ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠳᠥᠷᠪᠡ᠂ Дайчин улсын үеийн монголын түүх-Намсрай 3-4 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠳᠥᠷᠪᠡ᠂ Дайчин улсын үеийн монголын түүх-Намсрай 3-4

ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠳᠥᠷᠪᠡ᠂ Дайчин улсын үеийн монголын түүх-Намсрай 3-4

ᠠᠩᠭᠢᠯᠠᠯ:ᠲᠡᠦᠬᠡ ᠰᠣᠶᠣᠯ
2026-07-08

19

ᠳᠥᠷᠪᠡᠳᠦᠬᠡᠷ ᠬᠡᠰᠡᠭ᠂ ᠪᠣᠱᠣᠭᠲᠤ ᠬᠠᠨ ᠵᠡᠭᠦᠨᠰᠢ ᠠᠶᠠᠯᠠᠭᠰᠠᠨ ᠪᠠ ᠲᠠᠢᠴᠢᠩ ᠤᠯᠤᠰ ᠤ᠋ᠨ ᠴᠡᠷᠢᠭ ᠲᠡᠢ ᠳᠠᠢᠯᠠᠯᠳᠤᠭᠰᠠᠨ ᠨᠢ


               ᠨᠢᠭᠡ᠂  ᠪᠣᠱᠣᠭᠲᠤ ᠬᠠᠨ ᠬᠣᠶᠠᠳᠠᠬᠢ ᠤᠳᠠᠭ᠎ᠠ ᠬᠠᠯᠬ᠎ᠠ ᠵᠦᠭ ᠠᠶᠠᠯᠠᠭᠰᠠᠨ ᠨᠢ   

       ᠬᠣᠪᠲᠣ ᠶ᠋ᠢᠨ ᠠᠷᠤ ᠲᠠᠯ᠎ᠠ ᠳ᠋ᠠᠬᠢ ᠵᠡᠬᠥᠡᠭᠠᠷ ᠣᠷᠣᠨ ᠤ᠋ ᠡᠯ᠎ᠡ ᠬᠣᠲᠠ ᠪᠠᠯᠭᠠᠰᠤᠨ ᠤ᠋ ᠭᠠᠢᠯᠢ ᠲᠠᠲᠠᠪᠤᠷᠢ ᠨᠢ ᠪᠣᠱᠣᠭᠲᠤ ᠬᠠᠨ ᠠᠶᠠᠨ ᠲᠡᠢᠨ ᠬᠢᠵᠦ᠂ ᠬᠦᠴᠦ ᠪᠡᠨ ᠨᠥᠬᠥᠪᠥᠷᠢᠯᠡᠨ ᠰᠡᠷᠭᠦᠭᠡᠬᠦ ᠠᠵᠤ ᠠᠬᠤᠢ ᠶ᠋ᠢᠨ ᠲᠤᠯᠭᠠᠭᠤᠷᠢ ᠶᠤᠮ᠃ ᠴᠡᠸᠠᠩᠷᠠᠪᠳᠤᠨ ᠤᠷᠪᠠᠨ ᠭᠠᠷᠤᠮᠬᠠᠴᠨ ᠬᠦᠴᠦ ᠪᠡᠨ ᠥᠷᠭᠡᠳᠬᠡᠵᠦ᠂ ᠡᠷᠴᠢᠰ ᠮᠥᠷᠡᠨ ᠡᠴᠡ ᠪᠠᠷᠠᠭᠤᠨᠰᠢ ᠭᠠᠵᠠᠷ ᠣᠷᠣᠨ ᠢ᠋ ᠡᠵᠡᠯᠡᠨ᠂ ᠠᠭᠠᠵᠢᠮ ᠢ᠋ᠶ᠋ᠠᠷ ᠪᠦᠬᠦ ᠵᠡᠬᠥᠡᠭᠠᠷ ᠣᠷᠣᠨ ᠢ᠋ ᠡᠷᠬᠡᠨ ᠳ᠋ᠡᠭᠡᠨ ᠣᠷᠣᠭᠤᠯᠵᠠᠢ᠃ ᠡᠨᠡ ᠨᠢ ᠪᠣᠱᠣᠭᠲᠤ ᠬᠠᠨ ᠤ᠋ ᠭᠠᠢᠯᠢ ᠲᠠᠲᠠᠪᠤᠷᠢ ᠶ᠋ᠢᠨ ᠵᠠᠮ ᠢ᠋ ᠲᠠᠰᠤᠯᠤᠨ᠂ ᠠᠵᠤ ᠠᠬᠤᠢ ᠪᠠ ᠴᠡᠷᠢᠭ ᠦ᠋ᠨ ᠶᠠᠪᠤᠳᠠᠯ ᠤ᠋ᠨ ᠲᠠᠯ᠎ᠠ ᠪᠠᠷ ᠲᠡᠭᠦᠨ ᠢ᠋ ᠶᠡᠬᠡᠬᠡᠨ ᠬᠦᠴᠢᠷᠳᠡᠯ ᠳ᠋ᠦ᠍ ᠤᠴᠠᠷᠠᠭᠤᠯᠪᠠ᠃ 
       ᠪᠣᠱᠣᠭᠲᠤ ᠬᠠᠨ ᠤ᠋ ᠡᠵᠡᠮᠰᠢᠯ ᠳᠣᠣᠷᠠᠬᠢ ᠠᠯᠲᠠᠢ᠂ ᠣᠪᠢ ᠭᠣᠣᠯ᠂ ᠶᠸᠨᠢᠰᠠᠢ ᠭᠣᠣᠯ ᠤ᠋ᠨ ᠳᠡᠭᠡᠳᠦ ᠤᠷᠤᠰᠬᠠᠯ ᠤ᠋ᠨ ᠤᠷᠢᠶᠠᠩᠬᠠᠢ᠂ ᠬᠢᠷᠭᠢᠰ᠂ ᠲᠠᠲ᠋ᠠᠷ ᠬᠥᠮᠦᠨ ᠡᠴᠡ ᠠᠪᠬᠤ ᠭᠠᠢᠯᠢ ᠲᠠᠲᠠᠪᠤᠷᠢ ᠨᠢ ᠬᠣᠪᠲᠣ ᠶ᠋ᠢᠨ ᠠᠵᠤ ᠠᠬᠤᠢ᠂ ᠡᠳ᠋ ᠦ᠋ᠨ ᠵᠠᠰᠠᠭ ᠤ᠋ᠨ ᠬᠡᠷᠡᠭᠴᠡᠭᠡ ᠶ᠋ᠢ ᠬᠠᠷᠠᠬᠠᠨ ᠬᠠᠩᠭᠠᠵᠤ ᠳᠡᠢᠯᠬᠦ ᠦᠭᠡᠢ ᠪᠠᠢᠭᠰᠠᠨ ᠤᠴᠢᠷ ᠬᠣᠪᠲᠣ ᠶ᠋ᠢᠨ ᠰᠠᠭᠤᠷᠢᠨ ᠭᠠᠵᠠᠷ ᠤ᠋ᠨ ᠬᠡᠳᠦᠨ ᠲᠦᠮᠡᠨ ᠬᠥᠮᠦᠨ ᠦ᠌ ᠢᠳᠡᠵᠦ ᠡᠮᠦᠰᠬᠦ ᠵᠠᠷᠤᠵᠤ ᠬᠡᠷᠡᠭᠯᠡᠳᠡᠭ ᠡᠳᠦᠷ ᠳᠣᠳᠣᠮ ᠤ᠋ᠨ ᠠᠮᠢᠳᠤᠷᠠᠯ ᠤ᠋ᠨ ᠬᠡᠷᠡᠭᠰᠡᠯ ᠨᠢ ᠠᠶᠠᠨᠳᠠᠭᠠᠨ ᠪᠣᠱᠣᠭᠲᠤ ᠬᠠᠨ ᠳ᠋ᠤ᠌ ᠲᠤᠯᠭᠠᠷᠠᠭᠰᠠᠨ ᠴᠢᠬᠤᠯᠠ ᠠᠰᠠᠭᠤᠳᠠᠯ ᠪᠣᠯᠵᠠᠢ᠃ ᠡᠢᠮᠦ ᠡᠴᠡ ᠲᠡᠷᠡ ᠶᠠᠭᠤᠨ ᠤ᠋ ᠤᠷᠢᠳ ᠡᠨᠡᠬᠦ ᠠᠰᠠᠭᠤᠳᠠᠯ ᠢ᠋ ᠰᠢᠢᠳᠪᠦᠷᠢᠯᠡᠬᠦ ᠶ᠋ᠢᠨ ᠲᠥᠯᠥᠭᠡ ᠠᠩᠬᠠᠷᠤᠯ ᠢ᠋ᠶ᠋ᠠᠨ ᠳᠠᠬᠢᠨ ᠬᠠᠯᠬ᠎ᠠ ᠳ᠋ᠤ᠌ ᠲᠠᠯᠪᠢᠪᠠ᠃ ᠡᠨᠡ ᠦᠶ᠎ᠡ ᠳ᠋ᠦ᠍ ᠬᠠᠯᠬ᠎ᠠ ᠶ᠋ᠢᠨ ᠨᠡᠯᠢᠶᠡᠳ ᠣᠯᠠᠨ ᠲᠠᠢᠵᠢ ᠨᠠᠷ ᠲᠡᠢᠨ ᠦ᠌ ᠬᠥᠯ ᠡᠴᠡ ᠵᠠᠢᠯᠠᠨ ᠰᠡᠯᠡᠩᠭᠡ᠂ ᠤᠨᠤᠨ ᠮᠥᠷᠡᠨ ᠪᠣᠯᠤᠨ ᠪᠠᠢᠭᠠᠯᠢ ᠨᠠᠭᠤᠷ ᠤ᠋ᠨ ᠵᠡᠭᠦᠨ ᠡᠷᠭᠢ ᠳᠠᠭᠠᠤ ᠢᠷᠡᠵᠦ ᠮᠠᠯᠵᠢᠵᠤ ᠪᠠᠢᠭᠰᠠᠨ ᠪᠥᠭᠡᠳ ᠲᠡᠳᠡᠨᠡᠷ ᠦ᠋ᠨ ᠳᠣᠲᠣᠷ᠎ᠠ ᠵᠠᠰᠠᠭᠲᠤ ᠬᠠᠨ ᠠᠢᠮᠠᠭ ᠤ᠋ᠨ ᠯᠤᠪᠰᠠᠩ ᠬᠣᠩ ᠲᠠᠢᠵᠢ ᠶ᠋ᠢᠨ ᠲᠥᠷᠥᠯ ᠬᠡᠳᠦᠨ ᠲᠠᠢᠴᠢᠩ᠂ ᠲᠦᠰᠢᠶᠡᠲᠦ ᠬᠠᠨ ᠠᠢᠮᠠᠭ ᠤ᠋ᠨ ᠬᠥᠨᠳᠡᠯᠡᠨ ᠪᠣᠱᠣᠭᠲᠤ ᠭᠣᠮᠪᠣ᠂ ᠸᠴᠢᠷ ᠳᠠᠷ᠎ᠠ ᠬᠤᠲᠤᠭᠲᠤ᠂ ᠴᠡᠸᠡᠩ ᠡᠷᠳᠡᠨᠢ ᠠᠬᠠᠢ᠂ ᠰᠠᠷᠲᠠᠭᠤᠯ ᠴᠡᠴᠡᠨ ᠬᠣᠩ ᠲᠠᠢᠵᠢ᠂ ᠲᠠᠢᠴᠩ ᠬᠣᠩ ᠲᠠᠢᠵᠢ᠂ ᠪᠠᠭᠠᠲᠤᠷ ᠵᠠᠢᠰᠠᠩ᠂ ᠪᠠᠲᠤ ᠮᠡᠷᠭᠡᠨ ᠲᠠᠢᠵᠢ᠂ ᠳᠠᠯᠠᠢ ᠴᠡᠴᠡᠨ ᠨᠣᠶᠠᠨ ᠵᠡᠷᠭᠡ ᠬᠣᠷᠢ ᠭᠠᠷᠤᠢ ᠲᠠᠢᠵᠢ ᠪᠣᠯᠤᠨ ᠵᠢᠷᠠ ᠭᠠᠷᠤᠢ ᠵᠠᠢᠰᠠᠩ ᠤ᠋ᠳ ᠪᠠᠢᠵᠠᠢ᠃ ᠪᠣᠱᠣᠭᠲᠤ ᠬᠠᠨ ᠳᠠᠬᠢᠨ ᠵᠡᠭᠦᠨᠰᠢ ᠠᠶᠠᠯᠠᠨ ᠡᠳᠡᠭᠡᠷ ᠲᠠᠢᠵᠢ ᠨᠠᠷ ᠢ᠋ ᠡᠷᠬᠡᠰᠢᠶᠡᠯ ᠳ᠋ᠡᠭᠡᠨ ᠣᠷᠣᠭᠤᠯᠵᠤ᠂ ᠠᠵᠤ ᠠᠬᠤᠢ ᠪᠠᠨ ᠰᠠᠢᠵᠢᠷᠠᠭᠤᠯᠤᠨ ᠡᠩᠨᠡᠭᠡ ᠪᠡᠨ ᠥᠷᠭᠡᠳᠬᠡᠬᠦ ᠪᠡᠷ ᠰᠢᠢᠳᠪᠡ᠃ 1689 ᠣᠨ ᠤ᠋ ᠨᠠᠢ᠍ᠮᠠᠳᠤᠭᠠᠷ ᠰᠠᠷ᠎ᠠ ᠳ᠋ᠤ᠌᠂ ᠲᠡᠷᠡ ᠠᠨᠤ ᠳ᠋ᠠᠷ᠎ᠠ ᠬᠠᠲᠤᠨ ᠪᠣᠯᠤᠨ ᠬᠡᠳᠦᠨ ᠴᠢᠳᠠᠪᠤᠷᠢᠲᠠᠢ ᠵᠠᠢᠰᠠᠩ ᠤ᠋ᠨ  ᠣᠲᠣᠭ ᠢ᠋ ᠬᠣᠪᠲᠣ ᠳ᠋ᠤ᠌ ᠦᠯᠡᠳᠡᠭᠡᠨ ᠰᠡᠷᠭᠡᠢᠯᠡᠭᠦᠯᠵᠦ᠂ ᠥᠪᠡᠷ ᠦ᠋ᠨ ᠪᠡᠶ᠎ᠡ ᠪᠡᠷ ᠬᠣᠶᠠᠷ ᠲᠦᠮᠡ ᠰᠢᠬᠠᠮ ᠴᠡᠷᠢᠭ ᠳᠠᠢᠴᠢᠯᠠᠵᠤ ᠬᠣᠶᠠᠷ ᠵᠠᠮ ᠬᠤᠪᠢᠶᠠᠨ ᠵᠡᠭᠦᠨᠰᠢ ᠣᠷᠣᠵᠠᠢ[59]᠃ ᠨᠢᠭᠡ ᠵᠢᠯ ᠦ᠋ᠨ ᠡᠮᠦᠨ᠎ᠡ᠂ ᠪᠠᠢᠭᠠᠯ ᠨᠠᠭᠤᠷ ᠤ᠋ᠨ ᠵᠡᠭᠦᠨᠳᠡᠬᠢ ᠰᠡᠯᠡᠩᠭᠡ ᠬᠣᠲᠠ(ᠰᠡᠯᠡᠩᠰᠺᠸᠨ) ᠳ᠋ᠦ᠍ ᠲᠠᠢᠴᠢᠩ ᠤᠯᠤᠰ ᠪᠣᠯᠤᠨ ᠣᠷᠣᠰ ᠬᠣᠶᠠᠷ ᠬᠢᠯᠢ ᠶ᠋ᠢᠨ ᠬᠡᠯᠡᠯᠴᠡᠭᠡᠷ ᠬᠢᠬᠦ ᠭᠡᠮᠡᠨ ᠪᠡᠯᠡᠳᠬᠡᠵᠦ ᠪᠠᠢᠪᠠ᠃ ᠲᠠᠢᠴᠢᠩ ᠤᠯᠤᠰ ᠠ᠋ᠴᠠ ᠬᠢᠶ᠎ᠡ ᠶ᠋ᠢ ᠵᠠᠬᠢᠷᠬᠤ ᠳᠣᠲᠣᠭᠠᠳᠤ ᠰᠠᠢᠳ ᠰᠦᠬᠡᠲᠦ ᠪᠡᠷ ᠭᠣᠣᠯ ᠲᠥᠯᠥᠭᠡᠯᠡᠭᠴᠢ ᠪᠣᠯᠭᠠᠵᠤ᠂1988 ᠣᠨ ᠤ᠋ ᠲᠠᠪᠤᠳᠤᠭᠠᠷ ᠰᠠᠷ᠎ᠠ ᠶ᠋ᠢᠨ ᠭᠤᠴᠢᠨ ᠤ᠋ ᠡᠳᠦᠷ ᠪᠡᠭᠡᠵᠢᠩ ᠡᠴᠡ ᠮᠣᠷᠳᠠᠭᠤᠯᠵᠠᠢ᠃ ᠳᠣᠯᠣᠳᠤᠭᠠᠷ ᠰᠠᠷ᠎ᠠ ᠶ᠋ᠢᠨ ᠰᠡᠭᠦᠯᠴᠢ ᠪᠡᠷ ᠰᠦᠬᠡᠲᠦ ᠶ᠋ᠢᠨ ᠳᠠᠭᠠᠭᠤᠯᠤᠭᠰᠠᠨ ᠡᠯᠴᠢ ᠶ᠋ᠢᠨ ᠪᠦᠯᠬᠦᠮ ᠬᠡᠷᠦᠯᠦᠨ ᠣᠷᠴᠢᠮ ᠬᠦᠷᠬᠦ ᠳ᠋ᠦ᠍ ᠬᠠᠯᠬ᠎ᠠ ᠣᠢᠷᠠᠳ ᠤ᠋ᠨ ᠲᠡᠢᠨ ᠡᠭᠦᠰᠦᠭᠰᠡᠨ ᠲᠤᠯᠠ᠂ ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ ᠰᠦᠬᠡᠲᠦ ᠶ᠋ᠢ ᠬᠠᠭᠠᠰ ᠵᠠᠮ ᠠ᠋ᠴᠠ ᠨᠢ ᠪᠡᠭᠡᠵᠢᠩ ᠳ᠋ᠦ᠍ ᠪᠤᠴᠠᠭᠠᠪᠠ᠃ ᠬᠡᠯᠡᠯᠴᠡᠭᠡᠷ ᠲᠦ᠍ ᠢᠷᠡᠬᠦ ᠣᠷᠣᠰ ᠤ᠋ᠨ ᠡᠲᠡᠭᠡᠳ ᠦ᠋ᠨ ᠭᠣᠣᠯ ᠲᠥᠯᠥᠭᠡᠯᠡᠭᠴᠢ ᠭᠣᠯᠤᠸᠢᠨ1686 ᠣᠨ ᠤ᠋ ᠨᠢᠭᠡᠳᠦᠭᠡᠷ ᠰᠠᠷ᠎ᠠ ᠶ᠋ᠢᠨ ᠬᠣᠷᠢᠨ ᠵᠢᠷᠭᠤᠭᠠᠨ ᠤ᠋ ᠡᠳᠦᠷ ᠮᠣᠰᠺᠸᠠ ᠠ᠋ᠴᠠ ᠮᠣᠷᠳᠠᠵᠤ1687 ᠣᠨ ᠤ᠋ ᠠᠷᠪᠠᠳᠤᠭᠠᠷ ᠰᠠᠷ᠎ᠠ ᠳ᠋ᠤ᠌ ᠰᠡᠯᠡᠩᠭᠡ ᠬᠣᠲᠠᠨ ᠳ᠋ᠤ᠌ ᠬᠦᠷᠴᠦ ᠢᠷᠡᠵᠡᠢ᠃ ᠲᠡᠷᠡ ᠡᠨᠳᠡ ᠬᠦᠷᠴᠦ ᠢᠷᠡᠮᠡᠭᠴᠡ ᠪᠠᠢᠭᠠᠯ ᠨᠠᠭᠤᠷ ᠠ᠋ᠴᠠ ᠵᠡᠭᠦᠨᠰᠢ ᠪᠤᠷᠢᠶᠠᠳ ᠣᠷᠣᠨ ᠳ᠋ᠠᠬᠢ ᠨᠣᠶᠠᠷᠬᠠᠯ ᠢ᠋ᠶ᠋ᠠᠨ ᠴᠢᠩᠭᠠᠳᠬᠠᠭᠰᠠᠨ ᠢ᠋ᠶ᠋ᠠᠷ ᠦᠯᠦ ᠪᠠᠷᠠᠨ ᠲᠦᠰᠢᠶᠡᠲᠦ ᠬᠠᠨ ᠤ᠋ ᠭᠠᠷ ᠠ᠋ᠴᠠ ᠰᠡᠯᠡᠩᠭᠡ ᠬᠣᠲᠠ ᠶ᠋ᠢ ᠪᠤᠯᠢᠶᠠᠨ ᠠᠪᠴᠤ᠂ ᠤᠯᠠᠮ ᠢ᠋ᠶ᠋ᠠᠷ ᠰᠡᠯᠡᠩᠭᠡ ᠮᠥᠷᠡᠨ ᠦ᠌ ᠳᠣᠣᠷᠠᠲᠤ ᠤᠷᠤᠰᠬᠠᠯ ᠢ᠋ᠶ᠋ᠠᠷ ᠮᠠᠯᠵᠢᠵᠤ ᠪᠠᠢᠭᠰᠠᠨ ᠬᠠᠯᠬ᠎ᠠ ᠲᠠᠢᠵᠢ ᠨᠠᠷ ᠤ᠋ᠨ ᠪᠡᠶ᠎ᠡ ᠳᠡᠭᠡᠷ᠎ᠡ ᠬᠠᠷᠠᠭ᠎ᠠ ᠪᠠᠨ ᠰᠢᠯᠵᠢᠭᠦᠯᠪᠡ᠃1688 ᠣᠨ ᠤ᠋ ᠶᠢᠰᠦᠳᠦᠭᠡᠷ ᠰᠠᠷ᠎ᠠ ᠳ᠋ᠤ᠌᠂ ᠭᠣᠯᠤᠸᠢᠨ ᠥᠪᠡᠷ ᠦ᠋ᠨ ᠪᠡᠶ᠎ᠡ ᠪᠡᠷ ᠨᠢᠭᠡᠨ ᠰᠠᠯᠠᠭ᠎ᠠ ᠭᠠᠯ ᠫᠤᠤ ᠲᠠᠢ ᠴᠡᠷᠢᠭ ᠳᠠᠢᠴᠢᠯᠠᠨ᠂ ᠰᠡᠯᠡᠩᠭᠡ ᠶ᠋ᠢᠨ ᠳᠣᠣᠷ᠎ᠠ ᠤᠷᠤᠰᠬᠠᠯ ᠳ᠋ᠤ᠌ ᠪᠦᠬᠦ ᠲᠠᠢᠵᠢ ᠨᠠᠷ ᠢ᠋ ᠳᠣᠪᠲᠣᠯᠤᠨ᠂ ᠨᠢᠭᠡ ᠭᠠᠷᠠᠭ ᠤ᠋ᠨ ᠳᠠᠷᠠᠭ᠎ᠠ ᠳᠠᠬᠢᠨ ᠰᠡᠯᠡᠩᠭᠡ ᠶ᠋ᠢᠨ ᠪᠠᠷᠠᠭᠤᠨ ᠪᠡᠶ᠎ᠡ ᠳ᠋ᠡᠬᠢ ᠬᠠᠯᠬ᠎ᠠ ᠲᠠᠢᠵᠢ ᠨᠠᠷ ᠢ᠋ ᠳᠣᠪᠲᠣᠯᠵᠠᠢ[60]᠃ ᠳᠠᠷᠠᠭ᠎ᠠ ᠨᠢ ᠲᠡᠷᠡ ᠳᠠᠷᠬᠠᠨ ᠯᠠᠮᠠ ᠭᠡᠳᠡᠭ ᠬᠥᠮᠦᠨ ᠢ᠋ ᠲᠣᠮᠢᠯᠠᠨ ᠬᠠᠯᠬ᠎ᠠ ᠶ᠋ᠢᠨ ᠲᠠᠢᠵᠢ ᠨᠠᠷ ᠲᠤ᠄ ᠲᠠᠨᠤᠰ ᠣᠷᠣᠰ ᠤ᠋ᠨ ᠴᠡᠷᠢᠭ ᠲᠦ᠍ ᠰᠥᠨᠥᠭᠡᠭᠳᠡᠶ᠎ᠡ ᠭᠡᠵᠦ ᠪᠣᠳᠣᠬᠤ ᠦᠭᠡᠢ ᠪᠣᠯ ᠣᠷᠣᠰ ᠤ᠋ᠨ ᠬᠠᠭᠠᠨ ᠳ᠋ᠤ᠌ ᠳᠠᠭᠠᠵᠤ᠂ ᠣᠷᠣᠰ ᠤ᠋ᠨ ᠬᠠᠷᠢᠶᠠᠲᠤ ᠪᠣᠯᠤᠭᠲᠤᠨ᠃ ᠲᠡᠭᠡᠪᠡᠯ ᠲᠠᠨ ᠤ᠋ ᠨᠡᠷ᠎ᠡ ᠠᠯᠳᠠᠷ ᠢ᠋ ᠦᠯᠦ ᠭᠤᠲᠤᠭᠠᠵᠤ ᠠᠯᠪᠠ ᠲᠠᠲᠠᠪᠤᠷᠢ ᠠᠪᠬᠤ ᠦᠭᠡᠢ ᠭᠡᠵᠦ ᠬᠡᠯᠡᠭᠦᠯᠪᠡ[61]᠃ ᠡᠭᠦᠨ ᠦ᠌ ᠬᠠᠮᠲᠤ ᠲᠡᠭᠦᠨ ᠦ᠌ ᠲᠣᠮᠢᠯᠠᠭᠰᠠᠨ ᠭᠠᠯ ᠫᠤᠤ ᠲᠠᠢ ᠣᠷᠣᠰ ᠴᠡᠷᠢᠭ ᠨᠠᠶᠠᠨ ᠬᠥᠮᠦᠨ ᠢᠷᠡᠵᠦ᠂ ᠰᠡᠯᠡᠩᠭᠡ ᠶ᠋ᠢᠨ ᠪᠠᠷᠠᠭᠤᠨ ᠡᠷᠭᠢ ᠳ᠋ᠡᠬᠢ ᠬᠣᠷᠢ ᠭᠠᠷᠤᠢ ᠮᠣᠩᠭᠣᠯ ᠠᠢᠯ ᠢ᠋ ᠳᠠᠭᠠᠷᠢᠵᠤ ᠭᠤᠴᠢ ᠭᠠᠷᠤᠢ ᠬᠥᠮᠦᠨ ᠢ᠋ ᠠᠯᠠᠭᠠᠳ᠂ ᠡᠮᠡᠰ ᠬᠡᠦᠬᠡᠳ ᠢ᠋ ᠨᠢ ᠤᠤᠯᠭᠠᠯᠠᠨ ᠦᠬᠡᠷ ᠮᠠᠯ ᠢ᠋ ᠨᠢ ᠲᠠᠭᠤᠵᠤ ᠰᠡᠯᠡᠩᠭᠡ ᠬᠣᠲᠠ ᠵᠦᠭ ᠶᠠᠪᠤᠵᠠᠢ[62]᠃ ᠭᠣᠯᠤᠸᠢᠨ ᠰᠦᠷᠳᠡᠭᠦᠯᠬᠦ᠂ ᠲᠠᠲᠠᠬᠤ ᠵᠡᠷᠭᠡ ᠬᠠᠲᠠᠭᠤ ᠵᠥᠭᠡᠯᠡᠨ ᠠᠷᠭ᠎ᠠ ᠶ᠋ᠢ ᠬᠣᠣᠰᠯᠠᠭᠤᠯᠤᠨ ᠬᠡᠷᠡᠭᠯᠡᠵᠦ᠂ ᠰᠡᠯᠡᠩᠭᠡ ᠶ᠋ᠢᠨ ᠪᠠᠷᠠᠭᠤᠨ ᠡᠷᠭᠢ ᠳ᠋ᠡᠬᠢ ᠬᠠᠯᠬ᠎ᠠ ᠶ᠋ᠢᠨ ᠲᠠᠢᠵᠢ ᠨᠠᠷ ᠢ᠋ ᠣᠷᠣᠰ ᠤ᠋ᠨ ᠬᠠᠷᠢᠶᠠᠲᠤ ᠪᠣᠯᠭᠠᠬᠤ ᠭᠡᠪᠡ᠃ ᠲᠡᠳᠡ ᠣᠷᠣᠰ ᠲᠤ ᠦᠯᠦ ᠳᠠᠭᠠᠵᠤ᠂ ᠭᠠᠢᠯᠢ ᠲᠠᠲᠠᠪᠤᠷᠢ ᠲᠤᠰᠢᠶᠠᠬᠤ ᠦᠭᠡᠢ ᠭᠡᠮᠡᠨ ᠨᠢᠭᠡᠨ ᠦᠶ᠎ᠡ ᠪᠠᠷᠢᠮᠲᠠᠯᠠᠭᠰᠠᠨ ᠪᠣᠯᠪᠠᠴᠤ᠂ ᠠᠮᠤᠷ ᠲᠦᠪᠰᠢᠨ ᠢ᠋ᠶ᠋ᠡᠨ ᠪᠣᠳᠣᠯᠬᠢᠯᠠᠵᠤ᠂ ᠠᠷᠭ᠎ᠠ ᠪᠤᠰᠤ ᠣᠷᠣᠰ ᠤ᠋ᠨ ᠬᠠᠷᠢᠶᠠᠲᠤ ᠪᠣᠯᠬᠤ ᠪᠠᠷ ᠢᠯᠡᠳᠬᠡᠵᠡᠢ᠃
       1689 ᠣᠨ ᠤ᠋ ᠨᠠᠮᠤᠷ᠂ ᠪᠣᠱᠣᠭᠲᠤ ᠬᠠᠨ ᠤ᠋ ᠶᠡᠬᠡ ᠴᠡᠷᠢᠭ ᠰᠡᠯᠡᠩᠭᠡ ᠮᠥᠷᠡᠨ ᠦ᠌ ᠳᠣᠣᠷ᠎ᠠ ᠤᠷᠤᠰᠬᠠᠯ ᠳ᠋ᠤ᠌ ᠬᠦᠷᠴᠦ ᠢᠷᠡᠪᠡ᠃ ᠣᠷᠣᠰ ᠲᠤ ᠳᠠᠭᠠᠭᠠᠳ ᠤᠳᠠᠭᠠᠳᠤᠢ ᠬᠠᠯᠬ᠎ᠠ ᠶ᠋ᠢᠨ ᠲᠠᠢᠵᠢ ᠨᠠᠷ ᠪᠠᠷᠤᠭ ᠪᠣᠱᠣᠭᠲᠤ ᠬᠠᠨ ᠤ᠋ ᠵᠦᠭ ᠬᠡᠯᠪᠡᠢᠬᠦ ᠮᠠᠭᠠᠳ ᠦᠭᠡᠢ ᠭᠡᠮᠡᠨ ᠭᠣᠯᠣᠸᠢᠨ ᠪᠣᠳᠣᠵᠤ ᠪᠠᠢᠵᠠᠢ᠃ ᠦᠨᠡᠬᠡᠷ ᠲᠡᠭᠦᠨ ᠦ᠌ ᠪᠣᠳᠣᠭᠰᠠᠨ ᠠ᠋ᠴᠠ ᠭᠠᠷᠤᠭᠰᠠᠨ ᠦᠭᠡᠢ᠃ ᠪᠣᠱᠣᠭᠲᠤ ᠬᠠᠨ ᠢᠷᠡᠮᠡᠭᠴᠡ ᠭᠣᠯᠣᠸᠢᠨ ᠤ᠋ ᠬᠠᠲᠠᠭᠤ ᠣᠪᠣᠷ ᠢ᠋ ᠦᠯᠦ ᠬᠠᠢᠬᠤᠷᠤᠨ᠂ ᠬᠠᠯᠬ᠎ᠠ ᠲᠠᠢᠵᠢ ᠨᠠᠷ ᠢ᠋ ᠲᠡᠭᠦᠨ ᠳ᠋ᠦ᠍ ᠳᠠᠭᠠᠲᠤᠭᠠᠢ ᠭᠡᠮᠡᠨ ᠤᠬᠠᠭᠤᠯᠵᠠᠢ᠃[63]᠃ ᠡᠭᠦᠨ ᠳ᠋ᠦ᠍ ᠬᠠᠯᠬ᠎ᠠ ᠶ᠋ᠢᠨ ᠲᠠᠢᠵᠢ ᠨᠠᠷ ᠳᠤᠷᠠᠲᠠᠢᠶ᠎ᠠ ᠪᠣᠱᠣᠭᠲᠤ ᠬᠠᠨ ᠳ᠋ᠤ᠌ ᠳᠠᠭᠠᠵᠤ᠂ ᠲᠡᠭᠦᠨ ᠦ᠌ ᠬᠠᠮᠠᠭᠠᠯᠠᠯ ᠳᠣᠣᠷ᠎ᠠ ᠣᠷᠣᠪᠠ᠃1689 ᠣᠨ ᠤ᠋ ᠶᠢᠰᠦᠳᠦᠭᠡᠷ ᠰᠠᠷ᠎ᠠ ᠳ᠋ᠤ᠌᠂ ᠪᠣᠱᠣᠭᠲᠤ ᠬᠠᠨ ᠪᠣᠯᠤᠨ ᠬᠠᠯᠬ᠎ᠠ ᠶ᠋ᠢᠨ ᠡᠯᠴᠢ ᠢᠷᠺᠦ᠋ᠰᠺᠢᠨ ᠬᠣᠲᠠ ᠳ᠋ᠤ᠌ ᠬᠦᠷᠴᠦ᠂  ᠪᠢᠳᠡ ᠨᠢᠭᠡᠨᠲᠡ ᠪᠣᠱᠣᠭᠲᠤ ᠬᠠᠨ ᠳ᠋ᠤ᠌ ᠳᠠᠭᠠᠵᠤ᠂ ᠲᠡᠭᠦᠨ ᠦ᠌ ᠬᠠᠷᠢᠶᠠᠲᠤ ᠪᠣᠯᠪᠠ ᠭᠡᠮᠡᠨ ᠢᠯᠡᠷᠬᠡᠢᠯᠡᠵᠡᠢ[64]᠃ ᠡᠭᠦᠨ ᠳ᠋ᠦ᠍ ᠢᠷᠺᠦ᠋ᠰᠺᠢᠨ ᠬᠣᠲᠠ ᠳ᠋ᠤ᠌ ᠰᠡᠷᠭᠡᠢᠯᠡᠨ ᠰᠠᠭᠤᠬᠤ ᠣᠷᠣᠰ ᠤ᠋ᠨ ᠵᠠᠩᠵᠤᠨ ᠶᠡᠬᠡᠳᠡ ᠠᠭᠤᠷᠯᠠᠵᠤ᠂ ᠬᠠᠯᠬ᠎ᠠ ᠲᠠᠢᠵᠢ ᠨᠠᠷ ᠢ᠋ ᠳᠠᠬᠢᠨ ᠪᠤᠯᠢᠶᠠᠬᠤ ᠪᠠᠷ ᠣᠷᠣᠯᠳᠣᠭᠰᠠᠨ ᠪᠣᠯᠪᠠᠴᠤ ᠪᠣᠱᠣᠭᠲᠤ ᠬᠠᠨ ᠤ᠋ ᠬᠦᠴᠦᠲᠡᠢ ᠡᠰᠡᠷᠭᠦᠴᠡᠯ ᠳ᠋ᠦ᠍ ᠤᠴᠠᠷᠠᠪᠠ᠃  
       ᠲᠦᠰᠢᠶᠡᠲᠦ ᠬᠠᠨ ᠠᠩᠬ᠎ᠠ ᠣᠷᠣᠰ ᠴᠡᠷᠢᠭ ᠲᠡᠢ ᠰᠡᠯᠡᠩᠭᠡ ᠬᠣᠲᠠ ᠶ᠋ᠢ ᠪᠤᠯᠢᠶᠠᠯᠳᠤᠭᠠᠳ ᠳᠡᠢᠯᠦᠭᠳᠡᠭᠰᠡᠨ ᠢ᠋ ᠪᠣᠱᠣᠭᠲᠤ ᠬᠠᠨ ᠬᠡᠳᠦᠢᠨ ᠣᠯᠵᠤ ᠰᠣᠨᠣᠰᠴᠠᠢ᠃1688 ᠣᠨ ᠳ᠋ᠤ᠌᠂ ᠲᠡᠷᠡ ᠴᠠᠬᠤᠨᠳᠣᠷᠵᠢ ᠶ᠋ᠢ ᠳᠠᠢᠯᠠᠬᠤ ᠳ᠋ᠤ᠌ ᠵᠣᠷᠢᠭᠤᠳᠠ《ᠣᠢᠷᠠᠳ ᠤ᠋ᠳ ᠣᠷᠣᠰ ᠴᠡᠷᠢᠭ ᠲᠡᠢ ᠬᠣᠯᠪᠣᠭᠠᠯᠠᠵᠤ》 ᠢᠷᠡᠯ᠎ᠡ ᠬᠡᠮᠡᠬᠦ ᠴᠤᠤᠷᠬᠠᠯ ᠲᠠᠯᠪᠢᠪᠠ᠃ ᠡᠨᠡᠬᠦ ᠴᠤᠤᠷᠬᠠᠯ ᠨᠢ ᠬᠠᠯᠬ᠎ᠠ ᠳᠠᠶᠠᠭᠠᠷ ᠢ᠋ ᠰᠣᠴᠢᠭᠠᠭᠰᠠᠨ ᠢ᠋ᠶ᠋ᠠᠷ ᠦᠯᠦ ᠪᠠᠷᠠᠨ᠂ ᠣᠷᠣᠰ ᠲᠠᠢ ᠬᠡᠯᠡᠯᠴᠡᠭᠡᠷ ᠬᠢᠬᠦ ᠳ᠋ᠦ᠍ ᠪᠠᠢᠭᠰᠠᠨ ᠲᠠᠢᠴᠢᠩ ᠤᠯᠤᠰ ᠢ᠋ ᠴᠦ᠍ ᠰᠣᠴᠢᠭᠠᠵᠠᠢ᠃ ᠲᠡᠷᠡ ᠬᠢᠷᠢ ᠬᠡᠷᠦᠯᠦᠨ ᠮᠥᠷᠡᠨ ᠳ᠋ᠦ᠍ ᠢᠷᠡᠭᠡᠳ ᠪᠠᠢᠭᠰᠠᠨ ᠲᠠᠢᠴᠢᠩ ᠤᠯᠤᠰ ᠤ᠋ᠨ ᠰᠠᠢᠳ ᠰᠦᠬᠡᠲᠦ ᠪᠣᠯᠤᠨ ᠡᠷᠬᠢᠯᠡᠭᠰᠡᠨ ᠰᠠᠢᠳ ᠠᠷᠠᠨᠢ ᠠ᠋ᠴᠠ ᠵᠠᠮ ᠬᠠᠢᠬᠤ ᠶ᠋ᠢᠨ ᠬᠠᠮᠲᠤ᠂ ᠴᠠᠬᠤᠨᠳᠣᠷᠵᠢ ᠪᠣᠯᠤᠨ ᠵᠢᠪᠽᠦ᠋ᠨᠳᠠᠮᠪᠠ ᠶ᠋ᠢᠨ ᠰᠤᠷᠠᠭ ᠢ᠋ ᠣᠯᠬᠤ ᠪᠠᠷ ᠬᠠᠢᠰᠠᠨᠳᠠᠢ ᠶ᠋ᠢ ᠶᠠᠪᠤᠭᠤᠯᠪᠠ᠃ ᠲᠡᠷᠡ ᠬᠠᠭᠠᠰ ᠵᠠᠮ ᠳ᠋ᠠᠭᠠᠨ ᠪᠣᠱᠣᠭᠲᠤ ᠬᠠᠨ ᠤ᠋ ᠳᠣᠣᠷᠠᠬᠢ ᠳᠡᠨᠵᠢᠨ ᠣᠮᠪᠣ ᠶ᠋ᠢᠨ ᠴᠡᠷᠢᠭ ᠲᠦ᠍ ᠪᠠᠷᠢᠭᠳᠠᠵᠠᠢ᠃ ᠳᠡᠨᠵᠢᠨ ᠣᠮᠪᠣ ᠲᠡᠭᠦᠨ ᠦ᠌ ᠪᠠᠢᠳᠠᠯ ᠢ᠋ ᠣᠢᠯᠠᠭᠠᠭᠠᠳ ᠲᠠᠯᠪᠢᠪᠠ᠃ ᠡᠨᠡᠬᠦ ᠶᠠᠪᠤᠴᠠ ᠳ᠋ᠤ᠌᠂ ᠲᠡᠷᠡ ᠪᠣᠱᠣᠭᠲᠤ ᠬᠠᠨ ᠣᠷᠣᠰ ᠴᠡᠷᠢᠭ ᠲᠡᠢ ᠬᠣᠯᠪᠣᠭ᠎ᠠ ᠪᠠᠢᠭᠤᠯᠤᠭᠰᠠᠨ ᠦᠭᠡᠢ ᠭᠡᠳᠡᠭ ᠢ᠋ ᠲᠣᠳᠣᠷᠬᠠᠢ ᠣᠢᠯᠠᠭᠠᠵᠤ᠂ ᠭᠡᠳᠡᠷᠭᠦ ᠪᠤᠴᠠᠮᠠᠭᠴᠠ ᠣᠢᠷᠠᠳ ᠬᠥᠮᠦᠨ ᠪᠣᠯᠤᠨ ᠣᠷᠣᠰᠴᠤᠳ ᠬᠣᠯᠪᠣᠭ᠎ᠠ ᠪᠠᠢᠭᠤᠯᠤᠭᠰᠠᠨ ᠬᠡᠮᠡᠬᠦ ᠶᠠᠪᠤᠳᠠᠯ ᠨᠢ ᠥᠴᠦᠬᠡᠨ ᠴᠦ᠍ ᠦᠨᠳᠦᠰᠦ ᠪᠠᠷᠢᠮᠲᠠ ᠦᠭᠡᠢ ᠴᠤᠤᠷᠬᠠᠯ [65] ᠭᠡᠮᠡᠨ ᠰᠦᠬᠡᠲᠦ ᠳ᠋ᠦ᠍ ᠮᠡᠳᠡᠭᠦᠯᠵᠡᠢ᠃ ᠡᠨᠡᠬᠦ ᠪᠠᠢᠳᠠᠯ ᠢ᠋ ᠰᠦᠬᠡᠲᠦ ᠳᠠᠷᠤᠢ ᠳ᠋ᠤᠨᠢ ᠬᠥᠮᠦᠨ ᠲᠣᠮᠢᠯᠠᠨ ᠡᠩᠬᠡ ᠠᠮᠤᠭᠤᠯᠠᠩ ᠬᠠᠭᠠᠨ ᠳ᠋ᠤ᠌ ᠳᠠᠮᠵᠢᠭᠤᠯᠪᠠ᠃ 1689 ᠣᠨ ᠤ᠋ ᠶᠢᠰᠦᠳᠦᠭᠡᠷ ᠰᠠᠷ᠎ᠠ ᠶ᠋ᠢᠨ ᠳᠣᠯᠣᠭᠠᠨ ᠤ᠋ ᠡᠳᠦᠷ᠂ ᠳᠠᠢᠴᠢᠩ ᠤᠯᠤᠰ ᠣᠷᠣᠰ ᠲᠠᠢ《ᠨᠸᠷᠴᠦ ᠶ᠋ᠢᠨ ᠭᠡᠷ᠎ᠡ》ᠲᠣᠭᠲᠠᠭᠠᠭᠰᠠᠨ ᠲᠤᠯᠠ ᠪᠣᠱᠣᠭᠲᠤ  ᠬᠠᠨ ᠣᠷᠣᠰ ᠲᠠᠢ ᠬᠣᠯᠪᠣᠭ᠎ᠠ ᠪᠠᠢᠭᠤᠯᠬᠤ ᠪᠣᠳᠣᠯ ᠪᠠᠢᠪᠠᠴᠤ ᠪᠡᠶᠡᠯᠡᠭᠳᠡᠵᠦ ᠴᠢᠳᠠᠬᠤ ᠦᠭᠡᠢ ᠪᠣᠯᠵᠠᠢ᠃ 1689 ᠣᠨ ᠤ᠋ ᠠᠷᠪᠠᠳᠤᠭᠠᠷ ᠰᠠᠷ᠎ᠠ ᠳ᠋ᠤ᠌᠂ ᠪᠣᠱᠣᠭᠲᠤ ᠬᠠᠨ ᠰᠡᠯᠡᠩᠭᠡ ᠮᠥᠷᠡᠨ ᠦ᠌ ᠳᠣᠣᠷᠠᠲᠤ ᠤᠷᠤᠰᠬᠠᠯ ᠤ᠋ᠨ ᠬᠥᠪᠳᠥ ᠭᠡᠳᠡᠭ ᠭᠠᠵᠠᠷ ᠡᠪᠦᠯᠵᠢᠬᠦ ᠰᠠᠨᠠᠭ᠎ᠠ ᠲᠠᠢ ᠪᠠᠢᠭᠰᠠᠨ ᠪᠣᠯᠪᠠᠴᠤ᠂ ᠬᠣᠪᠲᠣ ᠶ᠋ᠢᠨ ᠰᠠᠭᠤᠷᠢᠨ ᠭᠠᠵᠠᠷ ᠠ᠋ᠴᠠ ᠪᠠᠴᠢᠮ ᠮᠡᠳᠡᠭᠡ ᠢᠷᠡᠵᠦ ᠪᠣᠱᠣᠭᠲᠤ ᠬᠠᠨ ᠢ᠋ ᠪᠤᠴᠠᠭᠠᠬᠤ ᠶ᠋ᠢ ᠬᠦᠰᠡᠪᠡ᠃ ᠤᠴᠢᠷ ᠨᠢ ᠲᠡᠭᠦᠨ ᠦ᠌ ᠰᠠᠭᠤᠷᠢᠨ ᠭᠠᠵᠠᠷ ᠢ᠋ ᠴᠠᠸᠠᠩᠷᠠᠪᠲᠠᠨ ᠳᠠᠭᠠᠷᠢᠵᠤ ᠬᠥᠮᠦᠨ ᠮᠠᠯ᠂ ᠠᠮᠤ ᠪᠤᠳᠠᠭ᠎ᠠ᠂ ᠡᠳ᠋ ᠪᠣᠳᠠᠰ ᠢ᠋ ᠨᠢ ᠤᠤᠯᠭᠠᠯᠠᠨ ᠠᠪᠠᠴᠢᠭᠰᠠᠨ ᠪᠠᠢᠨ᠎ᠠ᠃ ᠢᠩᠭᠢᠭᠡᠳ ᠲᠡᠷᠡ ᠬᠥᠪᠳᠥ ᠳ᠋ᠦ᠍ ᠡᠪᠦᠯᠵᠢᠬᠦ ᠭᠡᠰᠡᠨ ᠢ᠋ᠶ᠋ᠡᠨ ᠪᠠᠢᠵᠤ ᠪᠠᠷᠠᠭᠤᠨᠰᠢ ᠠᠶᠠᠯᠠᠨ ᠬᠣᠪᠲᠣ ᠳ᠋ᠤ᠌ ᠢᠷᠡᠵᠦ ᠡᠪᠦᠯᠵᠢᠵᠡᠢ᠃  

               ᠬᠣᠶᠠᠷ᠂ ᠡᠩᠬᠡ ᠠᠮᠤᠭᠤᠯᠠᠩ ᠬᠠᠭᠠᠨ ᠤ ᠬᠢᠭᠰᠡᠨ ᠪᠡᠯᠡᠳᠬᠡᠯ  

       ᠬᠠᠯᠬᠠᠴᠤᠳ ᠳᠠᠢᠴᠢᠩ ᠤᠯᠤᠰ ᠲᠤ᠌ ᠳᠠᠭᠠᠭᠰᠠᠨ ᠤ᠋ ᠳᠠᠷᠠᠭ᠎ᠠ᠂ ᠬᠠᠯᠬ᠎ᠠ ᠣᠢᠷᠠᠳ ᠤ᠋ᠨ ᠬᠣᠭᠣᠷᠣᠨᠳᠣᠬᠢ ᠠᠰᠠᠭᠤᠳᠠᠯ ᠢ᠋ ᠬᠡᠷᠬᠢᠨ ᠰᠢᠢᠳᠪᠦᠷᠢᠯᠡᠬᠦ ᠲᠤᠬᠠᠢ ᠡᠩᠬᠡ ᠠᠮᠤᠭᠤᠯᠠᠩ ᠬᠠᠭᠠᠨ ᠲᠡᠭᠦᠨ ᠦ᠌ ᠬᠤᠤᠪᠢ ᠶ᠋ᠢᠨ ᠰᠠᠢᠳ ᠨᠠᠷ ᠢ᠋ᠶ᠋ᠠᠷ ᠢ᠋ᠶ᠋ᠠᠨ ᠶᠠᠷᠢᠯᠴᠠᠭᠤᠯᠪᠠ᠃ ᠬᠤᠤᠪᠢ ᠶ᠋ᠢᠨ ᠰᠠᠢᠳ ᠨᠠᠷ ᠤ᠋ᠨ ᠦᠵᠡᠬᠦ ᠪᠡᠷ᠂ ᠲᠦᠰᠢᠶᠡᠲᠦ ᠬᠠᠨ ᠴᠠᠬᠤᠨᠳᠤᠷᠵᠢ ᠴᠢᠭᠤᠯᠭᠠᠨ ᠲᠠᠩᠭᠠᠷᠢᠭ ᠢ᠋ ᠡᠪᠳᠡᠵᠦ᠂ ᠵᠠᠰᠠᠭᠲᠤ ᠬᠠᠨ ᠪᠣᠯᠤᠨ ᠳᠡᠭᠳᠡᠬᠡᠢ ᠮᠡᠷᠭᠡᠨ ᠠᠬᠠᠢ ᠶ᠋ᠢ ᠠᠯᠠᠵᠤ᠂ ᠪᠠᠰᠠ ᠣᠢᠷᠠᠳ ᠲᠠᠢ ᠤᠷᠢᠳᠠᠪᠡᠷ ᠬᠠᠯᠳᠠᠵᠤ ᠪᠣᠱᠣᠭᠲᠤ ᠬᠠᠨ ᠤ᠋ ᠳᠡᠭᠦᠦ ᠳᠣᠷᠵᠢᠵᠠᠪ ᠢ᠋ ᠠᠯᠠᠭᠰᠠᠨ ᠨᠢ ᠦᠨᠡᠨᠬᠦ ᠲᠡᠭᠦᠨ ᠦ᠌ ᠪᠤᠷᠤᠭᠤ ᠪᠢᠯᠡ᠃ ᠵᠣᠬᠢᠰ ᠠᠨᠤ ᠳᠠᠯᠠᠢ ᠯᠠᠮᠠ ᠪᠠᠷ ᠨᠢᠭᠡᠨ ᠡᠷᠳᠡᠮ ᠲᠡᠢ ᠯᠠᠮᠠ ᠶ᠋ᠢ ᠲᠣᠮᠢᠯᠠᠭᠤᠯᠤᠨ᠂ ᠭᠠᠯᠳᠠᠨ ᠪᠣᠯᠤᠨ ᠴᠠᠬᠤᠨᠳᠤᠷᠵᠢ ᠶ᠋ᠢ ᠴᠢᠭᠤᠯᠭᠠᠨ ᠬᠢᠯᠭᠡᠵᠦ ᠲᠦᠰᠢᠶᠡᠲᠦ ᠬᠠᠨ ᠢ᠋ᠶ᠋ᠠᠷ ᠪᠤᠷᠤᠭᠤ ᠮᠡᠳᠡᠷᠡᠭᠦᠯᠦᠨ ᠡᠶᠡᠳᠡᠭᠦᠯᠪᠡᠯ ᠰᠠᠢᠨ ᠭᠡᠪᠡ[66]᠃ ᠡᠨᠡᠬᠦ ᠰᠠᠨᠠᠯ ᠢ᠋ ᠲᠦᠰᠢᠶᠡᠲᠦ ᠬᠠᠨ ᠤᠯᠠᠮᠵᠢᠯᠠᠵᠤ᠂ ᠳᠤᠷ᠎ᠠ ᠲᠠᠢ ᠪᠥᠭᠡᠰᠦ ᠳᠠᠷᠠᠭ᠎ᠠ ᠵᠢᠯ ᠳ᠋ᠦ᠍ ᠴᠢᠭᠤᠯᠭᠠᠨ ᠬᠢᠯᠭᠡᠶ᠎ᠡ ᠭᠡᠵᠢ᠃ ᠭᠡᠲᠡᠯ᠎ᠡ ᠲᠦᠰᠢᠶᠡᠲᠦ ᠬᠠᠨ ᠴᠢᠭᠤᠯᠭᠠᠨ ᠬᠢᠬᠦ ᠳ᠋ᠦ᠍ ᠪᠡᠷᠬᠡ ᠲᠡᠢ[67] ᠭᠡᠮᠡᠨ ᠰᠢᠯᠲᠠᠭᠠᠯᠠᠵᠤ ᠳᠤᠷ᠎ᠠ ᠦᠭᠡᠢ ᠪᠠᠢᠪᠠ᠃  
       ᠲᠡᠭᠦᠨ ᠢ᠋ ᠬᠦᠴᠦᠯᠡᠨ ᠬᠠᠯᠳᠠᠪᠠᠯ ᠵᠣᠬᠢᠰ ᠦᠭᠡᠢ ᠭᠡᠮᠡᠨ ᠡᠩᠬᠡ ᠠᠮᠤᠭᠤᠯᠠᠩ ᠪᠣᠳᠣᠯᠬᠢᠯᠠᠭᠠᠳ ᠬᠣᠶᠠᠷ ᠡᠲᠡᠭᠡᠳ ᠦ᠋ᠨ ᠨᠠᠢᠷᠠᠮᠳᠠᠬᠤ ᠶᠠᠪᠤᠳᠠᠯ ᠢ᠋ ᠮᠥᠨ ᠳᠠᠯᠠᠢ ᠯᠠᠮᠠ ᠳ᠋ᠤ᠌ ᠨᠠᠢᠳᠠᠵᠤ᠂ ᠢᠯᠠᠭᠤᠭᠰᠠᠨ ᠬᠤᠲᠤᠭᠲᠤ ᠶ᠋ᠢ ᡀᠠᠰᠠ ᠳ᠋ᠤ᠌ ᠢᠯᠡᠭᠡᠬᠦ ᠪᠡᠷ ᠲᠣᠭᠲᠠᠵᠠᠢ᠃ ᠢᠯᠠᠭᠤᠭᠰᠠᠨ ᠬᠤᠲᠤᠭᠲᠤ ᠤᠤᠯ ᠨᠢ ᠣᠢᠷᠠᠳ ᠭᠠᠷᠤᠯᠲᠠ ᠬᠥᠮᠦᠨ ᠪᠢᠯᠡ᠃ 1685 ᠣᠨ ᠳ᠋ᠤ᠌ ᠲᠡᠭᠦᠨ ᠢ᠋ ᠬᠥᠬᠡᠬᠣᠲᠠ ᠶ᠋ᠢᠨ ᠲᠠᠮᠠᠭ᠎ᠠ ᠪᠠᠷᠢᠭᠴᠢ ᠵᠠᠰᠠᠭ ᠳᠠ ᠯᠠᠮᠠ ᠡᠷᠭᠦᠮᠵᠢᠯᠡᠪᠡ᠃ 1687 ᠣᠨ ᠳ᠋ᠤ᠌᠂ ᠳᠠᠬᠢᠨ ᠲᠠᠪᠰᠢᠭᠤᠯᠵᠤ ᠪᠡᠭᠡᠵᠢᠩ ᠬᠣᠲᠠ ᠶ᠋ᠢᠨ ᠯᠠᠮᠠ ᠪᠠᠨᠳᠢ ᠨᠠᠷ ᠤ᠋ᠨ ᠪᠦᠭᠦᠳᠡ ᠵᠠᠬᠢᠷᠤᠭᠴᠢ ᠵᠠᠰᠠᠭ ᠳᠠ ᠯᠠᠮᠠ ᠡᠷᠭᠦᠮᠵᠢᠯᠡᠭᠡᠳ᠂ ᠠᠴᠢᠲᠤ ᠴᠣᠷᠵᠢ ᠶ᠋ᠢ ᠬᠥᠬᠡᠬᠣᠲᠠ ᠶ᠋ᠢᠨ ᠵᠠᠰᠠᠭ ᠳᠠ ᠯᠠᠮᠠ ᠪᠣᠯᠭᠠᠵᠠᠢ᠃ 1689 ᠣᠨ ᠤ᠋ ᠴᠠᠭᠠᠨ ᠰᠠᠷ᠎ᠠ᠂ ᠢᠯᠠᠭᠤᠭᠰᠠᠨ ᠬᠤᠲᠤᠭᠲᠤ ᠪᠣᠯᠤᠨ ᠱᠠᠩᠨᠠᠨᠳᠤᠷᠵᠢ ᠶ᠋ᠢ ᠡᠯᠴᠢ ᠪᠣᠯᠭᠠᠨ ᡀᠠᠰᠠ ᠵᠦᠭ ᠢᠯᠡᠭᠡᠵᠦ᠂ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠶᠠᠮᠤᠨ ᠤ᠋ ᠡᠷᠭᠢᠨ ᠰᠠᠢᠳ ᠠᠷᠠᠨᠢ᠂ ᠰᠤᠯᠠ ᠰᠠᠢᠳ ᠤᠪᠠᠰᠢ᠂ ᠬᠥᠬᠡᠬᠣᠲᠠ ᠶ᠋ᠢᠨ ᠵᠠᠰᠠᠭ ᠳᠠ ᠯᠠᠮ᠎ᠠ ᠠᠴᠢᠲᠤ ᠴᠣᠷᠵᠢ ᠶ᠋ᠢ ᠪᠣᠱᠣᠭᠲᠤ ᠬᠠᠨ ᠤ᠋ ᠲᠡᠨᠳᠡ ᠢᠯᠡᠭᠡᠪᠡ᠃ 1689ᠣᠨ ᠤ᠋ ᠨᠠᠢ᠍ᠮᠠᠳᠤᠭᠠᠷ ᠰᠠᠷ᠎ᠠ ᠶ᠋ᠢᠨ ᠳᠣᠯᠣᠭᠠᠨ ᠤ᠋ ᠡᠳᠦᠷ᠂ ᠡᠷᠭᠢᠨ ᠰᠠᠢᠳ ᠠᠷᠠᠨᠢ ᠬᠣᠪᠲᠣ ᠳ᠋ᠤ᠌ ᠬᠦᠷᠴᠦ᠂ ᠡᠩᠬᠡ ᠠᠮᠤᠭᠤᠯᠠᠩ ᠬᠠᠭᠠᠨ ᠤ᠋ ᠬᠦᠰᠡᠯ ᠢ᠋ ᠤᠯᠠᠮᠵᠢᠯᠠᠵᠠᠢ᠃  ᠡᠭᠦᠨ ᠳ᠋ᠦ᠍ ᠪᠣᠱᠣᠭᠲᠤ ᠬᠠᠨ᠄ ᠪᠣᠭᠳᠠ ᠬᠠᠭᠠᠨ ᠤ᠋ ᠵᠠᠬᠢᠶ᠎ᠠ ᠳᠠᠯᠠᠢ ᠯᠠᠮᠠ ᠶ᠋ᠢᠨ ᠥᠭᠦᠯᠡᠬᠦ ᠲᠡᠢ ᠠᠳᠠᠯᠢ ᠪᠣᠯᠪᠠᠰᠤ᠂ ᠨᠠᠳᠠ ᠳ᠋ᠤ᠌ ᠥᠭᠡᠷ᠎ᠡ ᠬᠡᠯᠡᠬᠦ ᠶᠠᠪᠤᠳᠠᠯ ᠦᠭᠡᠢ ᠭᠡᠪᠡ [68]᠃    
       1689 ᠣᠨ ᠤ᠋ ᠳᠥᠷᠪᠡᠳᠦᠭᠡᠷ ᠰᠠᠷ᠎ᠠ ᠳ᠋ᠤ᠌᠂ ᠢᠯᠠᠭᠤᠭᠰᠠᠨ ᠬᠤᠲᠤᠭᠲᠤ ᡀᠠᠰᠠ ᠳ᠋ᠤ᠌ ᠬᠦᠷᠴᠡᠢ᠃ ᠲᠡᠷᠡ ᠬᠡᠳᠦᠢᠨ ᠲᠥᠪᠡᠳ ᠦ᠋ᠨ ᠳ᠋ᠢᠪᠠ ᠰᠠᠩᠵᠠᠢᠵᠠᠮᠰᠤ ᠳ᠋ᠤ᠌ ᠦᠢᠯᠡᠴᠢᠯᠡᠵᠦ᠂ ᠡᠩᠬᠡ ᠠᠮᠤᠭᠤᠯᠠᠩ ᠤ᠋ᠨ ᠲᠥᠷᠥ ᠶ᠋ᠢᠨ ᠪᠣᠳᠣᠯᠭ᠎ᠠ᠂ ᠪᠡᠭᠡᠵᠢᠩ ᠬᠣᠲᠠ ᠶ᠋ᠢᠨ ᠪᠠᠢᠳᠠᠯ ᠵᠢᠴᠢ ᠲᠦᠰᠢᠶᠡᠲᠦ ᠬᠠᠨ ᠴᠠᠬᠤᠨᠳᠤᠷᠵᠢ ᠶ᠋ᠢᠨ ᠮᠡᠳᠡᠭᠡ ᠶ᠋ᠢ ᠤᠳᠠᠭ᠎ᠠ ᠳᠠᠷᠠᠭ᠎ᠠ ᠪᠠᠷ ᠲᠥᠪᠡᠳ ᠵᠦᠭ ᠬᠦᠷᠭᠡᠵᠦ ᠪᠠᠢᠭᠰᠠᠨ ᠲᠤᠯᠠ ᠳ᠋ᠢᠪᠠ ᠰᠠᠩᠵᠠᠢᠵᠠᠮᠰᠤ ᠪᠠᠢᠳᠠᠯ ᠢ᠋ ᠣᠢᠯᠭᠠᠮᠠᠭᠴᠠ ᠭᠡᠮ ᠣᠷᠣᠨ ᠤ᠋ ᠠᠯᠳᠠᠷᠲᠤ ᠬᠤᠲᠤᠭᠲᠤ ᠵᠢᠷᠦᠩ ᠢ᠋ ᠳᠠᠭᠤᠳᠠᠨ᠂ ᠢᠯᠠᠭᠤᠭᠰᠠᠨ ᠬᠤᠲᠤᠭᠲᠤ ᠶ᠋ᠢᠨ ᠬᠠᠮᠲᠤ ᠪᠣᠱᠣᠭᠲᠤ ᠬᠠᠨ ᠤ᠋ ᠵᠦᠭ ᠢᠯᠡᠭᠡᠪᠡ᠃ ᠡᠭᠦᠨ ᠦ᠌ ᠬᠠᠮᠲᠤ ᠱᠠᠮᠪᠠᠷᠢᠩ ᠬᠠᠮᠪᠤ ᠯᠠᠮᠠ ᠶ᠋ᠢ ᠲᠤᠰᠬᠠᠢ ᠡᠯᠴᠢ ᠪᠣᠯᠭᠠᠨ ᠪᠡᠭᠡᠵᠢᠩ ᠵᠦᠭ ᠲᠣᠮᠢᠯᠠᠵᠠᠢ᠃ 1689 ᠣᠨ ᠤ᠋ ᠠᠷᠪᠠᠨ ᠬᠣᠶᠠᠳᠤᠭᠠᠷ ᠰᠠᠷ᠎ᠠ ᠳ᠋ᠤ᠌᠂ ᠱᠠᠮᠪᠠᠷᠢᠩ ᠬᠠᠮᠪᠤ ᠯᠠᠮᠠ ᠪᠡᠭᠡᠵᠢᠩ ᠳ᠋ᠦ᠍ ᠬᠦᠷᠦᠭᠡᠳ《ᠵᠢᠪᠽᠥ᠋ᠨᠳᠠᠮᠪᠠ ᠬᠤᠲᠤᠭᠲᠤ ᠪᠣᠯᠤᠨ ᠲᠦᠰᠢᠶᠡᠲᠦ ᠬᠠᠨ ᠴᠠᠬᠤᠨᠳᠤᠷᠵᠢ ᠶ᠋ᠢ ᠭᠠᠯᠳᠠᠨ ᠳ᠋ᠤ᠌ ᠲᠤᠰᠢᠶᠠᠪᠠᠰᠤ ᠲᠦᠮᠡᠨ ᠠᠮᠢᠲᠠᠨ ᠳ᠋ᠤ᠌ ᠲᠤᠰᠠᠲᠠᠢ ᠪᠢᠯᠡ᠃ ᠡᠨᠡ ᠬᠣᠶᠠᠷ ᠬᠥᠮᠦᠨ ᠦ᠌ ᠠᠮᠢ ᠨᠠᠰᠤᠨ ᠳ᠋ᠤ᠌ ᠠᠶᠤᠯ ᠦᠭᠡᠢ ᠶ᠋ᠢ ᠪᠢ ᠪᠠᠲᠤᠯᠠᠰᠤᠭᠠᠢ》 ᠬᠡᠮᠡᠬᠦ[69] ᠳ᠋ᠢᠪᠠ ᠶ᠋ᠢᠨ ᠦᠭᠡ ᠶ᠋ᠢ ᠳᠠᠮᠵᠢᠭᠤᠯᠪᠠ᠃ ᠡᠨᠡᠬᠦ ᠠᠢᠯᠠᠳᠬᠠᠯ ᠨᠢ ᠡᠩᠬᠡ ᠠᠮᠤᠭᠤᠯᠠᠩ ᠬᠠᠭᠠᠨ ᠤ᠋ ᠤᠤᠯ ᠰᠠᠨᠠᠭᠠᠨ ᠠ᠋ᠴᠠ ᠦᠰᠦᠳ ᠥᠭᠡᠷ᠎ᠡ ᠪᠣᠯᠵᠠᠢ᠃ ᠲᠡᠭᠦᠨ ᠦ᠌ ᠪᠣᠳᠣᠬᠤ ᠪᠠᠷ ᠳᠠᠯᠠᠢ ᠯᠠᠮᠠ ᠬᠠᠵᠠᠭᠤ ᠳ᠋ᠠᠬᠢ ᠬᠥᠮᠦᠰ ᠲᠡᠭᠡᠨ ᠬᠠᠭᠤᠷᠲᠠᠭᠳᠠᠵᠤ᠂ ᠲᠠᠢᠴᠢᠩ ᠤᠯᠤᠰ ᠤ᠋ᠨ ᠲᠥᠷᠥ ᠶ᠋ᠢᠨ ᠪᠣᠳᠣᠯᠭ᠎ᠠ ᠲᠠᠢ ᠠᠢᠵᠠᠮ ᠴᠣᠬᠢᠯᠭ᠎ᠠ ᠨᠡᠢᠯᠡᠭᠦᠯᠵᠦ ᠴᠢᠳᠠᠬᠤ ᠦᠭᠡᠢ ᠪᠣᠯᠤᠭᠰᠠᠨ ᠪᠣᠯᠬᠣᠷ᠂ ᠶᠡᠷᠦ ᠡᠴᠡ ᠡᠰᠡᠷᠭᠦ ᠲᠡᠰᠡᠷᠭᠦ ᠦᠷ᠎ᠡ ᠳ᠋ᠦᠩ ᠭᠠᠷᠬᠤ ᠪᠣᠯᠪᠠ᠃ ᠡᠢᠮᠦ ᠡᠴᠡ ᠳᠠᠯᠠᠢ ᠯᠠᠮᠠ ᠶ᠋ᠢᠨ ᠨᠥᠯᠥᠭᠡ ᠶ᠋ᠢ ᠠᠰᠢᠭᠯᠠᠵᠤ᠂ ᠤᠯᠤᠰ ᠲᠥᠷᠥ ᠶ᠋ᠢᠨ ᠵᠣᠷᠢᠯᠭ᠎ᠠ ᠳ᠋ᠠᠭᠠᠨ ᠬᠦᠷᠬᠦ ᠳ᠋ᠦ᠍ ᠪᠡᠷᠬᠡ ᠲᠡᠢ ᠭᠡᠵᠦ ᠮᠡᠳᠡᠵᠡᠢ᠃ ᠲᠡᠭᠦᠨᠴᠡ ᠡᠩᠬᠡ ᠠᠮᠤᠭᠤᠯᠠᠩ ᠬᠠᠭᠠᠨ ᠤᠤᠯ ᠤ᠋ᠨ ᠲᠥᠷᠥ ᠶ᠋ᠢᠨ ᠪᠣᠳᠣᠯᠭ᠎ᠠ ᠪᠠᠨ ᠥᠭᠡᠷᠡᠴᠢᠯᠡᠵᠦ᠂ ᠴᠡᠷᠢᠭ ᠲᠣᠮᠢᠯᠠᠨ ᠪᠣᠱᠣᠭᠲᠤ ᠬᠠᠨ ᠢ᠋ ᠳᠠᠢᠯᠠᠬᠤ ᠪᠠᠷ ᠪᠡᠯᠡᠳᠬᠡᠪᠡ᠃ ᠲᠡᠭᠦᠨ ᠳ᠋ᠦ᠍ ᠪᠣᠱᠣᠭᠲᠤ ᠬᠠᠨ ᠢ᠋ ᠳᠠᠢᠯᠠᠬᠤ ᠠᠰᠢᠭ ᠲᠠᠢ ᠨᠥᠬᠥᠴᠡᠯ ᠪᠣᠯᠤᠯᠴᠠᠭ᠎ᠠ ᠭᠦᠢᠴᠡᠳ ᠪᠠᠢᠬᠤ ᠶᠤᠮ᠃ 
       ᠨᠢᠭᠡ᠂ ᠬᠠᠯᠬ᠎ᠠ ᠳᠠᠶᠠᠭᠠᠷ ᠲᠠᠢᠴᠢᠩ ᠤᠯᠤᠰ ᠳᠤ ᠳᠠᠭᠠᠭᠰᠠᠨ ᠪᠣᠯᠬᠣᠷ᠂ ᠪᠣᠱᠣᠭᠲᠤ ᠬᠠᠨ ᠳᠠᠬᠢᠨ ᠲᠦᠰᠢᠶᠡᠲᠦ ᠬᠠᠨ ᠢ᠋ ᠳᠠᠢᠯᠠᠨ ᠳᠠᠭᠠᠭᠤᠯᠬᠤ ᠭᠡᠮᠡᠨ ᠴᠡᠷᠢᠭ ᠬᠥᠳᠡᠯᠭᠡᠪᠡᠯ ᠲᠠᠢᠴᠢᠩ ᠤᠯᠤᠰ ᠲᠠᠢ ᠬᠠᠯᠳᠠᠭᠰᠠᠨ ᠲᠠᠢ ᠲᠡᠩᠴᠡᠨ᠎ᠡ᠃ 
       ᠬᠣᠶᠠᠷ᠂1689 ᠣᠨ ᠤ᠋ ᠨᠠᠮᠤᠷ᠂ ᠲᠠᠢᠴᠢᠩ ᠤᠯᠤᠰ ᠣᠷᠣᠰ ᠲᠠᠢ《ᠨᠸᠷᠴᠦ ᠶ᠋ᠢᠨ ᠭᠡᠷ᠎ᠡ》 ᠶ᠋ᠢ ᠲᠣᠭᠲᠠᠭᠠᠭᠰᠠᠨ ᠪᠣᠯᠬᠣᠷ᠂ ᠣᠷᠣᠰᠴᠤᠳ ᠪᠣᠱᠣᠭᠲᠤ ᠬᠠᠨ ᠲᠠᠢ ᠴᠡᠷᠢᠭ ᠦ᠋ᠨ ᠬᠣᠯᠪᠣᠭ᠎ᠠ ᠪᠠᠢᠭᠤᠯᠬᠤ ᠪᠣᠯᠤᠯᠴᠠᠭ᠎ᠠ ᠦᠭᠡᠢ ᠪᠣᠯᠪᠠ᠃ 
       ᠭᠤᠷᠪᠠ᠂ ᠴᠠᠸᠠᠩᠷᠠᠪᠳᠠᠨ ᠤᠷᠪᠠᠨ ᠭᠠᠷᠤᠭᠠᠳ᠂ ᠵᠡᠭᠦᠨᠭᠠᠷ ᠠ᠋ᠴᠠ ᠣᠯᠬᠤ ᠡᠳ᠋ ᠪᠣᠳᠠᠰ ᠤ᠋ᠨ ᠢᠷᠡᠯᠲᠡ ᠶ᠋ᠢ ᠨᠢ ᠲᠠᠰᠤᠯᠤᠨ ᠪᠣᠱᠣᠭᠲᠤ ᠬᠠᠨ ᠤ᠋ ᠠᠵᠤ ᠠᠬᠤᠢ᠂ ᠴᠡᠷᠢᠭ ᠦ᠋ᠨ ᠬᠦᠴᠦ ᠶ᠋ᠢ ᠨᠢ ᠪᠠᠭᠤᠷᠠᠭᠤᠯᠵᠠᠢ᠃ 
       1690 ᠣᠨ ᠤ᠋ ᠭᠤᠷᠪᠠᠳᠤᠭᠠᠷ ᠰᠠᠷ᠎ᠠ ᠳ᠋ᠤ᠌᠂ ᠡᠩᠬᠡ ᠠᠮᠤᠭᠤᠯᠠᠩ ᠬᠠᠭᠠᠨ ᠲᠤᠤᠯᠠ ᠭᠣᠣᠯ᠂ ᠬᠡᠷᠦᠯᠦᠨ ᠮᠥᠷᠡᠨ ᠦ᠌ ᠵᠦᠭ ᠬᠣᠶᠠᠷ ᠵᠠᠮ ᠢ᠋ᠶ᠋ᠠᠷ ᠴᠡᠷᠢᠭ ᠲᠣᠮᠢᠯᠠᠨ᠂ ᠪᠣᠱᠣᠭᠲᠤ ᠬᠠᠨ ᠢ᠋ ᠬᠠᠪᠴᠢᠨ ᠴᠣᠬᠢᠬᠤ ᠪᠠᠷ ᠰᠢᠢᠳᠴᠡᠢ᠃ 
       ᠬᠥᠬᠡᠬᠣᠲᠠ ᠠ᠋ᠴᠠ ᠲᠤᠤᠯᠠ ᠭᠣᠣᠯ ᠵᠦᠭ ᠳᠠᠪᠰᠢᠬᠤ ᠪᠠᠷᠠᠭᠤᠨ ᠵᠠᠮ ᠤ᠋ᠨ ᠴᠡᠷᠢᠭ ᠢ᠋ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠶᠠᠮᠤᠨ ᠤ᠋ ᠵᠢᠭᠦᠷ ᠦ᠋ᠨ ᠰᠠᠢᠳ ᠦᠨᠳᠡ᠂ ᠮᠠᠨᠵᠤ ᠬᠤᠰᠢᠭᠤᠨ ᠤ᠋ ᠬᠣᠰᠢᠭᠤ ᠶ᠋ᠢ ᠵᠠᠬᠢᠷᠤᠭᠴᠢ ᠰᠠᠢᠳ ᠡᠭᠡᠨ᠎ᠡ ᠲᠡᠢᠴᠢᠯᠡᠪᠡ᠃ ᠡᠭᠦᠨ ᠳ᠋ᠦ᠍ ᠣᠷᠳᠣᠰ ᠤ᠋ᠨ ᠰᠤᠩᠷᠤᠪ ᠪᠡᠢᠯᠡ ᠶ᠋ᠢᠨ ᠮᠢᠩᠭ᠎ᠠ ᠲᠠᠪᠤᠨ ᠵᠠᠭᠤᠨ ᠴᠡᠷᠢᠭ᠂ ᠪᠠᠷᠠᠭᠤᠨ ᠲᠦᠮᠡᠳ ᠡᠴᠡ ᠲᠠᠪᠤᠨ ᠵᠠᠭᠤᠨ ᠴᠡᠷᠢᠭ᠂ ᠳᠠᠷᠬᠠᠨ ᠴᠢᠨ ᠸᠠᠩ ᠤ᠋ᠨ ᠬᠣᠰᠢᠭᠤ᠂ ᠳᠥᠷᠪᠡᠨ ᠬᠡᠦᠬᠡᠳ ᠦ᠋ᠨ ᠬᠤᠰᠢᠭᠤᠨ ᠤ᠋ ᠮᠢᠩᠭᠠᠨ ᠴᠡᠷᠢᠭ᠂ ᠬᠠᠯᠬ᠎ᠠ ᠶ᠋ᠢᠨ ᠮᠡᠷᠭᠡᠨ ᠵᠢᠨᠦᠩ᠂ ᠣᠣᠪᠠ ᠮᠡᠷᠭᠡᠨ ᠠᠬᠠᠷ᠂ ᠰᠣᠳᠢ ᠢᠯᠲᠠᠩ᠂ ᠲᠣᠳᠣ ᠡᠷᠳᠡᠨᠢ ᠬᠣᠩ ᠲᠠᠢᠵᠢ ᠶ᠋ᠢᠨ ᠭᠤᠷᠪᠠᠨ ᠮᠢᠩᠭᠠᠨ ᠴᠡᠷᠢᠭ᠂ ᠴᠠᠬᠠᠷ ᠤ᠋ᠨ ᠵᠢᠷᠭᠤᠭᠠᠨ ᠵᠠᠭᠤᠨ ᠴᠡᠷᠢᠭ ᠣᠷᠣᠯᠴᠠᠵᠠᠢ᠃ 
       ᠬᠡᠷᠦᠯᠦᠨ ᠮᠥᠷᠡᠨ ᠵᠦᠭ ᠲᠠᠪᠰᠢᠬᠤ ᠵᠡᠭᠦᠨ ᠵᠠᠮ ᠤ᠋ᠨ ᠴᠡᠷᠢᠭ ᠢ᠋ ᠡᠷᠬᠢᠯᠡᠭᠰᠡᠨ ᠰᠠᠢᠳ ᠠᠷᠨᠠᠢ ᠪᠣᠯᠤᠨ ᠴᠡᠷᠢᠭ ᠦ᠋ᠨ ᠶᠠᠪᠤᠳᠠᠯ ᠤ᠋ᠨ ᠶᠠᠮᠤᠨ ᠤ᠋ ᠡᠷᠭᠢᠨ ᠰᠠᠢᠳ ᠵᠢᠷᠲᠡᠪᠦ ᠶᠡᠷᠦᠩᠬᠡᠢᠯᠡ ᠳᠠᠢᠴᠢᠯᠠᠪᠠ᠃ ᠡᠭᠦᠨ ᠳ᠋ᠦ᠍ ᠲᠦᠰᠢᠶᠡᠲᠦ ᠬᠠᠨ ᠤ᠋ ᠬᠥᠪᠡᠭᠦᠨ ᠭᠠᠯᠳᠠᠨᠳᠣᠷᠵᠢ᠂ ᠲᠦᠰᠢᠶᠡᠲᠦ ᠬᠠᠨ ᠤ᠋ ᠲᠥᠷᠥᠯ ᠬᠦᠷᠦᠰᠢᠰᠢ᠂ ᠰᠠᠢᠨ ᠨᠣᠶᠠᠨ ᠠᠢᠮᠠᠭ ᠤ᠋ᠨ ᠱᠠᠮᠪᠠ ᠪᠣᠯᠤᠨ ᠰᠡᠴᠡᠨ ᠬᠠᠨ ᠠᠢᠮᠠᠭ ᠤ᠋ᠨ ᠨᠠᠮᠵᠢᠯ ᠲᠠᠢᠵᠢ ᠨᠠᠷ ᠤ᠋ᠨ ᠳᠠᠢᠴᠢᠯᠠᠭᠰᠠᠨ ᠲᠦᠮᠡ ᠭᠠᠷᠤᠢ ᠴᠡᠷᠢᠭ᠂ ᠪᠠᠰᠠ ᠬᠣᠶᠠᠷ ᠦᠵᠦᠮᠦᠴᠢᠨ᠂ ᠬᠣᠶᠠᠷ ᠬᠠᠭᠤᠴᠢᠨ᠂ ᠬᠣᠶᠠᠷ ᠰᠥᠨᠢᠳ᠂ ᠬᠣᠶᠠᠷ ᠠᠪᠠᠭ᠎ᠠ ᠵᠡᠷᠭᠡ ᠨᠠᠢ᠍ᠮᠠᠨ ᠬᠤᠰᠢᠭᠤᠨ ᠤ᠋ ᠴᠡᠷᠢᠭ ᠣᠷᠣᠯᠴᠠᠵᠠᠢ᠃ 
       ᠲᠠᠢᠴᠩ ᠤᠯᠤᠰ ᠤ᠋ᠨ ᠲᠠᠯ᠎ᠠ ᠠ᠋ᠴᠠ ᠵᠡᠭᠦᠨ ᠵᠠᠮ ᠤ᠋ᠨ ᠴᠡᠷᠢᠭ ᠢ᠋ ᠪᠣᠱᠣᠭᠲᠤ ᠬᠠᠨ ᠲᠠᠢ ᠲᠤᠯᠭᠠᠷᠠᠬᠤ ᠮᠠᠭᠠᠳ ᠭᠡᠮᠡᠨ ᠵᠡᠭᠦᠨ ᠵᠠᠮ ᠤ᠋ᠨ ᠣᠯᠠᠨ ᠢ᠋ ᠳᠠᠢᠴᠢᠯᠠᠭᠰᠠᠨ ᠡᠷᠭᠢᠨ ᠰᠠᠢᠳ ᠠᠷᠨᠠᠢ ᠡᠯ᠎ᠡ ᠵᠠᠰᠠᠭ ᠤ᠋ᠨ ᠴᠡᠷᠢᠭ ᠲᠦ᠍ ᠵᠠᠷᠯᠢᠭ ᠤᠯᠠᠮᠵᠢᠯᠠᠨ᠂ ᠰᠣᠶᠣᠯᠵᠢ ᠠᠭᠤᠯᠠ ᠶ᠋ᠢᠨ ᠠᠷᠤ ᠳ᠋ᠠᠬᠢ ᠲᠣᠭᠣᠷ ᠤ᠋ᠨ ᠭᠣᠣᠯ ᠳ᠋ᠤ᠌ ᠴᠤᠭᠯᠠᠷᠠᠭᠲᠤᠨ ᠭᠡᠪᠡ᠃ ᠡᠭᠦᠨ ᠦ᠌ ᠬᠠᠮᠲᠤ ᠬᠣᠷᠴᠢᠨ ᠤ᠋ ᠴᠡᠷᠢᠭ ᠢ᠋ ᠲᠦᠰᠢᠶᠡᠲᠦ ᠴᠢᠨ ᠸᠠᠩ ᠱᠠᠵᠢᠨ᠂ ᠬᠠᠷᠠᠴᠢᠨ ᠤ᠋ ᠴᠡᠷᠢᠭ ᠢ᠋ ᠳᠦᠭᠦᠷᠡᠩ ᠵᠢᠶᠦ᠋ᠨ ᠸᠠᠩ ᠵᠠᠰᠢ᠂ ᠬᠣᠶᠠᠷ ᠣᠩᠨᠢᠭᠤᠳ ᠤ᠋ᠨ ᠴᠡᠷᠢᠭ ᠢ᠋ ᠳᠦᠭᠦᠷᠡᠩ ᠵᠢᠶᠦ᠋ᠨ ᠸᠠᠩ ᠪᠢᠯᠢᠬᠦᠨᠳᠠᠯᠠᠢ᠂ ᠬᠣᠶᠠᠷ ᠪᠠᠭᠠᠷᠢᠨ ᠤ᠋ ᠴᠡᠷᠢᠭ ᠢ᠋ ᠡᠹᠦ᠋ ᠠᠷᠠᠪᠳᠠᠨ᠂ ᠵᠡᠭᠦᠨ ᠲᠦᠮᠡᠳ ᠦ᠋ᠨ ᠴᠡᠷᠢᠭ ᠢ᠋ ᠬᠦᠩ ᠤᠳᠪᠠᠯᠠ ᠳᠠᠢᠴᠢᠯᠠᠨ ᠠᠷᠨᠠᠢ ᠶ᠋ᠢᠨ ᠵᠦᠭ ᠣᠴᠢᠵᠠᠢ᠃ 
       ᠡᠨᠡ ᠤᠳᠠᠭᠠᠨ ᠤ᠋ ᠴᠡᠷᠢᠭ ᠦ᠋ᠨ ᠬᠥᠳᠡᠯᠭᠡᠭᠡᠨ ᠳ᠋ᠦ᠍ ᠠᠵᠢᠯᠯᠠᠭ᠎ᠠ ᠪᠠᠨ ᠨᠢᠭᠡᠳᠬᠡᠬᠦ ᠭᠡᠮᠡᠨ ᠡᠩᠬᠡ ᠠᠮᠤᠭᠤᠯᠠᠩ ᠬᠠᠭᠠᠨ ᠠ᠋ᠴᠠ ᠳ᠋ᠠᠰᠯᠠᠨ ᠤᠩᠰᠢᠭᠴᠢ ᠰᠠᠢᠳ ᠳᠠᠬᠤ ᠶ᠋ᠢ ᠵᠡᠭᠦᠨᠭᠠᠷ ᠵᠦᠭ ᠲᠣᠮᠢᠯᠠᠵᠤ᠂ ᠴᠡᠸᠠᠩᠷᠠᠪᠳᠠᠨ ᠢ᠋ ᠥᠳᠥᠭᠡᠨ ᠪᠣᠱᠣᠭᠲᠤ ᠬᠠᠨ ᠢ᠋ ᠴᠣᠬᠢᠭᠤᠯᠬᠤ ᠭᠡᠪᠡ᠃

               ᠭᠤᠷᠪᠠ᠂ ᠪᠣᠱᠣᠭᠲᠤ ᠬᠠᠨ ᠭᠤᠷᠪᠠᠳᠠᠬᠢ ᠤᠳᠠᠭ᠎ᠠ ᠵᠡᠭᠦᠨᠰᠢ 
                        ᠠᠶᠠᠯᠠᠭᠰᠠᠨ ᠪᠠ ᠣᠷᠬᠣᠢ ᠭᠣᠣᠯ ᠤ᠋ᠨ ᠲᠡᠢᠨ 

       1689 ᠣᠨ ᠤ᠋ ᠪᠢᠯᠢᠭ ᠦ᠋ᠨ ᠤᠯᠠᠷᠢᠯ ᠤ᠋ᠨ ᠠᠷᠪᠠᠨ ᠬᠣᠶᠠᠳᠤᠭᠠᠷ ᠰᠠᠷ᠎ᠠ ᠶ᠋ᠢᠨ ᠭᠤᠷᠪᠠᠨ ᠤ᠋ ᠡᠳᠦᠷ᠂ ᠳᠠᠯᠠᠢ ᠯᠠᠮᠠ ᠶ᠋ᠢᠨ ᠲᠣᠮᠢᠯᠠᠭᠰᠠᠨ ᠵᠢᠷᠤᠩ ᠬᠤᠲᠤᠭᠲᠤ᠂ ᠢᠯᠠᠭᠤᠭᠰᠠᠨ ᠬᠤᠲᠤᠭᠲᠤ ᠲᠠᠢ ᠬᠠᠮᠲᠤ ᠬᠣᠪᠲᠣ ᠳ᠋ᠤ᠌ ᠢᠷᠡᠵᠡᠢ᠃ ᠲᠡᠳᠡ ᠡᠩᠬᠡ ᠠᠮᠤᠭᠤᠯᠠᠩ ᠤ᠋ᠨ ᠰᠠᠨᠠᠭ᠎ᠠ ᠪᠠᠷ ᠪᠣᠱᠣᠭᠲᠤ ᠬᠠᠨ ᠢ᠋ ᠲᠦᠰᠢᠶᠡᠲᠦ ᠬᠠᠨ ᠲᠠᠢ ᠨᠠᠢᠷᠠᠮᠳᠠᠭᠤᠯᠬᠤ ᠭᠡᠰᠡᠨ ᠪᠢᠰᠢ᠂ ᠬᠠᠷᠢᠨ ᠳᠠᠯᠠᠢ ᠯᠠᠮᠠ ᠶ᠋ᠢᠨ ᠵᠠᠷᠯᠢᠭ ᠢ᠋ ᠤᠯᠠᠮᠵᠢᠯᠠᠨ ᠪᠣᠱᠣᠭᠲᠤ ᠬᠠᠨ ᠢ᠋ ᠳᠠᠬᠢᠨ ᠵᠡᠭᠦᠨᠰᠢ ᠠᠶᠠᠯᠠᠭᠤᠯᠵᠤ᠂ ᠪᠡᠭᠡᠵᠢᠩ ᠳ᠋ᠦ᠍ ᠢᠯᠡᠭᠡᠭᠰᠡᠨ ᠱᠠᠮᠪᠠᠷᠢᠩ ᠬᠠᠮᠪᠤ ᠯᠠᠮᠠ ᠲᠠᠢ ᠬᠠᠮᠰᠠᠵᠤ ᠡᠩᠬᠡ ᠠᠮᠤᠭᠤᠯᠠᠩ ᠬᠠᠭᠠᠨ ᠳ᠋ᠤ᠌ ᠳᠠᠷᠤᠯᠲᠠ ᠦᠵᠡᠭᠦᠯᠦᠨ ᠵᠢᠪᠽᠥ᠋ᠨᠳᠠᠮᠪᠠ ᠪᠣᠯᠤᠨ ᠲᠦᠰᠢᠶᠡᠲᠦ ᠬᠠᠨ ᠢ᠋ ᠪᠤᠴᠠᠭᠠᠨ ᠠᠪᠤᠭᠳᠠᠨ ᠭᠡᠪᠡ᠃ 
        ᠳᠠᠯᠠᠢ ᠯᠠᠮᠠ ᠶ᠋ᠢᠨ ᠵᠠᠷᠯᠢᠭ ᠢ᠋ ᠮᠠᠰᠢ ᠡᠷᠬᠢᠮᠯᠡᠨ ᠬᠦᠨᠳᠦᠳᠬᠡᠬᠦ ᠲᠤᠯᠠ ᠪᠣᠱᠣᠭᠲᠤ ᠬᠠᠨ ᠵᠡᠭᠦᠨᠰᠢ ᠠᠶᠠᠯᠠᠬᠤ ᠪᠠᠷ ᠰᠢᠢᠳᠴᠡᠢ᠃ ᠠᠷᠪᠠᠨ ᠬᠣᠶᠠᠳᠤᠭᠠᠷ ᠰᠠᠷ᠎ᠠ ᠶ᠋ᠢᠨ ᠡᠬᠢ ᠪᠡᠷ᠂ ᠲᠡᠷᠡ ᠲᠠᠨᠴᠢᠨ ᠣᠮᠪᠣ ᠪᠣᠯᠤᠨ ᠫᠤᠩᠰᠤᠭᠷᠠᠪᠳᠠᠨ ᠢ᠋ ᠬᠣᠪᠲᠣ ᠳ᠋ᠤ᠌ ᠦᠯᠡᠳᠡᠭᠡᠨ ᠰᠠᠬᠢᠭᠤᠯᠵᠤ [70]᠂ ᠥᠪᠡᠷ ᠢ᠋ᠶ᠋ᠡᠨ ᠬᠣᠶᠠᠷ ᠲᠦᠮᠡᠨ ᠴᠡᠷᠢᠭ ᠳᠠᠢᠴᠢᠯᠠᠨ ᠵᠢᠷᠤᠩ ᠬᠤᠲᠤᠭᠳᠤᠨ᠂ ᠢᠯᠠᠭᠤᠭᠰᠠᠨ ᠬᠤᠲᠤᠭᠲᠤ ᠨᠠᠷ ᠤ᠋ᠨ ᠬᠠᠮᠲᠤ ᠶᠠᠪᠠᠬᠠᠨ ᠭᠣᠣᠯ ᠢ᠋ᠶ᠋ᠠᠷ ᠥᠩᠭᠡᠷᠡᠨ ᠭᠤᠷᠪᠠᠳᠠᠬᠢ ᠤᠳᠠᠭ᠎ᠠ ᠬᠠᠯᠬ᠎ᠠ ᠵᠦᠭ ᠮᠣᠷᠳᠠᠪᠠ᠃ 
       1690 ᠣᠨ ᠤ᠋ ᠴᠠᠭᠠᠨ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ᠂ ᠲᠦᠰᠢᠶᠡᠲᠦ ᠬᠠᠨ ᠤ᠋ ᠬᠢᠯᠢ ᠳ᠋ᠦ᠍ ᠣᠷᠣᠭᠠᠳ ᠴᠡᠷᠢᠭ ᠢ᠋ᠶ᠋ᠡᠨ ᠬᠣᠶᠠᠷ ᠵᠠᠮ ᠬᠤᠪᠢᠶᠠᠵᠤ᠂ ᠥᠪᠡᠷ ᠢ᠋ᠶ᠋ᠡᠨ ᠭᠣᠣᠯ ᠴᠡᠷᠢᠭ ᠢ᠋ᠶ᠋ᠡᠨ ᠳᠠᠢᠴᠢᠯᠠᠨ ᠣᠲᠠᠬᠠᠨ ᠳᠠᠪᠠᠭ᠎ᠠ ᠠ᠋ᠴᠠ ᠤᠨᠤᠨ ᠮᠥᠷᠡᠨ ᠦ᠌ ᠳᠡᠭᠡᠳᠦ ᠤᠷᠤᠰᠬᠠᠯ ᠢ᠋ ᠴᠢᠭᠯᠡᠪᠡ᠃ ᠨᠥᠭᠥᠭᠡ ᠵᠠᠮ ᠤ᠋ᠨ ᠴᠡᠷᠢᠭ ᠢ᠋ ᠲᠤᠭᠠᠷ ᠠᠷᠠᠪᠳᠠᠨ ᠳᠠᠢᠴᠢᠯᠠᠵᠤ ᠬᠠᠷ᠎ᠠ ᠰᠡᠭᠦᠯ ᠠᠭᠤᠯᠠ ᠶ᠋ᠢᠨ ᠠᠷᠤ ᠪᠠᠷ ᠥᠯᠵᠡᠢ ᠭᠣᠣᠯ ᠢ᠋ ᠴᠢᠭᠯᠡᠵᠡᠢ᠃ ᠪᠣᠱᠣᠭᠲᠤ ᠬᠠᠨ ᠤ᠋ ᠤᠳᠤᠷᠢᠳᠤᠭᠰᠠᠨ ᠶᠡᠬᠡ ᠴᠡᠷᠢᠭ ᠤᠨᠤᠨ ᠮᠥᠷᠡᠨ ᠦ᠌ ᠳᠡᠭᠡᠳᠦ ᠤᠷᠤᠰᠬᠠᠯ ᠳ᠋ᠤ᠌ ᠲᠦᠯᠬᠢᠨ ᠣᠷᠣᠭᠠᠳ ᠲᠣᠳᠣ ᠡᠷᠳᠡᠨᠢ ᠬᠣᠩ ᠲᠠᠢᠵᠢ ᠶ᠋ᠢ ᠳᠠᠭᠠᠷᠢᠪᠠ᠃ ᠲᠡᠷᠡ ᠬᠡᠳᠦᠢᠪᠡᠷ ᠬᠦᠴᠦᠯᠡᠨ ᠪᠠᠢᠯᠳᠤᠭᠰᠠᠨ ᠪᠣᠯᠪᠠᠴᠤ ᠴᠥᠭᠡᠨ ᠢ᠋ᠶ᠋ᠡᠷ ᠣᠯᠠᠨ ᠢ᠋ ᠲᠠᠢᠯᠵᠤ ᠴᠢᠳᠠᠬᠤ ᠦᠭᠡᠢ ᠪᠡᠨ ᠮᠡᠳᠡᠭᠡᠳ ᠬᠡᠳᠦᠨ ᠵᠠᠭᠤᠨ ᠮᠣᠷᠢᠲᠠᠨ ᠢ᠋ᠶ᠋ᠠᠨ ᠳᠠᠭᠠᠭᠤᠯᠤᠨ ᠡᠮᠦᠨᠡᠰᠢ ᠳᠤᠲᠠᠭᠠᠵᠠᠢ᠃ ᠢᠩᠭᠢᠭᠡᠳ1690 ᠣᠨ ᠤ᠋ ᠭᠤᠷᠪᠠᠳᠤᠭᠠᠷ ᠰᠠᠷ᠎ᠠ ᠳ᠋ᠤ᠌᠂ ᠤᠨᠤᠨ ᠮᠥᠷᠡᠨ ᠦ᠌ ᠤᠷᠤᠰᠬᠠᠯ ᠳᠠᠭᠠᠤ ᠮᠠᠯᠵᠢᠵᠤ ᠪᠠᠢᠭᠰᠠᠨ ᠬᠠᠯᠬ᠎ᠠ ᠶ᠋ᠢᠨ ᠴᠠᠸᠠᠩ ᠡᠷᠳᠡᠨᠢ ᠠᠬᠠᠢ᠂ ᠴᠡᠴᠡᠨ ᠬᠣᠩ ᠲᠠᠢᠵᠢ᠂ ᠮᠠᠨᠵᠤᠰᠢᠷᠢ ᠬᠤᠲᠤᠭᠲᠤ ᠨᠠᠷ ᠢ᠋ ᠳᠠᠬᠢᠨ ᠣᠷᠣᠭᠤᠯᠤᠨ ᠠᠪᠴᠤ[71]᠂ ᠳᠠᠷᠠᠭ᠎ᠠ ᠨᠢ ᠤᠨᠤᠨ ᠮᠥᠷᠡᠨ ᠡᠴᠡ ᠡᠮᠦᠨᠡᠰᠢ ᠳᠠᠪᠰᠢᠵᠤ᠂ ᠥᠯᠵᠡᠢ ᠭᠣᠣᠯ ᠤ᠋ᠨ ᠳᠡᠭᠡᠳᠦ ᠤᠷᠤᠰᠬᠠᠯ ᠤ᠋ᠨ ᠪᠠᠶᠠᠨ ᠤᠯᠠᠭᠠᠨ ᠭᠡᠳᠡᠭ ᠭᠠᠵᠠᠷ ᠲᠤ ᠲᠤᠭᠠᠷ ᠠᠷᠠᠪᠳᠠᠨ ᠤ᠋ ᠴᠡᠷᠢᠭ ᠲᠡᠢ ᠨᠡᠢᠯᠡᠭᠡᠳ ᠬᠦᠷᠢᠶ᠎ᠡ ᠪᠠᠭᠤᠪᠠ᠃ 
       ᠪᠠᠶᠠᠨ ᠤᠯᠠᠭᠠᠨ ᠤ᠋ ᠴᠡᠷᠢᠭ ᠮᠣᠷᠢ ᠪᠠᠨ ᠲᠡᠭᠰᠢᠯᠡᠨ ᠠᠮᠠᠷᠠᠵᠤ ᠪᠠᠢᠭᠰᠠᠨ ᠬᠤᠭᠤᠴᠠᠭᠠᠨ ᠳ᠋ᠤ᠌ ᠪᠣᠱᠣᠭᠲᠤ ᠬᠠᠨ ᠪᠠᠷᠠᠭᠤᠨ ᠵᠣᠣ ᠠ᠋ᠴᠠ ᠢᠷᠡᠭᠰᠡᠨ ᠵᠢᠷᠤᠬᠠᠢᠴᠢ ᠨᠠᠢᠴᠤᠩ ᠣᠮᠪᠣ ᠪᠠᠷ ᠢᠷᠣ᠎ᠠ ᠪᠡᠯᠭᠡ ᠶᠠᠭᠤ ᠪᠣᠯᠬᠤ ᠶ᠋ᠢ ᠲᠥᠯᠭᠡᠳᠡᠭᠦᠯᠵᠡᠢ᠃ ᠨᠠᠢᠴᠤᠩ ᠣᠮᠪᠣ ᠲᠥᠯᠭᠡᠳᠡᠵᠦ ᠦᠵᠡᠭᠡᠳ《ᠢᠷᠣ᠎ᠠ ᠮᠠᠭᠤ》 ᠭᠡᠮᠡᠨ ᠥᠭᠦᠯᠡᠵᠦ᠂ ᠴᠡᠷᠢᠭ ᠮᠣᠷᠢ ᠬᠥᠳᠡᠯᠭᠡᠬᠦ ᠶ᠋ᠢ ᠪᠠᠢᠯᠭᠠᠪᠠ᠃ ᠲᠡᠭᠡᠭᠡᠳ ᠭᠤᠷᠪᠠᠨ ᠡᠳᠦᠷ ᠨᠣᠮ ᠤᠩᠰᠢᠵᠤ ᠭᠠᠢ ᠪᠠᠷᠴᠢᠳ ᠢ᠋ ᠬᠥᠭᠡᠭᠡᠭᠰᠡᠨ ᠦ᠌ ᠳᠠᠷᠠᠭ᠎ᠠ᠂ ᠥᠯᠵᠡᠢ ᠭᠣᠣᠯ ᠤ᠋ᠨ ᠤᠮᠠᠷᠠᠲᠤ ᠡᠷᠭᠢ ᠶ᠋ᠢ ᠳᠠᠭᠠᠵᠤ ᠵᠡᠭᠦᠨᠰᠢ ᠳᠠᠪᠰᠢᠪᠠ᠃ ᠡᠨᠡ ᠦᠶ᠎ᠡ ᠳ᠋ᠦ᠍ ᠤᠨᠤᠨ ᠮᠥᠷᠡᠨ ᠦ᠌ ᠳᠣᠣᠷᠠᠲᠤ ᠤᠷᠤᠰᠬᠠᠯ ᠳ᠋ᠤ᠌ ᠬᠣᠷᠭᠣᠳᠠᠵᠤ ᠪᠠᠢᠭᠰᠠᠨ ᠲᠦᠰᠢᠶᠡᠲᠦ ᠬᠠᠨ ᠠᠢᠮᠠᠭ ᠤ᠋ᠨ ᠬᠥᠨᠳᠡᠯᠡᠨ ᠪᠣᠱᠣᠭᠲᠤ ᠭᠣᠮᠪᠣ ᠪᠣᠱᠣᠭᠲᠤ ᠬᠠᠨ ᠤ᠋ ᠳᠣᠪᠲᠣᠯᠬᠤ ᠠ᠋ᠴᠠ ᠠᠶᠤᠵᠤ ᠡᠷᠭᠦᠨ᠎ᠡ ᠭᠣᠣᠯ ᠳ᠋ᠤ᠌ ᠳᠤᠲᠠᠭᠠᠨ ᠢᠷᠡᠵᠦ ᠳᠠᠬᠢᠨ ᠬᠡᠷᠦᠯᠦᠨ ᠮᠥᠷᠡᠨ ᠦ᠌ ᠳᠣᠣᠷᠠᠲᠤ ᠤᠷᠤᠰᠬᠠᠯ ᠳ᠋ᠤ᠌ ᠰᠢᠯᠵᠢᠨ ᠢᠷᠡᠵᠡᠢ᠃ ᠬᠥᠨᠳᠡᠯᠡᠨ ᠪᠣᠱᠣᠭᠲᠤ ᠭᠣᠮᠪᠣ ᠶ᠋ᠢᠨ ᠪᠠᠢᠳᠠᠯ ᠢ᠋ ᠬᠠᠢᠨ ᠮᠡᠳᠡᠭᠰᠡᠨ ᠪᠣᠱᠣᠭᠲᠤ ᠬᠠᠨ ᠲᠡᠭᠦᠨ ᠢ᠋ ᠪᠣᠷᠪᠢᠳᠠᠨ ᠨᠡᠬᠡᠮᠵᠢᠯᠡᠪᠡ᠃1690 ᠣᠨ ᠤ᠋ ᠲᠠᠪᠤᠳᠤᠭᠠᠷ ᠰᠠᠷ᠎ᠠ ᠶ᠋ᠢᠨ ᠭᠤᠷᠪᠠᠨ ᠤ᠋ ᠡᠳᠦᠷ᠂ ᠪᠣᠱᠣᠭᠲᠤ ᠬᠠᠨ ᠥᠯᠵᠡᠢ ᠭᠣᠣᠯ ᠢ᠋ ᠭᠠᠲᠤᠯᠤᠨ ᠬᠡᠷᠦᠯᠦᠨ ᠮᠥᠷᠡᠨ ᠦ᠌ ᠳᠣᠣᠷᠠᠲᠤ ᠤᠷᠤᠰᠬᠠᠯ ᠳ᠋ᠤ᠌ ᠬᠦᠷᠴᠦ᠂ ᠲᠠᠪᠤᠳᠤᠭᠠᠷ ᠰᠠᠷ᠎ᠠ ᠶ᠋ᠢᠨ ᠳᠤᠮᠳᠠᠴᠢ ᠪᠠᠷ ᠡᠮᠦᠨᠡᠰᠢ ᠬᠡᠷᠦᠯᠦᠨ ᠢ᠋ ᠭᠠᠲᠤᠯᠤᠨ ᠠᠯᠲᠠᠨ ᠡᠮᠡᠭᠡᠯ ᠳ᠋ᠦ᠍ ᠢᠷᠡᠵᠦ ᠬᠡᠳᠦᠨ ᠡᠳᠦᠷ ᠠᠮᠠᠷᠠᠵᠠᠢ᠃ ᠲᠡᠭᠡᠭᠡᠳ ᠬᠥᠨᠳᠡᠯᠡᠨ ᠪᠣᠱᠣᠭᠲᠤ ᠭᠣᠮᠪᠣ ᠶ᠋ᠢ ᠦᠷᠭᠦᠯᠵᠢᠯᠡᠨ ᠨᠡᠬᠡᠮᠵᠢᠯᠡᠵᠦ᠂ ᠵᠢᠷᠭᠤᠳᠤᠭᠠᠷ ᠰᠠᠷ᠎ᠠ ᠶ᠋ᠢᠨ ᠵᠢᠷᠭᠤᠭᠠᠨ ᠤ᠋ ᠡᠳᠦᠷ ᠵᠡᠭᠦᠨᠰᠢ ᠣᠷᠱᠤᠨ ᠭᠣᠣᠯ ᠢ᠋ ᠭᠠᠲᠤᠯᠤᠨ᠂ ᠪᠤᠢᠷ ᠨᠠᠭᠤᠷ ᠤ᠋ᠨ ᠵᠡᠭᠦᠨ ᠡᠷᠭᠢ ᠶ᠋ᠢ ᠳᠠᠭᠠᠵᠤ ᠡᠮᠦᠨᠡᠰᠢ ᠬᠠᠯᠬ᠎ᠠ ᠭᠣᠣᠯ ᠳ᠋ᠤ᠌ ᠳᠥᠭᠥᠵᠦ ᠣᠴᠢᠪᠠ᠃ ᠢᠩᠭᠢᠭᠡᠳ ᠬᠡᠳᠦᠨ ᠡᠳᠦᠷ ᠪᠣᠯᠤᠭᠰᠠᠨ ᠦᠭᠡᠢ ᠬᠠᠯᠬ᠎ᠠ ᠭᠣᠣᠯ ᠤ᠋ᠨ ᠵᠡᠭᠦᠨ ᠡᠷᠭᠢ ᠳ᠋ᠦ᠍ ᠬᠥᠨᠳᠡᠯᠡᠨ ᠪᠣᠱᠣᠭᠲᠤ ᠭᠣᠮᠪᠣ ᠶ᠋ᠢ ᠬᠥᠭᠡᠭᠡᠵᠦ ᠭᠦᠢᠴᠡᠬᠦ ᠳ᠋ᠦ᠍ ᠲᠡᠷᠡ ᠠᠴᠢᠶ᠎ᠠ ᠬᠥᠰᠬᠡ᠂ ᠦᠬᠡᠷ ᠬᠣᠨᠢ ᠪᠠᠨ ᠣᠷᠬᠢᠵᠤ ᠲᠠᠢᠴᠢᠩ ᠤᠯᠤᠰ ᠤ᠋ᠨ ᠬᠠᠷᠠᠭᠤᠯ ᠤ᠋ᠨ ᠭᠠᠵᠠᠷ ᠲᠤ ᠳᠤᠲᠠᠭᠠᠨ ᠣᠷᠣᠵᠠᠢ᠃ ᠪᠣᠱᠣᠭᠲᠤ ᠬᠠᠨ ᠲᠡᠭᠦᠨ ᠦ᠌ ᠣᠷᠬᠢᠭᠰᠠᠨ ᠶᠠᠭᠤᠮ᠎ᠠ ᠶ᠋ᠢ ᠬᠤᠷᠢᠶᠠᠮᠵᠢᠯᠠᠨ᠂ ᠵᠢᠷᠭᠤᠳᠤᠭᠠᠷ ᠰᠠᠷ᠎ᠠ ᠶ᠋ᠢᠨ ᠠᠷᠪᠠᠨ ᠳᠥᠷᠪᠡᠨ ᠦ᠌ ᠡᠳᠦᠷ ᠵᠡᠭᠦᠨ ᠦᠵᠦᠮᠦᠴᠢᠨ ᠦ᠌ ᠵᠡᠭᠦᠨ ᠬᠣᠢᠲᠤ ᠬᠢᠯᠢ ᠳ᠋ᠡᠬᠢ ᠰᠣᠶᠣᠯᠵᠢ ᠠᠭᠤᠯᠠᠨ ᠳ᠋ᠤ᠌ ᠬᠦᠷᠴᠦ᠂ ᠣᠷᠬᠣᠢ ᠭᠣᠣᠯ ᠤ᠋ᠨ ᠵᠡᠭᠦᠨ ᠡᠷᠭᠢ ᠳ᠋ᠡᠬᠢ ᠤᠯᠠᠭᠠᠨ ᠭᠡᠳᠡᠭ ᠭᠠᠵᠠᠷ ᠬᠦᠷᠢᠶ᠎ᠡ ᠪᠠᠭᠤᠪᠠ᠃ ᠲᠡᠷᠡ ᠲᠤᠭᠠᠷ ᠠᠷᠠᠪᠳᠠᠨ ᠤ᠋ ᠳᠡᠭᠦᠦ ᠬᠠᠨᠳᠤ ᠳ᠋ᠤ᠌ ᠬᠣᠶᠠᠷ ᠮᠢᠩᠭᠠᠨ ᠴᠡᠷᠢᠭ ᠥᠭᠴᠦ᠂ ᠦᠵᠦᠮᠦᠴᠢᠨ ᠦ᠌ ᠬᠢᠯᠢ ᠳ᠋ᠦ᠍ ᠣᠴᠢᠭᠤᠯᠤᠨ᠂ 《ᠪᠢᠳᠡ ᠴᠥᠮ ᠨᠢᠭᠡᠨ ᠤᠭᠰᠠᠭᠠᠲᠠᠨ ᠶᠤᠮ᠃ ᠶᠠᠭᠤᠨ ᠳ᠋ᠤ᠌ ᠬᠤᠶᠠᠭ ᠴᠡᠷᠢᠭ ᠢ᠋ᠶ᠋ᠡᠷ ᠦᠵᠡᠯᠴᠡᠬᠦ ᠪᠣᠢ᠃ ᠮᠠᠨᠤᠰ ᠪᠦᠷ ᠨᠥᠬᠥᠷ ᠪᠣᠯᠠᠢ᠃ ᠪᠢᠳᠡ ᠲᠠᠨ ᠢ᠋ ᠬᠣᠣᠷᠯᠠᠬᠤ ᠦᠭᠡᠢ》[72] ᠭᠡᠵᠦ ᠤᠬᠠᠭᠤᠯᠬᠤ ᠶ᠋ᠢᠨ ᠬᠠᠮᠲᠤ ᠦᠵᠦᠮᠦᠴᠢᠨ ᠦ᠌ ᠡᠷᠳᠡᠨᠢ ᠪᠡᠢᠯᠡ ᠶ᠋ᠢᠨ ᠬᠠᠷᠢᠶᠠᠲᠤ ᠬᠢᠶ᠎ᠡ ᠡᠬᠡᠴᠢᠷ ᠲᠡᠢ ᠠᠭᠤᠯᠵᠠᠨ《ᠪᠢ ᠥᠰᠢᠶᠡᠲᠦ ᠡᠲᠡᠭᠡᠳ ᠬᠠᠯᠬ᠎ᠠ ᠶ᠋ᠢ ᠳᠠᠢᠯᠠᠮᠤᠢ᠃ ᠳᠤᠮᠳᠠᠳᠤ ᠤᠯᠤᠰ ᠤ᠋ᠨ ᠬᠢᠵᠠᠭᠠᠷ ᠲᠤ ᠠᠶᠤᠮᠰᠢᠭ ᠦᠭᠡᠢ ᠦᠯᠦ ᠬᠠᠯᠳᠠᠮᠤᠢ》[73] ᠭᠡᠮᠡᠨ ᠢᠯᠡᠷᠬᠡᠢᠯᠡᠵᠡᠢ᠃ ᠲᠡᠭᠦᠨ ᠦ᠌ ᠢᠩᠭᠢᠵᠦ ᠭᠠᠵᠠᠷ ᠪᠦᠬᠦᠨ ᠳ᠋ᠦ᠍ ᠤᠬᠠᠭᠤᠯᠤᠭᠰᠠᠨ ᠨᠢ ᠵᠣᠬᠢᠬᠤ ᠬᠡᠮᠵᠢᠶᠡᠨ ᠦ᠌ ᠦᠷ᠎ᠡ ᠳ᠋ᠦᠩ ᠭᠠᠷᠴᠤ᠂ ᠦᠵᠦᠮᠦᠴᠢᠨ ᠦ᠌ ᠵᠠᠰᠠᠭ ᠸᠠᠩ ᠰᠤᠳᠠᠨᠢ(ᠨᠢᠭᠡᠨᠲᠡ ᠦᠬᠦᠵᠡᠢ) ᠶ᠋ᠢᠨ ᠬᠠᠲᠤᠨ ᠪᠣᠯᠤᠨ ᠡᠷᠳᠡᠨᠢ ᠪᠡᠢᠯᠡ ᠪᠥᠮᠪᠥ᠂ ᠴᠡᠭᠡᠨ᠂ ᠠᠮᠤᠢ᠂ ᠴᠦᠩᠬᠦ᠂ ᠠᠳᠠᠷᠢ᠂ ᠨᠤᠷᠤᠢ᠂ ᠷᠠᠵᠠᠪ  ᠂ᠪᠣᠳᠣᠬᠤ᠂ ᠯᠠᠵᠠᠪ᠂ ᠠᠷᠠᠰᠢ᠂ ᠪᠣᠯᠣᠳ᠂ ᠴᠣᠭᠲᠤ ᠵᠡᠷᠭᠡ ᠲᠠᠢᠵᠢ ᠨᠠᠷ ᠳᠠᠭᠠᠵᠤ[74] ᠠᠪᠠᠭ᠎ᠠ ᠬᠤᠰᠢᠭᠤᠨ ᠤ᠋ ᠲᠠᠢᠵᠢ ᠪᠦᠳᠦᠷ ᠪᠠᠰᠠ ᠢᠷᠡᠵᠦ ᠳᠠᠭᠠᠪᠠ᠃ ᠡᠳᠡᠭᠡᠷ ᠲᠠᠢᠵᠢ ᠨᠠᠷ ᠪᠣᠱᠣᠭᠲᠤ ᠬᠠᠨ ᠳ᠋ᠤ᠌ ᠴᠡᠷᠢᠭ ᠦ᠋ᠨ ᠠᠮᠤ ᠬᠦᠨᠡᠰᠦ᠂ ᠮᠣᠷᠢ ᠲᠡᠮᠡᠭᠡ ᠬᠦᠷᠭᠡᠬᠦ ᠶ᠋ᠢᠨ ᠬᠠᠮᠲᠤ ᠳᠠᠯᠳᠠᠭᠤᠷ ᠬᠥᠮᠦᠨ ᠲᠣᠮᠢᠯᠠᠨ ᠠᠷᠠᠨᠢ ᠶ᠋ᠢᠨ ᠴᠡᠷᠢᠭ ᠦ᠋ᠨ ᠬᠥᠳᠡᠯᠭᠡᠭᠡᠨ ᠢ᠋ ᠲᠡᠩᠨᠡᠵᠦ ᠪᠠᠢᠵᠠᠢ᠃ 
       ᠪᠣᠱᠣᠭᠲᠤ ᠬᠠᠨ ᠤᠯᠠᠭᠠᠨ ᠳ᠋ᠤ᠌ ᠬᠦᠷᠴᠦ ᠢᠷᠡᠭᠰᠡᠨ ᠴᠢᠮᠡᠭᠡ ᠶ᠋ᠢ ᠰᠣᠨᠣᠰᠤᠭᠠᠳ ᠡᠩᠬᠡ ᠠᠮᠤᠭᠤᠯᠠᠩ ᠬᠠᠭᠠᠨ ᠠᠷᠠᠨᠢ ᠳ᠋ᠤ᠌ ᠬᠥᠩᠭᠡᠨ ᠬᠠᠭᠤᠳᠠᠮ ᠬᠥᠳᠡᠯᠵᠦ ᠪᠣᠯᠬᠤ ᠦᠭᠡᠢ ᠭᠡᠵᠦ ᠰᠠᠨᠠᠭᠤᠯᠬᠤ ᠶ᠋ᠢᠨ ᠬᠠᠮᠲᠤ ᠲᠦᠰᠢᠮᠡᠯ ᠠᠷᠪᠢᠳᠬᠤ ᠪᠣᠯᠤᠨ ᠳᠠᠯᠠᠢ ᠶ᠋ᠢ ᠵᠠᠷᠤᠵᠤ᠂ ᠪᠣᠱᠣᠭᠲᠤ ᠬᠠᠨ ᠢ᠋ ᠰᠠᠭᠠᠲᠠᠭᠠᠬᠤ ᠭᠡᠮᠡᠨ ᠣᠷᠣᠯᠳᠣᠪᠠ᠃ 
       ᠭᠡᠲᠡᠯ᠎ᠡ ᠡᠷᠬᠢᠯᠡᠭᠰᠡᠨ ᠰᠠᠢᠳ ᠠᠷᠠᠨᠢ ᠪᠣᠱᠣᠭᠲᠤ ᠬᠠᠨ ᠤ᠋ ᠴᠡᠷᠢᠭ ᠦ᠋ᠨ ᠬᠦᠴᠦᠨ ᠢ᠋ ᠪᠠᠰᠤᠮᠵᠢᠯᠠᠵᠤ᠂ ᠲᠡᠷᠢᠭᠦᠨ ᠭᠠᠪᠢᠶ᠎ᠠ ᠶ᠋ᠢ ᠲᠡᠮᠡᠴᠡᠨ ᠣᠯᠬᠤ ᠪᠣᠳᠣᠯ ᠲᠠᠢ  ᠪᠠᠢᠭᠰᠠᠨ ᠲᠤᠯᠠ ᠡᠩᠬᠡ ᠠᠮᠤᠭᠤᠯᠠᠩ ᠬᠠᠭᠠᠨ ᠤ᠋ ᠰᠠᠨᠠᠭᠤᠯᠭ᠎ᠠ ᠶ᠋ᠢ ᠦᠯᠦ ᠠᠪᠤᠨ ᠬᠣᠷᠴᠢᠨ ᠤ᠋ ᠴᠡᠷᠢᠭ ᠢ᠋ ᠴᠦ᠍ ᠬᠦᠯᠢᠶᠡᠯ ᠦᠭᠡᠢ ᠪᠡᠷ ᠤᠷᠢᠳᠴᠢᠯᠠᠨ ᠳᠠᠢᠯᠠᠬᠤ ᠪᠠᠷ ᠰᠢᠢᠳᠴᠡᠢ᠃ ᠢᠩᠭᠢᠭᠡᠳ ᠵᠢᠷᠭᠤᠳᠤᠭᠠᠷ ᠰᠠᠷ᠎ᠠ ᠶ᠋ᠢᠨ ᠲᠠᠪᠤᠨ ᠤ᠋ ᠡᠳᠦᠷ ᠬᠣᠶᠠᠷ ᠲᠦᠮᠡᠨ ᠴᠡᠷᠢᠭ ᠳᠠᠢᠴᠢᠯᠠᠨ ᠲᠣᠭᠣᠷ ᠤ᠋ᠨ ᠭᠣᠣᠯ ᠤ᠋ᠨ ᠳᠡᠭᠡᠳᠦ ᠡᠬᠢ ᠡᠴᠡ ᠮᠣᠷᠳᠠᠵᠤ᠂ ᠬᠠᠯᠬ᠎ᠠ ᠭᠣᠣᠯ ᠤ᠋ᠨ ᠪᠠᠷᠠᠭᠤᠨ ᠡᠷᠭᠢ ᠪᠡᠷ ᠤᠮᠠᠷᠠᠰᠢ ᠪᠤᠢᠷ ᠨᠠᠭᠤᠷ ᠢ᠋ ᠴᠢᠭᠯᠡᠨ ᠤᠷᠤᠭᠰᠢᠯᠠᠪᠠ᠃ ᠲᠡᠷᠡ ᠳᠠᠪᠤᠰᠤ ᠪᠠᠷ ᠥᠩᠭᠡᠷᠡᠨ ᠲᠠᠪᠤᠨ ᠲᠠᠰᠢᠬᠠᠢ ᠳ᠋ᠤ᠌ ᠬᠦᠷᠦᠭᠡᠳ᠂ ᠪᠣᠱᠣᠭᠲᠤ ᠬᠠᠨ ᠡᠮᠦᠨ᠎ᠡ ᠨᠢ ᠬᠦᠷᠢᠶ᠎ᠡ ᠪᠠᠭᠤᠭᠰᠠᠨ ᠢ᠋ ᠮᠡᠳᠡᠵᠦ ᠭᠡᠳᠡᠷᠭᠦ ᠰᠣᠶᠣᠯᠴᠢ ᠠᠭᠤᠯᠠᠨ ᠳ᠋ᠤ᠌ ᠪᠤᠴᠠᠵᠤ ᠢᠷᠡᠵᠡᠢ᠃ ᠵᠢᠷᠭᠤᠳᠤᠭᠠᠷ ᠰᠠᠷ᠎ᠠ ᠶ᠋ᠢᠨ ᠬᠣᠷᠢᠨ ᠨᠢᠭᠡᠨ ᠦ᠌ ᠡᠳᠦᠷ᠂ ᠲᠩᠷᠢ ᠭᠡᠭᠡᠷᠡᠬᠦ ᠶ᠋ᠢᠨ ᠤᠷᠢᠳ ᠡᠷᠬᠢᠯᠡᠭᠰᠡᠨ ᠰᠠᠢᠳ ᠠᠷᠠᠨᠢ ᠣᠷᠬᠣᠢ ᠭᠣᠣᠯ ᠤ᠋ᠨ ᠭᠠᠵᠠᠷ ᠠ᠋ᠴᠠ ᠪᠣᠱᠣᠭᠲᠤ ᠬᠠᠨ ᠢ᠋ ᠳᠠᠢᠯᠠᠬᠤ ᠪᠠᠷ ᠪᠡᠯᠡᠳᠬᠡᠪᠡ᠃ ᠭᠡᠲᠡᠯ᠎ᠡ ᠣᠯᠠᠨ ᠵᠢᠯ ᠦ᠋ᠨ ᠲᠡᠢᠨ ᠪᠠᠢᠯᠳᠤᠭᠠᠨ ᠳ᠋ᠤ᠌ ᠬᠠᠰᠢᠷ ᠳᠣᠬᠢ ᠪᠣᠯᠤᠭᠰᠠᠨ ᠣᠢᠷᠠᠳᠴᠤᠳ ᠴᠡᠷᠢᠭ ᠦ᠋ᠨ ᠬᠦᠷᠢᠶ᠎ᠡ ᠪᠡᠨ ᠪᠣᠱᠣᠭᠲᠤ ᠬᠠᠨ ᠤ᠋ ᠭᠣᠣᠯ ᠥᠷᠭᠥᠭᠡ ᠶ᠋ᠢ ᠲᠣᠭᠣᠷᠢᠭᠤᠯᠤᠨ ᠪᠠᠭᠤᠵᠤ ᠭᠡᠨᠡᠳᠲᠡ ᠶ᠋ᠢᠨ ᠳᠠᠭᠠᠷᠢᠯᠲᠠ ᠠ᠋ᠴᠠ ᠰᠡᠷᠭᠡᠢᠯᠡᠵᠡᠢ᠃ ᠠᠷᠠᠨᠢ ᠤᠷᠢᠳᠠᠪᠡᠷ ᠬᠣᠶᠠᠷ ᠵᠠᠭᠤᠨ ᠪᠠᠭᠠᠲᠤᠷ ᠢ᠋ ᠲᠣᠮᠢᠯᠠᠨ ᠡᠮᠦᠨ᠎ᠡ ᠲᠠᠯ᠎ᠠ ᠠ᠋ᠴᠠ ᠳᠠᠭᠠᠷᠢᠭᠤᠯᠵᠤ᠂ ᠳᠠᠬᠢᠨ ᠲᠠᠪᠤᠨ ᠵᠠᠭᠤᠨ ᠬᠠᠯᠬ᠎ᠠ ᠴᠡᠷᠢᠭ ᠢ᠋ᠶ᠋ᠡᠷ ᠠᠷᠤ ᠲᠠᠯ᠎ᠠ ᠶ᠋ᠢᠨ ᠠᠴᠢᠶ᠎ᠠ ᠬᠥᠰᠬᠡ ᠶ᠋ᠢ ᠨᠢ ᠴᠣᠬᠢᠵᠤ ᠬᠥᠯ ᠠᠯᠳᠠᠭᠤᠯᠤᠨ ᠦᠢᠮᠡᠭᠡᠨ ᠪᠣᠯᠭᠠᠬᠤ ᠭᠡᠪᠡ᠃ ᠭᠡᠲᠡᠯ᠎ᠡ ᠣᠯᠠᠨ ᠵᠠᠰᠠᠭ ᠵᠢᠴᠢ ᠬᠠᠯᠬ᠎ᠠ ᠶ᠋ᠢᠨ ᠴᠡᠷᠢᠭ ᠦ᠋ᠳ ᠣᠢᠷᠠᠳ ᠤ᠋ᠨ ᠠᠷᠤ ᠲᠠᠯ᠎ᠠ ᠶ᠋ᠢ ᠳᠣᠪᠲᠣᠯᠬᠤ ᠭᠡᠳ ᠥᠪᠡᠷ ᠢ᠋ᠶ᠋ᠡᠨ ᠬᠠᠷᠢᠨ ᠦᠢᠮᠡᠯᠳᠦᠵᠦ ᠵᠢᠭᠰᠠᠭᠠᠯ ᠤ᠋ᠨ ᠬᠥᠯ ᠢ᠋ᠶ᠋ᠡᠨ ᠠᠯᠳᠠᠪᠠ᠃ ᠲᠡᠷᠡ ᠬᠢᠷᠢ ᠳ᠋ᠦ᠍ ᠲᠡᠢᠨ ᠳ᠋ᠦ᠍ ᠰᠤᠷᠮᠠᠭᠠᠢ ᠣᠢᠷᠠᠳ ᠴᠡᠷᠢᠭ ᠦ᠋ᠳ ᠬᠡᠳᠦᠢᠨ ᠠᠩᠭᠢ ᠬᠤᠪᠢᠶᠠᠨ ᠬᠣᠶᠠᠷ ᠵᠢᠭᠦᠷ ᠪᠣᠯᠵᠤ ᠬᠠᠭᠠᠷᠠᠭᠠᠳ ᠠᠷᠠᠨᠢ ᠶ᠋ᠢᠨ ᠬᠡᠳᠦᠨ ᠤᠳᠠᠭᠠᠨ ᠤ᠋ ᠳᠠᠭᠠᠷᠢᠯᠲᠠ ᠶ᠋ᠢ ᠴᠣᠬᠢᠨ ᠤᠬᠤᠷᠢᠭᠤᠯᠵᠤ ᠮᠠᠰᠢ ᠣᠯᠠᠨ ᠬᠥᠮᠦᠨ ᠢ᠋ ᠨᠢ ᠠᠯᠠᠵᠤ ᠰᠢᠷᠬᠠᠲᠤᠭᠤᠯᠤᠨ ᠵᠢᠭᠰᠠᠭᠠᠯ ᠤ᠋ᠨ ᠬᠥᠯ ᠢ᠋ ᠨᠢ ᠡᠪᠳᠡᠵᠡᠢ᠃ ᠢᠩᠭᠢᠭᠡᠳ ᠲᠠᠢᠴᠢᠩ ᠤᠯᠤᠰ ᠤ᠋ᠨ ᠴᠡᠷᠢᠭ ᠰᠠᠮᠠᠭᠤᠷᠠᠵᠤ ᠪᠠᠢᠬᠤ ᠬᠣᠭᠣᠷᠣᠨᠳᠣ ᠣᠢᠷᠠᠳ ᠴᠡᠷᠢᠭ ᠠᠭᠤᠯᠠ ᠶ᠋ᠢᠨ ᠭᠠᠳᠠᠭᠤᠷ ᠲᠣᠭᠣᠷᠢᠨ ᠭᠠᠷᠴᠤ ᠵᠡᠭᠦᠨ ᠪᠠᠷᠠᠭᠤᠨ ᠵᠢᠭᠦᠷ ᠡᠴᠡ ᠨᠢ ᠬᠠᠪᠴᠢᠨ ᠴᠣᠬᠢᠬᠤ ᠳ᠋ᠤ᠌ ᠪᠠᠢᠯᠳᠤᠬᠤ ᠵᠣᠷᠢᠭ ᠦᠭᠡᠢ ᠪᠣᠯᠤᠭᠰᠠᠨ ᠠᠷᠠᠨᠢ ᠬᠡᠰᠡᠭ ᠴᠡᠷᠢᠭ ᠢ᠋ᠶ᠋ᠡᠨ ᠳᠠᠭᠠᠭᠤᠯᠤᠨ ᠵᠢᠭᠤᠲᠠᠨ ᠭᠠᠷᠪᠠ᠃ ᠠᠷᠠᠨᠢ ᠪᠣᠯᠤᠨ ᠵᠢᠷᠳ᠋ᠪᠤ ᠬᠣᠶᠠᠭᠤᠯᠠ ᠶ᠋ᠢᠨ ᠣᠷᠬᠣᠢ ᠭᠣᠣᠯ ᠤ᠋ᠨ ᠭᠠᠵᠠᠷ ᠴᠡᠷᠢᠭ ᠦ᠋ᠨ ᠠᠰᠢᠭ ᠠᠯᠳᠠᠭᠰᠠᠨ ᠮᠡᠳᠡᠭᠡ ᠪᠡᠭᠡᠵᠢᠩ ᠳ᠋ᠦ᠍ ᠬᠦᠷᠦᠮᠡᠭᠴᠡ ᠡᠩᠬᠡ ᠠᠮᠤᠭᠤᠯᠠᠩ ᠬᠠᠭᠠᠨ ᠢ᠋ ᠮᠠᠰᠢ ᠠᠭᠤᠷᠯᠠᠭᠤᠯᠵᠠᠢ᠃ ᠬᠣᠶᠠᠷ ᠡᠷᠭᠢᠨ ᠰᠠᠢᠳ ᠵᠠᠷᠯᠢᠭ ᠢ᠋ ᠡᠪᠳᠡᠵᠦ᠂ ᠬᠥᠩᠭᠡᠯᠡᠨ ᠪᠠᠢᠯᠳᠤᠵᠤ ᠢᠯᠠᠭᠳᠠᠭᠰᠠᠨ[75] ᠭᠡᠮᠡᠨ ᠬᠡᠷᠬᠡᠮ ᠢ᠋ ᠬᠠᠰᠤᠵᠤ ᠳᠥᠷᠪᠡᠨ ᠵᠡᠷᠭᠡ ᠪᠠᠭᠤᠷᠠᠭᠤᠯᠪᠠ᠃ ᠲᠡᠭᠡᠭᠡᠳ ᠢᠯᠭᠠᠭᠴᠢ ᠲᠦᠰᠢᠮᠡᠯ ᠮᠠᠨᠫᠢ᠂ ᠲᠤᠰᠠᠯᠠᠭᠴᠢ ᠲᠦᠰᠢᠮᠡᠯ ᠸᠴᠢᠷ ᠢ᠋ ᠵᠠᠷᠤᠵᠤ ᠪᠣᠱᠣᠭᠲᠤ ᠬᠠᠨ ᠳ᠋ᠤ᠌ ᠡᠡᠳᠡᠭᠦᠷᠡᠯ ᠲᠠᠢᠯᠠᠬᠤ ᠠᠵᠢᠯ ᠬᠢᠯᠭᠡᠵᠡᠢ᠃


              ᠳᠥᠷᠪᠡ᠂ ᠤᠯᠠᠭᠠᠨ ᠪᠣᠳᠣᠩ ᠤ᠋ᠨ ᠲᠡᠢᠨ  

       ᠣᠷᠬᠣᠢ ᠭᠣᠣᠯ ᠤ᠋ᠨ ᠲᠡᠢᠨ ᠦ᠌ ᠳᠠᠷᠠᠭ᠎ᠠ᠂ ᠡᠩᠬᠡ ᠠᠮᠤᠭᠤᠯᠠᠩ ᠬᠠᠭᠠᠨ ᠠ᠋ᠴᠠ ᠪᠣᠱᠣᠭᠲᠤ ᠬᠠᠨ ᠳ᠋ᠤ᠌ ᠡᠯᠴᠢ ᠢᠯᠡᠬᠡᠨ ᠤᠷᠠᠨ ᠵᠥᠭᠡᠯᠡᠨ ᠦᠭᠡ ᠪᠡᠷ ᠲᠠᠢᠳᠬᠤᠷᠠᠭᠤᠯᠤᠨ᠂ ᠲᠡᠭᠦᠨ ᠦ᠌ ᠬᠥᠯ ᠢ᠋ ᠲᠣᠭᠲᠠᠭᠠᠵᠤ ᠲᠤᠢᠯᠪᠤᠷᠢᠲᠠᠢ ᠰᠥᠨᠥᠭᠡᠬᠦ ᠪᠡᠷ ᠱᠠᠯᠠᠪᠳᠠᠨ ᠪᠡᠯᠡᠳᠬᠡᠪᠡ᠃   
       ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ᠂ ᠬᠣᠶᠠᠳᠤᠭᠠᠷ ᠠᠬ᠎ᠠ ᠡᠯᠪᠡᠭ ᠴᠢᠨ ᠸᠠᠩ ᠹᠦ ᠴᠢᠦᠸᠠᠨ ᠢ᠋ ᠬᠣᠯᠠᠳᠠᠬᠢᠨ ᠢ᠋ ᠳᠠᠭᠠᠭᠤᠯᠤᠭᠴᠢ ᠶᠡᠬᠡ ᠵᠠᠩᠵᠤᠨ ᠡᠷᠭᠦᠮᠵᠢᠯᠡᠵᠦ᠂ ᠬᠠᠭᠠᠨ ᠤ᠋ ᠬᠥᠪᠡᠭᠦᠨ ᠶᠦᠨ ᠲᠢ ᠶ᠋ᠢ ᠳᠡᠳ᠋ ᠵᠠᠩᠵᠤᠨ ᠪᠣᠯᠭᠠᠵᠤ ᠶᠡᠬᠡ ᠴᠡᠷᠢᠭ ᠳᠠᠢᠴᠢᠯᠠᠭᠤᠯᠤᠨ ᠮᠣᠯᠲᠣᠰᠢ ᠬᠠᠭᠠᠯᠭ᠎ᠠ ᠪᠠᠷ᠂ ᠭᠤᠷᠪᠠᠳᠤᠭᠠᠷ ᠠᠬ᠎ᠠ ᠬᠣᠱᠣᠢ ᠴᠢᠨ ᠸᠠᠩ ᠴᠠᠩ ᠨᠢᠩ ᠢ᠋ ᠤᠮᠠᠷ᠎ᠠ ᠳ᠋ᠠᠬᠢᠨ ᠢ᠋ ᠠᠮᠤᠷᠵᠢᠭᠤᠯᠤᠭᠴᠢ ᠶᠡᠬᠡ ᠵᠠᠩᠵᠤᠨ ᠡᠷᠭᠦᠮᠵᠢᠯᠡᠨ᠂ ᠲᠥᠷᠥ ᠶ᠋ᠢᠨ ᠢᠲᠡᠭᠡᠮᠵᠢᠲᠦ ᠵᠢᠶᠦ᠋ᠨ ᠸᠠᠩ ᠡᠵᠡ ᠶ᠋ᠢ ᠳᠡᠳ᠋ ᠵᠠᠩᠵᠤᠨ ᠢ᠋ᠶ᠋ᠠᠷ ᠲᠣᠮᠢᠯᠠᠵᠤ ᠪᠠᠶᠠᠰᠬᠤᠯᠠᠩ ᠬᠠᠳᠠᠲᠤ ᠬᠠᠭᠠᠯᠭ᠎ᠠ ᠪᠠᠷ ᠲᠤᠰ ᠲᠤᠰ ᠲᠣᠮᠢᠯᠠᠵᠤ᠂ ᠪᠠᠰᠠ ᠳᠣᠲᠣᠭᠠᠳᠤ ᠰᠠᠢᠳ ᠪᠥᠭᠡᠳ ᠤᠯᠤᠰ ᠤ᠋ᠨ ᠨᠠᠭᠠᠴᠤ ᠲᠦᠩ ᠭᠦᠸᠧ ᠭᠠᠩ᠂ ᠲᠦᠩ ᠭᠦᠸᠧ ᠸᠧᠢ᠂ ᠳᠣᠲᠣᠭᠠᠳᠤ ᠰᠠᠢᠳ ᠰᠦᠬᠡᠲᠦ᠂ ᠮᠢᠩ ᠵᠣ᠌᠂ ᠠᠮᠢᠲᠠᠨ᠂ ᠬᠣᠰᠢᠭᠤ ᠶ᠋ᠢ ᠵᠠᠬᠢᠷᠤᠭᠴᠢ ᠰᠠᠢᠳ ᠰᠥᠨᠥ᠂ ᠯᠠᠭᠲᠠ᠂ ᠫᠧᠩ ᠴᠦᠨ᠂ ᠠᠰᠢᠳᠠ ᠨᠠᠷ ᠢ᠋ᠶ᠋ᠠᠷ ᠴᠡᠷᠢᠭ ᠦ᠋ᠨ ᠶᠠᠪᠤᠳᠠᠯ ᠤ᠋ᠨ ᠬᠤᠤᠪᠢ ᠶ᠋ᠢᠨ ᠰᠠᠢᠳ ᠪᠣᠯᠭᠠᠵᠤ ᠮᠣᠷᠳᠠᠭᠤᠯᠬᠤ ᠪᠠᠷ ᠪᠣᠯᠵᠠᠢ᠃  
       ᠲᠡᠢᠨ ᠳ᠋ᠦ᠍ ᠮᠣᠷᠳᠠᠬᠤ ᠶᠡᠬᠡ ᠴᠡᠷᠢᠭ ᠢ᠋ ᠨᠡᠢᠰᠯᠡᠯ ᠬᠣᠲᠠ ᠪᠠ ᠭᠠᠵᠠᠷ ᠤ᠋ᠨ ᠰᠢᠯᠢᠳᠡᠭ ᠴᠡᠷᠢᠭ ᠡᠴᠡ ᠰᠢᠯᠭᠠᠨ ᠰᠣᠩᠭᠣᠵᠠᠢ᠃ ᠡᠭᠦᠨ ᠳ᠋ᠦ᠍ ᠨᠡᠢᠰᠯᠡᠯ ᠬᠣᠲᠠ ᠶ᠋ᠢᠨ ᠭᠠᠪᠰᠢᠭᠠᠢ ᠴᠡᠷᠢᠭ᠂ ᠵᠢᠷᠠᠳ ᠤ᠋ᠨ ᠴᠡᠷᠢᠭ᠂ ᠳᠠᠭᠠᠭᠠᠭᠰᠠᠨ ᠴᠡᠷᠢᠭ ᠦ᠋ᠨ ᠠᠩᠭᠢ᠂ ᡁᠢ ᠯᠢ ᠮᠣᠵᠢ ᠶ᠋ᠢᠨ ᠴᠠᠭᠳᠠᠨ ᠳᠠᠭᠠᠭᠤᠯᠤᠭᠴᠢ᠂ ᠲᠢᠶᠠᠨᠵᠢᠨ᠂ ᠰᠠᠨ ᠲᠦᠨ ᠶᠢᠩ ᠦ᠋ᠨ ᠭᠠᠯᠲᠤ ᠵᠡᠪᠰᠡᠭ ᠦ᠋ᠨ ᠬᠣᠷᠢᠶ᠎ᠠ᠂ ᠰᠢᠦᠸᠠᠨ ᠬᠤᠸᠠ ᠹᠦ ᠶ᠋ᠢᠨ ᠳᠠᠷᠤᠩᠭᠤᠢ ᠴᠡᠷᠢᠭ᠂ ᠪᠠᠮᠪᠠᠢᠲᠤ ᠴᠡᠷᠢᠭ᠂ ᠮᠦᠭᠳᠡᠨ᠂ ᠬᠢᠷᠢᠨ᠂ ᠤᠯᠠ᠂ ᠬᠣᠷᠴᠢᠨ ᠤ᠋ ᠴᠡᠷᠢᠭ ᠣᠷᠣᠯᠴᠠᠵᠤ᠂ ᠨᠡᠢᠲᠡ ᠠᠷᠪᠠᠨ ᠲᠦᠮᠡᠨ ᠶᠡᠬᠡ ᠴᠡᠷᠢᠭ ᠢ᠋ ᠪᠠᠭᠠᠷᠢᠨ ᠤ᠋ ᠬᠢᠯᠢ ᠳ᠋ᠦ᠍ ᠲᠥᠪᠯᠡᠷᠡᠭᠦᠯᠬᠦ ᠪᠡᠷ ᠪᠣᠯᠪᠠ᠃ ᠪᠢᠯᠢᠭ ᠦ᠋ᠨ ᠤᠯᠠᠷᠢᠯ ᠤ᠋ᠨ ᠳᠣᠯᠣᠳᠤᠭᠠᠷ ᠰᠠᠷ᠎ᠠ ᠶ᠋ᠢᠨ ᠨᠢᠭᠡᠨ ᠡᠴᠡ ᠭᠤᠷᠪᠠᠨ ᠤ᠋ ᠡᠳᠦᠷ ᠪᠣᠯᠲᠠᠯ᠎ᠠ᠂ ᠶᠡᠬᠡ ᠴᠡᠷᠢᠭ ᠨᠡᠢᠰᠯᠡᠯ ᠡᠴᠡ ᠮᠣᠷᠳᠠᠨ ᠭᠠᠷᠴᠤ᠂ ᠡᠩᠬᠡ ᠠᠮᠤᠭᠤᠯᠠᠩ ᠬᠠᠭᠠᠨ ᠥᠪᠡᠷ ᠦ᠋ᠨ ᠪᠡᠶ᠎ᠡ ᠪᠡᠷ ᠵᠢᠯᠣᠭᠣᠳᠴᠠᠢ᠃ 
       ᠣᠷᠬᠣᠢ ᠭᠣᠣᠯ ᠤ᠋ᠨ ᠲᠡᠢᠨ ᠦ᠌ ᠳᠠᠷᠠᠭ᠎ᠠ᠂ ᠪᠣᠱᠣᠭᠲᠤ ᠬᠠᠨ ᠳᠠᠢᠴᠢᠩ ᠤᠯᠤᠰ ᠤ᠋ᠨ ᠴᠡᠷᠢᠭ ᠦ᠋ᠨ ᠭᠡᠨᠡᠳᠡᠭᠦᠯᠬᠦ ᠡᠴᠡ ᠬᠢᠴᠢᠶᠡᠵᠦ᠂ ᠲᠡᠢᠨ ᠦ᠌ ᠲᠠᠯᠠᠪᠤᠷ ᠠ᠋ᠴᠠ ᠪᠠᠷᠠᠭᠤᠨ ᠬᠣᠢᠰᠢ ᠲᠠᠪᠤᠨ ᠡᠳᠦᠷ ᠦ᠋ᠨ ᠠᠯᠤᠰ ᠵᠠᠢᠳᠠᠨ᠂ ᠡᠷᠢᠶᠡᠯᠡᠩ ᠭᠡᠳᠡᠭ ᠭᠠᠵᠠᠷ ᠲᠤ᠌ ᠴᠡᠷᠢᠭ ᠮᠣᠷᠢ ᠪᠠᠨ ᠲᠡᠭᠰᠢᠯᠡᠵᠦ ᠬᠡᠳᠦᠨ ᠡᠳᠦᠷ ᠠᠮᠠᠷᠠᠵᠠᠢ᠃ ᠪᠣᠱᠣᠭᠲᠤ ᠬᠠᠨ ᠵᠢᠴᠢ ᠲᠡᠭᠦᠨ ᠦ᠌ ᠳᠣᠣᠷᠠᠬᠢ ᠣᠯᠠᠨ ᠲᠦᠰᠢᠮᠡᠯ ᠵᠠᠢᠰᠠᠩ ᠤ᠋ᠳ ᠴᠥᠮ ᠳᠠᠢᠴᠢᠩ ᠤᠯᠤᠰ ᠤ᠋ᠨ ᠬᠠᠷᠠᠭᠤᠯ ᠤ᠋ᠨ ᠭᠠᠵᠠᠷ ᠠ᠋ᠴᠠ ᠵᠠᠢᠯᠠᠨ ᠬᠣᠯᠠ ᠤᠬᠤᠷᠢᠬᠤ ᠰᠠᠨᠠᠭ᠎ᠠ ᠲᠠᠢ ᠪᠠᠢᠪᠠ᠃ ᠭᠡᠲᠡᠯ᠎ᠡ ᠵᠢᠷᠦᠩ ᠬᠤᠲᠤᠭᠲᠤ ᠪᠣᠯᠤᠨ ᠢᠯᠠᠭᠤᠭᠰᠠᠨ ᠬᠤᠲᠤᠭᠲᠤ ᠬᠣᠶᠠᠭᠤᠯᠠ ᠳᠠᠯᠠᠢ ᠯᠠᠮᠠ ᠶ᠋ᠢᠨ ᠵᠠᠷᠯᠢᠭ ᠵᠢᠭᠠᠪᠤᠷᠢ ᠠ᠋ᠴᠠ ᠵᠥᠷᠢᠴᠡᠵᠦ ᠦᠯᠦ ᠪᠣᠯᠬᠤ ᠲᠤᠯᠠ᠂ ᠪᠣᠱᠣᠭᠲᠤ ᠬᠠᠨ ᠠᠷᠭ᠎ᠠ ᠪᠤᠰᠤ ᠵᠢᠷᠦᠩ ᠬᠤᠲᠤᠭᠲᠤ ᠶ᠋ᠢᠨ ᠦᠭᠡ ᠶ᠋ᠢ ᠳᠠᠭᠠᠵᠠᠢ᠃ ᠳᠣᠯᠣᠳᠤᠭᠠᠷ ᠰᠠᠷ᠎ᠠ ᠶ᠋ᠢᠨ ᠡᠬᠢᠨ ᠳ᠋ᠦ᠍᠂ ᠪᠣᠱᠣᠭᠲᠤ ᠬᠠᠨ ᠬᠦᠷᠢᠶ᠎ᠡ ᠪᠡᠨ ᠬᠣᠷᠢᠶᠠᠨ ᠦᠵᠦᠮᠦᠴᠢᠨ ᠬᠤᠰᠢᠭᠤᠨ ᠤ᠋ ᠴᠠᠷᠠᠰᠤ ᠪᠤᠯᠠᠭ ᠢ᠋ᠶ᠋ᠠᠷ ᠥᠩᠭᠡᠷᠡᠨ ᠳᠣᠯᠣᠳᠤᠭᠠᠷ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ ᠦᠵᠦᠮᠦᠴᠢᠨ ᠦ᠌ ᠭᠣᠷᠣᠬᠠᠨ ᠭᠣᠣᠯ ᠤ᠋ᠨ ᠳᠡᠭᠡᠳᠦ ᠤᠷᠤᠰᠬᠠᠯ ᠳ᠋ᠤ᠌ ᠢᠷᠡᠵᠦ ᠪᠠᠭᠤᠪᠠ᠃ ᠡᠨᠳᠡ ᠡᠴᠡ ᠳᠣᠲᠣᠭᠠᠳᠤ ᠰᠠᠢᠳ ᠠᠮᠢᠲᠠᠨ ᠤ᠋ ᠴᠡᠷᠢᠭ ᠦᠵᠦᠮᠦᠴᠢᠨ ᠪᠠᠷᠠᠭᠤᠨ ᠬᠤᠰᠢᠭᠤᠨ ᠤ᠋ ᠬᠢᠯᠢ ᠳ᠋ᠦ᠍ ᠪᠠᠭᠤᠭᠰᠠᠨ ᠢ᠋ ᠮᠡᠳᠡᠭᠡᠳ ᠬᠡᠯᠡᠯᠴᠡᠭᠡᠷ ᠬᠢᠬᠦ ᠶ᠋ᠢ ᠪᠠᠷᠢᠮᠲᠠᠯᠠᠭᠰᠠᠨ ᠬᠣᠶᠠᠷ ᠬᠤᠲᠤᠭᠲᠤ ᠡᠭᠦᠨ ᠢ᠋ ᠰᠠᠢᠨ ᠲᠣᠬᠢᠶᠠᠯ ᠭᠡᠮᠡᠨ ᠦᠵᠡᠵᠡᠢ᠃ ᠳᠣᠯᠣᠳᠤᠭᠠᠷ ᠰᠠᠷ᠎ᠠ ᠶ᠋ᠢᠨ ᠠᠷᠪᠠᠨ ᠲᠠᠪᠤᠨ ᠤ᠋ ᠡᠳᠦᠷ᠂ ᠵᠢᠷᠦᠩ ᠬᠤᠲᠤᠭᠲᠤ ᠶ᠋ᠢᠨ ᠡᠯᠴᠢ ᠷᠠᠪᠴᠢᠮᠪᠠ ᠯᠠᠮᠠ᠂ ᠢᠯᠠᠭᠤᠭᠰᠠᠨ ᠬᠤᠲᠤᠭᠲᠤ ᠶ᠋ᠢᠨ ᠡᠯᠴᠢ ᠨᠢᠷᠦᠩ ᠭᠡᠯᠦᠩ ᠬᠣᠶᠠᠭᠤᠯᠠ ᠵᠠᠷᠯᠢᠭ ᠢ᠋ᠶ᠋ᠠᠷ ᠳᠣᠲᠣᠭᠠᠳᠤ ᠰᠠᠢᠳ ᠠᠮᠢᠲᠠᠨ ᠤ᠋ ᠴᠡᠷᠢᠭ ᠦ᠋ᠨ ᠬᠦᠷᠢᠶ᠎ᠡ ᠳ᠋ᠦ᠍᠂ ᠢᠷᠡᠵᠦ᠂ ᠪᠣᠱᠣᠭᠲᠤ ᠬᠠᠨ ᠤ᠋ ᠦᠭᠡ ᠶ᠋ᠢ ᠤᠯᠠᠮᠵᠢᠯᠠᠨ᠄《ᠡᠳᠦᠭᠡ ᠰᠣᠨᠣᠰᠪᠠᠰᠤ ᠬᠢᠶ᠎ᠡ ᠠᠨᠠᠨᠳᠠ ᠶ᠋ᠢᠨ ᠳᠠᠢᠴᠢᠯᠠᠭᠰᠠᠨ ᠴᠡᠷᠢᠭ ᠪᠠ ᠣᠯᠠᠨ ᠵᠠᠮ ᠤ᠋ᠨ ᠴᠡᠷᠢᠭ ᠡᠭᠦᠯᠡ ᠮᠡᠲᠦ ᠬᠤᠷᠠᠨ ᠴᠤᠭᠯᠠᠮᠤᠢ᠃ ᠪᠠᠰᠠ ᠰᠣᠨᠣᠰᠪᠠᠰᠤ ᠳᠣᠲᠣᠭᠠᠳᠤ ᠰᠠᠢᠳ ᠢᠷᠡᠭᠰᠡᠨ ᠪᠥᠭᠡᠳ ᠲᠦᠰᠢᠶᠡᠲᠦ ᠬᠠᠨ ᠤ᠋ ᠬᠥᠪᠡᠭᠦᠨ ᠭᠠᠯᠳᠠᠨᠳᠣᠷᠵᠢ ᠪᠠᠰᠠ ᠴᠡᠷᠢᠭ ᠲᠦ᠍ ᠪᠣᠢ ᠭᠡᠳᠡᠭ᠃ ᠬᠤᠯᠤᠭᠠᠨ᠎ᠠ ᠶ᠋ᠢᠨ ᠰᠡᠭᠦᠯ ᠢ᠋ ᠪᠠᠷᠢᠬᠤ ᠳ᠋ᠤ᠌ ᠪᠠᠰᠠ ᠬᠤᠷᠤᠭᠤ ᠶ᠋ᠢ ᠬᠠᠵᠠᠬᠤ ᠶᠤᠮ᠃ ᠡᠳᠦᠭᠡ ᠬᠡᠳᠦᠢᠪᠡᠷ ᠠᠷᠪᠠᠨ ᠲᠦᠮᠡᠨ ᠦ᠌ ᠣᠯᠠᠨ ᠢᠷᠡᠭᠰᠡᠨ ᠪᠣᠯᠪᠠᠴᠤ ᠠᠶᠤᠬᠤ ᠭᠠᠵᠠᠷ ᠦᠭᠡᠢ》[76] ᠭᠡᠪᠡ᠂ ᠡᠭᠦᠨ ᠳ᠋ᠦ᠍ ᠳᠣᠲᠣᠭᠠᠳᠤ ᠰᠠᠢᠳ ᠠᠮᠢᠲᠠᠨ᠄《ᠪᠢᠳᠡ ᠵᠠᠷᠯᠢᠭ ᠢ᠋ᠶ᠋ᠠᠷ ᠢᠷᠡᠵᠦ ᠬᠢᠵᠠᠭᠠᠷ ᠢ᠋ ᠰᠡᠷᠭᠡᠢᠯᠡᠬᠦ ᠭᠡᠰᠡᠨ ᠶᠦᠮ᠃ ᠳᠡᠭᠡᠳᠦ ᠬᠠᠭᠠᠨ ᠠ᠋ᠴᠠ ᠣᠢᠷᠠᠳ ᠲᠠᠢ ᠪᠢᠲᠡᠭᠡᠢ ᠪᠠᠢᠯᠳᠤ ᠬᠡᠮᠡᠭᠰᠡᠨ ᠲᠤᠯᠠ᠂ ᠠᠶᠤᠮᠰᠢᠭ ᠦᠭᠡᠢ ᠶᠠᠭᠤᠨ ᠳ᠋ᠤ᠌ ᠵᠠᠷᠯᠢᠭ ᠠ᠋ᠴᠠ ᠵᠥᠷᠢᠴᠡᠮᠦᠢ》 ᠭᠡᠵᠦ ᠡᠩᠬᠡ ᠠᠮᠤᠭᠤᠯᠠᠩ ᠤ᠋ᠨ ᠵᠠᠬᠢᠭᠰᠠᠨ ᠶᠣᠰᠣᠭᠠᠷ ᠬᠠᠷᠢᠭᠤᠯᠵᠠᠢ᠃ ᠬᠣᠶᠠᠷ ᠯᠠᠮᠠ ᠪᠠᠰᠠ᠄《ᠬᠣᠶᠠᠷ ᠬᠤᠲᠤᠭᠲᠤ ᠪᠣᠯᠤᠨ ᠱᠠᠩᠨᠠᠭᠳᠣᠷᠵᠢ ᠢᠷᠡᠭᠡᠳ ᠬᠡᠷᠡᠭ ᠤᠴᠢᠷ ᠢ᠋ ᠨᠢᠭᠡᠨᠲᠡ ᠬᠡᠯᠡᠯᠴᠡᠵᠦ ᠲᠣᠭᠲᠠᠪᠠ᠃ ᠲᠡᠳᠡᠨ ᠢ᠋ ᠪᠤᠴᠠᠭᠠᠵᠤ ᠠᠢᠯᠠᠳᠬᠠᠰᠤᠭᠠᠢ ᠭᠡᠵᠦ ᠪᠠᠢᠲᠠᠯ᠎ᠠ᠂ ᠬᠣᠶᠠᠷ ᠡᠷᠭᠢᠨ ᠰᠠᠢᠳ ᠢᠷᠡᠭᠡᠳ ᠭᠡᠨᠡᠳᠲᠡ ᠪᠡᠷ ᠳᠠᠢᠯᠠᠵᠤ᠂ ᠮᠢᠨᠦ ᠠᠬ᠎ᠠ ᠶ᠋ᠢᠨ ᠥᠬᠢᠳ ᠬᠡᠦᠬᠡᠳ ᠢ᠋ ᠠᠯᠠᠪᠠ᠃ ᠲᠠᠨ ᠤ᠋ ᠪᠠᠢᠯᠳᠤᠬᠤ ᠦᠭᠡᠢ ᠭᠡᠰᠡᠨ ᠨᠢ ᠡᠢᠮᠦ ᠶᠦᠮ ᠤᠤ》 ᠭᠡᠪᠡ᠃ ᠡᠭᠦᠨ ᠳ᠋ᠦ᠍ ᠠᠮᠢᠲᠠᠨ᠄《ᠡᠳᠦᠭᠡ ᠪᠣᠭᠳᠠ ᠬᠠᠭᠠᠨ ᠣᠨᠴᠣᠭᠣᠢᠯᠠᠨ ᠬᠠᠭᠠᠨ ᠤ᠋ ᠠᠬ᠎ᠠ᠂ ᠬᠠᠭᠠᠨ ᠤ᠋ ᠬᠥᠪᠡᠭᠦᠨ ᠢ᠋ ᠢᠯᠡᠭᠡᠵᠦ᠂ ᠪᠣᠱᠣᠭᠲᠤ ᠬᠠᠨ ᠲᠠᠢ ᠬᠡᠯᠡᠯᠴᠡᠨ ᠲᠣᠭᠲᠠᠰᠤᠭᠠᠢ ᠭᠡᠵᠦ ᠪᠣᠢ᠃ ᠲᠡᠭᠡᠪᠡᠰᠦ ᠪᠢᠳᠡ ᠳᠠᠷᠤᠢ ᠳᠣᠲᠣᠭᠰᠢ ᠪᠤᠴᠠᠮᠤᠢ》[77] ᠭᠡᠪᠡ᠃  ᠡᠨᠡ ᠬᠣᠭᠣᠷᠣᠨᠳᠣ ᠪᠣᠱᠣᠭᠲᠤ ᠬᠠᠨ ᠲᠠᠢ ᠬᠡᠯᠡᠯᠴᠡᠭᠡᠷ ᠬᠢᠬᠦ ᠳᠦᠷᠢ ᠦᠵᠡᠭᠦᠯᠦᠨ᠂ ᠠᠮᠢᠲᠠᠨ ᠠ᠋ᠴᠠ ᠢᠯᠭᠠᠭᠴᠢ ᠲᠦᠰᠢᠮᠡᠯ ᠬᠠᠷᠵᠢᠪᠤ᠂ ᠪᠠᠲᠤ ᠨᠠᠷ ᠢ᠋ ᠡᠯᠴᠢ ᠶ᠋ᠢᠨ ᠬᠠᠮᠲᠤ ᠪᠣᠱᠣᠭᠲᠤ ᠬᠠᠨ ᠤ᠋ ᠲᠡᠨᠳᠡ ᠵᠠᠷᠤᠵᠠᠢ᠃ ᠢᠩᠭᠢᠵᠦ ᠬᠡᠳᠦᠨᠲᠡ ᠶᠠᠪᠤᠯᠴᠠᠭᠰᠠᠨ ᠤ᠋ ᠳᠠᠷᠠᠭ᠎ᠠ᠂ ᠵᠢᠷᠦᠩ ᠬᠤᠲᠤᠭᠲᠤ ᠤᠯᠠᠮ ᠢ᠋ᠶ᠋ᠠᠷ ᠪᠣᠱᠣᠭᠲᠤ ᠬᠠᠨ ᠢ᠋ ᠰᠢᠬᠠᠮᠳᠠᠭᠤᠯᠤᠨ ᠤᠷᠤᠭᠰᠢ ᠣᠷᠣᠬᠤ ᠭᠡᠮ ᠦᠭᠡᠢ ᠭᠡᠪᠡ᠃  
       ᠲᠡᠷᠡ ᠦᠶ᠎ᠡ ᠳ᠋ᠦ᠍ ᠪᠣᠱᠣᠭᠲᠤ ᠬᠠᠨ ᠢᠯᠠᠬᠤᠢ ᠭᠣᠣᠯ ᠢ᠋ ᠴᠢᠭᠯᠡᠨ ᠬᠡᠰᠡᠭ ᠠᠶᠠᠯᠠᠭᠠᠳ ᠳᠠᠬᠢᠨ ᠮᠤᠷᠤᠢᠵᠤ᠂ ᠳᠣᠯᠣᠳᠤᠭᠠᠷ ᠰᠠᠷ᠎ᠠ ᠶ᠋ᠢᠨ ᠬᠣᠷᠢᠨ ᠲᠠᠪᠤᠨ ᠤ᠋ ᠡᠳᠦᠷ ᠦᠵᠦᠮᠦᠴᠢᠨ ᠦ᠌ ᠰᠢᠷ᠎ᠠ ᠰᠢᠪᠠᠷ ᠲᠠᠢ ᠶ᠋ᠢᠨ ᠭᠣᠷᠤᠭᠲᠦ ᠳ᠋ᠦ᠍ ᠴᠡᠷᠢᠭ ᠪᠠᠭᠤᠵᠠᠢ᠃ ᠳᠠᠬᠢᠨ ᠣᠣ ᠪᠤᠯᠠᠭ᠂ ᠪᠦᠷᠢᠳᠦ ᠪᠡᠷ ᠳᠠᠭᠠᠷᠢᠨ ᠬᠢᠩᠭᠠᠨ ᠢ᠋ ᠳᠠᠪᠠᠭᠠᠳ᠂ ᠳᠣᠯᠣᠳᠤᠭᠠᠷ ᠰᠠᠷ᠎ᠠ ᠶ᠋ᠢᠨ ᠬᠣᠷᠢᠨ ᠲᠠᠪᠤᠨ ᠤ᠋ ᠡᠳᠦᠷ ᠬᠡᠰᠢᠭᠲᠡᠨ ᠦ᠌ ᠪᠢᠯᠠᠭᠤ ᠳ᠋ᠤ᠌ ᠢᠷᠡᠵᠦ ᠪᠠᠭᠤᠪᠠ᠃ 
       ᠡᠨᠡᠬᠦ ᠪᠠᠢᠳᠠᠯ ᠢ᠋ ᠡᠩᠬᠡ ᠠᠮᠤᠭᠤᠯᠠᠩ ᠬᠠᠭᠠᠨ ᠮᠡᠳᠡᠭᠡᠳ᠂ ᠤᠤᠯ ᠤ᠋ᠨ ᠪᠠᠭᠠᠷᠢᠨ ᠤ᠋ ᠬᠢᠯᠢ ᠳ᠋ᠦ᠍ ᠲᠥᠪᠯᠡᠷᠡᠭᠲᠦᠨ ᠭᠡᠰᠡᠨ ᠵᠠᠷᠯᠢᠭ ᠢ᠋ᠶ᠋ᠠᠨ ᠥᠭᠡᠷᠡᠴᠢᠯᠡᠨ᠂ ᠣᠯᠠᠨ ᠵᠠᠮ ᠤ᠋ᠨ ᠴᠡᠷᠢᠭ ᠢ᠋ ᠬᠡᠰᠢᠭᠲᠡᠨ ᠦ᠌ ᠬᠢᠯᠢ ᠳ᠋ᠦ᠍ ᠲᠥᠪᠯᠡᠷᠡᠭᠲᠦᠨ ᠭᠡᠵᠡᠢ᠃ ᠳᠣᠯᠣᠳᠤᠭᠠᠷ ᠰᠠᠷ᠎ᠠ ᠶ᠋ᠢᠨ ᠬᠣᠷᠢᠨ ᠤ᠋ ᠦᠶ᠎ᠡ ᠪᠡᠷ ᠬᠣᠯᠠᠳᠠᠬᠢᠨ ᠢ᠋ ᠳᠠᠭᠠᠭᠤᠯᠤᠭᠴᠢ ᠬᠤᠱ᠌ᠢ ᠡᠯᠪᠡᠭ ᠴᠢᠨ ᠸᠠᠩ ᠹᠦ ᠴᠢᠦᠸᠠᠨ ᠤ᠋ ᠳᠠᠢᠴᠢᠯᠠᠭᠰᠠᠨ ᠨᠡᠢᠰᠯᠡᠯ ᠦ᠋ᠨ ᠴᠡᠷᠢᠭ ᠪᠠ ᠡᠯ᠎ᠡ ᠵᠠᠰᠠᠭ ᠤ᠋ᠨ ᠴᠡᠷᠢᠭ ᠦ᠋ᠳ ᠤᠷᠢᠳ ᠬᠣᠵᠢᠳ ᠢ᠋ᠶ᠋ᠠᠷ ᠬᠡᠰᠢᠭᠲᠡᠨ ᠦ᠌ ᠬᠢᠯᠢ ᠳ᠋ᠡᠬᠢ ᠲᠦᠷᠭᠡᠨ ᠢᠵᠢᠷ ᠲᠦ᠍ ᠬᠦᠷᠴᠦ ᠢᠷᠡᠪᠡ᠃ ᠲᠦᠷᠭᠡᠨ ᠢᠵᠢᠷ ᠨᠢ ᠳᠠᠢᠴᠢᠩ ᠤᠯᠤᠰ ᠤ᠋ᠨ ᠬᠠᠭᠠᠨ ᠤ᠋ ᠠᠪᠠ ᠬᠠᠮᠤᠷᠤᠭ᠎ᠠ ᠶ᠋ᠢᠨ ᠭᠠᠵᠠᠷ ᠪᠠᠢᠭᠰᠠᠨ ᠶᠤᠮ᠃ ᠬᠤᠷᠠᠵᠤ ᠢᠷᠡᠭᠰᠡᠨ ᠣᠯᠠᠨ ᠵᠠᠮ ᠤ᠋ᠨ ᠴᠡᠷᠢᠭ ᠲᠦᠷᠭᠡᠨ ᠭᠣᠣᠯ ᠤ᠋ᠨ ᠭᠠᠵᠠᠷ ᠲᠤ᠌ ᠳᠥᠴᠢᠨ ᠶᠡᠬᠡ ᠬᠦᠷᠢᠶ᠎ᠡ ᠪᠠᠭᠤᠵᠤ᠂  ᠵᠢᠷᠠ ᠭᠠᠷᠤᠢ ᠭᠠᠵᠠᠷ ᠦᠷᠭᠦᠯᠵᠢᠯᠡᠵᠡᠢ[78]᠃ ᠬᠡᠯᠡᠯᠴᠡᠭᠡᠷ ᠬᠢᠬᠦ ᠭᠡᠮᠡᠨ ᠶᠠᠭᠠᠷᠠᠵᠤ ᠪᠠᠢᠭᠰᠠᠨ ᠵᠢᠷᠦᠩ  ᠬᠤᠲᠤᠭᠲᠤ ᠲᠡᠷᠡ ᠳᠠᠷᠤᠢ ᠳ᠋ᠤᠨᠢ ᠬᠥᠯᠭᠡ ᠯᠠᠮᠠ ᠶ᠋ᠢ ᠪᠣᠱᠣᠭᠲᠤ ᠬᠠᠨ ᠤ᠋ ᠡᠯᠴᠢ ᠬᠠᠳᠠᠨ ᠬᠣᠰᠢᠭᠤᠴᠢ ᠶ᠋ᠢᠨ ᠬᠠᠮᠲᠤ ᠡᠯᠪᠡᠭ ᠴᠢᠨ ᠸᠠᠩ ᠤ᠋ᠨ ᠴᠡᠷᠢᠭ ᠦ᠋ᠨ ᠬᠦᠷᠢᠶᠡᠨ ᠳ᠋ᠦ᠍ ᠢᠯᠡᠭᠡᠪᠡ᠃ ᠡᠯᠪᠡᠭ ᠴᠢᠨ ᠸᠠᠩ ᠲᠡᠳᠡᠨ ᠢ᠋ ᠪᠤᠴᠠᠬᠤ ᠳ᠋ᠤ᠌ ᠲᠤᠰᠠᠯᠠᠭᠴᠢ ᠲᠦᠰᠢᠮᠡᠯ ᠳᠠᠯᠠᠢ ᠳ᠋ᠤ᠌ ᠪᠢᠴᠢᠭ ᠠᠬᠤᠭᠤᠯᠤᠨ ᠪᠣᠱᠣᠭᠲᠤ ᠬᠠᠨ ᠳ᠋ᠤ᠌ ᠬᠥᠷᠭᠡᠭᠦᠯᠵᠠᠢ᠃ ᠲᠡᠷᠡ ᠪᠢᠴᠢᠭ ᠲᠦ᠍᠂ ᠶᠠᠮᠠᠷ ᠭᠠᠵᠠᠷ ᠲᠤ᠌ ᠬᠡᠯᠡᠯᠴᠡᠭᠡᠷ ᠬᠢᠬᠦ ᠭᠡᠳᠡᠭ ᠢ᠋ᠶ᠋ᠡᠨ ᠤᠷᠢᠳᠠᠪᠡᠷ ᠲᠣᠭᠲᠠᠭᠠᠪᠠᠯ ᠰᠠᠢᠨ ᠭᠡᠪᠡ[79]᠃ ᠳᠠᠷᠠᠭ᠎ᠠ ᠳ᠋ᠤᠨᠢ ᠡᠯᠪᠡᠭ ᠴᠢᠨ ᠸᠠᠩ ᠠ᠋ᠴᠠ ᠣᠷᠣᠯᠠᠨ ᠬᠦᠷᠭᠡᠭᠴᠢ ᠬᠡᠰᠢᠭᠲᠦ ᠶ᠋ᠢ ᠵᠠᠷᠤᠵᠤ᠂ ᠪᠣᠱᠣᠭᠲᠤ ᠬᠠᠨ ᠢ᠋ ᠤᠯᠠᠭᠠᠨ ᠪᠣᠳᠣᠩ ᠤ᠋ᠨ  ᠠᠭᠤᠯᠠᠨ ᠳ᠋ᠤ᠌ ᠢᠷᠡᠬᠦ ᠶ᠋ᠢ ᠬᠦᠰᠡᠵᠡᠢ[80]᠃  
       ᠪᠣᠱᠣᠭᠲᠤ ᠬᠠᠨ ᠶᠡᠬᠡ ᠴᠡᠷᠢᠭ ᠢ᠋ᠶ᠋ᠡᠨ ᠳᠠᠢᠴᠢᠯᠠᠨ ᠰᠢᠷᠬ᠎ᠠ ᠶ᠋ᠢᠨ ᠭᠣᠣᠯ ᠢ᠋ ᠳᠠᠭᠠᠵᠤ ᠳᠣᠯᠣᠳᠤᠭᠠᠷ ᠰᠠᠷ᠎ᠠ ᠶ᠋ᠢᠨ ᠬᠣᠷᠢ ᠶᠢᠰᠦᠨ ᠦ᠌ ᠡᠳᠦᠷ ᠤᠯᠠᠭᠠᠨ ᠪᠣᠳᠣᠩ ᠤ᠋ᠨ ᠠᠭᠤᠯᠠᠨ ᠳ᠋ᠤ᠌ ᠬᠦᠷᠴᠦ ᠢᠷᠡᠪᠡ᠃ ᠡᠨᠡᠬᠦ ᠠᠭᠤᠯᠠ ᠶ᠋ᠢᠨ ᠴᠢᠯᠠᠭᠤ ᠨᠢ ᠤᠯᠠᠭᠠᠪᠲᠤᠷ ᠥᠩᠭᠡ ᠲᠡᠢ ᠪᠥᠭᠡᠳ ᠣᠢ ᠮᠣᠳᠣ ᠪᠠᠷ ᠪᠦᠷᠬᠦᠭᠳᠡᠵᠦ᠂ ᠬᠣᠯᠠ ᠠ᠋ᠴᠠ ᠬᠠᠷᠠᠬᠤ ᠳ᠋ᠤ᠌ ᠪᠦᠬᠦᠢᠯᠡ ᠠᠭᠤᠯᠠ ᠨᠢ ᠪᠣᠳᠣᠩ ᠤ᠋ᠨ ᠬᠡᠯᠪᠡᠷᠢ ᠲᠡᠢ ᠪᠣᠯᠬᠣᠷ ᠤᠯᠠᠭᠠᠨ ᠪᠣᠳᠣᠩ ᠤ᠋ᠨ ᠠᠭᠤᠯᠠ ᠭᠡᠵᠦ ᠨᠡᠷᠡᠢᠳᠦᠭᠳᠡᠵᠠᠢ᠃  
       ᠪᠣᠱᠣᠭᠲᠤ ᠬᠠᠨ ᠤᠯᠠᠭᠠᠨ ᠪᠣᠳᠣᠩ ᠤ᠋ᠨ ᠠᠭᠤᠯᠠᠨ ᠳ᠋ᠤ᠌ ᠬᠡᠯᠡᠯᠴᠡᠭᠡᠷ ᠬᠢᠬᠦ ᠪᠡᠷ ᠢᠷᠡᠭᠰᠡᠨ ᠪᠣᠯᠪᠠᠴᠤ ᠰᠡᠷᠡᠮᠵᠢ ᠪᠡᠨ ᠠᠯᠳᠠᠭᠰᠠᠨ ᠦᠭᠡᠢ᠂ ᠠᠴᠢᠶ᠎ᠠ ᠬᠥᠰᠬᠡ ᠳ᠋ᠦ᠍ ᠬᠡᠷᠡᠭᠯᠡᠵᠦ ᠪᠠᠢᠭᠰᠠᠨ ᠲᠦᠮᠡ ᠢᠯᠡᠭᠦᠦ ᠲᠡᠮᠡᠭᠡ ᠪᠡᠨ ᠠᠭᠤᠯᠠ ᠲᠣᠭᠣᠷᠢᠭᠤᠯᠤᠨ ᠬᠡᠪᠲᠡᠭᠦᠯᠵᠦ[80] ᠤᠰᠤᠨ ᠳ᠋ᠤ᠌ ᠳᠡᠪᠲᠦᠭᠡᠭᠰᠡᠨ ᠢᠰᠡᠭᠡᠢ ᠪᠡᠨ ᠲᠡᠮᠡᠭᠡᠨ ᠠᠴᠢᠶᠠᠨ ᠳᠡᠭᠡᠷ᠎ᠡ ᠪᠦᠷᠬᠦᠵᠡᠢ᠃ ᠡᠨᠡ ᠮᠡᠲᠦ ᠠᠭᠤᠯᠠ ᠶ᠋ᠢ ᠲᠣᠭᠣᠷᠢᠭᠤᠯᠤᠭᠰᠠᠨ ᠲᠡᠮᠡᠭᠡᠨ ᠬᠡᠷᠡᠮ ᠨᠢ ᠭᠠᠯ ᠫᠤᠤ ᠪᠣᠯᠤᠨ ᠰᠤᠮᠤ ᠵᠡᠪᠡ ᠶ᠋ᠢ ᠬᠠᠯᠬᠠᠯᠠᠵᠤ ᠪᠣᠯᠬᠤ ᠮᠥᠷᠲᠡᠭᠡᠨ ᠵᠠᠢ ᠵᠠᠪᠰᠠᠷ ᠢ᠋ᠶ᠋ᠠᠷ ᠨᠢ ᠪᠠᠰᠠ ᠭᠠᠳᠠᠭᠰᠢ ᠬᠠᠷᠪᠤᠨ ᠭᠠᠯᠯᠠᠵᠤ᠂ ᠭᠣᠬ᠎ᠠ ᠳᠡᠭᠡᠭᠡ ᠬᠡᠷᠡᠭᠯᠡᠵᠦ ᠪᠣᠯᠤᠨ᠎ᠠ᠃ ᠠᠭᠤᠯᠠ ᠶ᠋ᠢᠨ ᠣᠷᠣᠢ ᠨᠢ ᠲᠡᠭᠰᠢ ᠪᠥᠭᠡᠳ ᠵᠠᠭᠤᠨ ᠭᠠᠵᠠᠷ ᠤ᠋ᠨ ᠠᠯᠤᠰ ᠢ᠋ ᠬᠠᠷᠠᠵᠤ ᠪᠣᠯᠬᠤ ᠤᠴᠢᠷ᠂ ᠬᠡᠯᠡᠯᠴᠡᠭᠡᠷ ᠪᠦᠲᠦᠮᠵᠢ ᠦᠭᠡᠢ ᠪᠣᠯ ᠠᠭᠤᠯᠠ ᠶ᠋ᠢᠨ ᠣᠷᠣᠢ ᠳᠡᠭᠡᠷ᠎ᠡ ᠡᠴᠡ ᠪᠠᠢᠯᠳᠤᠭᠠᠨ ᠢ᠋ ᠵᠢᠯᠣᠭᠣᠳᠤᠨ᠎ᠠ᠃ ᠠᠯᠢᠪᠠ ᠪᠡᠯᠡᠳᠬᠡᠯ ᠢ᠋ᠶ᠋ᠡᠨ ᠬᠢᠵᠦ ᠲᠡᠭᠦᠰᠬᠡᠭᠡᠳ᠂ ᠵᠢᠷᠦᠩ ᠬᠤᠲᠤᠭᠲᠤ ᠶ᠋ᠢ ᠵᠠᠯᠠᠵᠤ ᠨᠣᠮ ᠤᠩᠰᠢᠭᠤᠯᠤᠨ᠂ ᠴᠡᠷᠢᠭ ᠦ᠋ᠨ ᠲᠤᠭ ᠢ᠋ᠶ᠋ᠠᠨ ᠲᠠᠬᠢᠵᠤ ᠪᠠᠢᠯᠳᠤᠭᠠᠨ ᠤ᠋ ᠡᠳᠦᠷ ᠦᠵᠡᠭᠦᠯᠵᠡᠢ᠃ 
       ᠡᠯᠪᠡᠭ ᠴᠢᠨ ᠸᠠᠩ ᠲᠡᠷᠡ ᠳᠠᠷᠤᠢ ᠳ᠋ᠤᠨᠢ ᠳᠠᠭᠠᠷᠢᠨ ᠴᠣᠬᠢᠬᠤ ᠪᠠᠷ ᠪᠡᠯᠡᠳᠬᠡᠪᠡ᠃ ᠪᠢᠯᠢᠭ ᠦ᠋ᠨ ᠤᠯᠠᠷᠢᠯ ᠤ᠋ᠨ ᠨᠠᠢ᠍ᠮᠠᠳᠤᠭᠠᠷ ᠰᠠᠷ᠎ᠠ ᠶ᠋ᠢᠨ ᠨᠢᠭᠡᠨ ᠦ᠌ ᠡᠳᠦᠷ ᠲᠡᠷᠡ ᠪᠦᠬᠦ ᠴᠡᠷᠢᠭ ᠢ᠋ᠶ᠋ᠡᠨ ᠭᠤᠷᠪᠠᠨ ᠠᠩᠭᠢ ᠬᠤᠪᠢᠶᠠᠵᠤ᠂ ᠲᠩᠷᠢ ᠭᠡᠭᠡᠷᠡᠬᠦ ᠡᠴᠡ ᠡᠮᠦᠨ᠎ᠡ ᠮᠣᠷᠳᠠᠨ ᠭᠠᠷᠴᠤ ᠦᠳᠡ ᠪᠣᠯᠬᠤ ᠳ᠋ᠤ᠌ ᠤᠯᠠᠭᠠᠨ ᠪᠣᠳᠣᠩ ᠤ᠋ᠨ ᠠᠭᠤᠯᠠᠨ ᠳ᠋ᠤ᠌ ᠬᠦᠷᠴᠦ ᠢᠷᠡᠵᠡᠢ᠃ ᠳᠠᠢᠴᠢᠩ ᠤᠯᠤᠰ ᠤ᠋ᠨ ᠴᠡᠷᠢᠭ ᠠᠭᠤᠯᠠ ᠶ᠋ᠢ ᠪᠦᠰᠡᠯᠡᠨ ᠠᠪᠤᠭᠰᠠᠨ ᠪᠣᠯᠪᠠᠴᠤ᠂ ᠠᠭᠤᠯᠠ ᠶ᠋ᠢᠨ ᠵᠡᠭᠦᠨ ᠪᠠᠷᠠᠭᠤᠨ ᠲᠠᠯ᠎ᠠ ᠨᠢ ᠨᠠᠮᠤᠭ ᠪᠠᠯᠴᠢᠭ ᠪᠣᠯᠬᠣᠷ ᠳᠠᠭᠠᠷᠢᠨ ᠣᠷᠣᠵᠤ ᠴᠢᠳᠠᠬᠤ ᠦᠭᠡᠢ᠃ ᠵᠥᠪᠬᠡᠨ ᠠᠭᠤᠯᠠ ᠶ᠋ᠢᠨ ᠠᠷᠤ ᠥᠪᠥᠷ ᠪᠠᠯ ᠢ᠋ᠶ᠋ᠠᠷ ᠲᠠᠪᠰᠢᠵᠤ᠂ ᠭᠠᠯ ᠫᠤᠤ ᠪᠠᠨ ᠵᠢᠭᠰᠠᠭᠠᠵᠤ ᠪᠤᠭᠤ ᠶ᠋ᠢᠨ ᠡᠪᠡᠷ ᠦ᠋ᠨ ᠪᠦᠷᠢᠶ᠎ᠡ ᠪᠡᠨ ᠲᠠᠲᠠᠵᠤ ᠳᠠᠭᠠᠷᠢᠪᠠ᠃ ᠡᠭᠦᠨ ᠳ᠋ᠦ᠍ ᠣᠢᠷᠠᠳ ᠴᠡᠷᠢᠭ ᠦ᠋ᠨ ᠰᠠᠬᠤᠯᠠᠭ ᠣᠢ ᠮᠣᠳᠣ ᠪᠣᠯᠤᠨ ᠲᠡᠮᠡᠭᠡᠨ ᠬᠡᠷᠡᠮ ᠢ᠋ᠶ᠋ᠡᠷ ᠬᠠᠯᠬᠠᠪᠴᠢ ᠪᠣᠯᠭᠠᠨ ᠭᠠᠯ ᠫᠤᠤ᠂ ᠨᠤᠮᠤ ᠵᠡᠪᠡ ᠪᠡᠷ ᠡᠰᠡᠷᠭᠦᠴᠡᠨ ᠲᠠᠰᠤᠷᠠᠯ ᠦᠭᠡᠢ ᠬᠠᠷᠪᠤᠵᠤ ᠡᠬᠢᠯᠡᠵᠡᠢ᠃ ᠬᠣᠶᠠᠷ ᠡᠲᠡᠭᠡᠳ ᠦ᠋ᠨ ᠰᠢᠷᠦᠭᠦᠨ ᠭᠠᠯᠯᠠᠬᠤ ᠫᠤᠤ ᠶ᠋ᠢᠨ ᠳᠠᠭᠤᠨ᠂ ᠴᠡᠷᠢᠭ ᠦ᠋ᠨ ᠪᠦᠷᠢᠶ᠎ᠡ᠂ ᠬᠥᠮᠦᠨ ᠦ᠌ ᠬᠠᠰᠬᠢᠷᠬᠤ ᠳᠠᠭᠤᠨ ᠲᠩᠷᠢ ᠭᠠᠵᠠᠷ ᠢ᠋ ᠳᠣᠷᠭᠢᠭᠤᠯᠤᠨ᠎ᠠ᠃ ᠢᠩᠭᠢᠭᠡᠳ ᠪᠦᠷᠦᠢ ᠲᠠᠰᠤᠷᠠᠬᠤ ᠶ᠋ᠢᠨ ᠦᠶ᠎ᠡ ᠳ᠋ᠦ᠍᠂ ᠵᠡᠭᠦᠨ ᠲᠠᠯ᠎ᠠ ᠳ᠋ᠠᠬᠢ ᠴᠢᠩ ᠤᠯᠤᠰ ᠤ᠋ᠨ ᠴᠡᠷᠢᠭ ᠦ᠋ᠨ ᠠᠮᠢ ᠴᠥᠯᠡᠨ ᠳᠠᠭᠠᠷᠢᠭᠰᠠᠨ ᠢ᠋ᠶ᠋ᠠᠷ ᠲᠡᠮᠡᠭᠡᠨ ᠬᠡᠷᠡᠮ ᠦ᠋ᠨ ᠨᠢᠭᠡᠨ ᠥᠨᠴᠥᠭ ᠢ᠋ ᠡᠪᠳᠡᠵᠦ᠂ ᠣᠢᠷᠠᠳ ᠴᠡᠷᠢᠭ ᠲᠡᠢ ᠮᠠᠰᠢ ᠰᠢᠷᠦᠭᠦᠨ ᠵᠢᠭᠤᠷᠠᠯᠳᠤᠨ ᠪᠠᠢᠯᠳᠤᠵᠠᠢ᠃ ᠣᠢᠷᠠᠳ ᠴᠡᠷᠢᠭ ᠬᠣᠢᠰᠢ ᠤᠬᠤᠷᠢᠵᠤ᠂ ᠥᠨᠳᠥᠷ ᠪᠠᠷᠲᠠᠭ᠎ᠠ ᠲᠠᠢ ᠭᠠᠵᠠᠷ ᠭᠠᠷᠴᠤ ᠶᠠᠭᠰᠢᠷᠠᠲᠠᠯ᠎ᠠ ᠲᠦᠯᠬᠢᠯᠡᠨ ᠢᠷᠡᠬᠦ ᠴᠢᠩ ᠤᠯᠤᠰ ᠤ᠋ᠨ ᠴᠡᠷᠢᠭ ᠦ᠋ᠨ ᠵᠦᠭ ᠭᠠᠯ ᠫᠤᠤ᠂ ᠰᠤᠮᠤ ᠪᠠᠷ ᠰᠢᠷᠦᠭᠦᠨ ᠬᠠᠷᠪᠤᠬᠤ ᠳ᠋ᠤ᠌ ᠡᠮᠦᠨᠡᠬᠢ ᠴᠡᠷᠢᠭ ᠨᠢ ᠬᠣᠢᠰᠢ ᠤᠬᠤᠷᠢᠬᠤ ᠭᠡᠳ ᠬᠣᠢᠨᠠᠬᠢ ᠴᠡᠷᠢᠭ ᠲᠡᠭᠡᠨ ᠬᠠᠰᠢᠭᠳᠠᠵᠤ ᠳᠤᠲᠠᠭᠠᠬᠤ ᠭᠠᠵᠠᠷ ᠦᠭᠡᠢ ᠲᠤᠩ ᠣᠯᠠᠨ ᠦᠬᠦᠵᠦ ᠰᠦᠢᠳᠴᠡᠢ᠃ ᠢᠩᠭᠢᠭᠡᠳ ᠰᠥᠨᠢ ᠬᠠᠷᠠᠩᠭᠤᠢ ᠪᠣᠯᠤᠭᠰᠠᠨ ᠳ᠋ᠤ᠌᠂ ᠡᠯᠪᠡᠭ ᠴᠢᠨ ᠸᠠᠩ ᠪᠦᠷᠢᠶ᠎ᠡ ᠲᠠᠲᠠᠵᠤ ᠴᠡᠷᠢᠭ ᠢ᠋ᠶ᠋ᠡᠨ ᠬᠤᠷᠢᠶᠠᠪᠠ᠃  
       ᠨᠠᠢ᠍ᠮᠠᠳᠤᠭᠠᠷ ᠰᠠᠷ᠎ᠠ ᠶ᠋ᠢᠨ ᠬᠣᠶᠠᠷ ᠤ᠋ᠨ ᠡᠳᠦᠷ  ᠡᠯᠪᠡᠭ ᠴᠢᠨ ᠸᠠᠩ ᠴᠡᠷᠢᠭ ᠮᠣᠷᠢ ᠪᠠᠨ ᠲᠡᠭᠰᠢᠯᠡᠨ ᠣᠢᠷᠠᠳ ᠴᠡᠷᠢᠭ ᠦ᠋ᠨ ᠵᠦᠭ ᠳᠠᠬᠢᠨ ᠳᠠᠭᠠᠷᠢᠵᠠᠢ᠃ ᠪᠣᠱᠣᠭᠲᠤ ᠬᠠᠨ ᠤ᠋ ᠴᠡᠷᠢᠭ ᠲᠡᠮᠡᠭᠡᠨ ᠵᠢᠭᠰᠠᠭᠠᠯ᠂ ᠣᠢ ᠮᠣᠳᠣ᠂ ᠬᠠᠳᠠ ᠪᠠᠷᠲᠠᠭ᠎ᠠ ᠶ᠋ᠢ ᠠᠰᠢᠭᠯᠠᠨ ᠮᠠᠰᠢ ᠡᠷᠡᠯᠬᠡᠭ ᠢ᠋ᠶ᠋ᠡᠷ ᠪᠠᠢᠯᠳᠤᠭᠰᠠᠨ ᠲᠤᠯᠠ ᠴᠢᠩ ᠤᠯᠤᠰ ᠤ᠋ᠨ ᠴᠡᠷᠢᠭ ᠳᠠᠭᠠᠷᠢᠨ ᠣᠷᠣᠵᠤ ᠴᠢᠳᠠᠭᠰᠠᠨ ᠦᠭᠡᠢ᠂ ᠠᠷᠭ᠎ᠠ ᠪᠤᠰᠤ ᠴᠡᠷᠢᠭ ᠢ᠋ᠶ᠋ᠡᠨ ᠲᠦᠷ ᠲᠠᠲᠠᠵᠤ ᠠᠮᠠᠷᠠᠭᠤᠯᠪᠠ᠃  
       ᠤᠯᠠᠭᠠᠨ ᠪᠣᠳᠣᠩ ᠤ᠋ᠨ ᠠᠭᠤᠯᠠᠨ ᠳ᠋ᠤ᠌ ᠤᠳᠠᠭᠠᠨ ᠪᠦᠰᠡᠯᠡᠭᠳᠡᠪᠡᠯ ᠠᠰᠢᠭ ᠦᠭᠡᠢ ᠲᠤᠯᠠ᠂ ᠪᠣᠱᠣᠭᠲᠤ ᠬᠠᠨ ᠵᠢᠷᠦᠩ ᠬᠤᠲᠤᠭᠲᠤ ᠲᠠᠢ ᠮᠤᠯᠲᠤᠷᠠᠨ ᠭᠠᠷᠬᠤ ᠠᠷᠭ᠎ᠠ ᠰᠠᠮᠪᠠᠭ᠎ᠠ ᠶ᠋ᠢ ᠵᠥᠪᠯᠡᠵᠦ᠂  ᠴᠢᠩᠭᠢᠭᠡᠳ ᠢᠯᠠᠭᠤᠭᠰᠠᠨ ᠬᠤᠲᠤᠭᠲᠤ ᠶ᠋ᠢ ᠢᠯᠡᠬᠡᠨ ᠡᠯᠪᠡᠭ ᠴᠢᠨ ᠸᠠᠩ ᠳ᠋ᠤ᠌ ᠤᠴᠠᠷᠠᠭᠤᠯᠵᠠᠢ᠃ ᠠᠯᠢᠪᠠ ᠶᠠᠪᠤᠳᠠᠯ ᠢ᠋ ᠵᠢᠷᠦᠩ ᠬᠤᠲᠤᠭᠲᠤ ᠲᠠᠢ ᠤᠴᠠᠷᠠᠵᠤ ᠬᠡᠯᠡᠯᠴᠡᠵᠦ ᠲᠣᠭᠲᠠᠭᠠᠬᠤ ᠶ᠋ᠢ ᠬᠦᠰᠡᠨ᠎ᠡ ᠭᠡᠵᠦ ᠢᠯᠠᠭᠤᠭᠰᠠᠨ ᠬᠤᠲᠤᠭᠲᠤ ᠮᠡᠳᠡᠭᠳᠡᠪᠡ᠃ ᠨᠠᠢ᠍ᠮᠠᠳᠤᠭᠠᠷ ᠰᠠᠷ᠎ᠠ ᠶ᠋ᠢᠨ ᠳᠥᠷᠪᠡᠨ ᠦ᠌ ᠡᠳᠦᠷ᠂ ᠵᠢᠷᠦᠩ ᠬᠤᠲᠤᠭᠲᠤ ᠳᠠᠯᠠ ᠭᠠᠷᠤᠢ ᠱᠠᠪᠢ ᠨᠠᠷ ᠢ᠋ᠶ᠋ᠠᠨ ᠳᠠᠭᠠᠭᠤᠯᠤᠨ ᠡᠯᠪᠡᠭ ᠴᠢᠨ ᠸᠠᠩ ᠤ᠋ᠨ ᠴᠠᠴᠠᠷ ᠲᠤ᠌ ᠢᠷᠡᠵᠦ᠂ ᠲᠡᠷᠡ ᠡᠯᠪᠡᠭ ᠴᠢᠨ ᠸᠠᠩ ᠲᠡᠷᠢᠭᠦᠲᠡᠢ ᠣᠯᠠᠨ ᠳ᠋ᠤ᠌ ᠨᠢᠭᠡ ᠨᠢᠭᠡ ᠪᠡᠷ ᠬᠠᠳᠠᠭ ᠪᠠᠷᠢᠭᠰᠠᠨ ᠤ᠋ ᠳᠠᠷᠠᠭ᠎ᠠ᠂ ᠲᠡᠭᠦᠨ ᠳ᠋ᠦ᠍ ᠪᠡᠯᠡᠳᠬᠡᠵᠦ ᠥᠭᠭᠦᠭᠰᠡᠨ ᠲᠤᠰᠬᠠᠢ ᠴᠠᠴᠠᠷ ᠲᠤ᠌ ᠪᠠᠭᠤᠵᠠᠢ᠃ ᠳ᠋ᠢᠪᠠ ᠰᠠᠩᠵᠠᠢᠵᠠᠮᠰᠦ ᠶ᠋ᠢᠨ ᠲᠤᠰᠬᠠᠢᠯᠠᠨ ᠲᠣᠮᠢᠯᠠᠭᠰᠠᠨ ᠡᠨᠡ ᠬᠤᠲᠤᠭᠲᠤ ᠪᠣᠯ ᠪᠠᠢᠳᠠᠯ ᠢ᠋ ᠦᠵᠡᠵᠦ ᠬᠤᠪᠢᠷᠠᠭᠤᠯᠤᠨ ᠤᠯᠠᠷᠢᠭᠤᠯᠵᠤ ᠴᠢᠳᠠᠬᠤ ᠬᠡᠯᠡ ᠠᠮᠠᠨ ᠳ᠋ᠠᠭᠠᠨ ᠮᠡᠷᠭᠡᠨ ᠬᠥᠮᠦᠨ ᠶᠦᠮ᠃ ᠲᠡᠷᠡ ᠡᠯᠪᠡᠭ ᠴᠢᠨ ᠸᠠᠩ ᠳ᠋ᠤ᠌᠄《ᠢᠯᠠᠭᠤᠭᠰᠠᠨ ᠬᠤᠲᠤᠭᠲᠤ ᠪᠣᠯᠤᠨ ᠱᠠᠩᠨᠠᠨᠳᠣᠷᠵᠢ ᠶ᠋ᠢᠨ ᠦᠭᠡ ᠶ᠋ᠢ ᠢᠲᠡᠭᠡᠵᠦ ᠪᠣᠱᠣᠭᠲᠤ ᠬᠠᠨ ᠬᠢᠵᠠᠭᠠᠷ ᠠ᠋ᠴᠠ ᠳᠣᠲᠣᠭᠰᠢ ᠣᠷᠣᠵᠠᠢ᠃ ᠲᠡᠭᠦᠨ ᠦ᠌ ᠳᠣᠲᠣᠷᠠᠬᠢ ᠬᠥᠮᠦᠨ ᠮᠤᠩᠬᠠᠭ ᠪᠠᠯᠠᠢ ᠲᠤᠯᠠ ᠬᠥᠮᠦᠨ ᠮᠠᠯ ᠢ᠋ ᠤᠤᠯᠭᠠᠯᠠᠭᠰᠠᠨ ᠨᠢ ᠶᠣᠰᠣᠨ ᠳ᠋ᠤ᠌ ᠦᠯᠦ ᠨᠡᠢᠴᠡᠮᠦᠢ᠃ ᠪᠣᠭᠳᠠ ᠡᠵᠡᠨ ᠬᠡᠮᠡᠭᠴᠢ ᠲᠩᠷᠢ ᠶ᠋ᠢᠨ ᠳᠣᠣᠷᠠᠬᠢ ᠶᠡᠬᠡ ᠬᠠᠭᠠᠨ᠂ ᠪᠣᠱᠣᠭᠲᠤ ᠬᠠᠨ ᠬᠡᠮᠡᠭᠴᠢ ᠪᠠᠭ᠎ᠠ ᠠᠢᠮᠠᠭ ᠤ᠋ᠨ ᠥᠴᠦᠬᠡᠨ ᠲᠦᠷᠦᠭᠦᠦ ᠪᠣᠯᠠᠢ᠃ ᠶᠠᠭᠠᠬᠢᠨ ᠠᠶᠤᠮᠰᠢᠭ ᠦᠭᠡᠢ ᠳᠤᠷ᠎ᠠ  ᠵᠣᠷᠢᠭ ᠢ᠋ᠶ᠋ᠠᠷ ᠶᠠᠪᠤᠬᠤ ᠠᠵᠢ᠃ ᠭᠠᠭᠴᠠ ᠬᠦ᠌ ᠲᠡᠭᠦᠨ ᠦ᠌ ᠥᠰᠢᠶᠡᠲᠦ ᠬᠥᠮᠦᠨ ᠲᠦᠰᠢᠶᠡᠲᠦ ᠬᠠᠨ᠂ ᠵᠢᠪᠽᠦ᠋ᠨᠳᠠᠮᠪᠠ ᠶ᠋ᠢ ᠪᠠᠷᠢᠬᠤ ᠭᠡᠮᠡᠨ ᠡᠨᠡ ᠮᠡᠲᠦ ᠣᠰᠣᠯ ᠪᠣᠯᠵᠤᠬᠤᠢ᠃ ᠡᠳᠦᠭᠡ ᠲᠡᠷᠡ ᠲᠦᠰᠢᠶᠡᠲᠦ ᠬᠠᠨ ᠢ᠋ ᠠᠪᠬᠤ ᠰᠠᠨᠠᠭ᠎ᠠ ᠦᠭᠡᠢ᠃ ᠭᠠᠭᠴᠠ  ᠪᠣᠭᠳᠠ ᠬᠠᠭᠠᠨ ᠳ᠋ᠤ᠌ ᠳᠠᠭᠠᠳᠬᠠᠬᠤ ᠠᠨᠤ ᠵᠢᠪᠽᠦ᠋ᠨᠳᠠᠮᠪᠠ ᠬᠤᠲᠤᠭᠲᠤ ᠶ᠋ᠢ ᠪᠠᠭᠰᠢ ᠳᠠᠯᠠᠢ ᠯᠠᠮᠠ ᠳ᠋ᠤ᠌ ᠬᠦᠷᠭᠡᠪᠡᠯ ᠥᠩᠭᠡ ᠭᠡᠷᠡᠯ ᠦᠯᠡᠮᠵᠢ ᠶᠡᠬᠡ ᠪᠢᠯᠡ》[82] ᠭᠡᠮᠡᠨ ᠣᠯᠠᠨ ᠶᠠᠭᠤᠮ᠎ᠠ ᠥᠭᠦᠯᠡᠵᠦ᠂ ᠡᠪᠡᠰᠦ ᠤᠰᠤ ᠲᠠᠢ ᠭᠠᠵᠠᠷ ᠭᠠᠷᠴᠤ ᠡᠯᠪᠡᠭ ᠴᠢᠨ ᠸᠠᠩ ᠤ᠋ᠨ ᠵᠠᠷᠯᠢᠭ ᠢ᠋ ᠬᠦᠯᠢᠶᠡᠬᠦ ᠶ᠋ᠢ ᠬᠦᠰᠡᠪᠡ᠃ ᠡᠯᠪᠡᠭ ᠴᠢᠨ ᠸᠠᠩ ᠰᠡᠳᠬᠢᠯ ᠵᠥᠭᠡᠯᠡᠷᠡᠵᠦ ᠬᠦᠰᠡᠭᠰᠡᠨ ᠢ᠋ ᠨᠢ ᠵᠥᠪᠰᠢᠶᠡᠷᠡᠭᠡᠳ᠂ ᠲᠠᠮᠠᠭᠠᠲᠤ ᠪᠢᠴᠢᠭ ᠣᠯᠭᠣᠨ ᠡᠯ᠎ᠡ ᠵᠠᠰᠠᠭ ᠤ᠋ᠨ ᠴᠡᠷᠢᠭ ᠲᠦ᠍ ᠬᠣᠷᠢᠭᠯᠠᠵᠤ ᠪᠣᠯᠬᠤ ᠦᠭᠡᠢ ᠭᠡᠵᠡᠢ᠃ ᠮᠥᠨ ᠰᠥᠨᠢ ᠨᠢ ᠪᠣᠱᠣᠭᠲᠤ ᠬᠠᠨ ᠴᠡᠷᠢᠭ ᠮᠣᠷᠢ ᠪᠠᠨ ᠲᠡᠭᠰᠢᠯᠡᠵᠦ᠂ ᠠᠭᠤᠯᠠᠨ ᠠ᠋ᠴᠠ ᠠᠯᠭᠤᠷ ᠪᠠᠭᠤᠵᠤ ᠢᠷᠡᠪᠡ᠃ ᠡᠯᠪᠡᠭ ᠴᠢᠨ ᠸᠠᠩ ᠤ᠋ᠨ ᠲᠠᠮᠠᠭᠠᠲᠤ ᠪᠢᠴᠢᠭ ᠪᠠᠢᠬᠤ ᠲᠤᠯᠠ ᠡᠯ᠎ᠡ ᠵᠠᠰᠠᠭ ᠤ᠋ᠨ ᠴᠡᠷᠢᠭ᠂ ᠲᠡᠭᠦᠨ ᠢ᠋ ᠦᠯᠦ ᠬᠣᠷᠢᠭᠯᠠᠵᠤ ᠲᠠᠯᠪᠢᠨ ᠶᠠᠪᠤᠭᠤᠯᠵᠠᠢ᠃  

               ᠲᠠᠪᠤ᠂ ᠲᠤᠯᠤᠨ ᠨᠠᠭᠤᠷ ᠤ᠋ᠨ ᠴᠢᠭᠤᠯᠭᠠᠨ  
       
       1688 ᠣᠨ ᠤ᠋ ᠨᠠᠮᠤᠷ᠂ ᠬᠠᠯᠬᠠᠴᠤᠳ ᠳᠠᠢᠴᠢᠩ ᠤᠯᠤᠰ ᠲᠤ᠌ ᠳᠠᠭᠠᠭᠰᠠᠨ ᠳ᠋ᠤ᠌ ᠡᠩᠬᠡ ᠠᠮᠤᠭᠤᠯᠠᠩ ᠬᠠᠭᠠᠨ ᠲᠡᠷᠡ ᠳᠠᠷᠤᠢ ᠳ᠋ᠤᠨᠢ ᠠᠷᠭ᠎ᠠ ᠬᠡᠮᠵᠢᠶ᠎ᠡ ᠠᠪᠴᠤ᠂ ᠬᠠᠯᠬ᠎ᠠ ᠶ᠋ᠢᠨ ᠬᠠᠭᠤᠴᠢᠨ ᠵᠠᠰᠠᠭ ᠤ᠋ᠨ ᠰᠠᠭᠤᠷᠢ ᠳᠡᠭᠡᠷ᠎ᠡ ᠪᠠᠰᠠ ᠠᠷᠪᠠᠨ ᠬᠡᠳᠦᠨ ᠵᠠᠰᠠᠭ ᠨᠡᠮᠡᠵᠦ ᠲᠣᠬᠢᠷᠠᠭᠤᠯᠵᠠᠢ᠃ ᠲᠡᠭᠡᠭᠡᠳ ᠬᠠᠨ᠂ ᠵᠢᠨᠦᠩ᠂ ᠨᠣᠶᠠᠨ᠂ ᠲᠠᠢᠵᠢ ᠴᠣᠯᠠ ᠶ᠋ᠢ ᠨᠢ ᠲᠦᠷ ᠦᠯᠡᠳᠡᠭᠡᠵᠦ᠂ ᠳᠣᠲᠣᠭᠠᠳᠤ ᠵᠠᠰᠠᠭ ᠤ᠋ᠨ ᠬᠠᠤᠯᠢ ᠴᠠᠭᠠᠵᠠ ᠪᠠᠷ ᠤᠬᠠᠭᠤᠯᠤᠨ ᠵᠠᠰᠠᠭᠠᠳ᠂ ᠰᠢᠨᠡᠬᠡᠨ ᠳᠠᠭᠠᠭᠰᠠᠨ ᠬᠠᠯᠠᠭᠴᠤᠳ ᠢ᠋ ᠨᠣᠶᠠᠷᠬᠠᠬᠤ ᠠᠩᠬ᠎ᠠ ᠠᠯᠬᠤᠮ ᠤ᠋ᠨ ᠠᠷᠭ᠎ᠠ ᠮᠠᠶᠢᠭ ᠪᠣᠯᠭᠠᠪᠠ᠃  
       1690 ᠣᠨ ᠳ᠋ᠤ᠌᠂ ᠡᠩᠬᠡ ᠠᠮᠤᠭᠤᠯᠠᠩ ᠬᠠᠭᠠᠨ ᠬᠦᠨᠳᠦ ᠴᠢᠬᠤᠯᠠ ᠴᠢᠭᠤᠯᠭᠠᠨ ᠬᠢᠬᠦ ᠪᠡᠷ ᠲᠥᠯᠥᠪᠯᠡᠵᠦ ᠪᠠᠢᠬᠤ ᠳ᠋ᠤ᠌ ᠣᠷᠬᠣᠢ ᠭᠣᠣᠯ ᠤ᠋ᠨ ᠲᠡᠢᠨ ᠪᠣᠯᠤᠨ ᠤᠯᠠᠭᠠᠨ ᠪᠣᠳᠣᠩ ᠤ᠋ᠨ ᠲᠡᠢᠨ ᠭᠠᠷᠤᠭᠰᠠᠨ ᠲᠤᠯᠠ ᠤᠤᠯ ᠲᠥᠯᠥᠪᠯᠡᠭᠡ ᠪᠡᠨ ᠬᠣᠢᠰᠢ ᠲᠦᠯᠬᠢᠵᠡᠢ᠃ 
       1691 ᠣᠨ ᠤ᠋ ᠵᠤᠨ᠂ ᠲᠤᠯᠤᠨ ᠨᠠᠭᠤᠷ ᠲᠤ᠌ ᠴᠢᠭᠤᠯᠭᠠᠨ ᠬᠢᠬᠦ ᠪᠡᠷ ᠲᠣᠭᠲᠠᠪᠠ᠃ ᠡᠨᠡᠬᠦ ᠴᠢᠭᠤᠯᠭᠠᠨ ᠨᠢ ᠴᠢᠩ ᠤᠯᠤᠰ ᠤ᠋ᠨ ᠲᠡᠦᠬᠡᠨ ᠳ᠋ᠡᠬᠢ ᠴᠢᠬᠤᠯᠠ ᠬᠡᠷᠡᠭ ᠶᠠᠪᠤᠳᠠᠯ ᠪᠣᠯᠤᠨ᠎ᠠ᠃ ᠡᠭᠦᠨ ᠢ᠋ᠶ᠋ᠡᠷ ᠳᠠᠮᠵᠢᠭᠤᠯᠵᠤ᠂ ᠬᠠᠯᠬ᠎ᠠ ᠶ᠋ᠢᠨ ᠭᠤᠷᠪᠠᠨ ᠬᠠᠨ ᠤ᠋ ᠲᠤᠰᠠᠭᠠᠷ ᠨᠣᠶᠠᠷᠬᠠᠵᠤ ᠪᠠᠢᠭᠰᠠᠨ ᠤᠯᠤᠰ ᠲᠥᠷᠥ ᠶ᠋ᠢᠨ ᠪᠠᠢᠭᠤᠯᠤᠯ ᠢ᠋ ᠥᠭᠡᠷᠡᠴᠢᠯᠡᠨ᠂ ᠥᠪᠥᠷ ᠳᠥᠴᠢ ᠶᠢᠰᠦᠨ ᠬᠤᠰᠢᠭᠤᠨ ᠤ᠋ ᠳᠦᠷᠢᠮ ᠢ᠋ᠶ᠋ᠡᠷ ᠣᠯᠠᠨ ᠬᠣᠰᠢᠭᠤ ᠵᠠᠰᠠᠭ ᠬᠤᠪᠢᠶᠠᠷᠢᠯᠠᠨ ᠳᠠᠢᠴᠢᠩ ᠤᠯᠤᠰ ᠤ᠋ᠨ ᠰᠢᠭᠤᠳ ᠨᠣᠶᠠᠷᠬᠠᠯ ᠳ᠋ᠤ᠌ ᠣᠷᠣᠭᠤᠯᠵᠠᠢ᠃ 
       ᠡᠩᠬᠡ ᠠᠮᠤᠭᠤᠯᠠᠩ ᠬᠠᠭᠠᠨ ᠲᠤᠯᠤᠨ ᠨᠠᠭᠤᠷ ᠤ᠋ᠨ ᠴᠢᠭᠤᠯᠭᠠᠨ ᠢ᠋ ᠬᠢᠬᠦ ᠶ᠋ᠢᠨ ᠲᠥᠯᠥᠭᠡ᠂ ᠶᠠᠭᠤᠨ ᠤ᠋ ᠤᠷᠢᠳ ᠪᠦᠬᠦ ᠲᠠᠯ᠎ᠠ ᠪᠠᠷ ᠨᠠᠷᠢᠨ ᠨᠢᠭᠲᠠ ᠪᠣᠳᠣᠯᠬᠢᠯᠠᠨ ᠪᠠᠢᠷᠢᠰᠢᠭᠤᠯᠵᠠᠢ᠃ ᠲᠡᠷᠡ ᠵᠠᠷᠯᠢᠭ ᠪᠠᠭᠤᠯᠭᠠᠨ ᠬᠣᠰᠢᠭᠤ ᠶ᠋ᠢ ᠵᠠᠬᠢᠷᠤᠭᠴᠢ ᠰᠠᠢᠳ ᠸᠠᠳ᠋ᠠᠢ ᠶ᠋ᠢ ᠤᠮᠠᠷᠠᠳᠠᠬᠢᠨ ᠢ᠋ ᠲᠣᠭᠲᠠᠭᠠᠭᠴᠢ ᠵᠠᠩᠵᠤᠨ ᠪᠣᠯᠭᠠᠵᠤ ᠲᠠᠮᠠᠭ᠎ᠠ ᠠᠳᠬᠤᠯᠠᠨ᠂ ᠬᠣᠰᠢᠭᠤ ᠶ᠋ᠢ ᠵᠠᠬᠢᠷᠤᠭᠴᠢ ᠰᠠᠢᠳ ᠬᠠᠲᠠᠢ ᠲᠠᠢ ᠬᠠᠮᠲᠤ ᠨᠢᠭᠡᠨ ᠰᠠᠯᠠᠭ᠎ᠠ ᠴᠡᠷᠢᠭ ᠤᠳᠤᠷᠢᠳᠤᠭᠤᠯᠤᠨ᠂ ᠴᠠᠬᠠᠷ ᠤ᠋ᠨ ᠰᠢᠯᠤᠭᠤᠨ ᠴᠠᠭᠠᠨ᠂  ᠬᠥᠪᠡᠭᠡᠲᠦ ᠴᠠᠭᠠᠨ ᠬᠤᠰᠢᠭᠤᠨ ᠤ᠋ ᠬᠢᠯᠢ ᠳ᠋ᠦ᠍ ᠰᠡᠷᠭᠡᠢᠯᠡᠭᠦᠯᠦᠨ ᠰᠠᠭᠤᠯᠭᠠᠵᠤ᠂ ᠪᠠᠰᠠ ᠬᠣᠰᠢᠭᠤ ᠶ᠋ᠢ ᠵᠠᠬᠢᠷᠤᠭᠴᠢ ᠰᠠᠢᠳ ᠯᠠᠩᠳᠠᠨ ᠳ᠋ᠤ᠌ ᠤᠮᠠᠷᠠᠳᠠᠬᠢᠨ ᠢ᠋ ᠠᠮᠤᠷᠵᠢᠭᠤᠯᠤᠭᠴᠢ ᠵᠠᠩᠵᠤᠨ ᠲᠠᠮᠠᠭ᠎ᠠ ᠬᠦᠷᠭᠡᠵᠦ᠂ ᠬᠣᠰᠢᠭᠤ ᠶ᠋ᠢ ᠵᠠᠬᠢᠷᠤᠭᠴᠢ ᠰᠠᠢᠳ ᠬᠤᠸᠠᠱᠠᠨ ᠤ᠋ ᠬᠠᠮᠲᠤ ᠨᠢᠭᠡᠨ ᠰᠠᠯᠠᠭ᠎ᠠ ᠴᠡᠷᠢᠭ ᠳᠠᠢᠴᠢᠯᠠᠭᠤᠯᠤᠨ ᠳ᠋ᠠᠲ᠋ᠦ᠋ᠩ ᠦ᠋ᠨ ᠠᠷᠤ ᠳ᠋ᠤ᠌ ᠰᠡᠷᠭᠡᠢᠯᠡᠨ ᠰᠠᠭᠤᠯᠭᠠᠪᠠ᠃ ᠴᠢᠭᠤᠯᠭᠠᠨ ᠤ᠋ ᠭᠠᠵᠠᠷ ᠢ᠋ ᠱᠠᠩᠳᠤ ᠭᠣᠣᠯ ᠪᠣᠯᠤᠨ ᠡᠷᠳᠦᠨ ᠭᠣᠣᠯ ᠤ᠋ᠨ ᠬᠣᠭᠣᠷᠣᠨᠳᠣᠬᠢ ᠳᠣᠯᠣᠭᠠᠨ ᠭᠣᠷᠣᠬ᠎ᠠ ᠶ᠋ᠢᠨ ᠭᠠᠵᠠᠷ ᠢ᠋ᠶ᠋ᠠᠷ ᠲᠣᠭᠲᠠᠭᠠᠵᠤ[83]᠂ ᠬᠠᠯᠬ᠎ᠠ ᠶ᠋ᠢᠨ ᠵᠡᠭᠦᠨ ᠭᠠᠷᠤᠨ ᠣᠯᠠᠨ ᠢ᠋ ᠳᠣᠯᠣᠭᠠᠨ ᠭᠣᠷᠣᠬ᠎ᠠ ᠠ᠋ᠴᠠ ᠵᠠᠭᠤᠨ ᠭᠠᠵᠠᠷ ᠤ᠋ᠨ ᠠᠯᠤᠰ ᠳᠠᠬᠢ ᠱᠠᠩᠳᠤ ᠭᠣᠣᠯ ᠪᠣᠯᠤᠨ ᠢᠵᠠᠷ ᠭᠣᠣᠯ ᠤ᠋ᠨ ᠠᠭᠤᠯᠵᠠᠷ ᠲᠤ᠂ ᠪᠠᠷᠠᠭᠤᠨ ᠭᠠᠷ ᠢ᠋ ᠱᠠᠩᠳᠤ ᠶ᠋ᠢᠨ ᠭᠣᠣᠯ ᠪᠣᠯᠤᠨ ᠾᠸᠢ ᠹᠧᠩ ᠦ᠋ᠨ ᠠᠭᠤᠯᠵᠠᠷ ᠲᠤ᠂ ᠴᠢᠭᠤᠯᠭᠠᠨ ᠳ᠋ᠤ᠌ ᠮᠣᠷᠢᠯᠠᠬᠤ ᠳᠣᠲᠣᠭᠠᠳᠤ ᠵᠠᠰᠠᠭ ᠸᠠᠩ᠂ ᠪᠡᠢᠯᠡ᠂ ᠪᠠᠢᠰᠠ᠂ ᠬᠦᠩ ᠨᠠᠷ ᠢ᠋ ᠪᠠᠰᠠ ᠵᠠᠭᠤᠨ ᠭᠠᠵᠠᠷ ᠤ᠋ᠨ ᠠᠯᠤᠰ ᠳᠠᠬᠢ ᠲᠣᠭᠲᠠᠭᠠᠵᠤ ᠥᠭᠭᠦᠭᠰᠡᠨ ᠭᠠᠵᠠᠷ ᠲᠤ ᠲᠤᠰ ᠲᠤᠰ ᠬᠦᠯᠢᠶᠡᠭᠲᠦᠨ ᠭᠡᠵᠡᠢ᠃ 
       ᠳᠥᠷᠪᠡᠳᠦᠭᠡᠷ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ᠂ ᠡᠩᠬᠡ ᠠᠮᠤᠭᠤᠯᠠᠩ ᠬᠠᠭᠠᠨ ᠪᠣᠯᠤᠨ ᠳᠣᠲᠣᠭᠠᠳᠤ ᠰᠠᠢᠳ ᠨᠠᠷ ᠨᠡᠢᠰᠯᠡᠯ ᠡᠴᠡ ᠮᠣᠷᠳᠠᠵᠤ᠂ ᠲᠤᠯᠤᠨ ᠨᠠᠭᠤᠷ ᠢ᠋ ᠴᠢᠭᠯᠡᠪᠡ᠃ ᠬᠠᠭᠠᠨ ᠢ᠋ ᠬᠠᠮᠠᠭᠠᠯᠠᠨ ᠮᠣᠷᠳᠠᠬᠤ ᠳᠡᠭᠡᠳᠦ ᠭᠤᠷᠪᠠᠨ ᠬᠤᠰᠢᠭᠤᠨ ᠤ᠋ ᠨᠣᠶᠠᠳ ᠴᠡᠷᠢᠭ ᠬᠣᠢᠨ᠎ᠠ ᠠ᠋ᠴᠠ ᠨᠢ ᠳᠠᠭᠠᠯᠳᠤᠨ ᠴᠢᠭᠤᠯᠤᠯᠲᠤ ᠬᠠᠭᠠᠯᠭ᠎ᠠ ᠪᠠᠷ ᠭᠠᠷᠴᠤ᠂ ᠳᠣᠣᠷᠠᠲᠤ ᠲᠠᠪᠤᠨ ᠬᠤᠰᠢᠭᠤᠨ ᠤ᠋ ᠨᠣᠶᠠᠳ ᠴᠡᠷᠢᠭ ᠥᠷᠥᠭᠡᠰᠦᠨ ᠴᠢᠯᠠᠭᠤᠨ ᠬᠠᠭᠠᠯᠭ᠎ᠠ ᠪᠠᠷ ᠭᠠᠷᠴᠠᠢ᠃ ᠳᠣᠯᠣᠭᠠᠨ ᠭᠣᠷᠣᠬ᠎ᠠ (ᠲᠤᠯᠤᠨ ᠨᠠᠭᠤᠷ) ᠤ᠋ᠨ ᠭᠠᠵᠠᠷ ᠲᠤ ᠡᠩᠬᠡ ᠠᠮᠤᠭᠤᠯᠠᠩ ᠬᠠᠭᠠᠨ ᠤ᠋《ᠶᠠᠪᠤᠭᠤᠯ ᠤᠷᠲᠤ》 ᠳᠡᠭᠡᠳᠦ ᠭᠤᠷᠪᠠᠨ ᠬᠤᠰᠢᠭᠤᠨ ᠤ᠋ ᠨᠣᠶᠠᠳ ᠴᠡᠷᠢᠭ ᠦ᠋ᠨ ᠬᠠᠮᠲᠤ ᠳᠤᠮᠳᠠ ᠨᠢ ᠪᠠᠢᠷᠢᠯᠠᠪᠠ᠃ ᠨᠠᠢ᠍ᠮᠠᠨ ᠬᠤᠰᠢᠭᠤᠨ ᠤ᠋ ᠭᠠᠪᠰᠢᠭᠠᠢ ᠴᠡᠷᠢᠭ ᠢ᠋ ᠬᠣᠶᠠᠷ ᠬᠣᠷᠢᠶ᠎ᠠ ᠪᠣᠯᠭᠠᠵᠤ᠂ ᠳᠣᠣᠷᠠᠲᠤ ᠲᠠᠪᠤᠨ ᠬᠤᠰᠢᠭᠤᠨ ᠤ᠋ ᠴᠡᠷᠢᠭ ᠢ᠋ ᠠᠷᠪᠠᠨ ᠬᠣᠷᠢᠶ᠎ᠠ᠂ ᠭᠠᠯᠲᠤ ᠵᠡᠪᠰᠡᠭ ᠦ᠋ᠨ ᠴᠡᠷᠢᠭ ᠢ᠋ ᠳᠥᠷᠪᠡᠨ ᠬᠣᠷᠢᠶ᠎ᠠ᠂ ᠨᠡᠢᠲᠡ ᠠᠷᠪᠠᠨ ᠵᠢᠷᠭᠤᠭᠠᠨ ᠬᠣᠷᠢᠶ᠎ᠠ ᠴᠡᠷᠢᠭ ᠢ᠋《ᠶᠠᠪᠤᠭᠤᠯ ᠤᠷᠲᠤ》 ᠶ᠋ᠢᠨ ᠭᠠᠳᠠᠭᠤᠷ ᠲᠣᠭᠣᠷᠢᠭᠤᠯᠤᠨ ᠪᠠᠭᠤᠯᠭᠠᠵᠤ᠂ ᠲᠡᠭᠦᠨ ᠦ᠌ ᠭᠠᠳᠠᠭᠤᠷ ᠪᠠᠰᠠ ᠬᠣᠷᠢᠨ ᠨᠠᠢ᠍ᠮᠠᠨ ᠬᠠᠷᠠᠭᠤᠯ ᠤ᠋ᠨ ᠭᠠᠵᠠᠷ ᠭᠠᠷᠭᠠᠵᠠᠢ᠃ ᠡᠩᠬᠡ ᠠᠮᠤᠭᠤᠯᠠᠩ ᠬᠠᠭᠠᠨ ᠤ᠋《 ᠶᠠᠪᠤᠭᠤᠯ ᠤᠷᠲᠤ》 ᠵᠢᠴᠢ ᠬᠠᠮᠠᠭᠠᠯᠠᠯ ᠢ᠋ ᠲᠣᠬᠢᠷᠠᠭᠤᠯᠵᠤ ᠲᠡᠭᠦᠰᠦᠭᠰᠡᠨ ᠦ᠌ ᠳᠠᠷᠠᠭ᠎ᠠ᠂ ᠬᠠᠯᠬ᠎ᠠ ᠪᠣᠯᠤᠨ ᠳᠣᠲᠣᠭᠠᠳᠤ ᠵᠠᠰᠠᠭ ᠤ᠋ᠨ ᠸᠠᠩ ᠬᠦᠩ ᠨᠠᠷ ᠲᠤ ᠵᠠᠷᠯᠢᠭ ᠤᠯᠠᠮᠵᠢᠯᠠᠨ ᠳᠣᠲᠣᠭᠰᠢ ᠲᠠᠪᠢᠨ ᠭᠠᠵᠠᠷ ᠣᠢᠷᠠᠲᠤᠵᠤ ᠢᠷᠡᠭᠲᠦᠨ ᠭᠡᠪᠡ᠃ 
       ᠴᠢᠭᠤᠯᠭᠠᠨ ᠡᠬᠢᠯᠡᠬᠦ ᠳ᠋ᠦ᠍ ᠳᠣᠲᠣᠭᠠᠳᠤ ᠰᠠᠢᠳ ᠰᠦᠬᠡᠲᠦ᠂ ᠲᠡᠷᠢᠭᠦᠨ ᠳᠡᠰ ᠦ᠋ᠨ ᠬᠢᠶ᠎ᠡ ᠦᠳᠡᠴᠠ ᠵᠠᠷᠯᠢᠭ ᠤᠯᠠᠮᠵᠢᠯᠠᠨ ᠵᠠᠰᠠᠭᠲᠤ ᠬᠠᠨ ᠰᠢᠷ᠎ᠠ᠂ ᠳᠡᠭᠳᠡᠬᠡᠢ ᠮᠡᠷᠭᠡᠨ ᠠᠬᠠᠢ ᠶ᠋ᠢ ᠶᠠᠮᠠᠷ ᠤᠴᠢᠷ ᠢ᠋ᠶ᠋ᠠᠷ ᠠᠯᠠᠭᠰᠠᠨ ᠲᠤᠬᠠᠢ ᠲᠦᠰᠢᠶᠡᠲᠦ ᠬᠠᠨ ᠪᠣᠯᠤᠨ  ᠵᠢᠪᠽᠥ᠋ᠨᠳᠠᠮᠪᠠ ᠬᠤᠲᠤᠭᠲᠤ ᠪᠠᠷ ᠶᠠᠯ᠎ᠠ ᠲᠣᠭᠠᠴᠢᠭᠤᠯᠵᠠᠢ᠃ ᠢᠩᠭᠢᠭᠡᠳ ᠲᠠᠪᠤᠳᠤᠭᠠᠷ ᠰᠠᠷ᠎ᠠ ᠶ᠋ᠢᠨ  ᠬᠣᠶᠠᠷ ᠤ᠋ᠨ ᠡᠳᠦᠷ ᠡᠩᠬᠡ ᠠᠮᠤᠭᠤᠯᠠᠩ ᠬᠠᠭᠠᠨ ᠤ᠋《ᠶᠠᠪᠤᠭᠤᠯ ᠤᠷᠲᠤ》 ᠶ᠋ᠢᠨ ᠡᠮᠦᠨ᠎ᠡ ᠶᠡᠬᠡ ᠬᠤᠷᠢᠮ ᠲᠠᠯᠪᠢᠪᠠ᠃ ᠬᠠᠯᠬ᠎ᠠ ᠶ᠋ᠢᠨ ᠬᠠᠨ᠂ ᠵᠢᠨᠦᠩ᠂ ᠨᠣᠶᠠᠨ᠂ ᠲᠠᠢᠵᠢ 553 ᠬᠥᠮᠦᠨ ᠦ᠌ ᠬᠡᠷᠬᠢᠮ ᠴᠣᠯᠠ ᠶ᠋ᠢ ᠦᠨᠳᠦᠰᠦᠯᠡᠵᠦ᠂ ᠪᠠᠷᠠᠭᠤᠨ ᠭᠠᠷ ᠲᠤ ᠳᠣᠯᠣᠭᠠᠨ ᠮᠥᠷ ᠢ᠋ᠶ᠋ᠡᠷ ᠰᠠᠭᠤᠯᠭᠠᠵᠤ᠂ ᠳᠣᠲᠣᠭᠠᠳᠤ ᠵᠠᠰᠠᠭ ᠸᠠᠩ ᠬᠦᠩ ᠨᠠᠷ ᠢ᠋ ᠵᠡᠭᠦᠨ ᠭᠠᠷ ᠲᠤ ᠰᠠᠭᠤᠯᠭᠠᠵᠠᠢ᠃ ᠬᠥᠭᠵᠢᠮ ᠡᠭᠦᠰᠬᠡᠵᠦ ᠬᠤᠷᠢᠮ ᠡᠬᠢᠯᠡᠬᠦ ᠳ᠋ᠦ᠍ ᠬᠠᠯᠬ᠎ᠠ ᠶ᠋ᠢᠨ ᠬᠠᠳ ᠨᠣᠶᠠᠳ ᠢ᠋ ᠭᠤᠷᠪᠠᠨ ᠵᠢᠱ᠌ᠢᠶ᠎ᠡ ᠬᠤᠪᠢᠶᠠᠨ ᠡᠩᠬᠡ ᠠᠮᠤᠭᠤᠯᠠᠩ ᠬᠠᠭᠠᠨ ᠳ᠋ᠤ᠌  ᠪᠠᠷᠠᠭᠠᠯᠠᠬᠠᠭᠤᠯᠪᠠ᠃ ᠲᠦᠰᠢᠶᠡᠲᠦ ᠬᠠᠨ ᠴᠠᠠᠡᠤᠡᠳᠤᠷᠵᠢ᠂ ᠵᠢᠪᠽᠥ᠋ᠨᠳᠠᠮᠪᠠ ᠬᠤᠲᠤᠭᠲᠤ᠂ ᠵᠠᠰᠠᠭᠲᠤ ᠬᠠᠨ ᠤ᠋ ᠳᠡᠭᠦᠦ ᠴᠠᠧᠠᠩᠵᠠᠪ᠂ ᠰᠡᠴᠡᠨ ᠬᠠᠨ ᠦᠮᠡᠬᠡᠢ ᠨᠠᠷ ᠲᠡᠷᠢᠭᠦᠨ ᠵᠢᠱ᠌ᠢᠶ᠎ᠡ ᠪᠣᠯᠵᠤ᠂ ᠴᠠᠭᠳᠳᠣᠷᠵᠢ ᠪᠣᠯᠤᠨ ᠵᠢᠪᠽᠥ᠋ᠨᠳᠠᠮᠪᠠ ᠬᠤᠲᠤᠭᠲᠤ ᠬᠢᠭᠰᠡᠨ ᠶᠠᠯ᠎ᠠ ᠪᠠᠨ ᠦᠨᠡᠨᠴᠢ ᠰᠢᠳᠤᠷᠭᠤ ᠪᠠᠷ ᠶᠠᠷᠢᠵᠤ ᠡᠩᠬᠡ ᠠᠮᠤᠭᠤᠯᠠᠩ ᠬᠠᠭᠠᠨ ᠤ᠋ ᠠᠭᠤᠴᠢᠯᠠᠯ ᠢ᠋ ᠬᠦᠷᠲᠡᠵᠡᠢ᠃ ᠵᠠᠰᠠᠭᠲᠤ ᠬᠠᠨ ᠰᠢᠷ᠎ᠠ ᠤᠴᠢᠷ ᠦᠭᠡᠢ ᠪᠡᠷ ᠲᠦᠰᠢᠶᠡᠲᠦ ᠬᠠᠨ ᠳ᠋ᠤ᠌ ᠠᠯᠠᠭᠳᠠᠭᠰᠠᠨ ᠪᠣᠯᠬᠣᠷ᠂ ᠲᠡᠭᠦᠨ ᠦ᠌ ᠳᠡᠭᠦᠦ ᠴᠡᠸᠠᠩᠵᠠᠪ ᠢ᠋ ᠬᠠᠷᠠᠭᠠᠯᠵᠠᠨ ᠲᠣᠬᠣᠨᠢᠭᠤᠯᠪᠠ᠃[84]᠃ 
       ᠲᠠᠪᠤᠳᠤᠭᠠᠷ ᠰᠠᠷ᠎ᠠ ᠶ᠋ᠢᠨ ᠭᠤᠷᠪᠠᠨ ᠤ᠋ ᠡᠳᠦᠷ᠂ ᠴᠢᠭᠤᠯᠭᠠᠨ ᠳ᠋ᠤ᠌ ᠣᠨᠴᠣᠭᠣᠢᠯᠠᠨ ᠪᠡᠯᠡᠳᠬᠡᠭᠰᠡᠨ ᠴᠡᠷᠢᠭ ᠦ᠋ᠨ ᠵᠢᠭᠰᠠᠭᠠᠯ ᠢ᠋ ᠪᠠᠢᠴᠠᠭᠠᠬᠤ ᠭᠡᠮᠡᠨ ᠡᠩᠬᠡ ᠠᠮᠤᠭᠤᠯᠠᠩ ᠬᠠᠭᠠᠨ ᠥᠪᠴᠢ ᠪᠡᠶ᠎ᠡ ᠬᠤᠶᠠᠭ ᠳᠤᠭᠤᠯᠠᠭ᠎ᠠ ᠡᠮᠦᠰᠴᠦ《ᠶᠠᠪᠤᠭᠤᠯ ᠤᠷᠲᠤ》 ᠠ᠋ᠴᠠ ᠭᠠᠷᠵᠠᠢ᠃ ᠲᠡᠷᠡ ᠬᠢᠷᠢ ᠳ᠋ᠦ᠍ ᠨᠠᠢ᠍ᠮᠠᠨ ᠬᠤᠰᠢᠭᠤᠨ ᠤ᠋ ᠮᠠᠨᠵᠤ ᠴᠡᠷᠢᠭ᠂ ᠬᠦᠨᠳᠦ ᠴᠡᠷᠢᠭ ᠦ᠋ᠨ ᠭᠠᠯᠲᠤ ᠵᠡᠪᠰᠡᠭ ᠦ᠋ᠨ ᠬᠣᠷᠢᠶᠠᠨ ᠤ᠋ ᠴᠡᠷᠢᠭ ᠂ ᠨᠣᠭᠣᠭᠠᠨ ᠲᠤᠭᠲᠤ ᠴᠡᠷᠢᠭ ᠦ᠋ᠳ ᠠᠩᠭᠢᠯᠠᠨ ᠵᠢᠭᠰᠠᠵᠤ ᠦᠬᠡᠷ ᠫᠤᠤ ᠲᠠᠯᠪᠢᠨ ᠂  ᠪᠦᠷᠢᠶ᠎ᠡ ᠪᠢᠰᠬᠢᠭᠦᠷ ᠦᠯᠢᠶᠡᠵᠦ ᠶᠡᠬᠡ ᠳᠠᠭᠤᠨ ᠢ᠋ᠶ᠋ᠠᠷ ᠬᠠᠰᠬᠢᠷᠤᠨ ᠤᠷᠤᠭᠰᠢᠯᠠᠬᠤ ᠨᠢ ᠠᠭᠤᠯᠠ ᠲᠠᠯ᠎ᠠ ᠶ᠋ᠢ ᠳᠣᠷᠭᠢᠭᠤᠯᠤᠨ᠎ᠠ᠃ ᠡᠭᠦᠨ ᠢ᠋ ᠦᠵᠡᠭᠰᠡᠨ ᠬᠠᠯᠬ᠎ᠠ ᠶ᠋ᠢᠨ ᠬᠠᠳ ᠨᠣᠶᠠᠳ ᠶᠡᠬᠡᠯ᠎ᠡ ᠰᠣᠴᠢᠨ ᠰᠦᠷᠳᠡᠵᠡᠢ᠃ ᠡᠩᠬᠡ ᠠᠮᠤᠭᠤᠯᠠᠩ ᠬᠠᠭᠠᠨ ᠴᠡᠷᠢᠭ ᠦ᠋ᠨ ᠵᠢᠭᠰᠠᠭᠠᠯ ᠢ᠋ ᠪᠠᠢᠴᠠᠭᠠᠵᠤ ᠪᠠᠷᠠᠭᠰᠠᠨ ᠤ᠋ ᠳᠠᠷᠠᠭ᠎ᠠ᠂ ᠬᠠᠯᠬ᠎ᠠ ᠶ᠋ᠢᠨ ᠬᠠᠳ ᠲᠠᠢᠵᠢ ᠳ᠋ᠤ᠌ ᠪᠠᠰᠠ ᠨᠢᠭᠡᠨ ᠤᠳᠠᠭ᠎ᠠ ᠶᠡᠬᠡ ᠬᠤᠷᠢᠮ ᠱᠠᠩᠨᠠᠪᠠ᠃ ᠴᠢᠩᠭᠢᠭᠡᠳ ᠴᠠᠠᠡᠳᠳᠤᠷᠵᠢ᠂ ᠴᠠᠧᠠᠩᠵᠠᠪ᠂ ᠰᠡᠴᠡᠨ ᠬᠠᠭᠠᠨ᠂ ᠵᠢᠪᠽᠥ᠋ᠨᠳᠠᠮᠪᠠ ᠵᠢᠴᠢ ᠵᠢᠨᠦᠩ ᠲᠠᠢᠵᠢ ᠭᠤᠴᠢᠨ ᠲᠠᠪᠤᠨ ᠬᠥᠮᠦᠨ ᠢ᠋ ᠳᠠᠬᠢᠨ  ᠳᠠᠭᠤᠳᠠᠨ ᠵᠣᠯᠭᠠᠵᠤ ᠬᠠᠮᠲᠤ ᠪᠠᠷ ᠬᠤᠷᠢᠮ ᠳ᠋ᠤ᠌ ᠰᠠᠭᠤᠵᠠᠢ᠃ ᠡᠭᠦᠨ ᠦ᠌  ᠳᠠᠭᠠᠤ ᠡᠩᠬᠡ ᠠᠮᠤᠭᠤᠯᠠᠩ ᠬᠠᠭᠠᠨ ᠵᠠᠷᠯᠢᠭ ᠤᠯᠠᠮᠵᠢᠯᠠᠨ᠂ ᠬᠠᠯᠬ᠎ᠠ ᠶ᠋ᠢ ᠥᠪᠥᠷ ᠳᠥᠴᠢ ᠶᠢᠰᠦᠨ ᠬᠤᠰᠢᠭᠤᠨ ᠤ᠋ ᠳᠦᠷᠢᠮ ᠢ᠋ᠶ᠋ᠡᠷ ᠬᠣᠰᠢᠭᠤ ᠰᠤᠮᠤ ᠬᠤᠪᠢᠶᠠᠵᠤ ᠴᠣᠯᠠ ᠬᠡᠷᠬᠡᠮ ᠢ᠋ ᠨᠢ ᠥᠭᠡᠷᠡᠴᠢᠯᠡᠨ ᠳᠣᠲᠣᠭᠠᠳᠤ ᠵᠠᠰᠠᠭ ᠤ᠋ᠨ ᠵᠢᠱ᠌ᠢᠶ᠎ᠡ ᠪᠡᠷ ᠪᠣᠯᠭᠠᠬᠤ ᠭᠡᠪᠡ[85]᠃  ᠲᠡᠭᠦᠨᠴᠡ ᠲᠦᠰᠢᠶᠡᠲᠦ ᠬᠠᠨ ᠪᠣᠯᠤᠨ ᠰᠡᠴᠡᠨ ᠬᠠᠭᠠᠨ ᠤ᠋ ᠴᠣᠯᠠ ᠶ᠋ᠢ ᠨᠢ ᠦᠯᠡᠳᠡᠭᠡᠵᠦ᠂ ᠵᠠᠰᠠᠭᠲᠤ ᠬᠠᠨ  ᠰᠢᠷ᠎ᠠ ᠶ᠋ᠢᠨ ᠳᠡᠭᠦᠦ ᠴᠠᠸᠠᠩᠵᠠᠪ ᠲᠤ᠌ ᠬᠣᠱᠣᠢ ᠴᠢᠨ ᠸᠠᠩ ᠤ᠋ᠨ ᠬᠡᠷᠬᠡᠮ ᠬᠠᠢᠷᠠᠯᠠᠵᠠᠢ᠃  ᠵᠠᠰᠠᠭ ᠮᠡᠷᠭᠡᠨ ᠵᠢᠨᠦᠩ ᠬᠦᠷᠦᠰᠢᠰᠢ ᠵᠡᠷᠭᠡ ᠳᠣᠯᠣᠭᠠᠨ ᠵᠢᠨᠦᠩ ᠪᠣᠯᠤᠨ ᠨᠣᠶᠠᠳ ᠲᠤ᠌ ᠤᠤᠯ ᠨᠢ ᠨᠢᠭᠡᠨᠲᠡ ᠵᠠᠰᠠᠭ ᠣᠯᠭᠣᠭᠰᠠᠨ ᠲᠤᠯᠠ ᠵᠢᠨᠦᠩ᠂ᠨᠣᠶᠠᠨ ᠴᠣᠯᠠ ᠶ᠋ᠢ ᠨᠢ ᠥᠭᠡᠷᠡᠴᠢᠯᠡᠨ ᠲᠥᠷᠥ ᠶ᠋ᠢᠨ ᠵᠢᠶᠦ᠋ᠨ ᠸᠠᠩ ᠡᠷᠭᠦᠮᠵᠢᠯᠡᠪᠡ᠃ ᠪᠠᠰᠠ ᠰᠡᠴᠡᠨ ᠬᠠᠨ ᠤ᠋ ᠲᠥᠷᠥᠯ ᠦ᠋ᠨ ᠠᠪᠠᠭ᠎ᠠ ᠵᠠᠰᠠᠭ  ᠡᠷᠬᠡ ᠲᠠᠢᠵᠢ ᠴᠠᠪᠳᠠᠨ ᠪᠣᠯᠤᠨ ᠲᠦᠰᠢᠶᠡᠲᠦ ᠬᠠᠨ ᠤ᠋ ᠳᠡᠭᠦᠦ ᠰᠢᠳᠢᠰᠢᠷᠢ ᠳ᠋ᠦ᠍ ᠲᠥᠷᠥ ᠶ᠋ᠢᠨ ᠪᠡᠢᠯᠡ᠂  ᠴᠡᠴᠡᠨ ᠵᠢᠨᠦᠩ ᠴᠠᠪᠳᠠᠨ ᠵᠡᠷᠭᠡ ᠵᠢᠷᠭᠤᠭᠠᠨ ᠬᠥᠮᠦᠨ ᠦ᠌ ᠵᠢᠨᠦᠩ᠂ ᠨᠣᠶᠠᠨ ᠭᠡᠬᠦ ᠬᠠᠭᠤᠴᠢᠨ ᠴᠣᠯᠠ ᠶ᠋ᠢ ᠥᠭᠡᠷᠡᠴᠢᠯᠡᠨ ᠬᠤᠰᠢᠭᠤᠨ ᠤ᠋ ᠪᠡᠢᠰᠡ᠂ ᠬᠣᠩᠬᠣᠷ ᠳᠠᠢᠴᠢᠩ ᠵᠡᠷᠭᠡ ᠭᠤᠷᠪᠠᠨ ᠲᠠᠢᠵᠢ ᠳ᠋ᠤ᠌ ᠤᠯᠤᠰ ᠤ᠋ᠨ ᠲᠦᠰᠢᠶ᠎ᠡ ᠬᠦᠩ᠂ ᠵᠠᠰᠠᠭ ᠴᠣᠢᠮᠴᠤᠭ ᠨᠠᠮᠵᠢᠯ ᠵᠡᠷᠭᠡ ᠠᠷᠪᠠᠨ ᠬᠥᠮᠦᠨ ᠳ᠋ᠦ᠍ ᠲᠡᠷᠢᠭᠦᠨ ᠵᠡᠷᠭᠡ ᠶ᠋ᠢᠨ ᠲᠠᠢᠵᠢ ᠵᠡᠷᠭᠡ ᠬᠡᠷᠬᠡᠮ ᠴᠣᠯᠠ ᠬᠦᠷᠲᠡᠭᠡᠨ᠂ ᠬᠠᠯᠬ᠎ᠠ ᠶ᠋ᠢᠨ ᠭᠤᠷᠪᠠᠨ ᠠᠢᠮᠠᠭ ᠢ᠋ ᠭᠤᠴᠢᠨ ᠬᠣᠶᠠᠷ ᠬᠣᠰᠢᠭᠤ ᠵᠠᠰᠠᠭ ᠪᠣᠯᠭᠠᠨ ᠬᠤᠪᠢᠶᠠᠷᠢᠯᠠᠵᠤ ᠬᠢᠵᠠᠭᠠᠷ ᠤ᠋ᠨ ᠤᠰᠤ ᠡᠪᠡᠰᠦ ᠲᠡᠢ ᠭᠠᠵᠠᠷ ᠮᠠᠯᠵᠢᠭᠲᠤᠨ ᠭᠡᠵᠡᠢ᠃