ᠪᠦᠰᠡᠭᠦᠢ ᠶ᠋ᠢᠨ ᠮᠢᠰᠢᠶᠡᠯ-ᠳ᠋᠊᠂ ᠨᠠᠮᠰᠠᠷᠠᠢᠨᠣᠷᠪᠤБүсгүйн мишээл-Д.Намсрайноров
ᠪᠦᠰᠡᠭᠦᠢ ᠶ᠋ᠢᠨ ᠮᠢᠰᠢᠶᠡᠯ
ᠦᠭᠡ᠄ ᠳ᠂ ᠲᠡᠴᠢᠨᠵᠠᠯᠪᠠ
ᠠᠶ᠎ᠠ᠄ ᠱ᠂ ᠪᠠᠲᠤᠰᠠᠢᠬᠠᠨ
ᠳᠠᠭᠤᠴᠢᠨ᠄ ᠳ᠂ ᠨᠠᠮᠰᠠᠷᠠᠢᠨᠣᠷᠪᠤ
ᠰᠠᠯᠬᠢᠨ ᠵᠢᠪᠠᠷ ᠢ᠋ ᠳᠤᠯᠠᠭᠠᠴᠠᠭᠤᠯᠵᠤ ᠠᠢᠯᠴᠢᠯᠠᠭᠰᠠᠨ
ᠰᠠᠢᠬᠠᠨ ᠪᠦᠰᠡᠭᠦᠢ ᠳ᠋ᠦ᠍ ᠳᠤᠷᠠᠯᠠᠩᠬᠠᠨ ᠪᠠᠢᠨ᠎ᠠ ᠪᠢ
ᠰᠠᠷᠠᠨ ᠤ᠋ ᠲᠠᠤᠯᠠᠢ ᠶ᠋ᠢ ᠪᠥᠵᠢᠭᠯᠡᠭᠦᠯᠵᠦ ᠮᠢᠰᠢᠶᠡᠭᠰᠡᠨ ᠴᠢᠮ᠎ᠠ ᠲᠠᠢ ᠪᠠᠨ
ᠰᠠᠭᠠᠳᠠᠨ ᠤᠴᠠᠷᠠᠭᠠᠳ ᠬᠥᠲᠥᠯᠦᠯᠴᠡᠨ ᠠᠯᠬᠤᠯᠠᠭᠰᠠᠨ ᠠ᠋
ᠲᠩᠷᠢ ᠶ᠋ᠢᠨ ᠰᠠᠷ᠎ᠠ ᠰᠢᠭ᠋ ᠬᠣᠯᠠ ᠶ᠋ᠢᠨ ᠪᠦᠰᠡᠭᠦᠢ ᠳ᠋ᠦ᠍ ᠰᠡᠳᠬᠢᠯ ᠮᠢᠨᠢ ᠲᠡᠮᠡᠦᠯᠦᠨ᠎ᠡ
ᠡᠩᠬᠦᠷᠡᠢ ᠢᠯᠳᠠᠮ ᠲᠠᠯ᠎ᠠ ᠶ᠋ᠢᠨ ᠪᠦᠰᠡᠭᠦᠢ ᠴᠢ ᠮᠢᠨᠢ ᠬᠦᠯᠢᠶᠡᠨ᠎ᠡ ᠠ᠋
ᠴᠡᠭᠡᠵᠢᠨ ᠦ᠌ ᠭᠤᠨᠢᠭ ᠢ᠋ ᠦᠷᠭᠦᠭᠡᠲᠡᠯᠡ ᠢᠨᠢᠶᠡᠭᠰᠡᠨ
ᠰᠡᠷᠭᠦᠯᠡᠩ ᠪᠦᠰᠡᠭᠦᠢ ᠶ᠋ᠢ ᠪᠤᠳᠤᠩᠬᠠᠨ ᠰᠠᠭᠤᠨ᠎ᠠ ᠪᠢ
ᠪᠤᠭᠤᠷᠤᠯ ᠤ᠋ᠨ ᠨᠤᠲᠤᠭ ᠢ᠋ᠶ᠋ᠠᠨ ᠤᠶᠠᠷᠠᠭᠠᠵᠤ ᠳᠠᠭᠤᠯᠠᠩᠬᠠᠨ ᠴᠢᠮ᠎ᠠ ᠤᠷᠤᠭᠤ ᠪᠠᠨ
ᠪᠣᠨᠳᠣᠩ ᠵᠢᠷᠦᠬᠡ ᠮᠢᠨᠢ ᠪᠤᠯᠭᠢᠯᠠᠨ ᠪᠠᠢᠨ᠎ᠠ ᠬᠦ᠋
ᠲᠩᠷᠢ ᠶ᠋ᠢᠨ ᠰᠠᠷ᠎ᠠ ᠰᠢᠭ᠋ ᠬᠣᠯᠠ ᠶ᠋ᠢᠨ ᠪᠦᠰᠡᠭᠦᠢ ᠳ᠋ᠦ᠍ ᠰᠡᠳᠬᠢᠯ ᠮᠢᠨᠢ ᠲᠡᠮᠡᠦᠯᠦᠨ᠎ᠡ
ᠡᠩᠬᠦᠷᠡᠢ ᠢᠯᠳᠠᠮ ᠲᠠᠯ᠎ᠠ ᠶ᠋ᠢᠨ ᠪᠦᠰᠡᠭᠦᠢ ᠴᠢ ᠮᠢᠨᠢ ᠬᠦᠯᠢᠶᠡᠨ᠎ᠡ ᠠ᠋
ᠦᠷ ᠦ᠋ᠨ ᠰᠥᠨᠢ ᠪᠡᠷ ᠴᠦ᠍ ᠵᠡᠭᠦᠳᠦᠨ ᠳ᠋ᠦ᠍ ᠡᠷᠬᠡᠯᠡᠭᠰᠡᠨ
ᠦᠵᠡᠰᠬᠦᠯᠡᠩᠲᠦ ᠪᠦᠰᠡᠭᠦᠢ ᠶ᠋ᠢ ᠰᠠᠨᠠᠩᠬᠠᠨ ᠶᠠᠪᠤᠨ᠎ᠠ ᠪᠢ
ᠦᠶ᠎ᠡ ᠶ᠋ᠢᠨ ᠨᠥᠬᠥᠳ ᠢ᠋ᠶ᠋ᠡᠨ ᠠᠲᠠᠭᠠᠷᠬᠠᠭᠤᠯᠵᠤ ᠳᠤᠷᠠᠯᠠᠭᠰᠠᠨ ᠴᠢᠮ᠎ᠠ ᠳ᠋ᠠᠭᠠᠨ
ᠦᠳᠡᠰᠢ ᠶ᠋ᠢᠨ ᠪᠣᠯᠵᠣᠭᠠᠨ ᠳ᠋ᠤ᠌ ᠶᠠᠭᠠᠷᠠᠩᠬᠠᠨ ᠣᠴᠢᠨ᠎ᠠ ᠳ᠋ᠠ
ᠲᠩᠷᠢ ᠶ᠋ᠢᠨ ᠰᠠᠷ᠎ᠠ ᠰᠢᠭ᠋ ᠬᠣᠯᠠ ᠶ᠋ᠢᠨ ᠪᠦᠰᠡᠭᠦᠢ ᠳ᠋ᠦ᠍ ᠰᠡᠳᠬᠢᠯ ᠮᠢᠨᠢ ᠲᠡᠮᠡᠦᠯᠦᠨ᠎ᠡ
ᠡᠩᠬᠦᠷᠡᠢ ᠢᠯᠳᠠᠮ ᠲᠠᠯ᠎ᠠ ᠶ᠋ᠢᠨ ᠪᠦᠰᠡᠭᠦᠢ ᠴᠢ ᠮᠢᠨᠢ ᠬᠦᠯᠢᠶᠡᠨ᠎ᠡ ᠠ᠋
ᠲᠩᠷᠢ ᠶ᠋ᠢᠨ ᠰᠠᠷ᠎ᠠ ᠰᠢᠭ᠋ ᠬᠣᠯᠠ ᠶ᠋ᠢᠨ ᠪᠦᠰᠡᠭᠦᠢ ᠳ᠋ᠦ᠍ ᠰᠡᠳᠬᠢᠯ ᠮᠢᠨᠢ ᠲᠡᠮᠡᠦᠯᠦᠨ᠎ᠡ
ᠡᠩᠬᠦᠷᠡᠢ ᠢᠯᠳᠠᠮ ᠲᠠᠯ᠎ᠠ ᠶ᠋ᠢᠨ ᠪᠦᠰᠡᠭᠦᠢ ᠴᠢ ᠮᠢᠨᠢ ᠬᠦᠯᠢᠶᠡᠨ᠎ᠡ ᠠ᠋
ᠲᠠᠯ᠎ᠠ ᠶ᠋ᠢᠨ ᠪᠦᠰᠡᠭᠦᠢ ᠴᠢ ᠮᠢᠨᠢ ᠬᠦᠯᠢᠶᠡᠨ᠎ᠡ ᠠ᠋
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠤᠤᠭᠠᠨᠵᠢᠳ
