ᠡᠯᠵᠢᠭᠡᠨ ᠴᠢᠬᠢᠲᠦ ᠬᠠᠭᠠᠨ-ᠳᠣᠮᠣᠭ ᠦᠯᠢᠭᠡᠷIljgen chikht khaan ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠵᠢᠭᠡᠨ ᠴᠢᠬᠢᠲᠦ ᠬᠠᠭᠠᠨ-ᠳᠣᠮᠣᠭ ᠦᠯᠢᠭᠡᠷIljgen chikht khaan

ᠡᠯᠵᠢᠭᠡᠨ ᠴᠢᠬᠢᠲᠦ ᠬᠠᠭᠠᠨ-ᠳᠣᠮᠣᠭ ᠦᠯᠢᠭᠡᠷIljgen chikht khaan

ᠠᠩᠭᠢᠯᠠᠯ:ᠳᠣᠮᠣᠭ ᠦᠯᠢᠭᠡᠷ
2026-08-01

11

ᠡᠯᠵᠢᠭᠡᠨ ᠴᠢᠬᠢᠲᠦ ᠬᠠᠭᠠᠨ


                              ᠳᠣᠮᠣᠭ ᠦᠯᠢᠭᠡᠷ 

     ᠡᠷᠲᠡ ᠤᠷᠢᠳᠤ ᠶ᠋ᠢᠨ ᠴᠠᠭ ᠲᠤ᠌᠂ ᠨᠢᠭᠡᠨ ᠡᠯᠵᠢᠭᠡᠨ ᠴᠢᠬᠢᠲᠦ ᠬᠠᠭᠠᠨ ᠭᠡᠵᠦ ᠪᠠᠢᠭᠰᠠᠨ ᠭᠡᠨ᠎ᠡ᠃ ᠲᠡᠷᠡ ᠬᠠᠭᠠᠨ ᠨᠢ ᠡᠯᠵᠢᠭᠡ ᠰᠢᠭ ᠤᠷᠲᠤ ᠴᠢᠬᠢ ᠲᠡᠢ ᠪᠥᠭᠡᠳ ᠮᠠᠰᠢ ᠬᠠᠷᠭᠢᠰ ᠲᠣᠭᠰᠢᠨ ᠶᠤᠮ ᠭᠡᠨ᠎ᠡ᠃
      ᠲᠡᠷᠡ ᠬᠠᠭᠠᠨ ᠡᠯᠵᠢᠭᠡᠨ ᠴᠢᠬᠢ ᠪᠡᠨ ᠪᠤᠰᠤᠳ ᠲᠤ᠌ ᠦᠵᠡᠭᠦᠯᠬᠦ ᠡᠴᠡ ᠬᠢᠴᠢᠶᠡᠵᠦ ᠦᠷᠭᠦᠯᠵᠢ ᠨᠢᠭᠤᠨ ᠳᠠᠯᠳᠠᠯᠠᠳᠠᠭ ᠭᠡᠨ᠎ᠡ᠃ ᠭᠠᠳᠠᠭᠰᠢ ᠭᠠᠷᠬᠤ ᠪᠦᠷᠢ ᠲᠣᠯᠣᠭᠠᠢ ᠴᠢᠬᠢ ᠲᠡᠢ ᠪᠡᠨ ᠴᠢᠩᠭ᠎ᠠ ᠣᠷᠢᠶᠠᠭᠠᠳ ᠶᠠᠪᠤᠳᠠᠭ ᠲᠤᠯᠠ ᠬᠥᠮᠦᠰ ᠲᠡᠭᠦᠨ ᠦ᠌ ᠰᠢᠪᠰᠢᠭᠲᠦ ᠳᠦᠷᠢ ᠶ᠋ᠢ ᠮᠡᠳᠡᠬᠦ ᠦᠭᠡᠢ ᠪᠠᠢᠵᠠᠢ᠃
      ᠡᠯᠵᠢᠭᠡᠨ ᠴᠢᠬᠢᠲᠦ ᠬᠠᠭᠠᠨ ᠦᠰᠦ ᠭᠡᠵᠢᠭᠡ ᠪᠡᠨ ᠵᠠᠰᠠᠭᠤᠯᠬᠤ ᠪᠦᠷᠢ ᠮᠠᠰᠢ ᠵᠣᠪᠠᠳᠠᠭ ᠪᠠᠢᠵᠠᠢ᠃ ᠤᠴᠢᠷ ᠨᠢ᠂ ᠦᠰᠦ ᠵᠠᠰᠠᠭᠴᠢ ᠲᠡᠭᠦᠨ ᠦ᠌ ᠡᠯᠵᠢᠭᠡ ᠰᠢᠭ ᠤᠷᠲᠤ ᠴᠢᠬᠢ ᠲᠡᠢ ᠶ᠋ᠢ ᠪᠤᠰᠤᠳ ᠬᠥᠮᠦᠨ ᠳ᠋ᠦ᠍ ᠬᠡᠯᠡᠬᠦ ᠡᠴᠡ ᠠᠶᠤᠳᠠᠭ ᠭᠡᠨ᠎ᠡ᠃ ᠲᠡᠭᠡᠭᠡᠳ ᠰᠠᠷ᠎ᠠ ᠪᠦᠷᠢ ᠨᠢᠭᠡ ᠬᠥᠮᠦᠨ ᠳᠠᠭᠤᠳᠠᠭᠤᠯᠵᠤ ᠦᠰᠦ ᠪᠡᠨ ᠵᠠᠰᠠᠭᠤᠯᠵᠤ ᠪᠠᠷᠠᠮᠠᠭᠴᠠ ᠲᠡᠷᠡ ᠬᠥᠮᠦᠨ  ᠢ᠋ ᠬᠠᠷ᠎ᠠ ᠬᠣᠣᠷᠲᠠᠢ ᠪᠠᠷ ᠠᠯᠠᠵᠤ ᠣᠷᠬᠢᠳᠠᠭ ᠪᠠᠢᠵᠠᠢ᠃
      ᠡᠨᠡ ᠮᠡᠲᠦ ᠡᠳᠦᠷ ᠰᠠᠷ᠎ᠠ ᠡᠭᠡᠯᠵᠢᠯᠡᠭᠰᠡᠭᠡᠷ᠂ ᠨᠢᠭᠡᠨ ᠶᠠᠳᠠᠭᠤ ᠠᠢᠯ ᠤ᠋ᠨ ᠬᠦᠦ ᠶ᠋ᠢᠨ ᠦᠰᠦ ᠵᠠᠰᠠᠬᠤ ᠡᠭᠡᠯᠵᠢ ᠪᠣᠯᠵᠠᠢ᠃ ᠬᠠᠭᠠᠨ ᠦᠰᠦ ᠪᠡᠨ ᠵᠠᠰᠠᠭᠤᠯᠬᠤ ᠪᠠᠷ ᠳᠠᠭᠤᠳᠠᠭᠰᠠᠨ  ᠢ᠋ ᠰᠣᠨᠣᠰᠤᠭᠠᠳ ᠬᠦᠦ ᠮᠠᠰᠢ ᠵᠣᠪᠠᠭᠰᠠᠨ ᠳ᠋ᠤ᠌᠂ ᠡᠵᠢ ᠨᠢ᠄〈 ᠮᠢᠨᠦ ᠬᠦᠦ ᠪᠤᠤ ᠵᠣᠪᠠ᠂ ᠡᠵᠢ ᠳ᠋ᠦ᠍ ᠨᠢ ᠠᠷᠭ᠎ᠠ ᠪᠣᠢ ᠰᠢᠦ〉 ᠭᠡᠵᠡᠢ᠃
      ᠬᠥᠭᠰᠢᠨ ᠡᠵᠢ ᠥᠪᠡᠷ ᠦ᠋ᠨ ᠰᠦ ᠪᠡᠷ ᠢ᠋ᠶ᠋ᠡᠨ ᠭᠤᠯᠢᠷ ᠨᠤᠬᠤᠵᠤ ᠪᠣᠣᠪᠣ ᠬᠢᠭᠡᠳ ᠬᠦᠦ ᠳ᠋ᠦ᠍ ᠪᠡᠨ ᠥᠭᠴᠦ ᠶᠠᠪᠤᠭᠤᠯᠵᠠᠢ᠃ ᠲᠡᠭᠡᠭᠡᠳ ᠬᠦᠦ ᠳ᠋ᠦ᠍ ᠪᠡᠨ᠄〈 ᠬᠠᠭᠠᠨ ᠤ᠋ ᠦᠰᠦ ᠶ᠋ᠢ ᠵᠠᠰᠠᠬᠤ ᠬᠣᠭᠣᠷᠣᠨᠳᠣ ᠬᠠᠷᠮᠠᠨ ᠠ᠋ᠴᠠ ᠪᠠᠨ ᠪᠣᠣᠪᠣ ᠪᠠᠨ ᠭᠠᠷᠭᠠᠵᠤ ᠰᠡᠮᠡᠬᠡᠷ ᠢᠳᠡᠭᠡᠷᠡᠢ !〉 ᠭᠡᠵᠦ ᠵᠠᠬᠢᠵᠠᠢ᠃
     ᠶᠠᠳᠠᠭᠤ ᠬᠦᠦ ᠬᠠᠭᠠᠨ ᠤ᠋ ᠦᠵᠡᠰᠬᠦᠯᠡᠩᠲᠦ ᠣᠷᠳᠣᠨ ᠳ᠋ᠤ᠌ ᠣᠷᠣᠵᠤ ᠣᠴᠢᠭᠠᠳ ᠭᠠᠢᠬᠠᠨ ᠰᠠᠨᠳᠤᠷᠬᠤ ᠬᠣᠣᠰᠯᠠᠨ ᠪᠠᠢᠲᠠᠯ᠎ᠠ᠂ ᠬᠠᠭᠠᠨ ᠲᠡᠭᠦᠨ  ᠢ᠋ ᠳᠡᠷᠭᠡᠳᠡ ᠪᠡᠨ ᠳᠠᠭᠤᠳᠠᠨ ᠣᠷᠣᠭᠤᠯᠪᠠ᠃
      ᠶᠠᠳᠠᠭᠤ ᠬᠦᠦ ᠬᠠᠭᠠᠨ ᠤ᠋ ᠤᠷᠲᠤ ᠴᠢᠬᠢ ᠶ᠋ᠢ ᠣᠯᠵᠤ ᠦᠵᠡᠭᠡᠳ ᠰᠣᠴᠢᠨ ᠭᠡᠯᠮᠡᠭᠳᠡᠵᠦ ᠳᠠᠭᠵᠢᠨ ᠴᠡᠴᠡᠷᠡᠪᠡ᠃ ᠬᠠᠭᠠᠨ ᠵᠢᠭᠭᠦᠨ ᠢ᠋ᠶ᠋ᠡᠷ ᠢᠨᠢᠶᠡᠨ᠄〈 ᠮᠢᠨᠦ ᠦᠰᠦ ᠶ᠋ᠢ ᠰᠠᠢᠬᠠᠨ ᠵᠠᠰᠠᠭᠠᠷᠠᠢ᠂ ᠲᠡᠢᠮᠦ ᠪᠢᠰᠢ ᠪᠣᠯ ᠠᠮᠢ ᠶ᠋ᠢ ᠴᠢᠨᠢ ᠠᠪᠤᠨ᠎ᠠ〉 ᠭᠡᠵᠦ ᠰᠦᠷᠳᠡᠭᠦᠯᠪᠡ᠃
      ᠶᠠᠳᠠᠭᠤ ᠬᠦᠦ ᠬᠠᠭᠠᠨ ᠤ᠋ ᠦᠰᠦ ᠶ᠋ᠢ ᠵᠠᠰᠠᠬᠤ ᠵᠠᠭᠤᠷ᠎ᠠ ᠡᠵᠢ ᠶ᠋ᠢᠨ ᠢ᠋ᠶ᠋ᠡᠨ ᠬᠡᠯᠡᠭᠰᠡᠨ ᠶᠣᠰᠣᠭᠠᠷ ᠥᠨᠥᠬᠢ ᠪᠣᠣᠪᠣ ᠪᠠᠨ ᠪᠠᠢᠨ ᠳᠠᠬᠢᠨ ᠬᠠᠷᠮᠠᠨ ᠠ᠋ᠴᠠ ᠪᠠᠨ ᠭᠠᠷᠭᠠᠨ ᠬᠡᠮᠯᠡᠵᠦ ᠭᠡᠨ᠎ᠡ᠃
ᠲᠡᠭᠡᠬᠦ ᠳ᠋ᠦ᠍ ᠬᠠᠭᠠᠨ ᠮᠠᠰᠢ ᠠᠭᠤᠷᠯᠠᠵᠤ᠄〈 ᠴᠢ ᠮᠢᠨᠦ ᠦᠰᠦ ᠶ᠋ᠢ ᠰᠠᠢᠬᠠᠨ ᠵᠠᠰᠠᠬᠤ ᠦᠭᠡᠢ ᠶᠠᠭᠤ ᠢᠳᠡᠭᠡᠳ ᠪᠠᠢᠨ᠎ᠠ ᠪᠣᠢ?〉 ᠭᠡᠵᠦ ᠵᠠᠩᠳᠤᠷᠪᠠ᠃
     ᠬᠦᠦ ᠬᠠᠷᠢᠭᠤ ᠳ᠋ᠤ᠌ ᠨᠢ᠄〈 ᠪᠣᠣᠪᠣ ᠢᠳᠡᠵᠦ ᠪᠠᠢᠨ᠎ᠠ〉 ᠭᠡᠵᠦ ᠨᠣᠮᠣᠬᠠᠨ ᠬᠠᠷᠢᠭᠤᠯᠵᠠᠢ᠃ ᠬᠠᠭᠠᠨ ᠰᠣᠨᠣᠰᠤᠭᠠᠳ᠄〈 ᠨᠠᠳᠠ ᠳ᠋ᠤ᠌ ᠨᠢᠭᠡ ᠶ᠋ᠢ ᠠᠯᠢ᠂ ᠪᠢ ᠠᠮᠰᠠᠵᠤ ᠦᠵᠡᠶ᠎ᠡ〉 ᠭᠡᠰᠡᠨ ᠭᠡᠨ᠎ᠡ᠃ ᠬᠦᠦ ᠲᠦᠷᠭᠡᠬᠡᠨ ᠭᠡᠭᠴᠢ ᠬᠠᠷᠮᠠᠨ ᠠ᠋ᠴᠠ ᠪᠠᠨ ᠥᠨᠥᠬᠢ ᠪᠣᠣᠪᠣ ᠪᠠᠨ ᠭᠠᠷᠭᠠᠨ ᠦᠭᠵᠡᠢ ᠃
      ᠬᠠᠭᠠᠨ ᠠᠮᠲᠠᠯᠠᠵᠤ ᠦᠵᠡᠭᠡᠳ᠄〈 ᠶᠠᠮᠠᠷ ᠴᠤ᠌ ᠠᠮᠲᠠ ᠦᠭᠡᠢ ᠰᠢᠳᠡ᠂ ᠡᠢᠮᠦ ᠮᠠᠭᠤᠬᠠᠢ ᠠᠮᠲᠠ ᠲᠠᠢ ᠪᠣᠣᠪᠣ ᠶ᠋ᠢ ᠪᠢ ᠠᠩᠬ᠎ᠠ ᠤᠳᠠᠭ᠎ᠠ ᠢᠳᠡᠵᠦ ᠪᠠᠢᠨ᠎ᠠ〉 ᠭᠡᠳ ᠠᠮᠠ ᠪᠠᠨ ᠢᠷᠪᠠᠢᠪᠠ᠃
         ᠲᠡᠢᠨ ᠬᠦ ᠶᠠᠳᠠᠭᠤ ᠬᠦᠦ ᠦᠰᠦ ᠶ᠋ᠢ ᠨᠢ ᠵᠠᠰᠠᠵᠤ ᠪᠠᠷᠠᠭᠰᠠᠨ ᠲᠤᠯᠠ ᠬᠠᠭᠠᠨ ᠳᠣᠣᠷᠠᠬᠢ ᠬᠥᠮᠦᠨ ᠳ᠋ᠦ᠍ ᠪᠡᠨ᠄〈 ᠡᠨᠡ ᠥᠴᠦᠬᠡᠨ ᠠᠮᠢᠲᠠᠨ  ᠢ᠋ ᠲᠦᠷᠭᠡᠬᠡᠨ ᠠᠪᠠᠴᠢᠵᠤ ᠠᠯᠠ〉 ᠭᠡᠵᠦ ᠵᠠᠬᠢᠪᠠ᠃
        ᠲᠡᠭᠡᠲᠡᠯ᠎ᠡ ᠬᠦᠦ᠄〈 ᠬᠠᠭᠠᠨ ᠲᠠ ᠨᠢᠭᠡ ᠡᠬᠡ ᠶ᠋ᠢᠨ ᠰᠦ ᠶ᠋ᠢ ᠬᠥᠬᠥᠭᠰᠡᠨ ᠠᠬ᠎ᠠ ᠳᠡᠭᠦᠦ ᠪᠡᠨ ᠠᠯᠠᠴᠢᠬᠠᠬᠤ ᠶᠤᠮ ᠤᠤ?〉 ᠭᠡᠵᠦ ᠤᠬᠢᠯᠠᠨ ᠤᠨᠵᠢᠨ ᠬᠡᠯᠡᠪᠡ᠃
ᠬᠠᠭᠠᠨ ᠶᠡᠬᠡᠳᠡ ᠭᠠᠢᠬᠠᠵᠤ᠄〈 ᠴᠢ ᠶᠠᠭᠤ ᠰᠣᠯᠢᠶᠠᠷᠠᠭᠠᠳ ᠪᠠᠢᠨ᠎ᠠ ᠪᠣᠢ? ᠪᠢ ᠶᠠᠭᠠᠬᠢᠭᠠᠳ ᠴᠢᠮ᠎ᠠ ᠲᠠᠢ ᠨᠢᠭᠡ ᠡᠬᠡ ᠶ᠋ᠢᠨ ᠰᠦ ᠶ᠋ᠢ ᠬᠥᠬᠥᠭᠰᠡᠨ ᠠᠬ᠎ᠠ ᠳᠡᠭᠦᠦ ᠪᠣᠯᠴᠢᠬᠠᠪᠠ?〉 ᠭᠡᠵᠦ ᠠᠭᠰᠤᠮᠨᠠᠪᠠ᠃
       ᠶᠠᠳᠠᠭᠤ ᠬᠦᠦ ᠬᠠᠷᠮᠠᠨ ᠠ᠋ᠴᠠ ᠪᠠᠨ ᠦᠯᠡᠳᠡᠭᠰᠡᠨ ᠪᠣᠣᠪᠣ ᠪᠠᠨ ᠭᠠᠷᠭᠠᠭᠠᠳ᠄〈 ᠬᠠᠭᠠᠨ ᠲᠠ ᠡᠨᠡ ᠪᠣᠣᠪᠣ ᠶ᠋ᠢ ᠶᠠᠭᠤ ᠪᠠᠷ ᠬᠢᠭᠰᠡᠨ ᠭᠡᠵᠦ ᠰᠠᠨᠠᠵᠤ ᠪᠠᠢᠨ᠎ᠠ? ᠡᠨᠡ ᠴᠢᠨᠢ ᠮᠢᠨᠦ ᠡᠵᠢ ᠶ᠋ᠢᠨ ᠰᠦ ᠪᠡᠷ ᠬᠢᠭᠰᠡᠨ ᠪᠣᠣᠪᠣ ᠰᠢᠦ〉 ᠭᠡᠵᠡᠢ᠃
      ᠬᠠᠭᠠᠨ ᠰᠣᠨᠣᠰᠤᠭᠠᠳ ᠤᠴᠢᠷ  ᠢ᠋ ᠤᠬᠤᠵᠤ᠄〈 ᠲᠡᠭᠡᠪᠡᠯ ᠪᠢᠳᠡ ᠬᠣᠶᠠᠷ ᠴᠢᠨᠢ ᠦᠨᠡᠬᠡᠷ ᠠᠬ᠎ᠠ ᠳᠡᠭᠦᠦ ᠬᠣᠶᠠᠷ ᠪᠣᠯᠤᠭᠰᠠᠨ᠂ ᠴᠢᠮ᠎ᠠ ᠶ᠋ᠢ ᠠᠯᠠᠵᠤ ᠶᠠᠭᠠᠬᠢᠵᠤ ᠪᠣᠯᠬᠤ ᠪᠢᠯᠡ? ᠴᠢ ᠪᠤᠴᠠᠵᠤ ᠬᠠᠷᠢᠪᠠᠯ ᠮᠢᠨᠦ ᠤᠷᠲᠤ ᠴᠢᠬᠢ ᠲᠡᠢ ᠶ᠋ᠢ ᠬᠡᠨ ᠳ᠋ᠦ᠍ ᠴᠦ᠍ ᠬᠡᠯᠡᠵᠦ ᠪᠣᠯᠬᠤ ᠦᠭᠡᠢ ᠰᠢᠦ᠃ ᠲᠡᠢᠮᠦ ᠪᠢᠰᠢ ᠪᠣᠯ ᠪᠢ ᠴᠦ᠍ ᠴᠢᠨᠦ ᠠᠮᠢ ᠶ᠋ᠢ ᠬᠠᠮᠠᠭᠠᠯᠠᠵᠤ ᠴᠢᠳᠠᠬᠤ ᠦᠭᠡᠢ〉 ᠭᠡᠵᠦ ᠬᠡᠯᠡᠭᠡᠳ ᠶᠠᠪᠤᠭᠤᠯᠤᠭᠰᠠᠨ ᠭᠡᠨ᠎ᠡ᠃
        ᠬᠦᠦ᠄〈 ᠪᠢ ᠬᠡᠨ ᠳ᠋ᠦ᠍ ᠴᠦ᠍ ᠬᠡᠯᠡᠬᠦ ᠦᠭᠡᠢ〉 ᠭᠡᠵᠦ ᠬᠠᠭᠠᠨ ᠳ᠋ᠤ᠌ ᠠᠮᠠᠯᠳᠠᠭᠠᠳ ᠠᠮᠢ ᠮᠡᠨᠳᠦ ᠭᠠᠷᠴᠤ ᠢᠷᠡᠪᠡ᠃ ᠭᠡᠪᠡᠴᠦ ᠲᠡᠷᠡ᠂ ᠬᠠᠭᠠᠨ ᠤ᠋ ᠠᠶᠤᠮᠰᠢᠭᠲᠤ ᠳᠦᠷᠢ ᠶ᠋ᠢ ᠪᠤᠰᠤᠳ ᠲᠤ᠌ ᠰᠣᠨᠢᠨ ᠪᠣᠯᠭᠠᠵᠤ ᠶᠠᠷᠢᠵᠤ ᠥᠭᠬᠦ ᠭᠡᠳ ᠲᠡᠰᠬᠦ ᠠᠯᠳᠠᠷᠠᠭᠠᠳ ᠪᠠᠢᠪᠠ᠃
       ᠭᠡᠪᠡᠴᠦ ᠬᠠᠭᠠᠨ ᠳ᠋ᠤ᠌᠄〈 ᠬᠡᠨ ᠳ᠋ᠦ᠍ ᠴᠦ᠍ ᠬᠡᠯᠡᠬᠦ ᠦᠭᠡᠢ〉 ᠭᠡᠵᠦ ᠠᠮᠠᠯᠳᠠᠭᠰᠠᠨ ᠲᠤᠯᠠ ᠠᠷᠭ᠎ᠠ ᠪᠤᠰᠤ ᠬᠤᠯᠤᠭᠠᠨ᠎ᠠ ᠶ᠋ᠢᠨ ᠨᠦᠬᠡᠨ ᠦ᠌ ᠳᠡᠷᠭᠡᠳᠡ ᠬᠦᠷᠦᠭᠡᠳ᠄〈 ᠮᠠᠨ ᠤ᠋ ᠬᠠᠭᠠᠨ ᠡᠯᠵᠢᠭᠡᠨ ᠴᠢᠬᠢ ᠲᠡᠢ ᠰᠢᠦ〉 ᠭᠡᠵᠦ ᠬᠠᠰᠬᠢᠷᠤᠭᠠᠳ ᠰᠠᠶᠢ ᠳᠣᠲᠣᠷ᠎ᠠ ᠨᠢ ᠠᠮᠠᠷᠠᠪᠠ ᠭᠡᠨ᠎ᠡ᠃
       ᠨᠢᠭᠡᠨ ᠡᠳᠦᠷ᠂ ᠬᠠᠭᠠᠨ ᠣᠷᠳᠣᠨ ᠳ᠋ᠤ᠌ ᠪᠠᠨ ᠲᠣᠭᠣᠷᠢᠵᠤ ᠪᠠᠢᠲᠠᠯ᠎ᠠ ᠭᠡᠨᠡᠳᠲᠡ〈 ᠮᠠᠨ ᠤ᠋ ᠬᠠᠭᠠᠨ ᠡᠯᠵᠢᠭᠡᠨ ᠴᠢᠬᠢ ᠲᠡᠢ〉 ᠭᠡᠵᠦ ᠬᠠᠰᠬᠢᠷᠬᠤ ᠰᠣᠨᠣᠰᠳᠠᠪᠠ᠃ ᠬᠠᠭᠠᠨ ᠰᠣᠨᠣᠰᠤᠭᠠᠳ ᠳᠡᠯᠪᠡ ᠠᠭᠤᠷᠯᠠᠵᠤ᠄〈 ᠬᠡᠨ ᠠᠶᠤᠮᠰᠢᠭ ᠦᠭᠡᠢ ᠨᠠᠮ᠎ᠠ ᠶ᠋ᠢ ᠳᠣᠷᠣᠮᠵᠢᠯᠠᠵᠤ ᠪᠠᠢᠬᠤ ᠪᠣᠢ?〉 ᠭᠡᠳ ᠰᠠᠶᠢ ᠶ᠋ᠢᠨ ᠬᠠᠰᠬᠢᠷᠤᠭᠰᠠᠨ ᠬᠥᠮᠦᠨ ᠎ᠢ ᠡᠷᠢᠭᠦᠯᠪᠡ ᠃
       ᠵᠠᠷᠤᠴᠠ ᠨᠠᠷ ᠨᠢ ᠡᠷᠢᠭᠰᠡᠭᠡᠷ ᠪᠠᠢᠵᠤ ᠡᠴᠦᠰ ᠲᠦ᠍ ᠪᠡᠨ ᠡᠨᠡ ᠳᠠᠭᠤᠨ ᠬᠤᠯᠤᠭᠠᠨ᠎ᠠ ᠶ᠋ᠢᠨ ᠨᠦᠬᠡᠨ ᠡᠴᠡ ᠭᠠᠷᠴᠤ ᠪᠠᠢᠬᠤ ᠶ᠋ᠢ ᠬᠠᠭᠠᠨ ᠳ᠋ᠤ᠌ ᠪᠠᠨ ᠮᠡᠳᠡᠭᠦᠯᠦᠭᠰᠡᠨ ᠳ᠋ᠦ᠍᠂〈 ᠪᠢ ᠬᠠᠷᠢᠨ ᠪᠤᠰᠤᠳ ᠠ᠋ᠴᠠ ᠨᠢᠭᠤᠵᠤ ᠪᠠᠢᠭᠰᠠᠨ ᠠ᠋ᠴᠠ ᠪᠢᠰᠢ ᠮᠢᠨᠦ ᠡᠨᠡ ᠡᠯᠵᠢᠭᠡᠨ ᠴᠢᠬᠢ ᠶ᠋ᠢ ᠬᠤᠯᠤᠭᠠᠨ᠎ᠠ ᠪᠠᠢᠲᠠᠯ᠎ᠠ ᠪᠦᠷ ᠮᠡᠳᠡᠭᠰᠡᠨ ᠪᠠᠢᠨ᠎ᠠ ᠰᠢᠦ〉 ᠭᠡᠵᠦ ᠬᠠᠭᠠᠨ ᠰᠡᠭᠦᠷᠡᠰᠦ ᠠᠯᠲᠠᠨ ᠬᠡᠯᠡᠭᠡᠳ᠂ ᠲᠡᠭᠦᠨ ᠡᠴᠡ ᠬᠣᠢᠰᠢ ᠪᠤᠰᠤᠳ ᠢ᠋ ᠵᠣᠪᠠᠭᠠᠬᠤ ᠪᠠᠨ ᠪᠣᠯᠤᠭᠰᠠᠨ ᠭᠡᠨ᠎ᠡ᠃

      ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
      ᠦᠰᠦᠭ ᠬᠠᠳᠠᠭᠴᠢ᠄ ᠪᠠᠢ᠂ ᠰᠠᠷᠠᠨ᠎ᠠ
      ᠬᠢᠨᠠᠭᠴᠢ᠄ ᠰᠣᠨᠢᠨᠪᠠᠶᠠᠷ