ᠥᠪᠥᠷ ᠬᠠᠩᠭᠠᠢ ᠶ᠋ᠢᠨ ᠮᠠᠭᠲᠠᠭᠠᠯ -ᠨᠠᠢᠷᠵᠢᠨᠵᠢᠳ ᠬᠠᠮᠲᠤᠯᠢᠭ Өвөр хангайн магтаал-Найржинжид хамтлаг ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠪᠥᠷ ᠬᠠᠩᠭᠠᠢ ᠶ᠋ᠢᠨ ᠮᠠᠭᠲᠠᠭᠠᠯ -ᠨᠠᠢᠷᠵᠢᠨᠵᠢᠳ ᠬᠠᠮᠲᠤᠯᠢᠭ Өвөр хангайн магтаал-Найржинжид хамтлаг

ᠥᠪᠥᠷ ᠬᠠᠩᠭᠠᠢ ᠶ᠋ᠢᠨ ᠮᠠᠭᠲᠠᠭᠠᠯ -ᠨᠠᠢᠷᠵᠢᠨᠵᠢᠳ ᠬᠠᠮᠲᠤᠯᠢᠭ Өвөр хангайн магтаал-Найржинжид хамтлаг

2026-07-24

71

ᠥᠪᠥᠷ ᠬᠠᠩᠭᠠᠢ ᠶ᠋ᠢᠨ ᠮᠠᠭᠲᠠᠭᠠᠯ


          ᠦᠭᠡ᠄ ᠫᠦᠷᠪᠦᠳᠣᠷᠵᠢ 
          ᠳᠠᠭᠤᠴᠢᠨ᠄ ᠨᠠᠢᠷᠵᠢᠨᠵᠢᠳ ᠬᠠᠮᠲᠤᠯᠢᠭ 

ᠰᠠᠢᠬᠠᠨ ᠬᠤᠨ ᠵᠢᠭᠦᠷ ᠠᠮᠠᠷᠠᠭᠠᠨ 
ᠰᠠᠩ ᠤ᠋ᠨ ᠳᠠᠯᠠᠢ ᠳ᠋ᠤ᠌ ᠴᠢᠭᠤᠯᠬᠤ ᠦᠶ᠎ᠡ ᠪᠡᠷ 
ᠲᠠᠩᠭᠢᠰ ᠲᠠᠯ᠎ᠠ ᠶ᠋ᠢᠨ ᠰᠦᠷᠦᠭ ᠪᠡᠯᠴᠢᠨ 
ᠲᠡᠭᠷᠢ ᠶ᠋ᠢᠨ ᠵᠠᠭᠠᠳᠠᠰᠤ ᠰᠢᠬ ᠲᠣᠭᠣᠰᠣᠷᠠᠨ ᠪᠠᠢᠳᠠᠭ 

 ᠳᠠᠬᠢᠯᠲᠠ 

ᠬᠥᠪᠴᠢᠨ ᠨᠣᠭᠣᠭᠠᠨ ᠠᠭᠤᠯᠠ ᠶ᠋ᠢᠨ ᠬᠠᠩᠭᠠᠢ 
ᠬᠥᠰᠢᠭᠡ ᠨᠣᠮᠢᠨ ᠲᠠᠯ᠎ᠠ ᠶ᠋ᠢᠨ ᠬᠠᠩᠭᠠᠢ 
ᠠᠭᠤᠳᠠᠮ ᠴᠡᠩᠬᠡᠷ ᠭᠣᠪᠢ ᠶ᠋ᠢᠨ ᠬᠠᠩᠭᠠᠢ
ᠤᠨᠠᠭᠠᠨ ᠨᠤᠲᠤᠭ ᠮᠢᠨᠢ ᠥᠪᠥᠷ ᠬᠠᠩᠭᠠᠢ

ᠨᠠᠮᠤᠷ ᠤ᠋ᠨ ᠬᠦᠢᠲᠡᠨ ᠠᠭᠤᠯᠠᠨ ᠳᠤᠮᠳᠠ
ᠨᠠᠢ᠍ᠮᠠᠨ ᠨᠠᠭᠤᠷ ᠣᠢᠷᠠᠳᠬᠤ ᠴᠠᠭ ᠢ᠋ᠶ᠋ᠠᠷ
ᠨᠠᠷᠠᠨ ᠬᠠᠢᠯᠬᠤ ᠬᠣᠩᠭᠣᠷ ᠭᠣᠪᠢ ᠶ᠋ᠢᠨ
ᠨᠠᠷᠢᠨ ᠳᠠᠭᠠᠨ᠎ᠠ ᠨᠢ ᠬᠡᠨᠵᠡᠯᠡᠨ ᠪᠠᠢᠳᠠᠭ

ᠣᠷᠬᠣᠨ ᠭᠣᠣᠯ ᠤ᠋ᠨ ᠤᠨᠢᠶᠠᠷᠲᠤ ᠬᠥᠨᠳᠡᠢ ᠳ᠋ᠦ᠍
ᠣᠳᠣᠳ ᠣᠭᠰᠢᠬᠤ ᠬᠠᠪᠤᠷ ᠤ᠋ᠨ ᠦᠷ ᠢ᠋ᠶ᠋ᠡᠷ
ᠠᠯᠲᠠᠨ ᠲᠦᠷᠦᠭᠦᠦ ᠬᠥᠷᠥᠰᠥ ᠪᠡᠨ ᠲᠦᠯᠬᠢᠨ
ᠠᠯᠤᠰ ᠤ᠋ᠨ ᠣᠳᠣᠳ ᠰᠢᠬ ᠲᠦᠭᠡᠭᠡᠭᠰᠡᠨ ᠪᠠᠢᠳᠠᠭ

ᠠᠭᠤᠯᠠᠰ ᠤ᠋ᠨ ᠲᠣᠯᠣᠭᠠᠢ ᠴᠠᠰᠤᠨ ᠳ᠋ᠤ᠌ ᠴᠠᠷᠴᠠᠨ
ᠤᠯᠠᠭᠠᠨ ᠴᠢᠳᠬᠤᠯᠠᠩ ᠴᠠᠷᠴᠠᠬᠤ ᠴᠠᠭ ᠢ᠋ᠶ᠋ᠠᠷ
ᠠᠷᠪᠠᠢ ᠬᠡᠭᠡᠷ ᠦ᠋ᠨ ᠤᠭᠰᠠᠭᠠᠲᠤ ᠡᠵᠡᠨ
ᠠᠳᠤᠭᠤᠴᠢᠨ ᠤ᠋ ᠦᠷᠭᠦᠭᠡᠨ ᠳ᠋ᠦ᠍ ᠮᠡᠨᠳᠦᠯᠡᠨ ᠪᠠᠢᠳᠠᠭ

       ᠦᠰᠦᠭ ᠠᠮᠢᠯᠠᠭᠤᠯᠤᠭᠴᠢ᠄ ᠮᠥᠩᠬᠡᠨᠠᠰᠤᠨ
       ᠦᠰᠦᠭ ᠬᠠᠳᠠᠭᠴᠢ᠄ ᠪᠠᠢ᠂ ᠰᠠᠷᠠᠨ᠎ᠠ
       ᠬᠢᠨᠠᠭᠴᠢ᠄ ᠣᠳᠬᠠᠨᠰᠣ᠎ᠠ