ᠠᠮᠢᠳᠤᠷᠠᠯ ᠰᠠᠢᠬᠠᠨ -ᠨᠠᠷᠠᠰᠤ Amidral saikhan-NarsАмьдрал сайхан-Нарс
ᠠᠮᠢᠳᠤᠷᠠᠯ ᠰᠠᠢᠬᠠᠨ
ᠦᠭᠡ᠄ ᠪᠠᠳᠠᠷᠠᠯᠲᠤ
ᠠᠶ᠎ᠠ᠄ ᠰᠡᠴᠡᠨᠴᠣᠭᠲᠤ
ᠳᠠᠭᠤᠴᠢᠨ᠄ ᠨᠠᠷᠠᠰᠤ
ᠠᠪᠤ ᠡᠵᠢ ᠪᠡᠨ ᠠᠰᠠᠷᠠᠨ ᠬᠦᠨᠳᠦᠯᠡᠭᠰᠡᠨ
ᠠᠴᠢᠯᠠᠯ ᠵᠢᠷᠤᠮ ᠲᠠᠢ ᠠᠮᠢᠳᠤᠷᠠᠯ ᠰᠠᠢᠬᠠᠨ ᠳ᠋ᠠ
ᠠᠮᠢᠨ ᠦᠷ᠎ᠡ ᠪᠡᠨ ᠬᠥᠮᠦᠵᠢᠭᠦᠯᠦᠨ ᠥᠰᠬᠡᠭᠰᠡᠨ
ᠠᠯᠤᠰ ᠤ᠋ᠨ ᠪᠠᠷ᠎ᠠ ᠲᠠᠢ ᠠᠮᠢᠳᠤᠷᠠᠯ ᠰᠠᠢᠬᠠᠨ ᠳ᠋ᠠ
ᠡᠷᠡᠭᠦᠯ ᠡᠩᠬᠡ ᠡᠷᠬᠡ ᠴᠢᠯᠥᠭᠡ ᠲᠡᠢ ᠠᠮᠢᠳᠤᠷᠠᠬᠤ ᠨᠢ
ᠡᠷᠳᠡᠨᠢᠲᠦ ᠪᠡᠶ᠎ᠡ ᠶ᠋ᠢᠨ ᠮᠢᠨᠢ ᠵᠢᠷᠭᠠᠯ ᠶᠤᠮ ᠳ᠋ᠠ ᠬᠦ᠋
ᠢᠨᠢᠶᠡᠵᠦ ᠪᠡᠶᠡᠰᠦᠨ ᠡᠪ ᠨᠠᠢᠷᠲᠠᠢ ᠠᠮᠢᠳᠤᠷᠠᠬᠤ ᠨᠢ
ᠡᠯᠢᠭᠡᠨ ᠲᠦᠮᠡᠨ ᠦ᠌ ᠮᠢᠨᠢ ᠬᠦᠰᠡᠯᠡᠩ ᠶᠤᠮ ᠳ᠋ᠠ ᠬᠦ᠋
ᠠᠵᠢᠯ ᠬᠥᠳᠡᠯᠮᠦᠷᠢ ᠶ᠋ᠢ ᠡᠷᠬᠢᠮᠯᠡᠨ ᠳᠡᠭᠡᠳᠦᠯᠡᠭᠰᠡᠨ
ᠠᠷᠢᠭᠤᠨ ᠪᠣᠯᠪᠠᠰᠤᠨ ᠠᠮᠢᠳᠤᠷᠠᠯ ᠰᠠᠢᠬᠠᠨ ᠳ᠋ᠠ
ᠠᠮᠵᠢᠯᠲᠠ ᠪᠦᠲᠦᠭᠡᠯ ᠢ᠋ ᠭᠢᠯᠠᠯᠵᠠᠭᠤᠯᠤᠨ ᠪᠠᠬᠠᠷᠬᠠᠭᠰᠠᠨ
ᠠᠮᠢᠯᠠᠯ ᠬᠥᠭᠵᠢᠯ ᠲᠡᠢ ᠠᠮᠢᠳᠤᠷᠠᠯ ᠰᠠᠢᠬᠠᠨ ᠳ᠋ᠠ
ᠡᠷᠡᠭᠦᠯ ᠡᠩᠬᠡ ᠡᠷᠬᠡ ᠴᠢᠯᠥᠭᠡ ᠲᠡᠢ ᠠᠮᠢᠳᠤᠷᠠᠬᠤ ᠨᠢ
ᠡᠷᠳᠡᠨᠢᠲᠦ ᠪᠡᠶ᠎ᠡ ᠶ᠋ᠢᠨ ᠮᠢᠨᠢ ᠵᠢᠷᠭᠠᠯ ᠶᠤᠮ ᠳ᠋ᠠ ᠬᠦ᠋
ᠢᠨᠢᠶᠡᠵᠦ ᠪᠡᠶᠡᠰᠦᠨ ᠡᠪ ᠨᠠᠢᠷᠲᠠᠢ ᠠᠮᠢᠳᠤᠷᠠᠬᠤ ᠨᠢ
ᠡᠯᠢᠭᠡᠨ ᠲᠦᠮᠡᠨ ᠦ᠌ ᠮᠢᠨᠢ ᠬᠦᠰᠡᠯᠡᠩ ᠶᠤᠮ ᠳ᠋ᠠ ᠬᠦ᠋
ᠠᠵᠠ ᠵᠢᠷᠭᠠᠯ ᠢ᠋ᠶ᠋ᠠᠷ ᠳᠦᠭᠦᠷᠡᠩ ᠪᠢᠯᠬᠠᠷᠠᠭᠰᠠᠨ
ᠠᠵᠢᠯᠴᠢ ᠪᠣᠷᠣᠭᠵᠢᠭᠤᠨ ᠠᠮᠢᠳᠤᠷᠠᠯ ᠰᠠᠢᠬᠠᠨ ᠳ᠋ᠠ
ᠠᠷᠠᠳ ᠣᠯᠠᠨ ᠢ᠋ᠶ᠋ᠠᠷ ᠢ᠋ᠶ᠋ᠠᠨ ᠪᠦᠯᠬᠦᠮᠳᠡᠨ ᠨᠢᠭᠲᠠᠷᠠᠭᠰᠠᠨ
ᠠᠮᠤᠷ ᠠᠮᠤᠭᠤᠯᠠᠩ ᠠᠮᠢᠳᠤᠷᠠᠯ ᠰᠠᠢᠬᠠᠨ ᠳ᠋ᠠ
ᠡᠷᠡᠭᠦᠯ ᠡᠩᠬᠡ ᠡᠷᠬᠡ ᠴᠢᠯᠥᠭᠡ ᠲᠡᠢ ᠠᠮᠢᠳᠤᠷᠠᠬᠤ ᠨᠢ
ᠡᠷᠳᠡᠨᠢᠲᠦ ᠪᠡᠶ᠎ᠡ ᠶ᠋ᠢᠨ ᠮᠢᠨᠢ ᠵᠢᠷᠭᠠᠯ ᠶᠤᠮ ᠳ᠋ᠠ ᠬᠦ᠋
ᠢᠨᠢᠶᠡᠵᠦ ᠪᠡᠶᠡᠰᠦᠨ ᠡᠪ ᠨᠠᠢᠷᠲᠠᠢ ᠠᠮᠢᠳᠤᠷᠠᠬᠤ ᠨᠢ
ᠡᠯᠢᠭᠡᠨ ᠲᠦᠮᠡᠨ ᠦ᠌ ᠮᠢᠨᠢ ᠬᠦᠰᠡᠯᠡᠩ ᠶᠤᠮ ᠳ᠋ᠠ ᠬᠦ᠋
ᠡᠷᠡᠭᠦᠯ ᠡᠩᠬᠡ ᠡᠷᠬᠡ ᠴᠢᠯᠥᠭᠡ ᠲᠡᠢ ᠠᠮᠢᠳᠤᠷᠠᠬᠤ ᠨᠢ
ᠡᠷᠳᠡᠨᠢᠲᠦ ᠪᠡᠶ᠎ᠡ ᠶ᠋ᠢᠨ ᠮᠢᠨᠢ ᠵᠢᠷᠭᠠᠯ ᠶᠤᠮ ᠳ᠋ᠠ ᠬᠦ᠋
ᠢᠨᠢᠶᠡᠵᠦ ᠪᠡᠶᠡᠰᠦᠨ ᠡᠪ ᠨᠠᠢᠷᠲᠠᠢ ᠠᠮᠢᠳᠤᠷᠠᠬᠤ ᠨᠢ
ᠡᠯᠢᠭᠡᠨ ᠲᠦᠮᠡᠨ ᠦ᠌ ᠮᠢᠨᠢ ᠬᠦᠰᠡᠯᠡᠩ ᠶᠤᠮ ᠳ᠋ᠠ ᠬᠦ᠋
ᠡᠯᠢᠭᠡᠨ ᠲᠦᠮᠡᠨ ᠦ᠌ ᠮᠢᠨᠢ ᠬᠦᠰᠡᠯᠡᠩ ᠶᠤᠮ ᠳ᠋ᠠ ᠬᠦ᠋
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠤᠤᠭᠠᠨᠵᠢᠳ
