ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ< ᠲᠠᠪᠤᠳᠤᠭᠠᠷ ᠪᠦᠯᠦᠭ -3>᠂ ᠦᠢᠮᠡᠭᠡᠨ ᠳᠡᠭᠳᠡᠪᠡ Бүргэд харьд үүрэлдэггүй – Ж᠂ Пүрэв <5-р бүлэг ~3>.үймээн дэгдэв
ᠲᠠᠪᠤᠳᠤᠭᠠᠷ ᠪᠦᠯᠦᠭ -3᠂ ᠦᠢᠮᠡᠭᠡᠨ ᠳᠡᠭᠳᠡᠪᠡ
ᠠᠯᠠᠨᠳᠠᠷ ᠵᠠᠩᠵᠤᠨ ᠪᠢᠯᠢᠭᠦᠨ ᠢ᠋ ᠳᠠᠭᠤᠳᠠᠭᠤᠯᠵᠤ ᠠᠭᠤᠯᠵᠠᠭᠠᠳ ᠪᠦᠳᠦᠭᠦᠨ ᠳᠠᠭᠤ ᠪᠠᠷ
— ᠨᠣᠶᠠᠨ ᠲᠦᠰᠢᠮᠡᠯ ᠴᠢ ᠶᠡᠬᠡ ᠬᠠᠭᠠᠨ ᠤ᠋ ᠵᠠᠷᠯᠢᠭ ᠶᠣᠰᠣ ᠪᠠᠷ ᠲᠤᠩ ᠶᠠᠭᠠᠷᠠᠯᠲᠠᠢ ᠳᠠᠪᠬᠢᠵᠤ ᠱᠠᠩᠳᠤ ᠳ᠋ᠤ᠌ ᠬᠦᠷᠦᠭᠡᠳ ᠡᠷᠭᠢᠵᠦ ᠢᠷᠡᠬᠦ ᠤᠴᠢᠷᠲᠠᠢ ᠪᠣᠯᠤᠯ᠎ᠠ ᠭᠡᠪᠡ᠃ ᠪᠢᠯᠢᠭᠦᠨ ᠭᠠᠢᠬᠠᠵᠤ《ᠲᠡᠭᠡᠪᠡᠯ ᠪᠢ ᠲᠡᠨᠳᠡ ᠣᠴᠢᠬᠤ ᠪᠠᠷ ᠢ᠋ᠶ᠋ᠠᠨ ᠪᠠᠰᠠ ᠪᠠᠷᠢᠭᠳᠠᠵᠤ ᠯᠠ ᠲᠠᠭᠠᠷᠠᠬᠤ ᠪᠣᠢ》 ᠭᠡᠵᠦ ᠪᠣᠳᠣᠨ᠂ ᠵᠠᠩᠵᠤᠨ ᠤ᠋ ᠨᠢᠭᠤᠷ ᠥᠭᠡᠳᠡ ᠳᠠᠷᠠᠭ᠎ᠠ ᠶ᠋ᠢᠨ ᠦᠭᠡ ᠶ᠋ᠢ ᠬᠦᠯᠢᠶᠡᠵᠦ ᠬᠠᠷᠠᠪᠠᠯ ᠠᠯᠠᠨᠳᠠᠷ ᠴᠠᠭ ᠦᠷᠭᠦᠯᠵᠢᠳᠡ ᠰᠠᠨᠵᠢᠭᠢᠨᠠᠭᠤᠯᠵᠤ ᠶᠠᠪᠤᠳᠠᠭ ᠲᠠᠬᠢᠷ ᠢᠯᠳᠦ ᠪᠡᠨ ᠪᠠᠷᠢᠵᠤ᠄
— ᠴᠢ ᠬᠦ! ᠲᠠᠪᠢᠨ ᠴᠡᠷᠢᠭ ᠳᠠᠭᠠᠭᠤᠯ! ᠬᠠᠭᠠᠨ ᠤ᠋ ᠰᠦᠷᠦᠭ ᠡᠴᠡ ᠭᠡᠰᠦᠭ ᠮᠣᠷᠢ ᠰᠢᠯᠢᠵᠦ ᠪᠠᠷᠢᠭᠠᠳ ᠲᠡᠭᠦᠨ ᠢ᠋ ᠪᠡᠨ ᠬᠥᠯᠥᠭᠯᠡ! ᠲᠡᠭᠡᠭᠡᠳ ᠲᠤᠩ ᠰᠡᠮᠬᠡᠨ ᠢ᠋ᠶ᠋ᠡᠷ ᠶᠠᠪᠤᠭᠠᠳ ᠪᠣᠭᠣᠯᠴᠢᠯᠠᠭᠳᠠᠨ ᠪᠣᠢ ᠬᠦᠯᠦᠭ ᠢ᠋ ᠰᠤᠯᠠᠯᠠᠵᠤ ᠠᠪᠤᠭᠠᠳ ᠢᠷ᠎ᠡ! ᠡᠭᠦᠨ ᠢ᠋ ᠴᠢ ᠴᠢᠳᠠᠬᠤ ᠶᠣᠰᠣᠲᠠᠢ ᠭᠡᠯᠡ᠃
ᠵᠠᠷᠯᠢᠭ ᠢ᠋ ᠪᠡᠶᠡᠯᠡᠭᠦᠯᠵᠦ ᠴᠢᠳᠠᠬᠤ ᠦᠭᠡᠢ ᠭᠡᠬᠦ ᠬᠡᠨ ᠪᠠᠢᠬᠤ ᠪᠢᠯᠡ᠃ ᠪᠢᠯᠢᠭᠦᠨ ᠳᠡᠭᠡᠳᠦ ᠶ᠋ᠢᠨ ᠵᠥᠪᠰᠢᠶᠡᠷᠡᠭᠰᠡᠨ ᠶᠣᠰᠣᠭᠠᠷ《ᠣᠷᠬᠣᠨ ᠲᠦᠮᠡᠲᠦ》 ᠡᠴᠡ ᠲᠠᠪᠢᠨ ᠴᠡᠷᠢᠭ ᠰᠢᠯᠢᠭᠦᠯᠦᠨ ᠭᠠᠷᠭᠠᠭᠤᠯᠵᠤ ᠠᠪᠤᠭᠠᠳ᠂ ᠰᠢᠩᠬᠤ ᠠᠭᠤᠯᠠ ᠶ᠋ᠢᠨ ᠥᠪᠥᠷ ᠬᠥᠨᠳᠡᠢ ᠳ᠋ᠦ᠍ ᠪᠡᠯᠴᠢᠭᠡᠷᠯᠡᠨ ᠪᠣᠢ ᠬᠠᠭᠠᠨ ᠤ᠋ ᠣᠩᠭᠣᠨ ᠰᠦᠷᠦᠭ ᠳᠡᠭᠡᠷ᠎ᠡ ᠳᠠᠪᠬᠢᠨ ᠢᠷᠡᠵᠦ᠂ ᠮᠣᠷᠢᠳ ᠰᠣᠩᠭᠣᠨ ᠪᠠᠷᠢᠭᠤᠯᠤᠯ᠎ᠠ᠃ ᠲᠤᠩ ᠠᠮᠠᠷ ᠦᠭᠡᠢ ᠠᠵᠢᠯ ᠪᠣᠯᠪᠠ᠃ ᠬᠤᠢᠯᠠᠷᠠᠨ ᠱᠠᠭᠢᠬᠤ ᠠᠳᠤᠭᠤᠨ ᠰᠦᠷᠦᠭ ᠡᠴᠡ ᠬᠦᠯᠦᠭ ᠦ᠋ᠨ ᠰᠢᠨᠳᠠᠰᠤ ᠰᠢᠯᠢᠨᠡ ᠭᠡᠳᠡᠭ ᠵᠢᠷ ᠦ᠋ᠨ ᠬᠠᠷᠠᠭ᠎ᠠ ᠪᠠᠷ ᠪᠦᠲᠦᠬᠦ ᠬᠡᠷᠡᠭ ᠪᠢᠰᠢ ᠠᠵᠢ᠃
— ᠬᠡᠳᠦ ᠲᠠᠷᠭᠤᠨ ᠮᠣᠷᠢ ᠠᠮᠢᠰᠬᠤᠭᠠᠳᠠᠭᠠᠳ ᠶᠠᠪᠤᠵᠤ ᠥᠭᠬᠦ ᠦᠭᠡᠢ ᠰᠢᠦ᠃ ᠬᠥᠯ᠂ ᠲᠤᠭᠤᠷᠠᠢ᠂ ᠴᠡᠭᠡᠵᠢ ᠰᠠᠢᠨᠲᠠᠢ ᠮᠣᠷᠢ ᠪᠠᠷᠢᠭᠠᠷᠠᠢ! ᠭᠡᠵᠦ ᠲᠦᠰᠢᠮᠡᠯ ᠴᠡᠷᠢᠭ ᠦ᠋ᠳ ᠲᠦ᠍ ᠪᠡᠨ ᠲᠤᠰᠢᠶᠠᠭᠠᠳ᠂ ᠲᠦᠮᠡᠨ ᠰᠦᠷᠦᠭ ᠳᠤᠮᠳᠠ ᠤᠷᠭ᠎ᠠ ᠪᠠᠨ ᠪᠠᠷᠢᠨ ᠣᠷᠣᠵᠤ ᠪᠢᠯᠡ᠃ ᠥᠷᠭᠡᠨ ᠬᠥᠨᠳᠡᠢ ᠳ᠋ᠦ᠍ ᠪᠠᠬᠠᠨ ᠲᠣᠭᠣᠰᠣ ᠬᠠᠳᠤᠭᠤᠯᠤᠭᠰᠠᠨ ᠤ᠋ ᠡᠴᠦᠰ ᠲᠦ᠍ ᠬᠥᠬᠡ ᠮᠢᠬ᠎ᠠ ᠨᠢ ᠴᠡᠴᠡᠷᠡᠨ᠂ ᠪᠠᠢᠵᠤ ᠰᠠᠭᠤᠵᠤ ᠶᠠᠳᠠᠭᠰᠠᠨ ᠰᠠᠢᠬᠠᠨ ᠮᠣᠷᠢᠳ ᠢ᠋ ᠬᠡᠯᠬᠢᠵᠦ ᠠᠪᠤᠭᠠᠳ᠂ ᠬᠥᠮᠦᠨ ᠪᠦᠷᠢ ᠳ᠋ᠦ᠍ ᠬᠣᠶᠠᠷ ᠬᠣᠶᠠᠷ ᠢ᠋ᠶ᠋ᠠᠷ ᠨᠢ ᠥᠭᠴᠦ ᠡᠮᠡᠭᠡᠯ ᠬᠠᠵᠠᠭᠠᠷ ᠢ᠋ ᠨᠢ ᠲᠠᠭᠠᠷᠠᠭᠤᠯᠪᠠ᠃
ᠪᠢᠯᠢᠭᠦᠨ ᠬᠠᠷᠠᠬᠣᠷᠣᠮ ᠳ᠋ᠤ᠌ ᠡᠷᠭᠢᠨ ᠢᠷᠡᠵᠦ ᠴᠡᠷᠢᠭ ᠦ᠋ᠳ ᠲᠦ᠍ ᠪᠡᠨ ᠪᠡᠯᠡᠨ ᠵᠡᠬᠡᠭᠡᠰᠦᠲᠡᠢ ᠬᠦᠨᠡᠰᠦᠨ ᠡᠴᠡ ᠠᠪᠴᠤ ᠭᠠᠨᠵᠤᠭᠠᠯᠠᠭᠤᠯᠤᠭᠠᠳ᠂ ᠥᠪᠡᠷ ᠢ᠋ᠶ᠋ᠡᠨ ᠭᠡᠷ ᠲᠦ᠍ ᠪᠡᠨ ᠢᠷᠡᠵᠦ ᠠᠬ᠎ᠠ ᠶ᠋ᠢᠨ ᠡᠬᠡᠨᠡᠷ ᠬᠤᠰᠢᠮᠣᠭᠲᠦ ᠲᠡᠢ ᠠᠭᠤᠯᠵᠠᠨ᠂ ᠱᠠᠩᠳᠤ ᠬᠣᠲᠠ ᠶ᠋ᠢᠨ ᠪᠠᠢᠳᠠᠯ᠂ ᠬᠦᠯᠦᠭ ᠦ᠋ᠨ ᠪᠠᠢᠳᠠᠯ ᠭᠠᠵᠠᠷ ᠢ᠋ ᠵᠢᠭᠠᠯᠭᠠᠭᠤᠯᠵᠤ ᠠᠪᠤᠭᠠᠳ᠂ ᠰᠠᠢᠨ ᠬᠣᠭᠣᠯᠠ ᠢᠳᠡᠭᠰᠡᠨ ᠳᠣᠣᠷ᠎ᠠ ᠪᠠᠨ ᠰᠥᠨᠢ ᠳᠤᠮᠳᠠ ᠲᠤᠰᠢᠶᠠᠯ ᠶᠣᠰᠣᠭᠠᠷ ᠰᠡᠮᠬᠡᠨ ᠮᠣᠷᠳᠠᠵᠠᠢ᠃ ᠠᠯᠠᠨᠳᠠᠷ ᠵᠠᠩᠵᠤᠨ ᠤ᠋ ᠬᠡᠯᠡᠵᠦ ᠪᠠᠢᠭ᠎ᠠ ᠪᠠᠷ ᠪᠣᠯ ᠠᠷᠢᠬᠪᠦᠢ᠍ᠬᠡ ᠬᠠᠭᠠᠨ《ᠪᠢᠳᠡᠨ ᠳ᠋ᠦ᠍ ᠬᠦᠯᠦᠭ ᠡᠴᠡ ᠢᠯᠡᠭᠦᠦ ᠬᠡᠷᠡᠭᠲᠡᠢ ᠬᠥᠮᠦᠨ ᠠᠯᠠᠭ᠎ᠠ᠃ ᠲᠡᠷᠡ ᠡᠷ᠎ᠡ ᠬᠤᠪᠢᠯᠠᠢ ᠶ᠋ᠢᠨ ᠬᠠᠮᠤᠭ ᠪᠠᠢᠳᠠᠯ ᠢ᠋ ᠮᠡᠳᠡᠵᠦ ᠪᠠᠢᠭ᠎ᠠ ᠪᠢᠳᠡᠨ ᠦ᠌ ᠲᠠᠯ᠎ᠠ ᠶ᠋ᠢᠨ ᠬᠠᠮᠤᠭ ᠤ᠋ᠨ ᠢᠲᠡᠭᠡᠯᠲᠡᠢ ᠡᠷ᠎ᠡ ᠪᠣᠯᠵᠤ ᠪᠠᠢᠨ᠎ᠠ》ᠭᠡᠰᠡᠨ ᠠᠵᠢ᠃ ᠦᠨᠡᠨ ᠳ᠋ᠦ᠍ ᠪᠡᠨ ᠴᠤ᠌ ᠲᠡᠢᠮᠦ ᠪᠠᠢᠯ᠎ᠠ᠃ ᠨᠢᠭᠡᠨᠲᠡ ᠬᠤᠷᠴᠠᠳᠤᠭᠰᠠᠨ ᠦᠢᠮᠡᠭᠡᠨ ᠢ᠋ ᠥᠪᠡᠷ ᠲᠦ᠍ ᠪᠡᠨ ᠠᠰᠢᠭᠲᠠᠢ ᠰᠢᠢᠳᠪᠦᠷᠢᠯᠡᠬᠦ ᠳ᠋ᠦ᠍ ᠳᠠᠢᠰᠤᠨ ᠤ᠋ ᠲᠠᠯ᠎ᠠ ᠶ᠋ᠢᠨ ᠰᠠᠢᠨ ᠮᠠᠭᠤ᠂ ᠢᠯᠡᠭᠦᠦ ᠳᠤᠲᠠᠭᠤ ᠶ᠋ᠢ ᠪᠦᠷᠢᠨ ᠮᠡᠳᠡᠵᠦ ᠪᠠᠢᠵᠤ ᠦᠵᠡᠯᠴᠡᠬᠦ ᠨᠢ ᠵᠦᠢ ᠶ᠋ᠢᠨ ᠬᠡᠷᠡᠭ ᠪᠢᠯᠡ᠃ ᠡᠭᠦᠨ ᠢ᠋ ᠠᠷᠢᠬᠪᠦᠢ᠍ᠬᠡ ᠬᠠᠭᠠᠨ ᠪᠣᠳᠣᠵᠤ ᠠᠮᠵᠢᠯ ᠦᠭᠡᠢ ᠶᠠᠭᠠᠬᠢᠬᠤ ᠪᠣᠢ᠃
ᠬᠠᠷᠠᠬᠣᠷᠣᠮ ᠳ᠋ᠤ᠌ ᠪᠠᠷᠤᠭ ᠡᠷ᠎ᠡ ᠬᠥᠢᠰᠦᠲᠠᠢ ᠪᠦᠬᠦᠨ ᠴᠡᠷᠢᠭ ᠲᠦ᠍ ᠳᠠᠢᠴᠢᠯᠠᠭᠳᠠᠨ᠂ ᠴᠡᠷᠢᠭ ᠦ᠋ᠨ ᠠᠩᠭᠢ ᠨᠤᠭᠤᠳ ᠪᠠᠢᠯᠳᠤᠭᠠᠨ ᠳ᠋ᠤ᠌ ᠪᠡᠯᠡᠳᠬᠡᠵᠦ᠂ ᠳᠠᠭᠠᠭᠠᠮᠠᠯ᠂ ᠵᠠᠩᠵᠤᠨ ᠨᠤᠭᠤᠳ ᠤ᠋ᠨ ᠳᠠᠭᠤ ᠥᠨᠳᠥᠷ ᠪᠣᠯᠤᠭᠰᠠᠨ ᠴᠠᠭ ᠪᠢᠯᠡ᠃ ᠨᠡᠢᠰᠯᠡᠯ ᠳ᠋ᠦ᠍ ᠪᠠᠬᠠᠨ ᠬᠢᠲᠠᠳ ᠴᠡᠷᠢᠭ ᠭᠡᠨᠡᠳᠲᠡ ᠳᠠᠭᠠᠷᠢᠨ ᠣᠷᠣᠵᠤ ᠢᠷᠡᠬᠦ ᠭᠡᠵᠦ ᠪᠠᠢᠭ᠎ᠠ ᠮᠡᠲᠦ ᠬᠥᠯ ᠬᠥᠰᠬᠡᠨ ᠪᠣᠯᠵᠤ ᠠᠷᠢᠬᠪᠦᠢ᠍ᠬᠡ ᠬᠠᠭᠠᠨ ᠰᠢᠳᠠᠷ ᠨᠣᠶᠠᠳ ᠢ᠋ᠶ᠋ᠠᠨ ᠴᠤᠭᠯᠠᠭᠤᠯᠤᠨ ᠵᠥᠪᠯᠡᠯᠳᠦᠵᠦ ᠡᠬᠢᠯᠡᠭᠰᠡᠨ ᠴᠠᠭ ᠢ᠋ᠶ᠋ᠠᠷ ᠪᠢᠯᠢᠭᠦᠨ ᠬᠦᠯᠦᠭ ᠦ᠋ᠨ ᠰᠢᠨᠳᠠᠰᠤ ᠰᠣᠩᠭᠣᠨ ᠡᠮᠦᠨᠡᠲᠦ ᠶ᠋ᠢ ᠵᠣᠷᠢᠯ᠎ᠠ᠃ ᠠᠩᠬᠠᠨ ᠤ᠋ ᠡᠳᠦᠷ ᠤᠨᠤᠭᠰᠠᠨ ᠬᠦᠯᠦᠭ ᠦ᠋ᠳ ᠶᠡᠬᠡ ᠯᠡ ᠣᠩᠭᠣᠨ ᠪᠠᠢᠭᠰᠠᠨ ᠢ᠋ᠶ᠋ᠠᠨ ᠠᠶᠠᠨ ᠤ᠋ ᠵᠠᠮ ᠳ᠋ᠤ᠌ ᠠᠶᠠᠨᠳᠠᠭᠠᠨ ᠨᠣᠮᠣᠬᠠᠷᠠᠨ ᠣᠷᠣᠵᠤ ᠢᠷᠡᠪᠡ᠃ ᠠᠯᠤᠰ ᠤ᠋ᠨ ᠵᠠᠮ ᠳ᠋ᠤ᠌ ᠪᠦᠷ ᠲᠡᠷᠲᠡᠭᠡ ᠪᠠᠷᠠᠭᠤᠨ ᠳᠤᠮᠳᠠᠳᠤ ᠣᠷᠣᠨ ᠬᠦᠷᠲᠡᠯ᠎ᠡ ᠠᠶᠠᠯᠠᠵᠤ ᠦᠵᠡᠭᠰᠡᠨ ᠪᠢᠯᠢᠭᠦᠨ ᠮᠣᠷᠢᠳ ᠢ᠋ᠶ᠋ᠠᠨ ᠶᠠᠭᠠᠬᠢᠵᠤ ᠡᠳ᠋ᠯᠡᠬᠦ ᠪᠡᠨ ᠮᠠᠲᠠᠯ ᠦᠭᠡᠢ ᠶᠠᠭᠠᠬᠢᠬᠤ ᠪᠣᠢ᠃ ᠡᠬᠢᠨ ᠦ᠌ ᠬᠣᠶᠠᠷ ᠡᠳᠦᠷ ᠨᠠᠮᠤᠭᠤᠨ ᠵᠥᠭᠡᠯᠡᠳᠡᠭᠦᠦ᠂ ᠭᠣᠣᠯᠳᠠᠭᠤ ᠰᠡᠷᠢᠭᠦᠨ ᠴᠠᠭ ᠢ᠋ᠶ᠋ᠠᠷ ᠶᠠᠪᠤᠭᠰᠠᠨ ᠢ᠋ᠶ᠋ᠠᠨ ᠶᠡᠬᠡ ᠭᠣᠪᠢ ᠳ᠋ᠤ᠌ ᠣᠷᠣᠵᠤ ᠢᠷᠡᠭᠡᠳ ᠲᠠᠩᠨᠠᠨ ᠰᠥᠨᠢ ᠳᠠᠪᠬᠢᠵᠤ᠂ ᠡᠳᠦᠷ ᠲᠦ᠍ ᠠᠭᠤᠯᠠ ᠬᠠᠳᠠ ᠪᠠᠷ ᠠᠯᠤᠰ ᠤ᠋ᠨ ᠪᠠᠷ᠎ᠠ ᠬᠠᠷᠠᠨ ᠪᠡᠶᠡᠰ ᠢ᠋ᠶ᠋ᠡᠨ ᠨᠢᠭᠤᠵᠤ ᠪᠠᠢᠯ᠎ᠠ᠃ ᠤᠷᠢᠳ ᠶᠠᠪᠤᠵᠤ᠂ ᠵᠢᠷᠠᠬᠠᠢ ᠨᠢᠳᠦ ᠪᠡᠷ ᠬᠠᠷᠠᠵᠤ ᠪᠠᠢᠭᠰᠠᠨ ᠭᠠᠵᠠᠷ ᠤ᠋ᠨ ᠪᠠᠷᠢᠮᠵᠢᠶ᠎ᠠ ᠪᠠᠨ ᠲᠡᠭᠦᠨ ᠦ᠌ ᠨᠢᠳᠦᠨ ᠳ᠋ᠦ᠍ ᠲᠣᠳᠣᠬᠠᠨ ᠲᠣᠰᠴᠤ ᠪᠠᠢᠪᠠ᠃ ᠪᠢᠯᠢᠭᠦᠨ ᠦ᠌ ᠴᠡᠷᠢᠭ ᠬᠡᠳᠦᠬᠡᠨ ᠬᠣᠨᠣᠭ ᠰᠠᠭᠠᠳ ᠦᠭᠡᠢ ᠠᠶᠠᠯᠠᠭᠠᠳ᠂ ᠵᠠᠷᠢᠮ ᠭᠠᠭᠴᠠ ᠨᠢᠭᠡ ᠵᠣᠭᠰᠣᠭᠰᠠᠨ ᠮᠣᠷᠢ ᠣᠷᠬᠢᠨ ᠳᠣᠪᠲᠣᠯᠤᠭᠰᠠᠭᠠᠷ ᠱᠠᠩᠳᠤ ᠭᠣᠣᠯ ᠤ᠋ᠨ ᠬᠥᠪᠡᠭᠡᠨ ᠳ᠋ᠦ᠍ ᠲᠤᠯᠵᠤ ᠢᠷᠡᠯ᠎ᠡ᠃
ᠣᠳᠣ ᠶᠠᠭᠠᠬᠢᠵᠤ ᠬᠦᠯᠦᠭ ᠢ᠋ ᠠᠪᠬᠤ ᠪᠣᠢ? ᠡᠳᠦᠷ ᠠᠭᠤᠯᠵᠠᠬᠤ ᠤᠤ? ᠰᠥᠨᠢ ᠠᠭᠤᠯᠵᠠᠬᠤ ᠤᠤ? ᠭᠡᠵᠦ ᠡᠨᠡ ᠲᠦᠰᠢᠮᠡᠯ ᠪᠣᠳᠣᠭᠰᠠᠭᠠᠷ᠂ ᠴᠡᠷᠢᠭ ᠢ᠋ᠶ᠋ᠡᠨ ᠨᠤᠲᠤᠭ ᠤ᠋ᠨ ᠴᠡᠷᠢᠭ ᠦ᠋ᠨ ᠪᠠᠢᠳᠠᠯ ᠢ᠋ᠶ᠋ᠠᠷ ᠠᠭᠤᠯᠠᠨ ᠳ᠋ᠤ᠌ ᠮᠣᠳᠣ ᠠᠪᠴᠤ ᠪᠣᠢ ᠶᠠᠩᠵᠤ ᠪᠠᠷ ᠪᠠᠢᠯᠭᠠᠨ᠂ ᠪᠢᠯᠢᠭᠦᠨ ᠡᠩ ᠦ᠋ᠨ ᠬᠤᠪᠴᠠᠰᠤ ᠡᠮᠦᠰᠦᠭᠡᠳ ᠥᠷᠯᠥᠭᠡ ᠦᠷ ᠴᠥᠷ ᠢ᠋ᠶ᠋ᠡᠷ ᠣᠯᠠᠨ ᠤ᠋ ᠬᠥᠯ ᠦᠢᠮᠡᠭᠡᠨ ᠡᠴᠡ ᠲᠡᠷᠢᠭᠦᠯᠡᠨ ᠶᠠᠪᠤᠵᠤ᠂ ᠬᠣᠲᠠ ᠳ᠋ᠤ᠌ ᠣᠷᠣᠭᠰᠠᠨ ᠳᠣᠣᠷ᠎ᠠ ᠪᠠᠨ ᠳᠠᠭᠠᠭᠤᠯ ᠭᠤᠷᠪᠠᠨ ᠴᠡᠷᠢᠭ ᠢ᠋ᠶ᠋ᠡᠨ ᠪᠠᠰᠠ ᠡᠨᠳᠡ ᠲᠡᠨᠳᠡ ᠨᠢᠭᠤᠴᠢᠯᠠᠨ ᠲᠠᠯᠪᠢᠵᠤ᠂ ᠥᠪᠡᠷ ᠢ᠋ᠶ᠋ᠡᠨ ᠬᠤᠳᠠᠯᠳᠤᠭᠠᠴᠢᠨ ᠤ᠋ ᠮᠠᠯ ᠤ᠋ᠨ ᠬᠠᠰᠢᠶᠠᠨ ᠳ᠋ᠤ᠌ ᠬᠦᠷᠴᠦ ᠬᠠᠭᠠᠯᠭ᠎ᠠ ᠶ᠋ᠢ ᠰᠠᠮ ᠴᠣᠬᠢᠪᠠ᠃ ᠲᠡᠭᠦᠨ ᠢ᠋ ᠬᠠᠷ᠎ᠠ ᠠᠪᠴᠤ ᠠᠵᠢᠵᠤ ᠪᠠᠢᠭ᠎ᠠ ᠶᠠᠩᠵᠤ ᠶᠡᠷᠦ ᠦᠭᠡᠢ ᠠᠵᠢ᠃ ᠬᠣᠮᠢᠨᠢ ᠶ᠋ᠢᠨ ᠪᠠᠢᠷᠢ ᠨᠢ ᠬᠣᠲᠠ ᠶ᠋ᠢᠨ ᠵᠠᠬᠠᠳᠠᠭᠤ ᠨᠠᠷᠢᠨ ᠭᠤᠳᠤᠮᠵᠢᠨ ᠤ᠋ ᠠᠳᠠᠭ᠂ ᠵᠢᠵᠢᠭ ᠰᠢᠪᠡᠷ ᠬᠡᠷᠡᠮ ᠠᠵᠢ᠃ ᠡᠯᠵᠢᠭᠡ ᠲᠡᠢ ᠪᠣᠯᠬᠣᠷ ᠲᠡᠭᠦᠨ ᠢ᠋ ᠬᠣᠲᠠ ᠶ᠋ᠢᠨ ᠳᠤᠮᠳᠠ ᠬᠡᠰᠡᠭ ᠲᠦ᠍ ᠶᠠᠭᠤᠨ ᠳ᠋ᠤ᠌ ᠪᠠᠢᠯᠭᠠᠬᠤ ᠪᠢᠯᠡ᠃ ᠪᠠᠢᠨ ᠪᠠᠢᠨ ᠨᠣᠬᠠᠢ ᠪᠣᠷᠭᠣᠵᠤ ᠬᠤᠴᠠᠨ᠎ᠠ᠃ ᠬᠠᠶᠠ ᠮᠣᠩᠭᠣᠯ ᠬᠢᠲᠠᠳ ᠴᠡᠷᠢᠭ ᠦ᠋ᠳ ᠴᠠᠭᠠᠭᠤᠷ ᠶᠠᠪᠤ᠂ ᠶᠠᠭᠤᠨ ᠤ᠋ ᠬᠥᠮᠦᠨ ᠪᠣᠢ? ᠵᠣᠭᠰᠣ! ᠭᠡᠵᠦ ᠬᠠᠰᠬᠢᠷᠬᠤ ᠳᠠᠭᠤ ᠰᠣᠨᠣᠰᠤᠭᠳᠠᠨ᠎ᠠ᠃ ᠬᠣᠲᠠ ᠶ᠋ᠢᠨ ᠬᠣᠢᠲᠤ ᠬᠡᠰᠡᠭ ᠲᠦ᠍ ᠪᠠᠷᠢᠵᠤ ᠪᠣᠢ ᠬᠢᠮᠡᠯ ᠠᠭᠤᠯᠠ ᠳ᠋ᠤ᠌ ᠬᠦᠷᠵᠡ᠂ ᠵᠡᠭᠡᠲᠦᠦ ᠶ᠋ᠢᠨ ᠳᠠᠭᠤ ᠰᠣᠨᠣᠰᠤᠭᠳᠠᠨ᠎ᠠ᠃ ᠡᠢᠮᠦ ᠶᠠᠩᠵᠤ ᠶ᠋ᠢᠨ ᠬᠥᠭᠲᠡᠢ ᠦᠶ᠎ᠡ ᠳ᠋ᠦ᠍ ᠬᠣᠰᠢᠮᠣᠭᠲᠦ ᠶ᠋ᠢᠨ ᠵᠢᠭᠠᠭᠰᠠᠨ ᠵᠠᠮ ᠢ᠋ᠶ᠋ᠠᠷ ᠶᠠᠪᠤᠵᠤ ᠪᠢᠯᠢᠭᠦᠨ ᠠᠬ᠎ᠠ ᠶ᠋ᠢᠨ ᠢ᠋ᠶ᠋ᠡᠨ ᠪᠠᠢᠭ᠎ᠠ ᠭᠠᠵᠠᠷ ᠲᠤ ᠢᠷᠡᠵᠦ ᠠᠮᠵᠢᠯ᠎ᠠ᠃ ᠬᠥᠮᠦᠨ ᠦ᠌ ᠶᠠᠭᠤᠮ᠎ᠠ ᠬᠠᠷᠠᠵᠤ ᠬᠠᠭᠠᠴᠠᠢᠯᠠᠨ ᠪᠠᠢᠭ᠎ᠠ ᠪᠣᠭᠣᠯ ᠬᠦᠯᠦᠭ ᠰᠡᠷᠡᠮᠵᠢᠲᠡᠢ ᠪᠠᠢᠯ ᠦᠭᠡᠢ ᠶᠠᠭᠠᠬᠢᠬᠤ ᠪᠣᠢ᠂ ᠬᠠᠭᠠᠯᠭ᠎ᠠ ᠶ᠋ᠢ ᠴᠣᠬᠢᠮᠠᠭᠴᠠ ᠭᠦᠶᠦᠵᠦ ᠢᠷᠡᠭᠡᠳ ᠴᠢᠩᠭ᠎ᠠ ᠪᠠᠷ᠄
— ᠶᠠᠭᠤᠨ ᠬᠥᠮᠦᠨ ᠪᠣᠢ? ᠭᠡᠵᠦ ᠠᠰᠠᠭᠤᠯ᠎ᠠ᠃ ᠪᠢᠯᠢᠭᠦᠨ ᠨᠠᠮᠵᠢᠭᠤᠬᠠᠨ ᠳᠠᠭᠤ ᠪᠠᠷ
— ᠴᠢᠮᠡᠭᠡ ᠦᠭᠡᠢ! ᠬᠠᠭᠠᠯᠭ᠎ᠠ ᠪᠠᠨ ᠨᠡᠬᠡᠭᠡ! ᠭᠡᠪᠡᠯ ᠠᠬ᠎ᠠ ᠨᠢ ᠳᠠᠭᠤ ᠪᠠᠷ ᠲᠠᠨᠢᠭ᠎ᠠ ᠤᠤ᠂ ᠠᠯᠢ ᠤᠴᠢᠷ ᠢ᠋ ᠣᠢᠯᠠᠭᠠᠭ᠎ᠠ ᠤᠤ᠂ ᠡᠭᠦᠳᠡᠨ ᠦ᠌ ᠪᠡᠨ ᠱᠠᠭᠠᠨᠲᠠᠭ ᠤ᠋ᠨ ᠲᠦᠭᠵᠢᠭᠡ ᠶ᠋ᠢ ᠰᠤᠭᠤ ᠲᠠᠲᠠᠪᠠ᠃ ᠡᠢᠨ ᠬᠦ᠌ ᠠᠬ᠎ᠠ ᠳᠡᠭᠦᠦ ᠬᠣᠶᠠᠷ ᠲᠦᠪᠡᠭ ᠪᠠᠭᠠᠲᠠᠢ ᠪᠠᠷ ᠠᠭᠤᠯᠵᠠᠨ᠂ ᠪᠡᠶ᠎ᠡ ᠪᠡᠶ᠎ᠡ ᠪᠡᠨ ᠲᠠᠨᠢᠵᠤ ᠤᠴᠠᠷᠠᠯ᠎ᠠ᠃ ᠬᠡᠯᠡᠬᠦ ᠶᠠᠷᠢᠬᠤ᠂ ᠬᠡᠯᠡᠯᠴᠡᠬᠦ ᠵᠦᠢᠯ ᠲᠣᠯᠣᠭᠠᠢ ᠲᠠᠢ ᠦᠰᠦᠨ ᠡᠴᠡ ᠣᠯᠠᠨ᠂ ᠪᠢᠯᠢᠭᠦᠨ ᠶᠠᠭᠤᠨ ᠤ᠋ ᠲᠡᠷᠢᠭᠦᠨ ᠳ᠋ᠦ᠍ ᠭᠤᠳᠤᠮᠵᠢᠨ ᠤ᠋ ᠡᠬᠢ ᠠᠳᠠᠭ ᠲᠤ ᠵᠣᠭᠰᠣᠭᠰᠠᠨ ᠴᠡᠷᠢᠭ ᠢ᠋ᠶ᠋ᠡᠨ ᠪᠣᠭᠣᠯ ᠢ᠋ᠶ᠋ᠠᠷ ᠳᠠᠭᠤᠳᠠᠭᠤᠯᠤᠨ ᠠᠪᠴᠤ ᠢᠷᠡᠵᠦ ᠡᠯᠵᠢᠭᠡᠨ ᠦ᠌ ᠬᠠᠰᠢᠶᠠᠨ ᠳ᠋ᠤ᠌ ᠨᠢᠭᠤᠵᠤ ᠰᠠᠭᠤᠯᠭᠠᠯ᠎ᠠ᠃
ᠨᠠᠷᠠᠨ ᠤᠷᠭᠤᠬᠤ ᠦᠶ᠎ᠡ ᠳ᠋ᠦ᠍ ᠡᠵᠡᠨ ᠬᠣᠮᠢᠨᠢ ᠳᠡᠭᠡᠭᠰᠢᠯᠡᠵᠦ᠂ ᠪᠢᠯᠢᠭᠦᠨ ᠢ᠋ ᠬᠠᠷᠠᠭᠰᠠᠨ ᠳᠣᠣᠷ᠎ᠠ ᠪᠠᠨ ᠰᠠᠨᠳᠤᠷᠤᠨ ᠰᠣᠴᠢᠪᠠ᠃ ᠡᠨᠡ ᠬᠠᠷᠢᠨ ᠲᠦᠪᠡᠭᠲᠡᠢ ᠶᠠᠪᠤᠳᠠᠯ ᠪᠣᠯᠵᠤ ᠮᠠᠭᠠᠳ ᠦᠭᠡᠢ ᠪᠠᠢᠯ᠎ᠠ᠃ ᠬᠤᠳᠠᠯᠳᠤᠭᠠᠴᠢᠨ ᠡᠷ᠎ᠡ ᠡᠬᠢᠯᠡᠭᠡᠳ ᠥᠪᠡᠷ ᠲᠦ᠍ ᠪᠡᠨ ᠭᠡᠮ ᠲᠡᠢ ᠶᠠᠪᠤᠳᠠᠯ ᠲᠠᠷᠢᠬᠤ ᠨᠢ ᠭᠡᠵᠦ ᠵᠢᠭᠲᠡᠢ ᠶᠡᠬᠡ ᠠᠶᠤᠪᠠ ᠪᠣᠯᠤᠯᠲᠠᠢ᠃ ᠵᠢᠭᠠᠬᠠᠨ ᠰᠠᠭᠤᠭᠠᠳ ᠶᠠᠷᠢᠪᠠᠯ ᠬᠣᠮᠢᠨᠢ ᠤᠴᠢᠷ ᠢ᠋ ᠣᠢᠯᠠᠭᠠᠵᠤ᠂ ᠡᠷᠡᠭᠡᠯᠵᠡᠬᠦ᠂ ᠲᠡᠨᠡᠭᠡᠯᠵᠡᠬᠦ ᠪᠠᠢᠳᠠᠯ ᠲᠠᠢ ᠪᠣᠯᠵᠤ᠂ ᠪᠢᠯᠡᠭᠦᠨ ᠲᠡᠢ ᠲᠠᠨᠢᠯᠴᠠᠯ᠎ᠠ᠃ ᠲᠡᠷᠡ ᠰᠢᠪᠡᠷ ᠪᠠᠢᠰᠢᠩ ᠳ᠋ᠤ᠌ ᠵᠡᠷᠭᠡᠴᠡᠵᠦ ᠰᠠᠭᠤᠭᠠᠳ ᠴᠠᠢ ᠤᠤᠭᠤᠪᠠ᠃ ᠪᠢᠯᠢᠭᠦᠨ ᠠᠬ᠎ᠠ ᠶ᠋ᠢ ᠪᠡᠨ ᠠᠪᠠᠴᠢᠬᠤ ᠪᠠᠷ ᠢᠷᠡᠭᠰᠡᠨ ᠢ᠋ᠶ᠋ᠡᠨ ᠲᠡᠳᠡᠨ ᠳ᠋ᠦ᠍ ᠬᠡᠯᠡᠯ᠎ᠡ᠃ ᠬᠣᠮᠢᠨᠢ ᠡᠨᠡ ᠦᠭᠡ ᠶ᠋ᠢ ᠰᠣᠨᠣᠰᠤᠭᠠᠳ ᠬᠥᠯᠥᠰᠥ ᠪᠡᠨ ᠠᠰᠬᠠᠷᠠᠭᠤᠯᠤᠨ ᠪᠠᠢᠵᠤ ᠬᠡᠯᠡᠬᠦ ᠳ᠋ᠦ᠍ ᠪᠡᠨ᠄
— ᠲᠠ ᠨᠠᠷ ᠨᠠᠮᠠᠶ᠋ᠢ ᠬᠠᠢᠷᠠᠯᠠᠬᠤ ᠶᠣᠰᠣᠲᠠᠢ᠃ ᠪᠢ ᠬᠦᠯᠦᠭ ᠢ᠋ ᠶᠠᠪᠤᠭᠤᠯᠵᠤ ᠣᠷᠬᠢᠪᠠᠯ ᠡᠨᠳᠡᠬᠢ ᠶ᠋ᠢᠨ ᠨᠣᠶᠠᠳ ᠶᠠᠯᠠᠲᠠᠨ ᠲᠠᠢ ᠬᠤᠤᠪᠢᠯᠳᠤᠭᠰᠠᠨ ᠠ᠋ᠴᠠ ᠠᠭᠤᠴᠢᠯᠠᠵᠤ ᠴᠢᠳᠠᠬᠤ ᠪᠠᠨ ᠪᠠᠢᠨ᠎ᠠ ᠭᠡᠵᠦ ᠬᠡᠯᠡᠨ᠎ᠡ ᠭᠡᠪᠡ᠃
ᠪᠣᠳᠣᠵᠤ ᠦᠵᠡᠬᠦ ᠳ᠋ᠦ᠍ ᠬᠣᠮᠢᠨᠢ ᠶ᠋ᠢᠨ ᠦᠭᠡ ᠦᠨᠡᠨ ᠲᠡᠢ᠃ ᠬᠦᠯᠦᠭ ᠢ᠋ ᠬᠠᠭᠠᠨ ᠳᠠᠭᠤᠳᠠᠭᠰᠠᠨ ᠪᠣᠯᠬᠣᠷ ᠵᠠᠪᠠᠯ ᠣᠴᠢᠬᠤ ᠶᠣᠰᠣᠲᠠᠢ᠃ ᠡᠢᠮᠦ ᠬᠡᠷᠡᠭ ᠲᠡᠷᠡ ᠰᠢᠢᠳᠬᠦ ᠳ᠋ᠦ᠍ ᠪᠡᠨ ᠪᠡᠷᠬᠡ ᠪᠣᠯᠪᠠ᠃ ᠬᠣᠮᠢᠨᠢ ᠭᠠᠢᠬᠠᠵᠤ ᠰᠠᠭᠤᠭᠰᠠᠨ ᠢ᠋ᠶ᠋ᠠᠨ
— ᠪᠢ ᠬᠦᠯᠦᠭ ᠢ᠋ ᠪᠣᠭᠣᠯ ᠶᠣᠰᠣᠭᠠᠷ ᠡᠯᠵᠢᠭᠡ ᠪᠡᠨ ᠲᠠᠭᠤᠯᠭᠠᠭᠠᠳ ᠡᠨᠳᠡ ᠡᠴᠡ ᠶᠠᠪᠤᠶ᠎ᠠ᠃ ᠲᠡᠭᠡᠭᠡᠳ ᠬᠠᠷᠠᠬᠣᠷᠣᠮ ᠳ᠋ᠤ᠌ ᠠᠪᠠᠴᠢᠵᠤ ᠥᠭᠭᠦᠶ᠎ᠡ ᠭᠡᠵᠦ ᠨᠢᠭᠡᠨ ᠠᠷᠭ᠎ᠠ ᠭᠠᠷᠭᠠᠪᠠ᠃ ᠪᠢᠯᠢᠭᠦᠨ ᠲᠡᠭᠦᠨ ᠢ᠋ ᠡᠰᠡ ᠵᠥᠪᠰᠢᠶᠡᠷᠡᠵᠦ
— ᠬᠣᠶᠠᠷ ᠬᠠᠭᠠᠨ ᠤ᠋ ᠳᠤᠮᠳᠠ ᠦᠢᠮᠡᠭᠡᠨ ᠰᠠᠮᠠᠭᠤᠨ ᠬᠤᠷᠴᠠᠳᠤᠭᠰᠠᠨ ᠪᠣᠯᠬᠣᠷ ᠠᠷᠢᠬᠪᠦ᠋ᠬᠡ ᠬᠠᠭᠠᠨ᠂ ᠠᠬ᠎ᠠ ᠶ᠋ᠢ ᠲᠦᠷᠭᠡᠨ ᠠᠪᠠᠴᠢᠵᠤ ᠳᠡᠷᠭᠡᠳᠡ ᠪᠡᠨ ᠪᠠᠢᠯᠭᠠᠨ ᠬᠤᠪᠢᠯᠠᠢ ᠶ᠋ᠢᠨ ᠪᠠᠢᠳᠠᠯ ᠢ᠋ ᠮᠡᠳᠡᠵᠦ ᠠᠪᠬᠤ ᠲᠠᠭᠠᠯᠠᠯᠲᠠᠢ ᠪᠠᠢᠬᠤ ᠳ᠋ᠤ᠌ ᠨᠢ ᠲᠡᠭᠦᠨ ᠢ᠋ ᠲᠠᠰᠤᠯᠳᠠᠭᠤᠯᠵᠤ ᠪᠣᠯᠬᠤ ᠦᠭᠡᠢ᠃ ᠠᠬ᠎ᠠ ᠶ᠋ᠢ ᠪᠢ ᠵᠠᠪᠠᠯ ᠠᠪᠴᠤ ᠶᠠᠪᠤᠨ᠎ᠠ ᠭᠡᠯᠡ᠃ ᠲᠡᠳᠡᠨ ᠦ᠌ ᠶᠠᠷᠢᠶ᠎ᠠ ᠲᠠᠭᠠᠷᠠᠬᠤ ᠦᠭᠡᠢ ᠪᠣᠯᠪᠠ᠃ ᠬᠦᠯᠦᠭ ᠨᠢᠭᠡ ᠠᠷᠭ᠎ᠠ ᠭᠠᠷᠭᠠᠵᠤ ᠬᠡᠯᠡᠭᠰᠡᠨ ᠨᠢ ᠪᠠᠰᠠ ᠯᠠ ᠲᠡᠳᠡᠨ ᠳ᠋ᠦ᠍ ᠲᠠᠭᠠᠰᠢᠶᠠᠭᠳᠠᠭᠰᠠᠨ ᠦᠭᠡᠢ ᠪᠣᠯᠤᠯᠲᠠᠢ᠃ ᠶᠠᠭᠤ ᠪᠣᠢ ᠭᠡᠪᠡᠯ᠂
— ᠪᠢᠳᠡ ᠰᠥᠨᠢ ᠡᠨᠳᠡ ᠡᠴᠡ ᠶᠠᠪᠤᠬᠤ ᠳ᠋ᠤ᠌ ᠪᠠᠨ ᠮᠢᠨᠦ ᠡᠵᠡᠨ ᠢ᠋ ᠬᠠᠰᠢᠶᠠᠨ ᠤ᠋ ᠬᠢᠨᠢ ᠡᠭᠦᠳᠡᠨ ᠳᠡᠭᠡᠷ᠎ᠡ ᠬᠦᠯᠢᠵᠦ ᠬᠠᠶᠠᠵᠤ ᠣᠷᠬᠢᠭᠠᠳ ᠵᠠᠢᠯᠠᠶ᠎ᠠ᠃ ᠪᠢᠳᠡᠨ ᠢ᠋ ᠡᠨᠳᠡ ᠡᠴᠡ ᠬᠣᠯᠠᠳᠴᠤ ᠴᠢᠳᠠᠭᠰᠠᠨ ᠪᠠᠢᠬᠤ ᠭᠡᠬᠦ ᠦᠶ᠎ᠡ ᠳ᠋ᠦ᠍ ᠬᠣᠮᠢᠨᠢ ᠪᠠᠢᠳᠠᠭ ᠲᠡᠩᠬᠡᠭᠡ ᠪᠡᠷ ᠢ᠋ᠶ᠋ᠡᠨ ᠬᠠᠰᠬᠢᠷᠤᠭᠠᠳ ᠬᠥᠮᠦᠨ ᠢᠷᠡᠭᠦᠯᠪᠡᠯ ᠨᠠᠮᠠᠶ᠋ᠢ ᠡᠵᠡᠨ ᠢ᠋ᠶ᠋ᠡᠨ ᠪᠠᠭᠯᠠᠨ ᠬᠠᠶᠠᠵᠤ ᠣᠷᠬᠢᠭᠠᠳ ᠪᠡᠶ᠎ᠡ ᠵᠠᠢᠯᠠᠭᠰᠠᠨ ᠪᠠᠢᠨ᠎ᠠ ᠭᠡᠪᠡᠯ ᠮᠠᠨ ᠤ᠋ ᠬᠥᠮᠦᠨ ᠳ᠋ᠦ᠍ ᠶᠠᠯ᠎ᠠ ᠨᠣᠭᠳᠠᠭᠤᠯᠬᠤ ᠦᠭᠡᠢ ᠪᠣᠯᠪᠠ ᠤᠤ ᠭᠡᠯᠡ᠃ ᠡᠨᠡ ᠰᠠᠨᠠᠭ᠎ᠠ ᠶ᠋ᠢ ᠶᠠᠪᠤᠴᠠ ᠦᠭᠡᠢ ᠭᠡᠵᠦ ᠬᠣᠮᠢᠨᠢ᠂ ᠪᠢᠯᠢᠭᠦᠨ ᠬᠣᠶᠠᠷ ᠠᠯᠢ ᠠᠯᠢ ᠨᠢ ᠦᠵᠡᠪᠡ᠃ ᠲᠡᠭᠡᠭᠡᠳ ᠬᠡᠷᠬᠢᠬᠦ ᠪᠣᠢ? ᠭᠡᠮᠡᠨ ᠶᠠᠩᠵᠤ ᠪᠦᠷᠢ ᠶ᠋ᠢᠨ ᠶᠠᠭᠤᠮ᠎ᠠ ᠰᠠᠳᠤᠨ ᠶᠠᠷᠢᠯᠴᠠᠭᠠᠳ ᠡᠴᠦᠰ ᠲᠦ᠍ ᠨᠢ ᠠᠷᠭ᠎ᠠ ᠪᠤᠶᠤ ᠬᠦᠯᠦᠭ ᠢ᠋ ᠤᠷᠭᠤᠨ ᠵᠠᠢᠯᠠᠭᠰᠠᠨ ᠪᠣᠯᠭᠠᠨ ᠶᠠᠪᠤᠭᠤᠯᠬᠤ ᠠ᠋ᠴᠠ ᠥᠭᠡᠷ᠎ᠡ ᠵᠠᠮ ᠦᠭᠡᠢ ᠭᠡᠵᠦ ᠰᠢᠢᠳᠦᠯ᠎ᠡ᠃
ᠬᠣᠮᠢᠨᠢ ᠴᠤ᠌ ᠤᠳᠠᠯ ᠦᠭᠡᠢ ᠱᠠᠩᠳᠤ ᠠ᠋ᠴᠠ ᠶᠠᠪᠤᠵᠤ ᠬᠠᠷ᠎ᠠ ᠬᠣᠷᠣᠮ ᠳ᠋ᠤ᠌ ᠣᠴᠢᠬᠤ ᠪᠠᠷ ᠰᠢᠢᠳᠪᠡ᠃ ᠡᠨᠡ ᠡᠷ᠎ᠡ ᠭᠡᠷ ᠣᠷᠣᠨ᠂ ᠡᠬᠡᠨᠡᠷ ᠬᠡᠦᠬᠡᠳ ᠢ᠋ᠶ᠋ᠡᠨ ᠰᠠᠨᠠᠵᠤ ᠪᠠᠢᠭ᠎ᠠ ᠴᠤ᠌ ᠭᠡᠵᠦ ᠤᠴᠢᠷ ᠦᠭᠡᠢ ᠭᠡᠨ᠎ᠡ᠃ ᠲᠡᠷᠡ ᠨᠢ ᠦᠨᠡᠨ ᠭᠡᠳᠡᠭ ᠢ᠋ ᠬᠡᠨ ᠪᠦᠬᠦᠨ ᠮᠡᠳᠡᠨ᠎ᠡ᠃ ᠪᠢᠯᠢᠭᠦᠨ ᠪᠡᠶ᠎ᠡ ᠪᠡᠨ ᠨᠢᠭᠤᠨ ᠴᠠᠭ ᠬᠦᠯᠢᠶᠡᠭᠰᠡᠭᠡᠷ ᠪᠠᠢᠭᠠᠳ ᠰᠥᠨᠢ ᠳᠤᠮᠳᠠ ᠥᠩᠭᠡᠷᠡᠭᠰᠡᠨ ᠬᠣᠢᠨ᠎ᠠ ᠬᠣᠶᠠᠷ ᠴᠡᠷᠢᠭ ᠢ᠋ᠶ᠋ᠡᠨ ᠴᠤᠪᠤᠷᠠᠭᠤᠯᠤᠨ ᠬᠠᠰᠢᠶᠠᠨ ᠠ᠋ᠴᠠ ᠭᠠᠷᠭᠠᠵᠤ᠂ ᠥᠪᠡᠷ ᠢ᠋ᠶ᠋ᠡᠨ ᠠᠬ᠎ᠠ ᠶ᠋ᠢ ᠪᠡᠨ ᠳᠠᠭᠠᠭᠤᠯᠤᠨ ᠣᠳᠬᠤ ᠶ᠋ᠢᠨ ᠡᠮᠦᠨ᠎ᠡ ᠬᠣᠮᠢᠨᠢ ᠲᠠᠢ ᠰᠠᠯᠵᠤ ᠶᠠᠪᠤᠨ ᠪᠠᠢᠵᠤ᠂ ᠲᠡᠭᠦᠨ ᠢ᠋ ᠬᠠᠷ᠎ᠠ ᠬᠣᠷᠣᠮ ᠳ᠋ᠤ᠌ ᠣᠴᠢᠬᠤ ᠳ᠋ᠤ᠌ ᠤᠭᠲᠤᠵᠤ ᠠᠪᠤᠭᠠᠳ᠂ ᠴᠠᠭᠠᠰᠢᠳᠠ ᠨᠢ ᠨᠤᠲᠤᠭ ᠲᠤ ᠪᠠᠨ ᠪᠤᠴᠠᠬᠤ ᠵᠠᠮ ᠢ ᠬᠠᠷᠢᠭᠤᠴᠠᠨ᠎ᠠ ᠭᠡᠵᠦ ᠠᠮᠠᠯᠠᠪᠠ᠃ ᠪᠡᠶ᠎ᠡ ᠳ᠋ᠦ᠍ ᠪᠡᠨ ᠬᠢᠲᠤᠭᠠᠨ ᠠ᠋ᠴᠠ ᠥᠭᠡᠷ᠎ᠡ ᠵᠡᠪᠰᠡᠭ ᠦᠭᠡᠢ ᠬᠣᠶᠠᠷ ᠡᠷ᠎ᠡ ᠬᠠᠷᠠᠩᠭᠤᠢ ᠳᠤᠮᠳᠠ ᠬᠤᠳᠠᠯᠳᠤᠭᠠᠴᠢᠨ ᠠ᠋ᠴᠠ ᠴᠢᠮᠡᠭᠡ ᠦᠭᠡᠢᠬᠡᠨ ᠰᠠᠯᠤᠭᠠᠳ᠂ ᠭᠤᠳᠤᠮᠵᠢ ᠤᠷᠤᠭᠤᠳᠠᠨ ᠶᠠᠪᠤᠭᠰᠠᠭᠠᠷ ᠬᠣᠲᠠ ᠶ᠋ᠢᠨ ᠵᠠᠬ᠎ᠠ ᠳ᠋ᠤ᠌ ᠬᠦᠷᠬᠦ ᠳ᠋ᠦ᠍ ᠪᠡᠨ ᠲᠡᠷᠡᠬᠡᠨ ᠪᠣᠭᠣᠨᠢ ᠵᠠᠢ ᠳ᠋ᠤ᠌ ᠶᠠᠪᠤᠭᠰᠠᠨ ᠨᠢ ᠬᠡᠳᠦᠨ ᠥᠷᠲᠡᠭᠡ ᠭᠠᠵᠠᠷ ᠢ᠋ ᠲᠤᠭᠤᠯᠤᠭᠰᠠᠨ ᠠ᠋ᠴᠠ ᠢᠯᠡᠭᠦᠦ ᠬᠣᠯᠠ ᠠᠶᠤᠯᠲᠠᠢ ᠰᠠᠨᠠᠭᠳᠠᠨ᠂ ᠬᠠᠮᠢᠭ᠎ᠠ ᠠ᠋ᠴᠠ ᠯᠠ ᠰᠤᠮᠤ ᠱᠣᠩ ᠬᠢᠨ ᠣᠷᠣᠵᠤ ᠢᠷᠡᠬᠦ ᠪᠣᠯ ᠭᠡᠬᠦ ᠡᠴᠡ ᠶᠠᠰᠤ ᠨᠢ ᠬᠠᠪᠲᠠᠯᠵᠠᠵᠤ᠂ ᠪᠣᠷᠭᠣᠵᠤ ᠪᠠᠢᠭ᠎ᠠ ᠨᠣᠬᠠᠢ ᠶ᠋ᠢᠨ ᠳᠠᠭᠤ ᠴᠤ᠌ ᠴᠢᠩᠭ᠎ᠠ ᠶᠤᠮ ᠰᠢᠭ᠋ ᠪᠠᠢᠯ᠎ᠠ᠃ ᠲᠡᠳᠡ ᠶᠠᠪᠤᠨ ᠶᠠᠪᠤᠭᠰᠠᠭᠠᠷ ᠭᠣᠣᠯ ᠤ᠋ᠨ ᠡᠷᠭᠢ ᠶ᠋ᠢᠨ ᠪᠤᠷᠭᠠᠰᠤᠨ ᠳᠣᠲᠣᠷ᠎ᠠ ᠪᠠᠢᠭ᠎ᠠ ᠮᠣᠷᠢᠨ ᠳ᠋ᠤ᠌ ᠪᠠᠨ ᠬᠦᠷᠴᠦ ᠬᠥᠮᠦᠰ ᠲᠡᠢ ᠪᠡᠨ ᠠᠭᠤᠯᠵᠠᠬᠤ ᠳ᠋ᠤ᠌ ᠴᠣᠬᠣᠮ ᠬᠡᠵᠢᠶ᠎ᠡ ᠢᠷᠡᠭᠰᠡᠨ ᠢ᠋ ᠨᠢ ᠮᠡᠳᠡᠬᠦ ᠦᠭᠡᠢ᠂ ᠳᠠᠢᠰᠤᠨ ᠤ᠋ ᠬᠡᠰᠡᠭ ᠴᠡᠷᠢᠭ ᠲᠣᠭᠣᠷᠢᠵᠤ ᠪᠦᠰᠡᠯᠡᠭᠰᠡᠨ ᠪᠠᠢᠯ᠎ᠠ᠃ ᠡᠨᠳᠡ ᠪᠢᠯᠢᠭᠦᠨ ᠢ᠋ ᠠᠷᠪᠠᠭᠠᠳ ᠴᠡᠷᠢᠭ ᠬᠥᠭᠡᠭᠡᠵᠦ ᠡᠬᠢᠯᠡᠪᠡ᠃ ᠪᠢᠯᠢᠭᠦᠨ ᠨᠠᠷ ᠶᠡᠬᠡ ᠭᠣᠣᠯ ᠢ᠋ ᠬᠥᠯᠯᠡᠨ ᠭᠠᠲᠤᠯᠵᠤ᠂ ᠠᠭᠤᠯᠠ ᠳᠠᠪᠠᠨ ᠣᠷᠢᠶᠠᠵᠤ ᠳᠠᠪᠬᠢᠭᠰᠠᠭᠠᠷ ᠵᠠᠢᠯᠠᠬᠤ ᠳ᠋ᠤ᠌ ᠪᠠᠨ ᠮᠣᠷᠢᠨ ᠤ᠋ ᠬᠦᠴᠦ ᠲᠡᠩᠬᠡᠭᠡ᠂ ᠲᠡᠭᠦᠨ ᠦ᠌ ᠬᠤᠷᠳᠤ ᠶ᠋ᠢ ᠰᠣᠷᠢᠨ ᠲᠤᠷᠰᠢᠵᠤ ᠪᠠᠢᠭ᠎ᠠ ᠮᠡᠲᠦ ᠭᠡᠬᠦ ᠤᠤ᠂ ᠡᠭᠦᠯᠡᠨ ᠳᠡᠭᠡᠷ᠎ᠡ ᠭᠠᠷᠴᠤ ᠨᠢᠰᠦᠭᠰᠡᠨ ᠮᠡᠲᠦ ᠳᠡᠭᠦᠯᠢᠨ ᠬᠠᠷᠪᠤᠭᠰᠠᠨ ᠪᠢᠯᠡ᠃ ᠥᠷᠲᠡᠭᠡ ᠬᠢᠷᠢ ᠶ᠋ᠢᠨ ᠭᠠᠵᠠᠷ ᠲᠤ ᠵᠠᠢᠯᠠᠵᠤ ᠭᠠᠷᠤᠭᠠᠳ ᠴᠡᠷᠢᠭ ᠢ᠋ᠶ᠋ᠡᠨ ᠪᠦᠷᠢᠳᠬᠡᠨ ᠦᠵᠡᠪᠡᠯ ᠲᠠᠪᠤᠨ ᠴᠡᠷᠢᠭ ᠳᠠᠢᠰᠤᠨ ᠳ᠋ᠤ᠌ ᠬᠠᠷᠪᠤᠭᠤᠯᠤᠨ ᠤᠨᠠᠭᠰᠠᠨ ᠰᠤᠷᠠᠭ ᠲᠠᠢ ᠠᠯᠠᠭ᠎ᠠ ᠪᠠᠢᠪᠠ᠃ ᠬᠦᠯᠦᠭ ᠥᠷᠥᠭᠡᠰᠦᠨ ᠭᠤᠶᠠᠨ ᠳ᠋ᠤ᠌ ᠪᠠᠨ ᠬᠥᠩᠭᠡᠪᠲᠦᠷ ᠰᠢᠷᠬ᠎ᠠ ᠣᠯᠵᠠᠢ᠃ ᠤᠨᠤᠭ᠎ᠠ ᠪᠠ ᠬᠥᠲᠥᠯᠦᠭᠡ ᠮᠣᠷᠢᠳ ᠤ᠋ᠨ ᠪᠠᠷᠤᠭ ᠬᠠᠭᠠᠰ ᠨᠢ ᠪᠠᠢᠬᠤ ᠦᠭᠡᠢ ᠪᠣᠯᠤᠭᠰᠠᠨ ᠪᠠᠢᠪᠠ᠃ ᠲᠡᠳᠡ ᠳᠥᠩᠭᠡᠵᠢ ᠠᠮᠢᠰᠬᠤᠭ᠎ᠠ ᠪᠠᠨ ᠳᠠᠷᠤᠭᠰᠠᠨ ᠳᠣᠣᠷ᠎ᠠ ᠪᠠᠨ ᠬᠠᠷᠠᠬᠣᠷᠣᠮ ᠬᠠᠮᠢᠭ᠎ᠠ ᠪᠣᠢ ᠭᠡᠳ ᠯᠡ ᠳᠥᠷᠥᠭᠡ ᠵᠢᠭᠢᠭᠰᠡᠨ ᠠᠵᠢ᠃
ᠠᠷᠤ ᠳ᠋ᠤ᠌ ᠬᠣᠴᠣᠷᠤᠭᠰᠠᠨ ᠬᠣᠮᠢᠨᠢ ᠶ᠋ᠢ ᠠᠵᠢᠵᠤ ᠰᠡᠷᠡᠳᠡᠭᠰᠡᠨ ᠬᠥᠮᠦᠨ ᠦᠭᠡᠢ᠃ ᠲᠡᠷᠡ ᠪᠡᠷ ᠬᠤᠳᠠᠯᠳᠤᠭ᠎ᠠ ᠪᠠᠨ ᠬᠢᠵᠦ᠂ ᠡᠯᠵᠢᠭᠡ ᠪᠡᠨ ᠬᠥᠮᠦᠨ ᠬᠥᠯᠥᠰᠥᠯᠡᠨ ᠬᠠᠷᠢᠭᠤᠯᠤᠭᠤᠯᠵᠤ ᠬᠡᠳᠦ ᠬᠣᠨᠣᠬᠤ ᠳ᠋ᠤ᠌ ᠪᠠᠨ《ᠬᠣᠢᠲᠤ ᠵᠦᠭ ᠲᠦ᠍ ᠲᠡᠢᠨ ᠳᠠᠵᠢᠨ ᠭᠠᠷᠬᠤ ᠨᠢ ᠵᠠᠢᠯᠠᠰᠢ ᠦᠭᠡᠢ ᠪᠣᠯᠤᠯ᠎ᠠ᠃ ᠲᠡᠭᠦᠨ ᠡᠴᠡ ᠨᠢ ᠡᠮᠦᠨ᠎ᠡ ᠮᠣᠩᠭᠣᠯ ᠭᠣᠪᠢ ᠶ᠋ᠢ ᠲᠤᠭᠤᠯᠬᠤ ᠠᠷᠭ᠎ᠠ ᠬᠠᠢᠶ᠎ᠠ》 ᠭᠡᠵᠦ ᠰᠢᠢᠳᠦᠨ᠂ ᠠᠬᠠᠷᠬᠠᠨ ᠬᠤᠭᠤᠴᠠᠭᠠᠨ ᠳ᠋ᠤ᠌ ᠶᠠᠭᠤᠮ᠎ᠠ ᠪᠠᠨ ᠡᠮᠬᠢᠯᠡᠭᠦᠯᠵᠦ ᠠᠪᠤᠭᠠᠳ᠂ ᠬᠦᠯᠦᠭ ᠢ᠋ ᠶᠠᠪᠤᠭᠰᠠᠨ ᠠ᠋ᠴᠠ ᠬᠣᠢᠰᠢ ᠵᠢᠷᠭᠤᠭ᠎ᠠ ᠬᠣᠨᠣᠭ ᠳᠡᠭᠡᠷ᠎ᠡ ᠪᠡᠨ ᠱᠠᠩᠳᠤ ᠠ᠋ᠴᠠ ᠭᠠᠷᠴᠠᠢ᠃ ᠲᠡᠷᠡ ᠪᠡᠷ ᠮᠣᠩᠭᠣᠯ᠂ ᠬᠢᠲᠠᠳ ᠬᠣᠶᠠᠷ ᠬᠥᠮᠦᠨ ᠬᠥᠯᠥᠰᠥᠯᠡᠨ ᠠᠪᠴᠤ ᠡᠯᠵᠢᠭᠡ ᠪᠡᠨ ᠬᠥᠲᠥᠯᠦᠭᠦᠯᠦᠨ᠂ ᠥᠪᠡᠷ ᠢ᠋ᠶ᠋ᠡᠨ ᠠᠴᠢᠶᠠᠨ ᠳᠡᠭᠡᠷ᠎ᠡ ᠲᠤᠬᠠᠯᠠᠨ ᠰᠠᠭᠤᠭᠠᠳ ᠬᠥᠳᠡᠯᠬᠦ ᠳ᠋ᠦ᠍ ᠨᠢ ᠲᠡᠭᠦᠨ ᠢ᠋ ᠪᠣᠭᠣᠯ ᠢ᠋ᠶ᠋ᠠᠨ ᠳᠠᠭᠠᠭᠤᠯᠵᠤ ᠤᠤ᠂ ᠦᠭᠡᠢ ᠤᠤ? ᠶᠠᠭᠠᠬᠢᠵᠤ᠂ ᠬᠡᠨ ᠲᠡᠢ ᠶᠠᠪᠤᠨ᠎ᠠ ᠪᠣᠢ? ᠭᠡᠮᠡᠨ ᠠᠵᠢᠭᠰᠠᠨ ᠠᠮᠢᠲᠠᠨ ᠨᠢᠭᠡᠨ ᠢ᠋ᠶ᠋ᠡᠷ ᠴᠦ᠍ ᠦᠭᠡᠢ᠃ ᠬᠣᠮᠢᠨᠢ ᠶ᠋ᠢ ᠱᠠᠩᠳᠤ ᠠ᠋ᠴᠠ ᠥᠷᠯᠥᠭᠡ ᠬᠥᠳᠡᠯᠬᠦ ᠳ᠋ᠦ᠍ ᠨᠢ ᠬᠤᠪᠢᠯᠠᠢ ᠵᠠᠬᠢᠷᠤᠭᠴᠢ ᠶ᠋ᠢᠨ ᠣᠷᠳᠣᠨ ᠳ᠋ᠤ᠌ ᠣᠯᠠᠨ ᠭᠡᠷᠡᠯ ᠳ᠋ᠧᠩᠯᠦ ᠠᠰᠠᠭᠠᠯ ᠲᠠᠢ᠂ ᠶᠡᠬᠡ ᠯᠡ ᠬᠥᠯ ᠬᠥᠰᠬᠡᠨ ᠪᠣᠯᠵᠤ ᠪᠠᠢᠭ᠎ᠠ ᠪᠣᠯᠪᠠ ᠤᠤ ᠭᠡᠮᠡᠷ ᠪᠠᠢᠯ᠎ᠠ᠃ ᠭᠡᠪᠡᠴᠦ ᠲᠡᠨᠳᠡ ᠴᠣᠬᠣᠮ ᠶᠠᠮᠠᠷ ᠬᠥᠭᠲᠡᠢ ᠬᠡᠷᠡᠭ ᠶᠠᠭᠠᠬᠢᠵᠤ ᠬᠤᠢᠷᠠᠭᠨᠠᠭᠤᠯᠵᠤ ᠪᠠᠢᠭ᠎ᠠ ᠶ᠋ᠢ ᠬᠡᠨ ᠬᠡᠯᠡᠬᠦ ᠪᠢᠯᠡ᠃
ᠬᠤᠪᠢᠯᠠᠢ ᠳᠣᠲᠣᠭᠠᠳᠤ ᠣᠷᠳᠣᠨ ᠠ᠋ᠴᠠ ᠪᠠᠨ ᠰᠥᠨᠢᠳ ᠡᠴᠡ ᠠᠪᠴᠤ ᠢᠷᠡᠭᠦᠯᠦᠭᠰᠡᠨ ᠵᠠᠯᠠᠭᠤ ᠡᠮ᠎ᠡ ᠶ᠋ᠢ ᠳᠥᠩᠭᠡᠵᠢ ᠭᠠᠷᠭᠠᠨ ᠶᠠᠪᠤᠭᠤᠯᠵᠤ ᠪᠠᠢᠬᠤ ᠳ᠋ᠤ᠌ ᠨᠢ ᠶᠡᠬᠡ ᠬᠠᠲᠤᠨ ᠴᠡᠪᠡᠷ ᠪᠣᠭᠳᠣᠭ ᠮᠠᠯᠠᠭᠠᠢ ᠪᠠᠨ ᠡᠮᠦᠰᠦᠭᠡᠳ ᠶᠣᠰᠣᠷᠬᠠᠤ᠂ ᠨᠠᠮᠪᠠᠯᠢᠭ ᠪᠠᠢᠳᠠᠯ ᠢ᠋ᠶ᠋ᠠᠷ ᠣᠷᠣᠵᠤ ᠢᠷᠡᠪᠡ᠃ ᠬᠤᠪᠢᠯᠠᠢ ᠡᠨᠡ ᠬᠠᠲᠤᠨ ᠢ᠋ᠶ᠋ᠠᠨ ᠬᠦᠨᠳᠦᠯᠡᠨ ᠦᠵᠡᠳᠡᠭ ᠪᠣᠯᠪᠠᠴᠤ ᠳᠡᠷᠭᠡᠳᠡ ᠪᠡᠨ ᠢᠯᠠᠩᠭᠤᠶ᠎ᠠ ᠠᠯᠪᠠ ᠶᠠᠪᠤᠭᠤᠯᠳᠠᠭ ᠭᠠᠵᠠᠷ ᠢ᠋ᠶ᠋ᠠᠨ ᠶᠠᠭᠠᠬᠠᠨ ᠬᠠᠴᠠᠷ ᠲᠠᠢ᠂ ᠲᠠᠢᠭ᠎ᠠ ᠶ᠋ᠢᠨ ᠴᠡᠴᠡᠭ ᠦ᠋ᠨ ᠠᠩᠬᠢᠯᠤᠮ᠎ᠠ ᠦᠨᠦᠷ ᠬᠠᠩᠬᠤᠯᠤᠭᠤᠯᠤᠭᠰᠠᠨ ᠡᠨᠡ ᠬᠠᠲᠤᠨ ᠡᠷ᠎ᠡ ᠨᠥᠬᠥᠷ ᠲᠦ᠍ ᠪᠡᠨ ᠳᠡᠭᠡᠳᠦ ᠶ᠋ᠢᠨ ᠦᠨᠡᠨᠴᠢ᠂ ᠬᠡᠷᠡᠭ ᠶᠠᠪᠤᠳᠠᠯ ᠳ᠋ᠤ᠌ ᠨᠢ ᠴᠣᠬᠣᠮ ᠬᠦ᠌ ᠮᠣᠩᠭᠣᠯ ᠬᠥᠮᠦᠨ ᠦ᠌ ᠰᠡᠳᠬᠢᠯ ᠢ᠋ᠶ᠋ᠡᠷ ᠵᠥᠪᠯᠡᠭᠡᠨ ᠥᠭᠴᠦ ᠴᠢᠳᠠᠳᠠᠭ ᠤᠴᠢᠷ ᠣᠷᠳᠣᠨ ᠤ᠋ ᠬᠠᠪᠢ ᠶ᠋ᠢᠨ ᠬᠢᠨ ᠲᠡᠭᠦᠨ ᠢ᠋《 ᠨᠠᠨᠳᠢᠨ ᠡᠷᠳᠡᠨᠢ》 ᠭᠡᠵᠦ ᠬᠦᠨᠳᠦᠯᠡᠨ ᠡᠷᠭᠦᠮᠵᠢᠯᠡᠳᠡᠭ ᠨᠢ ᠦᠨᠡᠬᠡᠷ ᠵᠣᠬᠢᠴᠠᠭᠰᠠᠨ ᠪᠠᠢᠯ᠎ᠠ᠃ ᠴᠡᠪᠡᠷ ᠬᠠᠲᠤᠨ ᠡᠷ᠎ᠡ ᠨᠥᠬᠥᠷ ᠲᠦ᠍ ᠪᠡᠨ ᠶᠣᠰᠣ ᠬᠢᠵᠦ ᠮᠡᠨᠳᠦᠯᠡᠭᠡᠳ᠂ ᠳᠡᠷᠭᠡᠳᠡ ᠨᠢ ᠣᠴᠢᠵᠤ ᠪᠢᠰᠢᠭᠦᠷᠬᠡᠭᠰᠡᠨ᠂ ᠪᠠᠰᠠ ᠴᠤ᠌ ᠵᠢᠭᠠᠬᠠᠨ ᠵᠢᠪᠡᠭᠦᠴᠡᠭᠰᠡᠨ ᠪᠠᠢᠳᠠᠯ ᠢ᠋ᠶ᠋ᠠᠷ ᠬᠠᠷᠠᠵᠤ ᠵᠣᠭᠰᠣᠭᠠᠳ ᠰᠤᠯᠠᠬᠠᠨ ᠳᠠᠭᠤ ᠪᠠᠷ᠄
— ᠲᠠᠨ ᠤ᠋ ᠠᠯᠪᠠ ᠶᠡᠬᠡ ᠤᠤ? ᠪᠠᠰᠠ ᠯᠠ ᠰᠡᠪᠰᠡᠭ ᠡᠮ᠎ᠡ ᠨᠦ᠍ᠭᠦᠳ ᠴᠤᠭᠯᠠᠭᠤᠯᠤᠭᠰᠠᠭᠠᠷ ᠪᠠᠢᠨ᠎ᠠ ᠤᠤ? ᠪᠡᠶ᠎ᠡ ᠪᠡᠨ ᠪᠣᠳᠣᠪᠠᠯ ᠥᠪᠡᠷ ᠲᠦ᠍ ᠲᠠᠨᠢ ᠳᠡᠭᠡᠷ᠎ᠡ ᠪᠠᠢᠬᠤ ᠳᠠ᠃ ᠡᠷ᠎ᠡ ᠬᠥᠮᠦᠨ ᠳᠥᠴᠢᠨ ᠨᠠᠰᠤ ᠭᠠᠷᠤᠭᠠᠳ ᠢᠷᠡᠬᠦ ᠪᠡᠷ ᠢ᠋ᠶ᠋ᠡᠨ ᠠᠮᠠᠷᠬᠠᠨ ᠴᠤᠴᠠᠳᠠᠭ ᠪᠣᠯᠳᠠᠭ᠃ ᠲᠡᠭᠡᠭᠡᠳ ᠪᠡᠶ᠎ᠡ ᠯᠠᠭᠱᠠᠨ ᠨᠢ ᠰᠤᠯᠠᠷᠠᠳᠠᠭ ᠶᠤᠮ ᠭᠡᠨ᠎ᠡ ᠪᠢᠯᠡ᠃ ᠲᠠ ᠡᠭᠦᠨ ᠢ᠋ ᠪᠣᠯᠭᠣᠭᠠᠪᠠᠯ ᠦᠷ᠎ᠡ ᠬᠡᠦᠬᠡᠳ ᠲᠦ᠍ ᠪᠡᠨ ᠲᠤᠰᠠᠲᠠᠢ ᠪᠣᠯᠬᠤ ᠪᠣᠢ᠃ ᠪᠢ ᠬᠤᠪᠢ ᠪᠠᠨ ᠪᠣᠳᠣᠨ ᠲᠠᠨ ᠢ᠋ ᠬᠠᠷᠠᠮᠨᠠᠵᠤ ᠪᠠᠢᠭ᠎ᠠ ᠶᠤᠮ ᠪᠢᠰᠢ ᠰᠢᠦ ᠭᠡᠵᠦ ᠬᠡᠯᠡᠪᠡ᠃
ᠬᠤᠪᠢᠯᠠᠢ ᠬᠠᠲᠤᠨ ᠢ᠋ᠶ᠋ᠠᠨ ᠵᠢᠪᠡᠭᠦᠴᠡᠩᠭᠦᠢ ᠨᠢᠳᠦ ᠪᠡᠷ ᠬᠠᠷᠠᠵᠤ ᠪᠠᠢᠭᠰᠠᠨ ᠢ᠋ᠶ᠋ᠠᠨ ᠬᠥᠭᠡᠷᠴᠦᠭᠳᠡᠭᠰᠡᠨ ᠬᠠᠯᠠᠭᠤᠨ ᠴᠠᠢ ᠪᠠᠯᠭᠤᠭᠠᠳ᠄
— ᠴᠢ ᠨᠠᠳᠠᠳᠤ ᠡᠨᠡ ᠦᠭᠡ ᠶ᠋ᠢ ᠬᠡᠯᠡᠬᠦ ᠭᠡᠵᠦ ᠣᠷᠣᠵᠤ ᠢᠷᠡᠭᠡ ᠤᠤ? ᠪᠢ ᠰᠣᠨᠣᠰᠤᠯ᠎ᠠ᠃ ᠣᠳᠣ ᠪᠣᠯᠤᠭ᠎ᠠ ᠪᠢᠵᠡ᠃ ᠨᠠᠳᠠᠳᠤ ᠬᠡᠷᠡᠭ ᠶᠡᠬᠡ ᠪᠠᠢᠨ᠎ᠠ ᠭᠡᠵᠦ ᠲᠡᠭᠦᠨ ᠢ᠋ ᠣᠷᠳᠣᠨ ᠠ᠋ᠴᠠ ᠪᠠᠨ ᠬᠥᠭᠡᠭᠡᠬᠦ ᠪᠠᠢᠳᠠᠯ ᠦᠵᠡᠭᠦᠯᠪᠡ᠃ ᠬᠠᠲᠤᠨ ᠭᠤᠸ᠎ᠠ ᠶᠠᠭᠠᠨ ᠴᠢᠷᠠᠢ ᠳ᠋ᠤ᠌ ᠪᠠᠨ ᠲᠥᠯᠥᠪ ᠪᠠᠢᠳᠠᠯ ᠳᠤᠰᠬᠠᠨ ᠵᠣᠭᠰᠣᠵᠤ᠄
— ᠦᠭᠡᠢ ᠳᠡ ᠬᠠᠭᠠᠨᠲᠠᠨ ᠮᠢᠨᠢ!《ᠶᠠᠨᠲᠠᠭᠠᠷ ᠬᠠᠲᠤᠨ ᠵᠠᠷᠭᠤ ᠰᠢᠭᠦᠳᠡᠭ ᠦᠭᠡᠢ᠂ ᠢᠮᠠᠭᠠᠨ ᠤ᠋ ᠲᠣᠯᠣᠭᠠᠢ ᠶᠠᠮᠪᠠᠨ ᠳ᠋ᠤ᠌ ᠲᠠᠯᠪᠢᠳᠠᠭ ᠦᠭᠡᠢ》 ᠭᠡᠳᠡᠭ ᠦᠭᠡ ᠶ᠋ᠢ ᠪᠢ ᠮᠡᠳᠡᠳᠡᠭ᠃ ᠲᠡᠭᠡᠯ᠎ᠡ ᠴᠦ᠍ ᠭᠡᠰᠡᠨ ᠲᠠᠨ ᠤ᠋ ᠨᠥᠮᠥᠷᠢ ᠳ᠋ᠦ᠍ ᠬᠣᠷᠭᠣᠳᠠᠨ ᠱᠥᠯᠥ ᠤᠤᠭᠤᠵᠤ ᠪᠠᠢᠭ᠎ᠠ ᠪᠣᠯᠬᠣᠷ ᠬᠣᠭᠣᠯᠠ ᠰᠢᠩᠭᠡᠭᠡᠬᠦ ᠶ᠋ᠢᠨ ᠲᠤᠯᠠᠳᠠ ᠭᠠᠭᠴᠠ ᠨᠢᠭᠡ ᠦᠭᠡ ᠰᠣᠨᠣᠷ ᠲᠤ ᠬᠦᠷᠭᠡᠮᠡᠷ ᠪᠣᠳᠣᠭᠳᠠᠬᠤ ᠶᠤᠮ ᠭᠡᠯᠡ᠃
— ᠴᠢ ᠵᠥᠨᠥᠬᠦ ᠠᠷᠠᠢ ᠪᠣᠯᠤᠭ᠎ᠠ ᠦᠭᠡᠢ ᠪᠠᠢᠯᠲᠠᠢ᠃ ᠲᠡᠷᠡ ᠦᠭᠡ ᠪᠡᠨ ᠦᠭᠡᠯᠡᠵᠦ ᠯᠡ ᠪᠠᠢᠬᠤ ᠦᠭᠡᠢ ᠤᠤ᠃ ᠪᠢ ᠦᠨᠡᠬᠡᠷ ᠵᠠᠪ ᠮᠠᠭᠤᠲᠠᠢ ᠪᠠᠢᠨ᠎ᠠ᠃ ᠬᠣᠭᠣᠯᠠᠢ ᠪᠠᠨ ᠬᠡᠷᠴᠢᠭᠦᠯᠵᠦ ᠴᠦ᠍ ᠮᠠᠭᠠᠳ ᠦᠭᠡᠢ ᠪᠣᠯᠤᠭᠠᠳ ᠪᠠᠢᠭ᠎ᠠ ᠶ᠋ᠢ ᠴᠢ ᠣᠢᠯᠠᠭᠠᠵᠤ ᠶᠠᠪᠤᠭ᠎ᠠ ᠪᠢᠵᠡ ᠳᠡ?
— ᠵᠠ᠂ ᠡᠵᠡᠨᠲᠡᠨ ᠮᠢᠨᠢ! ᠪᠠᠢᠳᠠᠯ ᠢ᠋ ᠣᠯᠠᠨ ᠤ᠋ ᠰᠢᠪᠢᠷ ᠢᠪᠢᠷ ᠶᠠᠷᠢᠶᠠᠨ ᠠ᠋ᠴᠠ ᠲᠥᠰᠦᠭᠡᠯᠡᠵᠦ ᠪᠠᠢᠨ᠎ᠠ᠃ ᠲᠡᠭᠡᠭᠡᠳ ᠯᠡ ᠪᠠᠷᠠᠯᠬᠠᠵᠤ ᠶᠠᠪᠤᠭ᠎ᠠ ᠰᠢᠦ ᠰᠠᠨᠠᠭᠠᠲᠠᠢ ᠰᠡᠭᠦᠳᠡᠭᠡᠨᠡᠨ ᠣᠷᠣᠵᠤ ᠢᠷᠡᠯ᠎ᠡ᠃
— ᠦ᠂ ᠴᠢ ᠲᠡᠷᠡ ᠬᠡᠷᠡᠭ ᠲᠦ᠍ ᠬᠤᠷᠤᠭᠤ ᠲᠦᠷᠢᠬᠦ ᠭᠡᠵᠦ ᠰᠠᠨᠠᠭᠠᠷᠬᠠᠭᠠ ᠤᠤ?
— ᠲᠡᠢᠮᠦ ᠠ᠋᠂ ᠡᠵᠡᠨᠲᠡᠨ ᠮᠢᠨᠢ! ᠡᠮ᠎ᠡ ᠬᠥᠮᠦᠨ ᠦᠰᠦ ᠤᠷᠲᠤ ᠲᠠᠢ᠂ ᠤᠬᠠᠭᠠᠨ ᠪᠣᠭᠣᠨᠢ ᠲᠠᠢ ᠭᠡᠳᠡᠭ ᠦᠭᠡ ᠶ᠋ᠢ ᠪᠢ ᠪᠠᠰᠠ ᠰᠣᠨᠣᠰᠤᠯ ᠦᠭᠡᠢ ᠶᠠᠭᠠᠬᠢᠬᠤ ᠪᠣᠢ᠃ ᠭᠡᠯᠡ ᠴᠦ᠍ ᠭᠡᠰᠡᠨ ᠪᠢ ᠪᠡᠶ᠎ᠡ ᠪᠡᠨ ᠭᠣᠯᠣᠯ ᠦᠭᠡᠢ ᠪᠡᠷ ᠨᠢᠭᠡ ᠵᠦᠢᠯ ᠠᠢᠯᠠᠳᠬᠠᠶ᠎ᠠ ᠭᠡᠵᠦ ᠪᠣᠳᠣᠭᠰᠠᠨ ᠤᠬᠠᠭᠠᠨ ᠲᠠᠢ᠃
— ᠦᠭᠡᠯᠡᠭᠡᠳ ᠪᠠᠢᠬᠤ ᠪᠠᠷ ᠲᠡᠷᠡ ᠦᠭᠡ ᠪᠠᠨ ᠯᠠ ᠬᠡᠯᠡᠭᠡᠴᠢ!
— ᠡᠵᠡᠨᠲᠡᠨ ᠮᠢᠨᠢ! ᠪᠢ ᠲᠠᠨ ᠢ᠋ ᠥᠪᠡᠷ ᠦ᠋ᠨ ᠳᠡᠭᠦᠦ ᠲᠡᠢ ᠬᠢᠮᠤᠷᠠᠯᠳᠤᠨ ᠲᠡᠮᠡᠴᠡᠯᠳᠦᠵᠦ᠂ ᠪᠦᠷ ᠲᠡᠢᠨ ᠳᠣᠯᠣᠭᠠᠨ ᠬᠢᠬᠦ ᠳ᠋ᠦ᠍ ᠬᠦᠷᠴᠦ ᠪᠠᠢᠭ᠎ᠠ ᠶᠤᠮ ᠪᠢᠰᠢ ᠪᠢᠵᠡ ᠠ᠋ ᠭᠡᠵᠦ ᠵᠣᠪᠠᠬᠤ ᠪᠣᠯᠤᠯ᠎ᠠ᠃ ᠲᠠ ᠬᠣᠶᠠᠷ ᠨᠢᠭᠡᠨ ᠡᠬᠡ ᠶ᠋ᠢᠨ ᠠᠯᠲᠠᠨ ᠰᠠᠪᠠ ᠠ᠋ᠴᠠ ᠴᠤᠪᠤᠷᠠᠨ ᠭᠠᠷᠴᠤ ᠢᠷᠡᠭᠡᠳ᠂ ᠣᠳᠣ ᠡᠨᠡ ᠳᠠᠢᠲᠠᠢ ᠪᠣᠯᠴᠢᠬᠠᠭᠠᠳ ᠪᠡᠶ᠎ᠡ ᠪᠡᠶ᠎ᠡ ᠪᠡᠨ ᠬᠥᠨᠥᠭᠡᠬᠦ ᠭᠡᠵᠦ ᠢᠯᠳᠦ ᠳᠠᠯᠠᠢᠨ ᠳᠠᠭᠠᠷᠢᠵᠤ ᠶᠠᠪᠤᠬᠤ ᠪᠣᠯᠵᠤ ᠪᠠᠢᠨ᠎ᠠ ᠤᠤ? ᠲᠠ ᠰᠠᠷᠠᠭᠤᠯ ᠤᠬᠠᠭᠠᠨᠲᠠᠢ ᠡᠷᠳᠡᠮ ᠲᠡᠭᠦᠰ ᠪᠢᠰᠢ ᠤᠤ? ᠢᠩᠭᠢᠬᠦ ᠲᠠᠨᠢ ᠤᠯᠤᠰ ᠭᠦᠷᠦᠨ ᠢ᠋ᠶ᠋ᠡᠨ ᠰᠦᠢᠳᠬᠡᠨ᠂ ᠲᠦᠮᠡᠨ ᠦ᠌ ᠰᠢᠪᠰᠢᠭ ᠪᠣᠯᠬᠤ ᠭᠡᠵᠦ ᠪᠠᠢᠭ᠎ᠠ ᠬᠡᠷᠡᠭ ᠪᠢᠰᠢ ᠪᠢᠵᠡ ᠠ᠋? ᠡᠭᠦᠨ ᠳ᠋ᠦ᠍ ᠲᠠᠨᠢ ᠬᠢᠲᠠᠳ ᠤ᠋ᠳ ᠠ᠋ᠴᠠ ᠥᠭᠡᠷ᠎ᠡ ᠪᠠᠶᠠᠷᠯᠠᠬᠤ ᠬᠥᠮᠦᠨ ᠪᠠᠢᠬᠤ ᠦᠭᠡᠢ᠃ ᠠᠷᠢᠬᠪᠦ᠋ᠬᠡ ᠲᠠ ᠬᠣᠶᠠᠷ ᠨᠠᠢᠷᠲᠠᠢ ᠪᠠᠷ ᠵᠡᠷᠭᠡᠴᠡᠨ ᠰᠠᠭᠤᠭᠠᠳ ᠬᠡᠷᠡᠭ ᠶᠠᠪᠤᠳᠠᠯ ᠢ᠋ᠶ᠋ᠠᠨ ᠬᠡᠯᠡᠯᠴᠡᠵᠦ ᠪᠣᠯᠳᠠᠭ ᠦᠭᠡᠢ ᠶᠦᠮ ᠤᠤ?
— ᠪᠣᠯᠬᠤ ᠦᠭᠡᠢ ᠪᠠᠢᠨ᠎ᠠ᠃ ᠠᠷᠢᠬᠪᠦ᠋ᠬᠡ ᠨᠠᠮᠠᠶ᠋ᠢ ᠠᠬ᠎ᠠ ᠶ᠋ᠢ ᠪᠡᠨ ᠭᠡᠵᠦ ᠦᠵᠡᠬᠦ ᠪᠡᠨ ᠪᠠᠢᠭᠰᠠᠨ᠃
— ᠳᠡᠭᠦᠦ ᠲᠠᠨᠢ ᠶᠠᠭᠠᠬᠢᠭᠰᠠᠨ ᠶᠤᠮ ᠪᠣᠢ? ᠲᠠᠨ ᠢ᠋ ᠲᠡᠷᠡ ᠬᠥᠮᠦᠨ ᠶᠠᠭᠠᠬᠢᠵᠤ ᠣᠷᠬᠢᠭ᠎ᠠ ᠪᠣᠢ?
— ᠪᠢ ᠠᠷᠢᠬᠪᠥᠶ᠋ᠬᠡ ᠶ᠋ᠢᠨ ᠠᠬ᠎ᠠ᠃ ᠲᠡᠭᠡᠬᠦ ᠳ᠋ᠦ᠍ ᠨᠠᠳᠠ ᠠ᠋ᠴᠠ ᠠᠰᠠᠭᠤᠯ ᠦᠭᠡᠢ ᠪᠡᠷ ᠲᠡᠷᠡ ᠶᠡᠬᠡ ᠬᠠᠭᠠᠨ ᠤ᠋ ᠣᠷᠣ ᠶ᠋ᠢ ᠡᠵᠡᠯᠡᠨ ᠠᠪᠤᠯ᠎ᠠ ᠭᠡᠰᠡᠨ᠃ ᠲᠡᠭᠡᠵᠦ ᠬᠥᠮᠦᠨ ᠢ᠋ ᠳᠣᠣᠷ᠎ᠠ ᠳ᠋ᠤ᠌ ᠦᠵᠡᠵᠦ ᠪᠣᠯᠬᠤ ᠤᠤ? ᠴᠢ ᠪᠣᠳᠣ! ᠲᠡᠷᠡ ᠪᠢᠰᠢ᠂ ᠪᠢ ᠬᠠᠭᠠᠨ᠃
— ᠲᠡᠭᠡᠵᠡᠢ᠃ ᠳᠡᠭᠦᠦ ᠲᠠᠨᠢ ᠶᠡᠬᠡ ᠬᠠᠭᠠᠨ ᠪᠣᠯᠵᠠᠢ᠃ ᠲᠠ ᠪᠠᠰᠠ ᠥᠪᠡᠷ ᠢ᠋ ᠪᠡᠨ ᠬᠠᠭᠠᠨ ᠭᠡᠵᠦ ᠵᠠᠷᠯᠠᠭ᠎ᠠ ᠪᠢᠵᠡ ᠳᠡ? ᠲᠠ ᠶᠡᠬᠡ ᠬᠠᠭᠠᠨ ᠪᠣᠯᠵᠤ ᠠᠬ᠎ᠠ ᠶ᠋ᠢᠨ ᠢ᠋ᠶ᠋ᠡᠨ ᠣᠷᠣ ᠶ᠋ᠢ ᠵᠠᠯᠭᠠᠬᠤ ᠬᠦᠰᠡᠯ ᠲᠡᠢ ᠪᠠᠢᠬᠤ ᠳ᠋ᠤ᠌ ᠳᠡᠭᠦᠦ ᠲᠠᠨᠢ ᠪᠠᠰᠠ ᠲᠡᠢᠮᠦ ᠵᠦᠢᠯ ᠢ᠋ ᠪᠣᠳᠣᠵᠤ ᠪᠣᠯᠬᠤ ᠪᠢᠰᠢ ᠤᠤ? ᠡᠨᠡ ᠬᠡᠷᠡᠭ ᠢ᠋ᠶ᠋ᠡᠨ ᠠᠬ᠎ᠠ ᠳᠡᠭᠦᠦ ᠶ᠋ᠢᠨ ᠶᠣᠰᠣ ᠪᠠᠷ ᠬᠡᠯᠡᠯᠴᠡᠨ ᠰᠢᠢᠳᠦᠶ᠎ᠡ ᠭᠡᠵᠦ ᠲᠠ ᠳᠡᠭᠦᠦ ᠳ᠋ᠦ᠍ ᠪᠡᠨ ᠡᠪᠲᠡᠢᠬᠡᠨ ᠬᠡᠯᠡᠵᠦ ᠪᠣᠯᠬᠤ ᠪᠠᠢᠭᠰᠠᠨ ᠪᠢᠰᠢ ᠤᠤ?
— ᠴᠡᠪᠡᠷ ᠮᠢᠨᠢ! ᠴᠢ ᠳᠡᠮᠡᠢ ᠶᠠᠭᠤᠮ᠎ᠠ ᠶᠠᠷᠢᠵᠤ ᠪᠠᠢᠨ᠎ᠠ᠃ ᠠᠷᠢᠬᠪᠥᠶ᠋ᠬᠡ ᠴᠢᠨᠦ ᠰᠠᠨᠠᠵᠤ ᠪᠠᠢᠭ᠎ᠠ ᠰᠢᠭ᠋ ᠬᠥᠮᠦᠨ ᠦ᠌ ᠦᠭᠡ ᠰᠣᠨᠣᠰᠬᠤ ᠡᠷ᠎ᠡ ᠪᠢᠰᠢ ᠪᠣᠯᠵᠠᠢ᠃ ᠪᠢ ᠤᠯᠤᠰ ᠭᠦᠷᠦᠨ ᠦ᠌ ᠪᠡᠨ ᠲᠤᠰᠠ ᠶ᠋ᠢ ᠪᠣᠳᠣᠨ ᠬᠠᠭᠠᠨ ᠤ᠋ ᠣᠷᠣ ᠶ᠋ᠢ ᠵᠠᠯᠭᠠᠬᠤ ᠪᠣᠯᠤᠭᠰᠠᠨ ᠢ᠋ᠶ᠋ᠠᠨ ᠵᠠᠷᠯᠠᠭᠰᠠᠨ ᠬᠡᠷᠡᠭ᠃ ᠴᠢ ᠪᠣᠳᠣᠭᠠᠳ ᠦᠵᠡ! ᠠᠷᠢᠬᠪᠥᠶ᠋ᠬᠡ ᠶᠡᠬᠡ ᠬᠠᠭᠠᠨ ᠪᠠᠢᠬᠤ ᠶᠤᠮ ᠪᠣᠯ ᠪᠢᠳᠡ ᠬᠢᠲᠠᠳ ᠢ᠋ ᠠᠯᠳᠠᠨ᠎ᠠ᠃ ᠡᠷᠲᠡᠨ ᠦ᠌ ᠥᠰᠢᠶᠡᠲᠦ ᠬᠢᠲᠠᠳ ᠢ᠋ ᠥᠰᠥᠭᠡᠢ ᠳᠣᠣᠷ᠎ᠠ ᠪᠠᠨ ᠴᠢᠩᠭ᠎ᠠ ᠭᠢᠰᠬᠢᠨ ᠳᠠᠷᠤᠵᠤ ᠪᠠᠢᠬᠤ ᠦᠭᠡᠢ ᠪᠣᠯ ᠮᠣᠩᠭᠣᠯ ᠭᠦᠷᠦᠨ ᠣᠷᠣᠰᠢᠨ ᠲᠣᠭᠲᠠᠨᠢᠵᠤ ᠪᠠᠢᠵᠤ ᠴᠢᠳᠠᠬᠤ ᠦᠭᠡᠢ᠃ ᠬᠢᠲᠠᠳ ᠢ᠋ ᠬᠠᠲᠠᠭᠤ᠂ ᠵᠥᠭᠡᠯᠡᠨ ᠶᠠᠩᠵᠤ ᠪᠦᠷᠢ ᠶ᠋ᠢᠨ ᠠᠷᠭ᠎ᠠ ᠪᠠᠷ ᠳᠠᠷᠤᠵᠤ ᠪᠠᠢᠬᠤ ᠤᠬᠠᠭᠠᠨ ᠢ᠋ ᠪᠢ ᠥᠪᠡᠷᠰᠡᠳ ᠢ᠋ᠶ᠋ᠡᠷ ᠨᠢ ᠵᠢᠭᠠᠯᠭᠠᠵᠤ ᠮᠡᠳᠡᠭᠰᠡᠨ ᠪᠣᠯᠬᠣᠷ ᠣᠷᠣ ᠰᠠᠭᠤᠬᠤ ᠨᠢ ᠤᠯᠤᠰ ᠭᠦᠷᠦᠨ ᠦ᠌ ᠲᠤᠰᠠ ᠳ᠋ᠤ᠌ ᠨᠢ ᠢᠯᠡᠭᠦᠦ ᠠᠰᠢᠭᠲᠠᠢ ᠪᠠᠢᠭ᠎ᠠ ᠨᠢ ᠮᠡᠳᠡᠭᠡᠵᠢ ᠶ᠋ᠢᠨ ᠬᠡᠷᠡᠭ᠃ ᠴᠢ ᠡᠭᠦᠨ ᠢ᠋ ᠪᠣᠳᠣᠭᠠᠴᠢ!
— ᠪᠢ ᠮᠤᠩᠬᠠᠭ ᠴᠤ᠌ ᠭᠡᠰᠡᠨ ᠡᠨᠡ ᠪᠦᠭᠦᠳᠡ ᠶ᠋ᠢ ᠪᠣᠳᠣᠵᠤ ᠦᠵᠡᠭᠰᠡᠨ᠃ ᠮᠥᠩᠬᠡ ᠠᠬ᠎ᠠ ᠲᠠᠨᠢ ᠲᠠ ᠨᠠᠷ ᠢ᠋ ᠳᠡᠷᠭᠡᠳᠡ ᠪᠡᠨ ᠪᠠᠢᠯᠭᠠᠵᠤ ᠪᠠᠢᠭᠠᠳ ᠨᠢᠭᠡ ᠤᠳᠠᠭ᠎ᠠ ᠴᠠᠢ ᠤᠤᠭᠤᠩᠭᠠᠨ ᠬᠡᠯᠡᠬᠦ ᠳ᠋ᠦ᠍ ᠪᠡᠨ《ᠪᠢᠳᠡ ᠪᠣᠯᠵᠤ ᠥᠭᠪᠡᠯ ᠥᠭᠡᠳᠡᠢ ᠠᠬ᠎ᠠ ᠶ᠋ᠢᠨ ᠬᠡᠦᠬᠡᠳ ᠦ᠋ᠳ ᠲᠡᠢ ᠶᠠᠰᠤ ᠪᠤᠯᠢᠶᠠᠯᠳᠤᠭᠰᠠᠨ ᠨᠣᠬᠠᠢ ᠠᠳᠠᠯᠢ ᠶᠠᠷᠵᠠᠭᠠᠨᠠᠵᠤ ᠶᠠᠪᠤᠬᠤ ᠦᠭᠡᠢ ᠶᠦᠮ ᠰᠠᠨ᠃ ᠲᠡᠭᠡᠪᠡᠯ ᠲᠦᠮᠡᠨ ᠦ᠌ ᠰᠢᠪᠰᠢᠭ᠂ ᠲᠥᠷᠥ ᠶ᠋ᠢᠨ ᠭᠠᠢ ᠪᠣᠯᠤᠨ᠎ᠠ》 ᠭᠡᠵᠦ ᠪᠠᠢᠬᠤ ᠶ᠋ᠢ ᠪᠢ ᠰᠣᠨᠣᠰᠤᠭᠰᠠᠨ ᠪᠢᠯᠡ᠃ ᠶᠡᠬᠡ ᠬᠠᠭᠠᠨ ᠲᠡᠷᠡ ᠦᠭᠡ ᠪᠡᠨ ᠥᠪᠡᠷ ᠦ᠋ᠨ ᠳᠡᠭᠦᠦ ᠲᠠ ᠨᠠᠷ ᠲᠤ᠌ ᠪᠠᠨ ᠵᠣᠷᠢᠭᠤᠯᠤᠨ ᠬᠡᠯᠡᠭᠰᠡᠨ ᠶᠦᠮ ᠪᠢᠰᠢ ᠪᠢᠵᠡ ᠭᠡᠵᠦ ᠪᠣᠳᠣᠭᠳᠠᠬᠤ ᠪᠣᠯᠤᠯ᠎ᠠ᠃ ᠪᠢ ᠪᠡᠶ᠎ᠡ ᠪᠡᠨ ᠭᠡᠯ ᠦᠭᠡᠢ ᠪᠡᠷ ᠡᠭᠦᠨ ᠢ᠋ ᠲᠠᠨ ᠤ᠋ ᠰᠣᠨᠣᠷ ᠲᠤ ᠪᠣᠯᠭᠣᠭᠠᠯᠭᠠᠶᠠ ᠭᠡᠵᠦ ᠪᠣᠳᠣᠨ᠂ ᠣᠯᠠᠨ ᠬᠣᠨᠣᠭ ᠨᠣᠢᠷ ᠦᠭᠡᠢ ᠬᠥᠷᠪᠡᠵᠦ ᠪᠠᠢᠨ᠎ᠠ᠃ ᠲᠠᠨ ᠤ᠋ ᠪᠤᠰᠤᠳ ᠬᠠᠲᠤᠳ ᠴᠤ᠌ ᠮᠢᠨᠦ ᠨᠢᠭᠡᠨ ᠠᠳᠠᠯᠢ ᠰᠡᠳᠬᠢᠯ ᠲᠡᠢ ᠪᠠᠢᠭ᠎ᠠ ᠰᠢᠦ᠃ ᠲᠠ ᠪᠣᠯᠭᠣᠭᠠᠵᠤ ᠦᠵᠡ! ᠭᠡᠵᠦ ᠴᠡᠪᠡᠷ ᠬᠡᠯᠡᠭᠡᠳ ᠪᠥᠬᠥᠢᠨ ᠶᠣᠰᠣ ᠬᠢᠪᠡ᠃ ᠬᠤᠪᠢᠯᠠᠢ ᠳᠠᠭᠤ ᠪᠠᠨ ᠥᠨᠳᠥᠷᠯᠡᠨ᠂ ᠴᠡᠪᠡᠷ ᠢ᠋ ᠰᠢᠷᠦᠭᠦᠨ ᠨᠢᠳᠦ ᠪᠡᠷ ᠬᠠᠷᠠᠵᠤ᠄
— ᠴᠢ ᠲᠡᠭᠡᠭᠡᠳ ᠨᠠᠮᠠᠶ᠋ᠢ ᠬᠠᠭᠠᠨ ᠰᠢᠷᠡᠭᠡᠨ ᠡᠴᠡ ᠪᠡᠨ ᠥᠪᠡᠷ ᠢ᠋ᠶ᠋ᠡᠨ ᠪᠠᠭᠤᠵᠤ ᠦᠵᠡ᠃ ᠤᠯᠤᠰ ᠭᠦᠷᠦᠨ ᠦ᠌ ᠪᠡᠨ ᠬᠡᠷᠡᠭ ᠢ᠋ ᠣᠷᠭᠢ! ᠭᠡᠵᠦ ᠱᠠᠭᠠᠷᠳᠠᠨ ᠪᠠᠢᠭ᠎ᠠ ᠬᠡᠷᠡᠭ ᠤᠤ? ᠪᠢ ᠴᠢᠨᠦ ᠡᠨᠡ ᠦᠭᠡ ᠶ᠋ᠢ ᠢᠩᠭᠢᠵᠦ ᠣᠢᠯᠠᠭᠠᠬᠤ ᠤᠤ? ᠭᠡᠮᠡᠨ ᠰᠢᠵᠠᠷᠠᠭᠤᠬᠠᠨ ᠪᠠᠢᠳᠠᠯ ᠢ᠋ᠶ᠋ᠠᠷ ᠠᠰᠠᠭᠤᠯ᠎ᠠ᠃
— ᠤᠬᠠᠭᠠᠨᠲᠤ ᠡᠵᠡᠨ ᠮᠢᠨᠢ ᠪᠣᠯᠭᠣᠭ᠎ᠠ! ᠶᠠᠮᠠᠷ ᠴᠣ ᠪᠣᠯᠤᠭᠰᠠᠨ ᠠᠬ᠎ᠠ ᠳᠡᠭᠦᠦ ᠲᠠ ᠨᠠᠷ ᠢ᠋ ᠪᠡᠶ᠎ᠡ ᠪᠡᠶ᠎ᠡ ᠤᠷᠤᠭᠤ ᠪᠠᠨ ᠪᠢᠲᠡᠭᠡᠢ ᠢᠯᠳᠦ ᠳᠠᠯᠠᠢᠭᠠᠴᠢ ᠭᠡᠵᠦ ᠭᠤᠶᠤᠵᠤ ᠪᠠᠢᠨ᠎ᠠ᠃ ᠲᠠ ᠬᠠᠭᠠᠨ ᠪᠠᠢᠵᠤ᠂ ᠪᠢ ᠬᠠᠲᠤᠨ ᠬᠠᠭᠠᠨ ᠪᠠᠢᠬᠤ ᠨᠢ ᠮᠡᠳᠡᠭᠡᠵᠢ ᠶ᠋ᠢᠨ ᠪᠤᠶᠠᠨᠲᠠᠢ ᠰᠠᠢᠬᠠᠨ ᠬᠡᠷᠡᠭ ᠪᠢᠵᠡ ᠠ᠋᠃ ᠡᠭᠦᠨ ᠳ᠋ᠦ᠍ ᠳᠣᠣᠷᠠᠲᠤ ᠡᠮ᠎ᠡ ᠪᠢ ᠰᠦᠰᠦᠭᠯᠡᠵᠦ ᠪᠠᠢᠨ᠎ᠠ᠃ ᠭᠡᠬᠦ ᠳ᠋ᠦ᠍ ᠪᠡᠨ ᠲᠥᠷᠥᠭᠰᠡᠨ ᠠᠬ᠎ᠠ ᠳᠡᠭᠦᠦ ᠨᠠᠷ ᠪᠡᠶ᠎ᠡ ᠪᠡᠶ᠎ᠡ ᠤᠷᠤᠭᠤ ᠪᠠᠨ ᠬᠥᠨᠥᠭᠡᠬᠦ ᠭᠡᠵᠦ ᠦᠢᠮᠡᠭᠡᠨ ᠰᠠᠮᠠᠭᠤᠨ ᠳᠡᠭᠳᠡᠭᠡᠵᠦ ᠪᠠᠢᠬᠤ ᠠ᠋ᠴᠠ ᠲᠡᠷᠡ ᠶᠡᠬᠡ ᠡᠷᠭᠦᠮᠵᠢᠯᠡᠯ ᠢᠯᠡᠭᠦᠦ ᠰᠠᠢᠬᠠᠨ ᠭᠡᠵᠢ ᠤᠤ? ᠪᠢ ᠳᠡᠭᠡᠵᠦ ᠪᠣᠳᠣᠬᠤ ᠦᠭᠡᠢ ᠪᠠᠢᠨ᠎ᠠ᠃ ᠡᠭᠦᠨ ᠢ᠋ ᠠᠢᠯᠠᠳᠬᠠᠯ᠎ᠠ ᠭᠡᠳ ᠲᠠ ᠨᠠᠮᠠᠶ᠋ᠢ ᠬᠡᠷᠴᠢᠨ ᠲᠠᠰᠤᠴᠢᠵᠤ ᠬᠠᠶᠠᠪᠠᠯ ᠬᠠᠶᠠᠭᠠᠷᠠᠢ! ᠪᠢ ᠭᠣᠮᠣᠳᠠᠬᠤ ᠦᠭᠡᠢ᠃ ᠪᠢ ᠡᠵᠡᠨᠲᠡᠨ ᠲᠠᠨ ᠢ᠋ ᠪᠡᠨ ᠨᠡᠷ᠎ᠡ ᠠᠯᠳᠠᠷ᠂ ᠤᠳᠤᠮ ᠤᠭᠰᠠᠭᠠᠨ ᠤ᠋ ᠲᠠᠨᠢ ᠰᠦᠷ ᠵᠢᠪᠬᠤᠯᠠᠩ ᠤ᠋ᠨ ᠲᠠᠨᠢ ᠲᠤᠰᠠᠳᠠ ᠵᠣᠷᠢᠭᠤᠯᠤᠨ ᠲᠩᠷᠢ ᠶ᠋ᠢᠨ ᠰᠦᠯᠳᠡ ᠳ᠋ᠦ᠍ ᠵᠠᠯᠪᠠᠷᠢᠨ ᠡᠨᠡ ᠬᠡᠳᠦᠨ ᠦᠭᠡ ᠶ᠋ᠢ ᠠᠢᠯᠠᠳᠬᠠᠵᠤ ᠪᠠᠢᠭ᠎ᠠ ᠪᠢᠯᠡ᠃ ᠥᠷᠥᠰᠢᠶᠡᠵᠦ ᠪᠣᠯᠭᠣᠭ᠎ᠠ! ᠭᠡᠳ ᠴᠡᠪᠡᠷ ᠬᠠᠲᠤᠨ ᠤᠬᠢᠯᠠᠵᠤ ᠬᠠᠢᠯᠠᠨ ᠰᠥᠭᠥᠳᠪᠡ᠃ ᠬᠤᠪᠢᠯᠠᠢ ᠲᠣᠭᠰᠢᠭᠤᠷ ᠮᠣᠳᠣ ᠪᠠᠨ ᠴᠣᠬᠢᠨ ᠪᠠᠷ᠎ᠠ ᠪᠣᠯᠤᠭᠴᠢ ᠪᠠᠨ ᠳᠠᠭᠤᠳᠠᠭᠠᠳ᠂《ᠭᠦᠢᠳᠠᠩ》 ᠠᠪᠠᠭᠠᠢ ᠶ᠋ᠢ ᠢᠷᠡᠭᠦᠯ ᠭᠡᠪᠡ᠃ ᠡᠭᠦᠳᠡᠨ ᠳ᠋ᠦ᠍ ᠨᠢ《ᠲᠠᠭᠠᠯᠠᠯ ᠠᠰᠠᠭᠤᠬᠤ ᠪᠠᠷ》 ᠬᠦᠯᠢᠶᠡᠵᠦ ᠪᠠᠢᠭ᠎ᠠ ᠯᠣᠯᠣᠢ ᠠᠪᠠᠭᠠᠢ ᠲᠡᠷᠡ ᠳᠣᠣᠷ᠎ᠠ ᠨᠢ ᠳᠣᠲᠣᠭᠠᠳᠤ ᠣᠷᠳᠣᠨ ᠳ᠋ᠤ᠌ ᠭᠦᠶᠦᠨ ᠣᠷᠣᠵᠤ ᠢᠷᠡᠭᠡᠳ ᠪᠥᠬᠥᠢᠨ ᠶᠣᠰᠣ ᠬᠢᠯ᠎ᠡ᠃
ᠬᠤᠪᠢᠯᠠᠢ ᠰᠢᠷᠦᠭᠦᠬᠡᠨ ᠳᠠᠭᠤ ᠪᠠᠷ ᠲᠡᠷᠡ ᠡᠮ᠎ᠡ ᠳ᠋ᠦ᠍ ᠬᠠᠨᠳᠤᠵᠤ᠂ ᠬᠢᠯᠢᠩᠲᠡᠢ ᠪᠡᠷ᠄
— ᠴᠢ ᠡᠨᠡ ᠴᠡᠪᠡᠷ ᠢ᠋ ᠥᠪᠡᠷ ᠦ᠋ᠨ ᠬᠢᠨᠢ ᠪᠠᠢᠷᠢᠨ ᠳ᠋ᠤ᠌ ᠬᠦᠷᠭᠡᠭᠡᠳ᠂ ᠰᠡᠳᠬᠢᠯ ᠢ᠋ ᠨᠢ ᠵᠠᠰᠠᠭᠠᠳ ᠣᠷᠭᠢᠭᠠᠴᠢ! ᠭᠡᠪᠡ᠃ ᠴᠡᠪᠡᠷ ᠤᠬᠢᠯᠠᠩᠬᠠᠢ ᠳᠠᠭᠤ ᠪᠠᠷ ᠯᠣᠯᠣᠢ ᠳ᠋ᠤ᠌ ᠬᠠᠨᠳᠤᠨ᠄
— ᠲᠥᠷᠥ ᠶ᠋ᠢᠨ ᠬᠤᠳᠬᠤᠰᠢ ᠰᠡᠲᠡᠷ ᠡᠮ᠎ᠡ ᠴᠢᠮ᠎ᠠ ᠪᠠᠷ ᠪᠢ ᠪᠡᠶ᠎ᠡ ᠰᠡᠳᠬᠢᠯ ᠢ᠋ᠶ᠋ᠡᠨ ᠵᠠᠰᠠᠭᠤᠯᠬᠤ ᠦᠭᠡᠢ᠂ ᠪᠢ ᠰᠣᠬᠣᠷ ᠬᠥᠮᠦᠨ ᠪᠢᠰᠢ ᠭᠡᠵᠦ ᠰᠢᠭᠤᠳᠬᠠᠨ ᠬᠡᠯᠡᠭᠡᠳ ᠬᠤᠪᠢᠯᠠᠢ ᠶ᠋ᠢᠨ ᠲᠠᠰᠤᠯᠭᠠᠨ ᠠ᠋ᠴᠠ ᠭᠠᠷᠴᠤ ᠣᠳᠤᠯ᠎ᠠ᠃
ᠡᠵᠡᠨ ᠳᠡᠭᠡᠳᠦᠰ《ᠲᠥᠷᠥ ᠶ᠋ᠢᠨ》 ᠶᠡᠬᠡ ᠪᠥᠬᠡ ᠶ᠋ᠢ ᠣᠷᠳᠣᠨ ᠳ᠋ᠤ᠌ ᠪᠠᠨ ᠵᠠᠯᠠᠭᠰᠠᠨ ᠪᠠᠢᠯ᠎ᠠ᠃ ᠳᠡᠭᠡᠳᠦ ᠶᠡᠬᠡ ᠬᠠᠭᠠᠨᠲᠠᠨ ᠪᠣᠯᠤᠨ ᠵᠠᠩᠵᠤᠨ ᠨᠤᠭᠤᠳ᠂ ᠪᠤᠰᠤᠳ ᠴᠥᠭᠡᠪᠲᠦᠷ ᠨᠣᠶᠠᠨ ᠶᠡᠬᠡ ᠲᠠᠩᠬᠢᠮ ᠳ᠋ᠤ᠌ ᠴᠤᠭᠯᠠᠷᠠᠵᠤ᠂ ᠲᠩᠷᠢ ᠶ᠋ᠢᠨ ᠶᠡᠬᠡ ᠪᠥᠬᠡ ᠶ᠋ᠢ ᠣᠷᠣᠭᠤᠯᠵᠤ ᠢᠷᠡᠭᠡᠳ᠄
— ᠬᠣᠢᠲᠤ ᠵᠦᠭ ᠲᠡᠢᠨ ᠳ᠋ᠦ᠍ ᠮᠣᠷᠳᠠᠬᠤ ᠡᠳᠦᠷ ᠢ᠋ ᠪᠣᠯᠭᠣᠭᠠᠨ ᠠᠢᠯᠠᠳᠴᠤ᠂ ᠪᠢᠳᠡᠨ ᠦ᠌ ᠦᠢᠯᠡ ᠶ᠋ᠢ ᠪᠠᠳᠠᠷᠠᠭᠠᠨ᠂ ᠠᠷᠢᠬᠪᠥᠶ᠋ᠬᠡ ᠶ᠋ᠢᠨ ᠦᠢᠯᠡ ᠶ᠋ᠢ ᠪᠠᠷᠠᠭᠠᠨᠳᠠᠭᠤᠯᠬᠤ ᠤᠴᠢᠷ ᠢ᠋ ᠰᠠᠬᠢᠭᠤᠰᠤ ᠳ᠋ᠤ᠌ ᠪᠠᠨ ᠳᠠᠭᠠᠳᠬᠠᠨ ᠪᠠᠭᠤᠵᠤ ᠬᠠᠢᠷᠠᠯᠠ! ᠭᠡᠵᠦ ᠬᠤᠪᠢᠯᠠᠢ ᠶ᠋ᠢᠨ ᠨᠡᠷ᠎ᠡ ᠶ᠋ᠢᠨ ᠡᠮᠦᠨ᠎ᠡ ᠡᠴᠡ ᠬᠠᠳᠠᠨ ᠵᠠᠩᠵᠤᠨ ᠰᠥᠬᠥᠷᠡᠨ ᠮᠥᠷᠭᠥᠵᠦ ᠪᠥᠬᠡ ᠳ᠋ᠦ᠍ ᠠᠢᠯᠠᠳᠬᠠᠯ᠎ᠠ᠃ ᠥᠳᠥ ᠰᠦᠳᠦᠲᠦ ᠮᠠᠯᠠᠭᠠᠢ᠂ ᠡᠯᠳᠡᠪ ᠨᠠᠪᠰᠠᠩ ᠤᠨᠵᠢᠭᠤᠷᠭᠠᠲᠤ ᠬᠤᠪᠴᠠᠰᠤ ᠡᠮᠦᠰᠦᠭᠰᠡᠨ᠂ ᠬᠦᠷᠡᠯᠭᠡᠷ ᠪᠠᠷᠠᠭᠠᠨ ᠴᠢᠷᠠᠢᠲᠠᠢ᠂ ᠠᠬᠢᠮᠠᠭ ᠨᠠᠰᠤᠨ ᠤ᠋ ᠪᠥᠬᠡ᠂ ᠱᠠᠯᠠᠨ ᠳᠡᠭᠡᠷ᠎ᠡ ᠭᠠᠯ ᠥᠷᠳᠡᠭᠦᠯᠦᠨ᠂ ᠳᠡᠭᠡᠷ᠎ᠡ ᠡᠴᠡ ᠨᠢ ᠲᠣᠰᠣ ᠲᠤᠰᠤᠭᠠᠵᠤ᠂ ᠤᠲᠤᠭ᠎ᠠ ᠪᠠᠰᠬᠤᠷᠤᠳᠤᠯᠤᠭᠠᠳ᠂ ᠲᠠᠯ᠎ᠠ ᠬᠡᠩᠭᠡᠷᠭᠡ ᠳᠡᠯᠡᠳᠦᠨ᠂ ᠤᠶᠠᠩᠭᠠᠯᠠᠭᠰᠠᠨ ᠳᠠᠭᠤ ᠪᠠᠷ ᠤᠩᠰᠢᠯᠭ᠎ᠠ ᠤᠩᠰᠢᠨ᠂ ᠰᠠᠬᠢᠭᠤᠰᠤ ᠪᠠᠨ ᠤᠷᠢᠨ ᠵᠠᠯᠠᠵᠤ ᠡᠬᠢᠯᠡᠯ᠎ᠡ᠃ ᠪᠥᠬᠡ ᠳᠣᠣᠷ᠎ᠠ ᠪᠠᠨ ᠬᠡᠳᠦ ᠠᠯᠬᠤᠨ ᠪᠠᠢᠵᠤ ᠬᠣᠭᠣᠯᠠᠢ ᠪᠠᠨ ᠴᠢᠩᠭᠠᠷᠠᠭᠤᠯᠤᠭᠰᠠᠨ ᠢ᠋ᠶ᠋ᠠᠨ ᠬᠥᠳᠡᠯᠭᠡᠭᠡᠨ ᠨᠢ ᠤᠯᠠᠮ ᠰᠢᠷᠦᠭᠦᠰᠦᠨ᠂ ᠬᠠᠷᠠᠢᠵᠤ ᠴᠣᠪᠬᠣᠴᠢᠭᠠᠳ᠄
— ᠡᠶᠡᠢ᠃
ᠭᠠᠯ ᠮᠣᠭᠠᠢ ᠲᠠᠰᠢᠭᠤᠷ ᠲᠠᠢ
ᠭᠠᠯᠵᠠᠭᠤ ᠴᠢᠨᠣ᠎ᠠ ᠶ᠋ᠢᠨ ᠬᠦᠯᠦᠭ ᠲᠡᠢ
ᠬᠥᠮᠦᠨ ᠦ᠌ ᠮᠢᠬᠠᠨ ᠬᠦᠨᠡᠰᠦ ᠲᠡᠢ
ᠬᠦᠷᠡᠯ ᠴᠢᠯᠠᠭᠤᠨ ᠵᠢᠷᠦᠬᠡ ᠲᠡᠢ᠁ ᠭᠡᠵᠦ ᠰᠠᠬᠢᠭᠤᠰᠤ ᠪᠠᠨ ᠳᠠᠭᠤᠳᠠᠨ ᠳᠠᠭᠤᠯᠠᠨ ᠤᠩᠰᠢᠵᠤ ᠪᠠᠢᠭᠰᠠᠨ ᠢ᠋ᠶ᠋ᠠᠨ
— ᠁ ᠁ ᠁ ᠁
ᠬᠠᠩᠭᠠᠢ ᠬᠠᠭᠠᠨ ᠤ᠋ ᠳᠣᠪᠣᠨ ᠪᠦᠬᠦᠢ ᠡᠴᠡ
ᠬᠠᠲᠤᠨ ᠳᠠᠯᠠᠢ ᠶ᠋ᠢᠨ ᠱᠠᠯᠴᠢᠭ ᠪᠦᠬᠦᠢ ᠡᠴᠡ
ᠬᠠᠯᠲᠠᠷ ᠳᠠᠬᠢ ᠶ᠋ᠢᠨ ᠢᠰᠢᠭᠡᠨ ᠪᠦᠬᠦᠢ ᠡᠴᠡ
ᠬᠠᠷᠴᠠᠭᠠᠢ ᠰᠢᠪᠠᠭᠤᠨ ᠤ᠋ ᠳᠡᠭᠳᠡᠮᠡᠯ ᠪᠦᠬᠦᠢ ᠡᠴᠡ
ᠬᠠᠢᠯᠠᠰᠤ ᠮᠣᠳᠣᠨ ᠤ᠋ ᠨᠠᠢᠯᠵᠠᠭᠤᠷ ᠪᠦᠬᠦᠢ ᠡᠴᠡ
ᠡᠰᠡᠨ ᠵᠠᠶᠠᠭᠠᠭᠰᠠᠨ ᠡᠬᠡ ᠳ᠋ᠦ᠍ ᠪᠡᠨ
ᠥᠭᠡᠬᠦᠨ ᠲᠣᠰᠣ ᠶ᠋ᠢ ᠳᠤᠰᠤᠭᠠᠨ ᠪᠠᠢᠵᠤ
ᠥᠷᠥᠰᠢᠶᠡᠯᠲᠦ ᠠᠪᠤᠷᠠᠯ ᠢ᠋ ᠭᠤᠶᠤᠬᠤ ᠨᠢ ᠭᠡᠳ ᠬᠤᠪᠢᠯᠠᠢ ᠡᠵᠡᠨ ᠳ᠋ᠦ᠍ ᠴᠣᠭ ᠬᠡᠢ ᠮᠣᠷᠢ᠂ ᠡᠷ᠎ᠡ ᠵᠣᠷᠢᠭ᠂ ᠶᠡᠷᠦ ᠪᠤᠰᠤ ᠶ᠋ᠢᠨ ᠶᠡᠬᠡ ᠬᠦᠴᠦᠨ ᠬᠠᠢᠷᠠᠯᠠᠵᠤ ᠥᠷᠥᠰᠢᠶᠡ! ᠢᠯᠳᠦ ᠳᠠᠯᠠᠢᠨ ᠳᠣᠪᠲᠣᠯᠤᠨ ᠣᠷᠣᠵᠤ ᠢᠷᠡᠵᠦ ᠪᠠᠢᠭ᠎ᠠ ᠡᠷᠡᠮᠡᠬᠡᠢ ᠵᠣᠷᠢᠭᠲᠤ ᠠᠷᠢᠬᠪᠦ᠋ᠬᠡ ᠶ᠋ᠢᠨ ᠰᠦᠯᠳᠡ ᠬᠡᠢ ᠮᠣᠷᠢ ᠶ᠋ᠢ ᠬᠥᠲᠥᠯᠦᠭᠦᠯᠵᠦ᠂ ᠬᠦᠴᠦ ᠲᠡᠩᠬᠡᠭᠡ ᠶ᠋ᠢ ᠨᠢ ᠪᠠᠭᠤᠷᠠᠭᠤᠯᠤᠨ ᠤᠨᠠᠭᠠᠵᠤ ᠥᠷᠥᠰᠢᠶᠡ! ᠭᠡᠮᠡᠨ ᠶᠡᠷᠡ ᠶᠢᠰᠦᠨ ᠲᠡᠭᠷᠢ ᠳ᠋ᠦ᠍ ᠪᠡᠨ ᠳᠠᠭᠠᠳᠬᠠᠨ ᠳᠠᠭᠤᠳᠠᠨ ᠪᠠᠷᠢᠭᠰᠠᠨ ᠢ᠋ᠶ᠋ᠠᠨ᠂ ᠠᠮᠠᠨ ᠠ᠋ᠴᠠ ᠪᠠᠨ ᠬᠥᠭᠡᠰᠦ ᠰᠠᠬᠠᠷᠠᠭᠠᠳ ᠪᠠᠢᠵᠤ
— ᠮᠢᠨᠦ ᠬᠠᠷ᠎ᠠ ᠯᠤᠤᠰ ᠴᠢᠮᠠᠶ᠋ᠢ ᠲᠡᠳᠬᠦᠨ ᠥᠷᠥᠰᠢᠶᠡᠬᠦ ᠨᠢ ᠠ᠋᠃ ᠴᠢ ᠳᠠᠢᠳᠤᠪᠠᠰᠤ ᠴᠢᠮᠠᠲᠤ ᠠᠵᠠ ᠵᠠᠪᠰᠢᠶᠠᠨ ᠢ᠋ ᠲᠡᠭᠷᠢ ᠪᠠᠭᠤᠯᠭᠠᠨ ᠬᠠᠢᠷᠠᠯᠠᠬᠤ ᠨᠢ ᠁ ᠭᠡᠵᠦ ᠲᠡᠷᠲᠡᠭᠡ ᠥᠨᠳᠥᠷ ᠡᠴᠡ ᠰᠣᠨᠣᠰᠴᠤ ᠪᠣᠢ ᠠᠳᠠᠯᠢ ᠪᠠᠷ ᠬᠣᠭᠣᠯᠠᠢ ᠰᠤᠩᠭᠠᠨ ᠰᠢᠷᠣᠩᠬᠠᠢᠯᠠᠵᠤ ᠥᠭᠦᠯᠡᠪᠡ᠃
ᠪᠥᠬᠡ ᠶ᠋ᠢ ᠲᠣᠭᠣᠷᠢᠨ ᠵᠣᠭᠰᠣᠭᠰᠠᠨ ᠬᠥᠮᠦᠰ ᠡᠨᠡ ᠦᠭᠡ ᠶ᠋ᠢ ᠰᠣᠨᠣᠰᠤᠭᠠᠳ 《ᠮᠠᠩᠨᠠᠢ ᠲᠡᠨᠢᠢᠨ ᠪᠠᠶᠠᠷᠯᠠᠬᠤ》 ᠭᠡᠭᠴᠢ ᠪᠣᠯᠪᠠ ᠪᠣᠯᠤᠯᠲᠠᠢ᠂ ᠮᠢᠰᠢᠶᠡᠨ ᠳᠠᠭᠠᠯᠠᠭᠰᠠᠨ ᠪᠠᠢᠳᠠᠯ ᠨᠢᠭᠤᠷ ᠲᠤ᠌ ᠪᠠᠨ ᠲᠣᠳᠣᠷᠠᠭᠤᠯᠤᠨ
— ᠲᠡᠭᠷᠢ ᠲᠡᠳᠬᠦᠵᠦ ᠪᠠᠢᠨ᠎ᠠ᠃ ᠡᠦᠲᠦ ᠬᠡᠷᠡᠭ ᠦᠢᠯᠡᠰ ᠪᠦᠲᠦᠨ᠎ᠡ᠃
— ᠮᠠᠨ ᠤ᠋ ᠶᠡᠬᠡ ᠬᠠᠭᠠᠨ ᠢ᠋ ᠮᠥᠩᠬᠡ ᠲᠡᠭᠷᠢ ᠲᠠᠭᠠᠯᠠᠨ ᠢᠪᠡᠭᠡᠵᠦ ᠪᠠᠢᠨ᠎ᠠ ᠭᠡᠮᠡᠨ ᠵᠣᠷᠢᠭ ᠪᠠᠳᠠᠷᠠᠩᠭᠤᠢ ᠪᠠᠷ ᠬᠥᠷ ᠲᠡᠢ ᠥᠭᠦᠯᠡᠯᠴᠡᠵᠦ᠂ ᠭᠠᠷ ᠳᠡᠯᠭᠡᠨ ᠬᠤᠷᠤᠢᠯᠠᠵᠤ᠂ ᠪᠤᠶᠠᠨ ᠬᠡᠰᠢᠭ ᠢ᠋ᠶ᠋ᠡᠨ ᠳᠠᠭᠤᠳᠠᠨ ᠪᠠᠢᠬᠤ ᠳ᠋ᠤ᠌᠂ ᠶᠡᠬᠡ ᠬᠠᠷ᠎ᠠ ᠪᠥᠬᠡ ᠶ᠋ᠢ ᠪᠣᠯᠤᠨ ᠲᠡᠢᠨ ᠳ᠋ᠦ᠍ ᠮᠣᠷᠳᠠᠬᠤ ᠨᠣᠶᠠᠳ᠂ ᠵᠠᠩᠵᠤᠨ ᠨᠤᠭᠤᠳ ᠢ᠋ ᠬᠤᠪᠢᠯᠠᠢ ᠰᠠᠬᠢᠭᠤᠰᠤ ᠵᠠᠯᠠᠵᠤ᠂ ᠥᠯᠵᠡᠢ ᠲᠡᠢ ᠰᠠᠢᠬᠠᠨ ᠦᠭᠡ ᠰᠣᠨᠣᠰᠤᠭᠰᠠᠨ ᠪᠠᠶᠠᠷ ᠲᠤ᠌ ᠵᠣᠷᠢᠭᠤᠯᠤᠭᠰᠠᠨ ᠵᠣᠭᠣᠭ ᠲᠤ᠌ ᠤᠷᠢᠯ᠎ᠠ᠃ ᠬᠣᠨᠢᠨ ᠤ᠋ ᠪᠦᠬᠦᠯᠢ ᠮᠢᠬ᠎ᠠ ᠰᠡᠯᠲᠡ ᠶ᠋ᠢ ᠲᠠᠯᠪᠢᠵᠤ ᠦᠷᠦᠭᠰᠡᠨ ᠲᠡᠷᠡ ᠵᠣᠭᠣᠭ ᠳᠡᠭᠡᠷ᠎ᠡ ᠬᠤᠪᠢᠩ ᠢ᠋ᠶ᠋ᠠᠷ ᠠᠷᠠᠵᠠ ᠬᠣᠣᠷᠠᠵᠠ ᠢᠷᠡᠵᠦ ᠬᠥᠷ ᠬᠥᠭᠵᠢᠶᠡᠨ ᠡᠭᠦᠰᠪᠡ᠃
ᠴᠠᠢᠯᠠᠯᠭ᠎ᠠ ᠳᠡᠭᠡᠷ᠎ᠡ ᠭᠠᠩᠭᠠᠷ ᠱᠠᠭᠠᠵᠠᠩ ᠳ᠋ᠤ᠌ ᠰᠠᠷᠬᠤᠳ ᠮᠡᠯᠲᠡᠯᠵᠡᠭᠦᠯᠦᠨ ᠶᠠᠮᠪᠠᠷᠬᠠᠭ ᠢ᠋ᠶ᠋ᠠᠷ ᠲᠠᠮᠰᠢᠶᠠᠯᠠᠨ ᠪᠠᠯᠭᠤᠵᠤ ᠰᠠᠭᠤᠭ᠎ᠠ ᠬᠤᠪᠢᠯᠠᠢ ᠶ᠋ᠢᠨ ᠬᠠᠵᠠᠭᠤ ᠳ᠋ᠤ᠌ ᠵᠤᠵᠠᠭᠠᠨ ᠬᠥᠬᠡ ᠴᠢᠷᠠᠢᠲᠠᠢ᠂ ᠥᠨᠳᠥᠷ ᠨᠢᠷᠤᠭᠤ ᠲᠠᠢ ᠬᠠᠳᠠᠨ ᠵᠠᠩᠵᠤᠨ ᠡᠷᠡᠵᠦ ᠪᠥᠬᠥᠢᠨ ᠶᠣᠰᠣ ᠬᠢᠭᠰᠡᠨ ᠢ᠋ᠶ᠋ᠡᠨ ᠨᠠᠮᠤᠭᠤᠬᠠᠨ ᠳᠠᠭᠤ ᠪᠠᠷ ᠪᠣᠯᠭᠣᠮᠵᠢᠯᠠᠭᠰᠠᠨ ᠶᠠᠩᠵᠤᠲᠠᠢ ᠪᠠᠷ᠄
— ᠬᠠᠭᠠᠨᠲᠠᠨ ᠮᠢᠨᠢ ! ᠲᠠᠨ ᠤ᠋ ᠬᠠᠢᠷᠠᠯᠠᠵᠤ ᠪᠠᠢᠭ᠎ᠠ ᠡᠨᠡ ᠵᠣᠭᠣᠭ ᠲᠤ᠌ ᠪᠠᠶᠠᠨ ᠵᠠᠩᠵᠤᠨ ᠶᠠᠭᠠᠬᠢᠭᠠᠳ ᠢᠷᠡᠵᠦ ᠬᠡᠰᠢᠭ ᠬᠦᠷᠲᠡᠬᠦ ᠦᠭᠡᠢ ᠪᠠᠢᠭ᠎ᠠ ᠪᠢᠯᠡ? ᠭᠡᠵᠦ ᠠᠰᠠᠭᠤᠪᠠ ᠃ ᠬᠤᠪᠢᠯᠠᠢ ᠵᠢᠰᠢᠮᠡ ᠦᠭᠡᠢ ᠴᠢᠷᠠᠢ ᠭᠠᠷᠭᠠᠨ ᠬᠠᠳᠠᠨ ᠢ᠋ ᠬᠠᠷᠠᠵᠤ ᠰᠠᠬᠠᠯ ᠢ᠋ᠶ᠋ᠠᠨ ᠢᠯᠪᠢᠭᠡᠳ᠄
— ᠪᠠᠶᠠᠨ ᠢᠷᠡᠬᠦ ᠶᠣᠰᠣ ᠦᠭᠡᠢ ᠰᠢᠦ ᠳᠡ᠃ ᠲᠡᠷᠡ ᠲᠡᠢᠨ ᠦ᠌ ᠭᠠᠵᠠᠷ ᠤᠷᠤᠭᠤ ᠶᠠᠪᠤᠭᠠᠳ ᠦᠭᠭᠦᠭᠰᠡᠨ ᠭᠡᠪᠡ᠃
— ᠥᠷᠥᠰᠢᠶᠡᠵᠦ ᠪᠣᠯᠭᠣᠭ᠎ᠠ᠂ ᠬᠠᠭᠠᠨᠲᠠᠨ ᠮᠢᠨᠢ! ᠪᠠᠶᠠᠨ ᠶᠠᠭᠤᠨ ᠳ᠋ᠤ᠌ ᠶᠠᠪᠤᠭᠰᠠᠨ ᠪᠢᠯᠡ?
— ᠪᠢ ᠴᠢᠮᠠᠲᠤ ᠬᠡᠯᠡᠵᠦ ᠠᠮᠵᠢᠭ᠎ᠠ ᠦᠭᠡᠢ ᠪᠠᠢᠭ᠎ᠠ ᠶᠤᠮ ᠪᠠᠢᠨ᠎ᠠ᠃ ᠪᠠᠶᠠᠨ ᠬᠣᠢᠲᠤ ᠵᠦᠭ ᠲᠦ᠍ ᠬᠢᠬᠦ ᠲᠡᠢᠨ ᠦ᠌ ᠶᠠᠪᠤᠳᠠᠯ ᠳ᠋ᠤ᠌ ᠣᠷᠣᠯᠴᠠᠬᠤ ᠦᠭᠡᠢ᠂ ᠰᠥᠩ ᠦ᠋ᠨ ᠬᠠᠭᠠᠨ ᠤ᠋ ᠴᠡᠷᠢᠭ ᠲᠡᠢ ᠨᠦᠳᠦᠯᠳᠦᠵᠦ ᠶᠠᠪᠤᠬᠤ ᠳᠤᠷᠠᠲᠠᠢ ᠭᠡᠨ᠎ᠡ᠃ ᠲᠡᠭᠡᠭᠡᠳ ᠬᠠᠩᠵᠧᠦ᠂ ᠡᠵᠧᠦ ᠬᠣᠲᠠ ᠨᠤᠭᠤᠳ ᠤ᠋ᠨ ᠪᠦᠰᠡᠯᠡᠯᠲᠡ ᠤᠷᠤᠭᠤ ᠡᠷᠭᠢᠭᠡᠳ ᠶᠠᠪᠤᠭᠰᠠᠨ᠃ ᠲᠡᠷᠡ ᠬᠥᠮᠦᠨ ᠢᠷᠡᠬᠦ᠂ ᠶᠠᠪᠤᠬᠤ ᠭᠡᠵᠦ ᠲᠦᠪᠡᠭ ᠪᠠᠢᠬᠤ ᠪᠢᠰᠢ᠂ ᠬᠤᠴᠢᠯᠭ᠎ᠠ ᠳᠡᠪᠢᠰᠬᠡᠷ ᠢ᠋ᠶ᠋ᠡᠨ ᠬᠤᠢᠯᠠᠵᠤ ᠪᠠᠷᠢᠭᠠᠳ ᠯᠠ ᠶᠠᠭᠤ ᠲᠠᠭᠠᠷᠠᠯᠳᠤᠭᠰᠠᠨ ᠤᠨᠤᠭᠠᠨ ᠳ᠋ᠤ᠌ ᠬᠥᠯ ᠳᠡᠭᠦᠵᠢᠯᠡᠭᠡᠳ ᠬᠡᠯᠲᠦᠷᠢᠵᠦ ᠣᠷᠬᠢᠳᠠᠭ ᠶᠤᠮ ᠴᠢᠨᠢ᠃
— ᠪᠠᠶᠠᠨ ᠤ᠋ ᠲᠡᠭᠡᠵᠦ ᠶᠠᠪᠤᠬᠤ ᠶ᠋ᠢ ᠡᠵᠡᠨ ᠮᠢᠨᠢ ᠲᠠ ᠲᠠᠭᠠᠯᠠᠨ ᠰᠣᠶᠣᠷᠬᠠᠵᠤ ᠪᠠᠢᠭ᠎ᠠ ᠶᠤᠮ ᠤᠤ? ᠪᠢ ᠭᠠᠷ ᠮᠤᠬᠤᠷᠳᠠᠬᠤ ᠪᠢᠰᠢ ᠪᠠᠵᠠ ᠠ᠋?
— ᠭᠠᠢᠭᠤᠢ ᠪᠠᠢᠬ᠎ᠠ᠃ ᠴᠢ ᠴᠡᠷᠢᠭ ᠦ᠋ᠨ ᠢ᠋ᠶ᠋ᠡᠨ ᠨᠢᠭᠡ ᠬᠡᠰᠡᠭ ᠢ᠋᠂ ᠪᠢ ᠨᠥᠭᠦᠭᠡ ᠬᠡᠰᠡᠭ ᠢ᠋ ᠨᠢ ᠠᠪᠤᠭᠠᠳ ᠮᠣᠷᠳᠠᠬᠤ ᠳ᠋ᠤ᠌ ᠤᠴᠢᠷ ᠨᠢ ᠣᠯᠳᠠᠬᠤ ᠪᠢᠵᠡ᠂ ᠴᠠᠭᠠᠨ ᠢ᠋ ᠪᠠᠰᠠ ᠵᠠᠷᠤᠨ᠎ᠠ᠃ ᠥᠭᠡᠷ᠎ᠡ ᠵᠠᠩᠵᠤᠨ ᠪᠢᠳᠡᠨ ᠳ᠋ᠦ᠍ ᠪᠠᠢᠨ᠎ᠠ ᠰᠢᠦ᠃ ᠴᠢ ᠪᠤᠤ ᠵᠣᠪᠠ!
— ᠪᠠᠶᠠᠨ ᠲᠡᠨᠳᠡ ᠭᠠᠭᠴᠠᠭᠠᠷ ᠢ᠋ᠶ᠋ᠠᠨ ᠶᠠᠭᠤ ᠬᠢᠵᠦ ᠶᠠᠪᠤᠬᠤ ᠭᠡᠰᠡᠨ ᠶᠦᠮ ᠪᠣᠯ? ᠠᠷᠠᠢ ᠰᠥᠩ ᠦ᠋ᠨ ᠲᠠᠯ᠎ᠠ ᠳ᠋ᠤ᠌ ᠣᠷᠣᠬᠤ ᠰᠠᠨᠠᠭᠠᠲᠠᠢ ᠪᠣᠯᠵᠤ ᠣᠷᠬᠢᠬᠤ ᠦᠭᠡᠢ ᠪᠠᠢᠭ᠎ᠠ?
— ᠲᠡᠷᠡ ᠴᠤ᠌ ᠦᠭᠡᠢ ᠪᠢᠵᠡ᠃ ᠪᠠᠶᠠᠨ ᠡᠮᠦᠨᠡᠲᠦ ᠬᠢᠯᠢ ᠶ᠋ᠢᠨ ᠵᠠᠭᠠᠭ ᠢ᠋ᠶ᠋ᠠᠷ ᠪᠠᠢᠬᠤ ᠨᠢ ᠪᠢᠳᠡᠨ ᠳ᠋ᠦ᠍ ᠪᠠᠰᠠ ᠶᠡᠬᠡ ᠬᠡᠷᠡᠭ ᠪᠣᠯᠤᠭᠠᠳ ᠪᠠᠢᠨ᠎ᠠ ᠰᠢᠦ᠃ ᠬᠣᠢᠲᠤ᠂ ᠡᠮᠦᠨᠡᠲᠦ ᠠᠯᠢ ᠨᠢ ᠢᠯᠭᠠᠭ᠎ᠠ ᠦᠭᠡᠢ ᠵᠢᠭᠠᠬᠠᠨ ᠰᠡᠢᠮᠡᠬᠡᠢ ᠭᠠᠷᠪᠠᠯ ᠬᠢᠲᠠᠳ ᠤ᠋ᠳ ᠦᠢᠮᠡᠭᠡᠨ ᠳᠡᠭᠳᠡᠭᠡᠵᠦ ᠪᠣᠰᠬᠤ ᠭᠡᠳ ᠪᠠᠢᠬᠤ ᠬᠠᠷᠠᠯᠠᠭᠰᠠᠨ ᠶᠤᠮ᠃
— ᠲᠡᠢᠮᠦ ᠠ᠋᠃ ᠲᠡᠳᠡ ᠨᠣᠮᠣᠬᠠᠷᠠᠳᠠᠭ ᠦᠭᠡᠢ ᠠᠮᠢᠲᠠᠨ ᠪᠠᠢᠨ᠎ᠠ᠃ ᠬᠢᠲᠠᠳ ᠤ᠋ᠨ ᠢᠵᠠᠭᠤᠷᠲᠠᠨ᠂ ᠭᠠᠵᠠᠷ ᠡᠵᠡᠮᠰᠢᠭᠴᠢᠳ ᠨᠢ ᠮᠠᠨ ᠤ᠋ ᠴᠡᠷᠢᠭ ᠦ᠋ᠨ ᠥᠭᠡᠳᠡ ᠡᠴᠡ ᠤᠯᠠᠭᠠᠨ ᠵᠢᠳᠠ ᠪᠠᠨ ᠪᠠᠷᠢᠭᠠᠳ ᠥᠨᠳᠡᠢᠬᠦ ᠰᠠᠨᠠᠭᠠᠲᠠᠢ᠃
— ᠡᠢᠮᠦ ᠬᠥᠮᠦᠰ ᠲᠡᠢ ᠪᠠᠶᠠᠨ ᠬᠥᠭᠡᠭᠡᠴᠡᠯᠳᠦᠵᠦ ᠶᠠᠪᠤᠬᠤ ᠳ᠋ᠤ᠌ ᠪᠠᠨ ᠪᠦᠷ ᠳᠠᠮ ᠢ᠋ ᠨᠢ ᠣᠯᠵᠤ ᠰᠢᠦ᠃ ᠲᠡᠭᠡᠭᠡᠳ ᠪᠢ ᠪᠠᠶᠠᠨ ᠢ᠋ ᠡᠮᠦᠨ᠎ᠡ ᠵᠦᠭ ᠲᠦ᠍ ᠪᠠᠢᠪᠠᠯ ᠪᠠᠢᠭ ᠭᠡᠵᠦ ᠪᠣᠳᠣᠵᠤ ᠶᠠᠪᠤᠭ᠎ᠠ᠃
ᠲᠡᠭᠦᠨ ᠳ᠋ᠦ᠍ ᠪᠢ ᠰᠥᠩ ᠦ᠋ᠨ ᠴᠡᠷᠢᠭ ᠢ᠋ ᠪᠦᠷᠢᠨ ᠠᠯᠠᠭ᠎ᠠ ᠪᠣᠯᠭᠠᠬᠤ ᠵᠠᠷᠯᠢᠭ ᠪᠠᠭᠤᠯᠭᠠᠨ ᠥᠭᠴᠦ ᠳᠥᠩᠭᠡᠨ᠎ᠡ ᠪᠠᠢᠬᠤ ᠠ᠋ ᠭᠡᠰᠡᠨ ᠶᠠᠷᠢᠶ᠎ᠠ ᠬᠤᠪᠢᠯᠠᠢ᠂ ᠬᠠᠳᠠᠨ ᠨᠠᠷ ᠤ᠋ᠨ ᠳᠤᠮᠳᠠ ᠪᠣᠯᠬᠤ ᠳ᠋ᠤ᠌ ᠬᠠᠭᠠᠨ ᠠᠯᠪᠠ ᠪᠠᠷ ᠢᠨᠢᠶᠡᠪᠡ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠭᠠᠷᠮ᠎ᠠ᠂ ᠳᠠᠪᠰᠢᠯᠲᠦ᠂ ᠴᠣᠯᠮᠣᠨᠲᠤᠶᠠᠭ᠎ᠠ
