ᠵᠥᠭᠡᠯᠡᠨ ᠰᠡᠳᠬᠢᠯ-ᠴᠡᠴᠡᠭᠳᠡᠯᠭᠡᠷ Tsetsegdelger - Zuulun setgel Цэцэгдэлгэр - Зөөлөн сэтгэл
ᠵᠥᠭᠡᠯᠡᠨ ᠰᠡᠳᠬᠢᠯ
ᠦᠭᠡ᠄ ᠴ᠂ ᠭᠠᠩᠪᠠᠭᠠᠲᠤᠷ
ᠠᠶ᠎ᠠ᠄ ᠪ᠂ ᠫᠦᠷᠪᠦᠰᠥ᠋ᠷᠥᠩ
ᠳᠠᠭᠤᠴᠢᠨ᠄ ᠴ᠂ ᠴᠡᠴᠡᠭᠳᠡᠯᠭᠡᠷ
ᠲᠣᠷᠮᠣᠭᠣᠷ ᠨᠢᠳᠦ ᠲᠡᠢ ᠢᠩᠭᠡᠨ ᠪᠣᠢᠯᠠᠭ᠎ᠠ
ᠲᠣᠭᠣᠷᠢᠮ ᠤ᠋ᠨ ᠴᠠᠭᠠᠨ᠎ᠠ ᠡᠴᠡ ᠰᠣᠨᠣᠰᠤᠭᠳᠠᠭᠠᠳ ᠪᠠᠢᠨ᠎ᠠ
ᠲᠣᠭᠣᠨᠣ ᠪᠠᠷ ᠲᠤᠰᠬᠤ ᠰᠠᠷᠠᠨ ᠤ᠋ ᠭᠡᠷᠡᠯ ᠳ᠋ᠦ᠍
ᠲᠣᠷᠭᠠᠨ ᠵᠢᠷᠦᠬᠡ ᠮᠢᠨᠢ ᠳᠡᠩᠰᠡᠯᠡᠭᠡᠳ ᠪᠠᠢᠨ᠎ᠠ
ᠵᠢᠷᠣᠭ᠎ᠠ ᠮᠣᠷᠢᠨ ᠤ᠋ ᠬᠠᠲᠠᠷᠢᠶ᠎ᠠ ᠨᠡᠢᠯᠡᠬᠦ
ᠵᠢᠵᠡᠦ ᠳᠥᠷᠥᠭᠡ ᠬᠠᠷᠰᠢᠭᠠᠳ ᠪᠠᠢᠨ᠎ᠠ
ᠡᠩᠭᠡᠷ ᠳᠦᠭᠦᠷᠡᠩ ᠰᠡᠳᠬᠢᠯ ᠦ᠋ᠨ ᠭᠦᠨ ᠡᠴᠡ ᠪᠡᠨ
ᠡᠷᠡᠳᠡᠭᠦᠦ ᠴᠢᠮ᠎ᠠ ᠪᠠᠨ ᠰᠠᠨᠠᠭᠠᠳ ᠪᠠᠢᠨ᠎ᠠ
ᠬᠣᠢᠭᠤᠷ ᠮᠠᠨᠠᠨᠳᠠᠬᠤ ᠪᠠᠷᠠᠭᠠᠨ ᠡᠭᠦᠯᠡ ᠨᠢ
ᠬᠣᠯᠠ ᠶ᠋ᠢᠨ ᠪᠣᠷᠣᠭ᠎ᠠ ᠶ᠋ᠢ ᠳᠠᠭᠤᠳᠠᠭᠠᠳ ᠪᠠᠢᠨ᠎ᠠ
ᠬᠣᠣᠰᠯᠠᠨ ᠨᠢᠰᠬᠦ ᠲᠣᠭᠣᠷᠤᠤ ᠶ᠋ᠢᠨ ᠴᠤᠪᠤᠭ᠎ᠠ ᠲᠠᠢ
ᠬᠣᠩᠭᠣᠷ ᠬᠠᠢᠷ᠎ᠠ ᠮᠢᠨᠢ ᠭᠡᠭᠡᠯᠵᠡᠭᠡᠳ ᠪᠠᠢᠨ᠎ᠠ
ᠢᠵᠢᠯᠢ ᠬᠣᠶᠠᠷ ᠤ᠋ᠨ ᠬᠠᠲᠠᠷᠢᠶ᠎ᠠ ᠨᠡᠢᠯᠡᠬᠦ ᠳ᠋ᠦ᠍
ᠡᠮᠡᠭᠡᠯ ᠦ᠋ᠨ ᠳᠥᠷᠥᠭᠡ ᠬᠠᠷᠰᠢᠭᠠᠳ ᠪᠠᠢᠨ᠎ᠠ
ᠡᠩᠭᠡᠷ ᠳᠦᠭᠦᠷᠡᠩ ᠰᠡᠳᠬᠢᠯ ᠦ᠋ᠨ ᠭᠦᠨ ᠡᠴᠡ ᠪᠡᠨ
ᠡᠷᠡᠳᠡᠭᠦᠦ ᠴᠢᠮ᠎ᠠ ᠪᠠᠨ ᠰᠠᠨᠠᠭᠠᠳ ᠪᠠᠢᠨ᠎ᠠ
ᠠᠭᠤᠯᠠ ᠶ᠋ᠢᠨ ᠨᠥᠯᠥᠭᠡ ᠶ᠋ᠢ ᠲᠤᠯᠤᠭᠠᠳ ᠣᠷᠢᠶᠠᠬᠤ ᠳ᠋ᠤ᠌
ᠤᠨᠠᠭᠠᠨ ᠬᠡᠭᠡᠷ ᠮᠢᠨᠢ ᠬᠣᠯᠬᠢᠭᠠᠳ ᠪᠠᠢᠨ᠎ᠠ
ᠠᠭᠤᠯᠵᠠᠭᠠᠳ ᠬᠠᠩᠬᠤ ᠦᠭᠡᠢ ᠬᠠᠯᠠᠭᠤᠨ ᠵᠢᠷᠦᠬᠡᠨ ᠳ᠋ᠦ᠍ ᠮᠢᠨᠢ
ᠤᠶᠠᠬᠠᠨ ᠰᠡᠳᠬᠢᠯ ᠮᠢᠨᠢ ᠢᠯᠭᠠᠷᠠᠭᠠᠳ ᠪᠠᠢᠨ᠎ᠠ
ᠲᠣᠷᠮᠣᠭᠣᠨ ᠮᠣᠷᠢᠳ ᠤ᠋ᠨ ᠬᠠᠲᠠᠷᠢᠶ᠎ᠠ ᠨᠡᠢᠯᠡᠬᠦ ᠳ᠋ᠦ᠍
ᠵᠢᠵᠡᠦ ᠳᠥᠷᠥᠭᠡ ᠬᠠᠷᠰᠢᠭᠠᠳ ᠪᠠᠢᠨ᠎ᠠ
ᠡᠩᠭᠡᠷ ᠳᠦᠭᠦᠷᠡᠩ ᠰᠡᠳᠬᠢᠯ ᠦ᠋ᠨ ᠭᠦᠨ ᠡᠴᠡ ᠪᠡᠨ
ᠡᠷᠡᠳᠡᠭᠦᠦ ᠴᠢᠮ᠎ᠠ ᠪᠠᠨ ᠰᠠᠨᠠᠭᠠᠳ ᠪᠠᠢᠨ᠎ᠠ
ᠡᠷᠡᠳᠡᠭᠦᠦ ᠴᠢᠮ᠎ᠠ ᠪᠠᠨ ᠰᠠᠨᠠᠭᠠᠳ ᠪᠠᠢᠨ᠎ᠠ
ᠦᠰᠦᠭ ᠬᠠᠳᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
