ᠡᠴᠢᠭᠡ ᠲᠩᠷᠢ ᠳ᠋ᠦ᠍ ᠪᠡᠨ ᠮᠥᠷᠭᠥᠮᠦ -ᠴᠡᠴᠡᠭᠮ᠎ᠠ Эцэг тэнгэртээ мөргөмү-Цэцэгмаа
ᠡᠴᠢᠭᠡ ᠲᠩᠷᠢ ᠳ᠋ᠦ᠍ ᠪᠡᠨ ᠮᠥᠷᠭᠥᠮᠦ
ᠦᠭᠡ᠄ ᠪᠠᠲᠤ ᠶ᠋ᠢᠨ ᠳᠤᠯᠠᠭᠠᠨ
ᠠᠶ᠎ᠠ᠄ ᠲᠣᠳᠣᠰᠠᠢᠬᠠᠨ
ᠳᠠᠭᠤᠴᠢᠨ᠄ ᠴᠡᠴᠡᠭᠮ᠎ᠠ
ᠲᠤᠩᠭᠠᠯᠠᠭ ᠲᠣᠭᠲᠠᠭᠤᠨ ᠬᠠᠷᠠᠴᠠ ᠶ᠋ᠢ ᠲᠠᠨᠢ
ᠲᠦᠮᠡᠨ ᠨᠢᠳᠦ ᠲᠡᠢ ᠲᠩᠷᠢ ᠡᠴᠡ ᠣᠯᠤᠭᠰᠠᠨ ᠦᠭᠡᠢ
ᠲᠣᠭᠠᠲᠠᠢᠬᠠᠨ ᠶᠠᠷᠢᠳᠠᠭ ᠰᠤᠷᠭᠠᠯ ᠢ᠋ ᠲᠠᠨᠢ
ᠲᠡᠦᠬᠡ ᠰᠤᠳᠤᠷ ᠡᠴᠡ ᠡᠷᠢᠭᠡᠳ ᠣᠯᠤᠭᠰᠠᠨ ᠦᠭᠡᠢ
ᠠᠷᠭᠢᠯ ᠪᠠᠳᠠᠷᠢᠭᠤᠨ ᠭᠠᠷ ᠢ᠋ ᠲᠠᠨᠢ
ᠠᠭᠤᠯᠵᠠᠭᠰᠠᠨ ᠨᠢᠭᠡᠨ ᠡᠴᠡ ᠬᠦᠰᠡᠭᠡᠳ ᠣᠯᠤᠭᠰᠠᠨ ᠦᠭᠡᠢ
ᠠᠯᠳᠠᠭ᠎ᠠ ᠲᠠᠢ ᠤᠨᠤᠭ᠎ᠠ ᠲᠠᠢ ᠨᠠᠮᠲᠠᠷ ᠢ᠋ ᠲᠠᠨᠢ
ᠠᠮᠢᠳᠤᠷᠠᠯ ᠤ᠋ᠨ ᠲᠣᠭᠣᠷᠢᠭ ᠡᠴᠡ ᠭᠤᠶᠤᠭᠠᠳ ᠣᠯᠤᠭᠰᠠᠨ ᠦᠭᠡᠢ
ᠲᠠᠯ᠎ᠠ ᠶ᠋ᠢᠨ ᠢ᠋ᠶ᠋ᠡᠨ ᠡᠯᠢᠭᠡᠨ ᠳ᠋ᠤ᠌ ᠪᠠᠷᠢᠯᠳᠤᠭᠰᠠᠨ ᠠᠭᠤᠯᠠ
ᠲᠩᠷᠢᠯᠢᠭ ᠡᠷ᠎ᠡ ᠬᠥᠮᠦᠨ ᠠᠪᠤ ᠮᠢᠨᠦ ᠤᠤ ᠳᠠ
ᠲᠠᠨ ᠤ᠋ ᠪᠠᠨ ᠥᠪᠯᠡᠭᠰᠡᠨ ᠬᠣᠷᠸ᠎ᠠ ᠡᠴᠡ
ᠡᠴᠢᠭᠡ ᠶ᠋ᠢᠨ ᠦᠨᠦᠷᠲᠡᠢ ᠰᠢᠷᠤᠢᠨ ᠳ᠋ᠤ᠌ ᠪᠠᠨ ᠮᠥᠷᠭᠥᠮᠦ
ᠬᠠᠷᠢᠰᠢ ᠦᠭᠡᠢ ᠨᠦᠮᠵᠦᠭᠲᠦ ᠤᠬᠠᠭᠠᠨ ᠢ᠋ ᠲᠠᠨᠢ
ᠬᠠᠲᠠᠭᠤᠬᠠᠨ ᠵᠠᠶᠠᠭᠠᠨ ᠡᠴᠡ ᠬᠦᠯᠢᠶᠡᠭᠡᠳ ᠣᠯᠤᠭᠰᠠᠨ ᠦᠭᠡᠢ
ᠬᠠᠯᠠᠮᠴᠠᠭᠤ ᠳ᠋ᠤ᠌ ᠪᠠᠨ ᠬᠡᠯᠡᠭᠰᠡᠨ ᠦᠨᠡᠨ ᠢ᠋ ᠲᠠᠨᠢ
ᠡᠷᠡᠭᠦᠯ ᠦ᠋ᠨ ᠬᠣᠷᠸ᠎ᠠ ᠡᠴᠡ ᠡᠷᠢᠭᠡᠳ ᠣᠯᠤᠭᠰᠠᠨ ᠦᠭᠡᠢ
ᠲᠠᠯ᠎ᠠ ᠶ᠋ᠢᠨ ᠢ᠋ᠶ᠋ᠡᠨ ᠡᠯᠢᠭᠡᠨ ᠳ᠋ᠤ᠌ ᠪᠠᠷᠢᠯᠳᠤᠭᠰᠠᠨ ᠠᠭᠤᠯᠠ
ᠲᠩᠷᠢᠯᠢᠭ ᠡᠷ᠎ᠡ ᠬᠥᠮᠦᠨ ᠠᠪᠤ ᠮᠢᠨᠦ ᠤᠤ ᠳᠠ
ᠲᠠᠨ ᠤ᠋ ᠪᠠᠨ ᠡᠵᠡᠭᠦᠢ ᠳᠡᠯᠡᠬᠡᠢ ᠡᠴᠡ
ᠡᠴᠢᠭᠡ ᠶ᠋ᠢᠨ ᠬᠥᠷᠥᠭ ᠲᠡᠢ ᠲᠩᠷᠢ ᠳ᠋ᠤ᠌ ᠮᠥᠷᠭᠥᠮᠦ
ᠠᠪᠤ ᠶ᠋ᠢᠨ ᠬᠥᠷᠥᠭ ᠲᠡᠢ ᠲᠩᠷᠢ ᠳ᠋ᠤ᠌ ᠮᠥᠷᠭᠥᠮᠦ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
