ᠬᠤᠲᠤᠭᠲᠤ ᠨᠢᠭᠦᠯᠡᠰᠬᠦᠢ ᠠᠷᠢᠶᠠᠪᠠᠯᠤ ᠶ᠋ᠢᠨ ᠵᠠᠯᠪᠠᠷᠢᠯ ᠮᠠᠭᠲᠠᠭᠠᠯ ᠣᠷᠣᠰᠢᠪᠠ
ᠬᠤᠲᠤᠭᠲᠤ ᠨᠢᠭᠦᠯᠡᠰᠬᠦᠢ ᠠᠷᠢᠶᠠᠪᠠᠯᠤ ᠶ᠋ᠢᠨ ᠵᠠᠯᠪᠠᠷᠢᠯ ᠮᠠᠭᠲᠠᠭᠠᠯ ᠣᠷᠣᠰᠢᠪᠠ
ᠬᠤᠲᠤᠭᠲᠤ ᠨᠢᠭᠦᠯᠡᠰᠬᠦᠢ ᠠᠷᠢᠶᠠᠪᠠᠯᠤ ᠶ᠋ᠢᠨ ᠵᠠᠯᠪᠠᠷᠢᠯ ᠮᠠᠭᠲᠠᠭᠠᠯ ᠣᠷᠣᠰᠢᠪᠠ
ᠪᠯᠠᠮ᠎ᠠ ᠢᠳᠠᠮ ᠳᠠᠭᠢᠨᠢ ᠠᠷᠢᠶᠠᠪᠠᠯᠤ
ᠨᠠᠮᠠᠨᠴᠢᠯᠠᠨ ᠮᠥᠷᠭᠥᠮᠦᠢ ᠠᠷᠢᠶᠠᠪᠠᠯᠤ
ᠯᠠᠭᠱᠠᠨ ᠮᠢᠨᠦ ᠣᠷᠣᠢ ᠳ᠋ᠤᠷ ᠠᠷᠢᠶᠠᠪᠠᠯᠤ
ᠯᠠᠪᠳᠠᠨ ᠣᠷᠣᠰᠢᠨ ᠠᠳᠢᠰᠯᠠ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
( ᠳᠥᠷᠪᠡᠨᠲᠡ ᠤᠩᠰᠢᠮᠤᠢ )
ᠠᠪᠤᠷᠠᠯ ᠭᠤᠷᠪᠠᠨ ᠡᠷᠳᠡᠨᠢ ᠠᠷᠢᠶᠠᠪᠠᠯᠤ
ᠠᠳᠢᠰᠲᠠᠳ ᠢᠯᠡᠳᠲᠡ ᠪᠠᠭᠤᠯᠭᠠᠭᠠᠳ ᠠᠷᠢᠶᠠᠪᠠᠯᠤ
ᠠᠮᠢᠲᠠᠨ ᠪᠦᠭᠦᠳᠡ ᠶ᠋ᠢᠨ ᠭᠡᠮ ᠠᠯᠳᠠᠰ ᠢ᠋ ᠠᠷᠢᠶᠠᠪᠠᠯᠤ
ᠠᠯᠳᠠᠷᠠᠨ ᠰᠠᠢᠲᠤᠷ ᠠᠷᠢᠯᠲᠤᠭᠠᠢ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠦᠢᠯᠡ ᠶ᠋ᠢᠨ ᠴᠠᠭᠠᠨ ᠪᠤᠶᠠᠨ ᠢ᠋ᠶ᠋ᠠᠷ ᠠᠷᠢᠶᠠᠪᠠᠯᠤ
ᠦᠷ᠎ᠡ ᠵᠢᠮᠢᠰ ᠳᠡᠯᠭᠡᠷᠡᠭᠡᠳ ᠠᠷᠢᠶᠠᠪᠠᠯᠤ
ᠦᠷᠭᠦᠯᠵᠢ ᠬᠠᠮᠤᠭ ᠠᠮᠢᠲᠠᠨ ᠢ᠋ᠶ᠋ᠠᠷ ᠠᠷᠢᠶᠠᠪᠠᠯᠤ
ᠦᠯᠡᠮᠵᠢ ᠡᠳ᠋ᠯᠡᠨ ᠵᠢᠷᠭᠠᠲᠤᠭᠠᠢ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠮᠠᠨᠢ ᠶ᠋ᠢᠨ ᠵᠢᠷᠭᠤᠭᠠᠨ ᠦᠰᠦᠭ ᠢ᠋ᠶ᠋ᠡᠷ ᠠᠷᠢᠶᠠᠪᠠᠯᠤ
ᠮᠠᠰᠢ ᠣᠯᠠᠨ ᠠᠮᠢᠲᠠᠨ ᠤ᠋ ᠠᠷᠢᠶᠠᠪᠠᠯᠤ
ᠮᠠᠭᠤ ᠬᠣᠶᠠᠷ ᠲᠦᠢᠳᠬᠡᠷ ᠪᠦᠬᠦᠢ ᠠᠷᠢᠶᠠᠪᠠᠯᠤ
ᠮᠠᠭᠠᠳ ᠪᠠᠷᠢᠨ ᠠᠷᠢᠯᠲᠤᠭᠠᠢ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠠᠷᠪᠠᠨ ᠨᠢᠭᠡᠨ ᠭᠡᠭᠡᠨ ᠢ᠋ᠶ᠋ᠡᠷ ᠠᠷᠢᠶᠠᠪᠠᠯᠤ
ᠠᠮᠤᠷ ᠳᠡᠯᠭᠡᠷ ᠡᠷᠬᠡ ᠳᠣᠭᠰᠢᠳ ᠠᠷᠢᠶᠠᠪᠠᠯᠤ
ᠠᠯᠢᠪᠠ ᠵᠣᠬᠢᠶᠠᠯ ᠤ᠋ᠨ ᠳᠦᠷᠢ ᠪᠡᠷ ᠠᠷᠢᠶᠠᠪᠠᠯᠤ
ᠠᠮᠢᠲᠠᠨ ᠢ᠋ ᠤᠳᠤᠷᠢᠳᠤᠨ ᠦᠢᠯᠡᠳᠳᠦᠭᠡᠳ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠮᠢᠩᠭᠠᠨ ᠮᠣᠳᠣᠷ ᠤ᠋ᠨ ᠨᠢᠳᠦᠨᠪᠡᠷ ᠠᠷᠢᠶᠠᠪᠠᠯᠤ
ᠮᠢᠲᠠᠯ ᠦᠭᠡᠢ ᠠᠮᠢᠲᠠᠨ ᠤ᠋ ᠲᠤᠰᠠ ᠶ᠋ᠢ ᠠᠷᠢᠶᠠᠪᠠᠯᠤ
ᠮᠠᠰᠢ ᠲᠦᠷᠭᠡᠨ ᠪᠦᠲᠦᠭᠡᠭᠡᠳ ᠠᠷᠢᠶᠠᠪᠠᠯᠤ
ᠮᠠᠭᠠᠳ ᠵᠢᠷᠭᠠᠯᠠᠩ ᠳ᠋ᠤᠷ ᠵᠣᠬᠢᠶᠠ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠭᠬᠢᠷ ᠦᠭᠡᠢ ᠴᠠᠭᠠᠨ ᠭᠡᠭᠡᠨ ᠳ᠋ᠦ᠍ ᠠᠷᠢᠶᠠᠪᠠᠯᠤ
ᠬᠡᠩ ᠦᠭᠡᠢ ᠡᠷᠳᠡᠨᠢᠰ ᠦ᠋ᠨ ᠴᠢᠮᠡᠭᠲᠦ ᠠᠷᠢᠶᠠᠪᠠᠯᠤ
ᠬᠡᠯᠡᠨ ᠨᠢᠭᠦᠯᠡᠰᠬᠦᠢ ᠶ᠋ᠢᠨ ᠰᠡᠳᠬᠢᠯ ᠳ᠋ᠦ᠍ ᠠᠷᠢᠶᠠᠪᠠᠯᠤ
ᠬᠡᠯᠪᠡᠷᠢᠯ ᠦᠭᠡᠢ ᠠᠪᠤᠷᠠᠭᠴᠢ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠬᠠᠮᠤᠭ ᠠᠮᠢᠲᠠᠨ ᠤ᠋ ᠠᠪᠤᠷᠠᠯ ᠠᠷᠢᠶᠠᠪᠠᠯᠤ
ᠬᠠᠯᠠᠵᠤ ᠬᠡᠯᠡᠨ ᠡᠨᠡᠷᠢᠭᠴᠢ ᠠᠷᠢᠶᠠᠪᠠᠯᠤ
ᠬᠠᠯᠲᠤᠷᠢᠯ ᠦᠭᠡᠢ ᠣᠷᠣᠯᠳᠣᠭᠠᠳ ᠠᠷᠢᠶᠠᠪᠠᠯᠤ
ᠭᠠᠢᠬᠠᠮᠰᠢᠭ ᠣᠷᠣᠨ ᠳ᠋ᠤᠷ ᠵᠣᠬᠢᠶᠠ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠵᠠᠯᠪᠠᠷᠢᠨ ᠰᠦᠰᠦᠭᠯᠡᠨ ᠳᠠᠭᠤᠳᠠᠬᠤᠢ ᠳ᠋ᠤᠷ ᠠᠷᠢᠶᠠᠪᠠᠯᠤ
ᠵᠠᠯᠠᠷᠠᠨ ᠨᠢᠭᠦᠯᠡᠰᠦᠨ ᠠᠢᠯᠠᠳᠳᠤᠭᠠᠳ ᠠᠷᠢᠶᠠᠪᠠᠯᠤ
ᠵᠠᠷᠯᠢᠭ ᠰᠣᠶᠣᠷᠬᠠᠬᠤ ᠶ᠋ᠢᠨ ᠳᠦᠷᠢ ᠪᠡᠷ ᠠᠷᠢᠶᠠᠪᠠᠯᠤ
ᠵᠠᠯᠢᠭᠠᠴᠢᠯ ᠦᠭᠡᠢ ᠠᠳᠢᠰᠯᠠ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠳᠠᠬᠢᠨ ᠳᠠᠪᠲᠠᠨ ᠳᠠᠭᠤᠳᠠᠬᠤᠢ ᠳ᠋ᠤᠷ ᠠᠷᠢᠶᠠᠪᠠᠯᠤ
ᠳᠠᠷᠤᠢ ᠬᠤᠷᠳᠤᠨ ᠵᠠᠯᠠᠷᠠᠭᠠᠳ ᠠᠷᠢᠶᠠᠪᠠᠯᠤ
ᠲᠠᠩᠰᠤᠭ ᠳᠡᠭᠡᠳᠦ ᠰᠢᠳᠢᠰ ᠢ᠋ ᠠᠷᠢᠶᠠᠪᠠᠯᠤ
ᠳᠠᠷᠤᠢ ᠲᠦᠷᠭᠡᠨ ᠬᠠᠢᠷᠠᠯᠠ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠳᠠᠭᠤᠳᠠᠨ ᠳᠠᠭᠤᠳᠠᠨ ᠵᠠᠯᠪᠠᠷᠢᠬᠤᠢ ᠳ᠋ᠤᠷ ᠠᠷᠢᠶᠠᠪᠠᠯᠤ
ᠲᠤᠩᠭᠠᠯᠠᠭ ᠭᠡᠭᠡᠨ ᠪᠠᠢᠳᠠᠯ ᠢ᠋ᠶ᠋ᠠᠷ ᠠᠷᠢᠶᠠᠪᠠᠯᠤ
ᠲᠣᠳᠣᠷᠬᠠᠢ ᠠᠳᠢᠰᠲᠠᠳ ᠢ᠋ ᠰᠣᠶᠣᠷᠬᠠᠵᠤ ᠠᠷᠢᠶᠠᠪᠠᠯᠤ
ᠲᠤᠭᠤᠯᠤᠭᠰᠠᠨ ᠬᠤᠲᠤᠭ ᠲᠤᠷ ᠵᠣᠬᠢᠶᠠ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠨᠢᠳᠦᠨᠪᠡᠷ ᠦᠵᠡᠭᠴᠢ ᠶ᠋ᠢᠨ ᠠᠪᠤᠷᠠᠯ ᠳ᠋ᠤᠷ ᠠᠷᠢᠶᠠᠪᠠᠯᠤ
ᠨᠢᠭᠲᠠ ᠰᠦᠰᠦᠭᠯᠡᠨ ᠵᠠᠯᠪᠠᠷᠢᠮᠤᠢ ᠠᠷᠢᠶᠠᠪᠠᠯᠤ
ᠨᠢᠭᠦᠯ ᠪᠠᠷᠴᠢᠳ ᠢ᠋ ᠠᠷᠢᠯᠭᠠᠭᠠᠳ ᠠᠷᠢᠶᠠᠪᠠᠯᠤ
ᠨᠠᠰᠤᠨ ᠪᠤᠶᠠᠨ ᠢ᠋ ᠳᠡᠯᠭᠡᠷᠡᠭᠦᠯ ᠠᠷᠢᠶᠠᠪᠠᠯᠤ ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠵᠢᠷᠦᠬᠡᠨ ᠵᠢᠷᠭᠤᠭᠠᠨ ᠦᠰᠦᠭ ᠢ᠋ᠶ᠋ᠡᠷ ᠠᠷᠢᠶᠠᠪᠠᠯᠤ
ᠵᠢᠴᠢ ᠳᠠᠪᠲᠠᠨ ᠤᠩᠰᠢᠬᠤᠢ ᠳ᠋ᠤᠷ ᠠᠷᠢᠶᠠᠪᠠᠯᠤ
ᠵᠦᠢᠯ ᠰᠣᠯᠣᠩᠭ᠎ᠠ ᠶ᠋ᠢᠨ ᠭᠡᠷᠡᠯ ᠢ᠋ᠶ᠋ᠡᠷ ᠠᠷᠢᠶᠠᠪᠠᠯᠤ
ᠵᠢᠷᠭᠠᠯᠠᠩ ᠪᠣᠳᠢ ᠳ᠋ᠤᠷ ᠵᠣᠬᠢᠶᠠ ᠠᠷᠢᠶᠠᠪᠠᠯᠤ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠡᠷᠬᠡᠲᠦ ᠨᠢᠳᠦᠨᠪᠡᠷ ᠦᠵᠡᠭᠴᠢ ᠳ᠋ᠦ᠍ᠷ ᠠᠷᠢᠶᠠᠪᠠᠯᠤ
ᠡᠴᠢᠭᠡ ᠬᠤᠯᠤᠩᠴᠢ ᠳᠠ ᠨᠣᠶᠠᠨ ᠤ᠋ ᠠᠷᠢᠶᠠᠪᠠᠯᠤ
ᠢᠯᠠᠩᠭᠤᠢ ᠨᠠᠰᠤᠨ ᠪᠠᠲᠤᠳᠬᠤ ᠶ᠋ᠢᠨ ᠲᠤᠯᠠ ᠠᠷᠢᠶᠠᠪᠠᠯᠤ
ᠡᠷᠳᠡᠨᠢ ᠺᠠᠮᠪᠤ ᠵᠠᠯᠪᠠᠷᠢᠪᠠᠢ ᠠᠷᠢᠶᠠᠪᠠᠯᠤ ᠃
ᠣᠮ ᠮᠠ᠋ ᠨᠢ ᠪᠠᠳ ᠮᠧᠢ ᠾᠤᠩ ᠠᠷᠢᠶᠠᠪᠠᠯᠤ
ᠰᠠᠢᠨ ᠪᠤᠶᠠᠨ ᠳᠡᠯᠭᠡᠷᠡ!
ᠦᠰᠦᠭ ᠠᠮᠢᠯᠠᠭᠤᠯᠤᠭᠴᠢ᠄ ᠲᠡᠭᠰᠢᠮᠥ᠋ᠩᠬᠡ
ᠬᠢᠨᠠᠭᠴᠢ᠄ ᠮᠣᠩᠭᠤᠯᠵᠠᠶᠠᠭ᠎ᠠ
