ᠠᠷᠤ ᠶ᠋ᠢᠨ ᠰᠠᠢᠬᠠᠨ ᠬᠠᠩᠭᠠᠢ-ᠮᠢᠭᠮᠠᠷᠰᠦ᠋ᠷᠦᠩАРЫН САЙХАН ХАНГАЙ-МягмарсүрэнAriin Saihan Hangai-Myagmarsuren
ᠠᠷᠤ ᠶ᠋ᠢᠨ ᠰᠠᠢᠬᠠᠨ ᠬᠠᠩᠭᠠᠢ
ᠦᠭᠡ᠄ ᠬ · ᠳᠠᠪᠬᠤᠷᠪᠠᠶᠠᠷ
ᠠᠶ᠎ᠠ᠄ ᠣ· ᠪᠠᠶᠠᠨᠮᠥ᠋ᠩᠬᠡ
ᠳᠠᠭᠤᠴᠢᠨ᠄ ᠬᠦ᠌· ᠮᠢᠭᠮᠠᠷᠰᠦ᠋ᠷᠦᠩ
ᠲᠠᠮᠢᠷ ᠤ᠋ᠨ ᠭᠣᠣᠯ ᠤ᠋ᠨ ᠲᠤᠩᠭᠠᠯᠠᠭ ᠤᠰᠤ ᠶ᠋ᠢ ᠮᠢᠨᠢ
ᠲᠠᠨ᠎ᠠ ᠶ᠋ᠢᠨ ᠳᠡᠭᠡᠳᠦ ᠷᠠᠰᠢᠶᠠᠨ ᠭᠡᠵᠦ ᠲᠠᠭᠠᠯᠠᠨ ᠬᠦᠷᠲᠡᠭᠡᠷᠡᠢ
ᠲᠡᠷᠡᠬᠡᠢ ᠶ᠋ᠢᠨ ᠴᠠᠭᠠᠨ ᠪᠣᠯᠣᠷ ᠨᠠᠭᠤᠷ ᠠ᠋ᠴᠠ ᠮᠢᠨᠢ
ᠲᠡᠩᠬᠡᠭᠡ ᠰᠡᠯᠪᠢᠭᠡᠳ ᠲᠠᠭᠠᠯᠠᠨ ᠲᠠᠭᠠᠯᠠᠨ ᠠᠮᠤᠷᠠᠭᠠᠷᠠᠢ
ᠡᠭᠡᠨᠡᠭᠰᠢᠨ ᠳᠠᠰᠤᠭᠰᠠᠨ ᠨᠤᠲᠤᠭ ᠤ᠋ᠨ ᠮᠢᠨᠢ ᠪᠠᠷ᠎ᠠ
ᠡᠵᠢ ᠶ᠋ᠢᠨ ᠮᠢᠨᠢ ᠳᠦᠷᠢ ᠲᠡᠢ ᠢᠵᠢᠯᠬᠡᠨ ᠠᠭᠤᠯᠠ
ᠭᠡᠭᠦᠦ ᠲᠡᠢ ᠠᠢᠷᠠᠭ ᠲᠠᠢ ᠭᠦᠷᠦᠨ ᠮᠣᠩᠭᠣᠯ ᠤ᠋ᠨ ᠬᠥᠳᠡᠭᠡ
ᠠᠷᠤ ᠶ᠋ᠢᠨ ᠰᠠᠢᠬᠠᠨ ᠬᠠᠩᠭᠠᠢ ᠳ᠋ᠤ᠌ ᠮᠢᠨᠢ ᠠᠮᠠᠷᠠᠭᠠᠳ ᠮᠣᠷᠳᠠᠭᠠᠷᠠᠢ
ᠪᠤᠷᠬᠠᠳ ᠴᠤᠭᠯᠠᠭᠰᠠᠨ ᠪᠣᠯᠭᠠᠨ ᠠᠭᠤᠯᠠᠨ ᠳ᠋ᠤ᠌ ᠮᠢᠨᠢ
ᠪᠤᠷᠲᠠᠭ ᠪᠡᠶ᠎ᠡ ᠬᠦᠰᠡᠯ ᠢ᠋ᠶ᠋ᠡᠨ ᠰᠦᠰᠦᠭᠯᠡᠨ ᠰᠦᠰᠦᠭᠯᠡᠨ ᠰᠢᠪᠡᠨᠡᠭᠡᠷᠡᠢ
ᠪᠤᠶᠠᠨ ᠢ᠋ ᠦᠯᠡᠳᠡᠭᠡᠭᠰᠡᠨ ᠴᠠᠭᠠᠨ ᠳᠠᠪᠠᠭᠠᠨ ᠳ᠋ᠤ᠌ ᠮᠢᠨᠢ
ᠪᠠᠭᠤᠵᠤ ᠮᠥᠷᠭᠥᠭᠡᠳ ᠳᠠᠭᠠᠳᠬᠠᠨ ᠳᠠᠭᠠᠳᠬᠠᠨ ᠮᠣᠷᠳᠠᠭᠠᠷᠠᠢ
ᠡᠭᠡᠨᠡᠭᠰᠢᠨ ᠳᠠᠰᠤᠭᠰᠠᠨ ᠨᠤᠲᠤᠭ ᠤ᠋ᠨ ᠮᠢᠨᠢ ᠪᠠᠷ᠎ᠠ
ᠡᠵᠢ ᠶ᠋ᠢᠨ ᠮᠢᠨᠢ ᠳᠦᠷᠢ ᠲᠡᠢ ᠢᠵᠢᠯᠬᠡᠨ ᠠᠭᠤᠯᠠ
ᠭᠡᠭᠦᠦ ᠲᠡᠢ ᠠᠢᠷᠠᠭ ᠲᠠᠢ ᠭᠦᠷᠦᠨ ᠮᠣᠩᠭᠣᠯ ᠤ᠋ᠨ ᠬᠥᠳᠡᠭᠡ
ᠠᠷᠤ ᠶ᠋ᠢᠨ ᠰᠠᠢᠬᠠᠨ ᠬᠠᠩᠭᠠᠢ ᠳ᠋ᠤ᠌ ᠮᠢᠨᠢ ᠠᠮᠠᠷᠠᠭᠠᠳ ᠮᠣᠷᠳᠠᠭᠠᠷᠠᠢ
ᠲᠩᠷᠢ ᠶ᠋ᠢᠨ ᠲᠠᠮᠠᠭ᠎ᠠ ᠲᠠᠶ᠋ᠢᠬᠤᠷ ᠴᠢᠯᠠᠭᠤᠨ ᠳ᠋ᠤ᠌ ᠮᠢᠨᠢ
ᠲᠡᠩᠬᠡᠭᠡᠲᠦ ᠡᠷᠡᠰ ᠦ᠋ᠨ ᠲᠩᠷᠢᠯᠢᠭ ᠬᠡᠢᠮᠣᠷᠢ ᠰᠢᠩᠭᠡᠭᠰᠡᠨ ᠶᠦᠮ ᠠ᠋
ᠲᠠᠷᠠᠭ ᠢᠳᠡᠭᠡᠨ ᠰᠡᠩᠰᠡ ᠪᠡᠨ ᠱᠠᠷᠬᠢᠷᠠᠭᠤᠯᠤᠭᠰᠠᠨ
ᠲᠠᠩᠰᠤᠭ ᠪᠠᠶᠠᠨ ᠨᠤᠲᠤᠭ ᠮᠢᠨᠢ ᠨᠤᠲᠤᠭ ᠮᠢᠨᠢ ᠪᠠᠢᠳᠠᠭ ᠶᠤᠮ ᠠ᠋
ᠡᠭᠡᠨᠡᠭᠰᠢᠨ ᠳᠠᠰᠤᠭᠰᠠᠨ ᠨᠤᠲᠤᠭ ᠤ᠋ᠨ ᠮᠢᠨᠢ ᠪᠠᠷ᠎ᠠ
ᠡᠵᠢ ᠶ᠋ᠢᠨ ᠮᠢᠨᠢ ᠳᠦᠷᠢ ᠲᠡᠢ ᠢᠵᠢᠯᠬᠡᠨ ᠠᠭᠤᠯᠠ
ᠭᠡᠭᠦᠦ ᠲᠡᠢ ᠠᠢᠷᠠᠭ ᠲᠠᠢ ᠭᠦᠷᠦᠨ ᠮᠣᠩᠭᠣᠯ ᠤ᠋ᠨ ᠬᠥᠳᠡᠭᠡ
ᠠᠷᠤ ᠶ᠋ᠢᠨ ᠰᠠᠢᠬᠠᠨ ᠬᠠᠩᠭᠠᠢ ᠳ᠋ᠤ᠌ ᠮᠢᠨᠢ ᠠᠮᠠᠷᠠᠭᠠᠳ ᠮᠣᠷᠳᠠᠭᠠᠷᠠᠢ
ᠭᠡᠭᠦᠦ ᠲᠡᠢ ᠠᠢᠷᠠᠭ ᠲᠠᠢ ᠭᠦᠷᠦᠨ ᠮᠣᠩᠭᠣᠯ ᠤ᠋ᠨ ᠬᠥᠳᠡᠭᠡ
ᠠᠷᠤ ᠶ᠋ᠢᠨ ᠰᠠᠢᠬᠠᠨ ᠬᠠᠩᠭᠠᠢ ᠳ᠋ᠤ᠌ ᠮᠢᠨᠢ ᠠᠮᠠᠷᠠᠭᠠᠳ ᠮᠣᠷᠳᠠᠭᠠᠷᠠᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
