ᠰᠣᠯᠣᠩᠭᠠᠨ ᠬᠠᠳᠠᠭ ᠲᠠᠢ ᠨᠤᠲᠤᠭ - ᠰᠢᠯᠦᠭ᠄ ᠰᠡᠴᠡᠨᠳᠠᠯᠠᠢ᠂ ᠠᠶ᠎ᠠ᠄ ᠰᠢᠨᠵᠢᠯᠲᠦ᠂ ᠳᠠᠭᠤᠴᠢᠨ᠄ ᠮᠥᠩᠭᠦᠨᠬᠣᠸᠠᠷ Солонгон хадагтай нутаг - шүлэг᠄ Цэцэндалай᠂ ая᠄ Шинжилт᠂ дуучин᠄ Мөнгөнхуар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠯᠣᠩᠭᠠᠨ ᠬᠠᠳᠠᠭ ᠲᠠᠢ ᠨᠤᠲᠤᠭ - ᠰᠢᠯᠦᠭ᠄ ᠰᠡᠴᠡᠨᠳᠠᠯᠠᠢ᠂ ᠠᠶ᠎ᠠ᠄ ᠰᠢᠨᠵᠢᠯᠲᠦ᠂ ᠳᠠᠭᠤᠴᠢᠨ᠄ ᠮᠥᠩᠭᠦᠨᠬᠣᠸᠠᠷ Солонгон хадагтай нутаг - шүлэг᠄ Цэцэндалай᠂ ая᠄ Шинжилт᠂ дуучин᠄ Мөнгөнхуар

ᠰᠣᠯᠣᠩᠭᠠᠨ ᠬᠠᠳᠠᠭ ᠲᠠᠢ ᠨᠤᠲᠤᠭ - ᠰᠢᠯᠦᠭ᠄ ᠰᠡᠴᠡᠨᠳᠠᠯᠠᠢ᠂ ᠠᠶ᠎ᠠ᠄ ᠰᠢᠨᠵᠢᠯᠲᠦ᠂ ᠳᠠᠭᠤᠴᠢᠨ᠄ ᠮᠥᠩᠭᠦᠨᠬᠣᠸᠠᠷ Солонгон хадагтай нутаг - шүлэг᠄ Цэцэндалай᠂ ая᠄ Шинжилт᠂ дуучин᠄ Мөнгөнхуар

ᠠᠩᠭᠢᠯᠠᠯ:ᠳᠠᠭᠤᠤ ᠬᠥᠭᠵᠢᠮ
2026-07-04

46

ᠰᠣᠯᠣᠩᠭᠠᠨ ᠬᠠᠳᠠᠭ ᠲᠠᠢ ᠨᠤᠲᠤᠭ

 
             ᠰᠢᠯᠦᠭ᠄ ᠰᠡᠴᠡᠨᠳᠠᠯᠠᠢ
              ᠠᠶ᠎ᠠ᠄ ᠰᠢᠨᠵᠢᠯᠲᠦ
              ᠳᠠᠭᠤᠴᠢᠨ᠄ ᠮᠥᠩᠭᠦᠨᠬᠣᠸᠠᠷ
 ᠨᠠᠷᠠᠨ ᠨᠢ ᠥᠭᠭᠢᠶᠡᠮᠦᠷ ᠨᠠᠯᠠᠭᠠᠷ ᠪᠠᠢᠭᠠᠯᠢ ᠶ᠋ᠢᠨ 
 ᠨᠠᠮᠢᠷᠠᠭ᠎ᠠ ᠬᠤᠷ᠎ᠠ ᠲᠠᠢ ᠳᠣᠯᠣᠭᠠᠨ ᠰᠠᠷ᠎ᠠ 
 ᠲᠡᠨᠢᠭᠦᠬᠡᠨ ᠨᠤᠲᠤᠭ ᠤ᠋ᠨ ᠴᠡᠯᠡᠭᠡᠷ ᠬᠥᠳᠡᠭᠡ ᠶ᠋ᠢᠨ 
 ᠲᠩᠷᠢ ᠶ᠋ᠢᠨ ᠰᠣᠯᠣᠩᠭ᠎ᠠ ᠶ᠋ᠢᠨ ᠳᠣᠯᠣᠭᠠᠨ ᠡᠮᠵᠢᠶᠡᠷᠢ  
 ᠣᠷᠴᠢᠯᠠᠩ ᠲᠣᠯᠢᠳᠠᠬᠤ ᠠᠯᠲᠠᠨ ᠭᠠᠳᠠᠰᠤ ᠪᠠᠨ 
 ᠣᠷᠴᠢᠨ ᠬᠡᠷᠡᠯᠳᠦᠬᠦ ᠳᠣᠯᠣᠭᠠᠨ ᠪᠤᠷᠬᠠᠨ 
 ᠤᠷᠤᠰᠤᠨ ᠥᠩᠭᠡᠷᠡᠬᠦ ᠣᠨ ᠵᠢᠯ ᠦ᠋ᠳ ᠢ᠋ᠶ᠋ᠡᠨ 
 ᠤᠴᠢᠷᠯᠠᠨ ᠬᠡᠯᠬᠢᠬᠦ ᠳᠣᠯᠣᠭᠠᠨ ᠭᠠᠷᠠᠭ 
 ᠰᠣᠶᠣᠨ ᠳᠣᠯᠣᠭᠠᠨ ᠲᠢᠪ ᠦ᠋ᠨ ᠣᠷᠣᠨ 
 ᠰᠤᠪᠤᠷᠭᠠᠨ ᠴᠡᠩᠬᠡᠷ ᠠᠭᠤᠯᠠᠰ ᠮᠢᠨᠢ ᠵᠧ 
 ᠰᠤᠪᠤᠳ ᠤ᠋ᠨ ᠪᠤᠮᠠᠨ ᠣᠳᠣᠳ ᠤ᠋ᠨ ᠲᠩᠷᠢ 
 ᠰᠣᠯᠣᠩᠭᠠᠨ ᠬᠠᠳᠠᠭ ᠲᠠᠢ ᠨᠤᠲᠤᠭ ᠮᠢᠨᠢ ᠵᠧ  

 ᠳᠡᠯᠡᠬᠡᠢ ᠳ᠋ᠦ᠍ ᠪᠣᠰᠤᠭ᠎ᠠ ᠴᠠᠭᠠᠨ ᠲᠣᠯᠣᠭᠠᠢ ᠨᠢ 
 ᠳᠡᠭᠡᠳᠦ ᠶ᠋ᠢᠨ ᠵᠠᠶᠠᠭᠠᠲᠤ ᠳᠣᠯᠣᠭᠠᠨ ᠡᠭᠡᠰᠢᠭ 
 ᠲᠤᠤᠯᠢᠮ᠎ᠠ ᠳ᠋ᠤ᠌ ᠥᠪᠯᠡᠬᠦ ᠮᠥᠩᠬᠡ ᠶ᠋ᠢᠨ ᠤᠶᠠᠩᠭ᠎ᠠ 
 ᠳᠠᠭᠤᠤ ᠬᠤᠭᠤᠷ ᠤ᠋ᠨ ᠳᠣᠯᠣᠭᠠᠨ ᠠᠶᠠᠯᠭᠤ 
 ᠰᠣᠶᠣᠨ ᠳᠣᠯᠣᠭᠠᠨ ᠲᠢᠪ ᠦ᠋ᠨ ᠣᠷᠣᠨ 
 ᠰᠤᠪᠤᠷᠭᠠᠨ ᠴᠡᠩᠬᠡᠷ ᠠᠭᠤᠯᠠᠰ ᠮᠢᠨᠢ ᠵᠧ 
 ᠰᠤᠪᠤᠳ ᠤ᠋ᠨ ᠪᠤᠮᠠᠨ ᠣᠳᠣᠳ ᠤ᠋ᠨ ᠲᠩᠷᠢ 
 ᠰᠣᠯᠣᠩᠭᠠᠨ ᠬᠠᠳᠠᠭ ᠲᠠᠢ ᠨᠤᠲᠤᠭ ᠮᠢᠨᠢ ᠵᠧ 
 ᠰᠣᠶᠣᠨ ᠳᠣᠯᠣᠭᠠᠨ ᠲᠢᠪ ᠦ᠋ᠨ ᠣᠷᠣᠨ 
 ᠰᠤᠪᠤᠷᠭᠠᠨ ᠴᠡᠩᠬᠡᠷ ᠠᠭᠤᠯᠠᠰ ᠮᠢᠨᠢ ᠵᠧ 
 ᠰᠤᠪᠤᠳ ᠤ᠋ᠨ ᠪᠤᠮᠠᠨ ᠣᠳᠣᠳ ᠤ᠋ᠨ ᠲᠩᠷᠢ 
 ᠰᠣᠯᠣᠩᠭᠠᠨ ᠬᠠᠳᠠᠭ ᠨᠤᠲᠤᠭ ᠮᠢᠨᠢ ᠵᠧ  

         ᠦᠰᠦᠭ ᠠᠮᠢᠯᠠᠭᠤᠯᠤᠭᠴᠢ᠄ ᠮᠥᠩᠭᠥᠨ 
            ᠦᠰᠦᠭ ᠬᠠᠲᠠᠭᠴᠢ᠄ ᠮᠥᠩᠭᠥᠨ 
             ᠬᠢᠨᠠᠭᠴᠢ᠄ ᠪᠢᠮᠪᠠ