ᠨᠠᠶ᠋ᠢᠷᠵᠢᠨ ᠮᠢᠨᠦ - ᠬᠥᠭᠵᠢᠯᠲᠦ᠂ ᠮᠠᠨᠳᠠᠷᠠᠸ᠎ᠠ Найржин миний-Хөгжилт,Мандарваа
ᠨᠠᠶ᠋ᠢᠷᠵᠢᠨ ᠮᠢᠨᠦ
ᠦᠭᠡ᠄ ᠬᠡᠷᠡᠢᠳ· ᠮᠥᠩᠬᠡᠨᠠᠰᠤᠨ
ᠠᠶ᠎ᠠ᠄ ᠰᠡᠴᠡᠨᠪᠢᠯᠢᠭ
ᠳᠠᠭᠤᠴᠢᠨ᠄ ᠬᠥᠭᠵᠢᠯᠲᠦ᠂ ᠮᠠᠨᠳᠠᠷᠠᠸ᠎ᠠ
ᠴᠠᠰᠤᠲᠤ ᠠᠯᠲᠠᠢᠠ᠋ᠴᠠ ᠤᠨᠳᠤᠷᠤᠭᠰᠠᠨ ᠴᠡᠯᠮᠡᠭᠦᠨ ᠤᠷᠤᠰᠬᠠᠯ
ᠴᠠᠭᠠᠨ ᠲᠠᠯ᠎ᠠ ᠳ᠋ᠤ᠌ ᠰᠦᠵᠢᠷᠡᠭᠰᠡᠨ ᠠᠷᠢᠭᠤᠬᠠᠨ ᠡᠬᠡᠰᠢᠭ
ᠴᠠᠬᠢᠮ ᠬᠣᠷᠸ᠎ᠠ ᠶ᠋ᠢ ᠤᠶᠠᠷᠠᠭᠠᠭᠰᠠᠨ ᠤᠶᠠᠩᠭᠠᠨ ᠰᠣᠨᠧᠲ
ᠴᠢᠮ᠎ᠠ ᠶ᠋ᠢ ᠨᠠᠮ᠎ᠠ ᠶ᠋ᠢ ᠬᠣᠯᠪᠣᠭᠰᠠᠨ ᠠᠷᠢᠭᠤᠬᠠᠨ ᠬᠠᠢᠷ᠎ᠠ
ᠤᠴᠢᠷ ᠵᠦᠢ ᠶ᠋ᠢᠨ ᠭᠡᠭᠡᠨ ᠮᠡᠳᠡᠷᠡᠮᠵᠢ
ᠤᠳᠬ᠎ᠠ ᠶ᠋ᠢᠨ ᠴᠢᠨᠠᠳᠤ ᠨᠠᠶ᠋ᠢᠷᠵᠢᠨ ᠮᠢᠨᠦ
ᠤᠬᠠᠭᠠᠨ ᠪᠢᠯᠢᠭ ᠦ᠋ᠨ ᠴᠡᠭᠡᠨ ᠬᠦᠷᠲᠡᠮᠵᠢ
ᠤᠶᠠᠩᠭ᠎ᠠ ᠶ᠋ᠢᠨ ᠰᠢᠳᠢᠲᠦ ᠨᠠᠶ᠋ᠢᠷᠵᠢᠨ ᠮᠢᠨᠦ
ᠠᠲᠠᠨ ᠲᠡᠮᠡᠭᠡᠨ ᠦ᠌ ᠲᠡᠷᠢᠭᠦᠨ ᠲᠡᠢ ᠠᠶᠠᠯᠭᠤ ᠨᠠᠢᠷᠠᠭ
ᠠᠢᠷᠠᠭ ᠰᠦ ᠰᠡᠩᠭᠢᠨᠡᠭᠰᠡᠨ ᠨᠠᠢᠷᠠᠯ ᠲᠠᠢ ᠰᠢᠮᠫᠤᠨᠢ
ᠠᠷᠭᠢᠯ ᠬᠦᠩᠭᠢᠨᠡᠭᠦᠨ ᠲᠦᠷᠡᠯᠭᠡ ᠲᠡᠢ ᠰᠠᠢᠬᠠᠨ ᠠᠶᠠᠯᠭᠤᠨ
ᠠᠮᠢ ᠠᠮᠢ ᠶ᠋ᠢ ᠠᠷᠭᠠᠮᠵᠢᠭᠰᠠᠨ ᠤᠶᠠᠩᠭ᠎ᠠ ᠴᠤᠤᠷᠢᠶ᠎ᠠ
ᠤᠴᠢᠷ ᠵᠦᠢ ᠶ᠋ᠢᠨ ᠭᠡᠭᠡᠨ ᠮᠡᠳᠡᠷᠡᠮᠵᠢ
ᠤᠳᠬ᠎ᠠ ᠶ᠋ᠢᠨ ᠴᠢᠨᠠᠳᠤ ᠨᠠᠶ᠋ᠢᠷᠵᠢᠨ ᠮᠢᠨᠦ
ᠤᠬᠠᠭᠠᠨ ᠪᠢᠯᠢᠭ ᠦ᠋ᠨ ᠴᠡᠭᠡᠨ ᠬᠦᠷᠲᠡᠮᠵᠢ
ᠤᠶᠠᠩᠭ᠎ᠠ ᠶ᠋ᠢᠨ ᠰᠢᠳᠢᠲᠦ ᠨᠠᠶ᠋ᠢᠷᠵᠢᠨ ᠮᠢᠨᠦ
ᠬᠥᠭᠡᠷᠭᠡ ᠬᠥᠬᠦᠦᠷ ᠦ᠋ᠨ ᠬᠦᠨᠳᠦᠳᠬᠡᠯ ᠲᠡᠢ ᠨᠠᠢᠷᠴᠢᠨ ᠬᠥᠭᠵᠢᠮ
ᠬᠥᠮᠦᠨ ᠵᠠᠭᠤᠨ ᠤ᠋ ᠤᠤᠬᠠᠢ ᠲᠠᠢ ᠨᠠᠨᠳᠢᠨ ᠵᠢᠮᠰᠡᠭ
ᠬᠥᠭᠡᠷᠦᠬᠦᠨ ᠢᠯᠳᠠᠮ ᠴᠢᠪᠠᠭᠳᠠᠰᠤ ᠲᠠᠢ ᠦᠯᠢᠭᠡᠷ ᠳᠤᠤᠨᠢᠯ
ᠬᠥᠷᠥᠰᠥᠲᠦ ᠳ᠋ᠢᠸᠠᠨ ᠳ᠋ᠤ᠌ ᠤᠶᠠᠩᠭᠠᠷᠠᠭᠰᠠᠨ ᠬᠥᠬᠡ ᠲᠤᠤᠯᠢᠰ
ᠤᠴᠢᠷ ᠵᠦᠢ ᠶ᠋ᠢᠨ ᠭᠡᠭᠡᠨ ᠮᠡᠳᠡᠷᠡᠮᠵᠢ
ᠤᠳᠬ᠎ᠠ ᠶ᠋ᠢᠨ ᠴᠢᠨᠠᠳᠤ ᠨᠠᠶ᠋ᠢᠷᠵᠢᠨ ᠮᠢᠨᠦ
ᠤᠬᠠᠭᠠᠨ ᠪᠢᠯᠢᠭ ᠦ᠋ᠨ ᠴᠡᠭᠡᠨ ᠬᠦᠷᠲᠡᠮᠵᠢ
ᠤᠶᠠᠩᠭ᠎ᠠ ᠶ᠋ᠢᠨ ᠰᠢᠳᠢᠲᠦ ᠨᠠᠶ᠋ᠢᠷᠵᠢᠨ ᠮᠢᠨᠦ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ
