ᠮᠢᠨᠦ ᠪᠠᠭᠰᠢ-ᠠᠷᠳ᠋ᠠᠢМиний багш-артай
ᠮᠢᠨᠦ ᠪᠠᠭᠰᠢ
ᠰᠢᠯᠦᠭ᠄ ᠠᠷᠲᠠᠢ
ᠬᠥᠲᠥᠯᠦᠭᠴᠢ᠄ ᠠᠯᠢᠮ᠎ᠠ ᠤᠶᠠᠩᠭᠠᠯᠠᠪᠠ
ᠨᠠᠳᠠ ᠣᠯᠠᠨ ᠪᠠᠭᠰᠢ ᠲᠠᠢ
ᠪᠠᠭᠰᠢ ᠲᠠᠢ ᠬᠥᠮᠦᠨ ᠰᠠᠢᠬᠠᠨ ᠠ᠋
ᠨᠠᠷᠠ ᠮᠢᠨᠢ ᠪᠠᠭᠰᠢ
ᠡᠭᠦᠯᠡ ᠴᠤᠭᠤᠯᠤᠭᠰᠠᠨ ᠠᠭᠤᠯᠠᠨ ᠳ᠋ᠤ᠌
ᠥᠯᠮᠡᠢ ᠰᠢᠪᠡᠭᠰᠡᠨ ᠡᠪᠡᠰᠦᠨ ᠳ᠋ᠦ᠍
ᠨᠠᠳᠠ ᠲᠠᠢ ᠠᠳᠠᠯᠢ ᠬᠠᠨᠳᠤ ᠭᠡᠵᠦ ᠨᠠᠷᠠ ᠬᠡᠯᠡᠭᠰᠡᠨ
ᠪᠣᠭᠣᠨᠢ ᠪᠠᠢᠭᠰᠠᠨ ᠠ᠋ᠴᠠ ᠥᠨᠳᠥᠷ ᠰᠠᠶᠢ ᠪᠠᠢᠳᠠᠭ ᠶᠤᠮ
ᠪᠤᠭᠤᠷᠤᠯ ᠬᠣᠷᠸ᠎ᠠ ᠢᠩᠭᠢᠵᠦ ᠪᠦᠲᠦᠭᠰᠡᠨ ᠶᠦᠮ ᠭᠡᠵᠦ ᠨᠠᠷᠠ ᠵᠢᠭᠠᠭᠰᠠᠨ
ᠠᠭᠤᠯᠠ ᠮᠢᠨᠦ ᠪᠠᠭᠰᠢ
ᠬᠣᠯᠠ ᠶ᠋ᠢ ᠬᠠᠷ᠎ᠠ ᠭᠡᠰᠡᠨ
ᠬᠣᠭᠣᠷᠣᠨᠳᠣ ᠪᠠᠨ ᠬᠣᠯᠪᠣᠯᠳᠤ ᠭᠡᠰᠡᠨ
ᠭᠣᠷᠢ ᠪᠤᠤ ᠲᠠᠰᠤᠷᠠ ᠭᠡᠰᠡᠨ
ᠭᠤᠢᠪᠢᠵᠤ ᠨᠡᠩ ᠪᠣᠯᠬᠤ ᠦᠭᠡᠢ ᠭᠡᠰᠡᠨ
ᠠᠳᠬᠤ ᠰᠢᠷᠣᠢ ᠮᠥᠬᠥᠯᠢᠭ ᠴᠢᠯᠠᠭᠤᠨ ᠤ᠋ ᠬᠤᠷᠠᠮᠳᠤᠯ
ᠠᠭᠤᠤ ᠶᠡᠬᠡ ᠰᠦᠷ ᠬᠦᠴᠦᠨ ᠪᠣᠢ ᠭᠡᠰᠡᠨ
ᠭᠠᠯᠲᠤ ᠠᠭᠤᠯᠠ ᠨᠡᠩ ᠬᠡᠴᠡᠭᠦᠦ ᠪᠠᠭᠰᠢ ᠠ᠋
ᠭᠠᠭᠴᠠᠬᠠᠨ ᠤᠳᠠᠭ᠎ᠠ ᠬᠢᠴᠢᠶᠡᠯ ᠣᠷᠣᠪᠠᠴᠤ ᠮᠠᠷᠲᠠᠭᠳᠠᠬᠤ ᠦᠭᠡᠢ
ᠨᠠᠳᠠ ᠣᠯᠠᠨ ᠪᠠᠭᠰᠢ ᠲᠠᠢ
ᠪᠠᠭᠰᠢ ᠲᠠᠢ ᠬᠥᠮᠦᠨ ᠰᠠᠢᠬᠠᠨ ᠠ᠋
ᠮᠢᠨᠦ ᠥᠰᠦᠭᠰᠡᠨ ᠰᠠᠷᠠᠭᠤᠯ ᠲᠠᠯ᠎ᠠ
ᠮᠢᠨᠦ ᠲᠠᠨᠢᠭᠰᠠᠨ ᠠᠩᠬᠠᠨ ᠤ᠋ ᠪᠠᠭᠰᠢ
ᠠᠭᠤᠳᠠᠮ ᠰᠠᠷᠠᠭᠤᠯ ᠭᠡᠰᠡᠨ ᠬᠣᠶᠠᠷ ᠦᠰᠦᠭ ᠢ᠋
ᠲᠡᠷᠡ ᠬᠠᠮᠤᠭ ᠤ᠋ᠨ ᠤᠷᠢᠳ ᠢ᠋ᠶ᠋ᠠᠷ ᠨᠠᠳᠠ ᠵᠢᠭᠠᠭᠰᠠᠨ
ᠥᠭᠭᠢᠶᠡᠮᠦᠷ ᠭᠡᠵᠦ ᠳᠠᠷᠠᠭ᠎ᠠ ᠨᠢ ᠵᠢᠭᠠᠭᠰᠠᠨ
ᠥᠴᠥᠭᠡᠳᠦᠷ ᠲᠡᠰᠪᠦᠷᠢ ᠲᠡᠪᠴᠢᠶᠡᠷᠢ ᠭᠡᠵᠦ ᠵᠢᠭᠠᠭᠰᠠᠨ
ᠥᠨᠥᠳᠥᠷ ᠡᠬᠡ ᠣᠷᠣᠨ ᠭᠡᠵᠦ ᠵᠢᠭᠠᠯ᠎ᠠ
ᠮᠠᠷᠭᠠᠰᠢ ᠬᠦᠦ ᠳ᠋ᠦ᠍ ᠪᠡᠨ᠄ ᠮᠣᠩᠭᠣᠯ ᠬᠥᠮᠦᠨ ᠭᠡᠵᠦ ᠵᠢᠭᠠᠨ᠎ᠠ ᠭᠡᠵᠦ
ᠮᠠᠨ ᠤ᠋ ᠪᠠᠭᠰᠢ ᠰᠠᠶᠢᠬᠠᠨ ᠬᠡᠯᠡᠯ᠎ᠡ
ᠦᠬᠡᠷ ᠲᠡᠷᠭᠡ ᠮᠢᠨᠦ ᠪᠠᠭᠰᠢ
ᠡᠮᠦᠨ᠎ᠡ ᠠᠢᠯ ᠠ᠋ᠴᠠ ᠭᠠᠷᠤᠭᠠᠳ
ᠥᠨᠵᠢᠭᠡᠳ᠂ ᠳᠥᠩᠭᠡᠭᠡᠳ
ᠥᠷᠲᠡᠭᠡ ᠣᠷᠣᠬᠤ ᠪᠠᠷ ᠶᠠᠪᠤᠵᠤ ᠪᠠᠢᠭ᠎ᠠ
ᠦᠬᠡᠷ ᠲᠡᠷᠭᠡ ᠮᠢᠨᠦ ᠪᠠᠭᠰᠢ
ᠬᠣᠷᠢᠳᠤᠭᠠᠷ ᠵᠠᠭᠤᠨ ᠲᠡᠭᠦᠰᠬᠦ ᠰᠢᠬᠠᠯ᠎ᠠ ᠭᠡᠵᠦ
ᠬᠣᠶᠠᠷ ᠬᠦᠷᠳᠦ ᠨᠢ ᠲᠠᠯ᠎ᠠ ᠳᠡᠭᠡᠷ᠎ᠡ
ᠬᠣᠶᠠᠷ ᠡᠪᠡᠷ ᠨᠢ ᠲᠩᠷᠢ ᠳᠡᠭᠡᠷ᠎ᠡ ᠪᠢᠴᠢᠭᠰᠡᠭᠡᠷ ᠶᠠᠪᠤᠭ᠎ᠠ
ᠦᠬᠡᠷ ᠲᠡᠷᠭᠡ ᠮᠢᠨᠦ ᠪᠠᠭᠰᠢ
ᠦᠭᠭᠦᠭᠰᠡᠨ ᠳᠠᠰᠬᠠᠯ ᠨᠢ ᠦᠵᠦᠭᠦᠷ ᠦᠭᠡᠢ ᠶᠡᠬᠡ
ᠦᠬᠡᠷ ᠲᠡᠷᠭᠡ ᠮᠢᠨᠦ ᠪᠠᠭᠰᠢ
ᠨᠠᠳᠠ ᠣᠯᠠᠨ ᠪᠠᠭᠰᠢ ᠲᠠᠢ
ᠪᠠᠭᠰᠢ ᠲᠠᠢ ᠬᠥᠮᠦᠨ ᠰᠠᠢᠬᠠᠨ ᠠ᠋
ᠲᠣᠭᠣᠭ᠎ᠠ ᠳᠦᠭᠦᠷᠭᠡᠳᠡᠭ ᠲᠣᠭᠣᠳᠠᠭ ᠮᠢᠨᠦ ᠪᠠᠭᠰᠢ
ᠲᠣᠩᠭᠣᠢᠴᠢᠬᠠᠳᠠᠭ ᠦᠮᠡᠬᠡᠢ ᠬᠣᠷᠣᠬᠠᠢ ᠴᠤ ᠮᠢᠨᠦ ᠪᠠᠭᠰᠢ
ᠣᠯᠠᠨ ᠬᠡᠦᠬᠡᠳ ᠲᠡᠢ ᠠᠢᠯ ᠤ᠋ᠨ ᠬᠣᠨᠢᠨ ᠤ᠋ ᠮᠣᠷᠢ ᠮᠢᠨᠦ ᠪᠠᠭᠰᠢ
ᠣᠯᠠᠨ ᠪᠡᠷᠢ ᠲᠡᠢ ᠠᠢᠯ ᠤ᠋ᠨ ᠭᠠᠤᠯᠢᠨ ᠰᠢᠨᠠᠭ᠎ᠠ ᠴᠤ᠌ ᠮᠢᠨᠦ ᠪᠠᠭᠰᠢ
ᠬᠡᠦᠬᠡᠳ ᠦ᠋ᠨ ᠬᠥᠭᠡᠷᠦᠬᠦᠨ ᠬᠠᠷ᠎ᠠ ᠨᠢᠳᠦ ᠮᠢᠨᠦ ᠪᠠᠭᠰᠢ
ᠬᠥᠭᠰᠢᠳ ᠦ᠋ᠨ ᠨᠢᠯᠪᠤᠰᠤ ᠲᠠᠢ ᠣᠨᠢᠭᠠᠷ ᠨᠢᠳᠦ ᠴᠤ᠌ ᠮᠢᠨᠦ ᠪᠠᠭᠰᠢ
ᠲᠡᠷᠡ ᠲᠠᠯᠪᠢᠭᠠᠰᠤᠲᠠᠢ ᠬᠢᠲᠤᠭᠠᠨ ᠤ᠋ ᠢᠷ ᠮᠢᠨᠦ ᠪᠠᠭᠰᠢ
ᠲᠡᠭᠡᠬᠦ ᠳ᠋ᠦ᠍ ᠪᠡᠨ ᠬᠤᠨ ᠭᠠᠯᠠᠭᠤᠨ ᠤ᠋ ᠨᠣᠣᠯᠣᠭᠤᠷ ᠴᠤ᠌ ᠮᠢᠨᠦ ᠪᠠᠭᠰᠢ
ᠪᠢ ᠣᠯᠠᠨ ᠪᠠᠭᠰᠢ ᠲᠠᠢ ᠬᠥᠮᠦᠨ
ᠪᠠᠭᠰᠢ ᠲᠠᠢ ᠬᠥᠮᠦᠨ ᠰᠠᠢᠬᠠᠨ
ᠪᠠᠷᠠᠬᠤ ᠦᠭᠡᠢ ᠴᠢᠳᠠᠬᠤ ᠦᠭᠡᠢ ᠡᠨᠡ ᠬᠣᠷᠸ᠎ᠠ ᠳ᠋ᠤ᠌
ᠪᠠᠭᠰᠢ ᠲᠠᠢ ᠬᠥᠮᠦᠨ ᠯᠡ ᠰᠠᠢᠬᠠᠨ ᠠ᠋
ᠢᠷᠡᠯᠲᠡ᠄ ᠠᠮᠢᠳᠤᠷᠠᠯ ᠸᠢᠴᠠᠲ ᠲᠠᠪᠴᠠᠩ
ᠬᠢᠨᠠᠯᠲᠠ᠄ ᠬᠠᠳᠠᠮᠠᠯ ᠦᠰᠦᠭ ᠬᠣᠯᠪᠣᠭ᠎ᠠ
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
