ᠳᠤᠳᠠᠷᠠᠢ ᠴᠠᠭᠠᠨ ᠤᠨᠠᠭ᠎ᠠ Dudrai tsagaan unagaДудрай цагаан унага ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠳᠠᠷᠠᠢ ᠴᠠᠭᠠᠨ ᠤᠨᠠᠭ᠎ᠠ Dudrai tsagaan unagaДудрай цагаан унага

ᠳᠤᠳᠠᠷᠠᠢ ᠴᠠᠭᠠᠨ ᠤᠨᠠᠭ᠎ᠠ Dudrai tsagaan unagaДудрай цагаан унага

ᠠᠩᠭᠢᠯᠠᠯ:ᠳᠣᠮᠣᠭ ᠦᠯᠢᠭᠡᠷ
2026-07-03

6

    ᠳᠣᠮᠣᠭ ᠦᠯᠢᠭᠡᠷ 

       ᠡᠷᠲᠡ ᠤᠷᠢᠳᠤ ᠶ᠋ᠢᠨ ᠴᠠᠭ ᠲᠤ᠌ ᠵᠢᠩᠴᠢᠨ ᠬᠤᠯᠠᠬᠠᠴᠢ ᠭᠡᠭᠦᠦ᠂ ᠳᠤᠳᠠᠷᠠᠢ ᠴᠠᠭᠠᠨ ᠤᠨᠠᠭ᠎ᠠ ᠨᠠᠢ᠍ᠮᠠᠨ ᠪᠠᠢᠳᠠᠰᠤ ᠲᠠᠢ ᠪᠠᠨ ᠸᠠᠩ ᠨᠣᠶᠠᠨ ᠤ᠋ ᠠᠳᠤᠭᠤᠨ ᠰᠦᠷᠦᠭ ᠲᠦ᠍ ᠪᠠᠢᠵᠠᠢ᠃ ᠲᠤᠰ ᠠᠳᠤᠭᠤᠨ ᠤ᠋ ᠪᠡᠯᠴᠢᠭᠡᠷ ᠲᠦ᠍ ᠬᠠᠨ ᠭᠠᠷᠤᠳᠢ ᠰᠢᠪᠠᠭᠤ ᠪᠠᠢᠵᠤ ᠲᠡᠭᠦᠨ ᠢ᠋ ᠣᠨᠴᠠ ᠬᠠᠮᠠᠭᠠᠯᠠᠳᠠᠭ ᠪᠣᠯᠬᠣᠷ ᠲᠡᠭᠦᠨ ᠲᠡᠢ ᠬᠠᠯᠳᠠᠬᠤ ᠪᠠᠢᠲᠤᠭᠠᠢ ᠥᠨᠳᠡᠭᠡ ᠵᠤᠯᠵᠠᠭ᠎ᠠ ᠶ᠋ᠢ ᠨᠢ ᠴᠦ᠍ ᠬᠠᠭᠠᠯᠵᠤ ᠨᠢᠴᠠᠯᠬᠤ ᠶ᠋ᠢ ᠴᠢᠩᠭ᠎ᠠ ᠴᠡᠭᠡᠷᠯᠡᠳᠡᠭ ᠪᠠᠢᠭᠰᠠᠨ ᠶᠤᠮ ᠭᠡᠨ᠎ᠡ᠃
       ᠬᠡᠷᠪᠡ ᠬᠥᠮᠦᠨ ᠪᠠᠢᠲᠤᠭᠠᠢ ᠮᠠᠯ ᠨᠢ ᠴᠦ᠍ ᠭᠡᠰᠡᠨ ᠥᠨᠳᠡᠭᠡ ᠵᠤᠯᠵᠠᠭ᠎ᠠ ᠶ᠋ᠢ ᠨᠢ ᠭᠢᠰᠬᠢᠵᠦ ᠬᠠᠭᠠᠯᠪᠠᠯ ᠬᠦᠨᠳᠦ ᠰᠢᠢᠳᠬᠡᠯ ᠢ᠋ ᠣᠯᠳᠠᠭ ᠪᠠᠢᠵᠠᠢ᠃ ᠡᠢᠮᠦ ᠡᠴᠡ ᠵᠢᠩᠴᠢᠨ ᠬᠤᠯᠠᠬᠠᠴᠢ ᠭᠡᠭᠦᠦ᠂ ᠳᠤᠳᠠᠷᠠᠢ ᠴᠠᠭᠠᠨ ᠤᠨᠠᠭ᠎ᠠ᠂ ᠨᠠᠢ᠍ᠮᠠᠨ ᠪᠠᠢᠳᠠᠰᠤ ᠲᠠᠢ ᠪᠠᠨ ᠪᠡᠯᠴᠢᠭᠡᠷ ᠲᠦ᠍ ᠪᠡᠨ ᠪᠡᠯᠴᠢᠵᠦ ᠪᠠᠢᠭᠰᠠᠭᠠᠷ ᠤᠪᠠᠢᠨ ᠳ᠋ᠤ᠌ ᠦᠭᠡᠢ ᠪᠡᠷ ᠬᠠᠨ ᠭᠠᠷᠤᠳᠢ ᠰᠢᠪᠠᠭᠤᠨ ᠤ᠋ ᠥᠨᠳᠡᠭᠡ ᠶ᠋ᠢ ᠨᠢ ᠬᠠᠭᠠᠯᠴᠢᠬᠠᠵᠠᠢ᠃
     ᠡᠨᠡᠬᠦ ᠤᠴᠢᠷ ᠢ᠋ ᠸᠠᠩ ᠤ᠋ᠨ ᠠᠳᠤᠭᠤᠴᠢᠨ ᠨᠢ ᠮᠡᠳᠡᠵᠦ᠂ ᠡᠵᠡᠨ ᠳ᠋ᠡᠭᠡᠨ ᠮᠡᠳᠡᠭᠦᠯᠦᠭᠰᠡᠨ ᠳ᠋ᠦ᠍ ᠡᠵᠡᠨ ᠦ᠌ ᠪᠡᠨ ᠰᠢᠢᠳᠬᠡᠯ ᠢ᠋ ᠣᠯᠵᠤ ᠬᠥᠮᠦᠨ ᠠᠮᠢᠲᠠᠨ ᠦᠭᠡᠢ ᠡᠯᠡᠰᠦᠨ ᠴᠦᠯ ᠳ᠋ᠦ᠍ ᠴᠥᠯᠡᠭᠳᠡᠬᠦ ᠪᠡᠷ ᠪᠣᠯᠵᠠᠢ᠃ ᠵᠢᠩᠴᠢᠨ ᠬᠤᠯᠠᠬᠠᠴᠢ ᠭᠡᠭᠦᠦ ᠶ᠋ᠢ ᠳᠤᠳᠠᠷᠠᠢ ᠴᠠᠭᠠᠨ ᠤᠨᠠᠭ᠎ᠠ ᠨᠠᠢ᠍ᠮᠠᠨ ᠪᠠᠢᠳᠠᠰᠤ ᠲᠠᠢ ᠨᠢ ᠸᠠᠩ ᠤ᠋ᠨ ᠠᠳᠤᠭᠤᠴᠢᠨ ᠰᠠᠢᠨ ᠮᠣᠷᠢ ᠤᠨᠤᠵᠤ᠂ ᠬᠦᠨᠡᠰᠦ ᠬᠣᠭᠣᠯᠠ ᠪᠠᠨ ᠪᠡᠯᠡᠳᠬᠡᠨ ᠠᠪᠴᠤ ᠡᠯᠡᠰᠦᠨ ᠴᠦᠯ ᠳ᠋ᠦ᠍ ᠬᠥᠭᠡᠭᠡᠨ ᠶᠠᠪᠤᠬᠤ ᠳ᠋ᠤ᠌ ᠣᠯᠠᠨ ᠡᠳᠦᠷ ᠵᠤᠵᠠᠭᠠᠨ ᠬᠣᠨᠣᠭ ᠢ᠋ ᠤᠰᠤ ᠤᠮᠳᠠ ᠦᠭᠡᠢ ᠪᠡᠷ ᠲᠦᠷᠭᠡᠨ ᠲᠠᠭᠤᠭᠳᠠᠵᠤ ᠥᠩᠭᠡᠷᠡᠬᠦ ᠳ᠋ᠦ᠍ ᠪᠡᠨ ᠵᠢᠩᠴᠢᠨ ᠬᠤᠯᠠᠬᠠᠴᠢ ᠭᠡᠭᠦᠦ ᠨᠢ ᠬᠥᠭᠰᠢᠷᠡᠭᠰᠡᠨ ᠪᠣᠯᠬᠣᠷ ᠡᠨᠡᠬᠦ ᠬᠠᠯᠠ ᠶ᠋ᠢ ᠠᠮᠰᠠᠵᠤ᠂ ᠥᠯᠥᠰᠴᠦ ᠤᠮᠳᠠᠭᠠᠰᠬᠤ ᠲᠠᠢ ᠳᠠᠪᠬᠤᠴᠠᠵᠤ᠂ ᠡᠳᠦᠷ ᠡᠴᠡ ᠡᠳᠦᠷ ᠡᠴᠡᠵᠦ ᠲᠤᠷᠠᠵᠤ ᠪᠠᠢᠭ᠎ᠠ ᠶ᠋ᠢ ᠳᠤᠳᠠᠷᠠᠢ ᠴᠠᠭᠠᠨ ᠤᠨᠠᠭ᠎ᠠ ᠨᠢ ᠮᠡᠳᠡᠵᠦ《 ᠡᠵᠢ ᠠ᠋᠂ ᠲᠠ ᠶᠠᠭᠠᠬᠢᠭᠠᠳ ᠢᠩᠭᠢᠵᠦ ᠨᠢᠳᠦ ᠴᠢᠨᠢ ᠭᠤᠳᠤᠢᠵᠤ ᠪᠠᠢᠭ᠎ᠠ ᠪᠣᠢ?》 ᠭᠡᠬᠦ ᠳ᠋ᠦ᠍《 ᠦ᠂ ᠶᠠᠳᠠᠷᠠᠭᠰᠠᠨ ᠠ᠋ᠴᠠ ᠯᠠ ᠪᠣᠯᠵᠠᠢ》 ᠭᠡᠳ ᠳᠥᠩᠭᠡᠵᠢ ᠠᠮᠢ ᠲᠠᠢ ᠭᠣᠣᠯ ᠲᠠᠢ ᠬᠡᠯᠲᠦᠷᠢᠵᠦ ᠪᠠᠢᠭᠠᠳ ᠥᠨᠥ ᠡᠯᠡᠰᠦᠨ ᠴᠦᠯ ᠳ᠋ᠦ᠍ ᠪᠡᠨ ᠬᠡᠴᠢᠨᠡᠭᠡᠨ ᠰᠠᠷ᠎ᠠ ᠬᠣᠨᠣᠭ ᠬᠥᠭᠡᠭᠡᠭᠳᠡᠵᠦ ᠪᠠᠢᠵᠤ ᠬᠦᠷᠦᠭᠰᠡᠨ ᠦ᠌ ᠳᠠᠷᠠᠭ᠎ᠠ ᠠᠳᠤᠭᠤᠴᠢᠳ ᠨᠢ ᠪᠤᠴᠠᠵᠤ ᠡᠳᠡᠭᠡᠷ ᠨᠠᠢ᠍ᠮᠠᠨ ᠪᠠᠢᠳᠠᠰᠤ ᠨᠢ ᠵᠠᠯᠠᠭᠤ ᠶᠤᠮ ᠪᠣᠯᠬᠣᠷ ᠡᠨᠡᠬᠦ ᠬᠠᠯᠠ ᠵᠣᠪᠠᠯᠠᠩ ᠢ᠋ ᠲᠡᠰᠪᠦᠷᠢᠯᠡᠨ ᠳᠠᠭᠠᠭᠠᠵᠤ ᠳᠥᠩᠭᠡᠵᠢ ᠪᠠᠭ᠎ᠠ ᠰᠠᠭ᠎ᠠ ᠶᠠᠪᠤᠬᠤ ᠴᠢᠳᠠᠯ ᠲᠠᠢ ᠲᠤᠯᠠ ᠵᠠᠯᠭᠠᠨ ᠡᠨᠡᠬᠦ ᠡᠯᠡᠰᠦᠨ ᠴᠦᠯ ᠢ᠋ ᠲᠤᠭᠤᠯᠤᠨ ᠭᠠᠷᠬᠤ ᠪᠠᠷ ᠠᠮᠢ ᠴᠥᠯᠡᠨ ᠠᠶᠠᠯᠠᠭᠰᠠᠨ ᠭᠡᠨ᠎ᠡ᠃ ᠡᠨᠡᠬᠦ ᠨᠠᠢ᠍ᠮᠠᠨ ᠪᠠᠢᠳᠠᠰᠤᠨ ᠳ᠋ᠤ᠌ ᠦᠯᠢᠭᠡᠷ ᠦᠭᠡᠢ᠃
ᠡᠨᠡᠬᠦ ᠡᠷᠭᠢᠨ ᠲᠣᠭᠣᠷᠢᠨ ᠳ᠋ᠠᠭᠠᠨ ᠤᠰᠤ ᠤᠮᠳᠠ ᠦᠭᠡᠢ ᠡᠯᠡᠰᠦᠨ ᠴᠦᠯ ᠳ᠋ᠦ᠍ ᠬᠣᠴᠣᠷᠬᠤ ᠳ᠋ᠤ᠌ ᠪᠠᠨ ᠵᠢᠩᠴᠢᠨ ᠬᠤᠯᠠᠬᠠᠴᠢ ᠭᠡᠭᠦᠦ ᠳᠤᠳᠠᠷᠠᠢ ᠴᠠᠭᠠᠨ ᠤᠨᠠᠭ᠎ᠠ ᠳ᠋ᠤ᠌ ᠪᠠᠨ《 ᠵᠠ᠂ ᠪᠢ ᠣᠳᠣ ᠨᠢᠭᠡᠨᠲᠡ ᠠᠮᠢᠳᠤᠷᠠᠵᠤ ᠳᠡᠢᠯᠬᠦ ᠦᠭᠡᠢ ᠪᠣᠯᠵᠠᠢ᠂ ᠤᠨᠠᠭ᠎ᠠ ᠮᠢᠨᠢ ᠴᠢ ᠪᠤᠴᠠᠨ ᠶᠠᠪᠤᠵᠤ ᠡᠨᠡᠬᠦ ᠡᠯᠡᠰᠦᠨ ᠴᠦᠯ ᠢ᠋ ᠭᠡᠲᠦᠯᠵᠦ ᠭᠠᠷᠴᠤ ᠴᠢᠳᠠᠪᠠᠯ᠂ ᠠᠢᠯ ᠤ᠋ᠨ ᠣᠢᠷ᠎ᠠ᠂ ᠬᠤᠳᠳᠤᠭ ᠤᠰᠤᠨ ᠠ᠋ᠴᠠ ᠨᠢ ᠬᠢᠴᠢᠶᠡᠮᠵᠢᠲᠡᠢ ᠯᠡ ᠶᠠᠪᠤᠵᠤ ᠪᠠᠢᠭᠠᠷᠠᠢ᠂ ᠠᠢᠯ ᠤ᠋ᠨ ᠤᠷᠢᠳᠤᠭᠤᠷ ᠪᠢᠲᠡᠭᠡᠢ ᠶᠠᠪᠤ᠂ ᠥᠨᠳᠥᠷ ᠣᠷᠣᠢ ᠳᠡᠭᠡᠭᠦᠷ ᠶᠠᠪᠤ᠂ ᠬᠣᠩᠬᠣᠷ ᠢ᠋ᠶ᠋ᠠᠷ ᠪᠦᠦ ᠶᠠᠪᠤ᠂ ᠴᠢᠨᠣ᠎ᠠ ᠦᠨᠡᠭᠡ ᠲᠠᠭᠠᠷᠠᠨ᠎ᠠ᠂ ᠬᠡᠷᠪᠡ ᠠᠢᠯ ᠤ᠋ᠨ ᠤᠷᠢᠳᠤᠭᠤᠷ ᠶᠠᠪᠤᠬᠤ ᠳ᠋ᠤ᠌ ᠬᠦᠷᠪᠡᠯ ᠬᠡᠦᠬᠡᠳ ᠦ᠋ᠳ ᠴᠢᠮ᠎ᠠ ᠶ᠋ᠢ ᠨᠣᠣᠯᠠᠵᠤ ᠨᠣᠣᠯᠣᠭᠠᠳ ᠠᠮᠠᠷ ᠶᠠᠪᠤᠭᠤᠯᠬᠤ ᠦᠭᠡᠢ ᠶᠤᠮ  ᠰᠢᠦ》 ᠭᠡᠵᠦ ᠵᠠᠬᠢᠭᠠᠳ ᠲᠡᠷᠡᠬᠦ ᠡᠯᠡᠰᠦᠨ ᠴᠦᠯ ᠳ᠋ᠦ᠍ ᠨᠠᠰᠤ ᠪᠠᠷᠠᠵᠠᠢ᠃
      ᠵᠢᠩᠴᠢᠨ ᠬᠤᠯᠠᠬᠠᠴᠢ ᠭᠡᠭᠦᠦ ᠪᠠᠰᠠ ᠨᠠᠰᠤ ᠪᠠᠷᠠᠬᠤ ᠠ᠋ᠴᠠ ᠪᠠᠨ ᠡᠮᠦᠨ᠎ᠡ ᠳᠤᠳᠠᠷᠠᠢ ᠴᠠᠭᠠᠨ ᠤᠨᠠᠭ᠎ᠠ ᠳ᠋ᠠᠭᠠᠨ 《 ᠵᠠ᠂ ᠤᠨᠠᠭ᠎ᠠ ᠮᠢᠨᠢ ᠨᠠᠳᠠ ᠶ᠋ᠢ ᠦᠬᠦᠭᠰᠡᠨ ᠦ᠌ ᠳᠠᠷᠠᠭ᠎ᠠ ᠭᠤᠷᠪᠠᠨ ᠬᠣᠨᠣᠭ ᠮᠢᠨᠦ ᠬᠡᠭᠦᠷ ᠴᠢᠨᠳᠠᠷ ᠢ᠋ ᠰᠠᠬᠢᠵᠤ ᠰᠠᠭᠤᠭᠠᠷᠠᠢ᠂ ᠭᠤᠷᠪᠠᠳᠤᠭᠠᠷ ᠡᠳᠦᠷ ᠲᠦ᠋ᠨᠢ ᠮᠢᠨᠦ ᠬᠡᠭᠦᠷ ᠴᠢᠨᠳᠠᠷ ᠤ᠋ᠨ ᠪᠠᠷᠠᠭᠤᠨ ᠬᠠᠮᠠᠷ ᠠ᠋ᠴᠠ ᠪᠠᠳᠮ᠎ᠠ ᠯᠢᠩᠬᠤ᠎ᠠ ᠴᠡᠴᠡᠭ ᠳᠡᠯᠭᠡᠷᠡᠬᠦ ᠶᠦᠮ᠂ ᠲᠡᠭᠦᠨ ᠢ᠋ ᠢᠳᠡᠭᠡᠳ ᠶᠠᠭᠠᠬᠢᠭᠰᠠᠨ ᠴᠤ᠌ ᠡᠨᠡᠬᠦ ᠴᠦᠯ ᠡᠴᠡ ᠪᠤᠴᠠᠨ ᠭᠠᠷᠬᠤ ᠪᠠᠷ ᠴᠢᠷᠮᠠᠢᠭᠠᠷᠠᠢ᠂ ᠡᠨᠡᠬᠦ ᠵᠠᠬᠢᠶ᠎ᠠ ᠶ᠋ᠢ ᠤᠨᠠᠭ᠎ᠠ ᠮᠢᠨᠢ ᠣᠰᠤᠯᠳᠤᠯ  ᠦᠭᠡᠢ ᠭᠦᠢᠴᠡᠳᠬᠡᠬᠦ ᠪᠣᠯᠪᠠᠤ》 ᠭᠡᠮᠡᠨ ᠵᠠᠬᠢᠭᠰᠠᠨ ᠪᠠᠢᠵᠠᠢ᠃
       ᠥᠨᠥᠴᠢᠨ ᠳᠤᠳᠠᠷᠠᠢ ᠴᠠᠭᠠᠨ ᠤᠨᠠᠭ᠎ᠠ ᠨᠢ ᠡᠵᠢ ᠶ᠋ᠢᠨ ᠢ᠋ᠶ᠋ᠡᠨ ᠵᠠᠬᠢᠭᠰᠠᠨ ᠶᠣᠰᠣᠭᠠᠷ ᠡᠵᠢ ᠶ᠋ᠢᠨ ᠢ᠋ᠶ᠋ᠡᠨ ᠴᠢᠨᠳᠠᠷ ᠬᠡᠭᠦᠷ ᠢ᠋ ᠭᠤᠷᠪᠠᠨ ᠬᠣᠨᠣᠭ ᠰᠠᠬᠢᠵᠤ ᠰᠠᠭᠤᠵᠤ ᠪᠠᠢᠲᠠᠯ᠎ᠠ ᠦᠨᠡᠬᠡᠷ ᠭᠤᠷᠪᠠᠳᠤᠭᠠᠷ ᠡᠳᠦᠷ ᠨᠢ ᠡᠵᠢ ᠶ᠋ᠢᠨ ᠬᠢᠨᠢ ᠴᠢᠨᠳᠠᠷ ᠤ᠋ᠨ ᠪᠠᠷᠠᠭᠤᠨ ᠬᠠᠮᠠᠷ ᠠ᠋ᠴᠠ ᠨᠢ ᠪᠠᠳᠮ᠎ᠠ ᠯᠢᠩᠬᠤ᠎ᠠ ᠴᠡᠴᠡᠭ ᠳᠡᠯᠭᠡᠷᠡᠬᠦ ᠳ᠋ᠦ᠍ ᠲᠡᠭᠦᠨ ᠢ᠋ ᠨᠢ ᠢᠳᠡᠵᠦ ᠡᠨᠡᠷᠢᠯᠲᠦ ᠬᠠᠢᠷᠠᠲᠤ ᠡᠵᠢ ᠶ᠋ᠢᠨ ᠢ᠋ᠶ᠋ᠡᠨ ᠴᠢᠨᠳᠠᠷ ᠬᠡᠭᠦᠷ ᠢ᠋ ᠲᠡᠷᠡᠬᠦ ᠡᠯᠡᠰᠦᠨ ᠴᠦᠯ ᠳ᠋ᠦ᠍ ᠣᠷᠣᠰᠢᠭᠤᠯᠤᠨ ᠣᠷᠬᠢᠵᠤ ᠪᠤᠴᠠᠨ ᠶᠠᠪᠤᠭᠰᠠᠭᠠᠷ ᠪᠠᠢᠭᠠᠳ ᠨᠡᠯᠢᠶᠡᠳ ᠡᠳᠦᠷ ᠬᠣᠨᠣᠭ ᠪᠣᠯᠵᠤ ᠳᠥᠩᠭᠡᠵᠢ ᠲᠤᠭᠤᠯᠤᠨ ᠭᠠᠷᠴᠠᠢ᠃
       ᠵᠠ᠂ ᠢᠩᠭᠢᠭᠡᠳ ᠡᠨᠡᠷᠢᠯᠲᠦ ᠡᠵᠢ ᠶ᠋ᠢᠨ ᠢ᠋ᠶ᠋ᠡᠨ ᠵᠠᠬᠢᠭᠰᠠᠨ ᠶᠣᠰᠣᠭᠠᠷ ᠮᠠᠩᠬ᠎ᠠ ᠶ᠋ᠢᠨ ᠣᠷᠣᠢ᠂ ᠠᠢᠯ ᠤ᠋ᠨ ᠬᠣᠢᠭᠤᠷ᠂ ᠭᠡᠷ ᠦ᠋ᠨ ᠬᠢᠨᠢ ᠠᠷᠤ ᠪᠠᠷ᠂ ᠨᠡᠯᠢᠶᠡᠳ ᠬᠣᠨᠣᠭ ᠶᠠᠪᠤᠵᠤ ᠪᠠᠢᠭᠰᠠᠭᠠᠷ ᠡᠵᠢ ᠮᠢᠨᠢ ᠨᠠᠮ᠎ᠠ ᠶ᠋ᠢ ᠠᠢᠯ ᠤ᠋ᠨ ᠬᠣᠢᠭᠤᠷ ᠮᠠᠩᠬᠠᠨ ᠤ᠋ ᠣᠷᠣᠢ ᠪᠠᠷ ᠶᠠᠪᠤᠵᠤ ᠪᠠᠢᠭᠠᠷᠠᠢ ᠭᠡᠵᠦ ᠵᠠᠬᠢᠵᠤ ᠪᠢᠯᠡ᠂ ᠭᠡᠪᠡᠴᠦ ᠮᠠᠩᠬᠠᠨ ᠤ᠋ ᠣᠷᠣᠢ ᠳᠡᠭᠡᠭᠦᠷ ᠶᠠᠪᠤᠬᠤ ᠨᠢ ᠲᠤᠩ ᠬᠦᠴᠢᠷ ᠪᠠᠢᠨ᠎ᠠ᠂ ᠬᠣᠩᠬᠣᠷ ᠭᠠᠵᠠᠷ ᠢ᠋ᠶ᠋ᠠᠷ ᠶᠠᠪᠤᠵᠤ ᠦᠵᠡᠪᠡᠯ ᠶᠠᠭᠠᠬᠢᠳᠠᠭ ᠶᠤᠮ ᠪᠣᠯ ᠭᠡᠵᠦ ᠪᠣᠳᠣᠭᠠᠳ᠂ ᠵᠢᠭᠠᠬᠠᠨ ᠬᠣᠲᠣᠭᠣᠷ ᠰᠢᠭ᠋ ᠭᠠᠵᠠᠷ ᠢ᠋ᠶ᠋ᠠᠷ ᠨᠢ ᠶᠠᠪᠤᠬᠤᠯᠠᠷ ᠴᠢᠨᠣ᠎ᠠ ᠦᠨᠡᠭᠡ ᠨᠦ᠍ᠭᠦᠳ ᠣᠯᠢᠬᠤ ᠳᠠᠭᠤᠨ ᠰᠣᠨᠣᠰᠳᠠᠵᠤ ᠲᠤᠩ ᠠᠶᠤᠳᠠᠰᠤ ᠲᠠᠢ ᠪᠣᠯᠬᠣᠷ ᠬᠠᠰᠢᠯᠠ ᠥᠨᠳᠥᠷ ᠭᠠᠵᠠᠷ ᠢ᠋ ᠰᠣᠩᠭᠣᠨ ᠶᠠᠪᠤᠵᠤ ᠪᠠᠢᠲᠠᠯ᠎ᠠ ᠭᠡᠨᠡᠳᠲᠡ ᠨᠢᠭᠡᠨ ᠡᠳᠦᠷ ᠪᠠᠷᠠᠭᠤᠨ ᠡᠮᠦᠨ᠎ᠡ ᠪᠡᠨ ᠬᠤᠳᠳᠤᠭ ᠲᠠᠢ ᠠᠢᠯ ᠲᠣᠬᠢᠶᠠᠯᠳᠤᠬᠤ ᠳ᠋ᠤ᠌ ᠨᠢ ᠤᠮᠳᠠᠭᠠᠰᠴᠤ ᠴᠢᠩᠭᠠᠵᠤ ᠲᠤᠩ ᠬᠡᠴᠡᠭᠦᠳᠡᠵᠦ ᠪᠠᠢᠭᠰᠠᠨ ᠲᠤᠯᠠ ᠶᠠᠭᠤ ᠴᠤ᠌ ᠪᠣᠯᠤᠭᠰᠠᠨ ᠡᠨᠡ ᠠᠢᠯ ᠤ᠋ᠨ ᠬᠤᠳᠳᠤᠭ ᠲᠤ᠌ ᠬᠦᠷᠴᠦ ᠦᠵᠡᠶ᠎ᠡ ᠭᠡᠮᠡᠨ ᠪᠣᠳᠣᠵᠤ ᠰᠢᠭᠤᠳ ᠲᠡᠷᠡ ᠬᠤᠳᠳᠤᠭ ᠲᠤ᠌ ᠬᠦᠷᠬᠦ ᠳ᠋ᠦ᠍ ᠲᠡᠳᠡᠨ ᠦ᠌ ᠮᠠᠯ ᠨᠢ ᠤᠤᠭᠤᠵᠤ ᠦᠯᠡᠳᠡᠭᠰᠡᠨ ᠪᠠᠭ᠎ᠠ ᠰᠠᠭ᠎ᠠ ᠤᠰᠤ ᠪᠠᠢᠵᠠᠢ᠃ ᠲᠡᠷᠡᠬᠦ ᠤᠰᠤ ᠶ᠋ᠢ ᠶᠠᠭ ᠤᠤᠭᠤᠵᠤ ᠪᠠᠢᠲᠠᠯ᠎ᠠ ᠲᠡᠷᠡ ᠠᠢᠯ ᠤ᠋ᠳ ᠤ᠋ᠨ ᠬᠣᠲᠠ ᠠ᠋ᠴᠠ ᠬᠡᠦᠬᠡᠳ ᠦ᠋ᠳ ᠣᠯᠵᠤ ᠦᠵᠡᠭᠡᠳ《 ᠠᠵᠠᠢ᠂ ᠡᠮᠧ ᠠ᠋ ᠮᠠᠨ ᠤ᠋ ᠬᠤᠳᠳᠤᠭ ᠳᠡᠭᠡᠷ᠎ᠡ ᠭᠣᠶᠣ ᠴᠠᠭᠠᠨ ᠤᠨᠠᠭ᠎ᠠ ᠢᠷᠡᠵᠦ ᠤᠰᠤ ᠤᠤᠭᠤᠵᠤ ᠪᠠᠢᠨ᠎ᠠ》 ᠭᠡᠵᠡᠭᠡᠨ ᠦᠢᠮᠡᠯᠳᠦᠨ ᠬᠤᠳᠳᠤᠭ ᠤᠷᠤᠭᠤ ᠪᠠᠨ ᠭᠦᠶᠦᠨ ᠬᠦᠷᠴᠢᠬᠡᠵᠦ᠂ ᠲᠠᠮᠤᠯᠠᠬᠤ ᠳ᠋ᠤ᠌ ᠨᠢ ᠥᠨᠥ ᠤᠨᠠᠭ᠎ᠠ ᠡᠯᠡᠰᠦᠨ ᠴᠦᠯ ᠢ᠋ ᠲᠤᠭᠤᠯᠵᠤ ᠢᠷᠡᠬᠦ ᠳ᠋ᠡᠭᠡᠨ ᠲᠤᠩ ᠶᠡᠬᠡ ᠡᠴᠡᠵᠦ ᠲᠤᠷᠠᠭᠰᠠᠨ ᠪᠥᠭᠡᠳ ᠪᠡᠶ᠎ᠡ ᠶ᠋ᠢᠨ ᠬᠢᠨᠢ ᠲᠠᠮᠢᠷ ᠲᠡᠩᠬᠡᠭᠡ ᠨᠢ ᠴᠦ᠍ ᠮᠠᠭᠤ ᠪᠠᠢᠭᠰᠠᠨ ᠲᠠᠢ ᠲᠡᠳᠡᠭᠡᠷ ᠬᠡᠦᠬᠡᠳ ᠦ᠋ᠳ ᠦ᠋ᠨ ᠴᠢᠩᠭᠢᠵᠦ ᠨᠣᠣᠯᠠᠬᠤ ᠶ᠋ᠢ ᠲᠡᠰᠴᠦ ᠶᠠᠳᠠᠨ ᠪᠠᠢᠵᠤ ᠪᠠᠢᠲᠠᠯ᠎ᠠ ᠬᠡᠦᠬᠡᠳ ᠦ᠋ᠳ ᠦ᠋ᠨ ᠭᠡᠷ ᠭᠡᠷ ᠡᠴᠡ ᠨᠢ《 ᠬᠥᠶᠢ᠂ ᠬᠡᠦᠬᠡᠳ ᠦ᠋ᠳ ᠠ᠋᠂ ᠢᠷᠡᠵᠦ ᠬᠣᠭᠣᠯᠠ ᠪᠠᠨ ᠢᠳᠡ》ᠭᠡᠵᠦ ᠳᠠᠭᠤᠳᠠᠬᠤ ᠳ᠋ᠤ᠌ ᠬᠡᠦᠬᠡᠳ ᠦ᠋ᠳ ᠪᠦᠬᠦᠨ ᠢ᠋ᠶ᠋ᠡᠷ ᠢ᠋ᠶ᠋ᠡᠨ ᠬᠠᠷᠢᠵᠠᠭᠠᠬᠤ ᠵᠠᠭᠤᠷ᠎ᠠ ᠳᠤᠳᠠᠷᠠᠢ ᠴᠠᠭᠠᠨ ᠤᠨᠠᠭ᠎ᠠ ᠮᠢᠨᠢ ᠬᠤᠳᠳᠤᠭ ᠠ᠋ᠴᠠ ᠳᠥᠩᠭᠡᠵᠦ ᠴᠢᠷᠮᠠᠢᠵᠤ ᠶᠠᠪᠤᠵᠤ ᠨᠡᠯᠢᠶᠡᠳ ᠬᠣᠯᠠᠳᠴᠠᠢ᠃
       ᠵᠠ᠂ ᠴᠢᠩᠭᠢᠭᠡᠳ ᠵᠠᠯᠭᠠᠨ ᠶᠠᠪᠤᠭᠰᠠᠭᠠᠷ ᠪᠠᠢᠭᠠᠳ ᠨᠢᠭᠡᠨ ᠸᠠᠩ ᠨᠣᠶᠠᠨ ᠤ᠋ ᠠᠳᠤᠭᠤᠨ ᠰᠦᠷᠦᠭ ᠢ᠋ ᠳᠠᠭᠠᠵᠤ ᠶᠠᠪᠤᠭᠰᠠᠭᠠᠷ ᠪᠠᠢᠵᠤ ᠠᠳᠤᠭᠤᠳ ᠨᠢ ᠤᠰᠤ ᠤᠤᠭᠤᠵᠤ ᠪᠠᠢᠬᠤ ᠳ᠋ᠤᠨᠢ ᠲᠡᠷᠡ ᠪᠠᠰᠠ ᠤᠤᠭᠤᠬᠤ ᠰᠠᠨᠠᠭ᠎ᠠ ᠲᠠᠢ ᠠᠳᠤᠭᠤᠳ ᠤ᠋ᠨ ᠬᠢᠨᠢ ᠭᠣᠣᠯ ᠳ᠋ᠤ᠌ ᠣᠷᠣᠬᠤ ᠳ᠋ᠤ᠌ ᠲᠡᠳᠡᠭᠡᠷ ᠠᠳᠤᠭᠤᠳ ᠨᠢ ᠬᠠᠵᠠᠵᠤ ᠢᠰᠬᠦᠯᠵᠦ ᠶᠡᠷᠦ ᠭᠣᠷᠢ ᠦᠭᠡᠢ ᠪᠣᠯᠬᠣᠷ ᠨᠢ ᠠᠷᠭ᠎ᠠ ᠪᠤᠰᠤ ᠵᠠᠬ᠎ᠠ ᠳ᠋ᠤᠨᠢ ᠵᠣᠭᠰᠣᠵᠤ ᠪᠠᠢᠬᠤ ᠳ᠋ᠤᠨᠢ ᠸᠠᠩ ᠤ᠋ᠨ ᠠᠳᠤᠭᠤᠴᠢᠳ ᠨᠢ ᠦᠵᠡᠵᠦ ᠮᠠᠰᠢ ᠬᠥᠭᠡᠷᠦᠬᠦᠨ ᠰᠠᠢᠬᠠᠨ ᠴᠠᠭᠠᠨ ᠤᠨᠠᠭ᠎ᠠ ᠪᠠᠢᠨ᠎ᠠ ᠭᠡᠵᠡᠭᠡᠬᠦ ᠳ᠋ᠦ᠍ ᠸᠠᠩ ᠨᠢ ᠬᠠᠷᠢᠨ ᠰᠠᠢᠨ ᠬᠥᠮᠦᠨ ᠲᠠᠭᠠᠷᠠᠵᠤ《 ᠥ ᠲᠡᠢᠮᠦ ᠪᠣᠯ ᠮᠠᠨ ᠤ᠋ ᠠᠳᠤᠭᠤᠳ ᠲᠠᠢ ᠪᠠᠨ ᠨᠡᠢᠯᠡᠭᠦᠯᠵᠦ ᠠᠪᠤᠭᠠᠷᠠᠢ》 ᠭᠡᠰᠡᠨ ᠪᠠᠢᠵᠠᠢ᠃ ᠢᠩᠭᠢᠵᠦ ᠡᠵᠡᠨ ᠦ᠌ ᠬᠢᠨᠢ ᠵᠥᠪᠰᠢᠶᠡᠷᠡᠯ ᠢ᠋ᠶ᠋ᠡᠷ ᠠᠳᠤᠭᠤᠳ ᠲᠠᠢ ᠨᠢ ᠲᠡᠰᠴᠦ ᠠᠳᠤᠭᠤᠴᠢᠨ ᠤ᠋ ᠬᠢᠨᠢ ᠠᠷᠠᠴᠢᠯᠠᠯ ᠳᠣᠳᠣᠮᠳᠠᠯᠭ᠎ᠠ ᠪᠠᠷ ᠲᠣᠷᠨᠢᠨ ᠦᠰᠦᠨ ᠪᠣᠢᠵᠢᠵᠤ ᠮᠠᠰᠢ ᠰᠠᠢᠨ ᠮᠣᠷᠢ ᠪᠣᠯᠵᠤ ᠸᠠᠩ ᠨᠣᠶᠠᠨ ᠤ᠋ ᠡᠩᠬᠦᠷᠡᠢ ᠬᠠᠢᠷᠠᠲᠤ ᠤᠨᠤᠭᠠᠷᠢ ᠨᠢ ᠪᠣᠯᠤᠭᠠᠳ ᠠᠮᠤᠷ ᠰᠠᠢᠨ ᠳ᠋ᠤ᠌ ᠪᠠᠨ ᠵᠢᠷᠭᠠᠵᠠᠢ᠃


        2010 ᠣᠨ ᠤ᠋7 ᠰᠠᠷ᠎ᠠ ᠶ᠋ᠢᠨ2 ᠤ᠋ ᠡᠳᠦᠷ᠂ ᠰᠢᠯᠢ ᠶ᠋ᠢᠨ ᠭᠣᠣᠯ ᠠᠢᠮᠠᠭ ᠤ᠋ᠨ ᠰᠢᠯᠤᠭᠤᠨ ᠬᠥᠪᠡᠭᠡᠲᠦ ᠴᠠᠭᠠᠨ ᠬᠤᠰᠢᠭᠤᠨ ᠤ᠋ ᠣᠯᠠᠨᠨᠠᠭᠤᠷ ᠭᠠᠴᠠᠭᠠᠨ ᠤ᠋76 ᠨᠠᠰᠤᠲᠠᠢ ᠠᠯᠲᠠᠨᠴᠡᠴᠡᠭ ᠨᠠᠰᠤᠲᠠᠨ ᠶᠠᠷᠢᠵᠤ ᠣᠯᠠᠨᠪᠠᠶᠠᠷ ᠤ᠋ᠨ ᠲᠡᠮᠳᠡᠭᠯᠡᠨ ᠦᠯᠡᠳᠡᠭᠡᠭᠰᠡᠨ ᠢ᠋《 ᠪᠣᠳᠠᠷ  ᠤ᠋ᠨ ᠴᠢᠯᠠᠭᠤᠨ ᠠ᠋ᠴᠠ ᠴᠠᠬᠢᠭᠰᠠᠨ ᠪᠤᠭᠤᠷᠤᠯ ᠭᠠᠯ ᠣᠴᠢ》ᠨᠣᠮ ᠠ᠋ᠴᠠ ᠠᠪᠤᠪᠠ᠃

       ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
       ᠬᠢᠨᠠᠭᠴᠢ᠄ ᠣᠯᠠᠨᠪᠠᠶᠠᠷ