ᠬᠣᠲᠠ ᠠᠢᠯ - ᠵᠢᠮᠢᠰ᠂ ᠠᠮᠤᠷᠵᠢᠷᠭᠠᠯKhot ail-Jims,AmarjargalХот айл-Жимс,Амаржаргал
ᠬᠣᠲᠠ ᠠᠢᠯ
ᠦᠭᠡ ᠠᠶ᠎ᠠ᠄ ᠵ· ᠡᠷᠳᠡᠨᠢᠭᠣᠮᠪᠣ
ᠳᠠᠭᠤᠴᠢᠨ᠄ ᠵᠢᠮᠢᠰ᠂ ᠠᠮᠤᠷᠵᠢᠷᠭᠠᠯ
ᠠᠭᠢ ᠶ᠋ᠢᠨ ᠴᠡᠩᠬᠡᠷ ᠮᠠᠨᠠᠨ ᠬᠦᠪᠦᠷᠡᠭᠰᠡᠨ
ᠠᠮᠤᠭᠤᠯᠠᠩ ᠰᠠᠢᠬᠠᠨ ᠬᠥᠳᠡᠭᠡ ᠮᠢᠨᠢ ᠬᠦ
ᠰᠦ ᠬᠥᠭᠡᠷᠬᠦ ᠣᠷᠣᠢ ᠴᠢᠮ᠎ᠠ ᠶ᠋ᠢ ᠪᠡᠨ
ᠰᠠᠨᠠᠭᠠᠳ ᠰᠠᠨᠠᠭᠠᠳ ᠰᠠᠯᠤᠰᠢ ᠦᠭᠡᠢ ᠶᠧ ᠬᠦ
ᠬᠣᠲᠠ ᠠᠢᠯ ᠤ᠋ᠨ ᠪᠠᠷ᠎ᠠ ᠨᠢ ᠠᠢᠯᠰᠠᠭᠠᠳ
ᠬᠣᠯᠪᠣᠭ᠎ᠠ ᠴᠡᠩᠬᠡᠷ ᠨᠤᠲᠤᠭ ᠮᠢᠨᠢ ᠬᠦ
ᠮᠠᠯ ᠰᠦᠷᠦᠭ ᠬᠣᠲᠠᠯᠠᠭᠰᠠᠨ ᠦᠳᠡᠰᠢ ᠪᠡᠷ ᠴᠢᠮ᠎ᠠ ᠶ᠋ᠢ ᠪᠡᠨ
ᠪᠣᠳᠣᠭᠠᠳ ᠪᠣᠳᠣᠭᠠᠳ ᠪᠠᠷᠠᠰᠢ ᠦᠭᠡᠢ ᠶᠧ ᠬᠦ
ᠮᠠᠯ ᠰᠦᠷᠦᠭ ᠬᠣᠲᠠᠯᠠᠭᠰᠠᠨ ᠦᠳᠡᠰᠢ ᠪᠡᠷ ᠴᠢᠮ᠎ᠠ ᠶ᠋ᠢ ᠪᠡᠨ
ᠪᠣᠳᠣᠭᠠᠳ ᠪᠣᠳᠣᠭᠠᠳ ᠪᠠᠷᠠᠰᠢ ᠦᠭᠡᠢ ᠶᠧ ᠬᠦ
ᠮᠢᠨᠳᠠᠰᠤᠨ ᠵᠡᠷᠭᠡᠯᠭᠡ ᠨᠢ ᠦᠶᠡᠯᠡᠨ ᠬᠦᠪᠦᠷᠡᠭᠰᠡᠨ
ᠮᠡᠨᠳᠦ ᠶ᠋ᠢᠨ ᠰᠢᠷᠭᠠᠯ ᠭᠣᠪᠢ ᠤᠤ ᠳᠠ ᠬᠦ
ᠲᠡᠷᠭᠡᠯ ᠰᠠᠷᠠᠨ ᠭᠡᠷᠡᠯᠲᠦᠭᠰᠡᠨ ᠦᠳᠡᠰᠢ ᠪᠡᠷ ᠴᠢᠮ᠎ᠠ ᠶ᠋ᠢ ᠪᠡᠨ
ᠬᠠᠢᠷᠠᠯᠠᠭᠠᠳ ᠬᠠᠢᠷᠠᠯᠠᠭᠠᠳ ᠬᠠᠨᠤᠰᠢ ᠦᠭᠡᠢ ᠬᠦ
ᠠᠢᠯ ᠠᠢᠯ ᠢ᠋ᠶ᠋ᠠᠷ ᠢ᠋ᠶ᠋ᠠᠨ ᠴᠤᠭᠯᠠᠭᠠᠳ
ᠠᠬᠠᠨ ᠲᠡᠭᠦᠰ ᠢ᠋ᠶ᠋ᠡᠷ ᠢ᠋ᠶ᠋ᠡᠨ ᠵᠢᠷᠭᠠᠵᠠᠭᠠᠶ᠎ᠠ ᠳᠠ
ᠡᠨᠡᠬᠡᠨ ᠨᠤᠲᠤᠭ ᠠ᠋ᠴᠠ ᠴᠢᠮ᠎ᠠ ᠶ᠋ᠢ ᠪᠡᠨ
ᠡᠭᠡᠰᠢᠭᠲᠦ ᠳᠠᠭᠤᠨ ᠳ᠋ᠠᠭᠠᠨ ᠳᠠᠭᠤᠯᠠᠵᠤ ᠰᠠᠭᠤᠨ᠎ᠠ ᠪᠢ
ᠡᠨᠡᠬᠡᠨ ᠨᠤᠲᠤᠭ ᠠ᠋ᠴᠠ ᠴᠢᠮ᠎ᠠ ᠶ᠋ᠢ ᠪᠡᠨ
ᠡᠭᠡᠰᠢᠭᠲᠦ ᠳᠠᠭᠤᠨ ᠳ᠋ᠠᠭᠠᠨ ᠳᠠᠭᠤᠯᠠᠵᠤ ᠰᠠᠭᠤᠨ᠎ᠠ ᠪᠢ
ᠡᠭᠡᠰᠢᠭᠲᠦ ᠳᠠᠭᠤᠨ ᠳ᠋ᠠᠭᠠᠨ ᠳᠠᠭᠤᠯᠠᠵᠤ ᠰᠠᠭᠤᠨ᠎ᠠ ᠪᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
