ᠤ᠋ᠨ ᠡᠯᠴᠢ ᠶ᠋ᠢᠨ ᠬᠠᠷᠢᠴᠠᠭ᠎ᠠ》᠂ 155 ᠨᠢᠭᠤᠷ᠃
[65]《ᠵᠠᠩ ᠴᠧᠩ ᠦ᠋ᠨ ᠡᠳᠦᠷ ᠦ᠋ᠨ ᠲᠡᠮᠳᠡᠭᠯᠡᠯ》᠃
[66]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠬᠣᠷᠢᠨ ᠳᠣᠯᠣᠳᠤᠭᠠᠷ ᠣᠨ ᠤ᠋ ᠠᠷᠪᠠᠨ ᠨᠢᠭᠡᠨ ᠰᠠᠷ᠎ᠠ ᠶ᠋ᠢᠨ ᠬᠥᠬᠡ ᠪᠡᠴᠢᠨ ᠡᠳᠦᠷ ᠦ᠋ᠨ ᠵᠤᠷᠪᠤᠰ᠃
[67]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠬᠣᠷᠢᠨ ᠨᠠᠢ᠍ᠮᠠᠳᠤᠭᠠᠷ ᠣᠨ ᠤ᠋ ᠴᠠᠭᠠᠨ ᠰᠠᠷ᠎ᠠ ᠶ᠋ᠢᠨ ᠤᠯᠠᠭᠴᠢᠨ ᠭᠠᠬᠠᠢ ᠡᠳᠦᠷ ᠦ᠋ᠨ ᠵᠤᠷᠪᠤᠰ᠃
[68]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠬᠣᠷᠢᠨ ᠨᠠᠢ᠍ᠮᠠᠳᠤᠭᠠᠷ ᠣᠨ ᠤ᠋ ᠠᠷᠪᠠᠨ ᠰᠠᠷ᠎ᠠ ᠶ᠋ᠢᠨ ᠬᠥᠬᠡᠭᠴᠢᠨ ᠲᠠᠬᠢᠶ᠎ᠠ ᠡᠳᠦᠷ ᠦ᠋ᠨ ᠵᠤᠷᠪᠤᠰ᠃
[69]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠬᠣᠷᠢᠨ ᠨᠠᠢ᠍ᠮᠠᠳᠤᠭᠠᠷ ᠣᠨ ᠤ᠋ ᠠᠷᠪᠠᠨ ᠬᠣᠶᠠᠷ ᠰᠠᠷ᠎ᠠ ᠶ᠋ᠢᠨ ᠴᠠᠭᠠᠭᠴᠢᠨ ᠬᠣᠨᠢᠨ ᠡᠳᠦᠷ ᠦ᠋ᠨ ᠵᠤᠷᠪᠤᠰ᠃
[70] [72] [73]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 6 ᠳ᠋ᠤᠭᠠᠷ ᠪᠣᠳᠢ᠃
[71] 《 ᠽᠠᠶ᠎ᠠ ᠪᠠᠨᠳᠢᠳᠠ ᠶ᠋ᠢᠨ ᠨᠠᠮᠲᠠᠷ》᠃
[74] [75] 《 ᠸᠠᠩ ᠬᠦᠩ ᠦ᠋ᠨ ᠢᠯᠡᠳᠬᠡᠯ ᠱᠠᠰᠲᠢᠷ》᠂ 34 ᠳ᠋ᠦ᠍ᠭᠡᠷ ᠪᠣᠳᠢ᠃
[76] [77] [79] [80] 《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 7 ᠳ᠋ᠤᠭᠠᠷ ᠪᠣᠳᠢ ᠃
[78] [81] ᠸᠧᠢ ᠶᠤᠸᠠᠨ ᠄ 《 ᠪᠣᠭᠳᠠ ᠪᠠᠭᠠᠲᠤᠷ ᠤ᠋ᠨ ᠪᠡᠶ᠎ᠡ ᠪᠡᠷ ᠳᠠᠢᠯᠠᠭᠰᠠᠨ ᠲᠡᠮᠳᠡᠭᠯᠡᠯ》᠂ 3 ᠳ᠋ᠤᠭᠠᠷ ᠪᠣᠳᠢ᠃
[82]《 ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂8 ᠳ᠋ᠤᠭᠠᠷ ᠪᠣᠳᠢ᠃
[83]《 ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 9 ᠳ᠋ᠦ᠍ᠭᠡᠷ ᠪᠣᠳᠢ᠃
[84] [85] ᠸᠠᠩ ᠰᠢᠶᠠᠨ ᠴᠢᠶᠠᠨ ᠄ 《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ 11 ᠳ᠋ᠦ᠍ᠭᠡᠷ ᠪᠣᠳᠢ᠃
[86] [89]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠳᠤᠭᠠᠷ ᠣᠨ ᠤ᠋ ᠬᠣᠶᠠᠷ ᠰᠠᠷ᠎ᠠ ᠶ᠋ᠢᠨ ᠤᠯᠠᠭᠴᠢᠨ ᠲᠠᠤᠯᠠᠢ ᠡᠳᠦᠷ ᠦ᠋ᠨ ᠵᠤᠷᠪᠤᠰ᠃
[87]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 10 ᠳ᠋ᠤᠭᠠᠷ ᠪᠣᠳᠢ᠃
[88] [90] [91] 《 ᠽᠠᠶ᠎ᠠ ᠪᠠᠨᠳᠢᠳᠠ ᠶ᠋ᠢᠨ ᠨᠠᠮᠲᠠᠷ》᠃
[92]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠬᠣᠷᠢᠨ ᠶᠢᠰᠦᠳᠦᠭᠡᠷ ᠣᠨ ᠤ᠋ ᠠᠷᠪᠠᠨ ᠨᠢᠭᠡᠨ ᠰᠠᠷ᠎ᠠ ᠶ᠋ᠢᠨ ᠬᠥᠬᠡ ᠯᠤᠤ ᠡᠳᠦᠷ ᠃
[93]《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠳᠤᠭᠠᠷ ᠣᠨ ᠤ᠋ ᠶᠢᠰᠦᠨ ᠰᠠᠷ᠎ᠠ ᠶ᠋ᠢᠨ ᠤᠯᠠᠭᠴᠢᠨ ᠲᠠᠤᠯᠠᠢ ᠡᠳᠦᠷ ᠦ᠋ᠨ ᠵᠤᠷᠪᠤᠰ
[94] 《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠳᠤᠭᠠᠷ ᠣᠨ ᠤ᠋ ᠵᠢᠷᠭᠤᠭᠠᠨ ᠰᠠᠷ᠎ᠠ ᠶ᠋ᠢᠨ ᠬᠥᠬᠡᠭᠴᠢᠨ ᠲᠠᠤᠯᠠᠢ ᠡᠳᠦᠷ ᠦ᠋ᠨ ᠵᠤᠷᠪᠤᠰ
[95]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 12 ᠳ᠋ᠤᠭᠠᠷ ᠪᠣᠳᠢ᠃
[96]《ᠳᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠨ ᠬᠣᠶᠠᠳᠤᠭᠠᠷ ᠣᠨ ᠤ᠋ ᠲᠡᠭᠦᠨ ᠰᠠᠷ᠎ᠠ ᠶ᠋ᠢᠨ ᠤᠯᠠᠭᠴᠢᠨ ᠮᠣᠭᠠᠢ ᠡᠳᠦᠷ ᠦ᠋ᠨ ᠵᠤᠷᠪᠤᠰ᠃
[97]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠡᠩᠬᠡ ᠠᠮᠤᠭᠤᠯᠠᠩ ᠤ᠋ᠨ ᠭᠤᠴᠢᠨ ᠬᠣᠶᠠᠳᠤᠭᠠᠷ ᠣᠨ ᠤ᠋ ᠴᠠᠭᠠᠨ ᠰᠠᠷ᠎ᠠ ᠶ᠋ᠢᠨ ᠤᠯᠠᠭᠠᠨ ᠮᠣᠷᠢᠨ ᠡᠳᠦᠷ ᠦ᠋ᠨ ᠵᠤᠷᠪᠤᠰ᠃
[98]《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠳᠤᠭᠠᠷ ᠣᠨ ᠤ᠋ ᠳᠣᠯᠣᠭᠠᠨ ᠰᠠᠷ᠎ᠠ ᠶ᠋ᠢᠨ ᠰᠢᠷ᠎ᠠ ᠨᠣᠬᠠᠢ ᠡᠳᠦᠷ ᠦ᠋ᠨ ᠵᠤᠷᠪᠤᠰ᠃
[99]《 ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 11 ᠳ᠋ᠦ᠍ᠭᠡᠷ ᠪᠣᠳᠢ᠃
[100]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 13 ᠳ᠋ᠤᠭᠠᠷ ᠪᠣᠳᠢ᠃
[101] 《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 13 ᠳ᠋ᠤᠭᠠᠷ ᠪᠣᠳᠢ᠃
[102]《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠨ ᠳᠥᠷᠪᠡᠳᠦᠭᠡᠷ ᠣᠨ ᠤ᠋ ᠬᠣᠶᠠᠷ ᠰᠠᠷ᠎ᠠ ᠶ᠋ᠢᠨ ᠬᠥᠬᠡᠭᠴᠢᠨ ᠲᠠᠤᠯᠠᠢ ᠡᠳᠦᠷ ᠦ᠋ᠨ ᠵᠤᠷᠪᠤᠰ᠃
[103] [104]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 25 ᠳ᠋ᠤᠭᠠᠷ ᠪᠣᠳᠢ᠃
[105] [106]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 26 ᠳ᠋ᠤᠭᠠᠷ ᠪᠣᠳᠢ ᠃
[107] [ 108]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ》᠂ 16 ᠂ 17 ᠳ᠋ᠤᠭᠠᠷ ᠪᠣᠳᠢ᠃
[109]《ᠲᠠᠢᠴᠢᠩ ᠤᠯᠤᠰ ᠤ᠋ᠨ ᠱᠧᠩᠽᠦ ᠬᠠᠭᠠᠨ ᠤ᠋ ᠮᠠᠭᠠᠳ ᠬᠠᠤᠯᠢ》᠂ ᠡᠩᠬᠡ ᠠᠮᠤᠭᠤᠯᠠᠩ ᠤ᠋ᠨ ᠭᠤᠴᠢᠨ ᠲᠠᠪᠤᠳᠤᠭᠠᠷ ᠣᠨ ᠤ᠋ ᠳᠥᠷᠪᠡᠨ ᠰᠠᠷ᠎ᠠ ᠶ᠋ᠢᠨ ᠰᠢᠷᠠᠭᠴᠢᠨ ᠦᠬᠡᠷ ᠡᠳᠦᠷ ᠦ᠋ᠨ ᠵᠤᠷᠪᠤᠰ᠃
[110] ᠳᠡᠭᠡᠷᠡᠬᠢ ᠲᠡᠢ ᠠᠳᠠᠯᠢ᠂ ᠲᠠᠪᠤᠨ ᠰᠠᠷ᠎ᠠ ᠶ᠋ᠢᠨ ᠰᠢᠷᠠᠭᠴᠢᠨ ᠮᠣᠭᠠᠢ ᠡᠳᠦᠷ ᠦ᠋ᠨ ᠵᠤᠷᠪᠤᠰ᠃
[111] ᠳᠡᠭᠡᠷᠡᠬᠢ ᠲᠡᠢ ᠠᠳᠠᠯᠢ᠂ ᠲᠠᠪᠤᠨ ᠰᠠᠷ᠎ᠠ ᠶ᠋ᠢᠨ ᠰᠢᠷᠠᠭᠴᠢᠨ ᠬᠣᠨᠢᠨ ᠡᠳᠦᠷ ᠦ᠋ᠨ ᠵᠤᠷᠪᠤᠰ᠃
[112] ᠸᠧᠢ ᠶᠤᠸᠠᠨ ᠄ 《ᠪᠣᠭᠳᠠ ᠪᠠᠭᠠᠲᠤᠷ ᠤ᠋ᠨ ᠪᠡᠶ᠎ᠡ ᠪᠡᠷ ᠳᠠᠢᠯᠠᠭᠰᠠᠨ ᠲᠡᠮᠳᠡᠭᠯᠡᠯ》᠂ ᠵᠦᠩᠬᠤᠸᠠ ᠪᠢᠴᠢᠭ ᠦ᠋ᠨ ᠲᠣᠪᠴᠢᠶ᠎ᠠ ᠂ 1984 ᠣᠨ ᠂ 120 ᠨᠢᠭᠤᠷ ᠃
[113]《ᠳᠣᠷᠣᠨᠠᠲᠤ ᠭᠡᠷᠡᠯᠲᠦ ᠬᠠᠭᠠᠯᠠᠭᠠᠨ ᠤ᠋ ᠲᠡᠮᠳᠡᠭᠯᠡᠯ》᠂ ᠡᠩᠬᠡ ᠠᠮᠤᠭᠤᠯᠠᠩ ᠤ᠋ᠨ ᠭᠤᠴᠢᠨ ᠲᠠᠪᠤᠳᠤᠭᠠᠷ ᠣᠨ ᠤ᠋ ᠵᠢᠷᠭᠤᠭᠠᠨ ᠰᠠᠷ᠎ᠠ ᠶ᠋ᠢᠨ ᠰᠢᠷᠠᠭᠴᠢᠨ ᠮᠣᠭᠠᠢ ᠡᠳᠦᠷ ᠦ᠋ᠨ ᠵᠤᠷᠪᠤᠰ᠃
[114] [115] [116]《ᠠᠷᠤ ᠭᠣᠪᠢ ᠶ᠋ᠢ ᠲᠦᠪᠰᠢᠳᠬᠡᠬᠦ ᠪᠣᠳᠣᠯᠭ᠎ᠠ ᠶ᠋ᠢᠨ ᠪᠢᠴᠢᠭ 》 ᠂ 28 ᠂43 ᠪᠣᠳᠢ᠃
