ᠲᠡᠬᠡ ᠶ᠋ᠢᠨ ᠵᠣᠭᠰᠤᠭᠠᠯ- ᠪ᠂ ᠶᠠᠪᠤᠭᠤᠬᠤᠯᠠᠨДаэгийн зогсоол-Б. Явуухулан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠬᠡ ᠶ᠋ᠢᠨ ᠵᠣᠭᠰᠤᠭᠠᠯ- ᠪ᠂ ᠶᠠᠪᠤᠭᠤᠬᠤᠯᠠᠨДаэгийн зогсоол-Б. Явуухулан

ᠲᠡᠬᠡ ᠶ᠋ᠢᠨ ᠵᠣᠭᠰᠤᠭᠠᠯ- ᠪ᠂ ᠶᠠᠪᠤᠭᠤᠬᠤᠯᠠᠨДаэгийн зогсоол-Б. Явуухулан

2023-11-12

549

ᠲᠡᠬᠡ ᠶ᠋ᠢᠨ ᠵᠣᠭᠰᠤᠭᠠᠯ

  ᠪ᠂ ᠶᠠᠪᠤᠭᠤᠬᠤᠯᠠᠨ

ᠲᠡᠷᠡ ᠵᠢᠯ ᠤᠨ ᠲᠡᠷᠡ ᠨᠢᠭᠡᠨ ᠡᠪᠦᠯ ᠤ᠋ᠨ
ᠦᠡᠭ᠌ ᠲᠠᠢ ᠶ᠋ᠢ ᠶᠠᠭᠠᠬᠢᠨ᠎᠎ᠠ !
ᠲᠡᠬᠡ  ᠢ᠋ᠢᠨ ᠵᠣᠭᠰᠣᠭᠠᠯ ᠭᠡᠳ᠋ᠡᠭ᠌ ᠲᠡᠷᠡ ᠨᠢᠭᠡᠨ ᠣᠷᠭᠢᠯ ᠤ᠋ᠨ
ᠦᠨᠳ᠋ᠦᠷ ᠢ ᠶᠠᠭᠠᠬᠢᠨ᠎᠎ᠠ !
ᠬᠦᠷᠡᠡᠭ᠌ ᠠᠭᠣᠯᠠᠰ ᠤᠨ ᠪᠤᠢᠳᠠ ᠮᠣᠬᠣᠷ
ᠬᠦᠦᠱᠢ ᠨᠡᠷ᠎ᠡ ᠲᠠᠢ
ᠬᠦᠷᠬᠦ ᠳᠤ ᠬᠣᠯᠠ ᠴᠤ᠌ ᠡᠪᠦᠯᠵᠢᠬᠦ ᠳᠤ ᠨᠥᠮᠦᠷᠢ
ᠬᠥ᠋ᠬᠡ ᠪᠠᠭᠣᠴᠠ ᠲᠠᠢ
ᠬᠦᠷᠡᠡᠭ᠌ ᠠᠭᠣᠯᠠᠰ ᠢ ᠬᠠᠯᠠᠭᠣᠨ ᠨᠠᠮᠣᠷ ᠢ᠋ᠢᠠᠷ
ᠠᠪᠣ ᠮᠢᠨᠢ ᠵᠣᠷᠢᠯ᠎ᠠ
ᠬᠦᠦᠱᠢ  ᠶᠢᠨ ᠡᠪᠦᠯᠵᠢᠶᠡᠨ ᠳᠤ ᠭᠣᠷᠪᠠᠨ ᠭᠡᠷ ᠢ᠋ᠢᠠᠷ ᠢᠶᠡᠨ
ᠠᠢᠯ ᠡᠪᠦᠯᠵᠢᠯ᠎ᠡ᠃

ᠡᠪᠦᠯᠵᠢᠶ᠎᠎ᠡ ᠶᠢ ᠬᠦᠷᠢᠶᠡᠯᠩᠰᠡᠨ ᠠᠭᠣᠯᠠᠰ ᠤᠨ ᠣᠷᠭᠢᠯ
ᠪᠦᠭᠦᠲᠡ ᠦᠨᠳ᠋ᠦᠷ
ᠦᠨᠳ᠋ᠦᠷ ᠤᠨ ᠲᠣᠮᠳ᠋ᠠ ᠠ᠋ᠴᠠ ᠲᠡᠬᠡ  ᠢ᠋ᠢᠨ ᠵᠣᠭᠰᠣᠭᠠᠯ
ᠪᠦᠷ ᠴᠤ᠌ ᠦᠨᠳ᠋ᠦᠷ !
ᠡᠪᠦᠯᠵᠢᠶᠡᠨ ᠳᠤ ᠪᠠᠭᠣᠭᠠᠳ ᠠᠪᠣ ᠂ ᠬᠡᠰᠡᠭ᠌ ᠵᠠᠭᠣᠷ᠎ᠠ
ᠠᠡᠭ᠌ ᠬᠢᠯ᠎ᠡ᠂
ᠡᠪᠦᠯ ᠳᠤ ᠪᠡᠯᠡᠳᠭᠡᠭᠡᠳ ᠠᠢᠯ ᠤ᠋ᠳ ᠴᠤ᠌ ᠂ ᠬᠡᠰᠡᠭ᠌ ᠵᠠᠭᠣᠷ᠎ᠠ
ᠠᠵᠢᠯ ᠬᠢᠯ᠎ᠡ ᠃
ᠦᠡᠭ᠌ ᠲᠡᠢ ᠵᠢᠯ ᠤᠨ ᠲᠡᠷᠡ ᠨᠢᠭᠡᠨ ᠡᠪᠦᠯ ᠤ᠋ᠨ
ᠲᠣᠯᠠᠭᠠᠬᠠᠨ ᠢ ᠬᠡᠯᠡᠬᠦ ᠦᠦ
ᠡᠪᠡᠰᠦ ᠴᠡᠰᠣ ᠲᠩᠰᠢᠬᠡᠨ ᠠᠭᠣᠯᠠᠨ ᠳᠤ ᠡᠪᠦᠯᠵᠢᠬᠦ ᠢ᠋ᠢᠨ
ᠲᠣᠬᠠᠳ᠋ᠠᠢ ᠶᠢ ᠴᠤ᠌ ᠬᠡᠯᠡᠬᠦ ᠦᠦ
ᠭᠣᠪᠢ ᠢ᠋ᠢᠨ ᠠᠭᠣᠯᠠᠨ ᠳᠤ ᠵᠠᠮ ᠶᠣᠰᠣ ᠪᠠᠷ ᠢ᠋ᠢᠡᠨ
ᠬᠠᠪᠣᠷ ᠢᠷᠠᠵᠤ
ᠭᠣᠣᠯ ᠪᠠᠷᠠᠳ᠋ᠠᠵᠣ ᠭᠣᠷᠪᠠᠨ ᠭᠡᠷ ᠢ᠋ᠢᠠᠷ ᠢ᠋ᠢᠡᠨ
ᠨᠡᠭᠦᠬᠦ ᠪᠣᠯᠣᠯ᠎ᠠ᠂
ᠨᠢᠭᠡᠨ ᠥᠷᠯᠥᠭᠡ ᠠᠪᠣ ᠮᠢᠨᠢ ᠨᠠᠮᠠᠶᠢ ᠪᠠᠨ
ᠭᠠᠳ᠋ᠠᠨ᠎᠎ᠠ ᠠ᠋ᠴᠠ ᠳᠠᠭᠤᠳ᠋ᠠᠵᠤ ᠂
ᠨᠢᠭᠡ ᠨᠢᠳ᠋ᠦᠨ ᠦ ᠰᠣᠨᠳ᠋ᠠᠭ ᠲᠣᠷᠠᠨ ᠢᠶᠠᠨ
ᠭᠠᠷ ᠲᠤ ᠮᠢᠨᠢ ᠪᠠᠷᠢᠭᠤᠯᠤᠭᠠᠳ
ᠲᠡᠬᠡ  ᠢ᠋ᠢᠨ ᠵᠣᠭᠰᠣᠭᠠᠯ ᠲᠡᠭᠡᠷ᠎ᠡ ᠶᠠᠭᠣ ᠪᠠᠢᠨ᠎᠎ᠠ ᠪᠣᠢ
᠆ ᠰᠠᠢᠨ ᠬᠠᠷᠠ !
ᠲᠡᠭᠡᠵᠦ ᠬᠡᠯᠡᠭ᠍ᠰᠡᠨ ᠦ ᠪᠠᠨ ᠵᠢᠭᠠᠬᠠᠨ ᠬᠣᠢᠨ᠎᠎ᠠ
ᠰᠠᠨᠠᠭ᠎ᠠ ᠠᠯᠳ᠋ᠠᠪᠠ ᠃
ᠦᠵᠦᠭᠦᠷ ᠨᠢ ᠭᠣᠷᠪᠠᠯᠵᠢᠨ ᠂ ᠡᠭᠦᠯᠡᠨ ᠳᠤ ᠱᠦᠷᠭᠦᠬᠦ
ᠣᠷᠭᠢᠯ ᠬᠠᠷᠠᠭᠳ᠋ᠠᠪᠠ
ᠡᠭᠦᠷ ᠢ᠋ᠢᠡᠨ ᠮᠠᠨᠠᠨ ᠦᠨᠳ᠋ᠦᠷ ᠲᠤ ᠡᠷᠭᠢᠬᠦ
ᠪᠦᠷᠭᠦᠳ ᠬᠠᠷᠠᠭᠳ᠋ᠠᠪᠠ
ᠲᠡᠷᠭᠡᠳ᠋ᠡᠬᠢ ᠣᠷᠭᠢᠯ ᠨᠢ ᠢᠯᠢᠭᠡᠳ ᠠᠪᠬᠣ ᠪᠠᠷ
ᠣᠢᠷᠠᠬᠠᠨ ᠪᠠᠢᠯ᠎ᠠ
ᠲᠡᠭᠡᠷᠡᠬᠢ ᠲᠡᠭ᠍ᠷᠢ ᠨᠢ ᠨᠢᠳ᠋ᠦᠨ ᠳᠤ ᠲᠣᠷᠬᠣ ᠪᠠᠷ
ᠡᠭᠦᠯᠡ ᠦᠭᠡᠢ ᠪᠠᠢᠯ᠎ᠠ
ᠲᠡᠬᠡ  ᠢ᠋ᠢᠨ ᠵᠣᠭᠰᠣᠭᠠᠯᠲᠡᠭᠡᠷ᠎ᠡ ᠬᠠᠷᠠᠭ᠎᠎ᠠ ᠪᠠᠨ ᠲᠣᠭᠳ᠋ᠠᠭ᠎᠎ᠠ ! ᠭᠡᠵᠦ ᠠᠪᠣ ᠮᠢᠨᠢ ᠬᠡᠯᠡᠯ᠎ᠡ
ᠲᠡᠷᠡᠬᠦᠨ ᠲᠡᠭᠡᠷ᠎ᠡ ᠨᠢᠭᠡᠨ ᠠᠮᠢᠳ᠋ᠠᠨ ᠪᠣᠢ ᠂ ᠣᠯ ᠳ᠋ᠡ
ᠭᠡᠵᠦ ᠠᠬᠢᠨ ᠬᠡᠯᠡᠯ᠎ᠡ᠃
ᠡᠪᠦᠯᠵᠢᠨ ᠬᠠᠷᠠᠭᠳ᠋ᠠᠵᠣ ᠨᠢᠳ᠋ᠦᠨ ᠳᠤ ᠳᠠᠰᠣᠭᠰᠠᠨ
ᠣᠷᠭᠢᠯ ᠦᠵᠡᠭ᠍ᠳ᠋ᠡᠯ᠎ᠡ
ᠣᠷᠣᠢ ᠳᠡᠭᠡᠷ᠎ᠡ ᠨᠢ ᠡᠪᠡᠷ ᠨᠢ ᠰᠡᠷᠡᠢᠭᠰᠡᠨ
ᠶᠠᠡᠭ᠍ᠬᠢᠷ ᠬᠠᠷᠠᠭᠳ᠋ᠠᠯ᠎ᠠ
ᠬᠠᠩᠭᠠᠢ ᠶᠢᠨ ᠰᠠᠢᠬᠠᠨ ᠠᠮᠢᠳ᠋ᠠᠨ ᠢ ᠦᠵᠡᠭᠡᠳ
ᠪᠢ ᠪᠠᠶᠠᠰᠴᠤ
᠆ ᠬᠠᠷᠠᠯᠠᠭ ᠲᠡᠬᠡ ᠵᠣᠭᠰᠣᠵᠣ ᠪᠠᠢᠨ᠎᠎ᠠ !
ᠭᠡᠵᠦ ᠪᠠᠷᠣᠭ ᠯᠡ ᠬᠠᠰᠬᠢᠷᠤᠯ᠎ᠠ᠃
ᠠᠪᠣ ᠮᠢᠨᠢ ᠳᠠᠭᠣ ᠦᠭᠡᠢ᠂ ᠲᠠᠮᠠᠬᠢ ᠪᠠᠨ ᠰᠣᠷᠣᠭᠰᠠᠭᠠᠷ
ᠭᠡᠷ ᠲᠡᠭᠡᠨ ᠣᠷᠣᠯ᠎ᠠ
ᠠᠢᠯ ᠤᠨ ᠬᠦᠮᠦᠰ ᠶᠠᠩᠭᠢᠷ ᠤᠨ ᠰᠣᠷᠠᠭ ᠢ᠋ᠢᠠᠷ
ᠮᠠᠨᠠᠢ ᠳᠤ ᠴᠤᠭᠯᠠᠯ᠎ᠠ ᠃
ᠴᠠᠢ ᠪᠠᠨ ᠴᠤ᠌ ᠤᠤᠭᠤᠯ ᠦᠭᠡᠢ ᠲᠡᠭᠡᠭᠡᠳ ᠠᠪᠤ ᠮᠢᠨᠢ
ᠬᠡᠰᠡᠭ᠌ ᠰᠠᠭᠤᠯ᠎ᠠ
ᠴᠠᠭᠠᠨ᠎᠎ᠠ ᠪᠠᠨ ᠯᠠ ᠭᠤᠨ᠋ᠢᠭ ᠲᠡᠢ ᠬᠣᠭᠣᠯᠠᠢ ᠵᠠᠰᠠᠭᠠᠳ
ᠢᠩᠭᠢᠵᠦ  ᠶᠠᠷᠢᠯ᠎ᠠ ᠄
᠆ ᠮᠦ᠋ᠩᠭᠦᠨ ᠣᠷᠣᠢᠲᠦ ᠠᠭᠣᠯᠠᠰ ᠤᠨ ᠬᠡᠰᠢᠭ᠌ ᠢ᠋
ᠶᠡᠬᠡ ᠬᠦᠷᠲᠡᠯ᠎ᠡ
ᠮᠦ᠋ᠩᠬᠡ ᠢ᠋ᠢᠨ ᠵᠣᠭᠰᠣᠭᠠᠯ ᠳᠤ ᠪᠠᠨ ᠵᠣᠭᠰᠣᠭᠰᠠᠨ ᠶᠠᠩᠭᠢᠷ ᠢ᠋
ᠠᠩᠬ᠎᠎ᠠ ᠯᠠ ᠦᠵᠡᠯ᠎ᠡ ᠂
ᠢᠮᠠᠭᠠᠨ ᠤᠰᠤᠨ  ᠳᠤ ᠨᠢᠳᠤᠨᠤᠨ ᠪᠠᠢᠭᠰᠠᠨ
ᠲᠡᠬᠡ ᠮᠦᠨ ᠪᠠᠢᠨ᠎᠎ᠠ

ᠶᠠᠭᠠᠬᠢᠬᠣ ᠠᠷᠭ᠎᠎ᠠ ᠦᠭᠡᠢ ᠵᠣᠭᠰᠣᠭᠠᠯ ᠳᠤ ᠪᠠᠨ ᠵᠣᠭᠰᠣᠭᠰᠠᠨ
ᠲᠡᠬᠡ ᠪᠠᠢᠨ᠎᠎ᠠ ᠂
ᠲᠥᠷᠦᠭᠰᠡᠨ ᠦ ᠡᠴᠦᠰ ᠲᠤ ᠦᠬᠦᠨ᠎᠎ᠡ ᠭᠡᠳ᠋ᠡᠭ᠌
ᠠᠮᠢᠳ᠋ᠠᠨ ᠦ ᠶᠣᠰᠣ ᠡ !
ᠲᠥᠷᠦᠭᠰᠡᠨ ᠨᠣᠳ᠋ᠣᠭ ᠢ᠋ᠢᠡᠨ ᠣᠷᠬᠢᠨ᠎᠎ᠡ ᠭᠡᠳ᠋ᠡᠭ᠌
ᠠᠮᠠᠷ ᠦᠭᠡᠢ ᠳᠠᠪᠠᠭ᠎᠎ᠠ !
ᠶᠠᠩᠭᠢᠷ ᠥᠲᠡᠯᠬᠦ ᠪᠠᠷ ᠢ᠋ᠢᠡᠨ ᠡᠪᠡᠷ ᠢ᠋ᠢᠡᠨ ᠳᠠᠭᠠᠭᠠᠬᠣ ᠪᠠᠨ
ᠪᠣᠯᠢᠳ᠋ᠠᠭ ᠶᠤᠮ ᠭᠡᠨ᠎᠎ᠡ ᠯᠠᠢ
ᠶᠠᠩᠭᠢᠷ ᠤᠨ ᠰᠦᠷᠦᠭ ᠢ᠋ᠢᠡᠨ ᠬᠦᠢᠴᠡᠵᠦ ᠴᠢᠳ᠋ᠠᠬᠣ ᠪᠠᠨ
ᠪᠠᠢᠳ᠋ᠠᠭ ᠶᠤᠮ ᠭᠡᠨ᠎᠎ᠡ ᠯᠠᠢ
ᠡᠬᠡ ᠠ᠋ᠴᠠ ᠲᠦ᠋ᠷᠦᠭᠰᠡᠨ ᠠᠭᠣᠯᠠᠨ ᠳᠠᠭᠠᠨ ᠡᠷᠭᠢᠵᠦ
ᠢᠷᠡᠳ᠋ᠡᠭ᠌ ᠶᠤᠮ ᠭᠡᠨ᠎᠎ᠡ ᠯᠠᠢ
ᠡᠬᠡ ᠠ᠋ᠴᠠ ᠤᠨᠠᠭᠰᠠᠨ ᠭᠠᠵᠠᠷ ᠢ᠋ᠢᠡᠨ ᠣᠯᠵᠣ
ᠬᠡᠪᠳ᠋ᠡᠳ᠋ᠡᠭ᠌ ᠶᠤᠮ ᠭᠡᠨ᠎᠎ᠡ ᠯᠠᠢ
ᠨᠠᠰᠣᠨ ᠦ ᠪᠠᠨ ᠡᠴᠦᠰ ᠲᠤ ᠣᠷᠭᠢᠯ ᠥᠭᠡᠳ᠋ᠡ ᠮᠠᠴᠣᠵᠣ
ᠭᠠᠷᠳ᠋ᠠᠭ ᠶᠤᠮ ᠭᠡᠨ᠎᠎ᠡ ᠯᠠᠢ
ᠨᠠᠷᠠᠲᠣ ᠳᠤ ᠲᠡᠭᠦᠨ ᠢ ᠨᠢ
ᠲᠡᠬᠡ  ᠢ᠋ᠢᠨ ᠵᠣᠭᠰᠣᠭᠠᠯ ᠭᠡᠵᠦ ᠨᠡᠷᠡᠯᠡᠳ᠋ᠡᠭ᠌ ᠶᠤᠮ ᠭᠡᠨ᠎᠎ᠡ ᠯᠠᠢ ᠂
ᠦᠨᠳ᠋ᠦᠷ ᠣᠷᠭᠢᠯ ᠲᠡᠭᠡᠷ᠎ᠡ ᠣᠯᠠᠨ ᠬᠣᠨᠤᠭ
ᠵᠣᠭᠰᠣᠳ᠋ᠠᠭ ᠶᠤᠮ ᠭᠡᠨ᠎᠎ᠡ ᠯᠠᠢ
ᠦᠩᠭᠡᠷᠡᠭᠦᠯᠦᠭ᠍ᠰᠡᠨ ᠠᠮᠢᠳ᠋ᠣᠷᠠᠯ ᠢ᠋ᠢᠡᠨ ᠡᠷᠭᠢᠵᠦ ᠨᠢᠭᠡ
ᠬᠠᠷᠠᠳ᠋ᠠᠭ ᠶᠤᠮ ᠭᠡᠨ᠎᠎ᠡ ᠯᠠᠢ
ᠤᠮᠳ᠋ᠠᠯᠠᠳ᠋ᠠᠭ ᠠᠷᠢᠭᠣᠨ ᠤᠰᠤ ᠪᠠᠨ ᠦᠵᠡᠵᠦ ᠨᠢᠭᠡ
ᠪᠠᠶᠠᠷᠯᠠᠳ᠋ᠠᠭ ᠶᠤᠮ ᠭᠡᠨ᠎᠎ᠡ ᠯᠠᠢ
ᠢᠳ᠋ᠡᠰᠢᠯᠡᠳ᠋ᠡᠭ᠌ ᠰᠠᠢᠬᠠᠨ ᠪᠡᠯᠴᠢᠭᠡᠷ ᠢ᠋ᠢᠡᠨ ᠬᠠᠷᠠᠵᠣ ᠨᠢᠭᠡ
ᠪᠠᠶᠠᠰᠳ᠋ᠠᠭ ᠶᠤᠮ ᠭᠡᠨ᠎᠎ᠡ ᠯᠠᠢ
ᠢᠵᠢᠯᠢ ᠣᠯᠠᠨ ᠰᠦ᠋ᠷᠦᠭ᠌ ᠢ᠋ᠢᠡᠨ ᠡᠴᠦᠰ ᠤᠨ ᠣᠳ᠋ᠠᠭ᠎᠎ᠠ
ᠦᠵᠡᠳ᠋ᠡᠭ᠌ ᠶᠤᠮ ᠭᠡᠨ᠎᠎ᠡ ᠯᠠᠢ
ᠡᠬᠡ ᠪᠣᠯᠣᠭᠰᠠᠨ ᠨᠣᠳ᠋ᠣᠭ ᠢ᠋ᠢᠡᠨ ᠰᠡᠭᠦᠯᠴᠢ ᠢ᠋ᠢᠨ ᠤᠳ᠋ᠠᠭ᠎᠎ᠠ
ᠬᠠᠷᠠᠳ᠋ᠠᠭ ᠶᠤᠮ ᠭᠡᠨ᠎᠎ᠡ ᠯᠠᠢ ᠂
ᠦᠨᠳ᠋ᠦᠷ ᠣᠷᠭᠢᠯ ᠠ᠋ᠴᠠ ᠡᠪᠡᠷ ᠨᠢ ᠳᠡᠢᠯᠦᠭᠡᠳ
ᠬᠠᠯᠢᠳ᠋ᠠᠭ ᠶᠤᠮ ᠭᠡᠨ᠎᠎ᠡ ᠯᠠᠢ
ᠦᠩᠭᠡᠳ᠋ᠦ ᠣᠷᠴᠢᠯᠠᠡᠭ᠌ ᠠ᠋ᠴᠠ ᠨᠢᠭᠡ ᠨᠢ ᠲᠡᠭᠡᠭᠡᠳ
ᠳᠣᠲᠠᠳ᠋ᠠᠭ ᠶᠤᠮ ᠭᠡᠨ᠎᠎ᠡ ᠯᠠᠢ ᠂
ᠠᠪᠣ ᠢ᠋ᠢᠨ ᠶᠠᠷᠢᠶ᠎᠎ᠠ ᠶ᠋ᠢ ᠬᠦᠮᠦᠨ ᠪᠦᠬᠦᠨ
ᠳᠠᠭᠣ ᠦᠭᠡᠢ ᠴᠢᠩᠨᠠᠪᠠ
ᠠᠢᠯ ᠤᠨ ᠡᠮᠸ ᠶᠠᠩᠭᠢᠷ ᠢ ᠦᠷᠦᠪᠳ᠋ᠦᠨ
ᠨᠢᠯᠪᠣᠰᠣ ᠤᠨᠠᠭᠠᠪᠠ᠂
ᠲᠡᠭᠦᠨ ᠠ᠋ᠴᠠ ᠬᠣᠢᠰᠢ ᠠᠪᠣ ᠮᠢᠨᠢ ᠨᠢᠭᠡ ᠯᠠ
ᠵᠣᠪᠠᠭᠣᠷᠢᠳ᠋ᠠᠢ ᠪᠣᠯᠣᠯ᠎ᠠ
ᠲᠡᠷᠡ ᠡᠪᠦᠯᠵᠢᠶᠡᠨ ᠠ᠋ᠴᠠ ᠬᠡᠰᠡᠭ᠌ ᠲᠡᠭᠡᠨ ᠨᠢᠭᠡ ᠯᠠ
ᠨᠡᠭᠦᠬᠦ ᠪᠠᠨ ᠪᠠᠢᠯ᠎ᠠ ᠂
ᠭᠣᠷᠪᠠᠨ ᠭᠡᠷ ᠤᠨ ᠬᠣᠨᠢᠨ ᠦ ᠡᠭᠡᠯᠵᠢ
ᠲᠣᠣᠷ᠎ᠠ ᠪᠠᠨ ᠯᠠ ᠡᠷᠭᠢᠨ᠎᠎ᠡ
ᠭᠣᠷᠪᠠᠬᠠᠨ ᠬᠣᠨᠤᠭ ᠲᠤ ᠮᠠᠨᠠᠢ ᠡᠭᠡᠯᠵᠢ
ᠡᠷᠭᠢᠭᠡᠳ ᠢᠷᠡᠨ᠎᠎ᠡ ᠂
᠆ ᠦᠨᠳ᠋ᠦᠷ ᠦᠭᠡᠳ᠋ᠡ ᠬᠣᠨᠢ ᠪᠠᠨ ᠪᠣᠣ ᠪᠡᠯᠴᠢᠭᠡ !
ᠭᠡᠵᠣ ᠠᠪᠣ ᠮᠢᠨᠢ ᠵᠠᠬᠢᠪᠠ
ᠥᠷᠯᠥᠭᠡ ᠪᠣᠯᠭᠠᠨ ᠯᠠ ᠭᠠᠳ᠋ᠠᠨ᠎᠎ᠠ ᠪᠠᠨ ᠰᠠᠭᠣᠵᠣ
ᠣᠷᠭᠢᠯ ᠳᠣᠷᠠᠨᠳ᠋ᠣᠨ᠎᠎ᠠ ᠂
ᠭᠦᠦᠱᠢ  ᠢ᠋ᠢᠨ ᠡᠪᠦᠯᠵᠢᠶᠡᠨ ᠳᠤ ᠴᠢᠨᠳ᠋ᠠᠮᠤᠯᠠᠵᠤ ᠪᠠᠭᠣᠭᠰᠠᠨ
ᠭᠣᠷᠪᠠᠨ ᠠᠢᠯ !
ᠬᠦᠮᠦᠰ ᠤᠨ ᠬᠠᠷᠠᠭ᠎᠎ᠠ ᠶᠢ ᠦᠪᠡᠷ ᠲᠤ ᠪᠠᠨ ᠲᠠᠲᠠᠭᠰᠠᠨ
ᠭᠣᠷᠪᠠᠯᠵᠢᠨ ᠣᠷᠭᠢᠯ !
ᠴᠡᠩᠬᠡᠷ ᠲᠩᠷᠢ ᠲᠤ ᠡᠪᠡᠷ ᠨᠢ ᠰᠡᠷᠡᠢᠭ᠍ᠰᠡᠨ
ᠬᠠᠷᠠᠯᠠᠭ ᠲᠡᠬᠡ !
ᠴᠠᠩᠬ᠎᠎ᠠ ᠳᠡᠭᠡᠷ᠎ᠡ ᠨᠢ ᠡᠳ᠋ᠦᠷᠵᠢᠨ ᠡᠷᠭᠢᠭ᠍ᠰᠡᠨ
ᠬᠦᠷᠡᠡᠭ᠌ ᠪᠦᠷᠭᠦᠳ !
ᠡᠢᠮᠦ ᠯᠡ ᠵᠢᠷᠣᠭ ᠣᠯᠠᠨ ᠬᠣᠨᠤᠭ ᠢ᠋ᠢᠠᠷ
ᠠᠪᠣ ᠳᠤ ᠮᠢᠨᠢ ᠬᠠᠷᠠᠭᠳ᠋ᠠᠯ᠎ᠠ
ᠡᠨᠡ ᠯᠡ ᠵᠢᠷᠣᠭ ᠣᠯᠠᠨ ᠬᠣᠨᠤᠭ ᠢ᠋ᠢᠠᠷ
ᠡᠪᠦᠯᠵᠢᠶᠡᠨ ᠳᠤ ᠰᠠᠭᠤᠯᠭᠠᠯ᠎ᠠ ᠂
ᠨᠢᠭᠡᠨ ᠥᠷᠯᠥᠭᠡ ᠣᠷᠭᠢᠯ ᠢ ᠳᠣᠷᠠᠨᠳ᠋ᠠᠭᠠᠳ
ᠠᠪᠣ ᠣᠷᠣᠵᠣ ᠢᠷᠠᠯ᠎ᠠ
ᠨᠢᠭᠡ ᠬᠠᠷᠠᠬᠣᠨ᠎᠎ᠠ ᠪᠠᠶᠠᠷ ᠲᠡᠢ ᠮᠦᠰᠢᠶᠡᠭᠡᠳ
ᠴᠠᠢ ᠪᠠᠨ ᠤᠤᠭᠤᠵᠤ ᠰᠠᠭᠤᠨ᠎᠎ᠠ᠃
᠆ ᠶᠠᠭ ᠯᠡ ᠶᠣᠰᠣ ᠪᠠᠷ ᠢ᠋ᠢᠡᠨ ᠬᠠᠯᠢᠵᠣ ᠳ᠋ᠡ ᠬᠦᠭᠡᠷᠦᠬᠦᠢ !
ᠭᠡᠵᠦ ᠠᠪᠣ ᠮᠢᠨᠢ ᠶᠠᠷᠢᠯ᠎ᠠ
᠆ ᠶᠠᠭᠠᠬᠢᠮᠠᠢ ᠳ᠋ᠠ ᠶᠠᠭᠠᠬᠢᠮᠠᠢ ᠂ ᠬᠦᠭᠡᠷᠦᠬᠦᠢ ᠮᠢᠨᠢ !
ᠭᠡᠵᠦ ᠢᠵᠢᠢ ᠦᠷᠦᠪᠳ᠋ᠡᠯ᠎ᠡ᠃
ᠮᠠᠷᠭᠠᠰᠢ ᠥᠷᠯᠥᠭᠡ ᠨᠢ ᠭᠣᠷᠪᠠᠨ ᠭᠡᠷ ᠮᠠᠨᠢ
ᠡᠷᠲᠡ ᠠᠴᠢᠶᠠᠯᠠᠯ᠎ᠠ
ᠮᠠᠨᠠᠷᠠᠭᠰᠠᠨ ᠪᠠᠭᠣᠴᠠ ᠠ᠋ᠴᠠ ᠬᠦᠮᠦᠨ ᠂ ᠮᠠᠯ ᠮᠠᠨᠢ
ᠵᠡᠷᠭᠡ ᠬᠥ᠋ᠳ᠋ᠡᠯᠦᠯ᠎ᠡ᠃
ᠲᠡᠬᠡ ᠢ᠋ᠢᠨ  ᠵᠣᠭᠰᠤᠭᠠᠯ ᠣᠷᠭᠢᠯ ᠢ ᠠᠪᠣ ᠮᠢᠨᠢ
ᠨᠢᠭᠡ ᠡᠷᠭᠢᠵᠦ ᠬᠠᠷᠠᠯ᠎ᠠ
  ᠲᠥᠷᠦᠭᠰᠡᠨ ᠨᠣᠳ᠋ᠣᠭ ᠮᠢᠨᠢ ! ᠭᠡᠵᠦ ᠡᠴᠢᠭᠡ ᠮᠢᠨᠢ
ᠦᠪᠡᠷ ᠲᠤ ᠪᠠᠨ ᠬᠡᠯᠡᠯ᠎ᠡ ᠂
ᠲᠡᠷᠡ ᠵᠢᠯ ᠤᠨ ᠲᠡᠷᠡ ᠡᠪᠦᠯ ᠤ᠋ᠨ
ᠣᠷᠲᠣ ᠶ᠋ᠢ ᠶᠠᠭᠠᠬᠢᠨ᠎᠎ᠠ !
ᠲᠡᠬᠡ ᠢ᠋ᠢᠨ ᠵᠣᠭᠰᠤᠭᠠᠯ ᠭᠡᠳ᠋ᠡᠭ᠌ ᠲᠡᠷᠡ ᠣᠷᠭᠢᠯ ᠤ᠋ᠨ
ᠦᠨᠳ᠋ᠦᠷ ᠢ ᠶᠠᠭᠠᠬᠢᠨ᠎᠎ᠠ !