ᠨᠠᠷᠠᠨ ᠡᠵᠢ - ᠫᠣ· ᠥᠯᠵᠡᠢᠨᠠᠷᠠᠨ Наран ээж-Пү·Өлзийнаран ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠨ ᠡᠵᠢ - ᠫᠣ· ᠥᠯᠵᠡᠢᠨᠠᠷᠠᠨ Наран ээж-Пү·Өлзийнаран

ᠨᠠᠷᠠᠨ ᠡᠵᠢ - ᠫᠣ· ᠥᠯᠵᠡᠢᠨᠠᠷᠠᠨ Наран ээж-Пү·Өлзийнаран

2026-08-07

97

ᠨᠠᠷᠠᠨ ᠡᠵᠢ


          ᠦᠭᠡ᠄ ᠫᠣ· ᠥᠯᠵᠡᠢᠨᠠᠷᠠᠨ 
          ᠤᠶᠠᠩᠭᠠᠯᠠᠭᠴᠢ᠄ ᠠᠶᠠᠷᠠᠨ 

ᠵᠡᠭᠦᠨ ᠵᠦᠭ ᠡᠴᠡ ᠨᠠᠷᠠ 
ᠵᠢᠰᠦ ᠪᠡᠨ ᠤᠬᠢᠶᠠᠨ ᠪᠣᠰᠬᠤ ᠳ᠋ᠠᠭᠠᠨ 
ᠡᠷᠲᠡ ᠶ᠋ᠢᠨ ᠰᠠᠭᠠᠯᠢ ᠪᠠᠨ ᠠᠪᠤᠭᠰᠠᠨ 
ᠡᠵᠢ ᠡᠴᠡ ᠮᠢᠨᠢ ᠣᠷᠣᠢᠲᠠᠭᠰᠠᠨ ᠳ᠋ᠠᠭᠠᠨ 
ᠡᠪᠭᠦᠢᠷᠬᠡᠨ ᠮᠦᠰᠢᠶᠡᠵᠦ 
ᠡᠷᠡᠭᠦᠯ ᠴᠠᠭᠠᠨ ᠴᠢᠷᠠᠢ ᠨᠢ ᠤᠯᠠᠪᠠᠰᠬᠢᠵᠦ ᠪᠠᠢᠯ᠎ᠠ᠃ 

ᠰᠦ ᠪᠣᠯ ᠡᠵᠢ ᠶ᠋ᠢᠨ ᠮᠢᠨᠢ 
ᠰᠦᠵᠢᠭᠯᠡᠵᠦ ᠡᠷᠭᠦᠳᠡᠭ ᠠᠷᠢᠭᠤᠨ ᠢᠳᠡᠭᠡᠨ ᠪᠣᠯᠬᠣᠷ 
ᠨᠠᠷᠠ ᠬᠡᠳᠦᠢᠪᠡᠷ 
ᠡᠵᠢ ᠡᠴᠡ ᠮᠢᠨᠢ ᠣᠷᠣᠢᠲᠠᠭᠰᠠᠨ ᠴᠤ᠌ 
ᠨᠠᠭᠠᠳᠤᠬᠢ ᠰᠦ ᠶ᠋ᠢ ᠨᠢ ᠬᠥᠭᠡᠷᠦᠭᠦᠯᠬᠦ ᠪᠡᠷ
ᠠᠭᠠᠷ ᠲᠤ᠌ ᠥᠨᠳᠥᠷ ᠮᠠᠨᠳᠤᠯ᠎ᠠ
ᠰᠦᠨ ᠦ᠌ ᠬᠢᠨᠢ ᠰᠢᠮ᠎ᠡ ᠲᠡᠭᠡᠬᠦ ᠳ᠋ᠦ᠍
ᠠᠯᠲᠠ ᠪᠣᠯᠵᠤ ᠰᠢᠷᠠᠯᠠᠨ
ᠰᠦᠵᠢᠭᠯᠡᠵᠦ ᠬᠠᠷᠠᠪᠠᠯ ᠨᠠᠷᠠ
ᠲᠣᠰᠣᠨ ᠰᠢᠷᠭᠠᠯ ᠬᠠᠷᠠᠭᠳᠠᠨ᠎ᠠ

ᠡᠳᠦᠷ ᠪᠦᠷᠢ ᠶ᠋ᠢᠨ ᠨᠠᠷᠠ ᠪᠣᠯ
ᠥᠲᠡᠯᠦᠭᠡ ᠡᠵᠢ ᠶ᠋ᠢᠨ ᠮᠢᠨᠢ
ᠥᠨᠢᠳᠡ ᠶ᠋ᠢᠨ ᠬᠠᠯᠠᠭᠤᠨ ᠳᠤᠷᠠᠰᠬᠠᠯ
ᠦᠵᠡᠰᠬᠦᠯᠡᠩᠲᠦ ᠰᠠᠢᠬᠠᠨ ᠵᠠᠯᠠᠭᠤ ᠨᠠᠰᠤ ᠨᠢ ᠪᠢᠯᠡ

ᠠᠩᠭᠢᠷ ᠪᠠᠭ᠎ᠠ ᠶ᠋ᠢᠨ ᠨᠠᠰᠤᠨ ᠳ᠋ᠤ᠌
ᠠᠮᠢᠳᠤᠷᠠᠯ ᠤ᠋ᠨ ᠮᠢᠨᠢ ᠮᠣᠳᠣᠨ ᠳᠡᠭᠡᠷ᠎ᠡ
ᠠᠯᠢᠮ᠎ᠠ ᠰᠢᠭ᠋ ᠣᠯᠠᠨ ᠨᠠᠷᠠ
ᠢᠯᠭᠠᠷᠠᠵᠤ ᠰᠡᠳᠬᠢᠯ ᠳ᠋ᠦ᠍ ᠬᠠᠷᠠᠭᠳᠠᠭᠰᠠᠨ ᠨᠢ
ᠡᠵᠢ ᠶ᠋ᠢᠨ ᠮᠢᠨᠢ ᠡᠨᠡᠷᠢᠯ ᠬᠠᠢᠷ᠎ᠠ
ᠡᠷᠬᠡ ᠦᠭᠡᠢ ᠮᠥᠨ ᠪᠠᠢᠵᠠᠢ᠄
ᠪᠦᠪᠡᠢ ᠶ᠋ᠢᠨ ᠳᠠᠭᠤᠤ ᠪᠣᠯ
ᠡᠵᠢ ᠶ᠋ᠢᠨ ᠮᠢᠨᠢ
ᠪᠥᠮᠪᠥᠷᠴᠡᠭ ᠢ᠋ ᠬᠦᠷᠲᠡᠯ᠎ᠡ
ᠵᠡᠭᠦᠳᠦᠨ ᠳ᠋ᠦ᠍ ᠨᠢ ᠵᠢᠷᠭᠠᠭᠤᠯᠳᠠᠭ
ᠪᠦᠲᠦᠨ ᠵᠢᠷᠭᠠᠯ ᠤ᠋ᠨ
ᠡᠭᠡᠰᠢᠭ ᠢᠷᠠᠭᠤᠬᠠᠨ ᠨᠠᠷᠠ᠃
ᠨᠠᠮ᠎ᠠ ᠶ᠋ᠢ ᠨᠠᠨᠳᠢᠩᠨᠠᠨ ᠴᠢᠮᠡᠵᠦ
ᠡᠪᠯᠢᠭ ᠲᠠᠭᠠᠷᠠᠭᠤᠯᠵᠤ ᠣᠶᠣᠵᠤ ᠥᠭᠭᠦᠭᠰᠡᠨ ᠲᠡᠷᠯᠢᠭ ᠦ᠋ᠨ ᠬᠢᠨᠢ
ᠡᠩᠭᠡᠷ ᠦ᠋ᠨ ᠬᠢᠨᠢ ᠲᠣᠪᠴᠢ ᠨᠢ ᠬᠦᠷᠲᠡᠯ᠎ᠡ
ᠡᠭᠡᠯᠢᠲᠡᠢ ᠳᠤᠯᠠᠭᠠᠬᠠᠨ
ᠡᠩᠬᠦᠷᠡᠢ ᠬᠥᠭᠡᠷᠦᠬᠦᠨ ᠨᠠᠷᠠ ᠶᠤᠮ᠃
ᠶᠠᠷᠢᠵᠤ ᠥᠭᠳᠡᠭ ᠦᠯᠢᠭᠡᠷ ᠦ᠋ᠳ ᠨᠢ ᠬᠦᠷᠲᠡᠯ᠎ᠡ
ᠶᠠᠰᠤ ᠤᠬᠠᠭᠠᠨ ᠳ᠋ᠤ᠌ ᠮᠢᠨᠢ ᠰᠢᠩᠭᠡᠭᠰᠡᠨ
ᠢᠷᠠᠭᠤ ᠨᠠᠢᠷᠠᠭ ᠤ᠋ᠨ ᠨᠠᠷᠠ ᠪᠠᠢᠵᠤ ᠰᠢᠦ

ᠬᠥᠳᠡᠯᠮᠦᠷᠢ ᠳ᠋ᠦ᠍ ᠠᠪᠢᠶᠠᠰ ᠰᠠᠭᠤᠯᠭᠠᠨ᠎ᠠ ᠭᠡᠵᠦ
ᠬᠦᠦ ᠨᠠᠮ᠎ᠠ ᠶ᠋ᠢ ᠪᠡᠨ ᠳᠠᠭᠠᠭᠤᠯᠵᠤ ᠪᠣᠢᠵᠢᠭᠤᠯᠤᠭᠰᠠᠨ ᠲᠤᠯᠠ
ᠲᠤᠭᠤᠯ ᠬᠤᠷᠠᠭ᠎ᠠ ᠨᠤᠭᠤᠳ ᠨᠢ ᠬᠦᠷᠲᠡᠯ᠎ᠡ
ᠲᠣᠭᠯᠠᠳᠠᠭ ᠨᠠᠷᠠ ᠪᠠᠢᠭᠰᠠᠨ

ᠡᠳᠦᠷ ᠪᠦᠷᠢ ᠡᠵᠢ ᠮᠢᠨᠢ
ᠦᠦᠷ ᠦ᠋ᠨ ᠴᠣᠯᠮᠣᠨ ᠲᠠᠢ ᠵᠡᠷᠭᠡᠴᠡᠨ ᠪᠣᠰᠴᠤ
ᠥᠷᠯᠥᠭᠡ ᠶ᠋ᠢᠨ ᠨᠠᠷᠠ ᠶ᠋ᠢ ᠳᠠᠯᠠᠯᠤᠨ ᠠᠪᠴᠢᠷᠠᠵᠤ
ᠥᠩᠭᠡ ᠭᠡᠷᠡᠯ ᠢ᠋ ᠨᠢ ᠨᠡᠮᠡᠳᠡᠭ ᠪᠠᠢᠵᠤ ᠰᠢᠦ
ᠨᠠᠷᠠ ᠪᠣᠯ ᠢᠵᠢ ᠶ᠋ᠢᠨ ᠮᠢᠨᠢ
ᠨᠠᠰᠤᠨ ᠤ᠋ ᠠᠯᠲᠠᠨ ᠲᠤᠤᠯᠢ ᠪᠠᠢᠯ᠎ᠠ᠃

ᠡᠵᠢ ᠨᠠᠳᠠ ᠨᠠᠷᠠ ᠥᠭᠭᠦᠯ᠎ᠡ
ᠡᠨᠡᠷᠢᠵᠦ ᠥᠭᠭᠦᠭᠰᠡᠨ ᠲᠡᠷᠡ ᠨᠠᠷᠠ ᠨᠢ
ᠡᠯᠢᠭᠡ ᠵᠢᠷᠦᠬᠡᠨ ᠳ᠋ᠦ᠍ ᠮᠥᠩᠬᠡ ᠭᠡᠷᠡᠯᠲᠦᠬᠦ
ᠡᠷᠬᠢᠮ ᠰᠠᠢᠬᠠᠨ ᠰᠤᠷᠭᠠᠯ ᠨᠢ ᠪᠠᠢᠯ᠎ᠠ
ᠨᠠᠮ᠎ᠠ ᠶ᠋ᠢ ᠨᠠᠷᠠ ᠪᠣᠯᠭᠠᠨ᠎ᠠ ᠭᠡᠵᠦ
ᠨᠠᠨᠳᠢᠩᠨᠠᠵᠤ ᠥᠭᠭᠦᠭᠰᠡᠨ ᠨᠠᠷᠠ ᠨᠢ ᠲᠡᠷᠡ ᠶᠦᠮ 
ᠡᠨᠡ ᠳᠡᠯᠡᠬᠡᠢ ᠪᠡᠨ ᠭᠡᠢᠭᠦᠯᠵᠦ ᠶᠠᠪᠤᠭᠠᠷᠠᠢ ᠭᠡᠳᠡᠭ
ᠡᠩ ᠦᠭᠡᠢ ᠬᠠᠢᠷ᠎ᠠ ᠶ᠋ᠢᠨ ᠨᠠᠷᠠ ᠶ᠋ᠢ
ᠡᠵᠢ ᠮᠢᠨᠢ ᠯᠡ ᠥᠭᠭᠦᠭᠰᠡᠨ ᠪᠠᠢᠵᠤ ᠰᠢᠦ᠃
ᠡᠵᠢ ᠮᠢᠨᠢ ᠯᠡ ᠥᠭᠭᠦᠭᠰᠡᠨ ᠪᠠᠢᠵᠤ ᠰᠢᠦ᠃

      ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
      ᠦᠰᠦᠭ ᠬᠠᠳᠠᠭᠴᠢ᠄ ᠪᠠᠢ᠂ ᠰᠠᠷᠠᠨ᠎ᠠ
      ᠬᠢᠨᠠᠭᠴᠢ᠄ ᠰᠣᠨᠢᠨᠪᠠᠶᠠᠷ