ᠳᠥᠴᠢᠨ ᠨᠠᠰᠤ-ᠪᠢᠮᠪᠠ ᠶ᠋ᠢᠨ ᠰᠠᠷᠠᠨᠲᠤᠶᠠᠭ᠎ᠠДөчин нас-бямбын сарантуяа
ᠳᠥᠴᠢᠨ ᠨᠠᠰᠤ
ᠪᠢᠮᠪᠠ ᠶ᠋ᠢᠨ ᠰᠠᠷᠠᠨᠲᠤᠶᠠᠭ᠎ᠠ
ᠤᠷᠢᠳᠤ ᠶ᠋ᠢᠨ ᠶᠠᠭᠤᠮ᠎ᠠ ᠪᠦᠬᠦᠨ ᠢ ᠵᠦᠭᠡᠷ ᠯᠡ ᠮᠠᠷᠲᠠᠴᠢᠬᠠᠵᠠᠢ᠃
ᠤᠯᠠᠷᠢᠯ ᠤᠨ ᠬᠤᠪᠴᠠᠰᠤ ᠰᠢᠬ ᠢᠶ᠋ᠡᠨ ᠡᠪᠬᠡᠭᠡᠳ ᠣᠷᠬᠢᠴᠢᠬᠠᠵᠠᠢ ᠃
ᠠᠭᠤᠴᠢᠯᠠᠭᠠᠷᠠᠢ᠂ ᠥᠩᠭᠡᠷᠡᠭᠰᠡᠨ ᠦᠶ᠎ᠡ ᠮᠢᠨᠢ ᠠ᠋ ᠃
ᠬᠠᠪᠤᠷ ᠤᠨ ᠪᠣᠷᠣᠭᠠᠨ ᠢᠶ᠋ᠠᠷ ᠠᠩᠬᠠᠨ ᠤ ᠪᠣᠯᠵᠣᠭᠠᠨ ᠳ᠋ᠤ᠌ ᠵᠣᠭᠰᠣᠵᠤ ᠪᠠᠶ᠋ᠢᠭᠰᠠᠨ
ᠪᠡᠨ
ᠬᠠᠶ᠋ᠢᠷᠠᠲᠤ ᠶ᠋ᠢᠨ ᠢᠶ᠋ᠡᠨ ᠭᠠᠷ ᠠ᠋ᠴᠠ ᠬᠥᠲᠥᠯᠦᠭᠡᠳ ᠤᠰᠤᠨ ᠪᠣᠷᠣᠭᠠᠨ ᠢᠶ᠋ᠠᠷ
ᠭᠦᠶᠦᠵᠦ ᠶᠠᠪᠤᠭᠰᠠᠨ ᠢᠶ᠋ᠠᠨ
ᠠᠷᠪᠠᠢ ᠬᠡᠭᠡᠷ ᠦᠨ ᠭᠤᠳᠤᠮᠵᠢ ᠳ᠋ᠤ᠌ ᠣᠷᠣᠭᠰᠠᠨ ᠬᠠᠴᠢᠨ ᠰᠠᠶ᠋ᠢᠬᠠᠨ ᠪᠣᠷᠣᠭᠠᠨ
ᠳ᠋ᠤ᠌
ᠠᠯᠠᠭ ᠰᠢᠭᠦᠷ ᠲᠠᠢ ᠭᠡᠨᠡᠨ ᠵᠠᠯᠠᠭᠤ ᠨᠠᠰᠤ ᠪᠠᠨ ᠠᠯᠢ ᠠᠯᠢ ᠶ᠋ᠢ ᠨᠢ
ᠮᠠᠷᠲᠠᠴᠢᠬᠠᠵᠠᠢ᠃
ᠤᠷᠢᠳᠤ ᠶ᠋ᠢᠨ ᠶᠠᠭᠤᠮ᠎ᠠ ᠪᠦᠬᠦᠨ ᠢ ᠵᠦᠭᠡᠷ ᠯᠡ ᠮᠠᠷᠲᠠᠴᠢᠬᠠᠭᠰᠠᠨ ᠪᠠᠶ᠋ᠢᠨ᠎ᠠ᠃
ᠤᠯᠠᠷᠢᠯ ᠤᠨ ᠬᠤᠪᠴᠠᠰᠤ ᠰᠢᠬ ᠢᠶ᠋ᠡᠨ ᠡᠪᠬᠡᠭᠡᠳ ᠣᠷᠬᠢᠭᠰᠠᠨ ᠪᠠᠶ᠋ᠢᠨ᠎ᠠ᠃
ᠠᠭᠤᠴᠢᠯᠠᠭᠠᠷᠠᠢ ᠥᠩᠭᠡᠷᠡᠭᠰᠡᠨ ᠦᠶ᠎ᠡ ᠮᠢᠨᠢ ᠠ᠋
ᠨᠡᠷᠡᠲᠦ ᠶ᠋ᠢ ᠣᠷᠬᠢᠭᠠᠳ ᠶᠠᠪᠤᠭᠰᠠᠨ ᠡᠵᠢ ᠶ᠋ᠢᠨ ᠢᠶ᠋ᠡᠨ ᠴᠠᠢ ᠶ᠋ᠢ ᠣᠳᠣ ᠯᠠ
ᠪᠢ ᠦᠭᠡᠶ᠋ᠢᠯᠡᠬᠦ ᠶᠤᠮ᠃
ᠨᠠᠳᠠ ᠳ᠋ᠤ᠌ ᠬᠢᠵᠦ ᠦᠯᠡᠳᠡᠭᠡᠭᠰᠡᠨ ᠰᠠᠶ᠋ᠢᠬᠠᠨ ᠮᠣᠩᠭᠣᠯ ᠳᠡᠪᠡᠯ ᠢ ᠨᠢ ᠡᠮᠦᠰᠦᠶ᠎ᠡ ᠪᠠᠶ᠋ᠢᠵᠤ
ᠦᠯᠢᠭᠡᠷ ᠶᠠᠷᠢᠨ
ᠡᠭᠦᠷᠴᠦ ᠶᠠᠪᠤᠳᠠᠭ ᠪᠠᠶ᠋ᠢᠭᠰᠠᠨ
ᠡᠮᠧ ᠶ᠋ᠢᠨ ᠢᠶ᠋ᠡᠨ ᠴᠢᠷᠠᠢ ᠶ᠋ᠢ ᠰᠠᠨᠠᠬᠤ ᠦᠭᠡᠢ ᠪᠠᠶ᠋ᠢᠨ᠎ᠠ᠃
ᠡᠭᠦᠳᠡᠨ ᠳᠡᠭᠡᠷ᠎ᠡ ᠴᠢᠨᠢ ᠵᠢᠭᠠᠬᠠᠨ ᠰᠠᠭᠠᠳᠠᠶᠠ ᠳᠥᠴᠢᠨ ᠨᠠᠰᠤ ᠮᠢᠨᠢ ᠠ᠋᠃
ᠲᠣᠭᠣᠷᠢᠨ ᠡᠷᠭᠢᠯᠳᠦᠬᠦ ᠠᠮᠢᠳᠤᠷᠠᠯ ᠬᠡᠮᠡᠬᠦ ᠸᠠᠯᠢᠰ ᠤᠨ ᠲᠠᠯᠠᠪᠠᠢ ᠶ᠋ᠢ
ᠲᠣᠭᠲᠠᠵᠤ ᠨᠢᠭᠡ ᠬᠠᠷᠠᠮᠠᠷ ᠪᠠᠶ᠋ᠢᠨ᠎ᠠ ᠳᠥᠴᠢᠨ ᠨᠠᠰᠤ ᠮᠢᠨᠢ ᠡ
ᠡᠷᠭᠢᠨ ᠰᠠᠨᠠᠬᠤ ᠪᠦᠬᠦᠨ ᠪᠦᠳᠡᠭᠢᠬᠡᠨ ᠠᠯᠤᠰ ᠲᠤ᠌ ᠵᠤᠷᠠᠶ᠋ᠢᠵᠤ
ᠡᠷᠢᠬᠡᠨ ᠦ ᠲᠡᠰᠦᠷᠡᠴᠦ ᠰᠤᠪᠤᠭᠰᠠᠨ ᠬᠡᠯᠬᠢᠶᠡᠰᠦ
ᠰᠢᠭ᠌
ᠡᠷᠭᠢᠵᠦ ᠥᠭᠬᠦ ᠦᠭᠡᠢ ᠪᠠᠶ᠋ᠢᠨ᠎ᠠ ᠳᠤᠷᠠᠰᠤᠮᠵᠢ ᠮᠢᠨᠢ
ᠮᠠᠷᠭᠠᠰᠢ ᠶ᠋ᠢᠨ ᠲᠥᠯᠥᠭᠡ ᠶᠠᠷᠢᠭᠰᠠᠨ ᠥᠨᠥᠳᠥᠷ ᠦᠨ ᠬᠥᠮᠦᠨ ᠪᠢ
ᠮᠠᠷᠲᠠᠭᠳᠠᠭᠰᠠᠨ ᠥᠴᠥᠭᠡᠳᠦᠷ ᠢ ᠥᠨᠥᠳᠥᠷ ᠡᠴᠡ ᠬᠠᠶ᠋ᠢᠵᠤ ᠪᠠᠶ᠋ᠢᠨ᠎ᠠ᠃
ᠳᠥᠴᠢᠨ ᠨᠠᠰᠤ ᠴᠢᠨᠦ ᠪᠣᠱᠣᠭ᠎ᠠ ᠶ᠋ᠢ ᠵᠦᠭᠡᠷ
ᠴᠦ᠍ ᠨᠢᠭᠡ ᠳᠠᠪᠠᠮᠠᠷ ᠦᠭᠡᠢ ᠪᠠᠶ᠋ᠢᠨ᠎ᠠ
ᠳᠥᠬᠥᠮᠬᠡᠨ ᠰᠢᠭ᠌ ᠠᠮᠢᠳᠤᠷᠠᠵᠤ ᠢᠷᠡᠭᠰᠡᠨ ᠦᠦ ᠭᠡᠵᠦ
ᠥᠪᠡᠷ ᠡᠴᠡ ᠪᠡᠨ ᠨᠢᠭᠡ ᠠᠰᠠᠭᠤᠮᠠᠷ ᠪᠠᠶ᠋ᠢᠨ᠎ᠠ᠃
ᠨᠠᠮ᠎ᠠ ᠶ᠋ᠢ ᠵᠢᠭᠠᠬᠠᠨ ᠪᠠᠶ᠋ᠢᠬᠤ ᠳ᠋ᠤ᠌ ᠳᠥᠴᠢᠨ ᠨᠠᠰᠤᠲᠠᠨ ᠨᠤᠭᠤᠳ ᠡᠮᠡᠭᠡᠳ ᠪᠠᠶ᠋ᠢᠬᠰᠠᠨ
ᠨᠠᠰᠤ ᠶ᠋ᠢ ᠨᠢ ᠣᠳᠣ ᠳᠤᠭᠤᠯᠤᠭᠠᠳ ᠢᠷᠡᠬᠦ ᠪᠡᠷ ᠥᠬᠢᠳ ᠰᠢᠬ ᠶᠠᠭᠤᠮ᠎ᠠ
ᠪᠠᠶ᠋ᠢᠨ᠎ᠠ
ᠤᠷᠢᠳᠤ ᠶ᠋ᠢᠨ ᠶᠠᠭᠤᠮ᠎ᠠ ᠪᠦᠬᠦᠨ ᠢ ᠵᠦᠭᠡᠷ ᠯᠡ ᠨᠢᠭᠡ ᠨᠢᠭᠡ ᠪᠡᠷ ᠨᠢ ᠰᠠᠨᠠᠬᠤ ᠳ᠋ᠤ᠌
ᠴᠢᠨᠢ
ᠤᠯᠠᠷᠢᠯ ᠤᠨ ᠬᠤᠪᠴᠠᠰᠤ ᠰᠢᠭ᠋ ᠢᠶ᠋ᠡᠨ ᠡᠪᠬᠡᠭᠡᠰᠦ ᠶ᠋ᠢ ᠨᠢ
ᠳᠡᠯᠭᠡᠬᠦ ᠭᠡᠰᠡᠨ ᠶᠤᠮ
ᠠᠭᠤᠴᠢᠯᠠᠭᠠᠷᠠᠢ ᠂ ᠳᠥᠴᠢᠨ ᠨᠠᠰᠤ
ᠮᠢᠨᠢ ᠤᠶ᠋ᠢᠳᠬᠤ ᠶ᠋ᠢᠨ ᠠᠷᠭ᠎ᠠ ᠦᠭᠡᠢ ᠴᠠᠭ ᠬᠤᠭᠤᠴᠠᠭ᠎ᠠ
ᠠᠮᠢᠳᠤᠷᠠᠯ ᠳᠤ ᠪᠢ
ᠬᠠᠶ᠋ᠢᠷᠠᠲᠠᠢ ᠪᠣᠯᠵᠠᠢ ᠃
