ᠬᠦᠦ ᠪᠠ ᠠᠯᠢᠮ᠎ᠠ ᠶ᠋ᠢᠨ ᠮᠣᠳᠣᠨ ᠤ᠋ ᠰᠤᠷᠭᠠᠯKhüü ba alimyn modny surgaalХүү ба алимын модны сургаал
ᠬᠦᠦ ᠪᠠ ᠠᠯᠢᠮ᠎ᠠ ᠶ᠋ᠢᠨ ᠮᠣᠳᠣᠨ ᠤ᠋ ᠰᠤᠷᠭᠠᠯ
ᠨᠢᠭᠡᠨ ᠬᠦᠦ ᠡᠳᠦᠷ ᠪᠣᠯᠭᠠᠨ ᠮᠠᠰᠢ ᠭᠠᠢᠬᠠᠯᠲᠠᠢ ᠰᠦᠷᠯᠢᠭ ᠲᠣᠮᠣ ᠠᠯᠢᠮ᠎ᠠ ᠶ᠋ᠢᠨ ᠮᠣᠳᠣᠨ ᠳᠡᠭᠡᠷ᠎ᠡ ᠣᠴᠢᠵᠤ ᠲᠣᠭᠯᠠᠳᠠᠭ ᠪᠠᠢᠭᠰᠠᠨ ᠭᠡᠨ᠎ᠡ᠂ ᠲᠡᠷᠡ ᠠᠯᠢᠮ᠎ᠠ ᠶ᠋ᠢᠨ ᠮᠣᠳᠣ ᠬᠦᠦ ᠳ᠋ᠦ᠍ ᠮᠠᠰᠢ ᠶᠡᠬᠡ ᠬᠠᠢᠷᠠᠲᠠᠢ᠃ ᠡᠳᠦᠷ ᠪᠣᠯᠭᠠᠨ ᠠᠯᠢᠮ᠎ᠠ ᠠ᠋ᠴᠠ ᠪᠠᠨ ᠥᠭᠭᠦᠨ᠎ᠡ᠂ ᠡᠳᠦᠷ ᠪᠣᠯᠭᠠᠨ ᠲᠡᠷᠡ ᠬᠦᠦ ᠶ᠋ᠢ ᠨᠠᠷᠠ ᠰᠠᠯᠬᠢᠨ ᠠ᠋ᠴᠠ ᠬᠠᠮᠠᠭᠠᠯᠠᠨ᠎ᠠ᠂ ᠡᠳᠦᠷ ᠪᠣᠯᠭᠠᠨ ᠲᠡᠷᠡ ᠬᠦᠦ ᠶ᠋ᠢ ᠡᠷᠬᠡᠯᠡᠭᠦᠯᠵᠦ᠂ ᠲᠣᠭᠯᠠᠭᠤᠯᠤᠨ᠎ᠠ᠃ ᠬᠠᠷᠢᠨ ᠬᠦᠦ ᠴᠠᠭ ᠬᠤᠭᠤᠴᠠᠭᠠᠨ ᠤ᠋ ᠡᠷᠬᠡ ᠪᠡᠷ ᠲᠣᠮᠣ ᠪᠣᠯᠬᠤ ᠦᠶ᠎ᠡ ᠳ᠋ᠦ᠍ ᠪᠡᠨ ᠠᠯᠢᠮ᠎ᠠ ᠶ᠋ᠢᠨ ᠮᠣᠳᠣᠨ ᠳᠡᠭᠡᠷ᠎ᠡ ᠣᠴᠢᠬᠤ ᠨᠢ ᠪᠠᠭᠠᠰᠳᠠᠭ᠃ ᠠᠯᠢᠮ᠎ᠠ ᠶ᠋ᠢᠨ ᠮᠣᠳᠣ ᠬᠦᠦ ᠳ᠋ᠦ᠍ ᠮᠠᠰᠢ ᠶᠡᠬᠡ ᠬᠠᠢᠷᠠᠲᠠᠢ ᠤᠴᠢᠷ ᠠ᠋ᠴᠠ ᠢᠷᠡᠭᠡᠰᠡᠢ ᠭᠡᠵᠦ ᠪᠣᠳᠣᠵᠤ ᠪᠠᠢᠭ᠎ᠠ ᠶᠤᠮ᠃ ᠨᠢᠭᠡ ᠡᠳᠦᠷ ᠲᠣᠮᠣ ᠵᠠᠯᠠᠭᠤ ᠪᠣᠯᠤᠭᠰᠠᠨ ᠨᠥᠭᠥᠭᠡ ᠬᠦᠦ ᠴᠢᠨᠢ ᠠᠯᠢᠮ᠎ᠠ ᠶ᠋ᠢᠨ ᠮᠣᠳᠣᠨ ᠳᠡᠭᠡᠷ᠎ᠡ ᠢᠷᠡᠵᠦ ᠃ ᠠᠯᠢᠮᠠᠨ ᠤ᠋ ᠮᠣᠳᠣ ᠶᠠᠭᠠᠬᠢᠬᠤᠪ ᠪᠥᠭᠡᠮ ᠪᠠᠶᠠᠷ ᠪᠣᠯᠤᠭᠠᠳ ᠯᠠ ᠤᠭᠲᠤᠵᠤ ᠠᠪᠤᠨ᠎ᠠ ᠲᠡᠢᠮᠦ ᠤᠤ? ᠲᠡᠭᠡᠭᠰᠡᠨ ᠴᠢᠨᠢ ᠬᠦᠦ ᠢᠷᠡᠭᠡᠳ《ᠨᠠᠳᠠ ᠳ᠋ᠤ᠌ ᠣᠳᠣ ᠮᠥᠩᠭᠥ ᠬᠡᠷᠡᠭᠲᠡᠢ ᠪᠣᠯᠴᠢᠬᠠᠯ᠎ᠠ᠂ ᠪᠢ ᠶᠠᠭᠠᠬᠢᠬᠤ ᠪᠣᠢ?》 ᠭᠡᠵᠦ ᠨᠥᠭᠥᠭᠡ ᠠᠯᠢᠮ᠎ᠠ ᠶ᠋ᠢᠨ ᠮᠣᠳᠣᠨ ᠠ᠋ᠴᠠ ᠠᠰᠠᠭᠤᠭᠰᠠᠨ ᠂ ᠨᠥᠭᠥᠭᠡ ᠲᠣᠮᠣ ᠪᠣᠯᠤᠭᠰᠠᠨ ᠬᠦᠦ ᠴᠢᠨᠢ᠂ ᠲᠡᠭᠡᠬᠦ ᠳ᠋ᠦ᠍ ᠠᠯᠢᠮ᠎ᠠ ᠶ᠋ᠢᠨ ᠮᠣᠳᠣ ᠪᠣᠯ ᠲᠡᠷᠡ ᠬᠦᠦ ᠶ᠋ᠢ ᠵᠢᠵᠢᠭᠬᠡᠨ ᠨᠢᠯᠬ᠎ᠠ ᠬᠡᠦᠬᠡᠳ ᠬᠡᠪ ᠢ᠋ᠶ᠋ᠡᠷ ᠨᠢ ᠯᠡ ᠬᠠᠷᠠᠵᠤ ᠪᠠᠢᠭ᠎ᠠ ᠪᠠᠢᠬᠤ ᠦᠭᠡᠢ ᠤᠤ! ᠠᠯᠢᠮ᠎ᠠ ᠶ᠋ᠢᠨ ᠮᠣᠳᠣ ᠬᠦᠦ ᠳ᠋ᠦ᠍ ᠲᠡᠭᠡᠵᠦ ᠬᠡᠯᠡᠭᠰᠡᠨ᠃《ᠴᠢᠮ᠎ᠠ ᠳ᠋ᠤ᠌ ᠮᠥᠩᠭᠥ ᠬᠡᠷᠡᠭᠲᠡᠢ ᠪᠠᠢᠭ᠎ᠠ ᠪᠣᠯ ᠪᠢ ᠰᠦᠷᠯᠢᠭ ᠲᠣᠮᠣ ᠤᠴᠢᠷ ᠠ᠋ᠴᠠ ᠮᠠᠰᠢ ᠶᠡᠬᠡ ᠠᠯᠢᠮ᠎ᠠ ᠭᠠᠷᠭᠠᠳᠠᠭ᠂ ᠮᠢᠨᠦ ᠪᠦᠬᠦ ᠠᠯᠢᠮ᠎ᠠ ᠶ᠋ᠢ ᠴᠢ ᠲᠡᠭᠦᠭᠡᠳ ᠠᠪᠴᠤ ᠶᠠᠪᠤᠭᠠᠳ ᠵᠠᠷᠤ᠃ ᠡᠨᠡ ᠠᠮᠢᠳᠤᠷᠠᠯ ᠳ᠋ᠤ᠌ ᠴᠢᠨᠢ ᠬᠦᠷᠦᠯᠴᠡᠭᠡᠲᠡᠢ ᠪᠠᠢᠬᠤ ᠪᠣᠯᠤᠨ᠎ᠠ ᠠ》 ᠭᠡᠵᠦ ᠲᠡᠷᠡ ᠠᠯᠢᠮ᠎ᠠ ᠶ᠋ᠢᠨ ᠮᠣᠳᠣ ᠬᠡᠯᠡᠭᠰᠡᠨ᠃ ᠲᠡᠭᠡᠭᠰᠡᠨ ᠴᠢᠨᠢ ᠬᠦᠦ ᠪᠥᠭᠡᠮ ᠪᠠᠶᠠᠷ ᠪᠣᠯᠤᠭᠠᠳ ᠠᠯᠢᠮ᠎ᠠ ᠶ᠋ᠢᠨ ᠮᠣᠳᠣᠨ ᠤ᠋ ᠪᠦᠬᠦ ᠵᠢᠮᠢᠰ ᠢ᠋ ᠲᠡᠭᠦᠭᠡᠳ ᠠᠪᠠᠴᠢᠭᠠᠳ ᠵᠠᠷᠤᠭᠰᠠᠨ᠃ ᠲᠡᠭᠡᠭᠡᠳ ᠬᠠᠷᠠᠮᠰᠠᠯᠲᠠᠢ ᠨᠢ ᠶᠠᠭᠤ ᠪᠣᠯᠤᠭᠰᠠᠨ ᠪᠣᠢ ᠭᠡᠬᠦ ᠪᠡᠷ ᠬᠦᠦ ᠲᠣᠭᠲᠠᠮᠠᠯ ᠨᠥᠭᠥᠭᠡ ᠠᠯᠢᠮ᠎ᠠ ᠶ᠋ᠢᠨ ᠮᠣᠳᠣᠨ ᠳᠡᠭᠡᠷ᠎ᠡ ᠴᠢᠨᠢ ᠣᠴᠢᠭᠰᠠᠨ ᠦᠭᠡᠢ᠃ ᠪᠠᠰᠠ ᠯᠠ ᠬᠡᠰᠡᠭ ᠬᠤᠭᠤᠴᠠᠭᠠᠨ ᠳ᠋ᠤ᠌ ᠠᠯᠠᠭ᠎ᠠ ᠪᠣᠯᠴᠢᠬᠠᠳᠠᠭ᠃
ᠠᠯᠢᠮᠠᠨ ᠤ᠋ ᠮᠣᠳᠣ ᠨᠥᠭᠥᠭᠡ ᠬᠦᠦ ᠶ᠋ᠢ ᠴᠢᠨᠢ ᠬᠦᠯᠢᠶᠡᠭᠰᠡᠭᠡᠷ ᠯᠡ ᠪᠠᠢᠭ᠎ᠠ᠃ ᠵᠠ ᠲᠡᠭᠡᠭᠡᠳ10 ᠵᠢᠯ ᠥᠩᠭᠡᠷᠡᠭᠰᠡᠨ ᠤᠤ᠂ 5 ᠵᠢᠯ ᠥᠩᠭᠡᠷᠡᠭᠰᠡᠨ ᠤᠤ᠂ ᠬᠦᠦ ᠳᠠᠬᠢᠭᠠᠳ ᠢᠷᠡᠵᠦ ᠪᠠᠢᠨ᠎ᠠ᠃ ᠠᠯᠢᠮ᠎ᠠ ᠶ᠋ᠢᠨ ᠮᠣᠳᠣ ᠶᠠᠭᠠᠬᠢᠬᠤᠪ ᠳᠠᠬᠢᠭᠠᠳ ᠯᠠ ᠪᠥᠭᠡᠮ ᠪᠠᠶᠠᠷ ᠨᠥᠭᠥᠭᠡ ᠬᠦᠦ ᠶ᠋ᠢ ᠴᠢᠨᠢ ᠬᠦᠯᠢᠶᠡᠵᠦ ᠠᠪᠴᠤ ᠪᠠᠢᠭ᠎ᠠ ᠶᠤᠮ ᠃ ᠶᠠᠭᠠᠬᠢᠭᠠᠳ ᠪᠣᠢ ᠭᠡᠬᠦ ᠪᠡᠷ ᠲᠡᠷᠡ ᠠᠯᠢᠮ᠎ᠠ ᠶ᠋ᠢᠨ ᠮᠣᠳᠣ ᠬᠦᠦ ᠳ᠋ᠦ᠍ ᠬᠠᠢᠷᠠᠲᠠᠢ ᠤᠴᠢᠷ ᠠ᠋ᠴᠠ ᠭᠡᠰᠡᠨ ᠳᠡ᠂ ᠲᠡᠭᠡᠭᠰᠡᠨ ᠴᠢᠨᠢ ᠬᠦᠦ ᠢᠷᠡᠭᠡᠳ ᠶᠠᠭᠤ ᠭᠡᠵᠦ ᠬᠡᠯᠡᠭᠰᠡᠨ ᠪᠣᠢ ᠭᠡᠬᠦ ᠪᠡᠷ《ᠮᠠᠰᠢ ᠭᠣᠶᠣ ᠥᠪᠡᠷ ᠦ᠋ᠨ ᠢ᠋ᠶ᠋ᠡᠨ ᠠᠮᠢᠳᠤᠷᠠᠯ ᠢ᠋ ᠬᠦᠰᠡᠵᠦ ᠪᠠᠢᠭ᠎ᠠ ᠪᠠᠢᠰᠢᠩ ᠢ᠋ ᠪᠠᠷᠢᠬᠤ ᠭᠡᠰᠡᠨ ᠴᠢᠨᠢ ᠨᠠᠳᠠ ᠳ᠋ᠤ᠌ ᠮᠣᠳᠣ ᠪᠠᠢᠬᠤ ᠦᠭᠡᠢ》 ᠭᠡᠵᠦ ᠬᠡᠯᠡᠭᠰᠡᠨ᠂ ᠲᠡᠭᠡᠭᠰᠡᠨ ᠴᠢᠨᠢ ᠠᠯᠢᠮ᠎ᠠ ᠶ᠋ᠢᠨ ᠮᠣᠳᠣ ᠬᠦᠦ ᠳ᠋ᠦ᠍ ᠶᠠᠭᠤ ᠭᠡᠵᠦ ᠬᠡᠯᠡᠳᠡᠭ ᠪᠣᠢ ᠭᠡᠬᠦ ᠪᠡᠷ᠂《ᠵᠠ ᠵᠠ ᠬᠦᠦ ᠮᠢᠨᠢ ᠮᠢᠨᠦ ᠮᠥᠴᠢᠷ ᠢ᠋ ᠪᠦᠭᠦᠳᠡ ᠶ᠋ᠢ ᠨᠢ ᠳᠠᠭᠠᠷᠢᠭᠠᠳ ᠠᠪᠤᠭᠠᠳ ᠶᠠᠪᠤ ᠠ᠂ ᠮᠢᠨᠦ ᠮᠥᠴᠢᠷ ᠦ᠋ᠳ ᠬᠠᠩᠭᠠᠯᠲᠠᠲᠠᠢ ᠲᠣᠮᠣ ᠂ ᠴᠢᠨᠦ ᠬᠦᠰᠡᠭᠰᠡᠨ ᠬᠡᠮᠵᠢᠶᠡᠨ ᠦ᠌ ᠪᠠᠢᠰᠢᠩ ᠢ᠋ ᠪᠠᠷᠢᠬᠤ ᠳ᠋ᠤ᠌ ᠬᠦᠷᠦᠯᠴᠡᠨ᠎ᠡ ᠠ᠋》 ᠭᠡᠵᠦ ᠬᠡᠯᠡᠭᠰᠡᠨ᠃ ᠲᠡᠭᠡᠭᠰᠡᠨ ᠴᠢᠨᠢ ᠬᠦᠦ ᠤᠤᠬᠠᠢ ᠲᠠᠰᠤ ᠪᠥᠭᠡᠮ ᠪᠠᠶᠠᠷ ᠪᠣᠯᠤᠭᠠᠳ ᠮᠥᠴᠢᠷ ᠦ᠋ᠳ ᠢ᠋ ᠨᠢ ᠳᠠᠭᠠᠷᠢᠭᠠᠳ ᠂ ᠲᠡᠭᠡᠭᠡᠳ ᠠᠪᠤᠭᠠᠳ ᠶᠠᠪᠤᠭᠰᠠᠨ ᠂ᠭᠡᠬᠦ ᠳ᠋ᠡᠭᠡᠨ ᠬᠠᠷᠠᠮᠰᠠᠯᠲᠠᠢ ᠨᠢ ᠳᠠᠬᠢᠭᠠᠳ ᠯᠠ ᠬᠦᠦ ᠠᠯᠢᠮ᠎ᠠ ᠶ᠋ᠢᠨ ᠮᠣᠳᠣᠨ ᠳᠡᠭᠡᠷ᠎ᠡ ᠲᠣᠭᠲᠠᠮᠠᠯ ᠣᠴᠢᠭᠰᠠᠨ ᠦᠭᠡᠢ ᠴᠠᠭ ᠬᠤᠭᠤᠴᠠᠭ᠎ᠠ ᠥᠩᠭᠡᠷᠡᠭᠰᠡᠨ᠂ ᠠᠯᠢᠮ᠎ᠠ ᠶ᠋ᠢᠨ ᠮᠣᠳᠣ ᠪᠣᠯ ᠶᠠᠭ ᠯᠠ ᠪᠠᠢᠭ᠎ᠠ ᠭᠠᠵᠠᠷ ᠲᠤ᠌ ᠪᠠᠨ ᠨᠥᠭᠥᠭᠡ ᠬᠦᠦ ᠪᠡᠨ ᠬᠦᠯᠢᠶᠡᠭᠰᠡᠭᠡᠷ ᠯᠡ ᠢᠷᠡᠭᠰᠡᠨ᠃ ᠵᠠ ᠨᠢᠭᠡ ᠡᠳᠦᠷ ᠪᠠᠰᠠ ᠢᠷᠡᠯ᠎ᠡ ᠨᠥᠭᠥᠭᠡ ᠬᠦᠦ ᠴᠢᠨᠢ ᠨᠡᠯᠢᠶᠡᠳ ᠲᠣᠮᠣ ᠪᠣᠯᠴᠢᠬᠠᠵᠠᠢ ᠂ᠲᠡᠭᠡᠭᠰᠡᠨ ᠴᠢᠨᠢ ᠠᠯᠢᠮ᠎ᠠ ᠶ᠋ᠢᠨ ᠮᠣᠳᠣ ᠪᠥᠭᠡᠮ ᠪᠠᠶᠠᠷ ᠪᠣᠯᠤᠭᠠᠳ ᠯᠠ ᠤᠭᠲᠤᠵᠤ ᠠᠪᠴᠤ ᠪᠠᠢᠭ᠎ᠠ ᠶᠤᠮ ᠃ ᠶᠠᠭᠠᠬᠢᠭᠠᠳ ᠪᠣᠢ ᠭᠡᠬᠦ ᠪᠡᠷ ᠮᠡᠳᠡᠭᠡᠵᠢ ᠬᠡᠷᠡᠭ ᠨᠥᠭᠥᠭᠡ ᠨᠢᠭᠡ ᠬᠦᠦ ᠲᠣᠮᠣ ᠪᠣᠯᠴᠢᠬᠠᠭᠰᠠᠨ ᠴᠤ᠌ ᠭᠡᠰᠡᠨ ᠬᠦᠦ ᠬᠡᠪ ᠢ᠋ᠶ᠋ᠡᠷ ᠨᠢ ᠬᠠᠷᠠᠭᠠᠳ ᠪᠠᠢᠨ᠎ᠠ ᠰᠦ᠍ ᠳᠠ ᠨᠥᠭᠥᠭᠡ ᠠᠯᠢᠮ᠎ᠠ ᠶ᠋ᠢᠨ ᠮᠣᠳᠣ ᠬᠠᠢᠷᠠᠲᠠᠢ ᠤᠴᠢᠷ ᠠ᠋ᠴᠠ ᠲᠡᠭᠡᠵᠦ ᠪᠠᠢᠭ᠎ᠠ ᠶᠤᠮ᠂ ᠬᠦᠦ ᠢᠷᠡᠭᠡᠳ ᠶᠠᠭᠠᠬᠢᠭᠰᠠᠨ ᠪᠣᠢ ᠭᠡᠬᠦᠯᠡᠷ《ᠣᠳᠣ ᠨᠠᠳᠠ ᠳ᠋ᠤ᠌ ᠵᠠᠪᠢ ᠬᠡᠷᠡᠭᠲᠡᠢ ᠪᠣᠯᠴᠢᠬᠠᠭᠰᠠᠨ᠂ ᠥᠭᠡᠷ᠎ᠡ ᠭᠠᠵᠠᠷ ᠯᠤᠭ᠎ᠠ ᠣᠴᠢᠵᠤ ᠬᠦᠰᠡᠯ ᠮᠥᠷᠥᠭᠡᠳᠦᠯ ᠢ᠋ᠶ᠋ᠡᠨ ᠪᠡᠶᠡᠯᠡᠭᠦᠯᠮᠡᠷ ᠪᠠᠢᠨ᠎ᠠ᠂ ᠵᠢᠭᠠᠬᠠᠨ ᠲᠣᠮᠣ ᠬᠥᠳᠡᠯᠵᠦ᠂ ᠲᠣᠮᠣ ᠶᠠᠭᠤᠮ᠎ᠠ ᠬᠢᠮᠡᠷ ᠪᠠᠢᠨ᠎ᠠ》 ᠡᠨᠡ ᠲᠡᠷᠡ ᠭᠡᠵᠦ ᠨᠥᠭᠥᠭᠡ ᠬᠦᠦ ᠴᠢᠨᠢ ᠬᠡᠯᠡᠵᠦ ᠪᠠᠢᠭ᠎ᠠ ᠶᠤᠮ᠂ ᠲᠡᠭᠡᠭᠰᠡᠨ ᠴᠢᠨᠢ ᠨᠥᠭᠥᠭᠡ ᠠᠯᠢᠮ᠎ᠠ ᠶ᠋ᠢᠨ ᠮᠣᠳᠣ ᠬᠦᠦ ᠶ᠋ᠢ ᠦᠨᠡᠬᠡᠷ ᠬᠠᠢᠷᠠᠯᠠᠭᠰᠠᠨ ᠳ᠋ᠠᠭᠠᠨ ᠶᠠᠭᠤ ᠭᠡᠵᠦ ᠬᠡᠯᠡᠳᠡᠭ ᠪᠣᠢ ᠭᠡᠬᠦ ᠪᠡᠷ《ᠵᠠ ᠵᠠ ᠬᠦᠦ ᠮᠢᠨᠢ ᠮᠢᠨᠦ ᠶᠡᠬᠡ ᠪᠡᠶ᠎ᠡ ᠶ᠋ᠢ ᠠᠪᠤᠭᠠᠳ ᠶᠠᠪᠤ᠂ ᠮᠢᠨᠦ ᠶᠡᠬᠡ ᠪᠡᠶ᠎ᠡ ᠪᠡᠷ ᠬᠠᠩᠭᠠᠯᠲᠠᠲᠠᠢ ᠲᠣᠮᠣ ᠬᠡᠮᠵᠢᠶᠡᠨ ᠦ᠌ ᠵᠠᠪᠢ ᠴᠢ ᠬᠢᠵᠦ ᠴᠢᠳᠠᠨ᠎ᠠ ᠠ》 ᠭᠡᠵᠦ ᠲᠡᠷᠡ ᠬᠦᠦ ᠳ᠋ᠦ᠍ ᠬᠡᠯᠡᠭᠰᠡᠨ᠃ ᠲᠡᠭᠡᠭᠰᠡᠨ ᠴᠢᠨᠢ ᠬᠦᠦ ᠪᠠᠰᠠ ᠯᠠ ᠮᠣᠳᠣᠨ ᠤ᠋ ᠶᠡᠬᠡ ᠪᠡᠶ᠎ᠡ ᠶ᠋ᠢ ᠠᠪᠤᠭᠠᠳ ᠶᠠᠪᠤᠴᠢᠬᠠᠭᠰᠠᠨ᠃ ᠲᠡᠭᠡᠭᠡᠳ ᠵᠠᠪᠢ ᠬᠢᠭᠡᠳ ᠬᠦᠰᠡᠯ ᠮᠥᠷᠥᠭᠡᠳᠦᠯ ᠢ᠋ᠶ᠋ᠡᠨ ᠪᠡᠶᠡᠯᠡᠭᠦᠯᠬᠦ ᠪᠡᠷ ᠥᠭᠡᠷ᠎ᠡ ᠲᠠᠢᠰᠢ ᠪᠠᠨ ᠶᠠᠪᠤᠭᠰᠠᠨ᠃ ᠨᠥᠭᠥᠭᠡ ᠨᠢᠭᠡ ᠰᠦᠷᠯᠢᠭ ᠭᠠᠢᠬᠠᠯᠲᠠᠢ ᠲᠣᠮᠣ ᠮᠣᠳᠣ ᠴᠢᠨᠢ ᠶᠠᠭᠠᠬᠢᠭᠰᠠᠨ ᠂ ᠵᠦᠭᠡᠷ ᠠᠯᠢᠮ᠎ᠠ ᠶ᠋ᠢᠨ ᠮᠣᠳᠣᠨ ᠤ᠋ ᠬᠣᠵᠤᠤᠯ᠎ᠠ ᠪᠣᠯᠴᠢᠬᠠᠭᠰᠠᠨ᠃ ᠲᠡᠭᠡᠭᠡᠳ ᠣᠯᠠᠨ ᠵᠢᠯ ᠥᠩᠭᠡᠷᠡᠯ᠎ᠡ᠃ ᠨᠥᠭᠥᠭᠡ ᠬᠣᠵᠤᠤᠯ᠎ᠠ ᠴᠢᠨᠢ ᠨᠥᠭᠥᠭᠡ ᠬᠦᠦ ᠪᠡᠨ ᠬᠦᠯᠢᠶᠡᠭᠰᠡᠭᠡᠷ ᠯᠡ ᠪᠠᠢᠭᠰᠠᠨ᠂ ᠲᠡᠭᠡᠭᠰᠡᠨ ᠴᠢᠨᠢ ᠨᠢᠭᠡ ᠡᠳᠦᠷ ᠨᠥᠭᠥᠭᠡ ᠬᠦᠦ ᠴᠢᠨᠢ ᠬᠥᠭᠰᠢᠨ ᠡᠪᠦᠭᠡᠨ ᠪᠣᠯᠴᠢᠬᠠᠵᠠᠢ᠂ ᠲᠠᠶᠠᠭ ᠲᠤᠯᠴᠢᠬᠠᠭᠰᠠᠨ ᠠᠯᠢᠮ᠎ᠠ ᠶ᠋ᠢᠨ ᠮᠣᠳᠣᠨ ᠳᠡᠭᠡᠷ᠎ᠡ ᠢᠷᠡᠵᠦ ᠬᠠᠷᠠᠭᠳᠠᠵᠤ ᠪᠠᠢᠨ᠎ᠠ᠃ ᠠᠯᠢᠮ᠎ᠠ ᠶ᠋ᠢᠨ ᠮᠣᠳᠣ ᠬᠦᠦ ᠶ᠋ᠢ ᠳᠥᠭᠥᠭᠡᠳ ᠯᠡ ᠢᠷᠡᠩᠭᠦᠲᠡ ᠨᠢᠭᠡ ᠵᠦᠢᠯ ᠢ᠋ ᠬᠡᠯᠡᠭᠰᠡᠨ ᠨᠢ ᠶᠠᠭᠤ ᠪᠣᠢ ᠭᠡᠬᠦ ᠪᠡᠷ《ᠬᠦᠦ ᠮᠢᠨᠢ ᠴᠢᠮ᠎ᠠ ᠶ᠋ᠢ ᠬᠠᠷᠠᠭᠰᠠᠨ ᠳ᠋ᠠᠭᠠᠨ ᠦᠨᠡᠬᠡᠷ ᠶᠡᠬᠡ ᠪᠠᠶᠠᠷᠲᠠᠢ ᠪᠠᠢᠨ᠎ᠠ᠂ ᠭᠡᠬᠦ ᠳ᠋ᠡᠭᠡᠨ ᠣᠳᠣ ᠨᠠᠳᠠ ᠳ᠋ᠤ᠌ ᠴᠢᠮ᠎ᠠ ᠳ᠋ᠤ᠌ ᠥᠭᠬᠦ ᠵᠦᠢᠯ ᠪᠠᠢᠬᠤ ᠦᠭᠡᠢ ᠰᠢᠦ ᠳᠧ》 ᠭᠡᠵᠦ ᠬᠡᠯᠡᠭᠰᠡᠨ᠃ ᠲᠡᠭᠡᠭᠰᠡᠨ ᠴᠢᠨᠢ ᠨᠥᠭᠥᠭᠡ ᠡᠪᠦᠭᠡᠨ《ᠣᠳᠣ ᠨᠠᠳᠠ ᠳ᠋ᠤ᠌ ᠶᠠᠭᠤᠮ᠎ᠠ ᠬᠡᠷᠡᠭ ᠦᠭᠡᠢ᠂ ᠬᠠᠷᠢᠨ ᠪᠢ ᠬᠥᠭᠰᠢᠨ ᠪᠣᠯᠤᠭᠰᠠᠨ ᠤᠴᠢᠷ ᠠ᠋ᠴᠠ ᠰᠠᠭᠤᠵᠤ ᠠᠮᠠᠷᠠᠬᠤ ᠭᠠᠵᠠᠷ ᠯᠠ ᠬᠡᠷᠡᠭᠲᠡᠢ ᠪᠠᠢᠨ᠎ᠠ》 ᠭᠡᠵᠦ ᠬᠡᠯᠡᠭᠰᠡᠨ᠂ ᠲᠡᠭᠡᠭᠰᠡᠨ ᠴᠢᠨᠢ ᠨᠥᠭᠥᠭᠡ ᠬᠣᠵᠤᠤᠯ᠎ᠠ ᠶᠠᠭᠤ ᠭᠡᠳᠡᠭ ᠪᠢᠯᠡ ᠭᠡᠬᠦ ᠪᠡᠷ ᠪᠥᠭᠡᠮ ᠪᠠᠶᠠᠷᠯᠠᠭᠠᠳ《ᠶᠠᠭ ᠵᠥᠪ ᠴᠢ ᠨᠠᠳᠠ ᠳᠡᠭᠡᠷ᠎ᠡ ᠰᠠᠭᠤ᠂ ᠬᠣᠵᠤᠤᠯ᠎ᠠ ᠳᠡᠭᠡᠷ᠎ᠡ ᠰᠠᠭᠤᠬᠤ ᠰᠠᠢᠬᠠᠨ ᠰᠢᠦ ᠳᠧ》 ᠭᠡᠵᠦ ᠨᠥᠭᠥᠭᠡ ᠠᠯᠢᠮᠠᠨ ᠤ᠋ ᠮᠣᠳᠣ ᠬᠡᠯᠡᠳᠡᠭ᠂ ᠲᠡᠭᠡᠭᠡᠳ ᠨᠥᠭᠥᠭᠡ ᠡᠪᠦᠭᠡᠨ ᠴᠢᠨᠢ ᠬᠣᠵᠤᠤᠯ᠎ᠠ ᠳᠡᠭᠡᠷ᠎ᠡ ᠰᠠᠭᠤᠭᠠᠳ ᠠᠮᠠᠷᠠᠯ᠎ᠠ ᠭᠡᠵᠦ ᠡᠨᠡ ᠤᠳᠠᠭ᠎ᠠ ᠶ᠋ᠢᠨ ᠠᠯᠢᠮ᠎ᠠ ᠶ᠋ᠢᠨ ᠮᠣᠳᠣᠨ ᠤ᠋ ᠰᠤᠷᠭᠠᠯ ᠳᠠᠭᠤᠰᠴᠤ ᠃ ᠡᠨᠡ ᠶᠠᠭᠤ ᠶ᠋ᠢ ᠥᠭᠦᠯᠡᠭᠡᠳ ᠪᠠᠢᠭ᠎ᠠ ᠰᠤᠷᠭᠠᠯ ᠪᠣᠢ ᠭᠡᠬᠦ ᠪᠡᠷ᠂ ᠡᠴᠢᠭᠡ ᠡᠬᠡ ᠶ᠋ᠢ ᠠᠯᠢᠮ᠎ᠠ ᠶ᠋ᠢᠨ ᠮᠣᠳᠣ ᠪᠣᠯᠭᠠᠵᠤ ᠬᠠᠷᠠᠭᠤᠯᠵᠤ ᠪᠠᠢᠨ᠎ᠠ᠃ ᠬᠠᠷᠢᠨ ᠨᠥᠭᠥᠭᠡ ᠨᠢᠭᠡ ᠣᠴᠢᠭᠠᠳ ᠪᠠᠢᠳᠠᠭ ᠬᠦᠦ ᠶ᠋ᠢ ᠬᠡᠦᠬᠡᠳ ᠪᠣᠯᠭᠠᠵᠤ ᠬᠠᠷᠠᠭᠤᠯᠵᠤ ᠪᠠᠢᠨ᠎ᠠ᠃ ᠡᠴᠢᠭᠡ ᠡᠬᠡ ᠶ᠋ᠢᠨ ᠬᠦᠦ᠂ ᠣᠯᠠᠨ ᠡᠴᠢᠭᠡ ᠡᠬᠡᠴᠦᠳ ᠬᠡᠦᠬᠡᠳ ᠦ᠋ᠳ ᠲᠡᠭᠡᠨ ᠶᠠᠭ ᠡᠨᠡ ᠠᠯᠢᠮ᠎ᠠ ᠶ᠋ᠢᠨ ᠮᠣᠳᠣ ᠰᠢᠭ᠋ ᠬᠠᠨᠳᠤᠳᠠᠭ᠂ ᠠᠪᠤ ᠡᠵᠢ ᠲᠡᠢ ᠬᠥᠮᠦᠨ ᠪᠣᠯᠭᠠᠨ ᠤ᠋ ᠠᠯᠳᠠᠳᠠᠭ ᠠᠯᠳᠠᠭ᠎ᠠ ᠨᠢ ᠶᠠᠭᠤ ᠪᠣᠢ ᠭᠡᠬᠦ ᠪᠡᠷ ᠠᠪᠤ ᠡᠵᠢ ᠳᠡᠭᠡᠷ᠎ᠡ ᠪᠡᠨ ᠣᠴᠢᠬᠤ ᠳ᠋ᠠᠭᠠᠨ ᠶᠠᠭᠤᠮ᠎ᠠ ᠥᠭᠬᠦ ᠭᠡᠵᠦ ᠪᠢᠰᠢ᠂ ᠠᠪᠬᠤ ᠭᠡᠵᠦ ᠣᠴᠢᠭᠠᠳ ᠪᠠᠢᠨ᠎ᠠ᠃ ᠶᠠᠳᠠᠵᠤ ᠥᠪᠡᠷ ᠢ᠋ᠶ᠋ᠡᠨ ᠬᠠᠵᠠᠭᠤ ᠳ᠋ᠤ᠌ ᠨᠢ ᠪᠠᠢᠵᠤ᠂ ᠬᠠᠨᠢ ᠪᠣᠯᠵᠤ ᠠᠪᠤ ᠡᠵᠢ ᠶ᠋ᠢ ᠪᠡᠨ ᠬᠠᠢᠷᠠᠯᠠᠵᠤ᠂ ᠡᠨᠡᠷᠢᠬᠦ ᠶ᠋ᠢᠨ ᠣᠷᠣᠨ ᠳ᠋ᠤ᠌ ᠠᠪᠬᠤ ᠭᠡᠵᠦ ᠣᠴᠢᠭᠠᠳ ᠪᠠᠢᠭ᠎ᠠ ᠶ᠋ᠢᠨ ᠨᠢᠭᠡ ᠠᠯᠳᠠᠭ᠎ᠠ ᠪᠠᠢᠭ᠎ᠠ ᠭᠡᠳᠡᠭ ᠢ᠋ ᠡᠨᠡ ᠠᠯᠢᠮ᠎ᠠ ᠶ᠋ᠢᠨ ᠮᠣᠳᠣᠨ ᠤ᠋ ᠰᠤᠷᠭᠠᠯ ᠪᠢᠳᠡᠨ ᠳ᠋ᠦ᠍ ᠬᠠᠷᠠᠭᠤᠯᠵᠤ ᠪᠠᠢᠭ᠎ᠠ ᠶᠤᠮ᠂ ᠲᠡᠢᠮᠦ ᠡᠴᠡ ᠲᠠ ᠡᠨᠡ ᠰᠤᠷᠭᠠᠯ ᠠ᠋ᠴᠠ ᠪᠠᠰᠠ ᠨᠢᠭᠡ ᠵᠦᠢᠯ ᠢ᠋ ᠣᠢᠯᠠᠭᠠᠭᠠᠷᠠᠢ᠂ ᠪᠢᠳᠡᠨ ᠦ᠌ ᠡᠴᠢᠭᠡ ᠡᠬᠡ ᠪᠢᠳᠡᠨ ᠢ᠋ ᠬᠠᠢᠷᠠᠯᠠᠵᠤ ᠥᠰᠬᠡᠭᠰᠡᠨ᠂ ᠬᠥᠮᠦᠨ ᠪᠣᠯᠭᠠᠨ ᠡᠮᠡᠭᠡ ᠡᠪᠦᠭᠡ ᠴᠦ᠍ ᠶᠤᠮ ᠤᠤ᠂ ᠠᠬ᠎ᠠ ᠡᠭᠡᠴᠢ ᠴᠦ᠍ ᠶᠤᠮ ᠤᠤ᠂ ᠪᠢᠳᠡᠨ ᠳ᠋ᠦ᠍ ᠶᠠᠭ ᠡᠨᠡ ᠠᠯᠢᠮ᠎ᠠ ᠶ᠋ᠢᠨ ᠮᠣᠳᠣ ᠰᠢᠭ᠋ ᠬᠠᠨᠳᠤᠵᠤ ᠪᠠᠢᠳᠠᠭ ᠶᠤᠮ ᠰᠢᠦ᠂ ᠪᠢᠳᠡᠨ ᠳ᠋ᠦ᠍ ᠥᠭᠭᠦᠭᠰᠡᠨ ᠪᠦᠬᠦ ᠵᠦᠢᠯ ᠢ᠋ ᠨᠢ ᠲᠠ ᠰᠠᠨᠠᠵᠤ᠂ ᠬᠠᠢᠷᠠᠯᠠᠵᠤ᠂ ᠪᠤᠴᠠᠭᠠᠭᠠᠳ ᠲᠠ ᠥᠭᠬᠦ ᠶ᠋ᠢ ᠬᠢᠴᠢᠶᠡᠭᠡᠷᠡᠢ ᠭᠡᠵᠦ ᠥᠨᠥᠳᠥᠷ ᠦ᠋ᠨ ᠲᠡᠦᠬᠡ ᠪᠡᠷ ᠤᠷᠢᠶᠠᠯᠠᠵᠤ ᠪᠠᠢᠨ᠎ᠠ᠃
ᠺᠢᠷᠢᠯ ᠡᠴᠡ ᠬᠥᠷᠪᠡᠭᠦᠯᠦᠭᠰᠡᠨ ᠨᠢ᠄ ᠰᠣᠨᠢᠨᠪᠠᠶᠠᠷ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
