ᠠᠶᠠᠨ ᠤ᠋ ᠲᠣᠭᠣᠷ᠎ᠠ-ᠪᠣᠬᠢᠰᠢᠷᠭ᠎ᠠ᠂ ᠳᠠᠸᠠᠳᠠᠯᠠᠢ᠂ ᠪᠠᠲᠤᠲᠤᠯᠭ᠎ᠠАяны дугараа-Бохьшарга Даваадалай баттулга
ᠠᠶᠠᠨ ᠤ᠋ ᠲᠣᠭᠣᠷ᠎ᠠ
ᠦᠭᠡ᠂ ᠠᠶ᠎ᠠ᠄ ᠢᠷᠦᠭᠡᠯᠴᠢ ᠰᠦᠬᠡ
ᠳᠠᠭᠤᠴᠢᠨ᠄ ᠪᠣᠬᠢᠰᠢᠷᠭ᠎ᠠ᠂ ᠳᠠᠸᠠᠳᠠᠯᠠᠢ᠂ ᠪᠠᠲᠤᠲᠤᠯᠭ᠎ᠠ
ᠦᠳᠡᠭᠡᠷᠢ ᠬᠠᠨ᠎ᠠ ᠲᠠᠢ ᠦᠷᠭᠦᠭᠡᠨ ᠳ᠋ᠡᠭᠡᠨ ᠲᠠᠨ ᠢ᠋ ᠤᠷᠢᠶ᠎ᠠ
ᠦᠭᠡ ᠶ᠋ᠢᠨ ᠰᠠᠢᠨ ᠢ᠋ ᠬᠡᠮᠨᠡᠯᠴᠡᠭᠡᠳ ᠢᠷᠦᠭᠡᠯ ᠪᠤᠶᠠᠨ ᠢ᠋ᠶ᠋ᠠᠨ ᠲᠣᠭᠲᠠᠭᠠᠵᠤ ᠬᠠᠢᠷᠠᠯᠠᠭᠠᠷᠠᠢ
ᠡᠷᠲᠡᠨ ᠦ᠌ ᠶᠣᠰᠣ ᠵᠠᠩᠰᠢᠯ ᠲᠠᠢ ᠡᠯᠢᠭᠡᠨ ᠲᠦᠮᠡᠨ ᠦ᠌ ᠮᠢᠨᠢ ᠢᠷᠦᠭᠡᠯ ᠢ᠋ᠶ᠋ᠡᠷ
ᠡᠭᠡᠰᠢᠭ ᠳᠠᠭᠤᠤ ᠪᠠᠨ ᠡᠷᠭᠦᠵᠦ ᠨᠠᠢᠷᠯᠠᠭᠠᠷᠠᠢ
ᠠᠶᠠᠨ ᠤ᠋ ᠬᠥᠮᠦᠨ ᠲᠠ ᠳᠡᠭᠡᠭᠰᠢ ᠪᠡᠨ ᠮᠣᠷᠢᠯᠠᠨ᠎ᠠ ᠤᠤ
ᠠᠶᠠᠨ ᠤ᠋ ᠲᠣᠭᠣᠷ᠎ᠠ ᠪᠠᠨ ᠡᠷᠭᠦᠭᠡᠷᠡᠢ
ᠠᠢᠷᠠᠭ ᠨᠠᠢᠷᠠᠭ ᠬᠠᠲᠠᠷᠢᠭᠰᠠᠨ
ᠠᠷᠠᠳ ᠤ᠋ᠨ ᠰᠠᠢᠬᠠᠨ ᠵᠠᠩᠰᠢᠯ ᠪᠠᠢᠨ᠎ᠠ
ᠨᠠᠷᠠᠨ ᠦᠳᠡᠭᠰᠡᠨ ᠦᠷᠭᠦᠭᠡᠨ ᠳ᠋ᠡᠭᠡᠨ ᠲᠠᠨ ᠢ᠋ ᠤᠷᠢᠶ᠎ᠠ
ᠨᠠᠢᠷ ᠤ᠋ᠨ ᠬᠣᠢᠮᠣᠷ ᠲᠤ᠌ ᠰᠠᠭᠠᠳᠠᠭᠠᠳ ᠯᠠ
ᠲᠦᠷᠡᠯᠭᠡ ᠡᠭᠡᠰᠢᠭ ᠢ᠋ᠶ᠋ᠡᠷ ᠮᠢᠯᠢᠶᠠᠵᠤ ᠰᠣᠶᠣᠷᠬᠠᠭᠠᠷᠠᠢ
ᠨᠠᠷᠢ ᠳᠡᠭᠡᠵᠢ ᠵᠠᠶᠠᠭᠠᠭᠰᠠᠨ ᠨᠠᠢᠷ ᠤ᠋ᠨ ᠶᠣᠰᠣ ᠪᠠᠷ ᠬᠦᠨᠳᠦᠯᠡᠶ᠎ᠡ
ᠨᠠᠮᠪᠠ ᠳᠡᠭᠡᠵᠢ ᠵᠢᠷᠭᠠᠵᠤ ᠨᠠᠢᠷᠯᠠᠭᠠᠷᠠᠢ
ᠠᠶᠠᠨ ᠤ᠋ ᠬᠥᠮᠦᠨ ᠲᠠ ᠳᠡᠭᠡᠭᠰᠢ ᠪᠡᠨ ᠮᠣᠷᠢᠯᠠᠨ᠎ᠠ ᠤᠤ
ᠠᠶᠠᠨ ᠤ᠋ ᠲᠣᠭᠣᠷ᠎ᠠ ᠪᠠᠨ ᠡᠷᠭᠦᠭᠡᠷᠡᠢ
ᠠᠢᠷᠠᠭ ᠨᠠᠢᠷᠠᠭ ᠬᠠᠲᠠᠷᠢᠭᠰᠠᠨ
ᠠᠷᠠᠳ ᠤ᠋ᠨ ᠰᠠᠢᠬᠠᠨ ᠵᠠᠩᠰᠢᠯ ᠪᠠᠢᠨ᠎ᠠ
ᠪᠤᠷᠭᠠᠰᠤᠨ ᠬᠠᠨ᠎ᠠ ᠲᠠᠢ ᠦᠷᠭᠦᠭᠡᠨ ᠳ᠋ᠡᠭᠡᠨ ᠲᠠᠨ ᠢ᠋ ᠤᠷᠢᠶ᠎ᠠ
ᠪᠤᠶᠠᠨ ᠬᠡᠰᠢᠭ ᠦ᠋ᠨ ᠳᠠᠯᠠᠯᠭ᠎ᠠ ᠲᠠᠢ
ᠪᠤᠭᠤᠷᠤᠯ ᠤ᠋ᠨ ᠢᠷᠦᠭᠡᠯ ᠢ᠋ ᠲᠣᠰᠴᠤ ᠬᠤᠷᠤᠢᠯᠠᠭᠠᠷᠠᠢ
ᠬᠠᠭᠤᠴᠢ ᠳᠣᠮᠣᠭ ᠢ᠋ᠶ᠋ᠠᠨ ᠬᠥᠭᠡᠷᠦᠯᠳᠦᠭᠡᠳ
ᠬᠤᠭᠤᠷ ᠢ᠋ᠶ᠋ᠠᠨ ᠲᠠᠲᠠᠭᠠᠳ ᠳᠤᠭᠤᠷ᠎ᠠ ᠡᠷᠭᠦᠨ ᠪᠠᠷᠢᠵᠤ
ᠬᠣᠨᠣᠨ ᠥᠨᠵᠢᠨ ᠰᠠᠭᠠᠲᠠᠭᠠᠳ ᠮᠣᠷᠳᠠᠭᠠᠷᠠᠢ
ᠠᠶᠠᠨ ᠤ᠋ ᠬᠥᠮᠦᠨ ᠲᠠ ᠳᠡᠭᠡᠭᠰᠢ ᠪᠡᠨ ᠮᠣᠷᠢᠯᠠᠨ᠎ᠠ ᠤᠤ
ᠠᠶᠠᠨ ᠤ᠋ ᠳᠤᠭᠤᠷ᠎ᠠ ᠪᠠᠨ ᠡᠷᠭᠦᠭᠡᠷᠡᠢ
ᠠᠢᠷᠠᠭ ᠨᠠᠢᠷᠠᠭ ᠬᠠᠲᠠᠷᠢᠭᠰᠠᠨ
ᠠᠷᠠᠳ ᠤ᠋ᠨ ᠰᠠᠢᠬᠠᠨ ᠵᠠᠩᠰᠢᠯ ᠪᠠᠢᠨ᠎ᠠ
ᠳᠠᠬᠢᠯᠲᠠ
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠤᠤᠭᠠᠨᠵᠢᠳ
