ᠥᠬᠢᠳ ᠦ᠋ᠨ ᠤᠶᠠᠩᠭ᠎ᠠ-ᠦ᠊ ᠰᠣᠳᠣᠰᠡᠴᠡᠨ Охидийн уянга-Ү Содэцэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠬᠢᠳ ᠦ᠋ᠨ ᠤᠶᠠᠩᠭ᠎ᠠ-ᠦ᠊ ᠰᠣᠳᠣᠰᠡᠴᠡᠨ Охидийн уянга-Ү Содэцэн

ᠥᠬᠢᠳ ᠦ᠋ᠨ ᠤᠶᠠᠩᠭ᠎ᠠ-ᠦ᠊ ᠰᠣᠳᠣᠰᠡᠴᠡᠨ Охидийн уянга-Ү Содэцэн

ᠠᠩᠭᠢᠯᠠᠯ:ᠳᠠᠭᠤᠤ ᠬᠥᠭᠵᠢᠮ
2026-07-04

2132

ᠥᠬᠢᠳ ᠦ᠋ᠨ ᠤᠶᠠᠩᠭ᠎ᠠ


        ᠦᠭᠡ᠄ ᠵ᠂ ᠪᠠᠳᠠᠷ᠎ᠠ 
        ᠠᠶ᠎ᠠ᠄ ᠳ᠂ ᠯᠣᠪᠰᠠᠩᠰᠢᠷᠠᠪ 
        ᠳᠠᠭᠤᠴᠢᠨ᠄ ᠥ᠊᠂ ᠰᠣᠳᠤᠰᠡᠴᠢᠨ 

ᠵᠤᠨ ᠤ᠋ ᠬᠥᠨᠳᠡᠢ ᠶ᠋ᠢ ᠳᠦᠭᠦᠷᠭᠡᠭᠰᠡᠨ 
ᠴᠡᠴᠡᠭ ᠦ᠋ᠨ ᠳᠠᠯᠠᠢ ᠳᠣᠯᠭᠢᠶᠠᠯᠠᠯ᠎ᠠ 
ᠵᠢᠷᠤᠭ ᠤ᠋ᠨ ᠬᠤᠸᠠᠷ ᠰᠢᠭ᠋ ᠥᠬᠢᠳ ᠮᠠᠨᠢ 
ᠴᠡᠩᠭᠡᠯ ᠦ᠋ᠨ ᠪᠥᠵᠢᠭ ᠢ᠋ᠶ᠋ᠡᠨ ᠪᠥᠵᠢᠭᠡᠷᠡᠢ 
ᠠᠢ ᠬᠦ ᠵᠧ ᠬᠦ᠂ ᠠᠢ ᠬᠦ ᠵᠧ ᠬᠦ  
ᠵᠢᠷᠤᠭ ᠤ᠋ᠨ ᠬᠤᠸᠠᠷ ᠰᠢᠭ᠋ ᠥᠬᠢᠳ ᠮᠠᠨᠢ 
ᠴᠡᠩᠭᠡᠯ ᠦ᠋ᠨ ᠪᠥᠵᠢᠭ ᠢ᠋ᠶ᠋ᠡᠨ ᠪᠥᠵᠢᠭᠡᠷᠡᠢ 

ᠠᠭᠤᠳᠠᠮ ᠲᠠᠯ᠎ᠠ ᠶ᠋ᠢ ᠪᠠᠶᠠᠰᠬᠠᠭᠰᠠᠨ 
ᠢᠷᠠᠭᠤ ᠬᠥᠭᠵᠢᠮ ᠡᠭᠡᠰᠢᠭᠯᠡᠯ᠎ᠡ 
ᠤᠷᠠᠨ ᠭᠤᠸᠠᠯᠢᠭ ᠥᠬᠢᠳ ᠮᠠᠨᠢ
ᠢᠯᠳᠠᠮ ᠳᠠᠭᠤᠯᠠᠨ ᠪᠥᠵᠢᠭᠡᠷᠡᠢ
ᠠᠢ ᠬᠦ ᠵᠧ ᠬᠦ᠂ ᠠᠢ ᠬᠦ ᠵᠧ ᠬᠦ 
ᠤᠷᠠᠨ ᠭᠤᠸᠠᠯᠢᠭ ᠥᠬᠢᠳ ᠮᠠᠨᠢ
ᠢᠯᠳᠠᠮ ᠳᠠᠭᠤᠯᠠᠨ ᠪᠥᠵᠢᠭᠡᠷᠡᠢ
ᠠᠢ ᠬᠦ ᠵᠧ ᠬᠦ᠂ ᠠᠢ ᠬᠦ ᠵᠧ ᠬᠦ 
ᠤᠷᠠᠨ ᠭᠤᠸᠠᠯᠢᠭ ᠥᠬᠢᠳ ᠮᠠᠨᠢ
ᠢᠯᠳᠠᠮ ᠳᠠᠭᠤᠯᠠᠨ ᠪᠥᠵᠢᠭᠡᠷᠡᠢ

ᠠᠷᠴᠠ ᠲᠠᠢ ᠴᠡᠷᠪᠡᠨ ᠠᠩᠭᠢᠯᠠᠭᠤᠯᠤᠭᠰᠠᠨ
ᠬᠡᠭᠡᠷ᠎ᠡ ᠶ᠋ᠢᠨ ᠠᠭᠠᠷ ᠲᠤᠨᠤᠷᠠᠯ᠎ᠠ
ᠠᠷᠢᠭᠤᠨ ᠲᠠᠩᠬᠢᠯ ᠥᠬᠢᠳ ᠮᠠᠨᠢ
ᠬᠡᠭᠡᠨᠴᠢᠷ ᠨᠠᠬᠢᠯᠠᠨ ᠪᠥᠵᠢᠭᠡᠷᠡᠢ
ᠠᠢ ᠬᠦ ᠵᠧ ᠬᠦ᠂ ᠠᠢ ᠬᠦ ᠵᠧ ᠬᠦ 
ᠵᠢᠷᠤᠭ ᠤ᠋ᠨ ᠬᠤᠸᠠᠷ ᠰᠢᠭ᠋ ᠥᠬᠢᠳ ᠮᠠᠨᠢ
ᠴᠡᠩᠭᠡᠯ ᠦ᠋ᠨ ᠪᠥᠵᠢᠭ ᠢ᠋ᠶ᠋ᠡᠨ ᠪᠥᠵᠢᠭᠡᠷᠡᠢ
ᠢᠯᠳᠠᠮ ᠳᠠᠭᠤᠯᠠᠨ ᠪᠥᠵᠢᠭᠡᠷᠡᠢ

     ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
     ᠬᠢᠨᠠᠭᠴᠢ᠄ ᠭᠦᠩᠭᠠᠷ