ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠨᠢᠭᠡ᠂ Дайчин улсын үеийн монголын түүх-Намсрай 3-1
ᠭᠤᠷᠪᠠᠳᠤᠭᠠᠷ ᠪᠦᠯᠦᠭ᠂ᠵᠡᠭᠦᠨᠭᠠᠷ ᠬᠠᠭᠠᠨᠲᠤ ᠤᠯᠤᠰ ᠤ᠋ᠨ ᠪᠠᠢᠭᠤᠯᠤᠭᠳᠠᠭᠰᠠᠨ ᠪᠠ ᠬᠠᠯᠬ᠎ᠠ ᠶ᠋ᠢᠨ ᠬᠡᠷᠡᠭ ᠶᠠᠪᠤᠳᠠᠯ
ᠨᠢᠭᠡᠳᠦᠭᠡᠷ ᠬᠡᠰᠡᠭ ᠂ ᠭᠠᠯᠳᠠᠨ ᠵᠡᠭᠦᠨᠭᠠᠷ ᠬᠠᠭᠠᠨᠲᠤ ᠤᠯᠤᠰ ᠢ᠋ ᠪᠠᠢᠭᠤᠯᠤᠭᠰᠠᠨ ᠨᠢ
1635 ᠣᠨ ᠳ᠋ᠤ᠌᠂ ᠣᠢᠷᠠᠳ ᠳᠠᠶᠠᠭᠠᠷ ᠠᠯᠳᠠᠷ ᠲᠠᠢ ᠴᠣᠷᠣᠰ ᠤ᠋ᠨ ᠪᠠᠭᠠᠲᠤᠷ ᠬᠣᠩ ᠲᠠᠢᠵᠢ ᠨᠠᠰᠤ ᠨᠥᠭᠴᠢᠪᠡ᠃ ᠪᠠᠭᠠᠲᠤᠷ ᠬᠣᠩ ᠲᠠᠢᠵᠢ ᠶ᠋ᠢᠨ ᠠᠬᠠᠮᠠᠳ ᠬᠥᠪᠡᠭᠦᠨ᠂ ᠪᠣᠷᠣᠣᠨ ᠬᠠᠲᠤᠨ ᠠ᠋ᠴᠠ ᠲᠥᠷᠥᠭᠰᠡᠨ ᠴᠡᠴᠡᠨ ᠲᠠᠢᠵᠢ ᠤᠷᠤᠰᠤᠭᠤᠯᠬᠤ ᠶᠠᠪᠤᠳᠠᠯ ᠢ᠋ ᠭᠠᠷᠳᠠᠵᠤ᠂ ᠽᠠᠶ᠎ᠠ ᠪᠠᠨᠳᠢᠳᠠ ᠬᠤᠲᠤᠭᠲᠤ ᠶ᠋ᠢ ᠵᠠᠯᠠᠵᠤ ᠢᠷᠡᠵᠡᠢ᠃ ᠽᠠᠶ᠎ᠠ ᠪᠠᠨᠳᠢᠳᠠ ᠳᠥᠴᠢ ᠶᠢᠰᠦᠨ ᠬᠣᠨᠣᠭ ᠨᠣᠮ ᠭᠦᠷᠢᠮ ᠢ᠋ ᠨᠢ ᠬᠢᠵᠦ ᠥᠭᠭᠦᠭᠡᠳ᠂ ᠪᠠᠭᠠᠲᠤᠷ ᠬᠣᠩ ᠲᠠᠢᠵᠢ ᠶ᠋ᠢᠨ ᠣᠯᠠᠨ ᠬᠠᠲᠤᠨ ᠳ᠋ᠤ᠌ ᠤᠪᠠᠰᠢᠨᠴᠠ ᠶ᠋ᠢᠨ ᠰᠠᠬᠢᠯ ᠢ᠋ ᠬᠦᠷᠲᠡᠭᠡᠪᠡ᠃
ᠪᠠᠭᠠᠲᠤᠷ ᠬᠣᠩ ᠲᠠᠢᠵᠢ ᠠᠮᠢᠳᠤ ᠰᠡᠷᠡᠭᠦᠨ ᠪᠠᠢᠬᠤ ᠳ᠋ᠠᠭᠠᠨ᠂ ᠲᠡᠭᠦᠨ ᠦ᠌ ᠣᠯᠠᠨ ᠬᠠᠲᠤᠳ ᠤ᠋ᠨ ᠳᠣᠲᠣᠷ᠎ᠠ ᠠ᠋ᠴᠠ ᠲᠣᠷᠭᠤᠳ ᠤ᠋ᠨ ᠱᠦᠭᠦᠷ ᠲᠠᠢᠴᠢᠩ ᠤ᠋ᠨ ᠥᠬᠢᠨ ᠶᠦᠮ ᠠᠭᠠᠰ ᠬᠠᠲᠤᠨ ᠢ᠋ ᠮᠠᠰᠢ ᠬᠠᠢᠷᠠᠯᠠᠳᠠᠭ᠃ ᠲᠡᠷᠡ ᠠᠮᠢ ᠲᠠᠯᠪᠢᠬᠤ ᠶ᠋ᠢᠨ ᠡᠮᠦᠨ᠎ᠡ᠂ ᠶᠦᠮ ᠠᠭᠠᠰ ᠬᠠᠲᠤᠨ ᠠ᠋ᠴᠠ ᠲᠥᠷᠥᠭᠰᠡᠨ ᠰᠡᠩᠭᠡ (ᠪᠠᠭᠠᠲᠤᠷ ᠬᠣᠩ ᠲᠠᠢᠵᠢ ᠶ᠋ᠢᠨ ᠲᠠᠪᠤᠳᠤᠭᠠᠷ ᠬᠥᠪᠡᠭᠦᠨ) ᠢ᠋ ᠬᠣᠩ ᠲᠠᠢᠵᠢ ᠪᠠᠷ ᠲᠣᠳᠣᠯᠠᠵᠤ᠂ ᠪᠦᠬᠦ ᠥᠮᠴᠢ ᠬᠥᠷᠥᠩᠭᠡ ᠶ᠋ᠢᠨ ᠬᠠᠭᠠᠰ ᠢ᠋ ᠲᠡᠭᠦᠨ ᠳ᠋ᠦ᠍ ᠬᠦᠷᠲᠡᠭᠡᠵᠡᠢ᠃ ᠨᠥᠭᠥᠭᠡ ᠬᠠᠭᠠᠰ ᠢ᠋ ᠨᠢ ᠪᠤᠰᠤᠳ ᠬᠥᠪᠡᠭᠦᠨ ᠳ᠋ᠡᠭᠡᠨ ᠲᠤᠰ ᠲᠤᠰ ᠨᠡᠷ᠎ᠡ ᠵᠢᠭᠠᠵᠤ ᠥᠯᠳᠡᠭᠡᠪᠡ᠃ ᠪᠠᠭᠠᠲᠤᠷ ᠬᠣᠩ ᠲᠠᠢᠵᠢ ᠶ᠋ᠢᠨ ᠡᠨᠡᠬᠦ ᠰᠢᠢᠳᠪᠦᠷᠢ ᠨᠢ ᠴᠣᠷᠣᠰ ᠣᠪᠣᠭᠲᠠᠨ ᠤ᠋ ᠳᠣᠲᠣᠭᠠᠳᠤ ᠶ᠋ᠢᠨ ᠦᠢᠮᠡᠭᠡᠨ ᠢ᠋ ᠡᠭᠦᠰᠬᠡᠵᠡᠢ᠃
ᠭᠡᠲᠡᠯ᠎ᠡ ᠪᠠᠭᠠᠲᠤᠷ ᠬᠣᠩ ᠲᠠᠢᠵᠢ ᠠᠮᠢᠳᠤ ᠰᠡᠷᠡᠭᠦᠨ ᠪᠠᠢᠬᠤ ᠳ᠋ᠤ᠌ ᠪᠠᠨ ᠠᠯᠢ ᠬᠥᠪᠡᠭᠦᠨ ᠳ᠋ᠡᠭᠡᠨ ᠬᠣᠩ ᠲᠠᠢᠵᠢ ᠶ᠋ᠢᠨ ᠰᠠᠭᠤᠷᠢ ᠶ᠋ᠢ ᠵᠠᠯᠭᠠᠮᠵᠢᠯᠠᠭᠤᠯᠬᠤ ᠲᠤᠬᠠᠢ ᠭᠦᠨ ᠬᠢᠨᠠᠮᠠᠭᠠᠢ ᠪᠠᠷ ᠪᠣᠳᠣᠯᠬᠢᠯᠠᠵᠠᠢ᠃ ᠴᠡᠴᠡᠨ ᠲᠠᠢᠵᠢ ᠬᠡᠳᠦᠢᠪᠡᠷ ᠣᠯᠠᠨ ᠬᠥᠪᠡᠭᠦᠳ ᠦ᠋ᠨ ᠠᠬᠠᠮᠠᠳ ᠨᠢ ᠪᠣᠯᠪᠠᠴᠤ᠂ ᠲᠡᠭᠦᠨ ᠦ᠌ ᠲᠥᠷᠥᠭᠰᠡᠨ ᠡᠬᠡ ᠨᠢ ᠪᠣᠷᠣᠳ ᠬᠠᠷ᠎ᠠ ᠬᠢᠷᠭᠢᠰ ᠭᠠᠷᠤᠯᠲᠠᠢ ᠤᠴᠢᠷ ᠴᠣᠷᠣᠰ ᠤ᠋ᠨ ᠭᠡᠷ ᠲᠥᠷᠥᠯ ᠪᠣᠯᠤᠨ ᠣᠢᠷᠠᠳ ᠲᠤ᠌ ᠨᠥᠯᠥᠭᠡ ᠪᠡᠷ ᠪᠠᠭ᠎ᠠ᠃ ᠶᠣᠮ ᠠᠭᠠᠰ ᠬᠠᠲᠤᠨ ᠪᠣᠯ ᠣᠢᠷᠠᠳ ᠲᠤ᠌ ᠠᠯᠳᠠᠷ ᠲᠠᠢ ᠱᠦᠭᠦᠷ ᠲᠠᠢᠴᠢᠩ ᠤ᠋ᠨ ᠥᠬᠢᠨ᠃ ᠲᠡᠭᠦᠨ ᠡᠴᠡ ᠲᠥᠷᠥᠭᠰᠡᠨ ᠬᠥᠪᠡᠭᠦᠨ ᠰᠡᠩᠭᠡ ᠳ᠋ᠦ᠍ ᠴᠢᠭᠤᠯᠭᠠᠨ ᠬᠠᠨ ᠸᠴᠢᠷᠲᠤ ᠴᠡᠴᠡᠨ ᠦ᠌ ᠬᠥᠪᠡᠭᠦᠨ ᠭᠠᠯᠳᠠᠮ᠎ᠠ ᠶ᠋ᠢᠨ ᠥᠬᠢᠨ ᠠᠨᠤ ᠳ᠋ᠠᠷ᠎ᠠ ᠶ᠋ᠢ ᠬᠠᠲᠤᠨ ᠪᠣᠯᠭᠠᠵᠤ ᠵᠠᠯᠠᠭᠰᠠᠨ ᠪᠣᠯᠬᠣᠷ ᠣᠯᠠᠨ ᠬᠥᠪᠡᠭᠦᠳ ᠦ᠋ᠨ ᠳᠣᠲᠣᠷ᠎ᠠ ᠪᠠᠢᠷᠢ ᠰᠠᠭᠤᠷᠢ ᠨᠢ ᠲᠣᠪᠣᠢᠵᠠᠢ᠃ ᠰᠡᠩᠭᠡ ᠪᠡᠷ ᠬᠣᠩ ᠲᠠᠢᠵᠢ ᠪᠣᠯᠭᠠᠪᠠᠯ᠂ ᠲᠣᠷᠭᠤᠳ ᠪᠣᠯᠤᠨ ᠬᠣᠱᠤᠳ ᠤ᠋ᠨ ᠳᠡᠮᠵᠢᠯᠭᠡ ᠶ᠋ᠢ ᠣᠯᠵᠤ ᠡᠯ᠎ᠡ ᠠᠢᠮᠠᠭ ᠤ᠋ᠨ ᠬᠣᠭᠣᠷᠣᠨᠳᠣᠬᠢ ᠨᠥᠬᠥᠷᠰᠡᠭ ᠬᠠᠷᠢᠴᠠᠭ᠎ᠠ ᠶ᠋ᠢ ᠦᠷᠭᠦᠯᠵᠢᠯᠡᠨ ᠬᠠᠳᠠᠭᠠᠯᠠᠵᠤ ᠴᠢᠳᠠᠬᠤ ᠪᠣᠯᠤᠨ᠎ᠠ᠃ ᠭᠡᠲᠡᠯ᠎ᠡ ᠪᠠᠭᠠᠲᠤᠷ ᠬᠣᠩ ᠲᠠᠢᠵᠢ ᠶ᠋ᠢᠨ ᠠᠬᠠᠮᠠᠳ ᠬᠥᠪᠡᠭᠦᠨ ᠴᠡᠴᠡᠨ ᠲᠠᠢᠵᠢ᠂ ᠬᠣᠩ ᠲᠠᠢᠵᠢ ᠶ᠋ᠢᠨ ᠰᠠᠭᠤᠷᠢ ᠶ᠋ᠢ ᠵᠠᠯᠭᠠᠮᠵᠢᠯᠠᠬᠤ ᠶᠣᠰᠣᠲᠠᠢ ᠭᠡᠮᠡᠨ ᠪᠠᠲᠤ ᠪᠣᠳᠣᠵᠤ ᠪᠠᠢᠪᠠ᠃ ᠭᠡᠲᠡᠯ᠎ᠡ ᠪᠠᠭᠠᠲᠤᠷ ᠬᠣᠩ ᠲᠠᠢᠵᠢ ᠶ᠋ᠢᠨ ᠰᠢᠢᠳᠪᠦᠷᠢ ᠨᠢ ᠲᠡᠭᠦᠨ ᠦ᠌ ᠰᠡᠳᠬᠢᠵᠦ ᠪᠠᠢᠭᠰᠠᠨ ᠲᠠᠢ ᠡᠷᠡᠰ ᠣᠨᠳᠣᠣ ᠦᠷ᠎ᠡ ᠳ᠋ᠦᠩ ᠢ᠋ ᠭᠠᠷᠭᠠᠵᠠᠢ᠃ ᠲᠡᠭᠦᠨᠴᠡ ᠲᠡᠷᠡ ᠰᠡᠩᠭᠡ ᠬᠣᠩ ᠲᠠᠢᠵᠢ ᠳ᠋ᠤ᠌ ᠭᠦᠨ ᠬᠣᠷᠣᠰᠤᠯ ᠡᠪᠦᠷᠯᠡᠵᠦ᠂ ᠠᠯᠢ ᠨᠢᠭᠡᠨ ᠡᠳᠦᠷ ᠥᠰᠢᠶ᠎ᠡ ᠠᠪᠬᠤ ᠭᠡᠮᠡᠨ ᠵᠠᠪᠰᠢᠶᠠᠨ ᠲᠣᠬᠢᠶᠠᠯ ᠢ᠋ ᠡᠷᠢᠵᠦ ᠪᠠᠢᠭᠰᠠᠨ᠃ ᠴᠡᠴᠡᠨ ᠲᠠᠢᠵᠢ ᠬᠡᠷᠡᠭ ᠡᠳᠦᠬᠦ ᠰᠠᠨᠠᠭ᠎ᠠ ᠦᠯᠡᠮᠵᠢ ᠪᠠᠢᠪᠠᠴᠤ᠂ ᠭᠠᠷ ᠲᠤ᠌ ᠨᠢ ᠴᠡᠷᠢᠭ ᠦ᠋ᠨ ᠡᠷᠬᠡ ᠦᠭᠡᠢ ᠮᠥᠷᠲᠡᠭᠡᠨ ᠴᠤᠤᠷᠢᠶᠠᠲᠤᠨ ᠳᠠᠭᠠᠬᠤ ᠬᠥᠮᠦᠨ ᠴᠦ᠍ ᠦᠭᠡᠢ ᠪᠠᠢᠪᠠ᠃ ᠢᠯᠠᠩᠭᠤᠶ᠎ᠠ ᠰᠡᠩᠭᠡ ᠶ᠋ᠢᠨ ᠬᠠᠳᠠᠮ ᠡᠪᠦᠭᠡ᠂ ᠴᠢᠭᠤᠯᠭᠠᠨ ᠬᠠᠨ ᠸᠴᠢᠷᠲᠤ ᠴᠡᠴᠡᠨ ᠦ᠌ ᠰᠦᠷ ᠬᠦᠴᠦᠨ ᠡᠴᠡ ᠡᠮᠢᠶᠡᠵᠦ᠂ ᠲᠡᠷᠡ ᠠᠶᠤᠮᠰᠢᠭ ᠦᠭᠡᠢ ᠬᠥᠩᠭᠡᠨ ᠢ᠋ᠶ᠋ᠡᠷ ᠬᠡᠷᠡᠭ ᠡᠳᠦᠵᠦ ᠴᠢᠳᠠᠬᠤ ᠦᠭᠡᠢ ᠬᠦᠯᠢᠶᠡᠵᠦ ᠪᠠᠢᠵᠠᠢ᠃ ᠪᠠᠭᠠᠲᠤᠷ ᠬᠣᠩ ᠲᠠᠢᠵᠢ ᠨᠠᠰᠤ ᠪᠠᠷᠠᠭᠰᠠᠨ ᠳ᠋ᠤ᠌᠂ ᠲᠡᠭᠦᠨ ᠦ᠌ ᠳᠡᠭᠦᠦ ᠴᠥᠬᠦᠷ ᠤᠪᠠᠰᠢ ᠨᠢ ᠴᠣᠷᠣᠰ ᠠᠢᠮᠠᠭ ᠤ᠋ᠨ ᠣᠯᠠᠨ ᠲᠠᠢᠵᠢ ᠨᠠᠷ ᠤ᠋ᠨ ᠠᠬᠠᠮᠠᠳ ᠪᠣᠯᠪᠠ᠃ ᠴᠥᠬᠦᠷ ᠤᠪᠠᠰᠢ ᠣᠮᠣᠷᠬᠠᠭ ᠪᠠᠷᠳᠠᠮ ᠮᠥᠷᠲᠡᠭᠡᠨ ᠬᠡᠷᠡᠭ ᠵᠠᠷᠭᠤ ᠳ᠋ᠤ᠌ ᠳᠤᠷ᠎ᠠ ᠲᠠᠢ ᠬᠥᠮᠦᠨ ᠶᠦᠮ᠃ ᠲᠡᠷᠡ ᠵᠠᠯᠠᠭᠤ ᠪᠠᠢᠬᠤ ᠳ᠋ᠠᠭᠠᠨ ᠲᠣᠷᠭᠤᠳ ᠤ᠋ᠨ ᠮᠠᠩᠬᠠᠢ ᠶ᠋ᠢᠨ ᠬᠥᠪᠡᠭᠦᠨ ᠠᠪᠠᠲᠠᠢ ᠫᠤᠤᠴᠢ ᠲᠠᠢ ᠬᠠᠮᠰᠠᠵᠤ᠂ ᠣᠢᠷᠠᠳ ᠬᠠᠨ ᠰᠠᠢᠨ ᠬᠢᠶ᠎ᠡ(ᠬᠣᠢᠳ ᠠᠢᠮᠠᠭ) ᠢ᠋ ᠬᠣᠣᠷᠯᠠᠬᠤ ᠶᠠᠪᠤᠳᠠᠯ ᠳ᠋ᠤ᠌ ᠬᠤᠪᠢ ᠣᠷᠣᠭᠰᠠᠨ᠃ ᠪᠠᠰᠠ ᠲᠥᠪᠡᠳ ᠦ᠋ᠨ ᠯᠠᠮᠠ ᠭᠡᠯᠦᠩ ᠨᠠᠷ ᠤ᠋ᠨ ᠰᠠᠩ ᠤ᠋ᠨ ᠠᠳᠤᠭᠤ ᠶ᠋ᠢ ᠬᠤᠯᠠᠭᠠᠢᠯᠠᠭᠠᠳ᠂ ᠰᠢᠷ᠎ᠠ ᠶ᠋ᠢᠨ ᠱᠠᠰᠢᠨ ᠤ᠋ ᠬᠡᠢᠳ ᠦ᠋ᠨ ᠯᠠᠮᠠ ᠨᠠᠷ ᠢ᠋ ᠠᠭᠤᠷᠯᠠᠭᠤᠯᠵᠤ᠂ ᠳᠥᠷᠪᠡᠨ ᠣᠢᠷᠠᠳ ᠤ᠋ᠨ ᠮᠥᠷᠭᠥᠯ ᠦ᠋ᠨ ᠵᠠᠮ ᠢ᠋ ᠬᠠᠭᠠᠬᠤ ᠭᠡᠵᠡᠢ᠃ ᠲᠡᠭᠦᠨ ᠦ᠌ ᠠᠬ᠎ᠠ ᠦᠭᠡᠢ ᠪᠣᠯᠤᠭᠰᠠᠨ ᠳ᠋ᠤ᠌᠂ ᠣᠯᠠᠨ ᠤ᠋ ᠠᠬᠠᠮᠠᠳ ᠤ᠋ᠨ ᠬᠤᠪᠢ ᠪᠠᠷ ᠴᠥᠬᠦᠷ ᠤᠪᠠᠰᠢ ᠤᠯᠠᠮ ᠢ᠋ᠶ᠋ᠠᠷ ᠭᠠᠷ ᠡᠷᠭᠢᠭᠦᠯᠦᠨ᠂ ᠵᠠᠷᠯᠢᠭ ᠵᠠᠬᠢᠶ᠎ᠠ ᠪᠠᠭᠤᠯᠭᠠᠨ ᠡᠨᠡ ᠲᠡᠷᠡ ᠭᠡᠮᠡᠨ ᠵᠠᠩᠨᠠᠬᠤ ᠪᠣᠯᠤᠭᠰᠠᠨ᠃ ᠴᠥᠬᠦᠷ ᠤᠪᠠᠰᠢ ᠶ᠋ᠢᠨ ᠠᠬᠠᠮᠠᠳ ᠬᠥᠪᠡᠭᠦᠨ ᠪᠠᠬᠠᠪᠠᠨᠳᠢ ᠪᠠᠰᠠ ᠲᠡᠭᠦᠨ ᠦ᠌ ᠡᠴᠢᠭᠡ ᠶ᠋ᠢᠨ ᠰᠦᠷ ᠬᠦᠴᠦᠨ ᠳ᠋ᠦ᠍ ᠲᠦᠰᠢᠭᠯᠡᠨ ᠰᠡᠩᠭᠡ ᠬᠣᠩ ᠲᠠᠢᠵᠢ ᠲᠠᠢ ᠡᠷᠬᠡ ᠰᠦᠷ ᠢ᠋ᠶ᠋ᠡᠨ ᠬᠤᠪᠢᠶᠠᠨ ᠡᠳ᠋ᠯᠡᠬᠦ ᠪᠣᠳᠣᠯ ᠡᠭᠦᠰᠴᠦ ᠪᠠᠢᠪᠠ᠃
17 ᠳ᠋ᠤᠭᠠᠷ ᠵᠠᠭᠤᠨ ᠤ᠋ ᠵᠢᠷᠠᠭᠠᠳ ᠣᠨ ᠤ᠋ ᠡᠬᠢ ᠪᠡᠷ᠂ ᠬᠠᠯᠬ᠎ᠠ ᠶ᠋ᠢᠨ ᠬᠠᠨ ᠨᠣᠶᠠᠳ《ᠴᠠᠭᠠᠵᠠ》 ᠶ᠋ᠢᠨ ᠵᠣᠷᠢᠭ ᠰᠠᠨᠠᠭ᠎ᠠ ᠶ᠋ᠢ ᠬᠡᠳᠦᠢᠨ ᠠᠯᠳᠠᠭᠠᠳ᠂ ᠳᠣᠲᠣᠭᠠᠳᠤ ᠳ᠋ᠠᠭᠠᠨ ᠡᠪᠳᠡᠷᠡᠯ ᠲᠡᠮᠡᠴᠡᠯ ᠡᠭᠦᠰᠬᠡᠵᠦ ᠡᠬᠢᠯᠡᠵᠡᠢ᠃ ᠬᠣᠲᠣᠭᠣᠢᠳ ᠤ᠋ᠨ ᠣᠮᠪᠣ ᠡᠷᠳᠡᠨᠢ ᠶ᠋ᠢᠨ ᠬᠥᠪᠡᠭᠦᠨ ᠯᠤᠪᠰᠠᠩ ᠬᠣᠩ ᠲᠠᠢᠵᠢ᠂ ᠳᠣᠲᠣᠭᠠᠳᠤ ᠶ᠋ᠢᠨ ᠲᠡᠮᠡᠴᠡᠯ ᠳ᠋ᠡᠭᠡᠨ ᠳᠡᠢᠯᠦᠭᠳᠡᠭᠡᠳ᠂ ᠶᠧᠨᠢᠰᠠᠢ ᠮᠥᠷᠡᠨ ᠦ᠌ ᠳᠡᠭᠡᠳᠦ ᠤᠷᠤᠰᠬᠠᠯ ᠤ᠋ᠨ ᠬᠢᠷᠭᠢᠰ ᠣᠷᠣᠨ ᠳ᠋ᠤ᠌ ᠢᠷᠡᠵᠦ ᠰᠠᠭᠤᠪᠠ᠃ ᠲᠡᠭᠡᠭᠡᠳ ᠰᠡᠩᠭᠡ ᠬᠣᠩ ᠲᠠᠢᠵᠢ ᠲᠠᠢ ᠬᠢᠷᠭᠢᠰ ᠣᠷᠣᠨ ᠢ᠋ ᠬᠠᠷᠢᠶᠠᠯᠠᠬᠤ ᠡᠷᠬᠡ ᠶ᠋ᠢ ᠠᠶᠠᠨᠳᠠᠭᠠᠨ ᠪᠤᠯᠢᠶᠠᠯᠳᠤᠵᠠᠢ᠃1667 ᠣᠨ ᠤ᠋ ᠵᠤᠨ᠂ ᠰᠡᠩᠭᠡ ᠬᠣᠩ ᠲᠠᠢᠵᠢ ᠲᠡᠭᠦᠨ ᠦ᠌ ᠳᠡᠭᠦᠦ ᠦᠴᠦᠨ ᠲᠠᠢᠵᠢ᠂ ᠠᠬᠠᠢ ᠳᠡᠨᠵᠢᠨ ᠪᠣᠯᠤᠨ ᠴᠥᠬᠦᠷ ᠤᠪᠠᠰᠢ ᠶ᠋ᠢᠨ ᠬᠥᠪᠡᠭᠦᠨ ᠪᠠᠬᠠᠪᠠᠨᠳᠢ ᠨᠠᠷ ᠲᠠᠢ ᠴᠣᠷᠣᠰ ᠤ᠋ᠨ ᠶᠡᠬᠡ ᠴᠡᠷᠢᠭ ᠢ᠋ ᠳᠠᠢᠴᠢᠯᠠᠨ ᠯᠤᠪᠰᠠᠩ ᠬᠣᠩ ᠲᠠᠢᠵᠢ ᠶ᠋ᠢ ᠳᠠᠢᠯᠠᠬᠤ ᠪᠠᠷ ᠮᠣᠷᠳᠠᠪᠠ᠃ ᠲᠡᠳᠡ ᠬᠢᠷᠭᠢᠰ ᠦ᠋ᠨ ᠭᠠᠵᠠᠷ ᠯᠤᠪᠰᠠᠩ ᠢ᠋ ᠢᠯᠠᠵᠤ᠂ ᠯᠤᠪᠰᠠᠩ ᠵᠢᠴᠢ ᠲᠡᠭᠦᠨ ᠦ᠌ ᠡᠬᠡᠨᠡᠷ ᠬᠡᠦᠬᠡᠳ᠂ ᠬᠡᠳᠦᠨ ᠮᠢᠩᠭᠠᠨ ᠬᠥᠮᠦᠨ ᠢ᠋ ᠣᠯᠵᠠᠯᠠᠭᠠᠳ ᠢᠷᠡᠵᠡᠢ᠃ ᠣᠯᠤᠭᠰᠠᠨ ᠡᠳ᠋ ᠪᠣᠳᠠᠰ ᠢ᠋ ᠴᠥᠮ ᠦᠴᠦᠨ ᠲᠠᠢᠵᠢ ᠪᠣᠯᠤᠨ ᠠᠬᠠᠢ ᠳᠡᠨᠵᠢᠨ ᠳ᠋ᠦ᠍ ᠬᠤᠪᠢᠶᠠᠨ ᠥᠭᠭᠦᠭᠡᠳ᠂ ᠮᠥᠨ ᠥᠴᠦᠨ ᠲᠠᠢᠵᠢ ᠳ᠋ᠤ᠌ ᠲᠠᠪᠤᠨ ᠮᠢᠩᠭᠠᠨ ᠴᠡᠷᠢᠭ ᠠᠬᠤᠭᠤᠯᠤᠨ ᠬᠢᠷᠭᠢᠰ ᠣᠷᠣᠨ ᠳ᠋ᠤ᠌ ᠳᠠᠷᠤᠩᠭᠤᠢᠯᠠᠨ ᠰᠠᠭᠤᠯᠭᠠᠵᠠᠢ᠃ ᠲᠡᠭᠡᠭᠡᠳ ᠬᠢᠷᠭᠢᠰ ᠣᠷᠣᠨ ᠠ᠋ᠴᠠ ᠲᠠᠲᠠᠪᠤᠷᠢᠯᠠᠬᠤ ᠠᠯᠪᠠᠨ ᠤ᠋ ᠡᠳ᠋ ᠢ᠋ ᠴᠥᠮ ᠰᠡᠩᠭᠡ ᠲᠠᠢᠵᠢ ᠡᠵᠡᠮᠰᠢᠬᠦ ᠪᠣᠯᠤᠭᠰᠠᠨ᠃ ᠪᠠᠬᠠᠪᠠᠨᠳᠢ ᠬᠢᠷᠭᠢᠰ ᠢ᠋ ᠳᠠᠢᠯᠠᠭᠰᠠᠨ ᠲᠡᠢᠨ ᠦ᠌ ᠣᠯᠵᠠ ᠪᠣᠯᠤᠨ ᠲᠠᠲᠠᠪᠤᠷᠢᠯᠠᠬᠤ ᠡᠳ᠋ ᠪᠣᠳᠠᠰ ᠢ᠋ ᠬᠤᠪᠢᠶᠠᠷᠢᠯᠠᠬᠤ ᠶᠠᠪᠤᠳᠠᠯ ᠢ᠋ᠶ᠋ᠠᠷ ᠰᠡᠩᠭᠡ ᠬᠣᠩ ᠲᠠᠢᠵᠢ ᠲᠠᠢ ᠤᠯᠠᠮ ᠢ᠋ᠶ᠋ᠠᠷ ᠮᠠᠷᠭᠤᠯᠳᠤᠭᠠᠨ ᠪᠣᠯᠵᠤ᠂ ᠬᠠᠷᠢᠯᠴᠠᠨ ᠭᠠᠷ ᠬᠥᠳᠡᠯᠬᠦ ᠬᠡᠮᠵᠢᠶᠡᠨ ᠳ᠋ᠦ᠍ ᠬᠦᠷᠦᠭᠰᠡᠨ ᠶᠦᠮ᠃ 1670 ᠣᠨ ᠤ᠋ ᠡᠪᠦᠯ ᠦ᠋ᠨ ᠡᠬᠢᠨ ᠰᠠᠷ᠎ᠠ ᠳ᠋ᠤ᠌᠂ ᠪᠠᠬᠠᠪᠠᠨᠳᠢ ᠶ᠋ᠢᠨ ᠡᠴᠢᠭᠡ ᠴᠥᠬᠦᠷ ᠤᠪᠠᠰᠢ ᡀᠠᠰᠠ ᠵᠦᠭ ᠬᠥᠮᠦᠨ ᠢᠯᠡᠭᠡᠵᠦ᠂ ᠰᠢᠷ᠎ᠠ ᠶ᠋ᠢᠨ ᠱᠠᠰᠢᠨ ᠤ᠋ ᠡᠲᠡᠭᠡᠳ ᠡᠴᠡ ᠬᠥᠮᠦᠨ ᠢᠷᠡᠭᠦᠯᠵᠦ ᠴᠣᠷᠣᠰ ᠣᠪᠣᠭᠲᠠᠨ ᠤ᠋ ᠳᠣᠲᠣᠭᠠᠳᠤ ᠶ᠋ᠢᠨ ᠲᠡᠮᠡᠴᠡᠯ ᠮᠠᠷᠭᠤᠭᠠᠨ ᠢ᠋ ᠰᠢᠢᠳᠪᠦᠷᠢᠯᠡᠵᠦ ᠥᠭᠬᠦ ᠶ᠋ᠢ ᠭᠤᠶᠤᠵᠠᠢ[1]᠃ ᠭᠡᠲᠡᠯ᠎ᠡ ᠲᠥᠪᠡᠳ ᠦ᠋ᠨ ᠰᠢᠷ᠎ᠠ ᠶ᠋ᠢᠨ ᠱᠠᠰᠢᠨ ᠤ᠋ ᠬᠡᠢᠳ ᠲᠦ᠍ ᠴᠦᠬᠦᠷ ᠤᠪᠠᠰᠢ ᠨᠡᠷ᠎ᠡ ᠨᠥᠯᠥᠭᠡ ᠪᠡᠷ ᠪᠠᠷᠤᠭᠲᠠᠢ ᠪᠣᠯᠬᠣᠷ ᠬᠡᠨ ᠴᠦ᠍ ᠣᠢᠰᠢᠶᠠᠭᠰᠠᠨ ᠦᠭᠡᠢ᠃ ᠲᠡᠷᠡ ᠬᠢᠷᠢ ᠳ᠋ᠦ᠍ ᠥᠰᠢᠶ᠎ᠡ ᠠᠪᠬᠤ ᠪᠠᠷ ᠴᠠᠭ ᠲᠣᠬᠢᠶᠠᠯ ᠢ᠋ ᠬᠦᠯᠢᠶᠡᠵᠦ ᠪᠠᠢᠭᠰᠠᠨ ᠴᠡᠴᠡᠨ ᠲᠠᠢᠵᠢ ᠥᠪᠡᠷ ᠦ᠋ᠨ ᠢ᠋ᠶ᠋ᠡᠨ ᠵᠢᠩᠬᠢᠨᠢ ᠬᠠᠨᠢ ᠪᠦᠯᠦᠭᠲᠡᠨ ᠢ᠋ ᠡᠷᠢᠵᠦ ᠣᠯᠵᠠᠢ᠃ ᠲᠡᠷᠡ ᠪᠠᠬᠠᠪᠠᠨᠳᠢ ᠲᠠᠢ ᠤᠯᠠᠮ ᠢ᠋ᠶ᠋ᠠᠷ ᠨᠥᠬᠥᠷᠯᠡᠵᠦ᠂ ᠲᠡᠭᠦᠨ ᠦ᠌ ᠳᠡᠭᠦᠦ ᠵᠣᠳᠪᠠ ᠪᠠᠭᠠᠲᠤᠷ᠂ ᠵᠣᠷᠢᠭᠲᠤ ᠬᠣᠰᠢᠭᠤᠴᠢ ᠨᠠᠷ ᠲᠠᠢ ᠬᠠᠮᠰᠠᠵᠤ᠂ ᠴᠣᠷᠣᠰ ᠠᠢᠮᠠᠭ ᠤ᠋ᠨ ᠳᠣᠲᠣᠭᠠᠳᠤ ᠳ᠋ᠤ᠌ ᠬᠠᠭᠠᠷᠠᠯ ᠡᠭᠦᠰᠬᠡᠪᠡ᠃ ᠴᠡᠴᠡᠨ ᠲᠠᠢᠵᠢ᠂ ᠪᠠᠬᠠᠪᠠᠨᠳᠢ ᠨᠠᠷ ᠰᠡᠩᠭᠡ ᠲᠠᠢᠵᠢ ᠶ᠋ᠢ ᠰᠢᠭᠤᠳ ᠲᠠᠢᠯᠠᠶ᠎ᠠ ᠭᠡᠬᠦ ᠳ᠋ᠦ᠍ ᠴᠡᠷᠢᠭ ᠦ᠋ᠨ ᠬᠦᠴᠦᠨ ᠬᠦᠷᠦᠯᠴᠡᠬᠦ ᠦᠭᠡᠢ ᠶᠦᠮ᠃ ᠲᠡᠷᠡ ᠪᠠᠬᠠᠪᠠᠨᠳᠢ ᠶ᠋ᠢᠨ ᠳᠡᠮᠵᠢᠯᠭᠡ ᠪᠣᠯᠤᠨ ᠥᠳᠥᠭᠡᠯᠭᠡ ᠪᠡᠷ ᠰᠡᠩᠭᠡ ᠬᠣᠩ ᠲᠠᠢᠵᠢ ᠶ᠋ᠢ ᠬᠣᠣᠷᠯᠠᠬᠤ ᠬᠤᠤᠪᠢᠯᠳᠤᠯᠭ᠎ᠠ ᠶ᠋ᠢ ᠨᠢᠭᠤᠴᠠ ᠪᠠᠷ ᠵᠥᠪᠯᠡᠵᠡᠢ᠃ 1670 ᠣᠨ ᠤ᠋ ᠡᠪᠦᠯ ᠦ᠋ᠨ ᠡᠬᠢᠨ ᠳ᠋ᠦ᠍᠂ ᠴᠡᠴᠡᠨ ᠲᠠᠢᠵᠢ ᠪᠣᠯᠤᠨ ᠵᠣᠳᠪᠠ ᠪᠠᠭᠠᠲᠤᠷ ᠬᠣᠶᠠᠭᠤᠯᠠ ᠰᠡᠩᠭᠡ ᠬᠣᠩ ᠲᠠᠢᠵᠢ ᠶ᠋ᠢᠨ ᠪᠠᠭᠤᠴᠠ ᠬᠠᠪᠢ ᠪᠠᠷ ᠨᠢᠭᠤᠭᠳᠠᠵᠤ᠂ ᠰᠥᠨᠢ ᠶ᠋ᠢᠨ ᠬᠠᠷᠠᠩᠭᠤᠢ ᠪᠠᠷ ᠥᠷᠭᠥᠭᠡ ᠳ᠋ᠦ᠍ᠨᠢ ᠣᠷᠣᠭᠠᠳ ᠰᠡᠩᠭᠡ ᠶ᠋ᠢ ᠬᠢᠲᠤᠭᠠᠯᠠᠨ ᠠᠯᠠᠵᠠᠢ[2]᠃ ᠳᠠᠷᠠᠭ᠎ᠠ ᠡᠳᠦᠷ ᠨᠢ ᠶᠦᠮ ᠠᠭᠠᠰ ᠬᠠᠲᠤᠨ ᠮᠡᠳᠡᠭᠡᠳ ᠸᠴᠢᠷᠲᠦ ᠴᠡᠴᠡᠨ ᠬᠠᠨ ᠳ᠋ᠤ᠌ ᠲᠦᠷᠭᠡᠨ ᠮᠡᠳᠡᠭᠡ ᠬᠦᠷᠭᠡᠪᠡ᠃ ᠢᠩᠭᠢᠭᠡᠳ ᠰᠡᠩᠭᠡ ᠶ᠋ᠢᠨ ᠠᠯᠠᠭᠳᠠᠭᠰᠠᠨ ᠮᠡᠳᠡᠭᠡ ᠨᠢ ᠤᠳᠠᠯ ᠦᠭᠡᠢ ᠵᠡᠭᠦᠨᠭᠠᠷ ᠳᠠᠶᠠᠭᠠᠷ ᠢ᠋ ᠳᠣᠩᠰᠣᠯᠭᠠᠵᠠᠢ᠃ ᠬᠣᠱᠤᠳ ᠤ᠋ᠨ ᠸᠴᠢᠷᠲᠦ ᠴᠡᠴᠡᠨ ᠬᠠᠨ ᠪᠠᠴᠢᠮ ᠴᠡᠷᠢᠭ ᠳᠠᠢᠴᠢᠯᠠᠨ ᠢᠷᠡᠭᠡᠳ᠂ ᠪᠣᠷᠣᠳ ᠬᠠᠲᠤᠨ ᠪᠣᠯᠤᠨ ᠲᠡᠭᠦᠨ ᠦ᠌ ᠬᠥᠪᠡᠭᠦᠨ ᠴᠡᠴᠡᠨ ᠲᠠᠢᠵᠢ ᠶ᠋ᠢ ᠪᠠᠷᠢᠵᠤ ᠴᠠᠭᠠᠵᠠ ᠪᠠᠷ ᠰᠢᠳᠬᠡᠪᠡ᠃ ᠵᠣᠳᠪᠠ ᠪᠠᠭᠠᠲᠤᠷ ᠪᠣᠯᠤᠨ ᠵᠣᠷᠢᠭᠲᠤ ᠬᠣᠰᠢᠭᠤᠴᠢ ᠨᠠᠷ ᠥᠪᠡᠷ ᠦ᠋ᠨ ᠬᠢᠭᠰᠡᠨ ᠶᠠᠯ᠎ᠠ ᠠ᠋ᠴᠠ ᠠᠶᠤᠭᠠᠳ᠂ ᠬᠠᠷᠢᠶᠠᠲᠤ ᠪᠠᠨ ᠳᠠᠭᠠᠭᠤᠯᠤᠨ ᠠᠯᠲᠠᠢ ᠶ᠋ᠢ ᠳᠠᠪᠠᠵᠤ ᠬᠠᠯᠬ᠎ᠠ ᠳ᠋ᠤ᠌ ᠣᠷᠣᠵᠠᠢ᠃ ᠳᠠᠬᠢᠨ ᠲᠡᠨᠳᠡᠴᠡ ᠬᠥᠬᠡᠨᠠᠭᠤᠷ ᠤ᠋ᠨ ᠭᠠᠵᠠᠷ ᠳᠤᠲᠠᠭᠠᠨ ᠣᠴᠢᠵᠤ᠂ ᠬᠣᠵᠢᠮ ᠤ᠋ᠨ ᠴᠣᠷᠣᠰ ᠤ᠋ᠨ ᠬᠣᠶᠠᠷ ᠬᠤᠰᠢᠭᠤᠨ ᠤ᠋ ᠡᠪᠦᠭᠡ ᠪᠣᠯᠵᠠᠢ᠃
ᠬᠣᠶᠠᠷ᠂ ᠭᠠᠯᠳᠠᠨ ᠵᠡᠭᠦᠨᠭᠠᠷ ᠲᠤ ᠪᠤᠴᠠᠵᠤ ᠬᠣᠩ ᠲᠠᠢᠵᠢ ᠶ᠋ᠢᠨ
ᠰᠠᠭᠤᠷᠢᠨ ᠢ᠋ ᠵᠠᠯᠭᠠᠮᠵᠢᠯᠠᠭᠰᠠᠨ ᠨᠢ
ᠪᠠᠭᠠᠲᠤᠷ ᠬᠣᠩ ᠲᠠᠢᠵᠢ ᠠᠮᠢᠳᠤ ᠰᠡᠷᠡᠭᠦᠨ ᠪᠠᠢᠬᠤ ᠳ᠋ᠠᠭᠠᠨ ᠣᠯᠠᠨ ᠬᠠᠲᠤᠨ ᠬᠥᠪᠡᠭᠦᠨ ᠲᠡᠢ ᠪᠠᠢᠭᠰᠠᠨ᠃ ᠲᠡᠳᠡᠭᠡᠷ ᠬᠠᠲᠤᠳ ᠤ᠋ᠨ ᠳᠣᠲᠣᠷ᠎ᠠ᠂ ᠲᠣᠷᠭᠤᠳ ᠤ᠋ᠨ ᠬᠣ ᠥᠷᠯᠥᠭ ᠦ᠋ᠨ ᠥᠬᠢᠨ ᠳᠠᠷᠠ ᠤᠪᠠᠰᠠᠨᠯᠵᠠ᠂ ᠱᠦᠭᠦᠷ ᠲᠠᠢᠴᠢᠩ ᠤ᠋ᠨ ᠥᠬᠢᠨ ᠶᠦᠮ ᠠᠭᠠᠰ[3]᠂ ᠲᠥᠷᠥᠪᠠᠢᠬᠤ ᠭᠦᠦᠰᠢ ᠬᠠᠨ ᠤ᠋ ᠥᠬᠢᠨ ᠠᠮᠢᠨᠳ᠋ᠠᠷᠠ᠂ ᠪᠤᠷᠤᠳ ᠬᠠᠲᠤᠨ ᠳ᠋ᠠᠷ᠎ᠠ ᠪᠠᠯᠵᠢ ᠨᠠᠷ ᠪᠠᠢᠳᠠᠭ᠃ ᠪᠠᠭᠠᠲᠤᠷ ᠬᠣᠩ ᠲᠠᠢᠵᠢ ᠳ᠋ᠤ᠌ ᠠᠷᠪᠠᠨ ᠬᠣᠶᠠᠷ ᠬᠥᠪᠡᠭᠦᠨ ᠲᠡᠢ ᠪᠠᠢᠭᠰᠠᠨ᠃ ᠲᠡᠭᠦᠨ ᠦ᠌ ᠲᠠᠪᠤᠳᠤᠭᠠᠷ ᠬᠥᠪᠡᠭᠦᠨ ᠪᠣᠯᠤᠨ ᠵᠢᠷᠭᠤᠳᠤᠭᠠᠷ ᠬᠥᠪᠡᠭᠦᠨ ᠨᠢ ᠴᠥᠮ ᠠᠭᠠᠰ ᠬᠠᠲᠤᠨ ᠠ᠋ᠴᠠ ᠲᠥᠷᠥᠭᠰᠡᠨ ᠰᠡᠩᠭᠡ ᠪᠣᠯᠤᠨ ᠭᠠᠯᠳᠠᠨ ᠪᠢᠯᠡ᠃ ᠲᠡᠭᠦᠨ ᠦ᠌ ᠵᠢᠷᠭᠤᠳᠤᠭᠠᠷ ᠬᠥᠪᠡᠭᠦᠨ ᠭᠠᠯᠳᠠᠨ ᠮᠡᠨᠳᠦᠯᠡᠭᠡᠳ᠂ ᠡᠰᠡᠨ ᠬᠤᠲᠤᠭᠲᠤ ᠶ᠋ᠢᠨ ᠬᠤᠪᠢᠯᠭᠠᠨ ᠢ᠋ᠶ᠋ᠠᠷ ᠲᠥᠪᠡᠳ ᠲᠦ᠍ ᠵᠠᠯᠠᠭᠳᠠᠭᠰᠠᠨ ᠲᠤᠬᠠᠢ ᠰᠣᠨᠢᠨ ᠬᠠᠴᠢᠨ ᠶᠠᠷᠢᠶ᠎ᠠ ᠣᠯᠠᠨ ᠳᠡᠯᠭᠡᠷᠡᠵᠦ ᠪᠠᠢᠭᠰᠠᠨ᠃ ᠭᠠᠯᠳᠠᠨ ᠪᠡᠴᠢᠨ ᠵᠢᠯ(1644) ᠳ᠋ᠦ᠍ ᠮᠡᠨᠳᠦᠯᠡᠪᠡ᠃ ᠤᠯᠠᠮᠵᠢᠯᠠᠯ ᠶᠠᠷᠢᠶ᠎ᠠ ᠪᠣᠯᠤᠨ ᠲᠡᠮᠳᠡᠭᠯᠡᠯ ᠢ᠋ ᠦᠨᠳᠦᠰᠦᠯᠡᠪᠡᠯ᠂ ᠭᠠᠯᠳᠠᠨ ᠢ᠋ ᠲᠥᠷᠥᠬᠦ ᠦᠶ᠎ᠡ ᠳ᠋ᠦ᠍ ᠪᠠᠭᠠᠲᠤᠷ ᠬᠣᠩ ᠲᠠᠢᠵᠢ ᠪᠣᠯᠤᠨ ᠬᠠᠲᠤᠨ ᠶᠤᠮ ᠠᠭᠠᠰ ᠳᠤ ᠮᠠᠰᠢ ᠣᠯᠠᠨ ᠬᠠᠴᠢᠨ ᠰᠣᠨᠢᠷᠬᠠᠯ ᠲᠠᠢ ᠪᠡᠯᠭᠡ ᠲᠡᠮᠳᠡᠭ ᠮᠡᠳᠡᠭᠳᠡᠭᠰᠡᠨ ᠭᠡᠨ᠎ᠡ᠃ ᠲᠡᠷᠡ ᠬᠢᠷᠢ ᠳ᠋ᠦ᠍ ᠠᠯᠲᠠᠢ ᠠᠭᠤᠯᠠ ᠶ᠋ᠢᠨ ᠣᠷᠭᠢᠯ ᠳ᠋ᠤ᠌ ᠲᠠᠪᠤᠨ ᠥᠩᠭᠡ ᠶ᠋ᠢᠨ ᠰᠣᠯᠣᠩᠭ᠎ᠠ ᠲᠠᠲᠠᠭᠰᠠᠨ ᠪᠠᠢᠵᠠᠢ᠃ ᠪᠠᠭᠠᠲᠤᠷ ᠬᠣᠩ ᠲᠠᠢᠵᠢ ᠶᠡᠷᠦ ᠪᠤᠰᠤ ᠪᠠᠷ ᠪᠠᠶᠠᠷᠯᠠᠵᠤ᠂ ᠡᠨᠡ ᠬᠡᠦᠬᠡᠳ ᠡᠩ ᠦ᠋ᠨ ᠬᠥᠮᠦᠨ ᠪᠢᠰᠢ ᠭᠡᠮᠡᠨ ᠮᠠᠭᠠᠳᠯᠠᠵᠤ᠂ ᠬᠣᠵᠢᠮ ᠤ᠋ᠨ ᠡᠳᠦᠷ ᠬᠣᠩ ᠲᠠᠢᠵᠢ ᠶ᠋ᠢᠨ ᠰᠠᠭᠤᠷᠢ ᠪᠠᠨ ᠵᠠᠯᠭᠠᠮᠵᠢᠯᠠᠭᠤᠯᠬᠤ ᠭᠡᠮᠡᠨ ᠵᠢᠱ᠌ᠢᠵᠦ ᠪᠠᠢᠭᠰᠠᠨ ᠭᠡᠨ᠎ᠡ᠃ ᠳᠡᠮᠡᠢ ᠬᠡᠳᠦᠨ ᠣᠨ ᠪᠣᠯᠤᠭᠰᠠᠨ ᠦᠭᠡᠢ ᠪᠠᠷᠠᠭᠤᠨ ᠵᠣᠣ ᠠ᠋ᠴᠠ ᠬᠥᠮᠦᠨ ᠢᠷᠡᠵᠦ᠂ ᠭᠠᠯᠳᠠᠨ ᠢ᠋ ᠲᠥᠪᠡᠳ ᠦ᠋ᠨ ᠡᠰᠡᠨ ᠬᠤᠲᠤᠭᠲᠤ ᠶ᠋ᠢᠨ ᠨᠠᠢ᠍ᠮᠠᠳᠤᠭᠠᠷ ᠳᠦᠷᠢ ᠬᠤᠪᠢᠯᠭᠠᠨ[4] ᠭᠡᠮᠡᠨ ᠵᠢᠩᠬᠢᠨᠢ ᠲᠠᠨᠢᠵᠠᠢ᠃ ᠲᠡᠭᠦᠨᠴᠡ ᠭᠠᠯᠳᠠᠨ ᠢ᠋ ᠠᠷᠪᠠᠨ ᠨᠠᠰᠤ ᠬᠦᠷᠬᠦ ᠶ᠋ᠢᠨ ᠤᠷᠢᠳ ᠲᠥᠪᠡᠳ ᠲᠦ᠍ ᠵᠠᠯᠠᠭᠠᠳ᠂ ᠵᠠᠰᠢᠯᠣᠩᠪᠤ ᠬᠡᠢᠳ ᠦ᠋ᠨ ᠪᠠᠨᠴᠢᠨ ᠡᠷᠳᠡᠨᠢ ᠯᠣᠪᠰᠠᠩᠴᠣᠢᠵᠢᠵᠠᠯᠰᠠᠨ ᠳ᠋ᠤ᠌ ᠱᠠᠪᠢ ᠪᠣᠯᠭᠠᠨ᠂ ᠰᠠᠬᠢᠯ ᠬᠦᠷᠲᠡᠭᠡᠵᠦ ᠨᠣᠮ ᠡᠷᠳᠡᠮ ᠰᠤᠷᠭᠠᠭᠰᠠᠨ ᠠᠵᠤᠭᠤ᠃1662 ᠣᠨ ᠳ᠋ᠤ᠌᠂ ᠳᠥᠷᠪᠡᠳᠦᠭᠡᠷ ᠳᠦᠷᠢ ᠶ᠋ᠢᠨ ᠯᠣᠪᠰᠠᠩᠴᠣᠢᠵᠢᠵᠠᠯᠰᠠᠨ ᠲᠠᠭᠠᠯᠠᠯ ᠪᠣᠯᠤᠭᠰᠠᠨ ᠳ᠋ᠤ᠌᠂ ᠭᠠᠯᠳᠠᠨ ᠢ᠋ ᠵᠠᠰᠢᠯᠣᠩᠪᠤ 70 ᠬᠡᠢᠳ ᠡᠴᠡ ᡀᠠᠰᠠ ᠳ᠋ᠤ᠌ ᠰᠢᠯᠵᠢᠭᠦᠯᠦᠨ᠂ ᠲᠠᠪᠤᠳᠤᠭᠠᠷ ᠳᠠᠯᠠᠢ ᠯᠠᠮᠠ ᠯᠣᠪᠰᠠᠩᠵᠠᠮᠰᠤ ᠶ᠋ᠢᠨ ᠳᠡᠷᠭᠡᠳᠡ ᠨᠣᠮ ᠰᠤᠷᠭᠠᠵᠠᠢ᠃ ᠡᠨᠡᠬᠦ ᠬᠤᠭᠤᠴᠠᠭᠠᠨ ᠳ᠋ᠤ᠌ ᠲᠠᠪᠤᠳᠤᠭᠠᠷ ᠳᠠᠯᠠᠢ ᠯᠠᠮᠠ ᠶ᠋ᠢᠨ ᠨᠥᠭᠥᠭᠡ ᠨᠢᠭᠡᠨ ᠱᠠᠪᠢ ᠰᠠᠩᠵᠠᠢᠵᠠᠮᠰᠤ ᠭᠠᠯᠳᠠᠨ ᠲᠠᠢ ᠨᠥᠬᠥᠷᠯᠡᠵᠦ᠂ ᠨᠣᠮ ᠤ᠋ᠨ ᠠᠬ᠎ᠠ ᠳᠡᠭᠦᠦ ᠪᠣᠯᠪᠠ᠃ ᠰᠠᠩᠵᠠᠢᠵᠮᠰᠤ ᠲᠠᠢ ᠨᠥᠬᠥᠷᠯᠡᠭᠰᠡᠨ ᠨᠢ ᠭᠠᠯᠳᠠᠨ ᠤ᠋ ᠨᠢᠭᠡ ᠨᠠᠰᠤᠨ ᠳ᠋ᠤ᠌ ᠮᠠᠰᠢ ᠶᠡᠬᠡ ᠨᠥᠯᠥᠭᠡ ᠪᠣᠯᠵᠠᠢ᠃ ᠡᠨᠡᠬᠦ ᠨᠥᠯᠥᠭᠡ ᠨᠢ ᠬᠣᠵᠢᠮ ᠤ᠋ᠨ ᠵᠡᠭᠦᠨᠭᠠᠷ᠂ ᠬᠠᠯᠬ᠎ᠠ ᠪᠣᠯᠤᠨ ᠳᠠᠢᠴᠢᠩ ᠤᠯᠤᠰ ᠤ᠋ᠨ ᠬᠠᠷᠢᠴᠠᠭᠠᠨ ᠳ᠋ᠤ᠌ ᠶᠡᠷᠦ ᠪᠤᠰᠤ ᠶ᠋ᠢᠨ ᠦᠢᠯᠡᠳᠦᠯ ᠭᠠᠷᠭᠠᠪᠠ᠃
ᠭᠠᠯᠳᠠᠨ ᠠᠯᠤᠰ ᠤ᠋ᠨ ᠬᠦᠰᠡᠯ ᠢ᠋ ᠡᠪᠦᠷᠯᠡᠨ ᠡᠷᠳᠡᠮ ᠨᠣᠮ ᠪᠢᠰᠢᠯᠭᠠᠬᠤ ᠶ᠋ᠢᠨ ᠳᠠᠭᠠᠤ᠂ ᠵᠢᠳᠠ ᠰᠡᠯᠡᠮ᠎ᠡ ᠪᠥᠵᠢᠭᠯᠡᠨ ᠪᠣᠯᠪᠠᠰᠤᠷᠠᠵᠤ ᠪᠠᠢᠪᠠ[5]᠃ ᠲᠡᠷᠡ ᠣᠢ ᠪᠢᠯᠢᠭ ᠲᠡᠢ ᠬᠥᠮᠦᠨ ᠪᠣᠯᠬᠣᠷ᠂ ᠲᠥᠪᠡᠳ ᠲᠦ᠍ ᠰᠠᠭᠤᠬᠤ ᠬᠤᠭᠤᠴᠠᠭᠠᠨ ᠳ᠋ᠤ᠌ ᠥᠪᠡᠷ ᠦ᠋ᠨ ᠡᠷᠳᠡᠮ ᠮᠡᠳᠡᠯᠭᠡ ᠪᠡᠨ ᠪᠠᠶᠠᠯᠢᠭᠵᠢᠭᠤᠯᠤᠨ ᠬᠠᠷᠠᠭ᠎ᠠ ᠪᠠᠨ ᠥᠷᠭᠡᠳᠬᠡᠵᠦ᠂ ᠱᠠᠰᠢᠨ ᠤ᠋ ᠥᠨᠳᠥᠷ ᠴᠣᠯᠠ ᠶ᠋ᠢ ᠬᠠᠮᠠᠭᠠᠯᠠᠵᠠᠢ᠃ ᠲᠡᠦᠬᠡ ᠶ᠋ᠢᠨ ᠮᠠᠲ᠋ᠧᠷᠢᠶᠠᠯ ᠢ᠋ ᠦᠨᠳᠦᠰᠦᠯᠡᠪᠡᠯ᠂ ᠰᠡᠩᠭᠡ ᠬᠣᠩ ᠲᠠᠢᠵᠢ ᠶ᠋ᠢ ᠠᠮᠢᠳᠤ ᠰᠡᠷᠡᠭᠦᠨ ᠪᠠᠢᠬᠤ ᠳ᠋ᠤ᠌᠂ ᠭᠠᠯᠳᠠᠨ ᠵᠡᠭᠦᠨᠭᠠᠷ ᠳᠤ ᠬᠡᠳᠦᠨᠲᠡ ᠥᠭᠡᠳᠡᠯᠡᠵᠦ ᠱᠠᠰᠢᠨ ᠤ᠋ ᠬᠥᠳᠡᠯᠭᠡᠭᠡᠨ ᠬᠢᠪᠡ᠃1666 ᠣᠨ ᠳ᠋ᠤ᠌᠂ ᠭᠠᠯᠳᠠᠨ ᠵᠡᠭᠦᠨᠭᠠᠷ ᠳᠤ ᠥᠭᠡᠳᠡᠯᠡᠨ ᠰᠠᠭᠠᠲᠠᠬᠤ ᠦᠶ᠎ᠡ ᠳ᠋ᠦ᠍ ᠣᠷᠣᠰ ᠤ᠋ᠨ ᠡᠯᠴᠢ ᠸᠠᠰᠢᠯᠢ ᠪᠦᠪᠢᠨᠡᠢ ᠲᠡᠢ ᠠᠭᠤᠯᠵᠠᠵᠤ᠂ ᠲᠡᠭᠦᠨ ᠦ᠌ ᠪᠡᠯᠡᠭᠯᠡᠭᠰᠡᠨ ᠨᠣᠭᠣᠭᠠᠨ ᠨᠢᠽᠢ ᠪᠣᠯᠤᠨ ᠪᠤᠯᠠᠭ᠎ᠠ ᠶ᠋ᠢᠨ ᠠᠷᠠᠰᠤ ᠶ᠋ᠢ ᠬᠦᠯᠢᠶᠡᠨ ᠠᠪᠴᠠᠢ᠃1667 ᠣᠨ ᠳ᠋ᠤ᠌ ᠲᠡᠷᠡ ᠵᠡᠭᠦᠨᠭᠠᠷ ᠳᠤ ᠪᠠᠢᠬᠤ ᠳ᠋ᠠᠭᠠᠨ ᠸᠴᠢᠷᠲᠤ ᠴᠡᠴᠡᠨ ᠬᠠᠨ ᠤ᠋ ᠬᠥᠪᠡᠭᠦᠨ ᠭᠠᠯᠳᠠᠮ᠎ᠠ ( ᠠᠨᠤ ᠳᠠᠷᠠ ᠶ᠋ᠢᠨ ᠡᠴᠢᠭᠡ) ᠶ᠋ᠢᠨ ᠨᠠᠰᠤ ᠪᠠᠷᠠᠬᠤ ᠳ᠋ᠤ᠌ ᠲᠣᠬᠢᠶᠠᠯᠳᠤᠪᠠ᠃ ᠸᠴᠢᠷᠲᠤ ᠴᠡᠴᠡᠨ ᠬᠠᠨ ᠬᠥᠮᠦᠨ ᠢᠯᠡᠭᠡᠵᠦ᠂ ᠡᠨᠡᠬᠦ ᠵᠠᠯᠠᠭᠤ ᠬᠤᠲᠤᠭᠲᠤ ᠶ᠋ᠢ ᠵᠠᠯᠠᠭᠠᠳ ᠭᠠᠯᠳᠠᠮ᠎ᠠ ᠶ᠋ᠢᠨ ᠰᠦᠨᠡᠰᠦ ᠶ᠋ᠢ ᠦᠳᠡᠬᠦ ᠭᠡᠮᠡᠨ ᠨᠣᠮ ᠤᠩᠰᠢᠭᠤᠯᠤᠨ ᠭᠦᠷᠢᠮ ᠬᠢᠯᠭᠡᠵᠡᠢ[6]᠃1668 ᠣᠨ ᠳ᠋ᠤ᠌ ᠭᠠᠯᠳᠠᠨ ᠵᠡᠭᠦᠨᠭᠠᠷ ᠳᠤ ᠪᠠᠰᠠ ᠥᠭᠡᠳᠡᠯᠡᠪᠡ᠃ ᠲᠡᠨᠳᠡ ᠣᠷᠣᠰ ᠤ᠋ᠨ ᠡᠯᠴᠢ ᠪᠧᠷᠯᠢᠨ ᠲᠡᠢ ᠠᠭᠤᠯᠵᠠᠵᠤ᠂ ᠭᠡᠷ ᠡᠴᠡ ᠭᠠᠷᠤᠭᠰᠠᠨ ᠬᠥᠮᠦᠨ ᠤᠯᠤᠰ ᠲᠥᠷᠥ ᠳ᠋ᠦ᠍ ᠦᠯᠦ ᠣᠷᠣᠯᠴᠠᠬᠤ ᠳᠦᠷᠢ ᠶ᠋ᠢ ᠢᠯᠡᠷᠡᠭᠦᠯᠵᠡᠢ᠃ ᠭᠠᠯᠳᠠᠨ ᠵᠡᠭᠦᠨᠭᠠᠷ ᠳᠤ ᠬᠡᠳᠦᠨᠲᠡ ᠥᠭᠡᠳᠡᠯᠡᠬᠦ ᠡᠴᠡ ᠡᠮᠦᠨ᠎ᠡ ᠡᠨᠳᠡ ᠪᠠᠢᠭᠰᠠᠨ ᠽᠠᠶ᠎ᠠ ᠪᠠᠨᠳᠢᠳᠠ ᠬᠡᠳᠦᠢᠨ ᠨᠠᠰᠤ ᠪᠠᠷᠠᠭᠰᠠᠨ ᠪᠠᠢᠵᠠᠢ(1662 ᠣᠨ ᠳ᠋ᠤ᠌)᠃ ᠲᠡᠭᠦᠨᠴᠡ ᠵᠡᠭᠦᠨᠭᠠᠷ ᠣᠷᠣᠨ ᠳ᠋ᠤ᠌ ᠱᠠᠰᠢᠨ ᠤ᠋ ᠬᠥᠳᠡᠯᠭᠡᠭᠡᠨ ᠬᠢᠵᠦ ᠪᠠᠢᠭᠰᠠᠨ ᠯᠠᠮᠠ ᠬᠤᠲᠤᠭᠲᠤ ᠨᠠᠷ ᠤ᠋ᠨ ᠳᠣᠲᠣᠷ᠎ᠠ᠂ ᠱᠠᠰᠢᠨ ᠰᠤᠷᠲᠠᠬᠤᠨ ᠤ᠋ ᠪᠠᠢᠷᠢ ᠰᠠᠭᠤᠷᠢ ᠪᠣᠯᠤᠨ ᠡᠷᠳᠡᠮ ᠮᠡᠳᠡᠯᠭᠡ ᠶ᠋ᠢᠨ ᠲᠠᠯ᠎ᠠ ᠪᠠᠷ ᠭᠠᠯᠳᠠᠨ ᠢ᠋ ᠳᠠᠪᠠᠬᠤ ᠬᠥᠮᠦᠨ ᠦᠭᠡᠢ ᠪᠠᠢᠭᠰᠠᠨ ᠪᠢᠯᠡ᠃ ᠭᠠᠯᠳᠠᠨ ᠵᠡᠭᠦᠨᠭᠠᠷ ᠳᠤ ᠬᠡᠳᠦᠨᠲᠡ ᠥᠭᠡᠳᠡᠯᠡᠭᠰᠡᠨ ᠬᠤᠭᠤᠴᠠᠭᠠᠨ ᠳ᠋ᠤ᠌᠂ ᠲᠡᠭᠦᠨ ᠦ᠌ ᠭᠠᠷᠮᠠᠭᠠᠢ ᠡᠷᠳᠡᠮ ᠴᠢᠳᠠᠪᠤᠷᠢ ᠪᠠᠷ ᠢ᠋ᠶ᠋ᠠᠨ ᠣᠯᠠᠨ ᠲᠣᠭᠠᠨ ᠤ᠋ ᠲᠥᠪᠡᠳ ᠬᠡᠯᠡᠨ ᠦ᠌ ᠨᠣᠮ ᠰᠤᠳᠤᠷ ᠢ᠋ ᠲᠣᠳᠣ ᠬᠡᠯᠡ ᠳ᠋ᠦ᠍ ᠣᠷᠴᠢᠭᠤᠯᠤᠨ ᠲᠠᠷᠬᠠᠭᠠᠪᠠ᠃ ᠪᠠᠰᠠ ᠨᠡᠯᠢᠶᠡᠳ ᠣᠯᠠᠨ ᠰᠦᠵᠢᠭ ᠪᠢᠰᠢᠷᠡᠯᠲᠡᠨ ᠨᠠᠷ ᠲᠤ᠌ ᠤᠪᠠᠰᠢ᠂ ᠤᠪᠠᠰᠢᠨᠴᠠ᠂ ᠭᠡᠰᠦᠢ ᠶ᠋ᠢᠨ ᠰᠠᠬᠢᠯ ᠰᠠᠨᠸᠠᠷ ᠬᠦᠷᠲᠡᠵᠡᠢ [7]᠃
ᠰᠡᠩᠭᠡ ᠬᠣᠩ ᠲᠠᠢᠵᠢ ᠨᠠᠰᠤ ᠪᠠᠷᠠᠬᠤ ᠦᠶ᠎ᠡ ᠳ᠋ᠦ᠍ ᠲᠡᠭᠦᠨ ᠦ᠌ ᠭᠤᠷᠪᠠᠨ ᠬᠥᠪᠡᠭᠦᠨ ᠴᠠᠸᠠᠩᠷᠠᠪᠳᠠᠨ᠂ ᠳᠡᠨᠵᠢᠨ ᠣᠮᠪᠣ ᠬᠠᠷᠠᠬᠠᠨ ᠪᠠᠭ᠎ᠠ ᠪᠠᠢᠵᠤ᠂ ᠴᠣᠷᠣᠰ ᠣᠪᠣᠭᠲᠠᠨ ᠤ᠋ ᠠᠳᠠᠯ ᠦᠢᠯᠡᠰ ᠢ᠋ ᠬᠦᠴᠦᠯᠡᠨ ᠡᠷᠬᠢᠯᠡᠬᠦ ᠴᠢᠳᠠᠯ ᠣᠷᠣᠭ᠎ᠠ ᠦᠭᠡᠢ ᠪᠠᠢᠪᠠ᠃ ᠡᠢᠮᠦ ᠡᠴᠡ ᠡᠷᠬᠡ ᠰᠦᠷ ᠲᠡᠢ ᠪᠥᠭᠡᠳ ᠨᠥᠯᠥᠭᠡ ᠶᠡᠬᠡ ᠲᠡᠢ ᠶᠦᠮ ᠠᠭᠠᠰ ᠬᠠᠲᠤᠨ ᠬᠣᠩ ᠲᠠᠢᠵᠢ ᠶ᠋ᠢᠨ ᠰᠠᠭᠤᠷᠢᠨ ᠢ᠋ ᠪᠤᠰᠤᠳ ᠬᠥᠮᠦᠨ ᠦ᠌ ᠭᠠᠷ ᠲᠤ᠌ ᠣᠷᠣᠭᠤᠯᠬᠤ ᠳᠤᠷ᠎ᠠ ᠦᠭᠡᠢ ᠪᠠᠢᠵᠠᠢ᠃
1670 ᠣᠨ ᠤ᠋ ᠡᠪᠦᠯ᠂ ᠸᠴᠢᠷᠲᠦ ᠴᠡᠴᠡᠨ ᠬᠠᠨ ᠪᠣᠯᠤᠨ ᠠᠨᠤ ᠳᠠᠷᠠ ᠬᠠᠲᠤᠨ ᠤ᠋ ᠳᠡᠮᠵᠢᠯᠭᠡ ᠪᠡᠷ᠂ ᠠᠭᠠᠰ ᠬᠠᠲᠤᠨ ᠪᠠᠷᠠᠭᠤᠨ ᠵᠣᠣ ᠵᠦᠭ ᠬᠥᠳᠡᠯᠵᠦ᠂ ᠬᠥᠪᠡᠭᠦᠨ ᠭᠠᠯᠳᠠᠨ ᠢ᠋ᠶ᠋ᠠᠨ ᠢᠳᠬᠠᠵᠤ ᠰᠢᠷ᠎ᠠ ᠶ᠋ᠢ ᠨᠢ ᠰᠢᠪᠲᠤᠯᠵᠤ᠂ ᠬᠠᠷ᠎ᠠ ᠪᠤᠯᠠᠭᠠᠨ ᠪᠤᠴᠠᠭᠠᠬᠤ ᠭᠡᠪᠡ᠃ ᠭᠠᠯᠳᠠᠨ ᠬᠤᠲᠤᠭᠲᠤ ᠲᠡᠭᠦᠨ ᠦ᠌ ᠡᠬᠡ ᠶ᠋ᠢᠨ ᠦᠭᠡ ᠶ᠋ᠢ ᠬᠦᠯᠢᠶᠡᠨ ᠰᠢᠷ᠎ᠠ ᠪᠠᠨ ᠬᠠᠶᠠᠵᠤ ᠰᠠᠨᠸᠠᠷ ᠢ᠋ᠶ᠋ᠠᠨ ᠳᠠᠢᠯᠠᠵᠤ ᠪᠤᠴᠠᠬᠤ ᠭᠡᠮᠡᠨ ᠡᠷᠭᠦᠳᠡᠯ ᠡᠷᠭᠦᠪᠡ᠃ ᠲᠡᠭᠦᠨ ᠦ᠌ ᠨᠣᠮ ᠤ᠋ᠨ ᠨᠥᠬᠥᠷ ᠰᠠᠩᠵᠠᠢᠵᠠᠮᠰᠦ ᠶ᠋ᠢᠨ ᠬᠦᠴᠦᠲᠡᠢ ᠳᠡᠮᠵᠢᠯᠭᠡ ᠪᠡᠷ ᠳᠠᠯᠠᠢ ᠯᠠᠮᠠ ᠶ᠋ᠢᠨ ᠵᠥᠪᠰᠢᠶᠡᠷᠡᠯ ᠢ᠋ ᠣᠯᠵᠠᠢ᠃
ᠲᠠᠪᠤᠳᠤᠭᠠᠷ ᠳᠦᠷᠢ ᠶ᠋ᠢᠨ ᠳᠠᠯᠠᠢ ᠯᠠᠮᠠ ᠪᠣᠯᠤᠨ ᠰᠠᠩᠵᠠᠢᠵᠠᠮᠰᠦ ᠨᠠᠷ ᠭᠠᠯᠳᠠᠨ ᠬᠤᠲᠤᠭᠲᠤ ᠶ᠋ᠢᠨ ᠬᠠᠷ᠎ᠠ ᠪᠣᠯᠬᠤ ᠶ᠋ᠢ ᠵᠥᠪᠰᠢᠶᠡᠷᠡᠭᠰᠡᠨ ᠨᠢ ᠠᠯᠤᠰ ᠤ᠋ᠨ ᠲᠥᠯᠥᠪᠯᠡᠭᠡ ᠲᠡᠢ ᠮᠥᠷᠲᠡᠭᠡᠨ ᠲᠥᠪᠡᠳ ᠦ᠋ᠨ ᠪᠠᠢᠳᠠᠯ ᠲᠠᠢ ᠬᠣᠯᠪᠣᠭᠳᠠᠯ ᠲᠠᠢ ᠶᠤᠮ᠃ ᠠᠩᠬ᠎ᠠ ᠲᠥᠪᠡᠳ ᠦ᠋ᠨ ᠰᠢᠷ᠎ᠠ ᠶ᠋ᠢᠨ ᠱᠠᠰᠢᠨ ᠤ᠋ ᠡᠲᠡᠭᠡᠳ ᠡᠴᠡ ᠬᠣᠱᠤᠳ ᠤ᠋ᠨ ᠭᠦᠦᠰᠢ ᠬᠠᠨ ᠠ᠋ᠴᠠ ᠲᠤᠰᠠᠯᠠᠮᠵᠢ ᠭᠤᠶᠤᠭᠰᠠᠨ ᠨᠢ ᠴᠣᠬᠣᠮ ᠳ᠋ᠠᠭᠠᠨ ᠲᠥᠪᠡᠳ ᠣᠷᠣᠨ ᠢ᠋ ᠭᠦᠦᠰᠢ ᠬᠠᠨ ᠳ᠋ᠤ᠌ ᠡᠵᠡᠮᠰᠢᠭᠦᠯᠦᠶᠡ ᠭᠡᠰᠡᠨ ᠪᠢᠰᠢ᠂ ᠬᠠᠷᠢᠨ ᠭᠦᠦᠰᠢ ᠬᠠᠨ ᠤ᠋ ᠴᠡᠷᠢᠭ ᠦ᠋ᠨ ᠬᠦᠴᠦ ᠶ᠋ᠢ ᠵᠢᠭᠡᠯᠡᠵᠦ ᠤᠯᠠᠭᠠᠨ ᠮᠠᠯᠠᠭᠠᠢᠲᠤ ᠶ᠋ᠢᠨ ᠱᠠᠰᠢᠨ ᠢ᠋ ᠳᠣᠷᠣᠢᠲᠠᠭᠤᠯᠤᠭᠠᠳ ᠥᠪᠡᠷᠰᠡᠳ ᠢ᠋ᠶ᠋ᠡᠨ ᠴᠣᠬᠣᠮ ᠡᠷᠬᠡ ᠶ᠋ᠢ ᠠᠳᠬᠤᠬᠤ ᠭᠡᠵᠡᠢ᠃ ᠭᠡᠲᠡᠯ᠎ᠡ ᠭᠦᠦᠰᠢ ᠬᠠᠨ ᠲᠥᠪᠡᠳ ᠦ᠋ᠨ ᠽᠠᠩᠪᠠ ᠬᠠᠨ ᠪᠣᠯᠤᠨ ᠤᠯᠠᠭᠠᠨ ᠮᠠᠯᠠᠭᠠᠢᠲᠤ ᠶ᠋ᠢᠨ ᠱᠠᠰᠢᠨ ᠢ᠋ ᠤᠰᠠᠳᠬᠠᠭᠠᠳ ᠴᠡᠷᠢᠭ ᠤᠬᠤᠷᠢᠭᠰᠠᠨ ᠦᠭᠡᠢ᠂ ᠥᠪᠡᠷ ᠢ᠋ᠶ᠋ᠡᠨ ᠳᠠᠮ ᠣᠷᠣᠨ ᠳ᠋ᠤ᠌ ᠳᠠᠷᠤᠩᠭᠤᠢᠯᠠᠨ ᠰᠠᠭᠤᠪᠠ᠃ ᠲᠥᠪᠡᠳ ᠦ᠋ᠨ ᠰᠢᠷ᠎ᠠ ᠶ᠋ᠢᠨ ᠱᠠᠰᠢᠨ ᠪᠣᠯᠤᠨ ᠬᠣᠱᠤᠳ ᠠᠢᠮᠠᠭ ᠤ᠋ᠨ ᠬᠣᠭᠣᠷᠣᠨᠳᠣᠬᠢ ᠨᠠᠷᠢᠨ ᠪᠤᠳᠤᠯᠢᠶᠠᠨᠲᠠᠢ ᠬᠠᠷᠢᠴᠠᠭ᠎ᠠ ᠨᠢ ᠭᠦᠦᠰᠢ ᠬᠠᠨ ᠪᠣᠯᠤᠨ ᠲᠡᠭᠦᠨ ᠦ᠌ ᠬᠥᠪᠡᠭᠦᠨ ᠳᠠᠶᠠᠨ ᠸᠴᠢᠷ ᠬᠠᠨ ᠤ᠋ ᠦᠶ᠎ᠡ ᠳ᠋ᠦ᠍ ᠬᠠᠷᠠᠬᠠᠨ ᠮᠡᠳᠡᠭᠳᠡᠬᠦ ᠦᠭᠡᠢ ᠪᠠᠢᠭᠰᠠᠨ᠃ 1668 ᠣᠨ ᠳ᠋ᠤ᠌ ᠳᠠᠶᠠᠨ ᠸᠴᠢᠷ ᠬᠠᠨ ᠨᠠᠰᠤ ᠪᠠᠷᠠᠭᠠᠳ᠂ ᠲᠡᠭᠦᠨ ᠦ᠌ ᠬᠥᠪᠡᠭᠦᠨ ᠫᠣᠩᠰᠤᠭ ᠵᠠᠯᠭᠠᠵᠤ ᠳᠠᠯᠠᠢ ᠬᠠᠨ ᠬᠡᠮᠡᠭᠳᠡᠪᠡ᠃ ᠡᠨᠡ ᠦᠶ᠎ᠡ ᠡᠴᠡ ᠡᠬᠢᠯᠡᠵᠦ ᠲᠥᠪᠡᠳ ᠦ᠋ᠨ ᠳᠡᠭᠡᠳᠦ ᠳᠠᠪᠬᠤᠷᠭᠠᠲᠠᠨ ᠪᠣᠯᠤᠨ ᠬᠣᠱᠤᠳ ᠬᠠᠨ ᠤ᠋ ᠬᠣᠭᠣᠷᠣᠨᠳᠣ ᠢᠯᠡ ᠪᠡᠷ ᠥᠷᠢᠰᠦᠯᠳᠦᠵᠦ ᠳᠠᠯᠳᠠᠭᠤᠷ ᠲᠡᠮᠡᠴᠡᠯᠳᠦᠬᠦ ᠪᠣᠯᠤᠭᠰᠠᠨ ᠪᠠᠢᠨ᠎ᠠ᠃ ᠡᠨᠡ ᠦᠶ᠎ᠡ ᠳ᠋ᠦ᠍ ᠲᠠᠪᠤᠳᠤᠭᠠᠷ ᠳᠠᠯᠠᠢ ᠯᠠᠮᠠ ᠶ᠋ᠢᠨ ᠲᠤᠰᠬᠠᠢᠯᠠᠨ ᠰᠤᠷᠭᠠᠭᠰᠠᠨ ᠱᠠᠪᠢ ᠰᠠᠩᠵᠠᠢᠵᠠᠮᠰᠦ ᠬᠡᠳᠦᠢᠪᠡᠷ ᠳ᠋ᠢᠪᠠ ᠶ᠋ᠢᠨ ᠬᠡᠷᠬᠢᠮ ᠳ᠋ᠦ᠍ ᠰᠠᠭᠤᠭᠠᠳᠤᠢ ᠪᠣᠯᠪᠠᠴᠤ᠂ ᠲᠥᠪᠡᠳ ᠦ᠋ᠨ ᠤᠯᠤᠰ ᠲᠥᠷᠥ ᠳ᠋ᠦ᠍ ᠶᠡᠷᠦ ᠪᠤᠰᠤ ᠶ᠋ᠢᠨ ᠦᠢᠯᠡᠳᠦᠯ ᠦᠵᠡᠭᠦᠯᠬᠦ ᠪᠣᠯᠵᠠᠢ᠃ ᠤᠯᠠᠮᠵᠢᠯᠠᠯ ᠢ᠋ ᠦᠨᠳᠦᠰᠦᠯᠡᠪᠡᠯ᠂ ᠫᠣᠩᠰᠣᠭ ᠳᠠᠯᠠᠢ ᠬᠠᠨ ᠤ᠋ ᠭᠡᠨᠡᠳᠲᠡ ᠪᠡᠷ ᠨᠠᠰᠤ ᠪᠠᠷᠠᠭᠰᠠᠨ ᠨᠢ ᠰᠠᠩᠵᠠᠢᠵᠠᠮᠰᠦ ᠲᠡᠢ ᠬᠣᠯᠪᠣᠭ᠎ᠠ ᠲᠠᠢ ᠭᠡᠳᠡᠭ᠃ ᠲᠡᠷᠡ ᠬᠣᠵᠢᠮ ᠤ᠋ᠨ ᠡᠳᠦᠷ ᠬᠣᠱᠤᠳ ᠤ᠋ᠨ ᠬᠠᠨ ᠲᠠᠢ ᠬᠦᠴᠦ ᠲᠡᠩᠴᠡᠨ ᠮᠥᠷᠥᠢᠴᠡᠬᠦ ᠬᠥᠮᠦᠨ ᠢ᠋ ᠣᠯᠤᠶ᠎ᠠ ᠭᠡᠮᠡᠨ ᠪᠣᠳᠣᠵᠤ ᠪᠠᠢᠵᠠᠢ᠃ ᠭᠠᠯᠳᠠᠨ ᠬᠤᠲᠤᠭᠲᠤ ᠶ᠋ᠢ ᠵᠣᠷᠢᠭ ᠵᠢᠷᠦᠬᠡ ᠲᠡᠢ ᠪᠥᠭᠡᠳ ᠮᠡᠳᠡᠯᠭᠡ ᠲᠡᠢ ᠭᠡᠰᠡᠨ ᠢ᠋ ᠰᠠᠩᠵᠠᠢᠵᠠᠮᠰᠦ ᠭᠦᠨ ᠣᠢᠯᠠᠭᠠᠬᠤ ᠲᠤᠯᠠ᠂ ᠲᠡᠭᠦᠨ ᠢ᠋ ᠳᠡᠮᠵᠢᠵᠦ ᠵᠡᠭᠦᠨᠭᠠᠷ ᠤ᠋ᠨ ᠡᠷᠬᠡ ᠶ᠋ᠢ ᠡᠵᠡᠮᠰᠢᠭᠦᠯᠬᠦ ᠪᠣᠳᠣᠯᠭ᠎ᠠ ᠡᠪᠦᠷᠯᠡᠭᠰᠡᠨ ᠪᠢᠯᠡ᠃ ᠲᠡᠢᠮᠦ ᠡᠴᠡ ᠭᠠᠯᠳᠠᠨ ᠢ᠋ ᠵᠡᠭᠦᠨᠭᠠᠷ ᠲᠤ᠌ ᠪᠤᠴᠠᠬᠤ ᠦᠶ᠎ᠡ ᠳ᠋ᠦ᠍᠂ ᠳᠠᠯᠠᠢ ᠯᠠᠮᠠ ᠠ᠋ᠴᠠ ᠣᠨᠴᠠᠭᠠᠢᠯᠠᠨ ᠲᠡᠭᠦᠨ ᠳ᠋ᠦ᠍ ᠪᠣᠱᠣᠭᠲᠤ ᠴᠣᠯᠠ[8] ᠶ᠋ᠢ ᠰᠣᠶᠣᠷᠬᠠᠭᠰᠠᠨ ᠶᠤᠮ᠃
1671 ᠣᠨ ᠤ᠋ ᠡᠬᠢᠨ ᠳ᠋ᠦ᠍ ᠭᠠᠯᠳᠠᠨ ᠵᠡᠭᠦᠨᠭᠠᠷ ᠲᠤ᠌ ᠬᠦᠷᠦᠭᠡᠳ᠂ ᠬᠣᠩ ᠲᠠᠢᠵᠢ ᠶ᠋ᠢᠨ ᠰᠠᠭᠤᠷᠢᠨ ᠢ᠋ ᠵᠠᠯᠭᠠᠮᠵᠢᠯᠠᠵᠤ᠂ ᠪᠡᠷᠭᠡᠨ ᠠᠨᠤ ᠳᠠᠷᠠ ᠶ᠋ᠢ ᠬᠠᠲᠤᠨ ᠪᠣᠯᠭᠠᠨ ᠵᠠᠯᠠᠵᠠᠢ᠃
ᠭᠤᠷᠪᠠ᠂ ᠭᠠᠯᠳᠠᠨ ᠵᠡᠭᠦᠨᠭᠠᠷ ᠬᠠᠭᠠᠨᠲᠤ ᠤᠯᠤᠰ ᠢ᠋ ᠪᠠᠢᠭᠤᠯᠤᠭᠰᠠᠨ ᠨᠢ
ᠬᠣᠩ ᠲᠠᠢᠵᠢ ᠶ᠋ᠢᠨ ᠰᠠᠭᠤᠳᠠᠯ ᠳ᠋ᠤ᠌ ᠰᠠᠶᠢᠬᠠᠨ ᠰᠠᠭᠤᠭᠰᠠᠨ ᠭᠠᠯᠳᠠᠨ ᠢᠳᠡ ᠵᠣᠷᠢᠭ ᠨᠢ ᠪᠠᠳᠠᠷᠠᠵᠤ᠂ ᠥᠰᠢᠶ᠎ᠡ ᠠᠪᠴᠤ ᠢᠯᠠᠯᠲᠠ ᠣᠯᠬᠤ ᠬᠦᠰᠡᠯ ᠦᠯᠡᠮᠵᠢ ᠪᠠᠢᠵᠠᠢ᠃ ᠲᠡᠷᠡ ᠰᠡᠩᠭᠡ ᠶ᠋ᠢᠨ ᠬᠠᠷᠢᠶᠠᠲᠤ ᠬᠠᠭᠤᠴᠢᠨ ᠰᠠᠢᠳ ᠨᠠᠷ ᠪᠣᠯᠤᠨ ᠯᠠᠮᠠ ᠨᠠᠷ ᠢ᠋ ᠴᠤᠭᠯᠠᠭᠤᠯᠤᠨ᠂ ᠲᠡᠭᠦᠨ ᠦ᠌ ᠠᠪᠠᠭ᠎ᠠ ᠴᠥᠬᠥᠷ ᠤᠪᠠᠰᠢ ᠪᠣᠯᠤᠨ ᠪᠠᠬᠠᠪᠠᠨᠳᠢ ᠶ᠋ᠢ ᠳᠠᠢᠯᠠᠪᠠ᠃ ᠣᠮᠣᠭ ᠵᠣᠷᠢᠭ ᠪᠠᠢᠪᠠᠴᠤ ᠲᠡᠢᠨ ᠦ᠌ ᠪᠡᠯᠡᠳᠬᠡᠯ ᠢ᠋ᠶ᠋ᠡᠨ ᠰᠠᠢᠲᠤᠷ ᠬᠢᠭᠰᠡᠨ ᠦᠭᠡᠢ ᠲᠤᠯᠠ ᠠᠩᠬ᠎ᠠ ᠤᠳᠠᠭ᠎ᠠ ᠶ᠋ᠢᠨ ᠲᠡᠢᠨ ᠨᠢ ᠬᠠᠨᠤᠮᠵᠢᠲᠠᠢ ᠠᠮᠵᠢᠯᠲᠠ ᠣᠯᠤᠭᠰᠠᠨ ᠦᠭᠡᠢ᠃
ᠲᠡᠷᠡ ᠡᠨᠡ ᠤᠳᠠᠭ᠎ᠠ ᠶ᠋ᠢᠨ ᠲᠡᠢᠨ ᠢ᠋ᠶ᠋ᠡᠷ ᠳᠡᠮᠵᠢᠵᠦ᠂ ᠵᠡᠭᠦᠨᠭᠠᠷ ᠤ᠋ᠨ ᠣᠯᠠᠨ ᠲᠠᠢᠵᠢ ᠨᠠᠷ ᠤ᠋ᠨ ᠳᠣᠲᠣᠷ᠎ᠠ ᠬᠦᠴᠦᠷᠬᠡᠭ ᠪᠠᠢᠷᠢ ᠰᠠᠭᠤᠷᠢ ᠲᠠᠢ ᠪᠣᠯᠤᠶ᠎ᠠ ᠭᠡᠪᠡᠯ᠂ ᠵᠠᠪᠠᠯ ᠴᠡᠷᠢᠭ ᠦ᠋ᠨ ᠬᠦᠴᠦᠨ ᠪᠠ ᠡᠳ᠋ ᠦ᠋ᠨ ᠵᠠᠰᠠᠭ ᠤ᠋ᠨ ᠲᠠᠯ᠎ᠠ ᠪᠠᠷ ᠳᠠᠪᠠᠭᠤᠯᠢᠭ ᠪᠠᠢᠬᠤ ᠬᠡᠷᠡᠭᠲᠡᠢ ᠭᠡᠳᠡᠭ ᠢ᠋ ᠰᠡᠷᠡᠵᠦ ᠮᠡᠳᠡᠵᠡᠢ᠃ ᠲᠡᠭᠦᠨᠴᠡ ᠲᠡᠷᠡ ᠴᠦᠬᠦᠷ ᠤᠪᠠᠰᠢ ᠪᠣᠯᠤᠨ ᠪᠠᠬᠠᠪᠠᠨᠳᠢ ᠶ᠋ᠢ ᠳᠠᠢᠯᠠᠬᠤ ᠪᠠᠨ ᠲᠦᠷ ᠲᠡᠪᠴᠢᠵᠦ᠂ ᠥᠪᠡᠷ ᠦ᠋ᠨ ᠬᠦᠴᠦ ᠪᠡᠨ ᠪᠤᠵᠠᠭᠠᠢᠷᠠᠭᠤᠯᠬᠤ ᠶ᠋ᠢᠨ ᠲᠥᠯᠥᠭᠡ ᠴᠡᠷᠢᠭ ᠦ᠋ᠨ ᠬᠦᠷᠢᠶ᠎ᠡ ᠥᠷᠥᠭᠡ ᠪᠡᠨ ᠠᠯᠲᠠᠢ ᠶ᠋ᠢᠨ ᠥᠪᠥᠷ ᠲᠡᠬᠢ ᠬᠠᠷ᠎ᠠ ᠡᠷᠴᠢᠰ ᠦ᠋ᠨ ᠡᠬᠢᠨ ᠳ᠋ᠦ᠍ ᠨᠡᠭᠦᠯᠭᠡᠵᠡᠢ᠃
ᠠᠯᠲᠠᠢ ᠠᠭᠤᠯᠠ ᠶ᠋ᠢᠨ ᠪᠠᠷᠠᠭᠤᠨ ᠡᠮᠦᠨ᠎ᠡ ᠪᠠᠯ ᠠ᠋ᠴᠠ ᠡᠬᠢ ᠠᠪᠤᠭᠰᠠᠨ ᠡᠷᠴᠢᠰ ᠭᠣᠣᠯ ᠨᠢ ᠵᠡᠭᠦᠨᠭᠠᠷ ᠤ᠋ᠨ ᠵᠡᠭᠦᠨ ᠪᠡᠶ᠎ᠡ ᠪᠡᠷ ᠤᠮᠠᠷᠠᠰᠢ ᠤᠷᠤᠰᠳᠠᠭ᠃ ᠲᠡᠭᠦᠨ ᠳ᠋ᠦ᠍ ᠬᠣᠶᠠᠷ ᠰᠠᠯᠪᠤᠷᠢ ᠪᠠᠢᠭᠰᠠᠨ ᠤ᠋ ᠨᠢᠭᠡ ᠶ᠋ᠢ ᠬᠠᠷ᠎ᠠ ᠡᠷᠴᠢᠰ ᠬᠡᠮᠡᠵᠦ᠂ ᠨᠥᠭᠥᠭᠡ ᠶ᠋ᠢ ᠬᠤᠸᠠ ᠡᠷᠴᠢᠰ ᠭᠡᠳᠡᠭ᠃ ᠬᠠᠷ᠎ᠠ ᠡᠷᠴᠢᠰ ᠭᠣᠣᠯ ᠨᠢ ᠠᠯᠲᠠᠢ ᠶ᠋ᠢᠨ ᠬᠦᠷᠢᠶᠡᠲᠦ ᠳᠠᠪᠠᠭᠠᠨ ᠤ᠋ ᠳᠣᠣᠷ᠎ᠠ ᠠ᠋ᠴᠠ ᠡᠬᠢ ᠠᠪᠴᠤ᠂ ᠵᠠᠭᠤ ᠲᠠᠪᠢᠨ ᠭᠠᠵᠠᠷ ᠤᠷᠤᠰᠤᠭᠠᠳ ᠬᠤᠸᠠ ᠡᠷᠴᠢᠰ ᠲᠡᠢ ᠨᠡᠢᠯᠡᠳᠡᠭ᠃ ᠬᠠᠷ᠎ᠠ ᠡᠷᠴᠢᠰ ᠢ᠋ ᠥᠭᠰᠥᠵᠦ ᠶᠠᠪᠤᠪᠠᠯ ᠳᠠᠪᠠᠭᠠᠨ ᠳ᠋ᠤ᠌ ᠬᠦᠷᠴᠦ᠂ ᠴᠢᠨᠠᠭᠰᠢ ᠳᠠᠬᠢᠨ ᠥᠭᠡᠳᠡᠯᠡᠪᠡᠯ ᠬᠦᠷᠢᠶᠡᠲᠦ ᠳᠠᠪᠠᠭᠠᠨ ᠳ᠋ᠤ᠌ ᠬᠦᠷᠦᠨ᠎ᠡ᠃ ᠬᠦᠷᠢᠶᠡᠲᠦ ᠳᠠᠪᠠᠭᠠᠨ ᠠ᠋ᠴᠠ ᠪᠠᠭᠤᠵᠤ ᠭᠤᠷᠪᠠᠨ ᠵᠠᠭᠤᠨ ᠭᠠᠵᠠᠷ ᠶᠠᠪᠤᠪᠠᠯ ᠳᠠᠷᠤᠢ ᠠᠯᠲᠠᠢ ᠠ᠋ᠴᠠ ᠵᠠᠢᠳᠠᠵᠤ ᠬᠠᠯᠬ᠎ᠠ ᠶ᠋ᠢᠨ ᠵᠠᠰᠠᠭᠲᠤ ᠬᠠᠨ ᠠᠢᠮᠠᠭ ᠤ᠋ᠨ ᠬᠣᠪᠲᠣ ᠬᠣᠲᠠ(ᠬᠣᠵᠢᠮ ᠪᠠᠢᠭᠤᠯᠵᠠᠢ) ᠳ᠋ᠤ᠌ ᠬᠦᠷᠳᠡᠭ᠃ ᠭᠠᠯᠳᠠᠨ ᠬᠣᠩ ᠲᠠᠢᠵᠢ ᠠᠯᠲᠠᠢ ᠶ᠋ᠢᠨ ᠬᠠᠷ᠎ᠠ ᠡᠷᠴᠢᠰ ᠲᠦ᠍ ᠢᠷᠡᠵᠦ ᠰᠠᠭᠤᠭᠰᠠᠨ ᠨᠢ ᠤᠯᠤᠰ ᠲᠥᠷᠥ᠂ ᠠᠵᠤ ᠠᠬᠤᠢ ᠶ᠋ᠢᠨ ᠲᠠᠯ᠎ᠠ ᠪᠠᠷ ᠬᠦᠨᠳᠦ ᠴᠢᠬᠤᠯᠠ ᠠᠴᠢ ᠬᠣᠯᠪᠣᠭᠳᠠᠯ ᠲᠠᠢ ᠪᠠᠢᠭᠰᠠᠨ ᠶᠤᠮ᠃
1. ᠬᠠᠷ᠎ᠠ ᠡᠷᠴᠢᠰ ᠲᠦ᠍ ᠰᠠᠭᠤᠵᠤ ᠠᠯᠲᠠᠢ᠂ ᠲᠠᠩᠨᠤ ᠤᠷᠢᠶᠠᠩᠬᠠᠢ᠂ ᠬᠢᠷᠭᠢᠰ ᠣᠷᠣᠨ ᠢ᠋ ᠡᠵᠡᠮᠰᠢᠨ᠂ ᠤᠷᠢᠶᠠᠩᠬᠠᠢ ᠪᠣᠯᠤᠨ ᠬᠢᠷᠭᠢᠰ ᠡᠴᠡ ᠡᠷᠡᠴᠦᠳ ᠢ᠋ ᠡᠯᠰᠡᠵᠦ ᠴᠡᠷᠢᠭ ᠦ᠋ᠨ ᠬᠦᠴᠦ ᠪᠡᠨ ᠨᠥᠬᠥᠪᠥᠷᠢᠯᠡᠬᠦ ᠪᠡᠷ ᠪᠠᠷᠠᠬᠤ ᠦᠭᠡᠢ᠂ ᠪᠠᠰᠠ ᠡᠳᠡᠭᠡᠷ ᠣᠷᠣᠨ ᠠ᠋ᠴᠠ ᠡᠳ᠋ ᠪᠣᠳᠠᠰ ᠲᠠᠲᠠᠪᠤᠷᠢᠯᠠᠨ ᠡᠳ᠋ ᠦ᠋ᠨ ᠵᠠᠰᠠᠭ ᠤ᠋ᠨ ᠣᠷᠣᠯᠭ᠎ᠠ ᠪᠠᠨ ᠨᠡᠮᠡᠭᠳᠡᠭᠦᠯᠦᠨ᠎ᠡ᠃
2. ᠬᠠᠯᠬ᠎ᠠ ᠶ᠋ᠢᠨ ᠵᠠᠰᠠᠭᠲᠤ ᠬᠠᠨ ᠲᠠᠢ ᠣᠢᠷᠠᠲᠤᠨ ᠨᠥᠬᠥᠷᠯᠡᠵᠦ᠂ ᠴᠢᠬᠤᠯᠠ ᠲᠠᠢ ᠦᠶ᠎ᠡ ᠳ᠋ᠦ᠍ ᠲᠡᠭᠦᠨ ᠦ᠌ ᠲᠤᠰᠠᠯᠠᠮᠵᠢ ᠶ᠋ᠢ ᠬᠦᠷᠲᠡᠵᠦ ᠪᠣᠯᠤᠨ᠎ᠠ᠃
3. ᠬᠠᠷ᠎ᠠ ᠡᠷᠴᠢᠰ ᠦ᠋ᠨ ᠭᠠᠵᠠᠷ ᠠ᠋ᠴᠠ ᠲᠥᠪᠡᠳ ᠲᠡᠢ ᠬᠠᠷᠢᠯᠴᠠᠬᠤ ᠳ᠋ᠤ᠌ ᠵᠡᠭᠦᠨᠭᠠᠷ ᠤ᠋ᠨ ᠬᠣᠲᠣᠭᠣᠷ ᠢ᠋ ᠲᠣᠭᠣᠷᠢᠨ ᠥᠩᠭᠡᠷᠡᠬᠦ ᠴᠢᠬᠤᠯᠠ ᠦᠭᠡᠢ᠃ ᠤᠴᠢᠷ ᠨᠢ ᠬᠠᠷ᠎ᠠ ᠡᠷᠴᠢᠰ ᠡᠴᠡ ᠰᠢᠭᠤᠳ ᠪᠤᠯᠠᠭᠠᠨ᠂ ᠴᠢᠩᠭᠢᠯ᠂ ᠪᠠᠷᠰ ᠬᠥᠯ᠂ ᠬᠠᠮᠠᠷ ᠢ᠋ᠶ᠋ᠠᠷ ᠳᠠᠮᠵᠢᠨ ᠲᠥᠪᠡᠳ ᠲᠦ᠍ ᠨᠡᠪᠲᠡᠷᠡᠵᠦ ᠪᠣᠯᠤᠨ᠎ᠠ᠃
ᠭᠠᠯᠳᠠᠨ ᠬᠣᠩ ᠲᠠᠢᠵᠢ ᠬᠠᠷ᠎ᠠ ᠡᠷᠴᠢᠰ ᠲᠦ᠍ ᠬᠦᠴᠦ ᠪᠡᠨ ᠵᠤᠵᠠᠭᠠᠳᠬᠠᠬᠤ ᠶ᠋ᠢᠨ ᠳᠠᠭᠠᠤ᠂ ᠣᠢᠷᠠᠳ ᠤ᠋ᠨ ᠲᠠᠢᠵᠢ ᠨᠠᠷ ᠢ᠋ ᠳᠠᠯᠳᠠᠭᠤᠷ ᠤᠬᠠᠭᠤᠯᠤᠨ ᠲᠠᠲᠠᠬᠤ ᠠᠵᠢᠯ ᠢ᠋ ᠢᠳᠡᠪᠬᠢᠲᠡᠢ ᠭᠡᠵᠡᠢ᠃ ᠲᠡᠷᠡ ᠣᠢᠷᠠᠳ ᠤ᠋ᠨ ᠲᠠᠢᠵᠢ ᠨᠠᠷ ᠤ᠋ᠨ ᠨᠤᠲᠤᠭ ᠳᠤ ᠬᠡᠯᠡ ᠠᠮᠠᠨ ᠳ᠋ᠠᠭᠠᠨ ᠬᠤᠷᠴᠠ ᠮᠡᠷᠭᠡᠨ ᠯᠠᠮᠠ ᠨᠠᠷ ᠢ᠋ ᠲᠣᠮᠢᠯᠠᠨ᠂ ᠤᠬᠠᠭᠤᠯᠤᠨ ᠲᠠᠲᠠᠬᠤ ᠠᠵᠢᠯ ᠢ᠋ ᠬᠢᠯᠭᠡᠭᠰᠡᠨ ᠨᠢ ᠵᠣᠬᠢᠬᠤ ᠬᠡᠮᠵᠢᠶᠡᠨ ᠦ᠌ ᠦᠷ᠎ᠡ ᠳ᠋ᠦᠩ ᠭᠠᠷᠴᠠᠢ᠃1671 ᠣᠨ ᠤ᠋ ᠡᠪᠦᠯ᠂ ᠳᠠᠯᠠᠢ ᠲᠠᠢᠱ᠌ᠢ ᠶ᠋ᠢᠨ ᠣᠮᠪᠣᠯᠣ ᠠᠯᠳᠠᠷ ᠲᠠᠢᠱ᠌ᠢ ᠥᠪᠡᠷ ᠦ᠋ᠨ ᠬᠠᠷᠢᠶᠠᠲᠤ ᠪᠠᠨ ᠳᠠᠭᠠᠭᠤᠯᠤᠨ ᠭᠠᠯᠳᠠᠨ ᠬᠣᠩ ᠲᠠᠢᠵᠢ ᠳ᠋ᠤ᠌ ᠳᠠᠭᠠᠷ᠎ᠠ ᠢᠷᠡᠪᠡ᠃1673 ᠣᠨ ᠤ᠋ ᠬᠠᠪᠤᠷ᠂ ᠬᠣᠱᠤᠳ ᠤ᠋ᠨ ᠬᠥᠨᠳᠡᠯᠡᠨ ᠤᠪᠠᠰᠢ ᠶ᠋ᠢᠨ ᠣᠮᠪᠣᠯᠣ ᠳᠡᠨᠵᠢᠨ ᠬᠣᠩ ᠲᠠᠢᠵᠢ ᠪᠠᠰᠠ ᠳᠠᠭᠠᠷ᠎ᠠ ᠢᠷᠡᠵᠡᠢ᠃ ᠮᠥᠨ ᠵᠡᠭᠦᠨᠭᠠᠷ ᠳᠤ ᠬᠣᠴᠣᠷᠤᠭᠰᠠᠨ ᠲᠣᠷᠭᠤᠳ ᠠᠢᠮᠠᠭ ᠤ᠋ᠨ ᠭᠣᠮᠪᠣ ᠲᠠᠢᠵᠢ ᠪᠠᠰᠠ ᠬᠠᠷᠢᠶᠠᠲᠤ ᠪᠠᠨ ᠠᠪᠴᠤ ᠳᠠᠭᠠᠷ᠎ᠠ ᠢᠷᠡᠪᠡ᠃ ᠭᠠᠯᠳᠠᠨ ᠬᠣᠩ ᠲᠠᠢᠵᠢ ᠲᠡᠳᠡᠨ ᠢ᠋ ᠰᠠᠢᠲᠤᠷ ᠲᠣᠬᠣᠨᠢᠭᠤᠯᠤᠨ ᠦᠷᠦᠩᠬᠦ᠂ ᠪᠤᠯᠠᠭᠠᠨ᠂ ᠴᠢᠩᠭᠢᠯ ᠵᠡᠷᠭᠡ ᠭᠠᠵᠠᠷ ᠳᠤ ᠲᠣᠬᠢᠷᠠᠭᠤᠯᠤᠨ ᠰᠠᠭᠤᠯᠭᠠᠭᠠᠳ ᠨᠡᠷ᠎ᠡ ᠰᠦᠷ ᠢ᠋ᠶ᠋ᠡᠨ ᠡᠳᠦᠷ ᠢᠷᠡᠬᠦᠶ᠎ᠡ ᠮᠠᠨᠳᠤᠭᠤᠯᠵᠠᠢ᠃ ᠲᠡᠷᠡ ᠬᠢᠷᠢ ᠳ᠋ᠦ᠍ ᠴᠦᠭᠦᠷ ᠤᠪᠠᠰᠢ ᠪᠣᠯᠤᠨ ᠪᠠᠬᠠᠪᠠᠨᠳᠠᠢ ᠨᠠᠷ ᠭᠠᠯᠳᠠᠨ ᠬᠣᠩ ᠲᠠᠢᠵᠢ ᠳ᠋ᠤ᠌ ᠴᠣᠬᠢᠭᠳᠠᠭᠠᠳ ᠵᠦᠭᠡᠷ ᠰᠠᠭᠤᠭᠰᠠᠨ ᠦᠭᠡᠢ᠃ ᠲᠡᠷᠡ ᠪᠠᠰᠠ ᠥᠪᠡᠷ ᠦ᠋ᠨ ᠲᠦᠰᠢᠭᠯᠡᠬᠦ ᠬᠠᠨᠢ ᠬᠠᠮᠰᠠᠭᠠᠲᠠᠨ ᠢ᠋ᠶ᠋ᠠᠨ ᠡᠷᠢᠬᠦ ᠭᠡᠮᠡᠨ ᠬᠣᠱᠤᠳ ᠤ᠋ᠨ ᠸᠴᠢᠷᠲᠤ ᠴᠡᠴᠡᠨ ᠬᠠᠨ ᠳ᠋ᠤ᠌ ᠢᠷᠡᠵᠦ ᠲᠦᠰᠢᠵᠡᠢ᠃ ᠴᠦᠭᠦᠷ ᠤᠪᠠᠰᠢ ᠸᠴᠢᠷᠲᠤ ᠴᠡᠴᠡᠨ ᠬᠠᠨ ᠳ᠋ᠤ᠌ ᠭᠠᠯᠳᠠᠨ ᠣᠢᠷᠠᠳ ᠢ᠋ ᠡᠵᠡᠯᠡᠬᠦ ᠰᠠᠨᠠᠭ᠎ᠠ ᠲᠠᠢ ᠭᠡᠮᠡᠨ ᠤᠳᠠᠭ᠎ᠠ ᠳᠠᠷᠠᠭ᠎ᠠ ᠥᠳᠥᠭᠡᠨ ᠬᠣᠪᠯᠠᠭᠰᠠᠨ ᠪᠣᠯᠪᠠᠴᠤ᠂ ᠡᠬᠢᠨ ᠳ᠋ᠡᠭᠡᠨ ᠸᠴᠢᠷᠲᠤ ᠴᠡᠴᠡᠨ ᠬᠠᠨ ᠲᠡᠭᠦᠨ ᠦ᠌ ᠦᠭᠡ ᠶ᠋ᠢ ᠠᠩᠬᠠᠷᠤᠯ ᠳ᠋ᠠᠭᠠᠨ ᠳᠡᠮᠡᠢ ᠠᠪᠤᠭᠰᠠᠨ ᠦᠭᠡᠢ᠃ ᠭᠡᠲᠡᠯ᠎ᠡ ᠭᠠᠯᠳᠠᠨ ᠬᠠᠷ᠎ᠠ ᠡᠷᠴᠢᠰ ᠦ᠋ᠨ ᠭᠠᠵᠠᠷ ᠳᠤ ᠴᠡᠷᠢᠭ ᠡᠯᠰᠡᠵᠦ᠂ ᠣᠢᠷᠠᠳ ᠲᠠᠢᠵᠢ ᠨᠠᠷ ᠢ᠋ ᠲᠠᠲᠠᠵᠤ ᠪᠠᠢᠬᠤ ᠶ᠋ᠢ ᠰᠣᠨᠣᠰᠤᠭᠠᠳ ᠲᠡᠷᠡ ᠪᠠᠭᠠᠬᠠᠨ ᠰᠡᠵᠢᠭ ᠲᠥᠷᠥᠪᠡ᠃ ᠡᠷᠲᠡ ᠡᠳᠦᠷ ᠸᠴᠢᠷᠲᠤ ᠴᠡᠴᠡᠨ ᠬᠠᠨ ᠪᠣᠯᠤᠨ ᠪᠠᠭᠠᠲᠤᠷ ᠬᠣᠩ ᠲᠠᠢᠵᠢ ᠬᠣᠶᠠᠷ ᠭᠦᠨ ᠨᠥᠬᠥᠷᠯᠡᠵᠦ᠂《ᠬᠣᠶᠠᠷ ᠲᠠᠢᠵᠢ》 ᠭᠡᠮᠡᠨ ᠳᠠᠭᠤᠳᠠᠭᠳᠠᠵᠤ ᠪᠠᠢᠵᠠᠢ᠃ ᠭᠡᠲᠡᠯ᠎ᠡ ᠸᠴᠢᠷᠲᠤ ᠴᠡᠴᠡᠨ ᠬᠠᠨ ᠬᠦᠴᠦᠷᠬᠡᠭ ᠴᠣᠷᠣᠰ ᠠᠢᠮᠠᠭ ᠢ᠋ ᠤᠤᠯ ᠠ᠋ᠴᠠ ᠰᠡᠵᠢᠭᠯᠡᠨ ᠰᠡᠷᠭᠡᠢᠯᠡᠵᠦ ᠪᠠᠢᠭᠰᠠᠨ᠃1646 ᠣᠨ ᠤ᠋ ᠢᠯᠢ ᠶ᠋ᠢᠨ ᠠᠷᠤ ᠳ᠋ᠠᠬᠢ ᠤᠬᠤᠷᠯᠢᠭ ᠤ᠋ᠨ ᠲᠡᠢᠨ ᠳ᠋ᠦ᠍᠂ ᠪᠠᠭᠠᠲᠤᠷ ᠬᠣᠩ ᠲᠠᠢᠵᠢ ᠳᠣᠯᠣᠭᠠᠨ ᠮᠢᠩᠭᠠᠨ ᠰᠢᠯᠢᠳᠡᠭ ᠴᠡᠷᠢᠭ ᠳᠠᠢᠴᠢᠯᠠᠭᠠᠳ ᠰᠦᠷ ᠵᠢᠪᠬᠤᠭ᠎ᠠ ᠲᠠᠢ ᠬᠦᠷᠴᠦ ᠢᠷᠡᠬᠦ ᠳ᠋ᠦ᠍ ᠸᠴᠢᠷᠳᠦ ᠴᠡᠴᠡᠨ ᠬᠠᠨ ᠥᠪᠡᠷ ᠦ᠋ᠨ ᠡᠷᠬᠡ ᠦᠭᠡᠢ ᠭᠠᠢᠬᠠᠰᠢ ᠠᠯᠳᠠᠵᠤ᠂《ᠡᠨᠡ ᠴᠢᠩᠭ᠎ᠠ ᠪᠠᠷ ᠢ᠋ᠶ᠋ᠠᠨ ᠪᠣᠯᠬᠤᠨ᠎ᠠ᠂ ᠡᠨᠡ ᠨᠠᠮ᠎ᠠ ᠶ᠋ᠢ ᠮᠠᠭᠤᠷᠠᠭᠤᠯᠬᠤ ᠪᠣᠯᠤᠯᠲᠠᠢ》[9] ᠭᠡᠵᠦ ᠥᠪᠡᠷ ᠦ᠋ᠨ ᠡᠷᠬᠡ ᠦᠭᠡᠢ ᠶᠠᠷᠢᠵᠠᠢ᠃ ᠬᠡᠳᠦᠨ ᠵᠢᠯ ᠦ᠋ᠨ ᠳᠠᠷᠠᠭ᠎ᠠ᠂《ᠮᠢᠨᠦ ᠠᠬ᠎ᠠ ᠳᠡᠭᠦᠦ ᠨᠠᠷ ᠲᠥᠪᠡᠳ ᠬᠢᠲᠠᠳ ᠪᠣᠯᠬᠤ᠂ ᠮᠥᠨ ᠨᠠᠮ᠎ᠠ ᠶ᠋ᠢ ᠣᠢᠷᠠᠬᠢ ᠵᠡᠬᠥᠡᠭᠠᠷ ᠮᠢᠨᠢ ᠢᠳᠡᠬᠦ》[10] ᠭᠡᠵᠦ ᠪᠤᠰᠤᠳ ᠳᠤ ᠥᠭᠦᠯᠡᠵᠦ ᠪᠠᠢᠪᠠ᠃ ᠲᠡᠭᠦᠨᠴᠡ ᠸᠴᠢᠷᠳᠦ ᠴᠡᠴᠡᠨ ᠬᠠᠨ ᠴᠢᠭᠤᠯᠭᠠᠨ ᠳᠠᠷᠤᠭ᠎ᠠ ᠶ᠋ᠢᠨ ᠬᠤᠪᠢ ᠪᠠᠷ ᠭᠠᠯᠳᠠᠨ ᠳ᠋ᠤ᠌ ᠰᠦᠷ ᠦᠵᠡᠭᠦᠯᠬᠦ ᠠᠷᠭ᠎ᠠ ᠬᠡᠮᠵᠢᠶ᠎ᠡ ᠠᠪᠴᠤ᠂ ᠲᠡᠭᠦᠨ ᠦ᠌ ᠬᠥᠯ ᠭᠠᠷ ᠢ᠋ᠶ᠋ᠠᠨ ᠲᠠᠲᠠᠭᠲᠤᠨ ᠬᠡᠮᠡᠬᠦ ᠰᠡᠷᠡᠮᠵᠢ ᠥᠭᠬᠦ ᠪᠡᠷ ᠰᠢᠢᠳᠴᠡᠢ᠃1676 ᠣᠨ ᠤ᠋ ᠵᠤᠨ᠂ ᠸᠴᠢᠷᠳᠦ ᠴᠡᠴᠡᠨ ᠬᠠᠨ ᠠ᠋ᠴᠠ ᠴᠦᠬᠥᠷ ᠤᠪᠠᠰᠢ᠂ ᠬᠣᠢᠳ ᠠᠢᠮᠠᠭ ᠤ᠋ᠨ ᠠᠯᠳᠠᠷ ᠬᠣᠰᠢᠭᠤᠴᠢ ᠪᠠᠷ ᠳᠣᠯᠣᠭᠠᠨ ᠮᠢᠩᠭᠠᠨ ᠴᠡᠷᠢᠭ ᠳᠠᠢᠴᠢᠯᠠᠭᠤᠯᠤᠨ᠂ ᠭᠠᠯᠳᠠᠨ ᠳ᠋ᠤ᠌ ᠳᠠᠭᠠᠭᠰᠠᠨ ᠬᠡᠳᠦᠨ ᠲᠠᠢᠵᠢ ᠶ᠋ᠢ ᠰᠠᠯᠭᠠᠵᠤ ᠠᠪᠬᠤ ᠪᠠᠷ ᠮᠣᠷᠳᠠᠭᠤᠯᠪᠠ᠃ ᠴᠦᠬᠥᠷ ᠤᠪᠠᠰᠢ ᠶ᠋ᠢᠨ ᠳᠠᠢᠴᠢᠯᠠᠭᠰᠠᠨ ᠴᠡᠷᠢᠭ ᠦᠷᠤᠩᠬᠦ᠂ ᠪᠤᠯᠠᠭᠠᠨ᠂ ᠴᠢᠩᠭᠢᠯ ᠳ᠋ᠦ᠍ ᠲᠠᠪᠰᠢᠨ ᠣᠷᠣᠭᠠᠳ᠂ ᠲᠡᠨᠳᠡ ᠮᠠᠯᠵᠢᠵᠤ ᠪᠠᠢᠬᠤ ᠳᠥᠷᠪᠡᠳ ᠦ᠋ᠨ ᠠᠯᠳᠠᠷ ᠲᠠᠢᠱ᠌ᠢ᠂ ᠬᠣᠱᠤᠳ ᠤ᠋ᠨ ᠳᠡᠨᠵᠢᠨ ᠬᠣᠩ ᠲᠠᠢᠵᠢ᠂ ᠲᠣᠷᠭᠤᠳ ᠤ᠋ᠨ ᠭᠣᠮᠪᠣ ᠶ᠋ᠢ ᠬᠦᠴᠦ ᠪᠡᠷ ᠬᠣᠷᠢᠶᠠᠨ ᠲᠠᠷᠪᠠᠭᠠᠲᠠᠢ ᠪᠣᠯᠤᠨ ᠬᠣᠪᠣᠭ ᠰᠠᠢᠷ ᠳᠤ ᠠᠪᠴᠢᠷᠠᠵᠤ ᠲᠠᠷᠬᠠᠭᠠᠵᠠᠢ᠃ ᠭᠠᠯᠳᠠᠨ ᠲᠠᠢ ᠰᠢᠭᠤᠳ ᠮᠥᠷᠭᠥᠯᠳᠦᠬᠦ ᠦᠭᠡᠢ ᠭᠡᠮᠡᠨ ᠡᠨᠡ ᠤᠳᠠᠭᠠᠨ ᠤ᠋ ᠴᠡᠷᠢᠭ ᠦ᠋ᠨ ᠬᠥᠳᠡᠯᠭᠡᠭᠡᠨ ᠢ᠋ᠶ᠋ᠡᠨ ᠸᠴᠢᠷᠲᠦ ᠴᠡᠴᠡᠨ ᠬᠠᠨ ᠬᠢᠵᠠᠭᠠᠷ ᠲᠠᠢ ᠪᠥᠭᠡᠳ ᠪᠣᠯᠭᠣᠮᠵᠢᠲᠠᠢ ᠦᠢᠯᠡᠳᠦᠭᠰᠡᠨ ᠮᠥᠷᠲᠡᠭᠡᠨ ᠭᠠᠯᠳᠠᠨ ᠤ᠋ ᠬᠠᠷᠢᠭᠤ ᠳᠣᠪᠲᠣᠯᠬᠤ ᠠ᠋ᠴᠠ ᠠᠶᠤᠵᠤ᠂ ᠴᠡᠷᠢᠭ ᠦ᠋ᠨ ᠬᠦᠴᠦᠨ ᠬᠦᠷᠦᠯᠴᠡᠬᠦ ᠦᠭᠡᠢ ᠭᠡᠮᠡᠨ ᠬᠥᠬᠡᠨᠠᠭᠤᠷ ᠠ᠋ᠴᠠ ᠲᠤᠰᠠᠯᠠᠮᠵᠢ ᠭᠤᠶᠤᠬᠤ ᠭᠡᠪᠡ᠃1675 ᠣᠨ ᠤ᠋ ᠨᠠᠮᠤᠷ᠂ ᠬᠠᠳᠠᠨ ᠨᠣᠶᠠᠨ ᠢ᠋ ᠬᠥᠬᠡᠨᠠᠭᠤᠷ ᠵᠦᠭ ᠢᠯᠡᠭᠡᠭᠰᠡᠨ ᠪᠣᠯᠪᠠᠴᠤ ᠬᠠᠭᠠᠰ ᠵᠠᠮ ᠳ᠋ᠠᠭᠠᠨ ᠭᠠᠯᠳᠠᠨ ᠤ᠋ ᠳᠣᠣᠷᠠᠬᠢ ᠬᠥᠮᠦᠨ ᠳ᠋ᠦ᠍ ᠪᠠᠷᠢᠭᠳᠠᠭᠠᠳ ᠠᠯᠢᠪᠠ ᠤᠴᠢᠷ ᠢ᠋ᠶ᠋ᠠᠨ ᠮᠡᠳᠡᠭᠳᠡᠵᠡᠢ᠃ ᠭᠠᠯᠳᠠᠨ ᠬᠣᠩ ᠲᠠᠢᠵᠢ ᠡᠴᠦᠰ ᠲᠡᠭᠡᠨ ᠵᠣᠷᠢᠭ ᠰᠢᠭᠤᠳᠴᠤ ᠸᠴᠢᠷᠳᠦ ᠴᠡᠴᠡᠨ ᠬᠠᠨ ᠢ᠋ ᠳᠠᠢᠯᠠᠬᠤ ᠪᠠᠷ ᠪᠣᠯᠪᠠ᠃1675 ᠣᠨ ᠤ᠋ ᠡᠪᠦᠯ᠂ ᠲᠡᠷᠡ ᠶᠡᠬᠡ ᠬᠡᠮᠵᠢᠶᠡᠨ ᠦ᠌ ᠴᠡᠷᠢᠭ ᠮᠣᠷᠢ ᠳᠠᠢᠴᠢᠯᠠᠨ᠂ ᠬᠠᠷ᠎ᠠ ᠡᠷᠴᠢᠰ ᠡᠴᠡ ᠪᠠᠷᠠᠭᠤᠨᠰᠢ ᠳᠠᠪᠰᠢᠵᠤ᠂ ᠬᠣᠪᠣᠭ ᠰᠠᠢᠷ ᠳᠤ ᠢᠷᠡᠵᠦ ᠡᠪᠦᠯᠵᠢᠵᠡᠢ᠃1676 ᠣᠨ ᠤ᠋ ᠴᠠᠭᠠᠨ ᠰᠠᠷ᠎ᠠ ᠶ᠋ᠢᠨ ᠬᠣᠷᠢᠨ ᠳᠥᠷᠪᠡᠨ ᠦ᠌ ᠡᠳᠦᠷ᠂ ᠭᠠᠯᠳᠠᠨ ᠬᠣᠩ ᠲᠠᠢᠵᠢ ᠶ᠋ᠢᠨ ᠶᠡᠬᠡ ᠴᠡᠷᠢᠭ ᠵᠠᠢᠷ ᠤ᠋ᠨ ᠲᠡᠮᠡᠭᠡᠨ ᠬᠦᠵᠦᠭᠦᠦ ᠶ᠋ᠢ ᠳᠠᠪᠠᠵᠤ᠂ ᠡᠮᠢᠯ ᠭᠣᠣᠯ ᠤ᠋ᠨ ᠲᠠᠯ᠎ᠠ ᠨᠤᠲᠤᠭ ᠳᠤ ᠳᠠᠭᠠᠷᠢᠨ ᠣᠷᠣᠪᠠ᠃ ᠲᠡᠷᠡ ᠬᠢᠷᠢ ᠸᠴᠢᠷᠳᠦ ᠴᠡᠴᠡᠨ ᠬᠠᠨ ᠶᠠᠭ ᠰᠠᠶᠢᠬᠠᠨ ᠲᠠᠷᠪᠠᠭᠠᠲᠠᠢ ᠶ᠋ᠢᠨ ᠬᠠᠷ᠎ᠠ ᠪᠥᠭᠡᠷᠡᠭ ᠲᠦ᠍ ᠡᠪᠦᠯᠵᠢᠵᠦ ᠶᠠᠮᠠᠷ ᠴᠣ ᠪᠡᠯᠡᠳᠬᠡᠯ ᠦᠭᠡᠢ ᠪᠠᠢᠭᠰᠠᠨ ᠪᠣᠯᠬᠣᠷ ᠬᠠᠷᠢᠶᠠᠲᠤ ᠢᠷᠭᠡᠳ ᠪᠠ ᠬᠦᠷᠢᠶ᠎ᠡ ᠶ᠋ᠢᠨ ᠯᠠᠮᠠ ᠨᠠᠷ ᠢ᠋ᠶ᠋ᠠᠨ ᠳᠠᠭᠠᠭᠤᠯᠤᠨ ᠪᠠᠷᠠᠭᠤᠨ ᠬᠣᠢᠰᠢ ᠠᠢᠬᠤᠰᠢ ᠨᠠᠭᠤᠷ ᠵᠦᠭ ᠳᠤᠲᠠᠭᠠᠵᠠᠢ᠃ ᠡᠭᠦᠨ ᠳ᠋ᠦ᠍ ᠠᠢᠬᠤᠰᠢ ᠶ᠋ᠢᠨ ᠭᠣᠣᠯ ᠤ᠋ᠨ ᠲᠣᠬᠣᠢ ᠳ᠋ᠤ᠌ ᠮᠠᠰᠢ ᠣᠯᠠᠨ ᠴᠡᠷᠢᠭ ᠮᠣᠷᠢ ᠴᠤᠭᠯᠠᠷᠠᠭᠰᠠᠨ ᠪᠣᠯᠪᠠᠴᠤ᠂ ᠲᠡᠭᠦᠨ ᠳ᠋ᠦ᠍ ᠪᠠᠢᠯᠳᠤᠬᠤ ᠵᠣᠷᠢᠭ ᠰᠡᠳᠬᠢᠯ ᠦᠭᠡᠢ ᠲᠤᠯᠠ ᠣᠯᠠᠨ ᠢ᠋ ᠳᠠᠢᠴᠢᠯᠠᠨ ᠪᠠᠷᠠᠭᠤᠨ ᠡᠮᠦᠨᠡᠰᠢ᠂ ᠪᠣᠷᠣ ᠲᠠᠯ᠎ᠠ ᠶ᠋ᠢᠨ ᠠᠷᠤ ᠳ᠋ᠠᠬᠢ ᠠᠯᠠᠭ ᠲᠤᠭᠤᠯ ᠤ᠋ᠨ ᠨᠢᠷᠤᠭᠤ ᠶ᠋ᠢ ᠳᠠᠪᠠᠵᠤ᠂ ᠢᠯᠢ ᠶ᠋ᠢᠨ ᠵᠡᠭᠦᠨᠳᠡᠬᠢ ᠲᠠᠯᠠᠴᠢ ᠶ᠋ᠢᠨ ᠳᠠᠪᠠᠭ᠎ᠠ ᠶ᠋ᠢ ᠴᠢᠭᠯᠡᠪᠡ᠃ ᠭᠠᠯᠳᠠᠨ ᠤ᠋ ᠴᠡᠷᠢᠭ ᠦ᠋ᠨ ᠬᠣᠰᠢᠭᠤᠴᠢ ᠮᠠᠬᠠᠨ ᠡᠮᠢᠯ ᠦ᠋ᠨ ᠲᠠᠯ᠎ᠠ ᠭᠠᠵᠠᠷ ᠳᠤ ᠣᠷᠣᠭᠠᠳ᠂ ᠸᠴᠢᠷᠲᠦ ᠴᠡᠴᠡᠨ ᠬᠠᠨ ᠢ᠋ ᠪᠠᠷᠢᠵᠤ ᠴᠢᠳᠠᠭᠰᠠᠨ ᠦᠭᠡᠢ᠃ ᠲᠡᠷᠡ ᠸᠴᠢᠷᠲᠦ ᠴᠡᠴᠡᠨ ᠬᠠᠨ ᠢ᠋ ᠬᠡᠳᠦᠢᠨ ᠢᠯᠢ ᠵᠦᠭ ᠳᠤᠲᠠᠭᠠᠯ᠎ᠠ ᠭᠡᠮᠡᠨ ᠪᠣᠳᠣᠵᠤ᠂ ᠢᠯᠢ ᠳ᠋ᠦ᠍ ᠴᠥᠮᠥᠷᠡᠨ ᠣᠷᠣᠭᠠᠳ ᠨᠡᠯᠢᠶᠡᠳ ᠣᠯᠠᠨ ᠡᠳ᠋ ᠪᠣᠳᠠᠰ ᠤᠤᠯᠭᠠᠯᠠᠵᠠᠢ᠃ ᠮᠠᠬᠠᠨ ᠢᠯᠢ ᠡᠴᠡ ᠵᠡᠭᠦᠨᠰᠢ ᠡᠷᠭᠢᠵᠦ᠂ ᠲᠡᠯᠡᠴᠢ ᠶ᠋ᠢᠨ ᠳᠠᠪᠠᠭᠠᠨ ᠤ᠋ ᠲᠡᠮᠦᠷ ᠴᠣᠷᠭᠣ ᠶ᠋ᠢᠨ ᠪᠣᠭᠣᠮᠲᠠ ᠣᠷᠴᠢᠮ ᠴᠦᠭᠦᠷ ᠤᠪᠠᠰᠢ ᠪᠣᠯᠤᠨ ᠴᠡᠴᠡᠨ ᠬᠠᠨ ᠤ᠋ ᠬᠥᠪᠡᠭᠦᠨ ᠡᠷᠳᠡᠨᠢ ᠬᠣᠩ ᠲᠠᠢᠵᠢ ᠲᠠᠢ ᠲᠣᠬᠢᠶᠠᠯᠳᠤᠪᠠ᠃ ᠲᠡᠳᠡ ᠮᠠᠬᠠᠨ ᠤ᠋ ᠳᠠᠭᠠᠷᠢᠯᠲᠠ ᠶ᠋ᠢ ᠦᠯᠦ ᠲᠡᠰᠪᠦᠷᠢᠯᠡᠨ ᠸᠴᠢᠷᠲᠦ ᠴᠡᠴᠡᠨ ᠬᠠᠨ ᠲᠠᠢ ᠬᠠᠮᠲᠤ ᠵᠡᠭᠦᠨ ᠡᠮᠦᠨᠡᠰᠢ ᠬᠠᠷ᠎ᠠ ᠤᠰᠤ ᠨᠠᠭᠤᠷ ᠵᠦᠭ ᠳᠤᠲᠠᠭᠠᠵᠤ᠂ ᠸᠴᠢᠷᠲᠦ ᠴᠡᠴᠡᠨ ᠬᠠᠨ ᠤ᠋ ᠬᠠᠲᠤᠨ ᠳᠣᠷᠵᠢᠷᠠᠪᠳᠠᠨ ᠪᠣᠯᠤᠨ ᠠᠴᠢᠲᠤ ᠴᠣᠷᠵᠢ ᠯᠠᠮᠠ ᠨᠠᠷ ᠢᠵᠢᠯ ᠦ᠋ᠨ ᠠᠶᠤᠰᠢ ᠬᠠᠨ ᠢ᠋ ᠲᠦᠰᠢᠬᠦ ᠪᠡᠷ ᠣᠳᠴᠠᠢ᠃ ᠲᠡᠭᠦᠨ ᠦ᠌ ᠬᠥᠪᠡᠭᠦᠨ ᠯᠣᠪᠰᠠᠩᠭᠣᠮᠪᠣᠷᠠᠪᠳᠠᠨ ᠬᠠᠯᠬ᠎ᠠ ᠵᠦᠭ ᠵᠢᠭᠤᠲᠠᠵᠤ᠂ ᠬᠠᠳᠠ ᠡᠴᠢᠭᠡ ᠴᠠᠬᠤᠨᠳᠣᠷᠵᠢ ᠶ᠋ᠢ ᠲᠦᠰᠢᠷ᠎ᠡ ᠶᠠᠪᠤᠪᠠ᠃ 1676 ᠣᠨ ᠤ᠋ ᠵᠤᠨ᠂ ᠸᠴᠢᠷᠲᠦ ᠴᠡᠴᠡᠨ ᠬᠠᠨ᠂ ᠡᠷᠳᠡᠨᠢ ᠬᠣᠩ ᠲᠠᠢᠵᠢ᠂ ᠴᠦᠭᠦᠷ ᠤᠪᠠᠰᠢ ᠨᠠᠷ ᠲᠦᠮᠡ ᠢᠯᠡᠭᠦᠦ ᠬᠠᠷᠢᠶᠠᠲᠤ ᠪᠠᠨ ᠳᠠᠢᠴᠢᠯᠠᠨ᠂ ᠬᠣᠢᠳ ᠠᠢᠮᠠᠭ ᠤ᠋ᠨ ᠣᠷᠣᠰᠢᠬᠤ ᠶᠣᠯᠳᠣᠰ ᠭᠣᠣᠯ ᠳ᠋ᠤ᠌ ᠢᠷᠡᠵᠡᠢ᠃ ᠲᠡᠷᠡ ᠶᠠᠮᠠᠷ ᠴᠣ ᠠᠷᠭ᠎ᠠ ᠦᠭᠡᠢ ᠲᠤᠯᠠ ᠶᠣᠯᠳᠣᠰ ᠳᠤ ᠬᠡᠳᠦᠨ ᠰᠠᠷ᠎ᠠ ᠰᠠᠭᠤᠪᠠ᠃ ᠡᠭᠦᠨ ᠢ᠋ ᠭᠠᠯᠳᠠᠨ ᠬᠣᠩ ᠲᠠᠢᠵᠢ ᠲᠠᠩᠨᠠᠨ ᠮᠡᠳᠡᠭᠡᠳ ᠬᠥᠮᠦᠨ ᠢᠯᠡᠭᠡᠵᠦ ᠢᠯᠢ ᠳ᠋ᠡᠭᠡᠨ ᠬᠠᠷᠢᠲᠤᠭᠠᠢ ᠭᠡᠵᠦ ᠢᠳᠬᠠᠨ ᠵᠠᠬᠢᠵᠠᠢ᠃ ᠸᠴᠢᠷᠲᠦ ᠴᠡᠴᠡᠨ ᠬᠠᠨ ᠳ᠋ᠤ᠌ ᠥᠭᠡᠷ᠎ᠡ ᠠᠷᠭ᠎ᠠ ᠦᠭᠡᠢ ᠲᠤᠯᠠ1676 ᠣᠨ ᠤ᠋ ᠠᠷᠪᠠᠳᠤᠭᠠᠷ ᠰᠠᠷ᠎ᠠ ᠳ᠋ᠤ᠌ ᠰᠠᠢᠷᠠᠮ ᠨᠠᠭᠤᠷ ᠣᠷᠴᠢᠮ ᠤ᠋ᠨ ᠥᠯᠵᠡᠢᠲᠦ ᠪᠤᠮ ᠳ᠋ᠤ᠌ ᠢᠷᠡᠵᠦ ᠭᠠᠯᠳᠠᠨ ᠳ᠋ᠤ᠌ ᠳᠠᠭᠠᠵᠠᠢ[11]᠃ ᠸᠴᠢᠷᠲᠦ ᠴᠡᠴᠡᠨ ᠬᠠᠨ ᠨᠢ ᠭᠠᠯᠳᠠᠨ ᠤ᠋ ᠥᠰᠢᠶᠡᠲᠦ ᠬᠥᠮᠦᠨ ᠪᠣᠷᠣᠳ ᠬᠠᠲᠤᠨ᠂ ᠴᠡᠴᠡᠨ ᠲᠠᠢᠵᠢ ᠶ᠋ᠢ ᠰᠢᠳᠬᠡᠵᠦ ᠥᠭᠭᠦᠭᠰᠡᠨ ᠠᠴᠢᠲᠠᠢ ᠬᠥᠮᠦᠨ ᠪᠥᠭᠡᠳ ᠬᠠᠳᠠᠮ ᠡᠴᠢᠭᠡ ᠨᠢ ᠪᠣᠯᠬᠤ ᠲᠤᠯᠠ ᠣᠨᠴᠣᠭᠣᠢ ᠬᠠᠷᠠᠭᠠᠯᠵᠠᠯᠠᠯ ᠢ᠋ ᠬᠦᠷᠲᠡᠪᠡ᠃ ᠲᠡᠭᠦᠨ ᠢ᠋ ᠠᠴᠢᠲᠠᠢ ᠬᠥᠮᠦᠨ ᠭᠡᠮᠡᠨ[12] ᠭᠥᠷᠥᠭᠡᠴᠢᠨ ᠨᠢᠭᠡᠨ ᠣᠲᠣᠭ ᠬᠥᠮᠦᠨ ᠮᠠᠯ ᠡᠳ᠋ ᠬᠣᠭᠰᠢᠯ ᠢ᠋ᠶ᠋ᠠᠷ ᠱᠠᠩᠨᠠᠵᠤ᠂ ᠨᠠᠰᠤᠨ ᠬᠥᠭᠰᠢᠷᠡᠲᠡᠯ᠎ᠡ ᠪᠡᠨ ᠪᠡᠶ᠎ᠡ ᠪᠡᠨ ᠲᠡᠵᠢᠭᠡᠭᠲᠦᠨ[13] ᠭᠡᠬᠦ ᠶ᠋ᠢᠨ ᠬᠠᠮᠲᠤ ᠪᠠᠰᠠ ᠬᠠᠲᠤᠨ ᠳᠣᠷᠵᠢᠷᠠᠪᠳᠠᠨ ᠢ᠋ ᠳᠠᠭᠤᠳᠠᠨ ᠢᠷᠡᠵᠦ ᠨᠡᠢᠯᠡᠭᠦᠯᠵᠡᠢ᠃1680 ᠣᠨ ᠤ᠋ ᠡᠪᠦᠯ᠂ ᠸᠴᠢᠷᠲᠤ ᠴᠡᠴᠡᠨ ᠬᠠᠨ ᠤ᠋ ᠪᠣᠷᠣ ᠲᠠᠯ᠎ᠠ ᠳ᠋ᠤ᠌ ᠡᠪᠡᠳᠴᠢᠨ ᠢ᠋ᠶ᠋ᠡᠷ ᠨᠠᠰᠤ ᠪᠠᠷᠠᠬᠤ[14] ᠳ᠋ᠦ᠍ ᠭᠠᠯᠳᠠᠨ ᠬᠣᠩ ᠲᠠᠢᠵᠢ ᠲᠡᠭᠦᠨ ᠳ᠋ᠦ᠍ ᠨᠣᠮ ᠭᠦᠷᠢᠮ ᠢ᠋ ᠨᠢ ᠰᠠᠢᠲᠤᠷ ᠬᠢᠵᠦ ᠥᠭᠪᠡ᠃ ᠸᠴᠢᠷᠲᠤ ᠴᠡᠴᠡᠨ ᠬᠠᠨ ᠪᠠᠭᠤᠵᠤ ᠥᠭᠬᠦ ᠦᠶ᠎ᠡ ᠳ᠋ᠦ᠍ ᠴᠦᠬᠦᠷ ᠤᠪᠠᠰᠢ ᠪᠠᠰᠠ ᠪᠠᠢᠵᠠᠢ᠃ ᠲᠡᠷᠡ ᠴᠣᠷᠣᠰ ᠣᠪᠣᠭᠲᠠᠨ ᠤ᠋ ᠳᠣᠲᠣᠭᠠᠳᠤ ᠶ᠋ᠢᠨ ᠵᠥᠷᠢᠴᠡᠯ ᠲᠡᠮᠡᠴᠡᠯ ᠢ᠋ ᠡᠭᠦᠰᠬᠡᠭᠰᠡᠨ ᠶᠠᠯ᠎ᠠ ᠲᠠᠢ ᠲᠤᠯᠠ ᠪᠠᠷᠢᠵᠤ ᠬᠣᠷᠢᠭᠳᠠᠭᠰᠠᠨ ᠪᠥᠭᠡᠳ ᠲᠡᠭᠦᠨ ᠦ᠌ ᠬᠥᠪᠡᠭᠦᠨ ᠪᠠᠬᠠᠪᠠᠨᠳᠢ ᠶ᠋ᠢ ᠴᠠᠭᠠᠵᠠ ᠪᠠᠷ ᠰᠢᠳᠬᠡᠵᠡᠢ᠃ 1676 ᠣᠨ ᠤ᠋ ᠠᠷᠪᠠᠳᠤᠭᠠᠷ ᠰᠠᠷ᠎ᠠ ᠳ᠋ᠤ᠌᠂ ᠲᠩᠷᠢ ᠠᠭᠤᠯᠠ ᠶ᠋ᠢᠨ ᠠᠷᠤ ᠳ᠋ᠠᠬᠢ ᠪᠦᠬᠦ ᠣᠢᠷᠠᠳ ᠣᠷᠣᠨ ᠴᠥᠮ ᠭᠠᠯᠳᠠᠨ ᠬᠣᠩ ᠲᠠᠢᠵᠢ ᠶ᠋ᠢᠨ ᠡᠷᠬᠡᠰᠢᠶᠡᠯ ᠳ᠋ᠦ᠍ ᠣᠷᠣᠪᠠ᠃ ᠭᠠᠭᠴᠠ ᠬᠣᠱᠤᠳ ᠤ᠋ᠨ ᠪᠠᠭᠠᠲᠤᠷ ᠡᠷᠬᠡ ᠵᠢᠨᠦᠩ ᠬᠤᠷᠯᠤᠢ᠂ ᠴᠦᠬᠦᠷ ᠤᠪᠠᠰᠢ ᠶ᠋ᠢᠨ ᠪᠠᠭ᠎ᠠ ᠬᠥᠪᠡᠭᠦᠨ ᠬᠠᠮᠲᠤ ᠵᠡᠷᠭᠡ ᠬᠥᠮᠦᠰ ᠠᠯᠠᠱᠠ ᠶ᠋ᠢ ᠴᠢᠭᠯᠡᠨ ᠳᠤᠲᠠᠭᠠᠵᠠᠢ᠃ ᠲᠡᠭᠦᠨᠴᠡ ᠪᠤᠰᠤᠳ ᠬᠣᠱᠤᠳ᠂ ᠳᠥᠷᠪᠡᠳ᠂ ᠴᠣᠷᠣᠰ᠂ ᠬᠣᠷᠢᠳ᠂ ᠲᠣᠷᠭᠤᠳ᠂ ᠪᠠᠷᠭᠤ᠂ ᠮᠢᠩᠭᠠᠳ᠂ ᠤᠷᠢᠶᠠᠩᠬᠠᠢ᠂ ᠳᠡᠯᠡᠩᠭᠦᠳ᠂ ᠬᠢᠷᠭᠢᠰ᠂ ᠲᠠᠲ᠋ᠠᠷ ᠤ᠋ᠨ ᠣᠯᠠᠨ ᠢ᠋ ᠭᠠᠯᠳᠠᠨ ᠬᠥᠮᠦᠨ ᠢᠯᠡᠭᠡᠵᠦ ᠰᠠᠢᠨ ᠦᠭᠡ ᠪᠡᠷ ᠢᠯᠪᠢᠨ ᠲᠤᠰ ᠲᠤᠰ ᠤ᠋ᠨ ᠣᠷᠣᠨ ᠳ᠋ᠤᠨᠢ ᠲᠣᠬᠢᠷᠠᠭᠤᠯᠪᠠ᠃ ᠲᠡᠭᠡᠭᠡᠳ ᠨᠡᠢᠭᠡᠮ ᠦ᠋ᠨ ᠡᠮᠬᠢ ᠵᠢᠷᠤᠮ ᠪᠣᠯᠤᠨ ᠳᠠᠶᠠᠭᠠᠷ ᠣᠯᠠᠨ ᠤ᠋ ᠰᠡᠳᠬᠢᠯ ᠢ᠋ ᠲᠣᠭᠲᠠᠭᠤᠨ ᠪᠣᠯᠭᠠᠬᠤ ᠶ᠋ᠢᠨ ᠲᠥᠯᠥᠭᠡ᠂1678 ᠣᠨ ᠤ᠋ ᠤᠷᠢᠳ ᠬᠣᠵᠢᠳ ᠢ᠋ᠶ᠋ᠠᠷ ᠭᠠᠯᠳᠠᠨ ᠬᠣᠩ ᠲᠠᠢᠵᠢ ᠶ᠋ᠢᠨ ᠬᠣᠶᠠᠷ ᠤᠳᠠᠭ᠎ᠠ ᠶ᠋ᠢᠨ ᠵᠠᠬᠢᠶ᠎ᠠ ᠵᠠᠷᠯᠢᠭ ᠢ᠋ ᠬᠠᠤᠯᠢ ᠴᠠᠭᠠᠵᠠ ᠶ᠋ᠢᠨ ᠬᠡᠯᠪᠡᠷᠢ ᠪᠡᠷ ᠨᠡᠢᠲᠡᠯᠡᠵᠡᠢ᠃ ᠡᠭᠦᠨ ᠦ᠌ ᠰᠠᠭᠤᠷᠢ ᠳᠡᠭᠡᠷ᠎ᠡ ᠭᠠᠯᠳᠠᠨ ᠬᠣᠩ ᠲᠠᠢᠵᠢ ᠪᠠᠰᠠ ᠣᠢᠷᠠᠳ ᠤ᠋ᠨ ᠣᠯᠠᠨ ᠠᠢᠮᠠᠭ ᠢ᠋ ᠨᠡᠯᠢᠶᠡᠳ ᠣᠯᠠᠨ ᠣᠲᠣᠭ ᠪᠣᠯᠭᠠᠨ ᠬᠤᠪᠢᠶᠠᠭᠠᠳ᠂ ᠣᠲᠣᠭ ᠢ᠋ᠶ᠋ᠠᠷ ᠵᠡᠭᠦᠨᠭᠠᠷ ᠤ᠋ᠨ ᠵᠠᠰᠠᠭ ᠵᠠᠬᠢᠷᠭᠠᠨ ᠤ᠋ ᠵᠢᠩᠬᠢᠨᠢ ᠨᠢᠭᠡᠴᠢ ᠪᠣᠯᠭᠠᠪᠠ᠃ ᠲᠡᠭᠡᠭᠡᠳ ᠠᠢᠮᠠᠭ ᠤ᠋ᠨ ᠳᠠᠷᠤᠭ᠎ᠠ᠂ ᠶᠠᠶ᠎ᠠ ᠪᠠᠭ᠎ᠠ ᠬᠣᠩ ᠲᠠᠢᠵᠢ᠂ ᠲᠠᠢᠱ᠌ᠢ ᠶ᠋ᠢᠨ ᠴᠣᠯᠠ ᠬᠡᠷᠬᠡᠮ ᠢ᠋ ᠬᠦᠴᠦᠨ ᠦᠭᠡᠢ ᠪᠣᠯᠭᠠᠵᠤ᠂ ᠵᠠᠰᠠᠭ ᠵᠠᠬᠢᠷᠭᠠᠨ ᠤ᠋ ᠡᠷᠬᠡ ᠶ᠋ᠢ ᠵᠠᠢᠰᠠᠩ ᠨᠠᠷ ᠤ᠋ᠨ ᠭᠠᠷ ᠳᠤ ᠣᠯᠭᠤᠵᠠᠢ᠃ ᠵᠠᠢᠰᠠᠩ ᠨᠠᠷ ᠠ᠋ᠴᠠ ᠭᠠᠯᠳᠠᠨ ᠬᠣᠩ ᠲᠠᠢᠵᠢ ᠶ᠋ᠢᠨ ᠠᠯᠢᠪᠠ ᠵᠠᠬᠢᠶ᠎ᠠ ᠵᠠᠷᠯᠢᠭ ᠢ᠋ ᠰᠢᠭᠤᠳ ᠬᠡᠷᠡᠭᠵᠢᠭᠦᠯᠦᠨ ᠭᠦᠢᠴᠡᠳᠬᠡᠳᠡᠭ᠃ ᠭᠠᠯᠳᠠᠨ ᠠ᠋ᠴᠠ ᠣᠲᠣᠭ ᠤ᠋ᠳ ᠤ᠋ᠨ ᠵᠠᠢᠰᠠᠩ ᠢ᠋ᠶ᠋ᠠᠷ ᠳᠠᠮᠵᠢᠭᠤᠯᠤᠨ ᠪᠦᠬᠦ ᠡᠷᠬᠡ ᠶ᠋ᠢ ᠭᠠᠷ ᠲᠠᠭᠠᠨ ᠠᠳᠬᠤᠵᠤ᠂ ᠡᠭᠦᠨ ᠢ᠋ᠶ᠋ᠡᠷ ᠤᠯᠠᠮᠵᠢᠯᠠᠯ ᠪᠦᠬᠦᠢ ᠣᠢᠷᠠᠳ ᠤ᠋ᠨ ᠴᠢᠭᠤᠯᠭᠠᠨ ᠢ᠋ ᠬᠦᠴᠦᠨ ᠦᠭᠡᠢ ᠪᠣᠯᠭᠠᠵᠤ᠂ ᠲᠥᠪ ᠲᠦ᠍ ᠲᠥᠪᠯᠡᠷᠡᠭᠦᠯᠦᠭᠰᠡᠨ ᠵᠡᠭᠦᠨᠭᠠᠷ ᠬᠠᠭᠠᠨᠲᠤ ᠤᠯᠤᠰ ᠢ᠋ ᠡᠭᠦᠳᠴᠡᠢ᠃
ᠵᠡᠭᠦᠨᠭᠠᠷ ᠣᠷᠣᠨ ᠳ᠋ᠠᠬᠢ ᠬᠤᠪᠢᠷᠠᠯᠲᠠ ᠶ᠋ᠢ ᠠᠩᠬᠠᠷᠴᠤ ᠪᠠᠢᠭᠰᠠᠨ ᠲᠠᠪᠤᠳᠤᠭᠠᠷ ᠳᠠᠯᠠᠢ ᠯᠠᠮᠠ ᠪᠣᠯᠤᠨ ᠳ᠋ᠢᠪᠡ ᠰᠠᠩᠵᠠᠢᠵᠠᠮᠰᠤ ᠠ᠋ᠴᠠ ᠵᠠᠷᠠᠪᠦ᠋ᠨᠢ ᠯᠠᠮᠠ ᠶ᠋ᠢ ᠣᠨᠴᠠ ᠡᠯᠴᠢ ᠪᠡᠷ ᠲᠣᠮᠢᠯᠠᠪᠠ᠃ ᠲᠡᠷᠡ1678 ᠣᠨ ᠤ᠋ ᠵᠢᠷᠭᠤᠳᠤᠭᠠᠷ ᠰᠠᠷ᠎ᠠ ᠶ᠋ᠢᠨ ᠭᠤᠴᠢᠨ ᠤ᠋ ᠡᠳᠦᠷ ᡀᠠᠰᠠ ᠠ᠋ᠴᠠ ᠮᠣᠷᠳᠠᠵᠤ[15] ᠡᠪᠦᠯ ᠦ᠋ᠨ ᠡᠬᠢ ᠪᠡᠷ ᠵᠡᠭᠦᠨᠭᠠᠷ ᠲᠤ᠌ ᠬᠦᠷᠴᠦ ᠢᠷᠡᠨ᠂ ᠳᠠᠯᠠᠢ ᠯᠠᠮᠠ ᠶ᠋ᠢᠨ ᠭᠠᠯᠳᠠᠨ ᠲᠡᠨᠵᠦ᠋ᠩ ᠪᠣᠱᠣᠭᠲᠤ ᠬᠠᠨ ᠭᠡᠮᠡᠨ ᠡᠷᠭᠦᠮᠵᠢᠯᠡᠭᠰᠡᠨ[16] ᠪᠢᠴᠢᠭ ᠢ᠋ ᠭᠠᠯᠳᠠᠨ ᠳ᠋ᠤ᠌ ᠲᠤᠰᠢᠶᠠᠵᠠᠢ᠃ ᠲᠡᠭᠦᠨᠴᠡ1678 ᠣᠨ ᠨᠢ ᠵᠡᠭᠦᠨᠭᠠᠷ ᠬᠠᠭᠠᠨᠲᠤ ᠤᠯᠤᠰ ᠤ᠋ᠨ ᠡᠬᠢᠯᠡᠨ ᠣᠷᠣᠰᠢᠨ ᠲᠣᠭᠲᠠᠨᠢᠭᠰᠠᠨ ᠠᠩᠬᠠᠨ ᠤ᠋ ᠣᠨ ᠪᠣᠯᠪᠠ᠃ ᠲᠡᠷᠡ ᠬᠢᠷᠢ ᠳ᠋ᠦ᠍ ᠬᠠᠯᠬ᠎ᠠ ᠶ᠋ᠢᠨ ᠪᠠᠷᠠᠭᠤᠨ ᠭᠠᠷᠤᠨ ᠵᠠᠰᠠᠭᠲᠤ ᠬᠠᠨ ᠴᠠᠩᠭᠦᠨ ᠪᠠᠰᠠ ᠭᠠᠯᠳᠠᠨ ᠲᠠᠢ ᠨᠥᠬᠥᠷᠯᠡᠨ ᠪᠡᠯᠭᠡᠯᠡᠬᠦ ᠪᠡᠷ ᠢᠷᠡᠵᠡᠢ᠃
ᠳᠥᠷᠪᠡ᠂ ᠵᠡᠭᠦᠨᠭᠠᠷ ᠬᠠᠭᠠᠨᠲᠤ ᠤᠯᠤᠰ ᠨᠤᠲᠤᠭ ᠳᠡᠪᠢᠰᠬᠡᠷ ᠢ᠋ᠶ᠋ᠡᠨ ᠥᠷᠭᠡᠳᠬᠡᠭᠰᠡᠨ ᠨᠢ
ᠪᠣᠱᠣᠭᠲᠤ ᠬᠠᠨ ᠵᠡᠭᠦᠨᠭᠠᠷ ᠣᠷᠣᠨ ᠢ᠋ ᠡᠷᠬᠡᠰᠢᠶᠡᠯ ᠳ᠋ᠡᠭᠡᠨ ᠣᠷᠣᠭᠤᠯᠤᠭᠰᠠᠨ ᠤ᠋ ᠳᠠᠷᠠᠭ᠎ᠠ᠂ ᠬᠥᠬᠡᠨᠠᠭᠤᠷ ᠤ᠋ᠨ ᠬᠣᠱᠤᠳ ᠠᠢᠮᠠᠭ ᠢ᠋ ᠳᠠᠢᠯᠠᠬᠤ ᠪᠠᠷ ᠪᠡᠯᠡᠳᠬᠡᠪᠡ᠃ ᠡᠨᠡᠬᠦ ᠲᠥᠯᠥᠪᠯᠡᠭᠡ ᠨᠢ ᠪᠣᠱᠣᠭᠲᠤ ᠬᠠᠨ ᠤ᠋ ᠤᠤᠯ ᠰᠠᠨᠠᠭ᠎ᠠ ᠪᠢᠰᠢ᠂ ᠬᠠᠷᠢᠨ ᠳᠠᠯᠠᠢ ᠯᠠᠮᠠ ᠪᠣᠯᠤᠨ ᠳ᠋ᠢᠪᠠ ᠰᠠᠩᠵᠠᠢᠵᠠᠮᠰᠤ ᠶ᠋ᠢᠨ ᠨᠢᠭᠤᠴᠠ ᠵᠥᠪᠯᠡᠯᠭᠡᠨ ᠦ᠌ ᠦᠷ᠎ᠡ ᠳ᠋ᠦᠩ ᠪᠣᠯᠤᠨ᠎ᠠ᠃
ᠡᠨᠡ ᠦᠶ᠎ᠡ ᠳ᠋ᠦ᠍᠂ ᠰᠠᠩᠵᠠᠢᠵᠠᠮᠰᠤ ᠨᠢ ᠳᠠᠯᠠᠢ ᠯᠠᠮᠠ ᠶ᠋ᠢᠨ ᠳᠣᠲᠣᠨᠣ ᠬᠠᠪᠰᠤᠷᠤᠭᠴᠢ(ᠡᠴᠢᠭᠡ ᠬᠥᠪᠡᠭᠦᠨ ᠦ᠌ ᠳᠠᠯᠳᠠ ᠬᠠᠷᠢᠴᠠᠭ᠎ᠠ ᠲᠠᠢ ᠭᠡᠵᠦ ᠬᠡᠯᠡᠯᠴᠡᠳᠡᠭ) ᠦ᠋ᠨ ᠬᠤᠪᠢ ᠪᠠᠷ ᠤᠯᠤᠰ ᠲᠥᠷᠥ ᠪᠣᠯᠤᠨ ᠱᠠᠰᠢᠨ ᠤ᠋ ᠬᠥᠳᠡᠯᠭᠡᠭᠡᠨ ᠳ᠋ᠦ᠍ ᠢᠳᠡᠪᠬᠢᠲᠡᠢ ᠣᠷᠣᠯᠴᠠᠨ ᠲᠥᠪᠡᠳ ᠦ᠋ᠨ ᠱᠠᠰᠢᠨ ᠲᠥᠷᠥ ᠳ᠋ᠦ᠍ ᠴᠢᠬᠤᠯᠠ ᠦᠢᠯᠡᠳᠦᠯ ᠦᠵᠡᠭᠦᠯᠵᠦ ᠪᠠᠢᠪᠠ᠃1676 ᠣᠨ ᠳ᠋ᠤ᠌ ᠰᠠᠩᠵᠠᠢᠵᠠᠮᠰᠤ ᠪᠠᠷ ᠦᠢ ᠽᠠᠩ ᠣᠷᠣᠨ ᠤ᠋ ᠲᠠᠪᠤᠳᠤᠭᠠᠷ ᠳ᠋ᠢᠪᠠ(ᠲᠥᠪᠡᠳ ᠦ᠋ᠨ ᠵᠠᠰᠠᠭ ᠪᠠᠷᠢᠭᠴᠢ ᠸᠠᠩ) ᠪᠣᠯᠭᠠᠬᠤ ᠭᠡᠬᠦ ᠳ᠋ᠦ᠍ ᠲᠡᠷᠡ ᠨᠠᠰᠤ ᠵᠠᠯᠠᠭᠤ ᠭᠡᠮᠡᠨ ᠲᠦᠷ ᠴᠠᠭ ᠬᠦᠯᠢᠶᠡᠨ ᠠᠪᠤᠭᠰᠠᠨ ᠦᠭᠡᠢ᠃1679 ᠣᠨ ᠳ᠋ᠤ᠌᠂ ᠳᠠᠯᠠᠢ ᠯᠠᠮᠠ ᠠ᠋ᠴᠠ ᡀᠠᠰᠠ ᠶ᠋ᠢᠨ ᠰᠢᠷ᠎ᠠ ᠶ᠋ᠢᠨ ᠱᠠᠰᠢᠨ ᠤ᠋ ᠭᠤᠷᠪᠠᠨ ᠶᠡᠬᠡ ᠬᠡᠢᠳ ᠦ᠋ᠨ ᠣᠯᠠᠨ ᠯᠠᠮᠠ ᠨᠠᠷ ᠤ᠋ᠨ ᠡᠮᠦᠨ᠎ᠡ ᠰᠠᠩᠵᠠᠢᠵᠠᠮᠰᠤ ᠶ᠋ᠢᠨ ᠬᠢᠴᠢᠶᠡᠩᠭᠦᠢ ᠮᠣᠷᠠᠯ᠂ ᠡᠯᠪᠡᠭ ᠪᠠᠶᠠᠯᠢᠭ ᠮᠡᠳᠡᠯᠭᠡ ᠪᠣᠯᠤᠨ ᠭᠠᠷᠮᠠᠭᠠᠢ ᠴᠢᠳᠠᠪᠤᠷᠢ ᠶ᠋ᠢ ᠲᠤᠩᠬᠠᠭᠯᠠᠨ ᠳ᠋ᠢᠪᠠ ᠶ᠋ᠢᠨ ᠲᠤᠰᠢᠶᠠᠯ ᠢ᠋ ᠵᠢᠩᠬᠢᠨᠢ ᠪᠡᠷ ᠣᠯᠭᠤᠵᠠᠢ᠃ ᠲᠡᠷᠡ ᠳ᠋ᠢᠪᠠ ᠶ᠋ᠢᠨ ᠲᠤᠰᠢᠶᠠᠯ ᠳ᠋ᠤ᠌ ᠰᠠᠭᠤᠮᠠᠭᠴᠠ᠂ ᠬᠣᠱᠤᠳ ᠠᠢᠮᠠᠭ ᠤ᠋ᠨ ᠬᠢᠨ ᠲᠡᠢ ᠳᠠᠯᠳᠠᠭᠤᠷ ᠦᠵᠡᠯᠴᠡᠵᠦ ᠡᠬᠢᠯᠡᠪᠡ᠃ ᠲᠡᠷᠡ ᠭᠠᠯᠳᠠᠨ ᠪᠣᠱᠣᠭᠲᠤ ᠬᠠᠨ ᠳ᠋ᠤ᠌ ᠨᠢᠭᠤᠴᠠ ᠵᠠᠷᠯᠢᠭ ᠤᠯᠠᠮᠵᠢᠯᠠᠨ᠂ ᠤᠷᠢᠳᠠᠪᠡᠷ ᠬᠥᠬᠡᠨᠠᠭᠤᠷ ᠤ᠋ᠨ ᠬᠣᠱᠤᠳ ᠲᠠᠢᠵᠢ ᠨᠠᠷ ᠢ᠋ ᠳᠠᠢᠯᠠᠨ᠂ ᠳᠠᠷᠠᠭ᠎ᠠ ᠨᠢ ᠲᠥᠪᠡᠳ ᠦ᠋ᠨ ᠬᠣᠱᠤᠳ ᠢ᠋ ᠳᠠᠢᠯᠠᠭᠤᠯᠬᠤ ᠪᠠᠷ ᠲᠥᠯᠥᠪᠯᠡᠵᠡᠢ᠃
1678 ᠣᠨ ᠳ᠋ᠤ᠌᠂ᠪᠣᠱᠣᠭᠲᠤ ᠬᠠᠭᠠᠨ ᠵᠠᠷᠯᠢᠭ ᠶᠣᠰᠣᠭᠠᠷ ᠶᠡᠬᠡ ᠴᠡᠷᠢᠭ ᠳᠠᠢᠴᠢᠯᠠᠨ ᠬᠥᠬᠡᠨᠠᠭᠤᠷ ᠢ᠋ ᠴᠢᠭᠯᠡᠨ ᠬᠥᠳᠡᠯᠪᠡ᠃ ᠲᠡᠷᠡ ᠠᠷᠪᠠᠨ ᠨᠢᠭᠡᠨ ᠡᠳᠦᠷ ᠠᠶᠠᠯᠠᠭᠰᠠᠨ ᠤ᠋ ᠳᠠᠷᠠᠭ᠎ᠠ [17] ᠭᠡᠨᠡᠳᠲᠡ ᠲᠥᠯᠥᠪᠯᠡᠭᠡ ᠪᠡᠨ ᠬᠤᠪᠢᠷᠠᠭᠤᠯᠤᠨ ᠪᠠᠷᠰ ᠬᠥᠯ ᠦ᠋ᠨ ᠳᠠᠪᠠᠭᠠᠨ ᠠ᠋ᠴᠠ ᠡᠷᠴᠢᠰ ᠵᠦᠭ ᠭᠡᠳᠡᠷᠭᠦ ᠪᠤᠴᠠᠵᠠᠢ᠃ ᠡᠨᠡ ᠨᠢ ᠲᠡᠷᠡ ᠬᠢᠷᠢ ᠳ᠋ᠦ᠍ ᠰᠦᠵᠧᠦ᠂ ᠭᠤᠸᠠᠩᠵᠧᠦ᠂ ᠯᠢᠶᠠᠩᠵᠸᠤ ᠣᠷᠣᠨ ᠳ᠋ᠠᠬᠢ ᠴᠢᠩ ᠤᠯᠤᠰ ᠤ᠋ᠨ ᠴᠡᠷᠢᠭ ᠦ᠋ᠨ ᠬᠥᠳᠡᠯᠭᠡᠭᠡᠨ ᠵᠢᠴᠢ ᠬᠥᠬᠡᠨᠠᠭᠤᠷ ᠠᠯᠠᠱᠠ ᠶ᠋ᠢᠨ ᠬᠣᠱᠤᠳ ᠠᠢᠮᠠᠭ ᠤ᠋ᠨ ᠬᠥᠳᠡᠯᠭᠡᠭᠡᠨ ᠢ᠋ ᠨᠢᠭᠲᠠᠯᠠᠨ ᠠᠩᠬᠠᠷᠴᠤ ᠪᠠᠢᠭᠰᠠᠨ ᠳ᠋ᠢᠪᠠ ᠰᠠᠩᠵᠠᠢᠵᠠᠮᠰᠦ ᠪᠠᠢᠳᠠᠯ ᠬᠤᠪᠢᠷᠠᠯᠲᠠ ᠭᠠᠷᠬᠤ ᠮᠠᠭᠠᠳ ᠭᠡᠮᠡᠨ ᠪᠣᠯᠭᠣᠮᠵᠢᠯᠠᠨ ᠪᠣᠱᠣᠭᠲᠤ ᠬᠠᠨ ᠢ᠋ ᠡᠭᠡᠭᠦᠯᠦᠭᠰᠡᠨ ᠪᠠᠢᠨ᠎ᠠ᠃ ᠡᠨᠡ ᠦᠶ᠎ᠡ ᠳ᠋ᠦ᠍ ᠪᠣᠱᠣᠭᠲᠤ ᠬᠠᠨ ᠤ᠋ ᠬᠥᠬᠡᠨᠠᠭᠤᠷ ᠢ᠋ ᠳᠣᠪᠲᠣᠯᠬᠤ ᠴᠢᠮᠡᠭᠡ ᠨᠢᠭᠡᠨᠲᠡ ᠲᠠᠷᠬᠠᠵᠠᠢ᠃ ᠡᠭᠦᠨ ᠢ᠋ ᠰᠣᠨᠣᠰᠤᠭᠰᠠᠨ ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ᠂ ᠬᠢᠵᠠᠭᠠᠷ ᠢ᠋ ᠰᠠᠬᠢᠭᠰᠠᠨ ᠰᠠᠢᠳ ᠵᠠᠩ ᠶᠦᠩ ᠢ᠋ ᠭᠠᠵᠠᠷ ᠣᠷᠣᠨ ᠢ᠋ᠶ᠋ᠠᠨ ᠪᠠᠲᠤ ᠰᠠᠬᠢᠵᠤ ᠴᠢᠩᠭᠠᠯᠠᠨ ᠰᠡᠷᠭᠡᠢᠯᠡᠬᠦ ᠬᠡᠷᠡᠭᠲᠡᠢ[18] ᠭᠡᠵᠦ ᠵᠠᠬᠢᠪᠠ᠃ ᠵᠠᠩᠵᠤᠨ ᠵᠠᠩ ᠶᠦᠩ ᠡᠴᠡ ᠬᠥᠬᠡᠨᠠᠭᠤᠷ ᠤ᠋ᠨ ᠳᠠᠯᠠᠢ ᠲᠠᠢᠵᠢ ᠲᠠᠢ ᠬᠠᠷᠢᠯᠴᠠᠵᠤ᠂ ᠪᠠᠴᠢᠮ ᠦᠶ᠎ᠡ ᠳ᠋ᠦ᠍ ᠬᠠᠷᠢᠯᠴᠠᠨ ᠬᠦᠴᠦᠨ ᠲᠤᠰᠠᠯᠠᠬᠤ[19] ᠪᠡᠷ ᠪᠡᠯᠡᠳᠬᠡᠵᠡᠢ᠃ ᠬᠡᠷᠪᠡ ᠪᠣᠱᠣᠭᠲᠤ ᠬᠠᠨ ᠤ᠋ ᠴᠡᠷᠢᠭ ᠬᠥᠬᠡᠨᠠᠭᠤᠷ ᠤ᠋ᠨ ᠲᠠᠢᠵᠢ ᠨᠠᠷ ᠢ᠋ ᠪᠠᠴᠢᠮᠳᠠᠭᠤᠯᠪᠠᠯ᠂ᠴᠢᠩ ᠤᠯᠤᠰ ᠠ᠋ᠴᠠ ᠴᠡᠷᠢᠭ ᠦ᠋ᠨ ᠲᠤᠰᠠᠯᠠᠮᠵᠢ ᠭᠤᠶᠤᠵᠤ ᠮᠡᠳᠡᠬᠦ ᠶᠦ᠍ᠮ᠃ ᠲᠡᠷᠡ ᠦᠶ᠎ᠡ ᠳ᠋ᠦ᠍ ᠂ᠰᠢᠷ᠎ᠠ ᠲᠠᠯ᠎ᠠ ᠳ᠋ᠤ᠌ ᠳᠤᠲᠠᠭᠠᠨ ᠢᠷᠡᠭᠰᠡᠨ ᠪᠠᠭᠠᠲᠤᠷ ᠡᠷᠬᠡ ᠵᠢᠨᠦᠩ ᠬᠣᠷᠯᠤᠢ ᠪᠠᠰᠠ ᠬᠥᠬᠡᠨᠠᠭᠤᠷ ᠲᠤ᠌ ᠬᠦᠴᠦᠨ ᠲᠤᠰᠠᠯᠠᠬᠤ ᠪᠠᠷ ᠦᠯᠦ ᠪᠠᠷᠠᠨ᠂ ᠬᠣᠱᠤᠳ ᠠᠢᠮᠠᠭ ᠲᠠᠢ ᠤᠷᠤᠭ ᠲᠥᠷᠥᠯ ᠦ᠋ᠨ ᠬᠠᠷᠢᠴᠠᠭ᠎ᠠ ᠲᠠᠢ ᠲᠦᠰᠢᠶᠡᠲᠦ ᠬᠠᠨ ᠴᠠᠬᠤᠨᠳᠤᠷᠵᠢ ᠪᠠᠰᠠ ᠵᠦᠭᠡᠷ ᠰᠠᠭᠤᠬᠤ ᠦᠭᠡᠢ ᠮᠠᠭᠠᠳ᠃ ᠢᠩᠭᠢᠪᠡᠯ ᠰᠡᠭᠦᠯ ᠲᠣᠯᠣᠭᠠᠢ ᠪᠠᠨ ᠬᠠᠮᠠᠭᠠᠯᠠᠨ ᠦᠯᠦ ᠴᠢᠳᠠᠵᠤ᠂ ᠬᠥᠬᠡᠨᠠᠭᠤᠷ ᠲᠥᠪᠡᠳ ᠦ᠋ᠨ ᠳᠣᠲᠣᠭᠠᠳᠤ ᠶ᠋ᠢᠨ ᠵᠥᠷᠢᠴᠡᠯ ᠢ᠋ ᠤᠯᠠᠮ ᠬᠤᠷᠴᠠᠳᠬᠠᠵᠤ ᠮᠡᠳᠡᠨ᠎ᠡ᠃
ᠰᠠᠩᠵᠠᠢᠵᠠᠮᠰᠦ ᠥᠪᠡᠷ ᠦ᠋ᠨ ᠢ᠋ᠶ᠋ᠡᠨ ᠠᠷᠭ᠎ᠠ ᠪᠣᠳᠣᠯᠭ᠎ᠠ ᠶ᠋ᠢ ᠥᠭᠡᠷᠡᠴᠢᠯᠡᠭᠰᠡᠨ ᠦ᠌ ᠳᠠᠷᠠᠭ᠎ᠠ᠂ ᠡᠭᠦᠨ ᠡᠴᠡ ᠪᠣᠢ ᠪᠣᠯᠤᠭᠰᠠᠨ ᠡᠨᠳᠡᠭᠦᠷᠡᠯ ᠢ᠋ ᠲᠠᠢᠯᠬᠤ ᠭᠡᠮᠡᠨ ᠬᠥᠮᠦᠨ ᠵᠠᠷᠤᠵᠤ ᠬᠥᠬᠡᠨᠠᠭᠤᠷ ᠤ᠋ᠨ ᠪᠣᠱᠣᠭᠲᠤ ᠵᠢᠨᠦᠩ ᠦ᠋ᠨ ᠬᠥᠪᠡᠭᠦᠨ ᠭᠡᠨᠲᠡᠷ ᠲᠦ᠍ ᠭᠠᠯᠳᠠᠨ ᠪᠣᠱᠣᠭᠲᠤ ᠶ᠋ᠢᠨ ᠥᠬᠢᠨ ᠪᠥᠮᠦ ᠶ᠋ᠢ ᠤᠷᠤᠭᠯᠠᠭᠤᠯᠵᠠᠢ᠃ ᠡᠭᠦᠨ ᠢ᠋ᠶ᠋ᠡᠷ ᠬᠣᠶᠠᠷ ᠡᠲᠡᠭᠡᠳ ᠬᠠᠭᠤᠴᠢᠨ ᠶᠣᠰᠣ ᠪᠠᠷ ᠨᠠᠢᠷᠲᠠᠢ ᠶᠠᠪᠤᠯᠴᠠᠬᠤ ᠪᠣᠯᠪᠠ᠃ ᠪᠣᠱᠣᠭᠲᠤ ᠬᠠᠨ ᠬᠥᠬᠡᠨᠠᠭᠤᠷ ᠢ᠋ ᠳᠠᠢᠯᠠᠬᠤ ᠲᠥᠯᠥᠪᠯᠡᠭᠡ ᠪᠡᠨ ᠬᠠᠶᠠᠭᠠᠳ᠂ ᠲᠩᠷᠢ ᠠᠭᠤᠯᠠ ᠶ᠋ᠢᠨ ᠡᠮᠦᠨᠡᠬᠢ ᠪᠦᠬᠦ ᠨᠠᠨᠵᠢᠶᠠᠩ ᠣᠷᠣᠨ ᠢ᠋ ᠡᠷᠬᠡᠰᠢᠶᠡᠯ ᠳ᠋ᠡᠭᠡᠨ ᠣᠷᠣᠭᠤᠯᠬᠤ ᠴᠡᠷᠢᠭ ᠦ᠋ᠨ ᠬᠥᠳᠡᠯᠭᠡᠭᠡᠨ ᠢ᠋ᠶ᠋ᠡᠨ ᠡᠬᠢᠯᠡᠵᠡᠢ᠃1679 ᠣᠨ ᠳ᠋ᠤ᠌᠂ ᠬᠣᠢᠳ ᠠᠢᠮᠠᠭ ᠤ᠋ᠨ ᠠᠯᠳᠠᠷ ᠬᠣᠰᠢᠭᠤᠴᠢ ᠪᠠᠷ ᠭᠤᠷᠪᠠᠨ ᠲᠦᠮᠡᠨ ᠴᠡᠷᠢᠭ ᠳᠠᠢᠴᠢᠯᠠᠭᠤᠯᠤᠨ ᠴᠠᠭᠠᠲᠠᠢ ᠬᠠᠨ ᠤ᠋ ᠦᠷᠡᠰ ᠦ᠋ᠨ ᠦᠶ᠎ᠡ ᠤᠯᠠᠷᠢᠨ ᠰᠠᠭᠤᠭᠰᠠᠨ ᠬᠠᠮᠢ᠂ ᠳᠥᠷᠫᠡᠨ ᠬᠣᠶᠠᠷ ᠬᠣᠲᠠ ᠶ᠋ᠢ ᠳᠠᠢᠯᠠᠨ ᠠᠪᠤᠪᠠ᠃ ᠡᠨᠡᠬᠦ ᠡᠷᠴᠢᠨ ᠳᠡᠭᠡᠷ᠎ᠡ ᠪᠡᠨ ᠲᠩᠷᠢ ᠠᠭᠤᠯᠠ ᠠ᠋ᠴᠠ ᠡᠮᠦᠨᠡᠰᠢ᠂ ᠳᠠᠷᠤᠢ ᠰᠢᠨᠵᠢᠶᠠᠩ ᠤ᠋ᠨ ᠡᠮᠦᠨᠡᠲᠦ ᠬᠡᠰᠡᠭ ᠦ᠋ᠨ ᠢᠷᠬᠢᠶᠠᠩ ᠢ᠋ᠶ᠋ᠠᠷ ᠭᠣᠣᠯ ᠪᠣᠯᠭᠠᠭᠰᠠᠨ ᠣᠯᠠᠨ ᠬᠣᠲᠠ ᠪᠠᠯᠭᠠᠳ ᠢ᠋ ᠳᠠᠢᠯᠠᠬᠤ ᠪᠠᠷ ᠪᠡᠯᠡᠳᠬᠡᠵᠡᠢ᠃
17 ᠳ᠋ᠤᠭᠠᠷ ᠵᠠᠭᠤᠨ ᠤ᠋ ᠳᠤᠮᠳᠠᠴᠢ ᠪᠠᠷ᠂ ᠡᠷᠢᠬᠢᠶᠠᠩ ᠢ᠋ᠶ᠋ᠠᠷ ᠲᠥᠪ ᠪᠣᠯᠭᠠᠭᠰᠠᠨ ᠰᠢᠨᠵᠢᠶᠠᠩ ᠤ᠋ᠨ ᠡᠮᠦᠨᠡᠲᠦ ᠬᠡᠰᠡᠭ ᠢ᠋ ᠴᠠᠭᠠᠲᠠᠢ ᠶ᠋ᠢᠨ ᠦᠷᠡᠰ ᠨᠣᠶᠠᠷᠬᠠᠵᠤ ᠪᠠᠢᠪᠠ᠃ ᠡᠨᠡ ᠦᠶ᠎ᠡ ᠳ᠋ᠦ᠍ ᠠᠲᠤᠯᠠ ᠬᠠᠨ ᠨᠢᠭᠡᠨᠲᠡ ᠨᠠᠰᠤ ᠪᠠᠷᠠᠵᠠᠢ᠃ ᠲᠡᠭᠦᠨ ᠳ᠋ᠦ᠍ ᠶᠢᠰᠦᠨ ᠬᠥᠪᠡᠭᠦᠨ ᠪᠣᠢ᠃ ᠠᠬᠠᠮᠠᠳ ᠨᠢ ᠠᠪᠤᠲᠤ ᠬᠠᠨ ᠡᠴᠢᠭᠡ ᠶ᠋ᠢᠨ ᠢ᠋ᠶ᠋ᠡᠨ ᠣᠷᠣ ᠶ᠋ᠢ ᠵᠠᠯᠭᠠᠮᠵᠢᠯᠠᠵᠤ ᠢᠷᠬᠢᠶᠡᠩ ᠳ᠋ᠦ᠍ ᠰᠠᠭᠤᠪᠠ᠃ ᠬᠣᠶᠠᠳᠤᠭᠠᠷ ᠨᠢ ᠠᠪᠤᠯ᠎ᠠ ᠠᠬᠠᠮᠠᠳ ᠬᠠᠨ ᠲᠦᠷᠫᠡᠨ ᠳ᠋ᠦ᠍ ᠰᠠᠭᠤᠵᠤ ᠪᠠᠢᠭᠠᠳ ᠨᠠᠰᠤ ᠪᠠᠷᠠᠭᠰᠠᠨ ᠳ᠋ᠤ᠌᠂ ᠠᠲᠤᠯᠠ ᠬᠠᠨ ᠤ᠋ ᠭᠤᠲᠠᠭᠠᠷ ᠬᠥᠪᠡᠭᠦᠨ ᠰᠦᠯᠳᠡ ᠰᠠᠢᠳ ᠬᠠᠨ ᠵᠠᠯᠭᠠᠮᠵᠢᠯᠠᠪᠠ᠃ ᠳᠥᠲᠥᠭᠡᠷ ᠬᠥᠪᠡᠭᠦᠨ ᠨᠢ ᠪᠠᠪᠠᠢ ᠬᠠᠨ ᠫᠠᠯᠢ ᠳ᠋ᠤ᠌ ᠰᠠᠭᠤᠪᠠ᠃ ᠵᠢᠷᠭᠤᠳᠤᠭᠠᠷ ᠬᠥᠪᠡᠭᠦᠨ ᠨᠢ ᠱᠠ ᠬᠠᠨ ᠺᠦᠴᠠ ᠳ᠋ᠤ᠌ ᠰᠠᠭᠤᠵᠠᠢ᠃ ᠳᠣᠯᠣᠳᠤᠭᠠᠷ ᠬᠥᠪᠡᠭᠦᠨ ᠨᠢ ᠡᠷᠲᠡ ᠦᠭᠡᠢ ᠪᠣᠯᠪᠠ᠃ ᠨᠠᠢ᠍ᠮᠠᠳᠤᠭᠠᠷ ᠬᠥᠪᠡᠭᠦᠨ ᠨᠢ ᠢᠰᠡᠮᠢᠯ ᠬᠠᠨ ᠠᠭᠰᠤ ᠳ᠋ᠤ᠌ ᠪᠠᠢᠭᠰᠠᠨ᠃ ᠶᠢᠰᠦᠳᠦᠭᠡᠷ ᠬᠥᠪᠡᠭᠦᠨ ᠨᠢ ᠢᠪᠤᠷᠡᠢᠮ ᠬᠠᠨ ᠾᠧ ᠲᠢᠶᠠᠨ ᠢ᠋ ᠡᠵᠡᠯᠡᠨ ᠰᠠᠭᠤᠪᠠ᠃ ᠡᠨᠡ ᠦᠶ᠎ᠡ ᠳ᠋ᠦ᠍ ᠡᠨᠳᠡᠬᠢ ᠢᠰᠯᠠᠮ ᠤ᠋ᠨ ᠱᠠᠰᠢᠨᠲᠠᠨ ᠤ᠋ ᠬᠢᠨ《ᠬᠠᠷ᠎ᠠ ᠮᠠᠯᠠᠭᠠᠢᠲᠤ ᠶ᠋ᠢᠨ ᠡᠲᠡᠭᠡᠳ》 ᠪᠣᠯᠤᠨ《ᠴᠠᠭᠠᠨ ᠮᠠᠯᠠᠭᠠᠢᠲᠤ ᠶ᠋ᠢᠨ ᠡᠲᠡᠭᠡᠳ》 ᠭᠡᠮᠡᠨ ᠬᠣᠶᠠᠷ ᠪᠦᠯᠦᠭ ᠪᠣᠯᠵᠤ ᠬᠠᠭᠠᠷᠠᠭᠠᠳ ᠲᠡᠮᠡᠴᠡᠯᠳᠦᠵᠡᠢ᠃ ᠢᠷᠬᠢᠶᠡᠩ ᠦ᠋ᠨ ᠬᠠᠨ ᠨᠢ《ᠬᠠᠷ᠎ᠠ ᠮᠠᠯᠠᠭᠠᠢᠲᠤ ᠶ᠋ᠢᠨ ᠡᠲᠡᠭᠡᠳ》 ᠢ᠋ ᠳᠡᠮᠵᠢᠵᠦ᠂《ᠴᠠᠭᠠᠨ ᠮᠠᠯᠠᠭᠠᠢᠲᠤ ᠶ᠋ᠢᠨ ᠡᠲᠡᠭᠡᠳ》 ᠲᠦᠷᠦᠭᠦᠦ ᠠᠪᠠᠢᠭ ᠬᠣᠵᠤ ᠶ᠋ᠢ ᠺᠠᠱᠭᠠᠷ ᠠ᠋ᠴᠠ ᠬᠥᠭᠡᠭᠡᠵᠦ ᠶᠠᠪᠤᠭᠤᠯᠪᠠ᠃ ᠲᠡᠷᠡ ᠳᠤᠮᠳᠠᠳᠤ ᠠᠽᠢᠶ᠎ᠠ ᠪᠠᠷ ᠠᠷᠪᠠᠭᠠᠳ ᠣᠨ ᠲᠡᠨᠦᠭᠦᠴᠢᠯᠡᠭᠡᠳ᠂ ᠺᠠᠱᠮᠢᠷ ᠳᠤ ᠢᠷᠡᠵᠦ ᠬᠥᠯ ᠲᠣᠭᠲᠠᠵᠠᠢ᠃ 1681 ᠣᠨ ᠳ᠋ᠤ᠌᠂ ᠪᠣᠱᠣᠭᠲᠤ ᠬᠠᠨ ᠤ᠋ ᠶᠡᠬᠡ ᠴᠡᠷᠢᠭ ᠲᠡᠭᠷᠢ ᠠᠭᠤᠯᠠ ᠠ᠋ᠴᠠ ᠡᠮᠦᠨᠡᠰᠢ ᠬᠢ ᠣᠷᠣᠨ ᠳ᠋ᠤ᠌ ᠴᠣᠬᠢᠨ ᠣᠷᠣᠭᠠᠳ[20] ᠺᠦᠴᠢᠨ᠂ ᠠᠭᠰᠤ᠂ ᠺᠠᠱᠠᠭᠠᠷ᠂ ᠢᠷᠭᠢᠶᠠᠩ᠂ ᠾᠧ ᠲᠢᠶᠠᠨ ᠵᠡᠷᠭᠡ ᠬᠣᠲᠠ ᠪᠠᠯᠭᠠᠰᠤ ᠶ᠋ᠢ ᠡᠵᠡᠯᠡᠨ ᠠᠪᠤᠪᠠ᠃ ᠠᠪᠠᠢᠭ ᠬᠣᠵᠤ ᠡᠨᠡᠬᠦ ᠴᠢᠮᠡᠭᠡ ᠶ᠋ᠢ ᠰᠣᠨᠣᠰᠤᠭᠠᠳ ᠺᠠᠱᠮᠢᠷ ᠠ᠋ᠴᠠ ᡀᠠᠰᠠ ᠳ᠋ᠤ᠌ ᠬᠦᠷᠴᠦ ᠳᠠᠯᠠᠢ ᠯᠠᠮᠠ ᠠ᠋ᠴᠠ ᠲᠤᠰᠠᠯᠠᠮᠵᠢ ᠭᠤᠶᠤᠵᠠᠢ᠃ ᠲᠡᠷᠡ ᠳᠠᠯᠠᠢ ᠯᠠᠮᠠ ᠶ᠋ᠢᠨ ᠪᠢᠴᠢᠭ ᠢ᠋ ᠪᠠᠷᠢᠵᠤ ᠪᠣᠱᠣᠭᠲᠤ ᠬᠠᠨ ᠢ᠋ ᠲᠦᠰᠢᠬᠦ ᠪᠡᠷ ᠢᠷᠡᠪᠡ᠃ ᠳᠠᠯᠠᠢ ᠯᠠᠮᠠ ᠶ᠋ᠢᠨ ᠪᠢᠴᠢᠭ ᠲᠦ᠍᠂ ᠠᠪᠠᠢᠭ ᠬᠣᠵᠤ ᠳ᠋ᠤ᠌ ᠬᠠᠪᠰᠤᠷᠴᠤ ᠺᠠᠱᠠᠭᠠᠷ ᠪᠣᠯᠤᠨ ᠢᠷᠭᠢᠶᠠᠩ ᠳ᠋ᠠᠬᠢ ᠨᠣᠶᠠᠷᠬᠠᠯ ᠢ᠋ ᠨᠢ ᠪᠠᠢᠭᠤᠯᠵᠤ ᠥᠭ ᠭᠡᠵᠦ ᠵᠠᠬᠢᠵᠠᠢ᠃ 1682 ᠣᠨ ᠳ᠋ᠤ᠌᠂ᠭᠠᠯᠳᠠᠨ ᠪᠣᠱᠣᠭᠲᠤ ᠬᠠᠨ ᠠ᠋ᠴᠠ ᠲᠥᠷᠥ ᠶ᠋ᠢᠨ ᠶᠠᠪᠤᠳᠠᠯ ᠵᠥᠪᠯᠡᠬᠦ ᠨᠡᠷ᠎ᠡ ᠪᠡᠷ ᠠᠪᠤᠳᠤᠯᠠᠰᠢᠲ᠂ ᠢᠰᠠᠮᠢᠯ ᠢ᠋ᠶ᠋ᠠᠷ ᠲᠦᠷᠦᠭᠦᠯᠡᠭᠰᠡᠨ ᠢᠷᠭᠢᠶᠠᠩ᠂ ᠺᠠᠱᠠᠭᠠᠷ᠂ ᠠᠭᠰᠤ᠂ ᠺᠦᠴᠠ ᠶ᠋ᠢᠨ ᠬᠠᠨ ᠵᠢᠴᠢ ᠲᠡᠳᠡᠨ ᠦ᠌ ᠭᠡᠷ ᠡᠷᠦᠬᠡ ᠶ᠋ᠢ ᠢᠯᠢ ᠳ᠋ᠦ᠍ ᠨᠡᠭᠦᠯᠭᠡᠬᠦ ᠶ᠋ᠢᠨ ᠬᠠᠮᠲᠤ᠂ ᠢᠷᠭᠢᠶᠠᠩ ᠢ᠋ᠶ᠋ᠠᠷ ᠲᠥᠪ ᠪᠣᠯᠭᠠᠭᠰᠠᠨ ᠠᠪᠠᠢᠭ ᠬᠣᠵᠤ ᠶ᠋ᠢᠨ ᠨᠣᠶᠠᠷᠬᠠᠯ ᠢ᠋ ᠪᠠᠢᠭᠤᠯᠵᠤ ᠥᠭᠪᠡ᠃ᠡᠭᠦᠨ ᠦ᠌ ᠳᠠᠭᠠᠤ ᠲᠡᠭᠷᠢ ᠠᠭᠤᠯᠠ ᠶ᠋ᠢᠨ ᠡᠮᠦᠨᠡᠬᠢ ᠣᠯᠠᠨ ᠬᠣᠲᠠ ᠪᠠᠯᠭᠠᠰᠤᠨ ᠤ᠋ ᠵᠡᠭᠦᠨᠭᠠᠷ ᠤ᠋ᠨ ᠣᠯᠠᠨ ᠣᠲᠣᠭ ᠲᠤ᠌ ᠲᠤᠰ ᠲᠤᠰ ᠬᠤᠪᠢᠶᠠᠨ ᠥᠭᠴᠦ᠂ ᠲᠣᠭᠲᠠᠭᠰᠠᠨ ᠬᠤᠭᠤᠴᠠᠭ᠎ᠠ ᠪᠠᠷ ᠠᠯᠪᠠ ᠭᠠᠢᠯᠢ ᠬᠣᠷᠢᠶᠠᠨ[21]ᠣᠲᠣᠭ ᠤ᠋ᠨ ᠢ᠋ᠶ᠋ᠠᠨ ᠡᠳ᠋ ᠦ᠋ᠨ ᠵᠠᠰᠠᠭᠲᠤ ᠳ᠋ᠤ᠌ ᠵᠠᠷᠤᠴᠠᠭᠤᠯᠵᠤ ᠪᠠᠢᠵᠠᠢ᠃
1683 ᠣᠨ ᠳ᠋ᠤ᠌᠂ ᠪᠣᠱᠣᠭᠲᠤ ᠬᠠᠨ ᠪᠠᠰᠠ ᠠᠩᠵᠢᠶᠠᠨ ᠣᠷᠴᠢᠮ ᠠᠮᠢᠳᠤᠷᠠᠵᠤ ᠪᠠᠢᠭᠰᠠᠨ ᠵᠡᠭᠦᠨ ᠪᠠᠷᠠᠭᠤᠨ ᠪᠣᠷᠤᠳ ᠢ᠋ ᠡᠷᠬᠡᠰᠢᠶᠡᠯ ᠳ᠋ᠡᠭᠡᠨ ᠣᠷᠣᠭᠤᠯᠤᠨ᠂ᠳᠠᠷᠠᠭ᠎ᠠ ᠵᠢᠯ ᠳ᠋ᠦ᠍ᠨᠢ ᠬᠣᠶᠠᠳᠠᠬᠢ ᠤᠳᠠᠭ᠎ᠠ ᠪᠠᠷᠠᠭᠤᠨᠰᠢ ᠴᠡᠷᠢᠭᠯᠡᠵᠦ ᠨᠠᠮᠠᠭᠠᠨ᠂ ᠮᠠᠷᠭᠠᠯᠠᠩ ᠤ᠋ᠨ ᠣᠯᠠᠨ ᠠᠢᠮᠠᠭ ᠢ᠋ ᠡᠷᠬᠡᠰᠢᠶᠡᠯ ᠳ᠋ᠡᠭᠡᠨ ᠣᠷᠣᠭᠤᠯᠪᠠ᠃ ᠮᠥᠨ ᠵᠢᠯ ᠦ᠋ᠨ ᠵᠤᠨ ᠂ ᠵᠡᠭᠦᠨᠭᠠᠷ ᠤ᠋ᠨ ᠠᠷᠠᠪᠲᠠᠨ ᠪᠣᠱᠣᠭᠲᠤ ᠬᠠᠨ ᠤ᠋ ᠵᠠᠷᠯᠢᠭ ᠢ᠋ᠶ᠋ᠠᠷ ᠨᠢᠭᠡᠨ ᠰᠠᠯᠠᠭ᠎ᠠ ᠴᠡᠷᠢᠭ ᠳᠠᠢᠴᠢᠯᠠᠨ ᠪᠠᠷᠠᠭᠤᠨ ᠬᠠᠰᠠᠭ ᠤ᠋ᠨ ᠰᠡᠢᠷᠡᠮᠡ᠂ ᠲᠠᠱᠭᠠᠨ ᠢ᠋ ᠡᠵᠡᠯᠡᠨ ᠠᠪᠴᠠᠢ᠃1685 ᠣᠨ ᠳ᠋ᠤ᠌᠂ ᠪᠣᠱᠣᠭᠲᠤ ᠬᠠᠨ ᠪᠡᠶ᠎ᠡ ᠪᠡᠷ ᠭᠤᠷᠪᠠᠳᠠᠬᠢ ᠤᠳᠠᠭ᠎ᠠ ᠪᠠᠷᠠᠭᠤᠨᠰᠢ ᠳᠠᠢᠯᠠᠨ ᠰᠠᠮᠠᠷᠬᠠᠨ᠂ ᠪᠤᠬᠠᠷ ᠵᠡᠷᠭᠡ ᠬᠣᠲᠠ ᠶ᠋ᠢ ᠣᠷᠣᠭᠤᠯᠤᠨ[22] ᠠᠪᠴᠤ᠂ ᠵᠡᠭᠦᠨᠭᠠᠷ ᠬᠠᠭᠠᠨᠲᠤ ᠤᠯᠤᠰ ᠤ᠋ᠨ ᠨᠤᠲᠤᠭ ᠳᠡᠪᠢᠰᠬᠡᠷ ᠢ᠋ ᠪᠠᠷᠠᠭᠤᠨᠰᠢ ᠶᠡᠬᠡ ᠬᠡᠮᠵᠢᠶ᠎ᠡ ᠪᠡᠷ ᠥᠷᠭᠡᠳᠬᠡᠭᠰᠡᠨ ᠪᠠᠢᠨ᠎ᠠ᠃
