ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠬᠣᠶᠠᠷ᠂ Дайчин улсын үеийн монголын түүх-Намсрай 3-2
ᠭᠤᠷᠪᠠᠳᠤᠭᠠᠷ ᠪᠦᠯᠦᠭ᠂ ᠵᠡᠭᠦᠨᠭᠠᠷ ᠬᠠᠭᠠᠨᠲᠤ ᠤᠯᠤᠰ ᠤ᠋ᠨ ᠪᠠᠢᠭᠤᠯᠤᠭᠳᠠᠭᠰᠠᠨ ᠪᠠ ᠬᠠᠯᠬ᠎ᠠ ᠶ᠋ᠢᠨ ᠬᠡᠷᠡᠭ ᠶᠠᠪᠤᠳᠠᠯ
ᠬᠣᠶᠠᠳᠤᠭᠠᠷ ᠬᠡᠰᠡᠭ ᠂ ᠬᠠᠯᠬ᠎ᠠ ᠶ᠋ᠢᠨ ᠳᠣᠲᠣᠭᠠᠳᠤ ᠶ᠋ᠢᠨ ᠬᠡᠷᠡᠭ ᠶᠠᠪᠤᠳᠠᠯ ᠵᠢᠴᠢ ᠨᠥᠯᠥᠭᠡ
ᠨᠢᠭᠡ᠂ ᠬᠠᠯᠬ᠎ᠠ ᠶ᠋ᠢᠨ ᠳᠣᠲᠣᠭᠠᠳᠤ ᠶ᠋ᠢᠨ ᠦᠢᠮᠡᠭᠡᠨ
17 ᠳ᠋ᠤᠭᠠᠷ ᠵᠠᠭᠤᠨ ᠤ᠋ ᠲᠠᠪᠢᠭᠠᠳ ᠣᠨ ᠤ᠋ ᠡᠬᠢ ᠪᠡᠷ 《ᠬᠠᠯᠬ᠎ᠠ ᠣᠢᠷᠠᠳ ᠤ᠋ᠨ ᠴᠠᠭᠠᠵᠠ》 ᠶ᠋ᠢᠨ ᠵᠣᠷᠢᠭ ᠰᠠᠨᠠᠭ᠎ᠠ ᠶ᠋ᠢ ᠢᠳᠡᠪᠬᠢᠲᠡᠢ ᠬᠡᠷᠡᠭᠵᠢᠭᠦᠯᠦᠭᠴᠢ ᠬᠠᠯᠬ᠎ᠠ ᠶ᠋ᠢᠨ ᠠᠬᠠᠮᠠᠳ ᠨᠢᠭᠡᠨ ᠦᠶ᠎ᠡ ᠶ᠋ᠢᠨ ᠬᠢᠨ ᠲᠦᠰᠢᠶᠡᠲᠦ ᠬᠠᠨ ᠭᠣᠮᠪᠣ᠂ ᠵᠠᠰᠠᠭᠲᠤ ᠬᠠᠨ ᠰᠤᠪᠠᠳᠠᠢ᠂ ᠰᠡᠴᠡᠨ ᠬᠠᠨ ᠱᠣᠯᠣᠢ ᠨᠠᠷ ᠤᠷᠢᠳ ᠬᠣᠵᠢᠳ ᠨᠠᠰᠤ ᠪᠠᠷᠠᠵᠠᠢ᠃ ᠲᠡᠭᠦᠨᠴᠡ ᠭᠣᠮᠪᠣ ᠶ᠋ᠢᠨ ᠬᠥᠪᠡᠭᠦᠨ ᠴᠠᠬᠤᠨᠳᠤᠷᠵᠢ᠂ ᠱᠣᠯᠣᠢ ᠶ᠋ᠢᠨ ᠬᠥᠪᠡᠭᠦᠨ ᠪᠠᠪᠤ᠂ ᠰᠤᠪᠠᠳᠠᠢ ᠶ᠋ᠢᠨ ᠬᠥᠪᠡᠭᠦᠨ ᠨᠣᠷᠪᠤ ᠨᠠᠷ ᠡᠴᠢᠭᠡ ᠶ᠋ᠢᠨ ᠰᠠᠭᠤᠷᠢᠨ ᠢ᠋ ᠵᠠᠯᠭᠠᠮᠵᠢᠯᠠᠨ ᠬᠠᠭᠠᠨ ᠪᠣᠯᠪᠠ᠃
ᠰᠢᠨ᠎ᠡ ᠨᠢᠭᠡᠨ ᠦᠶ᠎ᠡ ᠶ᠋ᠢᠨ ᠬᠠᠯᠬ᠎ᠠ ᠶ᠋ᠢᠨ ᠭᠤᠷᠪᠠᠨ ᠬᠠᠨ ᠨᠢ ᠡᠴᠦᠰ ᠲᠡᠭᠡᠨ《ᠬᠠᠯᠬ᠎ᠠ ᠣᠢᠷᠠᠳ ᠤ᠋ᠨ ᠴᠠᠭᠠᠵᠠ》 ᠶ᠋ᠢᠨ ᠵᠣᠷᠢᠭ ᠰᠠᠨᠠᠭ᠎ᠠ ᠶ᠋ᠢ ᠦᠷᠭᠦᠯᠵᠢᠯᠡᠨ ᠪᠠᠷᠢᠮᠲᠠᠯᠠᠵᠤ ᠴᠢᠳᠠᠭᠰᠠᠨ ᠦᠭᠡᠢ᠃ ᠴᠢᠩ ᠤᠯᠤᠰ ᠤ᠋ᠨ ᠬᠦᠴᠦᠲᠡᠢ ᠳᠠᠷᠤᠯᠲᠠ ᠳᠣᠣᠷ᠎ᠠ ᠲᠡᠳᠡ 《ᠶᠢᠰᠦᠨ ᠴᠠᠭᠠᠨ ᠤ᠋ ᠠᠯᠪᠠ》ᠪᠠᠰᠠ ᠰᠡᠷᠭᠦᠭᠡᠭᠰᠡᠨ ᠢ᠋ᠶ᠋ᠡᠷ ᠦᠯᠦ ᠪᠠᠷᠠᠨ᠂ ᠬᠥᠮᠦᠨ ᠢᠯᠡᠭᠡᠵᠦ ᠴᠢᠭᠤᠯᠭᠠᠨ ᠬᠢᠬᠦ ᠪᠡᠷ ᠬᠦᠰᠡᠵᠡᠢ᠃ 1655 ᠣᠨ ᠳ᠋ᠤ᠌᠂ ᠪᠠᠷᠠᠭᠠᠯᠠᠬᠤ ᠪᠠᠷ ᠢᠷᠡᠭᠰᠡᠨ ᠬᠠᠯᠬ᠎ᠠ ᠶ᠋ᠢᠨ ᠲᠠᠢᠵᠢ ᠨᠠᠷ ᠢ᠋ ᠤᠭᠰᠠᠭ᠎ᠠ ᠶ᠋ᠢ ᠵᠠᠬᠢᠷᠬᠤ ᠶᠠᠮᠤᠨ ᠳ᠋ᠤ᠌ ᠲᠠᠩᠭᠠᠷᠢᠭᠯᠠᠭᠤᠯᠵᠤ᠂ ᠬᠠᠯᠬ᠎ᠠ ᠶ᠋ᠢᠨ ᠵᠡᠭᠦᠨ ᠪᠠᠷᠠᠭᠤᠨ ᠭᠠᠷᠤᠨ ᠨᠠᠢ᠍ᠮᠠᠨ ᠵᠠᠰᠠᠭ[23] ᠢ ᠪᠠᠢᠭᠤᠯᠪᠠ᠃ ᠴᠠᠬᠤᠨᠳᠤᠷᠵᠢ᠂ ᠪᠠᠪᠤ᠂ ᠳᠡᠨᠵᠢᠨ ᠯᠠᠮᠠ᠂ ᠮᠡᠷᠭᠡᠨ ᠨᠣᠶᠠᠨ ᠢ᠋ᠶ᠋ᠠᠷ ᠵᠡᠭᠦᠨ ᠭᠠᠷᠤᠨ ᠳᠥᠷᠪᠡᠨ ᠵᠠᠰᠠᠭ ᠪᠣᠯᠭᠠᠨ ᠨᠣᠷᠪᠤ᠂ ᠣᠮᠪᠣ ᠡᠷᠳᠡᠨᠢ᠂ ᠴᠡᠴᠡᠨ ᠵᠢᠨᠦᠩ᠂ ᠬᠥᠨᠳᠡᠯᠡᠨ ᠲᠣᠢᠨ ᠢ᠋ᠶ᠋ᠠᠷ ᠪᠠᠷᠠᠭᠤᠨ ᠭᠠᠷᠤᠨ ᠳᠥᠷᠪᠡᠨ ᠵᠠᠰᠠᠭ ᠪᠣᠯᠭᠠᠵᠠᠢ᠃
1650 ᠣᠨ ᠳ᠋ᠤ᠌᠂ ᠬᠠᠯᠬ᠎ᠠ ᠪᠠᠷᠠᠭᠤᠨ ᠭᠠᠷᠤᠨ ᠵᠠᠰᠠᠭᠲᠤ ᠬᠠᠨ ᠰᠤᠪᠠᠳᠠᠢ ᠨᠠᠰᠤ ᠪᠠᠷᠠᠬᠤ ᠳ᠋ᠤ᠌ ᠲᠡᠭᠦᠨ ᠦ᠌ ᠬᠥᠪᠡᠭᠦᠨ ᠨᠣᠷᠪᠤ ᠵᠠᠯᠭᠠᠮᠵᠢᠯᠠᠵᠤ ᠪᠢᠰᠢᠷᠡᠯᠲᠦ ᠬᠠᠨ ᠭᠡᠮᠡᠨ ᠡᠷᠭᠦᠭᠳᠡᠪᠡ᠃ ᠪᠢᠰᠢᠷᠡᠯᠲᠦ ᠬᠠᠨ ᠨᠣᠷᠪᠤ ᠳ᠋ᠤ᠌ ᠳᠥᠷᠪᠡᠨ ᠬᠥᠪᠡᠭᠦᠨ ᠲᠡᠢ ᠪᠠᠢᠭᠰᠠᠨ᠃ ᠠᠬᠠᠮᠠᠳ ᠨᠢ ᠴᠤᠤ ᠮᠡᠷᠭᠡᠨ᠂ ᠬᠣᠶᠠᠳᠤᠭᠠᠷ ᠨᠢ ᠸᠠᠩᠴᠤᠭ᠂ ᠭᠤᠲᠠᠭᠠᠷ ᠨᠢ ᠴᠡᠩᠭᠦᠨ᠂ ᠳᠥᠲᠥᠭᠡᠷ ᠨᠢ ᠭᠠᠯᠳᠠᠨ ᠬᠤᠲᠤᠭᠲᠤ ᠭᠡᠳᠡᠭ᠃ 1662 ᠣᠨ ᠳ᠋ᠤ᠌ ᠨᠣᠷᠪᠤ ᠨᠠᠰᠤ ᠪᠠᠷᠠᠭᠰᠠᠨᠠ ᠬᠣᠶᠠᠳᠤᠭᠠᠷ ᠬᠥᠪᠡᠭᠦᠨ ᠸᠠᠩᠴᠤᠭ ᠣᠷᠣ ᠵᠠᠯᠭᠠᠮᠵᠢᠯᠠᠵᠤ ᠵᠠᠰᠠᠭᠲᠤ ᠬᠠᠨ ᠬᠡᠮᠡᠭᠳᠡᠪᠡ᠃
ᠲᠡᠷᠡ ᠦᠶ᠎ᠡ ᠳ᠋ᠦ᠍ ᠬᠠᠯᠬ᠎ᠠ ᠪᠠᠷᠠᠭᠤᠨ ᠭᠠᠷᠤᠨ ᠬᠣᠲᠣᠭᠣᠢᠳ ᠤ᠋ᠨ ᠣᠮᠪᠣ ᠡᠷᠳᠡᠨᠢ ᠬᠣᠩ ᠲᠠᠢᠵᠢ ᠪᠠᠰᠠ ᠨᠠᠰᠤ ᠪᠠᠷᠠᠵᠤ᠂ ᠲᠡᠭᠦᠨ ᠦ᠌ ᠬᠥᠪᠡᠭᠦᠨ ᠯᠤᠪᠰᠠᠩ ᠲᠠᠢᠵᠢ ᠵᠠᠯᠭᠠᠮᠵᠢᠯᠠᠵᠠᠢ᠃ ᠯᠤᠪᠰᠠᠩ ᠬᠣᠩ ᠲᠠᠢᠵᠢ ᠤᠤᠯ ᠠ᠋ᠴᠠ ᠵᠠᠰᠠᠭᠲᠤ ᠬᠠᠨ ᠸᠠᠩᠴᠤᠭ ᠲᠠᠢ ᠬᠤᠪᠢ ᠶ᠋ᠢᠨ ᠥᠰᠢᠶ᠎ᠡ ᠠᠲᠠᠭ᠎ᠠ ᠲᠠᠢ ᠪᠠᠢᠭᠰᠠᠨ ᠤᠴᠢᠷ ᠲᠡᠭᠦᠨ ᠦ᠌ ᠰᠠᠭᠤᠷᠢᠨ ᠳ᠋ᠤ᠌ ᠰᠠᠭᠤᠭᠰᠠᠨ ᠮᠥᠨ ᠵᠢᠯ ᠳ᠋ᠦ᠍ ᠴᠡᠷᠢᠭ ᠳᠠᠢᠴᠢᠯᠠᠨ ᠢᠷᠡᠭᠡᠳ ᠸᠠᠩᠴᠤᠭ ᠢ᠋ ᠠᠯᠠᠵᠤ᠂ ᠨᠣᠷᠪᠤ ᠶ᠋ᠢᠨ ᠠᠬᠠᠮᠠᠳ ᠬᠥᠪᠡᠭᠦᠨ ᠴᠤᠤ ᠮᠡᠷᠭᠡᠨ ᠢ᠋ ᠵᠠᠰᠠᠭᠲᠤ ᠬᠠᠨ ᠤ᠋ ᠰᠢᠷᠡᠭᠡᠨ ᠳ᠋ᠦ᠍ ᠰᠠᠭᠤᠯᠭᠠᠪᠠ᠃ ᠸᠠᠩᠴᠤᠭ ᠤ᠋ᠨ ᠠᠯᠠᠭᠳᠠᠭᠰᠠᠨ ᠨᠢ ᠬᠠᠯᠬ᠎ᠠ ᠪᠠᠷᠠᠭᠤᠨ ᠭᠠᠷ ᠲᠤ᠌ ᠶᠡᠬᠡᠯ᠎ᠡ ᠳᠡᠪᠵᠢᠶᠡᠨ ᠪᠣᠯᠵᠤ ᠵᠠᠷᠢᠮ ᠨᠢ ᠡᠮᠦᠨᠡᠰᠢ ᠳᠤᠲᠠᠭᠠᠵᠤ᠂ ᠵᠠᠷᠢᠮ ᠨᠢ ᠵᠡᠭᠦᠨ ᠭᠠᠷᠤᠨ ᠲᠦᠰᠢᠶᠡᠲᠦ ᠬᠠᠨ ᠴᠠᠬᠤᠨᠳᠤᠷᠵᠢ ᠶ᠋ᠢ ᠲᠦᠰᠢᠷ᠎ᠡ ᠣᠴᠢᠵᠠᠢ᠃ ᠯᠤᠪᠰᠠᠩ ᠬᠣᠩ ᠲᠠᠢᠵᠢ ᠶ᠋ᠢᠨ ᠠᠪᠠᠭ᠎ᠠ ᠭᠣᠮᠪᠣ ᠢᠯᠲᠠᠩ(ᠱᠣᠯᠣᠢ ᠤᠪᠠᠰᠢ ᠬᠣᠩ ᠲᠠᠢᠵᠢ ᠶ᠋ᠢᠨ ᠭᠤᠲᠠᠭᠠᠷ ᠬᠥᠪᠡᠭᠦᠨ) ᠬᠤᠷᠢᠶᠠᠲᠦ ᠬᠥᠮᠦᠨ ᠮᠠᠯ ᠢ᠋ᠶ᠋ᠠᠨ ᠠᠪᠤᠭᠠᠳ ᠡᠮᠦᠨᠡᠰᠢ ᠳᠠᠢᠴᠢᠩ ᠤᠯᠤᠰ ᠲᠤ᠌ ᠳᠠᠭᠠᠪᠠ᠃ ᠪᠠᠷᠠᠭᠤᠨ ᠭᠠᠷᠤᠨ ᠨᠣᠮᠴᠢ ᠠᠬᠠᠢ ᠲᠠᠢᠵᠢ (ᠰᠤᠪᠠᠳᠠᠢ ᠬᠠᠨ ᠤ᠋ ᠳᠡᠭᠦᠦ ᠤᠪᠠᠨᠳᠠᠢ ᠶ᠋ᠢᠨ ᠬᠣᠶᠠᠳᠤᠭᠠᠷ ᠬᠥᠪᠡᠭᠦᠨ) ᠦ᠌ ᠭᠤᠲᠠᠭᠠᠷ ᠬᠥᠪᠡᠭᠦᠨ ᠠᠬᠠᠢ ᠳᠠᠢᠴᠢᠩ ᠲᠦᠰᠢᠶᠡᠲᠦ ᠬᠠᠨ ᠴᠠᠬᠤᠨᠳᠣᠷᠵᠢ ᠠ᠋ᠴᠠ ᠴᠡᠷᠢᠭ ᠦ᠋ᠨ ᠲᠤᠰᠠᠯᠠᠮᠵᠢ ᠭᠤᠶᠤᠵᠠᠢ᠃ 1662 ᠣᠨ ᠤ᠋ ᠨᠠᠢ᠍ᠮᠠᠳᠤᠭᠠᠷ ᠰᠠᠷ᠎ᠠ ᠳ᠋ᠤ᠌᠂ ᠲᠦᠰᠢᠶᠡᠲᠦ ᠬᠠᠨ ᠴᠠᠬᠤᠨᠳᠤᠷᠵᠢ ᠳᠡᠨᠵᠢᠨ ᠯᠠᠮᠠ᠂ ᠠᠬᠠᠢ ᠳᠠᠢᠴᠢᠩ ᠤ᠋ᠨ ᠬᠠᠮᠲᠤ ᠴᠡᠷᠢᠭ ᠳᠠᠢᠴᠢᠯᠠᠨ ᠯᠤᠪᠰᠠᠩ ᠲᠠᠢᠵᠢ ᠶ᠋ᠢ ᠳᠠᠢᠯᠠᠵᠤ᠂ ᠲᠡᠭᠦᠨ ᠦ᠌ ᠳᠡᠮᠵᠢᠯᠭᠡ ᠪᠡᠷ ᠰᠢᠷᠡᠭᠡᠨ ᠳ᠋ᠦ᠍ ᠰᠠᠭᠤᠭᠰᠠᠨ ᠴᠤᠤ ᠮᠡᠷᠭᠡᠨ ᠢ᠋ ᠪᠠᠭᠤᠯᠭᠠᠵᠤ᠂ ᠨᠣᠷᠪᠤ ᠶ᠋ᠢᠨ ᠭᠤᠲᠠᠭᠠᠷ ᠬᠥᠪᠡᠭᠦᠨ ᠴᠡᠩᠭᠦᠨ ᠢ᠋ ᠰᠢᠷᠡᠭᠡᠨ ᠳ᠋ᠦ᠍ ᠵᠠᠯᠠᠵᠠᠢ᠃ ᠯᠤᠪᠰᠠᠩ ᠢᠯᠠᠭᠳᠠᠨ ᠳᠤᠲᠠᠭᠠᠵᠤ ᠤᠮᠠᠷᠠᠰᠢ ᠲᠠᠩᠨᠤ ᠠᠭᠤᠯᠠ ᠶ᠋ᠢ ᠳᠠᠪᠠᠵᠤ᠂ ᠶᠸᠨᠢᠰᠠᠢ ᠮᠥᠷᠡᠨ ᠦ᠌ ᠳᠡᠭᠡᠳᠦ ᠤᠷᠤᠰᠬᠠᠯ ᠤ᠋ᠨ ᠭᠡᠮᠴᠢᠭ ᠭᠣᠣᠯ ᠳ᠋ᠤ᠌ ᠢᠷᠡᠵᠦ ᠰᠠᠭᠤᠪᠠ᠃ ᠲᠡᠷᠡ ᠣᠷᠣᠰ ᠴᠡᠷᠢᠭ ᠦ᠋ᠨ ᠬᠦᠴᠦ ᠶ᠋ᠢ ᠵᠢᠭᠡᠯᠡᠵᠦ ᠵᠠᠰᠠᠭᠲᠤ ᠬᠠᠨ ᠴᠡᠩᠭᠦᠨ ᠢ᠋ ᠳᠠᠭᠠᠷᠢᠬᠤ ᠰᠠᠨᠠᠭ᠎ᠠ ᠲᠠᠢ ᠪᠠᠢᠭᠰᠠᠨ ᠪᠣᠯᠪᠠᠴᠤ ᠪᠦᠲᠦᠭᠰᠡᠨ ᠦᠭᠡᠢ᠃ ᠳᠡᠮᠡᠢ ᠤᠳᠠᠯ ᠦᠭᠡᠢ ᠰᠡᠩᠭᠡ ᠬᠣᠩ ᠲᠠᠢᠵᠢ ᠳ᠋ᠤ᠌ ᠪᠠᠷᠢᠭᠳᠠᠭᠠᠳ ᠵᠡᠭᠦᠨᠭᠠᠷ ᠲᠤ᠌ ᠠᠷᠪᠠᠭᠠᠳ ᠵᠢᠯ ᠬᠣᠷᠢᠭᠳᠠᠵᠠᠢ᠃ 1676 ᠣᠨ ᠳ᠋ᠤ᠌᠂ ᠭᠠᠯᠳᠠᠨ ᠪᠣᠱᠣᠭᠲᠤ ᠠ᠋ᠴᠠ ᠸᠴᠢᠷᠲᠦ ᠴᠡᠴᠡᠨ ᠬᠠᠨ ᠢ᠋ ᠳᠠᠢᠯᠠᠬᠤ ᠳ᠋ᠤ᠌ ᠲᠡᠷᠡ ᠲᠣᠬᠢᠶᠠᠯ ᠢ᠋ ᠳᠠᠯᠢᠮᠳᠠᠭᠤᠯᠤᠨ ᠥᠪᠡᠷ ᠦ᠋ᠨ ᠬᠠᠷᠢᠶᠠᠲᠤ ᠲᠠᠢ ᠪᠠᠨ ᠬᠣᠯᠪᠣᠭ᠎ᠠ ᠠᠪᠴᠤ᠂ ᠪᠣᠱᠣᠭᠲᠤ ᠬᠠᠨ ᠤ᠋ ᠠᠷᠤ ᠲᠠᠯ᠎ᠠ ᠶ᠋ᠢ ᠳᠦᠢᠪᠡᠭᠡᠵᠦ ᠶᠡᠬᠡ ᠬᠡᠮᠵᠢᠶᠡᠨ ᠦ᠌ ᠲᠡᠢᠨ ᠦ᠌ ᠣᠯᠵᠠ ᠠᠰᠢᠭ ᠣᠯᠤᠭᠰᠠᠨ ᠢ᠋ᠶ᠋ᠠᠷ ᠦᠯᠦ ᠪᠠᠷᠠᠨ᠂ ᠠᠬᠠᠢ ᠳᠡᠨᠵᠢᠨ ᠢ᠋ ᠠᠯᠠᠭᠠᠳ[24] ᠬᠠᠯᠬ᠎ᠠ ᠵᠦᠭ ᠳᠤᠲᠠᠭᠠᠪᠠ᠃ ᠴᠡᠩᠬᠥᠨ ᠬᠠᠨ ᠬᠠᠭᠤᠴᠢᠨ ᠥᠰᠢᠶ᠎ᠡ ᠶ᠋ᠢ ᠦᠯᠦ ᠪᠣᠳᠣᠨ ᠯᠤᠪᠰᠠᠩ ᠲᠠᠢᠵᠢ ᠶ᠋ᠢ ᠤᠤᠯ ᠣᠷᠣᠨ ᠳ᠋ᠤᠨᠢ ᠲᠣᠬᠢᠷᠠᠭᠤᠯᠤᠭᠰᠠᠨ ᠪᠣᠯᠪᠠᠴᠤ᠂ ᠰᠡᠭᠦᠯᠡᠷ ᠨᠢ ᠪᠣᠱᠣᠭᠲᠤ ᠬᠠᠨ ᠤ᠋ ᠦᠭᠡ ᠪᠡᠷ ᠲᠡᠭᠦᠨ ᠢ᠋ ᠰᠠᠮᠠᠭᠤᠨ ᠡᠳᠦᠬᠦ ᠬᠥᠮᠦᠨ ᠭᠡᠵᠦ ᠰᠡᠳᠬᠢᠭᠡᠳ ᠲᠦᠮᠡ ᠢᠯᠡᠭᠦᠦ ᠴᠡᠷᠢᠭ ᠳᠠᠢᠴᠢᠯᠠᠨ ᠳᠡᠢᠯᠵᠡᠢ᠃ ᠯᠤᠪᠰᠠᠩ ᠲᠠᠢᠵᠢ ᠡᠰᠡᠷᠭᠦᠴᠡᠯ ᠪᠣᠯᠵᠤ ᠴᠢᠳᠠᠬᠤ ᠦᠭᠡᠢ ᠲᠤᠯᠠ ᠬᠣᠷᠭᠣᠳᠠᠬᠤ ᠭᠠᠵᠠᠷ ᠣᠯᠳᠠᠬᠤ ᠦᠭᠡᠢ ᠳ᠋ᠡᠭᠡᠨ ᠳᠠᠯᠠᠢ ᠯᠠᠮᠠ ᠶ᠋ᠢ ᠲᠦᠰᠢᠬᠦ ᠪᠡᠷ ᠣᠴᠢᠪᠠ᠃ ᠴᠡᠩᠬᠥᠨ ᠬᠠᠨ ᠰᠢᠷᠡᠭᠡᠨ ᠳ᠋ᠦ᠍ ᠰᠠᠭᠤᠭᠰᠠᠨ ᠤ᠋ ᠳᠠᠷᠠᠭ᠎ᠠ᠂ ᠵᠡᠭᠦᠨ ᠭᠠᠷᠤᠨ ᠲᠦᠰᠢᠶᠡᠲᠦ ᠬᠠᠨ ᠴᠠᠬᠤᠡᠳᠤᠷᠵᠢ ᠳ᠋ᠤ᠌ ᠬᠥᠮᠦᠨ ᠢᠯᠡᠭᠡᠵᠦ᠂ ᠦᠢᠮᠡᠭᠡᠨ ᠦ᠌ ᠦᠶ᠎ᠡ ᠳ᠋ᠦ᠍ ᠳᠤᠲᠠᠭᠠᠵᠤ ᠣᠴᠢᠭᠰᠠᠨ ᠬᠥᠮᠦᠨ ᠮᠠᠯ ᠢ᠋ᠶ᠋ᠠᠨ ᠪᠤᠴᠠᠭᠠᠵᠤ ᠠᠪᠬᠤ ᠭᠡᠮᠡᠨ ᠣᠯᠠᠨᠲᠠ ᠱᠠᠭᠠᠷᠳᠠᠵᠠᠢ᠃ ᠭᠡᠲᠡᠯ᠎ᠡ ᠲᠦᠰᠢᠶᠡᠲᠦ ᠬᠠᠨ ᠬᠦᠴᠦᠷᠬᠡᠭ ᠲᠡᠭᠡᠨ ᠣᠮᠣᠷᠬᠠᠭᠯᠠᠵᠤ᠂ ᠴᠡᠩᠬᠥᠨ ᠦ᠌ ᠬᠥᠮᠦᠨ ᠮᠠᠯ ᠢ᠋ ᠪᠤᠴᠠᠭᠠᠵᠤ ᠥᠭᠭᠦᠭᠰᠡᠨ ᠦᠭᠡᠢ᠃ ᠲᠡᠷᠡ ᠠᠷᠭ᠎ᠠ ᠪᠤᠰᠤ ᠪᠡᠭᠡᠵᠢᠩ ᠵᠦᠭ ᠬᠣᠶᠠᠷ ᠤᠳᠠᠭ᠎ᠠ ᠬᠥᠮᠦᠨ ᠵᠠᠷᠤᠵᠤ ᠢᠯᠭᠠᠨ ᠰᠢᠳᠬᠡᠬᠦ ᠶ᠋ᠢ ᠬᠦᠰᠡᠭᠰᠡᠨ ᠪᠣᠯᠪᠠᠴᠤ᠂ ᠴᠢᠩ ᠤᠯᠤᠰ ᠤ᠋ᠨ ᠵᠠᠰᠠᠭ ᠤ᠋ᠨ ᠭᠠᠵᠠᠷ ᠠ᠋ᠴᠠ ᠮᠥᠨ ᠯᠡ ᠡᠨᠡ ᠬᠡᠷᠡᠭ ᠢ᠋ ᠳᠡᠮᠡᠢ ᠣᠢᠰᠢᠶᠠᠭᠰᠠᠨ ᠦᠭᠡᠢ ᠥᠩᠭᠡᠷᠡᠭᠦᠯᠪᠡ᠂ ᠴᠡᠩᠬᠥᠨ ᠠᠷᠭ᠎ᠠ ᠦᠭᠡᠢ ᠪᠣᠯᠬᠤ ᠳ᠋ᠠᠭᠠᠨ ᠳᠠᠯᠠᠢ ᠯᠠᠮᠠ ᠳ᠋ᠤ᠌ ᠵᠠᠭᠠᠯᠳᠤᠵᠠᠢ᠃ ᠳᠠᠯᠠᠢ ᠯᠠᠮᠠ ᠠ᠋ᠴᠠ ᠬᠠᠯᠬ᠎ᠠ ᠶ᠋ᠢᠨ ᠵᠡᠭᠦᠨ ᠪᠠᠷᠠᠭᠤᠨ ᠭᠠᠷ ᠲᠤ ᠵᠠᠷᠯᠢᠭ ᠪᠠᠭᠤᠯᠭᠠᠨ᠄《ᠵᠠᠰᠠᠭᠲᠤ ᠬᠠᠨ ᠢ᠋ ᠲᠠᠨ ᠤ᠋ ᠳᠣᠯᠣᠭᠠᠨ ᠬᠣᠰᠢᠭᠤ ᠪᠦᠭᠦᠳᠡᠭᠡᠷ ᠡᠷᠬᠢᠮᠯᠡᠪᠡᠰᠦ ᠵᠣᠬᠢᠮᠤᠢ᠃ ᠰᠠᠮᠠᠭᠤᠷᠠᠭᠰᠠᠨ ᠠ᠋ᠴᠠ ᠢᠨᠠᠭᠰᠢ ᠰᠠᠷᠨᠢᠵᠤ ᠵᠡᠭᠦᠨ ᠭᠠᠷ ᠲᠤ ᠣᠷᠣᠭᠰᠠᠨ ᠬᠥᠪᠡᠭᠦᠳ ᠳᠡᠭᠦᠦ ᠨᠠᠷ ᠠᠯᠪᠠᠲᠤ ᠢᠷᠭᠡᠳ ᠢ᠋ ᠴᠥᠮ ᠭᠠᠷᠭᠠᠵᠤ ᠥᠭ》[25] ᠭᠡᠪᠡ᠃ ᠡᠭᠦᠨ ᠦ᠌ ᠬᠠᠮᠲᠤ᠂ ᠬᠠᠯᠬ᠎ᠠ ᠶ᠋ᠢᠨ ᠵᠡᠭᠦᠨ ᠪᠠᠷᠠᠭᠤᠨ ᠭᠠᠷ ᠢ᠋ ᠴᠢᠭᠤᠯᠭᠠᠨ ᠬᠢᠯᠭᠡᠵᠦ ᠡᠶᠡᠳᠡᠭᠦᠯᠬᠦ ᠭᠡᠮᠡᠨ ᠵᠠᠷᠠᠪᠦᠷᠨᠢ ᠯᠠᠮᠠ ᠶ᠋ᠢ ᠢᠯᠡᠭᠡᠵᠡᠢ᠃ ᠭᠡᠲᠡᠯ᠎ᠡ ᠲᠦᠰᠢᠶᠡᠲᠦ ᠬᠠᠨ ᠳᠠᠷᠤᠵᠤ ᠠᠪᠤᠭᠰᠠᠨ ᠬᠥᠮᠦᠨ ᠮᠠᠯ ᠢ᠋ᠶ᠋ᠠᠨ ᠭᠠᠷᠭᠠᠵᠤ ᠥᠭᠭᠦᠭᠰᠡᠨ ᠦᠭᠡᠢ ᠮᠥᠷᠲᠡᠭᠡᠨ ᠴᠢᠭᠤᠯᠭᠠᠨ ᠬᠢᠬᠦ ᠶᠠᠪᠤᠳᠠᠯ ᠢ᠋ ᠴᠦ᠍ ᠬᠦᠯᠢᠶᠡᠨ ᠠᠪᠤᠭᠰᠠᠨ ᠦᠭᠡᠢ ᠪᠢᠯᠡ᠃ ᠡᠨᠡ ᠨᠢ ᠲᠡᠳᠡᠨ ᠦ᠌ ᠬᠣᠭᠣᠷᠣᠨᠳᠣᠬᠢ ᠵᠥᠷᠢᠴᠡᠯ ᠲᠡᠮᠡᠴᠡᠯ ᠢ᠋ ᠤᠯᠠᠮ ᠬᠤᠷᠴᠠᠳᠬᠠᠪᠠ᠃ ᠴᠡᠩᠬᠥᠨ ᠲᠦᠰᠢᠶᠡᠲᠦ ᠬᠠᠨ ᠴᠠᠬᠤᠡᠳᠤᠷᠵᠢ ᠲᠠᠢ ᠰᠢᠭᠤᠳ ᠮᠥᠷᠭᠥᠯᠳᠦᠬᠦ ᠬᠦᠴᠦᠨ ᠦᠭᠡᠢ ᠲᠤᠯᠠ᠂ ᠬᠠᠨᠢ ᠬᠠᠮᠰᠠᠭᠠᠲᠠᠨ ᠡᠷᠢᠵᠦ ᠪᠣᠱᠣᠭᠲᠤ ᠬᠠᠨ ᠳ᠋ᠤ᠌ ᠲᠦᠰᠢᠭᠯᠡᠨ ᠨᠥᠬᠥᠷᠯᠡᠵᠡᠢ᠃ ᠲᠦᠰᠢᠶᠡᠲᠦ ᠬᠠᠨ ᠴᠠᠬᠤᠡᠳᠤᠷᠵᠢ ᠶ᠋ᠢᠨ ᠡᠪᠦᠭᠡ (ᠭᠣᠮᠪᠣ ᠬᠠᠨ ᠤ᠋ ᠡᠴᠢᠭᠡ) ᠡᠷᠢᠶᠡᠬᠡᠢ ᠮᠡᠷᠭᠡᠨ ᠦ᠌ ᠭᠡᠷᠭᠡᠢ ᠪᠣᠯᠤᠨ ᠬᠣᠱᠤᠳ ᠸᠴᠢᠷᠳᠦ ᠴᠡᠴᠡᠨ ᠦ᠌ ᠭᠡᠷᠭᠡᠢ ᠲᠤᠷᠵᠢᠷᠠᠪᠳᠠᠨ ᠪᠣᠯ ᠡᠭᠡᠴᠢ ᠳᠡᠭᠦᠦ ᠬᠣᠶᠠᠭᠤᠯᠠ ᠪᠢᠯᠡ᠃ ᠳᠠᠬᠢᠨ ᠸᠴᠢᠷᠳᠦ ᠴᠡᠴᠡᠨ ᠬᠠᠨ ᠤ᠋ ᠣᠮᠪᠣᠯᠣ ᠮᠣᠪᠰᠠᠩᠭᠣᠮᠪᠤᠷᠠᠪᠳᠠᠨ ᠴᠠᠬᠤᠨᠳᠣᠷᠵᠢ ᠶ᠋ᠢᠨ ᠥᠬᠢᠨ ᠢ᠋ ᠬᠠᠲᠤᠨ ᠢ᠋ᠶ᠋ᠠᠷ ᠵᠠᠯᠠᠵᠠᠢ᠃1676 ᠣᠨ ᠳ᠋ᠤ᠌᠂ ᠪᠣᠱᠣᠭᠲᠤ ᠬᠠᠨ ᠸᠴᠢᠷᠳᠦ ᠴᠡᠴᠡᠨ ᠬᠠᠨ ᠢ᠋ ᠳᠣᠪᠲᠣᠯᠬᠤ ᠦᠶ᠎ᠡ ᠳ᠋ᠦ᠍᠂ ᠴᠠᠬᠤᠨᠳᠣᠷᠵᠢ ᠴᠡᠷᠢᠭ ᠳᠠᠢᠴᠢᠯᠠᠨ ᠥᠮᠥᠭᠡᠯᠡ ᠪᠠᠢᠯᠳᠤᠬᠤ[26] ᠬᠡᠮᠡᠭᠡᠳ ᠵᠠᠪᠳᠤᠭᠰᠠᠨ ᠦᠭᠡᠢ ᠬᠠᠭᠠᠰ ᠵᠠᠮ ᠠ᠋ᠴᠠ ᠪᠤᠴᠠᠵᠤ ᠢᠷᠡᠪᠡ᠃ ᠲᠡᠷᠡ ᠡᠨᠡᠬᠦ ᠥᠰᠢᠶ᠎ᠡ ᠶ᠋ᠢ ᠪᠣᠳᠣᠵᠤ᠂1677 ᠣᠨ ᠳ᠋ᠤ᠌ ᠥᠪᠡᠷ ᠦ᠋ᠨ ᠳᠣᠣᠷᠠᠬᠢ ᠰᠡᠷᠡᠩ ᠳᠠᠰᠢ ᠬᠡᠮᠡᠬᠦ ᠬᠥᠮᠦᠨ ᠢ᠋ᠶ᠋ᠡᠷ ᠭᠤᠷᠪᠠᠨ ᠵᠠᠭᠤᠨ ᠴᠡᠷᠢᠭ ᠳᠠᠢᠴᠢᠯᠠᠭᠤᠯᠤᠨ ᠭᠠᠯᠳᠠᠨ ᠪᠣᠱᠣᠭᠲᠤ ᠶ᠋ᠢᠨ ᠪᠡᠭᠡᠵᠢᠩ ᠵᠦᠭ ᠵᠠᠷᠤᠭᠰᠠᠨ ᠡᠯᠴᠢ ᠶ᠋ᠢ ᠪᠤᠯᠢᠶᠠᠯᠭᠠᠵᠠᠢ᠃[27] ᠡᠭᠦᠨ ᠡᠴᠡ ᠡᠬᠥᠰᠤᠩᠰᠠᠠ ᠪᠣᠱᠣᠭᠲᠤ ᠬᠠᠨ ᠪᠣᠯᠤᠨ ᠲᠦᠰᠢᠶᠡᠲᠦ ᠬᠠᠨ ᠤ᠋ ᠵᠥᠷᠢᠴᠡᠯ ᠢ᠋ ᠵᠠᠰᠠᠭᠲᠤ ᠬᠠᠨ ᠴᠡᠩᠬᠥᠨ ᠣᠢᠯᠠᠭᠠᠬᠤ ᠲᠤᠯᠠ ᠭᠠᠯᠳᠠᠨ ᠢ᠋ ᠡᠷᠢᠵᠦ ᠨᠥᠬᠥᠷᠯᠡᠪᠡ᠃
《ᠽᠠᠶ᠎ᠠ ᠪᠠᠨᠳᠢᠳᠠ ᠶ᠋ᠢᠨ ᠨᠠᠮᠲᠠᠷ》 ᠲᠤ᠂ ᠭᠠᠯᠳᠠᠨ ᠪᠣᠱᠣᠭᠲᠤ ᠬᠠᠨ ᠭᠤᠷᠪᠠᠨ ᠲᠤᠯᠭᠠᠢᠳᠦ ᠳ᠋ᠦ᠍ ᠵᠤᠰᠠᠭᠰᠠᠨ ᠳ᠋ᠤ᠌ ᠴᠡᠩᠬᠦᠨ ᠬᠠᠨ ᠢᠷᠡᠵᠦ ᠠᠭᠤᠯᠵᠠᠵᠠᠢ ᠭᠡᠵᠦ ᠲᠡᠮᠳᠡᠭᠯᠡᠪᠡ᠃ ᠪᠣᠱᠣᠭᠲᠤ ᠬᠠᠨ ᠴᠡᠩᠬᠦᠨ ᠢ᠋ ᠬᠠᠯᠠᠭᠤᠨ ᠢ᠋ᠶ᠋ᠠᠷ ᠤᠭᠲᠤᠵᠤ᠂ ᠬᠣᠶᠠᠷ ᠡᠲᠡᠭᠡᠳ ᠦ᠋ᠨ ᠨᠥᠬᠥᠷᠰᠡᠭ ᠬᠠᠷᠢᠴᠠᠭ᠎ᠠ ᠪᠠᠨ ᠤᠯᠠᠮ ᠳᠣᠲᠣᠨᠣ ᠪᠣᠯᠭᠠᠬᠤ ᠪᠠᠷ ᠣᠷᠣᠯᠳᠣᠵᠠᠢ᠃
ᠪᠣᠱᠣᠭᠲᠤ ᠬᠠᠨ ᠤ᠋ ᠠᠪᠠᠭ᠎ᠠ ᠮᠡᠷᠭᠡᠨ ᠲᠠᠢᠴᠢᠩ(ᠪᠠᠭᠠᠲᠤᠷ ᠬᠣᠩ ᠲᠠᠢᠵᠢ ᠶ᠋ᠢᠨ ᠳᠡᠭᠦᠦ) ᠬᠣᠶᠠᠷ ᠬᠥᠪᠡᠭᠦᠨ ᠲᠡᠢ ᠪᠠᠢᠭᠰᠠᠨ᠃ ᠠᠬᠠᠮᠠᠳ ᠨᠢ ᠳᠡᠨᠵᠢᠨ᠂ ᠴᠣᠯᠠ ᠭᠠᠷᠠᠮᠠ ᠲᠠᠢᠴᠢᠩ᠂ ᠬᠣᠶᠠᠳᠤᠭᠠᠷ ᠨᠢ ᠠᠬᠠᠢ᠃ ᠳᠡᠨᠵᠢᠨ ᠦ᠌ ᠬᠣᠶᠠᠷ ᠬᠥᠪᠡᠭᠦᠨ ᠪᠣᠢ᠂ ᠠᠬᠠᠮᠠᠳ ᠨᠢ ᠭᠣᠮᠪᠣ ᠪᠠᠭᠠᠲᠤᠷ᠂ ᠬᠣᠶᠠᠳᠤᠭᠠᠷ ᠨᠢ ᠲᠤᠭᠠᠷ᠃ ᠲᠤᠭᠠᠷ ᠤ᠋ᠨ ᠲᠠᠪᠤᠨ ᠬᠥᠪᠡᠭᠦᠨ ᠦ᠌ ᠭᠤᠷᠪᠠᠳᠤᠭᠠᠷ ᠨᠢ ᠠᠷᠠᠪᠳᠠᠨ ᠭᠡᠳᠡᠭ᠃ ᠣᠢᠷᠠᠳ ᠲᠤ᠌ ᠠᠷᠠᠪᠳᠠᠨ ᠭᠡᠳᠡᠭ ᠨᠡᠷ᠎ᠡ ᠣᠯᠠᠨ ᠪᠠᠢᠬᠤ ᠪᠣᠯᠬᠣᠷ᠂ ᠪᠤᠰᠤᠳ ᠠ᠋ᠴᠠ ᠢᠯᠭᠠᠬᠤ ᠶ᠋ᠢᠨ ᠲᠤᠯᠠ ᠡᠴᠢᠭᠡ ᠶ᠋ᠢᠨ ᠬᠢᠨ ᠨᠡᠷ᠎ᠡ ᠶ᠋ᠢ ᠳᠠᠭᠠᠭᠤᠯᠵᠤ ᠲᠤᠭᠠᠷ ᠠᠷᠠᠪᠳᠠᠨ ᠭᠡᠵᠦ ᠳᠠᠭᠤᠳᠠᠳᠠᠭ᠃ ᠵᠠᠰᠠᠭᠲᠤ ᠬᠠᠨ ᠴᠡᠩᠬᠦᠨ ᠦ᠌ ᠥᠬᠢᠨ ᠵᠠᠭᠠᠷ ᠢ᠋ ᠲᠤᠭᠠᠷ ᠠᠷᠠᠪᠳᠠᠨ ᠳ᠋ᠤ᠌ ᠭᠡᠷᠭᠡᠢ ᠪᠣᠯᠭᠠᠨ ᠵᠠᠯᠠᠵᠠᠢ᠃
ᠬᠣᠶᠠᠷ᠂ ᠬᠦᠷᠡᠩ ᠪᠡᠯᠴᠢᠭᠡᠷ ᠦ᠋ᠨ ᠴᠢᠭᠤᠯᠭᠠᠨ
ᠵᠠᠰᠠᠭᠲᠤ ᠬᠠᠨ ᠴᠡᠩᠭᠦᠨ ᠵᠡᠭᠦᠨᠭᠠᠷ ᠤ᠋ᠨ ᠪᠣᠱᠣᠭᠲᠤ ᠬᠠᠨ ᠲᠠᠢ ᠨᠥᠬᠥᠷᠯᠡᠨ᠂ ᠠᠭᠤᠯᠵᠠᠯᠲᠠ ᠬᠢᠭᠰᠡᠨ ᠶᠠᠪᠤᠳᠠᠯ ᠨᠢ ᠲᠦᠰᠢᠶᠡᠲᠦ ᠬᠠᠨ ᠠᠢᠮᠠᠭ ᠤ᠋ᠨ ᠬᠥᠮᠦᠰ ᠦ᠋ᠨ ᠠᠩᠬᠠᠷᠤᠯ ᠢ᠋ ᠲᠠᠲᠠᠵᠠᠢ᠃ ᠪᠢᠮᠠᠯᠢᠺᠷᠢᠳᠢ ᠪᠣᠯ ᠲᠦᠰᠢᠶᠡᠲᠦ ᠬᠠᠨ ᠠᠢᠮᠠᠭ ᠤ᠋ᠨ ᠰᠠᠢᠨ ᠨᠣᠶᠠᠨ ᠲᠦᠮᠡᠩᠬᠢᠨ ᠦ᠌ ᠶᠢᠰᠦᠳᠦᠭᠡᠷ ᠬᠥᠪᠡᠭᠦᠨ ᠪᠢᠯᠡ᠃ ᠲᠡᠷᠡ ᠬᠠᠯᠬ᠎ᠠ ᠶ᠋ᠢᠨ ᠡᠮᠦᠨᠡᠲᠦ ᠬᠡᠰᠡᠭ ᠦ᠋ᠨ ᠬᠠᠯᠠᠭᠤᠲᠤ ᠭᠡᠳᠡᠭ ᠭᠠᠵᠠᠷ ᠮᠠᠯᠵᠢᠵᠤ᠂ ᠴᠢᠩ ᠤᠯᠤᠰ ᠤ᠋ᠨ ᠵᠠᠰᠠᠭ ᠤ᠋ᠨ ᠭᠠᠵᠠᠷ ᠤ᠋ᠨ ᠳᠠᠭᠠᠭᠠᠯᠪᠤᠷᠢ ᠪᠠᠷ ᠪᠣᠱᠣᠭᠲᠤ ᠬᠠᠨ ᠪᠣᠯᠤᠨ ᠴᠡᠩᠭᠦᠨ ᠬᠠᠨ ᠤ᠋ ᠬᠥᠳᠡᠯᠭᠡᠭᠡᠨ ᠢ᠋ ᠬᠦᠴᠦ ᠲᠠᠯᠪᠢᠨ ᠲᠡᠩᠨᠡᠵᠦ ᠪᠠᠢᠭᠰᠠᠨ ᠶᠤᠮ᠃ ᠴᠡᠩᠭᠦᠨ ᠵᠡᠭᠦᠨᠭᠠᠷ ᠲᠤ ᠬᠦᠷᠴᠦ᠂ ᠪᠣᠱᠣᠭᠲᠤ ᠬᠠᠨ ᠲᠠᠢ ᠠᠭᠤᠯᠵᠠᠭᠰᠠᠨ ᠢ᠋ ᠲᠡᠷᠡ ᠲᠠᠩᠨᠠᠨ ᠮᠡᠳᠡᠭᠡᠳ᠂ ᠪᠣᠱᠣᠭᠲᠤ ᠬᠠᠨ ᠢ᠋《ᠬᠠᠯᠬ᠎ᠠ ᠶ᠋ᠢ ᠳᠣᠪᠲᠣᠯᠬᠤ ᠰᠠᠨᠠᠭ᠎ᠠ ᠲᠠᠢ》[28] ᠭᠡᠵᠦ ᠡᠯᠴᠢ ᠢᠯᠡᠬᠡᠨ ᠮᠡᠳᠡᠭᠦᠯᠵᠡᠢ᠃ ᠡᠨᠡ ᠨᠢ ᠬᠡᠯᠡᠯᠭᠡᠨ ᠦᠭᠡᠢ ᠴᠢᠩ ᠤᠯᠤᠰ ᠤ᠋ᠨ ᠵᠠᠰᠠᠭ ᠤ᠋ᠨ ᠭᠠᠵᠠᠷ ᠤ᠋ᠨ ᠠᠩᠬᠠᠷᠤᠯ ᠢ᠋ ᠲᠠᠲᠠᠭᠰᠠᠨ ᠪᠢᠯᠡ᠃ ᠲᠡᠷᠡ ᠬᠢᠷᠢ ᠪᠡᠷ᠂ ᠴᠢᠩ ᠤᠯᠤᠰ ᠤ᠋ᠨ ᠡᠮᠦᠨᠡᠲᠦ ᠬᠡᠰᠡᠭ ᠲᠦ᠍ ᠭᠠᠷᠤᠭᠰᠠᠨ ᠡᠦ ᠰᠠᠨ ᠬᠦᠢ ᠪᠣᠯᠤᠨ ᠭᠧᠩ ᠵᠢᠩ ᠵᠦᠩ ᠦ᠋ᠨ ᠤᠷᠪᠠᠯᠭᠠᠨ ᠳᠠᠷᠤᠭᠳᠠᠭᠰᠠᠨ ᠪᠣᠯᠬᠣᠷ᠂ ᠡᠩᠬᠡ ᠠᠮᠤᠭᠤᠯᠠᠩ ᠬᠠᠭᠠᠨ ᠠ᠋ᠴᠠ ᠬᠠᠯᠬ᠎ᠠ ᠶ᠋ᠢᠨ ᠵᠡᠭᠦᠨ ᠪᠠᠷᠠᠭᠤᠨ ᠭᠠᠷᠤᠨ ᠦᠢᠮᠡᠭᠡᠨ ᠮᠠᠷᠭᠤᠭᠠᠨ ᠳ᠋ᠤ᠌ ᠰᠠᠶᠢ ᠰᠡᠳᠬᠢᠯ ᠲᠠᠯᠪᠢᠵᠤ ᠡᠬᠢᠯᠡᠵᠡᠢ᠃ ᠭᠡᠲᠡᠯ᠎ᠡ ᠲᠤᠬᠠᠢ ᠶ᠋ᠢᠨ ᠴᠠᠭ ᠲᠤ᠂ ᠬᠠᠯᠬ᠎ᠠ ᠣᠷᠣᠨ ᠬᠠᠷᠠᠬᠠᠨ ᠲᠠᠢᠴᠢᠩ ᠤᠯᠤᠰ ᠤ᠋ᠨ ᠬᠠᠷᠢᠶᠠᠨ ᠳ᠋ᠤ᠌ ᠪᠠᠭᠲᠠᠭᠠᠳᠤᠢ ᠪᠠᠢᠭᠰᠠᠨ ᠲᠤᠯᠠ ᠬᠠᠤᠯᠢ ᠴᠠᠭᠠᠵᠠ ᠪᠠ ᠴᠡᠷᠢᠭ ᠲᠡᠢᠨ ᠦ᠌ ᠲᠠᠯ᠎ᠠ ᠪᠠᠷ ᠰᠢᠭᠤᠳ ᠭᠠᠷ ᠲᠥᠷᠥᠵᠦ ᠪᠣᠯᠬᠤ ᠦᠭᠡᠢ ᠪᠠᠢᠪᠠ᠃ ᠲᠡᠷᠡ ᠪᠣᠱᠣᠭᠲᠤ ᠬᠠᠨ ᠤ᠋ ᠬᠠᠯᠬ᠎ᠠ ᠶ᠋ᠢᠨ ᠵᠡᠭᠦᠨ ᠪᠠᠷᠠᠭᠤᠨ ᠭᠠᠷᠤᠨ ᠮᠠᠷᠭᠤᠭᠠᠨ ᠢ᠋ ᠠᠰᠢᠭᠯᠠᠵᠤ᠂ ᠬᠠᠯᠬ᠎ᠠ ᠶ᠋ᠢ ᠵᠠᠯᠭᠢᠬᠤ ᠠ᠋ᠴᠠ ᠪᠣᠯᠭᠣᠮᠵᠢᠯᠠᠵᠤ ᠬᠠᠯᠬ᠎ᠠ ᠵᠡᠭᠦᠨᠭᠠᠷ ᠵᠦᠭ ᠴᠢᠳᠠᠪᠤᠷᠢ ᠲᠠᠢ ᠰᠠᠢᠳ ᠢ᠋ ᠲᠣᠮᠢᠯᠠᠨ᠂ ᠲᠡᠨᠳᠡᠬᠢ ᠲᠠᠢᠵᠢ ᠨᠠᠷ ᠲᠤ ᠬᠡᠰᠢᠭ ᠱᠠᠩᠨᠠᠯ ᠬᠦᠷᠲᠡᠭᠡᠵᠦ᠂ ᠬᠠᠷᠠᠭᠠᠯᠵᠠᠨ ᠢᠯᠪᠢᠵᠦ ᠪᠠᠢᠬᠤ ᠰᠠᠨᠠᠭ᠎ᠠ ᠪᠠᠨ ᠢᠯᠡᠳᠬᠡᠵᠡᠢ᠃ ᠡᠭᠦᠨ ᠦ᠌ ᠬᠠᠮᠲᠤ᠂ ᠬᠠᠯᠬ᠎ᠠ ᠶ᠋ᠢᠨ ᠵᠡᠭᠦᠨ ᠪᠠᠷᠠᠭᠤᠨ ᠭᠠᠷᠤᠨ ᠬᠠᠨ ᠲᠠᠢᠵᠢ ᠶ᠋ᠢ ᠴᠢᠭᠤᠯᠭᠠᠨ ᠢ᠋ᠶ᠋ᠠᠷ ᠡᠶᠡᠳᠡᠭᠦᠯᠵᠦ᠂ ᠵᠡᠭᠦᠨ ᠪᠠᠷᠠᠭᠤᠨ ᠭᠠᠷᠤᠨ ᠬᠠᠭᠠᠷᠠᠯ ᠢ᠋ ᠠᠰᠢᠭᠯᠠᠨ ᠪᠣᠱᠣᠭᠲᠤ ᠬᠠᠨ ᠤ᠋ ᠭᠠᠷ ᠲᠥᠷᠥᠬᠦ ᠶ᠋ᠢ ᠰᠡᠷᠭᠡᠢᠯᠡᠪᠡ᠃ 1682 ᠣᠨ ᠤ᠋ ᠨᠠᠢ᠍ᠮᠠᠳᠤᠭᠠᠷ ᠰᠠᠷ᠎ᠠ ᠳ᠋ᠤ᠌᠂ ᠡᠩᠬᠡ ᠠᠮᠤᠭᠤᠯᠠᠩ ᠬᠠᠭᠠᠨ ᠠ᠋ᠴᠠ ᠬᠠᠯᠬ᠎ᠠ ᠶ᠋ᠢᠨ ᠵᠡᠭᠦᠨ ᠪᠠᠷᠠᠭᠤᠨ ᠭᠠᠷᠤᠨ ᠨᠠᠢ᠍ᠮᠠᠨ ᠵᠠᠰᠠᠭ ᠪᠣᠯᠤᠨ ᠵᠡᠭᠦᠨᠭᠠᠷ ᠲᠤ ᠪᠠᠢᠳᠠᠯ ᠢ᠋ ᠦᠵᠡᠨ ᠬᠢᠶ᠎ᠡ ᠶ᠋ᠢ ᠵᠠᠬᠢᠷᠬᠤ ᠳᠣᠲᠣᠭᠠᠳᠤ ᠰᠠᠢᠳ᠂ ᠰᠤᠯᠠ ᠰᠠᠢᠳ᠂ ᠬᠣᠰᠢᠭᠤ ᠶ᠋ᠢ ᠵᠠᠬᠢᠷᠤᠭᠴᠢ ᠰᠠᠢᠳ᠂ ᠬᠢᠶ᠎ᠡ ᠪᠣᠯᠤᠨ ᠶᠡᠬᠡ ᠯᠠᠮᠠ ᠪᠠᠷ ᠪᠦᠷᠢᠯᠳᠦᠭᠰᠡᠨ ᠡᠯᠴᠢ ᠶ᠋ᠢᠨ ᠪᠦᠯᠬᠦᠮ ᠠᠷᠪᠠ ᠶ᠋ᠢ ᠲᠣᠮᠢᠯᠠᠪᠠ᠃ ᠬᠠᠯᠬ᠎ᠠ ᠶ᠋ᠢᠨ ᠬᠡᠷᠡᠭ ᠶᠠᠪᠤᠳᠠᠯ ᠳ᠋ᠤ᠌ ᠲᠦᠰᠢᠶᠡᠲᠦ ᠬᠠᠨ ᠴᠡᠬᠤᠨᠳᠣᠷᠵᠢ ᠪᠣᠯᠤᠨ ᠲᠡᠭᠦᠨ ᠦ᠌ ᠳᠡᠭᠦᠦ ᠵᠢᠪᠽᠥ᠋ᠳᠠᠮᠪᠠ ᠬᠤᠲᠤᠭᠲᠤ ᠪᠣᠯ ᠬᠦᠨᠳᠦ ᠴᠢᠬᠤᠯᠠ ᠪᠠᠢᠷᠢ ᠰᠠᠭᠤᠷᠢ ᠶ᠋ᠢ ᠡᠵᠡᠯᠡᠬᠦ ᠶᠦᠮ᠃ ᠲᠡᠢᠮᠦ ᠡᠴᠡ ᠡᠯᠴᠢ ᠶ᠋ᠢᠨ ᠪᠦᠯᠬᠦᠮ ᠦ᠋ᠳ ᠲᠦ᠍ ᠴᠠᠬᠣᠨᠳᠣᠷᠵᠢ ᠶ᠋ᠢᠨ ᠵᠦᠭ ᠲᠣᠮᠢᠯᠠᠭᠰᠠᠨ ᠬᠥᠮᠦᠰ ᠨᠢ ᠣᠯᠠᠨ ᠠ᠋ᠴᠠ ᠣᠨᠴᠣᠭᠣᠢ ᠪᠠᠢᠪᠠ᠃ ᠲᠡᠭᠦᠨ ᠦ᠌ ᠳᠣᠲᠣᠷ᠎ᠠ᠂ ᠬᠢᠶ᠎ᠡ ᠶ᠋ᠢ ᠵᠠᠬᠢᠷᠬᠤ ᠳᠣᠲᠣᠭᠠᠳᠤ ᠰᠠᠢᠳ ᠫᠢᠶᠠᠩᠭᠤ᠂ ᠲᠡᠷᠢᠭᠦᠨ ᠵᠡᠷᠭᠡ ᠶ᠋ᠢᠨ ᠲᠠᠢᠵᠢ ᠡᠹᠦ᠋ ᠠᠷᠠᠪᠳᠠᠨ᠂ ᠵᠢᠷᠠᠳ ᠤ᠋ᠨ ᠵᠠᠯᠠᠨ ᠤ᠋ ᠵᠠᠩᠭᠢ ᠪᠠᠲᠤ᠂ ᠢᠯᠠᠭᠠᠭᠴᠢ ᠲᠦᠰᠢᠮᠡᠯ ᠬᠠᠷ᠎ᠠ ᠨᠠᠷ ᠣᠷᠣᠯᠴᠠᠪᠠ᠃ ᠡᠯᠴᠢ ᠶ᠋ᠢᠨ ᠪᠦᠯᠬᠦᠮ ᠦ᠋ᠨ ᠡᠭᠦᠷᠭᠡ ᠨᠢ ᠡᠩᠬᠡ ᠠᠮᠤᠭᠤᠯᠠᠩ ᠬᠠᠭᠠᠨ ᠤ᠋ ᠠᠷᠭ᠎ᠠ ᠪᠣᠳᠣᠯᠭ᠎ᠠ ᠶ᠋ᠢ ᠬᠡᠷᠡᠭᠵᠢᠭᠦᠯᠦᠨ ᠲᠤᠤᠱᠯᠠᠭᠤᠯᠵᠤ᠂ ᠬᠠᠯᠬ᠎ᠠ ᠶ᠋ᠢᠨ ᠵᠡᠭᠦᠨ ᠪᠠᠷᠠᠭᠤᠨ ᠭᠠᠷᠤᠨ ᠲᠠᠢᠵᠢ ᠨᠠᠷ ᠢ᠋ ᠪᠦᠯᠬᠦᠮᠳᠡᠯ ᠢ᠋ᠶ᠋ᠡᠨ ᠴᠢᠩᠭᠠᠳᠬᠠᠨ ᠬᠠᠷᠢ ᠶ᠋ᠢᠨ ᠬᠥᠮᠦᠰ ᠦ᠋ᠨ ᠭᠠᠷ ᠲᠥᠷᠥᠬᠦ ᠡᠴᠡ ᠬᠢᠴᠢᠶᠡᠩᠳᠦᠨ ᠭᠡᠰᠡᠨ ᠶᠦᠮ᠃ ᠭᠡᠲᠡᠯ᠎ᠡ ᠬᠠᠯᠬ᠎ᠠ ᠣᠷᠣᠨ ᠬᠠᠷᠠᠬᠠᠨ ᠲᠤᠰᠠᠭᠠᠷ ᠡᠷᠬᠡ ᠮᠡᠳᠡᠬᠦ ᠪᠠᠢᠳᠠᠯ ᠢ᠋ᠶ᠋ᠠᠨ ᠬᠠᠳᠠᠭᠠᠯᠠᠵᠤ ᠪᠠᠢᠭᠰᠠᠨ ᠲᠤᠯᠠ ᠡᠯᠴᠢ ᠶ᠋ᠢᠨ ᠪᠦᠯᠬᠦᠮ ᠦ᠋ᠨ ᠬᠥᠳᠡᠯᠭᠡᠭᠡᠨ ᠨᠢ ᠢᠯᠡᠷᠬᠡᠢ ᠠᠮᠵᠢᠯᠲᠠ ᠣᠯᠤᠭᠰᠠᠨ ᠦᠭᠡᠢ᠃ ᠠᠷᠪᠠᠨ ᠬᠣᠶᠠᠳᠤᠭᠠᠷ ᠰᠠᠷ᠎ᠠ ᠳ᠋ᠤ᠌ ᠵᠠᠯᠭᠠᠪᠠᠷ ᠪᠡᠭᠡᠵᠢᠩ ᠳ᠋ᠦ᠍ ᠪᠤᠴᠠᠵᠤ ᠢᠷᠡᠪᠡ᠃ ᠡᠭᠦᠨ ᠦ᠌ ᠳᠠᠷᠠᠭ᠎ᠠ᠂ ᠡᠩᠬᠡ ᠠᠮᠤᠭᠤᠯᠠᠩ ᠬᠠᠭᠠᠨ ᠠ᠋ᠴᠠ ᠬᠠᠯᠬ᠎ᠠ ᠶ᠋ᠢᠨ ᠵᠡᠭᠦᠨ ᠪᠠᠷᠠᠭᠤᠨ ᠭᠠᠷ ᠢ᠋ ᠴᠢᠭᠤᠯᠭᠠᠨ ᠬᠢᠯᠭᠡᠬᠦ ᠪᠡᠷ ᠪᠣᠳᠣᠯᠬᠢᠯᠠᠨ ᠪᠣᠯᠪᠠᠰᠤᠷᠠᠭᠤᠯᠵᠠᠢ᠃ ᠲᠥᠪᠡᠳ ᠦ᠋ᠨ ᠰᠢᠷ᠎ᠠ ᠶ᠋ᠢᠨ ᠱᠠᠰᠢᠨ ᠤ᠋ ᠡᠲᠡᠭᠡᠳ ᠨᠢ ᠮᠣᠩᠭᠣᠯᠴᠤᠳ ᠲᠤ ᠤᠤᠯ ᠠ᠋ᠴᠠ ᠨᠥᠯᠥᠭᠡ ᠶᠡᠬᠡ ᠲᠡᠢ ᠪᠠᠢᠭᠰᠠᠨ᠃ ᠳᠣᠯᠣᠭᠠᠨ ᠬᠣᠰᠢᠭᠤ ᠬᠠᠯᠬ᠎ᠠ ᠶ᠋ᠢᠨ ᠬᠠᠳ ᠨᠣᠶᠠᠳ ᠠ᠋ᠴᠠ ᠡᠬᠢᠯᠡᠨ᠂ ᠳᠠᠯᠠᠢ ᠯᠠᠮᠠ ᠶ᠋ᠢ ᠲᠤᠢᠯ ᠢ᠋ᠶ᠋ᠠᠷ ᠳᠡᠭᠡᠳᠦᠴᠢᠯᠡᠨ ᠬᠦᠨᠳᠦᠳᠬᠡᠵᠦ ᠬᠠᠨ᠂ ᠬᠣᠩ ᠲᠠᠢᠵᠢ᠂ ᠵᠢᠨᠦᠩ ᠨᠠᠷ ᠤ᠋ᠨ ᠡᠷᠬᠢᠮ ᠴᠣᠯᠠ ᠶ᠋ᠢ ᠴᠥᠮ ᠳᠠᠯᠠᠢ ᠯᠠᠮᠠ ᠣᠯᠭᠣᠵᠤ ᠪᠠᠢᠭᠰᠠᠨ ᠶᠤᠮ᠃ ᠲᠡᠭᠦᠨᠴᠡ ᠴᠢᠭᠤᠯᠭᠠᠨ ᠬᠢᠬᠦ ᠶᠠᠪᠤᠳᠠᠯ ᠳ᠋ᠤ᠌ ᠳᠠᠯᠠᠢ ᠯᠠᠮᠠ ᠶ᠋ᠢᠨ ᠦᠢᠯᠡᠳᠦᠯ ᠪᠣᠯᠤᠨ ᠨᠥᠯᠥᠭᠡ ᠶ᠋ᠢ ᠠᠰᠢᠭᠯᠠᠬᠤ ᠴᠢᠬᠤᠯᠠ ᠲᠠᠢ ᠭᠡᠵᠦ ᠡᠩᠬᠡ ᠠᠮᠤᠭᠤᠯᠠᠩ ᠦᠵᠡᠵᠡᠢ᠃ ᠶᠠᠭ ᠡᠨᠡ ᠦᠶ᠎ᠡ ᠳ᠋ᠦ᠍ ᡀᠠᠰᠠ ᠶ᠋ᠢᠨ ᠪᠤᠲᠠᠯᠠ ᠣᠷᠳᠣᠨ ᠤ᠋ ᠳᠣᠲᠣᠷ᠎ᠠ᠂ ᠭᠠᠳᠠᠨᠠᠬᠢ ᠬᠥᠮᠦᠨ ᠳ᠋ᠦ᠍ ᠦᠯᠦ ᠮᠡᠳᠡᠭᠦᠯᠬᠦ《ᠨᠢᠭᠤᠴᠠ ᠪᠠᠷ ᠣᠷᠣᠰᠢᠭᠤᠯᠬᠤ》 ᠬᠡᠷᠡᠭ ᠡᠭᠦᠰᠪᠡ᠃1682 ᠣᠨ ᠤ᠋ ᠬᠣᠶᠠᠳᠤᠭᠠᠷ ᠰᠠᠷ᠎ᠠ ᠶ᠋ᠢᠨ ᠬᠣᠷᠢᠨ ᠲᠠᠪᠤᠨ ᠤ᠋ ᠡᠳᠦᠷ᠂ ᠲᠠᠪᠤᠳᠤᠭᠠᠷ ᠳᠠᠯᠠᠢ ᠯᠠᠮᠠ ᠪᠤᠲᠠᠯᠠ ᠣᠷᠳᠣᠨ ᠤ᠋ ᠳᠣᠲᠣᠷ᠎ᠠ ᠲᠠᠭᠠᠯᠠᠯ ᠲᠡᠭᠦᠰᠴᠡᠢ᠃ ᠡᠭᠦᠨ ᠳ᠋ᠦ᠍ ᠳ᠋ᠢᠪᠠ ᠰᠠᠩᠵᠠᠢᠵᠠᠮᠰᠤ ᠲᠤᠬᠠᠢ ᠶ᠋ᠢᠨ ᠦᠶ᠎ᠡ ᠶ᠋ᠢᠨ ᠲᠥᠪᠡᠳ ᠦ᠋ᠨ ᠳᠣᠲᠣᠭᠠᠳᠤ ᠭᠠᠳᠠᠭᠠᠳᠤ ᠶ᠋ᠢᠨ ᠪᠤᠳᠤᠯᠢᠶᠠᠨᠲᠠᠢ ᠪᠠᠢᠳᠠᠯ ᠢ᠋ ᠦᠨᠳᠦᠰᠦᠯᠡᠨ᠂ ᠳᠠᠯᠠᠢ ᠯᠠᠮᠠ ᠶ᠋ᠢ《ᠨᠢᠭᠤᠴᠠ ᠪᠠᠷ ᠣᠷᠣᠰᠢᠭᠤᠯᠬᠤ》 ᠲᠠᠰᠤᠷᠬᠠᠢ ᠰᠢᠢᠳᠪᠦᠷᠢ ᠭᠠᠷᠭᠠᠪᠠ᠃ ᠡᠭᠦᠨ ᠢ᠋ᠶ᠋ᠡᠨ ᠦᠯᠦ ᠵᠠᠳᠠᠷᠠᠭᠤᠯᠬᠤ ᠭᠡᠮᠡᠨ ᠳᠠᠯᠠᠢ ᠯᠠᠮᠠ ᠶ᠋ᠢ《ᠮᠥᠩᠬᠡ ᠶ᠋ᠢᠨ ᠲᠢᠶᠠᠨ》 ᠳ᠋ᠤ᠌ ᠰᠠᠭᠤᠵᠤ ᠪᠢᠰᠢᠯᠭᠠᠵᠤ ᠪᠣᠢ ᠭᠡᠮᠡᠨ ᠭᠠᠳᠠᠭᠰᠢ ᠲᠤᠩᠬᠠᠭᠯᠠᠵᠤ᠂ ᠳ᠋ᠢᠪᠠ ᠰᠠᠩᠵᠠᠢᠵᠠᠮᠰᠤ ᠣᠷᠣᠯᠠᠨ ᠭᠦᠢᠴᠡᠳᠬᠡᠵᠦ᠂ ᠭᠠᠳᠠᠨ᠎ᠠ ᠡᠲᠡᠭᠡᠳ ᠲᠡᠢ ᠶᠠᠪᠤᠯᠴᠠᠨ ᠬᠠᠷᠢᠯᠴᠠᠬᠤ ᠠᠯᠢᠪᠠ ᠪᠢᠴᠢᠭ ᠵᠠᠬᠢᠶ᠎ᠠ᠂ ᠵᠠᠷᠯᠢᠭ ᠰᠤᠷᠭᠠᠯ᠂ ᠲᠤᠩᠬᠠᠭ ᠵᠠᠷ ᠢ᠋ ᠮᠥᠨ ᠯᠡ ᠳᠠᠯᠠᠢ ᠯᠠᠮᠠ ᠶ᠋ᠢᠨ ᠨᠡᠷ᠎ᠡ ᠪᠡᠷ ᠦᠢᠯᠡᠳᠴᠦ ᠪᠠᠢᠭᠰᠠᠨ ᠨᠢ ᠦᠨᠡᠨᠳᠡᠭᠡᠨ ᠳ᠋ᠢᠪᠠ ᠰᠠᠩᠵᠠᠢᠵᠠᠮᠰᠤ ᠶ᠋ᠢᠨ ᠣᠢᠯᠠᠪᠤᠷᠢ ᠪᠢᠯᠡ᠃ ᠲᠡᠭᠦᠨᠴᠡ ᠪᠤᠲᠠᠯᠠ ᠣᠷᠳᠣᠨ ᠳ᠋ᠤ᠌ ᠶᠠᠪᠤᠭᠳᠠᠭᠰᠠᠨ《ᠨᠢᠭᠤᠴᠠ ᠪᠠᠷ ᠣᠷᠣᠰᠢᠭᠤᠯᠤᠭᠰᠠᠨ》 ᠶᠠᠪᠤᠳᠠᠯ ᠢ᠋ ᠨᠡᠯᠢᠶᠡᠳ ᠤᠷᠲᠤ ᠬᠤᠭᠤᠴᠠᠭᠠᠨ ᠳ᠋ᠤ᠌ ᠡᠩᠬᠡ ᠠᠮᠤᠭᠤᠯᠠᠩ ᠬᠠᠭᠠᠨ ᠮᠡᠳᠡᠭᠰᠡᠨ ᠦᠭᠡᠢ ᠪᠠᠢᠪᠠ᠃
1684 ᠣᠨ ᠤ᠋ ᠴᠠᠭᠠᠨ ᠰᠠᠷ᠎ᠠ ᠳ᠋ᠤ᠌᠂ ᠡᠩᠬᠡ ᠠᠮᠤᠭᠤᠯᠠᠩ ᠬᠠᠭᠠᠨ ᠠ᠋ᠴᠠ ᠠᠴᠢᠲᠤ ᠭᠡᠯᠦᠩ ᠢ᠋ ᠲᠥᠪᠡᠳ ᠲᠦ᠍ ᠵᠠᠷᠤᠵᠤ ᠳᠠᠯᠠᠢ ᠯᠠᠮᠠ ᠳ᠋ᠤ᠌ ᠬᠠᠯᠬ᠎ᠠ ᠵᠦᠭ ᠴᠢᠳᠠᠪᠤᠷᠢ ᠲᠠᠢ ᠯᠠᠮᠠ ᠶ᠋ᠢ ᠢᠯᠡᠭᠡᠵᠦ᠂ ᠵᠡᠭᠦᠨ ᠪᠠᠷᠠᠭᠤᠨ ᠭᠠᠷ ᠢ᠋ ᠴᠢᠭᠤᠯᠭᠠᠨ ᠬᠢᠯᠭᠡᠭᠲᠦᠨ ᠭᠡᠵᠡᠢ᠃ ᠡᠭᠦᠨ ᠳ᠋ᠦ᠍ ᠳᠠᠯᠠᠢ ᠯᠠᠮᠠ ᠠ᠋ᠴᠠ ᠷᠠᠪᠵᠢᠮᠪᠠ ᠯᠣᠪᠰᠠᠩᠨᠣᠷᠪᠤ᠂ ᠯᠠᠳᠤᠩᠭᠸᠠᠩᠷᠠᠭᠫᠠ ᠶ᠋ᠢ ᠪᠡᠭᠡᠵᠢᠩ ᠵᠦᠭ ᠵᠠᠷᠤᠵᠤ᠂ ᠴᠠᠪᠠᠴᠸᠮᠪᠤ ᠬᠤᠲᠤᠭᠲᠤ ᠶ᠋ᠢ ᠳᠣᠯᠣᠭᠠᠨ ᠬᠣᠰᠢᠭᠤ ᠬᠠᠯᠬ᠎ᠠ ᠳ᠋ᠤ᠌ ᠢᠯᠡᠭᠡᠵᠦ ᠴᠢᠭᠤᠯᠭᠠᠨ ᠬᠢᠯᠭᠡᠬᠦ ᠪᠡᠷ ᠪᠠᠢᠬᠤ ᠰᠠᠨᠠᠭ᠎ᠠ ᠪᠠᠨ ᠬᠡᠯᠡᠭᠦᠯᠪᠡ᠃1684 ᠣᠨ ᠤ᠋ ᠠᠷᠪᠠᠨ ᠬᠣᠶᠠᠳᠤᠭᠠᠷ ᠰᠠᠷ᠎ᠠ ᠳ᠋ᠤ᠌᠂ ᠠᠴᠢᠲᠤ ᠭᠡᠯᠦᠩ᠂ ᠷᠠᠪᠴᠢᠮᠠᠪᠠ ᠯᠣᠪᠰᠠᠩᠨᠣᠷᠪᠤ ᠨᠠᠷ ᠪᠡᠭᠡᠵᠢᠩ ᠳ᠋ᠦ᠍ ᠬᠦᠷᠦᠭᠡᠳ ᠳᠡᠭᠡᠷᠡᠬᠢ ᠶᠠᠪᠤᠳᠠᠯ ᠢ᠋ ᠡᠩᠬᠡ ᠠᠮᠤᠭᠤᠯᠠᠩ ᠬᠠᠭᠠᠨ ᠳ᠋ᠤ᠌ ᠠᠢᠯᠠᠳᠬᠠᠵᠠᠢ᠃ ᠡᠨᠡ ᠦᠶ᠎ᠡ ᠳ᠋ᠦ᠍ ᠴᠠᠮᠪᠠᠽᠸᠮᠪᠤ ᠬᠤᠲᠤᠭᠲᠤ ᠪᠠᠰᠠ ᠮᠣᠷᠳᠠᠨ ᠭᠠᠷᠴᠤ᠂1685 ᠣᠨ ᠤ᠋ ᠬᠠᠪᠤᠷ ᠬᠥᠬᠡᠬᠣᠲᠠ ᠶ᠋ᠢᠨ ᠪᠤᠷᠭᠠᠰᠤᠲᠠᠢ ᠭᠡᠳᠡᠭ ᠭᠠᠵᠠᠷ ᠲᠤ ᠬᠦᠷᠦᠭᠡᠳ ᠭᠡᠨᠡᠳᠲᠡ ᠪᠡᠷ ᠡᠪᠡᠳᠴᠢᠨ ᠢ᠋ᠶ᠋ᠡᠷ ᠲᠠᠭᠠᠯᠠᠯ ᠪᠣᠯᠪᠠ᠃1685 ᠣᠨ ᠤ᠋ ᠴᠠᠭᠠᠨ ᠰᠠᠷ᠎ᠠ᠂ ᠠᠴᠢᠲᠤ ᠭᠡᠯᠦᠩ ᠢ᠋ ᠨᠠᠰᠢ ᠴᠠᠰᠢ ᠠᠶᠠᠯᠠᠭᠰᠠᠨ ᠭᠠᠪᠢᠶ᠎ᠠ ᠲᠠᠢ ᠭᠡᠮᠡᠨ ᠴᠣᠷᠣᠢ ᠴᠣᠯᠠ ᠰᠣᠶᠣᠷᠬᠠᠭᠠᠳ ᡀᠠᠰᠠ ᠵᠦᠭ ᠳᠠᠬᠢᠨ ᠵᠠᠷᠤᠵᠤ᠂ ᠥᠭᠡᠷ᠎ᠡ ᠨᠢᠭᠡᠨ ᠯᠠᠮᠠ ᠶ᠋ᠢ ᠬᠠᠯᠬ᠎ᠠ ᠵᠦᠭ ᠢᠯᠡᠭᠡᠲᠦᠭᠡᠢ ᠭᠡᠵᠦ ᠳᠠᠯᠠᠢ ᠯᠠᠮᠠ ᠳ᠋ᠤ᠌ ᠬᠦᠰᠡᠬᠦ ᠳ᠋ᠦ᠍ ᠲᠡᠷᠡ ᠭᠠᠯᠳᠠᠨ ᠰᠢᠷᠡᠭᠡᠲᠦ ᠶ᠋ᠢ ᠬᠠᠯᠬ᠎ᠠ ᠵᠦᠭ ᠢᠯᠡᠭᠡᠬᠦ ᠪᠡᠷ ᠲᠣᠭᠲᠠᠵᠠᠢ᠃ ᠡᠨᠡᠬᠦ ᠭᠠᠯᠳᠠᠨ ᠰᠢᠷᠡᠭᠡᠲᠦ ᠨᠢ ᠳᠠᠯᠠᠢ ᠯᠠᠮᠠ ᠶ᠋ᠢᠨ ᠠᠬᠠᠮᠠᠳ ᠱᠠᠪᠢ ᠪᠣᠯᠤᠨ᠎ᠠ᠃1635 ᠣᠨ ᠳ᠋ᠤ᠌ ᠮᠡᠨᠳᠦᠯᠡᠵᠦ᠂1682 ᠣᠨ ᠳ᠋ᠤ᠌ ᠭᠠᠯᠳᠠᠨ ᠬᠡᠢᠳ ᠦ᠋ᠨ ᠽᠦᠩᠬᠡᠪᠠ ᠶ᠋ᠢᠨ ᠰᠢᠷᠡᠭᠡᠨ ᠳ᠋ᠦ᠍ ᠰᠠᠭᠤᠭᠰᠠᠨ ᠡᠷᠬᠢᠮ ᠬᠤᠲᠤᠭᠲᠤ ᠶᠤᠮ᠃ ᠲᠡᠭᠦᠨ ᠢ᠋ ᠮᠣᠷᠳᠠᠨ ᠭᠠᠷᠬᠤ ᠶ᠋ᠢᠨ ᠤᠷᠢᠳ ᠪᠠᠢᠷᠢ ᠰᠠᠭᠤᠷᠢ ᠶ᠋ᠢ ᠨᠢ ᠤᠯᠠᠮ ᠥᠨᠳᠥᠷ ᠪᠣᠯᠭᠠᠬᠤ ᠭᠡᠮᠡᠨ《ᠡᠷᠳᠡᠨᠢ ᠳᠠᠯᠠᠢ ᠰᠢᠷᠡᠭᠡᠲᠦ ᠬᠤᠲᠤᠭᠲᠤ》 ᠭᠡᠳᠡᠭ ᠴᠣᠯᠠ ᠬᠦᠷᠲᠡᠭᠡᠪᠡ᠃ ᠲᠡᠭᠦᠨᠴᠡ ᠭᠡᠳᠡᠷᠭᠦ ᠪᠤᠴᠠᠬᠤ ᠠᠴᠢᠲᠤ ᠴᠣᠷᠵᠢ ᠪᠠᠷ《ᠮᠠᠨ ᠤ᠋ ᠲᠥᠪᠡᠳ ᠦ᠋ᠨ ᠭᠠᠵᠠᠷ ᠲᠤ ᠭᠠᠯᠳᠠᠨ ᠰᠢᠷᠡᠭᠡᠲᠦ ᠬᠤᠲᠤᠭᠲᠤ ᠠ᠋ᠴᠠ ᠡᠷᠬᠢᠮ ᠢᠨᠦ ᠦᠭᠡᠢ ᠪᠣᠯᠠᠢ》[29] ᠭᠡᠮᠡᠨ ᠡᠩᠬᠡ ᠠᠮᠤᠭᠤᠯᠠᠩ ᠬᠠᠭᠠᠨ ᠳ᠋ᠤ᠌ ᠬᠡᠯᠡ ᠬᠥᠷᠭᠡᠭᠦᠯᠵᠠᠢ᠃ ᠳᠠᠯᠠᠢ ᠯᠠᠮᠠ(ᠦᠨᠡᠨᠳᠡᠭᠡᠨ ᠰᠠᠩᠵᠠᠢᠵᠠᠮᠰᠤ) ᠠ᠋ᠴᠠ ᠭᠠᠯᠳᠠᠨ ᠰᠢᠷᠡᠭᠡᠲᠦ ᠳ᠋ᠦ᠍ ᠬᠠᠪᠰᠤᠷᠤᠭᠴᠢ ᠪᠣᠯᠭᠠᠬᠤ ᠭᠡᠮᠡᠨ ᠡᠮᠦᠨᠡᠲᠦ ᠣᠷᠣᠨ ᠤ᠋ ᠠᠷᠪᠠᠨ ᠳᠥᠷᠪᠡᠳᠦᠭᠡᠷ ᠵᠠᠩᠭᠢᠶ᠎ᠠ ᠬᠤᠲᠤᠭᠲᠤ ᠶ᠋ᠢ ᠲᠡᠭᠦᠨ ᠦ᠌ ᠬᠠᠮᠲᠤ ᠢᠯᠡᠭᠡᠪᠡ᠃ ᠡᠩᠬᠡ ᠠᠮᠤᠭᠤᠯᠠᠩ ᠬᠠᠭᠠᠨ ᠪᠠᠶᠠᠷᠯᠠᠵᠤ ᠡᠷᠬᠢᠯᠡᠭᠰᠡᠨ ᠰᠠᠢᠳ ᠠᠷᠠᠨᠢ ᠳ᠋ᠤ᠌ ᠵᠠᠷᠯᠢᠭ ᠪᠠᠭᠤᠯᠭᠠᠨ᠃ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠶᠠᠮᠤᠨ ᠠ᠋ᠴᠠ ᠲᠤᠰᠬᠠᠢᠯᠠᠨ ᠬᠣᠶᠠᠷ ᠬᠥᠮᠦᠨ ᠢ᠋ ᠲᠣᠮᠢᠯᠠᠵᠤ ᠬᠥᠬᠡᠨᠠᠭᠤᠷ ᠵᠦᠭ ᠳᠣᠪᠲᠣᠯᠭᠠᠬᠤ ᠶ᠋ᠢᠨ ᠬᠠᠮᠲᠤ ᠮᠥᠨ ᠰᠢᠨᠢᠩ ᠬᠣᠲᠠ ᠠ᠋ᠴᠠ ᠵᠣᠬᠢᠬᠤ ᠬᠡᠮᠵᠢᠶᠡᠨ ᠦ᠌ ᠪᠤᠳᠠᠭ᠎ᠠ᠂ ᠭᠤᠯᠢᠷ᠂ ᠴᠠᠢ᠂ ᠬᠣᠨᠢ ᠶ᠋ᠢ ᠪᠡᠯᠡᠳᠬᠡᠵᠦ ᠭᠠᠯᠳᠠᠨ ᠰᠢᠷᠡᠭᠡᠲᠦ ᠶ᠋ᠢᠨ ᠠᠶᠠᠨ ᠳ᠋ᠤ᠌ ᠳᠥᠭᠥᠮ ᠦᠵᠡᠭᠦᠯᠵᠡᠢ᠃
ᠡᠨᠡ ᠤᠳᠠᠭᠠᠨ ᠤ᠋ ᠴᠢᠭᠤᠯᠭᠠᠨ ᠢ᠋ᠶ᠋ᠠᠷ ᠳᠠᠮᠵᠢᠭᠤᠯᠵᠤ ᠲᠠᠢᠴᠢᠩ ᠤᠯᠤᠰ ᠤ᠋ᠨ ᠰᠦᠷ ᠨᠥᠯᠥᠭᠡ ᠪᠡᠨ ᠥᠷᠭᠡᠳᠬᠡᠬᠦ ᠭᠡᠮᠡᠨ ᠡᠩᠬᠡ ᠠᠮᠤᠭᠤᠯᠠᠩ ᠬᠠᠭᠠᠨ ᠠ᠋ᠴᠠ ᠴᠢᠬᠤᠯᠠ ᠲᠦᠰᠢᠮᠡᠯ᠂ ᠳᠠᠷᠤᠢ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠶᠠᠮᠤᠨ ᠤ᠋ ᠡᠷᠬᠢᠯᠡᠭᠰᠡᠨ ᠰᠠᠢᠳ ᠠᠷᠠᠨᠢ᠂ ᠲᠠᠢᠵᠢ ᠪᠠᠳᠮᠠᠰᠢ᠂ ᠪᠢᠯᠢᠭᠲᠦ ᠯᠠᠮᠠ᠂ ᠠᠴᠢᠲᠤ ᠴᠣᠷᠵᠢ ᠶ᠋ᠢ ᠡᠯᠴᠢ ᠶ᠋ᠢᠨ ᠪᠦᠯᠬᠦᠮ ᠢ᠋ᠶ᠋ᠡᠷ ᠢᠯᠡᠭᠡᠬᠦ ᠶ᠋ᠢᠨ ᠬᠠᠮᠲᠤ ᠴᠢᠭᠤᠯᠭᠠᠨ ᠢ᠋ ᠤᠷᠤᠭᠰᠢᠲᠠᠢ ᠬᠢᠯᠭᠡᠬᠦ ᠭᠡᠮᠡᠨ ᠬᠠᠯᠬ᠎ᠠ ᠶ᠋ᠢᠨ ᠵᠡᠭᠦᠨ ᠪᠠᠷᠠᠭᠤᠨ ᠭᠠᠷᠤᠨ ᠬᠠᠨ᠂ ᠲᠠᠢᠵᠢ ᠶ᠋ᠢᠨ ᠨᠤᠲᠤᠭ ᠲᠤ ᠲᠤᠰ ᠲᠤᠰ ᠡᠯᠴᠢ ᠲᠣᠮᠢᠯᠠᠵᠤ ᠤᠬᠠᠭᠤᠯᠬᠤ ᠠᠵᠢᠯ ᠢ᠋ ᠬᠢᠯᠭᠡᠪᠡ᠃ ᠡᠭᠦᠨ ᠳ᠋ᠦ᠍ ᠬᠠᠯᠬ᠎ᠠ ᠶ᠋ᠢᠨ ᠪᠠᠷᠠᠭᠤᠨ ᠭᠠᠷᠤᠨ ᠵᠠᠰᠠᠭᠲᠤ ᠬᠠᠨ ᠴᠠᠩᠭᠦᠨ ᠳ᠋ᠦ᠍ ᠬᠥᠬᠡᠬᠣᠲᠠ ᠶ᠋ᠢᠨ ᠣᠮᠪᠣ ᠳᠡᠨᠵᠢᠨ᠂ ᠵᠠᠮᠰᠤ ᠭᠡᠯᠦᠩ᠂ ᠲᠤᠰᠠᠯᠠᠭᠴᠢ ᠲᠦᠰᠢᠮᠡᠯ ᠨᠣᠮᠴᠢᠲᠠᠢ ᠶ᠋ᠢ ᠢᠯᠡᠭᠡᠵᠦ᠂ ᠡᠷᠳᠡᠨᠢ ᠵᠢᠨᠦᠩ ᠫᠣᠩᠰᠤᠭᠷᠠᠪᠳᠠᠨ ᠳ᠋ᠤ᠌ ᠳᠡᠮᠴᠢ ᠳᠠᠷᠬᠠᠨ ᠭᠡᠯᠦᠩ᠂ ᠲᠤᠰᠠᠯᠠᠭᠴᠢ ᠲᠦᠰᠢᠮᠡᠯ ᠮᠠᠳᠠᠢ ᠶ᠋ᠢ ᠢᠯᠡᠬᠡᠨ᠂ ᠰᠠᠷᠠᠨ ᠠᠬᠠᠢ ᠲᠠᠢᠵᠢ ᠳ᠋ᠤ᠌ ᠭᠦᠮᠪᠦ ᠭᠡᠯᠦᠩ᠂ ᠲᠤᠰᠠᠯᠠᠭᠴᠢ ᠲᠦᠰᠢᠮᠡᠯ ᠠᠷᠪᠢᠳᠬᠤ ᠶ᠋ᠢ ᠵᠠᠷᠤᠵᠤ᠂ ᠳᠠᠷᠮᠠᠰᠢᠷᠢ ᠨᠣᠶᠠᠨ ᠳ᠋ᠤ᠌ ᠶᠡᠬᠡ ᠯᠠᠮᠠ ᠳᠡᠨᠵᠢᠨ ᠭᠡᠯᠦᠩ᠂ ᠲᠤᠰᠠᠯᠠᠭᠴᠢ ᠲᠦᠰᠢᠮᠡᠯ ᠪᠠᠶᠠᠰᠬᠤᠯᠠᠩ ᠢ᠋ ᠢᠯᠡᠭᠡᠵᠦ᠂ ᠵᠢᠷᠤᠮ ᠢ᠋ ᠡᠷᠬᠢᠮᠯᠡᠬᠦ ᠫᠣᠩᠰᠤᠭ ᠲᠠᠢᠵᠢ ᠳ᠋ᠤ᠌ ᠳᠡᠮᠴᠢ ᠵᠣᠳᠪᠠ᠂ ᠲᠠᠷᠵᠠ ᠭᠡᠯᠦᠩ᠂ ᠲᠤᠰᠠᠯᠠᠭᠴᠢ ᠲᠦᠰᠢᠮᠡᠯ ᠰᠠᠬᠠᠯᠢ ᠶ᠋ᠢ ᠵᠠᠷᠤᠵᠤ᠂ ᠡᠷᠬᠡ ᠨᠣᠶᠠᠨ ᠳ᠋ᠤ᠌ ᠰᠡᠮᠲᠡᠨ ᠡᠮᠴᠢ ᠭᠡᠯᠦᠩ᠂ ᠲᠤᠰᠠᠯᠠᠭᠴᠢ ᠲᠦᠰᠢᠮᠡᠯ ᠪᠢᠩᠲᠦ ᠶ᠋ᠢ ᠢᠯᠡᠭᠡᠵᠡᠢ᠃ ᠵᠡᠭᠦᠨ ᠭᠠᠷᠤᠨ ᠵᠢᠪᠽᠦ᠋ᠨᠳᠠᠮᠪᠠ ᠬᠤᠲᠤᠭᠲᠤ᠂ ᠲᠦᠰᠢᠶᠡᠲᠦ ᠬᠠᠨ ᠴᠠᠬᠤᠨᠳᠣᠷᠵᠢ ᠶ᠋ᠢᠨ ᠲᠡᠨᠳᠡ ᠴᠣᠢᠵᠣᠩ ᠭᠡᠯᠦᠩ ᠪᠣᠯᠤᠨ ᠰᠢᠳᠬᠡᠭᠴᠢ ᠲᠦᠰᠢᠮᠡᠯ ᠬᠠᠷ᠎ᠠ ᠶ᠋ᠢ ᠢᠯᠡᠭᠡᠵᠦ᠂ ᠰᠡᠴᠡᠨ ᠬᠠᠨ ᠤ᠋ ᠲᠡᠨᠳᠡ ᠷᠠᠭᠫᠠ ᠭᠡᠯᠦᠩ ᠪᠣᠯᠤᠨ ᠲᠤᠰᠠᠯᠠᠭᠴᠢ ᠲᠦᠰᠢᠮᠡᠯ ᠪᠤᠤ ᠵᠣ᠌ ᠶ᠋ᠢ ᠵᠠᠷᠤᠵᠤ᠂ ᠮᠡᠷᠭᠡᠨ ᠨᠣᠶᠠᠨ ᠤ᠋ ᠲᠡᠨᠳᠡ ᠡᠮᠴᠢ ᠭᠡᠯᠦᠩ ᠪᠣᠯᠤᠨ ᠰᠢᠳᠬᠡᠭᠴᠢ ᠲᠦᠰᠢᠮᠡᠯ ᠠᠮᠪᠤᠯᠤ ᠶ᠋ᠢ ᠵᠠᠷᠤᠪᠠ᠃ ᠴᠢᠩᠭᠢᠭᠡᠳ ᠴᠢᠭᠤᠯᠭᠠᠨ ᠬᠤᠷᠠᠬᠤ ᠭᠠᠵᠠᠷ ᠢ᠋ ᠰᠠᠢᠨ ᠨᠣᠶᠠᠨ ᠠᠢᠮᠠᠭ ᠤ᠋ᠨ ᠵᠠᠭ ᠪᠠᠢᠳᠠᠷᠬᠤ ᠶ᠋ᠢᠨ ᠬᠦᠷᠡᠩ ᠪᠡᠯᠴᠢᠭᠡᠷ ᠬᠡᠮᠡᠬᠦ ᠭᠠᠵᠠᠷ ᠢ᠋ᠶ᠋ᠠᠷ ᠲᠣᠭᠲᠠᠭᠠᠵᠠᠢ᠃ 1686 ᠣᠨ ᠤ᠋ ᠨᠠᠢ᠍ᠮᠠᠳᠤᠭᠠᠷ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ᠂ ᠬᠠᠯᠬ᠎ᠠ ᠶ᠋ᠢᠨ ᠵᠡᠭᠦᠨ ᠪᠠᠷᠠᠭᠤᠨ ᠭᠠᠷᠤᠨ ᠬᠠᠨ᠂ ᠬᠣᠩ ᠲᠠᠢᠵᠢ᠂ ᠵᠢᠨᠦᠩ᠂ ᠨᠣᠶᠠᠨ᠂ ᠲᠠᠢᠵᠢ ᠨᠠᠷ ᠬᠦᠷᠡᠩ ᠪᠡᠯᠴᠢᠭᠡᠷ ᠲᠦ᠍ ᠴᠢᠭᠤᠯᠭᠠᠨ ᠪᠣᠯᠪᠠ᠃ ᠲᠡᠷᠡ ᠬᠢᠷᠢ ᠳ᠋ᠦ᠍ ᠪᠠᠷᠠᠭᠤᠨ ᠭᠠᠷᠤᠨ ᠵᠠᠰᠠᠭᠲᠤ ᠬᠠᠨ ᠴᠡᠩᠭᠦᠨ ᠡᠪᠡᠳᠴᠢᠨ ᠢ᠋ᠶ᠋ᠡᠷ ᠨᠠᠰᠤ ᠪᠠᠷᠠᠭᠰᠠᠨ ᠲᠤᠯᠠ᠂ ᠲᠡᠭᠦᠨ ᠦ᠌ ᠬᠥᠪᠡᠭᠦᠨ ᠰᠢᠷ᠎ᠠ ᠵᠠᠯᠭᠠᠮᠵᠢᠯᠠᠵᠤ ᠴᠢᠭᠤᠯᠭᠠᠨ ᠳ᠋ᠤ᠌ ᠢᠷᠡᠵᠡᠢ᠃ ᠲᠦᠰᠢᠶᠡᠲᠦ ᠬᠠᠨ ᠴᠠᠬᠤᠨᠳᠣᠷᠵᠢ ᠥᠪᠡᠷ ᠢ᠋ᠶ᠋ᠡᠨ ᠴᠢᠭᠤᠯᠭᠠᠨ ᠳ᠋ᠤ᠌ ᠢᠷᠡᠬᠦ ᠦᠭᠡᠢ ᠭᠡᠮᠡᠨ ᠳᠡᠭᠦᠦ ᠰᠢᠳᠡᠰᠢᠷᠢ ᠪᠠᠭᠠᠲᠤᠷ ᠢ᠋ ᠣᠷᠣᠯᠠᠨ ᠢᠷᠡᠭᠦᠯᠪᠡ᠃ ᠡᠩᠬᠡ ᠠᠮᠤᠭᠤᠯᠠᠩ ᠬᠠᠭᠠᠨ ᠤ᠋ ᠳᠠᠭᠠᠭᠠᠯᠪᠦᠷᠢ ᠪᠡᠷ ᠵᠢᠪᠽᠥ᠋ᠨᠳᠠᠮᠪᠠ ᠬᠤᠲᠤᠭᠲᠤ ᠪᠠᠰᠠ ᠣᠨᠴᠣᠭᠣᠢᠯᠠᠨ ᠵᠠᠯᠠᠷᠠᠨ ᠢᠷᠡᠵᠡᠢ᠃ ᠵᠡᠭᠦᠨᠭᠠᠷ ᠤ᠋ᠨ ᠪᠣᠱᠣᠭᠲᠤ ᠬᠠᠨ ᠵᠣᠷᠢᠭᠤᠳᠠ ᠪᠠᠷ ᠲᠥᠯᠥᠭᠡᠯᠡᠭᠴᠢ ᠲᠣᠮᠢᠯᠠᠪᠠ᠃ ᠳᠠᠯᠠᠢ ᠯᠠᠮᠠ ᠠ᠋ᠴᠠ ᠭᠠᠯᠳᠠᠨ ᠰᠢᠷᠡᠭᠡᠲᠦ ᠶ᠋ᠢ ᠲᠣᠮᠢᠯᠠᠭᠰᠠᠨ ᠨᠢ ᠴᠢᠭᠤᠯᠭᠠᠨ ᠢ᠋ ᠰᠢᠭᠤᠳ ᠡᠷᠭᠢᠯᠡᠭᠦᠯᠬᠦ ᠭᠡᠰᠡᠨ ᠶᠦᠮ᠃ ᠭᠡᠲᠡᠯ᠎ᠡ ᠡᠷᠬᠢᠯᠡᠭᠰᠡᠨ ᠰᠠᠢᠳ ᠠᠷᠠᠨᠢ ᠶᠠᠪᠤᠳᠠᠯ ᠪᠦᠬᠦᠨ ᠳ᠋ᠦ᠍ ᠵᠠᠪᠳᠤᠵᠤ᠂ ᠬᠡᠷᠡᠭ ᠪᠦᠬᠦᠨ ᠳ᠋ᠦ᠍ ᠭᠠᠷ ᠲᠥᠷᠥᠵᠦ ᠲᠠᠢᠴᠢᠩ ᠤᠯᠤᠰ ᠤ᠋ᠨ ᠨᠥᠯᠥᠭᠡ ᠶ᠋ᠢ ᠳᠣᠪᠣᠢᠯᠭᠠᠬᠤ ᠪᠠᠷ ᠣᠷᠣᠯᠳᠣᠵᠠᠢ᠃ ᠠᠷᠠᠨᠢ ᠪᠠᠰᠠ ᠵᠢᠪᠽᠥ᠋ᠨᠳᠠᠮᠪᠠ ᠶ᠋ᠢᠨ ᠨᠡᠷ᠎ᠡ ᠨᠥᠯᠥᠭᠡ ᠶ᠋ᠢ ᠵᠣᠷᠢᠭᠤᠳᠠ ᠪᠠᠷ ᠥᠨᠳᠥᠷ ᠪᠣᠯᠭᠠᠬᠤ ᠭᠡᠮᠡᠨ ᠲᠡᠭᠦᠨ ᠢ᠋ ᠳᠠᠯᠠᠢ ᠯᠠᠮᠠ ᠶ᠋ᠢᠨ ᠠᠬᠠᠮᠠᠳ ᠱᠠᠪᠢ ᠭᠠᠯᠳᠠᠨ ᠰᠢᠷᠡᠭᠡᠲᠦ ᠲᠡᠢ ᠵᠡᠷᠭᠡᠴᠡᠭᠦᠯᠦᠨ ᠰᠠᠭᠤᠯᠭᠠᠵᠤ᠂ ᠡᠩᠬᠡ ᠠᠮᠤᠭᠤᠯᠠᠩ ᠬᠠᠭᠠᠨ ᠤ᠋ ᠲᠠᠷᠬᠠᠭᠠᠬᠤ ᠵᠠᠷᠯᠢᠭ ᠢ᠋ ᠴᠢᠭᠤᠯᠭᠠᠨ ᠳᠡᠭᠡᠷ᠎ᠡ ᠲᠤᠩᠬᠠᠭᠯᠠᠨ ᠤᠩᠰᠢᠪᠠ᠃ ᠬᠣᠷᠢᠨ ᠬᠣᠶᠠᠷ ᠤ᠋ᠨ ᠡᠳᠦᠷ ᠴᠢᠭᠤᠯᠭᠠᠨ ᠳ᠋ᠤ᠌ ᠢᠷᠡᠭᠰᠡᠨ ᠬᠣᠶᠠᠷ ᠭᠠᠷᠤᠨ ᠬᠠᠨ᠂ ᠲᠠᠢᠵᠢ ᠨᠠᠷ ᠢ᠋ ᠡᠶᠡᠳᠡᠭᠦᠯᠬᠦ ᠭᠡᠮᠡᠨ ᠬᠠᠷᠢᠯᠴᠠᠨ ᠲᠡᠪᠡᠷᠢᠯᠳᠦᠭᠦᠯᠦᠨ ᠵᠣᠯᠭᠠᠭᠤᠯᠵᠠᠢ[30]᠃ ᠴᠢᠭᠤᠯᠭᠠᠨ ᠲᠠᠩᠭᠠᠷᠢᠭ ᠬᠢᠬᠦ ᠦᠶ᠎ᠡ ᠳ᠋ᠦ᠍ ᠭᠠᠯᠳᠠᠨ ᠰᠢᠷᠡᠭᠡᠲᠦ ᠬᠤᠲᠤᠭᠲᠤ ᠪᠣᠯᠤᠨ ᠵᠢᠪᠽᠥ᠋ᠨᠳᠠᠮᠪᠠ ᠶ᠋ᠢᠨ ᠰᠢᠷᠡᠭᠡᠨ ᠦ᠌ ᠡᠮᠦᠨ᠎ᠡ ᠪᠣᠯᠭᠠᠨ ᠤ᠋ ᠬᠥᠷᠥᠭ ᠢ᠋ ᠡᠯᠭᠦᠵᠦ᠂ ᠬᠣᠶᠠᠷ ᠭᠠᠷᠤᠨ ᠬᠠᠨ ᠲᠠᠢᠵᠢ ᠨᠠᠷ ᠳᠠᠷᠤᠵᠤ ᠠᠬᠤᠭᠤᠯᠤᠭᠰᠠᠨ ᠬᠥᠮᠦᠨ ᠮᠠᠯ ᠢ᠋ᠶ᠋ᠠᠨ ᠤᠤᠯ ᠡᠵᠡᠨ ᠳ᠋ᠦ᠍ᠨᠢ ᠪᠤᠴᠠᠭᠠᠵᠤ ᠡᠭᠦᠷᠢᠳᠡ ᠨᠠᠢᠷ ᠲᠠᠢ ᠶᠠᠪᠤᠯᠴᠠᠨ᠎ᠠ ᠭᠡᠵᠦ ᠬᠦᠨᠳᠦ ᠪᠡᠷ ᠲᠠᠩᠭᠠᠷᠢᠭᠯᠠᠪᠠ᠃ ᠡᠷᠬᠢᠯᠡᠭᠰᠡᠨ ᠰᠠᠢᠳ ᠠᠷᠠᠨᠢ ᠡᠨᠡᠬᠦ ᠲᠣᠬᠢᠶᠠᠯ ᠢ᠋ ᠵᠠᠪᠳᠤᠵᠤ᠂ ᠶᠠᠰᠤ ᠮᠢᠬᠠᠨ ᠤ᠋ ᠬᠣᠭᠣᠷᠣᠨᠳᠣ ᠪᠠᠨ ᠬᠠᠷᠢᠯᠴᠠᠨ ᠠᠯᠯᠳᠤᠪᠠᠰᠤ ᠪᠤᠰᠤᠳ ᠬᠥᠮᠦᠨ ᠳ᠋ᠦ᠍ ᠵᠠᠬᠢᠷᠤᠭᠳᠠᠵᠤ᠂ ᠲᠡᠷᠡ ᠦᠶ᠎ᠡ ᠳ᠋ᠦ᠍ ᠳᠣᠯᠣᠭᠠᠨ ᠬᠣᠰᠢᠭᠤ ᠬᠠᠯᠬ᠎ᠠ ᠨᠢᠭᠡᠨ ᠥᠷᠯᠥᠭᠡ ᠡᠪᠳᠡᠷᠡᠵᠦ ᠠᠪᠤᠷᠠᠪᠠᠰᠤ ᠵᠠᠪᠳᠤᠬᠤ ᠦᠭᠡᠢ[31] ᠭᠡᠮᠡᠨ ᠤᠬᠠᠭᠤᠯᠵᠤ ᠪᠠᠢᠵᠠᠢ᠃
ᠭᠤᠷᠪᠠ᠂ ᠴᠢᠭᠤᠯᠭᠠᠨ ᠲᠠᠩᠭᠠᠷᠢᠭ ᠢ᠋ ᠲᠡᠪᠴᠢᠵᠦ ᠴᠠᠬᠤᠨᠳᠣᠷᠵᠢ
ᠵᠠᠰᠠᠭᠲᠤ ᠬᠠᠨ ᠠᠢᠮᠠᠭ ᠢ᠋ ᠳᠣᠪᠲᠣᠯᠤᠭᠰᠠᠨ ᠨᠢ
ᠬᠦᠷᠡᠩ ᠪᠡᠯᠴᠢᠭᠡᠷ ᠦ᠋ᠨ ᠴᠢᠭᠤᠯᠭᠠᠨ ᠤ᠋ ᠦᠷ᠎ᠡ ᠳ᠋ᠦᠩ ᠨᠢ ᠪᠤᠰᠤᠳ ᠤ᠋ᠨ ᠬᠥᠮᠦᠨ ᠮᠠᠯ ᠢ᠋ ᠳᠠᠷᠤᠵᠤ ᠠᠪᠤᠭᠰᠠᠨ ᠲᠦᠰᠢᠶᠡᠲᠦ ᠬᠠᠨ ᠴᠠᠬᠤᠨᠳᠣᠷᠵᠢ ᠴᠢᠭᠤᠯᠭᠠᠨ ᠤ᠋ ᠵᠣᠷᠢᠭ ᠰᠠᠨᠠᠭ᠎ᠠ ᠶ᠋ᠢ ᠶᠠᠭᠠᠬᠢᠨ ᠵᠢᠷᠤᠮᠯᠠᠬᠤ ᠡᠰᠡᠬᠦ ᠳ᠋ᠦ᠍ ᠪᠣᠢ᠃ ᠡᠨᠡ ᠨᠢ ᠡᠩᠬᠡ ᠠᠮᠤᠭᠤᠯᠠᠩ ᠬᠠᠭᠠᠨ ᠤ᠋ ᠠᠷᠭ᠎ᠠ ᠪᠣᠳᠣᠯᠭ᠎ᠠ ᠶ᠋ᠢᠨ ᠢᠯᠠᠨ ᠢᠯᠠᠭᠳᠠᠬᠤ ᠲᠠᠢ ᠬᠣᠯᠪᠣᠭᠳᠠᠬᠤ ᠶᠤᠮ᠃ ᠲᠡᠢᠮᠦ ᠡᠴᠡ ᠴᠢᠭᠤᠯᠭᠠᠨ ᠬᠢᠬᠦ ᠦᠶ᠎ᠡ ᠳ᠋ᠦ᠍ ᠡᠩᠬᠡ ᠠᠮᠤᠭᠤᠯᠠᠩ ᠬᠠᠭᠠᠨ ᠠ᠋ᠴᠠ ᠵᠢᠪᠽᠦ᠋ᠨᠳᠠᠮᠪᠠ ᠬᠤᠲᠤᠭᠲᠤ ᠳ᠋ᠤ᠌ ᠠᠬ᠎ᠠ ᠪᠠᠨ ᠴᠢᠳᠠᠬᠤ ᠶ᠋ᠢᠨ ᠬᠢᠷᠢ ᠳ᠋ᠦ᠍ ᠢᠳᠬᠠᠵᠤ᠂ ᠬᠤᠷᠢᠶᠠᠭᠰᠠᠨ ᠪᠣᠰᠬᠤᠯ ᠢ᠋ ᠪᠦᠷᠢᠨ᠎ᠡ ᠡᠭᠡᠭᠦᠯᠲᠦᠭᠡᠢ[32] ᠭᠡᠵᠦ ᠳᠠᠬᠢᠨ ᠳᠠᠪᠲᠠᠨ ᠵᠠᠬᠢᠵᠠᠢ᠃ ᠭᠡᠲᠡᠯ᠎ᠡ ᠴᠠᠬᠤᠨᠳᠣᠷᠵᠢ ᠴᠢᠭᠤᠯᠭᠠᠨ ᠳ᠋ᠤ᠌ ᠢᠷᠡᠭᠰᠡᠨ ᠦᠭᠡᠢ ᠮᠥᠷᠲᠡᠭᠡᠨ ᠴᠢᠭᠤᠯᠭᠠᠨ ᠤ᠋ ᠵᠣᠷᠢᠭ ᠰᠠᠨᠠᠭ᠎ᠠ ᠶ᠋ᠢ ᠴᠦ᠍ ᠰᠠᠢᠲᠤᠷ ᠲᠤᠰᠠᠯᠠᠭᠤᠯᠤᠭᠰᠠᠨ ᠦᠭᠡᠢ᠂ ᠵᠠᠰᠠᠭᠲᠤ ᠬᠠᠨ ᠤ᠋ ᠬᠥᠮᠦᠨ ᠮᠠᠯ ᠤ᠋ᠨ ᠬᠠᠭᠠᠰ ᠢ᠋ ᠯᠡ ᠪᠤᠴᠠᠭᠠᠪᠠ[33]᠃ ᠡᠭᠦᠨ ᠳ᠋ᠦ᠍ ᠵᠠᠰᠠᠭᠲᠤ ᠬᠠᠨ ᠰᠢᠷ᠎ᠠ ᠦᠷᠭᠦᠯᠵᠢᠯᠡᠨ ᠲᠦᠰᠢᠶᠡᠲᠦ ᠬᠠᠨ ᠴᠠᠬᠤᠨᠳᠣᠷᠵᠢ ᠲᠠᠢ ᠬᠠᠷᠢᠯᠴᠠᠨ᠂ ᠪᠣᠰᠬᠤᠯ ᠢ᠋ᠶ᠋ᠠᠨ ᠪᠦᠬᠦᠨ ᠢ᠋ ᠪᠤᠴᠠᠭᠠᠵᠤ ᠠᠪᠬᠤ ᠪᠠᠷ ᠱᠠᠭᠠᠷᠳᠠᠵᠠᠢ᠃ ᠴᠠᠬᠤᠨᠳᠣᠷᠵᠢ ᠶ᠋ᠢᠨ ᠴᠢᠭᠤᠯᠭᠠᠨ ᠲᠠᠩᠭᠠᠷᠢᠭ ᠢ᠋ ᠡᠰᠡ ᠵᠢᠷᠤᠮᠯᠠᠭᠰᠠᠨ ᠨᠢ ᠡᠩᠬᠡ ᠠᠮᠤᠭᠤᠯᠠᠩ ᠬᠠᠭᠠᠨ ᠢ᠋ ᠮᠠᠰᠢ ᠶᠡᠬᠡ ᠠᠭᠤᠷᠯᠠᠭᠤᠯᠪᠠ᠃1687 ᠣᠨ ᠤ᠋ ᠴᠠᠭᠠᠨ ᠰᠠᠷ᠎ᠠ ᠳ᠋ᠤ᠌᠂ ᠬᠠᠯᠬ᠎ᠠ ᠶ᠋ᠢᠨ ᠬᠣᠶᠠᠷ ᠭᠠᠷᠤᠨ ᠬᠠᠨ᠂ ᠵᠢᠨᠦᠩ᠂ ᠨᠣᠶᠠᠨ᠂ ᠲᠠᠢᠵᠢ ᠨᠠᠷ ᠠᠢᠯᠠᠳᠬᠠᠯ ᠡᠷᠭᠦᠵᠦ ᠡᠷᠬᠢᠮ ᠡᠷᠭᠦᠮᠵᠢᠯᠡᠯ᠂ ᠲᠠᠮᠠᠭ᠎ᠠ ᠴᠠᠴᠤᠭ ᠬᠦᠷᠲᠡᠭᠡᠬᠦ ᠶ᠋ᠢ ᠬᠦᠰᠡᠭᠰᠡᠨ ᠳ᠋ᠦ᠍ ᠡᠩᠬᠡ ᠠᠮᠤᠭᠤᠯᠠᠩ ᠬᠠᠭᠠᠨ ᠠ᠋ᠴᠠ ᠬᠠᠯᠬ᠎ᠠ ᠶ᠋ᠢᠨ ᠵᠡᠭᠦᠨ ᠪᠠᠷᠠᠭᠤᠨ ᠭᠠᠷ ᠬᠠᠷᠢᠯᠴᠠᠨ ᠦᠯᠦ ᠤᠤᠯᠭᠠᠯᠠᠵᠤ᠂ ᠡᠭᠦᠷᠢᠳᠡ ᠵᠢᠷᠭᠠᠯᠠᠩ ᠲᠠᠢ ᠡᠶ᠎ᠡ ᠡᠪᠲᠡᠢ ᠠᠵᠤ ᠲᠦᠷᠦᠪᠡᠰᠦ ᠮᠡᠬᠦᠰ ᠮᠢᠨᠦ ᠡᠷᠬᠢᠮ ᠴᠣᠯᠠ ᠰᠣᠶᠣᠷᠬᠠᠭᠰᠠᠨ ᠠ᠋ᠴᠠ ᠬᠣᠯᠠ ᠰᠠᠢᠨ[34] ᠭᠡᠵᠦ ᠤᠤᠯ ᠠᠢᠯᠠᠳᠬᠠᠯ ᠢ᠋ ᠤᠭ ᠶᠣᠰᠣᠭᠠᠷ ᠨᠢ ᠭᠡᠳᠡᠷᠭᠦ ᠪᠤᠴᠠᠭᠠᠵᠠᠢ[35]᠃
ᠴᠢᠭᠤᠯᠭᠠᠨ ᠳ᠋ᠤ᠌ ᠵᠢᠪᠽᠥ᠋ᠨᠳᠠᠮᠪᠠ ᠬᠤᠲᠤᠭᠲᠤ ᠶ᠋ᠢ ᠭᠠᠯᠳᠠᠨ ᠰᠢᠷᠡᠭᠡᠲᠦ ᠲᠡᠢ ᠵᠡᠷᠭᠡᠴᠡᠭᠦᠯᠦᠨ ᠰᠠᠭᠤᠯᠭᠠᠵᠤ᠂ ᠬᠦᠨᠳᠦ ᠬᠥᠩᠭᠡᠨ ᠢ᠋ ᠦᠯᠦ ᠢᠯᠭᠠᠭᠰᠠᠨ ᠶᠠᠪᠤᠳᠠᠯ ᠨᠢ ᠵᠦᠩᠭᠠᠷ ᠤ᠋ᠨ ᠪᠣᠱᠣᠭᠲᠤ ᠬᠠᠨ ᠤ᠋ ᠬᠢᠯᠢᠩ ᠢ᠋ ᠲᠥᠷᠥᠭᠦᠯᠪᠡ᠃ ᠪᠣᠱᠣᠭᠲᠤ ᠬᠠᠨ ᠠ᠋ᠴᠠ ᠡᠩᠬᠡ ᠠᠮᠤᠭᠤᠯᠠᠩ ᠬᠠᠭᠠᠨ ᠳ᠋ᠤ᠌ ᠪᠢᠴᠢᠭ ᠢᠯᠡᠭᠡᠵᠦ᠂ ᠵᠢᠪᠽᠦ᠋ᠨᠳᠠᠮᠪᠠ ᠶ᠋ᠢ ᠭᠠᠯᠳᠠᠨ ᠰᠢᠷᠡᠭᠡᠲᠦ ᠲᠡᠢ ᠳᠠᠢᠰᠤᠨ ᠶᠣᠰᠣᠭᠠᠷ ᠠᠭᠤᠯᠵᠠᠭᠤᠯᠤᠭᠰᠠᠨ ᠴᠣᠬᠣᠮ ᠰᠠᠨᠠᠭ᠎ᠠ ᠶᠠᠭᠤ ᠪᠣᠯᠬᠤ ᠶ᠋ᠢ ᠠᠰᠠᠭᠤᠯᠭᠠᠬᠤ[36] ᠤ᠋ ᠬᠠᠮᠲᠤ᠂ ᠵᠢᠪᠽᠦ᠋ᠨᠳᠠᠮᠪᠠ ᠬᠤᠲᠤᠭᠲᠤ ᠳ᠋ᠤ᠌ ᠪᠠᠰᠠ ᠪᠢᠴᠢᠭ ᠢᠯᠡᠬᠡᠨ《ᠬᠦᠷᠡᠩ ᠪᠡᠯᠴᠢᠭᠡᠷ ᠦ᠋ᠨ ᠴᠢᠭᠤᠯᠭᠠᠨ ᠳ᠋ᠤ᠌ ᠴᠢ ᠭᠠᠯᠳᠠᠨ ᠰᠢᠷᠡᠭᠡᠲᠦ ᠲᠡᠢ ᠶᠣᠰᠣᠨ ᠮᠦᠴᠡᠷᠬᠡᠵᠦ ᠰᠠᠭᠤᠭᠰᠠᠨ ᠨᠢ ᠶᠡᠬᠡᠯ᠎ᠡ ᠶᠣᠰᠣ ᠦᠭᠡᠢ ᠶᠠᠪᠤᠳᠠᠯ ᠪᠣᠯᠠᠢ᠃ ᠳᠠᠯᠠᠢ ᠯᠠᠮᠠ ᠶ᠋ᠢᠨ ᠶᠣᠰᠣ ᠰᠤᠷᠭᠠᠯ ᠠᠷᠪᠠᠨ ᠵᠦᠭ ᠲᠦᠭᠡᠭᠡᠵᠦᠬᠦᠢ᠃ ᠭᠠᠯᠳᠠᠨ ᠰᠢᠷᠡᠭᠡᠲᠦ ᠬᠡᠮᠡᠭᠴᠢ ᠽᠦᠩᠭᠡᠪᠡ ᠶ᠋ᠢᠨ ᠰᠢᠷᠡᠭᠡᠨ ᠳ᠋ᠦ᠍ ᠰᠠᠭᠤᠭᠰᠠᠨ ᠯᠠᠮᠠ ᠪᠣᠯᠤᠮᠤᠢ᠃ ᠲᠡᠢᠮᠦ ᠡᠴᠡ ᠣᠨᠴᠣᠭᠣᠢᠯᠠᠨ ᠲᠡᠭᠦᠨ ᠢ᠋ ᠲᠣᠮᠢᠯᠠᠵᠤ ᠴᠢᠭᠤᠯᠭᠠᠨ ᠬᠡᠷᠡᠭ ᠢ᠋ ᠮᠡᠳᠡᠭᠦᠯᠬᠦ ᠭᠡᠪᠡ᠃ ᠲᠡᠭᠦᠨ ᠲᠡᠢ ᠲᠡᠭᠰᠢ ᠰᠠᠴᠠᠭᠤ ᠰᠠᠭᠤᠬᠤ ᠭᠡᠮᠡᠨ ᠮᠥᠴᠡᠭᠡᠷᠬᠡᠬᠦ ᠨᠢ ᠶᠣᠰᠣᠨ ᠳ᠋ᠤ᠌ ᠵᠣᠬᠢᠴᠠᠬᠤ ᠤᠤ》[37] ᠭᠡᠮᠡᠨ ᠪᠤᠷᠤᠭᠤᠰᠢᠶᠠᠵᠠᠢ᠃ ᠭᠡᠯᠮᠡᠭᠳᠡᠨ ᠠᠭᠤᠷᠯᠠᠭᠰᠠᠨ ᠲᠦᠰᠢᠶᠡᠲᠦ ᠬᠠᠨ ᠴᠠᠬᠤᠨᠳᠣᠷᠵᠢ ᠪᠣᠯᠤᠨ ᠵᠢᠪᠽᠦ᠋ᠨᠳᠠᠮᠪᠠ ᠬᠤᠲᠤᠭᠲᠤ ᠠ᠋ᠴᠠ ᠪᠣᠱᠣᠭᠲᠤ ᠬᠠᠨ ᠤ᠋ ᠢᠷᠡᠭᠦᠯᠦᠭᠰᠡᠨ ᠡᠯᠴᠢ ᠶ᠋ᠢ ᠪᠠᠷᠢᠵᠤ ᠬᠦᠯᠢᠭᠡᠳ᠂ ᠳᠣᠷᠣᠮᠵᠢᠯᠠᠬᠤ ᠴᠢᠨᠠᠷ ᠲᠠᠢ ᠪᠢᠴᠢᠭ ᠪᠢᠴᠢᠭᠡᠳ ᠢᠯᠡᠭᠡᠵᠡᠢ᠃
ᠲᠦᠰᠢᠶᠡᠲᠦ ᠬᠠᠨ ᠴᠠᠬᠤᠨᠳᠣᠷᠵᠢ ᠴᠢᠭᠤᠯᠭᠠᠨ ᠲᠠᠩᠭᠠᠷᠢᠭ ᠢ᠋ ᠡᠪᠳᠡᠵᠦ᠂ ᠪᠣᠰᠬᠤᠯ ᠪᠤᠴᠠᠭᠠᠬᠤ ᠶ᠋ᠢ ᠲᠠᠲᠠᠭᠠᠯᠵᠠᠭᠰᠠᠨ ᠢ᠋ᠶ᠋ᠠᠷ ᠦᠯᠦ ᠪᠠᠷᠠᠨ᠂ ᠵᠠᠰᠠᠭᠲᠤ ᠬᠠᠨ ᠰᠢᠷ᠎ᠠ ᠳ᠋ᠤ᠌ ᠰᠦᠷ ᠦᠵᠡᠭᠦᠯᠬᠦ ᠲᠥᠯᠥᠪ ᠪᠠᠢᠳᠠᠯ ᠢᠯᠡᠷᠬᠡᠢ ᠪᠣᠯᠪᠠ᠃ ᠥᠪᠡᠷ ᠦ᠋ᠨ ᠢ᠋ᠶ᠋ᠡᠨ ᠬᠦᠴᠦᠨ ᠪᠠᠭᠤᠷᠠᠢ ᠳ᠋ᠠᠭᠠᠨ ᠠᠶᠤᠵᠤ᠂ ᠰᠢᠷ᠎ᠠ ᠵᠦᠩᠭᠠᠷ ᠤ᠋ᠨ ᠪᠣᠱᠣᠭᠲᠤ ᠬᠠᠨ ᠳ᠋ᠤ᠌ ᠤᠯᠠᠮ ᠢ᠋ᠶ᠋ᠠᠷ ᠣᠢᠷᠠᠲᠤᠨ᠂ ᠬᠠᠷᠢᠶᠠᠲᠤ ᠪᠠᠨ ᠲᠡᠭᠰᠢᠯᠡᠨ ᠰᠡᠷᠭᠡᠢᠯᠡᠨ ᠬᠠᠮᠠᠭᠠᠯᠠᠬᠤ ᠪᠠᠨ ᠴᠢᠩᠭᠠᠳᠬᠠᠵᠠᠢ᠃ ᠴᠠᠬᠣᠨᠳᠣᠷᠵᠢ ᠶ᠋ᠢ ᠥᠪᠡᠷ ᠦ᠋ᠨ ᠬᠦᠴᠦᠨ ᠳ᠋ᠡᠭᠡᠨ ᠡᠷᠲᠡᠢᠵᠦ ᠪᠠᠢᠬᠤ ᠶ᠋ᠢ ᠪᠣᠱᠣᠭᠲᠤ ᠬᠠᠨ ᠪᠠᠰᠠ ᠬᠡᠳᠦᠢᠨ ᠣᠢᠯᠠᠭᠠᠪᠠ᠃ ᠲᠡᠷᠡ ᠪᠠᠷᠠᠭᠤᠨ ᠭᠠᠷᠤᠨ ᠵᠠᠰᠠᠭᠲᠤ ᠬᠠᠨ ᠠᠢᠮᠠᠭ ᠤ᠋ᠨ ᠬᠢᠨ ᠢ᠋ ᠴᠢᠭᠤᠯᠭᠠᠨ ᠬᠢᠯᠭᠡᠵᠦ᠂ ᠴᠡᠴᠡᠨ ᠤᠪᠠᠰᠢ ᠶ᠋ᠢ ᠲᠣᠮᠢᠯᠠᠨ ᠴᠢᠭᠤᠯᠭᠠᠨ ᠲᠠᠩᠭᠠᠷᠢᠭ ᠤ᠋ᠨ ᠪᠢᠴᠢᠭ ᠢ᠋ ᠤᠩᠰᠢᠭᠤᠯᠵᠠᠢ᠃ ᠲᠡᠷᠡ ᠲᠠᠩᠭᠠᠷᠢᠭ ᠤ᠋ᠨ ᠪᠢᠴᠢᠭ ᠲᠦ᠍᠄《 ᠲᠠᠨ ᠤ᠋ ᠪᠠᠷᠠᠭᠤᠨ ᠭᠠᠷᠤᠨ ᠬᠥᠮᠦᠰ ᠵᠠᠰᠠᠭᠲᠤ ᠬᠠᠨ ᠤ᠋ ᠵᠠᠷᠯᠢᠭ ᠠ᠋ᠴᠠ ᠪᠢᠲᠡᠭᠡᠢ ᠵᠥᠷᠢᠴᠡᠭᠲᠦᠨ᠃ ᠬᠡᠷᠪᠡ ᠵᠥᠷᠢᠴᠡᠪᠡᠯ ᠭᠠᠵᠢᠭᠤ ᠰᠤᠷᠲᠠᠯᠲᠤ ᠭᠡᠮᠡᠨ ᠦᠵᠡᠵᠦ᠂ ᠯᠤᠪᠰᠠᠩ ᠰᠠᠢᠨ ᠲᠠᠢᠵᠢ ᠶ᠋ᠢᠨ ᠶᠣᠰᠣᠭᠠᠷ ᠪᠣᠯᠭᠠᠮᠤᠢ》[38] ᠭᠡᠪᠡ᠃ ᠴᠢᠭᠤᠯᠭᠠᠨ ᠤ᠋ ᠳᠠᠷᠠᠭ᠎ᠠ᠂ ᠰᠢᠷ᠎ᠠ ᠶ᠋ᠢᠨ ᠬᠦᠰᠡᠭᠰᠡᠨ ᠶᠣᠰᠣᠭᠠᠷ ᠪᠣᠱᠣᠭᠲᠤ ᠬᠠᠨ ᠥᠪᠡᠷ ᠦ᠋ᠨ ᠴᠡᠷᠢᠭ ᠦ᠋ᠨ ᠬᠦᠷᠢᠶ᠎ᠡ ᠪᠡᠨ ᠠᠯᠲᠠᠢ ᠠ᠋ᠴᠠ ᠵᠡᠭᠦᠨᠰᠢ ᠭᠤᠷᠪᠠᠨ ᠬᠡᠭᠡᠷ᠎ᠡ ᠭᠡᠳᠡᠭ ᠭᠠᠵᠠᠷ ᠲᠤ᠌ ᠨᠡᠭᠦᠯᠭᠡᠵᠦ ᠵᠠᠰᠠᠭᠲᠤ ᠬᠠᠨ ᠤ᠋ ᠪᠠᠭᠤᠷᠢ ᠠ᠋ᠴᠠ ᠣᠢᠷᠠᠬᠠᠨ ᠪᠣᠯᠭᠠᠬᠤ ᠶ᠋ᠢᠨ ᠬᠠᠮᠲᠤ ᠪᠠᠷᠠᠭᠤᠨ ᠭᠠᠷᠤᠨ ᠣᠯᠠᠨ ᠵᠢᠨᠦᠩ᠂ ᠨᠣᠶᠠᠨ᠂ ᠲᠠᠢᠵᠢ ᠨᠠᠷ ᠲᠤ᠌ ᠵᠠᠷᠯᠢᠭ ᠪᠠᠭᠤᠯᠭᠠᠨ᠂ ᠵᠠᠰᠠᠭᠲᠤ ᠬᠠᠨ ᠤ᠋ ᠶᠡᠬᠡ ᠥᠷᠥᠭᠡ ᠶ᠋ᠢ ᠲᠣᠭᠣᠷᠢᠨ ᠬᠦᠷᠢᠶ᠎ᠡ ᠪᠠᠭᠤᠵᠤ ᠭᠡᠨᠡᠳᠲᠡ ᠶ᠋ᠢᠨ ᠳᠠᠭᠠᠷᠢᠯᠲᠠ ᠠ᠋ᠴᠠ ᠰᠡᠷᠭᠡᠢᠯᠡᠭᠦᠯᠵᠡᠢ᠃ ᠪᠠᠰᠠ ᠵᠦᠩᠭᠠᠷ ᠤ᠋ᠨ ᠲᠤᠭᠠᠷ ᠠᠷᠠᠪᠲᠠᠨ(ᠰᠢᠷ᠎ᠠ ᠶ᠋ᠢᠨ ᠬᠦᠷᠭᠡᠨ ᠠᠬ᠎ᠠ) ᠶ᠋ᠢ ᠲᠣᠮᠢᠯᠠᠨ ᠰᠢᠷ᠎ᠠ ᠲᠠᠢ ᠬᠠᠮᠲᠤ ᠮᠠᠯᠵᠢᠭᠤᠯᠤᠨ ᠬᠦᠴᠦᠨ ᠬᠠᠪᠰᠤᠷᠭᠠᠭᠰᠠᠨ ᠮᠥᠷᠲᠡᠭᠡᠨ ᠴᠠᠬᠤᠨᠳᠤᠷᠵᠢ ᠶ᠋ᠢᠨ ᠪᠠᠢᠳᠠᠯ ᠢ᠋ ᠣᠢᠯᠠᠭᠠᠭᠤᠯᠬᠤ ᠪᠠᠷ ᠤᠷᠢᠳ ᠬᠣᠵᠢᠳ ᠮᠢᠩᠭ᠎ᠠ ᠭᠠᠷᠤᠢ ᠯᠠᠮᠠ ᠶ᠋ᠢ ᠬᠠᠯᠬ᠎ᠠ ᠶ᠋ᠢᠨ ᠣᠷᠣᠨ ᠳ᠋ᠤ᠌ ᠳᠠᠯᠳᠠᠭᠤᠷ ᠢᠯᠡᠭᠡᠪᠡ᠃ ᠲᠡᠳᠡᠭᠡᠷ ᠯᠠᠮᠠ ᠨᠠᠷ ᠱᠠᠰᠢᠨ ᠤ᠋ ᠬᠥᠳᠡᠯᠭᠡᠭᠡᠨ ᠬᠢᠬᠦ ᠨᠡᠷ᠎ᠡ ᠪᠡᠷ ᠲᠦᠰᠢᠶᠡᠲᠦ ᠬᠠᠨ᠂ ᠰᠡᠴᠡᠨ ᠬᠠᠨ᠂ ᠰᠠᠢᠨ ᠨᠣᠶᠠᠨ ᠠᠢᠮᠠᠭ ᠤ᠋ᠨ ᠨᠤᠲᠤᠭ ᠢ᠋ᠶ᠋ᠠᠷ ᠶᠠᠪᠤᠵᠤ᠂ ᠣᠯᠠᠨ ᠲᠠᠢᠵᠢ ᠨᠠᠷ ᠤ᠋ᠨ ᠴᠡᠷᠢᠭ ᠦ᠋ᠨ ᠪᠡᠯᠡᠳᠬᠡᠯ ᠵᠢᠴᠢ ᠠᠵᠤ ᠠᠬᠤᠢ ᠶ᠋ᠢᠨ ᠪᠠᠢᠳᠠᠯ ᠵᠡᠷᠭᠡ ᠶ᠋ᠢ ᠤᠳᠠᠭ᠎ᠠ ᠳᠠᠷᠠᠭ᠎ᠠ ᠪᠠᠷ ᠪᠣᠱᠣᠭᠲᠤ ᠬᠠᠨ ᠳ᠋ᠤ᠌ ᠬᠦᠷᠭᠡᠵᠦ ᠪᠠᠢᠵᠠᠢ᠃ ᠡᠨᠡ ᠦᠶ᠎ᠡ ᠳ᠋ᠦ᠍ ᠴᠠᠬᠤᠨᠳᠤᠷᠵᠢ ᠶ᠋ᠢᠨ ᠲᠣᠮᠢᠯᠠᠭᠰᠠᠨ ᠲᠠᠩᠨᠠᠭᠤᠯ ᠲᠤᠷᠰᠢᠭᠤᠯ ᠤ᠋ᠨ ᠬᠥᠮᠦᠰ ᠪᠠᠰᠠ ᠪᠠᠷᠠᠭᠤᠨ ᠭᠠᠷᠤᠨ ᠲᠠᠢᠵᠢ ᠨᠠᠷ ᠤ᠋ᠨ ᠳᠣᠲᠣᠷ᠎ᠠ ᠬᠥᠳᠡᠯᠭᠡᠭᠡᠨ ᠬᠢᠵᠦ ᠪᠠᠢᠭᠰᠠᠨ ᠲᠤᠯᠠ ᠰᠢᠷ᠎ᠠ ᠶ᠋ᠢᠨ ᠪᠣᠱᠣᠭᠲᠤ ᠬᠠᠨ ᠲᠠᠢ ᠭᠤᠷᠪᠠᠨ ᠬᠡᠭᠡᠷ᠎ᠡ ᠳ᠋ᠦ᠍ ᠤᠷᠲᠤ ᠥᠷᠥᠭᠡ ᠪᠡᠨ ᠣᠢᠷᠠᠬᠠᠨ ᠪᠣᠯᠭᠠᠵᠤ ᠰᠠᠭᠤᠭᠰᠠᠨ ᠶᠠᠪᠤᠳᠠᠯ ᠢ᠋ ᠡᠩᠬᠡ ᠠᠮᠤᠭᠤᠯᠠᠩ ᠬᠠᠭᠠᠨ ᠳ᠋ᠤ᠌ ᠮᠡᠳᠡᠭᠦᠯᠬᠦ ᠶ᠋ᠢᠨ ᠬᠠᠮᠲᠤ ᠪᠡᠶ᠎ᠡ ᠪᠡᠷ ᠴᠡᠷᠢᠭ ᠳᠠᠢᠴᠢᠯᠠᠨ ᠪᠣᠱᠣᠭᠲᠤ ᠬᠠᠨ ᠪᠣᠯᠤᠨ ᠰᠢᠷ᠎ᠠ ᠶ᠋ᠢ ᠳᠣᠪᠲᠣᠯᠰᠤᠭᠠᠢ ᠬᠡᠮᠡᠬᠦ ᠰᠠᠨᠠᠭ᠎ᠠ ᠪᠠᠨ ᠢᠯᠡᠳᠬᠡᠪᠡ᠃ ᠲᠡᠭᠦᠨ ᠦ᠌ ᠭᠡᠨᠡᠨ ᠠᠵᠢᠯᠯᠠᠭ᠎ᠠ ᠶ᠋ᠢ ᠡᠩᠬᠡ ᠠᠮᠤᠭᠤᠯᠠᠩ ᠬᠠᠭᠠᠨ ᠦᠯᠦ ᠳᠡᠮᠵᠢᠵᠦ᠂《ᠤᠷᠢᠳ ᠤ᠋ᠨ ᠲᠠᠩᠭᠠᠷᠢᠭᠯᠠᠭᠰᠠᠨ ᠦᠭᠡ ᠪᠡᠨ ᠰᠠᠬᠢ᠂ ᠭᠠᠯᠳᠠᠨ ᠯᠤᠭ᠎ᠠ ᠲᠡᠢᠨ ᠪᠤᠤ ᠡᠭᠦᠰᠭᠡ》[39] ᠭᠡᠵᠦ ᠢᠳᠬᠠᠵᠠᠢ᠃ ᠭᠡᠲᠡᠯ᠎ᠡ ᠲᠦᠰᠢᠶᠡᠲᠦ ᠬᠠᠨ ᠥᠪᠡᠷ ᠦ᠋ᠨ ᠬᠦᠴᠦᠨ ᠳ᠋ᠡᠭᠡᠨ ᠣᠮᠤᠷᠠᠬᠠᠯᠠᠵᠦ᠂ ᠡᠩᠬᠡ ᠠᠮᠤᠭᠤᠯᠠᠩ ᠬᠠᠭᠠᠨ ᠤ᠋ ᠢᠳᠬᠠᠯ ᠢ᠋ ᠰᠣᠨᠣᠰᠤᠭᠰᠠᠨ ᠦᠭᠡᠢ᠃ ᠲᠡᠷᠡ ᠪᠣᠱᠣᠭᠲᠤ ᠬᠠᠨ ᠪᠣᠯᠤᠨ ᠰᠢᠷ᠎ᠠ ᠶ᠋ᠢ ᠲᠠᠢᠯᠬᠤ ᠪᠠᠷ ᠰᠢᠢᠳᠴᠦ᠂ ᠬᠦᠷᠭᠡᠨ ᠯᠣᠪᠰᠠᠩᠭᠤᠮᠪᠤᠷᠠᠪᠲᠠᠨ ᠳ᠋ᠤ᠌ ᠵᠠᠬᠢᠶ᠎ᠠ ᠢᠯᠡᠬᠡᠨ ᠪᠠᠢᠳᠠᠯ ᠢ᠋ ᠦᠵᠡᠵᠦ ᠴᠡᠷᠢᠭ ᠣᠷᠣᠭᠲᠤᠨ ᠭᠡᠪᠡ᠃ 1687 ᠣᠨ ᠤ᠋ ᠡᠪᠦᠯ᠂ ᠴᠠᠬᠤᠨᠳᠤᠷᠵᠢ ᠪᠣᠱᠣᠭᠲᠤ ᠬᠠᠨ ᠢ᠋ ᠭᠤᠷᠪᠠᠨ ᠬᠡᠭᠡᠷ᠎ᠡ ᠡᠴᠡ ᠵᠠᠢᠳᠠᠵᠤ ᠠᠯᠲᠠᠢ ᠶ᠋ᠢᠨ ᠡᠪᠦᠭᠡᠨ ᠲᠣᠯᠣᠭᠠᠢᠲᠤ ᠭᠡᠳᠡᠭ ᠭᠠᠵᠠᠷ ᠲᠤ᠌ ᠡᠪᠦᠯᠵᠢᠭᠰᠡᠨ ᠮᠡᠳᠡᠭᠡ ᠶ᠋ᠢ ᠣᠯᠤᠭᠠᠳ ᠰᠢᠷ᠎ᠠ ᠶ᠋ᠢ ᠳᠣᠪᠲᠣᠯᠬᠤ ᠰᠠᠢᠨ ᠳᠣᠬᠢᠶᠠᠯᠠᠯ ᠭᠡᠵᠦ ᠬᠦᠷᠭᠡᠨ ᠳ᠋ᠡᠭᠡᠨ ᠮᠡᠳᠡᠭᠳᠡᠵᠡᠢ᠃
1688 ᠣᠨ ᠤ᠋ ᠴᠠᠭᠠᠨ ᠰᠠᠷ᠎ᠠ ᠳ᠋ᠤ᠌᠂ ᠴᠠᠬᠤᠨᠳᠤᠷᠵᠢ ᠥᠪᠡᠷ ᠦ᠋ᠨ ᠪᠡᠶ᠎ᠡ ᠪᠡᠷ ᠲᠦᠮᠡ ᠭᠠᠷᠤᠢ ᠴᠡᠷᠢᠭ ᠳᠠᠢᠴᠢᠯᠠᠨ᠂ ᠭᠤᠷᠪᠠᠨ ᠬᠡᠭᠡᠷ᠎ᠡ ᠵᠦᠭ ᠭᠡᠨᠡᠳᠲᠡ ᠶ᠋ᠢᠨ ᠳᠠᠭᠠᠷᠢᠯᠲᠠ ᠬᠢᠵᠦ ᠵᠠᠰᠠᠭᠲᠤ ᠬᠠᠨ ᠰᠢᠷ᠎ᠠ᠂ ᠲᠩᠲᠡᠬᠡᠢ ᠮᠡᠷᠭᠡᠨ ᠠᠬᠠᠢ ᠶ᠋ᠢ ᠪᠠᠷᠢᠵᠤ ᠠᠯᠠᠪᠠ᠃ ᠯᠣᠪᠰᠠᠩᠭᠤᠮᠪᠤᠷᠠᠪᠳᠠᠨ ᠪᠠᠰᠠ ᠠᠯᠠᠱᠠ ᠠ᠋ᠴᠠ ᠴᠡᠷᠢᠭ ᠬᠥᠳᠡᠯᠭᠡᠵᠦ᠂ ᠵᠦᠩᠭᠠᠷ ᠤ᠋ᠨ ᠡᠷᠢᠶᠡᠨ ᠬᠠᠪᠢᠷᠭ᠎ᠠ ᠶ᠋ᠢᠨ ᠠᠭᠤᠯᠠ ᠣᠷᠴᠢᠮ ᠳᠠᠢᠯᠠᠨ ᠣᠷᠣᠭᠠᠳ[40] ᠪᠣᠱᠣᠭᠲᠤ ᠬᠠᠨ ᠤ᠋ ᠬᠠᠷᠢᠶᠠᠲᠤ ᠶ᠋ᠢ ᠪᠠᠭ᠎ᠠ ᠪᠤᠰᠤ ᠣᠯᠵᠠᠯᠠᠵᠤ᠂ ᠳᠠᠬᠢᠨ ᠵᠡᠭᠦᠨᠰᠢ ᠡᠷᠭᠢᠵᠦ ᠪᠣᠯᠭᠠᠨ ᠭᠣᠣᠯ᠂ ᠭᠤᠷᠪᠠᠨ ᠨᠣᠮ ᠢ᠋ᠶ᠋ᠠᠷ ᠥᠩᠭᠡᠷᠡᠨ ᠴᠠᠬᠤᠨᠳᠤᠷᠵᠢ ᠲᠠᠢ ᠨᠡᠢᠯᠡᠵᠡᠢ᠃ ᠡᠨᠡ ᠦᠶ᠎ᠡ ᠳ᠋ᠦ᠍ ᠡᠪᠦᠭᠡᠨ ᠲᠣᠯᠣᠭᠠᠢᠲᠤ ᠳ᠋ᠤ᠌ ᠡᠪᠦᠯᠵᠢᠭᠰᠡᠨ ᠪᠣᠱᠣᠭᠲᠤ ᠬᠠᠨ ᠨᠢ ᠰᠢᠷ᠎ᠠ ᠪᠣᠯᠤᠨ ᠳᠡᠭᠳᠡᠬᠡᠢ ᠮᠡᠷᠭᠡᠨ ᠠᠬᠠᠢ ᠶ᠋ᠢᠨ ᠠᠯᠠᠭᠳᠠᠭᠰᠠᠨ ᠢ᠋ ᠬᠠᠷᠠᠬᠠᠨ ᠮᠡᠳᠡᠭᠡᠳᠦᠢ ᠪᠠᠢᠪᠠ᠃ ᠲᠡᠭᠡᠭᠡᠳ ᠳᠡᠭᠦᠦ ᠳᠣᠷᠵᠢᠵᠠᠪ ᠪᠣᠯᠤᠨ ᠭᠦᠨᠰᠠᠩ ᠵᠡᠷᠭᠡ ᠬᠥᠮᠦᠰ ᠢ᠋ ᠢᠯᠡᠭᠡᠵᠦ᠂ ᠪᠠᠢᠳᠠᠯ ᠢ᠋ ᠲᠤᠷᠰᠢᠭᠤᠯᠤᠨ ᠵᠠᠰᠠᠭ ᠬᠠᠨ ᠲᠠᠢ ᠬᠣᠯᠪᠣᠭ᠎ᠠ ᠠᠪᠬᠤ ᠭᠡᠵᠡᠢ᠃ ᠳᠣᠷᠵᠢᠵᠠᠪ ᠠ᠋ᠴᠠ ᠳᠥᠷᠪᠡᠨ ᠵᠠᠭᠤᠨ ᠬᠥᠮᠦᠨ ᠢ᠋ ᠳᠠᠢᠴᠢᠯᠠᠨ ᠂ ᠵᠠᠰᠠᠭᠲᠤ ᠬᠠᠨ ᠠᠢᠮᠠᠭ ᠤ᠋ᠨ ᠨᠤᠲᠤᠭ ᠲᠤ᠌ ᠬᠦᠷᠦᠭᠡᠳ ᠪᠠᠰᠠ ᠴᠠᠬᠤᠨᠳᠤᠷᠵᠢ ᠪᠣᠯᠤᠨ ᠯᠣᠪᠰᠠᠩᠭᠤᠮᠪᠤᠷᠠᠪᠲᠠᠨ ᠳ᠋ᠤ᠌ ᠠᠯᠠᠭᠳᠠᠪᠠ᠃ ᠴᠠᠬᠤᠨᠳᠤᠷᠵᠢ ᠤᠯᠠᠮ ᠢ᠋ᠶ᠋ᠠᠷ ᠪᠠᠷᠠᠭᠤᠨᠰᠢ ᠲᠦᠯᠬᠢᠵᠦ ᠬᠠᠷ᠎ᠠ ᠡᠷᠭᠢᠴᠡᠭ᠂ ᠴᠠᠭᠠᠨ ᠡᠷᠭᠢᠴᠩ ᠭᠡᠳᠡᠭ ᠭᠠᠵᠠᠷ ᠢᠷᠡᠵᠦ ᠴᠡᠷᠢᠭ ᠦ᠋ᠨ ᠬᠦᠷᠢᠶ᠎ᠡ ᠪᠠᠭᠤᠵᠠᠢ᠃
1687 ᠣᠨ ᠤ᠋ ᠶᠢᠰᠦᠳᠦᠭᠡᠷ ᠰᠠᠷ᠎ᠠ ᠳ᠋ᠤ᠌᠂ ᠲᠦᠰᠢᠶᠡᠲᠦ ᠬᠠᠨ ᠢ᠋ ᠤᠯᠠᠮ ᠨᠢᠭᠡ ᠠᠯᠬᠤᠮ ᠴᠡᠷᠢᠭ ᠦ᠋ᠨ ᠠᠵᠢᠯᠯᠠᠭ᠎ᠠ ᠠᠪᠬᠤ ᠰᠠᠨᠠᠭ᠎ᠠ ᠲᠠᠢ ᠶ᠋ᠢ ᠮᠡᠳᠡᠭᠡᠳ ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ ᠴᠡᠷᠢᠭ ᠬᠥᠳᠡᠯᠭᠡᠵᠦ ᠪᠣᠯᠬᠤ ᠦᠭᠡᠢ ᠭᠡᠮᠡᠨ ᠰᠠᠨᠠᠭᠤᠯᠬᠤ ᠶ᠋ᠢᠨ ᠬᠠᠮᠲᠤ᠂ ᠪᠠᠰᠠ ᠲᠡᠢᠨ ᠪᠣᠯᠬᠤ ᠠ᠋ᠴᠠ ᠬᠢᠴᠢᠶᠡᠵᠦ ᠱᠠᠩᠨᠠᠨᠳᠤᠷᠵᠢ ᠯᠠᠮᠠ ᠪᠣᠯᠤᠨ ᠢᠯᠭᠠᠭᠴᠢ ᠲᠦᠰᠢᠮᠡᠯ ᠪᠤᠶᠠᠨᠲᠤ ᠶ᠋ᠢ ᡀᠠᠰᠠ ᠳ᠋ᠤ᠌ ᠢᠯᠡᠭᠡᠵᠦ᠂ ᠳᠠᠯᠠᠢ ᠯᠠᠮᠠ ᠶ᠋ᠢ ᠡᠯᠴᠢ ᠲᠣᠮᠢᠯᠠᠨ ᠮᠥᠷᠭᠥᠯᠳᠦᠭᠡᠨ ᠢ᠋ ᠵᠣᠭᠰᠣᠭᠠᠭᠲᠤᠨ ᠭᠡᠮᠡᠨ ᠬᠦᠰᠡᠪᠡ᠃ ᠳᠠᠯᠠᠢ ᠯᠠᠮᠠ ᠠ᠋ᠴᠠ ᠪᠥᠬᠡᠭᠠᠩ ᠯᠠᠮᠠ ᠶ᠋ᠢ ᠬᠠᠯᠬ᠎ᠠ ᠵᠦᠭ ᠢᠯᠡᠭᠡᠵᠡᠢ᠃ 1688 ᠣᠨ ᠤ᠋ ᠬᠠᠪᠤᠷ᠂ ᠲᠡᠷᠡ ᠬᠠᠷ᠎ᠠ ᠡᠷᠭᠢᠴᠡᠭ᠂ ᠴᠠᠭᠠᠨ ᠡᠷᠭᠢᠴᠡᠭ ᠲᠦ᠍ ᠬᠦᠷᠦᠭᠡᠳ᠂ ᠴᠠᠬᠤᠨᠳᠤᠷᠵᠢ ᠳ᠋ᠤ᠌ ᠳᠠᠯᠠᠢ ᠯᠠᠮᠠ ᠶ᠋ᠢᠨ ᠵᠠᠬᠢᠶ᠎ᠠ ᠵᠠᠷᠯᠢᠭ ᠢ᠋ ᠤᠯᠠᠮᠵᠢᠯᠠᠨ᠂ ᠴᠡᠷᠢᠭ ᠢ᠋ᠶ᠋ᠡᠨ ᠤᠬᠤᠷᠢᠭᠤᠯᠤᠨ ᠴᠢᠭᠤᠯᠭᠠᠨ ᠪᠣᠯᠬᠤ ᠶ᠋ᠢ ᠬᠦᠯᠢᠶᠡᠭᠲᠦᠨ ᠭᠡᠪᠡ᠃ ᠴᠠᠬᠤᠨᠳᠤᠷᠵᠢ ᠠᠷᠭ᠎ᠠ ᠪᠤᠰᠤ ᠴᠣᠭᠳᠤᠰ ᠨᠠᠭᠤᠷ ᠵᠦᠭ ᠤᠬᠤᠷᠢᠵᠤ᠂ ᠪᠣᠱᠣᠭᠲᠤ ᠬᠠᠨ ᠲᠠᠢ ᠴᠢᠭᠤᠯᠭᠠᠨ ᠬᠢᠬᠦ ᠪᠡᠷ ᠪᠠᠵᠠᠭᠠᠵᠠᠢ᠃
